ᠮᠣᠩᠭᠣᠯ ᠪᠢᠴᠢᠭ᠌

ᠡᠷᠢᠶ᠎ᠡ  
ᠪᠤᠴᠠᠬᠤ

ᠠᠯᠲᠠᠨᠰᠦ᠋ᠬᠡ ᠶᠢᠨ UNICODE᠊ ᠊ᠤᠨ ᠲᠤᠬᠠᠢ ᠶᠠᠷᠢᠶ᠎ᠠ

*ᠤᠭ ᠰᠢᠩᠭᠡᠭᠡᠯᠲᠡ ᠡᠴᠡ ᠬᠠᠰᠤᠭᠰᠠᠨ ᠬᠡᠰᠡᠭ ᠪᠠᠢᠨ᠎ᠠ



ᠵᠠ ᠨᠥᠬᠦᠳ ᠡ ᠰᠠᠢᠨ ᠪᠠᠢᠵᠠᠭᠠᠨ᠎ᠠ ᠤᠤ᠂ ᠲᠠ ᠪᠦᠬᠦᠨ ᠳᠦ ᠥᠨᠦᠳᠦᠷ ᠦᠨ ᠮᠡᠨᠳᠦ ᠬᠦᠷᠭᠡᠶ᠎ᠡ᠃

(ᠬᠠᠰᠤᠭᠰᠠᠨ ᠬᠡᠰᠡᠭ ᠪᠠᠢᠨ᠎ᠠ )

UNICODE ᠭᠡᠳᠡᠭ ᠨᠢ ᠮᠣᠩᠭᠤᠯ ᠬᠡᠯᠡᠨ ᠦ ᠪᠠᠷᠢᠮᠵᠢᠶ᠎ᠠ ᠺᠣᠳ᠋ ᠭᠡᠳᠡᠭ ᠰᠢᠦ ᠳᠡ᠂ ᠡᠭᠦᠨ ᠦ ᠲᠤᠬᠠᠢ ᠪᠢ ᠪᠣᠯ ᠠᠩᠬᠠᠷᠤᠭᠠᠳ ᠣᠯᠠᠨ ᠵᠢᠯ ᠪᠣᠯᠵᠤ ᠪᠠᠢᠭ᠎ᠠ ᠶᠤᠮ ᠡ᠃

ᠶᠠᠭᠠᠬᠢᠬᠤ ᠤᠤ ᠪᠢ ᠡᠨᠡ ᠲᠠᠯ᠎ᠠ ᠪᠠᠷ ᠮᠡᠷᠭᠡᠵᠢᠯ ᠪᠠᠢᠬᠤ ᠦᠭᠡᠢ ᠶᠡᠬᠡ ᠰᠠᠨᠠᠭ᠎ᠠ ᠵᠣᠪᠠᠵᠤ ᠶᠠᠪᠤᠳᠠᠭ ᠤᠨ ᠨᠢᠭᠡ᠃ ᠭᠡᠪᠡᠴᠦ ᠪᠣᠯ ᠠᠩᠬᠠᠷᠳᠠᠭ᠂ ᠢᠩᠭᠢᠭᠡᠳ ᠣᠷᠴᠢᠮ ᠪᠣᠯ ᠡᠨᠡ ᠲᠠᠯ᠎ᠠ ᠶᠢᠨ ᠶᠠᠷᠢᠶ᠎ᠠ ᠬᠡᠯᠡᠯᠴᠡᠭᠡ ᠭᠠᠷᠴᠤ ᠪᠠᠢᠨ᠎ᠠ᠂ ᠶᠠᠭᠠᠬᠢᠭᠠᠳ ᠭᠡᠪᠡᠯ ᠣᠷᠴᠢᠮ ᠲᠡᠷᠡ《ᠶᠠᠷᠢᠭᠴᠢ》ᠭᠡᠳᠡᠭ ᠬᠥᠮᠦᠨ ᠮᠥᠨ ᠬᠣᠯᠪᠤᠭᠠᠨ ᠳᠤ ᠶᠠᠷᠢᠭᠰᠠᠨ ᠪᠠᠢᠨ᠎ᠠ᠃ ᠲᠡᠭᠡᠭᠡᠳ ᠲᠡᠷᠡ ᠨᠢ ᠮᠥᠨ ᠰᠢᠩᠭᠡᠭᠡᠯᠲᠡ ᠶᠢᠨ ᠬᠡᠯᠪᠡᠷᠢ ᠪᠡᠷ ᠶᠠᠪᠤᠭᠠᠳ ᠣᠯᠠᠨ ᠨᠡᠢᠲᠡ ᠳᠦ ᠳᠡᠯᠭᠡᠷᠡᠭᠰᠡᠨ᠃ ᠲᠡᠭᠡᠪᠡᠯ ᠡᠨᠡ ᠦᠭᠡ ᠶᠠᠭᠠᠬᠢᠭᠠᠳ ᠡᠢᠮᠦ ᠶᠡᠬᠡ ᠳᠡᠯᠭᠡᠷᠡᠪᠡ︖ ᠶᠠᠭᠠᠬᠢᠭᠠᠳ ᠡᠢᠮᠦ ᠣᠯᠠᠨ ᠬᠥᠮᠦᠨ ᠠᠩᠬᠠᠷᠤᠭᠠᠳ᠂ ᠶᠠᠷᠢᠭᠠᠳ ᠪᠠᠢᠨ᠎ᠠ ᠪᠤᠢ ᠭᠡᠰᠡᠨ ᠢ ᠪᠢᠳᠡ ᠰᠢᠨᠵᠢᠬᠦ ᠬᠡᠷᠡᠭᠲᠡᠢ᠂ ᠬᠠᠷᠢᠨ ᠡᠨᠡ ᠬᠥᠮᠦᠨ ᠶᠠᠭᠠᠬᠢᠭᠠᠳ ᠢᠩᠭᠢᠵᠦ ᠠᠭᠤᠷᠯᠠᠪᠠ︖ ᠶᠠᠭᠠᠬᠢᠭᠠᠳ ᠬᠥᠮᠦᠨ ᠦ ᠨᠡᠷ᠎ᠡ ᠶᠢ ᠨᠢ ᠳᠤᠷᠠᠳᠤᠭᠠᠳ ᠬᠠᠷᠢᠶᠠᠪᠠ ᠭᠡᠰᠡᠨ ᠨᠢ ᠬᠣᠶᠠᠳᠤᠭᠠᠷ ᠳᠡᠰ ᠦᠨ ᠠᠰᠠᠭᠤᠳᠠᠯ᠃ ᠨᠢᠭᠡᠳᠦᠭᠡᠷ ᠲᠦ ᠨᠢ ᠡᠨᠡ ᠬᠥᠮᠦᠨ ᠶᠠᠭᠠᠬᠢᠭᠠᠳ ᠢᠩᠭᠢᠵᠦ ᠶᠡᠬᠡ ᠠᠭᠤᠷᠯᠠᠪᠠ ᠭᠡᠳᠡᠭ ᠢ ᠨᠢ ᠪᠢᠳᠡ ᠤᠬᠤᠴᠢᠯᠠᠬᠤ ᠬᠡᠷᠡᠭᠲᠡᠢ ᠪᠠᠢᠨ᠎ᠠ᠃ ᠡᠨᠡ ᠬᠥᠮᠦᠨ ᠰᠢᠭ᠌ ᠠᠭᠤᠷᠯᠠᠵᠤ ᠪᠠᠢᠭ᠎ᠠ ᠬᠥᠮᠦᠨ ᠬᠡᠳᠦᠢ ᠪᠠᠢᠳᠠᠭ ᠪᠣᠯ ᠭᠡᠳᠡᠭ ᠢ ᠪᠢᠳᠡᠨ ᠪᠣᠳᠤᠯᠬᠢᠯᠠᠬᠤ ᠬᠡᠷᠡᠭᠲᠡᠢ ᠪᠠᠢᠨ᠎ᠠ᠃

ᠡᠢᠮᠦ ᠡᠴᠡ ᠪᠢᠳᠡ ᠪᠣᠯ ᠶᠠᠭᠠᠬᠢᠭᠰᠠᠨ ᠯᠠ ᠳᠠ᠂ ᠪᠢ ᠪᠠᠰᠠ ᠶᠡᠬᠡ ᠠᠭᠤᠷᠯᠠᠭᠰᠠᠨ᠂ ᠲᠠ ᠪᠦᠬᠦᠨ ᠳᠦ ᠪᠡᠨ ᠰᠢᠭᠤᠳ ᠬᠡᠯᠡᠨ᠎ᠡ᠃ ᠠᠭᠤᠷᠯᠠᠭᠰᠠᠨ ᠭᠡᠬᠦ ᠡᠴᠡ ᠢᠯᠡᠭᠦᠦ ᠪᠤᠬᠢᠨᠢᠳᠤᠭᠰᠠᠨ᠂ ᠪᠠᠴᠢᠮᠳᠠᠭᠰᠠᠨ᠃ ᠬᠥᠮᠦᠨ ᠭᠡᠰᠡᠨ ᠴᠢᠨᠢ ᠶᠠᠩᠵᠤ ᠪᠣᠯᠭᠠᠨ ᠤ ᠰᠡᠳᠭᠢᠯᠭᠡ ᠪᠠᠢᠳᠠᠭ ᠰᠢᠳᠡ᠂ ᠪᠢ ᠪᠠᠰᠠ ᠲᠡᠢᠮᠦ ᠰᠡᠳᠭᠢᠯᠭᠡ ᠪᠠᠢᠵᠤ ᠥᠩᠭᠡᠷᠡᠭᠰᠡᠨ᠂ ᠣᠳᠣ ᠴᠤ ᠭᠡᠰᠡᠨ ᠪᠠᠢᠨ᠎ᠠ᠃ ᠣᠳᠣ ᠡᠳᠡᠭᠡᠷ ᠬᠣᠨᠤᠭ ᠤᠨ ᠰᠣᠨᠤᠰᠤᠭᠰᠠᠨ ᠪᠠᠢᠳᠠᠯ ᠢᠶᠠᠷ ᠦᠵᠡᠬᠦ ᠳᠦ ᠡᠢᠮᠦᠷᠬᠦ ᠰᠠᠨᠠᠭ᠎ᠠ ᠵᠣᠪᠠᠵᠤ ᠴᠢᠨᠠᠭᠰᠢᠯᠠᠪᠠᠯ᠁ ᠬᠥᠮᠦᠨ ᠭᠡᠰᠡᠨ ᠴᠢᠨᠢ ᠶᠠᠩᠵᠤ ᠶᠠᠩᠵᠤ ᠶᠢᠨ ᠵᠠᠩᠲᠠᠢ ᠬᠥᠮᠦᠨ ᠪᠠᠢᠨ᠎ᠠ ᠯᠠ ᠳᠠ᠃ ᠵᠠᠷᠢᠮ ᠨᠢ ᠶᠡᠬᠡ ᠯᠠᠪᠳᠠᠭᠤᠨ ᠠᠭᠤᠷᠯᠠᠭᠰᠠᠨ ᠪᠣᠯᠪᠠᠴᠤ ᠮᠡᠳᠡᠭᠳᠡᠬᠦ ᠦᠭᠡᠢ᠂ ᠵᠠᠷᠢᠮ ᠨᠢ ᠠᠭᠤᠷᠯᠠᠪᠠᠯ ᠨᠢᠭᠡ ᠴᠠᠭ ᠤᠨ ᠠᠭᠤᠷ ᠢᠶᠠᠷ ᠵᠢᠭᠠᠬᠠᠨ ᠰᠢᠷᠦᠭᠦᠨ ᠦᠭᠡ ᠬᠡᠯᠡᠴᠢᠬᠡᠨ᠎ᠡ᠃ ᠭᠡᠪᠡᠴᠦ ᠪᠢᠳᠡ ᠲᠡᠷᠡ ᠬᠥᠮᠦᠨ ᠶᠠᠭᠠᠬᠢᠭᠠᠳ ᠲᠡᠢᠮᠦ ᠵᠠᠩ ᠲᠠᠢ ᠪᠤᠢ ᠭᠡᠰᠡᠨ ᠡᠴᠡ ᠢᠯᠡᠭᠦᠦ ᠶᠠᠭᠠᠬᠢᠭᠠᠳ ᠲᠡᠷᠡ ᠬᠥᠮᠦᠨ ᠦ ᠵᠠᠩ ᠢ ᠬᠥᠳᠡᠯᠭᠡᠴᠢᠬᠡᠪᠡ ᠦᠦ ᠭᠡᠳᠡᠭ ᠢ ᠪᠣᠳᠤᠯᠬᠢᠯᠠᠬᠤ ᠬᠡᠷᠡᠭᠲᠡᠢ ᠪᠠᠢᠨ᠎ᠠ᠃ ᠵᠠ ᠢᠩᠭᠢᠭᠡᠳ ᠶᠠᠭᠤ ᠶᠤᠮ ᠪᠤᠢ ᠭᠡᠳᠡᠭ ᠪᠣᠯ UNICODE  ᠲᠡᠭᠡᠨ ᠣᠷᠤᠶ᠎ᠠ᠃ ᠡᠨᠡ ᠠᠵᠢᠯ ᠪᠣᠯ ᠮᠣᠩᠭᠤᠯᠴᠤᠳ ᠤᠨ ᠬᠥᠮᠦᠨ ᠪᠣᠯᠭᠠᠨ ᠤ ᠵᠠᠪᠠᠯ ᠪᠣᠳᠤᠬᠤ ᠠᠵᠢᠯ ᠪᠣᠯᠵᠠᠢ᠂ ᠣᠳᠣ ᠪᠢᠳᠡᠨ ᠳᠡᠯᠡᠬᠡᠢ ᠶᠢᠨ ᠪᠣᠯᠪᠠᠰᠤᠷᠠᠯ ᠠᠴᠠ ᠬᠣᠴᠤᠷᠴᠤ ᠭᠣᠭᠤᠵᠢᠭᠳᠠᠵᠤ ᠬᠡᠳᠦᠨ ᠵᠢᠯ ᠶᠠᠪᠤᠨ᠎ᠠ ᠪᠤᠢ᠃

ᠲᠡᠭᠡᠭᠡᠳ ᠲᠡᠷᠡ ᠤᠯᠠᠭᠠᠨ ᠲᠠᠮᠠᠭ᠎ᠠ ᠲᠠᠢ ᠢᠯᠡᠷᠬᠡᠢᠯᠡᠯ ᠳᠦ ᠭᠠᠷᠭᠠᠭᠰᠠᠨ ᠳᠤᠮᠳᠠᠳᠤ ᠤᠯᠤᠰ ᠤᠨ ᠮᠣᠩᠭᠤᠯ ᠬᠡᠯᠡ ᠪᠢᠴᠢᠭ᠌ ᠦᠨ ᠰᠢᠨᠵᠢᠯᠡᠭᠡᠨ ᠦ ᠨᠡᠢᠭᠡᠮᠯᠢᠭ ᠲᠦ ᠪᠢ ᠪᠠᠶᠠᠷᠯᠠᠵᠤ ᠪᠠᠢᠨ᠎ᠠ᠃ ᠲᠡᠷᠡ ᠨᠡᠢᠭᠡᠮᠯᠢᠭ ᠥᠨᠦᠳᠦᠷ ᠠᠷᠠᠳ ᠲᠦᠮᠡᠨ ᠳᠦ ᠪᠡᠨ ᠬᠠᠨᠳᠤᠵᠤ ᠡᠢᠮᠦ ᠢᠯᠡᠷᠬᠡᠢᠯᠡᠯ ᠭᠠᠷᠭᠠᠵᠤ ᠪᠠᠢᠭ᠎ᠠ ᠪᠣᠯ ᠰᠠᠢᠨ ᠶᠠᠪᠤᠳᠠᠯ᠂ ᠡᠢᠮᠦ ᠨᠢᠭᠡᠨ ᠲᠣᠮᠤ ᠨᠡᠢᠭᠡᠮᠯᠢᠭ ᠪᠢᠳᠡᠨ ᠦ ᠡᠮᠦᠨ᠎ᠡ ᠡᠴᠡ ᠡᠨᠡ ᠠᠵᠢᠯ ᠢ ᠬᠢᠵᠦ ᠪᠠᠢᠨ᠎ᠠ ᠰᠢᠦ ᠭᠡᠳᠡᠭ ᠢ ᠬᠥᠮᠦᠨ ᠪᠣᠯᠭᠠᠨ ᠣᠯᠵᠤ ᠮᠡᠳᠡᠯ᠎ᠡ᠃ ᠲᠡᠭᠡᠭᠡᠳ ᠥᠩᠭᠡᠷᠡᠭᠰᠡᠨ ᠦ ᠠᠵᠢᠯ ᠢ ᠪᠠᠰᠠ ᠪᠢᠳᠡ ᠬᠦᠨᠳᠦᠳᠭᠡᠨ ᠨᠤᠲᠠᠯᠠᠵᠤ ᠪᠠᠢᠨ᠎ᠠ᠃ ᠲᠡᠳᠡ ᠨᠡᠷ ᠴᠢᠨᠢ ᠦᠨᠡᠬᠡᠷ ᠣᠯᠠᠨ ᠠᠵᠢᠯ ᠬᠢᠭᠰᠡᠨ ᠪᠠᠢᠨ᠎ᠠ᠂ ᠨᠠᠶᠠᠭᠠᠳ ᠣᠨ ᠠᠴᠠ ᠡᠬᠢᠯᠡᠵᠦ ᠬᠢᠭᠰᠡᠨ ᠪᠠᠢᠨ᠎ᠠ᠃ ᠡᠨᠡ ᠶᠢ ᠴᠢᠨᠢ ᠢᠩᠭᠢᠵᠦ ᠶᠠᠷᠢᠭᠰᠠᠨ ᠠᠴᠠ ᠪᠢᠳᠡᠨ ᠮᠡᠳᠡᠵᠦ ᠪᠠᠢᠨ᠎ᠠ᠂ ᠶᠠᠷᠢᠭᠰᠠᠨ ᠦᠭᠡᠢ ᠪᠣᠯ ᠬᠡᠳᠦᠢ ᠬᠥᠮᠦᠨ ᠮᠡᠳᠡᠬᠦ ᠦᠭᠡᠢ ᠰᠠᠭᠤᠬᠤ ᠶᠤᠮ ᠪᠠᠢᠨ᠎ᠠ᠃ ᠬᠥᠭᠡᠷᠦᠬᠦᠢ ᠲᠡᠳᠦᠢ ᠣᠯᠠᠨ ᠡᠷᠳᠡᠮᠲᠡᠳ ᠲᠡᠳᠦᠢ ᠣᠯᠠᠨ ᠠᠵᠢᠯ ᠬᠢᠭᠰᠡᠨ ᠢ ᠢᠩᠭᠢᠵᠦ ᠶᠠᠷᠢᠭᠠᠳ ᠯᠠ᠂ ᠶᠠᠷᠢᠭᠰᠠᠨ ᠤ ᠳᠤᠮᠳᠠ ᠭᠠᠷᠴᠤ ᠪᠠᠢᠭ᠎ᠠ ᠪᠢᠵᠡ ᠳᠡ᠃ ᠡᠢᠮᠦ ᠡᠴᠡ ᠲᠡᠷᠡ ᠣᠯᠠᠨ ᠰᠠᠢᠬᠠᠨ ᠠᠵᠢᠯ ᠢ ᠬᠢᠭᠰᠡᠨ ᠰᠠᠢᠬᠠᠨ ᠡᠷᠳᠡᠮᠲᠡᠳ᠂ ᠴᠣᠢᠵᠤᠩᠵᠠᠪ ᠪᠠᠭᠰᠢ ᠲᠦᠷᠦᠭᠦᠦ ᠲᠡᠢ᠂ ᠨᠠᠰᠤᠨᠤ᠋ᠷᠲᠤ ᠪᠠᠭᠰᠢ ᠁ ᠮᠠᠨ ᠤ ᠣᠳᠣ ᠮᠡᠳᠡᠳᠡᠭ ᠡᠴᠡ ᠡᠳᠡᠭᠡᠷ ᠪᠠᠭᠰᠢ ᠨᠠᠷ᠂ ᠡᠨᠡ ᠪᠦᠬᠦ ᠪᠠᠭᠰᠢ ᠨᠠᠷ ᠲᠤ ᠲᠠᠯᠠᠷᠬᠠᠬᠤ ᠬᠡᠷᠡᠭᠲᠡᠢ ᠪᠠᠢᠨ᠎ᠠ᠃ ᠲᠡᠷᠡ ᠬᠥᠳᠡᠯᠮᠦᠷᠢ ᠶᠢ ᠨᠢ ᠬᠦᠨᠳᠦᠳᠭᠡᠵᠦ᠂ ᠪᠠᠶᠠᠷᠯᠠᠵᠤ᠂ ᠪᠠᠶᠠᠷᠯᠠᠭᠰᠠᠨ ᠰᠡᠳᠭᠢᠯᠭᠡ ᠪᠡᠨ ᠢᠯᠡᠳᠭᠡᠵᠦ ᠪᠠᠢᠨ᠎ᠠ᠃

ᠭᠡᠬᠦ ᠳᠦ ᠪᠡᠨ ᠲᠡᠦᠬᠡᠨ ᠴᠠᠭ ᠦᠶ᠎ᠡ ᠶᠢᠨ ᠠᠰᠠᠭᠤᠳᠠᠯ ᠢ ᠲᠡᠦᠬᠡᠨ ᠳᠦ ᠨᠢ ᠣᠴᠢᠵᠤ ᠣᠢᠯᠠᠭᠠᠬᠤ ᠬᠡᠷᠡᠭᠲᠡᠢ᠂ ᠥᠨᠦᠳᠦᠷ ᠦᠨ ᠶᠠᠩᠵᠤ ᠪᠠᠷ ᠣᠢᠯᠠᠭᠠᠵᠤ ᠪᠣᠯᠬᠤ ᠦᠭᠡᠢ ᠪᠠᠢᠬᠤ ᠠ᠋᠃ ᠨᠠᠶᠠᠭᠠᠳ ᠣᠨ᠂ ᠶᠢᠷᠡᠭᠡᠳ ᠣᠨ ᠤ ᠦᠶ᠎ᠡ ᠪᠡᠷ ᠺᠣᠮᠫᠢᠦ᠋ᠲ᠋ᠧᠷ ᠶᠡᠬᠡ ᠬᠥᠭᠵᠢᠭᠡ ᠦᠭᠡᠢ᠂ ᠦᠨᠡᠨ ᠳᠦ ᠪᠡᠨ ᠺᠣᠮᠫᠢᠦ᠋ᠲ᠋ᠧᠷ ᠲᠡᠢ ᠠᠢᠯ ᠡᠷᠦᠬᠡ ᠭᠡᠰᠡᠨ ᠴᠦ ᠪᠠᠰᠠ ᠳᠡᠮᠡᠢ ᠪᠠᠢᠭᠰᠠᠨ ᠦᠭᠡᠢ᠂ ᠲᠣᠮᠤ ᠲᠣᠮᠤ ᠪᠠᠢᠭᠤᠯᠭ᠎ᠠ ᠪᠠᠷ ᠰᠠᠶᠢ ᠪᠠᠢᠭᠰᠠᠨ ᠪᠠᠢᠬ᠎ᠠ᠃ ᠲᠡᠢᠮᠦᠷᠬᠦ ᠴᠠᠭ ᠦᠶ᠎ᠡ ᠳᠦ UNICODE ᠊ ᠢ ᠡᠬᠢᠯᠡᠵᠦ ᠬᠢᠭᠰᠡᠨ ᠪᠠᠢᠬ᠎ᠠ᠃ ᠣᠳᠣ ᠪᠢᠳᠡ ᠪᠣᠯ ᠬᠥᠮᠦᠨ ᠪᠣᠯᠭᠠᠨ ᠪᠦᠷ ᠰᠦᠯᠵᠢᠶᠡᠨ ᠳᠦ ᠣᠷᠤᠳᠠᠭ ᠪᠣᠯᠴᠢᠬᠠᠭᠰᠠᠨ ᠪᠠᠢᠨ᠎ᠠ ᠰᠢᠳᠡ᠃

ᠢᠩᠭᠢᠬᠦᠯᠡᠷ ᠣᠳᠣ ᠶᠢᠨ ᠨᠥᠬᠦᠴᠡᠯ ᠢᠶᠡᠷ ᠲᠡᠷᠡ ᠦᠶ᠎ᠡ ᠶᠢᠨ ᠬᠥᠮᠦᠰ ᠦᠨ ᠬᠢᠭᠰᠡᠨ ᠢ ᠬᠡᠮᠵᠢᠨ᠎ᠡ ᠭᠡᠰᠡᠨ ᠴᠢᠨᠢ ᠪᠠᠰᠠ ᠪᠤᠷᠤᠭᠤᠳᠠᠨ᠎ᠠ᠂ ᠲᠡᠦᠬᠡ ᠶᠢ ᠪᠣᠯ ᠬᠠᠰᠢ ᠲᠡᠦᠬᠡ ᠶᠢᠨ ᠴᠠᠭ ᠦᠶ᠎ᠡ ᠳᠦ ᠨᠢ ᠣᠴᠢᠭᠠᠳ ᠬᠡᠮᠵᠢᠨ᠎ᠡ᠃ ᠲᠡᠷᠡ ᠲᠡᠦᠬᠡᠨ ᠴᠠᠭ ᠦᠶ᠎ᠡ ᠳᠦ ᠲᠡᠳᠡᠭᠡᠷ ᠬᠥᠮᠦᠰ ᠲᠡᠳᠡᠭᠡᠷ ᠠᠵᠢᠯ ᠢ ᠬᠢᠭᠰᠡᠨ ᠠᠮᠠᠷ ᠦᠭᠡᠢ ᠯᠡ ᠭᠡᠵᠦ ᠪᠢᠳᠡᠨ ᠪᠣᠳᠤᠵᠤ ᠪᠠᠢᠨ᠎ᠠ᠃  ᠭᠡᠪᠡᠴᠦ ᠪᠢᠳᠡᠨ ᠣᠳᠣ ᠨᠢᠭᠡᠯᠡ ᠶᠠᠭᠤᠮ᠎ᠠ ᠶᠢ ᠪᠣᠳᠤᠶ᠎ᠠ᠃ ᠶᠠᠭᠤ ᠪᠣᠳᠤᠶ᠎ᠠ ᠭᠡᠪᠡᠯ ᠥᠨᠦᠳᠦᠷ ᠡᠢᠮᠦ ᠪᠣᠯᠤᠭᠰᠠᠨ ᠪᠠᠢᠨ᠎ᠠ᠂ ᠪᠢᠳᠡ ᠥᠨᠦᠳᠦᠷ ᠣᠳᠣ ᠬᠤᠷᠳᠤᠨ ᠮᠣᠩᠭᠤᠯ ᠦᠰᠦᠭ ᠢᠶᠡᠨ ᠭᠠᠷ ᠤᠲᠠᠰᠤ ᠶᠢ ᠪᠠᠭᠲᠠᠭᠠᠭᠰᠠᠨ ᠪᠦᠬᠦ ᠢᠨᠲ᠋ᠧᠷᠨᠧᠲ ᠦᠨ ᠲᠠᠪᠴᠠᠩ ᠳᠤ ᠬᠡᠷᠡᠭᠯᠡᠶ᠎ᠡ᠃ ᠥᠭᠡᠷ᠎ᠡ ᠤᠯᠤᠰ ᠤᠳ ᠬᠡᠷᠡᠭᠯᠡᠭᠡᠳ ᠪᠢᠳᠡ ᠠᠲᠠᠭᠠᠷᠬᠠᠵᠤ ᠪᠠᠢᠨ᠎ᠠ᠂ ᠶᠠᠭᠠᠷᠠᠵᠤ ᠪᠠᠢᠨ᠎ᠠ᠂ ᠡᠢᠮᠦ ᠯᠡ ᠰᠡᠳᠭᠢᠯᠭᠡ ᠪᠠᠢᠭ᠎ᠠ᠃

ᠲᠡᠭᠡᠪᠡᠯ ᠪᠠᠰᠠ ᠣᠨᠳᠣᠣ ᠨᠢᠭᠡ ᠠᠰᠠᠭᠤᠳᠠᠯ ᠭᠠᠷᠴᠤ ᠢᠷᠡᠭᠡᠳ ᠪᠠᠢᠭ᠎ᠠ᠂ ᠶᠠᠭᠠᠬᠢᠵᠤ ᠬᠢᠨ᠎ᠡ ᠦᠦ︖ ᠶᠠᠭᠤ ᠬᠢᠨ᠎ᠡ ᠦᠦ︖ᠬᠡᠨ ᠬᠡᠨ ᠶᠠᠭᠤ ᠬᠢᠨ᠎ᠡ ᠦᠦ︖ ᠭᠡᠳᠡᠭ ᠠᠰᠠᠭᠤᠳᠠᠯ᠃ ᠡᠨᠡ ᠠᠰᠠᠭᠤᠳᠠᠯ ᠢ ᠪᠡᠶ᠎ᠡ ᠡᠴᠡ ᠪᠡᠨ ᠡᠷᠢᠶ᠎ᠡ᠂ ᠪᠢ ᠪᠣᠯ ᠵᠠᠭᠤᠴᠢᠯᠠᠪᠤᠷᠢ ᠳᠤ ᠠᠵᠢᠯᠯᠠᠳᠠᠭ᠂ ᠤᠬᠠᠭᠤᠯᠭ᠎ᠠ ᠬᠢᠳᠡᠭ ᠬᠥᠮᠦᠨ᠂ ᠡᠢᠮᠦ ᠡᠴᠡ ᠪᠢ ᠪᠣᠯ ᠤᠬᠠᠭᠤᠯᠭ᠎ᠠ ᠪᠠᠨ ᠯᠠ ᠬᠢᠶ᠎ᠡ ᠭᠡᠵᠦ ᠪᠣᠳᠤᠵᠤ ᠪᠠᠢᠨ᠎ᠠ᠃ ᠥᠭᠡᠷ᠎ᠡ ᠶᠠᠭᠤᠮ᠎ᠠ ᠴᠢᠳᠠᠬᠤ ᠦᠭᠡᠢ᠂ ᠪᠢ ᠮᠡᠷᠭᠡᠵᠢᠯ ᠴᠢᠳᠠᠳᠠᠭ ᠪᠣᠯ ᠲᠡᠷᠡ ᠮᠡᠷᠭᠡᠵᠢᠯ ᠳᠦ ᠨᠢ ᠣᠷᠤᠶ᠎ᠠ ᠭᠡᠵᠦ ᠦᠨᠡᠨ ᠪᠣᠳᠤᠵᠤ ᠪᠠᠢᠨ᠎ᠠ᠃ ᠭᠡᠪᠡᠴᠦ ᠪᠢ ᠴᠢᠳᠠᠬᠤ ᠦᠭᠡᠢ᠂ ᠡᠢᠮᠦ ᠡᠴᠡ ᠪᠢ ᠤᠬᠠᠭᠤᠯᠭ᠎ᠠ ᠪᠠᠨ ᠯᠠ ᠬᠢᠶ᠎ᠡ᠃ ᠤᠬᠠᠭᠤᠯᠭ᠎ᠠ ᠶᠢᠨ ᠵᠣᠷᠢᠯᠭ᠎ᠠ ᠶᠠᠭᠤ ᠪᠣᠢ ᠭᠡᠳᠡᠭ ᠢ ᠮᠡᠳᠡᠬᠦ ᠬᠡᠷᠡᠭᠲᠡᠢ᠂ ᠠᠷᠠᠳ ᠣᠯᠠᠨ ᠳᠤ ᠪᠠᠨ ᠲᠠᠨᠢᠭᠤᠯᠤᠶ᠎ᠠ᠂ ᠳᠠᠷᠤᠭ᠎ᠠ ᠨᠠᠷ ᠲᠠᠭᠠᠨ ᠰᠣᠨᠤᠰᠭᠠᠶ᠎ᠠ᠃ ᠠᠯᠪᠠᠨ ᠪᠠᠢᠭᠤᠯᠭ᠎ᠠ ᠳᠤ ᠪᠠᠨ ᠰᠣᠨᠤᠰᠭᠠᠶ᠎ᠠ᠃ ᠡᠨᠡ ᠠᠯᠲᠠᠨᠰᠦ᠋ᠬᠡ ᠰᠢᠭ᠌ ᠬᠥᠮᠦᠰ ᠶᠠᠭᠤ ᠪᠣᠳᠤᠵᠤ ᠪᠠᠢᠭ᠎ᠠ ᠭᠡᠳᠡᠭ ᠢᠶᠡᠨ ᠮᠡᠳᠡᠭᠦᠯᠦᠶ᠎ᠡ᠃ ᠪᠢᠳᠡ ᠶᠠᠭᠤ ᠪᠣᠳᠤᠵᠤ ᠪᠠᠢᠬᠤ ᠪᠠᠨ ᠬᠥᠮᠦᠨ ᠳᠦ ᠶᠠᠷᠢᠬᠤ ᠦᠭᠡᠢ ᠪᠠᠢᠭᠠᠳ ᠪᠠᠢᠵᠤ ᠪᠣᠯᠬᠤ ᠦᠭᠡᠢ ᠰᠢᠳᠡ᠃ ᠶᠠᠷᠢᠵᠤ ᠪᠠᠢᠵᠤ᠂ ᠰᠣᠨᠤᠰᠴᠤ ᠪᠠᠢᠵᠤ ᠤᠬᠠᠭᠠᠨ ᠢ ᠨᠢ ᠣᠯᠤᠨ᠎ᠠ ᠲᠡᠢᠮᠦ ᠡ᠃ ᠵᠠ ᠡᠨᠡ ᠶᠢ ᠰᠣᠨᠤᠰᠪᠠᠯ ᠶᠠᠳᠠᠵᠤ ᠡᠨᠡ ᠶᠢ ᠬᠠᠮᠢᠶᠠᠷᠴᠤ ᠪᠠᠢᠭ᠎ᠠ ᠳᠠᠷᠤᠭ᠎ᠠ ᠨᠠᠷ ᠪᠠᠰᠠ ᠨᠢᠭᠡ ᠶᠠᠭᠤᠮ᠎ᠠ ᠪᠣᠯᠭᠠᠨ᠎ᠠ᠂ 《ᠮᠠᠨ ᠤ ᠮᠣᠩᠭᠤᠯᠴᠤᠳ ᠴᠢᠨᠢ ᠡᠢᠮᠦ ᠪᠣᠯᠵᠤ ᠪᠠᠢᠭ᠎ᠠ ᠶᠤᠮ ᠪᠠᠢᠨ᠎ᠠ》ᠭᠡᠵᠦ ᠲᠡᠢᠮᠦ ᠡ᠃ ᠣᠳᠣ ᠪᠢᠳᠡ ᠴᠢᠨᠢ ᠱᠠᠯᠠᠪᠳᠠᠬᠤ ᠦᠭᠡᠢ ᠪᠣᠯᠬᠤ ᠦᠭᠡᠢ᠂ ᠵᠠ ᠮᠠᠨᠠᠢ ᠮᠡᠷᠭᠡᠵᠢᠯᠲᠡᠳ ᠶᠠᠭᠠᠷᠠᠨ᠎ᠠ᠃ ᠣᠳᠣ ᠡᠨᠡ ᠴᠢᠨᠢ ᠠᠷᠠᠳ ᠤᠨ ᠱᠠᠭᠠᠷᠳᠠᠯᠭ᠎ᠠ ᠪᠣᠯ ᠰᠦᠷᠡᠬᠡᠢ ᠶᠡᠬᠡ ᠪᠣᠯᠤᠭᠰᠠᠨ ᠪᠠᠢᠨ᠎ᠠ ᠰᠢᠦ᠃ ᠣᠳᠣ ᠪᠢᠳᠡ ᠬᠢᠬᠦ ᠦᠭᠡᠢ ᠪᠣᠯᠬᠤ ᠦᠭᠡᠢ᠃ ᠥᠩᠭᠡᠷᠡᠭᠰᠡᠨ ᠳᠦ ᠵᠢᠭᠠᠬᠠᠨ ᠬᠣᠢᠷᠭᠤᠰᠢᠳᠠᠭ ᠪᠠᠢᠭᠰᠠᠨ ᠪᠣᠯ ᠣᠳᠣ ᠡᠳᠦᠷᠵᠢᠨ ᠰᠥᠨᠢᠵᠢᠨ ᠠᠵᠢᠯᠯᠠᠳᠠᠭ ᠪᠣᠯᠤᠨ᠎ᠠ᠃ ᠥᠩᠭᠡᠷᠡᠭᠰᠡᠨ ᠳᠦ ᠥᠭᠡᠷ᠎ᠡ ᠲᠥᠷᠦᠯ ᠵᠦᠢᠯ ᠢ ᠡᠮᠦᠨ᠎ᠡ ᠲᠠᠯᠪᠢᠳᠠᠭ ᠪᠠᠢᠭᠰᠠᠨ ᠪᠣᠯ ᠣᠳᠣ ᠶᠠᠭᠤᠨ ᠤ ᠡᠮᠦᠨ᠎ᠡ UNICODE ᠮᠣᠩᠭᠤᠯ ᠬᠡᠯᠡᠨ ᠦ ᠳᠡᠯᠡᠬᠡᠢ ᠶᠢᠨ ᠪᠠᠷᠢᠮᠵᠢᠶ᠎ᠠ ᠶᠢ ᠲᠡᠷᠢᠭᠦᠨ ᠳᠦ ᠲᠠᠯᠪᠢᠨ᠎ᠠ᠃ ᠬᠡᠷᠪᠡ ᠥᠭᠡᠷ᠎ᠡ ᠵᠦᠢᠯ ᠳᠦ ᠪᠡᠯᠡ ᠶᠡᠬᠡ ᠣᠷᠤᠭᠤᠯᠳᠠᠭ ᠪᠠᠢᠭᠰᠠᠨ ᠪᠣᠯ ᠣᠳᠣ ᠪᠦᠬᠦ ᠪᠡᠯᠡ ᠪᠡᠨ ᠬᠤᠷᠢᠶᠠᠵᠤ ᠪᠠᠢᠵᠤ ᠬᠠᠮᠤᠭ ᠤᠨ ᠠᠷᠠᠳ ᠲᠦᠮᠡᠨ ᠦ ᠬᠦᠰᠡᠵᠦ ᠪᠠᠢᠭ᠎ᠠ UNICODE ᠭᠡᠳᠡᠭ ᠲᠥᠷᠦᠯ ᠵᠦᠢᠯ ᠳᠦ ᠣᠷᠤᠭᠤᠯᠤᠨ᠎ᠠ᠃ ᠲᠡᠢᠮᠦ ᠡ᠂ ᠡᠨᠡ ᠲᠠᠯ᠎ᠠ ᠳᠡᠭᠡᠷ᠎ᠡ ᠮᠡᠷᠭᠡᠵᠢᠯᠲᠡᠨ ᠳᠤᠲᠠᠵᠤ ᠪᠠᠢᠭᠰᠠᠨ ᠪᠣᠯ ᠮᠡᠷᠭᠡᠵᠢᠯᠲᠡᠨ ᠠᠭᠤᠳᠠᠯᠵᠤ ᠠᠪᠴᠢᠷᠠᠨ᠎ᠠ᠃ ᠥᠨᠳᠦᠷ ᠴᠠᠯᠢᠩ ᠥᠭᠭᠦᠨ᠎ᠡ᠃ ᠲᠡᠢᠮᠦ ᠡ᠂ ᠡᠢᠮᠦᠷᠬᠦ ᠦᠷ᠎ᠡ ᠳ᠋ᠦᠩ ᠭᠠᠷᠭᠠᠬᠤ ᠶᠢᠨ ᠲᠥᠯᠦᠭᠡ ᠪᠢ ᠡᠨᠳᠡ ᠶᠠᠷᠢᠵᠤ ᠪᠠᠢᠭ᠎ᠠ᠃

ᠮᠠᠨᠠᠢ ᠮᠣᠩᠭᠤᠯ ᠦᠰᠦᠭ ᠪᠣᠯ ᠪᠣᠰᠤᠭ᠎ᠠ᠂ ᠳᠡᠯᠡᠬᠡᠢ ᠳᠦ ᠭᠠᠭᠴᠠᠬᠠᠨ᠂ ᠡᠨᠡ ᠪᠣᠰᠤᠭ᠎ᠠ ᠭᠡᠳᠡᠭ ᠳᠡᠭᠡᠷ᠎ᠡ ᠪᠡᠨ ᠪᠠᠰᠠ ᠬᠡᠴᠡᠭᠦᠦ ᠪᠠᠢᠬᠤ ᠠ᠋᠃ ᠳᠡᠭᠡᠷ᠎ᠡ ᠨᠢ ᠡᠬᠢᠨ ᠳᠤᠮᠳᠠ ᠠᠳᠠᠭ ᠲᠤ ᠣᠷᠤᠳᠠᠭ ᠭᠤᠷᠪᠠᠨ ᠬᠤᠪᠢᠷᠠᠯ ᠲᠠᠢ᠂ ᠳᠡᠭᠡᠷ᠎ᠡ ᠨᠢ ᠣᠯᠠᠨ ᠢᠵᠢᠯ ᠳᠦᠷᠰᠦ ᠲᠡᠢ ᠦᠭᠡ ᠪᠠᠢᠳᠠᠭ ᠰᠢᠳᠡ᠂ 《ᠠ》ᠭᠡᠳᠡᠭ ᠢ ᠴᠢᠨᠢ ᠣᠯᠠᠨ ᠨᠥᠬᠦᠳ ᠣᠯᠠᠨ ᠶᠠᠷᠢᠭᠰᠠᠨ ᠰᠢᠳᠡ᠂ ᠳᠠᠪᠲᠠᠬᠤ ᠦᠭᠡᠢ᠃ 《ᠠ》ᠭᠡᠳᠡᠭ ᠴᠢᠨᠢ ᠳᠤᠮᠳᠠ ᠣᠷᠤᠬᠤ ᠶᠤᠮ ᠪᠣᠯ 《ᠨ》ᠳᠡᠪᠢᠰᠭᠡᠷ ᠪᠠᠰᠠ ᠪᠣᠯᠵᠤ ᠪᠣᠯᠬᠤ ᠶᠤᠮ ᠰᠢᠳᠡ᠃ ᠲᠡᠭᠡᠪᠡᠯ ᠪᠠᠰᠠ 《ᠣ》《ᠤ》ᠪᠠᠢᠨ᠎ᠠ᠂ 《ᠥ》《ᠦ》ᠪᠠᠢᠨ᠎ᠠ᠂ 《ᠳ》《ᠲ》ᠪᠠᠢᠨ᠎ᠠ᠂ 《ᠬ》《ᠭ》ᠪᠠᠢᠨ᠎ᠠ᠂ 《ᠬ》《ᠭ》ᠴᠦ ᠣᠳᠣ ᠵᠥᠷᠢᠶ᠎ᠡ ᠲᠡᠢ᠂ ᠢᠩᠭᠢᠭᠡᠳ ᠣᠯᠠᠨ ᠠᠳᠠᠯᠢ ᠳᠦᠷᠰᠦ ᠲᠡᠢ ᠦᠭᠡ ᠨᠦᠭᠦᠳ ᠪᠠᠢᠬᠤ ᠶᠤᠮ ᠪᠠᠢᠨ᠎ᠠ᠃ ᠳᠠᠬᠢᠭᠠᠳ ᠨᠢᠭᠡ ᠬᠦᠴᠢᠷᠳᠡᠯ ᠨᠢ ᠳᠦᠷᠰᠦ ᠨᠢ ᠨᠢᠭᠡ ᠶᠠᠩᠵᠤ᠂ ᠳᠠᠭᠤᠳᠠᠬᠤ ᠨᠢ ᠨᠢᠭᠡ ᠶᠠᠩᠵᠤ ᠶᠢᠨ ᠶᠠᠪᠤᠳᠠᠯ ᠪᠠᠢᠨ᠎ᠠ᠂ ᠢᠩᠭᠢᠬᠦᠯᠡᠷ ᠳᠦᠷᠰᠦ ᠪᠡᠷ ᠣᠷᠤᠭᠤᠯᠬᠤ ᠳᠤ ᠵᠠᠷᠢᠮ ᠳᠠᠭᠤᠳᠠᠯᠭ᠎ᠠ ᠨᠢ ᠵᠥᠷᠢᠴᠢᠬᠡᠨ᠎ᠡ᠂ ᠳᠠᠭᠤᠳᠠᠯᠭ᠎ᠠ ᠪᠠᠷ ᠣᠷᠤᠭᠤᠯᠬᠤ ᠳᠤ ᠵᠠᠷᠢᠮ ᠳᠦᠷᠰᠦ ᠨᠢ ᠵᠥᠷᠢᠴᠢᠬᠡᠨ᠎ᠡ᠃ ᠵᠠ ᠡᠨᠡ ᠪᠣᠯ ᠮᠡᠷᠭᠡᠵᠢᠯ ᠦᠨ ᠲᠠᠯ᠎ᠠ ᠶᠢᠨ ᠬᠥᠮᠦᠰ ᠲᠦ ᠬᠡᠳᠦᠢ ᠬᠦᠴᠢᠷ ᠪᠣᠯᠳᠠᠭ ᠢ ᠪᠢ ᠬᠠᠵᠠᠭᠤ ᠠᠴᠠ ᠨᠢ ᠣᠢᠯᠠᠭᠠᠵᠤ ᠪᠠᠢᠨ᠎ᠠ ᠯᠠ ᠳᠠ᠃ ᠭᠡᠪᠡᠴᠦ ᠡᠨᠡ ᠬᠦᠴᠢᠷ ᠪᠠᠢᠯ᠎ᠠ ᠭᠡᠰᠡᠨ ᠴᠦ ᠪᠢᠳᠡ ᠬᠦᠴᠢᠷ ᠢ ᠳᠠᠪᠠᠬᠤ ᠡᠷᠴᠢ ᠵᠣᠷᠢᠭ ᠪᠠᠢᠬᠤ ᠬᠡᠷᠡᠭᠲᠡᠢ᠃ ᠡᠨᠡ ᠬᠦᠴᠢᠷ ᠢ ᠮᠠᠨ ᠤ ᠡᠷᠳᠡᠮᠲᠡᠨ᠂ ᠣᠨᠴᠠᠭᠠᠢᠯᠠᠨ ᠣᠳᠣ ᠭᠠᠷᠴᠤ ᠪᠠᠢᠭ᠎ᠠ ᠵᠠᠯᠠᠭᠤᠴᠤᠳ ᠮᠢᠨᠢ ᠳᠠᠪᠠᠵᠤ ᠴᠢᠳᠠᠨ᠎ᠠ ᠭᠡᠳᠡᠭ ᠢ ᠪᠢ ᠶᠠᠭᠤᠨ ᠤ ᠡᠮᠦᠨ᠎ᠡ ᠢᠲᠡᠭᠡᠵᠦ ᠪᠠᠢᠨ᠎ᠠ᠃

ᠬᠣᠶᠠᠳᠤᠭᠠᠷ ᠨᠢ ᠣᠳᠣ ᠦᠨᠡᠨᠳᠡᠭᠡᠨ UNICODE ᠊ ᠤᠨ ᠲᠤᠬᠠᠢ ᠰᠢᠪᠡᠬᠦ ᠠᠷᠭ᠎ᠠ ᠭᠠᠷᠴᠢᠬᠠᠭᠰᠠᠨ ᠪᠠᠢᠨ᠎ᠠ ᠰᠢᠳᠡ᠂ 《ᠠᠯᠮᠠᠰ》ᠺᠣᠮᠫᠠᠨᠢ᠃ ᠲᠡᠷᠡ ᠴᠢᠨᠢ ᠪᠦᠷ ᠋UNICODE ᠊ ᠢ ᠬᠡᠷᠡᠭᠯᠡᠵᠦ ᠪᠠᠢᠭ᠎ᠠ᠃ ᠭᠡᠪᠡᠴᠦ ᠮᠠᠨ ᠤ ᠮᠣᠩᠭᠤᠯᠴᠤᠳ ᠣᠯᠠᠨ ᠵᠢᠯ 《ᠮᠥᠩᠬᠡ ᠭᠠᠯ》᠂ ᠣᠳᠣ ᠲᠡᠷᠡ《ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠪᠢᠴᠢᠯᠭᠡ ᠶᠢᠨ ᠠᠷᠭ᠎ᠠ》᠂ 《ᠰᠠᠢᠨᠪᠢᠯᠢᠭ᠌》ᠵᠡᠷᠭᠡ ᠶᠢ ᠬᠡᠷᠡᠭᠯᠡᠵᠦ ᠰᠤᠷᠤᠭᠰᠠᠨ ᠪᠣᠯᠬᠤᠷ ᠲᠡᠷᠡ ᠡᠴᠡ ᠪᠡᠨ ᠰᠠᠯᠵᠤ ᠶᠠᠳᠠᠵᠤ ᠪᠠᠢᠨ᠎ᠠ᠃ ᠲᠡᠳᠡᠭᠡᠷ ᠠᠷᠭ᠎ᠠ ᠨᠤᠭᠤᠳ ᠪᠣᠯ ᠠᠷᠠᠳ ᠲᠦᠮᠡᠨ ᠳᠦ ᠶᠡᠬᠡ ᠲᠤᠰᠠ ᠦᠵᠡᠭᠦᠯᠦᠭᠰᠡᠨ᠂ ᠠᠷᠪᠠ ᠬᠣᠷᠢᠨ ᠵᠢᠯ ᠳᠠᠯᠠᠢ ᠪᠠᠶᠠᠨ ᠦᠰᠦᠭ ᠪᠢᠴᠢᠭ᠌ ᠲᠡᠭᠦᠨ ᠢᠶᠡᠷ ᠲᠡᠮᠳᠡᠭᠯᠡᠭᠳᠡᠭᠰᠡᠨ᠂ ᠲᠡᠦᠬᠡᠨ ᠳᠦ ᠪᠠᠯᠠᠷᠠᠰᠢ ᠦᠭᠡᠢ ᠭᠠᠪᠢᠶ᠎ᠠ ᠲᠠᠢ ᠪᠢᠴᠢᠯᠭᠡ ᠨᠦᠭᠦᠳ᠃ ᠮᠢᠨᠦ ᠬᠤᠪᠢ ᠬᠥᠮᠦᠨ ᠤ ᠴᠤ ᠭᠡᠰᠡᠨ ᠮᠥᠩᠬᠡ ᠭᠠᠯ ᠢᠶᠠᠷ ᠬᠡᠳᠦᠢ ᠵᠣᠬᠢᠶᠠᠯ ᠪᠢᠴᠢᠯᠭᠡ ᠨᠦᠭᠦᠳ ᠪᠠᠢᠬᠤ ᠭᠡᠰᠡᠨ ᠢᠶᠡᠨ ᠪᠢ ᠥᠪᠡᠷ ᠢᠶᠡᠨ ᠴᠦ ᠮᠡᠳᠡᠬᠦ ᠦᠭᠡᠢ᠃ ᠡᠢᠮᠦ ᠡᠴᠡ ᠲᠡᠳᠡ ᠨᠡᠷ ᠦᠨ ᠭᠠᠪᠢᠶ᠎ᠠ ᠳᠤ ᠪᠠᠰᠠ ᠪᠢᠳᠡ ᠶᠠᠭᠤᠨ ᠤ ᠤᠷᠢᠳ ᠲᠠᠯᠠᠷᠬᠠᠬᠤ ᠬᠡᠷᠡᠭᠲᠡᠢ ᠪᠠᠢᠨ᠎ᠠ᠃ ᠭᠡᠪᠡᠴᠦ ᠲᠡᠳᠡᠭᠡᠷ ᠪᠢᠴᠢᠯᠭᠡ ᠨᠦᠭᠦᠳ ᠮᠠᠨᠢ ᠮᠡᠷᠭᠡᠵᠢᠯ ᠦᠨ ᠲᠠᠯ᠎ᠠ ᠳᠤ᠂ ᠪᠢ ᠪᠣᠯ ᠬᠦᠰᠡᠬᠦ ᠨᠢ ᠰᠢᠳᠡ᠂ ᠮᠡᠷᠭᠡᠵᠢᠯ ᠦᠨ ᠲᠠᠯ᠎ᠠ ᠳᠤ UNICODE ᠤᠷᠤᠭᠤ ᠣᠢᠷᠠᠲᠤᠭᠠᠷᠠᠢ ᠯᠠ ᠭᠡᠰᠡᠨ ᠬᠦᠰᠡᠯ ᠲᠡᠢ ᠪᠠᠢᠨ᠎ᠠ᠃ ᠮᠥᠩᠬᠡ ᠭᠠᠯ ᠪᠣᠯ UNICODE ᠲᠠᠢ ᠠᠳᠠᠯᠢ ᠲᠠᠯ᠎ᠠ ᠶᠡᠬᠡ ᠠᠷᠪᠢᠨ ᠪᠠᠢᠨ᠎ᠠ᠂ ᠲᠡᠭᠡᠪᠡᠯ ᠲᠡᠷᠡ ᠪᠦᠬᠦᠨ ᠢ ᠪᠦᠷᠢᠮᠦᠰᠦᠨ ᠠᠳᠠᠯᠢ ᠪᠣᠯᠭᠠᠬᠤ ᠮᠡᠷᠭᠡᠵᠢᠯ ᠦᠨ ᠰᠢᠪᠲᠤᠯᠤᠯᠲᠠ ᠬᠢᠵᠦ ᠳᠡᠢᠯᠦᠨ᠎ᠡ ᠦᠦ ᠦᠭᠡᠢ ᠦᠦ᠂ ᠬᠢᠵᠦ ᠳᠡᠢᠯᠳᠡᠭ ᠶᠤᠮ ᠪᠣᠯ ᠲᠦᠷᠭᠡᠨ ᠬᠢᠭᠡᠷᠡᠢ ᠭᠡᠵᠦ ᠪᠢᠳᠡᠨ ᠬᠦᠰᠡᠮᠡᠷ ᠪᠠᠢᠨ᠎ᠠ᠂ ᠨᠥᠭᠦᠭᠡ ᠲᠠᠯ᠎ᠠ ᠳᠡᠭᠡᠷ᠎ᠡ ᠪᠢᠳᠡᠨᠡᠷ ᠣᠳᠣ ᠬᠡᠳᠦᠢ ᠬᠦᠴᠢᠷ ᠲᠡᠢ ᠪᠣᠯᠪᠠᠴᠤ ᠠᠯᠮᠠᠰ ᠢᠶᠠᠷ ᠪᠢᠴᠢᠵᠦ ᠰᠤᠷᠤᠶ᠎ᠠ᠃ ᠣᠳᠣ ᠪᠢ ᠪᠣᠯ ᠬᠦᠴᠢᠷ ᠲᠡᠢ ᠭᠡᠳ ᠬᠣᠢᠰᠢ ᠨᠢ ᠲᠠᠯᠪᠢᠭᠠᠳ ᠨᠡᠯᠢᠶᠡᠳ ᠤᠳᠠᠭᠠᠨ ᠰᠤᠷᠤᠭ᠎ᠠ ᠦᠭᠡᠢ᠃ ᠭᠡᠪᠡᠴᠦ ᠥᠨᠦᠳᠦᠷ ᠡᠴᠡ ᠡᠬᠢᠯᠡᠵᠦ ᠰᠤᠷᠤᠶ᠎ᠠ ᠭᠡᠵᠦ ᠪᠣᠳᠤᠵᠤ ᠬᠢᠵᠦ ᠪᠠᠢᠨ᠎ᠠ᠃ ᠮᠠᠨ ᠤ ᠲᠧᠯᠸᠢᠰ ᠪᠠᠰᠠ ᠲᠡᠷᠡ ᠶᠢ ᠤᠭᠰᠠᠷᠠᠴᠢᠬᠠᠭᠰᠠᠨ ᠪᠠᠢᠨ᠎ᠠ᠂ ᠮᠠᠨ ᠤ ᠵᠠᠯᠠᠭᠤᠴᠤᠳ ᠰᠤᠷᠴᠢᠬᠠᠭᠠᠳ ᠬᠢᠵᠦ ᠪᠠᠢᠨ᠎ᠠ᠃ ᠡᠢᠮᠦ ᠡᠴᠡ ᠪᠢᠳᠡ ᠠᠯᠮᠠᠰ ᠪᠢᠴᠢᠯᠭᠡ ᠶᠢᠨ ᠠᠷᠭ᠎ᠠ ᠪᠠᠷ ᠪᠢᠴᠢᠶ᠎ᠡ᠂ ᠡᠭᠦᠨ ᠡᠴᠡ ᠬᠣᠢᠰᠢ᠂ ᠪᠦᠭᠦᠳᠡᠭᠡᠷ ᠢᠶᠡᠨ᠂ ᠠᠷᠠᠳ ᠣᠯᠠᠨ ᠢᠶᠠᠷ ᠢᠶᠠᠨ ᠳᠡᠮᠵᠢᠶ᠎ᠡ᠃ ᠬᠦᠴᠢᠷ ᠭᠡᠵᠦ ᠪᠢᠲᠡᠭᠡᠢ ᠬᠣᠢᠰᠢ ᠪᠠᠨ ᠰᠠᠭᠤᠶ᠎ᠠ᠃ ᠪᠢᠳᠡ ᠠᠯᠮᠠᠰ ᠢᠶᠠᠷ ᠪᠢᠴᠢᠵᠦ ᠰᠤᠷᠴᠤ ᠪᠠᠢᠪᠠᠯ UNICODE  ᠲᠤ ᠨᠢᠭᠡ ᠠᠯᠬᠤᠮ ᠣᠢᠷᠠᠲᠤᠵᠤ ᠪᠠᠢᠨ᠎ᠠ ᠭᠡᠰᠡᠨ ᠦᠭᠡ᠃ ᠡᠢᠮᠦ ᠡᠴᠡ ᠠᠯᠮᠠᠰ ᠺᠣᠮᠫᠠᠨᠢ ᠶᠢᠨ ᠲᠡᠷᠡ ᠰᠠᠢᠬᠠᠨ UNICODE ᠊ ᠢᠶᠡᠷ ᠬᠢᠭᠰᠡᠨ ᠪᠢᠴᠢᠯᠭᠡ ᠶᠢ ᠰᠤᠳᠤᠯᠵᠤ ᠭᠠᠷᠭᠠᠭᠰᠠᠨ᠂ ᠬᠡᠷᠡᠭᠯᠡᠭᠡᠨ ᠳᠦ ᠣᠷᠤᠭᠤᠯᠤᠭᠰᠠᠨ ᠬᠥᠮᠦᠰ ᠢ ᠴᠦ ᠡᠨᠳᠡ ᠲᠠᠯᠠᠷᠬᠠᠵᠤ ᠪᠠᠢᠨ᠎ᠠ᠃ ᠭᠡᠪᠡᠴᠦ ᠬᠡᠷᠡᠭᠯᠡᠭᠡᠨ ᠦ ᠲᠠᠯ᠎ᠠ ᠳᠤ ᠶᠠᠭᠠᠬᠢᠭᠠᠳ ᠬᠦᠴᠢᠷ ᠪᠠᠢᠨ᠎ᠠ ᠪᠤᠢ ᠭᠡᠪᠡᠯ ᠪᠢᠳᠡ《ᠮᠥᠩᠬᠡ ᠭᠠᠯ》 ᠳᠦ ᠳᠡᠩᠳᠡᠭᠦᠦ ᠳᠠᠰᠴᠠᠢ᠂ 《ᠰᠠᠢᠨᠪᠢᠯᠢᠭ᠌》ᠲᠦ ᠳᠡᠩᠳᠡᠭᠦᠦ ᠳᠠᠰᠴᠠᠢ᠂ ᠲᠡᠳᠡ ᠪᠣᠯ ᠪᠢᠳᠡᠨ ᠳᠦ ᠦᠨᠡᠨ ᠠᠮᠠᠷᠬᠠᠨ ᠬᠡᠷᠡᠭᠯᠡᠳᠡᠭ ᠠᠷᠭ᠎ᠠ ᠪᠠᠷ ᠨᠢ ᠵᠣᠬᠢᠶᠠᠭᠠᠳ ᠥᠭᠴᠡᠢ᠂ ᠭᠡᠪᠡᠴᠦ ᠠᠷᠭ᠎ᠠ ᠦᠭᠡᠢ ᠪᠢᠳᠡ ᠢᠨᠲ᠋ᠧᠷᠨᠧᠲ ᠲᠦ ᠣᠷᠤᠨ᠎ᠠ ᠭᠡᠳ ᠪᠦᠭᠦᠳᠡᠭᠡᠷ ᠢᠶᠡᠨ ᠬᠦᠰᠡᠵᠦ ᠪᠠᠢᠭ᠎ᠠ ᠶᠤᠮ ᠴᠢᠨᠢ ᠪᠢᠳᠡ ᠢᠨᠲ᠋ᠧᠷᠨᠧᠲ ᠲᠦ ᠣᠷᠤᠵᠤ ᠴᠢᠳᠠᠬᠤ ᠠᠷᠭ᠎ᠠ ᠶᠢ ᠬᠡᠷᠡᠭᠯᠡᠶ᠎ᠡ᠂ ᠪᠢᠳᠡ《 ᠠᠯᠮᠠᠰ 》 ᠭᠡᠳᠡᠭ ᠡᠨᠡ ᠠᠷᠭ᠎ᠠ ᠶᠢ ᠶᠠᠭᠤᠨ ᠤ ᠤᠷᠢᠳ ᠰᠤᠷᠤᠶ᠎ᠠ᠂ ᠢᠩᠭᠢᠵᠦ ᠬᠦᠰᠡᠵᠦ ᠪᠠᠢᠨ᠎ᠠ᠂ ᠡᠷᠭᠢᠭᠡᠳ ᠠᠯᠮᠠᠰ ᠮᠠᠨᠢ ᠪᠠᠰᠠ ᠮᠡᠷᠭᠡᠵᠢᠯ ᠦᠨ ᠲᠠᠯ᠎ᠠ ᠳᠤ ᠰᠠᠢᠵᠢᠷᠠᠭᠤᠯᠵᠤ ᠪᠣᠯᠳᠠᠭ ᠪᠣᠯ ᠰᠠᠢᠵᠢᠷᠠᠭᠤᠯᠤᠭᠠᠷᠠᠢ ᠭᠡᠳᠡᠭ ᠬᠦᠰᠡᠯ ᠢ ᠲᠠᠯᠪᠢᠶ᠎ᠠ᠂ ᠠᠷᠠᠳ ᠣᠯᠠᠨ ᠳᠤ ᠬᠡᠷᠡᠭᠯᠡᠬᠦ ᠳᠦ ᠤᠯᠠᠮ ᠠᠮᠠᠷᠬᠠᠨ ᠪᠣᠯᠭᠠᠭᠠᠷᠠᠢ ᠭᠡᠰᠡᠨ ᠬᠦᠰᠡᠯ ᠢ ᠲᠠᠯᠪᠢᠶ᠎ᠠ᠃ ᠢᠩᠭᠢᠬᠦ ᠶᠤᠮ ᠪᠣᠯ ᠡᠨᠡ ᠠᠵᠢᠯ ᠠᠷᠠᠢ ᠭᠠᠢᠭᠤᠢ ᠪᠣᠯᠬᠤ ᠶᠤᠮ ᠳᠠ ᠭᠡᠵᠦ ᠪᠣᠳᠤᠵᠤ ᠪᠠᠢᠨ᠎ᠠ᠃

ᠬᠡᠷᠪᠡ ᠡᠨᠡ ᠶᠢ ᠬᠠᠮᠢᠶᠠᠷᠤᠯᠲᠠ ᠶᠢᠨ ᠪᠠᠢᠭᠤᠯᠭ᠎ᠠ ᠳᠤ ᠶᠠᠷᠢᠬᠤ ᠪᠣᠯ᠂ ᠤᠯᠠᠭᠠᠨ ᠲᠠᠮᠠᠭ᠎ᠠ ᠲᠠᠢ ᠪᠢᠴᠢᠭ᠌ ᠢ ᠳᠠᠷᠤᠮᠠᠯᠯᠠᠭᠰᠠᠨ ᠮᠠᠨ ᠤ《ᠳᠤᠮᠳᠠᠳᠤ ᠤᠯᠤᠰ ᠤᠨ ᠮᠣᠩᠭᠤᠯ ᠬᠡᠯᠡ ᠪᠢᠴᠢᠭ᠌ ᠦᠨ ᠰᠢᠨᠵᠢᠯᠡᠭᠡᠨ ᠦ ᠨᠡᠢᠭᠡᠮᠯᠢᠭ》ᠮᠠᠨᠢ ᠪᠠᠰᠠ ᠭᠠᠷᠴᠤ ᠢᠷᠡᠭᠡᠳ᠂ ᠲᠠᠢᠯᠤᠮᠵᠢ ᠦᠷᠭᠦᠯᠵᠢ ᠬᠢᠭᠡᠷᠡᠢ᠂ ᠪᠢᠳᠡ ᠪᠠᠰᠠ ᠲᠠ ᠨᠠᠷ ᠤᠨ ᠰᠠᠨᠠᠭ᠎ᠠ ᠶᠢ ᠣᠢᠯᠠᠭᠠᠶ᠎ᠠ᠃ ᠮᠠᠨ ᠤ ᠤᠯᠤᠰ ᠪᠣᠯ ᠢᠩᠭᠢᠭᠡᠳ ᠳᠠᠷᠤᠭ᠎ᠠ ᠨᠢ ᠳᠠᠷᠤᠭ᠎ᠠ ᠪᠠᠷ ᠢᠶᠠᠨ᠂ ᠠᠷᠠᠳ ᠨᠢ ᠠᠷᠠᠳ ᠢᠶᠠᠷ ᠢᠶᠠᠨ᠂ ᠪᠠᠢᠭᠤᠯᠭ᠎ᠠ ᠨᠢ ᠪᠠᠢᠭᠤᠯᠭ᠎ᠠ ᠪᠠᠷ ᠢᠶᠠᠨ᠂ ᠠᠵᠢᠯᠴᠢᠨ ᠨᠢ ᠠᠵᠢᠯᠴᠢᠨ ᠢᠶᠠᠷ ᠢᠶᠠᠨ ᠰᠠᠯᠤᠭᠠᠳ ᠣᠯᠠᠨ ᠵᠢᠯ ᠪᠣᠯᠤᠭᠰᠠᠨ ᠰᠢᠦ ᠳᠡ᠃ ᠪᠢᠳᠡ ᠣᠳᠣ ᠨᠡᠢᠯᠡᠵᠦ ᠰᠤᠷᠤᠶ᠎ᠠ᠂ ᠪᠠᠢᠭᠤᠯᠭ᠎ᠠ ᠴᠤ ᠭᠡᠰᠡᠨ ᠬᠥᠮᠦᠨ ᠰᠢᠳᠡ᠂ ᠪᠢᠳᠡ ᠶᠠᠭᠤ ᠬᠢᠵᠦ ᠪᠠᠢᠨ᠎ᠠ ᠭᠡᠳᠡᠭ ᠢᠶᠡᠨ ᠠᠷᠠᠳ ᠣᠯᠠᠨ ᠳᠤ ᠪᠠᠨ ᠬᠡᠯᠡᠶ᠎ᠡ᠂ ᠮᠡᠳᠡᠭᠦᠯᠦᠶ᠎ᠡ᠃ ᠬᠦᠴᠢᠷ ᠶᠠᠭᠤ ᠪᠠᠢᠨ᠎ᠠ ᠤᠤ ᠠᠷᠠᠳ ᠣᠯᠠᠨ ᠠᠴᠠ ᠪᠠᠨ ᠭᠤᠶᠤᠵᠤ ᠴᠤ ᠪᠣᠯᠤᠨ᠎ᠠ ᠰᠢᠳᠡ᠂ ᠮᠡᠷᠭᠡᠵᠢᠯᠲᠡᠨ ᠳᠤᠲᠠᠵᠤ ᠪᠠᠢᠨ᠎ᠠ᠂ ᠨᠡᠷ᠎ᠡ ᠪᠡᠨ ᠮᠡᠳᠡᠭᠦᠯᠦᠭᠡᠷᠡᠢ ᠭᠡᠵᠦ ᠪᠣᠯᠤᠨ᠎ᠠ ᠰᠢᠳᠡ᠃ ᠢᠩᠭᠢᠵᠦ ᠬᠠᠮᠲᠤ ᠪᠠᠷ ᠢᠶᠠᠨ ᠰᠡᠳᠭᠢᠯ ᠨᠢᠭᠡᠲᠡᠢ ᠪᠡᠷ ᠠᠵᠢᠯᠯᠠᠶ᠎ᠠ᠃ ᠬᠡᠷᠪᠡ ᠠᠯᠪᠠᠨ ᠪᠠᠢᠭᠤᠯᠤᠯᠭ᠎ᠠ ᠪᠡᠯᠡ ᠮᠥᠩᠭᠦ ᠶᠡᠬᠡᠲᠡᠢ ᠶᠤᠮ ᠪᠣᠯ ᠨᠧᠲ ᠤᠷᠤᠭᠤ ᠢᠯᠡᠭᠦᠦ ᠣᠷᠤᠭᠤᠯᠤᠭᠠᠷᠠᠢ ᠭᠡᠵᠦ ᠬᠦᠰᠡᠵᠦ ᠪᠠᠢᠨ᠎ᠠ᠃

ᠵᠠ ᠮᠠᠨ ᠤ ᠨᠠᠮ ᠵᠠᠰᠠᠭ ᠠᠴᠠ ᠪᠣᠯ ᠡᠨᠡ ᠠᠵᠢᠯ ᠢ ᠶᠡᠬᠡ ᠪᠡᠷ ᠬᠦᠨᠳᠦᠳᠭᠡᠵᠦ ᠪᠠᠢᠭ᠎ᠠ ᠭᠡᠳᠡᠭ ᠢ ᠪᠣᠯ ᠪᠢ ᠪᠡᠶ᠎ᠡ ᠪᠡᠷ ᠢᠶᠡᠨ ᠥᠩᠭᠡᠷᠡᠭᠡᠭᠰᠡᠨ᠃ ᠪᠢ ᠣᠳᠣ ᠪᠠᠭᠠᠲᠤᠷ ᠲᠡᠷᠢᠭᠦᠯᠡᠭᠴᠢ ᠶᠢᠨ ᠵᠠᠰᠠᠭ ᠤᠨ ᠣᠷᠳᠤᠨ ᠤ ᠢᠯᠡᠳᠭᠡᠯ ᠢ ᠳᠣᠯᠤᠭᠠᠨ ᠵᠢᠯ ᠰᠢᠭᠤᠳ ᠨᠡᠪᠲᠡᠷᠡᠭᠦᠯᠦᠭᠰᠡᠨ᠃ ᠵᠢᠯ ᠪᠣᠯᠭᠠᠨ ᠡᠨᠡ ᠲᠤᠬᠠᠢ ᠳᠤᠷᠠᠳᠳᠠᠭ᠂ ᠣᠨᠴᠠᠭᠠᠢᠯᠠᠨ ᠥᠩᠭᠡᠷᠡᠭᠰᠡᠨ ᠭᠤᠷᠪᠠᠨ ᠵᠢᠯ ᠪᠣᠯ ᠲᠣᠮᠤ ᠲᠣᠮᠤ ᠬᠡᠪᠴᠢᠶ᠎ᠡ ᠪᠡᠷ ᠮᠣᠩᠭᠤᠯ ᠬᠡᠯᠡᠨ ᠦ ᠰᠤᠷᠠᠭ ᠵᠠᠩᠭᠢ ᠶᠢ ᠳᠤᠷᠠᠳᠤᠭᠰᠠᠨ ᠪᠠᠢᠨ᠎ᠠ᠂ ᠡᠢᠮᠦ ᠡᠴᠡ ᠮᠠᠨ ᠤ ᠵᠠᠰᠠᠭ ᠠᠴᠠ ᠪᠣᠯ ᠶᠡᠬᠡ ᠪᠡᠷ ᠬᠦᠨᠳᠦᠳᠭᠡᠵᠦ ᠪᠠᠢᠭ᠎ᠠ᠃ ᠲᠡᠭᠡᠭᠡᠳ 2014 ᠣᠨ ᠠᠴᠠ ᠵᠢᠯ ᠪᠦᠷᠢ 3000ᠲᠦᠮᠡᠨ ᠲᠥᠭᠦᠷᠢᠭ ᠦᠨ ᠲᠤᠰᠭᠠᠢ ᠵᠠᠷᠤᠳᠠᠯ ᠭᠠᠷᠭᠠᠵᠤ ᠥᠭᠭᠦᠭᠰᠡᠨ ᠪᠠᠢᠨ᠎ᠠ᠃ ᠣᠳᠤ ᠡᠨᠡ ᠶᠢ ᠨᠡᠮᠡᠪᠡᠯ 9000ᠲᠦᠮᠡᠨ ᠲᠥᠭᠦᠷᠢᠭ ᠪᠢᠵᠡ ᠳᠡ᠃ ᠣᠳᠣ ᠠᠯᠪᠠᠨ ᠤ ᠠᠵᠢᠯ ᠣᠯᠠᠨ ᠪᠠᠢᠭ᠎ᠠ᠃ ᠭᠡᠪᠡᠴᠦ ᠡᠨᠡ 9000ᠲᠦᠮᠡᠨ ᠲᠥᠭᠦᠷᠢᠭ UNICODE ᠊ ᠤᠨ ᠰᠤᠳᠤᠯᠭᠠᠨ ᠳᠤ ᠬᠢᠷᠢ ᠵᠡᠷᠭᠡ ᠣᠷᠤᠵᠤ ᠪᠠᠢᠨ᠎ᠠ ᠪᠤᠢ︖ ᠪᠢᠳᠡ ᠵᠢᠭᠠᠬᠠᠨ ᠢᠯᠡᠭᠦᠦ ᠶᠢ ᠨᠢ ᠣᠷᠤᠭᠤᠯᠵᠤ ᠪᠣᠯᠤᠨ᠎ᠠ ᠤᠤ ᠦᠭᠡᠢ ᠤᠤ︖ ᠭᠡᠰᠡᠨ ᠬᠦᠰᠡᠯ ᠢ ᠡᠨᠳᠡ ᠲᠠᠯᠪᠢᠵᠤ ᠪᠠᠢᠨ᠎ᠠ᠃ ᠡᠭᠦᠨ ᠡᠴᠡ ᠥᠭᠡᠷ᠎ᠡ ᠲᠥᠷᠦᠯ ᠵᠦᠢᠯ ᠢ ᠵᠢᠭᠠᠬᠠᠨ ᠬᠣᠢᠨ᠎ᠠ ᠲᠠᠯᠪᠢᠵᠤ ᠪᠣᠯᠤᠨ᠎ᠠ ᠤᠤ ᠦᠭᠡᠢ ᠤᠤ ᠭᠡᠳᠡᠭ ᠡᠢᠮᠦ ᠬᠦᠰᠡᠯ ᠲᠠᠯᠪᠢᠵᠤ ᠪᠠᠢᠨ᠎ᠠ᠃

ᠡᠢᠮᠦ ᠡᠴᠡ ᠮᠢᠨᠦ ᠣᠢᠯᠠᠭᠠᠭᠰᠠᠨ ᠢᠶᠠᠷ ᠮᠠᠨ ᠤ ᠨᠠᠮ ᠵᠠᠰᠠᠭ ᠤᠨ ᠪᠣᠳᠤᠯᠭ᠎ᠠ ᠪᠣᠯ ᠡᠨᠡ ᠠᠷᠠᠳ ᠣᠯᠠᠨ ᠤ ᠰᠠᠨᠠᠭᠠᠰᠢᠷᠠᠵᠤ ᠪᠠᠢᠭ᠎ᠠ UNICODE  ᠲᠤ ᠪᠣᠯ ᠬᠡᠵᠢᠶᠡᠨᠡᠢ ᠣᠷᠤᠵᠤ ᠢᠷᠡᠭᠰᠡᠨ᠂ ᠮᠥᠩᠭᠦ ᠵᠣᠭᠤᠰ ᠲᠠᠢ ᠪᠠᠨ ᠣᠷᠤᠭᠠᠳ ᠢᠷᠡᠭᠰᠡᠨ᠃ ᠣᠳᠣ ᠮᠠᠨ ᠤ ᠨᠠᠮ ᠵᠠᠰᠠᠭ ᠤᠨ ᠪᠠᠢᠭᠤᠯᠭ᠎ᠠ ᠪᠣᠯ ᠪᠦᠭᠦᠳᠡᠭᠡᠷ ᠢᠶᠡᠨ ᠠᠵᠢᠯᠯᠠᠵᠤ ᠪᠠᠢᠭ᠎ᠠ᠃ ᠮᠣᠩᠭᠤᠯ ᠬᠡᠯᠡ ᠪᠢᠴᠢᠭ᠌ ᠦᠨ ᠵᠥᠪᠯᠡᠯ(ᠨᠡᠢᠭᠡᠮᠯᠢᠭ) ᠪᠠᠰᠠ ᠶᠡᠬᠡ ᠣᠯᠠᠨ ᠲᠥᠷᠦᠯ ᠵᠦᠢᠯ ᠢ ᠨᠡᠢᠭᠡᠮ ᠤᠷᠤᠭᠤ ᠬᠠᠨᠳᠤᠵᠤ ᠠᠵᠢᠯᠯᠠᠭᠤᠯᠵᠤ ᠪᠠᠢᠨ᠎ᠠ᠂ ᠤᠴᠢᠷ ᠨᠢ ᠥᠪᠡᠷ ᠢᠶᠡᠨ ᠪᠣᠯ ᠡᠨᠡ ᠶᠢ ᠬᠢᠵᠦ ᠳᠡᠢᠯᠬᠦ ᠦᠭᠡᠢ ᠰᠢᠳᠡ᠂ ᠡᠨᠡ ᠮᠡᠷᠭᠡᠵᠢᠯ ᠦᠨ ᠡᠳ᠋ ᠢ ᠃ ᠡᠨᠡ ᠴᠢᠨᠢ ᠣᠳᠣ ᠶᠡᠬᠡ ᠰᠠᠢᠬᠠᠨ ᠠᠷᠭ᠎ᠠ᠂ ᠨᠡᠢᠭᠡᠮ ᠳᠡᠭᠡᠷ᠎ᠡ ᠶᠡᠬᠡ ᠰᠠᠢᠬᠠᠨ ᠺᠣᠮᠫᠠᠨᠢ ᠨᠤᠭᠤᠳ ᠪᠠᠢᠭ᠎ᠠ ᠰᠢᠦ ᠳᠡ᠂ ᠮᠢᠨᠦ ᠬᠡᠯᠡᠵᠦ ᠪᠠᠢᠭ᠎ᠠ《ᠠᠯᠮᠠᠰ》ᠺᠣᠮᠫᠠᠨᠢ ᠵᠡᠷᠭᠡ᠂ ᠡᠳᠡᠭᠡᠷ ᠵᠠᠯᠠᠭᠤᠴᠤᠳ ᠢᠶᠠᠷ ᠭᠣᠣᠯᠯᠠᠭᠰᠠᠨ ᠺᠣᠮᠫᠠᠨᠢ ᠨᠤᠭᠤᠳ ᠤᠨ ᠬᠦᠴᠦᠨ ᠢ ᠠᠰᠢᠭᠯᠠᠵᠤ᠂ ᠮᠡᠷᠭᠡᠵᠢᠯ ᠢ ᠨᠢ ᠠᠰᠢᠭᠯᠠᠵᠤ᠂ ᠮᠥᠩᠭᠦ ᠶᠢ ᠨᠢ ᠮᠠᠨ ᠤ ᠵᠠᠰᠠᠭ ᠲᠥᠷᠦ ᠡᠴᠡ ᠥᠭᠴᠦ᠂ ᠡᠨᠡ ᠠᠵᠢᠯ ᠢ ᠡᠷᠴᠢᠮᠲᠡᠢ ᠬᠢᠬᠦ ᠶᠤᠮ ᠪᠣᠯ ᠪᠡᠶᠡᠯᠡᠬᠦ ᠦᠭᠡᠢ ᠭᠡᠰᠡᠨ ᠶᠠᠪᠤᠳᠠᠯ ᠪᠠᠢᠬᠤ ᠦᠭᠡᠢ ᠭᠡᠵᠦ ᠰᠠᠨᠠᠵᠤ ᠪᠠᠢᠨ᠎ᠠ᠃ ᠡᠢᠮᠦ ᠡᠴᠡ ᠨᠠᠮ ᠵᠠᠰᠠᠭ ᠤᠨ ᠲᠠᠯ᠎ᠠ ᠠᠴᠠ᠁ᠭᠡᠰᠡᠨ ᠠᠵᠢᠯ ᠳᠤ ᠨᠡᠩ ᠢᠯᠡᠭᠦᠦ ᠪᠡᠯᠡ ᠣᠷᠤᠭᠤᠯᠤᠭᠠᠷᠠᠢ ᠭᠡᠰᠡᠨ ᠬᠦᠰᠡᠯ ᠢ ᠲᠠᠯᠪᠢᠵᠤ ᠪᠠᠢᠨ᠎ᠠ᠃

ᠵᠠ ᠡᠷᠭᠢᠭᠡᠳ ᠨᠢᠭᠡ ᠨᠢ ᠪᠣᠯ UNICODE ᠊ ᠤᠨ ᠪᠠᠢᠭᠤᠯᠭ᠎ᠠ᠂ ᠣᠯᠠᠨ ᠤᠯᠤᠰ ᠤᠨ ᠪᠠᠷᠢᠮᠵᠢᠶᠠᠴᠢᠯᠠᠯ ᠤᠨ ᠪᠠᠢᠭᠤᠯᠭ᠎ᠠ ᠪᠠᠢᠭ᠎ᠠ ᠰᠢᠳᠡ᠃ ᠳᠣᠲᠤᠷ᠎ᠠ ᠨᠢ ᠪᠠᠰᠠ ᠠᠷᠪᠢᠨ ᠺᠣᠮᠫᠠᠨᠢ ᠨᠤᠭᠤᠳ ᠪᠠᠢᠵᠤ ᠪᠠᠢᠨ᠎ᠠ᠃ Microsoft ᠴᠤ ᠶᠤᠮ ᠤᠤ᠂ ᠠᠯᠮᠤᠷᠠᠳ ᠴᠤ ᠶᠤᠮ ᠤᠤ᠂ IBM ᠴᠤ ᠶᠤᠮ ᠤᠤ ᠭᠡᠳ ᠣᠯᠠᠨ ᠺᠣᠮᠫᠠᠨᠢ ᠨᠤᠭᠤᠳ ᠪᠠᠢᠵᠤ ᠪᠠᠢᠨ᠎ᠠ᠃ ᠵᠠ ᠲᠡᠳᠡᠭᠡᠷ ᠺᠣᠮᠫᠠᠨᠢ ᠨᠤᠭᠤᠳ ᠲᠠᠢ ᠮᠠᠨ ᠤ ᠭᠠᠳᠠᠭᠠᠳᠤ ᠳᠤ ᠣᠯᠠᠨ ᠪᠠᠢᠭ᠎ᠠ ᠨᠠᠢᠵᠠ ᠨᠠᠷ ᠢᠯᠡᠭᠦᠦ ᠬᠠᠷᠢᠯᠴᠠᠵᠤ᠂ ᠢᠩᠭᠢᠵᠦ ᠲᠡᠳᠡᠨ ᠦ ᠪᠠᠢᠳᠠᠯ ᠢ ᠴᠤ ᠴᠠᠭ ᠲᠤᠬᠠᠢ ᠳᠤ ᠨᠢ ᠳᠠᠮᠵᠢᠭᠤᠯᠵᠤ᠂ ᠮᠠᠨ ᠤ ᠮᠣᠩᠭᠤᠯ ᠬᠡᠯᠡ ᠶᠢ ᠨᠢᠭᠡ ᠴᠢᠬᠤᠯᠠᠴᠢᠯᠠᠵᠤ ᠦᠵᠡᠭᠡᠷᠡᠢ᠂ ᠣᠳᠣ ᠮᠠᠨ ᠤ ᠮᠣᠩᠭᠤᠯ ᠬᠡᠯᠡ ᠡᠢᠮᠦ ᠪᠣᠯᠤᠭᠠᠳ ᠪᠠᠢᠨ᠎ᠠ ᠰᠢᠦ ᠳᠡ᠂ ᠬᠣᠴᠤᠷᠤᠭᠠᠳ᠃ ᠲᠠᠨᠠᠷ ᠡᠭᠦᠨ ᠢ ᠡᠳᠦᠷ ᠲᠤᠲᠤᠮ ᠤᠨ ᠠᠵᠢᠯ ᠳᠤᠮᠳᠠ ᠪᠠᠨ ᠣᠷᠤᠭᠤᠯ ᠠ᠋᠂ ᠡᠢᠮᠦ ᠵᠣᠬᠢᠴᠠᠭᠤᠯᠬᠤ ᠠᠵᠢᠯ ᠢ ᠬᠢᠬᠦ ᠶᠢ ᠬᠦᠰᠡᠵᠦ ᠪᠠᠢᠨ᠎ᠠ᠃ ᠣᠳᠣ ᠮᠠᠨ ᠤ ᠥᠷᠯᠦᠭ ᠳᠡᠭᠦᠦ ᠭᠡᠵᠦ ᠵᠠᠯᠠᠭᠤ ᠲᠡᠨᠳᠡ ᠠᠵᠢᠯᠯᠠᠵᠤ ᠪᠠᠢᠭ᠎ᠠ᠂ ᠶᠡᠬᠡ ᠢᠳᠡᠪᠬᠢᠲᠡᠢ ᠣᠯᠠᠨ ᠪᠢᠳᠡᠨ ᠳᠦ ᠰᠤᠷᠠᠭ ᠵᠠᠩᠭᠢ ᠶᠢ ᠬᠠᠩᠭᠠᠭᠰᠠᠨ᠃ ᠲᠡᠭᠦᠨ ᠦ ᠰᠢᠭᠤᠳ ᠤᠳᠤᠷᠢᠳᠤᠯᠭ᠎ᠠ ᠨᠢ ᠶᠠᠭ UNICODE ᠊ ᠢ ᠬᠠᠮᠢᠶᠠᠷᠳᠠᠭ ᠳᠠᠷᠤᠭ᠎ᠠ ᠪᠠᠢᠵᠤ ᠪᠠᠢᠭ᠎ᠠ᠂ ᠡᠨᠡ UNICODE ᠊ ᠢ ᠬᠠᠮᠢᠶᠠᠷᠳᠠᠭ ᠳᠠᠷᠤᠭ᠎ᠠ ᠪᠠᠰᠠ ᠥᠪᠦᠷ ᠮᠣᠩᠭᠤᠯ ᠳᠤ ᠵᠢᠯ ᠪᠣᠯᠭᠠᠨ ᠢᠷᠡᠵᠦ ᠪᠠᠢᠨ᠎ᠠ ᠭᠡᠵᠦ ᠪᠠᠢᠨ᠎ᠠ᠃ ᠲᠡᠭᠡᠪᠡᠯ ᠪᠢᠳᠡ ᠰᠠᠨᠠᠭᠤᠯᠤᠶ᠎ᠠ᠂ ᠥᠪᠦᠷ ᠮᠣᠩᠭᠤᠯ ᠤᠨ ᠤᠳᠤᠷᠢᠳᠤᠯᠭ᠎ᠠ ᠨᠠᠷ ᠮᠢᠨᠢ᠂ ᠮᠠᠨ ᠤ ᠳᠤᠮᠳᠠᠳᠤ ᠤᠯᠤᠰ ᠤᠨ ᠮᠣᠩᠭᠤᠯ ᠬᠡᠯᠡᠨ ᠦ ᠰᠢᠨᠵᠢᠯᠡᠭᠡᠨ ᠦ ᠨᠡᠢᠭᠡᠮᠯᠢᠭ ᠮᠠᠨᠢ᠂ ᠡᠨᠡ ᠵᠢᠯ ᠲᠡᠷᠡ ᠳᠠᠷᠤᠭ᠎ᠠ ᠢᠷᠡᠬᠦ ᠳᠦ ᠨᠢᠭᠡ ᠬᠦᠯᠢᠶᠡᠨ ᠠᠪᠴᠤ ᠬᠠᠮᠢᠶ᠎ᠠ ᠪᠦᠬᠦᠢ ᠲᠠᠯ᠎ᠠ ᠶᠢ ᠣᠷᠤᠯᠴᠠᠭᠤᠯᠤᠭᠰᠠᠨ ᠲᠤᠰᠭᠠᠢ ᠬᠤᠷᠠᠯ ᠬᠢᠬᠦ ᠶᠢ ᠬᠦᠰᠡᠵᠦ ᠪᠠᠢᠨ᠎ᠠ᠃ ᠲᠡᠷᠡ ᠳᠠᠷᠤᠭ᠎ᠠ ᠳᠤ ᠮᠠᠨᠠᠢ ᠮᠣᠩᠭᠤᠯ ᠬᠡᠯᠡᠨ ᠦ ᠬᠡᠷᠡᠭᠯᠡᠭᠡᠨ ᠦ ᠪᠠᠢᠳᠠᠯ ᠢ ᠲᠠᠨᠢᠯᠴᠠᠭᠤᠯᠵᠤ᠂ ᠠᠷᠤ ᠲᠠᠯ᠎ᠠ ᠶᠢᠨ ᠬᠦᠰᠡᠯ ᠢ ᠲᠤᠰᠭᠠᠵᠤ᠂ ᠶᠠᠭᠤ ᠬᠡᠷᠡᠭᠲᠡᠢ ᠪᠣᠯ ᠶᠠᠭᠤ ᠶᠢ ᠨᠢ ᠬᠠᠩᠭᠠᠵᠤ ᠵᠠᠰᠠᠭ ᠤᠨ ᠲᠠᠯ᠎ᠠ ᠠᠴᠠ ᠡᠢᠮᠦ ᠠᠵᠢᠯ ᠬᠢᠬᠦ ᠶᠢ ᠬᠦᠰᠡᠵᠦ ᠪᠠᠢᠨ᠎ᠠ᠃ ᠢᠩᠭᠢᠭᠡᠳ ᠲᠡᠷᠡ ᠤᠳᠤᠷᠢᠳᠤᠯᠭ᠎ᠠ ᠪᠠᠷ ᠳᠠᠮᠵᠢᠭᠤᠯᠵᠤ ᠲᠡᠷᠡ ᠣᠯᠠᠨ ᠤᠯᠤᠰ ᠤᠨ ᠪᠠᠷᠢᠮᠵᠢᠶ᠎ᠠ ᠣᠳᠣ ᠪᠢᠳᠡ ᠶᠡᠬᠡ ᠰᠠᠭᠤᠷᠢ ᠪᠠᠨ ᠲᠠᠯᠪᠢᠵᠤ ᠭᠡᠷ ᠢᠶᠡᠨ ᠬᠦᠷᠲᠡᠯ᠎ᠡ ᠪᠠᠷᠢᠴᠢᠬᠠᠭᠰᠠᠨ ᠰᠢᠦ᠃ ᠳᠣᠲᠤᠷ᠎ᠠ ᠨᠢ ᠣᠳᠣ ᠵᠢᠱᠢᠶᠡᠯᠡᠪᠡᠯ ᠡᠨᠡ ᠨᠠᠰᠤᠨᠤ᠋ᠷᠲᠤ ᠪᠠᠭᠰᠢ᠂ ᠴᠣᠢᠵᠤᠩᠵᠠᠪ ᠪᠠᠭᠰᠢ ᠲᠦᠷᠦᠭᠦᠦ ᠲᠡᠢ ᠲᠡᠳᠡᠭᠡᠷ ᠪᠠᠭᠰᠢ ᠡᠨᠡ ᠠᠰᠠᠷ ᠢ ᠴᠢᠨᠢ ᠪᠠᠷᠢᠭᠠᠳ ᠭᠡᠷ ᠢ ᠴᠢᠨᠢ ᠪᠠᠷᠢᠭᠠᠳ ᠲᠠᠯᠪᠢᠴᠢᠬᠠᠭᠰᠠᠨ ᠪᠠᠢᠨ᠎ᠠ ᠰᠢᠦ ᠳᠡ᠃ ᠡᠢᠮᠦ ᠡᠴᠡ ᠲᠡᠳᠡᠨ ᠦ ᠪᠠᠷᠢᠭᠰᠠᠨ ᠡᠨᠡ ᠭᠡᠷ ᠳᠣᠲᠤᠷ᠎ᠠ (ᠬᠠᠰᠤᠭᠰᠠᠨ ᠬᠡᠰᠡᠭ ᠪᠠᠢᠨ᠎ᠠ ) ᠶᠠᠭᠤ ᠬᠡᠷᠡᠭᠲᠡᠢ ᠪᠠᠢᠨ᠎ᠠ ᠤᠤ︖ ᠤᠤᠯ ᠤᠨ ᠶᠠᠭᠤ ᠶᠢ ᠨᠢ ᠦᠭᠡᠢ ᠪᠣᠯᠭᠠᠭᠠᠳ᠂ ᠰᠢᠨ᠎ᠡ ᠶᠠᠭᠤ ᠣᠷᠤᠭᠤᠯᠬᠤ ᠬᠡᠷᠡᠭᠲᠡᠢ ᠪᠤᠢ︖ ᠡᠢᠮᠦ ᠠᠵᠢᠯ ᠢ ᠬᠢᠶ᠎ᠡ ᠭᠡᠵᠦ ᠪᠣᠳᠤᠵᠤ ᠪᠠᠢᠨ᠎ᠠ᠃ ᠶᠡᠬᠡ ᠲᠠᠯ᠎ᠠ ᠳᠡᠭᠡᠷ᠎ᠡ ᠪᠣᠯ ᠪᠠᠷᠤᠭ ᠪᠦᠬᠦ ᠲᠠᠯ᠎ᠠ ᠪᠠᠷ ᠥᠭᠡᠷᠡᠴᠢᠯᠡᠵᠦ᠂ ᠰᠢᠨ᠎ᠡ ᠪᠡᠷ UNICODE ᠵᠣᠬᠢᠶᠠᠨ᠎ᠠ ᠭᠡᠳᠡᠭ ᠪᠣᠯ ᠬᠡᠷᠡᠭ ᠦᠭᠡᠢ ᠪᠠᠢᠬ᠎ᠠ ᠭᠡᠵᠦ ᠰᠠᠨᠠᠵᠤ ᠪᠠᠢᠨ᠎ᠠ᠃ ᠤᠤᠯ ᠤᠨ ᠵᠣᠬᠢᠶᠠᠭᠰᠠᠨ ᠳᠡᠭᠡᠷ᠎ᠡ᠂ ᠣᠳᠣ ᠮᠡᠷᠭᠡᠵᠢᠯ ᠦᠨ ᠲᠠᠯ᠎ᠠ ᠪᠠᠷ ᠴᠣᠬᠤᠮ ᠬᠢᠷᠢ ᠵᠡᠷᠭᠡ ᠳᠡᠮᠵᠢᠬᠦ ᠶᠢ ᠮᠡᠳᠡᠬᠦ ᠦᠭᠡᠢ᠂ ᠪᠣᠯᠳᠠᠭ ᠶᠤᠮ ᠪᠣᠯ ᠣᠳᠣ ᠲᠡᠢᠮᠦ ᠡ᠂ ᠣᠳᠣ ᠡᠨᠡ ᠳᠤᠮᠳᠠ ᠣᠷᠤᠬᠤ ᠳᠦᠷᠰᠦ ᠶᠤᠮ ᠤᠤ︖ ᠡᠰᠡᠬᠦᠯ᠎ᠡ ᠡᠨᠡ ᠢᠵᠢᠯ ᠳᠦᠷᠰᠦᠲᠡᠢ ᠦᠭᠡ ᠨᠦᠭᠦᠳ ᠢ ᠶᠠᠭᠠᠬᠢᠬᠤ ᠪᠤᠢ︖ ᠡᠨᠡ ᠶᠢ ᠮᠡᠷᠭᠡᠵᠢᠯ ᠦᠨ ᠲᠠᠯ᠎ᠠ ᠪᠠᠷ ᠶᠠᠭᠠᠬᠢᠵᠤ ᠰᠢᠢᠳᠪᠦᠷᠢᠯᠡᠨ᠎ᠡ ᠦᠦ ᠭᠡᠳᠡᠭ ᠢ ᠲᠡᠷᠡ ᠵᠣᠬᠢᠶᠠᠨ ᠪᠠᠢᠭᠤᠯᠤᠯᠲᠠ ᠲᠠᠢ᠂ ᠮᠠᠨ ᠤ ᠡᠨᠳᠡ ᠡᠴᠡ ᠲᠤᠰᠭᠠᠢ ᠮᠡᠷᠭᠡᠵᠢᠯᠲᠡᠨ ᠬᠠᠮᠵᠢᠯᠴᠠᠵᠤ ᠬᠢᠬᠦ ᠶᠢ ᠬᠦᠰᠡᠵᠦ ᠪᠠᠢᠨ᠎ᠠ᠂ ᠲᠡᠭᠦᠯᠳᠡᠷᠵᠢᠭᠦᠯᠬᠦ ᠶᠢ ᠬᠦᠰᠡᠵᠦ ᠪᠠᠢᠨ᠎ᠠ᠃ ᠣᠳᠣ ᠬᠡᠷᠡᠭᠯᠡᠵᠦ ᠪᠣᠯᠬᠤ ᠦᠭᠡᠢ ᠪᠠᠢᠭ᠎ᠠ ᠪᠢᠰᠢ ᠰᠢᠦ᠂ ᠬᠡᠷᠡᠭᠯᠡᠵᠦ ᠪᠣᠯᠵᠤ ᠪᠠᠢᠨ᠎ᠠ ᠰᠢᠦ ᠳᠡ᠃ ᠭᠡᠪᠡᠴᠦ ᠶᠡᠬᠡ ᠬᠦᠴᠢᠷ ᠲᠡᠢ ᠪᠠᠢᠭ᠎ᠠ᠂ ᠲᠡᠷᠡ ᠬᠦᠴᠢᠷ ᠦᠳ ᠢ ᠨᠢ᠂ ᠲᠡᠢᠮᠦ ᠡ ᠬᠦᠴᠢᠷ ᠠᠰᠠᠭᠤᠳᠠᠯ ᠤᠳ ᠢ ᠨᠢ᠂ (ᠬᠠᠰᠤᠭᠰᠠᠨ ᠬᠡᠰᠡᠭ ᠪᠠᠢᠨ᠎ᠠ ) ᠵᠠᠰᠠᠬᠤ ᠦᠶ᠎ᠡ ᠳᠦ ᠨᠢ ᠶᠠᠮᠠᠷ ᠶᠠᠮᠠᠷ ᠶᠠᠭᠤᠮ᠎ᠠ ᠶᠢ ᠨᠢ ᠬᠠᠮᠢᠭ᠎ᠠ ᠲᠠᠯᠪᠢᠨ᠎ᠠ ᠤᠤ︖ ᠵᠣᠴᠢᠨ ᠤ ᠥᠷᠦᠭᠡᠨ ᠳᠦ ᠶᠠᠭᠤ ᠲᠠᠯᠪᠢᠨ᠎ᠠ ᠤᠤ︖ ᠲᠧᠯᠸᠢᠰ ᠢᠶᠡᠨ ᠶᠠᠮᠠᠷ ᠲᠧᠯᠸᠢᠰ ᠠᠪᠤᠨ᠎ᠠ ᠤᠤ︖ ᠲᠣᠭᠤᠭᠠᠨ ᠭᠡᠷ ᠲᠦ ᠪᠡᠨ ᠶᠠᠭᠤ ᠲᠠᠯᠪᠢᠨ᠎ᠠ ᠤᠤ︖ ᠤᠨᠲᠠᠯᠭ᠎ᠠ ᠶᠢᠨ ᠥᠷᠦᠭᠡᠨ ᠳᠦ ᠪᠡᠨ ᠶᠠᠭᠤ ᠲᠠᠯᠪᠢᠨ᠎ᠠ ᠤᠤ︖ ᠵᠠ᠂ ᠢᠩᠭᠢᠭᠡᠳ ᠮᠠᠨ ᠤ UNICODE ᠊ ᠤᠨ ᠮᠣᠩᠭᠤᠯ ᠬᠡᠯᠡᠨ ᠦ ᠲᠠᠰᠤᠭ ᠢ ᠨᠢᠭᠡ ᠰᠠᠢᠬᠠᠨ ᠵᠠᠰᠠᠵᠤ ᠰᠢᠨᠡᠳᠭᠡᠭᠡᠳ᠂ ᠬᠡᠷᠡᠭᠯᠡᠭᠴᠢᠳ ᠲᠦ ᠬᠡᠷᠡᠭᠯᠡᠬᠦ ᠳᠦ ᠤᠯᠠᠮ ᠭᠣᠶᠤ ᠪᠣᠯᠭᠠᠭᠠᠳ ᠥᠭᠬᠦ ᠶᠢ ᠬᠦᠰᠡᠵᠦ ᠪᠠᠢᠨ᠎ᠠ᠃ ᠡᠨᠡ ᠶᠢ ᠪᠣᠯ ᠵᠠᠰᠠᠭ ᠤᠨ ᠲᠠᠯ᠎ᠠ ᠠᠴᠠ ᠲᠡᠷᠢᠭᠦᠯᠡᠵᠦ ᠰᠤᠳᠤᠯᠭᠠᠨ ᠤ ᠪᠠᠢᠭᠤᠯᠭ᠎ᠠ ᠭᠣᠣᠯᠯᠠᠵᠤ᠂ ᠡᠷᠳᠡᠮᠲᠡᠨ ᠮᠡᠷᠭᠡᠵᠢᠯᠲᠡᠳ ᠬᠠᠮᠵᠢᠯᠴᠠᠵᠤ ᠬᠢᠬᠦ ᠠᠵᠢᠯ᠂ ᠵᠠᠰᠠᠭ ᠤᠨ ᠲᠠᠯ᠎ᠠ ᠠᠴᠠ ᠡᠨᠡ ᠲᠠᠯ᠎ᠠ ᠶᠢᠨ ᠪᠡᠯᠡ ᠮᠥᠩᠭᠦ ᠶᠢ ᠭᠦᠢᠴᠡᠳ ᠬᠠᠩᠭᠠᠬᠤ ᠶᠢ ᠬᠦᠰᠡᠵᠦ ᠪᠠᠢᠨ᠎ᠠ᠃ ᠪᠢᠳᠡᠨ ᠦ ᠪᠣᠯ ᠵᠢᠯ ᠪᠣᠯᠭᠠᠨ 3000 ᠲᠦᠮᠡᠨ ᠲᠥᠭᠦᠷᠢᠭ ᠭᠡᠳᠡᠭ ᠰᠢᠳᠡ᠂ ᠲᠡᠷᠡ ᠪᠠᠰᠠ ᠶᠠᠷᠢᠶᠠᠨ ᠦᠭᠡᠢ ᠣᠯᠠᠨ ᠶᠠᠩᠵᠤ ᠶᠢᠨ ᠲᠥᠯᠦᠪᠯᠡᠭᠡ ᠪᠠᠢᠭ᠎ᠠ ᠪᠠᠢᠬᠤ ᠠ᠋᠃ ᠭᠡᠪᠡᠴᠦ ᠪᠣᠯᠬᠤ ᠨᠥᠬᠦᠴᠡᠯ ᠦᠨ ᠳᠣᠲᠤᠷ᠎ᠠ ᠮᠠᠨ ᠤ UNICODE ᠊ ᠤᠨ ᠠᠵᠢᠯ ᠳᠣᠲᠤᠷ᠎ᠠ ᠢᠯᠡᠭᠦᠦ ᠪᠡᠯᠡ ᠣᠷᠤᠭᠤᠯᠬᠤ ᠶᠢ ᠬᠦᠰᠡᠵᠦ ᠪᠠᠢᠨ᠎ᠠ᠃

ᠵᠠ᠂ ᠣᠳᠣ ᠮᠢᠨᠦ UNICODE ᠊ ᠤᠨ ᠲᠠᠯ᠎ᠠ ᠪᠠᠷ ᠶᠠᠷᠢᠬᠤ ᠪᠣᠯ ᠡᠳᠦᠢ ᠯᠡ ᠪᠠᠢᠨ᠎ᠠ᠃ ᠡᠢᠮᠦ ᠣᠯᠠᠨ ᠨᠥᠬᠦᠳ ᠠᠩᠬᠠᠷᠤᠯ ᠲᠠᠯᠪᠢᠭᠰᠠᠨ ᠳᠤ ᠪᠠᠶᠠᠷᠯᠠᠵᠤ ᠪᠠᠢᠨ᠎ᠠ᠃ ᠣᠳᠣ ᠡᠢᠮᠦ ᠰᠠᠢᠬᠠᠨ ᠴᠠᠭ ᠪᠣᠯᠤᠭᠰᠠᠨ᠂ ᠵᠠᠰᠠᠭ ᠲᠥᠷᠦ ᠡᠴᠡ ᠢᠩᠭᠢᠵᠦ ᠬᠦᠨᠳᠦᠳᠭᠡᠵᠦ ᠦᠵᠡᠵᠦ ᠪᠠᠢᠨ᠎ᠠ᠃ ᠠᠷᠠᠳ ᠣᠯᠠᠨ ᠢᠩᠭᠢᠵᠦ ᠬᠠᠯᠠᠭᠤᠨ ᠲᠠᠢ ᠣᠷᠤᠯᠴᠠᠵᠤ ᠪᠠᠢᠨ᠎ᠠ᠃ ᠡᠷᠳᠡᠮᠲᠡᠨ ᠮᠡᠷᠭᠡᠵᠢᠯᠲᠡᠳ ᠶᠡᠬᠡ ᠢᠳᠡᠪᠬᠢᠲᠡᠢ ᠰᠤᠳᠤᠯᠭᠠᠨ ᠬᠢᠵᠦ ᠪᠠᠢᠨ᠎ᠠ᠃ ᠪᠢ ᠦᠵᠡᠪᠡᠯ ᠲᠠᠯ᠎ᠠ ᠲᠠᠯ᠎ᠠ ᠶᠢᠨ ᠨᠥᠬᠦᠴᠡᠯ ᠪᠦᠷᠢᠳᠦᠭᠰᠡᠨ ᠪᠠᠢᠨ᠎ᠠ᠃ ᠬᠢᠲᠠᠳ ᠢᠶᠠᠷ ᠪᠠᠢᠳᠠᠭ ᠰᠢᠳᠡ᠂ ᠲᠡᠭᠷᠢ ᠶᠢᠨ ᠴᠠᠭ᠂ ᠭᠠᠵᠠᠷ ᠤᠨ ᠵᠦᠢ᠂ ᠬᠥᠮᠦᠨ ᠦ ᠰᠠᠨᠠᠭ᠎ᠠ ᠭᠡᠳ ᠨᠡᠢᠯᠡᠭᠰᠡᠨ᠂ ᠡᠢᠮᠦ ᠰᠠᠢᠬᠠᠨ ᠴᠠᠭ ᠢᠷᠡᠵᠡᠢ ᠭᠡᠵᠦ ᠪᠣᠳᠤᠵᠤ ᠪᠠᠢᠨ᠎ᠠ᠃ ᠡᠢᠮᠦ ᠡᠴᠡ ᠲᠠᠯ᠎ᠠ ᠲᠠᠯ᠎ᠠ ᠶᠢᠨ ᠪᠦᠬᠦ ᠰᠠᠢᠬᠠᠨ ᠵᠦᠢᠯ ᠨᠡᠢᠯᠡᠵᠦ ᠪᠠᠢᠭ᠎ᠠ ᠪᠣᠯᠬᠤᠷ ᠮᠠᠨ ᠤ ᠬᠦᠰᠡᠯ ᠪᠣᠯᠤᠭᠰᠠᠨ ᠣᠯᠠᠨ ᠤᠯᠤᠰ ᠤᠨ ᠮᠣᠩᠭᠤᠯ ᠬᠡᠯᠡᠨ ᠦ ᠦᠰᠦᠭ ᠦᠨ ᠺᠣᠳ᠋ ᠮᠠᠨᠢ ᠡᠷᠲᠡ ᠡᠳᠦᠷ ᠮᠡᠨᠳᠦᠯᠡᠨ᠎ᠡ ᠭᠡᠵᠦ ᠢᠲᠡᠭᠡᠵᠦ ᠪᠠᠢᠨ᠎ᠠ᠃ ᠲᠠ ᠪᠦᠬᠦᠨ ᠴᠦ ᠭᠡᠰᠡᠨ ᠰᠡᠳᠭᠢᠯ ᠢᠶᠡᠷ ᠢᠶᠡᠨ ᠳᠡᠮᠵᠢᠭᠡᠷᠡᠢ ᠭᠡᠵᠦ ᠬᠦᠰᠡᠵᠦ ᠪᠠᠢᠨ᠎ᠠ᠃

ᠵᠠ᠂ ᠪᠠᠶᠠᠷᠯᠠᠭᠰᠠᠨ ᠰᠢᠤ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082