ᠮᠣᠩᠭᠣᠯ ᠪᠢᠴᠢᠭ |
ᠬᠢᠲᠠᠳ ᠠᠩᠭᠯᠢ ᠶᠠᠫᠣᠨ |
ᠨᠢᠭᠡ
ᠨᠠᠮᠤᠷ᠎ᠤᠨ ᠨᠢᠭᠡᠨ ᠰᠥᠨᠢ ᠪᠢᠯᠡ᠃ ᠰᠥᠨᠢ ᠳᠦᠯᠢ ᠥᠩᠭᠡᠷᠡᠵᠦ᠂ ᠰᠠᠷ᠎ᠠ ᠰᠢᠩᠭᠡᠭᠡᠳ ᠨᠠᠷᠠᠨ ᠪᠠᠰᠠ ᠭᠠᠷᠤᠭᠠᠳᠤᠢ ᠲᠤᠯᠠ ᠪᠠᠷᠠᠭᠠᠨ ᠬᠥᠬᠡ ᠣᠭᠲᠠᠷᠭᠤᠢ ᠭᠠᠵᠠᠷ ᠳᠡᠯᠡᠬᠡᠢ᠎ᠶᠢ ᠪᠦᠷᠬᠦᠵᠦ᠂ ᠰᠥᠨᠢ ᠲᠣᠭᠤᠷᠢᠳᠠᠭ ᠠᠮᠢᠲᠠᠳ᠎ᠠᠴᠠ ᠪᠤᠰᠤᠳ᠎ᠨᠢ ᠴᠥᠮ ᠤᠨᠲᠠᠵᠤ ᠪᠠᠢᠯ᠎ᠠ᠃ ᠬᠤᠸᠠ ᠯᠣᠣ ᠱᠤᠸᠠᠨ᠂ ᠭᠡᠨᠡᠳᠲᠡ ᠥᠨᠳᠡᠢᠵᠦ ᠴᠦᠢᠳᠡᠩ ᠵᠤᠷᠠᠵᠤ᠂ ᠲᠣᠰᠤ ᠵᠤᠩᠭᠠᠭ᠎ᠢᠶᠠᠷ ᠪᠢᠯᠳᠠᠭᠳᠠᠭᠰᠠᠨ ᠳ᠋ᠧᠩ᠎ᠢᠶᠡᠨ ᠠᠰᠠᠭᠠᠮᠠᠭᠴᠠ ᠴᠠᠢ᠎ᠶᠢᠨ ᠮᠤᠬᠤᠯᠠᠭ᠎ᠤᠨ ᠬᠣᠶᠠᠷ ᠲᠠᠰᠤᠯᠭ᠎ᠠ ᠭᠡᠷ᠎ᠲᠦ ᠪᠤᠳᠤᠩᠭᠤᠢ ᠴᠠᠭᠠᠨ ᠭᠡᠷᠡᠯ ᠰᠦᠮᠡᠯᠵᠡᠪᠡ᠃
《ᠰᠢᠶᠣᠣ ᠱᠤᠸᠠᠨᠤ ᠠᠪᠤ᠎ᠨᠢ ᠶᠠᠪᠤᠬᠤ ᠭᠡᠵᠦ ᠪᠠᠢᠬᠤ᠎ᠶᠤᠮ᠎ᠤᠤ?》 ᠭᠡᠬᠦ ᠬᠥᠭᠰᠢᠨ ᠪᠦᠰᠡᠭᠦᠢ᠎ᠶᠢᠨ ᠳᠠᠭᠤᠨ ᠰᠣᠨᠤᠰᠳᠠᠯ᠎ᠠ᠃ ᠳᠣᠲᠤᠷ᠎ᠠ ᠲᠠᠰᠤᠯᠭᠠᠠᠴᠠᠨᠢ ᠪᠠᠰᠠ ᠬᠠᠨᠢᠶᠠᠯᠭᠠᠬᠤ ᠳᠠᠭᠤ ᠭᠠᠷᠤᠨ᠎ᠠ᠃
ᠯᠣᠣ ᠱᠤᠸᠠᠨ : 《ᠠ!》 ᠭᠡᠵᠦ ᠬᠠᠷᠢᠭᠤᠯᠬᠤ᠎ᠶᠢᠨ ᠵᠡᠷᠭᠡᠴᠡᠭᠡᠪᠡᠷ ᠳᠡᠪᠡᠯ᠎ᠢᠶᠡᠨ ᠲᠣᠪᠴᠢᠯᠠᠵᠤ᠂ 《ᠠᠯᠢ》 ᠭᠡᠵᠦ ᠭᠠᠷ᠎ᠢᠶᠠᠨ ᠰᠠᠷᠪᠠᠢᠪᠠ᠃
ᠬᠤᠸᠠ ᠳ᠋ᠠ ᠮᠠ ᠡᠵᠢ ᠳᠡᠷᠡ ᠳᠣᠭᠤᠤᠷ᠎ᠢᠶᠠᠨ ᠰᠤᠢᠯᠠᠵᠤ ᠲᠡᠮᠲᠡᠷᠢᠭᠡᠳ ᠨᠢᠭᠡ ᠪᠣᠭᠤᠳᠠᠯ᠎ᠲᠠᠢ ᠮᠥᠩᠭᠦ ᠠᠪᠴᠤ ᠯᠣᠣ ᠱᠤᠸᠠᠨ᠎ᠳᠤ ᠥᠭᠭᠦᠨ᠎ᠡ᠃ ᠯᠣᠣ ᠱᠤᠸᠠᠨ ᠰᠠᠯᠭᠠᠨᠠᠨ ᠴᠡᠴᠡᠷᠡᠭᠰᠡᠨ ᠭᠠᠷ᠎ᠢᠶᠠᠷ ᠲᠣᠰ᠎ᠤᠨ ᠠᠪᠴᠤ ᠡᠪᠦᠷᠯᠡᠭᠡᠳ ᠭᠠᠳᠠᠨ᠎ᠠ᠎ᠠᠴᠠ᠎ᠨᠢ ᠪᠠᠰᠠ ᠬᠡᠳᠦ ᠳᠠᠷᠤᠯᠬᠢᠯᠠᠵᠤ ᠳ᠋ᠧᠩᠯᠦ ᠠᠰᠠᠭᠠᠵᠤ ᠳ᠋ᠧᠩ᠎ᠢᠶᠡᠨ ᠦᠯᠢᠶᠡᠭᠡᠳ ᠳᠣᠲᠤᠷ᠎ᠠ ᠲᠠᠰᠤᠯᠭᠠᠨ᠎ᠳᠤ ᠣᠷᠤᠪᠠ᠃ ᠲᠡᠷᠡ ᠲᠠᠰᠤᠯᠭᠠᠨ᠎ᠳᠤ ᠱᠤᠤᠬᠢᠲᠤᠨᠠᠨ ᠱᠠᠭᠠᠬᠢᠲᠤᠨᠠᠵᠤ ᠪᠠᠢᠭᠰᠠᠨ ᠴᠢᠮᠡᠭᠡ᠂ ᠤᠳᠠᠯ᠎ᠦᠭᠡᠢ ᠬᠠᠨᠢᠶᠠᠳᠤ ᠪᠣᠯᠤᠯ᠎ᠠ᠃ ᠯᠣᠣ ᠱᠤᠸᠠᠨ ᠲᠡᠭᠦᠨ᠎ᠦ ᠨᠠᠮᠳᠠᠬᠤ᠎ᠶᠢ ᠬᠦᠯᠢᠶᠡᠨ ᠪᠠᠢᠵᠤ ᠳᠣᠣᠷ᠎ᠠ ᠳᠠᠭᠤᠨ᠎ᠢᠶᠠᠷ 《 ᠰᠢᠶᠣᠣ ᠱᠤᠸᠠᠨ ᠁ ᠴᠢ ᠪᠣᠰᠬᠤ ᠬᠡᠷᠡᠭ᠎ᠦᠭᠡᠢ᠃ ᠁ ᠮᠤᠬᠤᠯᠠᠭ᠎ᠤᠨ ᠶᠠᠪᠤᠳᠠᠯ᠎ᠢ ᠮᠥᠮᠦᠴᠢᠨᠢ ᠡᠪᠯᠡᠭᠦᠯᠬᠦᠶᠦᠮ》 ᠭᠡᠪᠡ᠃
ᠬᠦᠦ᠎ᠨᠢ ᠦᠭᠡ ᠳᠤᠤᠭᠠᠷᠤᠯ᠎ᠦᠭᠡᠢ ᠰᠠᠢᠬᠠᠨ ᠤᠨᠲᠠᠭᠰᠠᠨ ᠬᠣᠢᠨ᠎ᠠ ᠯᠣᠣ ᠱᠤᠸᠠᠨ ᠬᠦᠷᠢᠶᠡᠨ᠎ᠦ ᠡᠭᠦᠳᠡ᠎ᠪᠡᠷ ᠭᠤᠳᠤᠮᠵᠢᠨ᠎ᠳᠤ ᠭᠠᠷᠤᠯ᠎ᠠ᠃ ᠭᠤᠳᠤᠮᠵᠢᠨ᠎ᠳᠤ ᠵᠠᠮ ᠴᠠᠢᠷᠠᠨ ᠮᠡᠳᠡᠭᠳᠡᠬᠦ᠎ᠡᠴᠡ ᠥᠭᠡᠷ᠎ᠡ ᠶᠠᠭᠤ᠎ᠴᠤ᠎ᠦᠭᠡᠢ᠂ ᠫᠠᠳ ᠬᠠᠷᠠᠩᠭᠤᠢ ᠪᠠᠢᠪᠠ᠃ ᠳ᠋ᠧᠩᠯᠦ᠎ᠶᠢᠨ ᠭᠡᠷᠡᠯᠳᠦ ᠡᠭᠡᠯᠵᠢᠯᠡᠨ ᠠᠯᠬᠤᠬᠤ ᠬᠣᠶᠠᠷ ᠬᠥᠯ᠎ᠨᠢ ᠦᠵᠡᠭᠳᠡᠵᠦ ᠪᠠᠢᠯ᠎ᠠ᠃ ᠨᠣᠬᠠᠢ ᠬᠠᠶᠠ ᠲᠠᠭᠠᠷᠢᠯᠳᠤᠭᠰᠠᠨ ᠪᠣᠯᠪᠠᠴᠤ ᠶᠡᠷᠦ ᠬᠤᠴᠠᠭᠰᠠᠨ᠎ᠦᠭᠡᠢ᠃ ᠣᠷᠤᠢ᠎ᠶᠢᠨ ᠵᠢᠪᠠᠷ ᠨᠡᠯᠢᠶᠡᠳ ᠬᠦᠢᠲᠡᠨ ᠪᠣᠯᠪᠠᠴᠤ ᠯᠣᠣ ᠱᠤᠸᠠᠨᠤ ᠳᠣᠲᠤᠷ᠎ᠠ ᠶᠡᠬᠡ ᠣᠩᠭᠤᠢᠵᠤ᠂ ᠭᠡᠨᠡᠳᠲᠡ ᠵᠠᠯᠠᠭᠤᠵᠢᠭᠠᠳ ᠬᠥᠮᠦᠨ᠎ᠦ ᠠᠮᠢ᠎ᠶᠢ ᠠᠪᠤᠷᠠᠬᠤ ᠷᠢᠳᠢ ᠰᠢᠳᠢ ᠣᠯᠤᠭᠰᠠᠨ ᠮᠡᠲᠦ ᠰᠠᠨᠠᠭᠳᠠᠵᠤ᠂ ᠬᠥᠯ᠎ᠨᠢ ᠶᠡᠬᠡ ᠬᠥᠩᠭᠡᠷᠡᠭᠰᠡᠨ᠎ᠢᠶᠡᠷ ᠪᠠᠷᠠᠬᠤ᠎ᠦᠭᠡᠢ ᠵᠠᠮᠴᠤ ᠤᠯᠠᠮ᠎ᠢᠶᠠᠷ ᠲᠣᠳᠤᠷᠠᠵᠤ᠂ ᠲᠡᠭᠷᠢᠴᠦ ᠤᠯᠠᠮ ᠭᠡᠭᠡᠷᠡᠯᠡ᠃
ᠯᠣᠣ ᠱᠤᠸᠠᠨ ᠢᠩᠭᠢᠵᠦ ᠠᠵᠢᠭ᠎ᠦᠭᠡᠢ ᠶᠠᠪᠤᠭᠰᠠᠭᠠᠷ ᠭᠡᠨᠡᠳᠲᠡ ᠡᠮᠦᠨ᠎ᠡ᠎ᠨᠢ ᠨᠡᠯᠢᠶᠡᠳ ᠬᠣᠯᠠ ᠭᠠᠵᠠᠷ ᠨᠢᠭᠡ ᠴᠢᠭᠳᠠᠨ ᠭᠤᠳᠤᠮᠵᠢ ᠲᠣᠪ ᠲᠣᠳᠤᠷᠬᠠᠢ ᠬᠥᠨᠳᠡᠯᠢᠳᠦᠨ ᠪᠠᠢᠬᠤ᠎ᠶᠢ ᠬᠠᠷᠠᠭᠠᠳ ᠶᠡᠬᠡ ᠰᠣᠴᠢᠪᠠ᠃ ᠢᠩᠭᠢᠭᠡᠳ ᠲᠡᠷᠡ ᠬᠡᠳᠦᠨ ᠠᠯᠬᠤᠮ ᠤᠬᠤᠷᠢᠵᠤ ᠬᠠᠭᠠᠯᠭ᠎ᠠ᠎ᠨᠢ ᠲᠦᠭᠵᠢᠭᠡᠲᠡᠢ ᠨᠢᠭᠡ ᠫᠦᠰᠡᠨᠦ ᠰᠠᠷᠠᠪᠴᠢᠨ ᠳᠣᠣᠷ᠎ᠠ ᠰᠢᠷᠭᠤᠵᠤ ᠣᠷᠤᠭᠠᠳ ᠬᠠᠭᠠᠯᠭ᠎ᠠ᠎ᠶᠢ ᠲᠦᠰᠢᠨ ᠵᠣᠭᠰᠤᠪᠠ᠃ ᠨᠡᠯᠢᠶᠡᠳ ᠤᠳᠠᠲᠠᠯ᠎ᠠ ᠵᠣᠭᠰᠤᠭᠠᠳ᠂ ᠪᠡᠶ᠎ᠡ᠎ᠨᠢ ᠵᠢᠩᠭᠢᠨᠡᠬᠦᠰᠢᠭ ᠰᠠᠨᠠᠭᠳᠠᠯ᠎ᠠ᠃
《ᠮᠠᠭᠤ ᠵᠥᠨᠦᠭ!》
《ᠬᠠᠷᠢᠨ ᠬᠡᠴᠡᠭᠦᠦ ᠪᠠᠶᠠᠷᠲᠠᠢ ᠪᠠᠢᠬᠤ᠎ᠨᠢ ᠡ ᠁》 ᠭᠡᠬᠦ ᠳᠠᠭᠤᠨ ᠰᠣᠨᠤᠰᠳᠠᠯ᠎ᠠ᠃
ᠯᠣᠣ ᠱᠤᠸᠠᠨ ᠪᠠᠰᠠ ᠶᠡᠬᠡ ᠰᠣᠴᠢᠨ ᠬᠠᠷᠠᠵᠤ ᠦᠵᠡᠬᠦᠯ᠎ᠡ ᠡᠮᠦᠨᠡᠭᠦᠷ᠎ᠨᠢ ᠬᠡᠳᠦᠨ ᠬᠥᠮᠦᠨ ᠭᠠᠷᠪᠠ᠃ ᠡᠷᠭᠢᠵᠦ ᠬᠠᠷᠠᠭᠰᠠᠨ ᠨᠢᠭᠡᠨ᠎ᠦ ᠬᠢᠨᠢ ᠴᠢᠷᠠᠢ ᠳᠡᠮᠡᠢ ᠲᠣᠳᠤ ᠦᠵᠡᠭᠳᠡᠭᠰᠡᠨ᠎ᠦᠭᠡᠢ ᠪᠣᠯᠪᠠᠴᠤ ᠨᠢᠳᠦᠨ᠎ᠳᠦᠨᠢ ᠥᠭᠶᠦᠭᠡ ᠣᠯᠵᠤ ᠦᠵᠡᠭᠰᠡᠨ ᠥᠯᠦᠨ ᠠᠮᠢᠲᠠᠨ ᠮᠡᠲᠦ ᠬᠣᠪᠳᠤᠭ ᠰᠢᠨᠤᠬᠠᠢ ᠭᠡᠷᠡᠯ ᠭᠢᠯᠠᠯᠵᠠᠨ᠎ᠠ᠃ ᠯᠣᠣ ᠱᠤᠸᠠᠨᠤ ᠳ᠋ᠧᠩᠯᠦ ᠨᠢᠭᠡᠨᠲᠡ ᠤᠨᠲᠠᠷᠠᠵᠠᠢ᠃ ᠡᠪᠦᠷ᠎ᠢᠶᠡᠨ ᠳᠠᠷᠤᠵᠤ ᠦᠵᠡᠬᠦ᠎ᠳᠦ ᠬᠡᠪ᠎ᠢᠶᠡᠷ ᠬᠠᠪ ᠬᠠᠲᠠᠭᠤ ᠪᠣᠮᠪᠠᠢᠵᠤ ᠪᠠᠢᠨ᠎ᠠ᠃ ᠬᠣᠶᠠᠷ ᠲᠡᠰᠢ ᠠᠵᠢᠭᠯᠠᠪᠠᠯ ᠨᠡᠯᠢᠶᠡᠳ ᠣᠯᠠᠨ ᠬᠠᠴᠢᠨ ᠵᠢᠭᠲᠡᠢ ᠬᠥᠮᠦᠰ ᠬᠣᠶᠠᠷ ᠭᠤᠷᠪᠠ᠎ᠪᠠᠷ᠎ᠢᠶᠠᠨ ᠲᠡᠷᠡ ᠬᠠᠪᠢ᠎ᠪᠠᠷ ᠴᠢᠳᠭᠦᠷ ᠮᠡᠲᠦ ᠲᠥᠪᠦᠭᠡᠨᠡᠵᠦ ᠪᠠᠢᠨ᠎ᠠ᠃ ᠯᠠᠪᠯᠠᠨ ᠠᠵᠢᠭᠯᠠᠬᠤ᠎ᠳᠤ ᠪᠠᠰᠠ ᠳᠡᠮᠡᠢ ᠶᠡᠬᠡ ᠰᠣᠨᠢᠨ ᠶᠠᠭᠤᠮ᠎ᠠ ᠭᠡᠵᠦ ᠦᠵᠡᠭᠳᠡᠬᠦ᠎ᠦᠭᠡᠢ᠃
ᠤᠳᠠᠯ᠎ᠦᠭᠡᠢ᠂ ᠪᠠᠰᠠ ᠬᠡᠳᠦᠨ ᠴᠡᠷᠢᠭ ᠠᠯᠬᠤᠵᠤ ᠪᠠᠢᠬᠤ ᠦᠵᠡᠭᠳᠡᠪᠡ᠃ ᠬᠠᠨᠵᠢᠶᠠᠷ᠎ᠤᠨ ᠬᠢᠨᠢ ᠠᠷᠤ ᠥᠪᠦᠷᠲᠡᠬᠢ ᠲᠥᠭᠦᠷᠢᠭ ᠴᠠᠭᠠᠨ ᠲᠣᠯᠪᠤ ᠬᠣᠯᠠ᠎ᠠᠴᠠ ᠲᠣᠪ ᠲᠣᠳᠤᠷᠬᠠᠢ ᠦᠵᠡᠭᠳᠡᠯ᠎ᠡ᠃ ᠲᠦᠷᠦᠭᠦᠨ᠎ᠳᠦ᠎ᠨᠢ ᠶᠠᠪᠤᠭ᠎ᠠ᠎ᠶᠢᠨ ᠬᠢᠨᠢ ᠬᠠᠨᠵᠢᠶᠠᠷ᠎ᠤᠨ ᠬᠦᠷᠡᠩ ᠤᠯᠠᠭᠠᠨ ᠡᠮᠵᠢᠶᠡᠷᠢ᠎ᠨᠢ ᠬᠦᠷᠲᠡᠯ᠎ᠡ ᠬᠠᠷᠠᠭᠳᠠᠵᠤ ᠪᠠᠢᠯ᠎ᠠ᠃ ᠬᠥᠯᠦᠨ ᠴᠢᠮᠡᠭᠡ ᠨᠢᠭᠡ ᠵᠡᠷᠭᠡ ᠰᠣᠨᠤᠰᠳᠠᠭᠠᠳ᠂ ᠨᠢᠭᠡ ᠪᠥᠭᠡᠮ ᠬᠥᠮᠦᠰ ᠨᠢᠳᠦ ᠴᠠᠪᠴᠢᠬᠤ᠎ᠶᠢᠨ ᠵᠠᠭᠤᠷ᠎ᠠ ᠥᠩᠭᠡᠷᠡᠨ ᠭᠠᠷᠤᠯ᠎ᠠ᠃ ᠥᠨᠥ ᠬᠣᠶᠠᠷ ᠭᠤᠷᠪᠠ᠎ᠪᠠᠷ ᠶᠠᠪᠤᠵᠤ ᠪᠠᠢᠭᠰᠠᠨ ᠬᠥᠮᠦᠰ ᠭᠡᠨᠡᠳᠲᠡ ᠪᠥᠭᠡᠮᠨᠡᠷᠡᠨ ᠬᠤᠷᠠᠵᠤ᠂ ᠮᠥᠷᠡᠨ᠎ᠦ ᠳᠣᠯᠭᠢᠶᠠᠨ ᠮᠡᠲᠦ ᠤᠷᠤᠭᠰᠢᠯᠠᠭᠰᠠᠭᠠᠷ ᠴᠢᠭᠳᠠᠨ ᠭᠤᠳᠤᠮᠵᠢ᠎ᠶᠢᠨ ᠠᠮᠠᠰᠠᠷ᠎ᠲᠤ ᠬᠦᠷᠦᠮᠡᠭᠴᠡ ᠵᠣᠭᠰᠤᠵᠤ᠂ ᠲᠠᠯ᠎ᠠ ᠲᠣᠭᠤᠷᠢᠭ ᠪᠣᠯᠤᠨ ᠵᠢᠭᠰᠠᠪᠠ᠃
ᠯᠣᠣ ᠱᠤᠸᠠᠨ᠎ᠳᠤ ᠲᠡᠳᠡᠨ᠎ᠦ ᠠᠷᠤᠯᠠ ᠬᠠᠷᠠᠭᠳᠠᠬᠤ ᠪᠥᠭᠡᠳ ᠬᠦᠵᠦᠭᠦᠦ᠎ᠨᠢ ᠶᠠᠭ ᠦᠯᠦ ᠦᠵᠡᠭᠳᠡᠬᠦ ᠭᠠᠷ᠎ᠢᠶᠠᠷ ᠪᠠᠵᠠᠭᠤᠯᠤᠭᠰᠠᠨ ᠣᠯᠠᠨ ᠨᠤᠭᠤᠰᠤ ᠮᠡᠲᠦ ᠳᠡᠭᠡᠭᠰᠢ ᠰᠤᠨᠤᠭᠰᠠᠨ ᠪᠠᠢᠪᠠ᠃ ᠲᠦᠷ ᠨᠠᠮ ᠪᠠᠢᠵᠤ ᠠᠪᠤᠭᠠᠳ ᠪᠠᠬᠠᠨ ᠴᠢᠮᠡᠭᠡ ᠭᠠᠷᠴᠤ ᠬᠥᠳᠡᠯᠵᠡᠭᠡᠨ ᠭᠡᠨᠡᠳᠲᠡ 《ᠲᠦᠩ!》 ᠭᠡᠵᠦ ᠴᠢᠮᠡᠭᠡ ᠭᠠᠷᠤᠮᠠᠭᠴᠠ ᠪᠦᠷ ᠬᠣᠢᠰᠢ ᠤᠬᠤᠷᠢᠵᠠᠭᠠᠵᠤ᠂ ᠯᠣᠣ ᠱᠤᠸᠠᠨᠤ ᠵᠣᠭᠰᠤᠵᠤ ᠪᠠᠢᠭ᠎ᠠ ᠣᠷᠤᠨ᠎ᠳᠤ ᠰᠢᠬᠠᠯᠴᠠᠨ ᠣᠷᠤᠵᠤ ᠢᠷᠡᠭᠡᠳ ᠪᠠᠷᠤᠭ ᠲᠡᠭᠦᠨ᠎ᠢ ᠲᠦᠯᠬᠢᠵᠦ ᠣᠢᠴᠢᠭᠤᠯᠬᠤ᠎ᠳᠤ ᠬᠦᠷᠦᠯ᠎ᠡ᠃
《ᠬᠦᠢ! ᠮᠥᠩᠭᠦ᠎ᠪᠡᠨ ᠠᠪᠴᠢᠷᠠ᠂ ᠪᠠᠷᠠᠭᠤᠨ ᠵᠡᠭᠦᠨ ᠭᠠᠷ᠎ᠢᠶᠠᠷ ᠰᠣᠯᠢᠨ᠎ᠠ!》 ᠭᠡᠵᠦ ᠨᠢᠭᠡ ᠬᠠᠪ ᠬᠠᠷ᠎ᠠ ᠬᠥᠮᠦᠨ ᠯᠣᠣ ᠱᠤᠸᠠᠨᠤ ᠡᠮᠦᠨ᠎ᠡ ᠵᠣᠭᠰᠤᠵᠤ ᠬᠤᠷᠴᠠ ᠮᠡᠰᠡ ᠮᠡᠲᠦ ᠭᠢᠯᠠᠯᠵᠠᠭᠰᠠᠨ ᠨᠢᠳᠦ᠎ᠪᠡᠷ ᠬᠠᠷᠠᠬᠤ᠎ᠳᠤ ᠯᠣᠣ ᠱᠤᠸᠠᠨ ᠥᠪᠡᠷ᠎ᠦᠨ ᠡᠷᠬᠡ᠎ᠦᠭᠡᠢ ᠰᠦᠷᠳᠡᠭᠳᠡᠨ ᠳᠣᠲᠤᠷ᠎ᠠ᠎ᠨᠢ ᠰᠢᠷ ᠬᠢᠵᠦ ᠠᠪᠤᠭᠠᠳ ᠲᠡᠭᠦᠨ ᠤᠷᠤᠭᠤ ᠣᠴᠢᠪᠠ᠃ ᠲᠡᠷᠡ ᠬᠥᠮᠦᠨ ᠨᠢᠭᠡ ᠭᠠᠷ᠎ᠢᠶᠠᠨ ᠲᠡᠭᠦᠨ᠎ᠦ ᠵᠦᠭ ᠰᠠᠷᠪᠠᠢᠵᠤ᠂ ᠨᠢᠭᠡ ᠭᠠᠷ᠎ᠲᠠᠭᠠᠨ ᠤᠯᠠᠭᠠᠨ ᠳᠤᠰᠤᠯᠠᠭᠰᠠᠨ ᠴᠢᠰ ᠤᠯᠠᠭᠠᠨ ᠮᠠᠨᠲᠠᠤ ᠠᠳᠭᠤᠵᠠᠢ᠃
ᠯᠣᠣ ᠱᠤᠸᠠᠨ᠂ ᠰᠡᠩᠳᠡ ᠮᠡᠩᠳᠡ ᠮᠥᠩᠭᠦ᠎ᠪᠡᠨ ᠭᠠᠷᠭᠠᠵᠤ᠂ ᠰᠠᠯᠭᠠᠨᠠᠨ ᠴᠡᠴᠡᠷᠡᠭᠰᠡᠭᠡᠷ ᠲᠡᠭᠦᠨ᠎ᠳᠦ ᠥᠭᠬᠦ ᠭᠡᠰᠡᠨ ᠪᠣᠯᠪᠠᠴᠤ ᠲᠡᠭᠦᠨ᠎ᠦ ᠶᠠᠭᠤᠮ᠎ᠠ᠎ᠶᠢ ᠲᠤᠰᠴᠤ ᠠᠪᠬᠤ ᠵᠣᠷᠢᠭ ᠬᠦᠷᠦᠭᠰᠡᠨ᠎ᠦᠭᠡᠢ᠃ ᠡᠭᠦᠨ᠎ᠳᠦ ᠲᠡᠷᠡ ᠬᠥᠮᠦᠨ ᠶᠡᠬᠡ ᠤᠴᠠᠭᠠᠷᠯᠠᠵᠤ: 《ᠶᠠᠭᠤᠨ᠎ᠠᠴᠠ᠎ᠨᠢ ᠠᠶᠤᠭᠰᠠᠨᠶᠤᠮ ᠪᠤᠢ? ᠶᠠᠭᠤᠨ᠎ᠳᠤ ᠠᠪᠬᠤ᠎ᠦᠭᠡᠢ ᠪᠤᠢ?》 ᠭᠡᠵᠦ ᠪᠠᠷᠬᠢᠷᠠᠯ᠎ᠠ᠃ ᠯᠣᠣ ᠱᠤᠸᠠᠨ ᠮᠥᠨᠬᠦ ᠲᠠᠲᠠᠭᠠᠯᠵᠠᠵᠤ ᠪᠠᠢᠲᠠᠯ᠎ᠠ᠂ ᠬᠠᠷ᠎ᠠ ᠬᠥᠮᠦᠨ ᠬᠡᠳᠦᠢᠨ ᠳ᠋ᠧᠩᠯᠦᠶᠢᠨᠢ ᠪᠤᠯᠢᠶᠠᠨ ᠠᠪᠤᠭᠠᠳ ᠪᠦᠷᠬᠦᠭᠦᠯᠦᠨ ᠴᠠᠭᠠᠰᠤ᠎ᠶᠢ ᠤᠷᠠᠵᠤ ᠮᠠᠨᠲᠠᠤ᠎ᠪᠠᠨ ᠪᠣᠭᠤᠵᠤ ᠯᠣᠣ ᠱᠤᠸᠠᠨ᠎ᠳᠤ ᠥᠭᠭᠦᠭᠡᠳ᠂ ᠮᠥᠩᠭᠦ᠎ᠶᠢ᠎ᠨᠢ ᠠᠪᠴᠤ ᠪᠠᠷᠢᠯᠬᠢᠯᠠᠨ ᠦᠵᠡᠭᠡᠳ ᠴᠢᠨᠠᠭᠰᠢ ᠡᠷᠭᠢᠵᠦ 《ᠡᠨᠡ ᠦᠬᠦᠭᠰᠡᠨ ᠵᠥᠨᠦᠭ ᠁》 ᠭᠡᠵᠦ ᠳᠦᠳᠦᠨᠡᠭᠰᠡᠭᠡᠷ ᠶᠠᠪᠤᠪᠠ᠃
《ᠡᠭᠦᠪᠡᠷ ᠬᠡᠨ᠎ᠢ ᠡᠮᠨᠡᠭᠦᠯᠬᠦᠶᠦᠮ ᠪᠤᠢ?》 ᠭᠡᠬᠦ ᠠᠰᠠᠭᠤᠯᠲᠠ᠂ ᠯᠣᠣ ᠱᠤᠸᠠᠨᠤ ᠴᠢᠬᠢᠨ᠎ᠳᠦ ᠰᠣᠨᠤᠰᠳᠠᠬᠤ ᠮᠡᠲᠦ ᠰᠠᠨᠠᠭᠳᠠᠭᠰᠠᠨ ᠪᠣᠯᠪᠠᠴᠤ ᠶᠡᠷᠦ ᠬᠠᠷᠢᠭᠤᠯᠲᠠ ᠣᠯᠤᠭᠰᠠᠨ᠎ᠦᠭᠡᠢ᠃ ᠠᠷᠪᠠᠨ ᠦᠶ᠎ᠡ ᠭᠠᠭᠴᠠ ᠦᠷ᠎ᠡ᠎ᠪᠡᠷ ᠰᠤᠷᠪᠤᠯᠵᠢ ᠵᠠᠯᠭᠠᠵᠤ ᠢᠷᠡᠭᠰᠡᠨ ᠤᠳᠤᠮᠲᠤ ᠠᠯᠠᠭ ᠦᠷ᠎ᠡ᠎ᠪᠡᠨ ᠲᠡᠪᠡᠷᠢᠵᠦ ᠶᠠᠪᠤᠭ᠎ᠠ ᠮᠡᠲᠦ ᠪᠦᠬᠦ ᠠᠩᠬᠠᠷᠤᠯ᠎ᠨᠢ ᠡᠨᠡ ᠪᠣᠭᠤᠳᠠᠯ ᠳᠡᠭᠡᠷ᠎ᠡ ᠲᠥᠪᠯᠡᠷᠡᠵᠦ ᠥᠭᠡᠷ᠎ᠡ ᠬᠡᠷᠡᠭᠦᠳᠢ ᠪᠦᠷ ᠲᠠᠭ ᠮᠠᠷᠲᠠᠵᠠᠢ᠃ ᠯᠣᠣ ᠱᠤᠸᠠᠨ ᠣᠳᠣ ᠡᠨᠡ ᠪᠣᠭᠤᠳᠠᠯ ᠳᠣᠲᠤᠷᠠᠬᠢ ᠰᠢᠨ᠎ᠡ ᠠᠮᠢ᠎ᠶᠢ ᠭᠡᠷ᠎ᠲᠡᠭᠡᠨ ᠠᠪᠠᠴᠢᠵᠤ ᠴᠠᠭᠯᠠᠰᠢ᠎ᠦᠭᠡᠢ ᠶᠡᠬᠡ ᠵᠣᠯ ᠵᠢᠷᠭᠠᠯ ᠡᠳ᠋ᠯᠡᠬᠦ ᠭᠡᠵᠦ ᠰᠠᠨᠠᠵᠤ ᠪᠠᠢᠨ᠎ᠠ᠃ ᠨᠠᠷᠠᠨ ᠮᠠᠨᠳᠤᠯ᠎ᠠ᠃ ᠲᠡᠭᠦᠨ᠎ᠦ ᠡᠮᠦᠨ᠎ᠡ᠂ ᠭᠡᠷ᠎ᠲᠦᠨᠢ ᠬᠦᠷᠲᠡᠯ᠎ᠡ ᠦᠷᠭᠦᠯᠵᠢᠯᠡᠭᠰᠡᠨ ᠳᠠᠷᠳᠠᠩ ᠴᠠᠭᠠᠨ ᠵᠠᠮ ᠳᠤᠷᠠᠢᠵᠤ ᠦᠵᠡᠭᠳᠡᠪᠡ᠃ ᠥᠨᠥ ᠴᠢᠭᠳᠠᠨ ᠭᠤᠳᠤᠮᠵᠢ᠎ᠶᠢᠨ ᠠᠰᠠᠷ᠎ᠤᠨ ᠦᠵᠢᠷᠡᠭᠰᠡᠨ ᠫᠠᠢᠰᠠ ᠳᠡᠭᠡᠷᠡᠬᠢ 《ᠬᠦ᠋ ᠲᠢᠩ ᠺᠧᠦ 》 ᠭᠡᠰᠡᠨ ᠵᠢᠪᠡᠷᠡᠵᠦ ᠬᠤᠪᠠᠬᠠᠢᠷᠠᠭᠰᠠᠨ ᠳᠥᠷᠪᠡᠨ ᠠᠯᠲᠠᠨ ᠦᠰᠦᠭ ᠠᠷᠤᠳᠤᠨᠢ ᠬᠠᠷᠠᠭᠳᠠᠭᠰᠠᠭᠠᠷ ᠪᠠᠢᠪᠠ᠃
ᠬᠣᠶᠠᠷ
ᠯᠣᠣ ᠱᠤᠸᠠᠨᠢ ᠬᠠᠷᠢᠵᠤ ᠢᠷᠡᠬᠦ᠎ᠳᠦ᠎ᠨᠢ ᠮᠤᠬᠤᠯᠠᠭ᠎ᠤᠨ ᠲᠠᠰᠤᠯᠭᠠᠨᠤᠭᠤᠳᠢ ᠬᠡᠵᠢᠶᠡᠨᠡᠢ ᠪᠦᠷ ᠭᠢᠯᠠᠢᠲᠠᠯ᠎ᠠ ᠱᠦᠭᠦᠷᠳᠡᠵᠦ ᠴᠡᠪᠡᠷᠯᠡᠭᠡᠳ ᠮᠥᠷᠯᠡᠭᠦᠯᠦᠨ ᠲᠠᠯᠪᠢᠭᠰᠠᠨ ᠴᠠᠢ᠎ᠶᠢᠨ ᠰᠢᠷᠡᠭᠡᠨᠤᠭᠦᠳᠢ ᠭᠥᠯᠲᠡᠭᠡᠨᠡᠳᠡᠯᠡ ᠵᠦᠯᠭᠦᠭᠰᠡᠨ ᠪᠠᠢᠵᠠᠢ᠃ ᠭᠡᠪᠡᠴᠦ ᠵᠣᠴᠢᠨ ᠭᠡᠵᠦ ᠨᠢᠭᠡ᠎ᠴᠦ᠎ᠦᠭᠡᠢ᠃ ᠰᠢᠶᠣᠣ ᠱᠤᠸᠠᠨ ᠭᠠᠭᠴᠠᠭᠠᠷ ᠳᠣᠲᠤᠭᠠᠳᠤ ᠮᠥᠷ᠎ᠦᠨ ᠰᠢᠷᠡᠭᠡᠨ᠎ᠦ ᠡᠮᠦᠨ᠎ᠡ ᠰᠠᠭᠤᠵᠤ ᠬᠣᠭᠤᠯᠠ ᠢᠳᠡᠬᠦ ᠪᠥᠭᠡᠳ ᠬᠥᠯᠦᠰᠦᠨᠦ ᠲᠣᠮᠤ ᠳᠤᠰᠤᠯ᠎ᠤᠳ ᠮᠠᠩᠨᠠᠢ ᠳᠡᠭᠡᠭᠦᠷ᠎ᠨᠢ ᠪᠥᠮᠪᠦᠷᠢᠵᠦ᠂ ᠲᠡᠷᠯᠢᠭ᠎ᠨᠢ ᠨᠢᠷᠤᠭᠤᠨ ᠳᠡᠭᠡᠷ᠎ᠡ᠎ᠨᠢ ᠨᠠᠭᠠᠯᠳᠤᠭᠠᠳ ᠬᠣᠶᠠᠷ ᠲᠣᠮᠤ ᠳᠠᠯᠤ᠎ᠨᠢ ᠥᠨᠳᠦᠷ ᠭᠡᠭᠴᠢ ᠭᠣᠵᠤᠢᠵᠤ ᠵᠠᠯᠪᠠᠷᠢᠭᠰᠠᠨ ᠭᠠᠷ ᠮᠡᠲᠦ ᠳᠤᠷᠠᠢᠵᠤ ᠪᠠᠢᠪᠠ᠃ ᠡᠭᠦᠨ᠎ᠢ ᠦᠵᠡᠭᠰᠡᠨ ᠯᠣᠣ ᠱᠤᠸᠠᠨᠤ ᠲᠡᠨᠢᠢᠭᠰᠡᠨ ᠮᠠᠩᠨᠠᠢ ᠥᠪᠡᠷ᠎ᠦᠨ ᠡᠷᠬᠡ᠎ᠦᠭᠡᠢ ᠦᠷᠴᠢᠰᠬᠢᠪᠡ᠃ ᠡᠬᠡᠨᠡᠷ᠎ᠨᠢ ᠭᠠᠯ ᠲᠣᠭᠤᠭᠠᠨ᠎ᠤ ᠲᠠᠰᠤᠯᠭᠠᠠᠴᠠᠪᠠᠨ ᠲᠦᠷᠭᠡᠬᠡᠨ ᠭᠠᠷᠴᠤ ᠢᠷᠡᠭᠡᠳ ᠨᠢᠳᠦ᠎ᠪᠡᠨ ᠪᠦᠯᠲᠡᠢᠯᠭᠡᠵᠦ ᠤᠷᠤᠭᠤᠯ᠎ᠢᠶᠠᠨ ᠴᠡᠴᠡᠷᠡᠭᠦᠯᠦᠭᠰᠡᠭᠡᠷ:
《ᠣᠯᠤᠭᠰᠠᠨᠤᠤ?》 ᠭᠡᠵᠦ ᠠᠰᠠᠭᠤᠬᠤ᠎ᠳᠤᠨᠢ᠂
《ᠣᠯᠤᠯ᠎ᠠ》 ᠭᠡᠵᠦ ᠬᠠᠷᠢᠭᠤᠯᠤᠭᠰᠠᠭᠠᠷ ᠬᠣᠶᠠᠭᠤᠯᠠ ᠭᠠᠯ ᠲᠣᠭᠤᠭᠠᠨ᠎ᠤ᠎ᠪᠠᠨ ᠲᠠᠰᠤᠯᠭ᠎ᠠ᠎ᠳᠤ ᠣᠷᠤᠵᠤ ᠶᠠᠷᠢᠯᠴᠠᠭᠠᠳ᠂ ᠬᠤᠸᠠ ᠳ᠋ᠠ ᠮᠠ ᠡᠵᠢ ᠭᠠᠷᠴᠤ ᠤᠳᠠᠯ᠎ᠦᠭᠡᠢ ᠨᠢᠭᠡ ᠬᠡᠰᠡᠭ ᠯᠢᠩᠬᠤ᠎ᠠ᠎ᠶᠢᠨ ᠨᠠᠪᠴᠢ ᠠᠪᠴᠢᠷᠠᠵᠤ ᠰᠢᠷᠡᠭᠡᠨ ᠳᠡᠭᠡᠷ᠎ᠡ ᠲᠠᠯᠪᠢᠪᠠ᠃ ᠯᠣᠣ ᠱᠤᠸᠠᠨ ᠳ᠋ᠧᠩᠯᠦ᠎ᠶᠢᠨ ᠪᠦᠷᠬᠦᠭᠦᠯ᠎ᠢ ᠳᠡᠯᠭᠡᠵᠦ ᠥᠨᠥ ᠤᠯᠠᠭᠠᠨ ᠮᠠᠨᠲᠠᠤ᠎ᠪᠠᠨ ᠯᠢᠩᠬᠤ᠎ᠠ᠎ᠶᠢᠨ ᠨᠠᠪᠴᠢ᠎ᠪᠠᠷ ᠳᠠᠬᠢᠨ ᠪᠣᠭᠤᠪᠠ᠃ ᠰᠢᠶᠣᠣ ᠱᠤᠸᠠᠨᠴᠤ ᠬᠣᠭᠤᠯᠠ᠎ᠪᠠᠨ ᠢᠳᠡᠵᠦ ᠳᠠᠭᠤᠰᠤᠭᠰᠠᠨ ᠲᠤᠯᠠ ᠡᠵᠢ᠎ᠨᠢ: 《ᠰᠢᠶᠣᠣ ᠱᠤᠸᠠᠨ! ᠲᠡᠨᠳᠡ᠎ᠪᠡᠨ ᠰᠠᠭᠤᠵᠤ ᠪᠠᠢ᠂ ᠡᠨᠳᠡ ᠪᠢᠲᠡᠭᠡᠢ ᠢᠷ᠎ᠡ》 ᠭᠡᠵᠦ ᠰᠡᠩᠳᠡ ᠮᠡᠩᠳᠡ ᠬᠡᠯᠡᠭᠡᠳ ᠭᠠᠯ᠎ᠢᠶᠠᠷ᠎ᠢᠶᠠᠨ ᠣᠷᠤᠯᠳᠤᠵᠤ ᠪᠠᠢᠲᠠᠯ᠎ᠠ ᠯᠣᠣ ᠱᠤᠸᠠᠨ ᠨᠣᠪ ᠨᠣᠭᠤᠭᠠᠨ ᠪᠣᠭᠤᠳᠠᠯ᠎ᠢ ᠤᠯᠠᠭᠠᠨ ᠴᠠᠭᠠᠨ ᠬᠤᠸᠠᠷ᠎ᠲᠠᠢ ᠳ᠋ᠧᠩᠯᠦᠲᠡᠢ ᠴᠣᠭ ᠵᠤᠤᠬᠠᠨ᠎ᠳᠠᠭᠠᠨ ᠴᠢᠬᠢᠵᠦ ᠣᠷᠤᠭᠤᠯᠤᠮᠠᠭᠴᠠ ᠨᠢᠭᠡᠨ ᠵᠤᠷᠪᠤᠰ ᠬᠦᠷᠡᠩ ᠤᠯᠠᠭᠠᠨ ᠭᠠᠯ ᠳᠦᠷᠡᠯᠵᠡᠵᠦ ᠮᠤᠬᠤᠯᠠᠭ᠎ᠤᠨ ᠪᠦᠬᠦ ᠲᠠᠰᠤᠯᠭ᠎ᠠ᠎ᠳᠤ ᠬᠠᠴᠢᠨ ᠦᠨᠦᠷ ᠬᠠᠩᠬᠤᠯᠤᠨ᠎ᠠ᠃
《ᠬᠠ! ᠶᠠᠮᠠᠷ ᠰᠠᠢᠬᠠᠨ ᠦᠨᠦᠷ ᠭᠡᠭᠴᠢ ᠪᠤᠢ! ᠲᠠ᠎ᠨᠠᠷ ᠶᠠᠮᠠᠷ ᠪᠣᠭᠤᠷᠰᠤᠭ ᠢᠳᠡᠵᠦ ᠪᠠᠢᠭ᠎ᠠ᠎ᠶᠤᠮ ᠪᠤᠢ?》 ᠭᠡᠬᠦ ᠳᠠᠭᠤ ᠰᠣᠨᠤᠰᠳᠠᠬᠤ᠎ᠨᠢ᠂ ᠦᠵᠡᠰᠡ ᠪᠥᠭᠲᠦᠷ ᠡᠦ ᠱᠣᠣ ᠶᠧ ᠢᠷᠡᠭᠰᠡᠨ ᠠᠵᠢ᠃ ᠡᠨᠡ ᠬᠥᠮᠦᠨ ᠪᠣᠯ ᠴᠠᠢ᠎ᠶᠢᠨ ᠮᠤᠬᠤᠯᠠᠭᠲᠤ ᠡᠳᠦᠷ ᠥᠩᠭᠡᠷᠡᠭᠡᠵᠦ᠂ ᠬᠠᠮᠤᠭ᠎ᠤᠨ ᠡᠷᠲᠡ ᠢᠷᠡᠭᠡᠳ ᠬᠠᠮᠤᠭ᠎ᠤᠨ ᠣᠷᠤᠢ ᠬᠠᠷᠢᠳᠠᠭ ᠬᠥᠮᠦᠨ᠎ᠶᠦᠮ᠃ ᠡᠳᠦᠭᠡ ᠡᠨᠡ ᠬᠥᠮᠦᠨ ᠪᠠᠰᠠ᠎ᠯᠠ ᠪᠥᠭᠴᠦᠭᠡᠨᠡᠨ ᠢᠷᠡᠵᠦ ᠭᠤᠳᠤᠮᠵᠢᠨ᠎ᠤ ᠲᠠᠯ᠎ᠠ᠎ᠶᠢᠨ ᠪᠤᠯᠤᠩ᠎ᠤᠨ ᠰᠠᠨᠳᠠᠯᠢ ᠳᠡᠭᠡᠷ᠎ᠡ ᠰᠠᠭᠤᠮᠠᠭᠴᠠ ᠠᠰᠠᠭᠤᠯᠲᠠ ᠲᠠᠯᠪᠢᠬᠤ᠎ᠨᠢ ᠡᠨᠡ᠃ ᠭᠡᠪᠡᠴᠦ ᠬᠠᠷᠢᠭᠤᠯᠲᠠ ᠭᠡᠵᠦ ᠠᠯᠠᠭ᠎ᠠ᠃ 《 ᠬᠠᠭᠤᠷᠤᠭᠰᠠᠨ ᠪᠤᠳᠠᠭᠠᠨ᠎ᠤ ᠰᠥᠮᠦᠰᠦᠶᠦᠮ ᠪᠣᠯᠪᠠ᠎ᠤᠤ?》 ᠭᠡᠰᠡᠨ ᠠᠰᠠᠭᠤᠯᠲᠠ᠎ᠨᠢ ᠮᠥᠨ ᠬᠠᠷᠢᠭᠤᠯᠲᠠ᠎ᠦᠭᠡᠢ ᠬᠠᠶᠠᠭᠳᠠᠪᠠ᠃ ᠯᠣᠣ ᠱᠤᠸᠠᠨ ᠶᠠᠭᠠᠷᠠᠨ ᠭᠠᠷᠴᠤ ᠢᠷᠡᠭᠡᠳ ᠴᠠᠢ ᠪᠦᠷᠢᠵᠦ ᠥᠭᠪᠡ᠃
《ᠰᠢᠶᠣᠣ ᠱᠤᠸᠠᠨ ᠣᠷᠤᠭᠠᠳ ᠢᠷ᠎ᠡ!》 ᠭᠡᠵᠦ ᠬᠤᠸᠠ ᠳ᠋ᠠ ᠮᠠ ᠡᠵᠢ ᠰᠢᠶᠣᠣ ᠱᠤᠸᠠᠨ᠎ᠢᠶᠠᠨ ᠳᠣᠲᠤᠷ᠎ᠠ ᠲᠠᠰᠤᠯᠭᠠᠨ᠎ᠳᠠᠭᠠᠨ ᠠᠪᠠᠴᠢᠵᠤ᠂ ᠭᠠᠵᠠᠷ ᠳᠤᠮᠳᠠᠬᠢ ᠰᠠᠨᠳᠠᠯᠢ ᠳᠡᠭᠡᠷ᠎ᠡ᠎ᠪᠡᠨ ᠰᠠᠭᠤᠯᠭᠠᠭᠠᠳ ᠪᠢᠴᠢᠬᠠᠨ ᠲᠠᠪᠠᠭ᠎ᠲᠤ ᠫᠠᠳ ᠬᠠᠷ᠎ᠠ ᠪᠥᠭᠡᠷᠡᠩᠬᠡᠢ ᠶᠠᠭᠤᠮ᠎ᠠ ᠬᠢᠵᠦ ᠠᠪᠴᠢᠷᠠᠭᠠᠳ:
《ᠢᠳᠡᠴᠢᠬᠡ᠂ - ᠡᠪᠡᠳᠴᠢᠨᠴᠢᠨᠢ ᠡᠳᠡᠭᠡᠬᠦᠶᠦᠮ》 ᠭᠡᠵᠦ ᠠᠶᠠᠷᠬᠠᠨ ᠬᠡᠯᠡᠪᠡ᠃
ᠰᠢᠶᠣᠣ ᠱᠤᠸᠠᠨ ᠲᠡᠷᠡ ᠬᠠᠷ᠎ᠠ ᠶᠠᠭᠤᠮ᠎ᠠ᠎ᠶᠢ ᠠᠪᠴᠤ ᠪᠠᠬᠠᠨ ᠰᠢᠨᠵᠢᠭᠡᠳ ᠠᠮᠢ᠎ᠪᠠᠨ ᠭᠠᠷ᠎ᠲᠠᠭᠠᠨ ᠠᠳᠭᠤᠭᠰᠠᠨ ᠮᠡᠲᠦ ᠠᠢᠬᠤᠪᠲᠤᠷ ᠶᠡᠬᠡ ᠭᠠᠢᠬᠠᠪᠠ᠃ ᠢᠩᠭᠢᠭᠡᠳ ᠮᠠᠰᠢ ᠪᠣᠯᠭᠤᠮᠵᠢᠲᠠᠢ᠎ᠪᠠᠷ ᠳᠤᠮᠳᠠᠭᠤᠷ᠎ᠨᠢ ᠬᠠᠭᠠᠯᠤᠮᠠᠭᠴᠠ ᠰᠢᠲᠠᠩᠬᠠᠢ ᠬᠠᠯᠢᠰᠤᠨ ᠳᠣᠲᠤᠷ᠎ᠠ᠎ᠠᠴᠠ᠎ᠨᠢ ᠨᠢᠭᠡᠨ ᠵᠤᠷᠪᠤᠰ ᠴᠠᠭᠠᠨ ᠠᠭᠤᠷ ᠪᠤᠷᠭᠢᠵᠤ ᠭᠠᠷᠤᠭᠠᠳ ᠤᠳᠠᠯ᠎ᠦᠭᠡᠢ ᠵᠠᠮᠬᠠᠷᠠᠯ᠎ᠠ᠃ ᠦᠵᠡᠰᠡ᠂ ᠴᠠᠭᠠᠨ ᠭᠤᠯᠢᠷ᠎ᠤᠨ ᠮᠠᠨᠲᠠᠤ᠎ᠶᠢᠨ ᠬᠣᠶᠠᠷ ᠲᠠᠯ᠎ᠠ ᠪᠠᠢᠯ᠎ᠠ᠃ ᠭᠱᠠᠨ ᠵᠠᠭᠤᠷ᠎ᠠ ᠲᠡᠷᠡ᠎ᠨᠢ ᠪᠦᠷ ᠭᠡᠳᠡᠰᠦᠨ᠎ᠳᠦ ᠣᠷᠤᠵᠤ ᠠᠮᠲᠠᠶᠢᠨᠢᠴᠤ ᠪᠦᠷ ᠮᠠᠷᠲᠠᠭᠠᠳ ᠬᠣᠭᠤᠰᠤᠨ ᠲᠠᠪᠠᠭ ᠡᠮᠦᠨ᠎ᠡ᠎ᠨᠢ ᠬᠡᠪᠲᠡᠨ᠎ᠡ᠃ ᠠᠪᠤ᠎ᠨᠢ ᠨᠢᠭᠡ ᠲᠠᠯᠠᠳᠤᠨᠢ ᠵᠣᠭᠰᠤᠵᠤ᠂ ᠡᠵᠢ᠎ᠨᠢ ᠪᠠᠰᠠ ᠨᠢᠭᠡ ᠲᠠᠯᠠᠳᠤᠨᠢ ᠵᠣᠭᠰᠤᠭᠠᠳ᠂ ᠲᠡᠭᠦᠨ᠎ᠦ ᠪᠡᠶ᠎ᠡ᠎ᠳᠦᠨᠢ ᠶᠠᠮᠠᠷ ᠨᠢᠭᠡᠨ ᠶᠠᠭᠤᠮ᠎ᠠ᠎ᠶᠢ ᠰᠢᠩᠭᠡᠭᠡᠨ ᠣᠷᠤᠭᠤᠯᠵᠤ ᠪᠠᠰᠠ ᠶᠠᠮᠠᠷ ᠨᠢᠭᠡᠨ ᠵᠦᠢᠯ᠎ᠢ ᠲᠡᠳᠡᠨ ᠭᠠᠷᠭᠠᠬᠤ ᠮᠡᠲᠦ ᠬᠠᠷᠠᠵᠤ ᠪᠠᠢᠪᠠ᠃ ᠢᠩᠭᠢᠵᠦ ᠪᠠᠢᠲᠠᠯ᠎ᠠ ᠰᠢᠶᠣᠣ ᠱᠤᠸᠠᠨᠤ ᠵᠢᠷᠦᠬᠡ᠎ᠨᠢ ᠲᠦᠭᠰᠢᠵᠦ᠂ ᠥᠷᠦᠴᠡ᠎ᠪᠡᠨ ᠳᠠᠷᠤᠭᠠᠳ ᠪᠠᠰᠠ ᠨᠢᠭᠡ ᠪᠤᠯᠤᠩ ᠬᠠᠨᠢᠶᠠᠯᠭᠠᠪᠠ᠃
《ᠲᠦᠷ ᠳᠤᠭᠬᠢᠭᠡᠳ ᠠᠪ᠂ - ᠤᠳᠠᠬᠤ᠎ᠦᠭᠡᠢ ᠡᠳᠡᠭᠡᠬᠦᠶᠦᠮ》
ᠰᠢᠶᠣᠣ ᠱᠤᠸᠠᠨ᠂ ᠡᠵᠢ᠎ᠶᠢᠨ᠎ᠢᠶᠡᠨ ᠦᠭᠡ᠎ᠪᠡᠷ ᠬᠠᠨᠢᠶᠠᠯᠭᠠᠭᠰᠠᠭᠠᠷ ᠬᠡᠪᠲᠡᠯ᠎ᠡ᠃ ᠬᠤᠸᠠ ᠳ᠋ᠠ ᠮᠠ ᠡᠵᠢ ᠠᠮᠢᠰᠭᠤᠭ᠎ᠠ᠎ᠨᠢ ᠠᠭᠤᠵᠢᠷᠠᠬᠤ᠎ᠶᠢ ᠬᠦᠯᠢᠶᠡᠵᠦ ᠪᠠᠢᠭᠠᠳ ᠲᠡᠯᠡᠨ ᠨᠥᠬᠦᠭᠡᠰᠦᠲᠡᠢ ᠳᠠᠪᠬᠤᠷ ᠬᠥᠨᠵᠢᠯᠡ ᠨᠥᠮᠦᠷᠭᠡᠪᠡ᠃
ᠭᠤᠷᠪᠠ
ᠮᠤᠬᠤᠯᠠᠭ᠎ᠤᠨ ᠥᠷᠦᠭᠡᠨ᠎ᠳᠦ ᠮᠠᠰᠢ ᠣᠯᠠᠨ ᠬᠥᠮᠦᠨ ᠰᠠᠭᠤᠵᠤ᠂ ᠯᠣᠣ ᠱᠤᠸᠠᠨ ᠪᠠᠰᠠ ᠶᠡᠬᠡᠯ᠎ᠡ ᠶᠠᠭᠠᠷᠠᠵᠤ ᠴᠦᠯᠬᠦᠭᠡᠷ ᠲᠣᠮᠤ ᠭᠠᠤᠯᠢᠨ ᠳᠡᠪᠦᠷ᠎ᠡ ᠪᠠᠷᠢᠵᠤ ᠵᠣᠴᠢᠳ᠎ᠲᠤ ᠨᠢᠭᠡ ᠨᠢᠭᠡ᠎ᠪᠡᠷ ᠤᠰᠤ ᠨᠡᠮᠡᠵᠦ ᠥᠭᠬᠦ ᠪᠥᠭᠡᠳ ᠬᠣᠶᠠᠷ ᠨᠢᠳᠦᠨ᠎ᠦ ᠬᠢᠨᠢ ᠤᠬᠤᠷᠬᠠᠢ ᠬᠠᠷ᠎ᠠ ᠵᠢᠷᠤᠭᠠᠰᠤ᠎ᠪᠠᠷ ᠬᠦᠷᠢᠶᠡᠯᠡᠭᠳᠡᠭᠰᠡᠨ ᠪᠠᠢᠯ᠎ᠠ᠃
《ᠯᠣᠣ ᠱᠤᠸᠠᠨ᠂ ᠪᠡᠶ᠎ᠡ᠎ᠴᠢᠨᠢ ᠠᠶᠠᠭᠦᠢ ᠪᠠᠢᠨ᠎ᠠ᠎ᠤᠤ?ᠴᠢ ᠡᠪᠡᠳᠴᠢᠯᠡᠭᠰᠡᠨᠦᠦ?》 ᠭᠡᠵᠦ ᠪᠤᠭᠤᠷᠤᠯ ᠰᠠᠬᠠᠯ᠎ᠲᠠᠢ ᠨᠢᠭᠡ ᠬᠥᠮᠦᠨ ᠠᠰᠠᠭᠤᠭᠰᠠᠨ᠎ᠳᠤ ᠯᠣᠣ ᠱᠤᠸᠠᠨ : 《ᠵᠦᠭᠡᠷ ᠵᠦᠭᠡᠷ》 ᠭᠡᠵᠦ ᠬᠠᠷᠢᠭᠤᠯᠤᠯ᠎ᠠ᠃
《ᠵᠦᠭᠡᠷ ᠡ? ᠬᠥᠭᠵᠢᠯᠲᠡᠢ ᠴᠣᠪᠤᠭᠤᠯᠠ ᠪᠠᠢᠭ᠎ᠠ ᠬᠥᠮᠦᠨᠶᠦᠮᠰᠡᠨ᠂ ᠶᠡᠷᠦ᠎ᠨᠢ ᠡᠢᠮᠦ ᠁》 ᠭᠡᠵᠦ ᠪᠤᠭᠤᠷᠤᠯ ᠰᠠᠬᠠᠯᠲᠤ ᠴᠢᠨᠠᠭᠰᠢ ᠬᠡᠯᠡᠬᠦ ᠭᠡᠰᠡᠨ᠎ᠢᠶᠡᠨ ᠪᠣᠯᠢᠪᠠ᠃
《ᠯᠣᠣ ᠱᠤᠸᠠᠨ ᠵᠠᠪ᠎ᠦᠭᠡᠢ ᠪᠠᠢᠬᠤ᠎ᠶᠤᠮ᠂ ᠬᠡᠷᠪᠡ ᠬᠦᠦ᠎ᠨᠢ ᠁》 ᠭᠡᠵᠦ ᠪᠥᠭᠲᠦᠷ ᠡᠦ ᠱᠣᠣ ᠶᠧᠶᠢ ᠶᠠᠷᠢᠵᠤ ᠳᠠᠭᠤᠰᠬᠤ᠎ᠶᠢᠨ ᠤᠷᠢᠳ᠂ ᠬᠠᠷ᠎ᠠ ᠴᠠᠮᠴᠠ᠎ᠶᠢᠨ ᠡᠩᠭᠡᠷ᠎ᠦᠨ ᠲᠣᠪᠴᠢ᠎ᠶᠢ ᠲᠠᠯᠪᠢᠭᠰᠠᠨ᠂ ᠳᠠᠪᠤᠰᠠᠩᠢᠶᠠᠷᠢᠶᠠᠨ ᠥᠷᠭᠡᠨ ᠬᠠᠷ᠎ᠠ ᠪᠦᠰᠡ ᠬᠠᠮᠢᠶ᠎ᠠ᠎ᠦᠭᠡᠢ ᠣᠷᠢᠶᠠᠭᠰᠠᠨ ᠬᠥᠨᠳᠡᠯᠡᠨ ᠮᠢᠬᠠᠨ ᠰᠢᠷᠬᠡᠭᠲᠡᠢ ᠬᠥᠮᠦᠨ ᠬᠠᠲᠠᠪᠴᠢ ᠠᠯᠬᠤᠨ ᠣᠷᠤᠵᠤ ᠢᠷᠡᠮᠡᠭᠴᠡ ᠯᠣᠣ ᠱᠤᠸᠠᠨᠤ ᠵᠦᠭ:
《ᠢᠳᠡᠭᠦᠯᠪᠡᠦᠦ? ᠭᠠᠢᠭᠤᠢᠤᠤ? ᠯᠣᠣ ᠱᠤᠸᠠᠨ ᠴᠢ ᠬᠤᠪᠢᠲᠠᠢ ᠬᠥᠮᠦᠨ! ᠨᠠᠳᠠᠰᠢᠭ᠋ ᠰᠤᠷᠠᠭ ᠴᠢᠮᠡᠭᠡ ᠰᠠᠢᠨ ᠰᠣᠨᠤᠰᠳᠠᠭ ᠬᠥᠮᠦᠨ ᠪᠠᠢᠭᠰᠠᠨ᠎ᠦᠭᠡᠢ ᠪᠣᠯ ᠁》 ᠭᠡᠵᠦ ᠶᠡᠬᠡ ᠳᠠᠭᠤᠨ᠎ᠢᠶᠠᠷ ᠬᠡᠯᠡᠬᠦ᠎ᠳᠦ ᠯᠣᠣ ᠱᠤᠸᠠᠨ ᠨᠢᠭᠡ ᠭᠠᠷ᠎ᠢᠶᠠᠷ᠎ᠢᠶᠠᠨ ᠳᠡᠪᠦᠷ᠎ᠡ᠎ᠪᠡᠨ ᠠᠳᠭᠤᠵᠤ᠂ ᠨᠥᠭᠦᠭᠡ ᠭᠠᠷ᠎ᠢᠶᠠᠨ ᠳᠣᠷᠤᠭᠰᠢ ᠰᠤᠭᠤᠢᠲᠠᠯᠠ ᠲᠠᠯᠪᠢᠵᠤ ᠢᠨᠢᠶᠡᠮᠰᠦᠭᠯᠡᠨ ᠰᠣᠨᠤᠰᠤᠨ᠎ᠠ᠃ ᠭᠡᠷ ᠳᠦᠭᠦᠷᠡᠩ ᠬᠥᠮᠦᠰᠴᠦ ᠲᠡᠭᠦᠨ᠎ᠦ ᠦᠭᠡ᠎ᠶᠢ ᠪᠦᠷ ᠰᠣᠨᠤᠰᠤᠨ᠎ᠠ᠃ ᠬᠤᠸᠠ ᠳ᠋ᠠ ᠮᠠ ᠡᠵᠢ ᠪᠠᠰᠠ ᠤᠬᠤᠷᠬᠠᠢ᠎ᠨᠢ ᠰᠢᠷᠭᠢᠭᠰᠡᠨ ᠨᠢᠳᠦ᠎ᠪᠡᠷ᠎ᠢᠶᠡᠨ ᠢᠨᠢᠶᠡᠮᠰᠦᠭᠯᠡᠵᠦ᠂ ᠴᠠᠢ ᠴᠣᠮᠣ ᠭᠠᠷᠭᠠᠵᠤ ᠨᠢᠭᠡ ᠮᠦᠬᠦᠯᠢᠭ ᠨᠠᠩᠭᠢᠶᠠᠳ ᠠᠷᠤᠷ᠎ᠠ ᠬᠢᠭᠰᠡᠨ᠎ᠳᠦ ᠯᠣᠣ ᠱᠤᠸᠠᠨ ᠤᠰᠤ ᠬᠢᠵᠦ ᠥᠭᠪᠡ᠃
《ᠯᠠᠪ ᠡᠳᠡᠭᠡᠬᠦᠶᠦᠮ! ᠡᠨᠡ ᠭᠡᠭᠴᠢ ᠥᠭᠡᠷ᠎ᠡ ᠶᠠᠭᠤᠮ᠎ᠠ᠎ᠲᠠᠢ ᠲᠠᠭᠠᠷᠠᠬᠤ᠎ᠦᠭᠡᠢ᠂ ᠬᠠᠯᠠᠭᠤᠨ᠎ᠢᠶᠠᠷ᠎ᠨᠢ ᠠᠪᠴᠢᠷᠠᠵᠤ ᠬᠠᠯᠠᠭᠤᠨ᠎ᠢᠶᠠᠷ᠎ᠨᠢ ᠢᠳᠡᠭᠦᠯᠦᠭᠰᠡᠨ ᠰᠢᠤ ᠳ᠋ᠠ 》 ᠭᠡᠵᠦ ᠬᠥᠨᠳᠡᠯᠡᠨ ᠮᠢᠬᠠᠨ ᠰᠢᠷᠬᠡᠭᠲᠦ ᠬᠥᠮᠦᠨ ᠶᠡᠬᠡ ᠳᠠᠭᠤ᠎ᠪᠠᠷ ᠶᠠᠷᠢᠭᠰᠠᠭᠠᠷᠯᠠ ᠪᠠᠢᠪᠠ᠃
《ᠦᠨᠡᠬᠡᠷ ᠲᠡᠢᠮᠦ ᠰᠢᠤ᠂ ᠬᠡᠷᠪᠡ ᠺᠠᠩ ᠠᠪᠠᠭ᠎ᠠ᠎ᠨᠢ ᠬᠠᠢᠷ᠎ᠠ ᠬᠠᠯᠠᠮᠵᠢ ᠦᠵᠡᠭᠦᠯᠦᠭᠰᠡᠨ᠎ᠦᠭᠡᠢ ᠪᠣᠯ ᠶᠠᠭᠠᠬᠢᠵᠤ ᠢᠩᠭᠢᠵᠦ ᠴᠢᠳᠠᠬᠤ ᠁》 ᠭᠡᠵᠦ ᠬᠤᠸᠠ ᠳ᠋ᠠ ᠮᠠ ᠡᠵᠢ ᠲᠡᠭᠦᠨ᠎ᠳᠦ ᠰᠡᠳᠭᠢᠯ ᠬᠥᠳᠡᠯᠦᠭᠰᠡᠨ ᠪᠠᠢᠳᠠᠯ᠎ᠢᠶᠠᠷ ᠲᠠᠯᠠᠷᠬᠠᠵᠤ ᠪᠠᠢᠯ᠎ᠠ᠃
《ᠡᠳᠡᠭᠡᠬᠦᠶᠦᠮ᠂ ᠡᠳᠡᠭᠡᠬᠦᠶᠦᠮ᠂ ᠢᠩᠭᠢᠵᠦ ᠬᠠᠯᠠᠭᠤᠨ ᠳᠡᠭᠡᠷ᠎ᠡ᠎ᠨᠢ ᠢᠳᠡᠭᠦᠯᠦᠭᠰᠡᠨᠶᠦᠮᠴᠢᠨᠢ᠂ ᠬᠥᠮᠦᠨ᠎ᠦ ᠴᠢᠰᠤᠲᠠᠢ ᠮᠠᠨᠲᠠᠤ ᠶᠠᠮᠠᠷ ᠵᠡᠷᠭᠡ᠎ᠶᠢᠨ ᠠᠭᠤᠰᠭᠢᠨ᠎ᠤ ᠰᠦᠷᠢᠶ᠎ᠡ᠎ᠶᠢ ᠪᠦᠷ ᠡᠳᠡᠭᠡᠭᠡᠬᠦᠶᠦᠮ!》 ᠭᠡᠪᠡ᠃
ᠬᠤᠸᠠ ᠳ᠋ᠠ ᠮᠠ ᠡᠵᠢ 《ᠠᠭᠤᠰᠭᠢᠨ ᠰᠦᠷᠢᠶ᠎ᠡ》 ᠭᠡᠰᠡᠨ ᠦᠭᠡ᠎ᠶᠢ ᠰᠣᠨᠤᠰᠤᠮᠠᠭᠴᠠ ᠴᠢᠷᠠᠢ᠎ᠨᠢ ᠪᠠᠬᠠᠨ ᠪᠠᠷᠤᠢᠵᠤ ᠤᠷᠮ᠎ᠠ᠎ᠦᠭᠡᠢ ᠮᠡᠲᠦ ᠪᠣᠯᠪᠠ᠃ ᠭᠡᠪᠡᠴᠦ ᠳᠣᠣᠷ᠎ᠠ᠎ᠪᠠᠨ ᠢᠨᠢᠶᠡᠮᠰᠦᠭᠯᠡᠬᠦ ᠴᠢᠷᠠᠢ ᠭᠠᠷᠭᠠᠵᠤ ᠠᠷᠭ᠎ᠠ᠎ᠪᠠᠨ ᠪᠠᠷᠠᠭᠰᠠᠨ ᠪᠠᠢᠳᠠᠯ᠎ᠲᠠᠢ ᠪᠣᠯᠤᠭᠠᠳ ᠭᠠᠷᠪᠠ᠃ ᠭᠡᠲᠡᠯ᠎ᠡ ᠺᠠᠩ ᠠᠪᠠᠭ᠎ᠠ ᠲᠡᠭᠦᠨ᠎ᠢ ᠳᠡᠮᠡᠢ ᠬᠠᠢᠬᠤᠷᠤᠭᠰᠠᠨᠴᠤᠦᠭᠡᠢ᠂ ᠮᠥᠨᠬᠦ ᠬᠣᠭᠤᠯᠠᠢ᠎ᠪᠠᠨ ᠰᠢᠬᠠᠵᠤ ᠶᠡᠬᠡ ᠳᠠᠭᠤᠨ᠎ᠢᠶᠠᠷ ᠶᠠᠷᠢᠭᠰᠠᠭᠠᠷ ᠪᠠᠢᠭᠠᠳ ᠤᠨᠲᠠᠵᠤ ᠪᠠᠢᠭᠰᠠᠨ ᠰᠢᠶᠣᠣ ᠱᠤᠸᠠᠨᠢ ᠪᠠᠰᠠ ᠰᠡᠷᠢᠭᠡᠭᠡᠳ ᠬᠠᠨᠢᠶᠠᠳᠤᠶᠢᠨᠢ ᠬᠥᠳᠡᠯᠭᠡᠪᠡ᠃
《ᠦᠵᠡᠰᠡ᠂ ᠲᠠᠨ᠎ᠤ ᠰᠢᠶᠣᠣ ᠱᠤᠸᠠᠨᠴᠢᠨᠢ ᠡᠢᠮᠦ ᠶᠡᠬᠡ ᠬᠤᠪᠢᠲᠠᠢ ᠠᠵᠢ᠃ ᠡᠨᠡ ᠡᠪᠡᠳᠴᠢᠨ ᠵᠠᠪᠠᠯ ᠬᠣᠭ᠎ᠦᠭᠡᠢ ᠡᠳᠡᠭᠡᠬᠦᠶᠦᠮ᠃ ᠯᠣᠣ ᠱᠤᠸᠠᠨ ᠡᠳᠦᠷ ᠲᠤᠷᠰᠢ ᠪᠠᠶᠠᠷᠲᠠᠢ ᠪᠠᠢᠭ᠎ᠠ᠎ᠶᠢ᠎ᠨᠢ ᠦᠵᠡᠬᠦᠦᠭᠡᠢᠦᠦ》 ᠭᠡᠵᠦ ᠪᠤᠭᠤᠷᠤᠯ ᠰᠠᠬᠠᠯᠲᠤ ᠶᠠᠷᠢᠭᠰᠠᠭᠠᠷ ᠺᠠᠩ ᠠᠪᠠᠭ᠎ᠠ᠎ᠶᠢᠨ ᠳᠡᠷᠭᠡᠳᠡ ᠣᠴᠢᠵᠤ ᠳᠣᠣᠷ᠎ᠠ ᠳᠠᠭᠤᠨ᠎ᠢᠶᠠᠷ: 《ᠺᠠᠩ ᠠᠪᠠᠭ᠎ᠠ ᠡ - ᠰᠣᠨᠤᠰᠭᠤᠯᠠ ᠥᠨᠥᠳᠦᠷ᠎ᠦᠨ ᠰᠢᠳᠭᠡᠭᠰᠡᠨ ᠲᠡᠷᠡ ᠶᠠᠯᠠᠲᠠᠨᠴᠢᠨᠢ ᠰᠢᠶᠠ ᠣᠪᠤᠭᠲᠤ᠎ᠶᠢᠨ ᠬᠡᠦᠬᠡᠳᠶᠦᠮ ᠭᠡᠨ᠎ᠡ᠃ ᠲᠡᠷᠡ᠎ᠴᠢᠨᠢ ᠬᠡᠨ᠎ᠦ ᠬᠢᠨᠢ ᠬᠦᠦ ᠪᠤᠢ? ᠶᠠᠮᠠᠷ ᠬᠡᠷᠡᠭ᠎ᠢᠶᠡᠷ ᠪᠤᠢ?》 ᠭᠡᠰᠡᠨ᠎ᠳᠦ᠂
《ᠬᠡᠨ? ᠰᠢᠶᠠ ᠰᠧ ᠨᠠᠢ ᠨᠠᠢ᠎ᠶᠢᠨ ᠬᠦᠦ ᠪᠢᠰᠢ᠎ᠦᠦ᠂ ᠲᠡᠷᠡ ᠮᠠᠭᠤ ᠴᠢᠰᠤ!》 ᠭᠡᠵᠦ ᠺᠠᠩ ᠠᠪᠠᠭ᠎ᠠ᠂ ᠬᠥᠮᠦᠰ ᠪᠦᠷ ᠲᠡᠭᠦᠨ᠎ᠦ ᠦᠭᠡ᠎ᠶᠢ ᠰᠣᠨᠢᠷᠬᠠᠯᠲᠠᠢ ᠰᠣᠨᠤᠰᠴᠤ ᠪᠠᠢᠭ᠎ᠠ᠎ᠶᠢ ᠦᠵᠡᠭᠡᠳ ᠨᠡᠩ ᠪᠠᠶᠠᠷᠯᠠᠵᠤ᠂ ᠮᠢᠬᠠᠨ ᠰᠢᠷᠬᠡᠭ᠎ᠨᠢ ᠬᠡᠰᠡᠭ ᠬᠡᠰᠡᠭ᠎ᠢᠶᠡᠷ ᠲᠠᠰᠤᠷᠬᠠᠢᠳᠠᠵᠤ ᠤᠯᠠᠮ ᠶᠡᠬᠡ ᠳᠠᠭᠤ᠎ᠪᠠᠷ: 《ᠡᠨᠡ ᠮᠠᠭᠤ ᠴᠢᠰᠤ ᠦᠨᠡᠬᠡᠷ ᠠᠮᠢᠳᠤ ᠶᠠᠪᠤᠬᠤ ᠳᠤᠷ᠎ᠠ᠎ᠦᠭᠡᠢ ᠪᠠᠢᠨ᠎ᠠ᠃ ᠪᠢ ᠡᠨᠡ ᠤᠳᠠᠭ᠎ᠠ ᠬᠠᠷᠢᠨ ᠶᠠᠭᠤ᠎ᠴᠤ ᠣᠯᠤᠭᠰᠠᠨ᠎ᠦᠭᠡᠢ᠂ ᠬᠠᠭᠤᠯᠵᠤ ᠠᠪᠤᠭᠰᠠᠨ ᠬᠤᠪᠴᠠᠰᠤ᠎ᠶᠢ᠎ᠨᠢ ᠴᠥᠮ ᠱᠣᠷᠤᠩ ᠮᠠᠨᠠᠭᠴᠢ ᠤᠯᠠᠭᠠᠨ ᠨᠢᠳᠦᠨ ᠠᠶᠢ ᠠᠪᠴᠢᠬᠠᠯ᠎ᠠ᠃ - ᠲᠡᠷᠢᠭᠦᠨ᠎ᠳᠦ᠎ᠨᠢ ᠮᠠᠨ᠎ᠤ ᠱᠤᠸᠠᠨ ᠠᠪᠠᠭ᠎ᠠ ᠬᠤᠪᠢ ᠳᠠᠭᠠᠷᠢᠵᠠᠢ᠃ ᠬᠣᠶᠠᠳᠤᠭᠠᠷ᠎ᠲᠤ᠎ᠨᠢ ᠰᠢᠶᠠᠰᠠᠨ ᠶᠧ ᠬᠣᠷᠢᠨ ᠲᠠᠪᠤᠨ ᠯᠠᠩ ᠴᠠᠰᠤ ᠴᠠᠭᠠᠨ ᠮᠥᠩᠭᠦ᠎ᠪᠡᠷ ᠱᠠᠩᠨᠠᠭᠳᠠᠪᠠ᠃ ᠲᠡᠷᠡ᠎ᠨᠢ ᠰᠣᠬᠤᠷ ᠵᠣᠭᠤᠰ᠎ᠤᠨ ᠬᠣᠷᠤᠭᠳᠠᠯᠴᠤᠦᠭᠡᠢᠪᠠᠷ ᠴᠥᠮ ᠲᠡᠭᠦᠨ᠎ᠦ ᠡᠪᠦᠷ᠎ᠲᠦ ᠣᠷᠤᠯ᠎ᠠ》 ᠭᠡᠪᠡ᠃
ᠰᠢᠶᠣᠣ ᠱᠤᠸᠠᠨ ᠪᠢᠴᠢᠬᠠᠨ ᠲᠠᠰᠤᠯᠭᠠᠨᠠᠴᠠᠪᠠᠨ ᠭᠡᠯᠳᠦᠷᠢᠬᠢᠯᠡᠨ ᠭᠠᠷᠴᠤ ᠢᠷᠡᠭᠡᠳ ᠬᠣᠶᠠᠷ ᠭᠠᠷ᠎ᠢᠶᠠᠷ᠎ᠢᠶᠠᠨ ᠥᠷᠦᠴᠡ᠎ᠪᠡᠨ ᠳᠠᠷᠤᠵᠤ ᠪᠦᠭᠰᠢᠨ ᠬᠠᠨᠢᠶᠠᠭᠰᠠᠭᠠᠷ᠂ ᠲᠣᠭᠤᠭᠠᠨᠠᠴᠠᠪᠠᠨ ᠨᠢᠭᠡ ᠠᠶᠠᠭ᠎ᠠ ᠬᠦᠢᠲᠡᠨ ᠪᠤᠳᠠᠭ᠎ᠠ ᠠᠶᠠᠭᠠᠯᠠᠵᠤ ᠳᠡᠭᠡᠷ᠎ᠡ᠎ᠨᠢ ᠪᠤᠴᠠᠯᠤᠭᠰᠠᠨ ᠤᠰᠤ ᠬᠢᠭᠡᠳ ᠢᠳᠡᠯ᠎ᠡ᠃ ᠬᠤᠸᠠ ᠳ᠋ᠠ ᠮᠠ ᠡᠵᠢ ᠲᠡᠭᠦᠨ᠎ᠦ ᠳᠡᠷᠭᠡᠳᠡ ᠢᠷᠡᠭᠡᠳ ᠨᠠᠮ ᠳᠠᠭᠤ᠎ᠪᠠᠷ: 《ᠰᠢᠶᠣᠣ ᠱᠤᠸᠠᠨ᠂ ᠪᠠᠬᠠᠨ ᠭᠠᠢᠭᠤᠢ ᠪᠠᠢᠨ᠎ᠠ᠎ᠤᠤ? ᠮᠥᠨ᠎ᠯᠡ ᠥᠯᠦᠰᠴᠦ ᠪᠠᠢᠨ᠎ᠠ᠎ᠤᠤ?》 ᠭᠡᠵᠦ ᠠᠰᠠᠭᠤᠯ᠎ᠠ᠃
《ᠡᠳᠡᠭᠡᠬᠦᠶᠦᠮ᠂ ᠯᠠᠪ ᠡᠳᠡᠭᠡᠬᠦᠶᠦᠮ!》 ᠭᠡᠵᠦ ᠺᠠᠩ ᠠᠪᠠᠭ᠎ᠠ ᠰᠢᠶᠣᠣ ᠱᠤᠸᠠᠨᠢ ᠬᠠᠷᠠᠵᠤ ᠠᠪᠤᠭᠠᠳ ᠮᠥᠨᠬᠦ ᠣᠯᠠᠨ᠎ᠤ ᠵᠦᠭ ᠬᠠᠨᠳᠤᠵᠤ: 《ᠰᠢᠶᠠᠰᠠᠨ ᠶᠧ ᠦᠨᠡᠬᠡᠷ ᠰᠣᠷᠭᠤᠭ ᠬᠥᠮᠦᠨ᠂ ᠬᠡᠷᠪᠡ ᠲᠡᠷᠡ ᠵᠠᠪᠳᠤᠵᠤ ᠵᠠᠭᠠᠯᠳᠤᠭᠰᠠᠨ᠎ᠦᠭᠡᠢ ᠪᠣᠯ ᠭᠡᠷ᠎ᠢᠶᠡᠷ᠎ᠢᠶᠡᠨ ᠬᠦᠢᠰᠦ ᠲᠡᠮᠲᠡᠷᠢᠭᠳᠡᠬᠦ ᠪᠣᠯᠤᠨ᠎ᠠ᠃ ᠣᠳᠣ ᠶᠠᠮᠠᠷ ᠪᠠᠢᠨ᠎ᠠ ᠪᠤᠢ? ᠮᠥᠩᠭᠦ! - ᠡᠨᠡ ᠵᠢᠭᠠᠯ ᠦᠨᠡᠬᠡᠷ ᠬᠥᠮᠦᠨ᠎ᠦ ᠵᠤᠯᠵᠠᠭ᠎ᠠ ᠪᠢᠰᠢ᠂ ᠱᠣᠷᠤᠩ᠎ᠳᠤ ᠬᠣᠷᠢᠭᠳᠠᠵᠤ ᠪᠠᠢᠬᠤ᠎ᠳᠠᠭᠠᠨ ᠪᠠᠰᠠ ᠱᠣᠷᠤᠩ᠎ᠤᠨ ᠲᠦᠷᠦᠭᠦᠦ᠎ᠳᠦ ᠤᠷᠪᠠᠬᠤ᠎ᠶᠢ ᠵᠢᠭᠠᠳᠠᠭ ᠭᠡᠨ᠎ᠡ᠃ 》
《ᠬᠦᠢ! ᠴᠢᠩᠭᠢᠵᠦ ᠶᠠᠭᠠᠬᠢᠵᠤ ᠪᠣᠯᠳᠠᠭ᠎ᠶᠤᠮ?》 ᠭᠡᠵᠦ ᠳᠣᠲᠤᠭᠠᠳᠤ ᠮᠥᠷ᠎ᠲᠦ ᠰᠠᠭᠤᠭ᠎ᠠ ᠬᠣᠷᠢ ᠭᠠᠷᠤᠢ ᠨᠠᠰᠤᠨ᠎ᠤ ᠨᠢᠭᠡ ᠬᠥᠮᠦᠨ ᠬᠢᠯᠢᠩᠨᠡᠭᠰᠡᠨ ᠪᠠᠢᠳᠠᠯ᠎ᠲᠠᠢ ᠶᠠᠷᠢᠵᠤ ᠰᠠᠭᠤᠨ᠎ᠠ᠃
《ᠤᠯᠠᠭᠠᠨ ᠨᠢᠳᠦᠨ ᠠᠶᠢ ᠲᠡᠭᠦᠨ᠎ᠦ ᠴᠣᠬᠤᠮ ᠪᠠᠢᠳᠠᠯ᠎ᠢ᠎ᠨᠢ ᠮᠡᠳᠡᠬᠦ᠎ᠪᠡᠷ ᠣᠴᠢᠭᠰᠠᠨ᠎ᠳᠤ ᠬᠠᠷᠢᠨ ᠲᠡᠭᠦᠨ᠎ᠢ ᠪᠠᠢᠡᠳᠡᠭᠡᠨ ᠲᠠᠲᠠᠬᠤ ᠭᠡᠵᠦ: 〈ᠳᠠᠢᠴᠢᠩ ᠤᠯᠤᠰ᠎ᠤᠨ ᠲᠥᠷᠦ ᠪᠣᠯ ᠮᠠᠨ᠎ᠤ ᠣᠯᠠᠨ ᠨᠡᠢᠲᠡᠶᠢᠨᠶᠦᠮ 〉 ᠭᠡᠵᠦ ᠭᠡᠨ᠎ᠡ᠂ ᠡᠨᠡ᠎ᠴᠢᠨᠢ ᠦᠭᠡᠦᠦ? ᠤᠯᠠᠭᠠᠨ ᠨᠢᠳᠦᠨ ᠠᠶᠢ ᠤᠭ᠎ᠠᠴᠠ ᠲᠡᠭᠦᠨ᠎ᠦ ᠭᠡᠷ᠎ᠲᠦ ᠭᠠᠭᠴᠠ ᠡᠵᠢ ᠪᠠᠢᠬᠤ᠎ᠶᠢ ᠮᠡᠳᠡᠳᠡᠭ ᠪᠣᠯᠪᠠᠴᠤ ᠲᠡᠭᠦᠨ᠎ᠢ ᠬᠠᠷᠢᠨ ᠲᠡᠢᠮᠦ ᠤᠯᠠᠭᠠᠨ ᠨᠢᠴᠦᠭᠦᠨ ᠶᠠᠳᠠᠭᠤ ᠭᠡᠳᠡᠭ᠎ᠢ ᠮᠡᠳᠡᠭᠰᠡᠨ᠎ᠦᠭᠡᠢ᠂ ᠴᠢᠩᠭᠢᠭᠡᠳ ᠣᠳᠣ ᠳᠤᠰᠤᠯ ᠲᠣᠰᠤᠴᠤ ᠰᠢᠬᠠᠵᠤ ᠣᠯᠤᠭᠰᠠᠨ᠎ᠦᠭᠡᠢ᠎ᠳᠠᠭᠠᠨ ᠴᠡᠭᠡᠵᠢ᠎ᠪᠡᠨ ᠳᠡᠯᠪᠡᠷᠡᠲᠡᠯ᠎ᠡ ᠠᠭᠤᠷᠯᠠᠵᠠᠢ᠃ ᠲᠡᠷᠡ ᠬᠠᠷᠢᠨ ᠪᠠᠷᠰ᠎ᠤᠨ ᠲᠣᠯᠤᠭᠠᠢ᠎ᠶᠢ ᠮᠠᠭᠠᠵᠢᠵᠤ ᠥᠭᠬᠦ ᠭᠡᠵᠦ ᠪᠠᠢᠭᠠᠳ ᠬᠣᠶᠠᠷ ᠠᠯᠠᠭᠠᠳᠠᠭᠤᠯᠵᠤ ᠭᠡᠨ᠎ᠡ!》
《ᠠᠶᠢ ᠠᠬ᠎ᠠ ᠪᠣᠯ ᠨᠢᠳᠤᠷᠭᠠᠨᠤ ᠡᠷᠳᠡᠮᠲᠡᠢᠶᠦᠮᠴᠢᠨᠢ᠂ ᠬᠣᠶᠠᠷ ᠠᠯᠠᠭ᠎ᠠ᠎ᠨᠢ ᠲᠡᠭᠦᠨ᠎ᠳᠡᠭᠡᠨ ᠵᠥᠪ ᠪᠠᠢᠯ᠎ᠦᠭᠡᠢ ᠳ᠋ᠠ 》 ᠭᠡᠵᠦ ᠪᠤᠯᠤᠩ᠎ᠳᠤ ᠰᠠᠭᠤᠭ᠎ᠠ ᠪᠥᠭᠲᠦᠷ ᠭᠡᠨᠡᠳᠲᠡ ᠪᠠᠶᠠᠷᠲᠠᠢ ᠶᠠᠷᠢᠯ᠎ᠠ᠃
《ᠡᠨᠡ ᠮᠣᠨᠳᠢ ᠵᠣᠳᠤᠭᠳᠠᠬᠤ᠎ᠠᠴᠠ ᠠᠶᠤᠬᠤ᠎ᠦᠭᠡᠢ᠂ ᠬᠠᠷᠢᠨ ᠬᠥᠭᠡᠷᠦᠬᠦᠢ ᠳ᠋ᠠ ᠭᠡᠵᠦ ᠪᠠᠢᠯ᠎ᠠ ᠭᠡᠨ᠎ᠡ᠃ 》
ᠪᠤᠭᠤᠷᠤᠯ ᠰᠠᠬᠠᠯᠲᠤ: 《ᠡᠨᠡ ᠠᠳᠤᠭᠤᠰᠤ᠎ᠶᠢ ᠵᠣᠳᠤᠬᠤ᠎ᠳᠤ ᠬᠥᠭᠡᠷᠦᠬᠦᠢᠯᠡᠬᠦ ᠶᠠᠭᠤ ᠪᠠᠢᠬᠤ ᠪᠤᠢ!》 ᠭᠡᠬᠦ᠎ᠳᠦ᠂
ᠺᠠᠩ ᠠᠪᠠᠭ᠎ᠠ ᠲᠡᠭᠦᠨ᠎ᠢ ᠲᠣᠭᠤᠮᠰᠠᠷᠯᠠᠬᠤᠦᠭᠡᠢ ᠪᠠᠢᠳᠠᠯ᠎ᠲᠠᠢ ᠬᠦᠢᠲᠡᠨ᠎ᠢᠶᠡᠷ ᠢᠨᠢᠶᠡᠨ: 《ᠴᠢ ᠮᠢᠨᠦ ᠦᠭᠡ᠎ᠶᠢ ᠣᠢᠯᠠᠭᠠᠭᠰᠠᠨ᠎ᠦᠭᠡᠢ ᠰᠢᠪ ᠳ᠋ᠠ᠂ ᠲᠡᠷᠡ᠎ᠴᠢᠨᠢ ᠰᠠᠨᠠᠭᠠᠨ᠎ᠳᠠᠭᠠᠨ ᠠᠶᠢ᠎ᠶᠢ ᠬᠥᠭᠡᠷᠦᠬᠦᠢ ᠭᠡᠵᠦ ᠰᠢᠤ》 ᠭᠡᠪᠡ᠃
ᠰᠣᠨᠤᠰᠴᠤ ᠪᠠᠢᠭᠰᠠᠨ ᠬᠥᠮᠦᠰ᠎ᠦᠨ ᠨᠢᠳᠦᠨ᠎ᠦ ᠬᠠᠷᠠᠴᠠ ᠭᠡᠨᠡᠳᠲᠡ ᠭᠥᠯᠢᠷᠡᠬᠦ ᠲᠥᠯᠦᠪᠲᠡᠢ ᠪᠣᠯᠵᠤ᠂ ᠦᠭᠡ᠎ᠪᠡᠨ ᠪᠠᠰᠠ ᠵᠣᠭᠰᠤᠪᠠ᠃ ᠰᠢᠶᠣᠣ ᠱᠤᠸᠠᠨ ᠬᠣᠭᠤᠯᠠ᠎ᠪᠠᠨ ᠢᠳᠡᠵᠦ ᠳᠠᠭᠤᠰᠪᠠ᠃ ᠪᠦᠬᠦ ᠪᠡᠶ᠎ᠡ᠎ᠡᠴᠡ᠎ᠨᠢ ᠬᠥᠯᠦᠰᠦ ᠠᠰᠭᠠᠷᠠᠵᠤ ᠲᠣᠯᠤᠭᠠᠢᠠᠴᠠᠨᠢ ᠠᠭᠤᠷ ᠪᠠᠭᠠᠭᠢᠵᠤ ᠪᠠᠢᠯ᠎ᠠ᠃
《ᠠᠶᠢ ᠬᠥᠭᠡᠷᠦᠬᠦᠢ ᠭᠡᠨ᠎ᠡ - ᠰᠣᠯᠢᠶᠠᠷᠠᠵᠤ ᠪᠠᠢᠨ᠎ᠠ᠂ ᠶᠠᠭ ᠰᠣᠯᠢᠶᠠᠷᠠᠵᠤ ᠪᠠᠢᠨ᠎ᠠ》 ᠭᠡᠵᠦ ᠪᠤᠭᠤᠷᠤᠯ ᠰᠠᠬᠠᠯᠲᠤ ᠭᠡᠨᠡᠳᠲᠡ ᠤᠬᠠᠭ᠎ᠠ ᠣᠷᠤᠭᠰᠠᠨ ᠮᠡᠲᠦ ᠬᠡᠯᠡᠪᠡ᠃
《ᠰᠣᠯᠢᠶᠠᠷᠠᠵᠤ ᠪᠠᠢᠨ᠎ᠠ》 ᠭᠡᠵᠦ ᠬᠣᠷᠢ ᠭᠠᠷᠤᠢ ᠨᠠᠰᠤᠨ᠎ᠤ ᠬᠥᠮᠦᠨ᠎ᠴᠦ ᠭᠡᠨᠡᠳᠲᠡ ᠤᠬᠠᠭ᠎ᠠ ᠣᠷᠤᠭᠰᠠᠨ ᠮᠡᠲᠦ ᠬᠡᠯᠡᠪᠡ᠃
ᠮᠤᠬᠤᠯᠠᠭᠲᠤ ᠰᠠᠭᠤᠵᠤ ᠪᠠᠢᠭᠰᠠᠨ ᠵᠣᠴᠢᠳ ᠳᠠᠬᠢᠨ ᠨᠡᠮᠡᠷᠢ ᠣᠷᠤᠭᠰᠠᠨ ᠮᠡᠲᠦ ᠢᠨᠢᠶᠡᠯᠴᠡᠵᠦ ᠶᠠᠷᠢᠯᠴᠠᠵᠤ ᠡᠬᠢᠯᠡᠪᠡ᠃ ᠰᠢᠶᠣᠣ ᠱᠤᠸᠠᠨ ᠪᠠᠰᠠ ᠡᠨᠡ ᠦᠢᠮᠡᠭᠡᠨᠲᠡᠢ ᠳᠠᠭᠤ ᠨᠡᠢᠯᠡᠭᠦᠯᠵᠦ ᠪᠦᠭᠰᠢᠨ ᠬᠠᠨᠢᠶᠠᠯᠭᠠᠵᠤ ᠪᠠᠢᠯ᠎ᠠ᠃ ᠺᠠᠩ ᠠᠪᠠᠭ᠎ᠠ ᠳᠡᠷᠭᠡᠳᠡ᠎ᠨᠢ ᠣᠴᠢᠵᠤ ᠮᠥᠷᠦ᠎ᠶᠢ᠎ᠨᠢ ᠠᠯᠠᠭᠠᠳᠠᠵᠤ:
《ᠰᠢᠶᠣᠣ ᠱᠤᠸᠠᠨ᠂ ᠡᠳᠡᠭᠡᠬᠦᠶᠦᠮ - ᠪᠤᠤ ᠢᠩᠭᠢᠵᠦ ᠬᠠᠨᠢᠶᠠ᠂ ᠡᠳᠡᠭᠡᠬᠦᠶᠦᠮ -》 ᠭᠡᠪᠡ᠃
ᠪᠥᠭᠲᠦᠷ ᠡᠦ ᠱᠣᠣ ᠶᠧ : 《ᠰᠣᠯᠢᠶᠠᠷᠠᠵᠤ ᠪᠠᠢᠨ᠎ᠠ》 ᠭᠡᠵᠦ ᠲᠣᠯᠤᠭᠠᠢ᠎ᠪᠠᠨ ᠳᠣᠬᠢᠯᠵᠠᠭᠰᠠᠭᠠᠷ ᠬᠡᠯᠡᠪᠡ᠃
ᠳᠥᠷᠪᠡ
ᠪᠠᠷᠠᠭᠤᠨ ᠲᠡᠭᠦᠷᠭᠡ᠎ᠶᠢᠨ ᠬᠣᠲᠠ᠎ᠶᠢᠨ ᠬᠡᠷᠡᠮ᠎ᠢ ᠨᠠᠭᠠᠯᠳᠤᠵᠤ ᠪᠠᠢᠭ᠎ᠠ ᠬᠡᠰᠡᠭ ᠭᠠᠵᠠᠷ ᠪᠣᠯ ᠠᠯᠪᠠᠨ᠎ᠤ ᠭᠠᠵᠠᠷ᠎ᠶᠤᠮ᠃ ᠳᠤᠮᠳᠠᠭᠤᠷ᠎ᠨᠢ ᠭᠠᠷᠤᠭᠰᠠᠨ ᠮᠤᠷᠤᠢ ᠰᠠᠷᠤᠢ ᠴᠤᠪᠤᠭ᠎ᠠ᠎ᠨᠢ ᠳᠥᠲᠡ ᠵᠠᠮ᠎ᠢ ᠡᠷᠢᠭᠰᠡᠨ ᠤᠯᠤᠰ᠎ᠤᠨ ᠭᠤᠲᠤᠯ᠎ᠤᠨ ᠤᠯᠠᠪᠠᠷ ᠪᠤᠢ ᠪᠣᠯᠤᠭᠰᠠᠨ ᠪᠥᠭᠡᠳ ᠡᠨᠡ᠎ᠨᠢ ᠶᠠᠪᠤᠨ ᠶᠠᠪᠤᠭᠰᠠᠭᠠᠷ ᠬᠠᠷᠢᠨ ᠨᠢᠭᠡ ᠠᠶᠠᠨ᠎ᠳᠠᠭᠠᠨ ᠪᠦᠲᠦᠭᠰᠡᠨ ᠵᠠᠭᠠᠭ ᠪᠣᠯᠵᠠᠢ᠃ ᠵᠠᠮ᠎ᠤᠨ ᠵᠡᠭᠦᠨ ᠭᠠᠷ ᠲᠠᠯᠠᠳᠤᠨᠢ ᠴᠠᠭᠠᠵᠠ᠎ᠪᠠᠷ ᠠᠪᠠᠴᠢᠭᠳᠠᠭᠰᠠᠳ ᠪᠠ ᠭᠢᠨᠳᠠᠨ᠎ᠳᠤ ᠦᠬᠦᠭᠰᠡᠳ᠎ᠦᠨ ᠪᠤᠯᠠᠰᠢ᠎ᠶᠢ᠂ ᠪᠠᠷᠠᠭᠤᠨ ᠭᠠᠷ ᠲᠠᠯᠠᠳᠤᠨᠢ ᠦᠭᠡᠢᠭᠦᠴᠦᠳᠦᠨ ᠪᠤᠯᠠᠰᠢ᠎ᠶᠢ ᠪᠠᠶᠠᠴᠤᠳ᠎ᠤᠨ ᠨᠠᠰᠤᠨ᠎ᠤ ᠪᠠᠶᠠᠷᠲᠤ ᠪᠡᠯᠡᠳᠭᠡᠳᠡᠭ ᠮᠠᠨᠲᠠᠤ᠎ᠶᠢᠨ ᠣᠪᠤᠭᠠᠰᠢᠭ᠋ ᠶᠠᠭᠰᠢᠷᠠᠲᠠᠯ᠎ᠠ ᠣᠪᠤᠭᠠᠯᠠᠵᠠᠢ᠃
ᠡᠨᠡ ᠵᠢᠯ᠎ᠦᠨ ᠬᠠᠩᠰᠢ᠎ᠶᠢᠨ ᠦᠶ᠎ᠡ᠎ᠪᠡᠷ ᠣᠨᠴᠤᠭᠤᠢ ᠵᠢᠬᠡᠭᠦᠨ᠂ ᠤᠳᠠ ᠤᠯᠢᠶᠠᠰᠤ ᠳᠥᠩᠭᠡᠵᠢ ᠲᠠᠯ᠎ᠠ ᠪᠣᠷᠤᠭᠠᠨ᠎ᠤ ᠴᠢᠨᠡᠭᠡᠬᠡᠨ ᠨᠠᠬᠢᠶᠠᠯᠠᠭᠰᠠᠨ ᠪᠠᠢᠯ᠎ᠠ᠃ ᠦᠷ ᠴᠠᠢᠮᠠᠭᠴᠠ᠂ ᠬᠤᠸᠠ ᠳ᠋ᠠ ᠮᠠ ᠡᠵᠢ ᠪᠠᠷᠠᠭᠤᠨ ᠭᠠᠷ ᠲᠠᠯ᠎ᠠ᠎ᠶᠢᠨ ᠰᠢᠨᠡᠬᠡᠨ ᠪᠤᠯᠠᠰᠢᠨ᠎ᠤ ᠡᠮᠦᠨ᠎ᠡ ᠳᠥᠷᠪᠡᠨ ᠲᠠᠪᠠᠭ ᠵᠠᠭᠤᠰᠢ ᠨᠢᠭᠡ ᠠᠶᠠᠭ᠎ᠠ ᠪᠤᠳᠠᠭ᠎ᠠ ᠦᠷᠦᠭᠡᠳ᠂ ᠨᠢᠭᠡ ᠵᠡᠷᠭᠡ ᠤᠬᠢᠯᠠᠪᠠ᠃ ᠴᠠᠭᠠᠰᠤ ᠰᠢᠲᠠᠭᠠᠵᠤ ᠳᠠᠭᠤᠰᠤᠭᠠᠳ ᠲᠣᠪ ᠳᠤᠭᠤᠢ ᠪᠠᠬᠠᠨ ᠰᠠᠭᠤᠵᠤ ᠶᠠᠮᠠᠷ ᠨᠢᠭᠡᠨ ᠵᠦᠢᠯ᠎ᠢ ᠬᠦᠯᠢᠶᠡᠬᠦ ᠮᠡᠲᠦ ᠪᠣᠯᠪᠠᠴᠤ ᠥᠪᠡᠷ᠎ᠢᠶᠡᠨ ᠪᠠᠰᠠ ᠦᠯᠦ ᠮᠡᠳᠡᠨ᠎ᠡ᠃ ᠵᠥᠭᠡᠯᠡᠨ ᠰᠠᠯᠬᠢᠨ᠎ᠳᠤ ᠰᠠᠷᠪᠠᠯᠵᠠᠨ ᠬᠡᠢᠰᠦᠭᠰᠡᠨ ᠰᠠᠨᠴᠢᠭ᠎ᠤᠨ ᠦᠰᠦ᠎ᠨᠢ ᠨᠢᠳᠤᠨᠤᠨ᠎ᠠᠴᠠ ᠬᠣᠯᠠ ᠢᠯᠡᠭᠦᠦ ᠴᠠᠢᠵᠠᠢ᠃
ᠴᠤᠪᠤᠭ᠎ᠠ ᠵᠠᠮ᠎ᠢᠶᠠᠷ ᠪᠠᠰᠠ ᠬᠠᠭᠠᠰ ᠪᠤᠭᠤᠷᠤᠯᠳᠤᠭᠰᠠᠨ ᠲᠣᠯᠤᠭᠠᠢ᠎ᠲᠠᠢ᠂ ᠬᠠᠭᠤᠴᠢᠨ ᠬᠤᠪᠴᠠᠰᠤ᠎ᠲᠠᠢ ᠨᠢᠭᠡᠨ ᠪᠦᠰᠡᠭᠦᠢ᠂ ᠬᠠᠭᠤᠴᠢᠨ ᠤᠯᠠᠭᠠᠨ ᠲᠣᠭᠤᠷᠢᠭ ᠰᠠᠭᠰᠤ ᠲᠣᠬᠤᠢᠯᠠᠵᠤ᠂ ᠭᠤᠷᠪᠠ ᠠᠯᠬᠤᠨ ᠨᠢᠭᠡ ᠠᠮᠠᠷᠠᠭᠰᠠᠭᠠᠷ ᠠᠢᠰᠤᠢ᠃ ᠲᠡᠷᠡ ᠪᠦᠰᠡᠭᠦᠢ ᠬᠤᠸᠠ ᠳ᠋ᠠ ᠮᠠ ᠡᠵᠢ᠎ᠶᠢᠨ ᠭᠠᠵᠠᠷ ᠰᠠᠭᠤᠭᠠᠳ ᠲᠡᠭᠦᠨ᠎ᠢ ᠬᠠᠷᠠᠵᠤ ᠪᠠᠢᠬᠤ᠎ᠶᠢ ᠭᠡᠨᠡᠳᠲᠡ ᠦᠵᠡᠭᠡᠳ ᠪᠠᠬᠠᠨ ᠲᠦᠳᠡᠭᠡᠯᠵᠡᠵᠦ᠂ ᠵᠢᠪᠡᠬᠡᠢ ᠴᠠᠭᠠᠨ ᠴᠢᠷᠠᠢ ᠳᠡᠭᠡᠷ᠎ᠡ᠎ᠨᠢ ᠢᠴᠢᠵᠦ ᠰᠢᠷᠪᠡᠭᠡᠲᠦᠬᠦ ᠪᠠᠢᠳᠠᠯ ᠢᠯᠡᠷᠡᠭᠰᠡᠨ ᠪᠣᠯᠪᠠᠴᠤ ᠠᠷᠭ᠎ᠠ ᠪᠤᠶᠤ ᠨᠢᠭᠤᠷ᠎ᠢᠶᠠᠨ ᠰᠢᠷᠢᠯᠡᠨ ᠵᠡᠭᠦᠨ ᠭᠠᠷ ᠲᠠᠯ᠎ᠠ᠎ᠶᠢᠨ ᠨᠢᠭᠡᠨ ᠰᠢᠨᠡᠬᠡᠨ ᠪᠤᠯᠠᠰᠢᠨ᠎ᠤ ᠳᠡᠷᠭᠡᠳᠡ ᠠᠯᠬᠤᠵᠤ ᠣᠴᠢᠭᠠᠳ ᠰᠠᠭᠰᠤ᠎ᠪᠠᠨ ᠲᠠᠯᠪᠢᠪᠠ᠃
ᠲᠡᠷᠡ ᠪᠤᠯᠠᠰᠢ᠂ ᠰᠢᠶᠣᠣ ᠱᠤᠸᠠᠨᠤ ᠪᠤᠯᠠᠰᠢ᠎ᠲᠠᠢ ᠨᠢᠭᠡᠨ ᠱᠤᠭᠤᠮ ᠳᠡᠭᠡᠷ᠎ᠡ ᠵᠡᠷᠭᠡᠴᠡᠵᠦ᠂ ᠵᠥᠪᠬᠡᠨ ᠨᠢᠭᠡ ᠴᠤᠪᠤᠭ᠎ᠠ ᠵᠠᠮ᠎ᠢ ᠬᠠᠪᠴᠢᠵᠤ ᠪᠠᠢᠨ᠎ᠠ᠃ ᠬᠤᠸᠠ ᠳ᠋ᠠ ᠮᠠ ᠡᠵᠢ ᠲᠡᠭᠦᠨ᠎ᠢ ᠳᠥᠷᠪᠡᠨ ᠲᠠᠪᠠᠭ ᠵᠠᠭᠤᠰᠢ᠂ ᠨᠢᠭᠡ ᠠᠶᠠᠭ᠎ᠠ ᠪᠤᠳᠠᠭ᠎ᠠ᠎ᠪᠠᠨ ᠥᠷᠦᠭᠡ᠎ᠦᠨ ᠨᠢᠭᠡ ᠪᠦᠯᠦᠭ ᠤᠬᠢᠯᠠᠵᠤ ᠴᠠᠭᠠᠰᠤᠨ ᠵᠣᠭᠤᠰ᠎ᠢᠶᠠᠨ ᠰᠢᠲᠠᠭᠠᠬᠤ᠎ᠶᠢ ᠦᠵᠡᠭᠡᠳ 《ᠡᠨᠡ ᠪᠤᠯᠠᠰᠢᠨ ᠳᠣᠲᠤᠷ᠎ᠠ ᠪᠠᠰᠠ ᠬᠦᠦ᠎ᠨᠢ ᠪᠠᠢᠨ᠎ᠠ》 ᠭᠡᠵᠦ ᠰᠡᠮᠡᠭᠡᠷ ᠪᠣᠳᠤᠨ᠎ᠠ᠃ ᠲᠡᠷᠡ ᠪᠦᠰᠡᠭᠦᠢ ᠡᠰᠢ ᠲᠡᠰᠢ ᠪᠠᠬᠠᠨ ᠠᠵᠢᠭᠯᠠᠭᠠᠳ᠂ ᠬᠥᠯ ᠭᠠᠷ᠎ᠨᠢ ᠭᠡᠨᠡᠳᠲᠡ ᠴᠡᠴᠡᠷᠡᠵᠦ ᠬᠠᠢᠪᠠᠩ ᠳᠠᠢᠪᠠᠩ ᠬᠢᠵᠦ ᠬᠡᠳᠦᠨ ᠠᠯᠬᠤᠮ ᠤᠬᠤᠷᠢᠭᠠᠳ ᠨᠢᠳᠦ᠎ᠪᠡᠨ ᠪᠦᠯᠲᠡᠢᠯᠭᠡᠵᠦ ᠪᠠᠬᠠᠨ ᠠᠶᠤᠭᠰᠠᠨ ᠪᠠᠢᠳᠠᠯ ᠭᠠᠷᠭᠠᠨ᠎ᠠ᠃
ᠬᠤᠸᠠᠳᠠ ᠮᠠ ᠡᠵᠢ᠂ ᠡᠨᠡ ᠪᠠᠢᠳᠠᠯ᠎ᠢ ᠦᠵᠡᠭᠡᠳ ᠲᠡᠭᠦᠨ᠎ᠢ ᠬᠡᠲᠦᠷᠬᠡᠢ ᠵᠣᠪᠠᠵᠤ ᠰᠣᠯᠢᠶᠠᠷᠠᠬᠤ᠎ᠠᠴᠠ ᠪᠣᠯᠭᠤᠮᠵᠢᠯᠠᠨ ᠲᠡᠰᠭᠡᠯ᠎ᠦᠭᠡᠢ ᠪᠣᠰᠴᠤ ᠵᠣᠭᠰᠤᠭᠠᠳ ᠴᠤᠪᠤᠭ᠎ᠠ ᠵᠠᠮ᠎ᠢ ᠣᠭᠲᠤᠯᠵᠤ ᠳᠡᠷᠭᠡᠳᠡ᠎ᠨᠢ ᠣᠴᠢᠭᠠᠳ ᠳᠣᠣᠷ᠎ᠠ ᠳᠠᠭᠤᠨ᠎ᠢᠶᠠᠷ: 《ᠨᠠᠰᠤᠲᠠᠢ ᠡᠵᠢ ᠲᠠ ᠪᠤᠤ ᠶᠡᠬᠡ ᠵᠣᠪᠠ᠂ ᠬᠠᠷᠢᠵᠠᠭᠠᠶ᠎ᠠ ᠣᠳᠣ》 ᠭᠡᠪᠡ᠃
ᠲᠡᠷᠡ ᠬᠥᠮᠦᠨ ᠲᠣᠯᠤᠭᠠᠢ᠎ᠪᠠᠨ ᠳᠣᠬᠢᠭᠰᠠᠨ ᠪᠣᠯᠪᠠᠴᠤ ᠨᠢᠳᠦ᠎ᠪᠡᠨ ᠮᠥᠨ ᠪᠦᠯᠲᠡᠢᠯᠭᠡᠵᠦ ᠳᠣᠣᠷ᠎ᠠ ᠳᠠᠭᠤ᠎ᠪᠠᠷ ᠡᠭᠡᠷᠡᠵᠦ ᠲᠡᠬᠡᠳᠡᠭᠰᠡᠭᠡᠷ: 《ᠴᠢ ᠦᠵᠡ - ᠡᠨᠡ᠎ᠴᠢᠨᠢ ᠶᠠᠭᠤ ᠭᠡᠭᠴᠢ ᠪᠤᠢ?》 ᠭᠡᠪᠡ᠃
ᠬᠤᠸᠠ ᠲᠠ ᠮᠠ ᠡᠵᠢ ᠲᠡᠭᠦᠨ᠎ᠦ ᠬᠤᠷᠤᠭᠤ᠎ᠪᠠᠷ ᠵᠢᠭᠠᠭᠰᠠᠨ ᠴᠢᠭᠲᠦ ᠬᠠᠷᠠᠬᠤᠯ᠎ᠠ ᠬᠠᠷᠠᠴᠠ᠎ᠨᠢ ᠡᠮᠦᠨᠡᠬᠢ ᠲᠡᠷᠡ ᠪᠤᠯᠠᠰᠢᠨ ᠳᠡᠭᠡᠷ᠎ᠡ ᠳᠣᠰᠤᠯᠠ᠃ ᠡᠨᠡ ᠪᠤᠯᠠᠰᠢᠨ᠎ᠤ ᠳᠡᠭᠡᠷᠡᠬᠢ ᠡᠪᠡᠰᠦᠨ᠎ᠦ ᠦᠨᠳᠦᠰᠦ᠎ᠨᠢ ᠭᠦᠢᠴᠡᠳ ᠡᠳᠡᠭᠡᠷᠡᠭᠡᠳᠦᠢ ᠲᠤᠯᠠ ᠬᠡᠰᠡᠭ ᠬᠡᠰᠡᠭ ᠰᠢᠷ᠎ᠠ ᠰᠢᠷᠤᠢᠨᠤᠭᠤᠳ ᠠᠷᠵᠠᠢᠵᠤ ᠮᠠᠰᠢ ᠦᠵᠡᠮᠵᠢ᠎ᠦᠭᠡᠢ ᠪᠠᠢᠪᠠ᠃ ᠭᠡᠲᠡᠯ᠎ᠡ ᠳᠠᠬᠢᠨ ᠯᠠᠪᠳᠠᠭᠤᠯᠠᠨ ᠦᠵᠡᠭᠡᠳ ᠶᠡᠬᠡᠯ᠎ᠡ ᠰᠣᠴᠢᠪᠠ᠂᠃ ᠤᠴᠢᠷ᠎ᠨᠢ᠂ ᠤᠯᠠᠭᠠᠨ ᠴᠠᠭᠠᠨ᠎ᠨᠢ ᠢᠯᠭᠠᠷᠠᠭᠰᠠᠨ ᠰᠠᠢᠬᠠᠨ ᠴᠡᠴᠡᠭ᠎ᠦᠨ ᠴᠠᠭᠠᠷᠢᠭ ᠲᠡᠷᠡ ᠪᠤᠯᠠᠰᠢᠨ᠎ᠤ ᠱᠣᠪᠤᠭᠤᠷ ᠣᠷᠤᠢ᠎ᠶᠢ ᠪᠦᠰᠡᠯᠡᠭᠰᠡᠨ ᠪᠠᠢᠪᠠ᠃
ᠲᠡᠳᠡᠨ᠎ᠦ ᠨᠢᠳᠦᠨ᠎ᠦ ᠭᠠᠯ ᠮᠠᠭᠤᠳᠠᠭᠰᠠᠨ ᠪᠣᠯᠪᠠᠴᠤ ᠡᠨᠡ ᠤᠯᠠᠭᠠᠨ ᠴᠠᠭᠠᠨ ᠴᠡᠴᠡᠭ᠎ᠦᠳ ᠨᠢᠳᠦᠨ᠎ᠳᠦᠨᠢ ᠲᠣᠳᠤ ᠬᠠᠷᠠᠭᠳᠠᠨ᠎ᠠ᠂ ᠴᠡᠴᠡᠭ᠎ᠨᠢ ᠲᠡᠳᠦᠢ ᠠᠷᠪᠢᠨ ᠪᠢᠰᠢ ᠪᠥᠭᠡᠳ ᠴᠣᠭ ᠰᠦᠯᠳᠡ ᠮᠠᠭᠤᠲᠠᠢ ᠪᠣᠯᠪᠠᠴᠤ ᠲᠥᠪ ᠲᠦᠭᠦᠷᠢᠭ ᠴᠠᠭᠠᠷᠢᠭ ᠪᠣᠯᠵᠤ ᠮᠠᠰᠢ ᠵᠢᠭᠳᠡ ᠴᠡᠪᠡᠷᠬᠡᠨ ᠪᠠᠢᠯ᠎ᠠ᠃ ᠬᠤᠸᠠ ᠳ᠋ᠠ ᠮᠠ ᠡᠵᠢ ᠬᠦᠦ᠎ᠶᠢᠨ᠎ᠢᠶᠡᠨ ᠪᠠ ᠪᠤᠰᠤᠳ᠎ᠤᠨ ᠪᠤᠯᠠᠰᠢ᠎ᠶᠢ ᠶᠠᠭᠠᠷᠠᠨ ᠠᠵᠢᠭᠯᠠᠪᠠᠯ ᠬᠠᠷᠢᠨ ᠬᠥᠬᠡᠪᠲᠦᠷ ᠴᠠᠭᠠᠨ ᠥᠩᠭᠡᠲᠡᠢ ᠬᠡᠳᠦᠨ ᠪᠢᠴᠢᠬᠠᠨ ᠥᠯᠴᠢᠷ ᠴᠡᠴᠡᠭ᠎ᠦᠳ ᠡᠨᠳᠡ ᠲᠡᠨᠳᠡ ᠳᠡᠯᠭᠡᠷᠡᠭᠰᠡᠨ ᠬᠠᠷᠠᠭᠳᠠᠨ᠎ᠠ᠃ ᠡᠭᠦᠨ᠎ᠢ ᠦᠵᠡᠭᠡᠳ ᠳᠣᠲᠤᠷ᠎ᠠ᠎ᠨᠢ ᠡᠪᠦᠭᠡᠢ ᠣᠷᠬᠢᠵᠤ ᠨᠠᠷᠢᠪᠴᠢᠯᠠᠨ ᠠᠵᠢᠭᠯᠠᠬᠤ ᠳᠤᠷ᠎ᠠ᠎ᠦᠭᠡᠢ ᠪᠣᠯᠪᠠ᠃ ᠲᠡᠷᠡ ᠪᠦᠰᠡᠭᠦᠢ ᠪᠠᠰᠠ ᠤᠷᠤᠭᠰᠢ᠎ᠪᠠᠨ ᠬᠡᠳᠦ ᠠᠯᠬᠤᠨ ᠣᠴᠢᠵᠤ ᠠᠵᠢᠭᠯᠠᠭᠠᠳ: 《ᠡᠨᠡ ᠴᠡᠴᠡᠭ᠎ᠦᠳ ᠦᠨᠳᠦᠰᠦ᠎ᠦᠭᠡᠢ᠂ ᠥᠪᠡᠷ᠎ᠢᠶᠡᠨ ᠳᠡᠯᠭᠡᠷᠡᠭᠰᠡᠨ ᠶᠠᠩᠵᠤ᠎ᠦᠭᠡᠢ᠃ - ᠡᠨᠳᠡ ᠬᠡᠨ ᠢᠷᠡᠬᠦ ᠪᠤᠢ? ᠬᠡᠦᠬᠡᠳ ᠢᠷᠡᠵᠦ ᠨᠠᠭᠠᠳᠬᠤ᠎ᠦᠭᠡᠢ᠃ - ᠲᠥᠷᠦᠯ ᠰᠠᠳᠤᠨᠴᠤ ᠬᠡᠳᠦᠢᠨ ᠢᠷᠡᠬᠦ᠎ᠪᠡᠨ ᠪᠣᠯᠢᠭᠰᠠᠨ᠃ - ᠴᠣᠬᠤᠮ ᠶᠠᠭᠤ ᠭᠡᠭᠴᠢ᠎ᠨᠢ ᠡᠨᠡ ᠪᠤᠢ?》 ᠭᠡᠵᠦ ᠪᠣᠳᠤᠵᠤ ᠪᠠᠢᠭᠠᠳ ᠭᠡᠨᠡᠳᠲᠡ ᠨᠢᠯᠪᠤᠰᠤ ᠤᠨᠠᠭᠠᠵᠤ ᠶᠡᠬᠡ ᠳᠠᠭᠤᠨ᠎ᠢᠶᠠᠷ:
《ᠢᠦᠢ ᠡᠯᠮᠢᠨᠢ ᠡ᠂ ᠲᠡᠳᠡ ᠴᠢᠮᠠᠢ ᠬᠢᠯᠢᠰ ᠮᠤᠰᠭᠢᠵᠠᠢ᠃ ᠴᠢ ᠲᠡᠭᠦᠨ᠎ᠢ ᠮᠠᠷᠲᠠᠬᠤ᠎ᠦᠭᠡᠢ ᠭᠤᠨᠢᠭᠯᠠᠵᠤ ᠲᠡᠰᠬᠦᠦᠭᠡᠢᠳᠡᠭᠡᠨ ᠡᠨᠡ ᠡᠳᠦᠷ ᠣᠨᠴᠤᠭᠤᠢᠯᠠᠨ ᠨᠠᠳᠠ ᠨᠢᠭᠡ ᠲᠡᠮᠳᠡᠭ ᠮᠡᠳᠡᠭᠳᠡᠪᠡᠦᠦ?》 ᠭᠡᠪᠡ᠃ ᠴᠢᠩᠭᠢᠭᠡᠳ ᠳᠥᠷᠪᠡᠨ ᠲᠡᠰᠢ ᠠᠵᠢᠭᠯᠠᠵᠤ ᠭᠠᠭᠴᠠᠬᠠᠨ ᠬᠠᠷ᠎ᠠ ᠬᠡᠷᠢᠶ᠎ᠡ ᠬᠤᠪᠠᠬᠠᠢ ᠮᠣᠳᠤᠨ ᠳᠡᠭᠡᠷ᠎ᠡ ᠰᠠᠭᠤᠵᠤ ᠪᠠᠢᠬᠤ᠎ᠶᠢ ᠦᠵᠡᠭᠡᠳ 《ᠪᠢ ᠮᠡᠳᠡᠯ᠎ᠡ᠃ - ᠢᠦᠢ ᠡᠯᠮᠢᠨᠢ ᠡ᠂ ᠬᠥᠭᠡᠷᠦᠬᠦᠢ ᠴᠢᠮᠠᠢ ᠲᠡᠳᠡ᠎ᠦᠭᠡᠢ ᠬᠢᠯ᠎ᠡ ᠰᠢᠤ᠃ ᠬᠣᠵᠢᠮ ᠲᠡᠳᠡ ᠡᠨᠡ ᠨᠢᠭᠦᠯ᠎ᠢᠶᠡᠨ ᠶᠠᠭᠠᠬᠢᠪᠠᠴᠤ ᠠᠮᠰᠠᠬᠤᠶᠤᠮ ᠡ᠃ ᠲᠡᠭᠷᠢ ᠮᠡᠳᠡᠭ᠃ ᠴᠢ ᠨᠢᠭᠡᠨᠲᠡ ᠨᠢᠳᠦ ᠠᠨᠢᠵᠠᠢ᠃ - ᠴᠢ ᠦᠨᠡᠬᠡᠷ ᠡᠨᠳᠡ ᠪᠠᠢᠵᠤ ᠮᠢᠨᠦ ᠳᠠᠭᠤ᠎ᠶᠢ ᠰᠣᠨᠤᠰᠴᠤ ᠪᠠᠢᠪᠠᠯ - ᠲᠡᠷᠡ ᠬᠡᠷᠢᠶ᠎ᠡ᠎ᠶᠢ ᠪᠤᠯᠠᠰᠢᠨ ᠳᠡᠭᠡᠷ᠎ᠡ᠎ᠪᠡᠨ ᠢᠷᠡᠭᠦᠯᠵᠦ ᠨᠠᠳᠠ ᠦᠵᠡᠭᠦᠯ》 ᠭᠡᠪᠡ᠃
ᠵᠢᠪᠠᠷ ᠨᠠᠮᠳᠠᠭᠠᠳ ᠬᠤᠪᠠᠬᠠᠢ ᠡᠪᠡᠰᠦ ᠨᠤᠭᠦᠳ ᠵᠡᠰ ᠤᠲᠠᠰᠤ ᠮᠡᠲᠦ ᠭᠣᠵᠤᠢᠯᠴᠠᠨᠠ᠃ ᠨᠢᠭᠡ ᠵᠤᠷᠪᠤᠰ ᠴᠡᠴᠡᠷᠬᠢᠯᠡᠭᠰᠡᠨ ᠠᠪᠢᠶ᠎ᠠ᠂ ᠬᠥᠨᠳᠡᠢ ᠣᠭᠲᠠᠷᠭᠤᠢ᠎ᠳᠤ ᠵᠢᠩᠭᠢᠨᠡᠭᠰᠡᠭᠡᠷ ᠤᠯᠠᠮ᠎ᠢᠶᠠᠷ ᠨᠠᠷᠢᠰᠴᠤ ᠠᠯᠠᠭ᠎ᠠ ᠪᠣᠯᠤᠯ᠎ᠠ᠃ ᠡᠷᠭᠢᠨ ᠲᠣᠭᠤᠷᠢᠨ ᠦᠬᠦᠭᠰᠡᠨ ᠮᠡᠲᠦ ᠴᠢᠮᠡᠭᠡ ᠠᠨᠢᠷ᠎ᠦᠭᠡᠢ ᠪᠣᠯᠪᠠ᠃ ᠬᠤᠪᠠᠬᠠᠢ ᠡᠪᠡᠰᠦᠨ ᠳᠣᠲᠤᠷ᠎ᠠ ᠬᠣᠶᠠᠷ ᠡᠮᠡᠭᠡᠨ ᠲᠡᠷᠢᠭᠦᠨ᠎ᠢᠶᠡᠨ ᠡᠷᠭᠦᠵᠦ ᠬᠡᠷᠢᠶ᠎ᠡ᠎ᠶᠢ ᠠᠵᠢᠭᠯᠠᠨ ᠵᠣᠭᠰᠤᠬᠤ᠎ᠳᠤ ᠲᠡᠷᠡ ᠬᠡᠷᠢᠶ᠎ᠡ ᠮᠥᠨᠬᠦ ᠮᠣᠳᠤᠨ᠎ᠤ ᠬᠤᠪᠠᠬᠠᠢ ᠰᠠᠯᠠᠭᠠᠨᠤᠭᠤᠳᠤᠨ ᠳᠤᠮᠳᠠ ᠰᠢᠷᠡᠮᠦ᠎ᠪᠡᠷ ᠴᠢᠳᠭᠤᠭᠰᠠᠨ ᠮᠡᠲᠦ ᠬᠦᠵᠦᠭᠦᠦ᠎ᠪᠡᠨ ᠠᠲᠤᠷᠢᠭᠤᠯᠵᠤ ᠬᠥᠳᠡᠯᠦᠯ᠎ᠦᠭᠡᠢ ᠰᠠᠭᠤᠨ᠎ᠠ᠃
ᠪᠠᠬᠠᠨ ᠤᠳᠠᠬᠤ᠎ᠳᠤ᠂ ᠪᠤᠯᠠᠰᠢᠨ ᠳᠡᠭᠡᠷ᠎ᠡ ᠢᠷᠡᠬᠦ ᠬᠥᠮᠦᠰ ᠤᠯᠠᠮ᠎ᠢᠶᠠᠷ ᠣᠯᠠᠰᠢᠷᠠᠵᠤ᠂ ᠡᠪᠦᠭᠡᠳ ᠬᠡᠦᠬᠡᠳ ᠪᠤᠯᠠᠰᠢᠨᠤᠭᠤᠳᠤᠨ ᠳᠤᠮᠳᠠᠭᠤᠷ ᠦᠵᠡᠭᠳᠡᠭᠰᠡᠭᠡᠷ ᠪᠠᠢᠯ᠎ᠠ᠃ ᠬᠤᠸᠠ ᠳ᠋ᠠ ᠮᠠ ᠡᠵᠢ ᠬᠡᠷᠬᠢᠭᠰᠡᠨᠢ ᠪᠤᠤ ᠮᠡᠳᠡ᠂ ᠶᠠᠭ ᠬᠦᠨᠳᠦ ᠠᠴᠢᠶ᠎ᠠ᠎ᠪᠠᠨ ᠪᠠᠭᠤᠯᠭᠠᠭᠰᠠᠨ ᠮᠡᠲᠦ ᠬᠥᠩᠭᠡᠷᠡᠨ 《ᠣᠳᠣ ᠬᠠᠷᠢᠵᠠᠭᠠᠶ᠎ᠠ》 ᠭᠡᠵᠦ ᠢᠳᠭᠠᠵᠤ ᠪᠠᠢᠯ᠎ᠠ᠃
ᠲᠡᠷᠡ ᠪᠦᠰᠡᠭᠦᠢ ᠰᠠᠨᠠᠭ᠎ᠠ ᠠᠯᠳᠠᠵᠤ᠂ ᠨᠣᠭᠤᠭ᠎ᠠ ᠪᠤᠳᠠᠭ᠎ᠠ᠎ᠪᠠᠨ ᠤᠷᠮ᠎ᠠ᠎ᠦᠭᠡᠢ ᠬᠤᠷᠢᠶᠠᠨ ᠠᠪᠴᠤ᠂ ᠪᠠᠬᠠᠨ ᠲᠦᠳᠡᠭᠡᠯᠵᠡᠰᠬᠢᠭᠡᠳ ᠠᠮᠠᠨ᠎ᠳᠠᠭᠠᠨ ᠪᠠᠰᠠ: 《ᠴᠣᠬᠤᠮ ᠶᠠᠭᠤ ᠭᠡᠭᠴᠢ᠎ᠨᠢ ᠡᠨᠡ ᠪᠤᠢ? ᠁》 ᠭᠡᠵᠦ ᠳᠦᠳᠦᠨᠡᠭᠰᠡᠭᠡᠷ ᠭᠤᠨᠢᠷᠠᠨ ᠪᠤᠴᠠᠯ᠎ᠠ᠃
ᠲᠡᠳᠡ ᠬᠣᠶᠠᠷ᠎ᠢ ᠬᠣᠷᠢ ᠭᠤᠴᠢᠨ ᠠᠯᠬᠤᠮ ᠶᠠᠪᠤᠭᠠᠳᠤᠢ ᠪᠠᠢᠬᠤ᠎ᠳᠤ ᠭᠡᠨᠡᠳᠲᠡ ᠠᠷᠤᠳᠤᠨᠢ 《ᠭᠤᠸᠠᠳ》 ᠭᠡᠬᠦ ᠳᠠᠭᠤ ᠭᠠᠷᠤᠯ᠎ᠠ᠃ ᠡᠷᠭᠢᠵᠦ ᠬᠠᠷᠠᠬᠤᠯ᠎ᠠ ᠥᠨᠥ ᠬᠡᠷᠢᠶ᠎ᠡ ᠵᠢᠭᠦᠷ᠎ᠢᠶᠡᠨ ᠳᠡᠯᠭᠡᠨ᠂ ᠬᠣᠶᠠᠷ ᠬᠥᠯᠢᠶᠡᠨ ᠬᠣᠢᠰᠢ ᠲᠡᠢᠷᠦᠮᠡᠭᠴᠡ ᠠᠯᠤᠰ᠎ᠤᠨ ᠣᠭᠲᠠᠷᠭᠤᠢ᠎ᠶᠢ ᠴᠢᠭᠯᠡᠨ ᠬᠠᠷᠪᠤᠭᠰᠠᠨ ᠰᠤᠮᠤ ᠮᠡᠲᠦ ᠨᠢᠰᠤᠨ ᠣᠳᠤᠯ᠎ᠠ᠃
1919 ᠣᠨ᠎ᠤ ᠳᠥᠷᠪᠡᠳᠦᠭᠡᠷ ᠰᠠᠷ᠎ᠠ