ᠮᠣᠩᠭᠤᠯ ᠪᠢᠴᠢᠭ |
ᠬᠢᠲᠠᠳ ᠠᠩᠭᠯᠢ ᠶᠠᠫᠤᠨ |
ᠨᠢᠭᠡ᠂ ᠮᠣᠩᠭᠤᠯ ᠪᠢᠴᠢᠭ᠎ᠦᠨ ᠺᠣᠮᠫᠢᠦ᠋ᠲᠧᠷᠴᠢᠯᠡᠯᠦᠨ ᠲᠤᠬᠠᠢ
ᠮᠣᠩᠭᠤᠯ ᠪᠢᠴᠢᠭ᠎ᠦᠨ ᠺᠣᠮᠫᠢᠦ᠋ᠲᠧᠷᠴᠢᠯᠡᠯᠦᠨ ᠰᠤᠳᠤᠯᠤᠯ᠎ᠢ ᠬᠣᠷᠢᠭᠠᠳ ᠵᠢᠯ᠎ᠦᠨ ᠡᠮᠦᠨ᠎ᠡ᠂ 1982-3 ᠣᠨ᠎ᠤ ᠦᠶ᠎ᠡ᠎ᠡᠴᠡ ᠡᠬᠢᠯᠡᠭᠰᠡᠨ ᠪᠠᠢᠨ᠎ᠠ᠃ ᠬᠠᠮᠤᠭ ᠠᠩᠬᠠᠨ᠎ᠤ ᠰᠤᠳᠤᠯᠤᠨ ᠭᠠᠷᠭᠠᠭᠰᠠᠨ ᠰᠢᠰᠲᠧᠮ ᠭᠡᠪᠡᠯ IBM-PC ᠳᠡᠭᠡᠷᠡᠬᠢ ᠮᠣᠩᠭᠤᠯ ᠪᠢᠴᠢᠭ᠎ᠢ ᠢᠯᠡᠷᠡᠭᠦᠯᠬᠦ«ᠮᠣᠩᠭᠤᠯ DOS»ᠰᠢᠰᠲᠧᠮ ᠪᠣᠯᠤᠨ ᠮᠣᠩᠭᠤᠯ ᠪᠢᠴᠢᠭ᠎ᠢᠶᠡᠷ ᠪᠢᠴᠢᠬᠦ ᠰᠣᠹᠲ WordStar ᠵᠡᠷᠭᠡ ᠪᠣᠯᠤᠨ᠎ᠠ᠃
ᠲᠡᠭᠦᠨ᠎ᠦ ᠳᠠᠷᠠᠭ᠎ᠠ᠂ ᠮᠣᠩᠭᠤᠯ ᠪᠢᠴᠢᠭ᠎ᠦᠨ«ᠬᠡᠪᠯᠡᠯ᠎ᠦᠨ ᠰᠢᠰᠲᠧᠮ» ᠭᠠᠷᠴᠤ ᠢᠷᠡᠪᠡ᠃ ᠮᠣᠩᠭᠤᠯ ᠪᠢᠴᠢᠭ᠎ᠦᠨ«ᠬᠡᠪᠯᠡᠯ᠎ᠦᠨ ᠰᠢᠰᠲᠧᠮ»᠊᠎ᠳᠦ«ᠰᠢᠩ ᠬᠠᠨ»᠂ «ᠹᠠᠩᠵᠧᠩ»᠂ «ᠬᠤᠸᠠ ᠭᠤᠸᠠᠩ» ᠵᠡᠷᠭᠡ ᠰᠢᠰᠲᠧᠮ ᠪᠠᠭᠲᠠᠭᠳᠠᠵᠤ ᠪᠠᠢᠨ᠎ᠠ᠃ ᠲᠡᠭᠦᠨ᠎ᠦ ᠳᠣᠲᠤᠷ᠎ᠠ᠂ «ᠹᠠᠩᠵᠧᠩ»᠂ «ᠬᠤᠸᠠ ᠭᠤᠸᠠᠩ» ᠬᠣᠶᠠᠷ ᠰᠢᠰᠲᠧᠮ᠎ᠨᠢ ᠤᠷᠲᠤ ᠬᠤᠭᠤᠴᠠᠭ᠎ᠠ ᠬᠡᠷᠡᠭᠯᠡᠭᠳᠡᠵᠦ᠂ «ᠹᠠᠩᠵᠧᠩ» ᠰᠢᠰᠲᠧᠮ᠎ᠨᠢ ᠬᠠᠮᠤᠭ ᠥᠷᠭᠡᠨ ᠬᠡᠪᠴᠢᠶ᠎ᠡ᠎ᠪᠡᠷ ᠬᠡᠷᠡᠭᠯᠡᠭᠳᠡᠵᠦ ᠪᠠᠢᠨ᠎ᠠ᠃ ᠬᠡᠪᠯᠡᠯ᠎ᠦᠨ ᠬᠣᠷᠢᠶ᠎ᠠ᠂ ᠰᠣᠨᠢᠨ ᠰᠡᠳᠭᠦᠯ᠂ ᠠᠯᠪᠠᠨ ᠪᠠᠢᠭᠤᠯᠤᠯᠭ᠎ᠠ᠎ᠶᠢᠨ ᠣᠯᠠᠩᠬᠢ᠎ᠨᠢ ᠪᠦᠷ«ᠹᠠᠩᠵᠧᠩ»ᠰᠢᠰᠲᠧᠮ᠎ᠢ ᠬᠡᠷᠡᠭᠯᠡᠵᠦ ᠪᠠᠢᠨ᠎ᠠ᠃
ᠨᠠᠶᠠᠭᠠᠳ ᠣᠨ᠎ᠤ ᠰᠡᠭᠦᠯᠴᠢ ᠪᠣᠯᠲᠠᠯ᠎ᠠ᠂ «ᠦᠰᠦᠭ ᠣᠷᠤᠭᠤᠯᠬᠤ ᠰᠣᠹᠲ»(WPS)᠂ «ᠲᠣᠭᠠᠨ᠎ᠤ ᠬᠥᠮᠦᠷᠭᠡ᠎ᠶᠢᠨ ᠰᠣᠹᠲ»᠂ «ᠮᠣᠩᠭᠤᠯ ᠡᠮᠨᠡᠯᠭᠡ᠎ᠶᠢᠨ ᠡᠪᠡᠳᠴᠢᠨ ᠲᠣᠳᠤᠯᠠᠬᠤ ᠰᠢᠰᠲᠧᠮ» ᠵᠡᠷᠭᠡ ᠣᠯᠠᠨ ᠵᠦᠢᠯ᠎ᠦᠨ ᠰᠢᠰᠲᠧᠮ᠎ᠢ ᠰᠤᠳᠤᠯᠤᠨ ᠪᠦᠲᠦᠭᠡᠵᠦ ᠬᠡᠷᠡᠭᠯᠡᠭᠡᠨ᠎ᠳᠦ ᠣᠷᠤᠭᠤᠯᠵᠠᠢ᠃
ᠶᠢᠷᠡᠭᠡᠳ ᠣᠨ ᠪᠣᠯᠵᠤ ᠢᠷᠡᠬᠦ᠎ᠳᠦ᠂ «ᠣᠯᠠᠨ ᠬᠡᠯᠡᠨ᠎ᠦ ᠬᠣᠯᠢᠯᠳᠤᠭᠰᠠᠨ MK-DOS ᠰᠢᠰᠲᠧᠮ»᠂ «ᠮᠣᠩᠭᠤᠯ ᠬᠡᠯᠡᠨ᠎ᠦ ᠵᠠᠭᠤᠨ ᠲᠦᠮᠡᠨ ᠦᠭᠡ ᠳᠠᠪᠲᠠᠮᠵᠢ᠎ᠶᠢᠨ ᠪᠦᠷᠢᠳᠭᠡᠯ»᠂ «ᠮᠣᠩᠭᠤᠯ ᠪᠢᠴᠢᠭ᠎ᠦᠨ ᠰᠣᠹᠲ ᠬᠢᠬᠦ ᠪᠠᠭᠠᠵᠢ»᠂ «ᠠᠯᠪᠠᠨ ᠪᠠᠢᠭᠤᠯᠤᠯᠭ᠎ᠠ᠎ᠶᠢᠨ ᠪᠢᠴᠢᠭ ᠮᠠᠲᠧᠷᠢᠶᠠᠯ ᠬᠠᠳᠠᠭᠠᠯᠠᠬᠤ ᠰᠢᠰᠲᠧᠮ»᠂ «ᠨᠣᠮ᠎ᠤᠨ ᠰᠠᠩ᠎ᠤᠨ ᠨᠣᠮ ᠪᠢᠴᠢᠭ᠎ᠦᠨ ᠲᠣᠭᠠᠨ᠎ᠤ ᠬᠥᠮᠦᠷᠭᠡ»᠂ «ᠮᠣᠩᠭᠤᠯ ᠬᠡᠯᠡᠨ᠎ᠦ ᠵᠠᠭᠤᠨ ᠲᠦᠮᠡᠨ ᠦᠭᠡ᠎ᠶᠢᠨ ᠬᠥᠮᠦᠷᠭᠡ» ᠵᠡᠷᠭᠡ ᠮᠣᠩᠭᠤᠯ ᠰᠢᠰᠲᠧᠮ ᠣᠯᠠᠨ ᠭᠠᠷᠴᠤ ᠢᠷᠡᠵᠡᠢ᠃
1995 ᠣᠨ᠎ᠳᠤ Windows 95 ᠭᠠᠷᠴᠤ ᠢᠷᠡᠭᠰᠡᠨ᠎ᠡᠴᠡ ᠬᠣᠢᠰᠢ᠂ ᠮᠣᠩᠭᠤᠯ ᠰᠢᠰᠲᠧᠮ ᠬᠢᠬᠦ ᠠᠷᠭ᠎ᠠ ᠨᠡᠯᠢᠶᠡᠳ ᠳᠥᠬᠦᠮ ᠪᠣᠯᠵᠤ᠂ ᠮᠣᠩᠭᠤᠯ ᠦᠰᠦᠭ᠎ᠦᠨ ᠲᠢᠭ ( True Type )ᠪᠣᠯᠤᠨ ᠮᠣᠩᠭᠤᠯ ᠪᠢᠴᠢᠭ ᠣᠷᠤᠭᠤᠯᠬᠤ ᠠᠷᠭ᠎ᠠ ᠬᠢᠪᠡᠯ Windows ᠳᠡᠭᠡᠷ᠎ᠡ ᠮᠣᠩᠭᠤᠯ ᠪᠢᠴᠢᠭ᠎ᠢ ᠭᠠᠷᠭᠠᠵᠤ ᠴᠢᠳᠠᠬᠤ ᠪᠣᠯᠵᠠᠢ᠃ ᠡᠨᠡ ᠠᠷᠭ᠎ᠠ᠎ᠪᠠᠷ ᠬᠢᠭᠰᠡᠨ ᠰᠢᠰᠲᠧᠮ ᠮᠠᠰᠢ ᠣᠯᠠᠨ ᠪᠠᠢᠨ᠎ᠠ᠃ «ᠹᠠᠩᠵᠧᠩ»᠂ «ᠮᠥᠩᠬᠡ ᠭᠠᠯ»᠂ «ᠰᠠᠢᠨ»᠂ «ᠮᠢᠩᠭᠠᠨᠲᠤ»᠂ «ᠵᠢᠷᠤᠮᠲᠤ»᠂ «ᠮᠣᠩᠭᠤᠯ ᠰᠣᠶᠤᠯ»᠂ «ᠬᠠᠰ»᠂ «ᠮᠣᠩᠭᠤᠯ᠎ᠤᠨ CM» ᠭᠡᠬᠦ ᠮᠡᠲᠦ᠎ᠶᠢᠨ ᠰᠢᠰᠲᠧᠮᠨᠤᠭᠦᠳ ᠨᠡᠢᠯᠡᠭᠡᠳ ᠭᠤᠴᠢ ᠳᠥᠴᠢᠨ ᠲᠥᠷᠦᠯ ᠪᠠᠢᠬ᠎ᠠ᠃
ᠬᠣᠶᠠᠷ᠂ ᠮᠣᠩᠭᠤᠯ ᠰᠢᠰᠲᠧᠮᠦᠳᠦᠨ ᠠᠰᠠᠭᠤᠳᠠᠯ
ᠣᠳᠣ ᠬᠡᠳᠦᠢᠪᠡᠷ ᠮᠣᠩᠭᠤᠯ ᠰᠢᠰᠲᠧᠮ ᠣᠯᠠᠨ ᠪᠠᠢᠬᠤ ᠪᠣᠯᠪᠠᠴᠤ᠂ ᠡᠯ᠎ᠡ ᠵᠦᠢᠯ᠎ᠦᠨ ᠰᠢᠰᠲᠧᠮ᠎ᠳᠦ ᠨᠢᠭᠡᠳᠦᠯᠲᠡᠢ ᠪᠠᠷᠢᠮᠵᠢᠶ᠎ᠠ ᠭᠡᠵᠦ᠎ᠦᠭᠡᠢ ᠪᠣᠯᠬᠣᠷ ᠳᠡᠭᠡᠷᠡᠬᠢ ᠣᠯᠠᠨ ᠰᠢᠰᠲᠧᠮ ᠪᠦᠷ ᠥᠪᠡᠷ ᠥᠪᠡᠷ᠎ᠦᠨ ᠣᠨᠴᠤᠭᠤᠢ ᠦᠰᠦᠭ᠎ᠦᠨ ᠺᠣᠳ᠋᠎ᠢ ᠬᠡᠷᠡᠭᠯᠡᠵᠦ᠂ ᠬᠣᠭᠤᠷᠤᠨᠳᠤ᠎ᠪᠠᠨ ᠨᠡᠪᠲᠡᠷᠡᠯᠴᠡᠵᠦ ᠴᠢᠳᠠᠬᠤ᠎ᠦᠭᠡᠢ ᠪᠥᠭᠡᠳ ᠣᠷᠤᠭᠤᠯᠤᠭᠰᠠᠨ ᠠᠭᠤᠯᠭ᠎ᠠ᠎ᠪᠠᠨ ᠬᠠᠷᠢᠯᠴᠠᠨ ᠰᠣᠯᠢᠯᠴᠠᠵᠤ ᠴᠢᠳᠠᠬᠤ᠎ᠦᠭᠡᠢ ᠪᠠᠢᠨ᠎ᠠ᠃ ᠡᠯ᠎ᠡ ᠰᠢᠰᠲᠧᠮ᠎ᠦᠨ ᠲᠧᠭᠨᠢᠭ᠎ᠦᠨ ᠮᠠᠲᠧᠷᠢᠶᠠᠯ᠎ᠨᠢ ᠭᠦᠢᠴᠡᠳ ᠦᠭᠡᠢ᠂ ᠠᠯᠢ ᠰᠢᠰᠲᠧᠮᠨᠢᠴᠦ ᠳᠡᠯᠭᠡᠷᠡᠭᠦᠯᠦᠨ ᠬᠡᠷᠡᠭᠯᠡᠭᠳᠡᠬᠦ ᠬᠡᠮᠵᠢᠶᠡᠨ᠎ᠳᠦ ᠬᠦᠷᠦᠭᠡ᠎ᠦᠭᠡᠢ᠂ ᠠᠯᠢ ᠰᠢᠰᠲᠧᠮᠨᠢᠴᠦ ᠳᠠᠪᠠᠭᠤᠯᠢᠭ ᠲᠠᠯ᠎ᠠ ᠪᠠ ᠳᠤᠲᠠᠭᠳᠠᠯ ᠲᠠᠢ᠂ ᠡᠯ᠎ᠡ ᠰᠢᠰᠲᠧᠮ᠎ᠨᠢ ᠬᠠᠷᠢᠯᠴᠠᠨ ᠨᠥᠬᠦᠪᠦᠷᠢᠯᠡᠵᠦ ᠴᠢᠳᠠᠬᠤ᠎ᠦᠭᠡᠢ᠃ ᠲᠤᠰᠭᠠᠢᠯᠠᠭᠰᠠᠨ ᠪᠠᠷᠢᠮᠵᠢᠶᠠᠲᠤ ᠰᠢᠰᠲᠧᠮ᠎ᠦᠭᠡᠢ ᠡᠢᠮᠦᠷᠬᠦ ᠪᠠᠢᠳᠠᠯ ᠣᠳᠣ ᠪᠣᠯᠲᠠᠯ᠎ᠠ ᠦᠷᠭᠦᠯᠵᠢᠯᠡᠭᠰᠡᠭᠡᠷ ᠢᠷᠡᠯ᠎ᠡ᠃
ᠨᠡᠩ ᠢᠯᠠᠩᠭᠤᠶ᠎ᠠ᠂ 2000 ᠣᠨ ᠪᠣᠯᠵᠤ ᠢᠷᠡᠭᠡᠳ ᠲᠣᠣᠷ ᠰᠦᠯᠵᠢᠶ᠎ᠡ ᠦᠳᠲᠡᠷ ᠲᠦᠷᠭᠡᠨ ᠬᠥᠭᠵᠢᠵᠦ᠂ ᠬᠥᠮᠦᠰ ᠬᠣᠭᠤᠷᠤᠨᠳᠤ᠎ᠪᠠᠨ ᠰᠦᠯᠵᠢᠶᠡᠨ ᠳᠡᠭᠡᠷ᠎ᠡ ᠬᠠᠷᠢᠴᠠᠭ᠎ᠠ ᠬᠣᠯᠪᠤᠭ᠎ᠠ ᠠᠪᠬᠤ ᠰᠢᠨ᠎ᠡ ᠡᠷᠡᠨ᠎ᠳᠦ ᠳᠠᠪᠰᠢᠨ ᠣᠷᠤᠪᠠ᠃ ᠺᠣᠮᠫᠢᠦ᠋ᠲᠧᠷ᠎ᠢᠶᠡᠷ ᠢᠮᠧᠯ ᠬᠦᠷᠭᠡᠬᠦ᠂ ᠲᠣᠣᠷ ᠰᠦᠯᠵᠢᠶᠡᠨ᠎ᠡᠴᠡ ᠡᠯ᠎ᠡ ᠵᠦᠢᠯ᠎ᠦᠨ ᠴᠢᠮᠡᠭᠡ ᠰᠤᠷᠠᠭ ᠡᠷᠢᠬᠦ᠂ ᠰᠦᠯᠵᠢᠶ᠎ᠡ᠎ᠪᠡᠷ ᠳᠠᠮᠵᠢᠨ ᠴᠢᠯᠦᠭᠡᠲᠡᠢ ᠶᠠᠷᠢᠯᠴᠠᠬᠤ᠂ ᠪᠣᠯᠵᠤᠭ᠎ᠠ ᠵᠠᠬᠢᠶ᠎ᠠ ᠶᠠᠪᠤᠭᠤᠯᠬᠤ ᠵᠡᠷᠭᠡ᠎ᠨᠢ ᠨᠡᠢᠭᠡᠮ ᠨᠡᠢᠲᠡ᠎ᠳᠦ ᠥᠷᠭᠡᠨ ᠬᠡᠪᠴᠢᠶ᠎ᠡ᠎ᠪᠡᠷ ᠬᠡᠷᠡᠭᠯᠡᠭᠳᠡᠵᠦ ᠪᠠᠢᠭ᠎ᠠ ᠡᠢᠮᠦᠷᠬᠦ ᠺᠣᠮᠫᠢᠦ᠋ᠲᠧᠷ᠎ᠦᠨ ᠴᠠᠭ ᠦᠶ᠎ᠡ᠎ᠳᠦ᠂ ᠮᠣᠩᠭᠤᠯ ᠬᠡᠯᠡ᠎ᠪᠡᠷ᠎ᠢᠶᠡᠨ ᠬᠠᠷᠢᠯᠴᠠᠶ᠎ᠠ᠂ ᠮᠣᠩᠭᠤᠯ᠎ᠢᠶᠠᠷ ᠢᠮᠧᠯ ᠶᠠᠪᠤᠭᠤᠯᠤᠶ᠎ᠠ᠂ ᠮᠣᠩᠭᠤᠯ᠎ᠢᠶᠠᠷ ᠰᠦᠯᠵᠢᠶᠡᠨ᠎ᠡᠴᠡ ᠡᠷᠢᠶ᠎ᠡ ᠭᠡᠳᠡᠭ ᠮᠠᠨ᠎ᠤ ᠮᠣᠩᠭᠤᠯᠴᠤᠳ᠎ᠤᠨ ᠬᠦᠰᠡᠯ᠎ᠨᠢ 2010 ᠣᠨ ᠪᠣᠯᠲᠠᠯ᠎ᠠ ᠬᠣᠭᠤᠰᠤᠨ ᠬᠡᠪ᠎ᠢᠶᠡᠷ᠎ᠢᠶᠡᠨ ᠪᠠᠢᠪᠠ᠃ ᠡᠭᠦᠨ᠎ᠦ ᠦᠨᠳᠦᠰᠦᠨ ᠰᠢᠯᠲᠠᠭᠠᠨ᠎ᠨᠢ ᠭᠡᠪᠡᠯ ᠮᠣᠩᠭᠤᠯ ᠪᠢᠴᠢᠭ᠎ᠦᠨ ᠪᠠᠷᠢᠮᠵᠢᠶᠠᠨ᠎ᠤ ᠠᠰᠠᠭᠤᠳᠠᠯ ᠪᠣᠯᠤᠨ᠎ᠠ᠃ ᠨᠢᠭᠡᠯᠡ ᠦᠭᠡ᠎ᠪᠡᠷ ᠬᠡᠯᠡᠪᠡᠯ᠂ «ᠪᠠᠷᠢᠮᠵᠢᠶ᠎ᠠ᠎ᠦᠭᠡᠢ ᠪᠣᠯ ᠮᠣᠩᠭᠤᠯ ᠪᠢᠴᠢᠭ᠎ᠦᠨ ᠰᠢᠰᠲᠧᠮ᠎ᠦᠨ ᠠᠰᠠᠭᠤᠳᠠᠯ᠎ᠢ ᠦᠨᠳᠦᠰᠦᠨ᠎ᠡᠴᠡ᠎ᠨᠢ ᠰᠢᠢᠳᠪᠦᠷᠢᠯᠡᠵᠦ ᠴᠢᠳᠠᠬᠤ᠎ᠦᠭᠡᠢ᠃ »
ᠭᠤᠷᠪᠠ᠂ ᠮᠣᠩᠭᠤᠯ ᠦᠰᠦᠭ᠎ᠦᠨ ᠪᠠᠷᠢᠮᠵᠢᠶ᠎ᠠ
ᠮᠣᠩᠭᠤᠯ ᠦᠰᠦᠭ᠎ᠦᠨ ᠪᠠᠷᠢᠮᠵᠢᠶ᠎ᠠ᠎ᠶᠢ ᠬᠡᠯᠡᠪᠡᠯ᠂ 1987 ᠣᠨ᠎ᠳᠤ ᠮᠠᠨ᠎ᠤ ᠤᠯᠤᠰ᠎ᠤᠨ ᠪᠠᠷᠢᠮᠵᠢᠶ᠎ᠠ-8045 ᠭᠡᠵᠦ ᠪᠠᠢᠵᠠᠢ᠃ ᠭᠡᠪᠡᠴᠦ ᠡᠯ᠎ᠡ ᠵᠦᠢᠯ᠎ᠦᠨ ᠰᠢᠯᠲᠠᠭᠠᠨ᠎ᠠᠴᠠ ᠪᠣᠯᠵᠤ ᠳᠡᠯᠭᠡᠷᠡᠩᠭᠦᠢ ᠬᠡᠷᠡᠭᠯᠡᠭᠳᠡᠭᠰᠡᠨ᠎ᠦᠭᠡᠢ᠃
ᠮᠣᠩᠭᠤᠯ ᠦᠰᠦᠭ᠎ᠦᠨ ᠣᠯᠠᠨ ᠤᠯᠤᠰ᠎ᠤᠨ ᠪᠠᠷᠢᠮᠵᠢᠶ᠎ᠠ ᠲᠣᠭᠲᠠᠭᠠᠬᠤ ᠠᠵᠢᠯ - ᠮᠣᠩᠭᠤᠯ ᠦᠰᠦᠭ᠎ᠢ ᠣᠯᠠᠨ ᠤᠯᠤᠰ᠎ᠤᠨ ᠪᠠᠷᠢᠮᠵᠢᠶ᠎ᠠ ISO 10646 (Unicode) ᠳᠤ ᠣᠷᠤᠭᠤᠯᠬᠤ ᠰᠤᠳᠤᠯᠭᠠᠨ᠎ᠤ ᠠᠵᠢᠯ 1993 ᠣᠨ᠎ᠠᠴᠠ ᠡᠬᠢᠯᠡᠭᠰᠡᠨᠶᠦᠮ᠃ ᠡᠨᠡᠬᠦ ᠰᠤᠳᠤᠯᠭᠠᠨ᠎ᠤ ᠠᠵᠢᠯ᠎ᠳᠤ ᠥᠪᠦᠷ ᠮᠣᠩᠭᠤᠯ᠂ ᠪᠡᠭᠡᠵᠢᠩ᠂ ᠰᠢᠨᠵᠢᠶᠠᠩ᠂ ᠮᠣᠩᠭᠤᠯ ᠤᠯᠤᠰ᠂ ᠭᠧᠷᠮᠠᠨ ᠵᠡᠷᠭᠡ ᠤᠯᠤᠰ ᠣᠷᠤᠨ᠎ᠤ ᠡᠷᠳᠡᠮᠲᠡᠳ ᠪᠠ ᠪᠠᠷᠢᠮᠵᠢᠶ᠎ᠠ ᠬᠡᠷᠡᠭᠯᠡᠯ᠎ᠦᠨ ᠶᠠᠮᠤᠨ᠎ᠤ ᠮᠡᠷᠭᠡᠵᠢᠯᠲᠡᠳ ᠣᠷᠤᠯᠴᠠᠭᠰᠠᠨ ᠪᠠᠢᠨ᠎ᠠ᠃ ᠪᠢ ᠪᠠᠰᠠ 1998 ᠣᠨ᠎ᠳᠤ ᠶᠠᠫᠤᠨ᠎ᠳᠤ ᠢᠷᠡᠬᠦ ᠪᠣᠯᠲᠠᠯ᠎ᠠ ᠲᠤᠰ ᠰᠤᠳᠤᠯᠭᠠᠨ᠎ᠳᠤ ᠣᠷᠤᠯᠴᠠᠵᠤ ᠪᠠᠢᠵᠠᠢ᠃
ᠮᠣᠩᠭᠤᠯ ᠦᠰᠦᠭ᠎ᠦᠨ ᠣᠯᠠᠨ ᠤᠯᠤᠰ᠎ᠤᠨ ᠪᠠᠷᠢᠮᠵᠢᠶ᠎ᠠ 1999 ᠣᠨ᠎ᠳᠤ ISO᠎ᠳᠤ ᠦᠨᠡᠯᠡᠭᠳᠡᠵᠦ᠂ Unicode 3.0᠎ᠳᠤ ᠲᠡᠮᠳᠡᠭᠯᠡᠭᠳᠡᠵᠡᠢ᠃ ᠡᠨᠡᠬᠦ ᠪᠠᠷᠢᠮᠵᠢᠶ᠎ᠠ᠎ᠨᠢ ᠬᠡᠳᠦᠨ ᠤᠯᠤᠰ ᠣᠷᠤᠨ᠎ᠤ ᠡᠷᠳᠡᠮᠲᠡᠳ᠎ᠦᠨ ᠵᠢᠷᠭᠤᠭ᠎ᠠ ᠳᠣᠯᠤᠭᠠᠨ ᠵᠢᠯ᠎ᠦᠨ ᠴᠢᠷᠮᠠᠢᠯᠭ᠎ᠠ᠎ᠶᠢᠨ ᠦᠷ᠎ᠡ ᠳ᠋ᠦᠩ ᠪᠢᠯᠡ᠃
ᠭᠡᠪᠡᠴᠦ᠂ ᠲᠤᠬᠠᠢ᠎ᠶᠢᠨ ᠦᠶ᠎ᠡ᠎ᠶᠢᠨ ᠮᠣᠩᠭᠤᠯ ᠦᠰᠦᠭ᠎ᠦᠨ ᠣᠯᠠᠨ ᠤᠯᠤᠰ᠎ᠤᠨ ᠪᠠᠷᠢᠮᠵᠢᠶ᠎ᠠ᠎ᠨᠢ ᠵᠥᠪᠬᠡᠨ ᠮᠣᠩᠭᠤᠯ᠂ ᠲᠣᠳᠤ᠂ ᠮᠠᠨᠵᠤ᠂ ᠰᠢᠪᠡᠭᠡ᠂ ᠠᠯᠢ ᠭᠠᠯ᠎ᠢ ᠦᠰᠦᠭ᠎ᠦᠨ ᠤᠭ ᠳᠦᠷᠰᠦᠳᠦᠯᠡ ᠺᠣᠳ᠋ ᠥᠭᠴᠦ᠂ ᠮᠣᠩᠭᠤᠯ ᠦᠰᠦᠭ᠎ᠦᠨ ᠬᠤᠪᠢᠷᠠᠯ ᠦᠰᠦᠭᠲᠦ ᠺᠣᠳ᠋ ᠥᠭᠭᠦᠭᠰᠡᠨ᠎ᠦᠭᠡᠢ ᠪᠠᠢᠵᠠᠢ᠃ ᠡᠭᠦᠨ᠎ᠡᠴᠡ ᠪᠣᠯᠤᠭᠠᠳ᠂ ᠮᠣᠩᠭᠤᠯ ᠦᠰᠦᠭ᠎ᠦᠨ ᠣᠯᠠᠨ ᠤᠯᠤᠰ᠎ᠤᠨ ᠪᠠᠷᠢᠮᠵᠢᠶᠠᠨ᠎ᠤ ᠰᠢᠰᠲᠧᠮ ᠬᠢᠬᠦ ᠠᠷᠭ᠎ᠠ᠎ᠨᠢ ᠲᠤᠩ ᠬᠦᠴᠢᠷ ᠶᠠᠪᠤᠳᠠᠯ ᠪᠣᠯᠵᠠᠢ᠃ ᠲᠤᠬᠠᠢ᠎ᠶᠢᠨ ᠦᠶ᠎ᠡ᠎ᠳᠦ᠂ ᠮᠠᠨ᠎ᠤ ᠮᠣᠩᠭᠤᠯ ᠦᠰᠦᠭ᠎ᠦᠨ ᠪᠠᠷᠢᠮᠵᠢᠶ᠎ᠠ᠎ᠶᠢ ᠰᠢᠰᠲᠧᠮᠴᠢᠯᠡᠬᠦ ᠠᠷᠭᠠᠨᠢᠴᠤ ᠪᠠᠢᠭ᠎ᠠ᠎ᠦᠭᠡᠢ ᠪᠠᠢᠵᠤ᠂ OS ᠬᠢᠳᠡᠭ ᠡᠯ᠎ᠡ ᠲᠣᠮᠤ ᠺᠣᠮᠫᠠᠨᠢᠴᠤ ᠰᠤᠳᠤᠯᠭᠠᠨ᠎ᠤ ᠬᠤᠭᠤᠴᠠᠭᠠᠨ ᠳᠠᠭᠠᠨ ᠪᠠᠢᠭᠰᠠᠨ ᠪᠣᠯᠬᠣᠷ᠂ ᠣᠯᠠᠨ ᠤᠯᠤᠰ᠎ᠤᠨ ᠪᠠᠷᠢᠮᠵᠢᠶ᠎ᠠ᠎ᠨᠢ ᠬᠡᠳᠦᠢᠪᠡᠷ ᠲᠣᠭᠲᠠᠭᠠᠭᠳᠠᠭᠰᠠᠨ ᠪᠣᠯᠪᠠᠴᠤ᠂ ᠣᠯᠠᠨ᠎ᠤ ᠬᠡᠷᠡᠭᠯᠡᠵᠦ ᠪᠠᠢᠭᠰᠠᠨ ᠰᠢᠰᠲᠧᠮ᠎ᠨᠢ ᠪᠦᠷ ᠪᠠᠷᠢᠮᠵᠢᠶ᠎ᠠ ᠪᠤᠰᠤ ᠰᠢᠰᠲᠧᠮ ᠪᠠᠢᠵᠠᠢ᠃
2007᠎ᠤᠨ᠎ᠳᠤ ᠮᠣᠩᠭᠤᠯ ᠦᠰᠦᠭ᠎ᠦᠨ ᠪᠠᠷᠢᠮᠵᠢᠶ᠎ᠠ᠎ᠶᠢ Windows Vista ᠭᠡᠳᠡᠭ ᠰᠢᠰᠲᠧᠮ᠎ᠳᠦ ᠳᠠᠬᠢᠨ ᠡᠬᠢᠯᠡᠵᠦ ᠬᠢᠭᠰᠡᠨ ᠪᠠᠢᠨ᠎ᠠ᠃ ᠬᠠᠷᠠᠮᠰᠠᠯᠲᠠᠢ ᠨᠢ᠂ Windows Vista ᠭᠡᠳᠡᠭ ᠰᠢᠰᠲᠧᠮ᠎ᠨᠢ ᠳᠤᠲᠠᠭᠳᠠᠯ᠎ᠲᠠᠢ ᠲᠠᠯ᠎ᠠ ᠣᠯᠠᠨ ᠪᠣᠯᠬᠣᠷ ᠣᠯᠠᠩᠬᠢ ᠬᠥᠮᠦᠰ ᠬᠡᠷᠡᠭᠯᠡᠬᠦ᠎ᠪᠡᠨ ᠵᠣᠭᠰᠤᠵᠤ᠂ ᠤᠭ᠎ᠤᠨ ᠬᠡᠷᠡᠭᠯᠡᠵᠦ ᠪᠠᠢᠭᠰᠠᠨ Windows XP᠎ᠪᠠᠨ ᠬᠡᠷᠡᠭᠯᠡᠬᠦ ᠦᠵᠡᠭᠳᠡᠯ ᠴᠥᠭᠡᠨ ᠪᠤᠰᠤ ᠪᠠᠢᠵᠠᠢ᠃ ᠡᠢᠮᠦ ᠤᠴᠢᠷ᠎ᠠᠴᠠ ᠪᠠᠷᠢᠮᠵᠢᠶᠠᠲᠤ ᠮᠣᠩᠭᠤᠯ ᠪᠢᠴᠢᠭ᠎ᠦᠨ ᠰᠢᠰᠲᠧᠮ᠎ᠦᠨ ᠵᠢᠩᠬᠢᠨᠢ᠎ᠪᠡᠷ ᠬᠡᠷᠡᠭᠯᠡᠭᠡᠨ᠎ᠳᠦ ᠣᠷᠤᠵᠤ ᠴᠢᠳᠠᠭᠰᠠᠨ᠎ᠨᠢ 2010 ᠣᠨ᠎ᠳᠤ Windows 7 ᠭᠠᠷᠴᠤ ᠢᠷᠡᠭᠰᠡᠨ᠎ᠡᠴᠡ ᠬᠣᠢᠰᠢᠬᠢ ᠶᠠᠪᠤᠳᠠᠯ ᠪᠣᠯᠤᠨ᠎ᠠ᠃ ᠥᠭᠡᠷ᠎ᠡ᠎ᠪᠡᠷ ᠬᠡᠯᠡᠪᠡᠯ᠂ ᠮᠣᠩᠭᠤᠯ ᠦᠰᠦᠭ᠎ᠦᠨ ᠪᠠᠷᠢᠮᠵᠢᠶ᠎ᠠ᠎ᠶᠢ ᠰᠤᠳᠤᠯᠤᠨ ᠬᠢᠬᠦ᠎ᠡᠴᠡ ᠬᠡᠷᠡᠭᠯᠡᠭᠡᠨ᠎ᠳᠦ ᠣᠷᠤᠲᠠᠯ᠎ᠠ 10 ᠬᠡᠳᠦᠨ ᠵᠢᠯ᠎ᠦᠨ ᠨᠢᠭᠤᠷ᠎ᠢ ᠦᠵᠡᠵᠡᠢ᠃
ᠪᠢᠳᠡ 2011 ᠣᠨ᠎ᠠᠴᠠ ᠴᠢᠯᠦᠭᠡᠴᠠᠭᠢᠶᠡᠷᠢᠶᠡᠨ ᠣᠯᠠᠨ ᠤᠯᠤᠰ᠎ᠤᠨ ᠪᠠᠷᠢᠮᠵᠢᠶᠠᠲᠤ ᠮᠣᠩᠭᠤᠯ ᠰᠢᠰᠲᠧᠮ ᠬᠢᠵᠦ ᠡᠬᠢᠯᠡᠵᠡᠢ᠃ ᠪᠢᠳᠡ ᠭᠠᠭᠴᠠᠬᠠᠨ Windows ᠳᠡᠭᠡᠷ᠎ᠡ ᠪᠢᠰᠢ᠂ ᠤᠯᠠᠨ ᠵᠦᠢᠯ᠎ᠦᠨ ᠮᠠᠰᠢᠨ ᠳᠡᠭᠡᠷ᠎ᠡ ᠪᠦᠷ ᠬᠢᠵᠦ ᠪᠠᠢᠨ᠎ᠠ᠃
ᠬᠠᠮᠤᠭ᠎ᠤᠨ ᠡᠬᠢᠨ᠎ᠳᠡᠭᠡᠨ Mac OS X ᠪᠠ iOS (iPad. iPhone. iPod Touch) ᠳᠡᠭᠡᠷ᠎ᠡ ᠬᠢᠵᠡᠢ᠃ ᠲᠡᠭᠦᠨ᠎ᠦ ᠳᠠᠷᠠᠭ᠎ᠠ᠎ᠪᠠᠷ᠎ᠨᠢ Android ᠳᠡᠭᠡᠷ᠎ᠡ ᠴᠦ ᠬᠢᠵᠦ ᠪᠠᠢᠨ᠎ᠠ᠃ ᠡᠭᠦᠨ᠎ᠡᠴᠡ ᠬᠣᠢᠰᠢ᠂ ᠨᠡᠩ ᠣᠯᠠᠨ ᠵᠦᠢᠯ᠎ᠦᠨ ᠮᠠᠰᠢᠨ ᠳᠡᠭᠡᠷ᠎ᠡ᠂ ᠡᠯ᠎ᠡ ᠵᠦᠢᠯ᠎ᠦᠨ ᠰᠣᠹᠲ ᠬᠢᠬᠦ᠎ᠪᠡᠷ ᠴᠢᠷᠮᠠᠢᠵᠤ ᠪᠠᠢᠨ᠎ᠠ᠃
ᠮᠣᠩᠭᠤᠯ ᠦᠰᠦᠭ᠎ᠦᠨ ᠪᠠᠷᠢᠮᠵᠢᠶ᠎ᠠ᠎ᠶᠢ ᠬᠢᠬᠦ ᠠᠷᠭ᠎ᠠ ᠣᠳᠣᠬᠠᠨ᠎ᠳᠠᠭᠠᠨ ᠬᠣᠶᠠᠷ ᠵᠦᠢᠯ ᠪᠠᠢᠨ᠎ᠠ᠃
ᠨᠢᠭᠡ᠎ᠨᠢ᠂ ᠦᠰᠦᠭ᠎ᠦᠨ ᠲᠢᠭ᠎ᠦᠨ ᠠᠷᠭ᠎ᠠ ᠪᠣᠯᠤᠨ᠎ᠠ᠃ ᠦᠰᠦᠭ᠎ᠦᠨ ᠲᠢᠭ᠎ᠦᠨ ᠠᠷᠭ᠎ᠠ᠎ᠨᠢ ᠬᠠᠮᠤᠭ᠎ᠤᠨ ᠦᠨᠳᠦᠰᠦᠨ ᠠᠷᠭ᠎ᠠ ᠪᠣᠯᠤᠨ᠎ᠠ᠃ Windows ᠪᠣᠯ OpenType ᠲᠢᠭ᠎ᠦᠨ ᠠᠷᠭ᠎ᠠ᠎ᠪᠠᠷ ᠮᠣᠩᠭᠤᠯ ᠰᠢᠰᠲᠧᠮ ᠬᠢᠵᠦ ᠪᠠᠢᠨ᠎ᠠ᠃ Mac OS X ᠪᠠ iOS ᠪᠣᠯ AAT ᠲᠢᠭ᠎ᠦᠨ ᠠᠷᠭᠠᠶᠢᠯᠠ ᠬᠡᠷᠡᠭᠯᠡᠨ᠎ᠡ᠃ ᠭᠡᠪᠡᠴᠦ ᠨᠢᠳᠤᠨᠤᠨ ᠪᠢᠳᠡ AAT ᠮᠣᠩᠭᠤᠯ ᠦᠰᠦᠭ᠎ᠦᠨ ᠲᠢᠭ᠎ᠢ ᠬᠢᠬᠦ᠎ᠡᠴᠡ ᠡᠮᠦᠨ᠎ᠡ᠂ MAC ᠪᠠ iOS ᠳᠡᠭᠡᠷ᠎ᠡ ᠬᠡᠨ᠎ᠴᠦ ᠣᠯᠠᠨ ᠤᠯᠤᠰ᠎ᠤᠨ ᠪᠠᠷᠢᠮᠵᠢᠶᠠᠲᠤ ᠮᠣᠩᠭᠤᠯ ᠰᠢᠰᠲᠧᠮ ᠬᠢᠭᠡ ᠦᠭᠡᠢ ᠪᠠᠢᠵᠠᠢ᠃
ᠬᠣᠶᠠᠷ᠎ᠨᠢ᠂ ᠲᠤᠰᠭᠠᠢ ᠰᠣᠹᠲ᠎ᠤᠨ ᠥᠪᠡᠷᠲᠡᠭᠡᠨ ᠰᠢᠢᠳᠪᠦᠷᠢᠯᠡᠬᠦ ᠠᠷᠭ᠎ᠠ ᠪᠣᠯᠤᠨ᠎ᠠ᠃ ᠡᠨᠡ ᠠᠷᠭ᠎ᠠ᠎ᠪᠠᠷ ᠬᠢᠬᠦ᠎ᠳᠡᠭᠡᠨ᠂ ᠵᠠᠪᠠᠯ ᠲᠤᠰᠭᠠᠢ ᠳᠦᠷᠰᠦ ᠬᠤᠪᠢᠯᠭᠠᠬᠤ ᠬᠡᠰᠡᠭ ᠪᠠ ᠮᠣᠩᠭᠤᠯ ᠦᠰᠦᠭ᠎ᠦᠨ ᠬᠤᠪᠢᠯᠪᠤᠷᠢ ᠳᠦᠷᠰᠦ᠎ᠶᠢ ᠦᠰᠦᠭ᠎ᠦᠨ ᠲᠢᠭ᠎ᠦᠨ ᠬᠤᠪᠢ᠎ᠶᠢᠨ ᠬᠡᠷᠡᠭᠯᠡᠯ᠎ᠦᠨ ᠪᠦᠯᠦᠭ (Private Usage Area)᠎ᠲᠦ ᠪᠠᠢᠷᠢᠰᠢᠭᠤᠯᠬᠤ ᠬᠡᠷᠡᠭᠲᠡᠢ᠃ ᠮᠠᠨ᠎ᠤ ᠬᠢᠭᠰᠡᠨ ᠮᠣᠩᠭᠤᠯ ᠪᠢᠴᠢᠭᠯᠡᠭᠦᠷ (MongolPad) ᠪᠣᠯ ᠡᠨᠡ ᠠᠷᠭ᠎ᠠ᠎ᠪᠠᠷ ᠬᠢᠵᠡᠢ᠃
ᠳᠥᠷᠪᠡ᠂ ᠡᠯ᠎ᠡ ᠵᠦᠢᠯ᠎ᠦᠨ ᠮᠠᠰᠢᠨ ᠳᠡᠭᠡᠷᠡᠬᠢ ᠪᠠᠷᠢᠮᠵᠢᠶᠠᠲᠤ ᠮᠣᠩᠭᠤᠯ ᠪᠢᠴᠢᠭ
ᠣᠷᠴᠢᠮ᠎ᠤᠨ ᠵᠢᠯ᠎ᠦᠳ᠎ᠲᠦ ᠥᠷᠭᠡᠨ᠎ᠢᠶᠡᠷ ᠬᠡᠷᠡᠭᠯᠡᠭᠳᠡᠵᠦ ᠪᠠᠢᠭ᠎ᠠ ᠰᠢᠰᠲᠧᠮ ᠭᠡᠪᠡᠯ᠂ Microsoft Windows᠂ Apple Mac OS X᠂ Linux / Unix ᠵᠡᠷᠭᠡ ᠭᠤᠷᠪᠠᠨ ᠵᠦᠢᠯ ᠪᠣᠯᠤᠨ᠎ᠠ᠃ ᠣᠳᠣ᠎ᠶᠢᠨ ᠰᠢᠨ᠎ᠡ ᠭᠠᠷᠴᠤ ᠪᠠᠢᠭ᠎ᠠ Mobile ᠰᠢᠰᠲᠧᠮ ᠭᠡᠪᠡᠯ ᠪᠠᠰᠠ ᠭᠤᠷᠪᠠᠨ ᠵᠦᠢᠯ ᠪᠠᠢᠨ᠎ᠠ᠃ ᠲᠡᠳᠡᠭᠡᠷ᠎ᠨᠢ Apple iOS (iPad, iPhone, iPod Touch)᠂ Android OS᠂ Microsoft Windows Phone ᠪᠣᠯᠤᠨ᠎ᠠ᠃ ᠡᠳᠡᠭᠡᠷ ᠰᠢᠰᠲᠧᠮ᠎ᠡᠴᠡ ᠪᠤᠰᠤᠳ ᠰᠢᠰᠲᠧᠮ᠎ᠨᠢ ᠪᠦᠷ ᠤᠯᠠᠮ᠎ᠠᠴᠠ ᠤᠯᠠᠮ ᠴᠥᠭᠡᠨ ᠬᠡᠷᠡᠭᠯᠡᠭᠳᠡᠵᠦ ᠪᠠᠢᠨ᠎ᠠ᠃ ᠳᠡᠭᠡᠷ᠎ᠡ ᠳᠤᠷᠠᠳᠤᠭᠳᠠᠭᠰᠠᠨ ᠡᠯ᠎ᠡ ᠰᠢᠰᠲᠧᠮ ᠳᠡᠭᠡᠷ᠎ᠡ ᠣᠯᠠᠨ ᠤᠯᠤᠰ᠎ᠤᠨ ᠪᠠᠷᠢᠮᠵᠢᠶᠠᠲᠤ ᠮᠣᠩᠭᠤᠯ ᠪᠢᠴᠢᠭ ᠭᠠᠷᠭᠠᠬᠤ ᠴᠢᠳᠠᠪᠤᠷᠢ᠎ᠶᠢᠨ ᠲᠤᠬᠠᠢ ᠲᠠᠨᠢᠯᠴᠠᠭᠤᠯᠤᠶ᠎ᠠ
① Microsoft Windows Vista / 7 ᠳᠡᠭᠡᠷ᠎ᠡ ᠪᠣᠯ OpenType ᠮᠣᠩᠭᠤᠯ ᠦᠰᠦᠭ᠎ᠦᠨ ᠲᠢᠭ᠎ᠢᠶᠡᠷ ᠳᠠᠮᠵᠢᠨ ᠮᠣᠩᠭᠤᠯ ᠪᠢᠴᠢᠭ ᠢᠯᠡᠷᠡᠭᠦᠯᠦᠨ ᠪᠢᠴᠢᠵᠦ ᠪᠣᠯᠤᠨ᠎ᠠ᠂ ᠭᠡᠪᠡᠴᠦ ᠡᠬᠢᠯᠡᠩᠭᠦᠲᠡ᠎ᠪᠡᠨ ᠨᠢᠭᠡᠯᠡ ᠴᠠᠭᠠᠨ ᠲᠢᠭᠲᠡᠢ᠃ ᠪᠢᠳᠡ ᠣᠳᠣ ᠭᠤᠷᠪᠠᠨ ᠲᠢᠭ ᠬᠢᠭᠡᠳ ᠰᠦᠯᠵᠢᠶᠡᠨ᠎ᠳᠦ ᠲᠠᠯᠪᠢᠵᠤ ᠪᠠᠢᠨ᠎ᠠ᠃ ᠵᠠᠯᠭᠠᠭᠠᠳ ᠪᠠᠰᠠ 20-25 ᠵᠦᠢᠯ᠎ᠦᠨ ᠲᠢᠭ ᠬᠢᠬᠦ᠎ᠪᠡᠷ ᠪᠡᠯᠡᠳᠭᠡᠵᠦ ᠪᠠᠢᠨ᠎ᠠ᠃ ᠡᠯ᠎ᠡ ᠰᠤᠷᠭᠠᠭᠤᠯᠢ᠂ ᠪᠠᠢᠭᠤᠯᠤᠯᠭ᠎ᠠ ᠪᠠ ᠬᠤᠪᠢ ᠬᠥᠮᠦᠨ ᠪᠠᠰᠠ ᠣᠯᠠᠨ Open Type ᠮᠣᠩᠭᠤᠯ ᠦᠰᠦᠭ᠎ᠦᠨ ᠲᠢᠭ ᠬᠢᠵᠦ ᠪᠠᠢᠨ᠎ᠠ᠃
Windows XP᠊᠎ᠢ ᠬᠡᠷᠡᠭᠯᠡᠭᠴᠢᠳ᠂ Microsoft ᠊᠎ᠦᠨ Open Type ᠲᠢᠭ᠎ᠢ ᠲᠠᠢᠯᠪᠤᠷᠢᠯᠠᠬᠤ ᠰᠣᠹᠲ᠎ᠢ ᠰᠠᠭᠤᠯᠭᠠᠬᠤ ᠬᠡᠷᠡᠭᠲᠡᠢ᠃ ᠲᠡᠭᠦᠨ᠎ᠦ᠎ᠪᠡᠨ ᠳᠡᠭᠡᠷ᠎ᠡ ᠮᠣᠩᠭᠤᠯ ᠲᠢᠭ ᠪᠠ ᠮᠣᠩᠭᠤᠯ ᠳᠠᠷᠤᠭᠤᠯᠢ ᠰᠠᠭᠤᠯᠭᠠᠪᠠᠯ ᠣᠯᠠᠨ ᠤᠯᠤᠰ᠎ᠤᠨ ᠪᠠᠷᠢᠮᠵᠢᠶᠠᠲᠤ ᠮᠣᠩᠭᠤᠯ ᠪᠢᠴᠢᠭ ᠪᠢᠴᠢᠵᠦ ᠴᠢᠳᠠᠨ᠎ᠠ᠃ ᠡᠳᠡᠭᠡᠷ᠎ᠢ ᠪᠦᠷ ᠮᠠᠨ᠎ᠤ ᠰᠦᠯᠵᠢᠶ᠎ᠡ (http᠄//www.mongolfont.com/)᠎ᠡᠴᠡ ᠪᠠᠭᠤᠯᠭᠠᠨ ᠠᠪᠴᠤ ᠪᠣᠯᠤᠨ᠎ᠠ᠃
② Apple Mac OS X ᠳᠡᠭᠡᠷ᠎ᠡ ᠪᠣᠯ AAT ᠮᠣᠩᠭᠤᠯ ᠦᠰᠦᠭ᠎ᠦᠨ ᠲᠢᠭ᠎ᠢᠶᠡᠷ ᠳᠠᠮᠵᠢᠨ ᠮᠣᠩᠭᠤᠯ ᠪᠢᠴᠢᠭ ᠢᠯᠡᠷᠡᠭᠦᠯᠦᠨ ᠪᠢᠴᠢᠵᠦ ᠪᠣᠯᠤᠨ᠎ᠠ᠃ AAT ᠲᠥᠷᠦᠯ᠎ᠦᠨ ᠮᠣᠩᠭᠤᠯ ᠦᠰᠦᠭ᠎ᠦᠨ ᠲᠢᠭ᠎ᠢ ᠣᠳᠣᠬᠠᠨ᠎ᠳᠠᠭᠠᠨ ᠭᠠᠭᠴᠠᠬᠠᠨ ᠪᠢᠳᠡ ᠬᠢᠵᠦ ᠪᠠᠢᠨ᠎ᠠ᠃ ᠣᠳᠣᠬᠠᠨ᠎ᠳᠤ ᠭᠤᠷᠪᠠᠨ ᠲᠢᠭ ᠬᠢᠭᠡᠳ ᠪᠠᠢᠭ᠎ᠠ᠎ᠶᠢ ᠮᠠᠨ᠎ᠤ ᠰᠦᠯᠵᠢᠶᠡᠨ᠎ᠳᠦ ᠲᠠᠯᠪᠢᠵᠤ ᠪᠠᠢᠨ᠎ᠠ᠃ ᠵᠠᠯᠭᠠᠭᠠᠳ ᠪᠠᠰᠠ 20-25 ᠵᠦᠢᠯ ᠬᠢᠬᠦ᠎ᠪᠡᠷ ᠪᠡᠯᠡᠳᠭᠡᠵᠦ ᠪᠠᠢᠨ᠎ᠠ᠃ Mac OS X ᠳᠡᠭᠡᠷ᠎ᠡ ᠮᠣᠩᠭᠤᠯ ᠦᠰᠦᠭ᠎ᠦᠨ ᠲᠢᠭ ᠪᠠ ᠮᠣᠩᠭᠤᠯ ᠦᠰᠦᠭ᠎ᠦᠨ ᠳᠠᠷᠤᠭᠤᠯᠢ ᠰᠠᠭᠤᠯᠭᠠᠪᠠᠯ ᠮᠣᠩᠭᠤᠯ᠎ᠢᠶᠠᠷ ᠪᠢᠴᠢᠵᠦ ᠴᠢᠳᠠᠬᠤ ᠪᠣᠯᠤᠨ᠎ᠠ᠃
③ Linux/Unix ᠳᠡᠭᠡᠷ᠎ᠡ ᠪᠣᠯ Pango ᠭᠡᠳᠡᠭ Open Type ᠲᠢᠭ᠎ᠢ ᠲᠠᠢᠯᠪᠤᠷᠢᠯᠠᠬᠤ ᠰᠣᠹᠲ᠎ᠢ ᠰᠠᠭᠤᠯᠭᠠᠬᠤ ᠠᠷᠭ᠎ᠠ᠎ᠪᠠᠷ ᠮᠣᠩᠭᠤᠯ ᠪᠢᠴᠢᠭ᠎ᠢ ᠢᠯᠡᠷᠡᠭᠦᠯᠦᠨ ᠪᠢᠴᠢᠵᠦ ᠪᠣᠯᠤᠨ᠎ᠠ᠃ OpenType ᠮᠣᠩᠭᠤᠯ ᠦᠰᠦᠭ᠎ᠦᠨ ᠲᠢᠭ ᠪᠠ ᠮᠣᠩᠭᠤᠯ ᠦᠰᠦᠭ᠎ᠦᠨ ᠳᠠᠷᠤᠭᠤᠯᠢ ᠰᠠᠭᠤᠯᠭᠠᠨ ᠬᠡᠷᠡᠭᠯᠡᠵᠦ ᠪᠠᠢᠨ᠎ᠠ᠃ ᠭᠡᠪᠡᠴᠦ᠂ ᠣᠯᠠᠨ ᠵᠦᠢᠯ᠎ᠦᠨ Linux/Unix ᠰᠢᠰᠲᠧᠮ ᠳᠡᠭᠡᠷ᠎ᠡ ᠰᠢᠯᠭᠠᠵᠤ ᠦᠵᠡᠭᠡ᠎ᠦᠭᠡᠢ᠃ Linux/Unix ᠳᠡᠭᠡᠷ᠎ᠡ ᠣᠯᠠᠨ ᠤᠯᠤᠰ᠎ᠤᠨ ᠪᠠᠷᠢᠮᠵᠢᠶᠠᠨ᠎ᠤ ᠮᠣᠩᠭᠤᠯ ᠪᠢᠴᠢᠭ᠎ᠢ ᠪᠢᠴᠢᠬᠦ ᠠᠷᠭ᠎ᠠ᠎ᠶᠢ ᠦᠨᠳᠦᠰᠦᠨ᠎ᠡᠴᠡ᠎ᠨᠢ ᠰᠢᠢᠳᠪᠦᠷᠢᠯᠡᠬᠦ ᠬᠡᠷᠡᠭᠲᠡᠢ᠃ Graphite ᠭᠡᠳᠡᠭ ᠲᠢᠭ᠎ᠦᠨ ᠠᠷᠭ᠎ᠠ ᠪᠠᠢᠳᠠᠭ ᠭᠡᠨ᠎ᠡ᠃ ᠲᠤᠷᠰᠢᠵᠤ ᠦᠵᠡᠮᠡᠷ ᠪᠠᠢᠨ᠎ᠠ᠃
④ iOS ᠳᠡᠭᠡᠷ᠎ᠡ AAT ᠮᠣᠩᠭᠤᠯ ᠲᠢᠭ᠎ᠢ ᠰᠠᠭᠤᠯᠭᠠᠵᠤ ᠮᠣᠩᠭᠤᠯ ᠪᠢᠴᠢᠭ ᠢᠯᠡᠷᠡᠭᠦᠯᠵᠦ ᠪᠣᠯᠤᠨ᠎ᠠ᠃ ᠮᠣᠩᠭᠤᠯ ᠲᠢᠭ ᠪᠠ ᠮᠣᠩᠭᠤᠯ ᠳᠠᠷᠤᠭᠤᠯᠢ ᠰᠠᠭᠤᠯᠭᠠᠪᠠᠯ ᠮᠣᠩᠭᠤᠯ ᠪᠢᠴᠢᠭ ᠪᠢᠴᠢᠵᠦ ᠴᠢᠳᠠᠬᠤ ᠪᠣᠯᠤᠨ᠎ᠠ᠃ ᠭᠡᠪᠡᠴᠦ᠂ ᠮᠠᠨ᠎ᠤ ᠬᠢᠭᠰᠡᠨ ᠲᠢᠭ ᠪᠠ ᠳᠠᠷᠤᠭᠤᠯᠢ iOS᠎ᠳᠠᠭᠠᠨ ᠲᠠᠯᠪᠢᠵᠤ ᠥᠭᠭᠦᠭᠡ᠎ᠦᠭᠡᠢ᠃ Apple iOS᠎ᠳᠤ ᠲᠠᠯᠪᠢᠭᠤᠯᠬᠤ᠎ᠪᠠᠷ ᠪᠢᠳᠡ ᠴᠢᠷᠮᠠᠢᠵᠤ ᠪᠠᠢᠨ᠎ᠠ᠃ iOS᠎ᠳᠤ ᠲᠠᠯᠪᠢᠵᠤ ᠥᠭᠬᠦ᠎ᠡᠴᠡ ᠡᠮᠦᠨ᠎ᠡ᠂ ᠪᠢᠳᠡ ᠮᠣᠩᠭᠤᠯ ᠪᠢᠴᠢᠭ᠎ᠦᠨ ᠲᠤᠰᠭᠠᠢ ᠰᠣᠹᠲ ᠬᠢᠵᠦ ᠪᠠᠢᠨ᠎ᠠ᠃ ᠬᠠᠮᠤᠭ᠎ᠤᠨ ᠡᠬᠢᠨ᠎ᠳᠦ ᠪᠢᠳᠡ ᠮᠣᠩᠭᠤᠯ ᠪᠢᠴᠢᠭ᠎ᠦᠨ ᠳᠥᠬᠦᠮ ᠪᠢᠴᠢᠭᠯᠡᠭᠦᠷ Mongolian Type Writer ᠰᠣᠹᠲ᠎ᠢ ᠬᠢᠵᠦ᠂ iPad iPhone ᠵᠡᠷᠭᠡ᠎ᠶᠢᠨ ᠭᠠᠷ ᠤᠲᠠᠰᠤᠨ᠎ᠤ ᠮᠠᠰᠢᠨ᠎ᠢᠶᠠᠷ ᠮᠣᠩᠭᠤᠯ᠎ᠢᠶᠠᠷ ᠪᠢᠴᠢᠬᠦ᠂ ᠨᠠᠢᠷᠠᠭᠤᠯᠬᠤ᠂ ᠢᠮᠧᠯ ᠶᠠᠪᠤᠭᠤᠯᠬᠤ᠎ᠨᠢ ᠪᠣᠳᠠᠲᠠᠢ ᠳᠡᠭᠡᠷ᠎ᠡ ᠪᠡᠶᠡᠯᠡᠭᠳᠡᠵᠡᠢ᠃ ᠪᠠᠰᠠ iOS᠊᠎ᠦᠨ ᠬᠠᠢᠭᠴᠢ᠎ᠪᠠᠷ ᠭᠠᠳᠠᠨᠠᠬᠢ ᠲᠢᠭ᠎ᠢ ᠬᠡᠷᠡᠭᠯᠡᠵᠦ ᠮᠣᠩᠭᠤᠯ ᠰᠦᠯᠵᠢᠶᠡᠨ᠎ᠦ ᠠᠭᠤᠯᠭ᠎ᠠ ᠵᠢ ᠢᠯᠡᠷᠡᠭᠦᠯᠵᠦ ᠴᠢᠳᠠᠬᠤ ᠪᠣᠯᠤᠭᠰᠠᠨ ᠪᠠᠢᠨ᠎ᠠ᠃
⑤ Android OS ᠪᠣᠯ ᠣᠳᠣ᠎ᠳᠠᠭᠠᠨ Unicode ᠮᠣᠩᠭᠤᠯ ᠲᠢᠭ᠎ᠢ ᠭᠠᠷᠭᠠᠬᠤ ᠴᠢᠳᠠᠯ᠎ᠦᠭᠡᠢ ᠪᠠᠢᠨ᠎ᠠ᠃ ᠪᠢᠳᠡ ᠲᠤᠰᠭᠠᠢ ᠰᠣᠹᠲ᠎ᠤᠨ ᠠᠷᠭ᠎ᠠ᠎ᠪᠠᠷ ᠮᠣᠩᠭᠤᠯ ᠪᠢᠴᠢᠭ᠎ᠢ Android ᠳᠡᠭᠡᠷ᠎ᠡ ᠭᠠᠷᠭᠠᠵᠠᠢ᠃ ᠤᠷᠢᠳᠠᠪᠠᠷ᠂ Mongolian Type Writer ᠮᠣᠩᠭᠤᠯ ᠪᠢᠴᠢᠭ᠎ᠢᠶᠡᠷ ᠣᠷᠤᠭᠤᠯᠬᠤ᠂ ᠨᠠᠢᠷᠠᠭᠤᠯᠬᠤ᠂ ᠢᠮᠧᠯ ᠶᠠᠪᠤᠭᠤᠯᠬᠤ᠂ ᠳᠥᠬᠦᠮ ᠪᠢᠴᠢᠭᠯᠡᠭᠦᠷ ᠰᠣᠹᠲ᠎ᠢ ᠬᠢᠪᠡ᠃ ᠣᠳᠣᠬᠠᠨ᠎ᠳᠠᠭᠠᠨ Android -᠊᠎ᠦᠨ ᠬᠠᠢᠭᠴᠢ ᠳᠡᠭᠡᠷ᠎ᠡ ᠪᠠᠰᠠ ᠲᠤᠰᠭᠠᠢ ᠰᠣᠹᠲ᠎ᠤᠨ ᠠᠷᠭ᠎ᠠ᠎ᠪᠠᠷ ᠮᠣᠩᠭᠤᠯ ᠪᠢᠴᠢᠭ ᠭᠠᠷᠭᠠᠵᠤ ᠴᠢᠳᠠᠵᠤ ᠪᠠᠢᠨ᠎ᠠ᠃ ᠤᠳᠠᠯ᠎ᠦᠭᠡᠢ ᠮᠠᠨ᠎ᠤ ᠰᠦᠯᠵᠢᠶᠡᠨ᠎ᠳᠦ ᠭᠠᠷᠭᠠᠬᠤ᠎ᠪᠠᠷ ᠪᠢᠳᠡ ᠴᠢᠷᠮᠠᠢᠨ ᠠᠵᠢᠯᠯᠠᠵᠤ ᠪᠠᠢᠨ᠎ᠠ᠃
ᠲᠠᠪᠤ᠂ ᠮᠣᠩᠭᠤᠯ ᠪᠢᠴᠢᠭ᠎ᠦᠨ ᠪᠣᠰᠤᠭ᠎ᠠ ᠪᠢᠴᠢᠭᠯᠡᠭᠦᠷ᠎ᠦᠨ ᠲᠠᠨᠢᠯᠴᠠᠭᠤᠯᠭ᠎ᠠ
ᠮᠣᠩᠭᠤᠯ ᠪᠢᠴᠢᠭ᠎ᠢ ᠪᠣᠰᠤᠭ᠎ᠠ᠎ᠪᠠᠷ ᠪᠢᠴᠢᠵᠦ ᠪᠣᠯᠬᠤ ᠪᠢᠴᠢᠭᠯᠡᠭᠦᠷ ᠪᠠ ᠪᠢᠴᠢᠭᠯᠡᠭᠦᠷ ᠭᠡᠪᠡᠯ ᠳᠣᠣᠷᠠᠬᠢ ᠬᠡᠳᠦᠨ ᠵᠦᠢᠯ ᠪᠠᠢᠨ᠎ᠠ᠃
① Microsoft Office 2007᠎ᠡᠴᠡ ᠳᠡᠭᠡᠭᠰᠢ ᠬᠡᠪ᠎ᠦᠨ ᠳᠣᠲᠤᠷᠠᠬᠢ Word / Power Point ᠵᠡᠷᠭᠡ ᠰᠣᠹᠲ ᠪᠣᠯ ᠮᠣᠩᠭᠤᠯ ᠪᠢᠴᠢᠭ᠎ᠢ ᠪᠣᠰᠤᠭ᠎ᠠ᠎ᠪᠠᠷ ᠪᠢᠴᠢᠵᠦ ᠴᠢᠳᠠᠵᠤ ᠪᠠᠢᠨ᠎ᠠ᠃
② ᠪᠢᠳᠡᠨ᠎ᠦ Java ᠬᠡᠯᠡ᠎ᠪᠡᠷ ᠪᠢᠴᠢᠭᠰᠡᠨ ᠪᠢᠴᠢᠭᠯᠡᠭᠦᠷ MnglPad ᠪᠣᠯ ᠡᠯ᠎ᠡ ᠵᠦᠢᠯ᠎ᠦᠨ ᠰᠢᠰᠲᠧᠮ (Windows , Mac OS X, Linux) ᠳᠡᠭᠡᠷ᠎ᠡ ᠮᠣᠩᠭᠤᠯ ᠦᠰᠦᠭ᠎ᠦᠨ ᠲᠢᠭ᠎ᠢ ᠰᠠᠭᠤᠯᠭᠠᠬᠤᠦᠭᠡᠢᠪᠠᠷ ᠮᠣᠩᠭᠤᠯ ᠪᠢᠴᠢᠭ ᠪᠢᠴᠢᠵᠦ ᠴᠢᠳᠠᠳᠠᠭ ᠪᠢᠴᠢᠭᠯᠡᠭᠦᠷ ᠪᠣᠯᠤᠨ᠎ᠠ᠃ ᠡᠨᠡ ᠪᠢᠴᠢᠭᠯᠡᠭᠦᠷ ᠪᠣᠯ ᠲᠤᠰᠭᠠᠢ ᠰᠣᠹᠲ᠎ᠤᠨ ᠠᠷᠭ᠎ᠠ᠎ᠪᠠᠷ ᠬᠢᠭᠰᠡᠨ ᠣᠯᠠᠨ ᠤᠯᠤᠰ᠎ᠤᠨ ᠪᠠᠷᠢᠮᠵᠢᠶᠠᠨ᠎ᠤ ᠮᠣᠩᠭᠤᠯ ᠪᠢᠴᠢᠭ᠎ᠦᠨ ᠪᠢᠴᠢᠭᠯᠡᠭᠦᠷ ᠪᠣᠯᠤᠨ᠎ᠠ᠃
③ ᠹᠠᠩᠵᠧᠩ᠎ᠦᠨ«ᠮᠣᠩᠭᠤᠯ ᠰᠢᠨ᠎ᠡ ᠪᠢᠷ»᠎ᠨᠢ ᠬᠡᠳᠦᠢᠪᠡᠷ ᠴᠤᠯᠤ Unicode ᠮᠣᠩᠭᠤᠯ ᠰᠣᠹᠲ ᠪᠢᠰᠢ ᠪᠣᠯᠪᠠᠴᠤ᠂ Unicode ᠮᠣᠩᠭᠤᠯ᠎ᠢᠶᠠᠷ ᠠᠭᠤᠯᠭ᠎ᠠ᠎ᠪᠠᠨ ᠭᠠᠷᠭᠠᠵᠤ ᠴᠢᠳᠠᠬᠤ ᠪᠣᠰᠤᠭ᠎ᠠ ᠪᠢᠴᠢᠭᠯᠡᠭᠦᠷᠶᠦᠮ᠃
④ ᠮᠣᠩᠭᠤᠯ ᠤᠯᠤᠰ᠎ᠤᠨ ᠬᠥᠮᠦᠨ᠎ᠦ ᠬᠢᠭᠰᠡᠨ Mongol Note ᠭᠡᠰᠡᠨ ᠰᠣᠹᠲ ᠪᠠᠰᠠ ᠪᠣᠰᠤᠭ᠎ᠠ᠎ᠪᠠᠷ Unicode ᠮᠣᠩᠭᠤᠯ ᠪᠢᠴᠢᠭ ᠨᠠᠢᠷᠠᠭᠤᠯᠵᠤ ᠴᠢᠳᠠᠵᠤ ᠪᠠᠢᠭᠰᠠᠨ ᠪᠠᠢᠨ᠎ᠠ᠃
ᠡᠭᠦᠨ᠎ᠡᠴᠡ ᠬᠣᠢᠰᠢ ᠪᠠᠰᠠ ᠨᠡᠩ ᠣᠯᠠᠨ ᠪᠢᠴᠢᠭᠯᠡᠭᠦᠷ ᠭᠠᠷᠴᠤ ᠢᠷᠡᠬᠦ᠎ᠨᠢ ᠳᠠᠮᠵᠢᠭᠦᠭᠡᠢᠶᠤᠮ᠃
ᠵᠢᠷᠭᠤᠭ᠎ᠠ᠂ ᠮᠣᠩᠭᠤᠯ ᠪᠢᠴᠢᠭ᠎ᠦᠨ ᠳᠠᠷᠤᠭᠤᠯ ᠪᠠ ᠣᠷᠤᠭᠤᠯᠬᠤ ᠠᠷᠭ᠎ᠠ
ᠣᠳᠣᠬᠠᠨ᠎ᠳᠠᠭᠠᠨ ᠤᠯᠠᠨ ᠤᠯᠤᠰ᠎ᠤᠨ ᠪᠠᠷᠢᠮᠵᠢᠶᠠᠨ᠎ᠤ ᠮᠣᠩᠭᠤᠯ ᠪᠢᠴᠢᠭ᠎ᠦᠨ ᠣᠷᠤᠭᠤᠯᠬᠤ ᠠᠷᠭ᠎ᠠ᠎ᠨᠢ ᠪᠦᠷ ᠳᠠᠷᠤᠭᠤᠯᠤᠨ ᠠᠷᠭ᠎ᠠ ᠪᠣᠯᠤᠨ᠎ᠠ᠃ ᠡᠯ᠎ᠡ ᠰᠢᠰᠲᠧᠮ᠎ᠦᠨ ᠮᠣᠩᠭᠤᠯ ᠦᠰᠦᠭ᠎ᠦᠨ ᠳᠠᠷᠤᠭᠤᠯ᠎ᠨᠢ ᠪᠠᠭ᠎ᠠ ᠰᠠᠭ᠎ᠠ ᠵᠥᠷᠢᠶᠡᠲᠡᠢ ᠪᠣᠯᠪᠠᠴᠤ᠂ ᠤᠭ ᠶᠣᠰᠤᠨ᠎ᠢ ᠦᠨᠳᠦᠰᠦᠨ᠎ᠳᠡᠭᠡᠨ ᠠᠳᠠᠯᠢᠶᠤᠮ᠃ ᠬᠠᠮᠤᠭ ᠠᠩᠬᠠᠨ᠎ᠤ Microsoft ᠊᠎ᠦᠨ ᠳᠠᠷᠤᠭᠤᠯᠤᠨ ᠰᠠᠭᠤᠷᠢ ᠳᠡᠭᠡᠷ᠎ᠡ ᠭᠠᠷ ᠤᠲᠠᠰᠤᠨ ᠳᠡᠭᠡᠷ᠎ᠡ ᠠᠮᠠᠷᠬᠠᠨ ᠬᠡᠷᠡᠭᠯᠡᠭᠳᠡᠬᠦ᠎ᠪᠡᠷ ᠪᠢᠳᠡ ᠠᠯᠮᠠᠰ᠎ᠤᠨ ᠳᠠᠷᠤᠭᠤᠯᠢ ᠬᠢᠪᠡ᠃
ᠣᠷᠤᠭᠤᠯᠬᠤ ᠠᠷᠭ᠎ᠠ᠎ᠶᠢᠨ ᠲᠠᠯ᠎ᠠ᠎ᠪᠠᠷ᠂ ᠡᠭᠦᠨ᠎ᠡᠴᠡ ᠬᠣᠢᠰᠢ ᠨᠡᠩ ᠤᠯᠠᠨ ᠨᠡᠮᠡᠭᠳᠡᠬᠦ ᠪᠠᠢᠬ᠎ᠠ᠃ ᠪᠢᠳᠡ ᠪᠠᠰᠠ ᠵᠥᠪ ᠣᠷᠤᠭᠤᠯᠬᠤ ᠳᠦᠷᠢᠮ᠎ᠢ ᠲᠤᠤᠱᠯᠠᠭᠤᠯᠬᠤ᠎ᠶᠢᠨ ᠲᠥᠯᠦᠭᠡ ᠪᠠ ᠣᠷᠤᠭᠤᠯᠬᠤ ᠬᠤᠷᠳᠤᠴᠠ᠎ᠶᠢ ᠲᠦᠷᠭᠡᠳᠭᠡᠬᠦ᠎ᠶᠢᠨ ᠲᠥᠯᠦᠭᠡ᠂ ᠰᠢᠨ᠎ᠡ ᠣᠷᠤᠭᠤᠯᠬᠤ ᠠᠷᠭ᠎ᠠ᠎ᠶᠢ ᠦᠷᠭᠦᠯᠵᠢᠯᠡᠨ ᠰᠤᠳᠤᠯᠬᠤ ᠬᠡᠷᠡᠭᠲᠡᠢ ᠪᠠᠢᠨ᠎ᠠ᠃
ᠮᠣᠩᠭᠤᠯ ᠪᠢᠴᠢᠭ᠎ᠦᠨ ᠳᠠᠷᠤᠭᠤᠯ᠎ᠢᠶᠠᠷ ᠣᠷᠤᠭᠤᠯᠬᠤ ᠠᠷᠭ᠎ᠠ
① ᠡᠩ ᠲᠦᠷᠦᠭᠦᠨ᠎ᠳᠦ ᠡᠯ᠎ᠡ ᠦᠰᠦᠭ᠎ᠦᠨ ᠳᠠᠷᠤᠭᠤᠯᠤᠨ ᠪᠠᠢᠷᠢᠰᠢᠯ᠎ᠢ ᠴᠡᠭᠡᠵᠢᠯᠡᠬᠦ ᠬᠡᠷᠡᠭᠲᠡᠢ᠃
② ᠡᠯ᠎ᠡ ᠦᠰᠦᠭ᠎ᠨᠢ ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ ᠳᠦᠷᠰᠦ᠎ᠨᠢ ᠠᠶᠠᠨ᠎ᠳᠠᠭᠠᠨ ᠬᠤᠪᠢᠷᠠᠨ᠎ᠠ᠃
③ ᠦᠭᠡ᠎ᠶᠢᠨ ᠠᠳᠠᠭ᠎ᠲᠤ ᠣᠷᠤᠬᠤ᠎ᠳᠤ ᠰᠠᠯᠤᠩᠭᠢᠳᠠ ᠪᠢᠴᠢᠭᠳᠡᠬᠦ ᠡ ( ᠴᠠᠴᠤᠯᠭ᠎ᠠ )᠊᠎ᠢ ᠪᠣᠯ ᠡᠮᠦᠨ᠎ᠡ᠎ᠨᠢ MVS ᠵᠢ ᠣᠷᠤᠭᠤᠯᠵᠤ ᠪᠠᠢᠭᠠᠳ ᠭᠠᠷᠭᠠᠨ᠎ᠠ᠃
④ ᠡᠯ᠎ᠡ ᠦᠰᠦᠭ᠎ᠦᠨ ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ ᠳᠦᠷᠰᠦ᠎ᠨᠢ ᠤᠯᠠᠨ ᠬᠤᠪᠢᠷᠠᠯ᠎ᠲᠠᠢ ᠪᠠᠢᠪᠠᠯ ᠠᠷᠤᠳᠤᠨᠢ ᠳᠣᠣᠷᠠᠬᠢ ᠲᠡᠮᠳᠡᠭ᠎ᠢ ᠲᠠᠯᠪᠢᠨ᠎ᠠ᠃
FVS1- ᠨᠢᠭᠡᠳᠦᠭᠡᠷ ᠬᠤᠪᠢᠷᠠᠯ᠂
FVS2- ᠬᠣᠶᠠᠳᠤᠭᠠᠷ ᠬᠤᠪᠢᠷᠠᠯ᠂
FVS3- ᠭᠤᠷᠪᠠᠳᠤᠭᠠᠷ ᠬᠤᠪᠢᠷᠠᠯ᠂
⑤ ᠲᠡᠢᠨ ᠢᠯᠭᠠᠯ᠎ᠤᠨ ᠡᠮᠦᠨ᠎ᠡ᠎ᠨᠢ NNBSP(Unicode 202F) ᠵᠢ ᠲᠠᠯᠪᠢᠵᠤ᠂ ᠡᠮᠦᠨ᠎ᠡ ᠦᠰᠦᠭ᠎ᠲᠡᠢ᠎ᠪᠡᠨ ᠬᠣᠯᠪᠤᠵᠤ ᠪᠢᠴᠢᠨ᠎ᠡ᠃
⑥ ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ ᠳᠦᠷᠰᠦ᠎ᠶᠢ ᠠᠰᠲᠠᠭᠠᠨ ᠭᠠᠷᠭᠠᠬᠤ᠎ᠳᠤ ᠊(ᠨᠢᠷᠤᠭᠤ) ᠵᠢ ᠬᠡᠷᠡᠭᠯᠡᠨ᠎ᠡ᠃
ᠡᠬᠢᠨ᠎ᠳᠦ ᠣᠷᠤᠬᠤ ᠳᠦᠷᠰᠦ᠎ᠶᠢ ᠭᠠᠷᠭᠠᠬᠤ᠎ᠳᠠᠭᠠᠨ ᠦᠰᠦᠭ᠎ᠦᠨ ᠠᠷᠤᠳᠤᠨᠢ -(ᠨᠢᠷᠤᠭᠤ) ᠲᠠᠯᠪᠢᠨ᠎ᠠ᠃
ᠳᠤᠮᠳᠠ ᠣᠷᠤᠬᠤ ᠳᠦᠷᠰᠦ ᠵᠢ ᠭᠠᠷᠭᠠᠬᠤ᠎ᠳᠠᠭᠠᠨ ᠦᠰᠦᠭ᠎ᠦᠨ ᠬᠣᠶᠠᠷ ᠲᠠᠯ᠎ᠠ ᠳᠤᠨᠢ ᠊(ᠨᠢᠷᠤᠭᠤ) ᠲᠠᠯᠪᠢᠨ᠎ᠠ᠃
ᠠᠳᠠᠭ᠎ᠲᠤ ᠣᠷᠤᠬᠤ ᠳᠦᠷᠰᠦ ᠵᠢ ᠭᠠᠷᠭᠠᠬᠤ᠎ᠳᠠᠭᠠᠨ ᠦᠰᠦᠭ᠎ᠦᠨ ᠡᠮᠦᠨ᠎ᠡ᠎ᠨᠢ ᠊(ᠨᠢᠷᠤᠭᠤ) ᠲᠠᠯᠪᠢᠨ᠎ᠠ᠃
ᠠᠯᠮᠠᠰ᠎ᠤᠨ ᠳᠠᠷᠤᠭᠤᠯᠢ ᠬᠡᠷᠡᠭᠯᠡᠪᠡᠯ᠂ ᠳᠡᠭᠡᠷᠡᠬᠢ ᠡᠯ᠎ᠡ ᠲᠡᠮᠳᠡᠭ᠎ᠨᠢ ᠳᠣᠣᠷᠠᠬᠢ ᠲᠣᠪᠴᠢ᠎ᠶᠢ ᠬᠡᠷᠡᠭᠯᠡᠨ᠎ᠡ᠃
MVS -- A (ᠲᠣᠮᠤ ᠦᠰᠦᠭ)
NNBSP -- S (ᠲᠣᠮᠤ ᠦᠰᠦᠭ)
FVS1 --D (ᠲᠣᠮᠤ ᠦᠰᠦᠭ)
FVS2 --F (ᠲᠣᠮᠤ ᠦᠰᠦᠭ)
FVS3 --G (ᠲᠣᠮᠤ ᠦᠰᠦᠭ)
᠊(ᠨᠢᠷᠤᠭᠤ) --I (ᠲᠣᠮᠤ ᠦᠰᠦᠭ)
ᠡᠭᠦᠨ᠎ᠡᠴᠡ ᠣᠨᠳᠣᠣ ᠪᠠᠰᠠ ZERO WIDTH JOINER(U+200D)᠂ ZERO WIDTH NON JOINER(U+200C) ᠭᠡᠵᠦ ᠬᠣᠶᠠᠷ ᠣᠨᠴᠤᠭᠤᠢ ᠲᠡᠮᠳᠡᠭ ᠪᠠᠢᠬᠤ᠎ᠶᠢ ᠮᠠᠨ᠎ᠤ ᠰᠣᠹᠲ᠎ᠲᠤ ᠣᠳᠣ ᠳᠡᠭᠡᠷ᠎ᠡ᠎ᠪᠡᠨ ᠬᠢᠭᠡ᠎ᠦᠭᠡᠢ᠂ ᠳᠠᠷᠠᠭᠠᠴᠢ᠎ᠪᠠᠷ ᠬᠢᠬᠦ᠎ᠪᠡᠷ ᠪᠠᠢᠨ᠎ᠠ᠃
ᠳᠣᠯᠤᠭ᠎ᠠ᠂ ᠡᠯ᠎ᠡ ᠬᠠᠢᠭᠴᠢ ᠳᠡᠭᠡᠷᠡᠬᠢ ᠮᠣᠩᠭᠤᠯ ᠪᠢᠴᠢᠭ᠎ᠦᠨ ᠪᠠᠢᠳᠠᠯ
ᠲᠣᠣᠷ ᠰᠦᠯᠵᠢᠶᠡᠨ᠎ᠦ ᠬᠠᠢᠭᠴᠢ᠎ᠶᠢᠨ ᠲᠥᠷᠦᠯ ᠵᠦᠢᠯ ᠮᠠᠰᠢ ᠤᠯᠠᠨ ᠪᠠᠢᠳᠠᠭ᠃ Microsoft Internet Explorer᠂ Apple Safari᠂ Google Chrome᠂ Mozilla FireFox᠂ Opera ᠵᠡᠷᠭᠡ ᠪᠣᠯ ᠦᠷᠭᠦᠯᠵᠢ ᠬᠡᠷᠡᠭᠯᠡᠭᠳᠡᠳᠡᠭ ᠬᠠᠢᠭᠴᠢ ᠪᠣᠯᠤᠨ᠎ᠠ᠃ ᠡᠳᠡᠭᠡᠷ ᠬᠠᠢᠭᠴᠢ᠎ᠶᠢᠨ ᠳᠡᠭᠡᠷ᠎ᠡ ᠣᠯᠠᠨ ᠤᠯᠤᠰ᠎ᠤᠨ ᠪᠠᠷᠢᠮᠵᠢᠶᠠᠨ᠎ᠤ ᠮᠣᠩᠭᠤᠯ ᠪᠢᠴᠢᠭ᠎ᠢ ᠢᠯᠡᠷᠡᠭᠦᠯᠬᠦ ᠴᠢᠳᠠᠪᠤᠷᠢ ᠵᠢ ᠳᠣᠣᠷ᠎ᠠ ᠲᠠᠨᠢᠯᠴᠠᠭᠤᠯᠤᠶ᠎ᠠ᠃
① Microsoft Internet Explorer (IE)
Microsoft Internet Explorer ᠳᠡᠭᠡᠷ᠎ᠡ ᠪᠣᠯ ᠮᠣᠩᠭᠤᠯ ᠪᠢᠴᠢᠭ᠎ᠢ ᠵᠡᠭᠦᠨ᠎ᠡᠴᠡ ᠪᠠᠷᠠᠭᠤᠨᠰᠢ ᠮᠥᠷ ᠰᠢᠯᠵᠢᠬᠦ ᠵᠠᠷᠴᠢᠮ᠎ᠤᠨ ᠪᠣᠰᠤᠭᠠᠪᠢᠴᠢᠯᠭᠡᠪᠠᠷ ᠢᠯᠡᠷᠡᠭᠦᠯᠵᠦ ᠴᠢᠳᠠᠨ᠎ᠠ᠃ ᠭᠡᠪᠡᠴᠦ Microsoft Internet Explorer(ᠬᠡᠪᠯᠡᠯ8ᠪᠤᠶᠤ8᠎ᠡᠴᠡ ᠳᠡᠭᠡᠭᠰᠢ) ᠊᠎ᠦᠨ TextArea ( ᠮᠣᠩᠭᠤᠯ ᠪᠢᠴᠢᠭ ᠣᠷᠤᠭᠤᠯᠬᠤ ᠬᠡᠰᠡᠭ )᠎ᠨᠢ ᠪᠣᠰᠤᠭ᠎ᠠ᠎ᠪᠠᠷ ᠢᠯᠡᠷᠡᠵᠦ ᠴᠢᠳᠠᠬᠤ ᠪᠣᠯᠪᠠᠴᠤ᠂ ᠪᠠᠷᠠᠭᠤᠨ᠎ᠠᠴᠠ ᠵᠡᠭᠦᠨᠰᠢ ᠮᠥᠷ ᠰᠢᠯᠵᠢᠨ᠎ᠡ᠃
Microsoft Internet Explorer ᠡᠩ᠎ᠦᠨ ᠠᠭᠤᠯᠭ᠎ᠠ ᠵᠢ ᠤᠩᠰᠢᠬᠤ ᠴᠢᠳᠠᠪᠤᠷᠢ᠎ᠶᠢ ᠭᠦᠢᠴᠡᠳᠭᠡᠵᠦ ᠴᠢᠳᠠᠬᠤ ᠪᠣᠯᠪᠠᠴᠤ᠂ ᠮᠣᠩᠭᠤᠯ ᠪᠢᠴᠢᠭ᠎ᠢ ᠵᠡᠭᠦᠨ᠎ᠡᠴᠡ ᠪᠠᠷᠠᠭᠤᠨᠰᠢ ᠤᠩᠰᠢᠬᠤ ᠪᠠ ᠪᠢᠴᠢᠬᠦ ᠵᠠᠩᠰᠢᠯ᠎ᠢ ᠢᠯᠡᠷᠡᠭᠦᠯᠬᠦ ᠲᠠᠯ᠎ᠠ᠎ᠪᠠᠷ ᠭᠦᠢᠴᠡᠳ ᠪᠢᠰᠢ ᠪᠠᠢᠨ᠎ᠠ᠃
② Apple Safari / Google Chrome
Apple Safari / Google Chrome ᠡᠨᠡ ᠬᠣᠶᠠᠷ ᠳᠡᠭᠡᠷ᠎ᠡ ᠪᠣᠯ ᠮᠣᠩᠭᠤᠯ ᠪᠢᠴᠢᠭ᠎ᠢ ᠵᠡᠭᠦᠨ᠎ᠡᠴᠡ ᠪᠠᠷᠠᠭᠤᠨᠰᠢ ᠮᠥᠷ ᠰᠢᠯᠵᠢᠬᠦ ᠵᠠᠷᠴᠢᠮ᠎ᠤᠨ ᠪᠣᠰᠤᠭᠠᠪᠢᠴᠢᠯᠭᠡᠪᠠᠷ ᠢᠯᠡᠷᠡᠭᠦᠯᠵᠦ ᠴᠢᠳᠠᠨ᠎ᠠ᠃ Apple Safari / Google Chrome ᠡᠨᠡ ᠬᠣᠶᠠᠷ᠎ᠤᠨ TextArea ( ᠮᠣᠩᠭᠤᠯ ᠪᠢᠴᠢᠭ ᠣᠷᠤᠭᠤᠯᠬᠤ ᠬᠡᠰᠡᠭ )ᠨᠢᠴᠤ ᠪᠣᠰᠤᠭ᠎ᠠ᠎ᠪᠠᠷ ᠢᠯᠡᠷᠡᠵᠦ ᠴᠢᠳᠠᠬᠤ᠎ᠪᠠᠷ ᠪᠠᠷᠠᠬᠤ᠎ᠦᠭᠡᠢ᠂ ᠵᠡᠭᠦᠨ᠎ᠡᠴᠡ ᠪᠠᠷᠠᠭᠤᠨᠰᠢ ᠮᠥᠷ ᠰᠢᠯᠵᠢᠵᠦ ᠴᠢᠳᠠᠨ᠎ᠠ᠃
Apple Safari / Google Chrome ᠬᠣᠶᠠᠷ ᠪᠣᠯ ᠮᠣᠩᠭᠤᠯ ᠪᠢᠴᠢᠭ᠎ᠦᠨ ᠵᠠᠩᠰᠢᠯ᠎ᠢ ᠪᠦᠷᠢᠨ ᠭᠦᠢᠴᠡᠳ ᠢᠯᠡᠷᠡᠭᠦᠯᠵᠦ ᠴᠢᠳᠠᠵᠤ ᠪᠠᠢᠨ᠎ᠠ᠃ ᠭᠡᠪᠡᠴᠦ ᠲᠡᠭᠦᠨ᠎ᠦ form ᠡᠯᠧᠮᠧᠨ᠋ᠲ᠎ᠦᠨ ᠶᠡᠬᠡ ᠪᠠᠭ᠎ᠠ᠎ᠶᠢ ᠲᠣᠬᠢᠷᠠᠭᠤᠯᠬᠤ ᠲᠠᠯ᠎ᠠ᠎ᠪᠠᠷ ᠪᠠᠭ᠎ᠠ ᠰᠠᠭ᠎ᠠ ᠡᠮᠵᠡᠭᠲᠡᠢ ᠪᠠᠢᠨ᠎ᠠ᠃
③ Mozila FireFox / Opera
Mozila FireFox ᠪᠠ Opera ᠳᠡᠭᠡᠷ᠎ᠡ ᠣᠳᠣᠬᠠᠨ᠎ᠳᠤ ᠮᠣᠩᠭᠤᠯ ᠦᠰᠦᠭ᠎ᠢ ᠪᠣᠰᠤᠭ᠎ᠠ᠎ᠪᠠᠷ ᠢᠯᠡᠷᠡᠭᠦᠯᠵᠦ ᠳᠡᠢᠯᠬᠦ᠎ᠦᠭᠡᠢ᠂ ᠬᠠᠷᠢᠨ ᠬᠥᠨᠳᠡᠯᠡᠨ᠎ᠢᠶᠡᠷ ᠪᠣᠯ ᠵᠥᠪ ᠣᠨᠤᠪᠴᠢᠲᠠᠢ ᠢᠯᠡᠷᠡᠭᠦᠯᠵᠦ ᠪᠠᠢᠨ᠎ᠠ᠃
ᠬᠠᠢᠭᠴᠢ ᠳᠡᠭᠡᠷ᠎ᠡ ᠮᠣᠩᠭᠤᠯ᠎ᠢᠶᠠᠷ ᠡᠷᠢᠬᠦ ᠠᠷᠭ᠎ᠠ ᠵᠢ ᠲᠠᠨᠢᠯᠴᠠᠭᠤᠯᠤᠶ᠎ᠠ᠃
ᠬᠠᠢᠭᠴᠢ ᠳᠡᠭᠡᠷ᠎ᠡ Google API᠊᠎ᠢ ᠠᠰᠢᠭᠯᠠᠵᠤ JavaScript ᠊᠎ᠦᠨ ᠫᠷᠣᠭ᠌ᠷᠠᠮ᠎ᠢ ᠬᠢᠪᠡᠯ ᠮᠣᠩᠭᠤᠯ᠎ᠢᠶᠠᠷ ᠡᠷᠢᠵᠦ ᠴᠢᠳᠠᠬᠤ᠎ᠪᠠᠷ ᠪᠠᠷᠠᠬᠤ᠎ᠦᠭᠡᠢ᠂ ᠡᠷᠢᠵᠦ ᠣᠯᠤᠭᠰᠠᠨ ᠠᠭᠤᠯᠭ᠎ᠠ᠎ᠪᠠᠨ ᠪᠣᠰᠤᠭ᠎ᠠ᠎ᠪᠠᠷ ᠢᠯᠡᠷᠡᠭᠦᠯᠵᠦ ᠴᠢᠳᠠᠨ᠎ᠠ᠃ ᠲᠡᠭᠦᠨ᠎ᠦ ᠳᠡᠭᠡᠷ᠎ᠡ ᠮᠠᠨ᠎ᠤ ᠬᠢᠭᠰᠡᠨ ᠮᠣᠩᠭᠤᠯ ᠦᠰᠦᠭ᠎ᠦᠨ ᠲᠢᠭ ᠪᠠ ᠮᠣᠩᠭᠤᠯ ᠦᠰᠦᠭ ᠣᠷᠤᠭᠤᠯᠬᠤ JavaScript ᠊᠎ᠦᠨ ᠫᠷᠣᠭ᠌ᠷᠠᠮ᠎ᠢ ᠬᠡᠷᠡᠭᠯᠡᠪᠡᠯ᠂ ᠰᠦᠪᠡᠭᠴᠢ ᠦᠭᠡ᠎ᠪᠡᠨ ᠠᠩᠭᠯᠢ᠎ᠪᠠᠷ ᠣᠷᠤᠭᠤᠯᠤᠭᠰᠠᠨᠴᠤ ᠮᠣᠩᠭᠤᠯ ᠪᠣᠯᠭᠠᠵᠤ ᠡᠷᠢᠵᠦ ᠪᠣᠯᠤᠨ᠎ᠠ᠃
ᠪᠠᠰᠠ ᠬᠠᠢᠭᠴᠢ ᠳᠡᠭᠡᠷ᠎ᠡ ᠮᠣᠩᠭᠤᠯ ᠪᠢᠴᠢᠭᠯᠡᠭᠦᠷ ᠬᠢᠵᠦ᠂ ᠰᠦᠪᠡᠭᠴᠢ ᠦᠭᠡ᠎ᠪᠡᠨ ᠮᠣᠩᠭᠤᠯ᠎ᠢᠶᠠᠷ ᠪᠢᠴᠢᠵᠦ ᠡᠷᠢᠵᠦ ᠪᠣᠯᠤᠨ᠎ᠠ᠃ ᠡᠭᠦᠨ᠎ᠢᠶᠡᠷ ᠪᠠᠷᠠᠬᠤ᠎ᠦᠭᠡᠢ ᠳᠡᠭᠡᠷ᠎ᠡ ᠳᠤᠷᠠᠳᠤᠭᠰᠠᠨ᠎ᠲᠠᠢ ᠠᠳᠠᠯᠢ᠎ᠪᠠᠷ ᠰᠦᠪᠡᠭᠴᠢ ᠦᠭᠡᠪᠡᠨᠠᠩᠭᠯᠢᠪᠡᠷ ᠣᠷᠤᠭᠤᠯᠤᠭᠰᠠᠨᠴᠤ ᠮᠣᠩᠭᠤᠯ ᠪᠢᠴᠢᠭ ᠪᠣᠯᠵᠤ ᠬᠤᠪᠢᠷᠠᠬᠤᠶᠤᠮ᠃ ᠳ᠋ᠣᠺᠦ᠋ᠮᠧᠨᠲ ᠨᠠᠢᠷᠠᠭᠤᠯᠬᠤ᠎ᠳᠠᠭᠠᠨ ᠥᠭᠡᠷ᠎ᠡ ᠭᠠᠵᠠᠷ᠎ᠠᠴᠠ ᠺᠣᠫᠢ ᠬᠢᠵᠦ ᠠᠪᠴᠢᠷᠠᠬᠤ ᠪᠤᠶᠤ ᠥᠭᠡᠷ᠎ᠡ ᠭᠠᠵᠠᠷ᠎ᠲᠤ ᠺᠣᠫᠢ ᠬᠢᠵᠦ ᠠᠪᠠᠴᠢᠵᠤ ᠪᠦᠷ ᠪᠣᠯᠤᠨ᠎ᠠ᠃
ᠨᠠᠢ᠍ᠮᠠ᠂ ᠮᠠᠨ᠎ᠤ ᠣᠳᠣ᠎ᠶᠢᠨ ᠬᠢᠵᠦ ᠪᠠᠢᠭ᠎ᠠ ᠠᠵᠢᠯ᠎ᠤᠳ
ᠣᠯᠠᠨ ᠤᠯᠤᠰ᠎ᠤᠨ ᠪᠠᠷᠢᠮᠵᠢᠶᠠᠨ᠎ᠤ ᠮᠣᠩᠭᠤᠯ ᠪᠢᠴᠢᠭ᠎ᠢᠶᠡᠨ ᠨᠡᠩ ᠲᠦᠷᠭᠡᠨ ᠳᠡᠯᠭᠡᠷᠡᠭᠦᠯᠦᠨ ᠬᠡᠷᠡᠭᠵᠢᠭᠦᠯᠬᠦ᠎ᠶᠢᠨ ᠲᠥᠯᠦᠭᠡ᠂ ᠪᠢᠳᠡ ᠣᠳᠣ᠎ᠳᠠᠭᠠᠨ ᠬᠢᠵᠦ ᠪᠠᠢᠭ᠎ᠠ ᠠᠵᠢᠯ ᠭᠣᠣᠯᠳᠠᠭᠤ ᠳᠣᠣᠷᠠᠬᠢ ᠬᠡᠳᠦᠨ ᠵᠦᠢᠯ ᠪᠣᠢ᠄
① ᠡᠯ᠎ᠡ ᠵᠦᠢᠯ᠎ᠦᠨ ᠮᠠᠰᠢᠨᠳᠤ ᠮᠣᠩᠭᠤᠯ ᠪᠢᠴᠢᠭ᠎ᠢᠶᠡᠨ ᠭᠠᠷᠭᠠᠬᠤ ᠪᠠ ᠮᠣᠩᠭᠤᠯ ᠦᠰᠦᠭ᠎ᠦᠨ ᠲᠢᠭ᠎ᠢᠶᠡᠨ ᠨᠡᠮᠡᠭᠳᠡᠭᠦᠯᠬᠦ
② ᠡᠯ᠎ᠡ ᠬᠠᠢᠭᠴᠢ ᠳᠡᠭᠡᠷ᠎ᠡ ᠮᠣᠩᠭᠤᠯ ᠪᠢᠴᠢᠭ᠎ᠢᠶᠡᠨ ᠭᠠᠷᠭᠠᠬᠤ ᠪᠠ ᠲᠤᠰᠭᠠᠢ ᠮᠣᠩᠭᠤᠯ ᠬᠠᠢᠭᠴᠢ ᠬᠢᠬᠦ
③ ᠮᠣᠩᠭᠤᠯ ᠪᠢᠴᠢᠭ᠎ᠦᠨ ᠪᠢᠴᠢᠭᠯᠡᠭᠦᠷ᠂ ᠠᠯᠪᠠᠨ ᠬᠡᠷᠡᠭᠯᠡᠭᠦᠷ᠂ ᠬᠡᠪᠯᠡᠭᠦᠷ ᠬᠢᠬᠦ
④ ᠮᠣᠩᠭᠤᠯ ᠵᠣᠬᠢᠶᠠᠯ ᠮᠠᠲᠧᠷᠢᠶᠠᠯ ᠣᠯᠠᠨ ᠴᠤᠭᠯᠠᠭᠤᠯᠵᠤ ᠰᠦᠯᠵᠢᠶᠡᠨ᠎ᠳᠦ ᠨᠡᠢᠲᠡᠯᠡᠬᠦ
⑤ ᠪᠠᠷᠢᠮᠵᠢᠶᠠᠲᠤ ᠮᠣᠩᠭᠤᠯ ᠪᠢᠴᠢᠭ᠎ᠦᠨ ᠰᠦᠯᠵᠢᠶ᠎ᠡ᠎ᠪᠡᠨ ᠥᠷᠭᠡᠳᠭᠡᠨ ᠳᠡᠯᠭᠡᠷᠡᠭᠦᠯᠬᠦ
⑥ ᠡᠩ᠎ᠦᠨ ᠬᠡᠷᠡᠭᠯᠡᠭᠡᠨ᠎ᠦ ᠪᠠᠭᠠᠵᠢ ᠰᠣᠹᠲ (ᠢᠮᠧᠯ ᠤᠩᠰᠢᠭᠤᠷ᠂ ᠪᠢᠴᠢᠭᠯᠡᠭᠦᠷ᠂ ᠬᠡᠯᠡᠯᠴᠡᠭᠦᠷᠢ᠁) ᠬᠢᠬᠦ
ᠪᠢᠳᠡ ᠣᠳᠣ᠎ᠳᠠᠭᠠᠨ ᠴᠢᠯᠦᠭᠡ ᠴᠠᠭ᠎ᠢᠶᠠᠷ᠎ᠢᠶᠠᠨ ᠡᠨᠡ ᠠᠵᠢᠯ᠎ᠤᠳ᠎ᠢ ᠴᠢᠷᠮᠠᠢᠨ ᠬᠢᠵᠦ ᠪᠠᠢᠭ᠎ᠠ ᠪᠣᠯᠪᠠᠴᠤ᠂ ᠡᠭᠦᠨ᠎ᠡᠴᠡ ᠬᠣᠢᠰᠢ ᠭᠣᠣᠯ ᠠᠵᠢᠯ ᠦᠢᠯᠡᠰ ᠪᠣᠯᠭᠠᠨ ᠵᠢᠳᠭᠦᠬᠦ᠎ᠪᠡᠷ ᠵᠣᠷᠢᠭ ᠰᠢᠭᠤᠳᠴᠤ ᠪᠠᠢᠨ᠎ᠠ᠃
ᠶᠢᠰᠦ᠂ ᠬᠣᠢᠰᠢᠳᠠ᠎ᠶᠢᠨ ᠵᠣᠷᠢᠯᠲᠠ
ᠮᠠᠨ᠎ᠤ ᠬᠣᠢᠰᠢᠳᠠ᠎ᠶᠢᠨ ᠬᠢᠶ᠎ᠡ ᠭᠡᠵᠦ ᠲᠥᠯᠦᠪᠯᠡᠵᠦ ᠪᠠᠢᠭ᠎ᠠ ᠠᠵᠢᠯ ᠪᠠ ᠵᠣᠷᠢᠯᠲᠠ ᠲᠤᠩ ᠤᠯᠠᠨ ᠪᠠᠢᠨ᠎ᠠ᠂ ᠲᠡᠭᠦᠨ᠎ᠦ ᠳᠣᠲᠤᠷᠠᠬᠢ ᠬᠡᠳᠦ ᠵᠢ ᠡᠷᠭᠦᠪᠡᠯ᠂
① ᠮᠣᠩᠭᠤᠯ ᠰᠦᠯᠵᠢᠶᠡᠨ᠎ᠦ ᠲᠠᠪᠴᠠᠩ (Platform) ᠬᠢᠵᠦ᠂ ᠦᠢᠯᠡᠴᠢᠯᠡᠭᠡ ᠪᠠᠢᠭᠤᠯᠬᠤ
② ᠭᠠᠷ ᠤᠲᠠᠰᠤᠨ᠎ᠳᠤ ᠮᠣᠩᠭᠤᠯ ᠪᠠ ᠣᠯᠠᠨ ᠬᠡᠯᠡᠲᠦ ᠲᠣᠯᠢ ᠪᠢᠴᠢᠭ ᠬᠢᠬᠦ
③ ᠰᠦᠯᠵᠢᠶᠡᠨ ᠳᠡᠭᠡᠷ᠎ᠡ ᠮᠣᠩᠭᠤᠯ ᠪᠠ ᠣᠯᠠᠨ ᠬᠡᠯᠡᠲᠦ ᠲᠣᠯᠢ ᠪᠢᠴᠢᠭ ᠬᠢᠬᠦ
④ ᠠᠯᠪᠠᠨ ᠭᠡᠷ᠎ᠦᠨ ᠬᠡᠷᠡᠭᠯᠡᠯ (Office )᠊᠎ᠦᠨ ᠮᠣᠩᠭᠤᠯ ᠬᠡᠪ᠎ᠢ ᠬᠢᠬᠦ
⑤ ᠭᠠᠷ ᠤᠲᠠᠰᠤᠨ ᠳᠡᠭᠡᠷ᠎ᠡ ᠮᠣᠩᠭᠤᠯ ᠬᠡᠯᠡᠨ᠎ᠦ ᠰᠤᠷᠬᠤ ᠪᠢᠴᠢᠭ ᠬᠢᠬᠦ
⑥ ᠮᠣᠩᠭᠤᠯ ᠡᠯᠧᠺᠲᠷᠦᠨ ᠨᠣᠮ ᠤᠩᠰᠢᠭᠤᠷ ᠬᠢᠬᠦ
⑦ ᠡᠯᠧᠺᠲᠷᠦᠨ ᠨᠣᠮ᠎ᠢ ᠬᠡᠪᠯᠡᠬᠦ᠂ ᠲᠠᠷᠬᠠᠭᠠᠬᠤ᠂ ᠬᠤᠳᠠᠯᠳᠤᠬᠤ᠂ ᠰᠣᠩᠭᠤᠨ ᠤᠩᠰᠢᠬᠤ ᠲᠠᠪᠴᠠᠩ ᠬᠢᠬᠦ
⑧ ᠡᠯ᠎ᠡ ᠵᠦᠢᠯ᠎ᠦᠨ ᠮᠣᠩᠭᠤᠯ ᠲᠠᠸᠠᠷᠤᠨᠬᠤᠳᠠᠯᠳᠤᠭᠠᠨᠤ ᠲᠠᠪᠴᠠᠩ ᠬᠢᠬᠦ
⑨ ᠮᠣᠩᠭᠤᠯ ᠪᠢᠴᠢᠭ᠎ᠢ ᠮᠠᠰᠢᠨ᠎ᠢᠶᠠᠷ ᠲᠠᠨᠢᠵᠤ ᠣᠷᠤᠭᠤᠯᠬᠤ ᠰᠤᠳᠤᠯᠭᠠᠨ ᠬᠢᠬᠦ
⑩ ᠮᠣᠩᠭᠤᠯ ᠪᠢᠴᠢᠭ᠎ᠢ ᠮᠠᠰᠢᠨ᠎ᠢᠶᠠᠷ ᠤᠩᠰᠢᠭᠤᠯᠬᠤ ᠰᠤᠳᠤᠯᠭᠠᠨ ᠬᠢᠬᠦ
⑪ ᠮᠣᠩᠭᠤᠯ ᠬᠡᠯᠡᠨ᠎ᠦ ᠮᠠᠰᠢᠨ᠎ᠢᠶᠠᠷ ᠰᠣᠨᠤᠰᠴᠤ ᠲᠠᠨᠢᠬᠤ ᠰᠤᠳᠤᠯᠭᠠᠨ ᠬᠢᠬᠦ
⑫ ᠮᠣᠩᠭᠤᠯ ᠪᠣᠯᠤᠨ ᠪᠤᠰᠤᠳ ᠬᠡᠯᠡᠨ᠎ᠦ ᠣᠷᠴᠢᠭᠤᠯᠭ᠎ᠠ᠎ᠶᠢᠨ ᠰᠤᠳᠤᠯᠭᠠᠨ ᠬᠢᠬᠦ
᠁᠁
ᠭᠡᠬᠦ ᠵᠡᠷᠭᠡ ᠪᠠᠢᠨ᠎ᠠ᠃
ᠠᠷᠪᠠ᠂ ᠬᠦᠰᠡᠯ ᠪᠠ ᠨᠠᠢᠳᠠᠯᠭ᠎ᠠ
① ᠮᠣᠩᠭᠤᠯ ᠪᠢᠴᠢᠭ᠎ᠢᠶᠡᠨ ᠥᠷᠭᠡᠨ᠎ᠢᠶᠡᠷ ᠬᠡᠷᠡᠭᠯᠡᠶ᠎ᠡ
ᠬᠠᠮᠤᠭ᠎ᠤᠨ ᠲᠡᠷᠢᠭᠦᠨ᠎ᠳᠦ᠂ ᠮᠣᠩᠭᠤᠯᠴᠤᠳ ᠪᠦᠭᠦᠳᠡᠭᠡᠷ᠎ᠢᠶᠡᠨ ᠮᠣᠩᠭᠤᠯ ᠪᠢᠴᠢᠭ᠎ᠢᠶᠡᠨ ᠬᠡᠷᠡᠭᠯᠡᠵᠡᠭᠡᠶ᠎ᠡ᠃ ᠬᠡᠯᠡ ᠭᠡᠳᠡᠭ᠎ᠴᠢᠨᠢ ᠬᠡᠯᠡᠬᠦ᠎ᠪᠡᠨ ᠪᠠᠢᠪᠠᠯ ᠭᠡᠭᠡᠭᠳᠡᠭᠡᠳ᠂ ᠦᠰᠦᠭ ᠪᠢᠴᠢᠭ ᠭᠡᠳᠡᠭ᠎ᠴᠢᠨᠢ ᠬᠡᠷᠡᠭᠯᠡᠬᠦ᠎ᠪᠡᠨ ᠪᠠᠢᠪᠠᠯ ᠮᠠᠷᠲᠠᠭᠳᠠᠳᠠᠭ ᠪᠠᠢᠬᠤ ᠪᠢᠰᠢᠦ᠃ ᠤᠭᠲᠠᠭᠠᠨ ᠪᠣᠯ ᠮᠣᠩᠭᠤᠯ ᠪᠢᠴᠢᠭ᠎ᠦᠨ ᠰᠢᠰᠲᠧᠮ᠎ᠢ ᠬᠡᠷᠡᠭᠯᠡᠶ᠎ᠡ ᠭᠡᠪᠡᠴᠦ ᠪᠠᠢᠬᠤ᠎ᠦᠭᠡᠢ᠂ ᠪᠣᠢ ᠪᠣᠯᠤᠭᠰᠠᠨ᠎ᠤ ᠳᠠᠷᠠᠭᠠᠴᠤ ᠥᠭᠡᠷ᠎ᠡ ᠪᠤᠰᠤᠳ᠎ᠲᠠᠢ ᠬᠠᠷᠢᠯᠴᠠᠵᠤ᠂ ᠰᠣᠯᠢᠯᠴᠠᠵᠤ ᠴᠢᠳᠠᠬᠤ᠎ᠦᠭᠡᠢ ᠪᠠᠢᠭᠰᠠᠨ ᠪᠣᠯᠬᠣᠷ ᠪᠤᠰᠤᠳ ᠬᠡᠯᠡ᠎ᠶᠢ ᠵᠢᠭᠡᠯᠡᠵᠦ ᠬᠡᠷᠡᠭᠯᠡᠵᠦ ᠪᠠᠢᠭᠰᠠᠨ ᠮᠠᠭᠠᠳ᠂ ᠣᠳᠤ ᠳᠡᠯᠡᠬᠡᠢ ᠨᠡᠢᠲᠡ᠎ᠪᠡᠷ ᠬᠡᠷᠡᠭᠯᠡᠬᠦ ᠪᠠᠷᠢᠮᠵᠢᠶᠠᠲᠤ ᠰᠢᠰᠲᠧᠮ᠎ᠢ ᠰᠤᠳᠤᠯᠤᠨ ᠪᠦᠲᠦᠭᠡᠭᠰᠡᠨ ᠪᠣᠯᠬᠤᠷ ᠮᠣᠩᠭᠤᠯᠴᠤᠳᠮᠠᠨᠢ ᠪᠦᠭᠦᠳᠡᠭᠡᠷ ᠮᠣᠩᠭᠤᠯ ᠦᠰᠦᠭ ᠪᠢᠴᠢᠭ᠎ᠢᠶᠡᠨ ᠳᠡᠯᠭᠡᠷᠡᠩᠭᠦᠢ ᠬᠡᠷᠡᠭᠯᠡᠵᠦ᠂ ᠮᠣᠩᠭᠤᠯ ᠦᠰᠦᠭ ᠪᠢᠴᠢᠭ ᠪᠠ ᠮᠣᠩᠭᠤᠯ ᠰᠣᠶᠤᠯ᠎ᠢᠶᠠᠨ ᠴᠠᠭ ᠦᠶ᠎ᠡ᠎ᠶᠢᠨ ᠬᠥᠭᠵᠢᠯᠲᠡ᠎ᠡᠴᠡ ᠬᠣᠴᠤᠷᠤᠭᠤᠯᠬᠤᠦᠭᠡᠢᠪᠠᠷ ᠴᠢᠷᠮᠠᠢᠵᠠᠭᠠᠶ᠎ᠠ᠃
② ᠪᠠᠷᠢᠮᠵᠢᠶᠠᠲᠤ ᠮᠣᠩᠭᠤᠯ ᠰᠢᠰᠲᠧᠮ᠎ᠢᠶᠡᠨ ᠲᠦᠭᠡᠮᠡᠯᠵᠢᠭᠦᠯᠦᠶᠡ
ᠳᠡᠭᠡᠷ᠎ᠡ ᠳᠤᠷᠠᠳᠤᠭᠰᠠᠨ ᠮᠡᠲᠦ᠎ᠪᠡᠷ᠂ ᠪᠠᠷᠢᠮᠵᠢᠶ᠎ᠠ᠎ᠦᠭᠡᠢ ᠪᠣᠯ ᠮᠣᠩᠭᠤᠯ ᠪᠢᠴᠢᠭ᠎ᠦᠨ ᠰᠢᠰᠲᠧᠮ ᠳᠡᠯᠭᠡᠷᠡᠩᠭᠦᠢ ᠬᠡᠷᠡᠭᠯᠡᠭᠳᠡᠬᠦ ᠪᠣᠯᠤᠯᠴᠠᠭ᠎ᠠ᠎ᠦᠭᠡᠢ ᠭᠡᠰᠡᠨ᠎ᠢ ᠲᠠ᠎ᠨᠠᠷ ᠰᠠᠢᠨ ᠣᠢᠯᠭᠠᠭᠰᠠᠨ ᠪᠢᠵᠡ᠃ ᠡᠢᠮᠦ᠎ᠡᠴᠡ ᠡᠭᠦᠨ᠎ᠡᠴᠡ ᠬᠣᠢᠰᠢ ᠪᠢᠳᠡ ᠪᠠᠷᠢᠮᠵᠢᠶ᠎ᠠ ᠪᠤᠰᠤ ᠰᠢᠰᠲᠧᠮ᠎ᠢ ᠬᠡᠷᠡᠭᠯᠡᠬᠦ᠎ᠪᠡᠨ ᠪᠠᠢᠵᠤ᠂ ᠪᠠᠷᠢᠮᠵᠢᠶᠠᠲᠤ ᠮᠣᠩᠭᠤᠯ ᠰᠢᠰᠲᠧᠮ᠎ᠢᠶᠡᠨ ᠲᠦᠭᠡᠮᠡᠯᠵᠢᠭᠦᠯᠦᠶᠡ᠃
ᠪᠠᠷᠢᠮᠵᠢᠶᠠᠲᠤ ᠮᠣᠩᠭᠤᠯ ᠰᠦᠯᠵᠢᠶᠡᠨ᠎ᠦ ᠮᠠᠲᠧᠷᠢᠶᠠᠯ᠎ᠢᠶᠠᠨ ᠨᠡᠮᠡᠭᠳᠡᠭᠦᠯᠦᠶ᠎ᠡ᠃ ᠴᠢᠮᠡᠭᠡ ᠰᠤᠷᠠᠭ᠂ ᠶᠡᠷᠦ᠎ᠶᠢᠨ ᠮᠡᠳᠡᠯᠭᠡ᠂ ᠰᠢᠯᠦᠭ ᠵᠣᠬᠢᠶᠠᠯ᠂ ᠳᠠᠭᠤᠤ ᠬᠥᠭᠵᠢᠮ᠂ ᠠᠵᠤ ᠠᠬᠤᠢ᠂ ᠠᠷᠠᠯᠵᠢᠶ᠎ᠠ ᠮᠠᠢᠮᠠᠢ᠂ ᠡᠮ ᠡᠮᠨᠡᠯᠭᠡ᠂ ᠡᠷᠳᠡᠮ ᠰᠢᠨᠵᠢᠯᠡᠭᠡ᠂ ᠪᠠᠢᠭᠠᠯᠢ᠂ ᠨᠡᠢᠭᠡᠮ᠂ ᠪᠠᠭᠠᠵᠢ ᠬᠡᠷᠡᠭᠰᠡᠯ ᠵᠡᠷᠭᠡ ᠣᠯᠠᠨ ᠵᠦᠢᠯ᠎ᠢ ᠬᠠᠮᠤᠷᠤᠭᠰᠠᠨ᠂ ᠮᠣᠩᠭᠤᠯᠴᠤᠳ ᠣᠯᠠᠨ᠎ᠳᠠᠭᠠᠨ ᠠᠰᠢᠭ ᠲᠤᠰᠠᠲᠠᠢ ᠮᠠᠲᠧᠷᠢᠶᠠᠯ᠎ᠤᠨ ᠴᠢᠳᠠᠬᠤ᠎ᠶᠢᠨ ᠬᠢᠷᠢ᠎ᠪᠡᠷ ᠮᠣᠩᠭᠤᠯ ᠰᠦᠯᠵᠢᠶᠡᠨ᠎ᠳᠡᠭᠡᠨ ᠨᠡᠢᠲᠡᠯᠡᠨ᠂ ᠮᠣᠩᠭᠤᠯ ᠰᠦᠯᠵᠢᠶᠡᠨ᠎ᠦ ᠠᠭᠤᠯᠭ᠎ᠠ᠎ᠪᠠᠨ ᠪᠠᠶᠠᠯᠢᠭᠵᠢᠭᠤᠯᠵᠤ᠂ ᠨᠡᠢᠲᠡᠯᠡᠭᠰᠡᠨ ᠠᠭᠤᠯᠭ᠎ᠠ᠎ᠪᠠᠨ ᠪᠦᠬᠦ ᠮᠣᠩᠭᠤᠯᠴᠤᠳ᠎ᠲᠠᠭᠠᠨ ᠲᠦᠭᠡᠮᠡᠯ ᠮᠡᠳᠡᠭᠦᠯᠵᠦ ᠠᠵᠢᠯ ᠠᠮᠢᠳᠤᠷᠠᠯᠳᠤᠨᠢ ᠲᠤᠰᠠ ᠦᠵᠡᠭᠦᠯᠦᠶ᠎ᠡ᠃ ᠬᠤᠪᠢ ᠬᠤᠪᠢ᠎ᠶᠢᠨ ᠮᠡᠳᠡᠭᠰᠡᠨᠰᠤᠷᠤᠭᠰᠠᠨ᠂ ᠦᠵᠡᠭᠰᠡᠨ ᠰᠣᠨᠤᠰᠤᠭᠰᠠᠨ᠎ᠢᠶᠠᠨ ᠮᠣᠩᠭᠤᠯᠴᠤᠳ ᠤᠯᠠᠨ᠎ᠳᠠᠭᠠᠨ ᠰᠣᠨᠢᠷᠬᠠᠭᠤᠯᠵᠤ᠂ ᠰᠣᠶᠤᠯ ᠮᠡᠳᠡᠯᠭᠡ᠎ᠪᠡᠨ ᠤᠯᠠᠮᠵᠢᠯᠠᠨ ᠲᠦᠭᠡᠮᠡᠯᠵᠢᠭᠦᠯᠵᠦ᠂ ᠬᠡᠦᠬᠡᠳ ᠳᠡᠭᠦᠦᠨᠡᠷᠲᠡᠭᠡᠨ ᠬᠤᠷᠳᠤᠨ ᠰᠤᠷᠭᠠᠶ᠎ᠠ᠃ᠮᠣᠩᠭᠤᠯᠴᠤᠳ ᠮᠠᠨᠢ ᠬᠠᠷᠢᠯᠴᠠᠨ ᠬᠠᠮᠵᠢᠯᠴᠠᠵᠤ᠂ ᠣᠷᠭᠢᠯᠤᠮ᠎ᠠ ᠬᠠᠯᠠᠭᠤᠨ ᠬᠠᠢᠷ᠎ᠠ ᠰᠡᠳᠭᠢᠯᠭᠡ ᠪᠠ ᠬᠠᠯᠠᠰᠢᠷᠠᠯ᠎ᠦᠭᠡᠢ ᠴᠢᠷᠮᠠᠢᠯᠭ᠎ᠠ ᠪᠠᠷ᠎ᠢᠶᠡᠨ ᠮᠣᠩᠭᠤᠯ ᠰᠣᠶᠤᠯ᠎ᠢᠶᠠᠨ ᠳᠡᠯᠭᠡᠷᠡᠭᠦᠯᠦᠨ ᠪᠠᠳᠠᠷᠠᠭᠤᠯᠬᠤ ᠠᠵᠢᠯ᠎ᠳᠤ ᠬᠤᠪᠢ ᠨᠡᠮᠡᠭᠦᠷᠢ᠎ᠪᠡᠨ ᠬᠠᠷᠠᠮ᠎ᠦᠭᠡᠢ ᠡᠷᠭᠦᠬᠦ ᠵᠢ ᠬᠦᠰᠡᠶ᠎ᠡ᠃
ᠰᠠᠢᠬᠠᠨ ᠬᠡᠷᠡᠭᠯᠡᠭᠡᠨ᠎ᠳᠦ ᠣᠷᠤᠵᠤ ᠪᠠᠢᠭ᠎ᠠ ᠡᠨᠡᠬᠦ ᠤᠯᠠᠨ ᠤᠯᠤᠰ᠎ᠤᠨ ᠪᠠᠷᠢᠮᠵᠢᠶᠠᠲᠤ ᠮᠣᠩᠭᠤᠯ ᠪᠢᠴᠢᠭ᠎ᠦᠨ ᠮᠠᠰᠢᠨ᠂ ᠰᠢᠰᠲᠧᠮ ᠪᠠ ᠰᠣᠹᠲ ᠵᠡᠷᠭᠡ᠎ᠪᠡᠨ ᠡᠷᠳᠡᠮᠲᠡᠳ ᠮᠠᠨᠢ ᠪᠠᠭᠠᠵᠢ ᠵᠡᠪᠰᠡᠭ᠎ᠢᠶᠡᠨ ᠪᠣᠯᠭᠠᠵᠤ᠂ ᠮᠡᠷᠭᠡᠵᠢᠯᠲᠡᠳ ᠮᠠᠨᠢ ᠠᠵᠢᠯ ᠦᠢᠯᠡᠰ᠎ᠢᠶᠡᠨ ᠪᠣᠯᠭᠠᠵᠤ᠂ ᠵᠠᠯᠠᠭᠤᠴᠤᠳ ᠮᠠᠨᠢ ᠠᠵᠠ ᠵᠠᠪᠰᠢᠶᠠᠨ᠎ᠢᠶᠠᠨ ᠪᠣᠯᠭᠠᠵᠤ᠂ ᠬᠡᠦᠬᠡᠳ ᠳᠡᠭᠦᠦ᠎ᠨᠡᠷ ᠮᠠᠨᠢ ᠬᠦᠰᠡᠯᠡᠩ᠎ᠢᠶᠡᠨ ᠪᠣᠯᠭᠠᠵᠤ᠂ ᠤᠯᠠᠨᠮᠣᠩᠭᠤᠯᠴᠤᠳ ᠪᠦᠭᠦᠳᠡᠭᠡᠷ᠎ᠢᠶᠡᠨ ᠬᠠᠷᠢᠭᠤᠴᠠᠯᠭ᠎ᠠ᠎ᠪᠠᠨ ᠪᠣᠯᠭᠠᠵᠤ᠂ ᠥᠪᠡᠷ᠎ᠦᠨ᠎ᠢᠶᠡᠨ ᠦᠭᠡ ᠬᠡᠯᠡ ᠦᠰᠦᠭ ᠪᠢᠴᠢᠭ᠎ᠢᠶᠡᠨ ᠤᠯᠠᠮ ᠰᠠᠢᠨ ᠬᠥᠭᠵᠢᠭᠦᠯᠦᠶ᠎ᠡ᠃
2012᠎ᠤᠨ᠎ᠤ 2 ᠰᠠᠷ᠎ᠠ
ᠲᠤᠤᠺᠢᠤ᠋ ᠬᠣᠲᠠ᠎ᠳᠤ