ᠮᠣᠩᠭᠤᠯ ᠪᠢᠴᠢᠭ ᠬᠢᠲᠠᠳ
ᠠᠩᠭᠯᠢ
ᠶᠠᠫᠤᠨ

    ᠤᠯᠠᠨ ᠬᠡᠪ᠎ᠦᠨ ᠬᠠᠢᠭᠴᠢ ᠳᠡᠭᠡᠷ᠎ᠡ ᠮᠣᠩᠭᠤᠯ ᠦᠰᠦᠭ᠎ᠢ ᠵᠥᠪ᠎ᠢᠶᠡᠷ ᠢᠯᠡᠷᠡᠭᠦᠯᠬᠦ ᠲᠤᠬᠠᠢ


    ᠮᠢ᠊·ᠪᠠᠲᠤᠪᠠᠶᠠᠷ᠂ ᠡᠷᠡᠭᠲᠡᠢ᠂ ᠰᠢᠨᠵᠢᠶᠠᠩ ᠬᠣᠪᠤᠭᠰᠠᠢᠷ ᠮᠣᠩᠭᠤᠯ ᠥᠪᠡᠷᠲᠡᠭᠡᠨ ᠵᠠᠰᠠᠬᠤ ᠰᠢᠶᠠᠨ᠎ᠤ ᠬᠥᠮᠦᠨ᠃


﹇ᠠᠭᠤᠯᠭ᠎ᠠ᠎ᠶᠢᠨ ᠲᠣᠪᠴᠢ﹈ ᠲᠤᠰ ᠥᠭᠦᠯᠡᠯ᠎ᠳᠦ ᠭᠣᠣᠯᠳᠠᠭᠤ Internet ᠡᠭᠦᠰᠦᠯ ᠬᠥᠭᠵᠢᠯ᠂ ᠰᠦᠯᠵᠢᠶᠡᠨ ᠵᠠᠭᠤᠴᠢ ᠪᠤᠯᠤᠨ ᠲᠣᠣᠷ ᠰᠦᠯᠵᠢᠶᠡᠨ ᠳᠡᠭᠡᠷ᠎ᠡ ᠮᠣᠩᠭᠤᠯ ᠦᠰᠦᠭ ᠵᠥᠪ᠎ᠢᠶᠡᠷ ᠢᠯᠡᠷᠡᠬᠦ ᠺᠣᠳ᠋᠎ᠢ ᠵᠠᠳᠠᠯᠤᠭᠰᠠᠨ ᠰᠠᠭᠤᠷᠢᠨ ᠳᠡᠭᠡᠷ᠎ᠡ᠂ ᠲᠤᠰ ᠠᠷᠭ᠎ᠠ ᠵᠢ ᠬᠡᠷᠡᠭᠯᠡᠨ ᠮᠣᠩᠭᠤᠯ ᠦᠰᠦᠭ ᠲᠣᠣᠷ ᠰᠦᠯᠵᠢᠶᠡᠨ ᠳᠡᠭᠡᠷ᠎ᠡ ᠵᠥᠪ᠎ᠢᠶᠡᠷ ᠢᠯᠡᠷᠡᠬᠦ ᠲᠤᠬᠠᠢ ᠪᠣᠳᠠᠲᠠᠢ ᠶᠠᠪᠤᠴᠠ ᠵᠢ ᠥᠭᠦᠯᠡᠭᠰᠡᠨ ᠪᠠᠢᠨ᠎ᠠ᠃

﹇ᠵᠠᠩᠭᠢᠯᠠᠭ᠎ᠠ᠎ᠶᠢᠨ ᠦᠭᠡ﹈ ᠲᠣᠣᠷ ᠰᠦᠯᠵᠢᠶ᠎ᠡ᠂ ᠰᠦᠯᠵᠢᠶᠡᠨ ᠵᠠᠭᠤᠴᠢ᠂ ᠮᠣᠩᠭᠤᠯ ᠦᠰᠦᠭ ᠵᠥᠪ ᠤᠯᠠᠨ ᠬᠡᠪ᠎ᠦᠨ ᠬᠠᠢᠭᠴᠢ ᠳᠡᠭᠡᠷ᠎ᠡ ᠵᠥᠪ᠎ᠢᠶᠡᠷ ᠢᠯᠡᠷᠡᠬᠦ ᠠᠷᠭ᠎ᠠ ᠮᠡᠷᠭᠡᠵᠢᠯ

1946 ᠣᠨ᠎ᠳᠤ ᠠᠩᠬᠠᠳᠤᠭᠴᠢ ᠺᠣᠮᠫᠢᠦ᠋ᠲᠧᠷ ᠭᠠᠷᠤᠭᠰᠠᠨ᠎ᠠᠴᠠ 10 ᠵᠢᠯ᠎ᠦᠨ ᠳᠣᠲᠤᠷ᠎ᠠ ᠦᠨ᠎ᠡ᠎ᠨᠢ ᠥᠷᠲᠡᠭ᠎ᠲᠡᠢ᠂ ᠲᠣᠭ᠎ᠠ ᠬᠡᠮᠵᠢᠶᠡᠨ᠎ᠦ ᠴᠥᠭᠡᠨ᠎ᠡᠴᠡ᠂ ᠠᠩᠬᠠᠨ᠎ᠳᠤ᠎ᠪᠠᠨ ᠲᠣᠣᠷ ᠰᠦᠯᠵᠢᠶ᠎ᠡ ᠨᠢᠭᠡ ᠺᠣᠮᠫᠢᠦ᠋ᠲᠧᠷ ᠪᠠ ᠬᠡᠳᠦᠨ ᠺᠣᠮᠫᠢᠦ᠋ᠲᠧᠷ᠎ᠦᠨ ᠬᠣᠭᠤᠷᠤᠨᠳᠤ ᠮᠡᠳᠡᠭᠡ ᠳᠠᠮᠵᠢᠭᠤᠯᠬᠤ ᠤᠲᠠᠰᠤᠨ ᠪᠤᠶᠤ ᠨᠢᠭᠡᠳᠦᠯᠲᠡᠢ᠎ᠪᠡᠷ ᠰᠢᠭᠤᠳ ᠵᠠᠯᠭᠠᠬᠤ ᠵᠡᠷᠭᠡ ᠠᠷᠭ᠎ᠠ᠎ᠪᠠᠷ ᠠᠩᠬᠠᠨ᠎ᠤ ᠳᠥᠬᠦᠮ ᠬᠡᠰᠡᠭ ᠬᠡᠪᠴᠢᠶᠡᠨ᠎ᠦ ᠲᠣᠣᠷ ᠰᠦᠯᠵᠢᠶ᠎ᠡ ᠬᠡᠯᠪᠡᠷᠢ ᠪᠣᠢ ᠪᠣᠯᠪᠠ᠃

ᠠᠩᠬᠠᠨ᠎ᠳᠤ᠎ᠪᠠᠨ ᠲᠣᠣᠷ ᠰᠦᠯᠵᠢᠶ᠎ᠡ᠎ᠶᠢ ᠠᠮᠧᠷᠢᠺᠠ᠎ᠶᠢᠨ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠡᠯᠲᠡᠰ᠎ᠦᠨ ᠲᠤᠰᠭᠠᠢ ᠲᠥᠯᠦᠪᠯᠡᠭᠡᠲᠡᠢ ᠰᠤᠳᠤᠯᠬᠤ ᠭᠠᠵᠠᠷ ︵ARPA︶ ᠪᠠᠢᠭᠤᠯᠪᠠ᠂ ᠣᠳᠤ᠎ᠶᠢᠨ ᠺᠣᠮᠫᠢᠦ᠋ᠲᠧᠷ᠎ᠦᠨ ᠲᠣᠣᠷ ᠰᠦᠯᠵᠢᠶᠡᠨ᠎ᠦ ᠠᠷᠪᠢᠨ ᠤᠯᠠᠨ ᠤᠬᠠᠭᠳᠠᠬᠤᠨ ᠪᠠ ᠠᠷᠭ᠎ᠠ᠂ ᠵᠢᠱ᠌ᠢᠶᠡᠯᠡᠪᠡᠯ᠄ ᠬᠡᠰᠡᠭᠯᠡᠨ ᠰᠣᠯᠢᠬᠤ ᠮᠡᠷᠭᠡᠵᠢᠯ ARPAnet ᠵᠡᠷᠭᠡ᠎ᠨᠢ ᠴᠥᠮ ARPA᠎ᠡᠴᠡ ᠢᠷᠡᠯᠲᠡ᠎ᠲᠡᠢ᠃ ARPAnet᠎ᠶᠢᠨ ᠤᠲᠠᠰᠤ᠎ᠪᠠᠷ ᠬᠡᠰᠡᠭᠯᠡᠨ ᠰᠣᠯᠢᠬᠤ ᠮᠡᠷᠭᠡᠵᠢᠯ᠎ᠢ ᠰᠤᠳᠤᠯᠤᠨ ᠪᠦᠲᠦᠭᠡᠭᠰᠡᠨ᠎ᠢᠶᠡᠷ ᠪᠠᠷᠠᠬᠤ᠎ᠦᠭᠡᠢ᠂ ᠤᠲᠠᠰᠤ᠎ᠦᠭᠡᠢ ᠰᠦᠯᠵᠢᠶ᠎ᠡ᠂ ᠳᠠᠭᠠᠭᠤᠯᠢ ᠣᠳᠤᠨ᠎ᠤ ᠰᠦᠯᠵᠢᠶᠡᠨ᠎ᠦ ᠬᠡᠰᠡᠭᠯᠡᠨ ᠰᠣᠯᠢᠬᠤ ᠮᠡᠷᠭᠡᠵᠢᠯ᠎ᠢ ᠰᠤᠳᠤᠯᠤᠨ ᠪᠦᠲᠦᠭᠡᠭᠰᠡᠨ ᠦᠷ᠎ᠡ ᠳ᠋ᠦᠩ᠎ᠳᠦ TCP/IP ᠭᠡᠷ᠎ᠡ ᠪᠤᠢ ᠪᠣᠯᠪᠠ᠃

1977|1979 ᠣᠨ᠎ᠳᠤ᠂ ARPAnet ᠰᠢᠨ᠎ᠡ ᠬᠡᠯᠪᠡᠷᠢ᠎ᠶᠢᠨ TCP/IP ᠫᠷᠣᠭ᠍ᠷᠠᠮ᠎ᠤᠨ ᠲᠣᠭᠲᠠᠯᠴᠠᠭ᠎ᠠ ᠪᠠ ᠭᠡᠷ᠎ᠡ᠎ᠶᠢ ᠰᠢᠨ᠎ᠡ᠎ᠪᠡᠷ ᠡᠭᠦᠳᠡᠨ ᠭᠠᠷᠭᠠᠪᠠ᠃

1980 ᠣᠨ᠎ᠤ ᠣᠷᠴᠢᠮ᠂ ARPAnet ᠺᠣᠮᠫᠢᠦ᠋ᠲᠧᠷ ᠳᠡᠭᠡᠷ᠎ᠡ TCP/IP ᠭᠡᠷ᠎ᠡ᠎ᠶᠢ ᠬᠠᠷᠢᠯᠴᠠᠨ ᠰᠣᠯᠢᠬᠤ᠎ᠶᠢ ᠡᠬᠢᠯᠡᠨ ᠬᠡᠷᠡᠭᠯᠡᠭᠰᠡᠨ᠎ᠦ ᠬᠠᠮᠲᠤ ᠠᠩᠬᠠᠨ᠎ᠤ Internet ᠲᠣᠣᠷ ᠰᠦᠯᠵᠢᠶᠡᠨ ᠭᠣᠣᠯ ᠴᠣᠭᠴᠠ ᠵᠢ ᠪᠠᠢᠭᠤᠯᠪᠠ᠃

1983 ᠣᠨ᠎ᠳᠤ᠂ ARPAnet ᠺᠣᠮᠫᠢᠦ᠋ᠲᠧᠷ ᠳᠡᠭᠡᠷ᠎ᠡ TCP/IP ᠭᠡᠷ᠎ᠡ᠎ᠶᠢ ᠬᠠᠷᠢᠯᠴᠠᠨ ᠰᠣᠯᠢᠬᠤ᠎ᠶᠢ ᠨᠢᠭᠡᠨᠲᠡ ᠪᠡᠶᠡᠯᠡᠭᠦᠯᠦᠭᠰᠡᠨ᠎ᠦ ᠬᠠᠮᠲᠤ UNIX ︵ BSD4.1︶ ᠳᠡᠭᠡᠷ᠎ᠡ ᠪᠠᠰᠠ ᠬᠡᠷᠡᠭᠯᠡᠵᠦ ᠪᠣᠯᠬᠤ ᠪᠣᠯᠪᠠ᠃ ARPAnet᠎ᠶᠢᠨ ᠮᠡᠷᠭᠡᠵᠢᠯ᠎ᠦᠨ ᠲᠠᠯ᠎ᠠ᠎ᠶᠢᠨ ᠬᠠᠮᠤᠭ᠎ᠤᠨ ᠶᠡᠬᠡ ᠦᠢᠯᠡᠳᠦᠯ ᠪᠣᠯ TCP/IP ᠭᠡᠷ᠎ᠡ᠎ᠶᠢ ᠨᠡᠭᠡᠭᠡᠨ ᠬᠥᠭᠵᠢᠭᠦᠯᠦᠭᠰᠡᠨ ᠪᠠ ᠬᠡᠷᠡᠭᠯᠡᠭᠰᠡᠨ᠎ᠳᠦ ᠪᠠᠢᠨ᠎ᠠ᠃ ᠤᠷᠢᠳ ᠬᠣᠵᠢᠳ 2 ᠨᠠᠷᠠᠲᠠᠢ ᠰᠢᠨᠵᠢᠯᠡᠬᠦ ᠤᠬᠠᠭᠠᠨ᠎ᠤ ᠰᠤᠷᠭᠠᠨ ᠬᠥᠮᠦᠵᠢᠯ᠎ᠦᠨ ᠰᠦᠯᠵᠢᠶ᠎ᠡ CSNET ᠪᠠ BITNET ᠪᠠᠢᠭᠤᠯᠤᠭᠳᠠᠪᠠ᠃

1984 ᠣᠨ᠎ᠳᠤ ᠠᠮᠧᠷᠢᠺᠠ᠎ᠶᠢᠨ ᠤᠯᠤᠰ᠎ᠤᠨ ᠰᠢᠨᠵᠢᠯᠡᠬᠦ ᠤᠬᠠᠭᠠᠨ᠎ᠤ ᠰᠠᠭᠤᠷᠢ ᠮᠥᠩᠭᠦᠨ᠎ᠦ ᠨᠡᠢᠭᠡᠮᠯᠢᠭ NSF᠎ᠡᠴᠡ 13 ᠤᠯᠤᠰ᠎ᠲᠤ ᠬᠡᠳᠦ ᠪᠣᠳᠤᠯᠭ᠎ᠠ᠎ᠶᠢᠨ ᠲᠥᠪ ᠪᠤᠯᠤᠨ ᠤᠯᠤᠰ᠎ᠤᠨ ᠰᠤᠷᠭᠠᠨ ᠬᠥᠮᠦᠵᠢᠯ᠎ᠦᠨ ᠰᠢᠨᠵᠢᠯᠡᠬᠦ ᠤᠬᠠᠭᠠᠨ ᠮᠡᠷᠭᠡᠵᠢᠯ᠎ᠦᠨ ᠰᠦᠯᠵᠢᠶ᠎ᠡ᠎ᠶᠢ ᠲᠥᠯᠦᠪᠯᠡᠨ ᠪᠠᠢᠭᠤᠯᠤᠭᠰᠠᠨ᠎ᠤ ᠬᠣᠢᠨ᠎ᠠ ARPANET᠎ᠶᠢᠨ ᠭᠣᠣᠯ ᠪᠠᠢᠷᠢ ᠰᠠᠭᠤᠷᠢ᠎ᠶᠢ᠎ᠨᠢ ᠲᠥᠯᠦᠭᠡᠯᠡᠵᠦ ᠴᠢᠳᠠᠪᠠ᠃

1988 ᠣᠨ᠎ᠠᠴᠠ ᠡᠬᠢᠯᠡᠭᠡᠳ Internet ᠭᠠᠳᠠᠭᠠᠳᠤ᠎ᠳᠤ ᠴᠢᠯᠦᠭᠡᠲᠡᠢ ᠬᠡᠷᠡᠭᠯᠡᠬᠦ ᠪᠣᠯᠪᠠ᠃

1991 ᠣᠨ᠎ᠤ 6 ᠰᠠᠷ᠎ᠠ᠎ᠳᠤ Internet᠎ᠶᠢ PC ᠺᠣᠮᠫᠢᠦ᠋ᠲᠧᠷ ᠳᠡᠭᠡᠷ᠎ᠡ ᠬᠡᠷᠡᠭᠯᠡᠭᠰᠡᠨ᠎ᠡᠴᠡ ᠪᠣᠯᠵᠤ ᠬᠤᠳᠠᠯᠳᠤᠭ᠎ᠠ ᠮᠠᠢᠮᠠᠢ᠎ᠶᠢᠨ ᠡᠷᠳᠡᠮ ᠰᠢᠨᠵᠢᠯᠡᠭᠡᠨ᠎ᠦ ᠬᠢᠨ ᠨᠢᠭᠡ ᠤᠳᠠᠭᠠᠨ᠎ᠤ ᠰᠢᠨ᠎ᠡ ᠡᠷᠭᠦᠯᠲᠡ᠎ᠶᠢ ᠠᠪᠴᠤ ᠢᠷᠡᠪᠡ᠂ ᠠᠨ ᠪᠣᠯ Internet ᠲᠡᠦᠬᠡ᠎ᠶᠢᠨ ᠬᠥᠭᠵᠢᠯᠲᠡ᠎ᠶᠢᠨ ᠵᠠᠮ᠎ᠤᠨ ᠲᠡᠮᠳᠡᠭ ᠮᠥᠨ᠃ ᠡᠭᠦᠨ᠎ᠡᠴᠡ ᠬᠣᠢᠰᠢ Internet ᠬᠥᠭᠵᠢᠯᠲᠡ ᠤᠯᠠᠮ ᠲᠦᠷᠭᠡᠨ ᠪᠣᠯᠪᠠ᠃

ᠬᠣᠷᠢᠨ ᠨᠢᠭᠡᠳᠦᠭᠡᠷ ᠵᠠᠭᠤᠨ ᠪᠣᠯ ᠡᠯᠧᠺᠲᠷᠣᠨ ᠬᠤᠳᠠᠯᠳᠤᠭᠠᠨ᠎ᠤ ᠶᠠᠪᠤᠳᠠᠯ᠎ᠨᠢ ᠲᠣᠣᠷ ᠰᠦᠯᠵᠢᠶᠡᠨ᠎ᠦ ᠲᠠᠪᠴᠠᠩ᠎ᠢ ᠥᠷᠭᠡᠨ᠎ᠢᠶᠡᠷ ᠬᠡᠷᠡᠭᠯᠡᠵᠦ᠂ ᠰᠦᠯᠵᠢᠶᠡᠨ᠎ᠢᠶᠡᠷ ᠬᠤᠳᠠᠯᠳᠤᠭ᠎ᠠ ᠭᠡᠬᠦ ᠴᠠᠭ ᠤᠷᠤᠰᠭᠠᠯ ᠪᠣᠯᠤᠭᠰᠠᠨ᠎ᠶᠤᠮ᠃

ᠮᠢᠺᠷᠣᠰᠣᠹᠲ ᠺᠣᠮᠫᠠᠨᠢ᠎ᠶᠢᠨ ᠡᠭᠦᠳᠦᠭᠴᠢ ᠪᠢᠯᠯ · ᠺᠠᠲᠧᠰ᠎ᠡᠴᠡ᠄ ︽ ᠬᠡᠷᠪᠡ ᠨᠢᠭᠡ ᠬᠡᠷ ᠨᠢᠭᠡ ᠺᠣᠮᠫᠢᠦ᠋ᠲᠧᠷ᠎ᠲᠡᠢ ᠪᠠᠢᠵᠤ᠂ ᠰᠦᠯᠵᠢᠶ᠎ᠡ᠎ᠲᠡᠢ ᠵᠠᠯᠭᠠᠯᠳᠤᠵᠤ ᠴᠢᠳᠠᠪᠠᠯ ᠪᠢᠳᠡᠨ ᠬᠡᠷ᠎ᠡᠴᠡ ᠭᠠᠷᠬᠤ᠎ᠦᠭᠡᠢ ᠰᠣᠨᠢᠨ ᠦᠵᠡᠬᠦ᠂ ᠪᠣᠳᠠᠰ ᠬᠤᠳᠠᠯᠳᠤᠨ ᠠᠪᠴᠤ᠂ ᠬᠤᠷᠠᠯ ᠬᠢᠵᠦ᠂ ᠹᠧᠯᠲ ᠵᠠᠬᠢᠶᠠᠯᠠᠵᠤ᠂ ᠡᠪᠡᠳᠴᠢᠨ᠎ᠢᠶᠡᠨ ᠦᠵᠡᠭᠦᠯᠦᠨ᠎ᠡ᠂ ᠷᠠᠳᠢᠣ᠋ ᠳᠠᠭᠤᠤ ᠰᠣᠨᠤᠰᠴᠤ᠂ ᠵᠠᠬᠢᠳᠠᠯ ᠶᠠᠪᠤᠭᠤᠯᠬᠤ᠁ ᠵᠡᠷᠭᠡ᠎ᠶᠢ ᠣᠷᠤᠭᠤᠯᠤᠨ ᠬᠢᠵᠦ ᠪᠣᠯᠤᠨ᠎ᠠ︾ ①ᠭᠡᠪᠡ᠃ ᠡᠭᠦᠨ᠎ᠡᠴᠡ ᠦᠵᠡᠪᠡᠯ᠂ ᠰᠦᠯᠵᠢᠶᠡᠨ ᠪᠣᠯ ᠰᠣᠨᠢᠨ᠂ ᠷᠠᠳᠢᠣ᠋᠂ ᠲᠧᠯᠸᠢᠰ᠂ ᠴᠡᠩᠭᠡᠯ ᠵᠡᠷᠭᠡ ᠤᠯᠠᠨ ᠳᠠᠪᠠᠭᠤᠯᠢᠭ ᠲᠠᠯ᠎ᠠ᠎ᠶᠢ ᠨᠢᠭᠡᠳᠭᠡᠭᠰᠡᠨ ᠦᠰᠦᠭ ᠪᠢᠴᠢᠭ᠂ ᠲᠠᠭᠤ ᠠᠪᠢᠶ᠎ᠠ᠂ ᠵᠢᠷᠤᠭ ᠳᠦᠷᠰᠦ ᠵᠡᠷᠭᠡ᠎ᠶᠢ ᠠᠮᠢᠳᠤᠯᠢᠭ ᠴᠢᠯᠦᠭᠡᠲᠡᠢ ᠤᠶᠠᠯᠳᠤᠭᠤᠯᠤᠭᠰᠠᠨ ᠰᠢᠨ᠎ᠡ ᠨᠢᠭᠡ ᠵᠠᠭᠤᠴᠢ ᠮᠥᠨ᠃

ᠰᠦᠯᠵᠢᠶᠡᠨ ᠵᠠᠭᠤᠴᠢ᠎ᠶᠢᠨ ᠬᠤᠪᠢ᠎ᠳᠤ ᠠᠪᠤᠭᠠᠳ ᠬᠡᠯᠡᠪᠡᠯ ᠤᠯᠠᠮᠵᠢᠯᠠᠯᠲᠤ ᠵᠠᠭᠤᠴᠢ᠎ᠶᠢᠨ ᠰᠦᠯᠵᠢᠶ᠎ᠡ᠎ᠳᠦ ᠭᠠᠷᠤᠭᠰᠠᠨ᠎ᠨᠢ ᠲᠡᠭᠦᠨ᠎ᠦ ᠠᠭᠤᠯᠭ᠎ᠠ᠎ᠶᠢ ᠨᠠᠩ ᠪᠠᠶᠠᠯᠢᠭᠵᠢᠭᠤᠯᠤᠭᠰᠠᠨ ᠶᠠᠪᠤᠳᠠᠯ ᠪᠣᠯᠤᠨ᠎ᠠ᠃ 1993᠎ᠤᠨ᠎ᠳᠦ ᠢᠨᠲᠧᠷᠨᠧᠲ᠎ᠲᠦ ᠬᠠᠮᠤᠭ ᠠᠩᠬᠠᠨ᠎ᠤ ᠰᠣᠨᠢᠨ ᠭᠠᠷᠤᠭᠰᠠᠨ᠎ᠠᠴᠠ ᠡᠬᠢᠯᠡᠨ᠂ 1997᠎ᠤᠨ᠎ᠤ ᠡᠬᠢ ᠪᠣᠯᠬᠤ᠎ᠳᠤ ᠪᠦᠬᠦ ᠳᠡᠯᠡᠬᠡᠢ᠎ᠳᠦ 3600 ᠰᠣᠨᠢᠨ ᠰᠡᠳᠭᠦᠯ ᠤᠷᠢᠳ ᠬᠣᠵᠢᠳ ᠢᠨᠲᠧᠷᠨᠧᠲ᠎ᠲᠦ ᠭᠠᠷᠪᠠ᠃ ᠵᠢᠱ᠌ᠢᠶᠡᠯᠡᠪᠡᠯ᠄ ᠠᠮᠧᠷᠢᠺᠠ᠎ᠶᠢᠨ ︽ᠨᠢᠦ |ᠶᠣᠷᠺ᠎ᠤᠨ ᠴᠠᠭ ᠰᠣᠨᠢᠨ︾᠂ ︽ᠸᠠᠰᠢᠩᠲ᠋ᠣᠨ᠎ᠤ ᠰᠢᠤᠳᠠᠨ ᠰᠣᠨᠢᠨ︾᠂ ︽ᠰᠣᠨᠢᠨ ᠮᠡᠳᠡᠭᠡᠨ᠎ᠦ ᠭᠠᠷᠠᠭ᠎ᠤᠨ ᠰᠣᠨᠢᠨ︾᠂ ︽ᠥᠨᠦᠳᠦᠷ᠎ᠦᠨ ᠠᠮᠧᠷᠢᠺᠠ︾᠂ ᠠᠩᠭᠯᠢ᠎ᠶᠢᠨ ︽ᠡᠳᠦᠷ ᠪᠦᠷᠢ᠎ᠶᠢᠨ ᠴᠠᠬᠢᠯᠭᠠᠨ ᠮᠡᠳᠡᠭᠡ ᠰᠣᠨᠢᠨ︾᠂ ︽ᠬᠠᠮᠠᠭᠠᠯᠠᠭᠴᠢ ᠰᠣᠨᠢᠨ︾᠂ ︽ᠲᠠᠮᠧᠰ ᠰᠣᠨᠢᠨ︾︔ ᠶᠠᠫᠤᠨ᠎ᠤ ︽ᠥᠷᠯᠦᠭᠡ᠎ᠶᠢᠨ ᠨᠠᠷᠠ ᠰᠣᠨᠢᠨ︾ ᠪᠣᠯ ᠪᠦᠷ ᠠᠨ ᠦᠶ᠎ᠡ᠎ᠪᠡᠷ ᠳᠠᠷᠤᠢ ᠢᠨᠲᠧᠷᠨᠧᠲ᠎ᠲᠦ ᠭᠠᠷᠤᠭᠰᠠᠨ᠎ᠶᠤᠮ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ ︽ ᠨᠢᠦ |ᠶᠣᠷᠺ᠎ᠤᠨ ᠴᠠᠭ ᠰᠣᠨᠢᠨ︾᠂ ︽ ᠫᠤᠰᠲᠤᠨ᠎ᠤ ᠪᠥᠮᠪᠦᠷᠴᠡᠭ ᠰᠣᠨᠢᠨ︾᠎ᠤ ᠡᠯᠧᠺᠲᠷᠣᠨ ᠬᠡᠪᠯᠡᠯ᠎ᠦᠨ ᠡᠳᠦᠷ ᠪᠦᠷᠢ᠎ᠶᠢᠨ ᠤᠩᠰᠢᠭᠴᠢ᠎ᠨᠢ ᠪᠠᠷᠤᠭ 7-8 ᠲᠦᠮᠡ ᠪᠠᠢᠨ᠎ᠠ᠃ ᠷᠠᠳᠢᠣ᠋᠂ ᠲᠧᠯᠸᠢᠰ᠎ᠴᠦ ᠨᠡᠢᠲᠡ᠎ᠶᠢᠨ ᠤᠯᠠᠮᠵᠢᠯᠠᠭ᠎ᠠ᠎ᠶᠢᠨ ᠵᠠᠭᠤᠴᠢ᠎ᠶᠢᠨ ᠬᠥᠭᠵᠢᠯ᠎ᠦᠨ ᠬᠠᠨᠳᠤᠰᠢ᠎ᠶᠢ ᠰᠡᠷᠭᠡᠭ᠎ᠢᠶᠡᠷ ᠪᠠᠷᠢᠵᠤ᠂ ᠥᠪᠡᠷᠰᠡᠳ᠎ᠦᠨ ᠰᠦᠯᠵᠢᠶᠡᠨ ᠥᠷᠲᠡᠭᠡ᠎ᠶᠢ ᠪᠠᠢᠭᠤᠯᠪᠠ᠃ ᠵᠢᠱ᠌ᠢᠶᠡᠯᠡᠪᠡᠯ᠄ ᠠᠩᠭᠯᠢ᠎ᠶᠢᠨ BBC᠂ ᠠᠮᠧᠷᠢᠺᠠ᠎ᠶᠢᠨ VOA᠂ ᠹᠷᠠᠨᠼᠢ᠎ᠶᠢᠨ RH᠎ᠨᠢ ᠪᠦᠷ ᠰᠦᠯᠵᠢᠶᠡᠨ ᠥᠷᠲᠡᠭᠡ ᠨᠡᠪᠲᠡᠷᠡᠭᠦᠯᠵᠦ ᠪᠠᠢᠨ᠎ᠠ᠃ ᠠᠮᠧᠷᠢᠺᠠ᠎ᠶᠢᠨ VOA᠎ᠨᠢ WEB ᠰᠦᠯᠵᠢᠶᠡᠨ ᠳᠡᠭᠡᠷ᠎ᠡ 23 ᠵᠦᠢᠯ᠎ᠦᠨ ᠬᠡᠯᠡ᠎ᠪᠡᠷ ᠰᠣᠨᠢᠨ ᠮᠡᠳᠡᠭᠡ ᠨᠡᠪᠲᠡᠷᠡᠭᠦᠯᠵᠦ ᠪᠠᠢᠨ᠎ᠠ᠃ ᠠᠩᠭᠯᠢ᠎ᠶᠢᠨ BSKYB᠎ᠨᠢ 1995᠎ᠤᠨ᠎ᠤ 2 ᠰᠠᠷ᠎ᠠ᠎ᠠᠴᠠ ᠰᠦᠯᠵᠢᠶᠡᠨ ᠳᠡᠭᠡᠷ᠎ᠡ ᠰᠣᠨᠢᠨ ᠮᠡᠳᠡᠭᠡ᠂ ᠤᠷᠠᠨ ᠰᠠᠢᠬᠠᠨ᠎ᠤ ᠨᠡᠪᠲᠡᠷᠡᠭᠦᠯᠭᠡ᠎ᠶᠢ ᠡᠬᠢᠯᠡᠨ ᠡᠷᠬᠢᠯᠡᠪᠡ᠃ ᠠᠮᠧᠷᠢᠺᠠ᠎ᠶᠢᠨ ᠳᠥᠷᠪᠡᠨ ᠶᠡᠬᠡ ᠲᠧᠯᠸᠢᠰ᠎ᠦᠨ ᠲᠣᠣᠷ᠂ ᠲᠤᠬᠠᠢᠯᠠᠪᠠᠯ ᠹᠥᠺᠰ ᠺᠣᠮᠫᠠᠨᠢ᠎ᠶᠢᠨ DELPHL ᠰᠦᠯᠵᠢᠶ᠎ᠡ᠂ ᠠᠮᠧᠷᠢᠺᠠ᠎ᠶᠢᠨ ᠷᠠᠳᠢᠣ᠋ ᠨᠡᠪᠲᠡᠷᠡᠭᠦᠯᠭᠡ᠎ᠶᠢᠨ ᠺᠣᠮᠫᠠᠨᠢ᠎ᠶᠢᠨ AMERLCA᠂ DNLNE ᠰᠦᠯᠵᠢᠶ᠎ᠡ᠂ ᠺᠣᠯᠣᠮᠪᠢᠶ᠎ᠠ᠎ᠶᠢᠨ ᠷᠠᠳᠢᠣ᠋ ᠨᠡᠪᠲᠡᠷᠡᠭᠦᠯᠭᠡ᠎ᠶᠢᠨ ᠺᠣᠮᠫᠠᠨᠢ᠎ᠶᠢᠨ PRODKY ᠰᠦᠯᠵᠢᠶ᠎ᠡ᠂ ᠪᠦᠬᠦ ᠤᠯᠤᠰ᠎ᠤᠨ ᠷᠠᠳᠢᠣ᠋ ᠨᠡᠪᠲᠡᠷᠡᠭᠦᠯᠭᠡ᠎ᠶᠢᠨ ᠺᠣᠮᠫᠠᠨᠢ᠎ᠶᠢᠨ MKROSOFT᠂ ONLINE ᠰᠦᠯᠵᠢᠶ᠎ᠡ᠎ᠨᠢ ᠪᠦᠷ᠎ᠴᠦ ᠳᠡᠯᠡᠬᠡᠢ᠎ᠶᠢᠨ ᠰᠦᠯᠵᠢᠶᠡᠨ ᠵᠠᠭᠤᠴᠢ᠎ᠶᠢᠨ ᠲᠡᠷᠢᠭᠦᠨ᠎ᠦ ᠡᠩᠨᠡᠭᠡᠨ᠎ᠳᠦ ᠬᠣᠰᠢᠭᠤᠷᠠᠵᠤ ᠪᠠᠢᠨ᠎ᠠ ②᠃ ᠮᠠᠨ᠎ᠤ ᠤᠯᠤᠰ᠎ᠤᠨ ᠪᠠᠢᠳᠠᠯ᠎ᠢᠶᠠᠷ ᠠᠪᠤᠭᠠᠳ ᠬᠡᠯᠡᠪᠡᠯ ᠰᠢᠩᠬᠤᠸᠠ ᠬᠣᠷᠢᠶ᠎ᠠ᠂ ᠲᠥᠪ ᠲᠧᠯᠸᠢᠰ᠎ᠦᠨ ᠬᠣᠷᠢᠶ᠎ᠠ᠂ ᠲᠥᠪ᠎ᠦᠨ ᠠᠷᠠᠳ᠎ᠤᠨ ᠷᠠᠳᠢᠣ᠋ ᠨᠡᠪᠲᠡᠷᠡᠭᠦᠯᠭᠡ᠎ᠶᠢᠨ ᠬᠣᠷᠢᠶ᠎ᠠ᠂ ᠤᠯᠠᠨ ᠤᠯᠤᠰ᠎ᠤᠨ ᠷᠠᠳᠢᠣ᠋ ᠨᠡᠪᠲᠡᠷᠡᠭᠦᠯᠭᠡ᠎ᠶᠢᠨ ᠬᠣᠷᠢᠶ᠎ᠠ᠎ᠪᠠᠷ ᠲᠦᠷᠦᠭᠦᠴᠢ ᠪᠣᠯᠭᠠᠨ᠂ ᠡᠯ᠎ᠡ ᠮᠤᠵᠢ᠂ ᠬᠣᠲᠠ᠂ ᠥᠪᠡᠷᠲᠡᠭᠡᠨ ᠵᠠᠰᠠᠬᠤ ᠣᠷᠤᠨ᠂ ᠠᠢᠮᠠᠭ᠂ ᠰᠢᠶᠠᠨ᠂ ᠰᠤᠮᠤᠨ ᠬᠦᠷᠲᠡᠯ᠎ᠡ ᠵᠠᠰᠠᠭ ᠣᠷᠳᠤᠨ᠎ᠤ ᠰᠦᠯᠵᠢᠶᠡᠨ ᠥᠷᠲᠡᠭᠡ᠎ᠶᠢ ᠪᠠᠢᠭᠤᠯᠤᠭᠰᠠᠨ᠎ᠢᠶᠠᠷ ᠪᠠᠷᠠᠬᠤ᠎ᠦᠭᠡᠢ ᠰᠦᠯᠵᠢᠶᠡᠨ ᠥᠷᠲᠡᠭᠡ ᠨᠢᠭᠡ ᠪᠦᠷᠢ᠎ᠶᠢᠨ ᠨᠡᠢᠲᠡᠯᠡᠬᠦ ᠠᠭᠤᠯᠭ᠎ᠠ᠎ᠴᠤ ᠲᠤᠩ ᠪᠠᠶᠠᠯᠢᠭ ᠪᠠᠢᠨ᠎ᠠ᠃ ᠳᠤᠮᠳᠠᠳᠤ ᠤᠯᠤᠰ᠎ᠤᠨ ᠮᠣᠩᠭᠤᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶᠡᠨ᠎ᠳᠦ ᠭᠣᠯᠤᠮᠲᠠ ᠪᠢᠴᠢᠯ ᠪᠦᠷᠭᠡ᠂ ᠭᠠᠷ ᠤᠲᠠᠰᠤᠨ ᠰᠦᠯᠵᠢᠶ᠎ᠡ᠂ ᠦᠢᠯᠡᠴᠢᠯᠡᠭᠡᠨ᠎ᠦ ᠲᠥᠪ᠂ ᠮᠡᠳᠡᠭᠡᠯᠡᠯ᠂ ᠰᠣᠶᠤᠯ ᠤᠷᠠᠯᠢᠭ᠂ ᠤᠷᠠᠨ ᠵᠣᠬᠢᠶᠠᠯ᠂ ᠸᠢᠳᠢᠣ᠋᠂ ᠮᠣᠩᠭᠤᠯ ᠣᠶᠤᠲᠠᠳ᠂ ᠮᠣᠩᠭᠤᠯ ᠰᠤᠳᠤᠯᠤᠯ᠂ ᠮᠣᠩᠭᠤᠯ ᠡᠮᠨᠡᠯᠭᠡ᠂ ᠳᠠᠭᠤᠤ ᠬᠥᠭᠵᠢᠮ᠂ ᠨᠠᠭᠠᠳᠤᠮ ᠴᠡᠩᠭᠡᠬᠦᠨ᠂ ᠨᠡᠪᠲᠡᠷᠬᠡᠢ ᠲᠣᠯᠢ᠂ ᠬᠠᠤᠯᠢ᠎ᠶᠢᠨ ᠵᠥᠪᠯᠡᠯᠭᠡ᠂ ᠰᠦᠯᠵᠢᠶᠡᠨ ᠬᠣᠷᠢᠶᠠᠯᠠᠯ᠂ ᠣᠷᠴᠢᠭᠤᠯᠭ᠎ᠠ᠎ᠶᠢᠨ ᠲᠥᠪ ᠵᠡᠷᠭᠡ ᠨᠡᠢᠲᠡ 37 ᠰᠤᠪᠠᠭ᠂ 600ᠭᠠᠷᠤᠢ ᠪᠤᠯᠤᠩ᠎ᠲᠠᠢ ᠪᠣᠯᠵᠤ ᠠᠭᠤᠯᠭ᠎ᠠ᠎ᠪᠠᠷ ᠤᠯᠠᠮ ᠪᠠᠶᠠᠯᠢᠭ ᠪᠣᠯᠵᠤ ᠪᠠᠢᠨ᠎ᠠ᠃

ᠮᠠᠨ᠎ᠤ ᠮᠣᠩᠭᠤᠯ᠎ᠤᠨ ᠲᠣᠣᠷ ᠰᠦᠯᠵᠢᠶ᠎ᠡ ᠨᠢᠭᠡᠨᠲᠡ ᠭᠠᠷᠤᠭᠠᠳ10 ᠬᠡᠳᠦᠨ ᠵᠢᠯ᠎ᠦᠨ ᠨᠢᠭᠤᠷ ᠦᠵᠡᠯ᠎ᠡ᠃ ᠭᠡᠲᠡᠯ᠎ᠡ ᠤᠤᠯ᠎ᠠᠴᠠ᠎ᠪᠠᠨ ᠠᠪᠤᠭᠠᠳ ᠮᠣᠩᠭᠤᠯ ᠦᠰᠦᠭ ᠰᠦᠯᠵᠢᠶ᠎ᠡ ᠳᠡᠭᠡᠷ᠎ᠡ ᠪᠣᠰᠤᠭ᠎ᠠ᠎ᠪᠠᠷ ᠵᠡᠭᠦᠨ᠎ᠡᠴᠡ ᠪᠠᠷᠠᠭᠤᠨ᠎ᠳᠤ ᠢᠯᠡᠷᠡᠬᠦ ᠮᠡᠷᠭᠡᠵᠢᠯ ᠪᠠᠢᠭᠰᠠᠨ᠎ᠦᠭᠡᠢ᠂ ᠬᠠᠷᠢᠨ ᠪᠣᠰᠤᠭ᠎ᠠ᠎ᠪᠠᠷ ᠪᠠᠷᠠᠭᠤᠨ᠎ᠠᠴᠠ ᠵᠡᠭᠦᠨ ᠢᠯᠡᠷᠡᠬᠦ ᠮᠡᠷᠭᠡᠵᠢᠯ ᠰᠠᠭᠤᠷᠢᠯᠠᠨ ᠠᠭᠤᠯᠭ᠎ᠠ᠎ᠪᠠᠨ ᠵᠡᠭᠦᠨ᠎ᠡᠴᠡ ᠪᠠᠷᠠᠭᠤᠨᠰᠢ ᠢᠯᠡᠷᠡᠬᠦ᠂ ᠬᠦᠰᠦᠨᠦᠭᠲᠦ ᠪᠠᠢᠭᠤᠯᠬᠤ ᠪᠤᠶᠤ ᠤᠷᠪᠠᠭᠤᠯᠤᠭᠰᠠᠨ ᠲᠢᠭ ᠬᠢᠵᠦ ᠵᠡᠭᠦᠨ᠎ᠡᠴᠡ ᠪᠠᠷᠠᠭᠤᠨᠰᠢ ᠢᠯᠡᠷᠡᠬᠦ ᠠᠷᠭ᠎ᠠ ᠬᠡᠷᠡᠭᠯᠡᠵᠦ ᠢᠷᠡᠭᠰᠡᠨ᠎ᠶᠦᠮ᠃

Windows Vista ᠰᠢᠰᠲᠧᠮ ᠭᠠᠷᠤᠭᠰᠠᠨ᠎ᠠᠴᠠ ᠬᠣᠢᠰᠢ ᠥᠪᠡᠷᠲᠡᠭᠡᠨ ᠤᠯᠠᠨ ᠤᠯᠤᠰ᠎ᠤᠨ ᠪᠠᠷᠢᠮᠵᠢᠶ᠎ᠠ ᠮᠣᠩᠭᠤᠯ ᠣᠷᠤᠭᠤᠯᠬᠤ ᠠᠷᠭ᠎ᠠ ᠲᠠᠭᠠᠯᠭᠠᠬᠤ ᠪᠣᠯᠤᠭᠰᠠᠨ ᠪᠠ Internet Explorer 8᠎ᠡᠴᠡ ᠡᠬᠢᠯᠡᠵᠦ ᠮᠣᠩᠭᠤᠯ ᠦᠰᠦᠭ ᠬᠠᠢᠭᠴᠢ ③ ᠳᠡᠭᠡᠷ᠎ᠡ ᠮᠣᠩᠭᠤᠯ᠎ᠤᠨ ᠬᠡᠪᠰᠢᠯ ᠶᠣᠰᠤ᠎ᠪᠠᠷ ᠪᠣᠰᠤᠭ᠎ᠠ᠎ᠪᠠᠷ ᠵᠡᠭᠦᠨ᠎ᠡᠴᠡ ᠪᠠᠷᠠᠭᠤᠨᠰᠢ ᠢᠯᠡᠷᠡᠬᠦ ᠪᠣᠯᠤᠭᠰᠠᠨ᠎ᠶᠤᠮ᠂ ᠭᠡᠲᠡᠯ᠎ᠡ ᠣᠳᠤ ᠪᠣᠯᠲᠠᠯ᠎ᠠ ᠠᠨ ᠰᠢᠨ᠎ᠡ ᠮᠡᠷᠭᠡᠵᠢᠯ᠎ᠡᠴᠡ ᠬᠡᠷᠡᠭᠯᠡᠭᠰᠡᠨ ᠰᠦᠯᠵᠢᠶ᠎ᠡ ᠨᠢᠭᠡ ᠬᠣᠶᠠᠷ ᠪᠠᠢᠨ᠎ᠠ᠃ ᠵᠢᠱ᠌ᠢᠶᠡᠯᠡᠪᠡᠯ᠄ ᠮᠣᠩᠭᠤᠯ ᠪᠢᠴᠢᠭ ᠰᠦᠯᠵᠢᠶ᠎ᠡ ︵ http://www.mongolfont.com︶᠂ ᠲᠠᠯᠴᠢᠷ ︵ http://www.talchir.com︶ ᠵᠡᠷᠭᠡ ᠬᠡᠳᠦᠨ ᠰᠦᠯᠵᠢᠶ᠎ᠡ᠎ᠶᠦᠮ᠃ ᠬᠡᠷᠪᠡ ᠠᠨ ᠰᠢᠨ᠎ᠡ ᠮᠡᠷᠭᠡᠵᠢᠯ᠎ᠢ ᠬᠡᠷᠡᠭᠯᠡᠪᠡᠯ ᠤᠯᠠᠨ ᠬᠡᠪ᠎ᠦᠨ ᠬᠠᠢᠭᠴᠢ ᠳᠡᠭᠡᠷ᠎ᠡ ᠮᠣᠩᠭᠤᠯ ᠰᠦᠯᠵᠢᠶ᠎ᠡ᠎ᠶᠢ ᠵᠥᠪ᠎ᠢᠶᠡᠷ ᠢᠯᠡᠷᠡᠭᠦᠯᠬᠦ ᠪᠣᠯᠤᠨ᠎ᠠ᠂ ᠵᠢᠱ᠌ᠢᠶᠡᠯᠡᠪᠡᠯ᠄ IE8᠂ Chrome᠂ Safari᠂ ᠳᠤᠮᠳᠠᠳᠤ ᠤᠯᠤᠰ᠎ᠤᠨ 360 ᠬᠠᠢᠭᠴᠢ᠎ᠶᠢᠨ 6᠎ᠡᠴᠡ ᠳᠡᠭᠡᠭᠰᠢ ᠵᠡᠷᠭᠡ ᠬᠠᠢᠭᠴᠢ ᠪᠠ iOS5(iphone4/4s)᠂ Android 4.0᠎ᠡᠴᠡ ᠳᠡᠭᠡᠭᠰᠢ ᠵᠡᠷᠭᠡ ᠭᠠᠷ ᠤᠲᠠᠰᠤ ᠪᠠ ᠺᠣᠮᠫᠢᠦ᠋ᠲᠧᠷ ᠳᠡᠭᠡᠷ᠎ᠡ ᠪᠦᠷᠢ ᠮᠣᠩᠭᠤᠯ ᠦᠰᠦᠭ ᠢᠯᠡᠷᠡᠵᠦ ᠪᠣᠯᠤᠨ᠎ᠠ᠂ ᠡᠭᠦᠨ᠎ᠡᠴᠡ ᠦᠵᠡᠪᠡᠯ᠄ iOS᠂ Android ᠵᠡᠷᠭᠡ ᠭᠠᠷ ᠤᠲᠠᠰᠤ᠎ᠶᠢᠨ ᠰᠢᠰᠲᠧᠮ᠎ᠳᠦ ᠮᠣᠩᠭᠤᠯ ᠰᠦᠯᠵᠢᠶ᠎ᠡ ᠪᠦᠬᠦᠨ ᠨᠢᠭᠡ ᠥᠪᠡᠷ᠎ᠦᠨ ᠰᠣᠹᠲ ᠭᠡᠬᠦ ᠬᠡᠷᠡᠭ᠎ᠦᠭᠡᠢ ᠪᠣᠯᠬᠤ᠎ᠶᠤᠮ᠂ ᠪᠢ ᠳᠣᠣᠷ᠎ᠠ ᠤᠯᠠᠨ ᠬᠡᠪ᠎ᠦᠨ ᠬᠠᠢᠭᠴᠢ ᠳᠡᠭᠡᠷ᠎ᠡ ᠮᠣᠩᠭᠤᠯ ᠦᠰᠦᠭ ᠪᠣᠰᠤᠭ᠎ᠠ᠎ᠪᠠᠷ ᠵᠡᠭᠦᠨ᠎ᠡᠴᠡ ᠪᠠᠷᠠᠭᠤᠨᠰᠢ ᠢᠯᠡᠷᠡᠭᠦᠯᠬᠦ ᠦᠨᠳᠦᠰᠦᠨ ᠶᠣᠰᠤ᠎ᠶᠢ ᠲᠠᠢᠯᠪᠤᠷᠢᠯᠠᠶ᠎ᠠ᠄

ᠨᠢᠭᠡ᠂ ᠬᠠᠢᠭᠴᠢ ᠳᠡᠮᠵᠢᠬᠦ ᠲᠢᠭ ᠬᠢᠬᠦ᠄

1.EOT ᠲᠣᠣᠷ ᠰᠦᠯᠵᠢᠶᠡᠨ ᠲᠢᠭ᠎ᠢ IE ᠬᠠᠢᠭᠴᠢ ᠳᠡᠭᠡᠷ᠎ᠡ ᠮᠣᠩᠭᠤᠯ ᠦᠰᠦᠭ᠎ᠦᠨ ᠲᠢᠭ᠎ᠦᠭᠡᠢ ᠺᠣᠮᠫᠢᠦ᠋ᠲᠧᠷ᠎ᠲᠦ ᠮᠣᠩᠭᠤᠯ ᠦᠰᠦᠭ ᠢᠯᠡᠷᠡᠬᠦ᠎ᠳᠦ ᠬᠡᠷᠡᠭᠯᠡᠨ᠎ᠡ᠃

2.WOFF ᠲᠣᠣᠷ ᠰᠦᠯᠵᠢᠶᠡᠨ ᠲᠢᠭ᠎ᠢ Safari᠂ Chrome᠂ Internet Explorer 9 ᠵᠡᠷᠭᠡ ᠬᠠᠢᠭᠴᠢ ᠳᠡᠭᠡᠷ᠎ᠡ ᠮᠣᠩᠭᠤᠯ ᠦᠰᠦᠭ᠎ᠦᠨ ᠲᠢᠭ᠎ᠦᠭᠡᠢ ᠺᠣᠮᠫᠢᠦ᠋ᠲᠧᠷ᠎ᠲᠦ ᠮᠣᠩᠭᠤᠯ ᠦᠰᠦᠭ ᠢᠯᠡᠷᠡᠬᠦ᠎ᠳᠦ ᠬᠡᠷᠡᠭᠯᠡᠨ᠎ᠡ᠃

3.TTF ᠲᠣᠣᠷ ᠰᠦᠯᠵᠢᠶᠡᠨ ᠲᠢᠭ᠎ᠢ Safari ᠬᠠᠢᠭᠴᠢ ᠳᠡᠭᠡᠷ᠎ᠡ ᠮᠣᠩᠭᠤᠯ ᠦᠰᠦᠭ᠎ᠦᠨ ᠲᠢᠭ᠎ᠦᠭᠡᠢ ᠺᠣᠮᠫᠢᠦ᠋ᠲᠧᠷ᠎ᠲᠦ ᠮᠣᠩᠭᠤᠯ ᠦᠰᠦᠭ ᠢᠯᠡᠷᠡᠬᠦ᠎ᠳᠦ ᠬᠡᠷᠡᠭᠯᠡᠨ᠎ᠡ᠃

4.SVG ᠲᠣᠣᠷ ᠰᠦᠯᠵᠢᠶᠡᠨ ᠲᠢᠭ᠎ᠢ Chrome、IPhone ᠬᠠᠢᠭᠴᠢ ᠳᠡᠭᠡᠷ᠎ᠡ ᠮᠣᠩᠭᠤᠯ ᠦᠰᠦᠭ᠎ᠦᠨ ᠲᠢᠭ ᠢᠯᠡᠷᠡᠬᠦ᠎ᠳᠦ ᠬᠡᠷᠡᠭᠯᠡᠨ᠎ᠡ᠃

ᠳᠡᠭᠡᠷᠡᠬᠢ ᠳᠥᠷᠪᠡᠨ ᠵᠦᠢᠯ᠎ᠦᠨ ᠲᠢᠭ ᠪᠠᠢᠪᠠᠯ IE8᠎ᠡᠴᠡ ᠳᠡᠭᠡᠭᠰᠢ᠂ Chrome᠂ Safari᠂ ᠳᠤᠮᠳᠠᠳᠤ ᠤᠯᠤᠰ᠎ᠤᠨ 360 ᠬᠠᠢᠭᠴᠢ᠎ᠶᠢᠨ 6᠎ᠡᠴᠡ ᠳᠡᠭᠡᠭᠰᠢ ᠵᠡᠷᠭᠡ ᠬᠠᠢᠭᠴᠢ ᠪᠠ iOS5(iphone4/4s)᠂ Android 4.0 ᠵᠡᠷᠭᠡ ᠭᠠᠷ ᠤᠲᠠᠰᠤ ᠪᠠ ᠺᠣᠮᠫᠢᠦ᠋ᠲᠧᠷ ᠳᠡᠭᠡᠷ᠎ᠡ ᠪᠦᠷᠢ ᠮᠣᠩᠭᠤᠯ ᠦᠰᠦᠭ ᠢᠯᠡᠷᠡᠵᠦ ᠪᠣᠯᠤᠨ᠎ᠠ ④᠃

CSS ᠳᠣᠲᠤᠷ᠎ᠠ ᠪᠢᠴᠢᠬᠦ ᠺᠣᠳ᠋᠄

    @font-face {
        font-family: 'tangsug';
        src: url('/mongol/tangsug.eot');
        src: url('/mongol/tangsug.eot?#iefix') format('embedded-opentype'),
        url('/mongol/tangsug.woff') format('woff'),
        url('/mongol/tangsug.ttf') format('truetype'),
        url('/mongol/tangsug.svg#tangsug') format('svg');
    }

ᠬᠣᠶᠠᠷ᠂ ᠬᠠᠢᠭᠴᠢ ᠳᠡᠭᠡᠷ᠎ᠡ ᠮᠣᠩᠭᠤᠯ ᠦᠰᠦᠭ ᠪᠣᠰᠤᠭ᠎ᠠ᠎ᠪᠠᠷ ᠵᠡᠭᠦᠨ᠎ᠡᠴᠡ ᠪᠠᠷᠠᠭᠤᠨ᠎ᠳᠤ ᠢᠯᠡᠷᠡᠬᠦ

1.text-justify:inter-ideograph; ᠲᠣᠣᠷ ᠰᠦᠯᠵᠢᠶᠡᠨ᠎ᠦ ᠮᠣᠩᠭᠤᠯ ᠦᠰᠦᠭ ᠡᠬᠢᠨ ᠠᠳᠠᠭ᠎ᠲᠤ᠎ᠪᠠᠨ ᠮᠥᠷ ᠲᠡᠭᠰᠢ ᠪᠣᠯᠬᠤ ᠮᠥᠷᠲᠡᠭᠡᠨ ᠬᠠᠮᠤᠭ ᠡᠴᠦᠰ᠎ᠦᠨ ᠮᠥᠷ ᠡᠬᠢᠨ ᠠᠳᠠᠭ᠎ᠲᠤ᠎ᠠᠨ ᠲᠡᠭᠰᠢ ᠪᠣᠯᠬᠤ᠎ᠦᠭᠡᠢ᠃

2.text-align:justify; ᠲᠣᠣᠷ ᠰᠦᠯᠵᠢᠶᠡᠨ᠎ᠦ ᠮᠣᠩᠭᠤᠯ ᠦᠰᠦᠭ ᠡᠬᠢᠨ ᠠᠳᠠᠭ᠎ᠲᠤ᠎ᠪᠠᠨ ᠮᠥᠷ ᠲᠡᠭᠰᠢ ᠪᠣᠯᠭᠠᠬᠤ ᠺᠣᠳ᠋᠃

3.word-break:keep-all; ᠲᠣᠣᠷ ᠰᠦᠯᠵᠢᠶᠡᠨ᠎ᠦ ᠮᠣᠩᠭᠤᠯ ᠦᠰᠦᠭ᠎ᠢ ᠦᠭᠡ᠎ᠪᠡᠷ ᠮᠥᠷ ᠰᠣᠯᠢᠬᠤ ᠺᠣᠳ᠋᠃

4.WRITING-MODE: tb-lr;⑤ ᠲᠣᠣᠷ ᠰᠦᠯᠵᠢᠶᠡᠨ᠎ᠦ ᠮᠣᠩᠭᠤᠯ ᠦᠰᠦᠭ ᠪᠣᠰᠤᠭ᠎ᠠ᠎ᠪᠠᠷ ᠵᠡᠭᠦᠨ᠎ᠡᠴᠡ ᠪᠠᠷᠠᠭᠤᠨᠰᠢ ᠢᠯᠡᠷᠡᠬᠦ ᠺᠣᠳ᠋ IE8᠎ᠡᠴᠡ ᠳᠡᠭᠡᠭᠰᠢ ᠬᠠᠢᠭᠴᠢ᠎ᠳᠤ ᠠᠨ ᠺᠣᠳ᠋ ᠮᠣᠩᠭᠤᠯ ᠦᠰᠦᠭ᠎ᠢ ᠪᠣᠰᠤᠭ᠎ᠠ᠎ᠪᠠᠷ ᠵᠡᠭᠦᠨ᠎ᠡᠴᠡ ᠪᠠᠷᠠᠭᠤᠨᠰᠢ ᠢᠯᠡᠷᠡᠭᠦᠯᠵᠦ ᠪᠣᠯᠤᠨ᠎ᠠ᠃

5.-moz-writing-mode: vertical-lr; -webkit-writing-mode: vertical-lr;-o-writing-mode:vertical-lr;-webkit-text-orientation: sideways-right;⑥ ᠲᠣᠣᠷ ᠰᠦᠯᠵᠢᠶᠡᠨ᠎ᠦ ᠮᠣᠩᠭᠤᠯ ᠦᠰᠦᠭ ᠪᠣᠰᠤᠭ᠎ᠠ᠎ᠪᠠᠷ ᠵᠡᠭᠦᠨ᠎ᠡᠴᠡ ᠪᠠᠷᠠᠭᠤᠨᠰᠢ ᠢᠯᠡᠷᠡᠬᠦ ᠺᠣᠳ᠋ IE8᠎ᠡᠴᠡ ᠳᠡᠭᠡᠭᠰᠢ ?? Chrome᠂ Safari᠂ ᠳᠤᠮᠳᠠᠳᠤ ᠤᠯᠤᠰ᠎ᠤᠨ 360 ᠬᠠᠢᠭᠴᠢ᠎ᠶᠢᠨ 6᠎ᠡᠴᠡ ᠳᠡᠭᠡᠭᠰᠢ ᠵᠡᠷᠭᠡ ᠬᠠᠢᠭᠴᠢ ᠪᠠ iOS5(iphone4/4s)᠂ Android 4.0᠎ᠡᠴᠡ ᠳᠡᠭᠡᠭᠰᠢ ᠵᠡᠷᠭᠡ ᠭᠠᠷ ᠤᠲᠠᠰᠤ ᠪᠠ ᠺᠣᠮᠫᠢᠦ᠋ᠲᠧᠷ ᠳᠡᠭᠡᠷ᠎ᠡ ᠪᠦᠷᠢ ᠮᠣᠩᠭᠤᠯ ᠦᠰᠦᠭ ᠢᠯᠡᠷᠡᠬᠦ ᠺᠣᠳ᠋᠃

CSS ᠳᠣᠲᠤᠷ᠎ᠠ ᠪᠢᠴᠢᠬᠦ ᠺᠣᠳ᠋᠄

    .tangsug{
        text-justify: inter-ideograph;
        text-align:justify;
        word-break:keep-all;
        WRITING-MODE: tb-lr;
        -moz-writing-mode: vertical-lr;
        -webkit-writing-mode: vertical-lr;
        -o-writing-mode: vertical-lr;
        -webkit-text-orientation: sideways-right;
    }

ᠬᠤᠷᠢᠶᠠᠩᠭᠤᠢᠯᠠᠭᠠᠳ ᠬᠡᠯᠡᠪᠡᠯ᠄ Internet ᠰᠦᠯᠵᠢᠶ᠎ᠡ ᠲᠦᠭᠡᠮᠡᠯᠵᠢᠵᠦ ᠪᠠᠢᠭ᠎ᠠ ᠥᠨᠦᠳᠦᠷ ᠮᠣᠩᠭᠤᠯ ᠦᠰᠦᠭ ᠪᠢᠴᠢᠭ᠎ᠢᠶᠡᠷ ᠪᠠᠢᠭ᠎ᠠ ᠰᠤᠷᠤᠭ ᠵᠠᠩᠭᠢ᠎ᠶᠢ ᠬᠡᠷᠬᠢᠨ ᠣᠳᠣᠬᠢᠴᠢᠯᠠᠬᠤ ᠭᠡᠪᠡᠯ᠄ ᠮᠣᠩᠭᠤᠯ ᠪᠢᠴᠢᠭ᠎ᠦᠨ ᠤᠯᠠ ᠤᠯᠤᠰ᠎ᠤᠨ ᠨᠢᠭᠡᠳᠦᠯᠲᠡᠢ ᠪᠠᠷᠢᠮᠵᠢᠶ᠎ᠠ᠎ᠶᠢᠨ ᠲᠢᠭ᠎ᠢ ᠬᠡᠷᠡᠭᠯᠡᠵᠦ᠂ ᠰᠦᠯᠵᠢᠶ᠎ᠡ ᠪᠠᠢᠭᠤᠯᠬᠤ᠎ᠳᠤ᠎ᠪᠠᠨ ᠮᠣᠩᠭᠤᠯ ᠦᠰᠦᠭ ᠵᠥᠪ᠎ᠢᠶᠡᠷ ᠢᠯᠡᠷᠡᠬᠦ ᠺᠣᠳ᠋ ᠬᠡᠷᠡᠭᠯᠡᠵᠦ᠂ ᠤᠯᠤᠰ᠎ᠤᠨ ᠳᠣᠲᠤᠭᠠᠳᠤ ᠪᠠ ᠳᠡᠯᠡᠬᠡᠢ ᠨᠡᠢᠲᠡ᠎ᠶᠢᠨ ᠰᠦᠯᠵᠢᠶᠡᠨ ᠬᠥᠭᠵᠢᠯᠲᠡ᠎ᠶᠢᠨ ᠬᠠᠨᠳᠤᠰᠢ᠎ᠲᠠᠢ ᠡᠭᠡᠮ ᠵᠡᠷᠭᠡᠴᠡᠵᠦ᠂ ᠮᠣᠩᠭᠤᠯ ᠰᠦᠯᠵᠢᠶᠡᠨ᠎ᠢᠶᠡᠨ ᠤᠯᠠᠮ ᠨᠢᠭᠡ ᠠᠯᠬᠤᠮ ᠬᠥᠭᠵᠢᠭᠦᠯᠪᠡᠯ ᠵᠣᠬᠢᠨ᠎ᠠ᠃

ᠠᠰᠢᠭᠯᠠᠭᠰᠠᠨ ᠮᠠᠲᠧᠷᠢᠶᠠᠯ᠄

①张国良᠄ ︽ 现代大众传播学︾᠂ 四川人民出版社᠂ 1998年5月᠃

②ᠠᠯᠲᠠᠨᠸᠴᠢᠷ᠄ ︽ ᠰᠦᠯᠵᠢᠶᠡᠨ ᠵᠠᠭᠤᠴᠢ᠎ᠶᠢᠨ ᠳᠠᠪᠠᠭᠤᠯᠢᠭ ᠴᠢᠨᠠᠷ᠎ᠢ ᠲᠤᠷᠰᠢᠨ ᠥᠭᠦᠯᠡᠬᠦ᠎ᠨᠢ︾᠂ ᠥᠪᠦᠷ ᠮᠣᠩᠭᠤᠯ᠎ᠤᠨ ᠨᠡᠢᠭᠡᠮ᠎ᠦᠨ ᠰᠢᠨᠵᠢᠯᠡᠬᠦ ᠤᠬᠠᠭᠠᠨ᠂ 2007᠎ᠤᠨ᠎ᠤ 2 ᠳ᠋ᠤᠭᠠᠷ ᠬᠤᠭᠤᠴᠠᠭ᠎ᠠ᠃

⑤ᠬᠠᠢᠭᠴᠢ |ᠬᠢᠲᠠᠳ ︵ 浏览器︶᠂ ᠠᠩᠭᠯᠢ᠎ᠪᠠᠷ ︵ browser︶᠃ ᠮᠣᠩᠭᠤᠯ᠎ᠢᠶᠠᠷ ᠬᠠᠢᠭᠤᠷ᠂ ᠬᠠᠢᠭᠴᠢ᠂ ᠭᠦᠶᠦᠯᠭᠡᠨ ᠦᠵᠡᠭᠦᠷ ᠭᠡᠬᠦ ᠮᠡᠲᠦ ᠤᠯᠠᠨ ᠵᠦᠢᠯ᠎ᠢᠶᠡᠷ ᠣᠷᠴᠢᠭᠤᠯᠵᠤ ᠪᠠᠢᠨ᠎ᠠ᠂᠎ᠮᠢᠨᠢ ᠦᠵᠡᠬᠦ᠎ᠪᠡᠷ ᠬᠠᠢᠭᠴᠢ ᠣᠨᠤᠪᠴᠢᠲᠠᠢ᠎ᠰᠢᠭ᠋ ᠪᠠᠢᠨ᠎ᠠ᠃

④WOFF和Google Font API ︵ http://www.swordair.com/blog/2011/07/617/︶

⑤︽ writing-mode︾ CSS参考手册︵ http://css.doyoe.com/︶

⑥标准是w3c制定,webkit团队制作︵ http://dev.w3.org/csswg/css-writing-modes/#propdef-text-orientation︶

ᠠᠯᠮᠠᠰ ᠺᠣᠮᠫᠠᠨᠢ
email : mongol@almas.co.jp
tel : +81-3-5688-2081
fax : +81-3-5688-2082