ᠮᠣᠩᠭᠤᠯ ᠪᠢᠴᠢᠭ ᠬᠢᠲᠠᠳ
ᠠᠩᠭᠯᠢ
ᠶᠠᠫᠤᠨ

    ᠤᠯᠠᠨ ᠤᠯᠤᠰ᠎ᠤᠨ ᠪᠠᠷᠢᠮᠵᠢᠶᠠᠲᠤ ᠮᠣᠩᠭᠤᠯ ᠪᠢᠴᠢᠭ᠎ᠦᠨ ᠣᠷᠤᠭᠤᠯᠬᠤ ᠠᠷᠭ᠎ᠠ


    ᠡᠩ᠎ᠦᠨ ᠦᠰᠦᠭ᠎ᠢ ᠣᠷᠤᠭᠤᠯᠬᠤ᠎ᠳᠤ ᠡᠯ᠎ᠡ ᠳᠠᠷᠤᠪᠴᠢ᠎ᠶᠢ ᠰᠢᠭᠤᠳ ᠳᠠᠷᠤᠵᠤ ᠣᠷᠤᠭᠤᠯᠤᠨ᠎ᠠ᠃
        ᠠ(a) : ᠠᠪᠤ(abv)᠂ ᠨᠠᠮ(nam)᠂ ᠬᠤᠷᠴᠠ(hvrqa)
        ᠡ(e) : ᠡᠵᠢ(eji)᠂ ᠡᠷᠳᠡᠮ(erdem)᠂ ᠮᠧᠳᠡᠭ(mEdeg)᠂ ᠪᠢᠳᠡ(bide)
        ᠎ᠢ(i) : ᠢᠳᠡ(ide)᠂ ᠴᠢᠳᠠᠯ(qidal)᠂ ᠭᠠᠬᠠᠢ(gahai)
        ᠎ᠤ(w) : ᠣᠳᠣ(wdw)᠂ ᠰᠣᠶᠤᠯ(swywl)᠂ ᠰᠣᠳᠤ(swdv)
        ᠎ᠤ(v) : ᠤᠰᠤ(vsv)᠂ ᠤᠳᠤᠮ(vdvm)᠂ ᠶᠠᠪᠤ(yabv)
        ᠥ(o) : ᠥᠷᠭᠡᠨ(orgen)᠂ ᠬᠥᠳᠡᠭᠡ(hodege)᠂ ᠥᠨᠥ(ono)
        ᠎ᠦ(u) : ᠦᠭᠡ(uge)᠂ ᠵᠦᠯᠭᠡ(julge)᠂ ᠵᠡᠭᠦᠦ(jeguu)
        ᠨ(n) : ᠨᠠᠷᠠ(nara)᠂ ᠴᠢᠨᠠᠷ(qinar)᠂ ᠠᠨᠳᠠ(anda)᠂ ᠬᠠᠷᠢᠨ(harin)
        ᠪ(b) : ᠪᠠᠲᠤ(batv)᠂ ᠠᠪᠬᠤ(abhv)᠂ ᠠᠪ(ab)
        ᠫ(p) : ᠫᠤᠤ(pvv)᠂ ᠫᠢᠫᠠ(pipa)᠂ ᠫᠣᠮᠫ(pwmp)
        ᠬ(᠊ᠭ᠍᠊)(h) : ᠬᠠᠳᠠ(hada)᠂ ᠬᠥᠬᠡ(hohe)᠂ ᠭᠠᠢᠬᠠᠮᠠᠷ(gaihamar)᠂ ᠡᠷᠬᠡ(erhe)
        ᠭ(᠊ᠭ᠍᠊)(g) : ᠭᠠᠯ(gal)᠂ ᠭᠡᠳᠡᠰᠦ(gedesu)᠂ ᠠᠷᠭᠠᠯ(argal)᠂
                ᠴᠣᠭᠲᠤ(qwgtv)᠂ ᠳᠡᠭᠳᠡᠬᠦ(degdehu)᠂ ᠠᠳᠠᠭ(adag)
        ᠮ(m) : ᠮᠠᠯᠴᠢᠨ(malqin)᠂ ᠡᠮᠴᠢ(emqi)᠂ ᠤᠳᠤᠮ(vdvm)
        ᠯ(l) : ᠯᠤᠤ(lvv)᠂ ᠪᠡᠯᠭᠡ(belge)᠂ ᠢᠲᠡᠭᠡᠯ(itegel)
        ᠰ(s) : ᠰᠠᠬᠠᠯ(sahal)᠂ ᠪᠣᠰᠬᠤ(bwshv)᠂ ᠤᠯᠤᠰ(vlvs)
        ᠱ(x) : ᠱᠥᠯᠦ(xulu)᠂ ᠪᠣᠱᠣᠭ(bwxvg)᠂ ᠲᠤᠤᠱ(tvvx)
        ᠲ(t) : ᠲᠠᠪᠤ(tabv)᠂ ᠬᠠᠲᠠᠭᠤ(hatagv)᠂ ᠺᠠᠷᠲ(kart)
        ᠳ(d) : ᠳᠠᠯᠠᠢ(dalai)᠂ ᠠᠳᠤᠭᠤ(advgv)᠂ ᠰᠡᠳᠭᠢᠯ(sedgil)᠂ ᠠᠷᠠᠳ(arad)
        ᠴ(q) : ᠴᠠᠭᠠᠨ(qagan)᠂ ᠰᠡᠴᠡᠨ(seqen)
        ᠵ(j) : ᠵᠠᠯᠠᠭᠤ(jalagv)᠂ ᠵᠤᠵᠠᠭᠠᠨ(jvjagan)
        ᠶ(y) : ᠶᠠᠪᠤᠳᠠᠯ(yabvdal)᠂ ᠪᠠᠶᠠᠨ(bayan)
        ᠷ(r) : ᠷᠤᠮᠠᠨ(rvman)᠂ ᠲᠡᠷᠭᠡ(terge)᠂ ᠭᠡᠷ(ger)
        ᠸ(W) : ᠸᠠᠭᠠᠷ(Wagar)᠂ ᠲᠠᠸᠠᠷ(taWar)᠂ ᠪᠧᠯᠢᠺᠣᠸ(bElikwW)
        ᠊ᠩ᠊(N) : ᠮᠥᠩᠬᠡ(moNge)᠂ ᠰᠠᠩ(saN)
        ᠹ(f) : ᠹᠠᠱ᠌ᠢᠰᠲ(faxDist)᠂ ᠺᠣᠹᠧ(kwfE)᠂ ᠲᠠᠨᠠᠨᠠᠷᠢᠹ(tananarif)
        ᠺ(k) : ᠺᠠᠯᠢ(kali)᠂ ᠠᠮᠧᠷᠢᠺᠠ(amErika)᠂ ᠹᠢᠽᠢᠺ(fizik)
        ᠼ(c) : ᠼᠠᠨᠮᠦ(canmv)᠂ ᠹᠷᠠᠨᠼᠢ(franci)᠂ ᠺᠠᠯᠼ(kalc)
        ᠽ(z) : ᠽᠠᠨᠳᠠᠨ(zandan)᠂ ᠠᠮᠠᠽᠣᠨᠠᠰ(amazvnas)᠂ ᠪᠧᠯᠢᠽ(bEliz)
        ᠿ(R) : ᠢᠦᠢ ᠿᠦᠩ(iui RuN)
        ᠾ(H) : ᠾᠧᠪᠧᠢ(HEbEi)᠂ ᠺᠠᠯᠠᠾᠠᠷᠢ(kalaHari)᠂ ᠸᠧᠢᠾ(WEiiH)
        ᡁ(Z) : ᠰᠢᠦ ᡁᠢ(siu Zi)
        ᡀ(L) : ᡀᠠᠰᠠ(Lasa)᠂ ᠰᠧᡀᠡᠵᠡᠪ(SeLejab)᠂ ᠰᠧᡀ(sEL)
        ᡂ(C) : ᡂᠢ ᠪᠢ(Ci bi)

    ᠦᠭᠡ᠎ᠶᠢᠨ ᠡᠴᠦᠰ᠎ᠲᠦ ᠣᠷᠤᠬᠤ᠎ᠳᠠᠭᠠᠨ ᠰᠠᠯᠤᠩᠭᠢᠳᠠ ᠪᠢᠴᠢᠭᠳᠡᠬᠦ ᠠ ᠡ (ᠴᠠᠴᠤᠯᠭ᠎ᠠ)᠊᠎ᠦᠨ ᠣᠷᠤᠭᠤᠯᠬᠤ ᠠᠷᠭ᠎ᠠ MVS
᠊ᠨ(n)᠂ ᠊ᠯ(l)᠂ ᠊ᠷ(r)᠂ ᠊ᠮ(m)᠂᠂ ᠊ᠢ(y)᠂ ᠊ᠸ᠋(W)᠂ ᠊ᠭ(h)᠂ ᠊ᠭ᠋ (g) ᠵᠡᠷᠭᠡ ᠭᠡᠢᠭᠦᠯᠦᠭᠴᠢ᠎ᠶᠢᠨ ᠳᠠᠷᠠᠭ᠎ᠠ ᠰᠠᠯᠤᠩᠭᠢᠳᠠ ᠪᠢᠴᠢᠭᠳᠡᠬᠦ ᠠ᠂ ᠡ( ᠴᠠᠴᠤᠯᠭ᠎ᠠ)᠊᠎ᠢ MVS (ᠲᠣᠮᠤ ᠪᠢᠴᠢᠯᠭᠡ᠎ᠶᠢᠨ A)᠎ᠪᠡᠷ ᠬᠣᠯᠪᠤᠵᠤ ᠪᠢᠴᠢᠨ᠎ᠡ᠃
        ᠪᠠᠢᠨ᠎ᠠ(bainAa)᠂ ᠥᠭᠭᠦᠨ᠎ᠡ(oggunAe)
        ᠲᠠᠯ᠎ᠠ(talAa)᠂ ᠢᠷᠡᠯ᠎ᠡ(irelAe)
        ᠰᠠᠷ᠎ᠠ(sarAa)᠂ ᠦᠷ᠎ᠡ(urAe)
        ᠤᠷᠮ᠎ᠠ(vrmAa)᠂ ᠰᠦᠮ᠎ᠡ(sumAe)
        ᠲᠠᠷᠢᠶ᠎ᠠ(tariyAa)᠂ ᠦᠶ᠎ᠡ(uyAe)
        ᠭᠤᠤ᠎ᠠ(gvWAa)
        ᠪᠠᠬ᠎ᠠ(bahAa)
        ᠪᠠᠭ᠎ᠠ(bagAa)

    ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ ᠳᠦᠷᠰᠦ᠎ᠶᠢ ᠲᠤᠰᠠᠭᠠᠷᠯᠠᠨ ᠢᠯᠡᠷᠡᠭᠦᠯᠬᠦ
    ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ ᠳᠦᠷᠰᠦ᠎ᠶᠢ ᠲᠤᠰᠠᠭᠠᠷᠯᠠᠨ ᠢᠯᠡᠷᠡᠭᠦᠯᠬᠦ᠎ᠳᠦ ᠨᠢᠷᠤᠭᠤ (ᠲᠣᠮᠤ ᠪᠢᠴᠢᠯᠭᠡ᠎ᠶᠢᠨI)᠊᠎ᠢ ᠠᠰᠢᠭᠯᠠᠨ᠎ᠠ᠃

        ᠳᠡᠭᠡᠷ᠎ᠡ ᠣᠷᠤᠬᠤ ᠳᠦᠷᠰᠦ: ᠦᠰᠦᠭ᠎ᠦᠨ ᠬᠣᠢᠨ᠎ᠠ᠎ᠨᠢ ᠨᠢᠷᠤᠭᠤ ᠵᠠᠯᠭᠠᠨ᠎ᠠ᠃
        ᠵᠢᠱ᠌ᠢᠶᠡᠯᠡᠪᠡᠯ: ᠠ᠊(aI)

        ᠳᠤᠮᠳᠠ ᠣᠷᠤᠬᠤ ᠳᠦᠷᠰᠦ: ᠦᠰᠦᠭ᠎ᠦᠨ ᠡᠮᠦᠨ᠎ᠡ ᠬᠣᠢᠨ᠎ᠠ᠎ᠨᠢ ᠪᠦᠷ ᠨᠢᠷᠤᠭᠤ ᠵᠠᠯᠭᠠᠨ᠎ᠠ᠃
        ᠵᠢᠱ᠌ᠢᠶᠡᠯᠡᠪᠡᠯ:᠊ᠠ᠊(IaI)

        ᠳᠣᠣᠷ᠎ᠠ ᠣᠷᠤᠬᠤ ᠳᠦᠷᠰᠦ: ᠦᠰᠦᠭ᠎ᠦᠨ ᠡᠮᠦᠨ᠎ᠡ᠎ᠡᠴᠡ᠎ᠨᠢ ᠨᠢᠷᠤᠭᠤ ᠵᠠᠯᠭᠠᠨ᠎ᠠ᠃
        ᠵᠢᠱ᠌ᠢᠶᠡᠯᠡᠪᠡᠯ:᠊ᠠ(Ia)

    ᠳᠦᠷᠰᠦ ᠬᠤᠪᠢᠷᠠᠭᠠᠬᠤ ᠲᠡᠮᠳᠡᠭ FVS1,FVS2,FVS3
    ᠵᠠᠷᠢᠮ ᠮᠣᠩᠭᠤᠯ ᠦᠰᠦᠭ᠎ᠨᠢ ᠤᠭ ᠳᠦᠷᠰᠦ᠎ᠪᠡᠷ ᠪᠢᠴᠢᠭᠳᠡᠬᠦ ᠪᠠ ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠬᠤ᠎ᠳᠠᠭᠠᠨ ᠳᠦᠷᠰᠦ ᠬᠤᠪᠢᠷᠠᠬᠤ ᠤᠴᠢᠷ᠎ᠲᠠᠢ ᠪᠠᠢᠳᠠᠭ᠃ ᠳᠦᠷᠰᠦ ᠬᠤᠪᠢᠷᠠᠬᠤ ᠴᠢᠬᠤᠯᠠᠲᠠᠢ ᠦᠶ᠎ᠡ᠎ᠳᠦ ᠳᠦᠷᠰᠦ ᠬᠤᠪᠢᠷᠠᠭᠤᠯᠬᠤ ᠲᠡᠮᠳᠡᠭ᠎ᠢ ᠠᠰᠢᠭᠯᠠᠵᠤ ᠬᠤᠪᠢᠷᠠᠭᠤᠯᠤᠨ᠎ᠠ᠃ ᠬᠤᠪᠢᠷᠠᠭᠤᠯᠬᠤ ᠠᠷᠭ᠎ᠠ᠎ᠨᠢ ᠳᠣᠣᠷᠠᠬᠢ ᠬᠦᠰᠦᠨᠦᠭᠲᠦ᠎ᠳᠦ ᠵᠢᠭᠰᠠᠭᠠᠭᠰᠠᠨ ᠮᠡᠲᠦ᠃ ᠤᠭ ᠳᠦᠷᠰᠦ ᠪᠠ ᠦᠭᠡ᠎ᠶᠢᠨ ᠡᠬᠢᠨ ᠳᠤᠮᠳᠠ ᠠᠳᠠᠭ᠎ᠲᠤ ᠣᠷᠤᠬᠤ ᠳᠦᠷᠰᠦ᠎ᠨᠢ ᠬᠣᠶᠠᠷ ᠪᠤᠶᠤ ᠬᠣᠶᠠᠷ᠎ᠠᠴᠠ ᠳᠡᠭᠡᠭᠰᠢ ᠪᠠᠢᠪᠠᠯ᠂
        ᠬᠣᠶᠠᠳᠤᠭᠠᠷ ᠳᠦᠷᠰᠦ᠎ᠶᠢ ᠪᠢᠴᠢᠬᠦ᠎ᠳᠦ ᠤᠤᠯ ᠦᠰᠦᠭ᠎ᠦᠨ ᠠᠷᠤ᠎ᠳᠤ᠎ᠨᠢ FVS1(ᠲᠣᠮᠤD)᠊᠎ᠢ ᠵᠠᠯᠭᠠᠵᠤ ᠪᠢᠴᠢᠨ᠎ᠡ᠃
        ᠭᠤᠷᠪᠠᠳᠤᠭᠠᠷ ᠳᠦᠷᠰᠦ᠎ᠶᠢ ᠪᠢᠴᠢᠬᠦ᠎ᠳᠦ ᠤᠤᠯ ᠦᠰᠦᠭ᠎ᠦᠨ ᠠᠷᠤ᠎ᠳᠤ᠎ᠨᠢ FVS2(ᠲᠣᠮᠤF)᠊᠎ᠢ ᠵᠠᠯᠭᠠᠵᠤ ᠪᠢᠴᠢᠨ᠎ᠡ᠃
        ᠳᠥᠷᠪᠡᠳᠦᠭᠡᠷ ᠳᠦᠷᠰᠦ᠎ᠶᠢ ᠪᠢᠴᠢᠬᠦ᠎ᠳᠦ ᠤᠤᠯ ᠦᠰᠦᠭ᠎ᠦᠨ ᠠᠷᠤ᠎ᠳᠤ᠎ᠨᠢ FVS3(ᠲᠣᠮᠤG)᠊᠎ᠢ ᠵᠠᠯᠭᠠᠵᠤ ᠪᠢᠴᠢᠨ᠎ᠡ᠃
    ᠡᠭᠡᠰᠢᠭ ᠭᠡᠢᠭᠦᠯᠦᠭᠴᠢ᠎ᠶᠢᠨ ᠡᠯ᠎ᠡ ᠳᠦᠷᠰᠦ᠎ᠶᠢ ( ᠡᠭᠡᠰᠢᠭ ᠭᠡᠢᠭᠦᠯᠦᠭᠴᠢ᠎ᠶᠢᠨ ᠬᠦᠰᠦᠨᠦᠭ)᠊᠎ᠳᠦ ᠯᠠᠪᠯᠠᠭᠠᠷᠠᠢ᠃
    ᠭᠡᠪᠡᠴᠦ ᠮᠡᠷᠭᠡᠵᠢᠯ᠎ᠦᠨ ᠬᠢᠵᠠᠭᠠᠷ᠎ᠠᠴᠠ ᠪᠣᠯᠵᠤ ᠣᠨᠴᠤᠭᠤᠢ ᠪᠠᠢᠳᠠᠯ ᠪᠠᠢᠳᠠᠭ᠃
    (1) ᠬᠥᠨᠳᠡᠢ ᠦᠭᠡᠨ᠎ᠳᠦ ᠬᠡᠷᠡᠭᠯᠡᠭᠳᠡᠬᠦ ᠳᠡᠪᠢᠰᠭᠡᠷ ᠦᠰᠦᠭ ᠊ᠭ᠍᠊
    ᠡ(e)᠊ ᠥ᠊(o) ᠦ᠊(u)᠊᠎ᠦᠨ ᠳᠠᠷᠠᠭ᠎ᠠ ᠣᠷᠤᠬᠤ᠎ᠳᠤ ᠳᠦᠷᠰᠦ ᠬᠤᠪᠢᠷᠠᠭᠠᠬᠤ ᠬᠡᠷᠡᠭ᠎ᠦᠭᠡᠢ᠃ ᠭᠡᠪᠡᠴᠦ ᠢ᠊᠎ᠶᠢᠨ ᠳᠠᠷᠠᠭ᠎ᠠ ᠣᠷᠤᠬᠤ᠎ᠳᠤ ᠠᠷᠤ᠎ᠳᠤᠨᠢ ᠲᠣᠮᠤ ᠪᠢᠴᠢᠯᠭᠡ᠎ᠶᠢᠨG(ᠳᠤᠮᠳᠠ ᠣᠷᠤᠬᠤ)᠊᠎ᠢ ᠵᠠᠯᠭᠠᠨ ᠪᠢᠴᠢᠵᠦ᠂ ᠠᠯᠪᠠ᠎ᠪᠠᠷ ᠳᠦᠷᠰᠦ ᠬᠤᠪᠢᠷᠠᠭᠠᠬᠤ ᠴᠢᠬᠤᠯᠠᠲᠠᠢ᠃
    ᠵᠢᠱ᠌ᠢᠶᠡᠯᠡᠪᠡᠯ: ᠪᠢᠴᠢᠭᠰᠡᠨ(biqigGsen)

    ᠲᠡᠢᠨ ᠢᠯᠭᠠᠯ᠎ᠤᠨ ᠳᠠᠭᠠᠪᠥᠷᠢ ᠣᠷᠤᠭᠤᠯᠬᠤ ᠠᠷᠭ᠎ᠠ NNBSP(202F)
    ᠰᠠᠯᠤᠩᠭᠢᠳᠠ ᠪᠢᠴᠢᠬᠦ ᠳᠠᠭᠠᠪᠥᠷᠢ᠎ᠶᠢ ᠮᠥᠷ᠎ᠦᠨ ᠡᠬᠢᠨ᠎ᠳᠦ ᠢᠯᠡᠷᠡᠭᠦᠯᠬᠦ᠎ᠦᠭᠡᠢ᠎ᠶᠢᠨ ᠲᠥᠯᠦᠭᠡ ᠡᠮᠦᠨᠡᠬᠢ ᠦᠭᠡ᠎ᠲᠡᠢ᠎ᠪᠡᠨ NNBSP(202F =ᠲᠣᠮᠤ S)᠎ᠪᠡᠷ ᠬᠣᠯᠪᠤᠵᠤ ᠪᠢᠴᠢᠬᠦ ᠴᠢᠬᠤᠯᠠᠲᠠᠢ᠃ ᠳᠠᠭᠠᠪᠤᠷᠢ᠎ᠨᠢ ᠳᠠᠪᠬᠤᠷᠯᠠᠭᠳᠠᠨ ᠬᠡᠷᠡᠭᠯᠡᠭᠳᠡᠭᠰᠡᠨ ᠦᠶ᠎ᠡ᠎ᠳᠦ᠎ᠴᠦ ᠬᠣᠭᠤᠷᠤᠨᠳᠤ᠎ᠨᠢ NNBSP(202F =ᠲᠣᠮᠤ S)᠎ᠪᠡᠷ ᠬᠣᠯᠪᠤᠵᠤ ᠪᠢᠴᠢᠨ᠎ᠡ᠃
    ᠵᠢᠱ᠌ᠢᠶᠡᠯᠡᠪᠡᠯ:
        ᠳᠦᠷᠰᠦ᠎ᠪᠡᠷ(dursuSber)
        ᠦᠭᠡ᠎ᠶᠢᠨ(ugeSiin)
        ᠳᠠᠭᠤᠳᠠᠯᠭ᠎ᠠ᠎ᠪᠠᠷ᠎ᠢᠶᠠᠨ(dagvdalgAaSbarSiien)
    ᠲᠡᠢᠨ ᠢᠯᠭᠠᠯ᠎ᠤᠨ ᠳᠠᠭᠠᠪᠥᠷᠢ᠎ᠶᠢᠨ ᠬᠡᠷᠡᠭᠯᠡᠬᠦ ᠠᠷᠭ᠎ᠠ᠎ᠶᠢ ( ᠳᠠᠭᠠᠪᠥᠷᠢ)᠊᠎ᠳᠦ ᠯᠠᠪᠯᠠᠭᠠᠷᠠᠢ᠃

    ᠳᠦᠷᠰᠦ ᠢᠵᠢᠯ ᠦᠰᠦᠭ᠎ᠢ ᠢᠯᠭᠠᠬᠤ ᠬᠡᠷᠡᠭᠲᠡᠢ
    ᠮᠣᠩᠭᠤᠯ ᠪᠢᠴᠢᠭ᠎ᠦᠨ ᠣᠯᠠᠨ ᠤᠯᠤᠰ᠎ᠤᠨ ᠪᠠᠷᠢᠮᠵᠢᠶ᠎ᠠ ᠭᠠᠷᠴᠤ ᠢᠷᠡᠬᠦ᠎ᠡᠴᠡ ᠡᠮᠦᠨ᠎ᠡ ᠪᠣᠯ ᠬᠡᠪᠯᠡᠨ ᠳᠠᠷᠤᠮᠠᠯᠯᠠᠬᠤ ᠵᠣᠷᠢᠯᠭ᠎ᠠ᠎ᠠᠴᠠ ᠮᠣᠩᠭᠤᠯ ᠦᠰᠦᠭ᠎ᠢ ᠳᠦᠷᠰᠦ᠎ᠶᠢ᠎ᠨᠢ ᠦᠵᠡᠵᠦ ᠺᠣᠮᠫᠢᠦ᠋ᠲᠧᠷ᠎ᠲᠦ ᠣᠷᠤᠭᠤᠯᠲᠠᠭ ᠪᠠᠢᠭᠰᠠᠨ᠎ᠶᠤᠮ᠃ ᠭᠡᠪᠡᠴᠦ ᠮᠣᠩᠭᠤᠯ ᠪᠢᠴᠢᠭ᠎ᠦᠨ ᠣᠯᠠᠨ ᠤᠯᠤᠰ᠎ᠤᠨ ᠪᠠᠷᠢᠮᠵᠢᠶ᠎ᠠ᠎ᠳᠤ ᠵᠠᠪᠠᠯ ᠵᠥᠪ ᠳᠠᠭᠤᠳᠠᠯᠭ᠎ᠠ᠎ᠪᠠᠷ ᠵᠥᠪ ᠪᠢᠴᠢᠬᠦ᠎ᠶᠢ ᠱᠠᠭᠠᠷᠳᠠᠨ᠎ᠠ᠃ ᠢᠩᠭᠢᠵᠦ ᠬᠢᠬᠦ᠎ᠳᠡᠭᠡᠨ ᠮᠣᠩᠭᠤᠯ ᠬᠡᠯᠡᠨ᠎ᠦ ᠵᠥᠪ ᠳᠠᠭᠤᠳᠠᠯᠭ᠎ᠠ ᠵᠥᠪ ᠪᠢᠴᠢᠯᠭᠡ᠎ᠶᠢᠨ ᠲᠣᠯᠢ᠎ᠶᠢ ᠵᠢᠷᠤᠮᠯᠠᠨ ᠵᠥᠪ᠎ᠢᠶᠡᠷ ᠣᠷᠤᠭᠤᠯᠬᠤ ᠴᠢᠬᠤᠯᠠᠲᠠᠢ᠃ ᠡᠨᠡ ᠪᠣᠯ ᠮᠣᠩᠭᠤᠯ ᠪᠢᠴᠢᠭ᠎ᠦᠨ ᠣᠯᠠᠨ ᠤᠯᠤᠰ᠎ᠤᠨ ᠪᠠᠷᠢᠮᠵᠢᠶ᠎ᠠ᠎ᠲᠣᠭᠲᠠᠭᠠᠭᠰᠠᠨ ᠭᠣᠣᠯ ᠵᠣᠷᠢᠯᠭ᠎ᠠ ᠪᠣᠯᠤᠨ᠎ᠠ᠃ ᠬᠡᠷᠪᠡ ᠳᠦᠷᠰᠦ ᠢᠵᠢᠯ ᠦᠰᠦᠭ᠎ᠢ ᠬᠤᠳᠭᠤᠯᠳᠤᠭᠤᠯᠤᠨ ᠬᠡᠷᠡᠭᠯᠡᠪᠡᠯ ᠺᠣᠮᠫᠢᠦ᠋ᠲᠧᠷ ᠳᠡᠭᠡᠷᠡᠬᠢ ᠵᠣᠬᠢᠶᠠᠯ ᠳᠣᠲᠤᠷ᠎ᠠ᠎ᠠᠴᠠ ᠰᠦᠪᠡᠭᠴᠢ ᠦᠭᠡ᠎ᠪᠡᠨ ᠡᠷᠢᠵᠦ ᠣᠯᠬᠤ᠎ᠦᠭᠡᠢ᠎ᠪᠠᠷ ᠪᠠᠷᠠᠬᠤ᠎ᠦᠭᠡᠢ ᠰᠦᠯᠵᠢᠶ᠎ᠡ᠎ᠡᠴᠡ ᠮᠣᠩᠭᠤᠯ᠎ᠢᠶᠠᠷ ᠡᠷᠢᠬᠦ᠎ᠳᠦ ᠨᠡᠩ᠎ᠴᠦ ᠬᠦᠴᠢᠷᠲᠡᠢ ᠪᠣᠯᠤᠨ᠎ᠠ᠃ ᠣᠳᠣᠬᠠᠨ ᠳᠡᠭᠡᠷ᠎ᠡ᠎ᠪᠡᠨ ᠨᠤᠲᠤᠭ᠎ᠤᠨ ᠠᠶᠠᠯᠭᠤ᠎ᠶᠢᠨ ᠨᠥᠯᠦᠭᠡ ᠮᠠᠰᠢ ᠶᠡᠬᠡ ᠣᠷᠥᠰᠢᠵᠤ᠂ ᠨᠤᠲᠤᠭ ᠨᠤᠲᠤᠭ᠎ᠤᠨ᠎ᠬᠢᠨ ᠥᠪᠡᠷ ᠥᠪᠡᠢ᠎ᠶᠢ᠎ᠪᠡᠨ ᠵᠥᠪᠳᠡᠭᠡᠵᠦ ᠪᠠᠢᠪᠠᠴᠤ ᠡᠭᠦᠨ᠎ᠡᠴᠡ ᠬᠣᠢᠰᠢ ᠪᠠᠷᠢᠮᠵᠢᠶᠠᠲᠤ ᠲᠣᠯᠢ ᠪᠢᠴᠢᠭ᠎ᠢ ᠲᠦᠰᠢᠭ᠍ᠯᠡᠵᠦ᠂ ᠪᠠᠷᠢᠮᠵᠢᠶᠠᠲᠤ ᠳᠠᠭᠤᠳᠠᠯᠭ᠎ᠠ᠎ᠪᠠᠷ ᠵᠥᠪ ᠪᠢᠴᠢᠬᠦ᠎ᠨᠢ ᠮᠣᠩᠭᠤᠯ ᠪᠢᠴᠢᠭ᠎ᠦᠨ ᠺᠣᠮᠫᠢᠦ᠋ᠲᠧᠷᠴᠢᠯᠡᠯ᠎ᠢ ᠲᠤᠤᠱᠲᠠᠢ ᠪᠡᠶᠡᠯᠡᠭᠦᠯᠬᠦ ᠴᠣᠷ᠎ᠤᠨ ᠭᠠᠭᠴᠠ ᠠᠷᠭ᠎ᠠ ᠵᠠᠮ ᠮᠥᠨ᠃ ᠬᠢᠲᠠᠳ ᠬᠡᠯᠡᠨ᠎ᠦ ᠨᠤᠲᠤᠭ᠎ᠤᠨ ᠠᠶᠠᠯᠭᠤ ᠮᠠᠨ᠎ᠤ ᠮᠣᠩᠭᠤᠯ ᠬᠡᠯᠡᠨ᠎ᠡᠴᠡ ᠮᠣᠩ᠎ᠦᠭᠡᠢ ᠣᠯᠠᠨ ᠪᠠᠢᠳᠠᠭ᠎ᠢ ᠬᠡᠨ᠎ᠴᠦ ᠮᠡᠳᠡᠬᠦ ᠪᠠᠢᠯᠭᠦᠢ᠃ ᠭᠡᠪᠡᠴᠦ ᠬᠢᠲᠠᠳ ᠪᠢᠴᠢᠭ᠎ᠲᠦ ᠴᠤᠷ᠎ᠤᠨ ᠭᠠᠭᠴᠠ ᠪᠠᠷᠢᠮᠵᠢᠶ᠎ᠠ ᠪᠠᠢᠬᠤ ᠤᠴᠢᠷ᠎ᠠᠴᠠ ᠲᠡᠷᠡ᠎ᠨᠢ ᠲᠦᠭᠡᠮᠡᠯ ᠬᠡᠷᠡᠭᠯᠡᠭᠳᠡᠵᠦ ᠪᠠᠢᠬᠤ ᠪᠢᠰᠢᠦ᠃ ᠪᠢᠳᠡ ᠪᠠᠰᠠ ᠲᠡᠭᠡᠵᠦ ᠬᠢᠵᠦ ᠪᠣᠯᠤᠨ᠎ᠠ᠃

    ᠮᠣᠩᠭᠤᠯ ᠪᠢᠴᠢᠭ᠎ᠦᠨ ᠳᠦᠷᠰᠦ ᠢᠵᠢᠯ ᠦᠰᠦᠭ
    ᠊ᠠ᠊(a)᠂ ᠊ᠡ᠊(e) ᠊ᠨ᠊(n)
ᠨᠠᠰᠤ: ᠵᠥᠪ(ᠨᠠᠰᠤ nasv)    ᠪᠤᠷᠤᠭᠤ(ᠨᠠᠰᠤ nesv nnsv)
    ᠊ᠠ(a)᠂ ᠊ᠠ(e) ᠊ᠨ(n)
ᠬᠤᠷᠴᠠ: ᠵᠥᠪ(ᠬᠤᠷᠴᠠ hvrqa)    ᠪᠤᠷᠤᠭᠤ(ᠬᠤᠷᠴᠠ hvrqe hvrqn)
    ᠊ᠠ᠌(a)᠂ ᠊ᠡ(e)
ᠬᠠᠨ᠎ᠠ: ᠵᠥᠪ(ᠬᠠᠨ᠎ᠠ hanAa)    ᠪᠤᠷᠤᠭᠤ(ᠬᠠᠨ᠎ᠠ hanAe)
    ᠊ᠠ᠋(a)᠂ ᠊ᠡ᠋(e)
ᠣᠯᠪᠠ: ᠵᠥᠪ(ᠣᠯᠪᠠ wlba)    ᠪᠤᠷᠤᠭᠤ(ᠣᠯᠪᠡ wlbe)
    ᠣ(w)᠂᠎ᠤ(v)
ᠣᠯᠤᠩ: ᠵᠥᠪ(ᠣᠯᠤᠩ wlvN)    ᠪᠤᠷᠤᠭᠤ(ᠣᠯᠤᠩ vlvN)
    ᠥ᠊(o)᠂ ᠦ᠊(u)
ᠥᠨᠳᠡᠭᠡ: ᠵᠥᠪ(ᠥᠨᠳᠡᠭᠡ ondege)    ᠪᠤᠷᠤᠭᠤ(ᠥᠨᠳᠡᠭᠡ undege)
    ᠊ᠣ᠊(w)᠂ ᠊ᠤ᠊(v)᠂ ᠊ᠥ᠊(o)᠂ ᠊ᠦ᠊(u)
    ᠊ᠣ(w)᠂ ᠊ᠤ(v)᠂ ᠊ᠥ(o)᠂ ᠊ᠦ(u)᠂ ᠊ᠸ᠋(W)
ᠬᠦᠵᠦᠭᠦᠦ: ᠵᠥᠪ(ᠬᠦᠵᠦᠭᠦᠦ hujuguu)
         ᠪᠤᠷᠤᠭᠤ(ᠬᠦᠵᠦᠭᠦᠦ hojogoo᠂ ᠬᠦᠵᠦᠭᠦᠦ hujvguv᠂ ᠬᠦᠵᠣᠬᠦᠣ hujwguw )
    ᠊ᠬ᠌᠊(h)᠂ ᠊ᠭ᠍᠊(g)
ᠡᠷᠬᠡ: ᠵᠥᠪ(ᠡᠷᠬᠡ erhe)    ᠪᠤᠷᠤᠭᠤ(ᠡᠷᠬᠡ erge)
    ᠊ᠬ᠊(h)᠂ ᠊ᠭ᠊(g)
ᠠᠭᠲᠠ: ᠵᠥᠪ (agta)    ᠪᠤᠷᠤᠭᠤ(ᠠᠭᠲᠠ ahta)
    ᠊ᠭ(h)᠂ ᠊ᠭ(g)
ᠬᠠᠳᠠᠭ: ᠵᠥᠪ(ᠬᠠᠳᠠᠭ hadag)    ᠪᠤᠷᠤᠭᠤ(ᠬᠠᠳᠠᠭ hadah)
    ᠲ᠊(t)᠂ ᠳ᠊(d)
ᠲᠠᠯ᠎ᠠ: ᠵᠥᠪ(ᠲᠠᠯ᠎ᠠ talAa)    ᠪᠤᠷᠤᠭᠤ(ᠳᠠᠯᠠ dalAa)
    ᠊ᠲ᠊(t)᠂ ᠊ᠳ᠋᠊(d)
ᠬᠠᠮᠲᠤ: ᠵᠥᠪ(ᠬᠠᠮᠲᠤ hamtv)    ᠪᠤᠷᠤᠭᠤ(ᠬᠠᠮᠲᠤ hamdv)

ᠳᠡᠭᠡᠷ᠎ᠡ ᠵᠢᠭᠰᠠᠭᠠᠭᠳᠠᠨᠰᠠᠨ ᠳᠦᠷᠰᠦ ᠢᠵᠢᠯ ᠦᠰᠦᠭ᠎ᠡᠴᠡ ᠭᠠᠳᠠᠨ᠎ᠠ᠂ ᠪᠠᠰᠠ ᠨᠢᠭᠡ ᠪᠦᠯᠦᠭ ᠠᠮᠠᠷᠬᠠᠨ ᠡᠨᠳᠡᠭᠦᠷᠡᠬᠦ ᠦᠰᠦᠭ ᠪᠠᠢᠬᠤ᠎ᠶᠢ ᠪᠠᠰᠠ ᠠᠩᠬᠠᠷᠤᠯ᠎ᠳᠠᠭᠠᠨ ᠠᠪᠤᠭᠠᠷᠠᠢ᠃
ᠵᠢᠱ᠌ᠢᠶᠡᠯᠡᠪᠡᠯ:
    ᠊ᠳ᠊(d)
ᠴᠠᠳᠬᠤ: ᠵᠥᠪ(ᠴᠠᠳᠬᠤ qadhv)    ᠪᠤᠷᠤᠭᠤ(ᠴᠠᠳᠬᠤ qavahv)
    ᠊ᠩ᠊(N)
ᠲᠠᠩᠭᠢᠰ: ᠵᠥᠪ(ᠲᠠᠩᠭᠢᠰtaNgis)    ᠪᠤᠷᠤᠭᠤ(ᠲᠠᠩᠭᠢᠰ tanggis)
    ᠊ᠩ
ᠰᠠᠩ: ᠵᠥᠪ(ᠰᠠᠩ saN)    ᠪᠤᠷᠤᠭᠤ(ᠰᠠᠠᠭ saagF)
    ᡂ
ᡂᠢ ᠪᠢ: ᠵᠥᠪ(ᡂᠢ ᠪᠢ Ci bi) ᠪᠤᠷᠤᠭᠤ(ᠤ᠋ᠤᠢ ᠪᠢ vDvi bi) ᠁ ᠭᠡᠬᠦ ᠮᠡᠲᠦ᠃
ᠠᠯᠮᠠᠰ ᠺᠣᠮᠫᠠᠨᠢ
email : mongol@almas.co.jp
tel : +81-3-5688-2081
fax : +81-3-5688-2082