ᠮᠣᠩᠭᠣᠯ ᠪᠢᠴᠢᠭ |
ᠬᠢᠲᠠᠳ ᠠᠩᠭᠯᠢ ᠶᠠᠫᠣᠨ |
᠁ᠮᠢᠨᠦ ᠨᠥᠬᠦᠷ ᠭᠷᠸᠭ ᠬᠡᠯᠡᠨ᠎ᠦ ᠪᠠᠭᠰᠢ ᠪᠸᠯᠢᠺᠤᠸ ᠭᠡᠭᠴᠢ ᠬᠣᠶᠠᠷ ᠰᠠᠷ᠎ᠠ᠎ᠶᠢᠨ ᠡᠮᠦᠨᠡᠬᠡᠨ ᠮᠠᠨ᠎ᠤ ᠬᠣᠲᠠ᠎ᠳᠤ ᠨᠠᠰᠤ ᠪᠠᠷᠠᠭᠰᠠᠨ ᠪᠢᠯᠡ᠃ ᠦᠨᠡᠬᠡᠷ ᠬᠠᠴᠢᠨ ᠬᠥᠮᠦᠨᠰᠡᠨ᠃ ᠶᠠᠮᠠᠷ ᠰᠠᠢᠬᠠᠨ ᠴᠡᠯᠮᠡᠭ ᠡᠳᠦᠷᠴᠦ ᠲᠡᠷᠡ ᠤᠰᠤᠨ᠎ᠤ ᠭᠤᠲᠤᠯ ᠡᠮᠦᠰᠴᠦ᠂ ᠪᠣᠷᠤᠭᠠᠨ᠎ᠤ ᠰᠢᠬᠦᠷ ᠪᠠᠷᠢᠨ᠂ ᠪᠠᠰᠠ ᠵᠠᠪᠠᠯ ᠬᠥᠪᠦᠩ ᠬᠤᠪᠴᠠᠰᠤ᠎ᠲᠠᠢ ᠶᠠᠪᠤᠳᠠᠭ ᠪᠠᠢᠭᠰᠠᠨ᠎ᠶᠤᠮ᠃ ᠡᠩ᠎ᠦᠨ ᠴᠠᠭ᠎ᠲᠤ ᠪᠣᠷᠤᠭᠠᠨ᠎ᠤ ᠰᠢᠬᠦᠷ᠎ᠢᠶᠡᠨ ᠳᠤᠭᠲᠤᠢ᠎ᠳᠤ ᠬᠢᠵᠦ᠂ ᠴᠠᠭ᠎ᠢᠶᠠᠨ ᠰᠠᠷᠠᠯ ᠢᠯᠭᠢᠨ ᠳᠤᠭᠲᠤᠢ᠎ᠳᠤ ᠬᠢᠳᠡᠭ ᠪᠥᠭᠡᠳ ᠬᠠᠷᠠᠨᠳᠠ᠎ᠶᠢᠨ ᠲᠣᠩᠭᠤᠷᠠᠭᠨᠢᠴᠤ ᠳᠤᠭᠲᠤᠢ ᠳᠣᠲᠤᠷ᠎ᠠ ᠬᠢᠯᠲᠠᠲᠠᠢ ᠪᠠᠢᠳᠠᠭ᠃ ᠨᠢᠭᠤᠷ ᠴᠢᠷᠠᠢᠨᠢᠴᠤ ᠦᠷᠭᠦᠯᠵᠢ ᠳᠡᠪᠡᠯ᠎ᠦᠨ᠎ᠢᠶᠡᠨ ᠪᠣᠰᠭᠠᠭᠰᠠᠨ ᠵᠠᠭᠠᠮᠠᠨ ᠳᠣᠲᠤᠷ᠎ᠠ ᠰᠢᠷᠭᠢᠵᠦ ᠪᠠᠢᠳᠠᠭ ᠲᠤᠯᠠ ᠮᠥᠨ ᠳᠤᠭᠲᠤᠢ ᠪᠤᠢ ᠮᠡᠲᠦ ᠦᠵᠡᠭᠳᠡᠨ᠎ᠡ᠃ ᠪᠠᠰᠠ ᠨᠢᠳᠦᠨ᠎ᠳᠡᠭᠡᠨ ᠪᠠᠷᠠᠭᠠᠨ ᠰᠢᠯ ᠬᠢᠵᠦ᠂ ᠵᠤᠵᠠᠭᠠᠨ ᠨᠣᠣᠰᠤᠨ ᠴᠠᠮᠴᠠ ᠡᠮᠦᠰᠴᠦ᠂ ᠴᠢᠬᠢ᠎ᠪᠡᠨ ᠬᠥᠪᠦᠩ᠎ᠢᠶᠡᠷ ᠪᠥᠭᠯᠡᠳᠡᠭ᠃ ᠮᠣᠷᠢᠨ ᠲᠡᠷᠭᠡᠨ᠎ᠳᠦ ᠰᠠᠭᠤᠬᠤ᠎ᠳᠠᠭᠠᠨ ᠲᠡᠷᠭᠡᠨ᠎ᠦ ᠪᠦᠷᠬᠦᠭᠦᠯ᠎ᠢ ᠪᠣᠰᠭᠠᠭᠤᠯᠳᠠᠭ᠃ ᠨᠢᠭᠡᠯᠡ ᠦᠭᠡ᠎ᠪᠡᠷ ᠬᠡᠯᠡᠪᠡᠯ᠂ ᠲᠡᠷᠡ ᠬᠥᠮᠦᠨ ᠦᠷᠭᠦᠯᠵᠢ ᠥᠪᠡᠷ᠎ᠦᠨ ᠪᠡᠶ᠎ᠡ᠎ᠶᠢ ᠬᠠᠯᠢᠰᠤᠨ ᠪᠦᠷᠬᠦᠭᠦᠯ᠎ᠳᠦ ᠳᠤᠭᠲᠤᠢᠯᠠᠵᠤ᠂ ᠭᠠᠳᠠᠨ᠎ᠠ᠎ᠶᠢᠨ ᠨᠥᠯᠦᠭᠡ᠎ᠡᠴᠡ ᠲᠤᠰᠠᠭᠠᠷᠯᠠᠵᠤ ᠰᠠᠯᠭᠠᠬᠤ ᠭᠡᠰᠡᠨ᠎ᠰᠢᠭ ᠪᠣᠳᠤᠯ᠎ᠲᠠᠢ ᠪᠠᠢᠭᠰᠠᠨ ᠪᠢᠯᠡ᠃ ᠪᠣᠳᠠᠲᠤ ᠠᠮᠢᠳᠤᠷᠠᠯ ᠲᠡᠭᠦᠨ᠎ᠢ ᠬᠠᠳᠭᠤᠵᠤ ᠠᠶᠤᠯᠭᠠᠵᠤ ᠪᠠᠢᠳᠠᠭ ᠲᠤᠯᠠ ᠬᠡᠵᠢᠶᠡᠳᠡ ᠰᠡᠳᠭᠢᠯ ᠵᠣᠪᠠᠵᠤ ᠪᠠᠢᠳᠠᠭ᠃ ᠢᠮᠠᠭᠲᠠᠯᠠ ᠥᠩᠭᠡᠷᠡᠭᠰᠡᠨ᠎ᠦ ᠪᠤᠶᠤ ᠶᠡᠷᠦ ᠪᠠᠢᠭᠠᠳᠤᠢ ᠶᠠᠭᠤᠮ᠎ᠠ᠎ᠶᠢ ᠮᠠᠭᠲᠠᠳᠠᠭ᠎ᠨᠢ ᠥᠪᠡᠷ᠎ᠦᠨ ᠠᠶᠤᠮᠠᠬᠠᠢ ᠪᠠ ᠣᠳᠣ᠎ᠶᠢᠨ ᠶᠠᠭᠤᠮ᠎ᠠ᠎ᠶᠢ ᠵᠢᠭᠰᠢᠨ ᠦᠵᠡᠳᠡᠭ᠎ᠢᠶᠡᠨ ᠵᠥᠪᠳᠡᠭᠡᠬᠦᠶᠢᠨ ᠲᠥᠯᠦᠭᠡ ᠪᠠᠢᠵᠤ ᠮᠡᠳᠡᠨ᠎ᠡ᠃ ᠪᠠᠰᠠ ᠲᠡᠭᠦᠨ᠎ᠦ ᠵᠢᠭᠠᠵᠤ ᠪᠠᠢᠭ᠎ᠠ ᠡᠷᠲᠡᠨ᠎ᠦ ᠬᠡᠯᠡᠨᠢᠴᠦ ᠦᠨᠡᠨ᠎ᠳᠡᠭᠡᠨ ᠪᠣᠳᠠᠲᠤ ᠠᠮᠢᠳᠤᠷᠠᠯ᠎ᠠᠴᠠ ᠨᠢᠭᠤᠭᠳᠠᠬᠤ᠎ᠳᠤᠨᠢ ᠬᠠᠯᠬ᠎ᠠ ᠪᠣᠯᠬᠤ ᠤᠰᠤᠨ ᠭᠤᠲᠤᠯ᠂ ᠪᠣᠷᠤᠭᠠᠨ᠎ᠤ ᠰᠢᠬᠦᠷᠲᠡᠢ ᠠᠳᠠᠯᠢ ᠵᠦᠢᠯ ᠪᠠᠢᠵᠠᠢ᠃
ᠪᠸᠯᠢᠺᠤᠸ ᠥᠪᠡᠷ᠎ᠦᠨ ᠦᠵᠡᠯ ᠰᠠᠨᠠᠭᠠᠪᠠᠨᠴᠤ ᠮᠥᠨ ᠳᠤᠭᠲᠤᠢ ᠳᠣᠲᠤᠷ᠎ᠠ ᠳᠠᠯᠳᠠᠯᠠᠬᠤ᠎ᠶᠢ ᠶᠡᠬᠡᠲᠡ ᠬᠢᠴᠢᠶᠡᠨ ᠣᠷᠤᠯᠳᠤᠳᠠᠭ᠃ ᠁ ᠬᠣᠲᠠ᠎ᠳᠤ ᠵᠦᠴᠦᠭᠡ᠎ᠶᠢᠨ ᠺᠯᠦ᠋ᠪ ᠪᠤᠶᠤ ᠤᠩᠰᠢᠯᠭ᠎ᠠ᠎ᠶᠢᠨ ᠭᠠᠵᠠᠷ᠂ ᠴᠠᠢ᠎ᠶᠢᠨ ᠭᠠᠵᠠᠷ ᠪᠠᠢᠭᠤᠯᠬᠤ᠎ᠶᠢ ᠵᠠᠰᠠᠭ ᠵᠠᠬᠢᠷᠭ᠎ᠠ᠎ᠠᠴᠠ ᠵᠥᠪᠰᠢᠶᠡᠷᠡᠭᠰᠡᠨᠢ ᠦᠵᠡᠪᠡᠯ᠂ ᠪᠸᠯᠢᠺᠤᠸ ᠲᠣᠯᠤᠭᠠᠢ ᠰᠡᠭᠰᠦᠷᠦᠨ ᠨᠠᠮ ᠳᠠᠭᠤᠨ᠎ᠢᠶᠠᠷ:
《ᠬᠡᠯᠡᠯᠭᠡᠨ᠎ᠦᠭᠡᠢ᠂ ᠪᠣᠯᠬᠤᠨᠢᠴᠤ ᠪᠣᠯᠤᠨ᠎ᠠ᠂ ᠰᠠᠢᠨᠯᠠ ᠬᠡᠷᠡᠭ᠃ ᠭᠡᠪᠡᠴᠦ ᠶᠠᠮᠠᠷ ᠨᠢᠭᠡᠨ ᠶᠠᠪᠤᠳᠠᠯ ᠭᠠᠷᠤᠭᠤᠵᠠᠢ》 ᠭᠡᠨ᠎ᠡ᠃
ᠡᠭᠦᠨᠴᠢᠯᠡᠨ ᠠᠯᠢᠪᠠ ᠨᠢᠭᠡᠨ ᠳᠦᠷᠢᠮ ᠲᠣᠭᠲᠠᠭᠠᠯ᠂ ᠡᠩ᠎ᠦᠨ ᠶᠣᠰᠤ ᠵᠢᠷᠤᠮ᠎ᠠᠴᠠ ᠵᠥᠷᠢᠴᠡᠭᠰᠡᠨ ᠶᠠᠪᠤᠳᠠᠯ ᠭᠠᠷᠪᠠᠯ᠂ ᠬᠡᠳᠦᠢᠪᠡᠷ ᠲᠡᠭᠦᠨ᠎ᠳᠦ ᠬᠣᠯᠪᠤᠭᠳᠠᠯ᠎ᠦᠭᠡᠢ ᠪᠣᠯᠪᠠᠴᠤ ᠲᠡᠷᠡ ᠡᠳᠦᠷ ᠲᠡᠷᠡ ᠤᠴᠢᠷ᠎ᠲᠤ ᠶᠡᠬᠡᠯ᠎ᠡ ᠭᠤᠨᠢᠭᠯᠠᠨ ᠭᠤᠲᠤᠷᠠᠳᠠᠭ ᠪᠠᠢᠯ᠎ᠠ᠃ ᠬᠡᠷᠪᠡ ᠳᠤᠮᠳᠠᠳᠤ ᠰᠤᠷᠭᠠᠭᠤᠯᠢ᠎ᠶᠢᠨ ᠰᠤᠷᠤᠭᠴᠢ ᠦᠢᠮᠡᠭᠡᠨ ᠭᠠᠷᠭᠠᠭᠰᠠᠨ ᠭᠡᠬᠦ ᠶᠠᠷᠢᠶ᠎ᠠ ᠴᠤᠤᠷᠬᠠᠯ ᠭᠠᠷᠬᠤ᠂ ᠡᠰᠡᠬᠦᠯ᠎ᠡ ᠡᠮᠡᠭᠲᠡᠢ ᠪᠠᠭᠰᠢ ᠴᠡᠷᠢᠭ᠎ᠦᠨ ᠳᠠᠷᠤᠭ᠎ᠠ᠎ᠲᠠᠢ ᠬᠠᠮᠲᠤ ᠶᠠᠪᠤᠵᠤ ᠦᠳᠡᠰᠢ ᠣᠷᠤᠢ ᠪᠤᠴᠠᠵᠤ ᠢᠷᠡᠪᠡᠯ ᠪᠸᠯᠢᠺᠤᠸ᠎ᠤᠨ ᠰᠡᠳᠭᠢᠯ ᠶᠡᠬᠡᠲᠡ ᠵᠣᠪᠠᠵᠤ᠂ ᠰᠡᠵᠢᠭᠯᠡᠯ᠂ ᠳᠤᠭᠲᠤᠢ ᠳᠣᠲᠤᠷᠠᠬᠢ ᠵᠠᠩ᠎ᠢᠶᠠᠷ᠎ᠢᠶᠠᠨ ᠪᠢᠳᠡᠨ᠎ᠢ ᠦᠨᠡᠬᠡᠷ ᠰᠢᠨᠠᠯᠭᠠᠳᠠᠭ ᠪᠢᠯᠡ᠃ ᠡᠮᠡᠭᠲᠡᠢᠴᠦᠳ᠎ᠦᠨ ᠳᠤᠮᠳᠠᠳᠤ ᠰᠤᠷᠭᠠᠭᠤᠯᠢ ᠰᠠᠬᠢᠯᠭ᠎ᠠ ᠦᠭᠡᠢᠳᠡᠵᠦ ᠪᠠᠢᠨ᠎ᠠ᠂ ᠬᠢᠴᠢᠶᠡᠯ᠎ᠦᠨ ᠲᠠᠰᠤᠭ ᠳᠣᠲᠤᠷ᠎ᠠ ᠡᠷᠡᠭᠲᠡᠢᠴᠦᠳ᠎ᠦᠨ ᠳᠤᠮᠳᠠᠳᠤ ᠰᠤᠷᠭᠠᠭᠤᠯᠢ᠎ᠶᠢᠨ ᠰᠤᠷᠤᠭᠴᠢᠴᠤ ᠭᠡᠰᠡᠨ ᠪᠦᠷ ᠰᠠᠬᠢᠯᠭ᠎ᠠ ᠦᠭᠡᠢᠳᠡᠵᠦ ᠪᠠᠢᠨ᠎ᠠ᠂ ᠬᠢᠴᠢᠶᠡᠯ᠎ᠦᠨ ᠭᠡᠷ ᠳᠣᠲᠤᠷ᠎ᠠ ᠱᠤᠤᠭᠢᠶᠠᠨ ᠦᠢᠮᠡᠭᠡᠨᠲᠡᠢ ᠪᠠᠢᠨ᠎ᠠ᠃ ᠠᠶ᠎ᠠ᠂ ᠡᠨᠡ ᠦᠯᠦ ᠵᠣᠬᠢᠬᠤ ᠪᠠᠢᠳᠠᠯ᠂ ᠡᠷᠬᠡ ᠪᠠᠷᠢᠭᠴᠢᠳ᠎ᠤᠨ ᠴᠢᠬᠢᠨ᠎ᠳᠦ ᠣᠷᠤᠬᠤ ᠪᠣᠯᠤᠭᠤᠵᠠᠢ᠂ ᠶᠠᠮᠠᠷ ᠨᠢᠭᠡᠨ ᠪᠤᠳᠤᠯ᠎ᠢᠶᠠᠨ ᠭᠠᠷᠤᠭᠤᠵᠠᠢ ᠭᠡᠵᠦ ᠶᠠᠩᠰᠢᠨ᠎ᠠ᠃ ᠪᠠᠰᠠ ᠶᠡᠷᠦ᠎ᠨᠢ ᠬᠣᠶᠠᠳᠤᠭᠠᠷ ᠠᠩᠭᠢ᠎ᠠᠴᠠ ᠫᠸᠲᠷᠤᠸᠢ᠂ ᠳᠥᠷᠪᠡᠳᠦᠭᠡᠷ ᠠᠩᠭᠢ᠎ᠠᠴᠠ ᠶᠸᠭᠤᠷᠤᠸᠢ ᠬᠥᠭᠡᠭᠡᠪᠡᠯ ᠰᠠᠢᠨ ᠰᠠᠢᠬᠠᠨ ᠪᠣᠯᠬᠤ᠎ᠶᠤᠮ ᠭᠡᠨ᠎ᠡ᠃ ᠶᠠᠭᠠᠬᠢᠭᠠᠳ᠎ᠶᠤᠮ ᠪᠤᠤ ᠮᠡᠳᠡ! ᠲᠡᠭᠦᠨ᠎ᠦ ᠭᠠᠰᠠᠯᠤᠯᠲᠠ ᠭᠤᠲᠤᠷᠠᠯᠲᠠ ᠪᠠ ᠥᠭᠡᠳᠡ᠎ᠦᠭᠡᠢ ᠴᠣᠩᠬᠢᠭᠠᠷ ᠴᠢᠷᠠᠢ ᠳᠡᠭᠡᠷᠡᠬᠢ ᠪᠠᠷᠠᠭᠠᠨ ᠥᠩᠭᠡ᠎ᠶᠢᠨ ᠨᠢᠳᠦᠨ ᠰᠢᠯ᠎ᠨᠢ ᠪᠢᠳᠡᠨ᠎ᠢ ᠰᠢᠨᠠᠯᠭᠠᠵᠤ ᠳᠠᠷᠤᠭᠰᠠᠭᠠᠷ ᠪᠠᠢᠭᠠᠳ ᠫᠸᠲᠷᠤᠸ ᠶᠸᠭᠤᠷᠦᠸ ᠬᠣᠶᠠᠷ᠎ᠤᠨ ᠰᠠᠬᠢᠯᠭ᠎ᠠ ᠪᠠᠲᠤ᠎ᠶᠢᠨ ᠦᠨᠡᠯᠡᠯᠲᠡᠡᠴᠡᠨᠢ ᠳ᠋ᠦᠩ ᠬᠠᠰᠤᠭᠤᠯᠵᠤ ᠬᠣᠶᠠᠭᠤᠯᠠ᠎ᠶᠢ ᠬᠣᠷᠢᠭᠤᠯᠤᠭᠠᠳ᠂ ᠰᠡᠭᠦᠯᠳᠦᠨᠢ ᠬᠣᠶᠠᠭᠤᠯᠠ᠎ᠶᠢ ᠬᠥᠭᠡᠭᠡᠯᠭᠡᠵᠦ ᠰᠠᠨᠠᠭ᠎ᠠ᠎ᠨᠢ ᠠᠮᠠᠷᠠᠭᠰᠠᠨ ᠪᠢᠯᠡ᠃ ᠁
ᠪᠸᠯᠢᠺᠤᠸ ᠪᠢᠳᠡ ᠬᠣᠶᠠᠷ ᠨᠢᠭᠡ ᠪᠠᠢᠷᠢ᠎ᠳᠤ ᠬᠠᠮᠲᠤ ᠰᠠᠭᠤᠵᠤ ᠪᠠᠢᠭᠰᠠᠨ᠃ ᠁ ᠪᠸᠯᠢᠺᠤᠸ᠎ᠤᠨ ᠤᠨᠲᠠᠬᠤ ᠲᠠᠰᠤᠭ᠎ᠨᠢ ᠬᠠᠢᠷᠴᠠᠭ ᠮᠡᠲᠦ ᠵᠢᠵᠢᠭ᠂ ᠬᠡᠪᠲᠡᠬᠦ ᠣᠷᠤ᠎ᠳᠤᠨᠢ ᠪᠢᠲᠡᠭᠦᠦ ᠬᠥᠰᠢᠭᠡ ᠲᠠᠲᠠᠭᠤᠰᠤᠲᠠᠢ ᠪᠠᠢᠳᠠᠭ ᠪᠥᠭᠡᠳ ᠣᠷᠤᠨ᠎ᠳᠠᠭᠠᠨ ᠬᠡᠪᠲᠡᠮᠡᠭᠴᠡ ᠬᠥᠨᠵᠢᠯᠡᠪᠡᠷᠢᠶᠡᠨ ᠲᠣᠯᠤᠭᠠᠢ᠎ᠪᠠᠨ ᠪᠦᠲᠡᠭᠡᠨᠡ᠃ ᠲᠠᠰᠤᠭ ᠳᠣᠲᠤᠷ᠎ᠠ᠎ᠨᠢ ᠬᠠᠯᠠᠭᠤᠨ ᠪᠦᠭᠴᠢᠮ᠂ ᠲᠦᠭᠵᠢᠭᠰᠡᠨ ᠬᠠᠭᠠᠯᠭ᠎ᠠ᠎ᠨᠢ ᠬᠠᠤᠭᠢᠨᠠᠨ ᠳᠤᠤᠭᠠᠷᠤᠨ᠎ᠠ᠂ ᠬᠣᠭᠤᠯᠠᠨ ᠭᠡᠷ᠎ᠡᠴᠡ᠎ᠨᠢ ᠠᠶᠤᠮᠰᠢᠭᠲᠤᠰᠠᠨᠠᠭᠠ ᠠᠯᠳᠠᠬᠤ ᠮᠡᠲᠦ ᠳᠠᠭᠤᠨ ᠰᠣᠨᠤᠰᠳᠠᠨ᠎ᠠ᠃ ᠁ ᠪᠸᠯᠢᠺᠤᠸ᠂ ᠬᠥᠨᠵᠢᠯᠡᠶᠢᠨᠢᠶᠡᠨ ᠳᠣᠲᠤᠷ᠎ᠠ ᠠᠶᠤᠵᠤ ᠳᠠᠭᠵᠢᠨ ᠬᠡᠪᠲᠡᠳᠡᠭ᠃ ᠬᠥᠮᠦᠨ ᠢᠷᠡᠭᠡᠳ ᠠᠯᠠᠴᠢᠬᠠᠬᠤ ᠪᠣᠯᠪᠠ᠎ᠤᠤ᠂ ᠬᠤᠯᠠᠭᠠᠢᠴᠢ ᠣᠷᠤᠵᠤ ᠢᠷᠡᠬᠦ ᠪᠣᠯᠪᠠ᠎ᠤᠤ ᠭᠡᠵᠦ ᠡᠮᠢᠶᠡᠭᠰᠡᠭᠡᠷ᠂ ᠰᠥᠨᠢ ᠲᠤᠷᠰᠢ ᠮᠠᠭᠤᠬᠠᠢ ᠵᠡᠭᠦᠳᠦ ᠵᠡᠭᠦᠳᠦᠯᠡᠳᠡᠭ ᠪᠠᠢᠵᠠᠢ᠃ ᠥᠷᠯᠦᠭᠡ ᠪᠢᠳᠡ ᠬᠠᠮᠲᠤ᠎ᠪᠠᠷ ᠰᠤᠷᠭᠠᠭᠤᠯᠢ᠎ᠳᠤ ᠣᠴᠢᠬᠤ ᠵᠠᠮ᠎ᠳᠤ ᠴᠢᠷᠠᠢ᠎ᠨᠢ ᠤᠢᠳᠭᠠᠷ᠎ᠲᠠᠢ ᠵᠡᠪᠡᠬᠡᠢᠷᠡᠨ ᠴᠠᠢᠵᠤ ᠪᠠᠢᠳᠠᠭ᠃ ᠪᠢᠳᠡᠨ᠎ᠦ ᠣᠴᠢᠵᠤ ᠶᠠᠪᠤᠭ᠎ᠠ ᠣᠯᠠᠨ ᠬᠥᠮᠦᠰ ᠪᠦᠬᠦᠢ ᠰᠤᠷᠭᠠᠭᠤᠯᠢ ᠲᠡᠭᠦᠨ᠎ᠢ ᠠᠶᠤᠯᠭᠠᠨ ᠵᠢᠭᠰᠢᠭᠦᠯᠵᠦ ᠪᠤᠢ᠎ᠨᠢ ᠡᠷᠬᠡᠲᠡᠨ ᠪᠦᠬᠦᠨ᠎ᠡᠴᠡ᠎ᠨᠢ ᠢᠯᠡᠳᠲᠡ ᠦᠵᠡᠭᠳᠡᠨ᠎ᠡ᠃ ᠨᠠᠳᠠ᠎ᠲᠠᠢ ᠬᠠᠮᠲᠤ ᠶᠠᠪᠤᠬᠤᠳᠤᠨᠢᠴᠤ ᠬᠠᠵᠢᠭ ᠵᠠᠩ᠎ᠲᠠᠢ ᠲᠡᠭᠦᠨ᠎ᠳᠦ ᠶᠡᠬᠡ ᠬᠡᠴᠡᠭᠦᠦ ᠰᠠᠨᠠᠭᠳᠠᠵᠤ ᠪᠠᠢᠭ᠎ᠠ᠎ᠨᠢ ᠢᠯᠡᠷᠬᠡᠢ ᠪᠠᠢᠳᠠᠭ᠃
ᠲᠠᠪᠤᠨ ᠰᠠᠷ᠎ᠠ᠎ᠶᠢᠨ ᠨᠢᠭᠡᠨ᠎ᠦ ᠭᠠᠷᠠᠭ᠎ᠤᠨ ᠡᠳᠦᠷ᠂ ᠪᠠᠭᠰᠢ ᠰᠤᠷᠤᠭᠴᠢᠳ ᠴᠥᠮ ᠰᠤᠷᠭᠠᠭᠤᠯᠢ ᠳᠡᠭᠡᠷ᠎ᠡ ᠴᠤᠭᠯᠠᠷᠠᠭᠠᠳ ᠣᠢ ᠤᠷᠤᠭᠤ ᠶᠠᠪᠠᠭᠠᠨ ᠶᠠᠪᠤᠬᠤ᠎ᠪᠠᠷ ᠬᠡᠯᠡᠯᠴᠡᠭᠰᠡᠨ ᠲᠤᠯᠠ ᠡᠨᠡ ᠡᠳᠦᠷ ᠪᠢᠳᠡ ᠭᠡᠷ᠎ᠡᠴᠡ᠎ᠪᠡᠨ ᠭᠠᠷᠴᠤ ᠶᠠᠪᠤᠬᠤ᠎ᠳᠤ ᠪᠸᠯᠢᠺᠤᠸ᠎ᠤᠨ ᠨᠢᠭᠤᠷ ᠪᠠᠷᠠᠭᠠᠨ ᠡᠭᠦᠯᠡᠨ᠎ᠡᠴᠡ ᠪᠠᠰᠠ ᠴᠢᠨᠠᠭᠰᠢ ᠪᠠᠢᠪᠠ᠃
ᠪᠢ ᠲᠡᠭᠦᠨ᠎ᠢ ᠥᠷᠦ ᠡᠪᠡᠳᠪᠡ᠃ ᠪᠢᠳᠡ ᠶᠠᠪᠤᠵᠤ ᠪᠠᠢᠭᠰᠠᠨᠴᠢᠨᠢ ᠭᠡᠨᠡᠳᠲᠡ ᠺᠤᠸᠨᠯᠸᠨᠺᠤ ᠳᠤᠭᠤᠢ ᠤᠨᠤᠨ ᠢᠷᠡᠪᠡ᠃ ᠬᠣᠢᠨ᠎ᠠ᠎ᠠᠴᠠ ᠸᠠᠷᠸᠨᠺᠠ ᠮᠥᠨ ᠳᠤᠭᠤᠢ ᠤᠨᠤᠵᠤ᠂ ᠴᠢᠷᠠᠢ᠎ᠨᠢ ᠤᠯᠠᠢᠵᠤ᠂ ᠵᠦᠳᠡᠷᠡᠭᠰᠡᠨ ᠮᠠᠶᠢᠭᠲᠠᠢ ᠶᠠᠪᠤᠵᠤ ᠪᠠᠢᠭᠰᠠᠨ ᠪᠣᠯᠪᠠᠴᠤ ᠪᠠᠶᠠᠷ ᠴᠡᠩᠭᠡᠯᠲᠡᠢ ᠪᠠᠢᠪᠠ᠃
《ᠪᠢᠳᠡ ᠤᠷᠢᠳᠠᠪᠠᠷ ᠶᠠᠪᠤᠵᠤ ᠪᠠᠢᠶ᠎ᠠ᠃ ᠥᠨᠥᠳᠦᠷ ᠮᠠᠰᠢ ᠰᠠᠢᠬᠠᠨ ᠡᠳᠦᠷ ᠪᠠᠢᠨ᠎ᠠ! ᠰᠠᠢᠬᠠᠨ ᠭᠡᠳᠡᠭ᠎ᠨᠢ ᠶᠠᠭᠠᠬᠢᠬᠤ ᠪᠢᠯᠡ!》 ᠭᠡᠵᠦ ᠸᠠᠷᠸᠨᠺᠠ ᠬᠠᠰᠭᠢᠷᠤᠭᠠᠳ᠂ ᠬᠣᠶᠠᠭᠤᠯᠠ ᠠᠯᠠᠭ᠎ᠠ ᠪᠣᠯᠪᠠ᠃
ᠪᠸᠯᠢᠺᠤᠸᠮᠠᠨᠢ ᠰᠦᠷᠳᠡᠨ ᠠᠶᠤᠭᠰᠠᠨ ᠮᠡᠲᠦ ᠪᠣᠯᠵᠤ᠂ ᠴᠢᠷᠠᠢ᠎ᠨᠢ ᠬᠥᠬᠡᠷᠡᠵᠦ ᠪᠠᠢᠭᠰᠠᠨ᠎ᠢᠶᠠᠨ ᠬᠤᠪᠠᠬᠠᠢᠷᠠᠨ ᠴᠠᠢᠵᠤ᠂ ᠮᠡᠯᠡ ᠭᠠᠢᠬᠠᠵᠤ ᠴᠡᠯ ᠬᠥᠬᠡᠷᠡᠨ ᠨᠠᠳᠠ᠎ᠠᠴᠠ ᠠᠰᠠᠭᠤᠭᠰᠠᠨ᠎ᠨᠢ:
《ᠠᠢ ᠪᠤᠷᠬᠠᠨ᠎ᠮᠢᠨᠢ! ᠡᠨᠡ ᠶᠠᠭᠤ ᠪᠣᠯᠪᠠ ? ᠮᠢᠨᠦ ᠬᠠᠷᠠᠭ᠎ᠠ ᠨᠠᠮᠠᠢ ᠬᠠᠭᠤᠷᠴᠤ ᠪᠠᠢᠨ᠎ᠠ᠎ᠤᠤ? ᠳᠤᠮᠳᠠᠳᠤ ᠰᠤᠷᠭᠠᠭᠤᠯᠢ᠎ᠶᠢᠨ ᠪᠠᠭᠰᠢ ᠪᠠᠢᠭᠠᠳ ᠥᠬᠢᠨ ᠬᠥᠮᠦᠨ᠎ᠲᠡᠢ ᠳᠤᠭᠤᠢ ᠤᠨᠤᠵᠤ ᠶᠠᠪᠤᠬᠤ᠎ᠨᠢ ᠵᠣᠬᠢᠰᠲᠠᠢ ᠬᠡᠷᠡᠭ᠎ᠦᠦ?》 ᠭᠡᠬᠦ᠎ᠳᠦ ᠪᠢ:
《ᠵᠣᠬᠢᠰ᠎ᠦᠭᠡᠢ ᠶᠠᠭᠤ ᠪᠠᠢᠬᠤ ᠪᠤᠢ? ᠤᠨᠤᠵᠤᠯᠠ ᠪᠠᠢᠭ᠂ ᠪᠠᠶᠠᠷ ᠴᠡᠩᠭᠡᠯᠲᠡᠢ ᠵᠤᠭᠠᠴᠠᠭ》 ᠭᠡᠬᠦ᠎ᠳᠦ ᠪᠸᠯᠢᠺᠤᠸᠮᠢᠨᠦ ᠲᠠᠢᠪᠤᠩ ᠪᠠᠢᠳᠠᠯ᠎ᠢ ᠬᠠᠷᠠᠵᠤ ᠭᠠᠢᠬᠠᠨ ᠬᠠᠰᠭᠢᠷᠤᠨ: 《ᠲᠠ ᠶᠠᠭᠤ ᠬᠡᠯᠡᠵᠦ ᠪᠠᠢᠨ᠎ᠠ ᠪᠤᠢ?》 ᠭᠡᠳ ᠬᠡᠯᠮᠡᠭᠳᠡᠭᠰᠡᠨ᠎ᠳᠡᠭᠡᠨ ᠴᠢᠨᠠᠭᠰᠢ ᠶᠠᠪᠤᠬᠤ᠎ᠶᠢ ᠪᠣᠯᠢᠵᠤ ᠭᠡᠷ᠎ᠲᠡᠭᠡᠨ ᠪᠤᠴᠠᠪᠠ᠃
ᠮᠠᠷᠭᠠᠰᠢ᠎ᠨᠢ ᠪᠸᠯᠢᠺᠤᠸ ᠮᠥᠨ᠎ᠯᠡ ᠭᠠᠷ᠎ᠢᠶᠠᠨ ᠨᠤᠬᠤᠯᠠᠵᠤ ᠰᠡᠳᠭᠢᠯ ᠰᠠᠨᠠᠭ᠎ᠠ᠎ᠨᠢ ᠠᠮᠤᠷ᠎ᠦᠭᠡᠢ ᠪᠠᠢᠪᠠ᠃ ᠨᠢᠭᠤᠷ ᠴᠢᠷᠠᠢᠠᠴᠠᠨᠢ ᠦᠵᠡᠬᠦ᠎ᠳᠦ ᠡᠪᠡᠳᠴᠢᠨ᠎ᠳᠦ ᠨᠡᠷᠪᠡᠭᠳᠡᠭᠰᠡᠨ᠎ᠨᠢ ᠢᠯᠡᠳᠲᠡ ᠮᠡᠳᠡᠭᠳᠡᠨ᠎ᠡ᠃ ᠢᠩᠭᠢᠵᠦ ᠪᠠᠢᠭᠠᠳ ᠬᠢᠴᠢᠶᠡᠯ ᠪᠠᠭᠤᠬᠤ᠎ᠠᠴᠠ ᠤᠷᠢᠳ ᠬᠠᠷᠢᠴᠢᠬᠠᠭᠰᠠᠨ᠎ᠨᠢ ᠲᠡᠭᠦᠨ᠎ᠦ ᠨᠢᠭᠡ ᠨᠠᠰᠤᠨ᠎ᠳᠤ ᠠᠩᠬ᠎ᠠ ᠤᠳᠠᠭ᠎ᠠ ᠭᠠᠷᠤᠭᠰᠠᠨ ᠶᠠᠪᠤᠳᠠᠯ ᠪᠢᠯᠡ᠃ ᠦᠳᠡ᠎ᠶᠢᠨ ᠬᠣᠭᠤᠯᠠᠴᠤ ᠢᠳᠡᠭᠰᠡᠨ᠎ᠦᠭᠡᠢ᠃ ᠲᠡᠷᠡ ᠬᠢᠷᠢ ᠵᠤᠨ᠎ᠤ ᠴᠠᠭ ᠪᠣᠯᠴᠢᠬᠠᠭᠰᠠᠨ ᠪᠣᠯᠪᠠᠴᠤ ᠪᠸᠯᠢᠺᠤᠸ ᠳᠤᠯᠠᠭᠠᠨ ᠬᠤᠪᠴᠠᠯᠠᠵᠤ ᠪᠦᠷᠦᠢ᠎ᠪᠡᠷ ᠺᠤᠸᠨᠯᠸᠨᠺᠤ᠎ᠶᠢᠨ ᠭᠡᠷ ᠤᠷᠤᠭᠤ ᠮᠠᠢᠵᠢᠭᠢᠨᠠᠪᠠ᠃ ᠸᠠᠷᠸᠨᠺᠠ ᠭᠡᠷ᠎ᠲᠡᠭᠡᠨ ᠪᠠᠢᠭ᠎ᠠ᠎ᠦᠭᠡᠢ ᠲᠤᠯᠠ ᠭᠠᠭᠴᠠᠬᠠᠨ ᠳᠡᠭᠦᠦᠲᠡᠢᠨᠢ ᠤᠴᠠᠷᠠᠵᠠᠢ᠃
《ᠮᠣᠷᠢᠯᠠᠵᠤ ᠰᠠᠭᠤ》 ᠭᠡᠵᠦ ᠺᠤᠸᠨᠯᠸᠨᠺᠤ ᠬᠥᠮᠦᠰᠭᠡ᠎ᠪᠡᠨ ᠵᠠᠩᠭᠢᠳᠴᠤ ᠬᠦᠢᠲᠡᠨ᠎ᠢᠶᠡᠷ ᠥᠭᠦᠯᠡᠪᠡ᠃ ᠪᠸᠯᠢᠺᠤᠸ ᠤᠳᠡᠰᠬᠢᠭᠡᠳ ᠤᠢᠳᠭᠠᠷ᠎ᠲᠠᠢ ᠳᠣᠣᠷ᠎ᠠ ᠳᠠᠭᠤᠨ᠎ᠢᠶᠠᠷ ᠥᠭᠦᠯᠡᠭᠰᠡᠨ᠎ᠨᠢ:
《ᠪᠢ ᠪᠣᠯ ᠤᠳᠠᠭᠠᠨ ᠵᠢᠯ ᠠᠯᠪᠠ ᠬᠠᠭᠠᠵᠤ ᠪᠤᠢ ᠪᠥᠭᠡᠳ ᠬᠠᠷᠢᠨ ᠲᠠ ᠰᠠᠶᠢ ᠠᠯᠪᠠ ᠬᠠᠭᠠᠵᠤ ᠡᠬᠢᠯᠡᠵᠦ ᠪᠤᠢ ᠲᠤᠯᠠ ᠪᠢ ᠠᠬ᠎ᠠ ᠬᠥᠮᠦᠨ᠎ᠦ ᠬᠤᠪᠢ᠎ᠳᠤ ᠲᠠᠨ᠎ᠢ ᠢᠳᠭᠠᠬᠤ ᠶᠠᠪᠤᠳᠠᠯ ᠪᠣᠯ ᠮᠢᠨᠦ ᠡᠭᠦᠷᠭᠡ ᠭᠡᠵᠦ ᠪᠣᠳᠤᠨ᠎ᠠ᠃ ᠲᠠ ᠳᠤᠭᠤᠢ ᠤᠨᠤᠵᠤ ᠵᠤᠭᠠᠴᠠᠵᠤ ᠪᠠᠢᠨ᠎ᠠ᠂ ᠡᠨᠡ ᠪᠣᠯ ᠵᠠᠯᠠᠭᠤᠰ᠎ᠢ ᠬᠥᠮᠦᠵᠢᠭᠦᠯᠦᠭᠴᠢ ᠬᠥᠮᠦᠨ᠎ᠳᠦ ᠶᠡᠷᠦ ᠵᠣᠬᠢᠰ᠎ᠦᠭᠡᠢ ᠬᠡᠷᠡᠭ!》 ᠭᠡᠪᠡ᠃
《ᠶᠠᠭᠠᠬᠢᠭᠠᠳ ᠲᠡᠷᠡ ᠪᠤᠢ?》 ᠭᠡᠵᠦ ᠺᠤᠸᠨᠯᠸᠨᠺᠤ ᠪᠦᠳᠦᠭᠦᠨ ᠳᠠᠭᠤᠨ᠎ᠢᠶᠠᠷ ᠠᠰᠠᠭᠤᠪᠠ᠃
《ᠮᠢᠬᠠᠢᠯ ᠰᠸᠢᠴᠧᠮᠢᠨᠢ᠂ ᠡᠭᠦᠨ᠎ᠳᠦ ᠲᠠᠢᠯᠪᠤᠷᠢᠯᠠᠬᠤ ᠬᠡᠷᠡᠭ ᠶᠠᠭᠤ ᠪᠠᠢᠬᠤ ᠪᠤᠢ! ᠡᠨᠡ᠎ᠨᠢ ᠣᠢᠯᠠᠭᠠᠮᠵᠢ᠎ᠦᠭᠡᠢ ᠪᠠᠢᠨ᠎ᠠ ᠭᠡᠵᠦ᠎ᠦᠦ! ᠬᠡᠷᠪᠡ ᠪᠠᠭᠰᠢ᠎ᠨᠢ ᠳᠤᠭᠤᠢ᠎ᠲᠠᠢ ᠶᠠᠪᠤᠬᠤ ᠠᠬᠤᠯ᠎ᠠ ᠰᠤᠷᠤᠭᠴᠢᠳ᠎ᠢ ᠶᠠᠭᠠᠬᠢᠵᠤ ᠰᠠᠢᠨ ᠵᠦᠭ ᠵᠢᠯᠤᠭᠤᠳᠬᠤ ᠪᠤᠢ? ᠲᠡᠳᠡ ᠲᠣᠯᠤᠭᠠᠢ᠎ᠪᠠᠷ᠎ᠢᠶᠠᠨ ᠬᠥᠯ ᠬᠢᠵᠦ ᠶᠠᠪᠤᠬᠤ ᠬᠥᠮᠦᠰᠯᠡ ᠪᠣᠯᠤᠨ᠎ᠠ! ᠳᠤᠭᠤᠢ ᠤᠨᠤᠬᠤ᠎ᠶᠢ ᠵᠥᠪᠰᠢᠶᠡᠷᠡᠭᠰᠡᠨ ᠲᠣᠳᠤᠷᠬᠠᠢ ᠬᠠᠤᠯᠢ᠎ᠦᠭᠡᠢ ᠤᠴᠢᠷ᠎ᠠᠴᠠ ᠪᠣᠯᠬᠤ᠎ᠦᠭᠡᠢ ᠰᠢᠤ᠃ ᠥᠴᠦᠭᠡᠳᠦᠷ ᠪᠢ ᠦᠨᠡᠬᠡᠷ ᠠᠶᠤᠵᠤ ᠰᠣᠴᠢᠪᠠ! ᠪᠢ ᠲᠠᠨ᠎ᠤ ᠡᠭᠡᠴᠢ᠎ᠶᠢ ᠦᠵᠡᠮᠡᠭᠴᠡ ᠨᠢᠳᠦ ᠪᠦᠷᠬᠦᠵᠦ ᠬᠠᠷᠠᠩᠭᠤᠢᠯᠠᠪᠠ᠃ ᠨᠢᠭᠡᠨ ᠠᠪᠠᠬᠠᠢ ᠡᠰᠡᠬᠦᠯ᠎ᠡ ᠨᠢᠭᠡᠨ ᠥᠬᠢᠨ ᠬᠥᠮᠦᠨ ᠬᠠᠷᠢᠨ ᠳᠤᠭᠤᠢ ᠤᠨᠤᠬᠤ ᠭᠡᠰᠡᠨ᠎ᠴᠢᠨᠢ - ᠡᠨᠡ ᠦᠨᠡᠬᠡᠷ ᠠᠶᠤᠮᠰᠢᠭᠲᠠᠢ ᠠᠵᠢ!》
《ᠲᠠᠨ᠎ᠤ ᠰᠠᠨᠠᠭ᠎ᠠ᠎ᠪᠠᠷ ᠪᠣᠯ ᠶᠠᠭᠠᠬᠢᠬᠤ ᠪᠤᠢ?》
《ᠨᠠᠳᠠ᠂ ᠲᠠᠨ᠎ᠢ ᠢᠳᠭᠠᠬᠤᠯᠠ ᠬᠡᠷᠡᠭᠲᠡᠢ ᠪᠠᠢᠨ᠎ᠠ᠂ ᠮᠢᠬᠠᠢᠯ ᠰᠸᠢᠴᠧᠮᠢᠨᠢ᠃ ᠲᠠ ᠪᠣᠯ ᠵᠠᠯᠠᠭᠤ ᠬᠥᠮᠦᠨ᠂ ᠢᠷᠡᠭᠡᠳᠦᠢ ᠪᠣᠯ ᠡᠮᠦᠨ᠎ᠡ᠎ᠴᠢᠨᠢ ᠰᠠᠷᠠᠭᠤᠯ ᠪᠠᠢᠨ᠎ᠠ᠃ ᠲᠠ ᠶᠠᠭᠤᠮᠠᠨ᠎ᠳᠤ ᠪᠣᠯᠭᠤᠮᠵᠢᠲᠠᠢ ᠪᠠᠢᠪᠠᠯ ᠵᠣᠬᠢᠨ᠎ᠠ᠃ ᠬᠠᠷᠢᠨ ᠲᠠ ᠶᠡᠷᠦ ᠶᠠᠭᠤᠮ᠎ᠠ᠎ᠶᠢ ᠦᠯᠦ ᠣᠢᠰᠢᠶᠠᠬᠤ ᠮᠠᠶᠢᠭᠲᠠᠢ ᠪᠠᠢᠨ᠎ᠠ ᠰᠢᠤ᠃ ᠲᠠ ᠬᠡ ᠤᠭᠠᠯᠵᠠ᠎ᠲᠠᠢ ᠴᠠᠮᠴᠠ ᠡᠮᠦᠰᠴᠦ ᠭᠤᠳᠤᠮᠵᠢᠨ᠎ᠠ ᠶᠠᠩᠵᠤ ᠪᠦᠷᠢ᠎ᠶᠢᠨ ᠨᠣᠮ ᠲᠡᠪᠡᠷᠢᠨ ᠶᠠᠪᠤᠳᠠᠭᠠᠴᠠᠪᠠᠨ ᠣᠳᠣ ᠬᠠᠷᠢᠨ ᠪᠠᠰᠠ ᠳᠤᠭᠤᠢ ᠤᠨᠤᠳᠠᠭ ᠪᠣᠯᠪᠠ᠃ ᠲᠠ ᠡᠭᠡᠴᠢᠲᠡᠢᠪᠡᠨ ᠳᠤᠭᠤᠢ ᠤᠨᠤᠵᠤ ᠪᠤᠢ᠎ᠶᠢᠨ ᠲᠤᠬᠠᠢ ᠰᠤᠷᠭᠠᠭᠤᠯᠢ᠎ᠶᠢᠨ ᠳᠠᠷᠤᠭ᠎ᠠ ᠮᠡᠳᠡᠵᠦ᠂ ᠴᠢᠨᠠᠭᠰᠢᠳᠠ ᠰᠠᠢᠳ ᠮᠡᠳᠡᠪᠡᠯ ᠶᠠᠭᠠᠬᠢᠬᠤ ᠪᠢᠯᠡ᠃ ᠶᠠᠮᠠᠷ ᠰᠠᠢᠨ ᠪᠠᠢᠬᠤ ᠪᠤᠢ᠃ 》
《ᠡᠭᠡᠴᠢ ᠪᠢᠳᠡ ᠬᠣᠶᠠᠷ᠎ᠤᠨ ᠳᠤᠭᠤᠢ ᠤᠨᠤᠵᠤ ᠪᠠᠢᠭ᠎ᠠ᠎ᠨᠢ ᠬᠡᠨᠳᠦᠴᠦ ᠬᠦᠷᠲᠡᠭᠡᠯ᠎ᠦᠭᠡᠢ ᠬᠡᠷᠡᠭ᠃ ᠶᠡᠷᠦ ᠮᠢᠨᠦ ᠬᠤᠪᠢ᠎ᠶᠢᠨ ᠬᠡᠷᠡᠭ᠎ᠲᠦ ᠣᠷᠤᠯᠴᠠᠭᠰᠠᠨ ᠬᠥᠮᠦᠨ᠎ᠢ ᠪᠢ ᠬᠥᠭᠡᠭᠡᠵᠦ ᠭᠠᠷᠭᠠᠨ᠎ᠠ》 ᠭᠡᠵᠦ ᠺᠤᠸᠨᠯᠸᠨᠺᠤ ᠬᠡᠯᠡᠵᠦ ᠨᠢᠭᠤᠷ᠎ᠨᠢ ᠤᠯᠠᠢᠪᠠ᠃
ᠪᠸᠯᠢᠺᠤᠸ᠎ᠤᠨ ᠴᠢᠷᠠᠢ ᠬᠤᠪᠠᠬᠠᠢ ᠪᠣᠯᠤᠨ ᠪᠣᠰᠴᠤ ᠵᠣᠭᠰᠤᠪᠠ᠃
《ᠬᠡᠷᠪᠡ ᠲᠠ ᠨᠠᠳᠠ᠎ᠲᠠᠢ ᠡᠢᠮᠦ ᠮᠠᠶᠢ᠍ᠭ᠎ᠢᠶᠠᠷ ᠶᠠᠷᠢᠪᠠᠯ ᠪᠢ ᠴᠢᠨᠠᠭᠰᠢᠳᠠ ᠦᠷᠭᠦᠯᠵᠢᠯᠡᠵᠦ ᠦᠯᠦ ᠴᠢᠳᠠᠨ᠎ᠠ᠂ ᠮᠢᠨᠦ ᠳᠡᠷᠭᠡᠳᠡ ᠡᠷᠬᠡ ᠪᠠᠷᠢᠭᠴᠢᠳ᠎ᠤᠨ ᠲᠤᠬᠠᠢ ᠡᠢᠮᠦ ᠦᠭᠡ ᠪᠢᠲᠡᠭᠡᠢ ᠶᠠᠷᠢ ᠭᠡᠵᠦ ᠭᠤᠶᠤᠶ᠎ᠠ᠂ ᠲᠠ ᠡᠷᠬᠡ ᠪᠠᠷᠢᠭᠴᠢᠳᠢ ᠬᠦᠨᠳᠦᠯᠡᠬᠦ ᠬᠡᠷᠡᠭᠲᠡᠢ ᠰᠢᠤ》 ᠭᠡᠬᠦ᠎ᠳᠦᠨᠢ ᠺᠤᠸᠨᠯᠸᠨᠺᠤ ᠠᠭᠤᠷᠲᠠᠢ ᠬᠠᠷᠠᠵᠤ:
《ᠡᠷᠬᠡ ᠪᠠᠷᠢᠭᠴᠢᠳ᠎ᠤᠨ ᠲᠤᠬᠠᠢ ᠪᠢ ᠶᠠᠮᠠᠷ ᠮᠠᠭᠤ ᠶᠠᠭᠤᠮ᠎ᠠ ᠶᠠᠷᠢᠭᠰᠠᠨ ᠪᠤᠢ? ᠴᠢ ᠲᠣᠨᠢᠯ᠂ ᠪᠢ ᠰᠢᠳᠤᠷᠭᠤ ᠰᠢᠯᠤᠭᠤᠨ ᠬᠥᠮᠦᠨ᠂ ᠴᠢᠮ᠎ᠠ᠎ᠰᠢᠭ᠋ ᠡᠢᠮᠦ ᠠᠪᠤᠭᠠᠢ᠎ᠲᠠᠢ ᠶᠠᠷᠢᠬᠤ ᠳᠤᠷ᠎ᠠ᠎ᠦᠭᠡᠢ ᠪᠠᠢᠨ᠎ᠠ᠃ ᠪᠢ ᠶᠡᠷᠦ ᠳᠠᠯᠳᠠ ᠭᠠᠵᠠᠷ ᠬᠣᠪ ᠦᠭᠡ ᠬᠡᠯᠡᠬᠦ ᠬᠥᠮᠦᠰ᠎ᠢ ᠲᠤᠩ ᠶᠡᠬᠡ ᠵᠢᠭᠰᠢᠳᠡᠭ!》 ᠭᠡᠪᠡ᠃
ᠪᠸᠯᠢᠺᠤᠸ᠎ᠤᠨ ᠰᠡᠳᠭᠢᠯ ᠰᠠᠮᠠᠭᠤᠷᠠᠨ ᠲᠦᠷᠭᠡᠨ ᠬᠥᠳᠡᠯᠭᠡᠭᠡᠨ᠎ᠢᠶᠡᠷ ᠳᠡᠪᠡᠯ᠎ᠢᠶᠡᠨ ᠡᠮᠦᠰᠬᠦ᠎ᠳᠦ ᠴᠢᠷᠠᠢ᠎ᠳᠤᠨᠢ ᠠᠶᠤᠭᠰᠠᠨ ᠪᠠᠢᠳᠠᠯ ᠢᠯᠡᠷᠡᠵᠦ ᠪᠠᠢᠪᠠ᠃ ᠡᠢᠮᠦ ᠪᠦᠳᠦᠭᠦᠯᠢᠭ ᠰᠢᠷᠦᠭᠦᠨ ᠦᠭᠡ᠎ᠶᠢ ᠪᠸᠯᠢᠺᠤᠸ ᠠᠩᠬ᠎ᠠ ᠤᠳᠠᠭ᠎ᠠ ᠰᠣᠨᠤᠰᠴᠤ ᠪᠤᠢ ᠪᠢᠵᠡ ᠳ᠋ᠠ᠃
ᠪᠸᠯᠢᠺᠤᠸ ᠬᠠᠭᠠᠯᠭ᠎ᠠ᠎ᠪᠠᠷ ᠱᠠᠲᠤᠨ᠎ᠤ ᠲᠠᠪᠴᠠᠩ ᠳᠡᠭᠡᠷ᠎ᠡ ᠭᠠᠷᠴᠤ:
《ᠲᠠ ᠶᠠᠭᠤ ᠶᠠᠷᠢᠭᠰᠠᠨᠴᠤ ᠬᠠᠮᠢᠭ᠎ᠠ᠎ᠦᠭᠡᠢ᠂ ᠳᠤᠷ᠎ᠠ᠎ᠪᠠᠷ ᠪᠣᠯ᠂ ᠪᠢ ᠭᠠᠭᠴᠠ᠎ᠬᠦ ᠲᠠᠨ᠎ᠳᠤ ᠤᠷᠢᠳᠠ᠎ᠠᠴᠠ ᠰᠡᠷᠡᠮᠵᠢᠯᠡᠭᠦᠯᠦᠶ᠎ᠡ: ᠪᠢᠳᠡ ᠬᠣᠶᠠᠷ᠎ᠤᠨ ᠶᠠᠷᠢᠶ᠎ᠠ᠎ᠶᠢ ᠬᠥᠮᠦᠨ ᠰᠣᠨᠤᠰᠤᠭᠰᠠᠨ ᠪᠠᠢᠬᠤ ᠮᠠᠭᠠᠳ᠃ ᠡᠢᠮᠦ᠎ᠳᠦ ᠪᠢᠳᠡᠨ᠎ᠦ ᠶᠠᠷᠢᠶ᠎ᠠ᠎ᠶᠢ ᠴᠢᠨᠠᠭᠰᠢ ᠭᠠᠵᠢᠭᠤᠳᠠᠭᠤᠯᠬᠤ᠎ᠦᠭᠡᠢ ᠪᠠ ᠶᠠᠭᠤᠮ᠎ᠠ ᠪᠣᠯᠭᠠᠬᠤᠦᠭᠡᠢᠶᠢᠨ ᠲᠤᠯᠠᠳᠠ ᠰᠤᠷᠭᠠᠭᠤᠯᠢ᠎ᠶᠢᠨ ᠳᠠᠷᠤᠭ᠎ᠠ᠎ᠳᠤ ᠪᠢᠳᠡ ᠬᠣᠶᠠᠷ᠎ᠤᠨ ᠶᠠᠷᠢᠯᠴᠠᠭᠰᠠᠨ ᠶᠠᠷᠢᠶ᠎ᠠ᠎ᠶᠢᠨ ᠭᠣᠣᠯ᠎ᠢ ᠮᠡᠳᠡᠭᠦᠯᠦᠨ᠎ᠡ᠂ ᠪᠢ ᠢᠩᠭᠢᠬᠦ᠎ᠦᠭᠡᠢ ᠦᠯᠦ ᠪᠣᠯᠤᠨ᠎ᠠ》 ᠭᠡᠪᠡ᠃
《ᠮᠡᠳᠡᠭᠦᠯᠦᠨ᠎ᠡ ᠭᠡᠨ᠎ᠡ? ᠴᠢᠩᠭᠢ᠂ ᠣᠴᠢᠵᠤ ᠮᠡᠳᠡᠭᠦᠯ!》
ᠺᠤᠸᠨᠯᠸᠨᠺᠤ᠂ ᠪᠸᠯᠢᠺᠤᠸ᠎ᠤᠨ ᠠᠷᠤ᠎ᠠᠴᠠ᠎ᠨᠢ ᠳᠡᠪᠡᠯ᠎ᠦᠨ ᠵᠠᠭᠠᠮ᠎ᠠ᠎ᠶᠢ᠎ᠨᠢ ᠪᠠᠷᠢᠵᠤ᠂ ᠱᠠᠲᠤ ᠤᠷᠤᠭᠤ ᠲᠦᠯᠬᠢᠭᠰᠡᠨ᠎ᠳᠦ ᠲᠡᠷᠡ ᠤᠰᠤᠨ ᠭᠤᠲᠤᠯ ᠵᠡᠷᠭᠡ ᠶᠠᠭᠤᠮᠠᠰᠲᠠᠢᠪᠠᠨ ᠵᠡᠷᠭᠡ᠎ᠪᠡᠷ ᠫᠢᠷᠭᠢᠨᠠᠭᠤᠯᠤᠨ ᠳᠣᠣᠷᠠᠳᠤ ᠳᠠᠪᠬᠤᠷ ᠬᠦᠷᠲᠡᠯ᠎ᠡ ᠥᠩᠬᠦᠷᠢᠨ ᠤᠨᠠᠪᠠ᠃ ᠱᠠᠲᠤ᠎ᠨᠢ ᠥᠨᠳᠦᠷ ᠡᠭᠴᠡᠪᠲᠦᠷ ᠪᠣᠯᠪᠠᠴᠤ ᠲᠡᠷᠡ ᠬᠠᠷᠢᠨ ᠮᠡᠨᠳᠦ ᠥᠩᠬᠦᠷᠢᠨ ᠪᠠᠭᠤᠭᠠᠳ ᠥᠨᠳᠡᠢᠨ ᠪᠣᠰᠴᠤ᠂ ᠨᠢᠳᠦᠨ ᠰᠢᠯ᠎ᠦᠨ᠎ᠢᠶᠡᠨ ᠪᠦᠲᠦᠨ ᠡᠰᠡᠬᠦ᠎ᠶᠢ ᠲᠡᠮᠲᠡᠷᠢᠨ᠂ ᠬᠠᠮᠠᠷ᠎ᠢᠶᠠᠨ ᠪᠠᠷᠢᠵᠤ ᠦᠵᠡᠪᠡ᠃ ᠭᠡᠪᠡᠴᠦ ᠲᠡᠭᠦᠨ᠎ᠢ ᠱᠠᠲᠤᠨ ᠳᠡᠭᠡᠷ᠎ᠡ ᠥᠩᠬᠦᠷᠢᠳᠡᠵᠦ ᠪᠠᠢᠬᠤ ᠦᠶ᠎ᠡ᠎ᠳᠦ ᠸᠠᠷᠸᠨᠺᠠ ᠬᠣᠶᠠᠷ ᠬᠠᠲᠤᠭᠲᠠᠢ᠎ᠶᠢᠨ ᠬᠠᠮᠲᠤ ᠢᠷᠡᠵᠦ ᠬᠠᠷᠠᠵᠠᠭᠠᠵᠤ ᠪᠠᠢᠭᠰᠠᠨ᠎ᠨᠢ ᠪᠸᠯᠢᠺᠤᠸ᠎ᠳᠤ ᠶᠠᠭᠤᠮ᠎ᠠ ᠪᠦᠬᠦᠨ᠎ᠡᠴᠡ ᠠᠶᠤᠯᠲᠠᠢ ᠪᠠᠢᠵᠠᠢ᠃ ᠪᠣᠳᠤᠬᠤ᠎ᠳᠤ᠂ ᠢᠨᠢᠶᠡᠳᠦᠮ ᠳᠣᠭᠤᠭᠢ ᠪᠣᠯᠬᠤ᠎ᠠᠴᠠ ᠬᠦᠵᠦᠭᠦᠦ᠎ᠪᠡᠨ ᠪᠤᠯᠭᠤᠯᠵᠤ᠂ ᠬᠥᠯᠢᠶᠡᠨ ᠬᠤᠭᠤᠯᠪᠠᠯ ᠳᠡᠭᠡᠷ᠎ᠡ ᠭᠡᠵᠦ ᠰᠠᠨᠠᠬᠤ ᠪᠢᠵᠡ᠃ ᠣᠳᠣ ᠪᠦᠬᠦ ᠬᠣᠲᠠ ᠮᠡᠳᠡᠵᠦ᠂ ᠰᠤᠷᠭᠠᠭᠤᠯᠢ᠎ᠶᠢᠨ ᠳᠠᠷᠤᠭ᠎ᠠ᠂ ᠴᠢᠨᠠᠭᠰᠢ ᠰᠠᠢᠳ᠎ᠲᠤ ᠬᠦᠷᠭᠡᠪᠡᠯ - ᠠᠢ᠂ ᠶᠠᠮᠠᠷ ᠨᠢᠭᠡ ᠶᠠᠪᠤᠳᠠᠯ ᠭᠠᠷᠤᠭᠤᠵᠠᠢ ᠳ᠋ᠠ ! ᠡᠴᠦᠰ᠎ᠲᠦᠨᠢ ᠵᠠᠷᠯᠢᠭ᠎ᠢᠶᠠᠷ ᠠᠵᠢᠯ᠎ᠢᠶᠠᠨ ᠬᠠᠯᠠᠭᠳᠠᠬᠤ ᠮᠠᠭᠠᠳ᠃ ᠁
ᠪᠸᠯᠢᠺᠤᠸᠢ ᠥᠨᠳᠡᠢᠵᠦ ᠪᠣᠰᠬᠤ᠎ᠳᠤ᠂ ᠸᠠᠷᠸᠨᠺᠠᠲᠡᠭᠦᠨᠢ ᠰᠠᠶᠢ ᠲᠠᠨᠢᠵᠤ᠂ ᠬᠠᠴᠢᠨ ᠰᠣᠨᠢᠨ ᠪᠢᠴᠢᠬᠠᠨ ᠴᠢᠷᠠᠢ᠂ ᠦᠷᠴᠢᠢᠭᠰᠡᠨ ᠳᠡᠪᠡᠯ᠂ ᠤᠰᠤᠨ᠎ᠤ ᠭᠤᠲᠤᠯ ᠵᠡᠷᠭᠡ ᠤᠷᠤᠭᠤ᠎ᠨᠢ ᠬᠠᠷᠠᠵᠤ ᠶᠠᠭᠤ ᠪᠣᠯᠤᠭᠰᠠᠨ᠎ᠢ ᠦᠯᠦ ᠮᠡᠳᠡᠨ ᠭᠠᠢᠬᠠᠵᠤ᠂ ᠥᠪᠡᠷ᠎ᠢᠶᠡᠨ ᠬᠥᠯ ᠠᠯᠳᠠᠵᠤ ᠤᠨᠠᠭᠰᠠᠨ ᠪᠠᠢᠬᠤ ᠭᠡᠵᠦ ᠪᠣᠳᠤᠭᠠᠳ ᠡᠰᠡ ᠲᠡᠰᠪᠦᠷᠢᠯᠡᠨ ᠪᠠᠢᠰᠢᠩ ᠳᠦᠭᠦᠷᠡᠩ ᠴᠤᠤᠷᠢᠶᠠᠲᠤᠭᠤᠯᠤᠨ 《ᠬᠠ ᠬᠠ ᠬᠠ!》 ᠭᠡᠵᠦ ᠢᠨᠢᠶᠡᠳᠦ ᠠᠯᠳᠠᠪᠠ᠃
ᠡᠨᠡᠬᠦ ᠴᠤᠤᠷᠢᠶ᠎ᠠ᠎ᠲᠤ 《ᠬᠠ ᠬᠠ ᠬᠠ》 ᠭᠡᠰᠡᠨ ᠢᠨᠢᠶᠡᠳᠦ ᠠᠯᠢᠪᠠ᠎ᠶᠢ ᠡᠴᠦᠰᠯᠡᠭᠦᠯᠪᠡ᠃ ᠲᠤᠭᠤᠷᠪᠢᠵᠤ ᠪᠠᠢᠭᠰᠠᠨ ᠤᠷᠤᠭ᠎ᠢ ᠡᠴᠦᠰᠯᠡᠭᠦᠯᠪᠡ᠃ ᠪᠸᠯᠢᠺᠤᠸ᠎ᠤᠨ ᠨᠢᠭᠡ ᠨᠠᠰᠤ᠎ᠶᠢ ᠡᠴᠦᠰᠯᠡᠭᠦᠯᠪᠡ᠃ ᠪᠸᠯᠢᠺᠤᠸ᠂ ᠸᠠᠷᠸᠨᠺᠠ ᠶᠠᠭᠤ ᠬᠡᠯᠡᠭᠰᠡᠨᠢᠴᠦ ᠳᠤᠭᠤᠯᠤᠭᠰᠠᠨ᠎ᠦᠭᠡᠢ᠂ ᠶᠠᠭᠤ᠎ᠴᠤ ᠣᠯᠵᠤ ᠬᠠᠷᠠᠭᠰᠠᠨ᠎ᠦᠭᠡᠢ ᠰᠢᠭᠤᠳ ᠭᠡᠷ᠎ᠲᠡᠭᠡᠨ ᠡᠭᠡᠵᠦ ᠢᠷᠡᠭᠡᠳ ᠰᠢᠷᠡᠭᠡᠨ ᠳᠡᠭᠡᠷᠡᠬᠢ ᠸᠠᠷᠸᠨᠺᠠ᠎ᠶᠢᠨ ᠵᠢᠷᠤᠭ᠎ᠢ ᠠᠪᠴᠤ ᠬᠠᠶᠠᠭᠠᠳ᠂ ᠣᠷᠤᠨ᠎ᠳᠠᠭᠠᠨ ᠣᠷᠤᠵᠤ ᠬᠡᠪᠲᠡᠨ ᠳᠠᠬᠢᠨ ᠶᠡᠷᠦ ᠪᠣᠰᠤᠭᠰᠠᠨ᠎ᠦᠭᠡᠢ ᠪᠢᠯᠡ᠃ ᠁
ᠪᠢᠳᠡ ᠪᠤᠯᠠᠰᠢᠨ ᠳᠡᠭᠡᠷ᠎ᠡ᠎ᠡᠴᠡ ᠪᠠᠶᠠᠷᠲᠠᠢᠬᠠᠨ ᠪᠤᠴᠠᠵᠠᠭᠠᠯᠠ᠃ ᠭᠡᠪᠡᠴᠦ ᠭᠠᠷᠠᠭ ᠪᠣᠯᠤᠭᠠᠳᠤᠢ᠎ᠪᠠᠷ ᠠᠮᠢᠳᠤᠷᠠᠯ ᠮᠥᠨ᠎ᠯᠡ ᠥᠨᠥᠬᠢ ᠤᠢᠳᠭᠠᠷ᠎ᠲᠠᠢ᠂ ᠤᠳᠭ᠎ᠠ ᠠᠭᠤᠯᠭ᠎ᠠ᠎ᠦᠭᠡᠢ᠂ ᠤᠬᠠᠭᠠᠨ ᠲᠥᠬᠦᠭᠡ᠎ᠨᠢ ᠣᠯᠳᠠᠬᠤ᠎ᠦᠭᠡᠢ ᠪᠠᠢᠳᠠᠯ᠎ᠳᠠᠭᠠᠨ ᠣᠷᠤᠪᠠ᠃ ᠰᠠᠢᠵᠢᠷᠠᠭᠰᠠᠨ ᠶᠠᠭᠤᠮ᠎ᠠ ᠣᠭᠲᠤ ᠠᠯᠠᠭ᠎ᠠ᠃ ᠪᠢᠳᠡ ᠪᠸᠯᠢᠺᠤᠸᠢ ᠪᠤᠯᠠᠰᠢᠯᠠᠭᠰᠠᠨ ᠪᠣᠯᠪᠠᠴᠤ ᠲᠡᠭᠦᠨ᠎ᠰᠢᠭ ᠳᠤᠭᠲᠤᠢ ᠳᠣᠲᠤᠷᠠᠬᠢ ᠬᠥᠮᠦᠨ ᠪᠠᠰᠠ ᠬᠡᠴᠢᠨᠡᠨ ᠪᠠᠢᠬᠤ᠎ᠶᠢ ᠪᠤᠤ ᠮᠡᠳᠡ᠂ ᠬᠣᠢᠰᠢᠳᠠᠴᠤ ᠬᠡᠴᠢᠨᠡᠨ ᠭᠠᠷᠬᠤ᠎ᠶᠢ ᠬᠡᠨ ᠮᠡᠳᠡᠬᠦ᠎ᠶᠦᠮ!