ᠥᠰᠬᠦ ᠡᠴᠡ ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠦᠷᠦᠯᠬᠢ ᠨᠤᠲᠤᠭ
ᠰᠠᠯᠵᠤ ᠪᠣᠯᠣᠰᠢ ᠦᠭᠡᠢ ᠣᠷᠣᠨ
计算机与信息时代
计算机(全称:电子计算机;别称:电脑,英文:Computer)是20世纪最伟大的科学技术发明之一,对人类的生产活动和社会活动产生了极其重要的影响,并以强大的生命力飞速发展。它的应用领域从最初的军事科研应用扩展到目前社会的各个领域,已形成规模巨大的计算机产业,带动了全球范围的技术进步,由此引发了深刻的社会变革。计算机已遍及学校、企事业单位,进入寻常百姓家,成为信息社会中必不可少的工具。它是人类进入信息时代的重要标志。
蒙古文信息处理
计算机的应用已经普及到如此之广时候,蒙古文的国际标准的实现方法才出现,对于我们蒙古文人来说是个悲哀的事情。
虽然究其原因可能很多原因可能有很多。但觉得从现在开始我们蒙古人应该齐心协力,放弃各自的独立,不兼容的个别系统,尽快促进和推广使用蒙古文的国际标准,
这样才会是落后这么多年的弥补上,争取早日赶上信息化时代的潮流。或多或少,每个人长期坚持不断地贡献各自的所长,日积月累我们相信不久的会迎来
蒙古文信息处理繁荣的将来。
这次,我们利用业余时间,开发了蒙古文字体和苹果手机上的蒙古文。
从今以后,我们也会继续这一项工作,给大家提供更多更丰富的字体和各种应用程序。 希望各位和业界的支持。
Windows 个人计算机
Windows 蒙古文
蒙古文手写体
字体名称 : Mongolian
Writing
字体类型 : OpenType
字体编码 : UNICODE
字体版本 : 1.0
制作厂家 : 株式会社阿拉慕思(Almas
Inc.)
公布日期 : 2011年11月
版权所有 : 株式会社阿拉慕思(Almas
Inc.)
使用许可 :
个人用户可以免费下载使用,任何团体或个人不允许转卖或有偿给第三方。
下载文件
《ᠡᠷᠳᠡᠨᠢ》
ᠠᠮᠳᠠᠲᠤ ᠢᠳᠡᠭᠡᠨ ᠢ ᠳᠡᠭᠡᠵᠢᠯᠡᠵᠦ
ᠠᠷᠪᠠᠢ ᠪᠤᠭᠤᠳᠠᠢ ᠶᠢ ᠬᠥᠮᠥᠷᠭᠡᠯᠡᠵᠦ
ᠠᠭᠤᠤ ᠪᠠᠶᠠᠨ ᠢ ᠪᠡᠯᠭᠡᠯᠡᠨ
ᠠᠯᠲᠠ ᠰᠣᠪᠣᠳ ᠶᠢᠡᠷ ᠪᠥᠭᠡᠯᠵᠢᠳᠡᠭ
ᠬᠤᠯᠤᠭᠠᠨ᠎ᠠ ᠶᠢᠨ ᠡᠷᠳᠡᠨᠢ ᠴᠢᠬᠢ ᠲᠠᠢ᠃
ᠠᠴᠢᠶ᠎ᠠ ᠬᠥᠰᠭᠡ ᠲᠡᠭᠡᠭᠡᠵᠦ
ᠠᠷᠠᠯᠲᠤ ᠲᠡᠷᠭᠡ ᠰᠢᠯᠢᠳᠡᠵᠦ
ᠠᠮᠠᠷᠠᠬᠤ ᠠᠨᠢᠬᠤ ᠶᠢ ᠣᠮᠠᠷᠲᠠᠨ
ᠠᠮᠢ ᠪᠡᠨ ᠴᠦᠯᠡᠵᠦ ᠵᠢᠳᠭᠦᠳᠡᠭ
ᠦᠬᠡᠷ ᠡᠷᠳᠡᠨᠢ ᠶᠢᠨ ᠰᠡᠭᠡᠷ ᠲᠠᠢ᠃
ᠬᠠᠨ ᠣᠷᠢᠭᠢᠯ ᠶᠢᠡᠷ ᠬᠠᠷᠠᠢᠵᠦ
ᠬᠠᠪᠴᠢᠯ ᠵᠢᠯᠠᠭ᠎ᠠ ᠳᠦ ᠨᠣᠢᠷᠰᠣᠵᠤ
ᠬᠠᠮᠤᠭ ᠠᠷᠢᠶᠠᠲᠠᠨ ᠢ ᠵᠠᠬᠢᠷᠥᠨ
ᠬᠠᠷᠭᠤᠢ ᠵᠠᠮ ᠢ ᠰᠠᠬᠢᠳᠠᠭ
ᠪᠠᠷᠰ ᠡᠷᠳᠡᠨᠢ ᠶᠢᠨ ᠬᠢᠮᠣᠰᠣ ᠲᠠᠢ᠃
ᠡᠳᠦᠷ ᠰᠦᠨᠢ ᠦᠭᠡᠢ ᠪᠦᠭᠭᠦᠵᠦ
ᠡᠪᠦᠯ ᠵᠤᠨ ᠦᠭᠡᠢ ᠶᠠᠭᠠᠷᠠᠵᠤ
ᠡᠮᠦᠨ᠎ᠡ ᠠᠷᠤ ᠦᠭᠡᠢ ᠪᠤᠵᠢᠭᠢᠨᠠᠨ
ᠡᠪᠡᠰᠦ ᠤᠷᠭᠤᠮᠠᠯ ᠢ ᠪᠦᠷᠢᠳᠭᠡᠳᠡᠭ
ᠲᠠᠤᠯᠠᠢ ᠡᠷᠳᠡᠨᠢ ᠶᠢᠨ ᠬᠠᠮᠠᠷ ᠲᠠᠢ᠃
ᠠᠭᠠᠳᠠᠷ ᠤᠨ ᠡᠭᠦᠯᠡ ᠶᠢ ᠬᠥᠯᠭᠡᠯᠡᠵᠦ
ᠠᠶᠤᠩᠭ᠎ᠠ ᠴᠠᠬᠢᠯᠭᠠᠨ ᠢ ᠳᠠᠢᠴᠢᠯᠠᠵᠤ
ᠷᠠᠰᠢᠶᠠᠨ ᠬᠤᠷ᠎ᠠ ᠶᠢ ᠰᠣᠶᠣᠷᠬᠠᠨ
ᠠᠮᠢᠲᠠᠨ ᠪᠦᠭᠦᠨ ᠢ ᠢᠪᠡᠭᠡᠳᠡᠭ
ᠯᠤᠤ ᠡᠷᠳᠡᠨᠢ ᠶᠢᠨ ᠬᠦᠵᠦᠭᠦᠦ ᠲᠠᠢ᠃
ᠡᠵᠡᠭᠦᠢ ᠬᠡᠭᠡᠷ᠎ᠡ ᠶᠢ ᠲᠣᠣᠷᠯᠠᠵᠣ
ᠡᠷᠬᠢ ᠭᠠᠩᠭ᠎ᠠ ᠶᠢ ᠰᠦᠯᠵᠢᠵᠦ
ᠡᠯᠡᠰᠦ ᠰᠢᠷᠣᠢ ᠨᠡᠪᠲᠡᠯᠦᠨ
ᠡᠴᠢᠨ᠎ᠡ ᠲᠠᠯ᠎ᠠ ᠶᠢ ᠪᠠᠢᠴᠠᠭᠠᠳᠠᠭ
ᠮᠣᠭᠠᠢ ᠡᠷᠳᠡᠨᠢ ᠶᠢᠨ ᠨᠢᠳᠦ ᠲᠠᠢ᠃
ᠠᠶᠠᠨ ᠤ ᠵᠠᠮ ᠢ ᠳᠣᠪᠴᠢᠯᠡᠵᠦ
ᠠᠯᠤᠰ ᠭᠠᠵᠠᠷ ᠢ ᠣᠢᠷᠠᠲᠤᠭᠤᠯᠵᠤ
ᠠᠨᠳᠠ ᠨᠦᠬᠦᠳ ᠢ ᠵᠣᠯᠭᠠᠭᠤᠯᠤᠨ
ᠠᠵᠢᠯ ᠶᠠᠪᠤᠳᠠᠯ ᠢ ᠪᠦᠲᠦᠭᠡᠳᠡᠭ
ᠮᠣᠷᠢ ᠡᠷᠳᠡᠨᠢ ᠶᠢᠨ ᠬᠤᠨᠳᠤᠯᠠᠢ ᠲᠠᠢ᠃
ᠲᠥᠭᠡᠭᠰᠡᠨ ᠣᠳᠣ ᠰᠢᠭ ᠢᠷᠡᠢᠵᠦ
ᠲᠥᠪᠰᠢᠨ ᠲᠠᠯ᠎ᠠ ᠶᠢ ᠪᠦᠷᠬᠦᠵᠦ
ᠲᠥᠭᠡᠮᠡᠯ ᠪᠤᠶᠠᠨ ᠢ ᠳᠠᠯᠠᠯᠥᠨ
ᠲᠥᠮᠡᠨ ᠣᠯᠠᠨ ᠢ ᠳᠤᠯᠠᠭᠠᠯᠠᠳᠠᠭ
ᠬᠤᠨᠢ ᠡᠷᠳᠡᠨᠢ ᠶᠢᠨ ᠨᠣᠣᠰᠣ ᠲᠠᠢ᠃
ᠠᠭᠯᠠᠭ ᠣᠢ ᠳᠥ ᠨᠤᠲᠤᠭᠯᠠᠵᠤ
ᠠᠯᠢᠮ᠎ᠠ ᠵᠢᠮᠢᠰ ᠶᠢᠡᠷ ᠬᠣᠭᠣᠯᠠᠯᠠᠵᠤ
ᠠᠰᠬ᠎ᠠ ᠬᠠᠳᠠᠨ ᠳᠤ ᠲᠣᠭᠯᠠᠯᠳᠣᠨ
ᠠᠪᠠᠷᠢᠬᠤ ᠬᠠᠷᠠᠢᠬᠤ ᠶᠢ ᠪᠣᠯᠪᠠᠰᠤᠷᠠᠳᠠᠭ
ᠪᠡᠴᠢᠨ ᠡᠷᠳᠡᠨᠢ ᠶᠢᠨ ᠭᠣᠶ᠎ᠠ ᠲᠠᠢ᠃
ᠬᠠᠷ᠎ᠠ ᠥᠷᠯᠥᠭᠡ ᠪᠡᠷ ᠬᠠᠰᠬᠢᠷᠴᠤ
ᠬᠠᠷᠠᠩᠭᠤᠢ ᠬᠥᠰᠢᠭᠡ ᠶᠢ ᠢᠷᠠᠵᠦ
ᠬᠠᠲᠠᠭᠤ ᠳᠠᠭᠤᠨ ᠶᠢᠡᠷ ᠵᠠᠩᠳᠤᠷᠤᠨ
ᠬᠠᠮᠤᠭ ᠣᠯᠠᠨ ᠢ ᠰᠡᠷᠡᠭᠡᠳᠡᠭ
ᠳᠠᠬᠢᠶ᠎ᠠ ᠡᠷᠳᠡᠨᠢ ᠶᠢᠨ ᠥᠪᠥᠩ ᠲᠠᠢ᠃
ᠠᠢᠯ ᠬᠣᠲᠠ ᠶᠢ ᠮᠠᠨᠠᠵᠤ
ᠠᠶᠤᠯᠲᠤ ᠳᠠᠢᠰᠥᠨ ᠢ ᠰᠡᠷᠭᠡᠢᠯᠡᠵᠦ
ᠠᠵᠢᠭ ᠰᠡᠵᠢᠭ᠌ ᠡᠪᠦᠷᠯᠡᠨ
ᠠᠯᠤᠰ ᠤᠨ ᠠᠨᠢᠷ ᠢ ᠴᠢᠩᠨᠠᠳᠠᠭ
ᠨᠣᠬᠠᠢ ᠡᠷᠳᠡᠨᠢ ᠶᠢᠨ ᠪᠤᠷᠪᠢ ᠲᠠᠢ᠃
ᠠᠭᠠᠵᠢᠭᠤ ᠲᠠᠢᠪᠤᠭᠤ ᠪᠡᠷ ᠠᠯᠬᠤᠯᠠᠵᠤ
ᠠᠷᠠᠭ᠎ᠠ ᠪᠣᠳᠣᠯᠭ᠎ᠠ ᠶᠢ ᠪᠢᠰᠢᠯᠭᠠᠵᠤ
ᠠᠯᠢᠪᠠ ᠪᠦᠬᠦᠢ ᠶᠢ ᠨᠢᠭᠲᠠᠯᠠᠨ
ᠠᠯᠲᠠᠨ ᠳᠡᠯᠡᠭᠡᠢ ᠶᠢ ᠰᠢᠨᠵᠢᠯᠡᠳᠡᠭ
ᠭᠬᠠᠠᠢ ᠡᠷᠳᠡᠨᠢ ᠶᠢᠨ ᠰᠡᠭᠦᠯ ᠲᠠᠢ᠃
ᠺᠣᠮᠫᠢᠦ᠋ᠲ᠋ᠧᠷ
ᠺᠣᠮᠫᠢᠦ᠋ᠲ᠋ᠧᠷ ᠪᠣᠯ ᠴᠣ᠋ ᠰᠢᠨ᠎ᠡ ᠪᠣᠲᠤᠯᠭ᠎ᠠ ᠢᠢᠨ ᠮᠠᠰᠢᠨ
ᠮᠦᠨ᠃ ᠲᠡᠷᠡ ᠨᠢ ᠬᠦᠮᠦᠨ ᠦ ᠳᠠᠷᠢᠬᠢᠨ ᠤ ᠠᠵᠢᠯᠯᠠᠭ᠎ᠠ ᠶᠢ ᠳᠠᠭᠤᠷᠢᠶᠠᠵᠤ
ᠲᠥᠯᠦᠪᠯᠡᠨ ᠭᠠᠷᠭᠠᠭᠰᠠᠨ ᠨᠢᠭᠡ ᠵᠦᠢᠯ ᠦᠨ ᠡᠯᠧᠺᠲ᠋ᠷᠦᠨ ᠪᠠᠭᠠᠵᠢ
ᠪᠣᠯᠣᠨ᠎ᠠ᠃
ᠺᠣᠮᠫᠢᠦ᠋ᠲ᠋ᠧᠷ ᠬᠦᠮᠦᠨ ᠦ ᠳᠠᠷᠢᠬᠢ ᠲᠠᠢ ᠠᠳᠠᠯᠢ ᠪᠡᠷ ᠰᠤᠷᠠᠭ ᠳᠣᠬᠢᠶ᠎ᠠ ᠶᠢ
ᠬᠠᠳᠠᠭᠠᠯᠠᠵᠤ ᠴᠢᠳᠠᠬᠤ ᠪᠡᠷ ᠪᠠᠷᠠᠬᠤ ᠦᠭᠡᠢ᠂ ᠪᠠᠰᠠ ᠬᠠᠳᠠᠭᠠᠯᠠᠭᠳᠠᠵᠤ
ᠪᠠᠢᠢᠭ᠎ᠠ ᠰᠤᠷᠠᠭ ᠳᠣᠬᠢᠶᠠᠨ ᠳᠤ ᠵᠣᠬᠢᠬᠤ ᠬᠡᠮᠵᠢᠶᠡᠨ ᠤ ᠯᠣᠭᠢᠭ
ᠵᠦᠢᠴᠢᠯᠡᠯ ᠦᠨ ᠠᠵᠢᠯᠯᠠᠭ᠎ᠠ ᠪᠠ ᠮᠠᠭᠠᠳᠯᠠᠯᠲᠠ ᠦᠭᠴᠦ ᠴᠢᠳᠠᠨ᠎ᠠ᠃ ᠡᠨᠡ
ᠮᠡᠲᠦ ᠪᠡᠷ ᠺᠣᠮᠫᠢᠦ᠋ᠲ᠋ᠧᠷ ᠬᠦᠮᠦᠨ ᠦ ᠣᠶᠤᠨ ᠤ ᠬᠥᠳᠡᠯᠮᠦᠷᠢ ᠶᠢ ᠣᠷᠣᠯᠠᠵᠤ
ᠴᠢᠳᠠᠳᠠᠭ ᠲᠤᠯᠠ ᠲᠡᠭᠦᠨ ᠢ ᠪᠠᠰᠠ ᠡᠯᠧᠺᠲ᠋ᠷᠦᠨ ᠳᠠᠷᠢᠬᠢ ᠭᠡᠵᠦ
ᠨᠡᠷᠡᠯᠡᠳᠡᠭ᠃
1946 ᠣᠨ ᠳᠤ ᠠᠩᠬᠠᠨ ᠤ ᠺᠣᠮᠫᠢᠦ᠋ᠲ᠋ᠧᠷ ᠢ ᠡᠭᠦᠳᠦᠨ
ᠭᠠᠷᠭᠠᠪᠠ᠃ ᠠᠩᠬᠠᠨ ᠤ ᠺᠣᠮᠫᠢᠦ᠋ᠲ᠋ᠧᠷ ᠦᠨ ᠬᠥᠨᠳᠦ ᠨᠢ 30 ᠲᠤᠨ᠂ ᠡᠵᠡᠯᠡᠭᠦ
ᠵᠠᠢ ᠨᠢ ᠬᠡᠳᠦ ᠬᠡᠳᠦᠨ ᠥᠷᠥᠭᠡ᠂ ᠰᠧᠺᠦ᠋ᠨ᠋ᠳ᠋ ᠪᠦᠷᠢ ᠪᠠᠷᠤᠭ 5000 ᠤᠳᠠᠭ᠎ᠠ
ᠪᠣᠳᠤᠯᠭ᠎ᠠ ᠪᠣᠳᠤᠨ᠎ᠠ᠃
ᠡᠯᠧᠺᠲ᠋ᠷᠦᠨ ᠮᠡᠷᠭᠡᠵᠢᠯ ᠦᠨ ᠬᠥᠭᠵᠢᠯᠲᠡ ᠶᠢ ᠳᠠᠭᠠᠯᠳᠤᠨ
ᠺᠣᠮᠫᠢᠦ᠋ᠲ᠋ᠧᠷ ᠣᠯᠠᠮ ᠣᠯᠠᠮ ᠢᠢᠡᠷ ᠵᠢᠵᠢᠭ᠍ᠷᠡᠨ᠂ ᠪᠣᠳᠤᠬᠤ ᠬᠤᠷᠳᠤᠴᠠ ᠨᠢ
ᠳᠠᠰᠤᠷᠠᠯᠲᠠ ᠦᠭᠡᠢ ᠲᠥᠷᠭᠡᠰᠴᠦ ᠪᠠᠢᠢᠨ᠎ᠠ᠃ ᠣᠳᠣ ᠰᠧᠺᠦ᠋ᠨ᠋ᠳ᠋ ᠪᠦᠷᠢ ᠳᠦ
ᠬᠡᠳᠦᠨ ᠠᠷᠪᠠᠨ ᠲᠥᠮᠡᠨ ᠤᠳᠠᠭ᠎ᠠ᠂ ᠬᠡᠳᠦᠨ ᠮᠢᠩᠭᠠᠨ ᠲᠥᠮᠡᠨ ᠤᠳᠠᠭ᠎ᠠ
ᠪᠣᠳᠤᠯᠭ᠎ᠠ ᠪᠣᠳᠤᠬᠤ ᠺᠣᠮᠫᠢᠦ᠋ᠲ᠋ᠧᠷ ᠪᠣᠢ ᠪᠣᠯᠪᠠ᠃ ᠲᠣᠮᠤ ᠬᠡᠯᠪᠡᠷᠢ ᠢᠢᠨ
ᠥᠨᠳᠦᠷ ᠬᠤᠷᠳᠤᠴᠠ ᠲᠠᠢ ᠺᠣᠮᠫᠢᠦ᠋ᠲ᠋ᠧᠷ ᠰᠧᠺᠦ᠋ᠨ᠋ᠳ᠋ ᠪᠦᠷᠢ ᠬᠡᠴᠢᠨᠡᠨ
ᠳ᠋ᠦᠩᠰᠢᠭᠤᠷ ᠤᠳᠠᠭ᠎ᠠ ᠪᠣᠳᠤᠯᠭ᠎ᠠ ᠪᠣᠳᠤᠵᠤ ᠠᠮᠵᠢᠨ᠎ᠠ᠃
ᠺᠣᠮᠫᠢᠦ᠋ᠲ᠋ᠧᠷ ᠨᠢ ᠪᠣᠳᠤᠭᠤᠷ᠂ ᠬᠠᠳᠠᠭᠠᠯᠠᠭᠤᠷ᠂
ᠡᠵᠡᠮᠰᠢᠭᠦᠷ᠂ ᠣᠷᠤᠭᠤᠯᠤᠭᠤᠷ᠂ ᠭᠠᠷᠭᠠᠭᠤᠷ ᠵᠡᠷᠭᠡ ᠲᠠᠪᠤᠨ ᠬᠡᠰᠡᠭ ᠢᠢᠡᠷ
ᠪᠥᠷᠢᠯᠳᠦᠵᠡᠢ᠃
ᠺᠣᠮᠫᠢᠦ᠋ᠲ᠋ᠧᠷ ᠦᠨ ᠪᠣᠳᠤᠭᠤᠷ ᠪᠣᠯ ᠪᠣᠳᠤᠯᠭ᠎ᠠ ᠪᠣᠳᠤᠬᠤ
ᠪᠠᠭᠠᠵᠢ ᠮᠦᠨ᠃ ᠬᠠᠳᠠᠭᠠᠯᠠᠭᠤᠷ ᠪᠣᠯ ᠵᠦᠢᠯ ᠪᠦᠷᠢ ᠢᠢᠨ ᠲᠣᠭ᠎ᠠ ᠪᠠᠷᠢᠮᠲᠠ ᠶᠢ
ᠬᠠᠳᠠᠭᠠᠯᠠᠨ᠎ᠠ᠃ ᠡᠵᠢᠮᠰᠢᠭᠦᠷ ᠪᠣᠯ ᠬᠡᠰᠡᠭ ᠪᠦᠷᠢ ᠢᠢᠨ ᠠᠵᠢᠯᠯᠠᠭ᠎ᠠ ᠶᠢ
ᠵᠠᠬᠢᠷᠴᠤ ᠵᠢᠯᠤᠭᠤᠳᠬᠤ ᠪᠠ ᠲᠣᠭ᠎ᠠ ᠪᠠᠷᠢᠮᠲᠠ ᠶᠢ ᠬᠠᠮᠢᠶᠠᠷᠬᠤ
ᠦᠢᠯᠡᠲᠦᠯ ᠲᠠᠢ᠃ ᠣᠷᠤᠭᠤᠯᠤᠭᠤᠷ ᠢᠢᠡᠷ ᠳᠠᠮᠵᠢᠭᠤᠯᠵᠤ ᠡᠯ᠎ᠡ ᠵᠦᠢᠯ ᠦᠨ ᠲᠣᠭ᠎ᠠ
ᠪᠠᠷᠢᠮᠲᠠ ᠪᠡᠨ ᠺᠣᠮᠫᠢᠦ᠋ᠲ᠋ᠧᠷ ᠲᠦ ᠮᠡᠳᠡᠭᠳᠡᠭᠡᠳ᠂ ᠭᠠᠷᠭᠠᠭᠤᠷ ᠢᠢᠡᠷ
ᠳᠠᠮᠵᠢᠭᠤᠯᠵᠤ ᠺᠣᠮᠫᠢᠦ᠋ᠲ᠋ᠧᠷ ᠦᠨ ᠪᠣᠳᠤᠵᠤ ᠭᠠᠷᠭᠠᠭᠰᠠᠨ ᠦᠷ᠎ᠡ ᠳ᠋ᠦᠩ ᠢ
ᠮᠡᠳᠡᠵᠦ ᠠᠪᠳᠠᠭ᠃
ᠺᠣᠮᠫᠢᠦ᠋ᠲ᠋ᠧᠷ ᠢ ᠠᠪᠤᠷᠭᠤ ᠺᠣᠮᠫᠢᠦ᠋ᠲ᠋ᠧᠷ᠂ ᠲᠣᠮᠤ
ᠺᠣᠮᠫᠢᠦ᠋ᠲ᠋ᠧᠷ᠂ ᠳᠣᠮᠳᠠ ᠺᠣᠮᠫᠢᠦ᠋ᠲ᠋ᠧᠷ᠂ ᠵᠢᠵᠢᠭ᠌ ᠺᠣᠮᠫᠢᠦ᠋ᠲ᠋ᠧᠷ᠂ ᠪᠢᠴᠢᠯ
ᠺᠣᠮᠫᠢᠦ᠋ᠲ᠋ᠧᠷ ᠭᠡᠵᠦ ᠬᠣᠪᠢᠶᠠᠨ᠎ᠠ᠃ ᠣᠳᠣᠬᠠᠨ ᠳᠤ ᠪᠢᠴᠢᠯ ᠺᠣᠮᠫᠢᠦ᠋ᠲ᠋ᠧᠷ
ᠲᠥᠭᠡᠮᠡᠯᠵᠢᠵᠦ ᠪᠠᠢᠢᠨ᠎ᠠ᠃ ᠳᠡᠯᠡᠬᠡᠢ ᠢᠢᠨ ᠤᠯᠤᠰ ᠣᠷᠣᠨ ᠥᠪᠡᠷ ᠥᠪᠡᠷ ᠦᠨ
ᠬᠡᠷᠡᠭᠴᠡᠭᠡ ᠪᠡᠷ ᠠᠲᠠᠯᠢ ᠪᠣᠰᠤ ᠲᠡᠮᠳᠡᠭ ᠲᠠᠢ᠂ ᠠᠲᠠᠯᠢ ᠪᠣᠰᠤ ᠭᠡᠯᠪᠡᠷᠢ ᠲᠠᠢ
ᠪᠢᠴᠢᠯ ᠺᠣᠮᠫᠢᠦ᠋ᠲ᠋ᠧᠷ ᠦᠳ ᠢ ᠦᠢᠯᠡᠳᠦᠭᠰᠡᠨ ᠶᠣᠮ᠃
ᠺᠣᠮᠫᠢᠦ᠋ᠲ᠋ᠧᠷ ᠦᠨ ᠲᠣᠭ᠎ᠠ ᠪᠣᠳᠤᠬᠤ ᠬᠤᠷᠳᠤᠴᠠ ᠨᠢ ᠲᠥᠷᠭᠡᠨ
ᠪᠠᠢᠢᠳᠠᠭ᠃ ᠬᠡᠳᠦᠢ ᠪᠣᠳᠤᠯᠢᠶᠠᠨᠲᠠᠢ ᠠᠰᠠᠭᠤᠳᠠᠯ ᠪᠣᠯᠤᠭᠰᠠᠨ ᠴᠤ ᠵᠦᠪᠬᠡᠨ
ᠫᠷᠤᠭ᠍ᠷᠠᠮ ᠢᠢᠡᠨ ᠠᠩᠬᠠᠨ ᠤ ᠲᠣᠭ᠎ᠠ ᠪᠠᠷᠢᠮᠲᠠ ᠲᠠᠢ ᠪᠡᠨ ᠬᠠᠮᠲᠤ
ᠺᠣᠮᠫᠢᠦ᠋ᠲ᠋ᠧᠷ ᠲᠦ ᠮᠡᠳᠡᠭᠳᠡᠪᠡᠯ ᠲᠡᠷᠡ ᠨᠢ ᠬᠦᠮᠦᠨ ᠦ ᠬᠦᠴᠦ ᠪᠡᠷ
ᠨᠠᠢᠢᠷᠠᠭᠤᠯᠤᠨ ᠵᠣᠬᠢᠶᠠᠭᠰᠠᠨ ᠫᠷᠤᠭ᠍ᠷᠠᠮ ᠤᠨ ᠶᠣᠰᠤ ᠪᠡᠷ ᠲᠣᠭ᠎ᠠ
ᠪᠠᠷᠢᠮᠲᠠ ᠶᠢ ᠪᠣᠳᠤᠵᠤ᠂ ᠠᠰᠠᠭᠤᠳᠠᠯ ᠢ ᠠᠯᠬᠤᠮ ᠠᠯᠬᠤᠮ ᠢᠢᠡᠷ ᠰᠢᠢᠳᠪᠦᠷᠢᠯᠡᠵᠦ
ᠭᠠᠷᠭᠠᠳᠠᠭ᠃
ᠬᠡᠷᠪᠡ ᠬᠦᠮᠦᠰ ᠺᠣᠮᠫᠢᠦ᠋ᠲ᠋ᠧᠷ ᠲᠦ ᠶᠠᠮᠠᠷ ᠨᠢᠭᠡᠨ
ᠪᠠᠷᠢᠯᠭ᠎ᠠ ᠪᠣᠶᠥ ᠨᠠᠷᠢᠯᠢᠭ ᠮᠠᠰᠢᠨ ᠤ ᠵᠢᠷᠤᠭ ᠲᠥᠯᠥᠪᠯᠡᠭᠡ ᠢᠢᠨ
ᠫᠷᠤᠭ᠍ᠷᠠᠮ ᠢ ᠤᠭᠰᠠᠷᠠᠨ ᠲᠠᠭᠠᠷᠠᠭᠤᠯᠪᠠᠯ᠂ ᠺᠣᠮᠫᠢᠦ᠋ᠲ᠋ᠧᠷ ᠬᠦᠮᠦᠰ ᠦᠨ
ᠱᠠᠭᠠᠷᠳᠠᠯᠭ᠎ᠠ ᠶᠢ ᠦᠨᠳᠦᠰᠦᠯᠡᠨ ᠡᠯ᠎ᠡ ᠵᠦᠢᠯ ᠦᠨ ᠬᠩᠭᠠᠮᠵᠢᠲᠠᠢ ᠦᠯᠢᠭᠡᠷ
ᠵᠢᠷᠤᠭ ᠪᠠ ᠲᠣᠭ᠎ᠠ ᠪᠠᠷᠢᠮᠲᠠ ᠶᠢ ᠳᠠᠷᠤᠢ ᠲᠥᠷᠭᠡᠨ ᠳᠤᠷᠠᠳᠤᠨ ᠭᠠᠷᠭᠠᠭᠠᠳ
ᠬᠦᠮᠦᠰ ᠢᠢᠡᠷ ᠰᠤᠩᠭᠤᠯᠲᠠ ᠬᠢᠯᠭᠡᠳᠡᠭ᠃
ᠬᠡᠷᠪᠡ ᠪᠢᠳᠡ ᠠᠵᠤ ᠠᠬᠤᠢᠢᠯᠠᠯ ᠤᠨ ᠬᠠᠮᠢᠶᠠᠷᠤᠯᠲᠠ ᠢᠢᠨ
ᠫᠷᠤᠭ᠍ᠷᠠᠮ ᠢ ᠲᠠᠭᠠᠷᠠᠭᠤᠯᠪᠠᠯ᠂ ᠲᠡᠷᠡ ᠨᠢ ᠱᠠᠭᠠᠷᠳᠠᠯᠭ᠎ᠠ ᠶᠣᠰᠤ ᠪᠡᠷ
ᠦᠢᠯᠡᠳᠪᠦᠷᠢᠯᠡᠭᠦ ᠲᠥᠯᠥᠪᠯᠡᠭᠡ ᠶᠢ ᠨᠠᠢᠢᠷᠠᠭᠤᠯᠵᠤ ᠭᠠᠷᠭᠠᠬᠤ ᠪᠡᠷ ᠪᠠᠷᠠᠬᠤ
ᠦᠭᠡᠢ ᠪᠠᠰᠠ ᠦᠢᠯᠡᠳᠪᠦᠷᠢᠯᠡᠭᠦ ᠬᠦᠰᠦᠨᠦᠭᠲᠦ᠂ ᠬᠠᠮᠢᠶᠠᠷᠤᠯᠲᠠ ᠢᠢᠨ ᠰᠠᠩ ᠤᠨ
ᠬᠠᠳᠠᠭᠠᠯᠠᠮᠵᠢ ᠪᠠ ᠡᠳ᠋ ᠬᠥᠷᠥᠩᠭᠡ ᠵᠡᠷᠭᠡ ᠲᠠᠯ᠎ᠠ ᠪᠡᠷ ᠬᠢ ᠮᠠᠲ᠋ᠧᠷᠢᠶᠠᠯ
ᠪᠣᠯᠤᠨ ᠲᠣᠭ᠎ᠠ ᠪᠠᠷᠢᠮᠲᠠ ᠶᠢ ᠬᠠᠩᠭᠠᠨ ᠥᠭᠴᠦ ᠴᠢᠳᠠᠨ᠎ᠠ᠃
ᠬᠡᠷᠪᠡ ᠪᠢᠳᠡ ᠺᠣᠮᠫᠢᠦ᠋ᠲ᠋ᠧᠷ ᠲᠦ ᠰᠢᠲᠠᠷ᠎ᠠ ᠲᠠᠯᠪᠢᠬᠤ
ᠫᠷᠤᠭ᠍ᠷᠠᠮ ᠲᠠᠭᠠᠷᠠᠭᠤᠯᠪᠠᠯ᠂ ᠲᠡᠷᠡ ᠨᠢ ᠬᠦᠮᠦᠨ ᠲᠠᠢ ᠰᠢᠲᠠᠷ᠎ᠠ
ᠮᠦᠴᠡᠬᠡᠷᠭᠡᠵᠦ ᠴᠢᠳᠠᠨ᠎ᠠ᠃ ᠺᠣᠮᠫᠢᠦ᠋ᠲ᠋ᠧᠷ ᠮᠠᠰᠢ ᠣᠬᠤᠷ ᠬᠣᠭᠤᠴᠠᠭᠠᠨ
ᠳᠣᠲᠤᠷ᠎ᠠ ᠪᠣᠢ ᠪᠦᠬᠦᠢ ᠰᠢᠲᠠᠷ᠎ᠠ ᠶᠢᠨ ᠶᠠᠪᠤᠬᠤ ᠵᠠᠮ ᠢ ᠨᠢᠭᠡ ᠤᠳᠠᠭ᠎ᠠ
ᠪᠣᠳᠤᠨ ᠭᠠᠷᠭᠠᠵᠤ ᠬᠠᠮᠤᠭ ᠤᠨ ᠳᠣᠬᠢᠲᠠᠢ ᠶᠠᠪᠤᠬᠤ ᠵᠠᠮ ᠢ ᠰᠤᠩᠭᠤᠳᠠᠭ ᠪᠣᠯᠬᠤᠷ
ᠬᠥᠮᠦᠰ ᠵᠦᠩᠳᠡᠭᠡᠨ ᠢᠯᠠᠭᠳᠠᠴᠢᠬᠠᠳᠠᠭ ᠪᠢᠯᠡ᠃
ᠺᠣᠮᠫᠢᠦ᠋ᠲ᠋ᠧᠷ ᠬᠦᠮᠦᠰ ᠲᠦ ᠡᠯ᠎ᠡ ᠵᠦᠢᠯ ᠦᠨ ᠰᠢᠨᠵᠢᠯᠡᠭᠦ
ᠤᠬᠠᠭᠠᠨ ᠤ ᠲᠣᠭ᠎ᠠ ᠪᠠᠷᠢᠮᠲᠠ ᠶᠢ ᠣᠯᠭᠤᠨ᠂ ᠠᠯᠪᠠᠨ ᠭᠡᠷ ᠲᠤ ᠨᠠᠷᠢᠨ
ᠪᠢᠴᠢᠭᠡᠴᠢ ᠰᠢᠭ᠌ ᠬᠦᠮᠦᠨ ᠢ ᠬᠠᠪᠰᠤᠷᠤᠨ ᠮᠠᠲ᠋ᠧᠷᠢᠶᠠᠯ ᠡᠮᠬᠢᠳᠭᠡᠨ ᠪᠣᠲᠤᠯᠭ᠎ᠠ
ᠪᠣᠳᠤᠵᠤ ᠪᠠᠢᠢᠨ᠎ᠠ᠃ ᠺᠣᠮᠫᠢᠦ᠋ᠲ᠋ᠧᠷ ᠲᠦ ᠲᠥᠰᠢᠭ᠍ᠯᠡᠨ ᠰᠤᠷᠤᠭᠴᠢᠳ
ᠭᠡᠷ ᠡᠴᠡ ᠪᠡᠨ ᠬᠢᠴᠢᠶᠡᠯ ᠰᠣᠨᠤᠰᠴᠤ ᠰᠤᠷᠤᠯᠭ᠎ᠠ ᠶᠢᠨ ᠬᠢᠷᠢ ᠪᠦᠲᠦᠮᠵᠢ ᠪᠡᠨ
ᠰᠢᠯᠭᠠᠨ ᠪᠠᠢᠢᠴᠠᠭᠠᠵᠤ ᠪᠣᠯᠣᠨ᠎ᠠ᠃
ᠺᠣᠮᠫᠢᠦ᠋ᠲ᠋ᠧᠷ ᠲᠥᠷᠭᠡᠨ ᠪᠣᠳᠤᠵᠤ ᠣᠨᠤᠪᠴᠢᠲᠠᠢ ᠠᠵᠢᠯᠯᠠᠨ᠎ᠠ᠃
ᠲᠡᠷᠡ ᠨᠢ ᠬᠦᠮᠦᠨ ᠦ ᠬᠦᠴᠦ ᠶᠢ ᠠᠷᠪᠢᠯᠠᠨ᠂ ᠠᠵᠢᠯ ᠤᠨ ᠪᠦᠲᠦᠮᠵᠢ ᠶᠢ
ᠳᠡᠭᠡᠭᠰᠢᠯᠡᠭᠦᠯᠵᠦ᠂ ᠣᠳᠣᠬᠢᠴᠢᠯᠠᠭᠰᠠᠨ ᠠᠵᠤ ᠠᠮᠢᠳᠤᠷᠠᠯ ᠳᠤ ᠰᠢᠨ᠎ᠡ ᠬᠦᠷᠢᠶ᠎ᠡ
ᠬᠡᠪᠴᠢᠶ᠎ᠡ ᠣᠯᠭᠤᠨ ᠥᠭᠴᠡᠢ᠃
如果你的计算机不能正常表示上边的蒙古文字体样文的话,请下载字体安装到你的系统中。如果你用苹果公司的Mac OS X
请用AAT类型字体, 如果你是使用Windows 请用OpenType类型的字体。Windows
XP及以前的Windows操作系统不支持OpenType,因此不能正确显示蒙古文。如果你使用Linux或Unix类系统,必须安装支持OpenType的模块。