蒙古文白体
字体名称 : Mongolian
White
字体类型 : OpenType
字体编码 : UNICODE
字体版本 : 1.0
制作厂家 : 株式会社阿拉慕思(Almas
Inc.)
公布日期 : 2011年11月
版权所有 : 株式会社阿拉慕思(Almas
Inc.)
使用许可 :
个人用户可以免费下载使用,任何团体或个人不允许转卖或有偿给第三方。
下载文件
ᠲᠣᠣᠷ ᠰᠦᠯᠵᠢᠶ᠎ᠡ
ᠴᠠᠬᠢᠯᠭᠠᠨ ᠭᠡᠭᠴᠢ ᠬᠠᠴᠢᠨ ᠵᠢᠭ᠍ᠲᠠᠢ
ᠶᠠᠭᠤᠮ᠎ᠠ ᠬᠦᠮᠦᠨ ᠲᠥᠷᠥᠯᠬᠢᠲᠡᠨ ᠳᠤ ᠠᠰᠢᠭᠯᠠᠭᠳᠠᠵᠤ᠂ ᠪᠥᠮᠪᠥᠷᠴᠡᠭ ᠤᠨ
ᠪᠦᠷᠬᠦᠭ ᠬᠠᠷᠠᠩᠭᠤᠢ ᠶᠢ ᠭᠡᠢᠢᠭᠦᠯᠵᠦ᠂ ᠦᠢᠯᠡᠳᠪᠦᠷᠢᠯᠡᠯ ᠪᠠ ᠨᠡᠢᠢᠭᠡᠮ ᠤᠨ
ᠬᠥᠭᠵᠢᠯᠲᠡ ᠶᠢ ᠨᠢᠰᠬᠦ ᠮᠡᠲᠦ ᠠᠬᠢᠭᠤᠯᠤᠨ᠂ ᠬᠦᠮᠦᠨ ᠲᠥᠷᠥᠯᠬᠢᠲᠡᠨ ᠢ
ᠴᠠᠬᠢᠯᠭᠠᠨᠵᠢᠯᠲᠠ ᠶᠢᠨ ᠴᠠᠭ ᠦᠶ᠎ᠡ ᠳᠦ ᠣᠷᠤᠭᠤᠯᠤᠭᠠᠳ 150 ᠭᠠᠷᠤᠢ ᠵᠢᠯ
ᠪᠣᠯᠵᠤ ᠪᠠᠢᠢᠨ᠎ᠠ ᠃ ᠣᠳᠣ ᠬᠦᠮᠦᠨ ᠲᠥᠷᠥᠯᠬᠢᠲᠡᠨ ᠶᠠᠭ ᠰᠤᠷᠠᠭ
ᠵᠠᠩᠬᠢᠴᠢᠯᠠᠭᠰᠠᠨ ᠴᠠᠭ ᠦᠶ᠎ᠡ ᠳᠦ ᠣᠷᠣᠵᠤ᠂ ᠲᠣᠣᠷ ᠰᠦᠯᠵᠢᠶᠡᠲᠦ ᠨᠡᠢᠢᠭᠡᠮ ᠳᠦ
ᠰᠢᠯᠵᠢᠨ᠂ ᠰᠢᠨ᠎ᠡ ᠪᠣᠯᠪᠠᠰᠤᠨ ᠵᠦᠭ ᠳᠠᠪᠰᠢᠵᠦ ᠪᠠᠢᠢᠨ᠎ᠠ᠃
ᠺᠣᠮᠫᠢᠦ᠋ᠲ᠋ᠧᠷ᠂ ᠴᠢᠮᠡᠭᠡ ᠬᠣᠯᠪᠣᠭ᠎ᠠ ᠪᠠ
ᠰᠤᠷᠠᠭ ᠵᠠᠩᠬᠢ ᠶᠢᠨ ᠮᠡᠷᠭᠡᠵᠢᠯ ᠶᠢᠡᠷ ᠲᠤᠯᠭᠠᠭᠤᠷᠢ ᠶᠢᠡᠨ ᠪᠣᠯᠭᠠᠭᠰᠠᠨ ᠲᠣᠣᠷ
ᠰᠦᠯᠵᠢᠶ᠎ᠡ ᠨᠢ ᠢᠷᠡᠭᠡᠳᠦᠢ ᠶᠢᠨ ᠨᠡᠢᠢᠭᠡᠮ ᠦᠨ ᠬᠣᠯᠪᠣᠭᠠᠰᠤ ᠪᠣᠯᠣᠨ᠎ᠠ᠃ ᠡᠨᠡ
ᠵᠦᠢᠯ ᠤᠨ ᠲᠣᠣᠷ ᠰᠦᠯᠵᠢᠶ᠎ᠡ ᠳᠡᠯᠡᠭᠡᠢ ᠶᠢᠨ ᠣᠯᠠᠨ ᠤᠯᠤᠰ ᠣᠷᠣᠨ ᠢ ᠨᠢᠭᠡ ᠯᠠ
ᠴᠣᠭᠴᠠᠰ ᠪᠣᠯᠭᠠᠵᠤ᠂ ᠳᠡᠯᠡᠭᠡᠢ ᠶᠢᠨ ᠪᠥᠮᠪᠥᠷᠴᠡᠭ « ᠨᠢᠭᠡ ᠯᠡ ᠲᠣᠰᠭᠤᠨ »
ᠰᠢᠭ ᠪᠣᠯᠵᠤ᠂ ᠬᠦᠮᠦᠨ ᠲᠥᠷᠥᠬᠢᠯᠲᠡᠨ ᠢ ᠬᠠᠮᠲᠤ ᠪᠡᠷ ᠬᠥᠭᠵᠢᠭᠦᠯᠦᠨ᠎ᠡ᠃ ᠪᠦᠬᠦ
ᠪᠦᠮᠪᠦᠷᠴᠡᠭ ᠤᠨ ᠲᠣᠣᠷ ᠰᠦᠯᠢᠵᠢᠶ᠎ᠡ ᠶᠢᠨ ᠰᠢᠰᠲ᠋ᠧᠮ ᠨᠢ ᠡᠳᠦᠷ ᠢᠷᠡᠬᠦᠶ᠎ᠡ
ᠨᠡᠮᠡᠭᠳᠡᠵᠦ ᠪᠦᠬᠦᠢ ᠲᠣᠭ᠎ᠠ ᠪᠠᠷᠢᠮᠲᠠ᠂ ᠰᠤᠷᠠᠭ ᠪᠠ ᠮᠡᠳᠡᠯᠭᠡ ᠮᠡᠳᠡᠴᠡ ᠶᠢ
ᠨᠡᠩ ᠲᠦᠷᠭᠡᠨ ᠶᠢᠡᠷ ᠤᠯᠠᠮᠵᠢᠯᠠᠨ ᠰᠢᠢᠳᠪᠦᠷᠢᠯᠡᠭᠦ ᠪᠣᠯᠣᠨ᠎ᠠ᠃ ᠬᠦᠮᠦᠨ
ᠲᠦᠷᠦᠯᠬᠢᠲᠡᠨ ᠤ ᠨᠡᠢᠢᠭᠡᠮ ᠳᠦ ᠠᠪᠴᠤ ᠬᠡᠯᠡᠪᠡᠯ ᠡᠨᠡ ᠪᠣᠯ ᠤᠷᠢᠳ ᠡᠮᠦᠨ᠎ᠡ
ᠭᠠᠷᠤᠭ᠎ᠠ ᠦᠭᠡᠢ ᠰᠢᠨᠵᠢᠯᠡᠬᠦ ᠤᠬᠠᠭᠠᠨ ᠮᠡᠷᠭᠡᠵᠢᠯ ᠤᠨ ᠬᠣᠪᠢᠰᠬᠠᠯ ᠮᠦᠨ᠃
ᠬᠦᠮᠦᠰ ᠤᠨ ᠦᠢᠯᠡᠳᠪᠦᠷᠢᠯᠡᠯ ᠤᠨ ᠠᠷᠭ᠎ᠠ ᠮᠠᠶᠢᠭ᠂ ᠠᠵᠢᠯ ᠤᠨ ᠠᠷᠭ᠎ᠠ ᠮᠠᠶᠢᠭ᠂
ᠠᠮᠢᠳᠤᠷᠠᠯ ᠤᠨ ᠠᠷᠭ᠎ᠠ ᠮᠠᠶᠢᠭ ᠪᠠ ᠥᠷᠢᠰᠦᠯᠳᠦᠨ ᠲᠡᠮᠡᠴᠡᠬᠦ ᠠᠷᠭ᠎ᠠ ᠮᠠᠶᠢᠭ ᠢ
ᠨᠣᠴᠢᠲᠠᠢ ᠨᠥᠯᠥᠭᠡᠯᠡᠬᠦ ᠪᠣᠯᠣᠨ᠎ᠠ᠃
ᠲᠣᠣᠷ ᠰᠦᠯᠵᠢᠶ᠎ᠡ ᠭᠡᠳᠡᠭ ᠢ ᠳᠥᠭᠦᠮ ᠶᠢᠡᠷ
ᠬᠡᠯᠡᠪᠡᠯ ᠲᠣᠭ᠎ᠠ ᠲᠣᠮᠰᠢ ᠦᠭᠡᠢ ᠣᠯᠠᠨ ᠺᠤᠮᠫᠢᠦ᠋ᠲ᠋ᠧᠷ ᠢ ᠬᠣᠭᠤᠷᠤᠨᠳᠤ ᠨᠢ
ᠬᠣᠯᠪᠣᠵᠤ ᠲᠠᠯᠪᠢᠬᠤ ᠶᠢ ᠬᠡᠯᠡᠨ᠎ᠡ᠃ ᠪᠠᠢᠢᠭᠤᠯᠭ᠎ᠠ ᠨᠢᠭᠡᠴᠢ᠂ ᠣᠷᠣᠨ ᠤ
ᠳᠣᠲᠣᠷ᠎ᠠ᠂ ᠤᠯᠤᠰ ᠤᠨ ᠳᠣᠲᠣᠷ᠎ᠠ᠂ ᠴᠢᠨᠠᠭᠰᠢᠯᠠᠪᠠᠯ ᠳᠡᠯᠡᠬᠡᠢ ᠶᠢᠨ ᠣᠯᠠᠨ
ᠤᠯᠤᠰ ᠬᠣᠭᠤᠷᠤᠨᠳᠤ ᠪᠡᠨ ᠺᠣᠮᠫᠢᠦ᠋ᠲ᠋ᠧᠷ ᠶᠢᠡᠷ ᠰᠢᠭᠤᠳ ᠬᠠᠷᠢᠴᠠᠬᠤ ᠶᠢ
ᠬᠡᠯᠡᠨ᠎ᠡ᠃ ᠣᠳᠣ ᠳᠡᠯᠡᠬᠡᠢ ᠳᠡᠭᠡᠷ᠎ᠡ ᠨᠥᠯᠥᠭᠡ ᠪᠡᠷ ᠬᠠᠮᠤᠭ ᠤᠨ ᠶᠡᠬᠡ᠂
ᠬᠡᠷᠡᠭᠯᠡᠭᠴᠢᠳ ᠬᠠᠮᠤᠭ ᠤᠨ ᠠᠷᠪᠢᠨ᠂ ᠰᠤᠷᠠᠭ ᠵᠠᠩᠬᠢ ᠬᠠᠮᠤᠭ ᠤᠨ ᠪᠠᠶᠠᠯᠢᠭ᠂
ᠣᠯᠠᠨ ᠤᠯᠤᠰ ᠢ ᠰᠤᠨᠳᠠᠯᠠᠭᠰᠠᠨ ᠲᠣᠣᠷ ᠰᠦᠯᠵᠢᠶ᠎ᠡ ᠪᠣᠯ ᠢᠨᠲ᠋ᠧᠷᠨᠧᠲ ᠲᠣᠣᠷ
ᠪᠣᠯᠤᠨ᠎ᠠ᠃ ᠡᠨᠡ ᠲᠣᠣᠷ ᠣᠳᠣ ᠳᠡᠯᠡᠬᠡᠢ ᠶᠢᠨ 100 ᠭᠠᠷᠤᠢ ᠤᠯᠤᠰ ᠣᠷᠣᠨ ᠢ
ᠺᠣᠮᠫᠢᠦ᠋ᠲ᠋ᠧᠷ ᠶᠢᠡᠷ ᠬᠣᠯᠪᠣᠵᠤ ᠲᠣᠣᠷ ᠲᠤ ᠣᠷᠣᠭᠰᠠᠨ ᠡᠷᠦᠬᠡ ᠨᠢᠭᠡᠴᠢ 5
ᠳ᠋ᠦᠩᠰᠢᠭᠤᠷ ᠭᠠᠷᠤᠢ ᠪᠣᠯᠤᠭᠰᠠᠨ ᠪᠠᠢᠢᠨ᠎ᠠ᠃
ᠬᠦᠮᠦᠰ ᠲᠣᠣᠷ ᠰᠦᠯᠵᠢᠶ᠎ᠡ ᠶᠢ ᠠᠰᠢᠭᠯᠠᠵᠤ
ᠲᠥᠮᠡᠨ ᠭᠠᠵᠠᠷ ᠤᠨ ᠠᠯᠤᠰ ᠲᠡᠬᠢ ᠨᠠᠢᠢᠵᠠ ᠨᠠᠷ ᠲᠠᠢ ᠪᠡᠨ « ᠰᠢᠭᠤᠳ
ᠠᠭᠤᠯᠵᠠᠵᠤ » ᠰᠤᠷᠠᠭ ᠵᠠᠩᠬᠢ ᠪᠡᠨ ᠰᠣᠯᠢᠯᠴᠠᠵᠤ ᠪᠣᠯᠣᠨ᠎ᠠ᠂ ᠡᠷᠳᠡᠮ
ᠰᠢᠨᠵᠢᠯᠡᠭᠡᠨ ᠤ ᠦᠵᠡᠯᠲᠡ ᠪᠡᠨ ᠵᠦᠪᠳᠡᠯᠴᠡᠵᠦ ᠪᠣᠯᠣᠨ᠎ᠠ᠂ ᠲᠣᠣᠷ
ᠰᠦᠯᠵᠢᠶ᠎ᠡ ᠪᠡᠷ ᠪᠠᠰᠠ ᠡᠯ᠎ᠡ ᠵᠦᠢᠯ ᠤᠨ ᠪᠠᠷᠠᠭ᠎ᠠ ᠲᠠᠧᠠᠷ ᠰᠤᠩᠭᠤᠨ ᠠᠪᠴᠤ
ᠪᠣᠯᠣᠨ᠎ᠠ᠂ ᠣᠬᠢ ᠰᠠᠢᠢᠨ ᠰᠤᠷᠭᠠᠨ ᠬᠦᠮᠦᠵᠢᠯ ᠬᠦᠷᠳᠡᠵᠦ ᠪᠣᠯᠣᠨ᠎ᠠ᠂
ᠳᠡᠯᠡᠬᠡᠢ ᠶᠢᠨ ᠣᠯᠠᠨ ᠤᠯᠤᠰ ᠤᠨ ᠬᠠᠮᠤᠭ ᠤᠨ ᠰᠢᠯᠢᠳᠡᠭ ᠲᠣᠭᠯᠠᠯᠲᠠ ᠶᠢ
ᠰᠣᠨᠢᠷᠬᠠᠵᠤ ᠪᠣᠯᠣᠨ᠎ᠠ᠃
ᠲᠣᠣᠷ ᠰᠦᠯᠵᠢᠶ᠎ᠡ ᠶᠢᠨ ᠠᠵᠤ ᠠᠬᠤᠢ ᠳᠤ
ᠦᠵᠡᠭᠦᠯᠬᠦ ᠨᠥᠯᠥᠭᠡ ᠨᠢ ᠮᠠᠰᠢ ᠶᠡᠬᠡ ᠶᠣᠮ᠃ ᠰᠤᠷᠠᠭ ᠵᠠᠩᠬᠢ ᠶᠢᠨ ᠲᠣᠣᠷ
ᠰᠦᠯᠵᠢᠶ᠎ᠡ ᠪᠡᠷ ᠳᠠᠮᠵᠢᠵᠤ᠂ ᠤᠯᠤᠰ ᠣᠷᠣᠨ ᠪᠣᠯᠣᠨ ᠳᠡᠯᠡᠬᠡᠢ ᠶᠢᠨ ᠠᠵᠤ
ᠠᠬᠤᠢ ᠶᠢᠨ ᠬᠣᠭᠤᠷᠥᠨᠳᠤ ᠬᠠᠷᠢᠯᠴᠠᠨ ᠲᠦᠰᠢᠭ᠍ᠯᠡᠯᠴᠡᠵᠦ᠂ ᠬᠠᠷᠢᠯᠴᠠᠨ
ᠠᠬᠢᠭᠤᠯᠵᠤ᠂ ᠬᠠᠷᠢᠯᠴᠠᠨ ᠨᠦᠯᠦᠭᠡᠯᠡᠬᠦ ᠪᠣᠯᠣᠨ᠎ᠠ᠃ ᠪᠦᠷᠢᠳᠭᠡᠯ ᠢ
ᠦᠨᠳᠦᠰᠦᠯᠡᠪᠡᠯ᠂ ᠣᠳᠣ ᠦᠶ᠎ᠡ ᠶᠢᠨ ᠠᠵᠤ ᠠᠬᠤᠢ ᠶᠢᠨ ᠬᠥᠭᠵᠢᠯᠲᠡ ᠪᠠ
ᠨᠡᠮᠡᠭᠳᠡᠯ ᠤᠨ 40% ᠨᠢ ᠰᠤᠷᠠᠭ ᠵᠠᠩᠬᠢ ᠶᠢᠨ ᠠᠵᠤ ᠦᠢᠯᠡᠰ ᠤᠨ ᠦᠵᠡᠭᠦᠯᠦᠭᠰᠡᠨ
ᠬᠣᠪᠢ ᠨᠡᠮᠡᠷᠢ ᠡᠴᠡ ᠢᠷᠡᠵᠦ ᠪᠠᠢᠢᠨ᠎ᠠ᠃ ᠢᠷᠡᠭᠡᠳᠦᠢ ᠶᠢᠨ 10 ᠵᠢᠯ ᠳᠦ ᠪᠦᠬᠦ
ᠳᠡᠯᠡᠭᠡᠢ ᠶᠢᠨ ᠣᠯᠠᠨ ᠤᠯᠤᠰ ᠤᠨ ᠠᠷᠠᠯᠵᠢᠶ᠎ᠠ ᠶᠢᠨ ᠭᠤᠷᠪᠠᠨ ᠤ ᠨᠢᠭᠡ ᠨᠢ
ᠲᠣᠣᠷ ᠰᠦᠯᠵᠢᠶ᠎ᠡ ᠶᠢᠨ ᠠᠷᠠᠯᠵᠢᠶ᠎ᠠ ᠶᠢᠨ ᠬᠡᠯᠪᠡᠷᠢ ᠪᠡᠷ ᠪᠡᠶᠡᠯᠡᠭᠳᠡᠬᠦ
ᠪᠣᠯᠣᠨ᠎ᠠ᠃ ᠡᠢᠢᠮᠦ ᠡᠴᠡ ᠲᠣᠣᠷ ᠰᠦᠯᠵᠢᠶ᠎ᠡ ᠶᠢᠨ ᠠᠵᠤ ᠠᠬᠤᠢ ᠨᠢ ᠯᠠᠪᠲᠠᠢ
21 ᠳᠦᠭᠡᠷ ᠵᠠᠭᠤᠨ ᠤ ᠠᠵᠤ ᠠᠬᠤᠢ ᠶᠢᠨ ᠬᠥᠭᠵᠢᠯᠲᠡ ᠶᠢᠨ ᠭᠣᠣᠯ ᠤᠷᠤᠰᠭᠠᠯ
ᠪᠣᠯᠣᠨ᠎ᠠ᠃
ᠬᠦᠮᠦᠨ ᠲᠦᠷᠥᠯᠬᠢᠲᠡᠨ ᠤ ᠨᠡᠢᠢᠭᠡᠮ ᠳᠦ ᠲᠣᠣᠷ
ᠰᠦᠯᠵᠢᠶ᠎ᠡ ᠶᠢᠨ ᠦᠵᠡᠭᠦᠯᠬᠦ ᠨᠥᠯᠥᠭᠡ ᠪᠣᠯ ᠲᠤᠢᠢᠯ ᠤᠨ ᠥᠷᠭᠡᠨ ᠳᠡᠯᠭᠡᠷ
ᠪᠦᠭᠡᠳ ᠠᠯᠤᠰ ᠬᠡᠳᠦ ᠶᠢᠨ ᠪᠠᠢᠳᠠᠭ ᠶᠣᠮ᠃ ᠳᠡᠭᠡᠷ᠎ᠡ ᠳᠤᠷᠠᠳᠤᠭᠰᠠᠨ ᠠᠵᠤ
ᠠᠬᠤᠢ ᠳᠤ ᠦᠵᠡᠭᠦᠯᠬᠦ ᠨᠥᠯᠥᠭᠡ ᠡᠴᠡ ᠭᠠᠳᠠᠨ᠎ᠠ ᠴᠡᠷᠢᠭ᠌ ᠳᠠᠢᠢᠨ᠂ ᠭᠠᠳᠠᠭᠠᠳᠤ
ᠶᠠᠪᠤᠳᠠᠯ᠂ ᠰᠢᠨᠵᠢᠯᠡᠬᠦ ᠤᠬᠠᠭᠠᠨ ᠮᠡᠷᠭᠡᠵᠢᠯ᠂ ᠰᠤᠷᠭᠠᠨ ᠬᠦᠮᠦᠵᠢᠯ᠂ ᠠᠮᠢ
ᠠᠬᠤᠢ ᠶᠢᠨ ᠣᠷᠴᠢᠨ ᠲᠣᠭᠤᠷᠢᠨ᠁ ᠵᠡᠷᠭᠡ ᠳᠦ ᠴᠥᠮ ᠶᠠᠨᠳᠠᠰᠢ ᠦᠬᠡᠢ ᠶᠡᠬᠡ
ᠨᠥᠯᠥᠭᠡ ᠦᠵᠡᠭᠦᠯᠬᠦ ᠪᠣᠯᠤᠨ᠎ᠠ᠃
ᠶᠢᠰᠦᠨ ᠵᠢᠯ ᠤᠨ ᠠᠯᠪᠠᠨ ᠵᠢᠷᠦᠮ ᠤᠨ ᠪᠦᠬᠦᠯᠢ
ᠡᠳᠦᠷ ᠤᠨ ᠳᠦᠷᠢᠮᠲᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ᠌ ( 8 ) ᠡᠴᠡ ᠰᠤᠩᠭᠤᠪᠠ
如果你的计算机不能正常表示上边的蒙古文字体样文的话,请下载字体安装到你的系统中。如果你用苹果公司的Mac OS X
请用AAT类型字体, 如果你是使用Windows 请用OpenType类型的字体。Windows
XP及以前的Windows操作系统不支持OpenType,因此不能正确显示蒙古文。如果你使用Linux或Unix类系统,必须安装支持OpenType的模块。