ᠮᠣᠩᠭᠤᠯ ᠪᠢᠴᠢᠭ ᠬᠢᠲᠠᠳ
ᠠᠩᠭᠯᠢ
ᠶᠠᠫᠤᠨ

ᠵᠢᠷᠤᠮᠲᠤ᠎ᠶᠢᠨ ᠪᠠᠷᠢᠮᠵᠢᠶ᠎ᠠ᠎ᠺᠣᠳ᠋᠎ᠤᠨ ᠲᠤᠬᠠᠢ ᠠᠰᠠᠭᠤᠯᠲᠠ ᠬᠠᠷᠢᠭᠤᠯᠲᠠ᠎ᠶᠢᠨ ᠡᠮᠬᠢᠳᠭᠡᠯ

ᠰᠠᠢᠨ ᠪᠠᠢᠵᠠᠭᠠᠨ᠎ᠠ᠎ᠤᠤ︖ ᠪᠢ ᠡᠨᠳᠡ ᠤᠯᠠᠨ ᠮᠣᠩᠭᠤᠯ ᠪᠢᠴᠢᠭ᠎ᠦᠨ ᠢᠨᠲᠧᠷᠨᠧᠲ᠎ᠦᠨ ᠰᠦᠯᠵᠢᠶ᠎ᠡ᠎ᠪᠡᠷ ᠴᠢᠯᠦᠭᠡᠲᠡᠢ ᠨᠡᠪᠲᠡᠷᠡᠬᠦ᠂ ᠬᠡᠷᠡᠭᠯᠡᠬᠦ ᠲᠠᠯ᠎ᠠ᠎ᠠᠴᠠ Unicode᠎ᠤᠨ ᠲᠤᠬᠠᠢ ᠣᠷᠴᠢᠮ᠎ᠤᠨ ᠳᠤᠤᠯᠢᠶᠠᠨ ᠱᠤᠤᠭᠢᠶᠠᠨ ᠪᠠᠢᠳᠠᠯ ᠳᠣᠣᠷ᠎ᠠ ᠴᠣᠬᠤᠮ ᠶᠠᠮᠠᠷ ᠠᠰᠠᠭᠤᠳᠠᠯ ᠣᠷᠤᠰᠢᠭᠠᠳ ᠪᠠᠢᠭ᠎ᠠ᠂ ᠶᠠᠭᠠᠬᠢᠭᠠᠳ ᠣᠳᠤ ᠪᠣᠯᠲᠠᠯ᠎ᠠ ᠮᠣᠩᠭᠤᠯ ᠪᠢᠴᠢᠭ᠎ᠦᠨ ᠺᠣᠮᠫᠢᠦ᠋ᠲᠧᠷᠴᠢᠯᠠᠬᠤ ᠠᠰᠠᠭᠤᠳᠠᠯ ᠤᠯᠠᠨ ᠤᠯᠤᠰ᠎ᠤᠨ ᠬᠣᠯᠪᠤᠭ᠎ᠠ ᠰᠦᠯᠵᠢᠶ᠎ᠡ᠎ᠪᠡᠷ ᠬᠡᠷᠡᠭᠯᠡᠭᠳᠡᠭᠡ ᠥᠬᠡᠢ ᠠᠰᠠᠭᠤᠳᠠᠯ᠂ ᠣᠳᠤ ᠪᠣᠯᠲᠠᠯ᠎ᠠ ᠭᠦᠢᠴᠡᠳ ᠰᠠᠢᠬᠠᠨ ᠰᠢᠢᠳᠪᠦᠷᠢᠯᠡᠭᠳᠡᠭᠡ ᠥᠬᠡᠢ ᠵᠡᠷᠭᠡ ᠤᠴᠢᠷ ᠰᠢᠯᠲᠠᠭᠠᠨ᠎ᠢ ᠤᠯᠬᠤ ᠭᠡᠰᠡᠨ ᠵᠣᠷᠢᠯᠭ᠎ᠠ᠎ᠪᠠᠷ ᠡᠨᠡ ᠪᠦᠯᠦᠭ᠎ᠢ ᠪᠠᠢᠭᠤᠯᠵᠤ᠂ ᠲᠠ ᠪᠦᠬᠦᠨ᠎ᠢ ᠤᠷᠢᠵᠤ ᠪᠠᠢᠨ᠎ᠠ᠃ ᠲᠠᠨᠠᠷ ᠡᠨᠡ ᠪᠦᠯᠦᠭ᠎ᠲᠦ ᠡᠨᠡ ᠲᠤᠬᠠᠢ ᠶᠠᠮᠠᠷ ᠠᠰᠠᠭᠤᠯᠲᠠ ᠪᠠᠢᠪᠠᠯ ᠠᠰᠠᠭᠤᠵᠤ᠂ ᠲᠡᠭᠦᠨ᠎ᠢ ᠮᠡᠳᠡᠬᠦ ᠬᠥᠮᠦᠨ ᠪᠠᠢᠪᠠᠯ ᠨᠠᠷᠢᠨ ᠲᠠᠢᠯᠪᠤᠷᠢᠯᠠᠭᠠᠳ ᠥᠭᠬᠦ ᠪᠣᠯᠪᠠ᠎ᠤᠤ ᠭᠡᠵᠦ ᠬᠦᠰᠡᠵᠦ ᠪᠠᠢᠨ᠎ᠠ᠃ (ᠠ᠊᠂ ᠭᠤᠸᠠᠢ)

(ᠡᠨᠳᠡ ᠠᠰᠠᠭᠤᠯᠲᠠ ᠲᠠᠯᠪᠢᠭᠰᠠᠨ ᠬᠥᠮᠦᠰ᠎ᠦᠨ ᠨᠡᠷ᠎ᠡ᠎ᠶᠢ ᠲᠥᠯᠦᠭᠡᠨ᠎ᠦ ᠲᠡᠮᠳᠡᠭ᠎ᠢᠶᠡᠷ ᠲᠡᠮᠳᠡᠭᠯᠡᠪᠡ᠃ )

ᠨᠢᠭᠡ᠂ ᠠᠰᠠᠭᠤᠯᠲᠠ (ᠡ᠊᠂ ᠭᠤᠸᠠᠢ)

ᠣᠳᠤ ᠠᠮᠧᠷᠢᠺᠠ᠎ᠳᠤ ᠰᠠᠭᠤᠵᠤ ᠪᠠᠢᠭ᠎ᠠ᠂ ᠥᠪᠦᠷ ᠮᠣᠩᠭᠤᠯ᠎ᠳᠤ ᠪᠠᠢᠬᠤ᠎ᠳᠤ᠎ᠪᠠᠨ ᠮᠣᠩᠭᠤᠯ ᠬᠡᠯᠡᠨ᠎ᠦ ᠮᠡᠷᠭᠡᠵᠢᠯ᠎ᠲᠡᠢ ᠮᠣᠩᠭᠤᠯ ᠬᠡᠯᠡᠨ᠎ᠦ ᠰᠠᠯᠪᠤᠷᠢ᠎ᠠᠴᠠ ᠲᠡᠭᠦᠰᠦᠭᠰᠡᠨ᠂ ᠠᠮᠧᠷᠢᠺᠠ᠎ᠳᠤ ᠢᠷᠡᠭᠡᠳ ᠺᠣᠮᠫᠢᠦ᠋ᠲᠧᠷ᠎ᠦᠨ ᠴᠢᠭᠯᠡᠯ᠎ᠢᠶᠡᠷ ᠰᠤᠷᠤᠯᠴᠠᠨ ᠣᠳᠤ ᠺᠣᠮᠫᠢᠦ᠋ᠲᠧᠷ᠎ᠦᠨ ᠠᠵᠢᠯ ᠬᠢᠵᠦ ᠪᠠᠢᠨ᠎ᠠ᠃

ᠠ᠊᠂ ᠭᠤᠸᠠᠢ᠎ᠶᠢᠨ ᠶᠠᠷᠢᠭᠰᠠᠨ᠎ᠰᠢᠭ᠋ ᠡᠨᠡ ᠪᠦᠯᠦᠭ ᠪᠣᠯ ᠮᠣᠩᠭᠤᠯ ᠪᠢᠴᠢᠭ᠎ᠢ Unicode᠎ᠲᠦ ᠶᠠᠭᠠᠬᠢᠵᠤ ᠣᠷᠤᠭᠤᠯᠵᠤ᠂ ᠶᠠᠭᠠᠬᠢᠵᠤ ᠬᠡᠷᠡᠭᠯᠡᠵᠦ᠂ ᠶᠠᠭᠠᠬᠢᠵᠤ ᠡᠨᠡ ᠪᠠᠷᠢᠮᠵᠢᠶ᠎ᠠ᠎ᠶᠢ ᠪᠠᠷᠢᠵᠤ᠂ ᠣᠳᠤ᠎ᠶᠢᠨ ᠺᠣᠮᠫᠢᠦ᠋ᠲᠧᠷ᠎ᠦᠨ ᠴᠠᠭ ᠡᠷᠡᠨ᠎ᠳᠦ᠂ ᠶᠠᠭᠠᠬᠢᠵᠤ ᠡᠨᠡ ᠰᠠᠢᠬᠠᠨ ᠪᠠᠭᠠᠵᠢ᠎ᠶᠢ ᠦᠷ᠎ᠡ ᠪᠦᠲᠦᠮᠵᠢᠲᠡᠢ ᠬᠡᠷᠡᠭᠯᠡᠬᠦ ᠪᠤᠢ ᠭᠡᠰᠡᠨ ᠲᠠᠯ᠎ᠠ᠎ᠳᠤ ᠦᠵᠡᠯ ᠪᠣᠳᠤᠯ᠎ᠢᠶᠠᠨ ᠰᠣᠯᠢᠯᠴᠠᠬᠤ᠎ᠳᠤ ᠪᠡᠯᠡᠨ ᠪᠠᠢᠨ᠎ᠠ᠃

ᠠᠰᠠᠭᠤᠯᠲᠠ ᠨᠢᠭᠡ

Unicode᠎ᠡᠴᠡ ᠪᠢᠳᠡᠨ᠎ᠦ ᠮᠣᠩᠭᠤᠯ ᠦᠰᠦᠭ ᠪᠢᠴᠢᠭ᠎ᠲᠦ᠎ᠠᠷᠪᠠᠨ ᠵᠢᠷᠭᠤᠭᠠᠲᠤ᠎ᠶᠢᠨ 1800᠎ᠡᠴᠡ11 ᠣᠷᠤᠨ ᠵᠠᠢ (1ᠣᠷᠤᠨ᠎ᠳᠤ 16 ᠵᠢᠵᠢᠭ ᠣᠷᠤᠨ ᠪᠠᠢᠨ᠎ᠠ) ᠥᠭᠭᠦᠭᠰᠡᠨ᠎ᠰᠢᠭ ᠪᠠᠢᠨ᠎ᠠ᠃ ᠲᠡᠭᠦᠨ᠎ᠢ Unicode᠎ᠶᠢᠨ Basic Form ᠭᠡᠬᠦ᠎ᠰᠢᠭ᠃ ᠲᠡᠷᠡ ᠳᠣᠲᠤᠷ᠎ᠠ ᠮᠠᠨ᠎ᠤ ᠮᠣᠩᠭᠤᠯ ᠪᠢᠴᠢᠭ᠎ᠪᠣᠯ ᠨᠢᠭᠡ ᠪᠦᠯᠦᠭ᠎ᠨᠢ ᠨᠢᠭᠡ ᠤᠯᠠᠨ ᠬᠤᠪᠢᠷᠠᠯ᠎ᠠᠴᠠ ᠭᠠᠭᠴᠠᠬᠠᠨ ᠨᠢᠭᠡᠯᠡ ᠳᠦᠷᠰᠦ᠎ᠨᠢ ᠣᠷᠤᠭᠰᠠᠨ ᠪᠠᠢᠨ᠎ᠠ᠃ ᠵᠠᠷᠢᠮ᠎ᠨᠢ ᠳᠡᠭᠡᠷ᠎ᠡ ᠣᠷᠤᠭᠰᠠᠨ᠂ ᠵᠠᠷᠢᠮ᠎ᠨᠢ ᠳᠡᠭᠡᠷ᠎ᠡ ᠣᠷᠤᠭᠰᠠᠨ᠂ ᠵᠠᠷᠢᠮ᠎ᠨᠢ ᠳᠤᠮᠳᠠ ᠣᠷᠤᠭᠰᠠᠨ᠂ ᠵᠠᠷᠢᠮ᠎ᠨᠢ ᠠᠳᠠᠭ᠎ᠲᠤ ᠣᠷᠤᠭᠰᠠᠨ ᠳᠦᠷᠰᠦ ᠪᠠᠢᠨ᠎ᠠ᠃ ᠴᠠᠭᠠᠨ ᠲᠣᠯᠤᠭᠠᠢ᠎ᠶᠢᠨ ᠳᠣᠲᠤᠷ᠎ᠠ᠎ᠠᠴᠠ ᠪᠦᠬᠦ ᠬᠤᠪᠢᠷᠠᠯ᠎ᠨᠢ ᠪᠦᠭᠦᠳᠡᠭᠡᠷ ᠣᠷᠤᠭ᠎ᠠ᠎ᠦᠭᠡᠢ᠂ ᠤᠯᠠᠨ ᠬᠤᠪᠢᠷᠠᠯᠲᠠ᠎ᠶᠢᠨ ᠳᠤᠮᠳᠠ᠎ᠠᠴᠠ ᠵᠥᠪᠬᠡᠨ ᠭᠠᠭᠴᠠ ᠨᠢᠭᠡᠯᠡ ᠬᠤᠪᠢᠷᠠᠯ᠎ᠨᠢ ᠣᠷᠤᠭᠠᠳ ᠪᠤᠰᠤᠳ᠎ᠨᠢ ᠣᠷᠤᠭ᠎ᠠ᠎ᠦᠭᠡᠢ ᠪᠠᠢᠨ᠎ᠠ᠃ ᠲᠡᠭᠡᠭᠡᠳ ᠬᠠᠷᠢᠨ᠂ ᠠᠯᠢ ᠭᠠᠯᠢ ᠥᠰᠦᠭ᠂ ᠮᠠᠨᠵᠤ ᠪᠠ ᠲᠣᠳᠤ ᠦᠰᠦᠭ᠎ᠦᠳ ᠪᠠᠰᠠ ᠣᠷᠤᠴᠢᠬᠠᠭᠰᠠᠨ ᠪᠠᠢᠨ᠎ᠠ᠃

ᠠᠰᠠᠭᠤᠯᠲᠠ᠎ᠬᠣᠶᠠᠷ

Unicode᠎ᠦᠨ Basic Form᠎ᠦᠨ ᠳᠣᠲᠤᠷ᠎ᠠ ᠣᠷᠤᠭᠤᠯᠬᠤ᠎ᠳᠤ ᠶᠡᠷᠦ᠎ᠨᠢ ᠠᠳᠠᠯᠢᠬᠠᠨ ᠦᠶ᠎ᠡ ᠪᠤᠶᠤ ᠠᠪᠢᠶ᠎ᠠ ᠤᠯᠠᠨ ᠬᠤᠪᠢᠷᠠᠯ᠎ᠲᠠᠢ ᠪᠠᠢᠪᠠᠯ ᠲᠡᠳᠡᠭᠡᠷ ᠬᠤᠪᠢᠷᠠᠯ᠎ᠤᠨ ᠳᠣᠲᠤᠷ᠎ᠠ᠎ᠠᠴᠠ ᠭᠠᠭᠴᠠ ᠨᠢᠭᠡ᠎ᠶᠢ᠎ᠯᠡ ᠣᠷᠤᠭᠤᠯᠵᠤ ᠪᠣᠯᠤᠨ᠎ᠠ ᠭᠡᠰᠡᠨ᠂ ᠣᠯᠠᠨ ᠬᠤᠪᠢᠷᠠᠯ᠎ᠤᠳ᠎ᠢ ᠲᠡᠷᠡ ᠶᠠᠩᠵᠤ᠎ᠪᠠᠷ᠎ᠨᠢ ᠪᠦᠭᠦᠳᠡ᠎ᠶᠢ ᠣᠷᠤᠭᠤᠯᠵᠤ ᠪᠣᠯᠬᠤ᠎ᠦᠭᠡᠢ ᠭᠡᠬᠦ ᠡᠢᠮᠦ ᠨᠢᠭᠡ ᠳᠦᠷᠢᠮ᠎ᠲᠡᠢ ᠭᠡᠰᠡᠨ᠃ ᠡᠭᠦᠨ᠎ᠢ ᠴᠣᠬᠤᠮ ᠲᠤᠬᠠᠢ᠎ᠶᠢᠨ ᠦᠶ᠎ᠡ᠎ᠳᠦ ᠮᠣᠩᠭᠤᠯ ᠪᠢᠴᠢᠭ᠎ᠢ Unicode᠎ᠲᠦ ᠥᠭᠬᠦ ᠦᠶ᠎ᠡ᠎ᠳᠦ᠂ ᠬᠥᠮᠦᠰ ᠪᠢᠳᠡᠨᠡᠷ᠎ᠢ ᠴᠣᠬᠤᠮ ᠶᠠᠭᠠᠬᠢᠵᠤ ᠣᠢᠯᠠᠭᠠᠵᠤ ᠪᠠᠢᠭᠰᠠᠨ ᠪᠣᠢ︖ ᠮᠠᠨ᠎ᠤ ᠮᠣᠩᠭᠤᠯ ᠦᠰᠦᠭ ᠪᠢᠴᠢᠭ᠎ᠦᠨ ᠡᠨᠡ ᠲᠠᠯ᠎ᠠ᠎ᠪᠠᠷ ᠰᠤᠳᠤᠯᠭ᠎ᠠ ᠬᠢᠳᠡᠭ ᠡᠷᠳᠡᠮᠲᠡᠨ ᠪᠠᠭᠰᠢ᠎ᠨᠠᠷ ᠪᠠ ᠺᠣᠮᠫᠢᠦ᠋ᠲᠧᠷ᠎ᠦᠨ ᠲᠠᠯ᠎ᠠ᠎ᠶᠢᠨ ᠲᠤᠬᠠᠢ᠎ᠶᠢᠨ ᠦᠶ᠎ᠡ᠎ᠶᠢᠨ ᠮᠡᠷᠭᠡᠵᠢᠯ᠎ᠲᠡᠢ ᠬᠥᠮᠦᠰ ᠲᠡᠷᠡ ᠳᠦᠷᠢᠮ᠎ᠢ ᠶᠠᠭᠠᠬᠢᠵᠤ ᠣᠢᠯᠠᠭᠠᠭᠰᠠᠨ ᠪᠤᠢ︖ ᠲᠡᠷᠡ ᠳᠦᠷᠢᠮ᠎ᠦᠨ ᠲᠠᠯ᠎ᠠ᠎ᠪᠠᠷ Unicode᠎ᠲᠠᠢ ᠶᠠᠭᠠᠬᠢᠵᠤ ᠶᠠᠷᠢᠯᠴᠠᠭᠰᠠᠨ᠂ ᠴᠣᠬᠤᠮ ᠶᠠᠭ ᠳᠦᠷᠢᠮ᠎ᠨᠢ ᠶᠠᠮᠠᠷ ᠪᠠᠢᠭᠰᠠᠨ ᠭᠡᠳᠡᠭ᠎ᠦᠨ ᠲᠤᠬᠠᠢ ᠶᠠᠷᠢᠵᠤ ᠥᠭᠬᠦ ᠪᠣᠯᠪᠠ᠎ᠤᠤ︖

ᠠᠰᠠᠭᠤᠯᠲᠠ᠎ᠭᠤᠷᠪᠠ

Unicode᠎ᠦᠨ 1800᠎ᠶᠢᠨ ᠲᠡᠷᠡ ᠬᠡᠰᠡᠭ᠎ᠲᠦ ᠮᠠᠨ᠎ᠤ ᠪᠤᠰᠤᠳ ᠮᠣᠩᠭᠤᠯ ᠪᠢᠴᠢᠭ᠎ᠦᠨ ᠥᠭᠡᠷ᠎ᠡ ᠬᠤᠪᠢᠷᠠᠯ᠎ᠤᠳ ᠵᠢᠱ᠌ᠢᠶᠡᠯᠡᠪᠡᠯ᠄ 《ᠠ᠊᠂ ᠡ᠊ 》ᠵᠡᠷᠭᠡ᠎ᠶᠢᠨ ᠳᠤᠮᠳᠠ ᠣᠷᠤᠭᠰᠠᠨ᠂ ᠳᠣᠣᠷ᠎ᠠ ᠣᠷᠤᠭᠰᠠᠨ ᠣᠯᠠᠨ ᠬᠤᠪᠢᠷᠠᠯ᠎ᠤᠳ ᠲᠡᠷᠡ ᠪᠦᠭᠦᠳᠡᠭᠡᠷ ᠣᠷᠤᠭᠰᠠᠨ᠎ᠦᠭᠡᠢ᠃ ᠦᠯᠡᠳᠡᠭᠰᠡᠨ ᠬᠡᠰᠡᠭ᠎ᠢ᠎ᠨᠢ ᠳᠠᠬᠢᠭᠠᠳ ᠥᠭᠡᠷ᠎ᠡ ᠭᠠᠵᠠᠷ᠂ ᠪᠦᠷ ᠬᠣᠢᠰᠢ᠎ᠪᠠᠷ ᠥᠭᠡᠷ᠎ᠡ ᠣᠷᠤᠨ ᠵᠠᠢ ᠥᠭᠭᠦᠭᠰᠡᠨ᠎ᠰᠢᠭ ᠪᠠᠢᠨ᠎ᠠ᠃ ᠲᠡᠷᠡ ᠳᠣᠲᠤᠷ᠎ᠠ᠎ᠨᠢ ᠮᠠᠨ᠎ᠤ ᠪᠤᠰᠤᠳ ᠬᠤᠪᠢᠷᠠᠯ᠎ᠤᠳ ᠪᠦᠭᠦᠳᠡᠭᠡᠷ ᠣᠷᠤᠴᠢᠬᠠᠭᠰᠠᠨ᠎ᠤᠤ︖ ᠪᠦᠭᠦᠳᠡ᠎ᠶᠢ ᠥᠭᠭᠦᠭᠰᠡᠨ᠎ᠦᠦ︖

ᠢᠨᠲᠧᠷᠨᠧᠲ᠎ᠡᠴᠡ ᠣᠯᠵᠤ ᠬᠠᠷᠠᠵᠤ ᠪᠠᠢᠭ᠎ᠠ ᠳᠣᠲᠤᠷ᠎ᠠ ᠮᠠᠨ᠎ᠤ ᠥᠭᠡᠷ᠎ᠡ ᠬᠤᠪᠢᠷᠠᠯ᠎ᠤᠳ Unicode᠎ᠦᠨ ᠠᠯᠢ ᠨᠢᠭᠡ ᠳᠣᠲᠤᠷ᠎ᠠ᠎ᠨᠢ ᠪᠠᠢᠭ᠎ᠠ ᠪᠣᠯ︖ ᠲᠡᠢᠮᠦ ᠶᠠᠭᠤᠮ᠎ᠠ ᠬᠠᠷᠠᠭᠳᠠᠬᠤ᠎ᠦᠭᠡᠢ ᠪᠠᠢᠨ᠎ᠠ᠃ ᠬᠡᠷᠪᠡ ᠲᠡᠳᠡᠭᠡᠷ᠎ᠦᠳ᠎ᠢ ᠣᠷᠤᠭᠤᠯᠴᠢᠬᠠᠭᠰᠠᠨ ᠪᠠᠢᠪᠠᠯ Uincode᠎ᠲᠦ ᠪᠠᠢᠳᠠᠭ ᠳᠥᠷᠪᠡᠨ ᠣᠷᠤᠨᠲᠤ ᠳ᠋ᠤᠭᠠᠷ᠎ᠢ᠎ᠨᠢ᠂ ᠲᠡᠳᠡᠭᠡᠷ ᠪᠠᠷᠢᠮᠵᠢᠶ᠎ᠠ᠎ᠶᠢ᠎ᠨᠢ ᠬᠠᠮᠢᠭ᠎ᠠ᠎ᠠᠴᠠ ᠣᠯᠵᠤ ᠦᠵᠡᠳᠡᠭ ᠪᠤᠢ︖ ᠵᠢᠱ᠌ᠢᠶᠡᠯᠡᠪᠡᠯ᠄ ᠳᠣᠣᠷ᠎ᠠ ᠣᠷᠤᠭᠰᠠᠨ《ᠠ》ᠭᠡᠵᠦ ᠪᠤᠳᠤᠪᠠᠯ ᠡᠮᠦᠨᠡᠰᠢ᠎ᠪᠡᠨ ᠴᠠᠴᠤᠯᠭ᠎ᠠ᠂ ᠠᠷᠤᠨᠰᠢ᠎ᠪᠠᠨ ᠣᠷᠬᠢᠴᠠ ᠪᠠᠢᠨ᠎ᠠ᠃ ᠡᠳᠡᠭᠡᠷ᠎ᠨᠢ ᠲᠤᠰ ᠲᠤᠰ ᠳᠠᠭᠠᠨ ᠥᠪᠡᠷ ᠥᠪᠡᠷ᠎ᠢ᠎ᠪᠡᠨ ᠢᠯᠡᠳᠭᠡᠭᠳᠡᠬᠦ ᠶᠣᠰᠤᠲᠠᠢ᠃ ᠲᠡᠭᠡᠪᠡᠯ ᠲᠡᠷᠡ ᠢᠯᠡᠳᠭᠡᠭᠳᠡᠵᠤ ᠪᠠᠢᠭ᠎ᠠ ᠲᠣᠭ᠎ᠠ᠎ᠨᠤᠭᠤᠳ᠎ᠨᠢ ᠬᠠᠮᠢᠭ᠎ᠠ ᠪᠠᠢᠨ᠎ᠠ︖ ᠴᠣᠢᠵᠤᠩᠵᠠᠪ ᠪᠠᠭᠰᠢ᠎ᠶᠢᠨ ᠨᠣᠮ᠎ᠳᠤ ᠲᠡᠭᠦᠨ᠎ᠢ ᠰᠠᠨᠠᠯ ᠪᠣᠯᠭᠠᠨ ᠳᠡᠪᠰᠢᠭᠦᠯᠦᠭᠰᠡᠨ᠎ᠰᠢᠭ ᠪᠢᠴᠢᠵᠦ ᠪᠠᠢᠨ᠎ᠠ᠂ ᠲᠡᠭᠡᠪᠡᠯ ᠲᠡᠷᠡ ᠰᠠᠨᠠᠯ᠎ᠤᠨ ᠲᠥᠰᠦᠪ᠎ᠢ Unicode᠎ᠦᠨ ᠲᠠᠯ᠎ᠠ᠎ᠳᠤ ᠬᠦᠯᠢᠶᠡᠵᠦ ᠠᠪᠤᠭᠰᠠᠨ᠎ᠤᠤ︖ ᠡᠰᠡᠬᠦᠯ᠎ᠡ ᠠᠪᠬᠤ ᠲᠤᠬᠠᠢ ᠶᠠᠷᠢᠯᠴᠠᠵᠤ ᠪᠠᠢᠨ᠎ᠠ᠎ᠤᠤ︖

Unicode᠎ᠢ ᠪᠣᠯ Unicode᠎ᠦᠨ ᠬᠣᠶᠠᠷ ᠪᠠᠢᠭᠤᠯᠭ᠎ᠠ ᠭᠣᠣᠯᠳᠠᠵᠤ ᠬᠢᠵᠦ ᠪᠠᠢᠨ᠎ᠠ᠂ ᠨᠢᠭᠡ᠎ᠨᠢ᠂ Unicode Consortium、ᠨᠥᠭᠦᠭᠡ᠎ᠨᠢ UTC(Unicode Technical Committee - Unicode᠎ᠦᠨ ᠲᠧᠭᠨᠢᠭ᠎ᠦᠨ ᠺᠣᠮᠢᠰ)᠂ ᠡᠨᠡ ᠬᠣᠶᠠᠷ ᠪᠠᠢᠭᠤᠯᠭ᠎ᠠ᠎ᠠᠴᠠ ᠬᠥᠮᠦᠰ ᠲᠤᠰᠭᠠᠢ ᠮᠣᠩᠭᠤᠯ ᠪᠢᠴᠢᠭ᠎ᠦᠨ ᠲᠤᠬᠠᠢ᠂ ᠮᠣᠩᠭᠤᠯ ᠪᠢᠴᠢᠭ᠎ᠢ Unicode᠎ᠲᠦ ᠣᠷᠤᠭᠤᠯᠬᠤ ᠲᠠᠯ᠎ᠠ᠎ᠳᠤ ᠲᠤᠰᠭᠠᠢ ᠡᠨᠡ ᠲᠠᠯ᠎ᠠ᠎ᠶᠢᠨ ᠠᠵᠢᠯ᠎ᠢ ᠬᠦᠯᠢᠶᠡᠵᠦ ᠠᠪᠤᠭᠠᠳ ᠮᠣᠩᠭᠤᠯᠴᠤᠳ᠎ᠲᠠᠢ ᠬᠠᠮᠲᠤᠷᠠᠵᠤ ᠠᠵᠢᠯᠯᠠᠵᠤ ᠪᠠᠢᠭ᠎ᠠ ᠬᠥᠮᠦᠨ ᠪᠠᠢᠨ᠎ᠠ᠎ᠤᠤ︖

Greg Eck᠂ Andrew Glass᠂ Aaron Bell ᠵᠡᠷᠭᠡ ᠭᠤᠷᠪᠠᠨ ᠬᠥᠮᠦᠨ ᠶᠠᠮᠠᠷ ᠡᠭᠦᠷᠭᠡ ᠲᠤᠰᠢᠶᠠᠯ᠎ᠲᠠᠢ᠂ ᠮᠣᠩᠭᠤᠯ ᠪᠢᠴᠢᠭ᠎ᠦᠨ ᠲᠤᠬᠠᠢ ᠬᠢᠷᠢ ᠵᠡᠷᠭᠡ ᠮᠡᠳᠡᠳᠡᠭ᠎ᠦᠦ︖ ᠲᠡᠳᠡᠨᠡᠷ᠎ᠲᠦ ᠴᠣᠢᠵᠤᠩᠵᠠᠪ ᠪᠠᠭᠰᠢ᠂ ᠪᠠᠰᠠ ᠪᠤᠰᠤᠳ ᠬᠥᠮᠦᠰ ᠪᠠᠢᠩᠭᠤ ᠰᠠᠨᠠᠯ ᠵᠥᠪᠯᠡᠯᠭᠡ ᠥᠭᠳᠡᠭ ᠪᠠᠢᠬ᠎ᠠ ᠭᠡᠵᠦ ᠪᠤᠳᠤᠵᠤ ᠪᠠᠢᠨ᠎ᠠ᠃ ᠶᠠᠭᠠᠬᠢᠭᠠᠳ ᠭᠡᠪᠡᠯ 2016ᠣᠨ᠎ᠤ ᠳᠤᠮᠳᠠᠴᠢ᠎ᠪᠠᠷ ᠪᠠᠲᠤᠯᠠᠭᠳᠠᠬᠤ ᠶᠣᠰᠤᠲᠠᠢ ᠨᠢᠭᠡ ᠲᠥᠰᠦᠯ ᠪᠣᠯᠭᠠᠵᠤ᠂ ᠴᠣᠢᠵᠤᠩᠵᠠᠪ ᠭᠤᠸᠠᠢ ᠪᠠᠷᠤᠭ᠎ᠯᠠ ᠡᠨᠡ ᠭᠤᠷᠪᠠᠨ ᠬᠥᠮᠦᠨ᠎ᠢᠶᠡᠷ ᠳᠠᠮᠵᠢᠭᠤᠯᠵᠤ Unicode᠎ᠦᠨ ᠮᠡᠷᠭᠡᠵᠢᠯ᠎ᠦᠨ ᠺᠣᠮᠢᠰ᠎ᠲᠤ ᠳᠡᠪᠰᠢᠭᠦᠯᠦᠭᠰᠡᠨ᠎ᠰᠢᠭ ᠪᠠᠢᠨ᠎ᠠ᠃ ᠡᠨᠡ ᠳᠡᠪᠰᠢᠭᠦᠯᠦᠭᠰᠡᠨ ᠰᠢᠨ᠎ᠡ ᠲᠥᠰᠦᠪ᠎ᠦᠨ ᠲᠤᠬᠠᠢ ᠠᠰᠠᠭᠤᠯᠲᠠ ᠭᠡᠪᠡᠯ᠄

ᠮᠣᠩᠭᠤᠯ ᠪᠢᠴᠢᠭ᠎ᠦᠨ ᠬᠠᠮᠤᠭ᠎ᠤᠨ ᠡᠬᠢᠨ᠎ᠦ ᠬᠦᠰᠦᠨᠦᠭᠲᠦ᠎ᠳᠡᠬᠢ Basic Form ᠳᠣᠲᠤᠷ᠎ᠠ ᠣᠷᠤᠵᠤ ᠴᠢᠳᠠᠭ᠎ᠠ᠎ᠦᠭᠡᠢ ᠪᠤᠰᠤᠳ ᠬᠤᠪᠢᠷᠠᠯ᠎ᠤᠳ Unicode᠎ᠤᠨ ᠠᠯᠢ ᠨᠢᠭᠡ ᠬᠡᠰᠡᠭ ᠳᠣᠲᠤᠷ᠎ᠠ᠎ᠨᠢ (ᠬᠣᠢᠰᠢᠳᠠ ᠭᠡᠰᠡᠨ᠎ᠴᠦ ᠬᠠᠮᠢᠶ᠎ᠠ᠎ᠦᠭᠡᠢ)ᠣᠷᠤᠨ ᠵᠠᠢ ᠣᠯᠤᠭᠠᠳ ᠪᠠᠢᠨ᠎ᠠ᠎ᠤᠤ︖ ᠡᠰᠡᠬᠦᠯ᠎ᠡ ᠣᠷᠤᠭᠤᠯᠬᠤ ᠭᠡᠵᠦ ᠲᠥᠰᠦᠯ ᠭᠠᠷᠭᠠᠵᠤ ᠬᠦᠰᠡᠯ ᠲᠠᠯᠪᠢᠵᠤ ᠪᠠᠢᠨ᠎ᠠ᠎ᠤᠤ︖ ᠬᠡᠷᠪᠡ ᠣᠷᠤᠴᠢᠬᠠᠭᠰᠠᠨ ᠪᠠᠢᠪᠠᠯ ᠲᠡᠷᠡ᠎ᠨᠢ ᠮᠣᠩᠭᠤᠯ ᠪᠢᠴᠢᠭ ᠪᠦᠭᠦᠳᠡᠭᠡᠷ᠎ᠢᠶᠡᠨ Unicode᠎ᠲᠦ ᠬᠠᠮᠢᠶ᠎ᠠ᠎ᠦᠭᠡᠢ ᠰᠠᠢᠬᠠᠨ ᠣᠷᠤᠴᠢᠬᠠᠭᠰᠠᠨ ᠭᠡᠵᠦ ᠣᠢᠯᠠᠭᠠᠵᠤ ᠪᠣᠯᠤᠨ᠎ᠠ᠎ᠤᠤ︖

ᠬᠡᠷᠪᠡ ᠪᠦᠭᠦᠳᠡᠭᠡᠷ Unicode᠎ᠲᠦ ᠣᠷᠤᠴᠢᠬᠠᠭᠰᠠᠨ᠂ Unicode᠎ᠲᠦ ᠠᠰᠠᠭᠤᠳᠠᠯ᠎ᠦᠭᠡᠢ᠂ ᠡᠬᠢᠨ᠎ᠦ Basic Form ᠳᠣᠲᠤᠷ᠎ᠠ᠎ᠨᠢ ᠣᠷᠤᠵᠤ ᠴᠢᠳᠠᠭ᠎ᠠ᠎ᠦᠭᠡᠢ᠎ᠴᠤ ᠥᠭᠡᠷ᠎ᠡ ᠭᠠᠵᠠᠷ ᠪᠠᠢᠭ᠎ᠠ᠎ᠳᠤ ᠬᠦᠷᠪᠡᠯ᠂ ᠡᠭᠦᠨ᠎ᠢ ᠶᠠᠭᠠᠬᠢᠵᠤ ᠣᠷᠤᠭᠤᠯᠬᠤ ᠲᠤᠬᠠᠢ᠂ Input Method(输入法)᠎ᠶᠢ ᠮᠠᠨ᠎ᠤ ᠮᠥᠩᠬᠡ ᠭᠠᠯ᠂ ᠰᠠᠢᠨᠪᠢᠯᠢᠭ ᠵᠡᠷᠭᠡ᠎ᠨᠢ Unicode᠎ᠦᠨ ᠪᠠᠷᠢᠮᠵᠢᠶ᠎ᠠ᠎ᠶᠢ ᠳᠠᠭᠠᠬᠤ᠎ᠦᠭᠡᠢ ᠪᠠᠢᠨ᠎ᠠ ᠭᠡᠵᠦ ᠣᠢᠯᠠᠭᠠᠵᠤ ᠪᠣᠯᠤᠨ᠎ᠠ᠎ᠤᠤ︖ ᠲᠡᠭᠡᠪᠡᠯ ᠣᠳᠤ ᠪᠣᠯᠲᠠᠯ᠎ᠠ Unicode᠎ᠦᠨ ᠪᠠᠷᠢᠮᠵᠢᠶ᠎ᠠ᠎ᠶᠢ ᠲᠠᠭᠠᠵᠤ ᠪᠠᠷᠢᠮᠲᠠᠯᠠᠭᠰᠠᠨ Input Method(输入法) ᠬᠢᠬᠦ ᠰᠣᠹᠲ ᠪᠠᠢᠨ᠎ᠠ᠎ᠤᠤ︖

ᠬᠠᠷᠢᠭᠤᠯᠲᠠ(ᠵᠢᠷᠤᠮᠲᠤ)

ᠪᠢ ᠡᠨᠳᠡ ᠡ᠊᠂ ᠭᠤᠸᠠᠢ᠎ᠶᠢᠨ ᠠᠩᠬᠠᠨ᠎ᠤ ᠠᠰᠠᠭᠤᠯᠲᠠ᠎ᠶᠢ ᠬᠠᠷᠢᠭᠤᠯᠤᠶ᠎ᠠ᠃ ᠶᠠᠭᠠᠬᠢᠭᠠᠳ ᠭᠡᠪᠡᠯ ᠪᠢ ᠶᠡᠷᠡᠭᠡᠳ ᠣᠨ᠎ᠤ᠎ᠦᠶ᠎ᠡ᠎ᠳᠤ Unicode ᠪᠠᠷᠢᠮᠵᠢᠶ᠎ᠠ (ISO 10646 ᠪᠠᠷᠢᠮᠵᠢᠶ᠎ᠠ)᠎ᠶᠢ ᠲᠣᠭᠲᠠᠭᠠᠬᠤ ᠦᠶ᠎ᠡ᠎ᠶᠢᠨ ᠲᠥᠰᠦᠪᠯᠡᠯ᠎ᠦᠨ ᠪᠦᠯᠦᠭ᠎ᠲᠦ ᠠᠵᠢᠯᠯᠠᠵᠤ ᠪᠠᠢᠭᠰᠠᠨ᠃ ᠡᠨᠡ ᠲᠥᠰᠦᠪ(Unicode᠎ᠲᠦ ᠮᠠᠨ᠎ᠤ ᠮᠣᠩᠭᠤᠯ ᠦᠰᠦᠭ ᠪᠢᠴᠢᠭ᠎ᠢᠶᠡᠨ ᠣᠷᠤᠭᠤᠯᠬᠤ ᠲᠥᠰᠦᠪ )᠎ᠢ 1992~1993 ᠣᠨ᠎ᠤ ᠦᠶ᠎ᠡ᠎ᠡᠴᠡ ᠡᠬᠢᠯᠡᠨ ᠬᠢᠭᠰᠡᠨ ᠪᠠᠢᠨ᠎ᠠ᠃ ᠠᠩᠬ᠎ᠠ ᠡᠬᠢᠯᠡᠬᠦ᠎ᠳᠦ᠎ᠪᠡᠨ ᠬᠥᠬᠡᠬᠣᠲᠠ᠎ᠳᠤ ᠪᠠᠢᠭᠰᠠᠨ ᠡᠷᠳᠡᠮᠲᠡᠳ᠂ ᠪᠡᠭᠡᠵᠢᠩ᠎ᠳᠦ ᠪᠠᠢᠭᠰᠠᠨ ᠡᠷᠳᠡᠮᠲᠡᠳ᠂ ᠰᠢᠨᠵᠢᠶᠠᠩ᠎ᠤᠨ ᠡᠷᠳᠡᠮᠲᠡᠳ᠎ᠢᠶᠡᠷ ᠪᠦᠷᠢᠯᠳᠦᠵᠦ ᠪᠠᠢᠭᠰᠠᠨ᠎ᠶᠤᠮ᠃ ᠳᠠᠷᠠᠭ᠎ᠠ᠎ᠨᠢ ᠤᠯᠠᠭᠠᠨᠪᠠᠭᠠᠲᠤᠷ᠎ᠠᠴᠠ ᠮᠣᠩᠭᠤᠯ᠎ᠤᠨ ᠡᠷᠳᠡᠮᠲᠡᠳ᠂ ᠵᠠᠯᠭᠠᠭ᠎ᠠ᠎ᠪᠠᠷ ᠮᠠᠺᠠᠣ᠋᠎ᠳᠤ ᠪᠠᠢᠭᠰᠠᠨ ᠮᠣᠩᠭᠤᠯ᠎ᠤᠨ ᠡᠷᠳᠡᠮᠲᠡᠨ᠂ ᠭᠧᠷᠮᠠᠨ᠎ᠤ ᠡᠷᠳᠡᠮᠲᠡᠨ ᠣᠷᠤᠯᠴᠠᠵᠤ ᠢᠷᠡᠭᠰᠡᠨ ᠪᠠᠢᠨ᠎ᠠ᠃

ᠲᠤᠰ ᠲᠥᠰᠦᠪ᠎ᠢ ᠬᠢᠬᠦ᠎ᠳᠦ᠎ᠪᠡᠨ ᠪᠢᠳᠡ ᠪᠦᠲᠦᠨ ᠨᠠᠢ᠍ᠮᠠᠨ ᠵᠢᠯ ᠶᠠᠷᠢᠯᠴᠠᠭᠰᠠᠨ(1992~1999ᠣᠨ ᠬᠦᠷᠲᠡᠯ᠎ᠡ )᠎ᠶᠤᠮ᠃ ᠲᠤᠰ ᠲᠥᠰᠦᠪᠯᠡᠯ᠎ᠢ ᠬᠢᠬᠦ᠎ᠳᠦ᠎ᠪᠡᠨ ᠪᠢᠳᠡ ᠶᠠᠭ ᠡ᠊᠂ ᠭᠤᠸᠠᠢ᠎ᠶᠢᠨ ᠶᠠᠷᠢᠭᠰᠠᠨ᠎ᠢᠶᠠᠷ ᠶᠠᠭᠠᠬᠢᠵᠤ ᠣᠷᠤᠭᠤᠯᠪᠠᠯ ᠬᠠᠮᠤᠭ᠎ᠤᠨ ᠰᠠᠢᠨ ᠪᠤᠢ ᠭᠡᠳᠡᠭ ᠤᠯᠠᠨ ᠵᠦᠢᠯ᠎ᠦᠨ ᠮᠠᠷᠭᠤᠭᠠᠨ ᠪᠠᠢᠭᠰᠠᠨ᠎ᠶᠤᠮ᠃ ᠲᠡᠷᠡ ᠦᠶ᠎ᠡ᠎ᠳᠦ ᠪᠢ ᠪᠠᠰᠠ ᠺᠣᠮᠫᠢᠦ᠋ᠲᠧᠷ᠎ᠦᠨ ᠮᠡᠷᠭᠡᠵᠢᠯᠲᠡᠨ ᠭᠡᠰᠡᠨ ᠡᠭᠦᠳᠡᠨ᠎ᠡᠴᠡ᠂ ᠳᠠᠬᠢᠭᠠᠳ ᠮᠢᠨᠦ ᠪᠠᠭᠰᠢ᠂ ᠭᠠᠷᠤᠳᠢ ᠪᠠᠭᠰᠢ᠂ ᠲᠤᠬᠠᠢ᠎ᠶᠢᠨ ᠦᠶ᠎ᠡ᠎ᠶᠢᠨ ᠥᠪᠦᠷ ᠮᠣᠩᠭᠤᠯ᠎ᠤᠨ ᠶᠡᠬᠡ ᠰᠤᠷᠭᠠᠭᠤᠯᠢ᠎ᠶᠢᠨ ᠺᠣᠮᠫᠢᠦ᠋ᠲᠧᠷ᠎ᠦᠨ ᠰᠠᠯᠪᠤᠷᠢ᠎ᠶᠢᠨ ᠸᠴᠢᠷ ᠪᠠᠭᠰᠢ ᠵᠡᠷᠭᠡ ᠺᠣᠮᠫᠢᠦ᠋ᠲᠧᠷ᠎ᠦᠨ ᠮᠡᠷᠭᠡᠵᠢᠯ ᠳᠠᠢ ᠮᠠᠨ᠎ᠤ ᠬᠡᠳᠦᠭᠦᠯᠡ ᠪᠣᠯ ᠪᠦᠷ ᠮᠣᠩᠭᠤᠯ ᠦᠰᠦᠭ᠎ᠢ ᠪᠠᠷᠢᠮᠵᠢᠶ᠎ᠠ ᠪᠣᠯᠭᠠᠨ ᠺᠣᠮᠫᠢᠦ᠋ᠲᠧᠷ᠎ᠲᠦ ᠣᠷᠤᠭᠤᠯᠬᠤ᠎ᠳᠤ ᠵᠠᠪᠠᠯ ᠳᠦᠷᠰᠦ᠎ᠪᠡᠷ ᠬᠢᠪᠡᠯ ᠬᠠᠮᠤᠭ᠎ᠤᠨ ᠰᠠᠢᠨ᠂ ᠶᠣᠰᠤᠨ᠎ᠳᠤ᠎ᠨᠢ ᠨᠡᠢᠴᠡᠨ᠎ᠡ ᠭᠡᠵᠦ ᠨᠡᠯᠢᠶᠡᠳ ᠴᠢᠬᠤᠯᠠᠴᠢᠯᠠᠭᠰᠠᠨ ᠪᠠᠢᠨ᠎ᠠ᠃ ᠤᠴᠢᠷ᠎ᠨᠢ ᠡᠨᠡ ᠪᠣᠯ ᠦᠰᠦᠭ ᠪᠢᠴᠢᠭ᠎ᠦᠨ ᠪᠠᠷᠢᠮᠵᠢᠶ᠎ᠠ ᠪᠠᠢᠨ᠎ᠠ᠃ ᠲᠡᠭᠡᠬᠦ᠎ᠪᠡᠷ᠎ᠢᠶᠡᠨ ᠳᠦᠷᠰᠦ᠎ᠪᠡᠷ ᠬᠢᠬᠦ᠎ᠨᠢ ᠶᠠᠭ ᠪᠠᠷᠢᠮᠵᠢᠶ᠎ᠠ ᠲᠣᠭᠲᠠᠭᠠᠬᠤ ᠦᠨᠳᠦᠰᠦᠨ ᠶᠣᠰᠤᠨ᠎ᠳᠤ᠎ᠨᠢ ᠨᠡᠢᠴᠡᠵᠦ ᠪᠠᠢᠭ᠎ᠠ᠎ᠶᠤᠮ᠃ ᠭᠡᠪᠡᠴᠦ 4᠂ 5 ᠵᠢᠯ᠎ᠦᠨ ᠮᠠᠷᠭᠤᠭᠠᠨ᠂ ᠡᠰᠡᠬᠦᠯ᠎ᠡ ᠪᠠᠰᠠ ᠡᠯ᠎ᠡ ᠵᠦᠢᠯ᠎ᠦᠨ ᠰᠢᠯᠲᠠᠭᠠᠨ᠎ᠠᠴᠠ ᠪᠣᠯᠤᠭᠠᠳ᠂ ᠬᠠᠮᠤᠭ ᠰᠡᠭᠦᠯ᠎ᠳᠦ᠎ᠪᠡᠨ ᠠᠪᠢᠶ᠎ᠠ᠎ᠪᠠᠷ ᠪᠠᠷᠢᠮᠵᠢᠶ᠎ᠠ ᠪᠣᠯᠭᠠᠨ ᠲᠣᠭᠲᠠᠭᠠᠬᠤ ᠲᠥᠰᠦᠪ᠎ᠨᠢ ᠤᠯᠠᠨ᠎ᠤ ᠨᠢᠭᠡᠳᠦᠭᠰᠡᠨ ᠰᠠᠨᠠᠯ ᠪᠣᠯᠤᠭᠰᠠᠨ ᠪᠠᠢᠨ᠎ᠠ᠃

ᠲᠡᠭᠡᠪᠡᠯ ᠳᠦᠷᠰᠦ᠎ᠪᠡᠷ ᠬᠢᠬᠦ᠎ᠭᠡᠳᠡᠭ ᠪᠣᠯ ᠦᠨᠡᠨ᠎ᠳᠦ᠎ᠪᠡᠨ ᠨᠢᠭᠡ ᠳᠦᠷᠰᠦ ᠨᠢᠭᠡ ᠺᠣᠳ᠋᠎ᠲᠠᠢ ᠪᠠᠢᠳᠠᠭ᠃ ᠵᠢᠱ᠌ᠢᠶᠡᠯᠡᠪᠡᠯ᠄ ᠮᠠᠨ᠎ᠤ ᠬᠢᠲᠠᠳ ᠬᠡᠯᠡᠨ᠎ᠳᠦ ᠪᠠᠢᠳᠠᠭ 《银行的行》᠂ 《行走的行》᠂ ᠡᠳᠡᠭᠡᠷ᠎ᠦᠳ᠎ᠨᠢ ᠪᠦᠷ ᠤᠯᠠᠨ ᠳᠠᠭᠤᠳᠠᠯᠭᠠᠲᠤ ᠦᠰᠦᠭ ᠪᠣᠯᠬᠤ ᠮᠥᠷᠲᠡᠭᠡᠨ Unicode᠎ᠲᠦ ᠪᠦᠷ ᠨᠢᠭᠡᠯᠡ ᠺᠣᠳ᠋᠎ᠢᠶᠠᠷ ᠪᠠᠷᠢᠮᠵᠢᠶᠠᠯᠠᠪᠠ᠃ ᠡᠳᠡᠭᠡᠷ ᠣᠯᠠᠨ ᠳᠠᠭᠤᠳᠠᠯᠭ᠎ᠠ᠎ᠲᠠᠢ ᠦᠰᠦᠭ᠎ᠦᠳ᠎ᠢ ᠪᠦᠷ ᠨᠢᠭᠡᠯᠡ Unicode᠎ᠺᠣᠳ᠋᠎ᠢᠶᠠᠷ ᠣᠷᠤᠭᠤᠯᠬᠤ᠎ᠨᠢ ᠲᠠᠭᠠᠷᠠᠨ᠎ᠠ ᠭᠡᠵᠦ ᠪᠢ ᠦᠵᠡᠵᠦ ᠪᠠᠢᠨ᠎ᠠ᠃ ᠢᠩᠭᠢᠪᠡᠯ ᠰᠠᠶᠢ ᠺᠣᠮᠫᠢᠦ᠋ᠲᠧᠷ ᠳᠡᠭᠡᠷ᠎ᠡ ᠶᠠᠭᠤᠮ᠎ᠠ ᠡᠷᠢᠬᠦ᠎ᠳᠦ᠎ᠪᠡᠨ ᠣᠨᠴᠠᠭᠠᠢᠯᠠᠨ ᠡᠨᠡ ᠶᠠᠭᠤ ᠪᠤᠢ ᠭᠡᠳᠡᠭ᠎ᠢ ᠬᠥᠮᠦᠨ᠎ᠳᠦ ᠦᠵᠡᠭᠳᠡᠭᠰᠡᠨ ᠳᠦᠷᠰᠦ ᠶᠠᠭᠤ ᠪᠠᠢᠪᠠᠯ ᠺᠣᠮᠫᠢᠦ᠋ᠲᠧᠷ ᠳᠣᠲᠤᠷ᠎ᠠ ᠲᠡᠭᠦᠨ᠎ᠲᠡᠢ ᠵᠣᠬᠢᠴᠠᠭᠰᠠᠨ ᠨᠢᠭᠡᠯᠬᠡᠨ ᠺᠣᠳ᠋ ᠪᠠᠢᠬᠤ ᠭᠡᠳᠡᠭ᠎ᠨᠢ ᠬᠠᠮᠤᠭ᠎ᠤᠨ ᠰᠠᠢᠨ ᠲᠥᠰᠦᠪ ᠪᠣᠯᠤᠨ᠎ᠠ᠃ ᠭᠡᠪᠡᠴᠦ ᠲᠡᠷᠡ ᠦᠶ᠎ᠡ᠎ᠳᠦ Unicode᠎ᠲᠦ ᠪᠣᠯ ᠮᠣᠩᠭᠤᠯ ᠦᠰᠦᠭ᠎ᠢ ᠠᠪᠢᠶ᠎ᠠ᠎ᠪᠠᠷ ᠣᠷᠤᠭᠤᠯᠬᠤ ᠲᠥᠰᠦᠪ᠎ᠨᠢ ᠨᠢᠭᠡᠳᠦᠯᠲᠡᠢ ᠰᠠᠨᠠᠯ ᠪᠣᠯᠤᠭᠰᠠᠨ ᠪᠠᠢᠨ᠎ᠠ᠃

Unicode ᠭᠡᠳᠡᠭ ᠪᠣᠯ ᠡᠬᠢᠨ᠎ᠳᠦ᠎ᠪᠡᠨ 16Bit 2 Byte᠎ᠪᠠᠷ ᠨᠢᠭᠡ ᠥᠰᠦᠭ᠎ᠢ ᠲᠡᠮᠳᠡᠭᠯᠡᠵᠦ᠂ ᠨᠡᠢᠲᠡ 65536 ᠦᠰᠦᠭ᠎ᠦᠨ ᠣᠷᠤᠨ ᠪᠠᠢᠳᠠᠭ᠃ ᠲᠡᠭᠦᠨ᠎ᠦ ᠳᠣᠲᠤᠷ᠎ᠠ 65000 ᠣᠷᠴᠢᠮ᠎ᠤᠨ ᠦᠰᠦᠭ᠎ᠢ ᠲᠣᠭᠲᠠᠭᠠᠵᠤ ᠳᠡᠢᠯᠦᠨ᠎ᠡ ᠭᠡᠵᠦ ᠪᠠᠢᠭᠰᠠᠨ᠎ᠶᠤᠮ᠃ ᠡᠭᠦᠨ᠎ᠢ᠎ᠪᠡᠨ Unicode᠎ᠦᠨ ᠬᠠᠮᠤᠭ ᠡᠷᠲᠡᠨ᠎ᠦ ᠪᠠᠷᠢᠮᠵᠢᠶ᠎ᠠ᠂ ᠳᠠᠷᠤᠢ BMP(Basic Multilingual Plane) ᠭᠡᠵᠦ᠂ ᠬᠢᠲᠠᠳ᠎ᠢᠶᠠᠷ᠎ᠢᠶᠠᠨ 《基本平面》 ᠭᠡᠨ᠎ᠡ᠃ ᠡᠨᠡ ᠳᠣᠲᠤᠷ᠎ᠠ ᠡᠯ᠎ᠡ ᠤᠯᠤᠰ᠎ᠤᠨ ᠥᠰᠦᠭ ᠪᠢᠴᠢᠭ᠎ᠦᠨ Unicode ᠪᠠᠷᠢᠮᠵᠢᠶ᠎ᠠ ᠪᠦᠷ ᠶᠠᠭ ᠲᠡᠷᠡ ᠦᠶ᠎ᠡ᠎ᠳᠦ ᠲᠣᠭᠲᠠᠭᠠᠭᠳᠠᠵᠤ ᠢᠷᠡᠵᠦ ᠪᠠᠢᠭᠰᠠᠨ᠃ ᠲᠡᠭᠡᠭᠡᠳ CJK (Chinese Japanese Korea) ᠵᠡᠷᠭᠡ ᠭᠤᠷᠪᠠᠨ ᠬᠡᠯᠡᠨ᠎ᠳᠦ ᠬᠡᠷᠡᠭᠯᠡᠭᠳᠡᠬᠦ ᠬᠢᠲᠠᠳ ᠥᠰᠦᠭ (ᠲᠤᠬᠠᠢ᠎ᠶᠢᠨ ᠦᠶ᠎ᠡ᠎ᠳᠦ ᠸᠢᠶᠧᠲᠨᠠᠮ ᠪᠠᠰᠠ ᠪᠠᠢᠭᠰᠠᠨ ᠪᠣᠯᠪᠠᠴᠤ ᠬᠢᠲᠠᠳ ᠦᠰᠦᠭ᠎ᠢ ᠬᠡᠷᠡᠭᠯᠡᠬᠦ᠎ᠦᠭᠡᠢ ᠪᠣᠯᠤᠭᠠᠳ ᠰᠡᠭᠦᠯ᠎ᠳᠦ᠎ᠨᠢ ᠭᠠᠷᠴᠢᠬᠠᠭᠰᠠᠨ) ᠨᠡᠢᠲᠡ ᠭᠤᠷᠪᠠᠨ ᠲᠦᠮᠡ ᠣᠷᠴᠢᠮ᠎ᠤᠨ ᠣᠷᠤᠨ᠎ᠢ ᠡᠵᠡᠯᠡᠭᠰᠡᠨ ᠪᠠᠢᠨ᠎ᠠ᠃

ᠲᠡᠭᠡᠭᠡᠳ ᠳᠡᠯᠡᠬᠡᠢ ᠳᠡᠭᠡᠷᠡᠬᠢ ᠤᠯᠠᠨ ᠥᠰᠦᠭ ᠪᠢᠴᠢᠭ᠎ᠦᠨ ᠳᠣᠲᠤᠷ᠎ᠠ ᠮᠣᠩᠭᠤᠯ ᠦᠰᠦᠭ᠎ᠢ ᠡᠨᠡ ᠣᠯᠠᠨ ᠤᠯᠤᠰ᠎ᠤᠨ ᠪᠠᠷᠢᠮᠵᠢᠶ᠎ᠠ᠎ᠳᠤ ᠣᠷᠤᠭᠤᠯᠬᠤ᠎ᠦᠭᠡᠢ ᠪᠣᠯ ᠪᠣᠯᠬᠤ᠎ᠦᠭᠡᠢ ᠭᠡᠳᠡᠭ᠎ᠢ ᠪᠦᠭᠦᠳᠡᠭᠡᠷ ᠪᠦᠷ ᠮᠡᠳᠡᠷᠡᠵᠦ ᠪᠠᠢᠭᠰᠠᠨ ᠪᠣᠯᠪᠠᠴᠤ ᠶᠠᠭᠠᠬᠢᠵᠤ ᠣᠷᠤᠭᠤᠯᠬᠤ ᠲᠤᠬᠠᠢ ᠲᠥᠰᠦᠪ᠎ᠢ ᠮᠠᠨ᠎ᠤ ᠳᠡᠭᠡᠭᠰᠢ ᠮᠡᠳᠡᠭᠦᠯᠬᠦ ᠳᠤᠭᠤᠢᠯᠠᠩ᠎ᠳᠤ ᠳᠠᠭᠠᠭᠠᠯᠭᠠᠵᠠᠢ᠃ ᠡᠨᠡ ᠲᠥᠰᠦᠪ ᠮᠡᠳᠡᠭᠦᠯᠬᠦ ᠳᠤᠭᠤᠢᠯᠠᠩ᠎ᠨᠢ ᠭᠣᠣᠯᠳᠠᠭᠤ ᠮᠠᠨ᠎ᠤ ᠤᠯᠤᠰ᠎ᠠᠴᠠ᠎ᠪᠠᠨ 《国家民委》᠂ 《国家信息标准化委员会》᠂ ᠥᠪᠦᠷ ᠮᠣᠩᠭᠤᠯ᠎ᠤᠨ 《民委》᠂ ᠬᠥᠬᠡᠬᠣᠲᠠ᠎ᠳᠤ ᠪᠠᠢᠭᠰᠠᠨ ᠡᠷᠳᠡᠮᠲᠡᠳ(ᠺᠣᠮᠫᠢᠦ᠋ᠲᠧᠷ᠎ᠦᠨ ᠲᠥᠪ᠎ᠡᠴᠡ ᠭᠠᠷᠤᠳᠢ ᠪᠠᠭᠰᠢ ᠪᠠ ᠪᠢ᠂ ᠥᠪᠦᠷ ᠮᠣᠩᠭᠤᠯ᠎ᠤᠨ ᠶᠡᠬᠡ ᠰᠤᠷᠭᠠᠭᠤᠯᠢ᠎ᠶᠢᠨ ᠴᠣᠢᠵᠤᠩᠵᠠᠪ ᠪᠠᠭᠰᠢ᠂ ᠬᠤᠸᠠᠱᠠᠪᠤᠤ ᠪᠠᠭᠰᠢ᠂ ᠸᠴᠢᠷ ᠪᠠᠭᠰᠢ᠂ ᠨᠠᠰᠤᠨ᠌ᠤ᠋ᠷᠲᠤ ᠪᠠᠭᠰᠢ᠂ ᠨᠡᠢᠭᠡᠮ᠎ᠦᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠡᠴᠡ ᠪᠠᠭᠠᠲᠤᠷ ᠪᠠᠭᠰᠢ᠂ ᠰᠢᠨᠵᠢᠶᠠᠩ᠎ᠤᠨ 《民委》᠂ ᠰᠢᠨᠵᠢᠶᠠᠩ ᠶᠡᠬᠡ ᠰᠤᠷᠭᠠᠭᠤᠯᠢ᠎ᠠᠴᠠ ᠪᠠᠰᠠ ᠣᠷᠤᠯᠴᠠᠭᠴᠢ ᠪᠠᠭᠰᠢ ᠪᠠᠢᠭᠰᠠᠨ᠎ᠶᠤᠮ᠃ ᠡᠳᠡᠭᠡᠷ ᠪᠠᠭᠰᠢᠨᠠᠷ ᠡᠷᠳᠡᠮᠲᠡᠳ ᠬᠠᠮᠲᠤᠷᠠᠨ ᠲᠤᠰ ᠲᠥᠰᠦᠪ᠎ᠢ ᠭᠠᠷᠭᠠᠭᠰᠠᠨ ᠪᠠᠢᠨ᠎ᠠ᠃ ᠲᠡᠭᠡᠭᠡᠳ ᠡᠨᠡ ᠣᠷᠤᠭᠤᠯᠬᠤ ᠲᠥᠰᠦᠪ᠎ᠢ ᠬᠢᠵᠦ ᠪᠠᠢᠭ᠎ᠠ ᠶᠠᠪᠤᠴᠠ᠎ᠶᠢᠨ ᠳᠤᠮᠳᠠ Unicode᠎ᠦᠨ BMP ᠲᠠᠯᠠᠪᠠᠢ ᠳᠡᠭᠡᠷ᠎ᠡ ᠦᠯᠡᠳᠡᠭᠡᠵᠦ ᠥᠭᠭᠦᠭᠰᠡᠨ᠎ᠨᠢ 256 ᠣᠷᠤᠨ᠂ ᠲᠡᠭᠦᠨ᠎ᠢ 1 Block ᠭᠡᠵᠦ ᠬᠡᠯᠡᠨ᠎ᠡ᠂ ᠳᠠᠷᠤᠢ U1800-U18FF ᠬᠦᠷᠲᠡᠯᠡᠬᠢ 256 ᠣᠷᠤᠨ᠎ᠢ ᠦᠯᠡᠳᠡᠭᠡᠵᠦ ᠥᠭᠭᠦᠭᠰᠡᠨ ᠭᠡᠵᠦ ᠪᠠᠢᠵᠠᠢ᠃ ᠲᠡᠭᠡᠭᠡᠳ ᠡᠨᠡ 256 ᠣᠷᠤᠨ ᠳᠡᠭᠡᠷ᠎ᠡ ᠲᠠᠨᠠᠷ ᠮᠣᠩᠭᠤᠯ ᠦᠰᠦᠭ᠎ᠢ ᠣᠷᠤᠭᠤᠯᠬᠤ᠎ᠠᠵᠢᠯ᠎ᠢ ᠬᠢᠭᠡᠷᠡᠢ ᠭᠡᠰᠡᠨ᠎ᠶᠦᠮ᠃ ᠡᠨᠡ᠎ᠨᠢ ᠲᠤᠬᠠᠢ᠎ᠶᠢᠨ ᠦᠶ᠎ᠡ᠎ᠶᠢᠨ ᠬᠠᠮᠤᠭ᠎ᠤᠨ ᠳᠥᠭᠦᠮ ᠱᠠᠭᠠᠷᠳᠠᠯᠭ᠎ᠠ ᠪᠠᠢᠭᠰᠠᠨ᠎ᠲᠤᠯᠠ ᠮᠠᠨ᠎ᠤ ᠤᠯᠠᠨ᠎ᠢᠶᠠᠷ᠎ᠢᠶᠠᠨ ᠶᠠᠷᠢᠯᠴᠠᠭᠠᠳ ᠲᠥᠰᠦᠪ᠎ᠦᠨ ᠦᠨᠳᠦᠰᠦᠨ ᠲᠣᠭᠲᠠᠭᠠᠬᠤ ᠠᠷᠭ᠎ᠠ ᠠᠪᠢᠶ᠎ᠠ᠎ᠪᠠᠷ ᠣᠷᠤᠭᠤᠯᠬᠤ ᠴᠢᠭᠯᠡᠯ ᠳᠡᠭᠡᠷ᠎ᠡ ᠨᠢᠭᠡᠳᠦᠭᠰᠡᠨ ᠪᠠᠢᠨ᠎ᠠ᠃ ᠲᠤᠬᠠᠢ᠎ᠶᠢᠨ ᠦᠶ᠎ᠡ᠎ᠳᠦ ᠮᠠᠨ᠎ᠤ ᠤᠯᠤᠰ᠎ᠠᠴᠠ ᠮᠣᠩᠭᠤᠯ ᠪᠢᠴᠢᠭ᠎ᠢ Unicode᠎ᠲᠦ ᠣᠷᠤᠭᠤᠯᠬᠤ᠎ᠳᠤ ᠮᠣᠩᠭᠤᠯ᠎ᠲᠠᠢ ᠬᠠᠮᠢᠶᠠᠳᠠᠬᠤ ᠥᠰᠦᠭ ᠪᠢᠴᠢᠭ᠎ᠢ ᠪᠦᠬᠦᠨ᠎ᠢ ᠣᠷᠤᠭᠤᠯᠬᠤ ᠬᠡᠷᠡᠭᠲᠡᠢ ᠭᠡᠵᠦ ᠱᠠᠭᠠᠷᠳᠠᠵᠠᠢ᠃ ᠡᠭᠦᠨ᠎ᠳᠦ ᠲᠣᠳᠤ ᠮᠣᠩᠭᠤᠯ ᠦᠰᠦᠭ ᠪᠣᠯᠤᠨ ᠰᠢᠪᠡᠭᠡ᠂ ᠮᠠᠨᠵᠤ ᠵᠡᠷᠭᠡ ᠮᠣᠩᠭᠤᠯ ᠪᠢᠴᠢᠭ᠎ᠡᠴᠡ ᠢᠷᠡᠯᠲᠡ᠎ᠲᠡᠢ ᠦᠰᠦᠭ ᠪᠢᠴᠢᠭ ᠪᠠᠭᠲᠠᠭᠳᠠᠵᠤ ᠪᠤᠢ᠃

ᠡᠨᠡ ᠪᠠᠷᠢᠮᠵᠢᠶ᠎ᠠ᠎ᠶᠢᠨ ᠲᠡᠦᠬᠡᠨ (ᠥᠩᠭᠡᠷᠡᠭᠰᠡᠨ)᠎ᠦ ᠶᠠᠪᠤᠳᠠᠯ᠎ᠤᠨ ᠲᠤᠬᠠᠢ ᠮᠡᠳᠡᠵᠦ ᠪᠠᠢᠭ᠎ᠠ ᠬᠥᠮᠦᠰ ᠭᠡᠪᠡᠯ ᠴᠣᠢᠵᠤᠩᠵᠠᠪ ᠪᠠᠭᠰᠢ᠂ ᠨᠠᠰᠤᠨ᠌ᠤ᠋ᠷᠲᠤ ᠪᠠᠭᠰᠢ ᠵᠡᠷᠭᠡ ᠪᠠᠭᠰᠢᠨᠠᠷ ᠪᠣᠯᠤᠨ᠎ᠠ᠃ ᠭᠡᠪᠡᠴᠦ ᠡᠭᠦᠨ᠎ᠡᠴᠡ ᠭᠠᠳᠠᠨ᠎ᠠ ᠪᠤᠰᠤᠳ ᠰᠠᠨᠠᠯ ᠪᠠᠢᠭᠰᠠᠨ ᠬᠥᠮᠦᠰ᠎ᠦᠨ ᠶᠠᠷᠢᠬᠤ᠎ᠶᠢ ᠣᠯᠵᠤ ᠰᠣᠨᠤᠰᠤᠭ᠎ᠠ᠎ᠦᠭᠡᠢ ᠪᠠᠢᠬ᠎ᠠ ᠭᠡᠵᠦ ᠪᠤᠳᠤᠵᠤ ᠪᠠᠢᠨ᠎ᠠ᠃

ᠲᠤᠬᠠᠢ᠎ᠶᠢᠨ ᠦᠶ᠎ᠡ᠎ᠳᠦ ᠴᠣᠢᠵᠤᠩᠵᠠᠪ ᠪᠠᠭᠰᠢ ᠪᠠ ᠨᠠᠰᠤᠨ᠌ᠤ᠋ᠷᠲᠤ ᠪᠠᠭᠰᠢ ᠬᠣᠶᠠᠭᠤᠯᠠ ᠲᠤᠰ ᠲᠥᠰᠦᠪ᠎ᠦᠨ ᠭᠣᠣᠯ ᠡᠭᠡ ᠨᠣᠣᠷᠠᠭ᠎ᠤᠨ ᠬᠠᠷᠢᠭᠤᠴᠠᠯᠭᠠᠲᠠᠨ ᠪᠣᠯᠤᠭᠰᠠᠨ ᠪᠠ ᠸᠴᠢᠷ ᠪᠠᠭᠰᠢ᠂ ᠭᠠᠷᠤᠳᠢ ᠪᠠᠭᠰᠢ ᠪᠠ ᠨᠠᠳᠠᠲᠠᠢ ᠬᠠᠮᠲᠤ ᠰᠠᠨᠠᠯ ᠥᠭᠳᠡᠭ ᠲᠠᠯ᠎ᠠ ᠡᠰᠡᠬᠦᠯ᠎ᠡ᠂ ᠡᠭᠦᠨ᠎ᠢ ᠶᠠᠭᠠᠬᠢᠵᠤ ᠬᠢᠪᠡᠯ ᠲᠠᠭᠠᠷᠠᠬᠤ ᠲᠤᠬᠠᠢ ᠰᠠᠨᠠᠯ ᠤᠯᠠᠨ ᠭᠠᠷᠭᠠᠵᠤ ᠪᠠᠢᠭᠰᠠᠨ ᠪᠥᠭᠡᠳ ᠵᠠᠷᠢᠮ ᠠᠰᠠᠭᠤᠳᠠᠯ ᠳᠡᠭᠡᠷ᠎ᠡ ᠨᠡᠯᠢᠶᠡᠳ ᠮᠠᠷᠭᠤᠭᠠᠨ ᠪᠣᠯᠵᠤ ᠪᠠᠢᠭᠰᠠᠨ᠎ᠶᠤᠮ᠃

ᠣᠳᠤ᠎ᠶᠢᠨ ᠮᠣᠩᠭᠤᠯ Unicode ᠪᠠᠷᠢᠮᠵᠢᠶ᠎ᠠ᠎ᠶᠢ ᠲᠣᠭᠲᠠᠭᠠᠭᠰᠠᠨ ᠰᠢᠯᠲᠠᠭᠠᠨ᠎ᠤ ᠲᠤᠬᠠᠢ ᠶᠠᠷᠢᠪᠠᠯ᠂ ᠮᠠᠨ᠎ᠳᠤ 256 ᠣᠷᠤ ᠥᠭᠴᠡᠢ᠃ ᠡᠨᠡ 256 ᠣᠷᠤ᠎ᠨᠢ ᠮᠣᠩᠭᠤᠯ ᠥᠰᠦᠭ᠎ᠦᠨ ᠳᠦᠷᠰᠦ᠎ᠶᠢ ᠣᠷᠤᠭᠤᠯᠬᠤ᠎ᠳᠤ ᠮᠠᠰᠢ ᠬᠦᠷᠦᠯᠴᠡᠬᠦ᠎ᠦᠭᠡᠢ ᠪᠠᠢᠨ᠎ᠠ᠃ ᠲᠡᠭᠡᠪᠡᠯ ᠶᠠᠭᠠᠬᠢᠵᠤ ᠣᠷᠤᠭᠤᠯᠪᠠᠯ ᠲᠠᠭᠠᠷᠠᠬᠤ ᠲᠤᠬᠠᠢ Unicode᠎ᠦᠨ ᠡᠷᠳᠡᠮᠲᠡᠳ᠎ᠡᠴᠡ ᠠᠰᠠᠭᠤᠭᠰᠠᠨ᠎ᠳᠤ᠂ ᠭᠣᠣᠯᠳᠠᠭᠤ ᠠᠷᠠᠪ ᠦᠰᠦᠭ᠎ᠢ ᠳᠠᠭᠤᠷᠢᠶᠠᠵᠤ ᠬᠢᠭᠡᠷᠡᠢ ᠭᠡᠰᠡᠨ ᠬᠠᠷᠢᠭᠤᠯᠲᠠ (ᠪᠡᠭᠡᠵᠢᠩ᠎ᠡᠴᠡ ᠳᠡᠯᠡᠬᠡᠢ᠎ᠶᠢᠨ ᠬᠤᠷᠠᠯ᠎ᠳᠤ ᠣᠷᠤᠯᠴᠠᠭᠰᠠᠨ ᠬᠥᠮᠦᠰ᠎ᠢᠶᠡᠷ ᠳᠠᠮᠵᠢᠨ) ᠢᠷᠡᠭᠰᠡᠨ ᠭᠡᠨ᠎ᠡ᠃ ᠠᠷᠠᠪ ᠥᠰᠦᠭ ᠪᠣᠯ ᠭᠤᠷᠪᠠᠨ ᠬᠤᠪᠢᠷᠠᠯ ᠪᠠᠢᠵᠤ᠂ 《ᠢᠵᠢᠯ ᠳᠠᠭᠤᠳᠠᠯᠭᠠᠲᠤ ᠳᠦᠷᠰᠦ ᠣᠨᠳᠣᠣ》 ᠦᠭᠡᠨ᠎ᠦ ᠦᠵᠡᠭᠳᠡᠯ᠎ᠴᠦ ᠣᠯᠠᠨ᠂ ᠲᠡᠭᠦᠨ᠎ᠢ ᠬᠢᠬᠦ ᠠᠷᠭ᠎ᠠ ᠪᠣᠯ ᠬᠤᠪᠢᠷᠠᠯ᠎ᠢ᠎ᠨᠢ ᠪᠠᠷᠢᠮᠵᠢᠶ᠎ᠠ ᠺᠣᠳ᠋᠎ᠲᠤ ᠣᠷᠤᠭᠤᠯᠬᠤ᠎ᠦᠭᠡᠢ᠂ ᠭᠠᠭᠴᠠᠬᠠᠨ ᠦᠰᠦᠭ᠎ᠦᠨ ᠲᠥᠯᠦᠭᠡᠯᠡᠭᠴᠢ ᠵᠢ ᠣᠷᠤᠭᠤᠯᠬᠤ ᠭᠡᠳᠡᠭ ᠶᠣᠰᠤ ᠪᠠᠢᠭᠰᠠᠨ᠎ᠶᠤᠮ ᠭᠡᠨ᠎ᠡ᠃ ᠮᠣᠩᠭᠤᠯ ᠦᠰᠦᠭ ᠠᠷᠠᠪ ᠦᠰᠦᠭ᠎ᠲᠡᠢ ᠨᠡᠯᠢᠶᠡᠳ ᠣᠯᠠᠨ ᠲᠥᠰᠲᠡᠢ ᠲᠠᠯ᠎ᠠ ᠪᠠᠢᠬᠤ ᠤᠴᠢᠷ᠎ᠠᠴᠠ ᠰᠤᠳᠤᠯᠭᠠᠨ ᠮᠣᠩᠭᠤᠯ ᠪᠢᠴᠢᠭ᠎ᠢ Unicode᠎ᠲᠦ ᠣᠷᠤᠭᠤᠯᠬᠤ᠎ᠳᠤ 《ᠠᠷᠠᠪ ᠦᠰᠦᠭ᠎ᠢ ᠳᠠᠭᠤᠷᠢᠶᠠᠵᠤ ᠬᠢᠭᠡᠷᠡᠢ》 ᠭᠡᠰᠡᠨ ᠵᠢᠭᠠᠪᠤᠷᠢ ᠥᠭᠭᠦᠭᠰᠡᠨ ᠪᠠᠢᠬ᠎ᠠ ᠭᠡᠵᠦ ᠪᠢ ᠦᠵᠡᠵᠦ ᠪᠠᠢᠨ᠎ᠠ᠃

ᠡᠨᠡ᠎ᠨᠢ ᠮᠠᠨ᠎ᠤ ᠮᠣᠩᠭᠤᠯ ᠦᠰᠦᠭ ᠪᠢᠴᠢᠭ᠎ᠦᠨ ᠡᠷᠳᠡᠮᠲᠡᠨ ᠴᠣᠢᠵᠤᠩᠵᠠᠪ ᠪᠠᠭᠰᠢ᠂ ᠨᠠᠰᠤᠨ᠌ᠤ᠋ᠷᠲᠤ ᠪᠠᠭᠰᠢ ᠵᠡᠷᠭᠡ ᠬᠡᠯᠡ ᠰᠤᠳᠤᠯᠭᠠᠨ᠎ᠤ ᠪᠠᠭᠰᠢ᠎ᠨᠠᠷ᠎ᠤᠨ ᠰᠠᠨᠠᠯ᠎ᠳᠤ ᠨᠡᠢᠴᠡᠭᠰᠡᠨ ᠤᠴᠢᠷ᠎ᠠᠴᠠ ᠣᠳᠤ᠎ᠶᠢᠨ ᠠᠪᠢᠶ᠎ᠠ᠎ᠪᠠᠷ ᠣᠷᠤᠭᠤᠯᠬᠤ ᠲᠥᠰᠦᠪ᠎ᠨᠢ ᠭᠣᠣᠯᠳᠠᠯᠭ᠎ᠠ ᠪᠣᠯᠵᠤ ᠢᠷᠡᠪᠡ᠃ ᠰᠡᠭᠦᠯ᠎ᠳᠦ᠎ᠨᠢ 1995 ᠣᠨ᠎ᠠᠴᠠ ᠬᠣᠢᠰᠢ ᠠᠪᠢᠶ᠎ᠠ᠎ᠪᠠᠷ ᠣᠷᠤᠭᠤᠯᠬᠤ ᠲᠥᠰᠦᠪ᠎ᠢ ᠶᠠᠭᠠᠬᠢᠵᠤ ᠰᠠᠢᠵᠢᠷᠠᠭᠤᠯᠬᠤ ᠪᠠ ᠦᠢᠯᠡᠳᠦᠨ ᠪᠦᠲᠦᠭᠡᠬᠦ ᠲᠤᠬᠠᠢ ᠣᠯᠠᠨ ᠶᠠᠷᠢᠯᠴᠠᠵᠤ ᠰᠠᠨᠠᠯ ᠰᠣᠯᠢᠯᠴᠠᠭᠰᠠᠨ ᠪᠠᠢᠯ᠎ᠠ᠃ Unicode᠎ᠲᠦ ᠶᠠᠭᠠᠬᠢᠵᠤ ᠲᠥᠰᠦᠪ ᠭᠠᠷᠭᠠᠪᠠᠯ ᠪᠢᠳᠡ ᠬᠡᠷᠡᠭᠯᠡᠬᠦ᠎ᠳᠦ ᠬᠠᠮᠤᠭ ᠠᠮᠠᠷᠬᠠᠨ ᠪᠤᠢ ᠭᠡᠳᠡᠭ᠎ᠦᠨ ᠲᠤᠬᠠᠢ ᠮᠢᠨᠦ ᠦᠵᠡᠯᠲᠡ᠎ᠪᠡᠨ ᠪᠢ ᠵᠥᠪ ᠪᠠᠢᠭᠰᠠᠨ ᠭᠡᠵᠦ ᠦᠵᠡᠨ᠎ᠡ᠃ ᠬᠠᠮᠤᠭ ᠡᠴᠦᠰ᠎ᠲᠦ᠎ᠪᠡᠨ ᠠᠪᠢᠶ᠎ᠠ᠎ᠪᠠᠷ ᠣᠷᠤᠭᠤᠯᠬᠤ ᠲᠤᠰ ᠲᠥᠰᠦᠪ᠎ᠢ 《ᠪᠣᠯᠤᠨ᠎ᠠ》 ᠭᠡᠵᠦ ᠬᠡᠯᠡᠭᠰᠡᠨ ᠪᠣᠯᠪᠠᠴᠤ᠂ ᠢᠩᠭᠢᠵᠦ ᠣᠷᠤᠭᠤᠯᠪᠠᠯ ᠮᠠᠨ᠎ᠤ ᠮᠣᠩᠭᠤᠯ ᠦᠰᠦᠭ ᠪᠢᠴᠢᠭ ᠠᠳᠠᠭ᠎ᠲᠤ᠎ᠪᠠᠨ ᠠᠷᠪᠠᠨ ᠵᠢᠯ ᠬᠣᠴᠤᠷᠤᠨ᠎ᠠ ᠭᠡᠵᠦ ᠶᠠᠷᠢᠵᠤ ᠪᠠᠢᠭᠰᠠᠨ᠎ᠶᠤᠮ᠃ 1995 ᠣᠨ᠎ᠳᠤ ᠡᠨᠡ ᠣᠴᠢᠷ᠎ᠢ ᠶᠠᠷᠢᠯᠴᠠᠵᠤ ᠪᠠᠢᠭᠰᠠᠨ ᠤᠴᠢᠷ᠎ᠠᠴᠠ ᠪᠠᠷᠤᠭ 2005 ᠣᠨ ᠪᠣᠯᠲᠠᠯ᠎ᠠ ᠪᠢᠳᠡ ᠡᠨᠡ ᠪᠠᠷᠢᠮᠵᠢᠶ᠎ᠠ᠎ᠶᠢ ᠪᠣᠳᠠᠲᠤ ᠬᠡᠷᠡᠭᠯᠡᠭᠡᠨ᠎ᠳᠦ ᠠᠰᠢᠭᠯᠠᠵᠤ ᠳᠡᠢᠯᠬᠦ᠎ᠦᠭᠡᠢ ᠭᠡᠵᠦ ᠶᠠᠷᠢᠵᠤ ᠥᠩᠭᠡᠷᠡᠭᠰᠡᠨ᠎ᠨᠢ ᠦᠨᠡᠨ᠎ᠶᠦᠮ᠃ ᠲᠤᠰ ᠶᠠᠷᠢᠶ᠎ᠠ᠎ᠶᠢ ᠬᠥᠬᠡᠬᠠᠳᠠ᠎ᠶᠢᠨ ᠵᠠᠷᠢᠮ ᠳᠠᠷᠤᠭ᠎ᠠ᠎ᠨᠠᠷ ᠪᠠᠰᠠ ᠰᠣᠨᠤᠰᠴᠤ ᠥᠩᠭᠡᠷᠡᠭᠰᠡᠨ ᠭᠡᠵᠦ ᠶᠠᠷᠢᠵᠤ ᠪᠠᠢᠨ᠎ᠠ᠃ ᠮᠢᠨᠦ ᠶᠠᠷᠢᠭᠰᠠᠨ᠎ᠰᠢᠭ᠋ ᠠᠷᠪᠠᠨ ᠵᠢᠯ᠂ ᠠᠷᠪᠠᠨ ᠲᠠᠪᠤᠨ ᠵᠢᠯ ᠪᠢᠰᠢ᠂ ᠬᠠᠷᠢᠨ ᠬᠣᠷᠢᠨ ᠵᠢᠯ᠎ᠦᠨ ᠳᠠᠷᠠᠭᠠᠬᠢ ᠥᠨᠦᠳᠦᠷ ᠰᠠᠶᠢ ᠡᠬᠢᠯᠡᠵᠦ ᠬᠡᠷᠡᠭᠯᠡᠭᠳᠡᠮᠡᠷ ᠪᠣᠯᠤᠭᠠᠳ ᠪᠠᠢᠨ᠎ᠠ᠃ ᠲᠤᠬᠠᠢ᠎ᠶᠢᠨ ᠦᠶ᠎ᠡ᠎ᠶᠢᠨ ᠮᠢᠨᠦ ᠢᠩᠭᠢᠵᠦ ᠬᠢᠪᠡᠯ ᠬᠦᠴᠢᠷᠲᠡᠢ ᠪᠠᠢᠨ᠎ᠠ ᠭᠡᠰᠡᠨ᠎ᠨᠢ ᠰᠢᠰᠲᠧᠮ᠎ᠦᠨ ᠳᠡᠰ᠎ᠦᠨ ᠦᠢᠯᠡᠳᠬᠦ ᠠᠷᠭ᠎ᠠ ᠭᠡᠵᠦ ᠭᠠᠷᠴᠤ ᠢᠷᠡᠭᠡ ᠥᠬᠡᠢ ᠳᠡᠭᠡᠷ᠎ᠡ᠎ᠪᠡᠨ ᠪᠠᠰᠠᠴᠤ ᠣᠨᠴᠠᠭᠠᠢ ᠬᠦᠴᠢᠷᠲᠡᠢ ᠭᠡᠳᠡᠭ᠎ᠨᠢ ᠦᠨᠳᠦᠰᠦᠯᠡᠯ ᠪᠣᠯᠵᠤ ᠪᠠᠢᠭᠰᠠᠨ᠎ᠢ ᠲᠤᠬᠠᠢ᠎ᠶᠢᠨ ᠦᠶ᠎ᠡ᠎ᠶᠢᠨ ᠵᠠᠷᠢᠮ ᠡᠷᠳᠡᠮᠲᠡᠳ ᠭᠦᠢᠴᠡᠳ ᠮᠡᠳᠡᠷᠡᠵᠦ ᠴᠢᠳᠠᠭ᠎ᠠ ᠥᠬᠡᠢ᠎ᠨᠢ ᠬᠠᠷᠠᠮᠰᠠᠯᠲᠠᠢ᠃ ᠣᠯᠠᠩᠬᠢ Operating System᠎ᠨᠢ ᠰᠢᠢᠳᠪᠦᠷᠢᠯᠡᠵᠦ ᠳᠡᠢᠯᠬᠦ᠎ᠦᠭᠡᠢ᠎ᠪᠡᠷ ᠪᠠᠷᠠᠬᠤ ᠥᠬᠡᠢ᠂ ᠮᠠᠨ᠎ᠤ ᠮᠣᠩᠭᠤᠯᠴᠤᠳ᠎ᠤᠨ ᠥᠪᠡᠷᠰᠡᠳ᠎ᠦᠨ ᠬᠢᠬᠦ ᠴᠢᠳᠠᠪᠤᠷᠢ᠎ᠴᠤ ᠪᠦᠷᠢᠳᠦᠭᠡ ᠥᠬᠡᠢ ᠪᠠᠢᠭᠰᠠᠨ᠎ᠨᠢ ᠬᠡᠷᠡᠭᠯᠡᠭᠡᠨ᠎ᠳᠦ ᠣᠷᠤᠬᠤ᠎ᠲᠠᠯ᠎ᠠ᠎ᠪᠠᠷ ᠬᠣᠵᠢᠭᠳᠠᠭᠰᠠᠨ ᠭᠣᠣᠯ ᠰᠢᠯᠲᠠᠭᠠᠨ᠎ᠪᠣᠯᠤᠭᠰᠠᠨ ᠭᠡᠵᠦ ᠪᠢ ᠦᠵᠡᠨ᠎ᠡ︕ ᠬᠡᠳᠦᠢᠪᠡᠷ ᠲᠤᠬᠠᠢ᠎ᠶᠢᠨ ᠦᠶ᠎ᠡ᠎ᠳᠦ᠎ᠡᠰᠡᠷᠭᠦᠴᠡᠵᠦ ᠪᠠᠢᠭᠰᠠᠨ ᠪᠣᠯᠪᠠᠴᠤ ᠣᠳᠤ ᠡᠨᠡ ᠪᠠᠷᠢᠮᠵᠢᠶ᠎ᠠ᠎ᠨᠢ ISO ᠪᠠ Unicode᠎ᠲᠤ ᠣᠷᠤᠴᠢᠬᠠᠭᠰᠠᠨ᠎ᠤ ᠳᠠᠷᠠᠭᠠᠬᠢ ᠡᠨᠡ ᠴᠠᠭ ᠦᠶ᠎ᠡ᠎ᠳᠦ ᠪᠢᠳᠡ ᠡᠨᠡ ᠪᠠᠷᠢᠮᠵᠢᠶ᠎ᠠ᠎ᠶᠢ ᠨᠢᠭᠡᠮᠦᠰᠦᠨ ᠦᠭᠡᠢᠰᠭᠡᠵᠦ ᠪᠤᠷᠤᠭᠤᠳᠭᠠᠬᠤ ᠪᠢᠰᠢ᠂ ᠬᠠᠷᠢᠨ ᠰᠠᠢᠵᠢᠷᠠᠭᠤᠯᠵᠤ ᠳᠡᠭᠡᠭᠰᠢᠯᠡᠭᠦᠯᠬᠦ᠎ᠪᠡᠷ ᠴᠢᠷᠮᠠᠢᠬᠤ᠎ᠬᠡᠷᠡᠭᠲᠡᠢ ᠭᠡᠵᠦ ᠦᠵᠡᠨ᠎ᠡ᠃

ᠳᠠᠷᠠᠭ᠎ᠠ᠎ᠳᠤ᠎ᠨᠢ ᠲᠠᠨᠢᠯᠴᠠᠭᠤᠯᠬᠤ ᠴᠢᠬᠤᠯᠠᠲᠠᠢ᠎ᠨᠢ Unicode ᠪᠠᠷᠢᠮᠵᠢᠶ᠎ᠠ᠎ᠳᠤ ᠣᠷᠤᠭᠰᠠᠨ ᠬᠡᠰᠡᠭ᠎ᠢ ᠬᠢᠲᠠᠳ᠎ᠢᠶᠠᠷ 《名义字符》 ᠭᠡᠳᠡᠭ᠂ ᠳᠡᠯᠭᠡᠷᠡᠭᠦᠯᠬᠦ᠂ ᠦᠵᠡᠭᠦᠯᠬᠦ ᠪᠠ ᠳᠠᠷᠤᠮᠠᠯᠯᠠᠬᠤ ᠨᠥᠭᠦᠭᠡ ᠬᠡᠰᠡᠭ᠎ᠢ᠎ᠨᠢ 《显现字符》 ᠭᠡᠳᠡᠭ᠎ᠶᠦᠮ᠃ ᠡᠨᠡ ᠬᠣᠶᠠᠷ᠎ᠤᠨ ᠬᠣᠭᠤᠷᠤᠨᠳᠤ᠎ᠪᠠᠨ ᠬᠤᠪᠢᠷᠠᠭᠤᠯᠬᠤ ᠳᠦᠷᠢᠮ (Mapping) ᠪᠠᠢᠳᠠᠭ᠃ ᠮᠣᠩᠭᠤᠯ ᠦᠰᠦᠭ᠎ᠦᠨ ᠪᠠᠷᠢᠮᠵᠢᠶ᠎ᠠ᠎ᠶᠢᠨ ᠣᠷᠤᠭᠰᠠᠨ ᠭᠤᠴᠢᠨ ᠲᠠᠪᠤᠨ ᠮᠣᠩᠭᠤᠯ ᠦᠰᠦᠭ᠎ᠢᠶᠡᠨ ᠠᠰᠢᠭᠯᠠᠵᠤ ᠪᠠᠢᠭᠠᠳ ᠮᠣᠩᠭᠤᠯ ᠪᠢᠴᠢᠭ᠎ᠲᠦ ᠬᠡᠷᠡᠭᠯᠡᠭᠳᠡᠬᠦ ᠣᠯᠠᠨ ᠳᠦᠷᠰᠦ᠎ᠶᠢ᠎ᠪᠡᠨ ᠶᠠᠭᠠᠬᠢᠵᠤ ᠭᠠᠷᠭᠠᠬᠤ ᠪᠤᠢ ᠭᠡᠳᠡᠭ᠎ᠦᠨ ᠲᠤᠬᠠᠢ ᠠᠷᠪᠢᠨ ᠰᠤᠳᠤᠯᠤᠯ ᠬᠢᠵᠦ FVS (Free Variant Selector) 《变形显现字符的选择》 ᠭᠡᠰᠡᠨ ᠬᠠᠪᠰᠤᠷᠤᠯᠭ᠎ᠠ ᠲᠡᠮᠳᠡᠭ ᠭᠤᠷᠪᠠ᠎ᠶᠢ ᠣᠷᠤᠭᠤᠯᠤᠭᠰᠠᠨ ᠪᠠᠢᠨ᠎ᠠ᠃ ᠡᠭᠦᠨ᠎ᠡᠴᠡ ᠭᠠᠳᠠᠨ᠎ᠠ ᠪᠠᠰᠠ ᠳᠣᠣᠷ᠎ᠠ ᠣᠷᠤᠬᠤ᠎ᠳᠤ᠎ᠪᠠᠨ ᠰᠠᠯᠭᠠᠵᠤ ᠪᠢᠴᠢᠬᠦ 《ᠠ᠊᠂ ᠡ᠊》᠎ᠶᠢ ᠢᠯᠭᠠᠬᠤ᠎ᠶᠢᠨ ᠲᠥᠯᠦᠭᠡ MVS(Mongolian Vowel Separator) ᠭᠡᠰᠡᠨ ᠬᠠᠪᠰᠤᠷᠤᠯᠭ᠎ᠠ ᠲᠡᠮᠳᠡᠭ᠎ᠢ ᠲᠣᠭᠲᠠᠭᠠᠪᠠ᠃

ᠳᠡᠭᠡᠷᠡᠬᠢ ᠲᠠᠨᠢᠯᠴᠠᠭᠤᠯᠭ᠎ᠠ ᠪᠣᠯ Unicode᠎ᠤᠨ ᠲᠥᠰᠦᠪ᠎ᠢ ᠶᠠᠮᠠᠷ ᠪᠠᠢᠳᠠᠯ ᠳᠣᠣᠷ᠎ᠠ ᠶᠠᠭᠠᠬᠢᠵᠤ ᠬᠢᠭᠰᠡᠨ ᠪᠣᠢ ᠭᠡᠳᠡᠭ ᠠᠰᠠᠭᠤᠯᠲᠠ᠎ᠳᠤ ᠬᠠᠷᠢᠭᠤᠯᠲᠠ ᠥᠭᠭᠦᠭᠰᠡᠨ᠎ᠶᠦᠮ᠃

ᠲᠤᠬᠠᠢ᠎ᠶᠢᠨ ᠦᠶ᠎ᠡ᠎ᠳᠦ ᠭᠠᠭᠴᠠᠬᠠᠨ 《名义字符》᠎ᠶᠢᠨ ᠬᠡᠰᠡᠭ᠎ᠢ᠎ᠨᠢ ISO 10646 ᠤᠯᠠᠨ ᠤᠯᠤᠰ᠎ᠤᠨ ᠪᠠᠷᠢᠮᠵᠢᠶ᠎ᠠ᠎ᠳᠤ ᠣᠷᠤᠭᠤᠯᠤᠭᠠᠳ ᠬᠤᠪᠢᠷᠠᠯᠲᠠ᠎ᠶᠢᠨ ᠬᠡᠰᠡᠭ᠎ᠨᠢ ISO 10646 ᠤᠯᠠᠨ ᠤᠯᠤᠰ᠎ᠤᠨ ᠪᠠᠷᠢᠮᠵᠢᠶ᠎ᠠ᠎ᠳᠤ ᠣᠷᠤᠭᠤᠯᠵᠤ ᠳᠡᠢᠯᠦᠭᠰᠡᠨ᠎ᠦᠭᠡᠢ᠃ ᠶᠠᠭᠠᠬᠢᠭᠠᠳ ᠣᠷᠤᠭᠤᠯᠵᠤ ᠳᠡᠢᠯᠦᠭᠰᠡᠨ ᠥᠬᠡᠢ ᠰᠢᠯᠲᠠᠭᠠᠨ᠎ᠢ ᠪᠢ ᠪᠠᠰᠠ ᠰᠠᠢᠨ ᠮᠡᠳᠡᠬᠦ ᠥᠬᠡᠢ᠃ ISO 10646 ᠪᠠᠷᠢᠮᠵᠢᠶ᠎ᠠ᠎ᠶᠢᠨ ᠬᠡᠰᠡᠭ᠎ᠲᠦ ᠬᠤᠪᠢᠷᠠᠯᠲᠠ᠎ᠶᠢᠨ ᠬᠡᠰᠡᠭ᠎ᠢ ᠲᠤᠰᠭᠠᠢᠯᠠᠨ ᠲᠣᠭᠲᠠᠭᠠᠬᠤ ᠪᠢᠰᠢ᠂ ᠬᠠᠷᠢᠨ ᠬᠡᠷᠡᠭᠯᠡᠯᠲᠡ᠎ᠶᠢᠨ ᠪᠠᠷᠢᠮᠵᠢᠶ᠎ᠠ ᠪᠣᠯᠬᠤ Unicode᠎ᠦᠨ ᠬᠡᠰᠡᠭ᠎ᠲᠦ ᠲᠣᠳᠤᠷᠬᠠᠢᠯᠠᠨ ᠲᠣᠭᠲᠠᠭᠠᠳᠠᠭ᠎ᠶᠤᠮ᠎ᠤᠤ︖ ᠪᠢᠳᠡ ᠪᠠᠰᠠ ᠲᠣᠳᠤᠷᠬᠠᠢ ᠤᠬᠠᠭᠠᠨ᠎ᠢ᠎ᠨᠢ ᠣᠯᠤᠭᠰᠠᠨ ᠥᠬᠡᠢ᠃

ᠲᠡᠷᠡ ᠬᠤᠪᠢᠷᠠᠯ ᠳᠦᠷᠰᠦ᠎ᠶᠢ ᠲᠡᠮᠳᠡᠭᠯᠡᠬᠦ ᠪᠠ ᠬᠤᠪᠢᠷᠠᠭᠤᠯᠬᠤ ᠳᠦᠷᠢᠮ᠎ᠢ ᠦᠨᠡᠨ᠎ᠳᠦ᠎ᠪᠡᠨ 1995 ᠣᠨ᠎ᠠᠴᠠ ᠰᠡᠭᠦᠯᠴᠢ ᠪᠢᠳᠡ ᠪᠦᠷ ᠶᠠᠷᠢᠯᠴᠠᠵᠤ ᠪᠠᠢᠭᠰᠠᠨ᠃ ᠲᠡᠷᠡ ᠦᠶ᠎ᠡ᠎ᠳᠦ ᠮᠣᠩᠭᠤᠯ ᠥᠰᠦᠭ᠎ᠦᠨ ᠳᠡᠭᠡᠷ᠎ᠡ᠂ ᠳᠤᠮᠳᠠ᠂ ᠳᠣᠣᠷ᠎ᠠ ᠣᠷᠤᠬᠤ ᠳᠦᠷᠰᠦ᠎ᠶᠢ ᠬᠤᠪᠢᠷᠠᠭᠤᠯᠬᠤ ᠬᠤᠪᠢᠷᠠᠯᠲᠠ᠎ᠶᠢᠨ ᠠᠷᠭ᠎ᠠ ᠵᠢᠴᠢ ᠬᠤᠪᠢᠷᠠᠯᠲᠠ᠎ᠶᠢᠨ ᠬᠦᠰᠦᠨᠦᠭᠲᠦ᠎ᠶᠢ ᠪᠦᠷ ᠬᠢᠭᠰᠡᠨ ᠪᠠᠢᠨ᠎ᠠ᠃ ᠭᠡᠬᠦ᠎ᠳᠦ᠎ᠪᠡᠨ ᠲᠡᠷᠡ᠎ᠨᠢ ᠶᠠᠭᠠᠬᠢᠭᠠᠳ Unicode᠎ᠦᠨ ᠲᠥᠰᠦᠪ᠎ᠲᠦ ᠣᠷᠤᠵᠤ ᠴᠢᠳᠠᠭᠰᠠᠨ᠎ᠦᠭᠡᠢ ᠰᠢᠯᠲᠠᠭᠠᠨ᠎ᠢ᠎ᠨᠢ ᠪᠢ ᠲᠣᠳᠤ ᠮᠡᠳᠡᠬᠦ᠎ᠦᠭᠡᠢ ᠪᠠᠢᠨ᠎ᠠ᠃ ᠡᠨᠡ᠎ᠨᠢ ᠴᠣᠬᠤᠮ ᠠᠮᠧᠷᠢᠺᠠ᠎ᠳᠤ ᠬᠦᠷᠦᠭᠰᠡᠨ ᠡᠷᠳᠡᠮᠲᠡᠳ᠎ᠦᠨ ᠶᠠᠷᠢᠭᠰᠠᠨ ᠠᠷᠭ᠎ᠠ᠎ᠨᠢ ᠲᠠᠭᠠᠷᠠᠭᠰᠠᠨ᠎ᠦᠭᠡᠢ᠎ᠶᠤᠮ᠎ᠤᠤ︖ ᠡᠰᠡᠬᠦᠯ᠎ᠡ ᠬᠦᠯᠢᠶᠡᠵᠦ ᠪᠠᠢᠭᠠᠷᠠᠢ ᠭᠡᠰᠡᠨ᠎ᠶᠦᠮ᠎ᠦᠦ︖ ᠡᠰᠡᠬᠦᠯ᠎ᠡ ᠶᠠᠮᠠᠷ ᠨᠢᠭᠡᠨ ᠰᠢᠯᠲᠠᠭᠠᠨ᠎ᠠᠴᠠ ᠪᠣᠯᠤᠭᠠᠳ ᠲᠡᠭᠦᠨ᠎ᠢ ᠣᠷᠤᠭᠤᠯᠤᠭᠰᠠᠨ᠎ᠦᠭᠡᠢ ᠭᠡᠳᠡᠭ᠎ᠢ ᠲᠣᠳᠤᠷᠬᠠᠢ ᠮᠡᠳᠡᠬᠦ ᠥᠬᠡᠢ᠃ ᠮᠢᠨᠦ ᠬᠤᠪᠢ ᠬᠥᠮᠦᠨ᠎ᠦ ᠦᠵᠡᠬᠦ᠎ᠪᠡᠷ ᠡᠳᠡᠭᠡᠷ᠎ᠢ ᠣᠷᠤᠭᠤᠯᠬᠤ᠎ᠦᠭᠡᠢ ᠪᠣᠯ ᠪᠠᠷᠢᠮᠵᠢᠶ᠎ᠠ ᠪᠦᠷᠢᠨ ᠪᠤᠰᠤ ᠪᠣᠯᠤᠨ᠎ᠠ᠃ ᠪᠠᠷᠢᠮᠵᠢᠶ᠎ᠠ᠎ᠶᠢ ᠪᠦᠷᠢᠨ ᠪᠦᠲᠦᠨ ᠪᠣᠯᠭᠠᠶ᠎ᠠ ᠭᠡᠪᠡᠯ ᠵᠠᠪᠠᠯ ᠲᠡᠷᠡ ᠬᠦᠰᠦᠨᠦᠭᠲᠦ ᠪᠠᠢᠬᠤ ᠬᠡᠷᠡᠭᠲᠡᠢ᠃ ᠣᠯᠠᠨ᠎ᠢᠶᠠᠷ᠎ᠢᠶᠠᠨ ᠬᠠᠮᠲᠤᠷᠠᠨ ᠠᠵᠢᠯᠯᠠᠵᠤ ᠪᠠᠢᠭᠰᠠᠨ ᠲᠡᠷᠡ ᠬᠦᠰᠦᠨᠦᠭᠲᠦ ᠭᠡᠪᠡᠯ 2002 ᠣᠨ᠎ᠳᠤ ᠴᠣᠢᠵᠤᠩᠵᠠᠪ ᠪᠠᠭᠰᠢ᠎ᠠᠴᠠ 《蒙古文编码》 ᠭᠡᠳᠡᠭ ᠨᠣᠮ᠎ᠳᠤᠷ ᠬᠡᠪᠯᠡᠭᠦᠯᠦᠨ ᠨᠡᠢᠲᠡᠯᠡᠭᠦᠯᠦᠭᠰᠡᠨ ᠪᠠᠢᠨ᠎ᠠ᠃ ᠲᠣᠰ ᠬᠦᠰᠦᠨᠦᠭᠲᠦ᠎ᠶᠢ᠎ᠪᠠᠰᠠ ᠮᠠᠺᠠᠣ᠋᠎ᠳᠤ ᠪᠠᠢᠭᠰᠠᠨ ᠮᠣᠩᠭᠤᠯ᠎ᠤᠨ ᠡᠷᠳᠡᠮᠲᠡᠨ ᠡᠷᠳᠡᠨᠢᠴᠢᠮᠡᠭ᠎ᠨᠡᠷ᠎ᠦᠨ TR170 ᠭᠡᠳᠡᠭ ᠨᠡᠷ᠎ᠡ᠎ᠪᠡᠷ ᠨᠡᠢᠲᠡᠯᠡᠭᠰᠡᠨ ᠮᠠᠲᠧᠷᠢᠶᠠᠯ᠎ᠢ ᠢᠨᠲᠧᠷᠨᠧᠲ᠎ᠡᠴᠡ ᠪᠠᠭᠤᠯᠭᠠᠵᠤ ᠪᠣᠯᠤᠨ᠎ᠠ᠃

ᠣᠨᠤᠯ᠎ᠤᠨ ᠲᠠᠯ᠎ᠠ᠎ᠪᠠᠷ ᠡᠨᠳᠡ ᠬᠦᠷᠲᠡᠯ᠎ᠡ ᠰᠤᠳᠤᠯᠵᠤ᠂ 1999 ᠣᠨ᠎ᠳᠤ ISO 10646᠎ᠳᠦ ᠣᠷᠤᠭᠤᠯᠵᠤ᠂ 2000ᠣᠨ᠎ᠳᠤ Unicode᠎ᠲᠦ ᠣᠷᠤᠭᠤᠯᠵᠠᠢ᠃ Unicode ᠪᠠᠷᠢᠮᠵᠢᠶ᠎ᠠ ᠪᠣᠯ ISO 10646 ᠪᠠᠷᠢᠮᠵᠢᠶ᠎ᠠ ᠵᠢ ᠦᠨᠳᠦᠰᠦᠯᠡᠨ ᠡᠯ᠎ᠡ ᠬᠡᠷᠡᠭᠯᠡᠭᠡᠨ᠎ᠦ ᠰᠢᠰᠲᠧᠮ ᠬᠢᠳᠡᠭ ᠺᠣᠮᠫᠠᠨᠢ᠎ᠪᠠᠷ ᠪᠦᠷᠢᠯᠳᠦᠭᠰᠡᠨ Unicode Consortium᠎ᠳᠦ ᠬᠡᠷᠡᠭᠵᠢᠭᠦᠯᠬᠦ ᠬᠡᠮᠵᠢᠶᠡᠨ᠎ᠳᠦ ᠬᠦᠷᠭᠡᠬᠦ᠎ᠪᠡᠷ ᠲᠣᠭᠲᠠᠭᠠᠳᠠᠭ ᠪᠠᠷᠢᠮᠵᠢᠶ᠎ᠠ ᠪᠣᠯᠤᠨ᠎ᠠ᠃ ᠡᠢᠮᠦ᠎ᠡᠴᠡ 1999 ᠣᠨ᠎ᠳᠤ ISO 10646 ᠪᠠᠷᠢᠮᠵᠢᠶ᠎ᠠ᠎ᠶᠢᠨ ᠬᠡᠪᠯᠡᠯ᠎ᠳᠦ ᠣᠷᠤᠭᠠᠳ᠂ ᠲᠠᠬᠢᠨ 2000 ᠣᠨ᠎ᠳᠤ Unicode 3.0᠎ᠳᠤ ᠣᠷᠤᠭᠰᠠᠨ ᠪᠠᠢᠨ᠎ᠠ᠃ ᠲᠡᠭᠡᠭᠡᠳ ᠲᠡᠷᠡ ᠦᠶ᠎ᠡ᠎ᠳᠦ ᠪᠠᠰᠠ Unicode ᠪᠠᠷᠢᠮᠵᠢᠶ᠎ᠠ᠎ᠨᠢ᠎ᠴᠤ BMP᠎ᠡᠴᠡ᠎ᠪᠠᠨ ᠥᠷᠭᠡᠳᠭᠡᠭᠳᠡᠭᠡ᠎ᠦᠭᠡᠢ ᠪᠠᠢᠭᠰᠠᠨ᠃

ᠬᠡᠳᠦᠢᠪᠡᠷ ᠲᠤᠬᠠᠢ᠎ᠶᠢᠨ ᠦᠶ᠎ᠡ᠎ᠳᠦ ᠬᠤᠪᠢᠯᠪᠤᠷᠢ ᠥᠰᠦᠭ᠎ᠦᠨ ᠬᠦᠰᠦᠨᠦᠭᠲᠦ ᠪᠠ ᠬᠤᠪᠢᠷᠠᠯᠲᠠ᠎ᠶᠢᠨ ᠠᠷᠭ᠎ᠠ ᠲᠥᠰᠦᠪ ᠪᠠᠢᠭᠰᠠᠨ ᠪᠣᠯᠪᠠᠴᠤ ᠪᠦᠷᠢᠨ ᠪᠦᠲᠦᠨ ᠰᠠᠢᠬᠠᠨ ᠪᠠᠷᠢᠮᠵᠢᠶ᠎ᠠ ᠪᠣᠯᠵᠤ ᠴᠢᠳᠠᠭ᠎ᠠ᠎ᠦᠭᠡᠢ᠃ ᠲᠡᠭᠦᠨ᠎ᠦ ᠳᠣᠲᠤᠷ᠎ᠠ᠂ ᠣᠨᠴᠠᠭᠠᠢᠯᠠᠨ 《ᠮᠣᠩᠭᠤᠯ ᠦᠰᠦᠭ ᠡᠢᠮᠦ ᠪᠠᠢᠳᠠᠭ᠎ᠨᠢ ᠣᠯᠠᠨ᠎ᠤ ᠮᠡᠳᠡᠭᠡᠵᠢ᠎ᠶᠢᠨ ᠬᠡᠷᠡᠭ ᠪᠢᠰᠢ᠎ᠦᠦ》 ᠭᠡᠳᠡᠭ᠎ᠦᠵᠡᠯᠲᠡ᠎ᠪᠡᠷ᠂ ᠣᠯᠠᠨ᠎ᠤ ᠮᠡᠳᠡᠭᠡᠵᠢ᠎ᠶᠢᠨ ᠬᠡᠰᠡᠭ᠎ᠢ ᠪᠦᠷ ᠳᠥᠬᠦᠮᠴᠢᠯᠡᠭᠡᠳ᠂ ᠣᠨᠴᠠᠭᠠᠢ ᠬᠡᠰᠡᠭ᠎ᠢ᠎ᠯᠡ ᠲᠣᠳᠤᠷᠬᠠᠢᠯᠠᠨ ᠲᠡᠮᠳᠡᠭᠯᠡᠭᠰᠡᠨ᠎ᠡᠴᠡ ᠮᠣᠩᠭᠤᠯ ᠬᠥᠮᠦᠨ ᠦᠵᠡᠪᠡᠯ ᠮᠡᠳᠡᠳᠡᠭ ᠪᠣᠯᠪᠠᠴᠤ᠂ ᠭᠠᠳᠠᠭᠠᠳᠤ᠎ᠶᠢᠨ ᠬᠥᠮᠦᠨ ᠦᠵᠡᠭᠡᠳ ᠮᠡᠳᠡᠳᠡᠭ᠎ᠦᠭᠡᠢ ᠪᠣᠯᠵᠤ᠂ ᠠᠩᠬ᠎ᠠ ᠬᠢᠭᠰᠡᠨ ᠰᠢᠰᠲᠧᠮ᠎ᠨᠢ ᠬᠡᠷᠡᠭᠯᠡᠭᠡᠨ᠎ᠳᠦ ᠣᠷᠤᠬᠤ ᠬᠡᠮᠵᠢᠶᠡᠨ᠎ᠳᠦ ᠬᠦᠷᠴᠦ ᠳᠡᠢᠯᠬᠦ ᠥᠬᠡᠢ ᠪᠣᠯᠵᠠᠢ᠃ ᠡᠭᠦᠨ᠎ᠢᠶᠡᠷ ᠪᠠᠷᠠᠬᠤ ᠥᠬᠡᠢ ᠪᠠᠰᠠ᠂ ᠮᠠᠨ᠎ᠤ ᠮᠣᠩᠭᠤᠯᠴᠤᠳ᠎ᠤᠨ ᠲᠠᠨᠢᠯᠲᠠ᠎ᠪᠠᠷ ᠢᠩᠭᠢᠵᠦ ᠣᠢᠯᠠᠭᠠᠭᠰᠠᠨ᠎ᠴᠤ ᠪᠣᠯᠤᠨ᠎ᠠ᠂ ᠲᠡᠭᠡᠵᠦ ᠣᠢᠯᠠᠭᠠᠭᠰᠠᠨ᠎ᠴᠤ ᠪᠣᠯᠤᠨ᠎ᠠ ᠭᠡᠰᠡᠨ ᠲᠣᠳᠤᠷᠬᠠᠢ ᠪᠤᠰᠤ ᠲᠣᠭᠲᠠᠭᠠᠯ᠂ ᠲᠠᠢᠯᠪᠤᠷᠢ ᠭᠦᠢᠴᠡᠳ ᠥᠬᠡᠢ ᠵᠢᠭᠰᠠᠭᠠᠯᠲᠠ ᠨᠡᠯᠢᠶᠡᠳ ᠣᠯᠠᠨ ᠪᠠᠢᠭᠰᠠᠨ ᠪᠠᠢᠨ᠎ᠠ᠃ ᠪᠠᠷᠢᠮᠵᠢᠶ᠎ᠠ ᠭᠡᠳᠡᠭ ᠪᠣᠯ ᠨᠢᠭᠡᠯᠡ ᠵᠦᠢᠯ᠎ᠦᠨ ᠣᠢᠯᠠᠭᠠᠯᠲᠠ ᠪᠠᠢᠪᠠᠯ ᠬᠠᠮᠤᠭ᠎ᠤᠨ ᠰᠠᠢᠨ᠂ ᠬᠠᠮᠤᠭ᠎ᠤᠨ ᠲᠣᠳᠤᠷᠬᠠᠢ ᠪᠠᠢᠬᠤ᠎ᠳᠤ᠂ ᠮᠣᠩᠭᠤᠯ᠎ᠪᠢᠴᠢᠭ᠎ᠤᠨ Unicode ᠪᠠᠷᠢᠮᠵᠢᠶᠠᠨ᠎ᠳᠤ ᠬᠠᠷᠢᠨ ᠣᠯᠠᠨ ᠵᠦᠢᠯ᠎ᠦᠨ ᠣᠢᠯᠠᠭᠠᠯᠲᠠ ᠭᠠᠷᠴᠤ ᠢᠷᠡᠭᠡᠳ᠂ ᠥᠪᠡᠷ ᠥᠪᠡᠷ᠎ᠦᠨ᠎ᠢᠶᠡᠨ ᠣᠢᠯᠠᠭᠠᠯᠲᠠ᠎ᠪᠠᠷ᠎ᠢᠶᠠᠨ ᠬᠢᠭᠰᠡᠨ᠎ᠦ ᠳᠠᠷᠠᠭ᠎ᠠ ᠪᠤᠰᠤᠳ ᠬᠥᠮᠦᠨ᠎ᠦ ᠭᠢ᠎ᠲᠡᠢ ᠠᠳᠠᠯᠢ᠎ᠦᠭᠡᠢ ᠪᠣᠯᠵᠤ ᠬᠣᠭᠤᠷᠤᠨᠳᠤ᠎ᠪᠠᠨ ᠨᠢᠭᠡᠳᠦᠯ ᠥᠬᠡᠢ ᠪᠣᠯᠬᠤ᠂ ᠮᠠᠨ᠎ᠤ ᠬᠢᠭᠰᠡᠨ᠎ᠨᠢ ᠥᠭᠡᠷ᠎ᠡ ᠭᠠᠵᠠᠷ ᠣᠴᠢᠪᠠᠯ ᠨᠢᠭᠡ ᠬᠡᠰᠡᠭ ᠪᠤᠷᠤᠭᠤ ᠦᠰᠦᠭ ᠭᠠᠷᠴᠤ᠂ ᠥᠭᠡᠷ᠎ᠡ ᠬᠥᠮᠦᠨ᠎ᠦ ᠬᠢᠭᠰᠡᠨ᠎ᠨᠢ ᠮᠠᠨ᠎ᠤ ᠡᠨᠳᠡ ᠪᠠᠰᠠ ᠪᠤᠷᠤᠭᠤ ᠥᠰᠦᠭ ᠪᠣᠯᠬᠤ ᠤᠴᠢᠷ᠎ᠠᠴᠠ ᠬᠡᠷᠡᠭᠯᠡᠭᠴᠢᠳ᠎ᠢ ᠬᠤᠤᠳᠤᠤᠷᠠᠭᠤᠯᠵᠤ ᠪᠠᠢᠬᠤ᠎ᠨᠢ ᠣᠳᠤ᠎ᠶᠢᠨ ᠦᠵᠡᠭᠳᠡᠯ ᠪᠣᠯᠤᠨ᠎ᠠ᠃ ᠡᠭᠦᠨ᠎ᠡᠴᠡ ᠭᠠᠳᠠᠨ᠎ᠠ ᠮᠡᠷᠭᠡᠵᠢᠯ᠎ᠦᠨ ᠲᠠᠯ᠎ᠠ᠎ᠪᠠᠷ ᠬᠢ ᠠᠰᠠᠭᠤᠳᠠᠯ ᠪᠠᠰᠠ ᠣᠷᠤᠰᠢᠨ᠎ᠠ᠃ ᠵᠢᠱ᠌ᠢᠶᠡᠯᠡᠪᠡᠯ᠂ NNBSP ᠭᠡᠳᠡᠭ ᠲᠡᠮᠳᠡᠭ᠎ᠢ ᠮᠣᠩᠭᠤᠯ ᠪᠢᠴᠢᠭ᠎ᠦᠨ ᠲᠡᠢᠨ ᠢᠯᠭᠠᠯ᠎ᠤᠨ ᠳᠠᠭᠠᠪᠤᠷᠢ᠎ᠶᠢᠨ ᠡᠮᠦᠨ᠎ᠡ ᠬᠡᠷᠡᠭᠯᠡᠭᠰᠡᠨ᠎ᠨᠢ Unicode᠎ᠤᠨ ᠣᠭ ᠲᠣᠭᠲᠠᠭᠠᠯ ᠪᠠ ᠮᠣᠩᠭᠤᠯ ᠪᠢᠴᠢᠭ᠎ᠦᠨ ᠱᠠᠭᠠᠷᠳᠠᠯᠭ᠎ᠠ᠎ᠶᠢᠨ ᠬᠣᠭᠤᠷᠤᠨᠳᠤᠬᠢ ᠵᠥᠷᠢᠶ᠎ᠡ᠎ᠨᠢ ᠡᠯ᠎ᠡ ᠵᠦᠢᠯ᠎ᠦᠨ ᠰᠢᠰᠲᠧᠮ ᠳᠡᠭᠡᠷ᠎ᠡ ᠪᠤᠷᠤᠭᠤ ᠭᠠᠷᠬᠤ ᠰᠢᠯᠲᠠᠭᠠᠨ ᠪᠣᠯᠵᠤ ᠪᠠᠢᠨ᠎ᠠ᠃ ᠡᠳᠡᠭᠡᠷ᠎ᠨᠢ ᠣᠳᠤ᠎ᠶᠢᠨ Unicode ᠮᠣᠩᠭᠤᠯ ᠪᠢᠴᠢᠭ᠎ᠦᠨ ᠪᠠᠷᠢᠮᠵᠢᠶ᠎ᠠ᠎ᠳᠤ ᠣᠷᠤᠰᠢᠵᠤ ᠪᠠᠢᠭ᠎ᠠ ᠠᠰᠠᠭᠤᠳᠠᠯ ᠪᠤᠶᠤ ᠪᠣᠳᠠᠲᠤ ᠪᠠᠢᠳᠠᠯ ᠪᠣᠯᠵᠤ ᠪᠠᠢᠭ᠎ᠠ ᠪᠣᠯᠪᠠᠴᠤ ᠨᠢᠭᠡ ᠨᠢᠭᠡ᠎ᠪᠡᠷ ᠬᠡᠯᠡᠯᠴᠡᠨ ᠰᠤᠳᠤᠯᠵᠤ ᠪᠠᠢᠭᠠᠳ ᠰᠢᠢᠳᠪᠦᠷᠢᠯᠡᠭᠳᠡᠵᠦ ᠢᠷᠡᠵᠦ ᠪᠠᠢᠨ᠎ᠠ᠃

ᠤᠯᠠᠨ᠎ᠢᠶᠠᠷ᠎ᠢᠶᠠᠨ ᠴᠢᠷᠮᠠᠢᠵᠤ ᠪᠠᠢᠭᠠᠳ ᠮᠣᠩᠭᠤᠯ ᠦᠰᠦᠭ ᠪᠢᠴᠢᠭ᠎ᠦᠨ᠎ᠢᠶᠡᠨ ᠪᠠᠷᠢᠮᠵᠢᠶ᠎ᠠ᠎ᠶᠢ ᠬᠥᠭᠵᠢᠭᠦᠯᠵᠦ᠂ ᠰᠠᠢᠵᠢᠷᠠᠭᠤᠯᠵᠤ᠂ ᠨᠡᠩ ᠢᠯᠡᠭᠦᠦ ᠲᠤᠤᠱᠯᠠᠭᠤᠯᠵᠤ᠂ ᠥᠷᠭᠡᠳᠭᠡᠨ ᠬᠡᠷᠡᠭᠯᠡᠬᠦ᠎ᠶᠢ ᠬᠦᠰᠡᠵᠦ ᠪᠠᠢᠨ᠎ᠠ᠃

ᠤᠯᠠᠨ᠎ᠢᠶᠠᠷ᠎ᠢᠶᠠᠨ ᠣᠳᠤ ᠶᠠᠭ ᠰᠠᠢᠬᠠᠨ ᠬᠥᠲᠦᠯᠦᠯᠴᠡᠨ ᠭᠠᠷᠴᠤ ᠢᠷᠡᠵᠦ ᠪᠠᠢᠨ᠎ᠠ᠃ ᠮᠣᠩᠭᠤᠯ ᠦᠰᠦᠭ᠎ᠦᠨ Unicode ᠪᠠᠷᠢᠮᠵᠢᠶ᠎ᠠ᠎ᠶᠢ ᠡᠬᠢᠯᠡᠭᠡᠳ ᠬᠢᠬᠦ᠎ᠶᠢᠨ ᠦᠶ᠎ᠡ᠎ᠳᠦ ᠪᠠ ᠬᠢᠬᠦ ᠳᠤᠮᠳᠠ᠂ ᠡᠨᠡ ᠪᠠᠷᠢᠮᠵᠢᠶ᠎ᠠ᠎ᠶᠢ ᠬᠥᠮᠦᠰ ᠣᠢᠯᠠᠭᠠᠬᠤ᠎ᠦᠭᠡᠢ ᠪᠠᠢᠭᠰᠠᠨ᠎ᠠᠴᠠ᠎ᠪᠠᠨ ᠣᠢᠯᠠᠭᠠᠬᠤ ᠪᠣᠯᠵᠤ᠂ ᠣᠢᠯᠠᠭᠠᠭᠰᠠᠨ᠎ᠠᠴᠠ᠎ᠪᠠᠨ ᠰᠠᠢᠨ ᠮᠡᠳᠡᠵᠦ᠂ ᠳᠠᠷᠠᠭ᠎ᠠ᠎ᠪᠠᠷ᠎ᠨᠢ ᠡᠬᠢᠯᠡᠨ ᠬᠡᠷᠡᠭᠯᠡᠳᠡᠭ᠃ ᠭᠡᠪᠡᠴᠦ ᠬᠡᠷᠡᠭᠯᠡᠭᠰᠡᠨ᠎ᠦ ᠳᠠᠷᠠᠭ᠎ᠠ ᠪᠠᠰᠠ ᠡᠢᠮᠦ ᠲᠡᠢᠮᠦ ᠠᠰᠠᠭᠤᠳᠠᠯ ᠣᠷᠤᠰᠢᠵᠤ ᠪᠠᠢᠬᠤ᠎ᠶᠢ ᠮᠡᠳᠡᠷᠡᠵᠦ᠂ ᠶᠠᠭᠠᠬᠢᠭᠠᠳ ᠡᠢᠮᠦ ᠣᠯᠠᠨ ᠠᠰᠠᠭᠤᠳᠠᠯ ᠪᠠᠢᠳᠠᠭ ᠪᠣᠢ ᠭᠡᠵᠦ᠎ᠴᠦ ᠪᠤᠳᠤᠭᠳᠠᠨ᠎ᠠ᠃ ᠲᠡᠭᠦᠨ᠎ᠦ ᠳᠠᠷᠠᠭ᠎ᠠ᠎ᠪᠠᠷ ᠥᠪᠡᠷ᠎ᠦᠨ ᠪᠦᠬᠦ ᠬᠦᠴᠦ᠎ᠪᠡᠨ ᠵᠣᠷᠢᠭᠤᠯᠵᠤ ᠬᠥᠭᠵᠢᠭᠦᠯᠦᠶ᠎ᠡ᠂ ᠰᠠᠢᠵᠢᠷᠠᠭᠤᠯᠤᠶ᠎ᠠ ᠭᠡᠵᠦ ᠪᠤᠳᠤᠬᠤ᠎ᠬᠥᠮᠦᠨ᠎ᠴᠤ ᠡᠳᠦᠷ ᠢᠷᠡᠬᠦᠶ᠎ᠡ ᠨᠡᠮᠡᠭᠳᠡᠵᠦ ᠪᠠᠢᠨ᠎ᠠ᠃ ᠡᠳᠡᠭᠡᠷ ᠪᠣᠳᠤᠯ᠎ᠨᠢ ᠪᠦᠷ ᠮᠠᠨ᠎ᠤ ᠣᠢᠯᠠᠭᠠᠯᠲᠠ ᠪᠠ ᠬᠥᠭᠵᠢᠯᠲᠡ᠎ᠶᠢᠨ ᠶᠠᠪᠤᠴᠠ᠎ᠳᠤ ᠪᠠᠢᠭ᠎ᠠ ᠲᠦᠭᠡᠮᠡᠯ ᠦᠵᠡᠭᠳᠡᠯ ᠪᠣᠯᠵᠤ ᠪᠠᠢᠨ᠎ᠠ᠃ ᠲᠡᠢᠮᠦ᠎ᠡᠴᠡ ᠤᠯᠠᠨ᠎ᠢᠶᠠᠷ᠎ᠢᠶᠠᠨ ᠴᠢᠷᠮᠠᠢᠵᠤ ᠡᠨᠡ Unicode ᠪᠠᠷᠢᠮᠵᠢᠶ᠎ᠠ᠎ᠪᠠᠨ ᠰᠠᠢᠵᠢᠷᠠᠭᠤᠯᠤᠨ᠂ ᠬᠠᠮᠢᠭ᠎ᠠ ᠬᠢᠭᠰᠡᠨ᠎ᠴᠦ ᠪᠦᠷ ᠠᠳᠠᠯᠢᠬᠠᠨ ᠪᠣᠯᠳᠠᠭ ᠪᠠᠷᠢᠮᠵᠢᠶ᠎ᠠ ᠪᠣᠯᠭᠠᠬᠤ᠎ᠪᠠᠷ᠂ ᠬᠡᠨ ᠬᠥᠮᠦᠨ ᠦᠵᠡᠭᠰᠡᠨ᠎ᠴᠦ ᠣᠢᠯᠠᠭᠠᠯᠲᠠ᠎ᠨᠢ ᠨᠢᠭᠡᠯᠡ ᠪᠠᠢᠳᠠᠭ ᠬᠡᠮᠵᠢᠶᠡᠨ᠎ᠳᠦ ᠬᠦᠷᠲᠡᠯ᠎ᠡ ᠰᠠᠢᠵᠢᠷᠠᠭᠤᠯᠤᠶ᠎ᠠ ᠭᠡᠵᠦ ᠪᠤᠳᠤᠵᠤ ᠪᠠᠢᠨ᠎ᠠ᠃

ᠲᠡᠭᠡᠭᠡᠳ ᠮᠣᠩᠭᠤᠯ Unicode ᠪᠠᠷᠢᠮᠵᠢᠶ᠎ᠠ᠎ᠶᠢ ᠰᠠᠢᠵᠢᠷᠠᠭᠤᠯᠬᠤ ᠲᠠᠯ᠎ᠠ᠎ᠪᠠᠷ W3C᠎ᠶᠢᠨ ᠤᠷᠢᠯᠲᠠ᠎ᠪᠠᠷ ᠨᠢᠳᠤᠨᠤᠨ ᠵᠤᠨ᠎ᠠᠴᠠ ᠡᠬᠢᠯᠡᠨ ᠡᠯ᠎ᠡ ᠲᠠᠯ᠎ᠠ᠎ᠶᠢᠨ ᠡᠷᠳᠡᠮᠲᠡᠳ᠎ᠦᠨ ᠶᠠᠷᠢᠯᠴᠠᠭᠠᠨ ᠶᠠᠪᠤᠭᠳᠠᠵᠤ ᠪᠠᠢᠨ᠎ᠠ᠃ ᠡᠨᠡ ᠶᠠᠷᠢᠯᠴᠠᠭᠠᠨ᠎ᠤ ᠬᠥᠲᠦᠯᠦᠭᠴᠢ Microsoft ᠺᠣᠮᠫᠠᠨᠢ᠎ᠶᠢᠨ Greg Eck ᠭᠡᠳᠡᠭ ᠬᠥᠮᠦᠨ ᠰᠢᠩᠭᠠᠫᠣᠷ᠎ᠲᠤ ᠪᠠᠢᠨ᠎ᠠ᠃ ᠪᠢᠳᠡ ᠪᠠᠰᠠ ᠲᠡᠳᠡᠨᠡᠷ᠎ᠲᠡᠢ ᠨᠡᠯᠢᠶᠡᠳ ᠣᠯᠠᠨ ᠠᠰᠠᠭᠤᠳᠠᠯ᠎ᠢ ᠰᠢᠢᠳᠪᠦᠷᠢᠯᠡᠬᠦ᠎ᠪᠡᠷ ᠶᠠᠷᠢᠯᠴᠠᠵᠤ ᠪᠠᠢᠨ᠎ᠠ᠃ ᠡᠨᠡ ᠶᠠᠷᠢᠯᠴᠠᠭᠠᠨ᠎ᠤ ᠳᠠᠪᠴᠠᠩ᠎ᠳᠤ᠂ ᠮᠣᠩᠭᠤᠯ ᠤᠯᠤᠰ᠎ᠤᠨ ᠪᠣᠯᠤᠷ ᠰᠣᠹᠲ᠎ᠤᠨ ᠪᠠᠳᠠᠷᠠᠯ ᠣᠷᠤᠯᠴᠠᠵᠤ ᠪᠠᠢᠨ᠎ᠠ᠃ Microsoft᠎ᠺᠣᠮᠫᠠᠨᠢ᠎ᠶᠢᠨ Aaron Bell᠂ Apple ᠺᠣᠮᠫᠠᠨᠢ᠎ᠶᠢᠨ Peter Lofting᠂ Google ᠺᠣᠮᠫᠠᠨᠢ᠎ᠳᠤ ᠮᠣᠩᠭᠤᠯ ᠹᠣᠨᠲ ᠬᠢᠵᠦ ᠥᠭᠭᠦᠭᠰᠡᠨ Toshio Omagari (ᠶᠠᠫᠤᠨ ᠬᠥᠮᠦᠨ᠂ ᠠᠯᠮᠠᠰ ᠺᠣᠮᠫᠠᠨᠢ᠎ᠳᠤ ᠢᠷᠡᠭᠡᠳ ᠶᠠᠷᠢᠯᠴᠠᠵᠤ ᠥᠩᠭᠡᠷᠡᠭᠰᠡᠨ)᠂ Kamal Mansour ᠵᠡᠷᠭᠡ ᠤᠯᠤᠰ ᠭᠠᠳᠠᠨᠠᠬᠢ ᠡᠷᠳᠡᠮᠲᠡᠳ ᠣᠷᠤᠯᠴᠠᠵᠤ ᠪᠠᠢᠨ᠎ᠠ᠃ ᠡᠭᠦᠨ᠎ᠡᠴᠡ ᠪᠤᠰᠤᠳ ᠪᠠᠰᠠ ᠤᠯᠠᠨ ᠮᠣᠩᠭᠤᠯ ᠡᠷᠳᠡᠮᠲᠡᠳ ᠪᠠᠢᠨ᠎ᠠ᠃ ᠥᠪᠦᠷ ᠮᠣᠩᠭᠤᠯ᠎ᠠᠴᠠ ᠴᠣᠢᠵᠤᠩᠵᠠᠪ ᠪᠠᠭᠰᠢ᠂ ᠨᠠᠰᠤᠨ᠌ᠤ᠋ᠷᠲᠤ ᠪᠠᠭᠰᠢ᠂ ᠮᠥᠩᠬᠡ ᠭᠠᠯ᠎ᠤᠨ ᠬᠦᠰᠡᠯ᠂ ᠬᠦᠴᠦᠲᠦ᠎ᠨᠡᠷ ᠪᠦᠷ ᠣᠷᠤᠯᠴᠠᠵᠤ ᠪᠠᠢᠨ᠎ᠠ᠃ ᠨᠡᠢᠲᠡ ᠮᠣᠩᠭᠤᠯ ᠰᠢᠰᠲᠧᠮ ᠬᠢᠳᠡᠭ ᠪᠤᠶᠤ ᠮᠣᠩᠭᠤᠯ ᠬᠡᠯᠡᠨ᠎ᠦ ᠡᠷᠳᠡᠮᠲᠡᠳ ᠳᠥᠴᠢ ᠲᠠᠪᠢᠨ ᠬᠥᠮᠦᠨ᠎ᠣᠷᠤᠯᠴᠠᠵᠤ ᠪᠠᠢᠭ᠎ᠠ᠎ᠶᠤᠮ᠃

ᠵᠠᠯᠭᠠᠭᠠᠳ᠂ 2016 ᠣᠨ᠎ᠤ ᠳᠤᠮᠳᠠᠴᠢ᠎ᠪᠠᠷ ᠰᠢᠨ᠎ᠡ Unicode 9.0 ᠬᠡᠪᠯᠡᠯ ᠭᠠᠷᠬᠤ᠎ᠪᠠᠷ ᠪᠣᠯᠤᠭᠠᠳ ᠪᠠᠢᠨ᠎ᠠ᠃ ᠡᠭᠦᠨ᠎ᠳᠦ Greg Eck ᠮᠠᠨ᠎ᠤ ᠰᠠᠨᠠᠯ᠎ᠢ ᠨᠢᠭᠡᠳᠭᠡᠭᠡᠳ UTC᠎ᠳᠤ ᠴᠢᠨᠠᠭᠰᠢ᠎ᠪᠠᠨ ᠮᠡᠳᠡᠭᠦᠯᠵᠦ ᠪᠠᠢᠨ᠎ᠠ᠃ ᠲᠡᠷᠡ ᠪᠣᠯ ᠶᠠᠭ UTC᠎ᠶᠢᠨ ᠡᠷᠳᠡᠮᠲᠡᠨ᠎ᠦ ᠨᠢᠭᠡ᠎ᠨᠢ ᠪᠣᠯᠬᠤ ᠤᠴᠢᠷ᠎ᠠᠴᠠ ᠪᠤᠰᠤᠳ ᠡᠷᠳᠡᠮᠲᠡᠳ᠎ᠲᠡᠢ ᠰᠢᠭᠤᠳ ᠶᠠᠷᠢᠯᠴᠠᠵᠤ ᠰᠠᠨᠠᠯ ᠰᠣᠯᠢᠯᠴᠠᠵᠤ ᠪᠠᠢᠨ᠎ᠠ᠃ ᠶᠠᠭᠠᠬᠢᠭᠠᠳ ᠭᠡᠪᠡᠯ᠂ ᠤᠯᠠᠨ ᠬᠡᠯᠡᠯᠴᠡᠭᠡᠷ ᠭᠠᠷᠤᠭᠰᠠᠨ᠎ᠤ ᠳᠠᠷᠠᠭ᠎ᠠ᠂ ᠬᠡᠯᠡᠯᠴᠡᠭᠡᠷ᠎ᠦᠨ ᠳᠤᠮᠳᠠ ᠤᠯᠠᠨ᠎ᠢᠶᠠᠷ᠎ᠢᠶᠠᠨ ᠨᠢᠭᠡᠳᠦᠭᠰᠡᠨ ᠲᠠᠯ᠎ᠠ᠎ᠶᠢ ᠬᠠᠮᠲᠤ᠎ᠳᠤ᠎ᠨᠢ ᠨᠡᠢᠯᠡᠭᠦᠯᠦᠨ ᠡᠮᠬᠢᠳᠭᠡᠭᠡᠳ UTC᠎ᠳᠤ ᠣᠴᠢᠵᠤ ᠲᠠᠨᠢᠯᠴᠠᠭᠤᠯᠤᠨ᠂ UTC᠎ᠳᠤ ᠵᠥᠪᠰᠢᠶᠡᠷᠡᠭᠳᠡᠭᠰᠡᠨ᠎ᠦ ᠳᠠᠷᠠᠭ᠎ᠠ ᠬᠠᠮᠤᠭ ᠰᠡᠭᠦᠯ᠎ᠳᠦ᠎ᠨᠢ Unicode᠎ᠦᠨ ᠨᠠᠢᠷᠠᠭᠤᠯᠤᠭᠴᠢ᠎ᠠᠴᠠ ᠰᠢᠨ᠎ᠡ ᠬᠡᠪᠯᠡᠯ᠎ᠳᠦ ᠣᠷᠤᠭᠤᠯᠬᠤ᠎ᠨᠢ Unicode ᠪᠠᠷᠢᠮᠵᠢᠶ᠎ᠠ᠎ᠶᠢᠨ ᠵᠠᠰᠠᠯᠲᠠ ᠣᠷᠤᠭᠤᠯᠬᠤ ᠪᠠ ᠰᠢᠨ᠎ᠡ᠎ᠪᠡᠷ ᠲᠣᠭᠲᠠᠭᠠᠭᠳᠠᠬᠤ ᠠᠯᠬᠤᠮ ᠪᠣᠯᠤᠨ᠎ᠠ᠃

ᠡᠳᠡᠭᠡᠷ ᠡᠷᠳᠡᠮᠲᠡᠳ ᠵᠢᠴᠢ ᠮᠣᠩᠭᠤᠯ ᠥᠰᠦᠭ᠎ᠦᠨ Unicode ᠪᠠᠷᠢᠮᠵᠢᠶ᠎ᠠ᠎ᠶᠢᠨ ᠲᠠᠯ᠎ᠠ᠎ᠪᠠᠷ ᠰᠣᠨᠢᠷᠬᠠᠯᠲᠠᠢ ᠪᠥᠭᠡᠳ ᠬᠤᠪᠢ ᠬᠤᠪᠢᠨ᠎ᠳᠤ᠎ᠪᠠᠨ ᠰᠢᠰᠲᠧᠮ ᠪᠠ ᠹᠣᠨᠲ ᠦᠢᠯᠡᠳᠪᠦᠷᠢᠯᠡᠵᠦ ᠪᠠᠢᠭ᠎ᠠ ᠤᠯᠠᠨ᠎ᠪᠦᠭᠦᠳᠡᠭᠡᠷ᠎ᠢᠶᠠᠷ᠎ᠢᠶᠠᠨ ᠬᠠᠷᠢᠯᠴᠠᠨ ᠬᠠᠮᠵᠢᠯᠴᠠᠵᠤ᠂ ᠬᠠᠷᠢᠯᠴᠠᠨ ᠬᠠᠪᠰᠤᠷᠴᠤ ᠪᠠᠢᠭᠠᠳ ᠮᠣᠩᠭᠤᠯ ᠦᠰᠦᠭ ᠪᠢᠴᠢᠭ᠎ᠦᠨ ᠡᠣᠯᠠᠨ ᠤᠯᠤᠰ᠎ᠤᠨ ᠪᠠᠷᠢᠮᠵᠢᠶ᠎ᠠ᠎ᠪᠠᠨ ᠤᠯᠠᠮ ᠰᠠᠢᠵᠢᠷᠠᠭᠤᠯᠵᠤ᠂ ᠤᠯᠠᠮ ᠬᠤᠷᠳᠤᠨ ᠠᠰᠢᠭᠯᠠᠯᠲᠠ᠎ᠳᠤ ᠣᠷᠤᠭᠤᠯᠬᠤ ᠪᠠ ᠳᠡᠯᠭᠡᠷᠡᠭᠦᠯᠦᠨ ᠥᠷᠭᠡᠵᠢᠭᠦᠯᠵᠦ᠂ ᠲᠦᠭᠡᠮᠡᠯᠵᠢᠭᠦᠯᠦᠨ ᠲᠤᠤᠱᠯᠠᠭᠤᠯᠬᠤ᠎ᠶᠢ ᠬᠦᠰᠡᠵᠦ ᠪᠠᠢᠨ᠎ᠠ᠃

ᠲᠠᠯᠠᠷᠬᠠᠯ (ᠡ᠊᠂ ᠭᠤᠸᠠᠢ)

ᠵᠢᠷᠤᠮᠲᠤ ᠭᠤᠸᠠᠢ᠎ᠳᠤ᠎ᠪᠠᠨ ᠶᠡᠬᠡ ᠪᠠᠶᠠᠷᠯᠠᠭᠰᠠᠨ ᠰᠢᠦ᠂ ᠲᠠ Unicode᠎ᠦᠨ ᠡᠨᠡ ᠲᠥᠰᠦᠯ ᠶᠠᠭᠠᠬᠢᠵᠤ ᠡᠬᠢᠯᠡᠵᠦ᠂ ᠶᠠᠭᠠᠬᠢᠵᠤ ᠬᠡᠷᠡᠭᠯᠡᠭᠰᠡᠨ᠂ ᠣᠳᠤ ᠶᠠᠮᠠᠷ ᠪᠠᠢᠳᠠᠯ᠎ᠲᠠᠢ ᠪᠠᠢᠭ᠎ᠠ ᠲᠠᠯ᠎ᠠ᠎ᠪᠠᠷ ᠮᠠᠰᠢ ᠨᠠᠷᠢᠨ᠂ ᠣᠢᠯᠠᠭᠠᠮᠵᠢᠲᠠᠢ ᠬᠠᠷᠢᠭᠤᠯᠲᠠ ᠥᠭᠭᠦᠭᠰᠡᠨ᠎ᠳᠦ ᠲᠤᠩ ᠪᠠᠶᠠᠷᠯᠠᠯ᠎ᠠ᠃

ᠲᠠᠨ᠎ᠤ ᠺᠣᠮᠫᠠᠨᠢ᠎ᠶᠢᠨ Web Site᠎ᠳᠦ ᠣᠷᠤᠭᠠᠳ᠂ Unicode᠎ᠢᠶᠡᠷ ᠮᠣᠩᠭᠤᠯ ᠦᠰᠦᠭ᠎ᠢ ᠶᠠᠭᠠᠬᠢᠵᠤ ᠺᠣᠮᠫᠢᠦ᠋ᠲᠧᠷ᠎ᠲᠦ ᠣᠷᠤᠭᠤᠯᠬᠤ ᠲᠤᠬᠠᠢ᠂ ᠲᠠᠨᠠᠷ᠎ᠤᠨ ᠬᠢᠭᠰᠡᠨ ᠲᠡᠷᠡ ᠠᠵᠢᠯ᠎ᠤᠨ ᠲᠠᠨᠢᠯᠴᠠᠭᠤᠯᠭ᠎ᠠ᠎ᠶᠢᠨ ᠲᠤᠬᠠᠢ ᠣᠯᠵᠤ ᠬᠠᠷᠠᠯ᠎ᠠ᠃ ᠪᠠᠰᠠ ᠲᠠᠨ᠎ᠤ ᠲᠡᠷᠡ ᠰᠣᠹᠲ᠎ᠤᠳ᠎ᠢ ᠺᠣᠮᠫᠢᠦ᠋ᠲᠧᠷ᠎ᠲᠦ᠎ᠪᠡᠨ ᠰᠠᠭᠤᠯᠭᠠᠵᠤ ᠠᠵᠢᠯᠯᠠᠭᠤᠯᠵᠤ ᠦᠵᠡᠯ᠎ᠡ᠂ ᠶᠡᠬᠡ ᠰᠠᠢᠬᠠᠨ ᠠᠵᠢᠯᠯᠠᠵᠤ ᠪᠠᠢᠨ᠎ᠠ᠃

ᠬᠣᠶᠠᠷ᠂ ᠠᠰᠠᠭᠤᠯᠲᠠ(ᠢ᠊᠂ ᠭᠤᠸᠠᠢ)

ᠲᠣᠳᠤᠷᠬᠠᠢᠯᠠᠬᠤ ᠤᠴᠢᠷ᠄

ᠮᠡᠷᠭᠡᠵᠢᠯ᠎ᠦᠨ ᠠᠰᠠᠭᠤᠳᠠᠯ ᠪᠠ ᠬᠡᠷᠡᠭᠯᠡᠭᠡᠨ᠎ᠦ ᠠᠰᠠᠭᠤᠳᠠᠯ᠎ᠢ ᠢᠯᠭᠠᠵᠤ ᠦᠵᠡᠬᠦ ᠬᠡᠷᠡᠭᠲᠡᠢ᠃ ᠮᠣᠩᠭᠤᠯ ᠦᠰᠦᠭ᠎ᠦᠨ ᠺᠣᠳ᠋᠎ᠤᠨ ᠠᠰᠠᠭᠤᠳᠠᠯ ᠭᠡᠪᠡᠯ᠂ ᠨᠢᠭᠡ᠎ᠳᠦ᠂ ᠲᠧᠭᠨᠢᠭ᠎ᠦᠨ ᠠᠰᠠᠭᠤᠳᠠᠯ ᠪᠠᠢᠨ᠎ᠠ᠃ ᠳᠠᠷᠤᠢ ᠮᠣᠩᠭᠤᠯ ᠦᠰᠦᠭ᠎ᠢ ᠶᠠᠭᠠᠬᠢᠵᠤ Unicode᠎ᠲᠤ ᠣᠷᠤᠭᠤᠯᠬᠤ᠂ ᠶᠠᠭᠠᠬᠢᠵᠤ ᠲᠡᠳᠡᠨ᠎ᠲᠡᠢ ᠬᠠᠷᠢᠴᠠᠬᠤ ᠲᠤᠬᠠᠢ ᠺᠣᠮᠫᠢᠦ᠋ᠲᠧᠷ᠎ᠦᠨ ᠮᠡᠷᠭᠡᠵᠢᠯ᠎ᠲᠡᠢ ᠬᠥᠮᠦᠰ ᠬᠣᠭᠤᠷᠤᠨᠳᠤ᠎ᠪᠠᠨ ᠬᠠᠷᠢᠯᠴᠠᠬᠤ ᠴᠢᠬᠤᠯᠠᠲᠠᠢ ᠪᠠᠢᠨ᠎ᠠ᠃

ᠨᠥᠭᠦᠭᠡ ᠲᠠᠯ᠎ᠠ᠎ᠪᠠᠷ᠂ ᠮᠣᠩᠭᠤᠯ ᠦᠰᠦᠭ ᠪᠢᠴᠢᠭ᠎ᠢ ᠺᠣᠮᠫᠢᠦ᠋ᠲᠧᠷ᠎ᠲᠦ ᠶᠠᠭᠠᠬᠢᠵᠤ ᠬᠡᠷᠡᠭᠯᠡᠬᠦ ᠲᠤᠬᠠᠢ᠂ ᠬᠡᠷᠡᠭᠯᠡᠭᠡᠨ᠎ᠦ ᠲᠠᠯ᠎ᠠ᠎ᠶᠢᠨ ᠠᠰᠠᠭᠤᠳᠠᠯ ᠪᠠᠢᠨ᠎ᠠ᠃ ᠵᠢᠱ᠌ᠢᠶᠡᠯᠡᠪᠡᠯ᠄ ᠪᠢ ᠮᠣᠩᠭᠤᠯ ᠦᠰᠦᠭ᠎ᠣᠷᠤᠭᠤᠯᠳᠠᠭ ᠬᠥᠮᠦᠨ᠎ᠦ ᠬᠤᠪᠢ᠎ᠠᠴᠠ ᠠᠪᠴᠤ ᠬᠡᠯᠡᠪᠡᠯ Word ᠪᠤᠶᠤ Note ᠳᠡᠭᠡᠷ᠎ᠡ ᠮᠥᠩᠬᠡ ᠰᠣᠹᠲ᠂ MNote ᠵᠡᠷᠭᠡ ᠰᠣᠹᠲ᠎ᠢ ᠬᠡᠷᠡᠭᠯᠡᠬᠦ ᠴᠢᠬᠤᠯᠠᠲᠠᠢ ᠪᠠᠢᠭ᠎ᠠ ᠲᠠᠯ᠎ᠠ᠎ᠳᠤ᠎ᠨᠢ ᠪᠢ ᠤᠬᠠᠭᠠᠨ᠎ᠢ᠎ᠨᠢ ᠰᠠᠢᠨ ᠤᠯᠬᠤ᠎ᠦᠭᠡᠢ ᠪᠠᠢᠨ᠎ᠠ᠃

ᠠᠰᠠᠭᠤᠯᠲᠠ

1᠂ ᠦᠰᠦᠭ ᠪᠠ ᠳᠦᠷᠰᠦ᠂ ᠠᠪᠢᠶ᠎ᠠ ᠪᠠ ᠳᠦᠷᠰᠦ ᠭᠡᠵᠦ ᠪᠠᠢᠭ᠎ᠠ᠎ᠨᠢ ᠴᠣᠬᠤᠮ ᠶᠠᠮᠠᠷ ᠢᠯᠭᠠᠭ᠎ᠠ᠎ᠲᠠᠢ ᠦᠭᠡ ᠪᠤᠢ︖ ᠳᠦᠷᠰᠦ ᠭᠡᠳᠡᠭ᠎ᠨᠢ ᠮᠣᠩᠭᠤᠯ ᠦᠰᠦᠭ᠎ᠦᠨ ᠶᠠᠭᠤ᠎ᠶᠢ ᠶᠠᠷᠢᠵᠤ ᠪᠠᠢᠬᠤ ᠪᠤᠢ︖

2᠂ 95᠂ 96 ᠣᠨ᠎ᠤ ᠦᠶ᠎ᠡ᠎ᠪᠡᠷ ᠮᠣᠩᠭᠤᠯ ᠦᠰᠦᠭ᠎ᠦᠨ ᠬᠤᠪᠢᠷᠠᠯᠲᠠ᠎ᠶᠢᠨ ᠠᠷᠭ᠎ᠠ ᠮᠠᠶᠢᠭ ᠪᠤᠶᠤ ᠬᠤᠪᠢᠷᠠᠯᠲᠠ᠎ᠶᠢᠨ ᠬᠦᠰᠦᠨᠦᠭ᠎ᠢ ᠪᠦᠷ ᠭᠠᠷᠭᠠᠭᠰᠠᠨ ᠭᠡᠵᠦ ᠬᠡᠯᠡᠵᠦ ᠪᠠᠢᠭᠰᠠᠨ᠃ ᠡᠨᠳᠡ ᠶᠠᠷᠢᠵᠤ ᠪᠠᠢᠭ᠎ᠠ ᠬᠤᠪᠢᠷᠠᠯᠲᠠ᠎ᠶᠢᠨ ᠬᠦᠰᠦᠨᠦᠭ ᠭᠡᠳᠡᠭ᠎ᠨᠢ ᠮᠣᠩᠭᠤᠯ ᠦᠰᠦᠭ᠎ᠦᠨ Unicode᠎ᠦᠨ BMP᠎ᠲᠦ ᠣᠷᠤᠭᠰᠠᠨ᠎ᠲᠠᠢ ᠶᠠᠮᠠᠷ ᠢᠯᠭᠠᠭ᠎ᠠ᠎ᠲᠠᠢ ᠪᠤᠢ︖ ᠬᠦᠰᠦᠨᠦᠭ ᠭᠡᠳᠡᠭ᠎ᠨᠢ ᠴᠣᠬᠤᠮ Unicode᠎ᠦᠨ ᠶᠠᠭᠤ᠎ᠶᠢ ᠶᠠᠷᠢᠵᠤ ᠪᠠᠢᠬᠤ ᠪᠤᠢ︖

3᠂ 《名义字符》᠂ 《显现字符》 ᠭᠡᠳᠡᠭ᠎ᠨᠢ ᠠᠩᠭᠯᠢ᠎ᠪᠠᠷ ᠶᠠᠭᠤ ᠭᠡᠵᠦ ᠬᠡᠯᠡᠬᠦ ᠪᠤᠢ︖

ᠪᠢ ᠣᠳᠤ ᠥᠪᠡᠷ᠎ᠢᠶᠡᠨ Unicode᠎ᠦᠨ ᠲᠤᠬᠠᠢ ᠨᠣᠮ ᠤᠩᠰᠢᠵᠤ ᠪᠠᠢᠭ᠎ᠠ᠎ᠶᠤᠮ᠃ ᠲᠡᠭᠡᠭᠡᠳ ᠺᠣᠳ᠋᠎ᠲᠤ ᠣᠷᠤᠭᠤᠯᠤᠭᠰᠠᠨ᠎ᠤ ᠳᠠᠷᠠᠭ᠎ᠠ ᠦᠰᠦᠭ ᠪᠢᠴᠢᠭ᠎ᠢᠶᠡᠨ ᠶᠠᠭᠠᠬᠢᠵᠤ ᠢᠯᠡᠷᠡᠭᠦᠯᠬᠦ ᠲᠠᠯ᠎ᠠ᠎ᠪᠠᠷ᠂ ᠶᠠᠮᠠᠷ ᠠᠷᠭ᠎ᠠ ᠮᠠᠶᠢᠭ᠎ᠢᠶᠠᠷ ᠢᠯᠡᠷᠡᠭᠦᠯᠵᠦ ᠪᠠᠢᠬᠤ᠎ᠶᠢ ᠴᠢᠨᠠᠭᠰᠢᠳᠠ᠎ᠪᠠᠨ ᠣᠢᠯᠠᠭᠠᠬᠤ ᠰᠠᠨᠠᠭᠠᠲᠠᠢ᠃

4᠂ ᠮᠣᠩᠭᠤᠯ ᠦᠰᠦᠭ᠎ᠦᠨ ᠠᠪᠢᠶᠠᠨ᠎ᠤ ᠮᠠᠶᠢᠭ᠎ᠢᠶᠠᠷ Unicode᠎ᠲᠤ 1999 — 2000 ᠣᠨ᠎ᠤ ᠦᠶ᠎ᠡ᠎ᠪᠡᠷ ᠣᠷᠤᠭᠰᠠᠨ᠃ ᠥᠭᠡᠷ᠎ᠡ᠎ᠪᠡᠷ ᠬᠡᠯᠡᠪᠡᠯ BMP᠎ᠲᠦ᠎ᠣᠷᠤᠭᠰᠠᠨ ᠭᠡᠳᠡᠭ᠃ ᠭᠡᠲᠡᠯ᠎ᠡ ᠣᠳᠤ ᠪᠣᠯᠲᠠᠯ᠎ᠠ OS (Operaiting System) ᠳᠡᠭᠡᠷ᠎ᠡ ᠳᠤᠷ᠎ᠠ᠎ᠪᠠᠷ᠎ᠢᠶᠠᠨ ᠬᠡᠷᠡᠭᠯᠡᠭᠳᠡᠳᠡᠭ ᠲᠡᠢᠮᠦ ᠦᠰᠦᠭ ᠪᠠᠰᠠ ᠭᠠᠷᠴᠤ ᠢᠷᠡᠭᠡ᠎ᠦᠭᠡᠢ ᠪᠠᠢᠭᠰᠠᠭᠠᠷ᠃ ᠡᠭᠦᠨ᠎ᠦ ᠰᠢᠯᠲᠠᠭᠠᠨ᠎ᠨᠢ ᠶᠠᠭᠤ ᠪᠤᠢ︖ ᠶᠠᠭᠠᠬᠢᠭᠠᠳ ᠪᠣᠢ︖ ᠡᠭᠦᠨ᠎ᠦ ᠲᠤᠬᠠᠢ ᠳᠡᠯᠭᠡᠷᠡᠭᠦᠯᠦᠭᠡᠳ ᠲᠠᠢᠯᠪᠤᠷᠢᠯᠠᠬᠤ ᠪᠣᠯᠪᠠ᠎ᠤᠤ︖ ᠳᠠᠷᠤᠢ 《ᠮᠥᠩᠬᠡ ᠭᠠᠯ》ᠪᠤᠶᠤ ᠥᠪᠡᠷ᠎ᠦᠨ MNote᠎ᠢᠶᠡᠷ᠎ᠢᠶᠡᠨ ᠵᠢᠱ᠌ᠢᠶ᠎ᠡ ᠲᠠᠲᠠᠨ ᠲᠠᠢᠯᠪᠤᠷᠢᠯᠠᠵᠤ ᠥᠭᠬᠦ ᠪᠣᠯᠪᠠ᠎ᠤᠤ︖

ᠲᠤᠬᠠᠢ᠎ᠶᠢᠨ ᠦᠶ᠎ᠡ᠎ᠳᠦ ᠠᠪᠢᠶ᠎ᠠ᠎ᠪᠠᠷ ᠣᠷᠤᠭᠤᠯᠬᠤ᠎ᠶᠤᠮ᠎ᠤᠤ︖ ᠳᠦᠷᠰᠦ᠎ᠪᠡᠷ ᠣᠷᠤᠭᠤᠯᠬᠤ᠎ᠶᠤᠮ᠎ᠤᠤ ᠭᠡᠵᠦ ᠮᠠᠷᠭᠤᠯᠳᠤᠭᠠᠨ ᠪᠣᠯᠤᠭᠠᠳ᠂ ᠡᠴᠦᠰ᠎ᠲᠦ᠎ᠪᠡᠨ ᠤᠯᠠᠨ᠎ᠢᠶᠠᠷ᠎ᠢᠶᠠᠨ ᠠᠪᠢᠶ᠎ᠠ᠎ᠪᠠᠷ ᠣᠷᠤᠭᠤᠯᠬᠤ᠎ᠪᠠᠷ ᠵᠥᠪᠰᠢᠶᠡᠷᠡᠭᠰᠡᠨ ᠭᠡᠰᠡᠨ᠃ ᠲᠡᠭᠡᠭᠡᠳ ᠲᠡᠷᠡ ᠦᠶ᠎ᠡ᠎ᠳᠦ ᠢᠩᠭᠢᠵᠦ ᠣᠷᠤᠭᠤᠯᠪᠠᠯ᠂ ᠮᠣᠩᠭᠤᠯ ᠦᠰᠦᠭ᠎ᠢ ᠺᠣᠮᠫᠢᠦ᠋ᠲᠧᠷ ᠳᠣᠲᠤᠷ᠎ᠠ 10 -15 ᠵᠢᠯ ᠬᠡᠷᠡᠭᠯᠡᠵᠦ ᠴᠢᠳᠠᠬᠤ᠎ᠦᠭᠡᠢ ᠭᠡᠵᠦ ᠶᠠᠷᠢᠭᠰᠠᠨ ᠭᠡᠰᠡᠨ᠃ ᠪᠠᠰᠠ 20 ᠵᠢᠯ᠎ᠦᠨ ᠳᠠᠷᠠᠭ᠎ᠠ ᠮᠠᠨᠤᠰ ᠰᠠᠶᠢ ᠡᠭᠦᠨ᠎ᠢ ᠤᠯᠠᠨ ᠮᠠᠶᠢᠭ᠎ᠢᠶᠠᠷ ᠬᠡᠷᠡᠭᠯᠡᠵᠦ ᠴᠢᠳᠠᠬᠤ ᠬᠡᠮᠵᠢᠶᠡᠨ᠎ᠳᠦ ᠬᠦᠷᠴᠦ ᠪᠠᠢᠨ᠎ᠠ ᠭᠡᠵᠦ ᠶᠠᠷᠢᠭᠰᠠᠨ᠃ OS (Operaiting System) ᠡᠭᠦᠨ᠎ᠢ ᠳᠡᠮᠵᠢᠬᠦ᠎ᠦᠭᠡᠢ ᠪᠣᠯᠤᠭᠰᠠᠨ ᠭᠡᠵᠦ ᠶᠠᠷᠢᠵᠤ ᠪᠠᠢᠭᠰᠠᠨ᠃ ᠲᠡᠭᠡᠪᠡᠯ ᠡᠭᠦᠨ᠎ᠦ ᠲᠤᠬᠠᠢ ᠳᠡᠯᠭᠡᠷᠡᠭᠦᠯᠦᠨ ᠶᠠᠷᠢᠵᠤ ᠥᠭᠴᠦ ᠪᠣᠯᠤᠨ᠎ᠠ ᠤ᠋ᠤ︖

《ᠮᠥᠩᠬᠡ ᠭᠠᠯ》᠎ᠢᠶᠡᠷ ᠵᠢᠱ᠌ᠢᠶᠡᠯᠡᠪᠡᠯ᠄ Microsoft ᠳᠡᠭᠡᠷ᠎ᠡ ᠬᠡᠷᠡᠭᠯᠡᠵᠦ ᠪᠣᠯᠬᠤ ᠪᠣᠯᠪᠠᠴᠤ Wivdows᠎ᠢ ᠵᠠᠪᠠᠯ ᠬᠢᠲᠠᠳ ᠰᠢᠰᠲᠧᠮ᠎ᠢᠶᠡᠷ ᠰᠣᠯᠢᠵᠤ ᠬᠢᠬᠦ᠎ᠦᠭᠡᠢ ᠪᠣᠯ ᠮᠣᠩᠭᠤᠯ ᠦᠰᠦᠭ᠎ᠢᠶᠡᠨ ᠣᠷᠤᠭᠤᠯᠬᠤ᠎ᠳᠤ ᠶᠡᠬᠡ ᠬᠡᠴᠡᠭᠦᠦ ᠪᠠᠢᠳᠠᠭ᠃ ᠵᠠᠪᠠᠯ ᠬᠢᠲᠠᠳ᠎ᠤᠨ OS᠎ᠳᠤ᠎ᠨᠢ ᠣᠷᠤᠭᠤᠯᠬᠤ᠎ᠦᠭᠡᠢ ᠪᠣᠯ ᠪᠣᠯᠬᠤ᠎ᠦᠭᠡᠢ᠃ ᠡᠨᠡ᠎ᠨᠢ ᠴᠣᠬᠤᠮ ᠶᠠᠮᠠᠷ ᠤᠬᠠᠭᠠᠨ᠎ᠲᠠᠢ ᠪᠤᠢ︖

Unicode ᠪᠠᠷᠢᠮᠵᠢᠶ᠎ᠠ᠎ᠶᠢᠨ 9.0 ᠬᠡᠪᠯᠡᠯ᠎ᠦᠨ ᠲᠤᠬᠠᠢ᠂  Greg Eck ᠭᠡᠳᠡᠭ ᠬᠥᠮᠦᠨ ᠲᠥᠰᠦᠯ ᠬᠢᠭᠡᠳ UTC᠎ᠳᠦ ᠳᠡᠪᠰᠢᠭᠦᠯᠦᠭᠰᠡᠨ ᠪᠠᠢᠨ᠎ᠠ ᠭᠡᠵᠦ ᠶᠠᠷᠢᠵᠤ ᠪᠠᠢᠭᠰᠠᠨ᠃ ᠪᠢ Unicode 9.0᠎ᠶᠢᠨ ᠲᠤᠬᠠᠢ ᠬᠠᠢᠵᠤ ᠦᠵᠡᠵᠦ ᠪᠠᠢᠭ᠎ᠠ ᠪᠣᠯᠪᠠᠴᠤ Greg Eck᠎ᠤᠨ ᠳᠡᠪᠰᠢᠭᠦᠯᠦᠭᠰᠡᠨ ᠮᠠᠲᠧᠷᠢᠶᠠᠯ ᠬᠠᠷᠠᠭᠳᠠᠬᠤ᠎ᠦᠭᠡᠢ ᠪᠠᠢᠨ᠎ᠠ᠃ ᠴᠣᠬᠤᠮ ᠥᠨᠦ ᠵᠢᠯ᠎ᠳᠦ᠎ᠪᠡᠨ ᠰᠠᠷ᠎ᠠ᠎ᠶᠢᠨ ᠬᠤᠷᠠᠯ᠎ᠳᠤ ᠣᠷᠤᠵᠤ ᠳᠡᠢᠯᠬᠦ ᠪᠣᠯ ᠤ᠋ᠤ︖ ᠡᠨᠡ ᠲᠤᠬᠠᠢ ᠮᠡᠳᠡᠬᠦ ᠬᠥᠮᠦᠨ᠎ᠡᠴᠡ ᠬᠠᠷᠢᠭᠤᠯᠲᠠ ᠬᠦᠰᠡᠶ᠎ᠡ︕

ᠬᠠᠷᠢᠭᠤᠯᠲᠠ(ᠵᠢᠷᠤᠮᠲᠤ)

ᠨᠢᠭᠡ᠎ᠳᠦ᠂ Unicode᠎ᠢ ᠺᠣᠮᠫᠢᠦ᠋ᠲᠧᠷ᠎ᠲᠦ ᠣᠷᠤᠭᠤᠯᠤᠭᠠᠳ ᠬᠡᠷᠡᠭᠯᠡᠬᠦ ᠬᠡᠮᠵᠢᠶᠡᠨ᠎ᠳᠦ ᠬᠦᠷᠭᠡᠶ᠎ᠡ ᠭᠡᠪᠡᠯ ᠲᠧᠭᠨᠢᠭ᠎ᠦᠨ ᠲᠠᠯ᠎ᠠ᠎ᠪᠠᠷ ᠠᠩᠬᠠᠨ᠎ᠤ ᠠᠯᠬᠤᠮ᠎ᠢᠶᠠᠨ ᠠᠯᠬᠤᠬᠤ᠎ᠦᠭᠡᠢ ᠪᠣᠯ ᠪᠣᠯᠬᠤ᠎ᠦᠭᠡᠢ᠃ ᠲᠡᠭᠡᠭᠡᠳ 15-20 ᠵᠢᠯ᠎ᠦᠨ ᠬᠤᠭᠤᠴᠠᠭ᠎ᠠ ᠬᠡᠷᠡᠭᠰᠡᠭᠰᠡᠨ ᠪᠠᠢᠨ᠎ᠠ᠃ ᠲᠤᠰ ᠠᠯᠬᠤᠮ᠎ᠢ ᠠᠯᠬᠤᠬᠤ᠎ᠳᠤ᠎ᠪᠠᠨ ᠨᠡᠯᠢᠶᠡᠳ ᠬᠦᠴᠢᠷᠳᠡᠭᠰᠡᠨ ᠪᠣᠯᠬᠤᠷ ᠤᠯᠠᠨ ᠬᠡᠷᠡᠭᠯᠡᠭᠡᠨ᠎ᠳᠦ ᠬᠡᠷᠡᠭᠯᠡᠬᠦ᠎ᠳᠦ ᠳᠥᠬᠦᠮ᠎ᠦᠭᠡᠢ ᠲᠠᠯ᠎ᠠ ᠤᠯᠠᠨ ᠪᠠᠢᠨ᠎ᠠ᠃

ᠬᠣᠶᠠᠷ᠎ᠲᠤ᠂ ᠤᠯᠠᠨ᠎ᠤ ᠮᠡᠳᠡᠭᠡᠵᠢ᠎ᠪᠡᠷ MNote ᠪᠠ ᠮᠠᠨ᠎ᠤ Home Page ᠳᠡᠭᠡᠷ᠎ᠡ ᠲᠠᠯᠪᠢᠵᠤ ᠪᠠᠢᠭ᠎ᠠ ᠪᠣᠯ ᠭᠤᠷᠪᠠᠨ ᠵᠢᠯ᠎ᠦᠨ ᠡᠮᠦᠨᠡᠬᠢ ᠪᠦᠲᠦᠭᠡᠭᠳᠡᠬᠦᠨ ᠪᠣᠯᠤᠨ᠎ᠠ᠃ ᠡᠨᠡ ᠭᠤᠷᠪᠠᠨ ᠵᠢᠯ᠎ᠳᠦ ᠪᠢᠳᠡ ᠪᠠᠰᠠ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠬᠡᠪᠯᠡᠯ᠎ᠦᠨ ᠪᠦᠯᠦᠭᠯᠡᠯ᠎ᠲᠡᠢ ᠬᠠᠮᠲᠤᠷᠠᠨ᠂ ᠳᠡᠯᠡᠬᠡᠢ ᠨᠡᠷᠡᠮᠵᠢᠲᠦ ᠺᠣᠮᠫᠠᠨᠢ᠎ᠶᠢ᠎ᠪᠠᠨ ᠪᠠᠢᠭᠤᠯᠤᠭᠰᠠᠨ ᠪᠠᠢᠨ᠎ᠠ᠃ ᠲᠡᠭᠡᠭᠡᠳ ᠲᠤᠰ ᠺᠣᠮᠫᠠᠨᠢ᠎ᠳᠤ᠎ᠪᠠᠨ ᠣᠯᠠᠩᠬᠢ᠎ᠰᠤᠳᠤᠯᠭᠠᠨ᠎ᠤ ᠠᠵᠢᠯ᠎ᠢ᠎ᠪᠠᠨ ᠬᠢᠭᠡᠳ ᠤᠯᠠᠨ᠎ᠳᠤ ᠬᠡᠷᠡᠭᠯᠡᠭᠦᠯᠬᠦ᠎ᠪᠡᠷ ᠨᠡᠢᠲᠡᠯᠡᠨ ᠭᠠᠷᠭᠠᠵᠤ ᠪᠠᠢᠭ᠎ᠠ᠎ᠶᠤᠮ᠃ ᠭᠡᠪᠡᠴᠦ ᠡᠨᠡ ᠳᠣᠲᠤᠷ᠎ᠠ ᠪᠠᠰᠠ ᠮᠠᠨ᠎ᠤ ᠤᠯᠤᠰ᠎ᠤᠨ ᠡᠯ᠎ᠡ ᠵᠦᠢᠯ᠎ᠦᠨ ᠲᠣᠭᠲᠠᠭᠠᠯ᠎ᠠᠴᠠ ᠪᠣᠯᠤᠭᠠᠳ᠂ ᠵᠠᠷᠢᠮ ᠪᠦᠲᠦᠭᠡᠭᠳᠡᠬᠦᠨ᠎ᠢ᠎ᠪᠡᠨ ᠮᠠᠨ᠎ᠤ ᠠᠯᠮᠠᠰ ᠺᠣᠮᠫᠠᠨᠢ᠎ᠠᠴᠠ ᠰᠢᠭᠤᠳ ᠭᠠᠷᠭᠠᠵᠤ ᠪᠣᠯᠬᠤ᠎ᠦᠭᠡᠢ᠂ ᠵᠠᠪᠠᠯ ᠳᠡᠯᠡᠬᠡᠢ ᠺᠣᠮᠫᠠᠨᠢ᠎ᠠᠴᠠ ᠭᠠᠷᠭᠠᠬᠤ ᠬᠡᠷᠡᠭᠲᠡᠢ᠃ ᠪᠠᠰᠠ ᠵᠠᠷᠢᠮ᠎ᠢ᠎ᠨᠢ ᠪᠦᠲᠦᠭᠡᠭᠳᠡᠬᠦᠨ ᠪᠣᠯᠭᠠᠭᠠᠳ ᠰᠠᠯᠪᠤᠷᠢ ᠰᠠᠯᠠᠭ᠎ᠠ ᠮᠥᠴᠢᠷ᠎ᠲᠦ᠎ᠯᠡ ᠬᠡᠷᠡᠭᠯᠡᠵᠦ ᠪᠣᠯᠬᠤ᠎ᠠᠴᠠ ᠪᠢᠰᠢ᠂ ᠥᠭᠡᠷ᠎ᠡ ᠭᠠᠵᠠᠷ ᠬᠡᠷᠡᠭᠯᠡᠵᠦ ᠪᠣᠯᠬᠤ᠎ᠦᠭᠡᠢ ᠭᠡᠬᠦ ᠮᠡᠲᠦ᠎ᠶᠢᠨ ᠤᠯᠠᠨ ᠵᠦᠢᠯ᠎ᠦᠨ ᠳᠦᠷᠢᠮ ᠲᠣᠭᠲᠠᠭᠠᠯ ᠪᠠᠢᠳᠠᠭ᠎ᠠᠴᠠ ᠮᠠᠨ᠎ᠤ ᠰᠦᠯᠵᠢᠶᠡᠨ ᠳᠡᠭᠡᠷᠡᠬᠢ ᠪᠦᠲᠦᠭᠳᠡᠬᠦᠨ ᠪᠦᠷ ᠨᠡᠯᠢᠶᠡᠳ ᠬᠠᠭᠤᠴᠢᠷᠠᠭᠰᠠᠨ ᠪᠠᠢᠨ᠎ᠠ᠃ ᠬᠡᠷᠪᠡ ᠬᠡᠷᠡᠭᠴᠡᠭᠡ᠎ᠲᠡᠢ ᠪᠣᠯ ᠳᠡᠯᠡᠬᠡᠢ ᠺᠣᠮᠫᠠᠨᠢ᠎ᠶᠢᠨ ᠰᠦᠯᠵᠢᠶᠡᠨ᠎ᠡᠴᠡ ᠡᠷᠢᠵᠦ ᠦᠵᠡᠬᠦ ᠪᠤᠶᠤ ᠮᠠᠨ᠎ᠲᠠᠢ ᠰᠢᠭᠤᠳ ᠬᠠᠷᠢᠯᠴᠠᠭᠠᠷᠠᠢ ︕

ᠲᠠᠨ᠎ᠤ ᠶᠠᠷᠢᠭᠰᠠᠨ᠎ᠰᠢᠭ᠋᠎ᠢᠶᠠᠷ᠎ᠤᠭᠰᠠᠷᠠᠨ ᠣᠷᠤᠭᠤᠯᠤᠭᠰᠠᠭᠠᠷ ᠠᠮᠠᠷᠬᠠᠨ ᠬᠡᠷᠡᠭᠯᠡᠵᠦ ᠴᠢᠳᠠᠬᠤ ᠪᠦᠲᠦᠭᠡᠭᠳᠡᠬᠦᠨ ᠤᠯᠠᠨ ᠭᠠᠷᠴᠤ ᠢᠷᠡᠵᠦ ᠪᠠᠢᠨ᠎ᠠ᠃ ᠳᠠᠷᠠᠭ᠎ᠠ᠎ᠪᠠᠷ ᠪᠢ ᠲᠤᠰ ᠴᠤᠭᠯᠠᠷᠠᠯ᠎ᠳᠤ ᠮᠠᠨ᠎ᠤ ᠰᠢᠨ᠎ᠡ ᠪᠦᠲᠦᠭᠡᠭᠳᠡᠬᠦᠨ᠎ᠢᠶᠡᠨ ᠶᠠᠪᠤᠭᠤᠯᠵᠤ ᠥᠭᠭᠦᠶ᠎ᠡ᠃ ᠮᠠᠨ᠎ᠤ ᠡᠨᠳᠡ Windows ᠳᠡᠭᠡᠷᠡᠬᠢ ᠮᠣᠩᠭᠤᠯ IME ᠭᠡᠵᠦ ᠪᠠᠢᠳᠠᠭ᠃ ᠲᠤᠰ ᠣᠷᠤᠭᠤᠯᠬᠤ ᠠᠷᠭ᠎ᠠ᠎ᠨᠢ Microsoft᠎ᠦᠨ Office ᠳᠡᠭᠡᠷ᠎ᠡ ᠬᠡᠷᠡᠭᠯᠡᠵᠦ ᠪᠣᠯᠤᠨ᠎ᠠ᠃ ᠮᠠᠨ᠎ᠤ ᠹᠣᠨᠲ ᠪᠣᠯ Office᠎ᠶᠢᠨ 2007᠂ 2010ᠳᠡᠭᠡᠷ᠎ᠡ ᠪᠦᠷ ᠶᠠᠮᠠᠷ᠎ᠴᠤ ᠰᠠᠭᠠᠳ᠎ᠦᠭᠡᠢ ᠠᠵᠢᠯᠯᠠᠵᠤ ᠴᠢᠳᠠᠨ᠎ᠠ᠃ ᠣᠳᠣᠬᠠᠨ᠎ᠳᠤ᠎ᠪᠠᠨ ᠬᠠᠭᠤᠴᠢᠨ ᠹᠣᠨᠲ᠎ᠨᠢ 2013-2016 ᠳᠡᠭᠡᠷ᠎ᠡ ᠵᠢᠭᠠᠬᠠᠨ ᠠᠰᠠᠭᠤᠳᠠᠯ ᠭᠠᠷᠴᠤ ᠪᠠᠢᠬᠤ ᠪᠣᠯᠪᠠᠴᠤ᠂ ᠰᠢᠨ᠎ᠡ ᠹᠣᠨᠲ ᠪᠣᠯ ᠠᠰᠠᠭᠤᠳᠠᠯ᠎ᠢ ᠰᠢᠢᠳᠪᠦᠷᠢᠯᠡᠵᠦ ᠴᠢᠳᠠᠭᠰᠠᠨ ᠪᠠᠢᠨ᠎ᠠ᠃ Microsoft Office᠎ᠢ ᠬᠡᠷᠡᠭᠯᠡᠶ᠎ᠡ ᠭᠡᠪᠡᠯ᠎ᠬᠤᠳᠠᠯᠳᠤᠵᠤ ᠠᠪᠬᠤ ᠴᠢᠬᠤᠯᠠᠲᠠᠢ᠂ ᠮᠠᠨ᠎ᠤ ᠤᠯᠤᠰ᠎ᠲᠤ ᠪᠠᠭ᠎ᠠ ᠦᠨ᠎ᠡ ᠥᠨᠳᠦᠷ ᠤᠴᠢᠷ᠎ᠠᠴᠠ OpenOffice᠎ᠢ ᠮᠣᠩᠭᠤᠯ᠎ᠢᠶᠠᠷ ᠬᠢᠭᠡᠳ ᠮᠠᠨ᠎ᠤ ᠺᠣᠮᠫᠠᠨᠢ᠎ᠶᠢᠨ HomePage ᠳᠡᠭᠡᠷ᠎ᠡ᠎ᠡᠴᠡ ᠪᠠᠭᠤᠯᠭᠠᠵᠤ᠎ᠬᠡᠷᠡᠭᠯᠡᠬᠦ᠎ᠳᠤ ᠪᠡᠯᠡᠬᠡᠨ ᠪᠣᠯᠭᠠᠭᠠᠳ ᠪᠠᠢᠨ᠎ᠠ᠃ ᠣᠳᠣᠬᠠᠨ᠎ᠳᠤ᠎ᠪᠠᠨ ᠭᠠᠳᠠᠭᠰᠢ᠎ᠪᠠᠨ ᠮᠡᠳᠡᠭᠦᠯᠵᠦ᠎ᠦᠭᠡᠢ ᠪᠣᠯᠪᠠᠴᠤ᠂ ᠴᠢᠬᠤᠯᠠᠲᠠᠢ ᠬᠥᠮᠦᠰ ᠬᠡᠷᠡᠭᠯᠡᠶ᠎ᠡ ᠭᠡᠪᠡᠯ ᠪᠢᠳᠡ ᠲᠠᠨᠢᠯᠴᠠᠭᠤᠯᠵᠤ ᠪᠠᠢᠨ᠎ᠠ᠃ ᠡᠨᠡ ᠬᠣᠶᠠᠷ᠎ᠢ ᠪᠢ ᠳᠠᠷᠠᠭ᠎ᠠ᠎ᠪᠠᠷ ᠪᠦᠷ ᠶᠠᠪᠤᠭᠤᠯᠵᠤ ᠥᠭᠭᠦᠶ᠎ᠡ᠃

ᠦᠰᠦᠭ ᠪᠠ ᠳᠦᠷᠰᠦ᠂ ᠠᠪᠢᠶ᠎ᠠ ᠪᠠ ᠳᠦᠷᠰᠦ᠎ᠶᠢᠨ ᠲᠤᠬᠠᠢ ᠬᠠᠷᠢᠭᠤᠯᠲᠠ᠄

ᠠᠪᠢᠶ᠎ᠠ᠎ᠶᠢ ᠲᠡᠮᠳᠡᠭᠯᠡᠭᠰᠡᠨ ᠲᠡᠮᠳᠡᠭ᠎ᠢ ᠦᠰᠦᠭ ᠭᠡᠵᠦ᠂ ᠦᠰᠦᠭ᠎ᠦᠨ ᠬᠤᠪᠢᠷᠠᠭᠰᠠᠨ ᠬᠤᠪᠢᠷᠠᠯᠲᠠ᠎ᠨᠢ ᠳᠦᠷᠰᠦ ᠪᠣᠯᠤᠨ᠎ᠠ ᠭᠡᠵᠦ ᠪᠢ ᠲᠠᠢᠯᠪᠤᠷᠢᠯᠠᠵᠤ ᠪᠠᠢᠨ᠎ᠠ᠃

ᠠᠪᠢᠶ᠎ᠠ᠂ ᠳᠠᠷᠤᠢ 《ᠠ᠊ 》 ᠭᠡᠪᠡᠯ 《ᠠ᠊ 》᠎ᠶᠢ ᠶᠠᠭᠠᠬᠢᠵᠤ ᠲᠡᠮᠳᠡᠭᠯᠡᠬᠦ ᠪᠤᠢ ᠭᠡᠵᠦ᠂ ᠤᠯᠠᠨ᠎ᠢᠶᠠᠷ᠎ᠢᠶᠠᠨ ᠤᠭ ᠳᠦᠷᠰᠦ᠎ᠶᠢᠨ 《ᠠ》 ᠪᠤᠶᠤ ᠡᠰᠡᠬᠦᠯ᠎ᠡ ᠳᠡᠭᠡᠷ᠎ᠡ ᠣᠷᠤᠬᠤ᠂ ᠳᠤᠮᠳᠠ ᠣᠷᠤᠬᠤ᠂ ᠳᠣᠣᠷ᠎ᠠ ᠣᠷᠤᠬᠤ᠎ᠨᠢ ᠶᠠᠭᠤ ᠪᠠᠢᠨ᠎ᠠ ᠭᠡᠳᠡᠭ᠃ ᠲᠡᠷᠡ ᠪᠦᠭᠦᠳᠡ᠎ᠶᠢ ᠳᠦᠷᠰᠦ ᠭᠡᠵᠦ ᠶᠠᠷᠢᠵᠤ ᠪᠠᠢᠨ᠎ᠠ᠃ ᠡᠨᠡ᠎ᠨᠢ ᠦᠶ᠎ᠡ ᠭᠡᠵᠦ ᠶᠠᠷᠢᠪᠠᠯ ᠪᠠᠰᠠ ᠨᠡᠯᠢᠶᠡᠳ ᠵᠠᠢᠲᠠᠢ ᠪᠣᠯᠴᠢᠬᠠᠨ᠎ᠠ᠃ ᠨᠢᠭᠡ ᠦᠶ᠎ᠡ᠎ᠳᠦ ᠭᠤᠷᠪᠠᠨ ᠠᠪᠢᠶ᠎ᠠ᠂ ᠳᠥᠷᠪᠡᠨ ᠠᠪᠢᠶ᠎ᠠ ᠪᠠᠢᠬᠤ ᠪᠣᠯᠤᠯᠴᠠᠭ᠎ᠠ᠎ᠲᠠᠢ ᠪᠣᠯᠬᠤᠷ ᠣᠯᠠᠩᠬᠢ᠎ᠳᠤ᠎ᠪᠠᠨ ᠺᠣᠮᠫᠢᠦ᠋ᠲᠧᠷ᠎ᠲᠦ ᠦᠶ᠎ᠡ᠎ᠪᠡᠷ ᠣᠷᠤᠭᠤᠯᠬᠤ᠎ᠳᠤ ᠬᠦᠴᠢᠷᠲᠡᠢ᠃ ᠥ᠊᠂᠎ᠭᠤᠸᠠᠢ᠎ᠶᠢᠨ ᠶᠠᠷᠢᠭᠰᠠᠨ᠎ᠰᠢᠭ᠋᠎ᠢᠶᠠᠷ᠂ ᠦᠶ᠎ᠡ᠎ᠪᠡᠷ ᠣᠷᠤᠭᠤᠯᠤᠶ᠎ᠠ ᠭᠡᠪᠡᠯ ᠨᠡᠯᠢᠶᠡᠳ ᠤᠯᠠᠨ ᠲᠠᠯ᠎ᠠ᠎ᠶᠢ ᠪᠣᠳᠤᠯᠬᠢᠯᠠᠬᠤ ᠴᠢᠬᠤᠯᠠᠲᠠᠢ᠃ ᠲᠡᠢᠮᠦ᠎ᠡᠴᠡ ᠠᠪᠢᠶᠠᠨ᠎ᠤ ᠬᠤᠪᠢᠷᠠᠯᠲᠠ᠎ᠶᠢ ᠳᠦᠷᠰᠦ᠎ᠪᠡᠷ ᠣᠷᠤᠭᠤᠯᠤᠨ᠎ᠠ᠃ ᠳᠦᠷᠰᠦ᠎ᠪᠡᠷ ᠣᠷᠤᠭᠤᠯᠪᠠᠯ ᠵᠠᠷᠢᠮ᠎ᠳᠤ᠎ᠪᠠᠨ᠂ ᠵᠢᠱ᠌ᠢᠶᠡᠯᠡᠪᠡᠯ ᠄《ᠪᠠ᠊᠂ ᠫᠠ᠊》᠎ᠵᠡᠷᠭᠡ᠎ᠶᠢ ᠳᠦᠷᠰᠦ᠎ᠪᠡᠷ ᠣᠷᠤᠭᠤᠯᠤᠭᠰᠠᠨ᠎ᠴᠤ ᠦᠶ᠎ᠡ᠎ᠪᠡᠷ ᠨᠢᠭᠡ ᠨᠢᠭᠡ᠎ᠪᠡᠷ ᠳᠦᠷᠰᠦ ᠪᠣᠯᠭᠠᠬᠤ ᠴᠢᠬᠤᠯᠠᠲᠠᠢ᠃ 《ᠮᠥᠩᠬᠡ ᠭᠠᠯ》 ᠪᠣᠯ ᠹᠣᠨᠲ᠎ᠤᠨ ᠠᠷᠭ᠎ᠠ᠎ᠪᠠᠷ ᠬᠣᠶᠠᠷ ᠲᠡᠰᠢ᠎ᠪᠡᠨ ᠰᠠᠯᠭᠠᠴᠢᠬᠠᠭᠠᠳ ᠪᠣᠯᠳᠠᠭ ᠮᠠᠶᠢᠭ᠎ᠢᠶᠠᠷ ᠬᠢᠭᠰᠡᠨ ᠪᠣᠯᠪᠠᠴᠤ᠂ ᠪᠢᠳᠡ ᠬᠢᠬᠦ᠎ᠳᠦ᠎ᠪᠡᠨ 《ᠪᠠ᠊᠂ ᠫᠠ᠊᠂ ᠪᠣ᠊᠂ ᠫᠣ᠊》 ᠵᠡᠷᠭᠡ᠎ᠶᠢ ᠪᠦᠷ ᠲᠤᠰᠭᠠᠢ ᠳᠦᠷᠰᠦ ᠪᠣᠯᠭᠠᠭᠠᠳ ᠶᠠᠪᠤᠭᠤᠯᠵᠤ ᠪᠠᠢᠨ᠎ᠠ᠃ ᠲᠡᠢᠮᠦ᠎ᠡᠴᠡ ᠮᠠᠨ᠎ᠤ ᠬᠡᠯᠡᠳᠡᠭ ᠳᠦᠷᠰᠦ᠎ᠶᠢᠨ ᠳᠣᠲᠤᠷ᠎ᠠ ᠠᠪᠢᠶᠠᠨ᠎ᠤ ᠲᠡᠮᠳᠡᠭ ᠪᠠᠢᠨ᠎ᠠ᠃ ᠡᠳᠡᠭᠡᠷ᠎ᠢ Unicode ᠳᠣᠲᠤᠷ᠎ᠠ ᠣᠷᠤᠭᠤᠯᠤᠭᠰᠠᠨ᠎ᠤ ᠳᠠᠷᠠᠭ᠎ᠠ᠂ ᠬᠢᠲᠠᠳ᠎ᠢᠶᠠᠷ 《名义字符》 (ᠠᠩᠭᠯᠢ᠎ᠪᠠᠷ Unicode Code Point) 《显现字符》 ᠭᠡᠳᠡᠭ᠎ᠢ ᠠᠩᠭᠯᠢ᠎ᠪᠠᠷ Presentation Form ᠪᠤᠶᠤ Variant Form ᠭᠡᠵᠦ ᠶᠠᠷᠢᠳᠠᠭ᠃

ᠮᠣᠩᠭᠤᠯ ᠥᠰᠦᠭ᠎ᠦᠨ ᠬᠤᠪᠢᠷᠠᠯᠲᠠ᠎ᠶᠢᠨ ᠬᠦᠰᠦᠨᠦᠭᠲᠦ᠎ᠶᠢᠨ ᠲᠤᠬᠠᠢ ᠬᠠᠷᠢᠭᠤᠯᠲᠠ᠄

1995 ᠣᠨ᠎ᠠᠴᠠ ᠰᠡᠭᠦᠯ᠎ᠳᠦ᠂ ᠮᠠᠨ᠎ᠤ ᠶᠠᠷᠢᠯᠴᠠᠵᠤ ᠪᠠᠢᠭᠰᠠᠨ ᠮᠣᠩᠭᠤᠯ ᠥᠰᠦᠭ᠎ᠦᠨ ᠬᠤᠪᠢᠷᠠᠯᠲᠠ᠎ᠶᠢᠨ ᠬᠦᠰᠦᠨᠦᠭᠲᠦ ᠪᠠᠢᠳᠠᠭ᠎ᠶᠤᠮ᠃ ᠡᠨᠡ ᠬᠦᠰᠦᠨᠦᠭᠲᠦ᠎ᠶᠢ ᠬᠢᠲᠠᠳ᠎ᠢᠶᠠᠷ 《蒙古文名义字符到显现字符的转换规则》 ᠭᠡᠵᠦ ᠣᠷᠴᠢᠭᠤᠯᠵᠤ ᠪᠠᠢᠨ᠎ᠠ᠃ ᠠᠩᠭᠯᠢ᠎ᠪᠠᠷ Mapping Table of Mongolian Code Point to Presentation Form ᠭᠡᠵᠦ ᠶᠠᠷᠢᠳᠠᠭ᠃

ᠲᠡᠭᠡᠪᠡᠯ ᠵᠠᠯᠭᠠᠭᠠᠳ ᠪᠢ ᠮᠣᠩᠭᠤᠯ ᠪᠢᠴᠢᠭ᠎ᠦᠨ Unicode᠎ᠪᠠᠷᠢᠮᠵᠢᠶ᠎ᠠ᠎ᠶᠢ ᠠᠪᠢᠶ᠎ᠠ᠎ᠪᠠᠷ ᠣᠷᠤᠭᠤᠯᠬᠤ᠎ᠪᠠᠷ ᠲᠣᠭᠲᠠᠭᠠᠭᠰᠠᠨ᠎ᠤ ᠳᠠᠷᠠᠭ᠎ᠠ ᠶᠠᠭᠠᠬᠢᠭᠠᠳ ᠲᠡᠷᠡ ᠳᠠᠷᠤᠢ᠎ᠳᠤ᠎ᠨᠢ ᠰᠢᠰᠲᠧᠮ ᠬᠢᠵᠦ ᠳᠡᠢᠯᠬᠦ᠎ᠦᠭᠡᠢ ᠪᠠᠢᠭᠰᠠᠨ ᠭᠡᠳᠡᠭ᠎ᠦᠨ ᠲᠤᠬᠠᠢ ᠵᠢᠭᠠᠬᠠᠨ ᠶᠠᠷᠢᠶ᠎ᠠ᠃

ᠲᠡᠷᠡ ᠦᠶ᠎ᠡ᠎ᠳᠦ Windows 95᠂ Windows 98 ᠪᠤᠶᠤ ᠲᠡᠭᠦᠨ᠎ᠡᠴᠡ ᠡᠮᠦᠨ᠎ᠡ ᠮᠠᠨ᠎ᠤ ᠶᠠᠷᠢᠯᠴᠠᠵᠤ ᠪᠠᠢᠭᠰᠠᠨ ᠦᠶ᠎ᠡ᠎ᠳᠦ ᠪᠣᠯ Dos ᠡᠰᠡᠬᠦᠯ᠎ᠡ Windows 3.0 ᠭᠡᠬᠦ OS ᠰᠢᠰᠲᠧᠮ᠎ᠦᠨ ᠦᠶ᠎ᠡ ᠪᠣᠯᠤᠨ᠎ᠠ᠃ Operating System᠎ᠦᠨ ᠬᠠᠮᠤᠭ ᠠᠩᠬᠠᠨ᠎ᠤ ᠱᠠᠳᠤᠨ ᠳᠡᠭᠡᠷ᠎ᠡ᠎ᠡᠴᠡ Unicode Code Point᠎ᠡᠴᠡ ᠮᠠᠨ᠎ᠤ ᠮᠣᠩᠭᠤᠯ ᠦᠰᠦᠭ᠎ᠢᠶᠡᠨ ᠢᠯᠡᠷᠡᠭᠦᠯᠦᠶ᠎ᠡ (Presentation Form᠎ᠢ ᠭᠠᠷᠭᠠᠶ᠎ᠠ) ᠭᠡᠪᠡᠯ Operating System᠎ᠦᠨ ᠳᠣᠲᠤᠷ᠎ᠠ ᠣᠨᠴᠠᠭᠠᠢ ᠲᠡᠭᠦᠨ᠎ᠢ ᠦᠢᠯᠡᠳᠬᠦ ᠰᠣᠹᠲ ᠬᠢᠬᠦ ᠬᠡᠷᠡᠭᠲᠡᠢ᠃ ᠲᠡᠭᠡᠭᠡᠳ ᠲᠡᠷᠡ ᠰᠣᠹᠲ᠎ᠢ ᠬᠢᠬᠦ᠎ᠳᠦ ᠳᠣᠩ ᠬᠦᠴᠢᠷᠲᠡᠢ ᠪᠠᠢᠭᠰᠠᠨ᠎ᠤ ᠳᠡᠭᠡᠷ᠎ᠡ ᠰᠢᠰᠲᠧᠮ ᠪᠦᠷᠢ ᠳᠡᠭᠡᠷ᠎ᠡ ᠥᠭᠡᠷ᠎ᠡ ᠥᠭᠡᠷ᠎ᠡ᠎ᠪᠡᠷ ᠬᠢᠬᠦ ᠥᠬᠡᠢ ᠪᠣᠯᠬᠤ ᠥᠬᠡᠢ᠃ ᠰᠢᠰᠲᠧᠮ ᠪᠦᠷᠢ᠎ᠳᠦ ᠨᠢᠭᠡ ᠨᠢᠭᠡ᠎ᠪᠡᠷ ᠬᠢᠶ᠎ᠡ ᠭᠡᠪᠡᠯ ᠨᠡᠩ ᠬᠦᠴᠢᠷᠲᠡᠢ ᠪᠥᠭᠡᠳ ᠪᠤᠳᠤᠯᠢᠶᠠᠨᠲᠠᠢ ᠤᠴᠢᠷ᠎ᠪᠣᠯᠵᠤ᠂ ᠳᠡᠯᠡᠬᠡᠢ ᠳᠡᠭᠡᠷᠡᠬᠢ ᠡᠯ᠎ᠡ ᠲᠣᠮᠤ ᠺᠣᠮᠫᠠᠨᠢ᠎ᠴᠤ ᠡᠨᠡ ᠲᠠᠯ᠎ᠠ᠎ᠪᠠᠷ ᠠᠷᠠᠪ ᠬᠡᠯᠡ ᠪᠤᠶᠤ ᠪᠤᠰᠤᠳ ᠬᠡᠯᠡ᠎ᠪᠡᠷ ᠲᠤᠷᠰᠢᠨ ᠰᠤᠳᠤᠯᠵᠤ ᠪᠠᠢᠭᠰᠠᠨ ᠦᠶ᠎ᠡ ᠪᠢᠯᠡ᠃ ᠭᠡᠪᠡᠴᠦ ᠳᠡᠮᠡᠢ ᠰᠠᠢᠨ ᠪᠦᠲᠦᠭᠡᠭᠳᠡᠬᠦᠨ ᠪᠠᠢᠬᠤ᠎ᠦᠭᠡᠢ ᠤᠴᠢᠷ᠎ᠠᠴᠠ᠂ ᠪᠠᠰᠠ Unicode᠎ᠦᠨ BMP᠎ᠦᠨ ᠣᠷᠤᠨ᠎ᠤ ᠲᠣᠭ᠎ᠠ᠎ᠨᠢ ᠬᠢᠵᠠᠭᠠᠷ᠎ᠲᠠᠢ ᠪᠠᠢᠭᠰᠠᠨ ᠪᠣᠯᠬᠤᠷ ᠪᠥᠬᠦ ᠳᠡᠯᠡᠬᠡᠢ᠎ᠶᠢᠨ ᠦᠭᠡ ᠬᠡᠯᠡ ᠥᠰᠦᠭ ᠪᠢᠴᠢᠭ᠎ᠢ ᠪᠦᠷ ᠡᠨᠡ ᠪᠠᠷᠢᠮᠵᠢᠶ᠎ᠠ᠎ᠳᠤ ᠣᠷᠤᠭᠤᠯᠬᠤ᠎ᠳᠤ ᠡᠨᠡ ᠬᠤᠪᠢᠷᠠᠯᠲᠠ᠎ᠶᠢᠨ ᠠᠷᠭ᠎ᠠ᠎ᠠᠴᠠ ᠪᠤᠰᠤᠳ ᠰᠠᠢᠨ ᠠᠷᠭ᠎ᠠ ᠪᠠᠢᠭᠰᠠᠨ ᠥᠬᠡᠢ᠃ ᠡᠨᠡ Unicode᠎ᠤᠨ BMP᠎ᠢ ᠮᠠᠨ᠎ᠤ ᠨᠤᠲᠤᠭ ᠳᠡᠪᠢᠰᠭᠡᠷ᠎ᠲᠡᠢ ᠠᠳᠠᠯᠢᠪᠲᠤᠷ ᠭᠡᠵᠦ ᠪᠢᠳᠡ ᠶᠡᠷᠦᠳᠡᠭᠡᠨ ᠶᠠᠷᠢᠳᠠᠭ᠃ ᠡᠨᠡ ᠨᠤᠲᠤᠭ ᠳᠡᠪᠢᠰᠭᠡᠷ᠎ᠢ ᠳᠡᠯᠡᠬᠡᠢ ᠳᠡᠭᠡᠷᠡᠬᠢ ᠡᠯ᠎ᠡ ᠬᠡᠯᠡ᠎ᠨᠦᠭᠦᠳ ᠬᠤᠪᠢᠶᠠᠯᠴᠠᠨ᠂ ᠮᠠᠨ᠎ᠤ ᠮᠣᠩᠭᠤᠯ ᠥᠰᠦᠭ ᠪᠢᠴᠢᠭ᠎ᠦᠨ ᠬᠤᠪᠢᠶᠠᠵᠤ ᠣᠯᠤᠭᠰᠠᠨ᠎ᠨᠢ 256 ᠣᠷᠤᠨ ᠪᠠᠢᠯ᠎ᠠ᠃ ᠮᠠᠨ᠎ᠤ ᠮᠣᠩᠭᠤᠯ ᠥᠰᠦᠭ᠎ᠢᠶᠡᠨ ᠠᠪᠢᠶ᠎ᠠ᠎ᠪᠠᠷ ᠣᠷᠤᠭᠤᠯᠤᠭᠰᠠᠨ᠎ᠤ ᠳᠠᠷᠠᠭ᠎ᠠ35 ᠣᠷᠤᠨ ᠪᠠᠢᠪᠠᠯ ᠤᠢᠭᠤᠷᠵᠢᠨ ᠮᠣᠩᠭᠤᠯ ᠥᠰᠦᠭ᠎ᠲᠦ᠎ᠪᠡᠨ ᠭᠦᠢᠴᠡᠴᠢᠬᠡᠬᠦ ᠪᠠᠢᠨ᠎ᠠ᠃ ᠴᠢᠭ ᠲᠡᠮᠳᠡᠭ᠂ ᠬᠤᠪᠢᠯᠪᠤᠷᠢ᠎ᠶᠢᠨ ᠲᠡᠮᠳᠡᠭ᠂ ᠲᠣᠭ᠎ᠠ ᠵᠡᠷᠭᠡ ᠣᠷᠤᠭᠰᠠᠨ᠎ᠴᠤ ᠲᠡᠢᠮᠦ ᠣᠯᠠᠨ ᠪᠢᠰᠢ ᠪᠣᠯᠬᠤᠷ ᠦᠯᠡᠳᠡᠭᠡᠭᠰᠡᠨ᠎ᠢ᠎ᠨᠢ ᠪᠤᠰᠤᠳ ᠬᠡᠯᠡ᠎ᠳᠦ ᠥᠭᠴᠢᠬᠡᠭᠰᠡᠨ᠃ ᠲᠡᠭᠡᠭᠡᠳ ᠮᠠᠨᠠᠢᠬᠢᠨ ᠣᠳᠤ 11 Block 176 ᠣᠷᠤᠨ᠎ᠤ 156 ᠣᠷᠤᠨ᠎ᠢ᠎ᠨᠢ ᠲᠣᠳᠤᠷᠬᠠᠢᠯᠠᠨ ᠲᠣᠭᠲᠠᠭᠠᠭᠠᠳ᠂ ᠡᠨᠡ 156 ᠣᠷᠤ᠎ᠪᠠᠨ ᠬᠡᠷᠡᠭᠯᠡᠨ ᠮᠣᠩᠭᠤᠯ ᠪᠢᠴᠢᠭ ᠪᠠ ᠲᠣᠳᠤ᠂ ᠰᠢᠪᠡᠭᠡ᠂ ᠮᠠᠨᠵᠤ᠂ ᠠᠯᠢ ᠭᠠᠯᠢ ᠵᠡᠷᠭᠡ᠎ᠶᠢ᠎ᠪᠡᠨ ᠰᠢᠢᠳᠪᠦᠷᠢᠯᠡᠵᠦ ᠪᠠᠢᠨ᠎ᠠ᠃

ᠲᠡᠭᠡᠭᠡᠳ ᠡᠭᠦᠨ᠎ᠢ ᠰᠢᠢᠳᠪᠦᠷᠢᠯᠡᠬᠦ ᠠᠷᠭ᠎ᠠ᠎ᠶᠢ ᠬᠠᠮᠤᠭ ᠰᠡᠭᠦᠯ᠎ᠳᠦ᠎ᠨᠢ 2000 ᠪᠤᠶᠤ 2002 ᠣᠨ᠎ᠤ ᠣᠷᠴᠢᠮ᠎ᠢᠶᠠᠷ Microsoft ᠪᠤᠯᠤᠨ Adobe ᠬᠣᠶᠠᠷ ᠺᠣᠮᠫᠠᠨᠢ᠎ᠠᠴᠠ ᠬᠤᠪᠢᠯᠪᠤᠷᠢ ᠳᠦᠷᠰᠦ᠎ᠶᠢ ᠶᠠᠭᠠᠬᠢᠵᠤ ᠭᠠᠷᠭᠠᠬᠤ ᠲᠤᠬᠠᠢ ᠹᠣᠨᠲ᠎ᠤᠨ ᠲᠧᠭᠨᠢᠭ ᠮᠡᠷᠭᠡᠵᠢᠯ᠎ᠦᠨ ᠪᠠᠷᠢᠮᠵᠢᠶ᠎ᠠ (OpenType Font Spacepation)᠎ᠶᠢ ᠲᠣᠭᠲᠠᠭᠠᠭᠠᠳ ᠨᠡᠢᠲᠡᠯᠡᠭᠰᠡᠨ ᠪᠠᠢᠨ᠎ᠠ᠃

ᠲᠡᠭᠦᠨ᠎ᠦ ᠳᠠᠷᠠᠭ᠎ᠠ᠎ᠪᠠᠷ Microsoft ᠠᠷᠠᠪ ᠬᠡᠯᠡ ᠪᠠ ᠢᠨᠳᠢᠺ ᠵᠡᠷᠭᠡ ᠤᠯᠠᠨ ᠵᠦᠢᠯ᠎ᠦᠨ ᠬᠤᠪᠢᠷᠠᠯ᠎ᠤᠨ ᠠᠷᠭ᠎ᠠ᠎ᠶᠢ ᠬᠡᠷᠡᠭᠯᠡᠬᠦ ᠥᠬᠡᠢ᠎ᠪᠡᠷ ᠪᠣᠯᠬᠤ ᠥᠬᠡᠢ ᠦᠰᠦᠭ ᠪᠢᠴᠢᠭ᠎ᠦᠳ᠎ᠢ ᠰᠢᠢᠳᠪᠦᠷᠢᠯᠡᠵᠦ ᠡᠬᠢᠯᠡᠵᠡᠢ᠃ ᠡᠨᠡ ᠲᠠᠯ᠎ᠠ᠎ᠪᠠᠷ ᠪᠢ ᠪᠠᠰᠠ ᠨᠠᠷᠢᠨ ᠶᠠᠪᠤᠴᠠ᠎ᠶᠢ᠎ᠨᠢ ᠰᠠᠢᠬᠠᠨ ᠮᠡᠳᠡᠬᠦ ᠥᠬᠡᠢ ᠪᠠᠢᠨ᠎ᠠ᠃

ᠮᠠᠨ᠎ᠤ ᠮᠣᠩᠭᠤᠯ ᠪᠢᠴᠢᠭ᠎ᠢ ᠬᠡᠵᠢᠶ᠎ᠡ ᠡᠬᠢᠯᠡᠨ ᠦᠢᠯᠡᠳᠦᠭᠰᠡᠨ᠎ᠢ Microsoft᠎ᠦᠨ ᠰᠦᠯᠵᠢᠶ᠎ᠡ᠎ᠡᠴᠡ ᠦᠵᠡᠪᠡᠯ2005 ᠣᠨ᠎ᠳᠤ ᠮᠣᠩᠭᠤᠯ᠎ᠤᠨ Project ᠪᠤᠶᠤ ᠡᠰᠡᠬᠦᠯ᠎ᠡ ᠲᠡᠭᠦᠨ᠎ᠦ ᠲᠥᠰᠦᠪ᠎ᠢ᠎ᠨᠢ ᠭᠠᠷᠭᠠᠭᠠᠳ2007 ᠣᠨ᠎ᠤ Windows Vista ᠳᠡᠭᠡᠷ᠎ᠡ ᠣᠷᠤᠭᠤᠯᠤᠭᠰᠠᠨ ᠪᠠᠢᠨ᠎ᠠ᠃

ᠣᠳᠤ ᠪᠢᠳᠡᠨᠡᠷ Unicode 9.0 ᠳᠡᠭᠡᠷ᠎ᠡ ᠮᠣᠩᠭᠤᠯ ᠥᠰᠦᠭ᠎ᠦᠨ ᠪᠠᠷᠢᠮᠵᠢᠶ᠎ᠠ᠎ᠶᠢᠨ ᠪᠦᠬᠦᠢᠯᠡ ᠬᠤᠪᠢᠯᠪᠤᠷᠢ ᠬᠦᠰᠦᠨᠦᠭᠲᠦ ᠵᠢ ᠣᠷᠤᠭᠤᠯᠬᠤ ᠪᠠ ᠵᠠᠷᠢᠮ ᠭᠦᠢᠴᠡᠳ ᠥᠬᠡᠢ ᠪᠠᠢᠭᠰᠠᠨ ᠵᠦᠢᠯᠡᠰ᠎ᠢ ᠰᠠᠢᠵᠢᠷᠠᠭᠤᠯᠬᠤ ᠲᠠᠯ᠎ᠠ᠎ᠪᠠᠷ ᠨᠢᠭᠡ ᠵᠢᠯ ᠬᠠᠭᠠᠰ ᠣᠷᠴᠢᠮ W3C᠎ᠶᠢᠨ ᠡᠷᠳᠡᠮᠲᠡᠳ᠎ᠦᠨ ᠬᠡᠯᠡᠯᠴᠡᠭᠡ᠎ᠪᠡᠷ ᠳᠠᠮᠵᠢᠨ ᠰᠠᠢᠵᠢᠷᠠᠭᠤᠯᠬᠤ ᠵᠠᠰᠠᠯᠲᠠ ᠬᠢᠭᠡᠳ ᠭᠠᠷᠭᠠᠬᠤ ᠭᠡᠵᠦ ᠴᠢᠷᠮᠠᠢᠵᠤ ᠪᠠᠢᠨ᠎ᠠ᠃ ᠡᠨᠡ ᠲᠥᠰᠦᠪ᠎ᠦᠨ ᠠᠭᠤᠯᠭ᠎ᠠ ᠪᠣᠯ ᠮᠢᠨᠦ ᠳᠡᠭᠡᠷ᠎ᠡ ᠤᠳᠠᠭ᠎ᠠ ᠶᠠᠪᠤᠭᠤᠯᠵᠤ ᠥᠭᠭᠦᠭᠰᠡᠨ ᠰᠦᠯᠵᠢᠶ᠎ᠡ http://www.unicode.org/L2/L2016/16051-mongolian-ref.pdf ᠎ᠡᠴᠡ ᠣᠯᠵᠤ ᠪᠠᠭᠤᠯᠭᠠᠵᠤ ᠪᠣᠯᠤᠨ᠎ᠠ᠃ ᠡᠨᠡ ᠳᠣᠲᠤᠷ᠎ᠠ Greg Eck᠎ᠤᠨ ᠬᠠᠮᠤᠭ ᠰᠡᠭᠦᠯ᠎ᠦᠨ ᠤᠳᠠᠭᠠᠨ᠎ᠤ ᠵᠠᠰᠠᠯᠲᠠ ᠣᠷᠤᠭᠤᠯᠤᠭᠰᠠᠨ PDF ᠪᠣᠯ ᠳᠠᠷᠤᠢ ᠲᠤᠰ ᠤᠳᠠᠭᠠᠨ᠎ᠤ ᠲᠥᠰᠦᠪ ᠪᠣᠯᠤᠨ᠎ᠠ᠃ ᠲᠣᠰ ᠲᠥᠰᠦᠪ ᠪᠣᠯ ᠮᠠᠨ᠎ᠤ ᠣᠳᠤ᠎ᠶᠢᠨ ᠬᠡᠷᠡᠭᠯᠡᠭᠡᠨ ᠪᠠ ᠡᠯ᠎ᠡ ᠲᠠᠯ᠎ᠠ᠂ ᠡᠯ᠎ᠡ ᠰᠠᠯᠠᠭ᠎ᠠ ᠮᠥᠴᠢᠷ᠎ᠦᠨ ᠱᠠᠭᠠᠷᠳᠠᠯᠭ᠎ᠠ ᠵᠢ ᠪᠦᠷᠢᠮᠦᠰᠦᠨ ᠰᠠᠢᠬᠠᠨ ᠬᠠᠩᠭᠠᠭᠰᠠᠨ ᠲᠥᠰᠦᠪ ᠪᠣᠯᠬᠤᠷ᠂ ᠡᠨᠡ ᠲᠥᠰᠦᠪ᠎ᠦᠨ ᠤᠷᠤᠭᠰᠢᠲᠠᠢ ᠰᠠᠢᠬᠠᠨ ᠦᠨᠡᠯᠡᠭᠳᠡᠬᠦ᠎ᠶᠢ ᠬᠦᠰᠡᠨ ᠬᠦᠯᠢᠶᠡᠵᠦ ᠪᠠᠢᠨ᠎ᠠ᠃

ᠳᠡᠭᠡᠷᠡᠬᠢ᠎ᠮᠠᠲᠧᠷᠢᠶᠠᠯ ᠪᠣᠯ Unicode᠎ᠦᠨ ᠨᠠᠢᠷᠠᠭᠤᠯᠤᠭᠴᠢ᠎ᠶᠢᠨ᠎ᠡᠮᠬᠢᠳᠭᠡᠭᠰᠡᠨ ᠮᠠᠲᠧᠷᠢᠶᠠᠯ ᠪᠣᠯᠤᠨ᠎ᠠ᠃ ᠲᠡᠭᠡᠪᠡᠯ ᠡᠭᠦᠨ᠎ᠡᠴᠡ ᠬᠣᠢᠰᠢ ᠤᠯᠠᠨ ᠬᠡᠷᠡᠭᠯᠡᠭᠡᠨ᠎ᠳᠦ ᠡᠨᠡ ᠪᠠᠷᠢᠮᠵᠢᠶ᠎ᠠ᠎ᠶᠢ ᠬᠡᠷᠡᠭᠯᠡᠭᠡᠳ ᠲᠣᠰ ᠲᠣᠰ᠎ᠤᠨ ᠰᠢᠰᠲᠧᠮ᠎ᠳᠦ᠎ᠪᠡᠨ ᠬᠡᠷᠡᠭᠵᠢᠭᠦᠯᠬᠦ᠎ᠳᠦ ᠭᠦᠷᠪᠡᠯ ᠮᠠᠨ᠎ᠤ ᠮᠣᠩᠭᠤᠯ ᠪᠢᠴᠢᠭ ᠰᠠᠶᠢ ᠳᠡᠯᠡᠬᠡᠢ ᠳᠡᠭᠡᠷ᠎ᠡ ᠬᠠᠷᠰᠢ ᠰᠠᠭᠠᠳ ᠥᠬᠡᠢ ᠳᠡᠯᠭᠡᠷᠡᠩᠭᠦᠢ ᠬᠡᠷᠡᠭᠯᠡᠭᠳᠡᠵᠦ ᠳᠡᠢᠯᠦᠨ᠎ᠡ᠃ ᠡᠨᠡ ᠲᠠᠯ᠎ᠠ᠎ᠪᠠᠷ ᠪᠢᠳᠡ ᠪᠠᠰᠠ Microsoft᠂ Apple᠂ Google ᠵᠡᠷᠭᠡ ᠳᠣᠮᠤ ᠵᠢᠯᠤᠭᠤᠳᠬᠤ ᠰᠢᠰᠲᠧᠮ (OS) ᠬᠢᠳᠡᠭ ᠺᠣᠮᠫᠠᠨᠢ᠎ᠶᠢᠨ ᠮᠡᠷᠭᠡᠵᠢᠯᠲᠡᠳ᠎ᠲᠡᠢ ᠬᠠᠷᠢᠯᠴᠠᠵᠤ ᠪᠠᠢᠨ᠎ᠠ᠃ ᠣᠳᠤ᠎ᠳᠤ᠎ᠪᠠᠨ ᠥᠷᠭᠡᠨ ᠬᠡᠷᠡᠭᠯᠡᠭᠳᠡᠳᠡᠭ ᠡᠨᠡ ᠭᠤᠷᠪᠠᠨ ᠺᠣᠮᠫᠠᠨᠢ᠎ᠶᠢᠨ ᠭᠠᠷ ᠤᠲᠠᠰᠤᠨ᠎ᠤ ᠵᠢᠯᠤᠭᠤᠳᠬᠤ ᠰᠢᠰᠲᠧᠮ Windows᠂ iOS᠂ Android ᠪᠠᠢᠨ᠎ᠠ᠃ ᠪᠠᠰᠠ PC ᠵᠢᠯᠤᠭᠤᠳᠬᠤ ᠰᠢᠰᠲᠧᠮ Windows᠂ Mac OS X ᠪᠠ Open Source OS Linux ᠪᠠᠢᠨ᠎ᠠ᠃ ᠳᠠᠷᠠᠭᠠᠴᠢ᠎ᠪᠠᠷ ᠥᠭᠡᠷ᠎ᠡ ᠭᠠᠷᠴᠤ ᠢᠷᠡᠪᠡᠯ ᠪᠠᠰᠠ ᠪᠣᠳᠤᠯᠬᠢᠯᠠᠵᠤ ᠪᠣᠯᠬᠤ ᠪᠣᠯᠪᠠᠴᠤ ᠤᠷᠢᠳᠠᠪᠠᠷ ᠡᠨᠡ ᠵᠢᠷᠭᠤᠭᠠᠨ ᠵᠦᠢᠯ᠎ᠦᠨ ᠵᠢᠯᠤᠭᠤᠳᠬᠤ ᠰᠢᠰᠲᠧᠮ ᠳᠡᠭᠡᠷ᠎ᠡ ᠮᠣᠩᠭᠤᠯ ᠦᠰᠦᠭ᠎ᠢᠶᠡᠨ ᠰᠠᠢᠬᠠᠨ ᠣᠷᠤᠭᠤᠯᠤᠭᠠᠳ᠂ ᠺᠣᠮᠫᠢᠦ᠋ᠲᠧᠷ ᠪᠤᠶᠤ ᠪᠤᠰᠤᠳ ᠮᠠᠰᠢᠨ ᠠᠪᠬᠤ᠎ᠶᠢᠨ ᠦᠶ᠎ᠡ᠎ᠳᠦ᠎ᠪᠡᠨ ᠪᠦᠷ ᠮᠣᠩᠭᠤᠯ ᠪᠢᠴᠢᠭ᠎ᠦᠨ ᠹᠣᠨᠲ ᠪᠠ ᠣᠷᠤᠭᠤᠯᠬᠤ ᠠᠷᠭ᠎ᠠ ᠤᠭᠰᠠᠷᠠᠭᠠᠳ ᠪᠠᠢᠳᠠᠭ ᠬᠡᠮᠵᠢᠶᠡᠨ᠎ᠳᠦ ᠬᠦᠷᠭᠡᠭᠡᠳ ᠳᠡᠢᠯᠪᠡᠯ ᠮᠠᠨ᠎ᠤ ᠮᠣᠩᠭᠤᠯ ᠦᠰᠦᠭ ᠪᠢᠴᠢᠭ᠎ᠦᠨ ᠬᠡᠷᠡᠭᠯᠡᠯᠲᠡ ᠨᠡᠩ ᠥᠷᠭᠡᠵᠢᠵᠦ ᠳᠡᠢᠯᠬᠦ ᠪᠠᠢᠬ᠎ᠠ ᠭᠡᠵᠦ ᠪᠤᠳᠤᠵᠤ ᠪᠠᠢᠨ᠎ᠠ᠃ ᠲᠡᠭᠡᠭᠡᠳ ᠮᠣᠩᠭᠤᠯ Unicode᠎ᠤᠨ ᠡᠨᠡ ᠪᠠᠷᠢᠮᠵᠢᠶ᠎ᠠ᠎ᠶᠢ ᠰᠠᠢᠵᠢᠷᠠᠭᠤᠯᠵᠤ᠂ ᠲᠤᠤᠱᠯᠠᠭᠤᠯᠬᠤ᠎ᠶᠢᠨ ᠲᠥᠯᠦᠭᠡ ᠬᠠᠯᠠᠰᠢᠷᠠᠯ ᠥᠬᠡᠢ ᠴᠢᠷᠮᠠᠢᠵᠤ ᠪᠠᠢᠭ᠎ᠠ ᠡᠷᠳᠡᠮᠲᠡᠳ᠂ ᠮᠡᠷᠭᠡᠵᠢᠯᠲᠡᠳ᠂ ᠡᠯ᠎ᠡ ᠱᠠᠳᠤᠨ᠎ᠤ ᠠᠯᠪᠠᠨ ᠪᠠᠢᠭᠤᠯᠤᠯᠭ᠎ᠠ᠂ ᠥᠷᠭᠡᠨ ᠣᠯᠠᠨ ᠮᠣᠩᠭᠤᠯᠴᠤᠳ᠎ᠪᠠ ᠲᠠᠢᠯᠪᠤᠷᠢᠯᠠᠨ ᠤᠬᠠᠭᠤᠯᠵᠤ ᠪᠠᠢᠭ᠎ᠠ ᠨᠡᠷᠡᠲᠦ ᠬᠦᠨᠳᠦᠲᠦ ᠪᠠᠭᠰᠢ᠎ᠨᠠᠷ ᠳᠠᠭᠠᠨ ᠴᠢᠩ ᠰᠡᠳᠭᠢᠯ᠎ᠦᠨ ᠲᠠᠯᠠᠷᠬᠠᠯ᠎ᠢᠶᠠᠨ ᠬᠦᠷᠭᠡᠵᠦ ᠪᠠᠢᠨ᠎ᠠ᠃

ᠮᠠᠨ᠎ᠤ ᠤᠯᠤᠰ᠎ᠤᠨ ᠳᠣᠲᠤᠷᠠᠬᠢ ᠺᠣᠮᠫᠠᠨᠢ᠎ᠨᠤᠭᠤᠳ ᠪᠠᠰᠠ ᠡᠨᠡ ᠲᠠᠯ᠎ᠠ᠎ᠪᠠᠷ ᠴᠢᠷᠮᠠᠢᠨ ᠠᠵᠢᠯᠯᠠᠵᠤ ᠪᠠᠢᠨ᠎ᠠ᠃ ᠪᠢᠳᠡ ᠣᠯᠠᠨ ᠪᠦᠭᠦᠳᠡᠭᠡᠷ ᠡᠨᠡ ᠲᠠᠯ᠎ᠠ᠎ᠪᠠᠷ ᠬᠦᠴᠦ᠎ᠪᠡᠨ ᠬᠠᠮᠲᠤᠳᠭᠠᠨ᠂ ᠬᠡᠳᠦᠢᠪᠡᠷ ᠥᠷᠢᠰᠦᠯᠳᠦᠭᠡᠨ᠎ᠴᠦ ᠪᠠᠢᠭ᠎ᠠ ᠪᠣᠯᠪᠠᠴᠤ ᠪᠠᠰᠠ ᠬᠠᠮᠲᠤ᠎ᠳᠤ᠎ᠪᠠᠨ ᠨᠢᠭᠡ ᠨᠢᠭᠡ᠎ᠪᠡᠷ ᠶᠠᠷᠢᠯᠴᠠᠵᠤ ᠪᠠᠢᠭᠠᠳ ᠢᠵᠢᠯ ᠪᠤᠰᠤ ᠰᠠᠨᠠᠯ᠎ᠢᠶᠠᠨ ᠨᠢᠭᠡᠳᠭᠡᠵᠦ᠂ ᠮᠠᠨ᠎ᠤ ᠥᠷᠭᠡᠨ ᠣᠯᠠᠨ ᠬᠡᠷᠡᠭᠯᠡᠭᠴᠢᠳ ᠲᠡᠬᠡᠨ ᠨᠢᠭᠡ᠎ᠶᠢ᠎ᠨᠢ ᠵᠠᠷᠤᠪᠠᠯ ᠥᠭᠡᠷ᠎ᠡ᠎ᠶᠢ᠎ᠨᠢ ᠵᠠᠷᠤᠵᠤ ᠳᠡᠢᠯᠬᠦ᠎ᠦᠭᠡᠢ ᠭᠡᠰᠡᠨ ᠬᠦᠴᠢᠷᠳᠡᠯᠲᠡᠢ ᠪᠠᠢᠳᠠᠯ᠎ᠢ ᠪᠦᠷᠢᠮᠦᠰᠦᠨ ᠰᠢᠢᠳᠪᠦᠷᠢᠯᠡᠵᠦ ᠥᠭᠬᠦ᠎ᠶᠢᠨ ᠲᠥᠯᠦᠭᠡ᠂ ᠪᠦᠬᠦ᠎ᠢᠵᠢᠯ ᠪᠤᠰᠤ ᠦᠵᠡᠭᠳᠡᠯ᠎ᠦᠳ᠎ᠢ ᠨᠢᠭᠡᠳᠭᠡᠪᠡᠯ ᠰᠠᠢᠨ ᠭᠡᠵᠦ ᠪᠤᠳᠤᠵᠤ ᠪᠠᠢᠨ᠎ᠠ᠃ ᠭᠡᠪᠡᠴᠦ ᠡᠨᠡ ᠳᠣᠲᠤᠷ᠎ᠠ ᠪᠠᠰᠠ ᠰᠠᠨᠠᠯ ᠵᠥᠷᠢᠵᠦ᠂ ᠪᠢᠳᠡ ᠢᠩᠭᠢᠵᠦ ᠬᠢᠪᠡᠯ ᠣᠯᠠᠨ ᠮᠣᠩᠭᠤᠯᠴᠤᠳ ᠳᠠᠭᠠᠨ ᠰᠠᠢᠨᠲᠠᠢ ᠭᠡᠵᠦ ᠪᠤᠳᠤᠵᠤ ᠪᠠᠢᠬᠤ᠎ᠳᠤ᠂ ᠥᠭᠡᠷ᠎ᠡ ᠪᠠᠭᠰᠢ᠎ᠨᠠᠷ ᠲᠡᠭᠡᠵᠦ ᠬᠢᠵᠦ ᠪᠣᠯᠬᠤ ᠥᠬᠡᠢ ᠭᠡᠵᠦ ᠬᠥᠰᠢᠵᠦ ᠪᠠᠢᠬᠤ᠎ᠨᠢ᠎ᠴᠤ ᠤᠯᠠᠨ ᠬᠡᠳᠦᠨ ᠲᠠᠯ᠎ᠠ ᠪᠠᠢᠨ᠎ᠠ᠃ ᠡᠳᠡᠭᠡᠷ᠎ᠨᠢ ᠪᠦᠷ ᠲᠡᠢᠮᠦ ᠲᠣᠮᠤ ᠠᠰᠠᠭᠤᠳᠠᠯ ᠪᠢᠰᠢ᠃ ᠬᠥᠭᠵᠢᠯᠲᠡ᠎ᠶᠢᠨ ᠵᠦᠭ ᠴᠢᠭᠯᠡᠯ᠎ᠳᠦ ᠠᠪᠴᠤ ᠬᠡᠯᠡᠪᠡᠯ ᠬᠠᠷᠢᠨ ᠵᠢᠵᠢᠭᠬᠡᠨ ᠤᠴᠢᠷ ᠪᠠᠢᠨ᠎ᠠ᠃ ᠡᠭᠦᠨ᠎ᠳᠦ ᠵᠦᠭ ᠴᠢᠭᠯᠡᠯ᠎ᠢᠶᠡᠨ ᠰᠠᠢᠨ ᠨᠢᠭᠡᠳᠭᠡᠭᠡᠳ᠂ ᠵᠢᠵᠢᠭ ᠤᠴᠢᠷ᠎ᠢᠶᠠᠨ ᠶᠠᠷᠢᠯᠴᠠᠵᠤ ᠪᠠᠢᠭᠠᠳ ᠰᠢᠢᠳᠪᠦᠷᠢᠯᠡᠭᠰᠡᠨ᠎ᠦ ᠳᠠᠷᠠᠭ᠎ᠠ᠂ ᠮᠠᠨ᠎ᠤ ᠮᠣᠩᠭᠤᠯᠴᠤᠳ ᠳᠠᠭᠠᠨ ᠦᠢᠯᠡᠴᠢᠯᠡᠵᠦ ᠳᠡᠢᠯᠬᠦ ᠪᠠᠷᠢᠮᠵᠢᠶ᠎ᠠ ᠪᠣᠯᠬᠤ᠎ᠨᠢ ᠶᠠᠷᠢᠶᠠᠨ᠎ᠦᠭᠡᠢ ᠭᠡᠵᠦ ᠪᠤᠳᠤᠵᠤ ᠪᠠᠢᠨ᠎ᠠ᠃ ᠬᠡᠳᠦᠢᠪᠡᠷ ᠣᠳᠤ᠎ᠶᠢᠨ ᠰᠠᠨᠠᠯ ᠨᠢᠭᠡᠳᠬᠦ ᠥᠬᠡᠢ ᠣᠯᠠᠨ ᠣᠴᠢᠷ᠎ᠤᠳ᠎ᠢ ᠵᠢᠯ ᠬᠠᠭᠠᠰ᠎ᠤᠨ ᠬᠤᠭᠤᠴᠠᠭ᠎ᠠ ᠬᠡᠷᠡᠭᠰᠡᠨ Greg Eck᠎ᠨᠠᠷ᠎ᠲᠠᠢ ᠶᠠᠷᠢᠯᠴᠠᠭᠰᠠᠨ᠎ᠤ ᠳᠠᠷᠠᠭ᠎ᠠ ᠪᠦᠷ ᠨᠢᠭᠡ ᠨᠢᠭᠡ᠎ᠪᠡᠷ ᠰᠠᠨᠠᠯ ᠨᠢᠭᠡᠳᠦᠭᠡᠳ ᠢᠷᠡᠭᠰᠡᠨ ᠪᠠᠢᠨ᠎ᠠ᠃ ᠡᠭᠦᠨ᠎ᠦ ᠳᠣᠲᠤᠷ᠎ᠠ ᠨᠢᠭᠡ ᠬᠠᠮᠤᠭ᠎ᠤᠨ ᠶᠡᠬᠡ ᠬᠦᠴᠢᠷᠳᠡᠯ ᠪᠣᠯᠤᠭᠰᠠᠨ᠎ᠨᠢ ᠪᠣᠯ ᠮᠣᠩᠭᠤᠯ ᠪᠢᠴᠢᠭ᠎ᠲᠦ ᠬᠣᠣᠰ ᠡᠭᠡᠰᠢᠭ ᠪᠠᠢᠬᠤ᠎ᠪᠠ ᠡᠰᠡᠬᠦᠯ᠎ᠡ᠎ᠬᠣᠣᠰ ᠡᠭᠡᠰᠢᠭ ᠪᠠᠢᠬᠤ᠎ᠦᠭᠡᠢ ᠭᠡᠰᠡᠨ ᠬᠡᠯᠡᠨ ᠵᠦᠢ᠎ᠶᠢᠨ ᠲᠠᠯ᠎ᠠ᠎ᠪᠠᠷ ᠬᠢ ᠵᠥᠪ ᠪᠢᠴᠢᠯᠭᠡ᠎ᠶᠢᠨ ᠲᠤᠬᠠᠢ ᠮᠠᠷᠭᠤᠭᠠᠨ᠎ᠨᠢ ᠬᠡᠴᠡᠭᠦᠦ ᠪᠠᠢᠨ᠎ᠠ᠃ ᠮᠠᠨ᠎ᠤ ᠳᠤᠮᠳᠠᠳᠤ᠂ ᠪᠠᠭ᠎ᠠ ᠰᠤᠷᠭᠠᠭᠤᠯᠢ᠎ᠳᠤ ᠪᠦᠷ ᠬᠣᠣᠰ ᠡᠭᠡᠰᠢᠭ ᠪᠠᠢᠨ᠎ᠠ ᠭᠡᠵᠦ ᠵᠢᠭᠠᠵᠤ ᠪᠠᠢᠨ᠎ᠠ᠃ ᠪᠠᠰᠠ ᠵᠠᠭᠤᠨ᠎ᠤ ᠨᠠᠶᠠ ᠶᠡᠷᠡ᠎ᠡᠴᠡ ᠳᠡᠭᠡᠭᠰᠢ ᠬᠥᠮᠦᠰ ᠪᠦᠷ ᠬᠣᠣᠰ ᠡᠭᠡᠰᠢᠭ ᠳᠠᠢ ᠰᠤᠷᠴᠤ ᠬᠡᠷᠡᠭᠯᠡᠭᠰᠡᠭᠡᠷ ᠢᠷᠡᠭᠰᠡᠨ᠎ᠢ ᠣᠯᠠᠨ᠎ᠢᠶᠠᠷ᠎ᠢᠶᠠᠨ ᠪᠦᠷ ᠮᠡᠳᠡᠵᠦ ᠪᠠᠢᠨ᠎ᠠ᠃ ᠭᠡᠪᠡᠴᠦ ᠡᠷᠲᠡᠨ᠎ᠦ ᠬᠡᠯᠡᠨ ᠵᠦᠢ᠂ ᠡᠷᠲᠡᠨ᠎ᠦ ᠪᠢᠴᠢᠭ᠎ᠲᠦ ᠬᠣᠣᠰ ᠡᠭᠡᠰᠢᠭ ᠥᠬᠡᠢ᠎ᠪᠡᠷ ᠲᠠᠢᠯᠪᠤᠷᠢᠯᠠᠵᠤ ᠪᠠᠢᠬᠤ᠎ᠨᠢ ᠪᠠᠰᠠ ᠦᠨᠡᠨ ᠭᠡᠳᠡᠭ᠎ᠢ ᠪᠢᠳᠡ ᠪᠠᠰᠠ ᠪᠦᠷᠢᠮᠦᠰᠦᠨ ᠣᠢᠯᠠᠭᠠᠭᠰᠠᠨ᠎ᠶᠤᠮ᠃ ᠡᠭᠦᠨ᠎ᠳᠦ ᠠᠯᠢ᠎ᠨᠢ ᠵᠥᠪ ᠠᠯᠢ᠎ᠨᠢ ᠪᠤᠷᠤᠭᠤ ᠭᠡᠬᠦ᠎ᠶᠢᠨ ᠠᠷᠭ᠎ᠠ ᠥᠬᠡᠢ ᠭᠡᠰᠡᠨ᠎ᠴᠦ ᠣᠳᠤ᠎ᠶᠢᠨ ᠬᠡᠷᠡᠭᠯᠡᠭᠳᠡᠵᠦ ᠪᠠᠢᠭ᠎ᠠ ᠪᠠᠢᠳᠠᠯ᠎ᠢ ᠬᠦᠨᠳᠦᠳᠭᠡᠵᠦ ᠰᠢᠰᠲᠧᠮ ᠬᠢᠬᠦ᠎ᠨᠢ ᠵᠥᠪ ᠭᠡᠵᠦ ᠪᠢ ᠦᠵᠡᠨ᠎ᠡ᠃ ᠮᠠᠨ᠎ᠤ ᠺᠣᠮᠫᠢᠦ᠋ᠲᠧᠷ᠎ᠦᠨ ᠮᠡᠷᠭᠡᠵᠢᠯᠲᠡᠨ᠎ᠳᠦ ᠠᠪᠴᠤ ᠬᠡᠯᠡᠪᠡᠯ᠂ ᠵᠥᠪ ᠪᠢᠴᠢᠯᠭᠡ᠎ᠶᠢᠨ ᠠᠰᠠᠭᠤᠳᠠᠯ ᠪᠣᠯ ᠬᠡᠯᠡᠨ᠎ᠦ ᠠᠰᠠᠭᠤᠳᠠᠯ᠂ ᠬᠠᠷᠢᠨ ᠺᠣᠮᠫᠢᠦ᠋ᠲᠧᠷ᠎ᠦᠨ ᠠᠰᠠᠭᠤᠳᠠᠯ ᠪᠢᠰᠢ᠃ ᠮᠢᠨᠦ ᠦᠵᠡᠬᠦ᠎ᠪᠡᠷ ᠪᠢᠳᠡ ᠡᠨᠡ ᠬᠣᠶᠠᠷ ᠲᠠᠯ᠎ᠠ᠎ᠶᠢ ᠪᠦᠷ ᠳᠡᠮᠵᠢᠭᠡᠳ ᠬᠣᠶᠠᠭᠤᠯᠠ᠎ᠶᠢ ᠪᠦᠷ ᠭᠠᠷᠭᠠᠵᠤ ᠳᠡᠢᠯᠬᠦ ᠬᠡᠮᠵᠢᠶᠡᠨ᠎ᠳᠦ ᠬᠦᠷᠭᠡᠭᠡᠳ ᠲᠠᠯᠪᠢᠪᠠᠯ ᠪᠣᠯᠴᠢᠬᠠᠳᠠᠭ ᠭᠡᠵᠦ ᠪᠣᠳᠤᠳᠠᠭ᠃ ᠭᠡᠪᠡᠴᠦ ᠠᠯᠢ᠎ᠨᠢ ᠤᠯᠠᠨ ᠬᠡᠷᠡᠭᠯᠡᠭᠳᠡᠵᠦ᠂ ᠠᠯᠢ᠎ᠨᠢ ᠳᠤᠲᠠᠭᠤ ᠬᠡᠷᠡᠭᠯᠡᠭᠳᠡᠬᠦ ᠭᠡᠬᠦ ᠲᠠᠯ᠎ᠠ᠎ᠪᠠᠷ ᠠᠯᠢ᠎ᠶᠢ᠎ᠨᠢ ᠡᠮᠦᠨ᠎ᠡ ᠲᠠᠯᠪᠢᠵᠤ᠂ ᠠᠯᠢ᠎ᠶᠢ᠎ᠨᠢ ᠬᠣᠢᠨ᠎ᠠ ᠲᠠᠯᠪᠢᠨ᠎ᠠ ᠭᠡᠰᠡᠨ ᠰᠠᠨᠠᠯ᠎ᠤᠨ ᠵᠥᠷᠢᠶ᠎ᠡ ᠪᠠᠢᠨ᠎ᠠ᠃ ᠡᠨᠡ ᠲᠠᠯ᠎ᠠ᠎ᠪᠠᠷ ᠶᠠᠷᠢᠯᠴᠠᠭᠠᠳ ᠣᠭ᠎ᠲᠤ᠎ᠪᠠᠨ ᠵᠠᠭᠤᠨ᠎ᠤ ᠶᠡᠷᠡ ᠣᠷᠴᠢᠮ᠎ᠤᠨ ᠨᠢᠭᠡᠳᠦᠯᠲᠡᠢ᠂ ᠵᠠᠭᠤᠨ᠎ᠤ ᠠᠷᠪᠠ ᠣᠷᠴᠢᠮ᠎ᠤᠨ ᠰᠠᠨᠠᠯ᠎ᠤᠨ ᠵᠥᠷᠢᠶ᠎ᠡ ᠳᠠᠢ ᠪᠠᠢᠭᠰᠠᠨ ᠬᠤᠪᠢᠷᠠᠭᠤᠯᠬᠤ ᠠᠷᠭ᠎ᠠ᠎ᠶᠢᠨ ᠪᠠᠷᠢᠮᠵᠢᠶ᠎ᠠ᠎ᠶᠢ ᠣᠳᠤ ᠵᠠᠭᠤᠨ᠎ᠤ ᠶᠡᠷᠡᠨ ᠨᠠᠢ᠍ᠮᠠ᠎ᠠᠴᠠ ᠶᠡᠷᠡ ᠶᠢᠰᠦ ᠬᠦᠷᠲᠡᠯ᠎ᠡ ᠨᠢᠭᠡᠳᠦᠮᠡᠷ ᠪᠣᠯᠤᠭᠠᠳ ᠢᠷᠡᠵᠦ ᠪᠠᠢᠨ᠎ᠠ᠃ ᠪᠠᠶᠠᠷᠯᠠᠭᠤᠰᠢᠲᠠᠢ ᠣᠴᠢᠷ ᠭᠡᠵᠦ ᠦᠵᠡᠵᠦ ᠪᠠᠢᠨ᠎ᠠ᠃ ᠡᠨᠡ ᠰᠠᠢᠨ ᠦᠷ᠎ᠡ ᠳ᠋ᠦ᠋ᠩ᠎ᠢ ᠯᠠᠪ ᠡᠰᠡᠷᠭᠦᠴᠡᠬᠦ ᠬᠥᠮᠦᠨ ᠪᠠᠢᠬᠤ ᠥᠬᠡᠢ ᠭᠡᠵᠦ ᠪᠢ ᠪᠣᠳᠤᠵᠤ ᠪᠠᠢᠨ᠎ᠠ᠃ ᠡᠰᠡᠷᠭᠦᠴᠡᠬᠦ ᠬᠥᠮᠦᠨ ᠭᠠᠷᠴᠤ ᠢᠷᠡᠭᠰᠡᠨ᠎ᠴᠦ ᠴᠥᠭᠡᠨ ᠲᠣᠭ᠎ᠠ ᠪᠣᠯᠬᠤ᠎ᠶᠤᠮ ᠭᠡᠵᠦ ᠪᠢ ᠪᠠᠲᠤ ᠢᠲᠡᠭᠡᠵᠦ᠂ ᠡᠰᠡᠷᠭᠦᠴᠡᠬᠦ ᠰᠠᠨᠠᠯ ᠪᠠᠢᠪᠠᠯ W3C᠎ᠶᠢᠨ ᠳᠣᠣᠷᠠᠬᠢ ᠬᠡᠯᠡᠯᠴᠡᠭᠡᠷ ᠰᠠᠨᠠᠯ᠎ᠢᠶᠠᠨ ᠳᠡᠪᠰᠢᠭᠦᠯᠵᠦ᠂ ᠣᠯᠠᠨ ᠡᠷᠳᠡᠮᠲᠡᠳ᠎ᠲᠦ ᠡᠷᠭᠦᠭᠰᠡᠨ ᠰᠠᠨᠠᠯ᠎ᠢᠶᠠᠨ ᠵᠥᠪ ᠭᠡᠵᠦ ᠦᠨᠡᠯᠡᠭᠳᠡᠬᠦ ᠬᠦᠷᠲᠡᠯ᠎ᠡ ᠲᠠᠢᠯᠪᠤᠷᠢᠯᠠᠬᠤ ᠬᠡᠷᠡᠭᠲᠡᠢ ᠪᠢᠰᠢ᠎ᠦᠦ ᠭᠡᠵᠦ ᠪᠣᠳᠤᠨ᠎ᠠ᠃

ᠠᠰᠠᠭᠤᠯᠲᠠ (ᠡ᠊᠂ ᠭᠤᠸᠠᠢ)

Unicode᠎ᠠᠴᠠ ᠮᠠᠨ᠎ᠤ ᠮᠣᠩᠭᠤᠯ ᠦᠰᠦᠭ᠎ᠲᠦ ᠥᠭᠭᠦᠭᠰᠡᠨ ᠺᠣᠳ᠋᠎ᠤᠨ ᠣᠷᠤᠨ ᠲᠣᠭ᠎ᠠ᠎ᠶᠢ ᠠᠩᠬ᠎ᠠ ᠡᠬᠢᠨ᠎ᠳᠦ᠎ᠪᠡᠨ ᠴᠣᠬᠤᠮ᠎ᠳᠤ᠎ᠪᠠᠨ ᠮᠣᠩᠭᠤᠯ᠎ᠳᠤ ᠬᠡᠳᠦᠢ ᠥᠭᠬᠦ ᠶᠣᠰᠤᠲᠠᠢ ᠪᠤᠢ ᠭᠡᠳᠡᠭ᠎ᠢ ᠬᠡᠨ ᠲᠣᠭᠲᠠᠭᠠᠭᠰᠠᠨ ᠪᠣᠢ︖ ᠮᠣᠩᠭᠤᠯᠴᠤᠳ ᠥᠪᠡᠷ᠎ᠢᠶᠡᠨ ᠮᠠᠨ᠎ᠳᠤ ᠡᠳᠦᠢ ᠬᠡᠷᠡᠭᠲᠡᠢ ᠭᠡᠵᠦ ᠱᠠᠭᠠᠷᠳᠠᠭᠰᠠᠨ᠎ᠶᠤᠮ᠎ᠤᠤ︖ ᠡᠰᠡᠬᠦᠯ᠎ᠡ Unicode᠎ᠦᠨ ᠲᠠᠯ᠎ᠠ᠎ᠶᠢᠨ ᠬᠢᠨ ᠲᠠᠨᠠᠷ᠎ᠲᠤ ᠡᠳᠦᠢ᠎ᠡᠴᠡ ᠢᠯᠡᠭᠦᠦ ᠥᠭᠬᠦ᠎ᠦᠭᠡᠢ ᠭᠡᠰᠡᠨ᠎ᠶᠦᠮ ᠤ᠋ᠤ︖ ᠴᠣᠬᠤᠮ ᠶᠠᠮᠠᠷ ᠰᠢᠯᠲᠠᠭᠠᠨ᠎ᠢᠶᠠᠷ ᠶᠠᠭᠠᠬᠢᠵᠤ ᠡᠳᠦᠢ ᠲᠣᠭᠠᠨ᠎ᠤ ᠡᠨᠡᠬᠦ ᠺᠣᠳ᠋᠎ᠢ ᠮᠠᠨ᠎ᠳᠤ ᠥᠭᠭᠦᠭᠰᠡᠨ ᠪᠤᠢ︖ ᠣᠷᠤᠨ ᠲᠣᠭ᠎ᠠ ᠬᠢᠵᠠᠭᠠᠷᠲᠠᠢ ᠭᠡᠪᠡᠯ ᠶᠠᠭᠠᠬᠢᠭᠠᠳ ᠬᠢᠲᠠᠳ ᠦᠰᠦᠭ᠂ ᠰᠣᠯᠤᠩᠭᠤᠰ ᠦᠰᠦᠭ᠎ᠲᠦ ᠵᠡᠷᠭᠡ ᠪᠦᠷ ᠬᠡᠳᠦᠨ ᠲᠦᠮᠡᠨ ᠣᠷᠤᠨ ᠲᠣᠭ᠎ᠠ ᠥᠭᠭᠦᠭᠰᠡᠨ ᠪᠠᠢᠬᠤ᠎ᠳᠤ᠂ ᠬᠡᠯᠡᠨ᠎ᠦ ᠬᠢᠨᠢ ᠱᠠᠭᠠᠷᠳᠠᠯᠭ᠎ᠠ ᠪᠠᠢᠬᠤ᠎ᠶᠤᠮ ᠪᠣᠯ ᠪᠠᠰᠠ᠎ᠲᠡᠷᠡ ᠣᠷᠤᠨ ᠲᠣᠭ᠎ᠠ᠎ᠶᠢ ᠥᠭᠴᠦ ᠪᠠᠢᠬᠤ᠎ᠰᠢᠭ᠋᠃ ᠶᠠᠭᠠᠬᠢᠬᠤ᠎ᠳᠤ᠎ᠪᠠᠨ ᠮᠠᠨ᠎ᠤ ᠮᠣᠩᠭᠤᠯᠴᠤᠳ᠎ᠲᠤ ᠵᠠᠭᠤ ᠭᠠᠷᠤᠢᠬᠠᠨ ᠥᠭᠴᠢᠬᠡᠭᠡᠳ ᠪᠠᠰᠠ ᠵᠠᠪᠠᠯ ᠣᠷᠤᠨ ᠲᠣᠭ᠎ᠠ ᠠᠷᠪᠢᠯᠠᠨ᠎ᠠ ᠭᠡᠳᠡᠭ ᠭᠠᠴᠢᠭᠳᠠᠯ᠎ᠳᠤ ᠲᠤᠯᠭᠠᠷᠠᠭᠰᠠᠨ ᠪᠤᠢ︖

ᠮᠣᠩᠭᠤᠯ ᠪᠢᠴᠢᠭ᠎ᠢ ᠪᠣᠯ ᠠᠪᠢᠶ᠎ᠠ᠎ᠪᠠᠷ ᠣᠷᠤᠭᠤᠯᠤᠭᠰᠠᠨ ᠭᠡᠨ᠎ᠡ᠃ ᠭᠡᠬᠦ᠎ᠳᠦ᠎ᠪᠡᠨ ᠶᠠᠭ ᠬᠡᠷᠡᠭᠯᠡᠭᠡᠨ ᠳᠤᠮᠳᠠ ᠠᠪᠴᠤ ᠬᠡᠯᠡᠪᠡᠯ ᠪᠠᠭ᠎ᠠ ᠶᠠᠷᠰᠢᠭ᠎ᠲᠠᠢ ᠪᠣᠯᠤᠭᠠᠳ ᠪᠠᠢᠨ᠎ᠠ᠃ ᠵᠢᠱ᠌ᠢᠶᠡᠯᠡᠪᠡᠯ᠄ ᠣᠳᠤ᠎ᠶᠢᠨ ᠬᠡᠷᠡᠭᠯᠡᠯ᠎ᠳᠦ ᠣᠷᠤᠵᠤ ᠪᠠᠢᠬᠤ ᠰᠢᠰᠲᠧᠮ ᠪᠤᠶᠤ ᠰᠣᠹᠲ ᠳᠡᠭᠡᠷ᠎ᠡ ᠪᠢᠴᠢᠬᠦ ᠵᠡᠷᠭᠡ᠎ᠳᠦ ᠨᠡᠯᠢᠶᠡᠳ ᠶᠠᠷᠰᠢᠭ᠎ᠲᠠᠢ᠎ᠰᠢᠭ᠋ ᠰᠠᠨᠠᠭᠳᠠᠵᠤ ᠪᠠᠢᠨ᠎ᠠ᠃

Unicode᠎ᠦᠨ ᠳᠣᠲᠤᠷ᠎ᠠ ᠡᠯ᠎ᠡ ᠬᠤᠪᠢᠯᠪᠤᠷᠢ ᠳᠦᠷᠰᠦ᠎ᠨᠢ ᠪᠦᠭᠦᠳᠡᠭᠡᠷ᠎ᠢᠶᠡᠨ ᠰᠠᠢᠬᠠᠨ ᠣᠷᠤᠴᠢᠬᠠᠭᠰᠠᠨ ᠪᠠᠢᠪᠠᠯ᠂ ᠦᠰᠦᠭ ᠣᠷᠤᠭᠤᠯᠬᠤ ᠠᠷᠭ᠎ᠠ(输入法) ᠵᠡᠷᠭᠡ᠎ᠶᠢ ᠶᠠᠩᠵᠤᠯᠠᠵᠤ ᠪᠣᠯᠬᠤ᠎ᠯᠠ ᠪᠠᠢᠬᠤ ᠤᠴᠢᠷ᠎ᠠᠴᠠ ᠪᠢᠴᠢᠬᠦ᠎ᠳᠦ ᠠᠮᠠᠷ ᠠᠷᠭ᠎ᠠ ᠣᠯᠳᠠᠵᠤ ᠪᠣᠯᠬᠤ ᠪᠠᠢᠬ᠎ᠠ ᠭᠡᠵᠦ ᠪᠤᠳᠤᠵᠤ ᠪᠠᠢᠨ᠎ᠠ᠃

ᠰᠣᠨᠢᠷᠬᠠᠯᠲᠠᠢ ᠠᠰᠠᠭᠤᠳᠠᠯ ᠭᠡᠪᠡᠯ᠂

ᠴᠣᠢᠵᠤᠩᠵᠠᠪ ᠭᠤᠸᠠᠢ᠎ᠶᠢᠨ 2000ᠣᠨ᠎ᠳᠤ ᠨᠡᠢᠲᠡᠯᠡᠭᠰᠡᠨ 《蒙古文编码》 ᠭᠡᠳᠡᠭ ᠨᠣᠮ᠎ᠢ ᠬᠢᠲᠠᠳ᠎ᠢᠶᠠᠷ ᠬᠡᠪᠯᠡᠭᠰᠡᠨ ᠭᠡᠳᠡᠭ᠎ᠨᠢ ᠶᠡᠬᠡ ᠰᠣᠨᠢᠨ ᠪᠠᠢᠨ᠎ᠠ᠃ ᠮᠣᠩᠭᠤᠯ᠎ᠢᠶᠠᠷ ᠪᠠᠢᠭ᠎ᠠ ᠪᠣᠯ᠎ᠤᠤ︖ ᠮᠣᠩᠭᠤᠯ ᠬᠡᠯᠡᠨ᠎ᠦ ᠠᠪᠢᠶ᠎ᠠ᠂ ᠦᠰᠦᠭ ᠭᠡᠵᠦ ᠶᠡᠬᠡ ᠨᠠᠷᠢᠨ ᠪᠤᠳᠤᠯᠢᠶᠠᠨᠲᠠᠢ᠂ ᠬᠤᠪᠢᠷᠠᠯ ᠵᠡᠷᠭᠡ ᠲᠡᠢᠮᠦ ᠤᠯᠠᠨ ᠶᠠᠭᠤᠮ᠎ᠠ᠎ᠶᠢ ᠬᠢᠲᠠᠳ᠎ᠢᠶᠠᠷ ᠢᠯᠡᠳᠭᠡᠨ᠎ᠡ ᠭᠡᠵᠦ ᠬᠡᠴᠡᠭᠦᠦ ᠠᠰᠠᠭᠤᠳᠠᠯ ᠭᠡᠵᠦ ᠪᠤᠳᠤᠵᠤ ᠪᠠᠢᠨ᠎ᠠ᠃ ᠬᠢᠲᠠᠳ᠎ᠢᠶᠠᠷ ᠢᠯᠡᠳᠭᠡᠬᠦ᠎ᠳᠦ ᠣᠢᠯᠠᠭᠠᠭᠳᠠᠬᠤ᠎ᠳᠤ ᠬᠡᠴᠡᠭᠦᠦ᠂ ᠡᠬᠡ ᠬᠡᠯᠡᠨ᠎ᠦ ᠲᠠᠯ᠎ᠠ᠎ᠪᠠᠷ ᠬᠢᠲᠠᠳ ᠬᠡᠯᠡ ᠪᠣᠯ ᠮᠠᠰᠢ ᠬᠥᠰᠢᠭᠦᠨ᠂ ᠤᠷᠠᠯᠢᠭ ᠪᠢᠰᠢ᠂ ᠬᠡᠯᠡᠨ ᠵᠦᠢ᠎ᠶᠢᠨ ᠲᠠᠯ᠎ᠠ᠎ᠪᠠᠷ ᠳᠥᠭᠦᠮᠬᠡᠨ᠎ᠶᠦᠮ᠃ ᠲᠡᠢᠮᠦ ᠪᠠᠢᠳᠠᠯ᠎ᠤᠨ ᠳᠣᠣᠷ᠎ᠠ ᠶᠠᠭᠠᠬᠢᠬᠤ᠎ᠳᠤ᠎ᠪᠠᠨ ᠵᠠᠪᠠᠯ ᠬᠢᠲᠠᠳ᠎ᠢᠶᠠᠷ ᠢᠯᠡᠳᠭᠡᠳᠡᠭ ᠪᠤᠢ︖ ᠲᠡᠭᠡᠭᠡᠳ ᠡᠴᠦᠰ᠎ᠲᠦ᠎ᠪᠡᠨ ᠶᠠᠮᠠᠷ ᠠᠷᠭ᠎ᠠ ᠮᠠᠶᠢᠭ᠎ᠢᠶᠠᠷ ᠠᠩᠭᠯᠢ ᠬᠡᠯᠡ᠎ᠪᠡᠷ ᠣᠷᠴᠢᠭᠤᠯᠤᠨ Unicode᠎ᠦᠨ ᠬᠥᠮᠦᠰ᠎ᠦᠨ ᠠᠩᠬᠠᠷᠤᠯ᠎ᠳᠤ ᠬᠦᠷᠦᠭᠰᠡᠨ ᠪᠣᠯ ᠭᠡᠵᠦ ᠪᠤᠳᠤᠵᠤ ᠪᠠᠢᠨ᠎ᠠ᠃

ᠳᠠᠷᠠᠭᠠᠨ᠎ᠳᠤ᠎ᠨᠢ ᠬᠡᠳᠦᠨ ᠮᠡᠷᠭᠡᠵᠢᠯ᠎ᠦᠨ ᠠᠰᠠᠭᠤᠯᠲᠠ ᠠᠰᠠᠭᠤᠶ᠎ᠠ᠃

1. Unicode᠎ᠦᠨ ᠳᠣᠲᠤᠷᠠᠬᠢ MVS ᠭᠡᠵᠦ ᠪᠠᠢᠳᠠᠭ᠂ ᠲᠡᠷᠡ᠎ᠨᠢ MongolianVowel Selector ᠭᠡᠵᠦ ᠡᠭᠡᠰᠢᠭ᠎ᠢ ᠰᠣᠩᠭᠤᠵᠤ ᠣᠷᠤᠭᠤᠯᠬᠤ᠎ᠳᠤ ᠬᠡᠷᠡᠭᠯᠡᠳᠡᠭ ᠺᠣᠳ᠋ ᠪᠠᠢᠭ᠎ᠠ᠃ MongolPad᠎ᠢ ᠬᠡᠷᠡᠭᠯᠡᠭᠡᠳ 《ᠪᠠᠢᠨ᠎ᠠ》 ᠭᠡᠳᠡᠭ ᠦᠰᠦᠭ᠎ᠢ ᠶᠠᠭᠠᠬᠢᠵᠤ ᠣᠷᠤᠭᠤᠯᠬᠤ ᠪᠤᠢ︖ 《ᠠ》 ᠲᠤᠰᠠᠭᠠᠷ᠎ᠢᠶᠠᠨ Unicode ᠳᠣᠲᠤᠷ᠎ᠠ ᠪᠠᠢᠳᠠᠭ᠎ᠤᠤ︖

2. FVS1᠂ 2᠂ 3 ᠬᠣᠭᠤᠷᠤᠨᠳᠤ᠎ᠪᠠᠨ ᠶᠠᠮᠠᠷ ᠢᠯᠭᠠᠭ᠎ᠠ᠎ᠲᠠᠢ ᠪᠤᠢ︖ ᠶᠠᠮᠠᠷ ᠪᠠᠢᠳᠠᠯ ᠳᠣᠣᠷ᠎ᠠ ᠶᠠᠭᠠᠬᠢᠵᠤ ᠬᠡᠷᠡᠭᠯᠡᠳᠡᠭ ᠪᠤᠢ︖ ᠡᠭᠦᠨ᠎ᠢ ᠣᠷᠤᠭᠤᠯᠤᠭᠰᠠᠨ᠎ᠤ ᠤᠭ ᠵᠣᠷᠢᠯᠭ᠎ᠠ᠎ᠨᠢ ᠶᠠᠮᠠᠷ ᠠᠰᠠᠭᠤᠳᠠᠯ᠎ᠢ ᠰᠢᠢᠳᠪᠦᠷᠢᠯᠡᠬᠦ ᠭᠡᠰᠡᠨ ᠪᠤᠢ︖ ᠲᠡᠭᠡᠭᠡᠳ ᠡᠨᠡᠬᠦ ᠭᠤᠷᠪᠠ᠎ᠶᠢᠨ ᠬᠡᠷᠡᠭᠯᠡᠭᠳᠡᠬᠦ ᠲᠠᠯ᠎ᠠ᠎ᠪᠠᠷ ᠲᠣᠳᠤᠷᠬᠠᠢᠯᠠᠯᠲᠠ ᠬᠢᠵᠦ ᠥᠭᠬᠦ ᠪᠣᠯᠪᠠ᠎ᠤᠤ︖

3. 256 ᠺᠣᠳ᠋ ᠪᠤᠶᠤ ᠣᠷᠤᠨ ᠵᠠᠢ ᠥᠭᠭᠦᠭᠰᠡᠨ ᠦᠨᠳᠦᠰᠦᠯᠡᠯ᠎ᠨᠢ ᠶᠠᠭᠤ ᠪᠤᠢ︖

4. ᠪᠠᠭ᠎ᠠ ᠰᠤᠷᠭᠠᠭᠤᠯᠢ᠎ᠶᠢᠨ ᠬᠢᠴᠢᠶᠡᠯ᠎ᠦᠨ ᠪᠢᠴᠢᠭ᠎ᠦᠨ ᠴᠠᠭᠠᠨ ᠲᠣᠯᠤᠭᠠᠢ ᠵᠢᠴᠢ ᠬᠤᠪᠢᠷᠠᠯ᠂ ᠳᠡᠪᠢᠰᠭᠡᠷ ᠦᠰᠦᠭ ᠪᠠ ᠭᠠᠯᠢᠭ ᠦᠰᠦᠭ᠎ᠦᠳ᠎ᠢ ᠲᠡᠷᠡ ᠶᠠᠩᠵᠤ᠎ᠪᠠᠷ᠎ᠨᠢ ᠣᠷᠤᠭᠤᠯᠤᠭᠰᠠᠨ ᠪᠣᠯ ᠬᠡᠳᠦᠢ ᠰᠠᠢᠬᠠᠨ ᠪᠣᠢ︖

5. ᠣᠨᠴᠠᠭᠠᠢᠯᠠᠨ 《ᠲᠤᠭᠤᠯᠭᠠᠨ᠎ᠢᠶᠠᠷ》᠎ᠢᠶᠡᠷ ᠰᠠᠭᠤᠷᠢ ᠪᠣᠯᠭᠠᠨ᠂ 《ᠲᠤᠭᠤᠯᠭᠠᠨ᠎ᠢᠶᠠᠷ》᠎ᠦᠨ ᠬᠡᠰᠡᠭ ᠪᠦᠷᠢ᠎ᠶᠢᠨ ᠲᠣᠭ᠎ᠠ᠎ᠪᠠᠷ Unicode᠎ᠦᠨ ᠣᠷᠤᠨ ᠲᠣᠭ᠎ᠠ ᠭᠤᠶᠤᠴᠢᠯᠠᠭᠰᠠᠨ ᠪᠣᠯ ᠲᠠᠭᠠᠷᠠᠬᠤ ᠪᠠᠢᠬ᠎ᠠ ᠭᠡᠵᠦ ᠪᠣᠳᠤᠨ᠎ᠠ᠃

6. ᠠᠯᠢ ᠭᠠᠯᠢ ᠵᠡᠷᠭᠡ ᠳᠡᠭᠡᠷ᠎ᠡ ᠦᠶ᠎ᠡ᠎ᠶᠢᠨ ᠦᠰᠦᠭ ᠪᠢᠴᠢᠭ᠎ᠢ ᠣᠷᠤᠭᠤᠯᠤᠭᠰᠠᠨ᠎ᠤ ᠤᠴᠢᠷ ᠤᠳᠭ᠎ᠠ᠎ᠨᠢ ᠶᠠᠭᠤ ᠪᠤᠢ︖ ᠮᠣᠩᠭᠤᠯ ᠦᠰᠦᠭ᠎ᠢ Unicode᠎ᠲᠦ ᠣᠷᠤᠭᠤᠯᠬᠤ᠎ᠳᠤ ᠵᠠᠪᠠᠯ ᠤᠯᠠᠨ ᠵᠦᠢᠯ᠎ᠦᠨ ᠶᠠᠭᠤᠮ᠎ᠠ᠎ᠶᠢ ᠬᠢᠵᠦ ᠴᠢᠳᠠᠬᠤ᠎ᠪᠠᠷ ᠣᠷᠤᠭᠤᠯᠬᠤ ᠬᠡᠷᠡᠭᠲᠡᠢ᠃ ᠮᠣᠩᠭᠤᠯ ᠦᠰᠦᠭ᠎ᠢ ᠦᠶ᠎ᠡ᠎ᠪᠡᠷ ᠣᠷᠤᠭᠤᠯᠪᠠᠯ ᠠᠰᠢᠭ᠎ᠲᠠᠢ ᠲᠠᠯ᠎ᠠ ᠤᠯᠠᠨ ᠪᠣᠯᠪᠠᠴᠤ᠂ ᠠᠪᠢᠶ᠎ᠠ᠎ᠪᠠᠷ ᠪᠢᠴᠢᠬᠦ ᠴᠢᠬᠤᠯᠠᠲᠠᠢ ᠦᠶ᠎ᠡ ᠭᠠᠷᠴᠤ ᠢᠷᠡᠳᠡᠭ ᠪᠥᠭᠡᠳ ᠣᠷᠤᠭᠤᠯᠬᠤ᠎ᠳᠤ ᠶᠡᠬᠡ ᠬᠦᠴᠢᠷᠲᠡᠢ ᠪᠠᠢᠬ᠎ᠠ᠃

7.ᠮᠣᠩᠭᠤᠯ ᠦᠰᠦᠭ᠎ᠢ ᠶᠠᠭᠠᠬᠢᠭᠠᠳ ᠦᠶ᠎ᠡ᠎ᠪᠡᠷ ᠣᠷᠤᠭᠤᠯᠤᠭᠰᠠᠨ᠎ᠦᠭᠡᠢ᠂ ᠠᠪᠢᠶ᠎ᠠ᠎ᠪᠠᠷ ᠣᠷᠤᠭᠤᠯᠤᠭᠰᠠᠨ ᠪᠤᠢ︖

8.ᠪᠢ ᠲᠠᠨ᠎ᠳᠤ ᠥᠪᠦᠷ ᠮᠣᠩᠭᠤᠯ᠎ᠤᠨ ᠶᠡᠬᠡ ᠰᠤᠷᠭᠠᠭᠤᠯᠢ᠎ᠶᠢᠨ ᠵᠣᠬᠢᠶᠠᠭᠰᠠᠨ 《ᠮᠣᠩᠭᠤᠯ ᠬᠢᠲᠠᠳ ᠳᠣᠯᠢ》 (ᠰᠢᠷ᠎ᠠ ᠳᠣᠯᠢ ᠭᠡᠵᠦ᠎ᠴᠦ ᠬᠡᠯᠡᠨ᠎ᠡ)᠎ᠶᠢᠨ ᠠᠷᠤ᠎ᠳᠠᠬᠢ ᠴᠠᠭᠠᠨ ᠲᠣᠯᠤᠭᠠᠢ᠎ᠶᠢᠨ ᠬᠦᠰᠦᠨᠦᠭᠲᠦ᠎ᠶᠢ ᠶᠠᠪᠤᠭᠤᠯᠵᠤ ᠥᠭᠪᠡ᠃ ᠴᠣᠬᠤᠮ ᠡᠨᠡ ᠬᠦᠰᠦᠨᠦᠭᠲᠦ᠎ᠶᠢᠨ ᠴᠠᠭᠠᠨ ᠲᠣᠯᠤᠭᠠᠢ᠎ᠶᠢ Unicode᠎ᠲᠦ ᠣᠷᠤᠭᠤᠯᠤᠭᠰᠠᠨ ᠪᠣᠯ ᠪᠣᠯᠴᠢᠬᠠᠬᠤ ᠪᠢᠰᠢ᠎ᠦᠦ ︖

9.ᠮᠢᠨᠦ ᠯᠠᠪᠯᠠᠭᠰᠠᠨ᠎ᠢᠶᠠᠷ ᠰᠣᠯᠤᠩᠭᠤᠰ ᠥᠰᠦᠭ ᠪᠣᠯ ᠪᠠᠰᠠ ᠠᠪᠢᠶᠠᠲᠤ ᠥᠰᠦᠭ ᠪᠠᠢᠨ᠎ᠠ᠃ ᠭᠡᠪᠡᠴᠦ Unicode᠎ᠲᠦ ᠰᠣᠯᠤᠩᠭᠤᠰ ᠥᠰᠦᠭ᠎ᠢ ᠪᠦᠷ ᠳᠦᠷᠰᠦ᠎ᠪᠡᠷ ᠣᠷᠤᠭᠤᠯᠤᠭᠠᠳ ᠬᠡᠳᠦᠨ ᠵᠠᠭᠤᠨ ᠣᠷᠤᠨ ᠡᠵᠡᠯᠡᠭᠰᠡᠨ ᠪᠠᠢᠬᠤ᠎ᠳᠤ᠂ ᠮᠠᠨ᠎ᠤ ᠮᠣᠩᠭᠤᠯ ᠥᠰᠦᠭ᠎ᠢ ᠳᠦᠷᠰᠦ᠎ᠪᠡᠷ ᠣᠷᠤᠭᠤᠯᠵᠤ ᠳᠡᠢᠯᠦᠭᠰᠡᠨ ᠥᠬᠡᠢ ᠰᠢᠯᠲᠠᠭᠠᠨ᠎ᠨᠢ ᠶᠠᠭᠤ ᠪᠣᠢ︖

10. ᠰᠢᠪᠡᠭᠡ᠂ ᠲᠣᠳᠤ(ᠠᠮᠢᠳᠤ ᠬᠡᠯᠡ)᠂ ᠮᠠᠨᠵᠤ᠂ ᠠᠯᠢ ᠭᠠᠯᠢ(ᠡᠷᠲᠡᠨ᠎ᠦ ᠬᠡᠯᠡ) ᠵᠡᠷᠭᠡ ᠦᠰᠦᠭ᠎ᠦᠳ᠎ᠢ ᠣᠷᠤᠭᠤᠯᠤᠭᠰᠠᠨ᠎ᠤ ᠦᠨᠳᠦᠰᠦᠯᠡᠯ᠎ᠨᠢ ᠶᠠᠭᠤ ᠪᠤᠢ︖ ᠶᠠᠮᠠᠷ ᠤᠴᠢᠷ᠎ᠠᠴᠠ ᠣᠷᠤᠭᠤᠯᠤᠭᠰᠠᠨ ᠪᠤᠢ︖ ᠡᠨᠡ᠎ᠨᠢ ᠲᠤᠬᠠᠢ᠎ᠶᠢᠨ ᠦᠶ᠎ᠡ᠎ᠳᠦ ᠶᠠᠮᠠᠷ ᠶᠠᠷᠢᠯᠴᠠᠭᠠᠨ᠂ ᠮᠠᠷᠭᠤᠭᠠᠨ᠂ ᠵᠥᠷᠢᠴᠡᠯᠳᠦᠭᠡᠨ᠎ᠢ ᠥᠩᠭᠡᠷᠡᠭᠡᠭᠰᠡᠨ ᠪᠤᠢ ︖

ᠬᠠᠷᠢᠭᠤᠯᠲᠠ(ᠵᠢᠷᠤᠮᠲᠤ)

ᠤᠷᠢᠳᠠᠪᠠᠷ ᠬᠡᠳᠦᠨ ᠲᠤᠰᠭᠠᠢ ᠲᠡᠮᠳᠡᠭ ᠣᠷᠤᠭᠰᠠᠨ᠎ᠢ ᠲᠠᠢᠯᠪᠤᠷᠢᠯᠠᠶ᠎ᠠ᠃ ᠮᠣᠩᠭᠤᠯ ᠪᠢᠴᠢᠭ᠎ᠦᠨ Unicode ᠪᠠᠷᠢᠮᠵᠢᠶᠠᠨ᠎ᠳᠤ MVS᠂ FVS(Free Variant Selector)1᠂ 2᠂ 3 ᠭᠡᠵᠦ ᠪᠠᠢᠳᠠᠭ᠂ ᠡᠳᠡᠭᠡᠷ᠎ᠦᠨ ᠢᠯᠭᠠᠭ᠎ᠠ ᠭᠡᠪᠡᠯ᠂ MVS᠎ᠭᠡᠳᠡᠭ᠎ᠨᠢ ᠳᠣᠣᠷ᠎ᠠ ᠣᠷᠤᠬᠤ᠎ᠳᠤ᠎ᠪᠠᠨ ᠰᠠᠯᠭᠠᠵᠤ ᠪᠢᠴᠢᠳᠡᠭ《ᠠ᠊᠂ ᠡ᠊》᠎ᠶᠢᠨ ᠡᠮᠦᠨ᠎ᠡ᠎ᠨᠢ ᠬᠡᠷᠡᠭᠯᠡᠳᠡᠭ ᠲᠤᠰᠭᠠᠢ ᠲᠡᠮᠳᠡᠭ ᠪᠣᠯᠤᠨ᠎ᠠ᠃ ᠲᠡᠭᠦᠨ᠎ᠢ ᠮᠠᠨ᠎ᠤ ᠠᠯᠮᠠᠰ᠎ᠤᠨ ᠣᠷᠤᠭᠤᠯᠬᠤ ᠠᠷᠭ᠎ᠠ᠎ᠳᠤ ᠪᠣᠯ 《Shift-A》᠎ᠪᠠᠷ ᠣᠷᠤᠭᠤᠯᠳᠠᠭ᠃ ᠮᠠᠨ᠎ᠤ ᠤᠯᠤᠰ᠎ᠤᠨ ᠪᠠᠷᠢᠮᠵᠢᠶ᠎ᠠ᠎ᠳᠤ ᠪᠣᠯ 《︱》 ᠲᠡᠮᠳᠡᠭ᠎ᠢᠶᠡᠷ ᠣᠷᠤᠭᠤᠯᠵᠤ ᠪᠠᠢᠨ᠎ᠠ᠃ 《ᠠ᠊᠂ ᠡ᠊》ᠵᠢ ᠰᠠᠯᠭᠠᠵᠤ ᠪᠢᠴᠢᠬᠦ ᠦᠶ᠎ᠡ᠎ᠳᠦ 《Shift-A》 ᠭᠡᠵᠦ ᠴᠡᠭᠡᠵᠢᠯᠡᠬᠦ᠎ᠳᠦ ᠠᠮᠤᠷ᠎ᠢ ᠪᠤᠳᠤᠵᠤ ᠪᠢᠳᠡ 《Shift-A》᠎ᠪᠠᠷ ᠣᠷᠤᠭᠤᠯᠬᠤ᠎ᠪᠠᠷ ᠲᠣᠭᠲᠠᠭᠠᠵᠠᠢ᠃

ᠳᠠᠷᠠᠭ᠎ᠠ᠎ᠳᠤ᠎ᠨᠢ NNBSP (Narrow No-Break Space) ᠭᠡᠳᠡᠭ ᠲᠤᠰᠭᠠᠢ ᠲᠡᠮᠳᠡᠭ᠎ᠢ ᠪᠣᠯ ᠲᠡᠢᠨ ᠢᠯᠭᠠᠯ᠎ᠤᠨ ᠳᠠᠭᠠᠪᠤᠷᠢ᠎ᠶᠢᠨ ᠡᠮᠦᠨ᠎ᠡ ᠬᠡᠷᠡᠭᠯᠡᠵᠦ᠂ ᠳᠡᠭᠡᠷᠡᠬᠢ ᠦᠭᠡ᠎ᠪᠡᠨ ᠳᠠᠭᠠᠵᠤ ᠨᠢᠭᠡ ᠪᠦᠲᠦᠨ ᠦᠭᠡ ᠪᠣᠯᠤᠭᠠᠳ ᠮᠥᠷ ᠰᠣᠯᠢᠭᠳᠠᠬᠤ ᠦᠶ᠎ᠡ᠎ᠳᠦ ᠬᠣᠭᠤᠷᠤᠨᠳᠤ᠎ᠪᠠᠨ ᠲᠠᠰᠤᠷᠠᠬᠤ ᠥᠬᠡᠢ ᠪᠠᠢᠬᠤ᠎ᠶᠢ ᠪᠠᠲᠤᠯᠠᠳᠠᠭ᠃ ᠡᠨᠡ᠎ᠲᠡᠮᠳᠡᠭ᠎ᠢ ᠮᠠᠨ᠎ᠤ ᠠᠯᠮᠠᠰ᠎ᠤᠨ ᠣᠷᠤᠭᠤᠯᠬᠤ ᠠᠷᠭ᠎ᠠ᠎ᠳᠤ ᠪᠣᠯ 《Shift-S》᠎ᠪᠠᠷ ᠣᠷᠤᠭᠤᠯᠳᠠᠭ᠃ ᠮᠠᠨ᠎ᠤ ᠤᠯᠤᠰ᠎ᠤᠨ ᠪᠠᠷᠢᠮᠵᠢᠶ᠎ᠠ᠎ᠳᠤ ᠪᠣᠯ《-》ᠲᠡᠮᠳᠡᠭ᠎ᠢᠶᠡᠷ ᠣᠷᠤᠭᠤᠯᠵᠤ ᠪᠠᠢᠨ᠎ᠠ᠃ ᠪᠠᠢᠭᠠᠯᠢ᠎ᠶᠢᠨ ᠰᠢᠨᠵᠢᠯᠡᠬᠦ ᠤᠬᠠᠭᠠᠨ᠎ᠤ ᠮᠣᠩᠭᠤᠯ ᠮᠠᠲᠧᠷᠢᠶᠠᠯ᠎ᠢ ᠣᠷᠤᠭᠤᠯᠬᠤ ᠦᠶ᠎ᠡ᠎ᠳᠦ ᠬᠠᠰᠤᠬᠤ ᠲᠡᠮᠳᠡᠭ᠎ᠢ ᠶᠡᠷᠦᠮᠳᠡᠭ ᠵᠠᠷᠤᠳᠠᠭ᠎ᠠᠴᠠ ᠪᠢᠳᠡ 《Shift-S》᠎ᠪᠠᠷ ᠣᠷᠤᠭᠤᠯᠬᠤ᠎ᠪᠠᠷ ᠲᠣᠭᠲᠠᠭᠠᠵᠠᠢ᠃

ᠬᠠᠮᠤᠭ ᠰᠡᠭᠦᠯ᠎ᠳᠦ᠎ᠨᠢ FVS1᠂ 2᠂ 3 ᠭᠡᠳᠡᠭ᠎ᠨᠢ ᠶᠠᠭ ᠮᠣᠩᠭᠤᠯ ᠬᠡᠯᠡᠨ᠎ᠦ ᠨᠢᠭᠡ ᠠᠪᠢᠶ᠎ᠠ᠎ᠶᠢ ᠲᠡᠮᠳᠡᠭᠯᠡᠭᠰᠡᠨ ᠦᠰᠦᠭ᠎ᠦᠨ ᠦᠭᠡ᠎ᠶᠢᠨ ᠡᠬᠢᠨ᠂ ᠳᠤᠮᠳᠠ᠂ ᠠᠳᠠᠭ᠎ᠲᠤ ᠣᠷᠤᠭᠰᠠᠨ᠎ᠤ ᠰᠡᠭᠦᠯᠡᠷ ᠬᠤᠪᠢᠷᠠᠯᠲᠠ ᠪᠠᠢᠬᠤ᠎ᠦᠭᠡᠢ ᠪᠣᠯ ᠲᠡᠷᠡ ᠠᠪᠢᠶᠠᠨ᠎ᠤ ᠣᠭ ᠺᠣᠳ᠋᠎ᠢᠶᠠᠷ᠎ᠢᠶᠠᠨ ᠪᠣᠯᠴᠢᠬᠠᠳᠠᠭ᠃ ᠭᠡᠲᠡᠯ᠎ᠡ᠂ ᠵᠢᠱ᠌ᠢᠶᠡᠯᠡᠪᠡᠯ ᠳᠡᠭᠡᠷ᠎ᠡ ᠣᠷᠤᠬᠤ ᠳᠦᠷᠰᠦ᠎ᠨᠢ ᠬᠣᠶᠠᠳᠤᠭᠠᠷ ᠬᠤᠪᠢᠷᠠᠯᠲᠠ ᠪᠠᠢᠨ᠎ᠠ ᠭᠡᠪᠡᠯ FVS1᠎ᠶᠢ ᠬᠡᠷᠡᠭᠯᠡᠨ᠎ᠡ᠃ ᠭᠤᠷᠪᠠᠳᠤᠭᠠᠷ ᠬᠤᠪᠢᠷᠠᠯᠲᠠ ᠪᠠᠢᠨ᠎ᠠ ᠭᠡᠪᠡᠯ FVS2᠎ᠶᠢ ᠬᠡᠷᠡᠭᠯᠡᠨ᠎ᠡ᠃ ᠳᠥᠷᠪᠡᠳᠦᠭᠡᠷ ᠬᠤᠪᠢᠷᠠᠯᠲᠠ ᠪᠠᠢᠨ᠎ᠠ ᠭᠡᠪᠡᠯ FVS3᠎ᠶᠢ ᠬᠡᠷᠡᠭᠯᠡᠨ᠎ᠡ ᠭᠡᠬᠦ ᠮᠠᠶᠢᠭ᠎ᠢᠶᠠᠷ ᠲᠣᠭᠲᠠᠭᠠᠭᠰᠠᠨ ᠪᠠᠢᠨ᠎ᠠ᠃ ᠭᠡᠪᠡᠴᠦ ᠡᠨᠡ᠎ᠨᠢ ᠡᠬᠢᠨ᠎ᠳᠦ᠎ᠪᠡᠨ ᠠᠯᠢ᠎ᠨᠢ ᠬᠣᠶᠠᠳᠤᠭᠠᠷ᠂ ᠠᠯᠢ᠎ᠨᠢ ᠭᠤᠷᠪᠠᠳᠤᠭᠠᠷ ᠭᠡᠳᠡᠭ᠎ᠨᠢ ᠴᠣᠢᠵᠤᠩᠵᠠᠪ ᠪᠠᠭᠰᠢ᠎ᠶᠢᠨ 《蒙古文编码》 ᠳᠣᠲᠤᠷ᠎ᠠ ᠨᠢᠭᠡ ᠬᠡᠰᠡᠭ ᠣᠨᠴᠠᠭᠠᠢᠯᠠᠨ ᠲᠡᠮᠳᠡᠭᠯᠡᠭᠰᠡᠨ ᠪᠣᠯᠪᠠᠴᠤ ᠪᠠᠰᠠ ᠭᠦᠢᠴᠡᠳ ᠪᠤᠰᠤ ᠪᠠᠢᠵᠤ᠂ ᠲᠡᠷᠡ ᠲᠠᠯ᠎ᠠ᠎ᠪᠠᠷ ᠣᠳᠤ᠎ᠳᠤ᠎ᠪᠠᠨ Unicode 9.0 ᠬᠡᠪᠯᠡᠯ ᠳᠡᠭᠡᠷ᠎ᠡ ᠣᠷᠤᠭᠤᠯᠤᠨ᠎ᠠ ᠭᠡᠵᠦ ᠴᠢᠷᠮᠠᠢᠵᠤ ᠪᠠᠢᠬᠤ᠎ᠨᠢ ᠪᠦᠷ FVS1᠂ 2᠂ 3᠎ᠶᠢ ᠴᠣᠬᠤᠮ ᠠᠯᠢ ᠠᠯᠢ ᠥᠰᠦᠭ᠎ᠲᠦ ᠶᠠᠭᠠᠬᠢᠵᠤ ᠬᠡᠷᠡᠭᠯᠡᠬᠦ ᠲᠤᠬᠠᠢ ᠲᠣᠳᠤᠷᠬᠠᠢ ᠪᠠᠷᠢᠮᠵᠢᠶᠠᠯᠠᠬᠤ ᠭᠡᠵᠦ ᠪᠠᠢᠨ᠎ᠠ᠃ ᠠᠯᠢ ᠦᠶ᠎ᠡ᠎ᠳᠦ᠎ᠨᠢ ᠬᠣᠶᠠᠳᠤᠭᠠᠷ᠎ᠠᠴᠠ ᠬᠣᠢᠰᠢᠬᠢ ᠳᠦᠷᠰᠦ᠎ᠶᠢ ᠬᠡᠯᠡᠨ ᠯᠣᠭᠢᠭ᠎ᠢ ᠬᠡᠷᠡᠭᠯᠡᠵᠦ ᠪᠠᠢᠭᠠᠳ ᠰᠢᠭᠤᠳ ᠭᠠᠷᠭᠠᠬᠤ ᠪᠣᠢ᠂ ᠠᠯᠢ ᠦᠶ᠎ᠡ᠎ᠳᠦ ᠵᠠᠪᠠᠯ ᠡᠨᠡ FVS ᠬᠤᠪᠢᠯᠪᠤᠷᠢ ᠲᠡᠮᠳᠡᠭ᠎ᠢ ᠵᠠᠷᠤᠬᠤ᠎ᠦᠭᠡᠢ ᠪᠣᠯ ᠪᠣᠯᠬᠤ᠎ᠦᠭᠡᠢ ᠪᠤᠢ ᠭᠡᠰᠡᠨ᠎ᠢ Unicode ᠪᠠᠷᠢᠮᠵᠢᠶ᠎ᠠ ᠲᠣᠭᠲᠠᠭᠠᠯ᠎ᠳᠤ ᠨᠡᠮᠡᠵᠦ ᠲᠣᠭᠲᠠᠭᠠᠬᠤ ᠭᠡᠵᠦ ᠪᠠᠢᠨ᠎ᠠ᠃ FVS1᠂ 2᠂ 3᠎ᠵᠢ ᠮᠠᠨ᠎ᠤ ᠠᠯᠮᠠᠰ᠎ᠤᠨ ᠣᠷᠤᠭᠤᠯᠬᠤ ᠠᠷᠭ᠎ᠠ᠎ᠳᠤ ᠪᠣᠯ 《Shift-D》᠂ 《Shift-F》᠂ 《Shift-G》 ᠵᠡᠷᠭᠡ ᠳᠠᠷᠠᠭᠠᠯᠠᠭᠰᠠᠨ ᠳᠠᠷᠤᠭᠤᠯ᠎ᠢᠶᠠᠷ ᠣᠷᠤᠭᠤᠯᠳᠠᠭ᠃ ᠮᠠᠨ᠎ᠤ ᠤᠯᠤᠰ᠎ᠤᠨ ᠪᠠᠷᠢᠮᠵᠢᠶ᠎ᠠ᠎ᠳᠤ ᠪᠣᠯ《'》᠂ 《"》᠂ 《`》ᠭᠤᠷᠪᠠᠨ ᠲᠡᠮᠳᠡᠭ᠎ᠢᠶᠡᠷ ᠣᠷᠤᠭᠤᠯᠵᠤ ᠪᠠᠢᠨ᠎ᠠ᠃ ᠮᠣᠩᠭᠤᠯ ᠪᠢᠴᠢᠭ ᠰᠢᠢᠳᠪᠦᠷᠢᠯᠡᠬᠦ ᠰᠣᠹᠲ ᠫᠷᠤᠭ᠍ᠷᠠᠮ ᠪᠢᠴᠢᠬᠦ᠎ᠳᠦ ᠳᠠᠩ ᠬᠠᠰᠢᠯᠲᠠ᠂ ᠳᠠᠪᠬᠤᠷ ᠬᠠᠰᠢᠯᠲᠠ ᠵᠢ ᠶᠡᠷᠦᠮᠳᠡᠭ ᠵᠠᠷᠤᠳᠠᠭ᠎ᠠᠴᠠ ᠪᠢᠳᠡ 《Shift-D》᠂ 《Shift-F》᠂ 《Shift-G》᠎ᠪᠠᠷ ᠣᠷᠤᠭᠤᠯᠬᠤ᠎ᠪᠠᠷ ᠲᠣᠭᠲᠠᠭᠠᠵᠠᠢ᠃ ᠡᠳᠡᠭᠡᠷ᠎ᠨᠢ ᠴᠡᠭᠡᠵᠢᠯᠡᠬᠦ᠎ᠳᠦ ᠪᠠᠰᠠ ᠠᠮᠠᠷᠬᠠᠨ ᠬᠡᠷᠡᠭᠯᠡᠬᠦ᠎ᠳᠦ ᠳᠥᠭᠦᠮ ᠰᠠᠢᠨ ᠳᠠᠢ ᠲᠠᠯ᠎ᠠ ᠪᠠᠢᠬᠤ᠎ᠶᠢ ᠬᠡᠷᠡᠭᠯᠡᠭᠡ᠎ᠶᠢᠨ ᠳᠤᠮᠳᠠ ᠰᠠᠢᠨ ᠮᠡᠳᠡᠬᠦ ᠪᠠᠢᠬ᠎ᠠ᠃ ᠪᠠᠰᠠ ᠮᠠᠨ᠎ᠤ 《ᠰᠡᠴᠡᠨ ᠪᠢᠷ》 ᠣᠷᠤᠭᠤᠯᠬᠤ ᠠᠷᠭ᠎ᠠ᠎ᠳᠤ ᠡᠳᠡᠭᠡᠷ ᠲᠤᠰᠭᠠᠢ ᠲᠡᠮᠳᠡᠭ᠎ᠦᠳ᠎ᠢ ᠣᠨᠴᠠᠭᠠᠢᠯᠠᠨ ᠬᠡᠷᠡᠭᠯᠡᠬᠦ ᠥᠬᠡᠢ᠎ᠪᠡᠷ ᠥᠰᠦᠭ ᠣᠷᠤᠭᠤᠯᠵᠤ ᠳᠡᠢᠯᠬᠦ᠎ᠪᠡᠷ ᠬᠢᠭᠰᠡᠨ ᠪᠠᠢᠨ᠎ᠠ᠃

ᠳᠠᠷᠠᠭ᠎ᠠ᠎ᠳᠤ᠎ᠨᠢ ᠲᠡᠷᠡ ᠦᠶ᠎ᠡ᠎ᠶᠢᠨ 256 ᠭᠡᠳᠡᠭ ᠲᠣᠭ᠎ᠠ᠎ᠨᠢ ᠶᠠᠭᠠᠬᠢᠵᠤ ᠭᠠᠷᠴᠤ ᠢᠷᠡᠭᠰᠡᠨ᠎ᠢ ᠪᠢᠳᠡ ᠪᠠᠰᠠ ᠲᠣᠳᠤᠷᠬᠠᠢ ᠮᠡᠳᠡᠬᠦ᠎ᠦᠭᠡᠢ᠃ ᠪᠢᠳᠡ ᠡᠨᠡ ᠲᠤᠬᠠᠢ ᠬᠤᠷᠠᠯ᠎ᠢ ᠬᠢᠵᠦ ᠪᠠᠢᠭ᠎ᠠ ᠦᠶ᠎ᠡ᠎ᠳᠦ Unicode᠎ᠦᠨ ᠲᠠᠯ᠎ᠠ᠎ᠠᠴᠠ ᠣᠯᠤᠭᠰᠠᠨ ᠴᠢᠮᠡᠭᠡ ᠭᠡᠵᠦ ᠬᠡᠯᠡᠵᠦ ᠪᠣᠯᠤᠨ᠎ᠠ᠃ ᠲᠡᠷᠡ ᠦᠶ᠎ᠡ᠎ᠳᠦ ᠡᠢᠮᠦᠷᠬᠦ ᠴᠢᠮᠡᠭᠡ᠎ᠶᠢ ᠪᠢᠳᠡ ᠥᠪᠡᠰᠦᠪᠡᠨ ᠣᠯᠵᠤ ᠳᠡᠢᠯᠬᠦ᠎ᠦᠭᠡᠢ᠃ ᠢᠨᠲᠧᠷᠨᠧᠲ ᠵᠡᠷᠭᠡ ᠪᠠᠰᠠ ᠪᠠᠢᠭᠰᠠᠨ᠎ᠦᠭᠡᠢ ᠤᠴᠢᠷ᠎ᠠᠴᠠ ᠵᠥᠪᠬᠡᠨ ᠮᠠᠨ᠎ᠤ ᠤᠯᠤᠰ᠎ᠤᠨ 《信息标准化委员会》 ᠳᠥᠬᠦᠮᠴᠢᠯᠡᠭᠡᠳ 《信标委》 ᠭᠡᠳᠡᠭ ᠭᠠᠵᠠᠷ᠎ᠤᠨ ᠬᠥᠮᠦᠰ ᠬᠤᠷᠠᠯ᠎ᠳᠤ᠎ᠨᠢ ᠣᠷᠤᠯᠴᠠᠵᠤ᠂ Unicode᠎ᠦᠨ ᠡᠷᠳᠡᠮᠲᠡᠳ᠎ᠲᠡᠢ ᠶᠠᠷᠢᠯᠴᠠᠵᠤ ᠪᠠᠢᠭᠠᠳ ᠰᠣᠨᠤᠰᠴᠤ ᠢᠷᠡᠭᠰᠡᠨ ᠪᠠᠢᠬ᠎ᠠ ᠭᠡᠵᠦ ᠪᠣᠳᠤᠨ᠎ᠠ᠃ ᠲᠠᠬᠢᠨ ᠪᠠᠰᠠ Unicode᠎ᠤᠨ ᠭᠠᠷᠭᠠᠭᠰᠠᠨ ᠡᠯ᠎ᠡ ᠵᠦᠢᠯ᠎ᠦᠨ ᠮᠠᠲᠧᠷᠢᠶᠠᠯ᠎ᠢ ᠠᠪᠴᠢᠷᠠᠭᠠᠳ ᠤᠯᠤᠰ᠎ᠤᠨ ᠳᠣᠲᠤᠷ᠎ᠠ᠎ᠪᠠᠨ ᠣᠷᠴᠢᠭᠤᠯᠬᠤ ᠪᠤᠶᠤ ᠣᠢᠯᠠᠭᠠᠭᠠᠳ ᠮᠠᠨ᠎ᠳᠤ ᠳᠠᠮᠵᠢᠭᠤᠯᠵᠤ ᠪᠠᠢᠭᠰᠠᠨ᠎ᠶᠤᠮ᠃ ᠲᠡᠢᠮᠦ᠎ᠡᠴᠡ ᠲᠡᠷᠡ ᠦᠶ᠎ᠡ᠎ᠳᠦ 《信标委》᠎ᠶᠢᠨ ᠬᠢᠲᠠᠳ ᠬᠥᠮᠦᠰ᠎ᠡᠴᠡ ᠮᠠᠨ᠎ᠤ ᠮᠣᠩᠭᠤᠯ ᠦᠰᠦᠭ ᠪᠢᠴᠢᠭ᠎ᠢ ᠶᠠᠭᠠᠬᠢᠵᠤ ᠣᠷᠤᠭᠤᠯᠬᠤ ᠲᠤᠬᠠᠢ ᠪᠡᠭᠡᠵᠢᠩ᠎ᠡᠴᠡ ᠵᠢᠭᠠᠪᠤᠷᠢ ᠭᠠᠷᠭᠠᠵᠤ᠂ ᠡᠰᠡᠬᠦᠯ᠎ᠡ ᠮᠠᠨ᠎ᠤ ᠬᠤᠷᠠᠯ᠎ᠳᠤ ᠪᠡᠶ᠎ᠡ᠎ᠪᠡᠷ ᠢᠷᠡᠵᠦ ᠵᠢᠯᠤᠭᠤᠳᠤᠨ ᠰᠤᠳᠤᠯᠵᠤ ᠪᠠᠢᠭᠰᠠᠨ᠎ᠶᠤᠮ᠃ ᠲᠡᠢᠮᠦ᠎ᠡᠴᠡ ᠮᠣᠩᠭᠤᠯᠴᠤᠳ ᠡᠭᠦᠨ᠎ᠢ᠎ᠪᠡᠨ ᠶᠠᠭᠠᠬᠢᠵᠤ ᠣᠷᠤᠭᠤᠯᠬᠤ᠎ᠶᠢ ᠶᠠᠷᠢᠯᠴᠠᠨ᠎ᠠ ᠭᠡᠪᠡᠯ ᠠᠩᠭᠯᠢ᠎ᠪᠠᠷ ᠰᠢᠭᠤᠳ Unicode᠎ᠤᠨ ᠡᠷᠳᠡᠮᠲᠡᠳ᠎ᠲᠦ ᠵᠠᠬᠢᠳᠠᠯ ᠪᠢᠴᠢᠵᠦ᠂ ᠴᠢᠯᠦᠭᠡ᠎ᠲᠡᠢ ᠬᠠᠷᠢᠴᠠᠵᠤ ᠳᠡᠢᠯᠬᠦ᠎ᠦᠭᠡᠢ ᠪᠠᠢᠵᠠᠢ᠃ ᠥᠪᠡᠷᠰᠡᠳ᠎ᠦᠨ ᠰᠠᠨᠠᠯ᠎ᠢᠶᠠᠨ ᠬᠢᠲᠠᠳ᠎ᠢᠶᠠᠷ ᠪᠢᠴᠢᠭᠡᠳ ᠣᠷᠴᠢᠭᠤᠯᠵᠤ ᠶᠠᠪᠤᠭᠤᠯᠵᠤ ᠪᠠᠢᠭᠰᠠᠨ᠃ ᠲᠡᠷᠡ ᠦᠶ᠎ᠡ᠎ᠳᠦ ᠢᠮᠧᠯ ᠪᠠᠰᠠ ᠪᠠᠢᠬᠤ᠎ᠦᠭᠡᠢ᠂ ᠵᠥᠪᠬᠡᠨ ᠥᠪᠡᠷᠰᠡᠳ᠎ᠦᠨ ᠬᠢᠲᠠᠳ᠎ᠢᠶᠠᠷ ᠪᠢᠴᠢᠭᠰᠡᠨ ᠶᠠᠭᠤᠮ᠎ᠠ᠎ᠪᠠᠨ ᠪᠡᠭᠡᠵᠢᠩ᠎ᠳᠦ ᠶᠠᠪᠤᠭᠤᠯᠤᠨ᠂ ᠲᠠᠬᠢᠨ ᠪᠡᠭᠡᠵᠢᠩ᠎ᠳᠡᠬᠢ ᠬᠥᠮᠦᠰ ᠠᠩᠭᠯᠢ᠎ᠪᠠᠷ ᠣᠷᠴᠢᠭᠤᠯᠤᠨ UTC᠎ᠶᠢᠨ ᠡᠷᠳᠡᠮᠲᠡᠳ᠎ᠲᠦ ᠶᠠᠪᠤᠭᠤᠯᠬᠤ ᠪᠤᠶᠤ ᠥᠪᠡᠷᠰᠡᠳ᠎ᠢᠶᠡᠷ᠎ᠢᠶᠡᠨ ᠣᠷᠴᠢᠭᠤᠯᠤᠭᠠᠳ ᠪᠡᠭᠡᠵᠢᠩ᠎ᠢᠶᠡᠷ ᠳᠠᠮᠵᠢᠨ ᠶᠠᠪᠤᠭᠤᠯᠵᠤ ᠪᠠᠢᠭᠰᠠᠨ᠎ᠶᠤᠮ᠃ ᠭᠡᠬᠦ᠎ᠳᠦ᠎ᠪᠡᠨ ᠨᠢᠭᠡ ᠵᠢᠯ᠂ ᠬᠣᠶᠠᠷ ᠵᠢᠯ᠂ ᠭᠤᠷᠪᠠᠨ ᠵᠢᠯ ᠭᠡᠬᠦ ᠮᠡᠲᠦ᠎ᠪᠡᠷ ᠰᠤᠨᠵᠢᠷᠠᠨ ᠶᠠᠷᠢᠯᠴᠠᠵᠤ ᠪᠠᠢᠭᠰᠠᠨ᠎ᠶᠤᠮ᠃

ᠡᠢᠮᠦ᠎ᠣᠴᠢᠷ᠎ᠡᠴᠡ ᠮᠠᠨ᠎ᠤ ᠲᠡᠷᠡ ᠦᠶ᠎ᠡ᠎ᠳᠦ ᠣᠯᠤᠭᠰᠠᠨ ᠴᠢᠮᠡᠭᠡ ᠪᠣᠯ ᠤᠯᠠᠨ᠎ᠢᠶᠠᠷ᠎ᠢᠶᠠᠨ ᠡᠨᠡ ᠨᠢᠭᠡ ᠭᠠᠵᠠᠷ ᠳᠡᠪᠢᠰᠭᠡᠷ᠎ᠢ ᠪᠤᠯᠢᠶᠠᠯᠳᠤᠭᠠᠳ᠂ ᠮᠠᠨ᠎ᠤ ᠮᠣᠩᠭᠤᠯ᠎ᠪᠢᠴᠢᠭ᠎ᠲᠤ ᠨᠢᠭᠡ Block ᠦᠯᠡᠳᠡᠭᠡᠵᠦ ᠥᠭᠴᠡᠢ ᠭᠡᠬᠦ ᠮᠡᠲᠦ᠎ᠶᠢᠨ ᠬᠡᠰᠡᠭ ᠪᠤᠰᠠᠭ ᠴᠢᠮᠡᠭᠡ᠎ᠯᠡ ᠪᠠᠢᠯ᠎ᠠ᠃ ᠨᠢᠭᠡ Block ᠭᠡᠳᠡᠭ ᠪᠣᠯ 256 ᠣᠷᠤᠨ᠎ᠲᠠᠢ᠃ ᠡᠨᠡ᠎ᠨᠢ ᠪᠠᠷᠤᠭ ᠮᠣᠩᠭᠤᠯ ᠪᠢᠴᠢᠭ᠎ᠲᠦ 256᠎ᠣᠷᠤ ᠦᠯᠡᠳᠡᠭᠡᠭᠡᠳ ᠮᠣᠩᠭᠤᠯ᠎ᠤᠨ ᠪᠠᠷᠢᠮᠵᠢᠶ᠎ᠠ᠎ᠶᠢ ᠲᠣᠭᠲᠠᠭᠠᠬᠤ᠎ᠠᠴᠠ ᠡᠮᠦᠨ᠎ᠡ ᠡᠨᠡ ᠣᠷᠤᠨ᠎ᠢ ᠬᠡᠷᠡᠭᠯᠡᠵᠦ ᠪᠣᠯᠬᠤ᠎ᠦᠭᠡᠢ ᠭᠡᠰᠡᠨ ᠪᠠᠢᠬ᠎ᠠ ᠭᠡᠵᠦ ᠪᠣᠳᠤᠨ᠎ᠠ᠃ ᠮᠠᠨ᠎ᠤ ᠮᠣᠩᠭᠤᠯ ᠦᠰᠦᠭ ᠪᠢᠴᠢᠭ᠎ᠦᠨ ᠪᠠᠷᠢᠮᠵᠢᠶ᠎ᠠ᠎ᠳᠤ ᠪᠣᠯ ᠲᠤᠬᠠᠢ᠎ᠶᠢᠨ ᠦᠶ᠎ᠡ᠎ᠳᠦ ᠭᠠᠭᠴᠠᠬᠠᠨ ᠮᠣᠩᠭᠤᠯ ᠭᠡᠳ ᠪᠠᠰᠠ ᠪᠣᠯᠬᠤ᠎ᠪᠢᠰᠢ᠂ ᠭᠣᠣᠯᠳᠠᠭᠤ ᠮᠠᠨ᠎ᠤ ᠤᠯᠤᠰ᠎ᠤᠨ ᠳᠦᠷᠦ᠎ᠶᠢᠨ ᠪᠣᠳᠤᠯᠭ᠎ᠠ᠎ᠶᠢᠨ ᠶᠣᠰᠤᠭᠠᠷ ᠡᠯ᠎ᠡ ᠴᠥᠭᠡᠨ ᠲᠣᠭᠠᠲᠤ ᠦᠨᠳᠦᠰᠦᠲᠡᠨ᠂ ᠬᠡᠳᠦᠢᠪᠡᠷ ᠰᠢᠪᠡᠭᠡ᠂ ᠮᠠᠨᠵᠤ ᠦᠨᠳᠦᠰᠦᠲᠡᠨ ᠬᠥᠮᠦᠨ᠎ᠦ ᠲᠣᠭ᠎ᠠ᠎ᠪᠠᠷ ᠪᠠᠭ᠎ᠠ ᠪᠣᠯᠪᠠᠴᠤ ᠥᠪᠡᠰᠦᠪᠡᠨ ᠦᠰᠦᠭ ᠪᠢᠴᠢᠭ᠎ᠲᠡᠢ᠂ ᠡᠳᠡᠭᠡᠷ ᠦᠰᠦᠭ ᠪᠢᠴᠢᠭ᠎ᠢ᠎ᠨᠢ ᠮᠣᠩᠭᠤᠯ ᠥᠰᠦᠭ᠎ᠳᠠᠢ ᠬᠠᠮᠲᠤ ᠣᠷᠤᠭᠤᠯᠵᠤ ᠥᠭᠭᠦᠨ᠎ᠡ ᠭᠡᠳ ᠴᠢᠷᠮᠠᠢᠭᠰᠠᠨ᠎ᠨᠢ ᠮᠠᠨ᠎ᠤ ᠤᠯᠤᠰ᠎ᠤᠨ 《国家民委》 ᠪᠠᠢᠨ᠎ᠠ᠃ ᠠᠯᠢ ᠭᠠᠯᠢ ᠥᠰᠦᠭ ᠪᠣᠯ ᠬᠠᠮᠤᠭ ᠰᠡᠭᠦᠯ᠎ᠳᠦ᠎ᠨᠢ ᠭᠠᠷᠴᠤ ᠢᠷᠡᠭᠰᠡᠨ᠃ ᠠᠪᠢᠶ᠎ᠠ᠎ᠪᠠᠷ ᠣᠷᠤᠭᠤᠯᠬᠤ᠎ᠪᠠᠷ ᠲᠣᠭᠲᠠᠴᠢᠬᠠᠭᠰᠠᠨ᠎ᠤ ᠳᠠᠷᠠᠭ᠎ᠠ ᠮᠠᠨ᠎ᠤ᠎ᠮᠣᠩᠭᠤᠯ᠎ᠤᠨ 256 ᠣᠷᠤᠨ ᠪᠠᠢᠬᠤ᠎ᠶᠤᠮ᠎ᠴᠢᠨᠢ᠂ ᠬᠡᠳᠦᠢᠪᠡᠷ ᠡᠷᠲᠡᠨ᠎ᠦ ᠬᠡᠯᠡ ᠪᠣᠯᠪᠠᠴᠤ ᠣᠷᠤᠭᠤᠯᠴᠢᠬᠠᠶ᠎ᠠ ᠭᠡᠵᠡᠢ᠃ ᠶᠠᠭ ᠦᠨᠡᠨ᠎ᠳᠦ᠎ᠪᠡᠨ BMP᠎ᠳᠦ ᠪᠣᠯ ᠵᠠᠪᠠᠯ ᠠᠮᠢᠳᠤ ᠬᠡᠯᠡ᠎ᠶᠢ ᠣᠷᠤᠭᠤᠯᠬᠤ ᠬᠡᠷᠡᠭᠲᠡᠢ ᠭᠡᠵᠦ ᠪᠠᠢᠭᠰᠠᠨ᠃ ᠮᠠᠨ᠎ᠤ ᠠᠯᠢ ᠭᠠᠯᠢ ᠥᠰᠦᠭ ᠪᠠᠰᠠ BMP᠎ᠳᠤ ᠣᠷᠤᠭᠰᠠᠨ᠎ᠨᠢ ᠦᠨᠡᠨ᠎ᠳᠦ᠎ᠪᠡᠨ ᠲᠠᠭᠠᠷᠠᠬᠤ᠎ᠦᠭᠡᠢ ᠶᠠᠪᠤᠳᠠᠯ ᠭᠡᠵᠦ ᠪᠢ ᠦᠵᠡᠨ᠎ᠡ᠃ Unicode᠎ᠲᠦ ᠣᠳᠤ ᠪᠣᠯ BMP᠎ᠠᠴᠠ᠎ᠪᠠᠨ ᠨᠡᠮᠡᠭᠳᠡᠭᠡᠳ Supplementary Plane ᠭᠡᠵᠦ ᠭᠠᠷᠴᠤ ᠢᠷᠡᠭᠡᠳ ᠡᠯ᠎ᠡ ᠬᠡᠯᠡᠨ᠎ᠦ ᠡᠷᠲᠡᠨ᠎ᠦ ᠥᠰᠦᠭ ᠪᠢᠴᠢᠭ᠎ᠢ ᠣᠷᠤᠭᠤᠯᠵᠤ ᠪᠠᠢᠨ᠎ᠠ᠃ ᠲᠡᠢᠮᠦ᠎ᠡᠴᠡ ᠠᠯᠢ ᠭᠠᠯᠢ ᠥᠰᠦᠭ᠎ᠢ ᠰᠠᠯᠭᠠᠵᠤ ᠣᠷᠤᠭᠤᠯᠤᠭᠰᠠᠨ ᠪᠣᠯ ᠰᠠᠢᠨ ᠪᠠᠢᠭᠰᠠᠨ ᠭᠡᠵᠦ᠎ᠴᠦ ᠪᠣᠳᠤᠨ᠎ᠠ᠃ BMP᠎ᠲᠤ ᠣᠳᠤ᠎ᠶᠢᠨ ᠬᠥᠮᠦᠰ ᠮᠡᠳᠡᠬᠦ᠎ᠦᠭᠡᠢ ᠶᠠᠭᠤᠮ᠎ᠠ᠎ᠶᠢ ᠣᠷᠤᠭᠤᠯᠴᠢᠬᠠᠭᠠᠳ᠂ ᠰᠢᠰᠲᠧᠮ ᠬᠢᠬᠦ᠎ᠳᠦ ᠬᠦᠴᠢᠷᠳᠡᠭᠡᠳ ᠬᠠᠷᠰᠢ ᠰᠠᠭᠠᠳ ᠪᠣᠯᠵᠤ ᠪᠠᠢᠬᠤ᠎ᠨᠢ᠎ᠴᠤ ᠦᠨᠡᠨ ᠪᠠᠢᠨ᠎ᠠ᠃ ᠲᠡᠢᠮᠦ ᠪᠢᠰᠢ ᠪᠣᠯ ᠮᠠᠨ᠎ᠤ ᠺᠣᠮᠫᠢᠦ᠋ᠲᠧᠷ ᠰᠤᠳᠤᠯᠳᠠᠭ ᠮᠣᠩᠭᠤᠯᠴᠤᠳ ᠡᠨᠡ ᠬᠡᠳᠦᠨ ᠠᠮᠢᠳᠤ ᠬᠡᠯᠡ᠎ᠶᠢ ᠺᠣᠮᠫᠢᠦ᠋ᠲᠧᠷ᠎ᠲᠦ ᠣᠷᠤᠭᠤᠯᠤᠨ᠎ᠠ ᠭᠡᠪᠡᠯ ᠪᠠᠰᠠ ᠲᠡᠢᠮᠦ ᠬᠦᠴᠢᠷ ᠠᠰᠠᠭᠤᠳᠠᠯ ᠪᠢᠰᠢ᠃ ᠡᠨᠡ ᠠᠯᠢ ᠭᠠᠯᠢ ᠥᠰᠦᠭ᠎ᠢ ᠣᠯᠠᠩᠬᠢ ᠬᠥᠮᠦᠰ ᠮᠡᠳᠡᠬᠦ᠎ᠦᠭᠡᠢ᠃ ᠠᠯᠢ ᠭᠠᠯᠢ ᠥᠰᠦᠭ᠎ᠢ ᠰᠠᠢᠨ ᠮᠡᠳᠡᠳᠡᠭ᠎ᠨᠢ ᠬᠣᠶᠠᠷ ᠭᠤᠷᠪᠠᠨ ᠬᠥᠮᠦᠨ᠎ᠡᠴᠡ ᠬᠡᠲᠦᠷᠡᠬᠦ᠎ᠦᠭᠡᠢ᠃ ᠳᠠᠷᠤᠢ᠂ ᠴᠣᠢᠵᠤᠩᠵᠠᠪ ᠪᠠᠭᠰᠢ᠂ 《ᠨᠡᠢᠭᠡᠮ᠎ᠦᠨ ᠰᠢᠨᠵᠢᠯᠡᠬᠦ ᠤᠬᠠᠭᠠᠨ᠎ᠤ ᠬᠦᠷᠢᠶᠡᠯᠡᠩ》 (社会科学院)᠎ᠦᠨ ᠱᠣᠩᠬᠤᠷ ᠪᠠᠭᠰᠢ᠂ ᠪᠠᠲᠤ ᠪᠠᠭᠰᠢ ᠵᠡᠷᠭᠡ ᠪᠣᠯᠤᠨ᠎ᠠ᠃ ᠠᠩᠬ᠎ᠠ ᠡᠬᠢᠨ᠎ᠳᠦ᠎ᠪᠡᠨ ᠴᠣᠢᠵᠤᠩᠵᠠᠪ ᠪᠠᠭᠰᠢ᠂ ᠱᠣᠩᠬᠤᠷ᠎ᠪᠠᠭᠰᠢ᠎ᠲᠠᠢ ᠶᠠᠷᠢᠯᠴᠠᠨ ᠣᠷᠤᠭᠤᠯᠤᠭᠰᠠᠨ ᠭᠡᠵᠦ ᠰᠣᠨᠤᠰᠪᠠ᠃ ᠬᠣᠵᠢᠮ᠎ᠨᠢ ᠪᠢᠳᠡ ᠪᠠᠰᠠ ᠡᠨᠡ ᠠᠯᠢ ᠭᠠᠯᠢ ᠥᠰᠦᠭ᠎ᠢ ᠣᠷᠤᠭᠤᠯᠤᠶ᠎ᠠ ᠭᠡᠳ ᠡᠳᠡᠭᠡᠷ ᠪᠠᠭᠰᠢ᠎ᠨᠠᠷ᠎ᠢ ᠡᠷᠢᠨ ᠶᠠᠷᠢᠯᠴᠠᠵᠤ ᠥᠩᠭᠡᠷᠡᠭᠰᠡᠨ᠎ᠶᠦᠮ᠃ ᠬᠡᠳᠦᠢᠪᠡᠷ ᠴᠣᠢᠵᠤᠩᠵᠠᠪ ᠪᠠᠭᠰᠢ᠎ᠪᠠᠷ ᠳᠡᠮᠡᠢ ᠰᠠᠢᠬᠠᠨ ᠵᠢᠭᠠᠯᠭᠠᠵᠤ ᠴᠢᠳᠠᠭᠰᠠᠨ ᠥᠬᠡᠢ ᠪᠣᠯᠪᠠᠴᠤ ᠱᠣᠩᠬᠤᠷ ᠪᠠᠭᠰᠢ ᠪᠠ ᠪᠠᠲᠤ ᠪᠠᠭᠰᠢ ᠨᠠᠳᠠᠳᠤ ᠰᠠᠢᠬᠠᠨ ᠵᠢᠭᠠᠵᠤ ᠥᠭᠭᠦᠭᠰᠡᠨ ᠪᠥᠭᠡᠳ ᠰᠢᠯᠭᠠᠵᠤ ᠥᠭᠭᠦᠭᠰᠡᠨ᠎ᠶᠦᠮ᠃ ᠪᠢᠳᠡ ᠥᠪᠡᠷᠰᠡᠳ᠎ᠢᠶᠡᠨ ᠳᠡᠮᠡᠢ ᠰᠠᠢᠨ ᠮᠡᠳᠡᠬᠦ ᠥᠬᠡᠢ ᠣᠴᠢᠷ᠎ᠠᠴᠠ ᠮᠠᠨ᠎ᠤ ᠬᠢᠭᠰᠡᠨ ᠹᠣᠨᠲ᠎ᠤᠨ ᠠᠯᠢ ᠭᠠᠯᠢ᠎ᠶᠢᠨ ᠬᠡᠰᠡᠭ᠎ᠲᠦ ᠪᠠᠰᠠ ᠡᠢᠮᠦ ᠲᠡᠢᠮᠦ ᠠᠯᠳᠠᠭ᠎ᠠ ᠳᠤᠲᠠᠭᠳᠠᠯ ᠪᠠᠢᠵᠤ᠎ᠴᠤ ᠮᠡᠳᠡᠨ᠎ᠡ᠃

ᠶᠠᠭ ᠶᠣᠰᠤᠨ᠎ᠳᠤ᠎ᠪᠠᠨ ᠠᠯᠢ ᠭᠠᠯᠢ ᠥᠰᠦᠭ᠎ᠦᠳ᠎ᠢ Unicode ᠪᠠᠷᠢᠮᠵᠢᠶ᠎ᠠ᠎ᠳᠤ ᠣᠨᠴᠠᠭᠠᠢ ᠰᠠᠯᠭᠠᠵᠤ ᠲᠠᠯᠪᠢᠭᠰᠠᠨ᠎ᠪᠣᠯ ᠲᠠᠭᠠᠷᠠᠨ᠎ᠠ ᠭᠡᠵᠦ ᠪᠤᠳᠤᠵᠤ ᠪᠠᠢᠨ᠎ᠠ᠃ ᠪᠢᠳᠡ ᠪᠠᠰᠠ ᠮᠣᠩᠭᠤᠯ ᠹᠣᠨᠲ ᠬᠢᠬᠦ᠎ᠳᠦ᠎ᠪᠡᠨ ᠬᠣᠶᠠᠷ ᠵᠦᠢᠯ᠎ᠦᠨ ᠹᠣᠨᠲ ᠬᠢᠭᠰᠡᠨ ᠪᠠᠢᠨ᠎ᠠ᠃ ᠨᠢᠭᠡ᠎ᠨᠢ᠂ ᠭᠠᠭᠴᠠᠬᠠᠨ ᠮᠣᠩᠭᠤᠯ ᠥᠰᠦᠭ ᠳᠠᠢ ᠹᠣᠨᠲ ᠪᠠᠢᠵᠤ᠂ ᠨᠥᠭᠦᠭᠡ᠎ᠨᠢ ᠮᠣᠩᠭᠤᠯ᠂ ᠲᠣᠳᠤ᠂ ᠰᠢᠪᠡᠭᠡ᠂ ᠮᠠᠨᠵᠤ᠂ ᠠᠯᠢ ᠭᠠᠯᠢ᠎ᠶᠢ ᠣᠷᠤᠭᠤᠯᠤᠭᠰᠠᠨ Universal ᠮᠣᠩᠭᠤᠯ ᠹᠣᠨᠲ ᠪᠣᠯᠤᠨ᠎ᠠ᠃ ᠲᠡᠭᠡᠪᠡᠯ Unicode᠎ᠲᠦ UTC᠎ᠳᠡᠬᠢ ᠡᠷᠳᠡᠮᠲᠡᠳ᠎ᠲᠡᠢ ᠶᠠᠷᠢᠯᠴᠠᠬᠤ ᠦᠶᠡᠰ ᠮᠠᠨ᠎ᠤ ᠮᠣᠩᠭᠤᠯᠴᠤᠳ᠂ ᠣᠨᠴᠠᠭᠠᠢᠯᠠᠨ ᠥᠪᠦᠷ ᠮᠣᠩᠭᠤᠯᠴᠤᠳ ᠠᠩᠭᠯᠢ ᠬᠡᠯᠡ᠎ᠪᠡᠷ ᠶᠠᠷᠢᠯᠴᠠᠵᠤ ᠳᠡᠢᠯᠬᠦ ᠬᠥᠮᠦᠰ ᠲᠡᠢᠮᠦ ᠤᠯᠠᠨ ᠪᠠᠢᠬᠤ᠎ᠦᠭᠡᠢ᠂ ᠺᠣᠮᠫᠢᠦ᠋ᠲᠧᠷ᠎ᠦᠨ ᠪᠠ ᠮᠣᠩᠭᠤᠯ ᠥᠰᠦᠭ ᠪᠢᠴᠢᠭ᠎ᠦᠨ ᠬᠠᠮᠢᠶ᠎ᠠ ᠪᠦᠬᠦᠢ ᠲᠤᠰᠭᠠᠢ ᠮᠡᠷᠭᠡᠵᠢᠯ᠎ᠢ ᠰᠤᠷᠤᠯᠴᠠᠭᠰᠠᠨ ᠬᠥᠮᠦᠰ ᠪᠠᠰᠠ ᠲᠡᠢᠮᠦ ᠤᠯᠠᠨ ᠪᠠᠢᠭᠰᠠᠨ᠎ᠦᠭᠡᠢ᠃ ᠮᠢᠨᠦ ᠮᠡᠳᠡᠵᠦ ᠪᠠᠢᠬᠤ᠎ᠪᠠᠷ ᠶᠡᠷᠡᠭᠡᠳ ᠣᠨ᠎ᠤ ᠦᠶ᠎ᠡ᠎ᠳᠦ ᠠᠷᠪᠠᠭᠠᠳ ᠬᠥᠮᠦᠨ᠎ᠡᠴᠡ ᠬᠡᠲᠦᠷᠡᠬᠦ᠎ᠦᠭᠡᠢ ᠪᠠᠢᠭᠰᠠᠨ᠎ᠶᠤᠮ᠃ ᠡᠭᠦᠨ᠎ᠢ ᠬᠢᠳᠡᠭ ᠡᠳᠡᠭᠡᠷ ᠠᠷᠪᠠᠭᠠᠳ ᠬᠥᠮᠦᠰ᠎ᠨᠢ ᠪᠠᠰᠠ ᠠᠩᠭᠯᠢ ᠬᠡᠯᠡᠨ᠎ᠳᠦ᠎ᠪᠡᠨ ᠨᠡᠪᠲᠡᠷᠡᠬᠦ᠎ᠦᠭᠡᠢ ᠪᠠᠢᠵᠤ᠂ ᠣᠷᠴᠢᠭᠤᠯᠤᠭᠴᠢ ᠴᠢᠬᠤᠯᠠᠲᠠᠢ ᠪᠠᠢᠭᠰᠠᠨ᠃ ᠡᠷᠭᠢᠭᠡᠳ ᠪᠠᠰᠠ ᠰᠢᠭᠤᠳ ᠬᠠᠷᠢᠯᠴᠠᠵᠤ ᠳᠡᠢᠯᠬᠦ᠎ᠦᠭᠡᠢ᠂ ᠪᠡᠭᠡᠵᠢᠩ᠎ᠢᠶᠡᠷ ᠳᠠᠮᠵᠢᠬᠤ ᠬᠡᠷᠡᠭᠲᠡᠢ ᠪᠠᠢᠭᠰᠠᠨ᠎ᠶᠤᠮ᠃ ᠡᠢᠮᠦ ᠣᠯᠠᠨ ᠬᠦᠴᠢᠷᠳᠡᠯ᠎ᠦᠨ ᠳᠤᠮᠳᠠ ᠪᠢᠳᠡ ᠪᠠᠰᠠ ᠴᠢᠳᠠᠬᠤ᠎ᠶᠢᠨ ᠬᠢᠷᠢ᠎ᠪᠡᠷ ᠮᠣᠩᠭᠤᠯ ᠦᠰᠦᠭ ᠪᠢᠴᠢᠭ᠎ᠢᠶᠡᠨ ᠬᠤᠷᠳᠤᠬᠠᠨ ᠳᠡᠯᠡᠬᠡᠢ᠎ᠶᠢᠨ ᠪᠠᠷᠢᠮᠵᠢᠶᠠᠨ᠎ᠳᠤ ᠣᠷᠤᠭᠤᠯᠤᠭᠠᠳ ᠳᠡᠢᠯᠪᠡᠯ ᠮᠠᠨ᠎ᠤ ᠦᠨᠳᠦᠰᠦᠲᠡᠨ᠎ᠦ ᠦᠭᠡ ᠬᠡᠯᠡ ᠦᠰᠦᠭ ᠪᠢᠴᠢᠭ ᠬᠥᠭᠵᠢᠵᠦ ᠳᠡᠢᠯᠦᠨ᠎ᠡ ᠭᠡᠰᠡᠨ ᠵᠣᠷᠢᠯᠲᠠ᠎ᠪᠠᠷ 92—99 ᠣᠨ ᠬᠦᠷᠲᠡᠯ᠎ᠡ ᠨᠠᠢ᠍ᠮᠠᠨ ᠶᠢᠰᠦᠨ ᠵᠢᠯ ᠰᠢᠬᠠᠮ ᠬᠤᠭᠤᠴᠠᠭ᠎ᠠ ᠬᠡᠷᠡᠭᠯᠡᠨ ᠴᠢᠷᠮᠠᠢᠭᠰᠠᠨ ᠪᠠᠢᠨ᠎ᠠ᠃ ᠡᠭᠦᠨ᠎ᠦ ᠳᠣᠲᠤᠷ᠎ᠠ ᠮᠢᠨᠦ ᠬᠤᠪᠢ ᠬᠥᠮᠦᠨ ᠪᠣᠯ 98 ᠣᠨ᠎ᠳᠤ ᠶᠠᠫᠤᠨ᠎ᠳᠤ ᠭᠠᠷᠴᠤ᠂ ᠰᠡᠭᠦᠯ᠎ᠦᠨ ᠦᠶ᠎ᠡ᠎ᠶᠢᠨ ᠬᠡᠯᠡᠯᠴᠡᠭᠡᠷᠲᠤ ᠣᠷᠤᠯᠴᠠᠵᠤ ᠴᠢᠳᠠᠭᠰᠠᠨ ᠥᠬᠡᠢ᠎ᠶᠦᠮ᠃

ᠳᠠᠷᠠᠭ᠎ᠠ᠎ᠳᠤ᠎ᠨᠢ ᠲᠤᠭᠤᠯᠭᠠᠨ᠎ᠢᠶᠠᠷ᠎ᠤᠨ ᠳᠦᠷᠰᠦ᠎ᠪᠡᠷ ᠪᠠᠷᠢᠮᠵᠢᠶ᠎ᠠ ᠪᠣᠯᠭᠠᠭᠰᠠᠨ ᠪᠣᠯ ᠬᠡᠳᠦᠢ ᠰᠠᠢᠬᠠᠨ ᠪᠣᠢ ᠭᠡᠰᠡᠨ ᠠᠰᠠᠭᠤᠳᠠᠯ᠎ᠢ ᠬᠠᠷᠢᠭᠤᠯᠤᠶ᠎ᠠ᠃ ᠳᠡᠭᠡᠷ᠎ᠡ ᠮᠢᠨᠦ ᠬᠡᠯᠡᠭᠰᠡᠨ᠎ᠳᠦᠷᠰᠦ᠎ᠪᠡᠷ ᠬᠢᠬᠦ ᠲᠥᠰᠦᠪ ᠭᠡᠪᠡᠯ ᠶᠠᠭ ᠲᠡᠷᠡ ᠲᠤᠭᠤᠯᠭᠠᠨ᠎ᠢᠶᠠᠷ᠎ᠤᠨ ᠳᠦᠷᠰᠦ᠎ᠵᠢ ᠵᠢᠭᠠᠵᠤ ᠪᠠᠢᠨ᠎ᠠ᠃ ᠲᠤᠭᠤᠯᠭᠠᠨ᠎ᠢᠶᠠᠷ ᠪᠣᠯ ᠨᠢᠭᠡ ᠨᠢᠭᠡ ᠵᠢᠵᠢᠭ ᠵᠢᠵᠢᠭ ᠬᠡᠰᠡᠭ ᠳᠦᠷᠰᠦ᠎ᠪᠡᠷ ᠪᠦᠷᠢᠯᠳᠦᠭᠰᠡᠨ᠎ᠶᠦᠮ᠃ ᠲᠡᠭᠦᠨ᠎ᠢ ᠪᠢᠳᠡ ᠳᠦᠷᠰᠦ ᠭᠡᠵᠦ ᠶᠠᠷᠢᠳᠠᠭ᠃ ᠪᠢᠳᠡ ᠪᠣᠯ ᠶᠠᠭ ᠲᠡᠷᠡ ᠳᠦᠷᠰᠦ᠎ᠨᠦᠭᠦᠳ᠎ᠢ Unicode᠎ᠲᠦ ᠣᠷᠤᠭᠤᠯᠴᠢᠬᠠᠪᠠᠯ ᠪᠣᠯᠴᠢᠬᠠᠬᠤ ᠪᠢᠰᠢ᠎ᠦᠦ ᠭᠡᠰᠡᠨ᠎ᠶᠦᠮ᠃ ᠲᠤᠬᠠᠢ᠎ᠶᠢᠨ ᠦᠶ᠎ᠡ᠎ᠳᠦ ᠳᠦᠷᠰᠦ᠎ᠶᠢᠨ ᠠᠷᠭ᠎ᠠ᠎ᠪᠠᠷ ᠬᠢᠭᠡᠳ ᠪᠠᠰᠠ ᠬᠡᠷᠡᠭᠯᠡᠵᠦ ᠪᠠᠢᠭᠰᠠᠨ ᠺᠣᠮᠫᠢᠦ᠋ᠲᠧᠷ ᠰᠢᠰᠲᠧᠮ ᠤᠯᠠᠨ ᠪᠠᠢᠵᠠᠢ᠃ ᠵᠢᠱ᠌ᠢᠶᠡᠯᠡᠪᠡᠯ᠄ ᠹᠠᠩ ᠵᠧᠩ᠂ ᠬᠤᠸᠠ ᠭᠤᠸᠠᠩ᠂ ᠰᠢᠩ ᠬᠠᠨ ᠵᠡᠷᠭᠡ ᠬᠡᠪᠯᠡᠯ᠎ᠦᠨ ᠰᠢᠰᠲᠧᠮ ᠪᠦᠷ ᠳᠦᠷᠰᠦ᠎ᠶᠢᠨ ᠠᠷᠭ᠎ᠠ᠎ᠪᠠᠷ ᠬᠢᠵᠦ ᠪᠠᠢᠭᠰᠠᠨ᠃ ᠲᠡᠢᠮᠦ᠎ᠡᠴᠡ ᠲᠡᠷᠡ ᠶᠣᠰᠤᠭᠠᠷ᠎ᠨᠢ ᠳᠦᠷᠰᠦ᠎ᠪᠡᠷ ᠣᠷᠤᠭᠤᠯᠴᠢᠬᠠᠪᠠᠯ ᠬᠠᠮᠤᠭ᠎ᠤᠨ ᠰᠠᠢᠨ ᠭᠡᠵᠦ ᠬᠦᠰᠡᠯ ᠲᠠᠯᠪᠢᠵᠤ ᠪᠠᠢᠭᠰᠠᠨ᠎ᠶᠤᠮ᠃ ᠨᠡᠩ ᠣᠨᠴᠠᠭᠠᠢᠯᠠᠨ ᠪᠢᠳᠡ ᠪᠠᠰᠠ ᠬᠡᠳᠦ ᠤᠳᠠᠭ᠎ᠠ ᠮᠠᠨ᠎ᠤ ᠳᠤᠷᠠᠳᠤᠯᠭ᠎ᠠ ᠲᠥᠰᠦᠪ 《提案》᠎ᠪᠠᠨ ᠳᠡᠭᠡᠷ᠎ᠡ ᠱᠠᠳᠤᠨ᠎ᠳᠤ ᠶᠠᠪᠤᠭᠤᠯᠵᠤ ᠪᠠᠢᠭᠰᠠᠨ᠎ᠶᠤᠮ᠃ ᠬᠠᠷᠠᠮᠰᠠᠯ᠎ᠲᠠᠢ᠎ᠨᠢ ᠬᠣᠵᠢᠮ᠎ᠤᠨ ᠦᠶ᠎ᠡ ᠪᠣᠯᠤᠭᠠᠳ ᠠᠪᠢᠶ᠎ᠠ᠎ᠪᠠᠷ ᠣᠷᠤᠭᠤᠯᠬᠤ ᠴᠢᠭᠯᠡᠯ᠎ᠳᠦ ᠨᠢᠭᠡᠳᠦᠭᠰᠡᠨ᠎ᠡᠴᠡ ᠪᠣᠯᠵᠤ ᠣᠳᠤ᠎ᠶᠢᠨ ᠮᠣᠩᠭᠤᠯ Unicode ᠪᠠᠷᠢᠮᠵᠢᠶ᠎ᠠ ᠪᠣᠯᠵᠤ ᠪᠠᠢᠨ᠎ᠠ᠃

ᠳᠠᠬᠢᠭᠠᠳ ᠳᠦᠷᠰᠦ᠎ᠪᠡᠷ ᠣᠷᠤᠭᠤᠯᠤᠨ᠎ᠠ ᠭᠡᠪᠡᠯ ᠵᠠᠪᠠᠯ ᠲᠤᠯᠭᠠᠷᠠᠬᠤ ᠠᠰᠠᠭᠤᠳᠠᠯ ᠭᠡᠪᠡᠯ《ᠣ᠊(4)ᠤ᠊(5)》ᠵᠡᠷᠭᠡ ᠢᠵᠢᠯ ᠪᠤᠰᠤ ᠳᠠᠭᠤᠳᠠᠯᠭ᠎ᠠ᠎ᠲᠠᠢ ᠦᠰᠦᠭ᠎ᠢ ᠲᠡᠮᠳᠡᠭᠯᠡᠭᠰᠡᠨ ᠢᠵᠢᠯ ᠳᠦᠷᠰᠦ ᠢᠯᠡᠷᠡᠨ᠎ᠡ᠃ ᠡᠳᠡᠭᠡᠷ ᠢᠵᠢᠯ ᠳᠦᠷᠰᠦ᠎ᠶᠢ Unicode᠎ᠲᠦ ᠣᠷᠤᠭᠤᠯᠬᠤ᠎ᠳᠤ ᠳᠣᠩ ᠬᠦᠴᠢᠷ ᠲᠤᠯᠭᠠᠷᠠᠨ᠎ᠠ᠃ ᠢᠵᠢᠯ ᠳᠦᠷᠰᠦ᠎ᠶᠢᠨ ᠲᠤᠬᠠᠢ Unicode ᠳᠣᠲᠤᠷ᠎ᠠ ᠣᠨᠴᠠᠭᠠᠢ ᠴᠢᠩᠭ᠎ᠠ ᠱᠠᠭᠠᠷᠳᠠᠯᠭ᠎ᠠ᠎ᠲᠠᠢ᠎ᠶᠤᠮ᠃ Unicode᠎ᠦᠨ Code Point᠎ᠲᠦ ᠢᠵᠢᠯᠬᠡᠨ ᠳᠦᠷᠰᠦ ᠬᠣᠶᠠᠷ ᠺᠣᠳ᠋ ᠠᠪᠴᠤ ᠪᠣᠯᠬᠤ᠎ᠦᠭᠡᠢ ᠭᠡᠰᠡᠨ ᠴᠢᠩᠭ᠎ᠠ ᠲᠣᠭᠲᠠᠭᠠᠯ᠎ᠲᠠᠢ᠃ Unicode ᠣᠳᠤ᠎ᠳᠤ᠎ᠪᠠᠨ12 ᠲᠦᠮᠡ ᠭᠠᠷᠤᠢ ᠪᠣᠯᠤᠭᠠᠳ ᠪᠠᠢᠨ᠎ᠠ᠃ ᠡᠳᠡᠭᠡᠷ12 ᠲᠦᠮᠡᠨ ᠥᠰᠦᠭ ᠳᠦᠷᠰᠦ᠎ᠨᠢ ᠪᠦᠷ ᠠᠳᠠᠯᠢ ᠪᠤᠰᠤ ᠪᠠᠢᠳᠠᠭ᠎ᠶᠤᠮ᠃ ᠳᠡᠭᠡᠷᠡᠬᠢ ᠰᠢᠯᠲᠠᠭᠠᠨ᠎ᠠᠴᠠ ᠪᠣᠯᠵᠤ ᠠᠪᠢᠶ᠎ᠠ᠎ᠪᠠᠷ ᠣᠷᠤᠭᠤᠯᠬᠤ᠎ᠪᠠᠷ ᠲᠣᠭᠲᠠᠭᠰᠠᠨ᠎ᠴᠤ Code Point ᠳᠣᠲᠤᠷ᠎ᠠ ᠣᠷᠤᠬᠤ᠎ᠮᠣᠩᠭᠤᠯ ᠥᠰᠦᠭ᠎ᠦᠨ ᠬᠦᠰᠦᠨᠦᠭᠲᠦ᠎ᠶᠢᠨ 《ᠣ᠊(4)᠂ ᠤ᠊(5)》᠎ᠶᠢ ᠠᠳᠠᠯᠢ ᠪᠤᠰᠤ ᠳᠦᠷᠰᠦ᠎ᠪᠡᠷ ᠲᠡᠮᠳᠡᠭᠯᠡᠵᠦ ᠪᠠᠢᠨ᠎ᠠ᠃ ᠳᠠᠷᠤᠢ 《ᠣ᠊(4)》᠎ᠶᠢ᠎ᠨᠢ ᠤᠭ ᠳᠦᠷᠰᠦ᠎ᠪᠡᠷ ᠲᠡᠮᠳᠡᠭᠯᠡᠭᠡᠳ᠂ 《ᠤ᠊(5)》᠎ᠶᠢ᠎ᠨᠢ ᠳᠡᠭᠡᠷ᠎ᠡ ᠣᠷᠤᠬᠤ ᠳᠦᠷᠰᠦ᠎ᠪᠡᠷ ᠲᠡᠮᠳᠡᠭᠯᠡᠵᠦ ᠪᠠᠢᠭᠠᠳ ᠰᠠᠶᠢ 《ᠣ᠊(4)᠂ ᠤ᠊(5)》᠎ᠶᠢ ᠬᠣᠶᠠᠷ ᠺᠣᠳ᠋ ᠣᠯᠤᠭᠰᠠᠨ ᠪᠠᠢᠨ᠎ᠠ᠃

ᠶᠠᠭ ᠶᠣᠰᠤᠨ᠎ᠳᠤ᠎ᠪᠠᠨ ᠮᠠᠨ᠎ᠤ ᠰᠠᠨᠠᠯ᠎ᠢᠶᠠᠷ ᠪᠣᠯ ᠠᠪᠢᠶ᠎ᠠ᠎ᠪᠠᠷ ᠲᠡᠮᠳᠡᠭᠯᠡᠭᠰᠡᠨ᠎ᠴᠦ ᠢᠵᠢᠯ ᠳᠦᠷᠰᠦ᠎ᠲᠡᠢ 《ᠣ᠊(4)᠂ ᠤ᠊(5)》᠂ 《ᠥ᠊(6)᠂ ᠦ᠊(7)》᠎ᠶᠢ ᠨᠢᠭᠡᠯᠡ ᠨᠢᠭᠡᠯᠡ ᠠᠪᠴᠢᠬᠠᠶ᠎ᠠ ᠭᠡᠵᠦ ᠪᠣᠳᠤᠵᠤ ᠪᠠᠢᠭᠰᠠᠨ᠎ᠶᠤᠮ᠃ ᠭᠡᠪᠡᠴᠦ 《ᠨᠢᠭᠡᠯᠡ ᠠᠪᠤᠪᠠᠯ ᠪᠣᠯᠬᠤ᠎ᠦᠭᠡᠢ》 ᠭᠡᠰᠡᠨ ᠬᠡᠯᠡᠨ᠎ᠦ ᠡᠷᠳᠡᠮᠲᠡᠳ᠎ᠦᠨ ᠰᠠᠨᠠᠯ᠎ᠢᠶᠠᠷ ᠲᠤᠰ ᠪᠦᠷᠢ ᠬᠣᠶᠠᠷ ᠠᠪᠬᠤ᠎ᠪᠠᠷ ᠲᠣᠭᠲᠠᠭᠰᠠᠨ ᠪᠠᠢᠨ᠎ᠠ᠃

ᠮᠣᠩᠭᠤᠯ ᠥᠰᠦᠭ᠎ᠢᠶᠡᠨ Unicode᠎ᠲᠦ ᠳᠦᠷᠰᠦ᠎ᠪᠡᠷ ᠣᠷᠤᠭᠤᠯᠬᠤ᠎ᠳᠤ 《ᠮᠣᠩᠭᠤᠯ ᠬᠢᠲᠠᠳ ᠲᠣᠯᠢ ᠪᠢᠴᠢᠭ》᠎ᠦᠨ ᠠᠷᠤ᠎ᠳᠤ ᠲᠡᠮᠳᠡᠭᠯᠡᠭᠰᠡᠨ᠎ᠰᠢᠭ ᠬᠦᠰᠦᠨᠦᠭᠲᠦ᠎ᠪᠡᠷ ᠣᠷᠤᠭᠤᠯᠪᠠᠯ ᠭᠦᠢᠴᠡᠳ᠎ᠰᠢᠭ ᠬᠠᠷᠠᠭᠳᠠᠳᠠᠭ ᠪᠣᠯᠪᠠᠴᠤ᠂ ᠲᠡᠷᠡ ᠬᠦᠰᠦᠨᠦᠭᠲᠦ ᠳᠣᠲᠤᠷ᠎ᠠ ᠮᠠᠨ᠎ᠤ ᠣᠳᠤ᠎ᠪᠠᠷ᠎ᠢᠶᠠᠨ ᠬᠡᠯᠡᠬᠦ Ligature(ᠵᠠᠯᠭᠠᠮᠠᠯ ᠥᠰᠦᠭ) ᠭᠡᠳᠡᠭ ᠪᠠᠭᠲᠠᠬᠤ ᠥᠬᠡᠢ᠃ Ligature ᠭᠡᠳᠡᠭ᠎ᠨᠢ ᠬᠣᠶᠠᠷ ᠦᠰᠦᠭ ᠨᠡᠢᠯᠡᠭᠡᠳ ᠨᠢᠭᠡ ᠳᠦᠷᠰᠦ ᠪᠣᠯᠬᠤ ᠵᠢ ᠵᠢᠭᠠᠨ᠎ᠠ᠃ ᠵᠢᠱ᠌ᠢᠶᠡᠯᠡᠪᠡᠯ 《ᠪᠠ᠊᠂ ᠪᠡ᠊᠂ ᠪᠢ᠊᠂ ᠪᠣ᠊᠁᠊》ᠵᠡᠷᠭᠡ᠂ ᠡᠳᠡᠭᠡᠷ᠎ᠢ ᠪᠢᠳᠡ ᠪᠣᠯ ᠮᠣᠩᠭᠤᠯ ᠦᠰᠦᠭ᠎ᠦᠨ ᠹᠣᠨᠲ ᠬᠢᠬᠦ ᠦᠶ᠎ᠡ᠎ᠳᠦ ᠨᠢᠭᠡ ᠳᠦᠷᠰᠦ ᠭᠡᠵᠦ ᠦᠵᠡᠨ᠎ᠡ᠃ ᠡᠢᠮᠦ ᠵᠠᠯᠭᠠᠮᠠᠯ ᠳᠦᠷᠰᠦ᠎ᠶᠢ ᠵᠠᠪᠠᠯ ᠨᠢᠷᠤᠭᠤᠨ᠎ᠤ ᠬᠡᠰᠡᠭ᠎ᠢᠶᠡᠷ ᠰᠠᠯᠭᠠᠪᠠᠯ ᠰᠠᠶᠢ ᠠᠰ ᠠᠰ᠎ᠲᠤ᠎ᠨᠢ ᠦᠵᠡᠬᠦ᠎ᠳᠦ ᠶᠠᠭᠤ ᠪᠤᠢ ᠭᠡᠳᠡᠭ᠎ᠢ ᠳᠣᠪ ᠲᠣᠳᠤᠷᠬᠠᠢ ᠮᠡᠳᠡᠳᠡᠭ᠃ ᠬᠡᠷᠪᠡ ᠡᠳᠡᠭᠡᠷ ᠵᠠᠯᠭᠠᠮᠠᠯ ᠥᠰᠦᠭ᠎ᠦᠳ᠎ᠢ ᠨᠢᠷᠤᠭᠤ ᠳᠡᠭᠡᠷ᠎ᠡ᠎ᠪᠡᠨ ᠰᠠᠯᠬᠤ᠎ᠪᠢᠰᠢ᠂ ᠬᠠᠷᠢᠨ ᠥᠭᠡᠷ᠎ᠡ ᠭᠠᠵᠠᠷ᠎ᠢᠶᠠᠷ᠎ᠢᠶᠠᠨ ᠰᠠᠯᠪᠠᠯ᠂ ᠵᠢᠱ᠌ᠢᠶᠡᠯᠡᠪᠡᠯ᠄《ᠪᠠ᠊》᠎ᠶᠢᠨ ᠠᠷᠤ ᠠᠷᠤ ᠲᠠᠯ᠎ᠠ᠎ᠶᠢᠨ ᠲᠣᠭᠤᠷᠢᠭ᠎ᠤᠨ ᠲᠡᠨᠳᠡ᠎ᠡᠴᠡ᠎ᠪᠡᠨ ᠰᠠᠯᠪᠠᠯ᠂ ᠶᠠᠭ ᠳᠤᠲᠠᠭᠤ ᠳᠣᠷᠭᠤᠨ ᠶᠠᠭᠤᠮ᠎ᠠ᠎ᠰᠢᠭ᠋ ᠰᠠᠨᠠᠭᠳᠠᠳᠠᠭ ᠪᠢᠰᠢ᠎ᠦᠦ᠃ ᠪᠠᠰᠠ ᠠᠰ ᠠᠰ᠎ᠲᠤ᠎ᠨᠢ ᠦᠵᠡᠪᠡᠯ 《᠎ᠤ》᠎ᠨᠢ 《᠊ᠤ》 ᠳᠠᠢ ᠠᠳᠠᠯᠢᠬᠠᠨ ᠪᠣᠯᠵᠤ ᠬᠤᠳᠭᠤᠯᠳᠤᠬᠤ ᠠᠶᠤᠯ ᠳᠠᠢ ᠭᠡᠵᠦ ᠪᠢ ᠦᠵᠡᠨ᠎ᠡ᠃

ᠪᠢ ᠪᠠᠰᠠ ᠶᠠᠭ ᠰᠠᠢᠬᠠᠨ ᠰᠣᠯᠤᠩᠭᠤᠰ᠎ᠤᠨ ᠵᠢᠱ᠌ᠢᠶ᠎ᠠ᠎ᠶᠢ ᠲᠠᠲᠠᠶ᠎ᠠ ᠭᠡᠵᠦ ᠪᠣᠳᠤᠵᠤ ᠪᠠᠢᠵᠠᠢ᠃ Unicode᠎ᠦᠨ BMP᠎ᠢ ᠡᠬᠢᠯᠡᠨ ᠲᠣᠭᠲᠠᠭᠠᠬᠤ ᠦᠶ᠎ᠡ᠎ᠳᠦ ᠡᠯ᠎ᠡ ᠤᠯᠤᠰ᠎ᠤᠨ ᠤᠯᠤᠰ᠎ᠤᠨ ᠪᠠᠢᠭᠤᠯᠤᠯᠭ᠎ᠠ᠂᠎ᠵᠠᠰᠠᠭ᠎ᠤᠨ ᠣᠷᠳᠤᠨ᠎ᠤ ᠲᠠᠯ᠎ᠠ᠎ᠠᠴᠠ ᠣᠨᠴᠠᠭᠠᠢ ᠮᠥᠩᠭᠦ ᠭᠠᠷᠭᠠᠨ ᠳᠡᠯᠡᠬᠡᠢ᠎ᠶᠢᠨ ᠬᠤᠷᠠᠯ᠎ᠳᠤ ᠣᠷᠤᠯᠴᠠᠨ᠂ Unicode᠎ᠦᠨ BMP ᠭᠡᠳᠡᠭ ᠡᠨᠡ ᠲᠠᠯᠠᠪᠠᠢ᠎ᠶᠢᠨ ᠣᠷᠤᠨ᠎ᠢ ᠭᠠᠵᠠᠷ ᠳᠡᠪᠢᠰᠭᠡᠷ᠎ᠪᠤᠯᠢᠶᠠᠯᠳᠤᠵᠤ ᠪᠠᠢᠬᠤ᠎ᠲᠠᠢ ᠠᠳᠠᠯᠢ᠎ᠪᠠᠷ ᠪᠤᠯᠢᠶᠠᠯᠳᠤᠵᠤ ᠪᠠᠢᠭᠰᠠᠨ᠃ ᠲᠡᠷᠡ ᠦᠶ᠎ᠡ᠎ᠳᠦ ᠡᠮᠦᠨᠡᠳᠦ ᠰᠣᠯᠤᠩᠭᠤᠰ ᠪᠠᠰᠠ ᠠᠵᠤ ᠠᠬᠤᠢ᠎ᠶᠢᠨ ᠲᠠᠯ᠎ᠠ᠎ᠪᠠᠷ ᠨᠡᠯᠢᠶᠡᠳ ᠬᠦᠴᠦᠷᠬᠡᠭ ᠪᠠᠢᠭᠰᠠᠨ ᠪᠥᠭᠡᠳ ᠰᠣᠯᠤᠩᠭᠤᠰ ᠬᠥᠮᠦᠰ᠎ᠦᠨ ᠶᠠᠷᠢᠬᠤ᠎ᠳᠤ ᠰᠣᠯᠤᠩᠭᠤᠰ ᠦᠰᠦᠭ᠎ᠲᠦ ᠨᠢᠭᠡ ᠨᠢᠭᠡ ᠳᠦᠷᠰᠦ ᠬᠡᠳᠦᠢᠪᠡᠷ ᠠᠪᠢᠶ᠎ᠠ᠎ᠶᠢ ᠲᠡᠮᠳᠡᠭᠯᠡᠭᠡᠳ᠂ ᠬᠣᠶᠠᠷ᠂ ᠭᠤᠷᠪᠠᠨ ᠠᠪᠢᠶ᠎ᠠ ᠨᠡᠢᠯᠡᠭᠡᠳ ᠨᠢᠭᠡ ᠦᠰᠦᠭ ᠪᠣᠯᠵᠤ ᠪᠠᠢᠬᠤ ᠪᠥᠬᠦ ᠳᠦᠷᠰᠦ᠎ᠶᠢ ᠪᠦᠷ ᠲᠤᠰ ᠲᠤᠰ᠎ᠲᠤ᠎ᠨᠢ ᠦᠰᠦᠭ ᠪᠣᠯᠭᠠᠨ ᠬᠦᠴᠦᠯᠡᠨ ᠣᠷᠤᠭᠤᠯᠴᠢᠬᠠᠭᠰᠠᠨ (500600 ᠭᠠᠷᠤᠢ)᠎ᠶᠤᠮ᠃

ᠳᠠᠷᠠᠭ᠎ᠠ᠎ᠳᠤ᠎ᠨᠢ᠂ ᠪᠠᠰᠠ ᠡᠮᠦᠨᠡᠳᠦ ᠰᠣᠯᠤᠩᠭᠤᠰ ᠲᠤᠬᠠᠢ᠎ᠶᠢᠨ ᠦᠶ᠎ᠡ᠎ᠳᠦ ᠤᠯᠤᠰ᠎ᠨᠢ ᠪᠠᠶᠠᠨ ᠬᠦᠴᠦᠷᠬᠡᠭ᠂ ᠳᠡᠯᠡᠬᠡᠢ᠎ᠶᠢᠨ ᠬᠤᠷᠠᠯ ᠳᠡᠭᠡᠷ᠎ᠡ ᠦᠭᠡ ᠬᠡᠯᠡᠬᠦ ᠡᠷᠬᠡ ᠶᠡᠬᠡ ᠪᠠᠢᠭᠰᠠᠨ (ᠮᠢᠨᠦ ᠦᠵᠡᠯᠲᠡ) ᠪᠣᠯᠬᠤᠷ ᠰᠣᠯᠤᠩᠭᠤᠰ᠎ᠥᠰᠦᠭ᠎ᠲᠤ ᠬᠡᠷᠡᠭᠯᠡᠬᠦ ᠬᠢᠲᠠᠳ ᠦᠰᠦᠭ᠎ᠭᠡᠵᠦ ᠪᠠᠰᠠ ᠬᠡᠳᠦᠨ ᠮᠢᠩᠭ᠎ᠠ ᠭᠠᠷᠤᠢ ᠣᠷᠤᠭᠤᠯᠤᠭᠰᠠᠨ ᠪᠠᠢᠨ᠎ᠠ᠃ ᠡᠳᠡᠭᠡᠷ ᠬᠢᠲᠠᠳ ᠥᠰᠦᠭ᠎ᠦᠳ᠎ᠨᠢ CJK(Chinese Japanese Korean) ᠭᠡᠰᠡᠨ Unicode ᠳᠣᠲᠤᠷᠠᠬᠢ ᠬᠡᠰᠡᠭ᠎ᠲᠦ ᠣᠷᠤᠭᠰᠠᠨ ᠪᠠᠢᠨ᠎ᠠ᠃ ᠳᠣᠲᠤᠷ᠎ᠠ᠎ᠨᠢ ᠰᠢᠩᠭᠠᠫᠣᠷ᠂ ᠰᠢᠶᠠᠩᠭᠠᠩ᠂ ᠲᠠᠢᠸᠠᠨ᠂ ᠶᠠᠫᠤᠨ᠂ ᠰᠣᠯᠤᠩᠭᠤᠰ ᠵᠡᠷᠭᠡ ᠤᠯᠤᠰ ᠣᠷᠤᠨ᠎ᠳᠤ ᠬᠡᠷᠡᠭᠯᠡᠳᠡᠭ ᠬᠢᠲᠠᠳ ᠦᠰᠦᠭ᠎ᠦᠨ ᠲᠤᠬᠠᠢ ᠪᠦᠭᠦᠳᠡᠭᠡᠷ᠎ᠢᠶᠡᠨ ᠶᠠᠷᠢᠯᠴᠠᠨ ᠨᠢᠭᠡᠳᠭᠡᠭᠡᠳ ᠣᠷᠤᠭᠤᠯᠤᠭᠰᠠᠨ ᠪᠠᠢᠨ᠎ᠠ᠃ ᠬᠠᠮᠤᠭ ᠡᠬᠢᠨ᠎ᠳᠦ᠎ᠪᠡᠨ ᠭᠤᠷᠪᠠᠨ ᠲᠦᠮᠡ ᠣᠷᠴᠢᠮ᠎ᠤᠨ ᠣᠷᠤᠨ᠎ᠢ ᠲᠡᠳᠡᠨᠡᠷ ᠪᠦᠷ ᠡᠵᠡᠯᠡᠭᠡᠳ ᠠᠪᠴᠢᠬᠠᠭᠰᠠᠨ᠎ᠶᠤᠮ᠃ ᠰᠡᠭᠦᠯ᠎ᠳᠦ᠎ᠨᠢ ᠡᠮᠦᠨᠡᠳᠦ ᠰᠣᠯᠤᠩᠭᠤᠰ ᠬᠢᠲᠠᠳ ᠦᠰᠦᠭ᠎ᠢ ᠬᠡᠷᠡᠭᠯᠡᠬᠦ᠎ᠪᠡᠨ ᠪᠠᠢᠵᠤ ᠣᠳᠤ᠎ᠶᠢᠨ ᠬᠡᠷᠡᠭᠯᠡᠵᠦ ᠪᠠᠢᠭ᠎ᠠ ᠰᠣᠯᠤᠩᠭᠤᠰ ᠪᠢᠴᠢᠭ᠎ᠨᠢ ᠬᠢᠲᠠᠳ ᠦᠰᠦᠭ ᠨᠢᠭᠡ᠎ᠴᠦ ᠬᠡᠷᠡᠭᠯᠡᠬᠦ᠎ᠪᠡᠨ ᠪᠠᠢᠴᠢᠬᠠᠭᠰᠠᠨ ᠪᠠᠢᠳᠠᠯ ᠪᠣᠯᠵᠤ ᠪᠠᠢᠨ᠎ᠠ᠃

ᠡᠨᠡ ᠪᠠᠢᠳᠠᠯ ᠳᠣᠣᠷ᠎ᠠ ᠮᠠᠨ᠎ᠤ ᠮᠣᠩᠭᠤᠯ ᠦᠰᠦᠭ᠎ᠢ ᠣᠷᠤᠭᠤᠯᠬᠤ ᠭᠡᠰᠡᠨ ᠪᠣᠯᠪᠠᠴᠤ ᠲᠤᠬᠠᠢ᠎ᠶᠢᠨ ᠦᠶ᠎ᠡ᠎ᠳᠦ ᠮᠠᠨ᠎ᠤ ᠤᠯᠤᠰ ᠪᠠ ᠥᠪᠡᠷᠲᠡᠭᠡᠨ ᠵᠠᠰᠠᠬᠤ ᠣᠷᠤᠨ᠎ᠤ ᠠᠵᠤ ᠠᠬᠤᠢ᠎ᠶᠢᠨ ᠲᠠᠯ᠎ᠠ᠎ᠪᠠᠷ ᠳᠣᠷᠤᠢ ᠪᠠᠭᠤᠷᠠᠢ᠂ ᠲᠠᠨᠢᠯᠲᠠ᠎ᠶᠢᠨ ᠲᠠᠯ᠎ᠠ᠎ᠪᠠᠷ ᠭᠦᠢᠴᠡᠳ ᠪᠠᠢᠭᠰᠠᠨ ᠥᠬᠡᠢ᠃ ᠡᠭᠦᠨ᠎ᠡᠴᠡ ᠭᠠᠳᠠᠨ᠎ᠠ ᠪᠠᠰᠠ ᠮᠠᠨ᠎ᠤ ᠮᠣᠩᠭᠤᠯᠴᠤᠳ ᠲᠡᠷᠡ ᠦᠶ᠎ᠡ᠎ᠳᠦ ᠥᠪᠡᠰᠦᠪᠡᠨ ᠰᠢᠭᠤᠳ ᠶᠠᠷᠢᠵᠤ ᠳᠡᠢᠯᠬᠦ᠎ᠦᠭᠡᠢ᠃ ᠭᠠᠳᠠᠭᠠᠳᠤ ᠬᠡᠯᠡᠨ᠎ᠦ ᠲᠠᠯ᠎ᠠ᠎ᠪᠠᠷ ᠪᠠᠭᠤᠷᠠᠢ ᠪᠠᠢᠭᠰᠠᠨ᠎ᠵᠡᠷᠭᠡ ᠤᠯᠠᠨ ᠲᠠᠯ᠎ᠠ᠎ᠶᠢᠨ ᠰᠢᠯᠲᠠᠭᠠᠨ ᠪᠠᠢᠨ᠎ᠠ ᠭᠡᠵᠦ ᠪᠢ ᠦᠵᠡᠨ᠎ᠡ᠃

ᠣᠳᠣᠬᠠᠨ᠎ᠳᠤ᠎ᠪᠠᠨ ᠮᠠᠨ᠎ᠤ ᠮᠣᠩᠭᠤᠯᠴᠤᠳ ᠥᠪᠡᠷᠰᠡᠳ᠎ᠢᠶᠡᠷ᠎ᠢᠶᠡᠨ ᠰᠢᠭᠤᠳ ᠳᠡᠯᠡᠬᠡᠢ ᠳᠡᠭᠡᠷᠡᠬᠢ ᠡᠷᠳᠡᠮᠲᠡᠳ᠎ᠲᠡᠢ ᠶᠠᠷᠢᠯᠴᠠᠵᠤ ᠳᠡᠢᠯᠬᠦ ᠪᠣᠯᠤᠭᠰᠠᠨ᠎ᠨᠢ ᠶᠡᠬᠡ ᠰᠠᠢᠨ ᠤᠴᠢᠷ ᠪᠠᠢᠨ᠎ᠠ᠃ ᠠᠩᠬᠠᠨ᠎ᠳᠤ᠎ᠪᠠᠨ ᠡᠨᠡ ᠲᠠᠯ᠎ᠠ᠎ᠪᠠᠷ ᠠᠩᠭᠯᠢ᠎ᠪᠠᠷ ᠰᠢᠭᠤᠳ ᠶᠠᠷᠢᠯᠴᠠᠵᠤ ᠳᠡᠢᠯᠬᠦ ᠬᠥᠮᠦᠨ ᠴᠥᠭᠡᠨ ᠪᠠᠢᠨ᠎ᠠ ᠭᠡᠵᠦ ᠪᠢ ᠶᠡᠬᠡ ᠰᠠᠨᠠᠭ᠎ᠠ ᠵᠣᠪᠠᠵᠤ ᠪᠠᠢᠭᠰᠠᠨ᠎ᠶᠤᠮ᠃ ᠣᠳᠤ ᠠᠮᠧᠷᠢᠺᠠ᠎ᠵᠡᠷᠭᠡ ᠭᠠᠳᠠᠭᠠᠳᠤ ᠤᠯᠤᠰ᠎ᠲᠤ ᠪᠠᠢᠭ᠎ᠠ ᠲᠠᠨᠠᠷ᠎ᠲᠠᠢ᠎ᠪᠠᠨ ᠲᠠᠨᠢᠯᠴᠠᠭᠰᠠᠨ᠎ᠨᠢ ᠶᠡᠬᠡ ᠰᠠᠢᠨ ᠤᠴᠢᠷ ᠪᠣᠯᠤᠨ᠎ᠠ᠃ ᠨᠡᠩ ᠢᠯᠡᠭᠦᠦ ᠮᠠᠨ᠎ᠤ ᠡᠳᠡᠭᠡᠷ ᠠᠩᠭᠯᠢ ᠬᠡᠯᠡ ᠭᠦᠢᠴᠡᠳ ᠪᠤᠰᠤ ᠲᠠᠯ᠎ᠠ᠎ᠶᠢ ᠲᠠᠨᠠᠷ ᠬᠠᠪᠰᠤᠷᠤᠭᠠᠳ᠂ ᠬᠠᠮᠲᠤᠪᠠᠷ᠎ᠢᠶᠠᠨ ᠬᠦᠴᠦ᠎ᠪᠡᠨ ᠨᠢᠭᠡᠳᠭᠡᠨ᠂ ᠮᠠᠨ᠎ᠤ ᠮᠣᠩᠭᠤᠯ ᠥᠰᠦᠭ ᠪᠢᠴᠢᠭ᠎ᠦᠨ ᠡᠨᠡ ᠪᠠᠷᠢᠮᠵᠢᠶ᠎ᠠ᠎ᠪᠠᠨ ᠰᠠᠢᠵᠢᠷᠠᠭᠤᠯᠬᠤ᠎ᠪᠠᠷ UTC᠂ W3C᠎ᠶᠢᠨ ᠡᠷᠳᠡᠮᠲᠡᠳ᠎ᠲᠡᠢ ᠬᠡᠯᠡᠯᠴᠡᠵᠦ᠂ ᠡᠯ᠎ᠡ ᠵᠢᠯᠤᠭᠤᠳᠤᠯᠭ᠎ᠠ᠎ᠶᠢᠨ ᠰᠢᠰᠲᠧᠮ᠎ᠦᠨ ᠺᠣᠮᠫᠠᠨᠢ᠎ᠶᠢᠨ᠎ᠮᠡᠷᠭᠡᠵᠢᠯᠲᠡᠨ ᠳᠠᠢ ᠬᠠᠷᠢᠯᠴᠠᠵᠤ ᠪᠠᠢᠭᠠᠳ ᠮᠠᠨ᠎ᠤ ᠮᠣᠩᠭᠤᠯ᠎ᠪᠢᠴᠢᠭ᠎ᠤᠨ ᠹᠣᠨᠲ ᠪᠠ ᠣᠷᠤᠭᠤᠯᠬᠤ ᠠᠷᠭ᠎ᠠ ᠵᠡᠷᠭᠡ᠎ᠪᠡᠨ ᠰᠢᠰᠲᠧᠮ᠎ᠦᠨ ᠳᠡᠰ᠎ᠲᠦ ᠣᠷᠤᠭᠤᠯᠵᠤ ᠮᠣᠩᠭᠤᠯᠴᠤᠳ᠎ᠲᠤ᠎ᠪᠠᠨ ᠪᠡᠯᠡᠨ ᠪᠣᠯᠭᠠᠵᠤ᠎ᠲᠠᠯᠪᠢᠬᠤ᠎ᠪᠠᠷ ᠰᠠᠢᠨ ᠴᠢᠷᠮᠠᠢᠶ᠎ᠠ ᠭᠡᠵᠦ ᠪᠤᠳᠤᠵᠤ ᠪᠠᠢᠨ᠎ᠠ᠃

ᠶᠠᠭᠠᠬᠢᠭᠠᠳ ᠦᠶ᠎ᠡ᠎ᠪᠡᠷ ᠬᠢᠭᠰᠡᠨ᠎ᠦᠭᠡᠢ ᠠᠪᠢᠶ᠎ᠠ᠎ᠪᠠᠷ ᠬᠢᠭᠰᠡᠨ ᠪᠤᠢ ᠭᠡᠰᠡᠨ ᠠᠰᠠᠭᠤᠯᠲᠠ᠎ᠳᠤ ᠪᠢ ᠲᠣᠰ ᠪᠦᠯᠦᠭ᠎ᠲᠦ ᠶᠠᠷᠢᠭᠰᠠᠨ ᠬᠠᠷᠢᠭᠤᠯᠲᠠ ᠪᠠᠢᠭᠰᠠᠨ᠎ᠢ ᠡᠨᠳᠡ ᠪᠢᠴᠢᠯ᠎ᠡ᠃ ᠡᠨᠡ ᠬᠠᠷᠢᠭᠤᠯᠲᠠ ᠶᠠᠭ ᠮᠢᠨᠦ ᠬᠠᠷᠢᠭᠤᠯᠤᠶ᠎ᠠ ᠭᠡᠰᠡᠨ ᠳᠠᠢ ᠠᠳᠠᠯᠢ ᠪᠠᠢᠨ᠎ᠠ᠃

(ᠦ᠊᠂ ᠭᠤᠸᠠᠢ᠎ᠶᠢᠨ ᠬᠠᠷᠢᠭᠤᠯᠲᠠ) ᠶᠠᠭᠠᠬᠢᠭᠠᠳ ᠦᠶ᠎ᠡ᠎ᠪᠡᠷ ᠬᠢᠭᠰᠡᠨ᠎ᠦᠭᠡᠢ ᠠᠪᠢᠶ᠎ᠠ᠎ᠪᠠᠷ ᠬᠢᠭᠰᠡᠨ ᠪᠤᠢ ᠭᠡᠪᠡᠯ᠂ 《ᠦᠶ᠎ᠡ》᠎ᠨᠢ ᠦᠰᠦᠭ ᠳᠣᠲᠤᠷᠠᠬᠢ ᠲᠡᠰ᠎ᠨᠢ ᠥᠨᠳᠦᠷ ᠪᠣᠯᠪᠠᠴᠤ᠂ ᠠᠮᠢᠳᠤᠯᠢᠭ ᠴᠢᠨᠠᠷ᠎ᠨᠢ ᠠᠪᠢᠶ᠎ᠠ᠎ᠶᠢ ᠬᠦᠷᠬᠦ᠎ᠦᠭᠡᠢ ᠪᠠᠢᠳᠠᠭ᠃ ᠨᠥᠭᠦᠭᠡ ᠲᠠᠯ᠎ᠠ᠎ᠪᠠᠷ ᠮᠣᠩᠭᠤᠯ ᠦᠰᠦᠭ ᠲᠤᠰ ᠪᠡᠶ᠎ᠡ᠎ᠨᠢ ᠦᠶᠡᠲᠦ ᠦᠰᠦᠭ ᠪᠢᠰᠢ᠂ ᠬᠠᠷᠢᠨ ᠠᠪᠢᠶᠠᠨ᠎ᠤ ᠦᠰᠦᠭ᠂ ᠲᠡᠢᠮᠦ᠎ᠡᠴᠡ ᠠᠪᠢᠶ᠎ᠠ᠎ᠪᠠᠷ ᠪᠢᠴᠢᠬᠦ᠎ᠨᠢ ᠦᠰᠦᠭ᠎ᠦᠨ (ᠬᠡᠯᠡᠨ᠎ᠦ)᠎ᠦᠨ ᠬᠢᠨᠢ ᠣᠨᠴᠠᠯᠢᠭ᠎ᠲᠤ ᠤᠯᠠᠮ ᠲᠣᠬᠢᠷᠠᠨ᠎ᠠ᠃ ᠲᠡᠢᠮᠦ᠎ᠡᠴᠡ ᠲᠡᠭᠡᠵᠦ ᠬᠢᠭᠰᠡᠨ ᠪᠠᠢᠨ᠎ᠠ᠃ ᠵᠢᠱ᠌ᠢᠶᠡᠯᠡᠪᠡᠯ᠄ ᠭᠠᠳᠠᠭᠠᠳᠤ ᠵᠢᠭᠡᠯᠡᠭᠡ ᠦᠭᠡ᠎ᠶᠢ ᠪᠢᠴᠢᠬᠦ᠎ᠳᠦ ᠦᠶᠡᠲᠦ ᠦᠰᠦᠭ᠎ᠢᠶᠡᠷ ᠪᠢᠴᠢᠵᠦ ᠳᠡᠢᠯᠬᠦ᠎ᠦᠭᠡᠢ᠂ ᠡᠭᠦᠨ᠎ᠡᠴᠡ ᠭᠠᠳᠠᠨ᠎ᠠ ᠦᠶᠡᠲᠦ ᠦᠰᠦᠭ᠎ᠢ ᠣᠷᠤᠭᠤᠯᠬᠤ᠎ᠳᠤ ᠵᠥᠪᠬᠡᠨ ᠴᠠᠭᠠᠨ ᠲᠣᠯᠤᠭᠠᠢ᠎ᠶᠢ ᠣᠷᠤᠭᠤᠯᠤᠭᠠᠳ ᠬᠦᠷᠬᠦ᠎ᠦᠭᠡᠢ ᠪᠢᠰᠢ᠎ᠦᠦ᠃ ᠪᠠᠰᠠ ᠵᠠᠯᠭᠠᠭᠠᠳ᠂ ᠦᠶᠡᠲᠦ ᠦᠰᠦᠭ ᠪᠣᠯ ᠳᠡᠪᠢᠰᠭᠡᠷ ᠵᠠᠯᠭᠠᠭᠰᠠᠨ ᠪᠤᠶᠤ ᠬᠣᠣᠰ ᠡᠭᠡᠰᠢᠭ ᠣᠷᠤᠭᠰᠠᠨ ᠵᠡᠷᠭᠡ ᠦᠰᠦᠭ᠎ᠢ ᠣᠷᠤᠭᠤᠯᠬᠤ ᠦᠶ᠎ᠡ᠎ᠳᠦ ᠲᠡᠳᠡᠭᠡᠷ᠎ᠢ ᠨᠢᠭᠡ ᠦᠶ᠎ᠡ᠎ᠪᠡᠷ ᠣᠷᠤᠭᠤᠯᠬᠤ ᠬᠡᠷᠡᠭᠲᠡᠢ᠃ ᠲᠡᠢᠮᠦ᠎ᠡᠴᠡ ᠪᠤᠳᠤᠯᠢᠶᠠᠨ᠎ᠤ ᠴᠢᠨᠠᠷ᠎ᠨᠢ ᠠᠪᠢᠶ᠎ᠠ᠎ᠠᠴᠠ ᠬᠤᠯᠠ ᠢᠯᠡᠭᠦᠦ ᠪᠣᠯᠭᠠᠵᠤ ᠮᠡᠳᠡᠨ᠎ᠡ᠃

ᠮᠠᠨᠵᠤ᠂ ᠰᠢᠪᠡᠭᠡ᠂ ᠲᠣᠳᠤ ᠦᠰᠦᠭ᠎ᠢ ᠣᠷᠤᠭᠤᠯᠤᠭᠰᠠᠨ ᠲᠤᠬᠠᠢ ᠭᠡᠪᠡᠯ᠂ ᠭᠠᠳᠠᠭᠠᠳᠤ ᠬᠥᠮᠦᠨ᠎ᠦ ᠨᠢᠳᠦᠨ᠎ᠳᠦ ᠡᠳᠡᠭᠡᠷ ᠦᠰᠦᠭ᠎ᠦᠳ᠎ᠨᠢ ᠦᠨᠡᠨ᠎ᠳᠦ᠎ᠪᠡᠨ ᠨᠢᠭᠡᠯᠡ ᠦᠰᠦᠭ ᠭᠡᠵᠦ ᠦᠵᠡᠵᠦ ᠪᠠᠢᠨ᠎ᠠ᠃ ᠨᠥᠭᠦᠭᠡ ᠲᠠᠯ᠎ᠠ᠎ᠪᠠᠷ ᠮᠠᠨᠵᠤ᠂ ᠰᠢᠪᠡᠭᠡ᠂ ᠲᠣᠳᠤ ᠦᠰᠦᠭ ᠪᠣᠯ ᠶᠠᠭ ᠶᠣᠰᠤᠨ᠎ᠳᠤ᠎ᠪᠠᠨ ᠭᠣᠣᠯ ᠬᠡᠰᠡᠭ᠎ᠨᠢ ᠪᠦᠷ ᠮᠣᠩᠭᠤᠯ ᠦᠰᠦᠭ᠎ᠲᠡᠢ ᠠᠳᠠᠯᠢᠬᠠᠨ᠎ᠶᠤᠮ᠃ ᠡᠨᠡ ᠬᠡᠳᠦᠨ ᠵᠦᠢᠯ᠎ᠦᠨ ᠦᠰᠦᠭ᠎ᠢ ᠨᠢᠭᠡ ᠺᠣᠳ᠋᠎ᠤᠨ ᠣᠷᠤᠨ ᠵᠠᠢ᠎ᠳᠤ ᠣᠷᠤᠭᠤᠯᠪᠠᠯ ᠮᠣᠩᠭᠤᠯ ᠺᠣᠳ᠋᠎ᠢ ᠠᠷᠪᠢᠯᠠᠵᠤ ᠪᠣᠯᠤᠨ᠎ᠠ᠃ ᠨᠥᠭᠦᠭᠡ ᠲᠠᠯ᠎ᠠ᠎ᠪᠠᠷ ᠮᠣᠩᠭᠤᠯ ᠡᠷᠳᠡᠮᠲᠡᠳ ᠶᠠᠭᠠᠬᠢᠭᠠᠳ ᠲᠡᠭᠦᠨ᠎ᠢ ᠣᠷᠤᠭᠤᠯᠤᠭᠰᠠᠨ ᠪᠤᠢ ᠭᠡᠪᠡᠯ᠂ ᠪᠠᠰᠠ ᠲᠣᠳᠤ ᠦᠰᠦᠭ᠎ᠢ ᠪᠣᠯ ᠰᠢᠨᠵᠢᠶᠠᠩ᠎ᠳᠠᠬᠢ ᠮᠣᠩᠭᠤᠯᠴᠤᠳ ᠬᠡᠷᠡᠭᠯᠡᠵᠦ ᠪᠠᠢᠭ᠎ᠠ᠎ᠶᠤᠮ᠂ ᠲᠡᠢᠮᠦ᠎ᠡᠴᠡ ᠲᠣᠳᠤ ᠦᠰᠦᠭ᠎ᠢ ᠪᠣᠯ ᠯᠠᠪᠲᠠᠢ ᠣᠷᠤᠭᠤᠯᠤᠨ᠎ᠠ᠃ ᠵᠠᠯᠭᠠᠭᠠᠳ ᠮᠠᠨᠵᠤ ᠦᠰᠦᠭ᠎ᠦᠨ ᠲᠤᠬᠠᠢ᠂ ᠮᠠᠨ᠎ᠤ ᠮᠣᠩᠭᠤᠯ ᠬᠡᠯᠡᠨ᠎ᠦ ᠬᠡᠰᠡᠭ ᠰᠤᠷᠪᠤᠯᠵᠢ ᠪᠢᠴᠢᠭ᠎ᠢ ᠪᠦᠷ ᠮᠠᠨᠵᠤ ᠦᠰᠦᠭ᠎ᠢᠶᠡᠷ ᠪᠢᠴᠢᠭᠰᠡᠨ ᠪᠠᠢᠨ᠎ᠠ᠃ ᠮᠣᠩᠭᠤᠯ ᠬᠥᠮᠦᠨ᠎ᠦ ᠲᠡᠦᠬᠡᠨ᠎ᠳᠦ ᠮᠠᠨᠵᠤ ᠦᠰᠦᠭ᠎ᠢ ᠬᠡᠷᠡᠭᠯᠡᠨ ᠮᠣᠩᠭᠤᠯ ᠬᠡᠯᠡ᠎ᠪᠡᠨ ᠲᠡᠮᠳᠡᠭᠯᠡᠭᠰᠡᠨ ᠤᠳᠠᠭ᠎ᠠ᠎ᠴᠤ ᠪᠤᠢ᠃

ᠮᠠᠨ᠎ᠤ ᠣᠳᠤ᠎ᠶᠢᠨ ᠬᠡᠷᠡᠭᠯᠡᠵᠦ ᠪᠠᠢᠭ᠎ᠠ ᠮᠣᠩᠭᠤᠯ ᠦᠰᠦᠭ᠎ᠦᠨ ᠴᠠᠭᠠᠨ ᠲᠣᠯᠤᠭᠠᠢ᠎ᠶᠢᠨ ᠨᠢᠭᠡ ᠬᠡᠰᠡᠭ᠎ᠨᠢ ᠮᠠᠨᠵᠤ ᠦᠰᠦᠭ᠎ᠡᠴᠡ ᠠᠪᠴᠢᠷᠠᠭᠠᠳ ᠮᠣᠩᠭᠤᠯ ᠦᠰᠦᠭ᠎ᠢᠶᠡᠨ ᠥᠭᠡᠷᠡᠴᠢᠯᠡᠭᠰᠡᠨ ᠤᠳᠠᠭ᠎ᠠ᠎ᠴᠤ ᠪᠤᠢ᠃ ᠲᠡᠢᠮᠦ᠎ᠡᠴᠡ ᠮᠠᠨ᠎ᠤ ᠣᠳᠤ᠎ᠶᠢᠨ ᠬᠡᠷᠡᠭᠯᠡᠵᠦ ᠪᠠᠢᠭ᠎ᠠ ᠮᠣᠩᠭᠤᠯ ᠦᠰᠦᠭ᠎ᠦᠨ ᠳᠣᠲᠤᠷ᠎ᠠ ᠮᠠᠨᠵᠤ ᠦᠰᠦᠭ᠎ᠦᠨ ᠣᠷᠤ ᠮᠥᠷ᠎ᠬᠠᠷᠠᠭᠳᠠᠨ᠎ᠠ᠃ ᠨᠥᠭᠦᠭᠡ ᠲᠠᠯ᠎ᠠ᠎ᠪᠠᠷ ᠮᠣᠩᠭᠤᠯ ᠬᠥᠮᠦᠨ ᠤᠯᠠᠨ ᠰᠤᠷᠪᠤᠯᠵᠢ ᠪᠢᠴᠢᠭ᠎ᠢᠶᠡᠨ ᠮᠠᠨᠵᠤ ᠦᠰᠦᠭ᠎ᠢᠶᠡᠷ ᠪᠢᠴᠢᠵᠡᠢ᠃ ᠤᠯᠠᠨ ᠤᠯᠤᠰ᠎ᠤᠨ ᠬᠣᠯᠪᠤᠭᠠᠨ᠎ᠤ ᠪᠠᠢᠭᠤᠯᠤᠮᠵᠢ᠎ᠨᠤᠭᠤᠳ ᠪᠣᠯ ᠪᠦᠬᠦ ᠳᠡᠯᠡᠬᠡᠢ᠎ᠶᠢᠨ ᠦᠰᠦᠭ ᠪᠦᠬᠦᠢ ᠶᠠᠭᠤᠮᠠᠰ᠎ᠢ ᠪᠦᠬᠦᠨ᠎ᠢ ᠪᠦᠷᠢᠳᠭᠡᠯᠭᠡᠬᠦ ᠰᠠᠨᠠᠭᠠᠲᠠᠢ᠃ ᠶᠠᠭ ᠰᠠᠢᠬᠠᠨ ᠮᠣᠩᠭᠤᠯ ᠬᠥᠮᠦᠨ ᠡᠭᠦᠨ᠎ᠢ ᠮᠡᠳᠡᠬᠦ ᠪᠣᠯᠬᠤᠷ (ᠮᠠᠨᠵᠤ ᠬᠥᠮᠦᠨ ᠡᠭᠦᠨ᠎ᠢ᠎ᠪᠡᠨ ᠰᠠᠢᠨ ᠮᠡᠳᠡᠬᠦ᠎ᠦᠭᠡᠢ) ᠨᠢᠭᠡᠮᠦᠰᠦᠨ ᠮᠣᠩᠭᠤᠯ ᠬᠥᠮᠦᠨ᠎ᠢᠶᠡᠷ ᠬᠢᠯᠭᠡᠭᠰᠡᠨ ᠪᠠᠢᠨ᠎ᠠ᠃

ᠰᠡᠭᠦᠯ᠎ᠦᠨ ᠦᠭᠡ

ᠳᠡᠭᠡᠷ᠎ᠡ ᠪᠠᠰᠠ ᠨᠢᠭᠡ ᠨᠥᠬᠦᠷ᠎ᠡᠴᠡ 《ᠮᠠᠨ᠎ᠤ ᠡᠳᠡᠭᠡᠷ ᠶᠠᠷᠢᠯᠴᠠᠭᠰᠠᠨ ᠠᠭᠤᠯᠭ᠎ᠠ᠎ᠨᠤᠭᠤᠳ᠎ᠢ ᠪᠢᠲᠡᠭᠡᠢ ᠭᠠᠳᠠᠭᠰᠢ᠎ᠪᠠᠨ ᠭᠠᠷᠭᠠᠭᠠᠷᠠᠢ︕》 ᠭᠡᠵᠦ ᠬᠡᠯᠡᠵᠦ ᠪᠠᠢᠭᠰᠠᠨ᠃ ᠪᠠᠰᠠ ᠥ᠊᠂ ᠭᠤᠸᠠᠢ᠎ᠠᠴᠠ 《ᠡᠳᠡᠭᠡᠷ ᠠᠭᠤᠯᠭ᠎ᠠ᠎ᠶᠢ ᠡᠮᠬᠢᠳᠭᠡᠵᠦ ᠭᠠᠳᠠᠨ᠎ᠠ ᠪᠤᠰᠤᠳ᠎ᠲᠤ ᠲᠠᠨᠢᠯᠴᠠᠭᠤᠯᠬᠤ ᠮᠠᠲᠧᠷᠢᠶᠠᠯ ᠪᠢᠴᠢᠵᠦ ᠪᠣᠯᠤᠨ᠎ᠠ᠎ᠤᠤ︖》 ᠭᠡᠵᠦ ᠠᠰᠠᠭᠤᠵᠤ ᠪᠠᠢᠭᠰᠠᠨ᠃ ᠡᠨᠡ ᠲᠤᠬᠠᠢ᠂ ᠮᠢᠨᠦ ᠶᠠᠷᠢᠭᠰᠠᠨ ᠠᠭᠤᠯᠭ᠎ᠠ᠎ᠶᠢ ᠬᠡᠨ ᠬᠡᠵᠢᠶ᠎ᠡ ᠶᠠᠭᠠᠬᠢᠵᠤ ᠡᠮᠬᠢᠳᠭᠡᠵᠦ ᠭᠠᠳᠠᠭᠰᠢ᠎ᠪᠠᠨ ᠲᠠᠯᠪᠢᠭᠰᠠᠨ (ᠬᠡᠷᠡᠭᠯᠡᠭᠰᠡᠨ)᠎ᠴᠤ ᠬᠠᠮᠢᠶ᠎ᠠ᠎ᠦᠭᠡᠢ᠃ ᠤᠴᠢᠷ᠎ᠨᠢ ᠪᠢ ᠬᠡᠵᠢᠶᠡᠳᠡ ᠠᠯᠢ ᠨᠢᠭᠡ ᠬᠥᠮᠦᠨ᠎ᠢ᠎ᠨᠢ ᠮᠠᠭᠤᠯᠠᠵᠤ᠂ ᠳᠠᠭᠠᠷᠢᠬᠤ ᠭᠡᠬᠦ ᠤᠴᠢᠷ᠎ᠤᠳ᠎ᠢ ᠶᠠᠷᠢᠳᠠᠭ᠎ᠦᠭᠡᠢ᠎ᠶᠤᠮ᠃ ᠭᠡᠪᠡᠴᠦ ᠤᠯᠠᠨ᠎ᠳᠤ ᠨᠢᠭᠡ ᠨᠠᠢᠳᠠᠬᠤ ᠤᠴᠢᠷ ᠭᠡᠪᠡᠯ ᠮᠢᠨᠦ ᠶᠠᠷᠢᠭᠰᠠᠨ᠎ᠠᠴᠠ ᠬᠡᠰᠡᠭ ᠪᠤᠰᠠᠭ᠎ᠢ᠎ᠨᠢ ᠠᠪᠴᠤ ᠬᠡᠷᠡᠭᠯᠡᠨ ᠤᠳᠭ᠎ᠠ ᠣᠨᠳᠣᠣ ᠪᠣᠯᠬᠤ᠎ᠠᠴᠠ ᠬᠢᠴᠢᠶᠡᠭᠡᠷᠡᠢ᠃ ᠳᠠᠷᠤᠢ ᠬᠡᠰᠡᠭ ᠪᠤᠰᠠᠭ ᠠᠭᠤᠯᠭ᠎ᠠ᠎ᠶᠢ ᠠᠪᠤᠭᠠᠳ ᠬᠡᠷᠡᠭᠦᠯ ᠮᠠᠷᠭᠤᠭᠠᠨ᠎ᠤ ᠦᠨᠳᠦᠰᠦ ᠪᠣᠯᠭᠠᠬᠤ᠎ᠶᠢ ᠬᠢᠴᠢᠶᠡᠭᠡᠷᠡᠢ᠃

ᠪᠢ ᠶᠡᠷᠦᠳᠡᠭᠡᠨ ᠥᠷᠢᠰᠦᠯᠳᠦᠬᠦ᠎ᠡᠴᠡ ᠠᠶᠤᠬᠤ᠎ᠦᠭᠡᠢ᠃ ᠭᠡᠪᠡᠴᠦ ᠬᠤᠪᠢ ᠬᠥᠮᠦᠨ᠎ᠢ ᠳᠠᠭᠠᠷᠢᠵᠤ ᠮᠠᠭᠤᠯᠠᠵᠤ ᠬᠡᠯᠡᠬᠦ᠎ᠦᠭᠡᠢ᠃ ᠪᠢᠳᠡ ᠪᠣᠯ ᠶᠣᠰᠤ᠎ᠪᠠᠨ ᠶᠠᠷᠢᠭᠠᠳ ᠤᠴᠢᠷ᠎ᠢᠶᠠᠨ ᠬᠢᠵᠦ ᠦᠢᠯᠡᠰ᠎ᠢᠶᠡᠨ ᠪᠦᠲᠦᠭᠡᠳᠡᠭ᠃ ᠲᠡᠢᠮᠦ᠎ᠡᠴᠡ ᠡᠳᠡᠭᠡᠷ ᠶᠠᠷᠢᠶᠠᠨ᠎ᠤ ᠳᠤᠮᠳᠠ ᠮᠢᠨᠦ ᠶᠠᠷᠢᠭᠰᠠᠨ᠎ᠢ ᠡᠮᠬᠢᠳᠭᠡᠭᠡᠳ ᠤᠯᠠᠨ᠎ᠳᠤ ᠳᠡᠯᠭᠡᠷᠡᠭᠦᠯᠦᠨ ᠲᠠᠨᠢᠯᠴᠠᠭᠤᠯᠤᠶ᠎ᠠ ᠭᠡᠪᠡᠯ ᠪᠢ ᠨᠡᠩ ᠪᠠᠶᠠᠷᠯᠠᠨ᠎ᠠ᠃ ᠶᠠᠫᠤᠨ᠎ᠤ ᠠᠵᠢᠯ ᠶᠠᠭᠠᠷᠠᠤ ᠤᠴᠢᠷ᠎ᠠᠴᠠ ᠪᠢ ᠬᠠᠶᠠ ᠲᠠᠨᠠᠷ᠎ᠤᠨ ᠠᠰᠠᠭᠤᠯᠲᠠ᠎ᠶᠢ ᠴᠠᠭ ᠲᠤᠬᠠᠢ᠎ᠳᠤ᠎ᠨᠢ ᠬᠠᠷᠢᠭᠤᠯᠵᠤ ᠳᠡᠢᠯᠬᠦ᠎ᠦᠭᠡᠢ ᠮᠠᠭᠠᠳ᠂ ᠠᠭᠤᠴᠢᠯᠠᠭᠠᠷᠠᠢ︕

ᠮᠣᠩᠭᠤᠯ ᠦᠰᠦᠭ ᠪᠢᠴᠢᠭ᠎ᠢᠶᠡᠨ Unicode᠎ᠲᠦ ᠶᠠᠭᠠᠬᠢᠵᠤ ᠣᠷᠤᠭᠤᠯᠬᠤ ᠲᠤᠬᠠᠢ ᠪᠢ ᠨᠢᠭᠡ ᠨᠠᠰᠤ᠎ᠪᠠᠷ᠎ᠢᠶᠠᠨ ᠰᠤᠳᠤᠯᠵᠤ ᠰᠤᠷᠤᠯᠴᠠᠵᠤ ᠢᠷᠡᠭᠰᠡᠨ ᠬᠥᠮᠦᠨ᠎ᠶᠦᠮ᠃ ᠡᠭᠦᠨ᠎ᠦ ᠲᠤᠬᠠᠢ ᠨᠡᠯᠢᠶᠡᠳ ᠣᠯᠠᠨ ᠠᠰᠠᠭᠤᠯᠲᠠ᠎ᠳᠤ ᠬᠠᠷᠢᠭᠤᠯᠲᠠ ᠥᠭᠴᠦ ᠳᠡᠢᠯᠬᠦ ᠪᠠᠢᠬ᠎ᠠ ᠭᠡᠵᠦ ᠪᠣᠳᠤᠬᠤ᠎ᠪᠠᠷ ᠥᠪᠡᠷ᠎ᠦᠨ ᠪᠣᠳᠤᠭᠰᠠᠨ᠎ᠢᠶᠠᠨ ᠬᠠᠷᠢᠭᠤᠯᠲᠠ᠎ᠪᠣᠯᠭᠠᠨ ᠥᠭᠴᠦ ᠣᠯᠠᠨ᠎ᠤ ᠣᠢᠯᠠᠭᠠᠯᠲᠠ᠎ᠶᠢ ᠳᠡᠭᠡᠭᠰᠢᠯᠡᠭᠦᠯᠦᠶ᠎ᠡ ᠭᠡᠵᠦ ᠪᠤᠳᠤᠵᠤ ᠪᠠᠢᠨ᠎ᠠ᠃

ᠮᠠᠨ᠎ᠤ ᠠᠯᠮᠠᠰ ᠺᠣᠮᠫᠠᠨᠢ 2010 ᠣᠨ᠎ᠠᠴᠠ ᠡᠬᠢᠯᠡᠨ ᠹᠣᠨᠲ᠎ᠤᠨ ᠠᠷᠭ᠎ᠠ᠎ᠪᠠᠷ ᠮᠣᠩᠭᠤᠯ ᠪᠢᠴᠢᠭ᠎ᠢᠶᠡᠨ ᠣᠳᠤ᠎ᠶᠢᠨ ᠶᠡᠷᠦᠮᠳᠡᠭ ᠬᠡᠷᠡᠭᠯᠡᠭᠳᠡᠳᠡᠭ ᠵᠢᠯᠤᠭᠤᠳᠬᠤ ᠰᠢᠰᠲᠧᠮ ᠳᠡᠭᠡᠷ᠎ᠡ ᠭᠠᠷᠭᠠᠬᠤ᠎ᠪᠠᠷ OpenType ᠪᠠ AAT ᠹᠣᠨᠲ ᠬᠢᠵᠦ ᠭᠠᠷᠭᠠᠭᠰᠠᠨ ᠪᠠᠢᠨ᠎ᠠ᠃ ᠣᠳᠤ Microsoft ᠺᠣᠮᠫᠠᠨᠢ᠎ᠶᠢᠨ Windows᠂ Apple ᠺᠣᠮᠫᠠᠨᠢ᠎ᠶᠢᠨ Mac OS X᠂ Open Source᠎ᠤ ᠵᠢᠯᠤᠭᠤᠳᠬᠤ ᠰᠢᠰᠲᠧᠮ Linux ᠪᠠ ᠭᠠᠷ ᠤᠲᠠᠰᠤᠨ᠎ᠤ ᠵᠢᠯᠤᠭᠤᠳᠬᠤ ᠰᠢᠰᠲᠧᠮ Apple ᠺᠣᠮᠫᠠᠨᠢ᠎ᠶᠢᠨ iOS ᠰᠢᠰᠲᠧᠮ᠂ Google ᠺᠣᠮᠫᠠᠨᠢ᠎ᠶᠢᠨ Android ᠰᠢᠰᠲᠧᠮ᠂ Microsoft ᠺᠣᠮᠫᠠᠨᠢ᠎ᠶᠢᠨ Windows Phone ᠳᠡᠭᠡᠷ᠎ᠡ ᠪᠦᠷ ᠰᠠᠢᠬᠠᠨ ᠬᠥᠳᠡᠯᠵᠦ ᠴᠢᠳᠠᠬᠤ᠎ᠪᠠᠷ ᠪᠠᠷᠠᠬᠤ ᠥᠬᠡᠢ ᠬᠠᠷᠰᠢ ᠰᠠᠭᠠᠳ ᠥᠬᠡᠢ ᠬᠡᠷᠡᠭᠯᠡᠭᠳᠡᠵᠦ ᠳᠡᠢᠯᠬᠦ ᠬᠡᠮᠵᠢᠶᠡᠨ᠎ᠳᠦ ᠬᠦᠷᠴᠦ ᠪᠠᠢᠨ᠎ᠠ᠃ ᠡᠭᠦᠨ᠎ᠡᠴᠡ ᠭᠠᠳᠠᠨ᠎ᠠ ᠪᠢᠳᠡ ᠪᠠᠰᠠ ᠣᠯᠠᠨ ᠲᠠᠯ᠎ᠠ᠎ᠶᠢᠨ ᠬᠡᠷᠡᠭᠯᠡᠭᠡᠨ᠎ᠦ ᠰᠣᠹᠲ ᠪᠠ ᠰᠢᠰᠲᠧᠮ᠎ᠦᠳ᠎ᠢ ᠵᠣᠬᠢᠶᠠᠨ ᠪᠦᠲᠦᠭᠡᠵᠦ ᠪᠠᠢᠨ᠎ᠠ᠃ ᠬᠡᠷᠪᠡ ᠰᠣᠨᠢᠷᠬᠠᠯᠲᠠᠢ ᠪᠣᠯ ᠮᠠᠨ᠎ᠤ ᠠᠯᠮᠠᠰ ᠺᠣᠮᠫᠠᠨᠢ᠎ᠶᠢᠨ ᠰᠦᠯᠵᠢᠶ᠎ᠡ ᠪᠠ ᠳᠡᠯᠡᠬᠡᠢ ᠺᠣᠮᠫᠠᠨᠢ᠎ᠶᠢᠨ ᠰᠦᠯᠵᠢᠶ᠎ᠡ᠎ᠡᠴᠡ ᠡᠷᠢᠵᠦ ᠠᠪᠤᠭᠠᠳ ᠬᠡᠷᠡᠭᠯᠡᠭᠡᠷᠡᠢ︕ ᠮᠠᠨᠤᠰ᠎ᠲᠠᠢ ᠰᠢᠭᠤᠳ ᠬᠠᠷᠢᠯᠴᠠᠭᠰᠠᠨ᠎ᠴᠤ ᠪᠣᠯᠤᠨ᠎ᠠ᠃

2016᠎ᠤᠨ᠎ᠤ3 ᠰᠠᠷ᠎ᠠ᠎ᠶᠢᠨ6᠎ᠦ ᠡᠳᠦᠷ

ᠠᠯᠮᠠᠰ ᠺᠣᠮᠫᠠᠨᠢ
email : mongol@almas.co.jp
tel : +81-3-5688-2081
fax : +81-3-5688-2082