蒙古文美术体
字体名称 : Mongolian Art
字体类型 : OpenType
字体编码 : UNICODE
字体版本 : 1.0
制作厂家 : 株式会社阿拉慕思(Almas
Inc.)
公布日期 : 2011年11月
版权所有 : 株式会社阿拉慕思(Almas
Inc.)
使用许可 :
个人用户可以免费下载使用,任何团体或个人不允许转卖或有偿给第三方。
下载文件
ᠪᠢ ᠮᠣᠩᠭᠣᠯ ᠬᠦᠮᠦᠨ
ᠴ
᠂ ᠴᠢᠮᠡᠳ
ᠠᠷᠠᠭᠠᠯ ᠤᠨ ᠤᠲᠤᠭ᠎ᠠ ᠪᠣᠷᠭᠢᠯᠤᠭᠰᠠᠨ
ᠮᠠᠯᠴᠢᠨ ᠤ ᠭᠡᠷ ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ ᠢᠢᠡᠨ
ᠥᠯᠦᠭᠡᠢ ᠮᠢᠨᠢ ᠭᠡᠵᠦ ᠪᠣᠳᠤᠳᠠᠭ
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠤᠨ ᠪᠠᠷ᠎ᠠ ᠶᠢ ᠰᠢᠷᠲᠡᠭᠡᠳ
ᠴᠡᠯᠡᠭᠡᠷ ᠰᠠᠢᠢᠬᠠᠨ ᠨᠤᠲᠤᠭ ᠢᠶᠡᠨ
ᠰᠡᠳᠭᠢᠯ ᠪᠠᠬᠠᠳᠤᠨ ᠬᠠᠷᠠᠬᠤ ᠳᠤ
ᠦᠯᠢᠶᠡᠵᠦ ᠪᠠᠢᠢᠭ᠎ᠠ ᠰᠠᠯᠬᠢ ᠨᠢ
ᠦᠨᠦᠰᠦᠭᠡᠳ ᠪᠠᠢᠢᠭ᠎ᠠ ᠴᠤ ᠶᠣᠮ ᠰᠢᠭ
ᠥᠷᠥᠰᠢᠶᠡᠯᠲᠦ ᠡᠵᠢ ᠢᠢᠨ ᠮᠢᠨᠢ ᠭᠠᠷ
ᠢᠯᠪᠢᠭᠡᠳ ᠪᠠᠢᠢᠭ᠎ᠠ ᠴᠤ ᠶᠣᠮ ᠰᠢᠭ
ᠡᠨᠡᠷᠢᠩᠭᠦᠢ ᠰᠠᠢᠢᠬᠠᠨ ᠰᠠᠨᠠᠭᠳᠠᠬᠤ ᠳᠤ
ᠡᠯᠢᠭᠡ ᠵᠢᠷᠦᠬᠡ ᠮᠢᠨᠢ ᠳᠣᠭᠳᠣᠯᠵᠣ
ᠬᠣᠣᠰ ᠦᠭᠡᠢ ᠪᠠᠶᠠᠷ ᠤᠨ ᠨᠢᠯᠪᠤᠰᠤ
ᠬᠣᠶᠠᠷ ᠨᠢᠳᠦ ᠶᠢ ᠮᠢᠨᠢ ᠪᠦᠷᠬᠦᠳᠡᠭ
ᠦᠷᠭᠡᠨ ᠰᠠᠢᠢᠬᠠᠨ ᠨᠤᠲᠤᠭ ᠤᠨ ᠢᠢᠡᠨ
ᠡᠪᠴᠢᠭᠦᠨ ᠳᠡᠭᠡᠷ᠎ᠡ ᠨᠢ ᠲᠥᠷᠥᠭᠡᠳ
ᠦᠨᠢᠷ ᠠᠭᠤᠳᠠᠮ ᠲᠠᠯ᠎ᠠ ᠢᠢᠨ ᠢᠢᠡᠨ
ᠥᠩᠭᠡᠲᠦ ᠠᠮᠢᠳᠤᠷᠠᠯ ᠤᠨ ᠲᠥᠯᠥᠭᠡ
ᠠᠮᠢ ᠪᠡᠶ᠎ᠡ ᠪᠡᠨ ᠵᠣᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠥᠭᠰᠢᠳ ᠳᠡᠭᠡᠳᠦᠰ ᠤᠨ ᠮᠢᠨᠢ
ᠦᠷ᠎ᠡ ᠪᠡᠨ ᠭᠡᠵᠦ ᠨᠠᠢᠢᠳᠠᠭᠠᠳ
ᠦᠯᠡᠳᠡᠭᠡᠵᠦ ᠨᠠᠳᠠ ᠳᠤ ᠥᠭᠭᠦᠭᠰᠡᠨ
ᠦᠨᠢᠷ ᠮᠣᠩᠭᠣᠯ ᠣᠷᠣᠨ ᠤ
ᠨᠠᠷᠠ ᠨᠢ ᠨᠠᠮᠠᠢᠢ ᠭᠡᠢᠢᠭᠦᠯᠵᠦ
ᠨᠠᠷᠢᠨ ᠰᠠᠯᠬᠢ ᠨᠢ ᠦᠯᠢᠶᠡᠵᠦ
ᠨᠠᠮᠢᠷᠠᠭ᠎ᠠ ᠬᠤᠷ᠎ᠠ ᠨᠢ ᠲᠡᠵᠢᠭᠡᠵᠦ
ᠨᠠᠢᠢᠷᠲᠠᠢ ᠰᠠᠢᠢᠬᠠᠨ ᠣᠷᠣᠨ ᠮᠢᠨᠢ
ᠨᠠᠳᠠ ᠲᠠᠢ ᠬᠣᠪᠢ ᠨᠢᠭᠡᠲᠡᠢ ᠪᠠᠢᠢᠳᠠᠭ ᠲᠤᠯᠠ
ᠤᠨᠠᠭᠰᠠᠨ ᠡᠨᠡ ᠨᠤᠲᠤᠭ ᠢᠢᠡᠨ ᠪᠢ
ᠥᠪᠡᠷ ᠦᠨ ᠪᠡᠶ᠎ᠡ ᠰᠢᠭ᠌ ᠬᠠᠢᠢᠷᠠᠯᠠᠵᠤ
ᠤᠭᠢᠶᠠᠭᠰᠠᠨ ᠲᠤᠩᠭᠠᠯᠠᠭ ᠮᠦᠷᠡᠨ ᠢᠢᠡᠨ ᠪᠢ
ᠡᠬᠡ ᠢᠢᠨ ᠰᠦ᠋ ᠰᠢᠭ᠌ ᠰᠠᠨᠠᠳᠠᠭ
ᠡᠨᠡ ᠨᠤᠲᠤᠭ ᠲᠠᠭᠠᠨ ᠪᠢ ᠡᠵᠡᠨ ᠨᠢ ᠶᠣᠮ
ᠡᠩᠭᠦᠷᠡᠢᠢᠯᠡᠯ ᠳᠦ ᠨᠢ ᠥᠰᠦᠭᠰᠡᠨ ᠬᠦᠦ ᠨᠢ ᠶᠣᠮ
ᠢᠷᠡᠭᠡᠳᠦᠢ ᠶᠢ ᠨᠢ ᠲᠥᠮᠡᠨ ᠲᠠᠢ ᠪᠡᠨ ᠪᠣᠰᠬᠠᠯᠴᠠᠬᠤ
ᠶᠡᠭᠡ ᠡᠭᠦᠷᠭᠡ ᠬᠦᠯᠢᠶᠡᠭᠰᠡᠨ ᠶᠣᠮ
ᠬᠡᠷᠪᠡ ᠬᠦᠮᠦᠨ ᠡᠭᠡ ᠣᠷᠣᠨ ᠢᠢᠡᠨ
ᠬᠠᠮᠤᠭ ᠡᠴᠡ ᠦᠨᠡᠲᠡᠢ ᠭᠡᠳᠡᠭ ᠪᠣᠯ
ᠬᠡᠭᠡᠷ᠎ᠡ ᠲᠠᠯ᠎ᠠ ᠨᠤᠲᠤᠭ ᠢᠢᠡᠨ
ᠶᠠᠭᠤ ᠡᠴᠡ ᠴᠤ ᠢᠯᠡᠭᠦᠦ ᠰᠠᠨᠠᠳᠠᠭ ᠪᠣᠯ
ᠠᠵᠢᠯᠯᠠᠬᠤ ᠬᠥᠳᠡᠯᠬᠦ ᠪᠦᠷᠢ ᠳᠡᠭᠡᠨ
ᠠᠷᠠᠳ ᠲᠥᠮᠡᠨ ᠦ ᠪᠡᠨ ᠲᠥᠯᠥᠭᠡ ᠪᠣᠯ
ᠠᠯᠬᠤᠬᠤ ᠭᠢᠰᠭᠢᠬᠦ ᠪᠣᠯᠭᠠᠨ ᠳᠠᠭᠠᠨ
ᠠᠤᠭ᠎ᠠ ᠣᠷᠣᠨ ᠤ ᠪᠡᠨ ᠲᠥᠯᠦᠭᠡ ᠪᠣᠯ
ᠠᠯᠲᠠᠨ ᠰᠢᠷᠣᠢ ᠤᠷᠤᠭᠤ ᠪᠡᠨ ᠳᠠᠭᠠᠷᠢᠭᠰᠠᠨ
ᠠᠲᠠᠭᠠᠲᠠᠨ ᠤ ᠬᠣᠣᠷᠲᠤ ᠰᠣᠮᠤ ᠶᠢ
ᠠᠶᠤᠰᠢ ᠰᠢᠭ ᠴᠡᠭᠡᠵᠢ ᠪᠡᠷ ᠢᠢᠡᠨ ᠲᠠᠭᠯᠠᠨ
ᠠᠮᠢ ᠪᠡᠨ ᠥᠭᠬᠦ ᠡᠴᠡ ᠪᠣᠴᠠᠬᠤ ᠦᠭᠡᠢ ᠪᠣᠯ
ᠡᠨᠡ ᠬᠦᠮᠦᠨ ᠮᠣᠩᠭᠣᠯ ᠬᠦᠮᠦᠨ
ᠡᠬᠡ ᠣᠷᠣᠨ ᠳᠠᠭᠠᠨ ᠬᠠᠢᠢᠷᠠᠲᠠᠢ ᠬᠦᠮᠦᠨ
ᠡᠨᠡ ᠬᠠᠢᠢᠷ᠎ᠠ ᠨᠢ ᠮᠣᠩᠭᠤᠯᠴᠤᠳ ᠲᠤ
ᠡᠷᠲᠡᠨ ᠡᠴᠡ ᠬᠡᠪᠰᠢᠭ᠍ᠰᠡᠨ ᠬᠠᠢᠢᠷ᠎ᠠ ᠭᠡᠨ᠎ᠡ
ᠪᠢ ᠮᠣᠩᠭᠣᠯ ᠬᠦᠮᠦᠨ ᠪᠣᠯᠬᠣᠷ
ᠪᠢᠲᠤᠷᠶᠠ ᠨᠤᠲᠤᠭ ᠤᠨ ᠢᠢᠡᠨ ᠲᠥᠯᠥᠭᠡ
ᠠᠮᠢ ᠪᠡᠶ᠎ᠡ᠂ ᠪᠦᠬᠦ ᠨᠠᠰᠤ ᠪᠡᠨ
ᠠᠪᠴᠤ ᠪᠠᠢᠢᠭ᠎ᠠ ᠠᠮᠢᠰᠬᠤᠭ᠎ᠠ ᠪᠡᠨ
ᠣᠷᠭᠢᠯᠵᠤ ᠪᠠᠢᠢᠭ᠎ᠠ ᠵᠣᠷᠢᠭ ᠢᠢᠡᠨ
ᠠᠯᠢ ᠶᠢ ᠨᠢ ᠴᠤ ᠬᠠᠢᠢᠷᠠᠯᠠᠯ ᠦᠭᠡᠢ ᠵᠣᠷᠢᠭᠤᠯᠤᠨ᠎ᠠ
ᠲᠥᠷᠦᠯᠬᠢ ᠨᠤᠲᠤᠭ ᠢᠢᠡᠨ ᠭᠡᠢᠢᠭᠦᠯᠦᠭᠰᠡᠨ
ᠨᠠᠷᠠᠨ ᠤ ᠲᠤᠶᠠᠭᠠᠨ ᠳᠤ ᠬᠠᠢᠢᠷᠠᠲᠠᠢ ᠪᠢ
ᠲᠥᠪᠰᠢᠨ ᠲᠠᠯ᠎ᠠ ᠳᠠᠭᠠᠨ ᠴᠤᠤᠷᠢᠶᠠᠳᠤᠭᠰᠠᠨ
ᠡᠭᠡᠰᠢᠭ᠍ᠲᠦ ᠲᠠᠭᠤᠨ ᠳᠤ ᠳᠤᠷᠠᠲᠠᠢ ᠪᠢ
ᠬᠠᠨᠠᠭᠠᠷ ᠴᠢᠯᠦᠭᠡᠲᠦ ᠨᠤᠲᠤᠭ ᠶᠢᠡᠨ
ᠬᠠᠷᠠᠬᠤ ᠳᠣᠲᠣᠮ ᠢᠢᠡᠨ ᠪᠠᠶᠠᠰᠴᠤ ᠪᠠᠢᠢᠨ᠎ᠠ
ᠬᠠᠯᠠᠭᠤᠨ ᠠᠮᠢ ᠪᠡᠨ ᠲᠦᠢᠬᠦ ᠦᠭᠡᠢ
ᠵᠢᠳᠭᠦᠬᠦ ᠵᠣᠷᠢᠭ ᠨᠡᠮᠡᠭᠳᠡᠵᠦ ᠪᠠᠢᠢᠨ᠎ᠠ᠃
如果你的计算机不能正常表示上边的蒙古文字体样文的话,请下载字体安装到你的系统中。如果你用苹果公司的Mac OS X
请用AAT类型字体, 如果你是使用Windows 请用OpenType类型的字体。Windows
XP及以前的Windows操作系统不支持OpenType,因此不能正确显示蒙古文。如果你使用Linux或Unix类系统,必须安装支持OpenType的模块。