ᠮᠣᠩᠭᠣᠯ ᠪᠢᠴᠢᠭ |
ᠬᠢᠲᠠᠳ ᠠᠩᠭᠯᠢ ᠶᠠᠫᠣᠨ |
ᠨᠠᠢ᠍ᠮᠠᠳᠤᠭᠠᠷ ᠰᠠᠷ᠎ᠠ᠎ᠶᠢᠨ ᠬᠣᠷᠴᠢᠨ ᠨᠤᠲᠤᠭ᠎ᠲᠤ ᠲᠡᠭᠷᠢ ᠭᠠᠵᠠᠷ ᠳᠣᠩᠰᠤᠯᠤᠮᠠ ᠨᠢᠭᠡ ᠬᠡᠷᠡᠭ ᠭᠠᠷᠪᠠ᠃
ᠦᠳᠡᠰᠢ᠎ᠶᠢᠨ ᠨᠠᠷᠠ ᠬᠥᠷᠦᠰᠦᠲᠦ ᠳᠡᠯᠡᠬᠡᠢ᠎ᠶᠢᠨ ᠬᠥᠪᠡᠭᠡᠨ᠎ᠦ ᠴᠠᠭᠠᠭᠤᠷ ᠣᠷᠤᠯ᠎ᠠ᠃ ᠪᠠᠷᠠᠭᠤᠨ ᠬᠣᠢᠨ᠎ᠠ᠎ᠠᠴᠠ ᠰᠠᠯᠬᠢ ᠰᠡᠪᠢᠭᠡᠨᠡᠵᠦ ᠬᠥᠳᠡᠭᠡ ᠨᠤᠲᠤᠭ᠎ᠤᠨ ᠡᠪᠡᠰᠦ ᠤᠷᠭᠤᠮᠠᠯ ᠬᠠᠯᠢᠭᠤᠷᠠᠨ ᠳᠠᠪᠠᠯᠭᠠᠯᠠᠬᠤ᠎ᠨᠢ ᠬᠥᠪᠡᠭᠡ ᠬᠢᠵᠠᠭᠠᠷ᠎ᠦᠭᠡᠢ ᠳᠠᠯᠠᠢ᠎ᠶᠢᠨ ᠳᠣᠯᠭᠢᠶᠠᠨ ᠮᠡᠲᠦ ᠬᠠᠷᠠᠭᠳᠠᠨ᠎ᠠ᠃ ᠥᠨᠳᠦᠷ ᠣᠭᠲᠠᠷᠭᠤᠢ᠎ᠶᠢ ᠪᠠᠷᠠᠭᠠᠨ ᠡᠭᠦᠯᠡ ᠥᠪᠴᠢ ᠪᠦᠷᠬᠦᠭᠰᠡᠨ᠎ᠨᠢ ᠵᠤᠵᠠᠭᠠᠨ ᠬᠠᠷ᠎ᠠ ᠳᠠᠪᠤᠤ᠎ᠪᠠᠷ ᠬᠥᠰᠢᠭᠡ ᠲᠠᠲᠠᠭᠰᠠᠨ ᠮᠡᠲᠦ ᠰᠠᠨᠠᠭᠳᠠᠨ᠎ᠠ᠃ ᠬᠥᠳᠡᠭᠡ ᠨᠤᠲᠤᠭ᠎ᠤᠨ ᠨᠠᠮᠤᠷ᠎ᠤᠨ ᠪᠣᠷᠤᠭᠠᠨ᠎ᠤ ᠪᠠᠭᠤᠬᠤ ᠭᠡᠵᠦ ᠪᠠᠢᠬᠤ᠎ᠶᠢ ᠬᠥᠮᠦᠨ ᠪᠦᠬᠦᠨ ᠮᠡᠳᠡᠵᠦ ᠪᠠᠢᠯ᠎ᠠ᠃
ᠰᠠᠷᠠᠩᠭᠤᠤ᠎ᠠ ᠬᠠᠷᠠᠭᠠᠨ ᠦᠵᠦᠭᠦᠷ᠎ᠦᠨ ᠲᠡᠷᠲᠡᠭᠡ ᠬᠣᠯᠠ᠎ᠠᠴᠠ ᠦᠬᠡᠷ᠎ᠦᠨ ᠰᠦᠷᠦᠭ᠎ᠢᠶᠡᠨ ᠬᠤᠷᠢᠶᠠᠨ ᠠᠢᠰᠤᠢ᠃ ᠤᠯᠠᠭᠠᠨ ᠬᠡᠭᠡᠷ ᠮᠣᠷᠢᠲᠠᠢ ᠡᠨᠡ ᠬᠡᠦᠬᠡᠨ᠎ᠦ ᠠᠷᠤ᠎ᠠᠴᠠ ᠥᠪᠡᠷ᠎ᠦᠨ ᠬᠢᠨᠢ ᠮᠠᠰᠢ ᠬᠠᠢᠷᠠᠲᠤ ᠪᠢᠴᠢᠬᠠᠨ ᠲᠠᠢᠭ᠎ᠠ 《ᠭᠠᠯᠠᠭᠤ》᠎ᠨᠢ ᠳᠠᠭᠠᠭᠰᠠᠨ ᠪᠠᠢᠪᠠ᠃ ᠲᠡᠷᠡ ᠪᠢᠴᠢᠬᠠᠨ ᠲᠠᠢᠭ᠎ᠠ᠎ᠨᠢ ᠡᠵᠡᠨ᠎ᠢᠶᠡᠨ ᠬᠠᠮᠢᠭ᠎ᠠ ᠶᠠᠪᠤᠪᠠᠴᠤ ᠮᠣᠷᠢᠨ᠎ᠤ ᠬᠢᠨᠢ ᠵᠥᠪ ᠪᠤᠷᠤᠭᠤ ᠲᠠᠯ᠎ᠠ᠎ᠳᠤ ᠭᠠᠷᠴᠤ ᠰᠠᠯᠳᠠᠭ᠎ᠦᠭᠡᠢ ᠠᠵᠢ᠃ ᠪᠡᠯᠴᠢᠭᠡᠷᠯᠡᠨ ᠴᠠᠳᠤᠭᠰᠠᠨ ᠦᠬᠡᠷᠦᠳᠨᠢ ᠰᠠᠯᠬᠢ ᠰᠥᠷᠦᠨ ᠠᠯᠬᠤᠬᠤ᠎ᠳᠤ ᠶᠡᠬᠡᠲᠡ ᠵᠦᠳᠡᠭᠦᠷᠢᠲᠡᠢ ᠪᠠᠢᠬᠤ᠎ᠶᠢ ᠰᠠᠷᠠᠩᠭᠤᠤ᠎ᠠ ᠲᠤᠩᠭᠠᠯ᠎ᠦᠭᠡᠢ ᠪᠠᠢᠨ ᠳᠠᠬᠢᠨ ᠰᠢᠪᠠᠳᠠᠭᠤᠯᠵᠤ ᠰᠢᠯᠪᠢᠭᠦᠷ ᠳᠠᠯᠠᠢᠨ 《ᠭᠦᠦᠭ ᠴᠥᠬᠦ!》 ᠭᠡᠵᠦ ᠬᠠᠰᠭᠢᠷᠤᠨ᠎ᠠ᠃ ᠭᠡᠪᠡᠴᠦ ᠡᠵᠡᠨ᠎ᠨᠢ ᠡᠨᠡ ᠡᠳᠦᠷ ᠠᠮᠠᠷᠠᠭ ᠬᠣᠩᠭᠤᠷᠲᠠᠢᠪᠠᠨ ᠠᠭᠤᠯᠵᠠᠬᠤ ᠪᠣᠯᠵᠤᠭ᠎ᠠ ᠲᠣᠭᠲᠠᠴᠢᠬᠠᠭᠠᠳ ᠲᠡᠢᠨ᠎ᠬᠦ ᠰᠢᠪᠠᠳᠠᠭᠤᠯᠵᠤ ᠪᠠᠢᠬᠤ᠎ᠶᠢ ᠦᠬᠡᠷ᠎ᠦᠨ ᠰᠦᠷᠦᠭ᠎ᠨᠢ ᠬᠡᠷᠬᠢᠨ ᠮᠡᠳᠡᠬᠦ ᠪᠢᠯᠡ᠃
ᠰᠠᠷᠠᠩᠭᠤᠤ᠎ᠠ ᠦᠬᠡᠷ᠎ᠦᠨ ᠰᠦᠷᠦᠭ᠎ᠢᠶᠡᠨ ᠠᠢᠯ᠎ᠠᠴᠠ ᠣᠢᠷᠠᠬᠠᠨ ᠨᠢᠭᠡᠨ ᠮᠠᠩᠬᠠᠨ ᠳᠡᠭᠡᠷ᠎ᠡ ᠠᠪᠠᠴᠢᠭᠠᠳ᠂ ᠵᠢᠯᠤᠭᠤ᠎ᠪᠠᠨ ᠲᠠᠲᠠᠵᠤ ᠵᠣᠭᠰᠤᠭᠠᠳ ᠤᠷᠮ᠎ᠠ ᠦᠭᠡᠢᠬᠡᠨ ᠬᠠᠷᠠᠴᠠ᠎ᠪᠠᠷ ᠡᠷᠭᠢᠨ ᠲᠣᠭᠤᠷᠢᠨ᠎ᠢ ᠪᠠᠬᠠᠨ ᠠᠵᠢᠭᠯᠠᠵᠤ᠂ ᠳᠠᠷᠠᠭ᠎ᠠ᠎ᠨᠢ 《ᠰᠠᠮᠪᠤᠤ ᠡ! ᠰᠠᠮᠪᠤᠤ!》 ᠭᠡᠵᠦ ᠬᠡᠳᠦᠨᠲᠡ ᠳᠠᠭᠤᠳᠠᠭᠰᠠᠨ ᠪᠣᠯᠪᠠᠴᠤ ᠨᠢᠭᠡ᠎ᠴᠦ ᠬᠥᠮᠦᠨ ᠦᠵᠡᠭᠳᠡᠭᠰᠡᠨ᠎ᠦᠭᠡᠢ᠃ ᠡᠢᠮᠦ᠎ᠳᠦ ᠰᠠᠷᠠᠩᠭᠤᠤ᠎ᠠ ᠦᠬᠡᠷᠦᠳᠢᠶᠡᠨ ᠮᠠᠩᠬᠠᠨ᠎ᠤ ᠬᠠᠵᠠᠭᠤ᠎ᠳᠤ ᠲᠣᠭᠲᠠᠭᠠᠵᠤ ᠰᠠᠯᠬᠢ ᠰᠢᠷᠤᠢ᠎ᠶᠢᠨ ᠳᠤᠮᠳᠠ ᠰᠠᠮᠪᠤᠤ᠎ᠶᠢ ᠬᠦᠯᠢᠶᠡᠨ ᠰᠠᠭᠤᠬᠤᠯᠠ ᠬᠡᠷᠡᠭᠲᠡᠢ ᠪᠣᠯᠪᠠ᠃
ᠲᠡᠭᠡᠵᠦ ᠪᠠᠢᠲᠠᠯ᠎ᠠ ᠵᠡᠭᠦᠨᠲᠡᠢᠡᠴᠡᠨᠢ ᠨᠢᠭᠡ ᠰᠠᠷᠠᠯ ᠮᠣᠷᠢᠲᠠᠢ ᠬᠥᠮᠦᠨ ᠬᠠᠷᠪᠤᠭᠰᠠᠨ ᠰᠤᠮᠤ ᠮᠡᠲᠦ ᠳᠠᠪᠬᠢᠨ ᠭᠠᠷᠴᠤ ᠢᠷᠡᠬᠦ᠎ᠳᠦ ᠰᠠᠷᠠᠩᠭᠤᠤ᠎ᠠ᠎ᠶᠢᠨ ᠵᠢᠷᠦᠬᠡ ᠲᠦᠭ ᠲᠦᠭ ᠳᠣᠭᠳᠤᠯᠤᠨ ᠴᠣᠮᠣᠷᠯᠢᠭ᠎ᠢᠶᠠᠨ ᠵᠠᠳᠠᠯᠤᠨ ᠳᠡᠯᠭᠡᠷᠡᠬᠦ ᠴᠡᠴᠡᠭ ᠮᠡᠲᠦ ᠪᠠᠶᠠᠰᠤᠨ ᠢᠨᠢᠶᠡᠵᠦ᠂ ᠮᠣᠷᠢᠨ᠎ᠠᠴᠠ᠎ᠪᠠᠨ ᠦᠰᠦᠷᠦᠨ ᠪᠠᠭᠤᠭᠠᠳ ᠡᠪᠦᠷ᠎ᠡᠴᠡ᠎ᠪᠡᠨ ᠤᠷᠲᠤ ᠪᠦᠴᠡᠲᠡᠢ ᠶᠠᠭᠠᠨ ᠲᠣᠷᠭᠠᠨ ᠲᠠᠮᠠᠬᠢᠨ᠎ᠤ ᠤᠭᠤᠲᠠ᠎ᠶᠢ ᠳᠡᠭᠡᠭᠰᠢ ᠡᠷᠭᠦᠨ ᠲᠠᠰᠤᠷᠠᠯᠲᠠ᠎ᠦᠭᠡᠢ ᠬᠤᠷᠤᠢᠯᠠᠨ ᠪᠡᠶ᠎ᠡ ᠤᠷᠤᠭᠤ᠎ᠪᠠᠨ ᠠᠢᠰᠤᠢ ᠬᠥᠮᠦᠨ᠎ᠳᠦ ᠬᠠᠯᠠᠭᠤᠨ ᠰᠡᠳᠭᠢᠯ᠎ᠦᠨ ᠤᠭᠲᠤᠯᠲᠠ᠎ᠪᠠᠨ ᠢᠯᠡᠳᠭᠡᠵᠦ ᠡᠬᠢᠯᠡᠪᠡ᠃ ᠭᠡᠪᠡᠴᠦ ᠲᠡᠷᠡ ᠠᠢᠰᠤᠢ ᠬᠥᠮᠦᠨ᠎ᠢ ᠣᠢᠷᠠᠳᠬᠤ ᠲᠤᠲᠤᠮ ᠲᠡᠭᠦᠨ᠎ᠦ ᠪᠠᠶᠠᠷᠯᠠᠭᠰᠠᠨ ᠰᠡᠳᠭᠢᠯ ᠤᠯᠠᠮ᠎ᠢᠶᠠᠷ ᠪᠠᠭᠤᠷᠠᠵᠤ ᠢᠷᠡᠯ᠎ᠡ᠃
ᠲᠡᠷᠡ ᠬᠥᠮᠦᠨ ᠪᠣᠯ ᠰᠠᠷᠠᠩᠭᠤᠤ᠎ᠠ᠎ᠶᠢᠨ ᠬᠦᠯᠢᠶᠡᠭᠰᠡᠨ ᠰᠠᠮᠪᠤᠤ ᠪᠢᠰᠢ ᠪᠠᠢᠭᠰᠠᠨ ᠠᠵᠢ᠃
ᠪᠢᠲᠡᠭᠦᠦ ᠬᠤᠤᠵᠠ᠎ᠲᠠᠢ ᠡᠪᠦᠭᠡᠨ ᠬᠥᠮᠦᠨ ᠰᠠᠷᠠᠩᠭᠤᠤ᠎ᠠ᠎ᠶᠢᠨ ᠡᠨᠳᠡ ᠵᠣᠭᠰᠤᠵᠤ ᠪᠠᠢᠭ᠎ᠠ ᠤᠴᠢᠷ ᠰᠢᠯᠲᠠᠭᠠᠨ᠎ᠢ ᠮᠡᠳᠡᠵᠦ ᠪᠠᠢᠭᠰᠠᠨ ᠪᠣᠯᠪᠠᠴᠤ ᠲᠡᠭᠦᠨ᠎ᠢ ᠢᠴᠢᠭᠡᠬᠦ ᠭᠡᠵᠦ 《ᠵᠢᠭᠠᠯ ᠬᠡᠦᠬᠡᠨ ᠴᠢ ᠡᠨᠳᠡ ᠶᠠᠭᠤ ᠬᠢᠵᠦ ᠵᠣᠭᠰᠤᠵᠤ ᠪᠠᠢᠭ᠎ᠠ᠎ᠶᠤᠮ ᠪᠤᠢ?》 ᠭᠡᠵᠦ ᠠᠰᠠᠭᠤᠪᠠ᠃
ᠰᠠᠷᠠᠩᠭᠤᠤ᠎ᠠ : 《ᠠᠪᠤ ᠲᠠ ᠶᠠᠮᠠᠷ ᠶᠡᠬᠡ ᠶᠠᠭᠠᠷᠠᠤ ᠤᠴᠢᠷ᠎ᠢᠶᠠᠷ ᠢᠩᠭᠢᠵᠦ ᠮᠣᠷᠢᠨ᠎ᠤ᠎ᠪᠠᠨ ᠬᠠᠷ᠎ᠠ ᠬᠥᠯᠦᠰᠦ᠎ᠶᠢ ᠭᠠᠷᠭᠠᠨ ᠳᠠᠪᠬᠢᠵᠤ ᠶᠠᠪᠤᠭᠠᠶᠤᠮ ᠪᠤᠢ?》 ᠭᠡᠵᠦ ᠡᠪᠦᠭᠡᠨ᠎ᠦ ᠠᠩᠬᠠᠷᠤᠯ᠎ᠢ ᠥᠭᠡᠷ᠎ᠡ ᠲᠡᠰᠢ ᠰᠢᠯᠵᠢᠭᠦᠯᠦᠨ ᠠᠰᠠᠭᠤᠯ᠎ᠠ᠃
《ᠨᠢᠭᠡᠨ ᠪᠠᠴᠢᠮ ᠠᠵᠢᠯ ᠭᠠᠷᠤᠭᠰᠠᠨ ᠲᠤᠯᠠ ᠣᠯᠠᠨ ᠲᠦᠮᠡᠨ᠎ᠦ ᠬᠤᠷᠠᠯ ᠬᠢᠵᠦ ᠮᠡᠳᠡᠭᠳᠡᠶ᠎ᠡ ᠭᠡᠰᠡᠨ᠎ᠶᠦᠮ᠃ 》
《ᠣᠷᠤᠢ ᠬᠤᠷᠠᠯ ᠲᠡᠭᠦᠰᠦᠭᠰᠡᠨ᠎ᠦ ᠳᠠᠷᠠᠭ᠎ᠠ ᠲᠠ ᠪᠠᠰᠠ ᠥᠴᠦᠭᠡᠳᠦᠷ ᠣᠷᠤᠢ ᠬᠡᠯᠡᠵᠦ ᠳᠠᠭᠤᠰᠤᠭᠠᠳᠤᠢ ᠦᠯᠢᠭᠡᠷ᠎ᠢᠶᠡᠨ ᠪᠢᠳᠡᠨ᠎ᠳᠦ ᠵᠠᠯᠭᠠᠭᠠᠳ ᠶᠠᠷᠢᠵᠤ ᠥᠭᠭᠦᠭᠡᠷᠡᠢ!》
《ᠲᠡᠷᠡᠴᠦ ᠭᠣᠷᠢ᠎ᠦᠭᠡᠢ ᠪᠠᠢᠬᠤ᠃ ᠪᠢ ᠰᠠᠶᠢ ᠴᠢᠮ᠎ᠠ᠎ᠳᠤ ᠪᠠᠴᠢᠮ ᠠᠵᠢᠯ ᠭᠠᠷᠪᠠ ᠭᠡᠵᠦ ᠬᠡᠯᠡᠭᠰᠡᠨ ᠪᠢᠵᠡ ᠳ᠋ᠠ᠃ 》
《ᠶᠠᠮᠠᠷᠯᠠ ᠪᠠᠴᠢᠮ ᠠᠵᠢᠯ ᠪᠠᠢᠳᠠᠭ᠎ᠶᠤᠮ! ᠲᠠ ᠲᠡᠭᠡᠵᠦ ᠰᠢᠯᠲᠠᠭ ᠡᠷᠢᠬᠦ᠎ᠡᠴᠡ ᠬᠠᠷᠢᠨ ᠶᠠᠷᠢᠵᠤ ᠥᠭᠬᠦ᠎ᠦᠭᠡᠢ ᠭᠡᠵᠦ ᠰᠢᠭᠤᠳ ᠬᠡᠯᠡᠴᠢᠬᠡᠪᠡᠯ ᠳᠡᠭᠡᠷ᠎ᠡ᠃ 》
《ᠦᠨᠡᠨ ᠰᠢᠤ᠂ ᠪᠢ ᠬᠤᠳᠠᠯ ᠬᠡᠯᠡᠭᠡᠳᠦᠢ᠃ ᠵᠠ ᠪᠢ ᠶᠠᠪᠤᠯ᠎ᠠ᠃ ᠵᠢᠭᠠᠯ ᠬᠡᠦᠬᠡᠨ᠎ᠮᠢᠨᠢ ᠴᠢᠴᠦ ᠪᠠᠰᠠ ᠡᠷᠲᠡᠬᠡᠨ ᠬᠠᠷᠢᠬᠤ ᠪᠢᠵᠡ ᠳ᠋ᠠ ?》
ᠡᠪᠦᠭᠡᠨ ᠳᠥᠷᠦᠭᠡ ᠵᠢᠭᠢᠨ ᠥᠨᠳᠡᠢᠮᠡᠭᠴᠡ ᠮᠣᠷᠢ᠎ᠨᠢ ᠤᠬᠤᠰᠬᠢᠨ ᠳᠠᠪᠬᠢᠯ᠎ᠠ᠃
ᠡᠨᠡ ᠡᠪᠦᠭᠡᠨ᠎ᠦ ᠨᠡᠷ᠎ᠡ ᠠᠮᠤᠭᠤᠯᠠᠩᠶᠤᠮ᠃ ᠭᠠᠴᠠᠭᠠᠨ᠎ᠤ ᠳᠠᠷᠤᠭ᠎ᠠ ᠪᠥᠭᠡᠳ ᠠᠬᠠᠮᠠᠳ ᠨᠠᠮ᠎ᠤᠨ ᠭᠡᠰᠢᠭᠦᠨ ᠠᠵᠢ᠃ ᠡᠨᠡ ᠬᠥᠮᠦᠨ ᠪᠣᠯ ᠰᠢᠯᠤᠭᠤᠨ ᠰᠢᠳᠤᠷᠭᠤ ᠵᠠᠩ᠎ᠲᠠᠢ ᠪᠥᠭᠡᠳ ᠣᠯᠠᠨ ᠲᠦᠮᠡᠨ᠎ᠦ ᠦᠢᠯᠡᠰ᠎ᠦᠨ ᠲᠥᠯᠦᠭᠡ ᠬᠡᠵᠢᠶᠡᠳᠡ ᠵᠦᠳᠡᠷᠡᠯ᠎ᠢ ᠪᠤᠰᠤᠳ᠎ᠠᠴᠠ ᠡᠮᠦᠨ᠎ᠡ ᠠᠮᠰᠠᠵᠤ᠂ ᠵᠢᠷᠭᠠᠯ᠎ᠢ ᠪᠤᠰᠤᠳ᠎ᠠᠴᠠ ᠬᠣᠢᠨ᠎ᠠ ᠡᠳ᠋ᠯᠡᠵᠦ ᠶᠠᠪᠤᠳᠠᠭ ᠪᠣᠯᠬᠣᠷ ᠣᠯᠠᠨ ᠲᠦᠮᠡᠨ ᠲᠡᠭᠦᠨ᠎ᠢ ᠢᠲᠡᠭᠡᠵᠦ ᠨᠠᠢᠳᠠᠨ ᠬᠠᠢᠷᠠᠯᠠᠨ ᠬᠦᠨᠳᠦᠳᠭᠡᠵᠦ᠂ ᠠᠢᠯ᠎ᠤᠨ ᠬᠢᠨ᠎ᠦ ᠡᠷᠡᠭᠲᠡᠢ ᠡᠮᠡᠭᠲᠡᠢ ᠬᠥᠭᠰᠢᠨ ᠵᠠᠯᠠᠭᠤᠴᠤᠳ ᠴᠥᠮ᠎ᠢᠶᠡᠷ 《ᠠᠮᠤᠭᠤᠯᠠᠩ ᠭᠤᠸᠠᠢ》 ᠭᠡᠵᠦ ᠳᠠᠭᠤᠳᠠᠳᠠᠭ ᠠᠵᠢ ᠁
ᠰᠠᠷᠠᠩᠭᠤᠤ᠎ᠠ ᠲᠡᠢᠨ᠎ᠬᠦ ᠲᠡᠨᠳᠡ᠎ᠪᠡᠨ ᠤᠳᠠᠲᠠᠯ᠎ᠠ ᠬᠦᠯᠢᠶᠡᠭᠰᠡᠭᠡᠷ ᠪᠠᠢᠯ᠎ᠠ᠃ 《ᠨᠥᠬᠦᠷ ᠡ᠂ ᠰᠠᠢᠨ ᠪᠠᠢᠨ᠎ᠠ᠎ᠤᠤ? ᠡᠨᠡ ᠡᠮᠦᠨᠡᠬᠢ ᠠᠢᠯ ᠶᠠᠮᠠᠷ ᠠᠢᠯ ᠪᠤᠢ?》 ᠭᠡᠵᠦ ᠳᠣᠷᠤᠢ ᠳᠠᠭᠤᠨ ᠰᠠᠷᠠᠩᠭᠤᠤ᠎ᠠ᠎ᠶᠢᠨ ᠠᠷᠤ᠎ᠠᠴᠠ ᠰᠣᠨᠤᠰᠳᠠᠬᠤ᠎ᠳᠤ ᠡᠷᠭᠢᠵᠦ ᠬᠠᠷᠠᠪᠠᠯ᠂ ᠰᠠᠮᠵᠠᠰᠢᠭ᠋ ᠲᠤᠷᠠᠩᠬᠠᠢ ᠬᠥᠮᠦᠨ ᠵᠣᠭᠰᠤᠵᠤ ᠪᠠᠢᠪᠠ᠃ ᠲᠡᠭᠦᠨ᠎ᠦ ᠤᠷᠲᠤ ᠤᠷᠭᠤᠭᠰᠠᠨ ᠰᠡᠭᠰᠡᠭᠡᠷ ᠭᠡᠵᠢᠭᠡ ᠦᠰᠦᠨᠳᠦᠨᠢ ᠪᠥᠭᠡᠰᠦ ᠬᠢᠭᠤᠷᠰᠤ ᠠᠷᠪᠠᠭᠠᠨᠠᠬᠤ ᠮᠡᠲᠦ ᠬᠠᠷᠠᠭᠳᠠᠵᠤ ᠴᠣᠬᠤᠷ ᠨᠢᠭᠤᠷ᠎ᠲᠤᠨᠢ ᠬᠥᠯᠦᠰᠦ ᠵᠤᠩᠭᠠᠭ ᠬᠠᠯᠲᠠᠩᠲᠤᠨ ᠦᠵᠡᠭᠳᠡᠬᠦ ᠪᠥᠭᠡᠳ ᠰᠢᠷ᠎ᠠ ᠲᠠᠩᠽᠢ ᠨᠥᠮᠦᠷᠦᠭᠰᠡᠨ ᠪᠠᠢᠯ᠎ᠠ᠃
ᠰᠠᠷᠠᠩᠭᠤᠤ᠎ᠠ ᠡᠨᠡᠬᠦ ᠵᠢᠰᠦ ᠪᠤᠷᠤᠭᠤ ᠬᠥᠮᠦᠨ᠎ᠢ ᠦᠵᠡᠭᠡᠳ ᠶᠡᠬᠡ ᠰᠡᠵᠢᠭ ᠲᠥᠷᠦᠨ ᠰᠣᠴᠢᠨ ᠬᠡᠯᠮᠡᠭᠳᠡᠭᠰᠡᠨ ᠳᠠᠭᠤᠨ᠎ᠢᠶᠠᠷ:
《ᠴᠢ ᠬᠡᠨ ᠭᠡᠳᠡᠭ ᠬᠥᠮᠦᠨ ᠪᠤᠢ᠂ ᠬᠠᠮᠢᠭ᠎ᠠ᠎ᠠᠴᠠ ᠢᠷᠡᠭᠡ ᠪᠤᠢ?》 ᠭᠡᠵᠦ ᠠᠰᠠᠭᠤᠯ᠎ᠠ᠃
《ᠵᠠᠷᠤᠳ ᠬᠣᠰᠢᠭᠤᠨ᠎ᠠᠴᠠ ᠢᠷᠡᠯ᠎ᠡ᠃ ᠮᠠᠨᠠᠢ ᠲᠡᠨᠳᠡ ᠶᠡᠬᠡ ᠭᠠᠩ ᠭᠠᠮᠰᠢᠭ ᠪᠣᠯᠤᠭᠰᠠᠨ᠎ᠶᠤᠮ》 ᠭᠡᠵᠦ ᠲᠡᠷᠡ ᠬᠥᠮᠦᠨ ᠥᠪᠡᠷ᠎ᠦᠨ ᠨᠡᠷ᠎ᠡ᠎ᠪᠡᠨ ᠵᠣᠷᠢᠭᠤᠳᠠ ᠬᠡᠯᠡᠬᠦ᠎ᠦᠭᠡᠢ ᠪᠠᠢᠯ᠎ᠠ᠃
《ᠴᠢ ᠶᠠᠮᠠᠷ ᠭᠠᠵᠠᠷ᠎ᠤᠨ ᠬᠡᠨ᠎ᠦ᠎ᠳᠦ ᠣᠴᠢᠬᠤ ᠭᠡᠵᠦ ᠶᠠᠪᠤᠵᠤ ᠪᠠᠢᠭ᠎ᠠ᠎ᠶᠤᠮ?》
《ᠨᠠᠮᠠᠢ ᠨᠠᠰᠢ ᠭᠠᠷᠴᠤ ᠢᠷᠡᠬᠦ᠎ᠳᠦ ᠮᠠᠨ᠎ᠤ ᠠᠢᠯ᠎ᠤᠨ ᠮᠠᠯᠬᠠ ᠬᠣᠷᠴᠢᠨ ᠬᠣᠰᠢᠭᠤᠨ᠎ᠤ ᠪᠠᠶᠠᠨ ᠥᠨᠳᠦᠷ ᠠᠢᠯ᠎ᠤᠨ ᠭᠠᠯᠰᠠᠩ ᠭᠡᠳᠡᠭ ᠬᠥᠮᠦᠨ᠎ᠳᠦ ᠦᠭᠡ ᠬᠡᠯᠡᠭᠦᠯᠦᠭᠰᠡᠨᠶᠦᠮ᠃ ᠪᠠᠶᠠᠨ ᠥᠨᠳᠦᠷ ᠠᠢᠯ ᠡᠨᠳᠡ᠎ᠡᠴᠡ ᠬᠡᠳᠦᠢ ᠬᠣᠯᠠ ᠪᠠᠢᠬᠤ᠎ᠶᠢ ᠲᠠ ᠨᠠᠳᠠ ᠬᠡᠯᠡᠵᠦ ᠥᠭᠭᠦᠨᠡᠦᠦ?》 ᠭᠡᠳ ᠲᠡᠷᠡ ᠬᠥᠮᠦᠨ ᠰᠠᠷᠠᠩᠭᠤᠤ᠎ᠠ ᠤᠷᠤᠭᠤ ᠰᠢᠬᠢᠭᠡᠷ ᠨᠢᠳᠦ᠎ᠪᠡᠷ᠎ᠢᠶᠡᠨ ᠬᠠᠷᠠᠵᠤ ᠬᠠᠷᠢᠭᠤ ᠬᠦᠯᠢᠶᠡᠨ᠎ᠡ ᠁
《ᠪᠠᠶᠠᠨ ᠥᠨᠳᠦᠷ ᠠᠢᠯᠤᠤ? ᠣᠢᠷᠠᠬᠠᠨ》 ᠭᠡᠵᠦ ᠰᠠᠷᠠᠩᠭᠤᠤ᠎ᠠ ᠦᠭᠡ᠎ᠪᠡᠨ ᠤᠷᠲᠤᠯᠠᠭᠤᠯᠤᠨ: 《ᠭᠡᠪᠡᠴᠦ ᠮᠠᠨ᠎ᠤ ᠬᠣᠷᠴᠢᠨ ᠨᠤᠲᠤᠭ᠎ᠲᠤ ᠨᠢᠭᠡᠨ ᠵᠦᠢᠯ᠎ᠦᠨ ᠶᠣᠰᠤ ᠳᠦᠷᠢᠮ ᠪᠠᠢᠳᠠᠭ᠎ᠶᠤᠮ: ᠵᠠᠮ᠎ᠤᠨ ᠬᠥᠮᠦᠨ ᠪᠣᠯ ᠵᠠᠪᠠᠯ ᠤᠷᠢᠳᠠᠪᠠᠷ 〈ᠵᠠᠮ᠎ᠤᠨ ᠭᠡᠷᠡᠴᠢ〉᠎ᠪᠡᠨ ᠭᠠᠷᠭᠠᠨ ᠦᠵᠡᠭᠦᠯᠵᠦ᠂ ᠳᠠᠷᠠᠭ᠎ᠠ᠎ᠨᠢ ᠵᠠᠮ ᠠᠰᠠᠭᠤᠬᠤ ᠡᠷᠬᠡ ᠣᠯᠳᠠᠭᠶᠤᠮ᠃ ᠢᠩᠭᠢᠪᠡᠯ ᠬᠥᠮᠦᠰ ᠲᠡᠭᠦᠨ᠎ᠳᠦ ᠵᠠᠮ ᠵᠢᠭᠠᠵᠤ ᠥᠭᠳᠡᠭᠶᠦᠮ》 ᠭᠡᠪᠡ᠃
《ᠠ!》 ᠭᠡᠳ ᠲᠡᠷᠡ ᠬᠥᠮᠦᠨ ᠵᠠᠯᠢᠯᠠᠨ ᠢᠨᠢᠶᠡᠮᠰᠦᠭᠯᠡᠵᠦ ᠠᠪᠤᠭᠠᠳ: 《ᠵᠠᠮ᠎ᠤᠨ ᠭᠡᠷᠡᠴᠢᠦᠦ? ᠪᠠᠢᠨ᠎ᠠ᠂ ᠪᠠᠢᠨ᠎ᠠ᠂ ᠪᠠᠢᠨ᠎ᠠ᠃ ᠭᠡᠪᠡᠴᠦ ᠨᠠᠮᠠᠢ ᠭᠡᠷ᠎ᠡᠴᠡ ᠭᠠᠷᠬᠤ ᠦᠶᠡᠰ ᠡᠬᠡᠨᠡᠷᠮᠢᠨᠢ ᠨᠠᠮᠠᠢ ᠵᠠᠮ᠎ᠤᠨ ᠭᠡᠷᠡᠴᠢ᠎ᠪᠡᠨ ᠭᠡᠭᠡᠴᠢᠬᠡᠬᠦ᠎ᠡᠴᠡ ᠪᠣᠯᠭᠤᠮᠵᠢᠯᠠᠨ ᠳᠣᠲᠤᠷ᠎ᠠ ᠥᠮᠦᠳᠦᠨ᠎ᠳᠦ ᠪᠠᠷᠢᠵᠤ ᠵᠢᠭᠤᠷᠠᠲᠠᠯᠠ ᠬᠠᠳᠠᠭᠰᠠᠨ ᠲᠤᠯᠠ ᠭᠠᠷᠭᠠᠬᠤ᠎ᠳᠤ ᠪᠠᠬᠠᠨ ᠶᠠᠷᠰᠢᠭᠲᠠᠢᠯᠠ ᠪᠠᠢᠨ᠎ᠠ᠃ ᠵᠠ ᠪᠣᠯᠵᠠᠢ᠂ ᠣᠷᠤᠢ ᠪᠣᠯᠵᠤ ᠪᠠᠢᠨ᠎ᠠ᠂ ᠪᠢ ᠪᠠᠰᠠ ᠵᠠᠮ ᠬᠥᠭᠡᠭᠡᠨ᠎ᠡ᠂ ᠪᠠᠶᠠᠷᠲᠠᠢ!》 ᠭᠡᠵᠦ ᠬᠡᠯᠡᠬᠦᠶᠢᠨᠢᠶᠡᠨ ᠳᠠᠭᠠᠤ ᠴᠠᠰᠢ ᠪᠤᠴᠠᠨ ᠶᠠᠪᠤᠯ᠎ᠠ ᠁
ᠰᠠᠷᠠᠩᠭᠤᠤ᠎ᠠ ᠲᠡᠷᠡ ᠬᠥᠮᠦᠨ᠎ᠢ ᠯᠠᠪ ᠰᠠᠢᠨ ᠬᠥᠮᠦᠨ ᠪᠢᠰᠢ ᠭᠡᠵᠦ ᠦᠵᠡᠭᠡᠳ 《ᠪᠢ ᠡᠭᠦᠨ᠎ᠢ ᠶᠠᠭᠠᠬᠢᠵᠤ ᠡᠢᠵᠦ ᠪᠠᠢᠭᠠᠳ ᠠᠢᠯ ᠳᠡᠭᠡᠷ᠎ᠡ ᠠᠪᠴᠤ ᠣᠴᠢᠬᠤᠤᠤ? ᠪᠣᠯᠬᠤ᠎ᠦᠭᠡᠢ᠂ ᠪᠣᠯᠬᠤ᠎ᠦᠭᠡᠢ᠂ ᠳᠠᠢᠰᠤᠨ ᠭᠡᠳᠡᠭ ᠪᠣᠯ ᠮᠠᠰᠢ ᠵᠠᠯᠢ ᠮᠡᠬᠡᠲᠡᠢ ᠪᠠᠢᠳᠠᠭ᠃ ᠡᠨᠡ ᠮᠠᠭᠤ ᠠᠮᠢᠲᠠᠨᠮᠢᠨᠦ ᠤᠬᠠᠭᠠᠨ᠎ᠢ ᠮᠡᠳᠡᠴᠢᠬᠡᠬᠦ ᠪᠣᠯ ᠳᠡᠮᠡᠢ ᠴᠠᠭ᠎ᠢ ᠰᠠᠭᠠᠲᠠᠭᠠᠬᠤ᠎ᠳᠤ ᠬᠦᠷᠦᠨ᠎ᠡ᠃ ᠣᠳᠣ ᠲᠡᠭᠦᠨ᠎ᠢ ᠲᠡᠭᠷᠢ᠎ᠶᠢᠨ ᠪᠠᠢᠳᠠᠯ᠎ᠢ ᠠᠵᠢᠭᠯᠠᠵᠤ ᠪᠠᠢᠬᠤ ᠰᠠᠨᠠᠮᠰᠠᠷ᠎ᠦᠭᠡᠢ ᠦᠶᠡᠰ᠎ᠲᠦ᠎ᠨᠢ ᠫᠤᠤ᠎ᠶᠢ᠎ᠨᠢ ᠪᠤᠯᠢᠶᠠᠨ ᠠᠪᠤᠶ᠎ᠠ! ᠁》 ᠭᠡᠵᠦ ᠰᠢᠢᠳᠪᠡ᠃
ᠢᠩᠭᠢᠭᠡᠳ ᠰᠠᠷᠠᠩᠭᠤᠤ᠎ᠠ ᠤᠬᠤᠰᠬᠢᠨ ᠣᠴᠢᠵᠤ ᠲᠡᠭᠦᠨ᠎ᠦ ᠫᠤᠤ᠎ᠶᠢ ᠪᠠᠷᠢᠵᠤ ᠠᠪᠤᠯ᠎ᠠ᠃
ᠲᠡᠷᠡ ᠮᠠᠭᠤ ᠵᠣᠯᠢᠭ ᠭᠡᠳᠡᠷᠭᠦ ᠡᠷᠭᠢᠨ ᠰᠠᠷᠠᠩᠭᠤᠤ᠎ᠠ᠎ᠲᠠᠢ ᠠᠮᠢ ᠭᠦᠵᠢᠷᠡᠨ ᠨᠣᠴᠤᠯᠳᠤᠪᠠ᠃ ᠭᠡᠪᠡᠴᠦ ᠰᠠᠷᠠᠩᠭᠤᠤ᠎ᠠ ᠲᠡᠭᠦᠨ᠎ᠦ ᠫᠤᠤ᠎ᠶᠢᠨ ᠪᠠᠷᠢᠭᠤᠯ᠎ᠠᠴᠠ ᠰᠠᠯᠤᠰᠢ᠎ᠦᠭᠡᠢ ᠵᠢᠭᠤᠷᠠᠭᠰᠠᠨ ᠲᠤᠯᠠ ᠲᠡᠷᠡ ᠬᠣᠶᠠᠭᠤᠯᠠ ᠴᠠᠰᠢ ᠨᠠᠰᠢ ᠤᠭᠵᠠᠷᠠᠯᠳᠤᠨ ᠰᠠᠯᠬᠤ᠎ᠦᠭᠡᠢ ᠨᠣᠴᠤᠯᠳᠤᠵᠤ ᠪᠠᠢᠯ᠎ᠠ ᠁
ᠰᠠᠷᠠᠩᠭᠤᠤ᠎ᠠ᠎ᠶᠢᠨ ᠪᠤᠯᠢᠶᠠᠨ ᠠᠪᠤᠭᠰᠠᠨ ᠫᠤᠤ ᠪᠣᠯ ᠴᠧᠬᠤ᠋ ᠬᠢᠴᠡᠲᠡᠢ ᠫᠤᠤ ᠪᠠᠢᠵᠠᠢ᠃ ᠭᠠᠭᠴᠠ᠎ᠬᠦ ᠠᠪᠠ᠎ᠶᠢᠨ ᠫᠤᠤ ᠬᠡᠷᠡᠭᠯᠡᠵᠦ ᠰᠤᠷᠤᠭᠰᠠᠨ ᠰᠠᠷᠠᠩᠭᠤᠤ᠎ᠠ ᠡᠨᠡ ᠫᠤᠤ᠎ᠶᠢᠨ ᠵᠠᠮᠤᠭᠢ ᠨᠡᠭᠡᠭᠡᠵᠦ ᠴᠢᠳᠠᠯ᠎ᠦᠭᠡᠢ ᠪᠠᠴᠢᠮᠳᠠᠨ ᠰᠠᠨᠳᠤᠷᠴᠤ᠂ ᠲᠡᠭᠦᠨ᠎ᠦ ᠠᠷᠤ᠎ᠠᠴᠠ ᠨᠡᠬᠡᠵᠦ ᠬᠡᠳᠦᠬᠡᠨ ᠠᠯᠬᠤᠮ ᠭᠦᠶᠦᠭᠡᠳ ᠪᠦᠳᠦᠷᠢᠨ ᠤᠨᠠᠵᠠᠢ᠃ ᠭᠡᠲᠡᠯ᠎ᠡ ᠪᠢᠴᠢᠬᠠᠨ 《ᠭᠠᠯᠠᠭᠤ》 ᠲᠡᠷᠡ ᠵᠣᠯᠢᠭᠢ ᠨᠡᠬᠡᠵᠦ ᠭᠦᠢᠴᠡᠭᠡᠳ ᠤᠯᠠᠭᠠᠨ ᠬᠡᠭᠡᠷ ᠮᠣᠷᠢᠨ᠎ᠤ ᠬᠣᠩᠭᠤ ᠤᠷᠤᠭᠤ᠎ᠨᠢ ᠦᠰᠦᠷᠦᠨ ᠬᠠᠵᠠᠭᠰᠠᠨᠠ ᠤᠯᠠᠭᠠᠨ ᠬᠡᠭᠡᠷ ᠮᠣᠷᠢ ᠭᠠᠯᠵᠠᠭᠤᠷᠠᠭᠰᠠᠨ ᠮᠡᠲᠦ ᠪᠤᠯᠭᠢᠬᠤ᠎ᠳᠤ ᠲᠡᠷᠡ ᠵᠣᠯᠢᠭ ᠪᠠᠯᠢᠳᠠᠨ ᠳᠠᠪᠠᠵᠤ ᠬᠥᠰᠡᠷ ᠰᠢᠳᠡᠭᠳᠡᠭᠡᠳ ᠰᠡᠩᠳᠡ ᠮᠡᠩᠳᠡ ᠳᠠᠪᠬᠢᠨ ᠪᠣᠰᠴᠤ ᠮᠣᠷᠢ᠎ᠶᠢ ᠬᠥᠭᠡᠭᠡᠬᠦ ᠪᠠᠢᠲᠤᠭᠠᠢ ᠨᠥᠭᠦᠭᠡ ᠰᠢᠷ᠎ᠠ ᠲᠠᠩᠽᠢᠪᠠᠨᠴᠤ ᠠᠪᠬᠤ᠎ᠶᠢᠨ ᠵᠠᠪ᠎ᠦᠭᠡᠢ ᠴᠠᠰᠢ ᠭᠦᠶᠦᠯ᠎ᠡ᠃ ᠪᠢᠴᠢᠬᠠᠨ 《ᠭᠠᠯᠠᠭᠤ》 ᠪᠠᠰᠠ ᠲᠡᠭᠦᠨ᠎ᠢ ᠨᠢᠭᠡ ᠬᠡᠰᠡᠭ ᠨᠡᠬᠡᠵᠦ ᠪᠠᠢᠭᠠᠳ ᠡᠷᠭᠢᠵᠦ ᠬᠠᠷᠠᠬᠤ᠎ᠳᠤ ᠡᠵᠡᠨ᠎ᠨᠢ᠎ᠦᠭᠡᠢ ᠪᠠᠢᠭᠰᠠᠨ ᠲᠤᠯᠠ ᠴᠠᠰᠢ ᠨᠡᠬᠡᠭᠰᠡᠨ᠎ᠦᠭᠡᠢ᠃
ᠲᠡᠷᠡ ᠵᠣᠯᠢᠭ ᠬᠡᠳᠦ ᠬᠡᠳᠦᠨ ᠬᠣᠨᠤᠭ ᠪᠡᠯᠴᠢᠭᠡᠷ ᠲᠠᠯ᠎ᠠ᠂ ᠮᠠᠩᠬ᠎ᠠ ᠡᠯᠡᠰᠦ᠂ ᠲᠠᠷᠢᠶᠠᠨ ᠳᠣᠲᠤᠭᠤᠷ ᠬᠥᠳᠡᠭᠡ ᠤᠨᠲᠠᠵᠤ ᠨᠣᠢᠷ ᠬᠣᠭᠤᠯᠠ᠎ᠦᠭᠡᠢ ᠶᠠᠪᠤᠭᠰᠠᠨ᠎ᠤ ᠳᠡᠭᠡᠷ᠎ᠡ ᠪᠠᠰᠠ ᠰᠠᠶᠢ᠎ᠶᠢᠨ ᠲᠡᠷᠡ᠎ᠬᠦ ᠰᠢᠷᠦᠭᠦᠨ ᠨᠣᠴᠤᠯᠳᠤᠭᠠᠨᠳᠤ ᠬᠡᠲᠦᠷᠬᠡᠢ ᠪᠠᠴᠢᠮᠳᠠᠭᠰᠠᠨ᠎ᠠᠴᠠ ᠪᠣᠯᠵᠤ ᠨᠢᠭᠡ ᠮᠠᠩᠬ᠎ᠠ᠎ᠶᠢ ᠳᠠᠪᠠᠮᠠᠭᠴᠠ ᠲᠣᠯᠤᠭᠠᠢ᠎ᠨᠢ ᠡᠪᠦᠭᠡᠢ ᠪᠣᠯᠵᠤ ᠡᠬᠢᠯᠡᠪᠡ᠃ ᠴᠢᠩᠭᠢᠭᠡᠳ ᠴᠠᠰᠢ ᠲᠠᠷ ᠮᠡᠳᠡᠨ ᠭᠦᠶᠦᠵᠦ ᠶᠠᠪᠤᠭᠠᠳ ᠨᠢᠭᠡ ᠠᠵᠢᠭᠯᠠᠬᠤ᠎ᠳᠤ ᠡᠮᠦᠨ᠎ᠡ᠎ᠨᠢ ᠨᠢᠭᠡ ᠬᠡᠰᠡᠭ ᠢᠭᠴᠢ ᠤᠷᠭᠤᠭᠰᠠᠨ ᠵᠡᠭᠡᠰᠦ ᠬᠤᠯᠤᠰᠤ ᠪᠦᠷᠦᠭ ᠪᠠᠷᠤᠭ᠎ᠤᠨ ᠳᠤᠮᠳᠠ ᠶᠡᠬᠡ ᠰᠠᠯᠬᠢᠨ᠎ᠠ ᠳᠠᠯᠠᠢ᠎ᠶᠢᠨ ᠳᠠᠪᠠᠯᠭᠠᠨ ᠮᠡᠲᠦ ᠬᠠᠯᠢᠭᠤᠷᠠᠨ ᠬᠡᠢᠰᠴᠦ ᠪᠠᠢᠯ᠎ᠠ᠃ ᠲᠡᠷᠡ ᠮᠠᠭᠤ ᠵᠣᠯᠢᠭ ᠳᠣᠣᠷ᠎ᠠ᠎ᠪᠠᠨ ᠵᠣᠭᠰᠤᠰᠬᠢᠨ᠂ ᠬᠠᠷᠮᠠᠨᠠᠴᠠᠪᠠᠨ ᠬᠠᠢᠷᠴᠠᠭ ᠴᠦᠢᠳᠡᠩ ᠭᠠᠷᠭᠠᠵᠤ ᠠᠪᠤᠭᠠᠳ ᠵᠡᠭᠡᠰᠦ ᠬᠤᠯᠤᠰᠤ ᠤᠷᠤᠭᠤ ᠭᠦᠶᠦᠪᠡ᠃
ᠵᠡᠭᠡᠰᠦ ᠬᠤᠯᠤᠰᠤ ᠪᠣᠯ ᠬᠥᠳᠡᠭᠡ ᠨᠤᠲᠤᠭ᠎ᠤᠨ ᠡᠷᠳᠡᠨᠢᠶᠦᠮ᠃ ᠡᠨᠡ ᠬᠠᠪᠢ᠎ᠶᠢᠨ ᠠᠷᠠᠳ ᠣᠯᠠᠨ ᠡᠨᠡᠬᠦ ᠵᠡᠭᠡᠰᠦ ᠬᠤᠯᠤᠰᠤ᠎ᠪᠠᠨ ᠬᠠᠳᠤᠵᠤ ᠵᠢᠯ ᠪᠦᠷᠢ ᠬᠣᠲᠠ ᠪᠠᠯᠭᠠᠰᠤᠨ᠎ᠠᠴᠠ ᠵᠦᠢᠯ ᠵᠢᠰᠦᠮ᠎ᠦᠨ ᠪᠦᠰ ᠪᠠᠷᠠᠭ᠎ᠠ᠂ ᠲᠣᠷᠭ᠎ᠠ ᠳᠤᠷᠳᠤᠩ᠂ ᠮᠣᠩᠭᠤᠯ ᠭᠤᠲᠤᠯ᠂ ᠴᠠᠢ ᠲᠠᠮᠠᠬᠢ ᠰᠣᠯᠢᠵᠤ ᠠᠪᠴᠢᠷᠠᠳᠠᠭ᠎ᠠᠴᠠ ᠭᠠᠳᠠᠨ᠎ᠠ ᠵᠠᠷᠢᠮ ᠬᠥᠮᠦᠰ ᠪᠦᠬᠦ ᠵᠢᠯ᠎ᠦᠨ᠎ᠢᠶᠡᠨ ᠠᠮᠤ ᠬᠦᠨᠡᠰᠦ᠎ᠶᠢ ᠮᠥᠨ ᠡᠨᠡ ᠵᠡᠭᠡᠰᠦ ᠬᠤᠯᠤᠰᠤᠨ᠎ᠳᠤ ᠲᠦᠰᠢᠭᠯᠡᠨ ᠵᠠᠯᠭᠠᠭᠤᠯᠳᠠᠭ ᠪᠢᠯᠡ᠃ ᠭᠡᠲᠡᠯ᠎ᠡ ᠣᠳᠣ ᠲᠡᠷᠡ ᠢᠭᠴᠢ ᠵᠡᠭᠡᠰᠦ᠎ᠨᠢ ᠬᠠᠷᠠᠩᠭᠤᠢ ᠲᠦᠢᠮᠡᠷ ᠪᠣᠯᠤᠨ ᠬᠤᠪᠢᠷᠠᠪᠠ᠃ ᠮᠣᠩᠭᠤᠯ ᠦᠭᠡᠨ᠎ᠳᠦ 《ᠲᠦᠢᠮᠡᠷ ᠲᠠᠯᠪᠢᠪᠠᠯ ᠲᠦᠮᠡᠨ ᠨᠢᠭᠦᠯ!》 ᠭᠡᠵᠦ ᠪᠠᠢᠳᠠᠭ᠎ᠶᠤᠮ᠃
《ᠡᠨᠡ ᠲᠦᠢᠮᠡᠷ᠎ᠢ ᠯᠠᠪ ᠲᠡᠷᠡ ᠰᠠᠶᠢ᠎ᠶᠢᠨ ᠵᠣᠯᠢᠭ ᠲᠠᠯᠪᠢᠯ᠎ᠠ ᠰᠢᠤ᠃ ᠭᠡᠪᠡᠴᠦ ᠴᠢ ᠲᠠᠰᠢᠶ᠎ᠠ ᠤᠬᠠᠭᠠᠨ ᠭᠠᠷᠭᠠᠵᠠᠢ᠃ ᠴᠢᠮ᠎ᠠ᠎ᠪᠠᠷ ᠶᠠᠭᠠᠬᠢᠭᠰᠠᠨ᠎ᠴᠤ ᠲᠡᠭᠡᠭᠦᠯᠬᠦ᠎ᠦᠭᠡᠢ!》 ᠭᠡᠵᠦ ᠪᠣᠳᠤᠭᠰᠠᠨ ᠰᠠᠷᠠᠩᠭᠤᠤ᠎ᠠ ᠮᠣᠷᠢ᠎ᠪᠠᠨ ᠲᠠᠰᠢᠭᠤᠷᠳᠠᠨ ᠲᠦᠢᠮᠡᠷ ᠤᠷᠤᠭᠤ ᠤᠬᠤᠰᠬᠢᠨ ᠳᠠᠭᠠᠷᠢᠨ ᠣᠴᠢᠪᠠ ᠁
ᠭᠡᠭᠡ ᠲᠠᠰᠤᠷᠠᠬᠤ ᠦᠶᠡᠰ ᠰᠠᠯᠬᠢᠨ ᠨᠠᠮᠳᠠᠵᠤ ᠡᠬᠢᠯᠡᠯ᠎ᠡ᠃ ᠰᠠᠷᠠᠩᠭᠤᠤ᠎ᠠ᠂ ᠵᠢᠷᠭᠤᠭᠠᠨ ᠰᠠᠷ᠎ᠠ᠎ᠶᠢᠨ ᠠᠭᠠᠭᠢᠮ᠎ᠠ ᠬᠠᠯᠠᠭᠤᠨ᠎ᠳᠤ ᠨᠡᠬᠡᠢ ᠳᠡᠪᠡᠯ᠎ᠲᠡᠢ ᠬᠠᠯᠠᠭᠤᠴᠠᠵᠤ ᠪᠠᠢᠭᠰᠠᠨ ᠬᠥᠮᠦᠨ ᠳᠡᠪᠡᠯ᠎ᠢᠶᠡᠨ ᠲᠠᠢᠯᠤᠭᠠᠳ ᠭᠣᠣᠯ᠎ᠤᠨ ᠬᠦᠢᠲᠡᠨ ᠤᠰᠤᠨ᠎ᠳᠤ ᠦᠰᠦᠷᠦᠨ ᠣᠷᠤᠭᠰᠠᠨᠶᠤᠮᠰᠢᠭ᠋ ᠳᠣᠲᠤᠷ᠎ᠠ᠎ᠠᠴᠠ᠎ᠪᠠᠨ ᠰᠡᠷᠢᠭᠦᠦ ᠲᠡᠳᠡᠨ ᠰᠡᠷᠭᠦᠪᠡ᠃ ᠲᠡᠭᠡᠭᠡᠳ ᠨᠢᠳᠦ᠎ᠨᠢ ᠰᠤᠯᠠᠬᠠᠨ ᠨᠡᠭᠡᠭᠡᠭᠳᠡᠵᠦ ᠠᠪᠤᠭᠠᠳ ᠳᠠᠬᠢᠨ ᠠᠨᠢᠯ᠎ᠠ᠃ ᠭᠡᠪᠡᠴᠦ ᠲᠡᠭᠦᠨ᠎ᠳᠦ ᠰᠡᠳᠭᠢᠯ᠎ᠳᠦ᠂ ᠬᠤᠪᠢᠰᠭᠠᠯ᠎ᠤᠨ ᠡᠰᠡᠷᠭᠦᠦ ᠡᠲᠡᠭᠡᠳ᠎ᠢ ᠬᠥᠭᠡᠭᠡᠵᠦ ᠶᠠᠪᠤᠭ᠎ᠠ᠎ᠨᠢ ᠭᠡᠨᠡᠳᠲᠡ ᠪᠣᠳᠤᠭᠳᠠᠭᠰᠠᠨ ᠲᠤᠯᠠ ᠳᠣᠣᠷ᠎ᠠ᠎ᠪᠠᠨ ᠳᠠᠪᠬᠢᠨ ᠪᠣᠰᠬᠤ᠎ᠳᠤ ᠴᠧᠬᠤ᠋ ᠬᠢᠴᠡᠲᠡᠢ ᠨᠥᠭᠦᠭᠡ ᠬᠦᠨᠳᠦ ᠫᠤᠤ ᠮᠥᠨ᠎ᠯᠡ ᠲᠣᠬᠤᠢ᠎ᠳᠤᠨᠢ ᠡᠯᠭᠦᠭᠡᠲᠡᠢ ᠪᠠᠢᠯ᠎ᠠ᠃ ᠢᠩᠭᠢᠭᠡᠳ ᠨᠢᠭᠤᠷ᠎ᠨᠢ ᠴᠢᠮᠴᠢᠭᠢᠨᠡᠨ ᠡᠪᠡᠳᠴᠦ ᠪᠠᠢᠬᠤ᠎ᠪᠠᠨ ᠰᠡᠷᠡᠵᠦ᠂ ᠵᠥᠭᠡᠯᠡᠨ ᠢᠯᠪᠢᠭᠰᠡᠨ᠎ᠳᠦ ᠬᠦᠢᠲᠡᠨ ᠨᠣᠢᠲᠠᠨ ᠶᠠᠭᠤᠮ᠎ᠠ ᠲᠡᠮᠲᠡᠷᠢᠭᠳᠡᠬᠦ᠎ᠳᠦ ᠦᠵᠡᠬᠦᠯ᠎ᠡ ᠬᠤᠷᠤᠭᠤᠶᠢᠨᠢ ᠴᠢᠰᠤ ᠪᠢᠯᠳᠠᠭᠰᠠᠨ ᠪᠠᠢᠯ᠎ᠠ᠃ ᠡᠭᠦᠨ᠎ᠳᠦ ᠰᠠᠷᠠᠩᠭᠤᠤ᠎ᠠ : 《ᠤᠯᠠᠭᠠᠨ ᠬᠡᠭᠡᠷ ᠮᠣᠷᠢ᠎ᠮᠢᠨᠢ ᠲᠦᠢᠮᠡᠷ᠎ᠲᠦ ᠬᠤᠢᠬᠠᠯᠠᠭᠳᠠᠨ ᠬᠠᠯᠠᠭᠠᠳ᠂ ᠪᠢ ᠪᠠᠰᠠ ᠲᠣᠯᠤᠭᠠᠢ ᠡᠷᠭᠢᠵᠦ ᠨᠢᠳᠦ ᠡᠷᠢᠶᠡᠯᠵᠢᠵᠦ ᠪᠠᠢᠭ᠎ᠠ ᠲᠤᠯᠠ ᠤᠷᠢᠳᠠᠪᠠᠷ 〈ᠭᠠᠯᠠᠭᠤ〉᠎ᠪᠡᠨ ᠲᠠᠯᠪᠢᠵᠤ ᠶᠠᠪᠤᠭᠤᠯᠬᠤ ᠬᠡᠷᠡᠭᠲᠡᠢ ᠪᠠᠢᠨ᠎ᠠ》 ᠭᠡᠵᠦ ᠪᠣᠳᠤᠭᠠᠳ 《ᠭᠠᠯᠠᠭᠤ》᠎ᠪᠡᠨ ᠲᠡᠪᠡᠷᠢᠡᠴᠡᠪᠡᠨ ᠭᠠᠷᠭᠠᠵᠤ 《ᠲᠤᠤ! ᠲᠤᠤ!》 ᠭᠡᠵᠦ ᠲᠣᠬᠢᠷᠠᠬᠤ᠎ᠳᠤ ᠥᠴᠦᠬᠡᠨ᠎ᠴᠦ ᠰᠢᠷᠬᠠᠲᠤᠭᠠᠳᠤᠢ 《ᠭᠠᠯᠠᠭᠤ》 ᠦᠰᠦᠷᠦᠨ ᠪᠠᠭᠤᠵᠤ ᠡᠵᠡᠨ᠎ᠦ᠎ᠪᠡᠨ ᠳᠣᠬᠢᠷᠠᠯᠲᠠᠶᠢᠨ ᠶᠣᠰᠤᠭᠠᠷ ᠤᠷᠤᠭᠰᠢ ᠱᠤᠩᠭᠤᠨ ᠣᠷᠤᠯ᠎ᠠ᠃
ᠳᠠᠷᠠᠭ᠎ᠠ᠎ᠨᠢ ᠰᠠᠷᠠᠩᠭᠤᠤᠠᠴᠤ ᠮᠣᠷᠢᠨ᠎ᠠᠴᠠ ᠦᠰᠦᠷᠦᠨ ᠪᠠᠭᠤᠵᠤ ᠪᠡᠶ᠎ᠡ ᠳᠡᠭᠡᠷᠡᠬᠢ ᠭᠠᠯ᠎ᠢᠶᠠᠨ ᠤᠨᠲᠠᠷᠠᠭᠠᠵᠤ ᠬᠤᠪᠴᠠᠰᠤ ᠬᠤᠨᠠᠷ᠎ᠢᠶᠠᠨ ᠵᠠᠰᠠᠭᠠᠳ᠂ ᠮᠣᠷᠢ᠎ᠪᠠᠨ ᠬᠥᠲᠦᠯᠦᠨ ᠬᠡᠳᠦ ᠠᠯᠬᠤᠭᠤᠯᠤᠭᠠᠳ ᠳᠠᠬᠢᠨ ᠮᠣᠷᠳᠠᠵᠤ ᠬᠥᠪᠡᠭᠡ ᠬᠢᠵᠠᠭᠠᠷ᠎ᠦᠭᠡᠢ ᠬᠥᠳᠡᠭᠡ ᠲᠠᠯ᠎ᠠ᠎ᠶᠢ ᠥᠪᠴᠢ ᠪᠦᠷᠬᠦᠭᠰᠡᠨ ᠬᠠᠷᠠᠩᠭᠤᠢ᠎ᠶᠢᠨ ᠳᠤᠮᠳᠠᠭᠤᠷ ᠳᠣᠪᠲᠤᠯᠵᠠᠢ᠃
ᠡᠨᠡ ᠦᠶᠡᠰ᠂ ᠫᠠᠳ ᠬᠠᠷᠠᠩᠭᠤᠢ ᠣᠭᠲᠠᠷᠭᠤᠢ᠎ᠠᠴᠠ ᠪᠣᠷᠤᠭᠠᠨ᠎ᠤ ᠳᠤᠰᠤᠯ ᠡᠪᠡᠰᠦᠨ᠎ᠦ ᠲᠣᠯᠤᠭᠠᠢ ᠳᠡᠭᠡᠷ᠎ᠡ ᠤᠨᠠᠵᠤ ᠱᠠᠷ ᠱᠠᠷ ᠬᠢᠬᠦ ᠴᠢᠮᠡᠭᠡ ᠭᠠᠷᠴᠤ ᠡᠬᠢᠯᠡᠪᠡ᠃
ᠡᠨᠡ ᠡᠳᠦᠷ ᠰᠠᠮᠪᠤᠤ ᠬᠣᠲᠠ ᠣᠷᠤᠵᠤ ᠮᠣᠷᠢ᠎ᠪᠠᠨ ᠳᠠᠭᠠᠭᠤᠯᠤᠨ ᠣᠷᠤᠢᠬᠠᠨ ᠪᠤᠴᠠᠵᠤ ᠢᠷᠡᠭᠰᠡᠨ ᠲᠤᠯᠠ ᠰᠠᠷᠠᠩᠭᠤᠤ᠎ᠠ᠎ᠶᠢ ᠤᠳᠠᠭᠠᠨ ᠬᠦᠯᠢᠶᠡᠯᠭᠡᠴᠢᠬᠡᠯᠡ ᠭᠡᠵᠦ ᠰᠠᠨᠳᠤᠷᠴᠤ ᠬᠣᠭᠤᠯᠠ᠎ᠪᠠᠨ ᠳᠤᠲᠠᠭᠤ ᠬᠡᠲᠡᠭᠦᠦ ᠢᠳᠡᠭᠡᠳ ᠮᠣᠷᠳᠠᠵᠤ ᠳᠠᠪᠬᠢᠪᠠ᠃ ᠲᠡᠭᠦᠨ᠎ᠦ ᠤᠨᠤᠭᠰᠠᠨ 《ᠵᠢᠭᠠᠬᠠᠨ ᠰᠠᠷᠠᠯ》 ᠭᠡᠳᠡᠭ ᠬᠤᠷᠳᠤᠨ ᠬᠥᠯ᠎ᠲᠡᠢ ᠭᠠᠪᠰᠢᠭᠠᠢ ᠬᠥᠳᠡᠯᠭᠡᠭᠡᠨᠲᠡᠢ ᠴᠠᠭᠠᠨ ᠮᠣᠷᠢ᠎ᠨᠢ ᠲᠦᠳᠡᠬᠡᠨ ᠵᠠᠭᠤᠷ᠎ᠠ ᠪᠣᠯᠵᠤᠭ᠎ᠠ᠎ᠲᠤ ᠮᠠᠩᠬᠠᠨ ᠳᠡᠭᠡᠷ᠎ᠡ ᠬᠦᠷᠦᠯ᠎ᠡ᠃ ᠦᠨᠡᠬᠡᠷ ᠰᠣᠨᠢᠨ ᠡ᠂ ᠰᠠᠷᠠᠩᠭᠤᠤ᠎ᠠ ᠪᠠᠢᠬᠤ᠎ᠦᠭᠡᠢ ᠰᠢᠤ! 《ᠡᠨᠡ ᠮᠠᠭᠤ ᠵᠣᠯᠢᠭ ᠦᠭᠡᠨ᠎ᠳᠡᠭᠡᠨ ᠰᠠᠭᠤᠭᠰᠠᠨ᠎ᠦᠭᠡᠢ ᠰᠢᠤ!》 ᠭᠡᠵᠦ ᠪᠣᠳᠤᠭᠠᠳ ᠰᠠᠮᠪᠤᠤ ᠭᠡᠷ ᠤᠷᠤᠭᠤ᠎ᠨᠢ ᠳᠠᠪᠬᠢᠯ᠎ᠠ᠃ ᠮᠠᠩᠬ᠎ᠠ᠎ᠶᠢ ᠳᠠᠪᠠᠮᠠᠭᠴᠠ ᠬᠣᠢᠲᠤ ᠲᠠᠯ᠎ᠠ᠎ᠳᠤ ᠬᠠᠷ᠎ᠠ ᠤᠲᠤᠭ᠎ᠠ ᠪᠣᠰᠴᠤ ᠲᠦᠢᠮᠡᠷ᠎ᠦᠨ ᠭᠠᠯ ᠤᠯᠠᠯᠵᠠᠨ ᠨᠡᠭᠦᠬᠦ ᠦᠵᠡᠭᠳᠡᠬᠦ᠎ᠳᠦ ᠰᠠᠮᠪᠤᠤ᠂ ᠰᠠᠷᠠᠩᠭᠤᠤ᠎ᠠ᠎ᠲᠠᠢ ᠠᠭᠤᠯᠵᠠᠬᠤ ᠭᠡᠰᠡᠨ ᠪᠣᠯᠵᠤᠭ᠎ᠠ᠎ᠪᠠᠨ ᠣᠷᠬᠢᠵᠤ᠂ ᠮᠣᠷᠢ᠎ᠪᠠᠨ ᠡᠷᠭᠢᠭᠦᠯᠦᠨ ᠠᠮᠤᠭᠤᠯᠠᠩ ᠭᠤᠸᠠᠢ᠎ᠳᠤ ᠮᠡᠳᠡᠭᠦᠯᠬᠦ᠎ᠪᠡᠷ ᠳᠠᠪᠬᠢᠵᠠᠢ᠃
ᠰᠠᠮᠪᠤᠤ ᠠᠢᠯ᠎ᠳᠤ ᠣᠷᠤᠮᠠᠭᠴᠠ᠎ᠪᠠᠨ:《ᠬᠣᠢᠨ᠎ᠠ ᠲᠦᠢᠮᠡᠷ ᠭᠠᠷᠴᠠᠢ! ᠵᠡᠭᠡᠰᠦ ᠬᠤᠯᠤᠰᠤᠨ᠎ᠳᠤ ᠲᠦᠢᠮᠡᠷ ᠭᠠᠷᠴᠠᠢ! ᠪᠦᠭᠦᠳᠡᠭᠡᠷ᠎ᠢᠶᠡᠨ ᠲᠦᠢᠮᠡᠷ ᠤᠨᠲᠠᠷᠠᠭᠠᠬᠤ᠎ᠪᠠᠷ ᠮᠣᠷᠳᠠᠵᠠᠭᠠ!》 ᠭᠡᠵᠦ ᠬᠠᠰᠭᠢᠷᠪᠠ᠃
ᠡᠨᠡ ᠦᠶᠡᠰ᠂ ᠠᠮᠤᠭᠤᠯᠠᠩ ᠭᠤᠸᠠᠢ ᠣᠯᠠᠨ ᠲᠦᠮᠡᠨ᠎ᠢ ᠬᠤᠷᠠᠯᠳᠤᠭᠤᠯᠵᠤ ᠪᠠᠴᠢᠮ ᠮᠡᠳᠡᠭᠳᠡᠯ ᠤᠯᠠᠮᠵᠢᠯᠠᠵᠤ ᠪᠠᠢᠯ᠎ᠠ᠃
ᠠᠮᠤᠭᠤᠯᠠᠩ ᠰᠠᠮᠪᠤᠤ᠎ᠶᠢᠨ ᠮᠡᠳᠡᠭᠡ᠎ᠶᠢ ᠰᠣᠨᠤᠰᠤᠭᠠᠳ ᠬᠥᠮᠦᠰᠭᠡ᠎ᠪᠡᠨ ᠵᠠᠩᠭᠢᠳᠤᠨ ᠨᠠᠰᠢ ᠴᠠᠰᠢ ᠬᠡᠳᠦ ᠠᠯᠬᠤᠯᠠᠭᠰᠠᠨ᠎ᠢᠶᠠᠨ᠂ ᠭᠡᠨᠡᠳᠲᠡ ᠨᠢᠭᠡ ᠶᠠᠭᠤᠮ᠎ᠠ ᠰᠠᠨᠠᠭᠠᠨ᠎ᠳᠤ ᠣᠷᠤᠭᠰᠠᠨ ᠪᠣᠯᠤᠯᠲᠠᠢ᠂ ᠣᠯᠠᠨ᠎ᠤ ᠵᠦᠭ ᠬᠠᠷᠠᠨ ᠵᠣᠭᠰᠤᠭᠠᠳ:
《ᠡᠨᠡ ᠡᠳᠦᠷ᠎ᠦᠨ ᠬᠤᠷᠠᠯ᠎ᠢ ᠲᠦᠷ ᠵᠣᠭᠰᠤᠵᠤ ᠤᠷᠢᠳᠠᠪᠠᠷ ᠲᠦᠢᠮᠡᠷ ᠤᠨᠲᠠᠷᠠᠭᠠᠶᠠ᠂ ᠪᠦᠭᠦᠳᠡᠭᠡᠷ᠎ᠢᠶᠡᠨ ᠳᠠᠷᠤᠢ ᠲᠦᠷᠭᠡᠨ ᠪᠠᠭᠠᠵᠢ ᠵᠡᠪᠰᠡᠭ᠎ᠢᠶᠡᠨ ᠪᠡᠯᠡᠳᠭᠡᠵᠡᠭᠡ᠂ ᠮᠥᠳᠳᠦ ᠬᠣᠩᠬ᠎ᠠ ᠳᠤᠤᠭᠠᠷᠤᠮᠠᠭᠴᠠ ᠠᠢᠯ᠎ᠤᠨ ᠵᠡᠭᠦᠨ ᠵᠠᠬ᠎ᠠ᠎ᠶᠢᠨ ᠪᠦᠳᠦᠭᠦᠨ ᠬᠠᠢᠯᠠᠰᠤᠨᠤ ᠳᠡᠷᠭᠡᠳᠡ ᠴᠤᠭᠯᠠᠵᠠᠭᠠ᠂ ᠵᠠ ᠶᠠᠪᠤᠵᠠᠭ᠎ᠠ!》 ᠭᠡᠪᠡ᠃
ᠬᠤᠷᠠᠯᠳᠤᠭᠰᠠᠳ ᠲᠠᠷᠬᠠᠪᠠ᠃
ᠠᠮᠤᠭᠤᠯᠠᠩ ᠭᠠᠴᠠᠭᠠᠨ᠎ᠤ ᠺᠠᠳ᠋ᠷᠨᠠᠷ ᠪᠠ ᠬᠡᠳᠦᠨ ᠡᠷᠦᠬᠡ᠎ᠶᠢᠨ ᠴᠡᠷᠢᠭ᠎ᠲᠡᠢ ᠪᠠᠴᠢᠮ ᠬᠤᠷᠠᠯ ᠬᠢᠵᠦ:
《ᠮᠠᠨ᠎ᠤ ᠬᠣᠷᠴᠢᠨ ᠨᠤᠲᠤᠭ᠎ᠲᠤ ᠭᠤᠷᠪᠠ ᠳᠥᠷᠪᠡᠨ ᠵᠢᠯ ᠶᠡᠷᠦ᠎ᠨᠢ ᠲᠦᠢᠮᠡᠷ ᠭᠠᠷᠤᠭᠠᠳᠤᠢ ᠪᠢᠵᠡ? ᠶᠠᠭᠤᠨ᠎ᠤ ᠤᠴᠢᠷ᠎ᠠᠴᠠ ᠡᠨᠡ ᠡᠳᠦᠷ - ᠪᠢᠳᠡ ᠬᠣᠰᠢᠭᠤᠨ᠎ᠤ ᠳᠣᠲᠤᠭᠠᠳᠤ᠎ᠶᠢ ᠬᠠᠮᠠᠭᠠᠯᠠᠬᠤ ᠲᠣᠪᠴᠢᠶᠠᠨ᠎ᠤ ᠪᠠᠴᠢᠮ ᠮᠡᠳᠡᠭᠳᠡᠯ᠎ᠢ ᠬᠦᠯᠢᠶᠡᠨ ᠠᠪᠤᠭᠰᠠᠨ ᠡᠨᠡ ᠦᠶᠡᠰ ᠭᠡᠨᠡᠳᠲᠡ ᠡᠢᠮᠦ ᠠᠢᠬᠤᠪᠲᠤᠷ ᠲᠦᠢᠮᠡᠷ ᠭᠠᠷᠴᠤ ᠪᠠᠢᠨ᠎ᠠ ᠪᠤᠢ? ᠡᠭᠦᠨ᠎ᠳᠦ ᠯᠠᠪ ᠨᠢᠭᠡ ᠤᠴᠢᠷ ᠪᠠᠢᠨ᠎ᠠ᠃ ᠲᠡᠢᠮᠦ᠎ᠡᠴᠡ ᠪᠢᠳᠡ ᠰᠣᠨᠤᠷ ᠰᠡᠷᠡᠮᠵᠢ᠎ᠪᠡᠨ ᠰᠠᠢᠲᠤᠷ ᠳᠡᠭᠡᠭᠰᠢᠯᠡᠭᠦᠯᠬᠦ ᠬᠡᠷᠡᠭᠲᠡᠢ᠃ ᠵᠠ᠂ ᠡᠢᠮᠦ ᠪᠠᠢᠨ᠎ᠠ ᠳ᠋ᠠ 》 ᠭᠡᠵᠦ ᠬᠡᠯᠡᠪᠡ᠃
ᠲᠡᠳᠡ ᠠᠮᠤᠭᠤᠯᠠᠩ ᠭᠤᠸᠠᠢ᠎ᠶᠢᠨ ᠦᠭᠡ᠎ᠶᠢ ᠵᠥᠪᠰᠢᠶᠡᠷᠡᠵᠦ ᠳᠣᠣᠷ᠎ᠠ᠎ᠪᠠᠨ ᠠᠢᠯ᠎ᠤᠨ ᠬᠣᠢᠭᠤᠷ ᠤᠷᠳᠤᠭᠤᠷ ᠬᠠᠷᠠᠭᠤᠯ ᠮᠠᠨᠠᠭ᠎ᠠ ᠪᠠᠢᠷᠢᠯᠠᠭᠤᠯᠪᠠ᠃ ᠠᠮᠤᠭᠤᠯᠠᠩ ᠭᠤᠸᠠᠢ ᠪᠠᠰᠠ ᠪᠢᠷ᠎ᠢᠶᠡᠨ ᠭᠠᠷᠭᠠᠨ ᠡᠳᠦᠷ᠎ᠦᠨ ᠲᠡᠮᠳᠡᠭᠯᠡᠯ᠎ᠦᠨ ᠳᠡᠪᠲᠡᠷ ᠳᠡᠭᠡᠷ᠎ᠡ᠎ᠪᠡᠨ ᠬᠡᠳᠦᠨ ᠦᠰᠦᠭ ᠪᠢᠴᠢᠭᠡᠳ ᠤᠷᠠᠵᠤ ᠠᠪᠤᠨ ᠵᠥᠷᠢᠭᠦᠯᠡᠨ ᠡᠪᠬᠡᠵᠦ ᠰᠠᠮᠪᠤᠤ᠎ᠳᠤ ᠥᠭᠭᠦᠭᠡᠳ:
《ᠴᠢ ᠡᠭᠦᠨ᠎ᠢ ᠨᠤᠲᠤᠭ ᠳᠡᠭᠡᠷ᠎ᠡ ᠠᠪᠠᠴᠢᠵᠤ ᠥᠭᠭᠦᠭᠡᠳ ᠬᠠᠷᠢᠭᠤ ᠪᠠᠷᠢᠮᠲᠠ ᠠᠪᠴᠢᠷᠠ》 ᠭᠡᠳ ᠨᠥᠭᠦᠭᠡ ᠨᠢᠭᠡ ᠡᠷᠦᠬᠡ᠎ᠶᠢᠨ ᠴᠡᠷᠢᠭ᠎ᠲᠦ: 《ᠴᠢ ᠣᠴᠢᠵᠤ ᠬᠣᠩᠬ᠎ᠠ ᠴᠣᠬᠢ》 ᠭᠡᠪᠡ ᠁
ᠰᠠᠮᠪᠤᠤ ᠠᠭᠠᠳᠠᠷ ᠪᠣᠷᠤᠭᠠᠨ᠎ᠤ ᠳᠤᠮᠳᠠᠭᠤᠷ ᠳᠠᠪᠬᠢᠵᠤ ᠨᠤᠲᠤᠭ ᠳᠡᠭᠡᠷ᠎ᠡ ᠴᠢᠮᠡᠭᠡ ᠬᠦᠷᠭᠡᠪᠡ᠃ ᠴᠢᠩᠭᠢᠭᠡᠳ ᠬᠤᠷᠳᠤᠨ ᠪᠤᠴᠠᠵᠤ ᠲᠦᠢᠮᠡᠷ ᠤᠨᠲᠠᠷᠠᠭᠠᠬᠤ ᠭᠡᠵᠦ ᠶᠠᠭᠠᠷᠠᠵᠤ ᠪᠠᠢᠭᠰᠠᠨ ᠲᠤᠯᠠ ᠬᠠᠷᠢᠭᠤ ᠪᠠᠷᠢᠮᠲᠠ ᠠᠪᠬᠤ᠎ᠪᠠᠨ ᠮᠠᠷᠲᠠᠵᠠᠢ᠃
ᠰᠠᠮᠪᠤᠤ 《ᠵᠢᠭᠠᠬᠠᠨ ᠰᠠᠷᠠᠯ》᠎ᠤᠨ ᠵᠢᠯᠤᠭᠤ᠎ᠶᠢ ᠲᠠᠯᠪᠢᠨ᠂ ᠰᠢᠪᠠᠷ ᠤᠰᠤᠨ᠎ᠤ ᠳᠤᠮᠳᠠᠭᠤᠷ ᠳᠠᠪᠬᠢᠨ ᠳᠠᠪᠬᠢᠭᠰᠠᠭᠠᠷ ᠪᠠᠢᠯ᠎ᠠ! ᠴᠢᠩᠭᠢᠭᠡᠳ ᠵᠡᠭᠦᠨ ᠮᠠᠩᠬᠠᠨ ᠳᠣᠯᠤᠭᠠᠳᠢ ᠳᠠᠪᠠᠵᠤ ᠭᠠᠷᠤᠭᠠᠳ ᠬᠣᠢᠰᠢ ᠡᠷᠭᠢᠮᠡᠭᠴᠡ 《ᠵᠢᠭᠠᠬᠠᠨ ᠰᠠᠷᠠᠯ》᠎ᠨᠢ ᠬᠥᠮᠦᠨ᠎ᠡᠴᠡ ᠦᠷᠭᠦᠭᠰᠡᠨ ᠮᠡᠲᠦ ᠬᠣᠶᠠᠷ ᠴᠢᠬᠢ᠎ᠪᠡᠨ ᠭᠣᠷᠤᠢᠯᠭᠠᠵᠤ ᠵᠣᠭᠬᠢᠨ ᠵᠣᠭᠰᠤᠪᠠ᠃ ᠰᠠᠮᠪᠤᠤ ᠡᠮᠦᠨᠡᠰᠢ ᠬᠠᠷᠠᠭᠰᠠᠨ᠎ᠳᠤ ᠨᠢᠭᠡ ᠨᠡᠪᠰᠡᠭᠡᠷ ᠬᠠᠷ᠎ᠠ ᠶᠠᠭᠤᠮ᠎ᠠ ᠦᠵᠡᠭᠳᠡᠬᠦᠯᠡᠷᠨᠢ ᠮᠣᠷᠢᠨ᠎ᠠᠴᠠ᠎ᠪᠠᠨ ᠪᠠᠭᠤᠵᠤ ᠤᠷᠤᠭᠰᠢ ᠬᠡᠳᠦ ᠠᠯᠬᠤᠨ ᠠᠵᠢᠭᠯᠠᠬᠤ᠎ᠳᠤ ᠨᠢᠭᠡ ᠰᠢᠷ᠎ᠠ ᠲᠠᠩᠽᠢ ᠪᠣᠷᠤᠭᠠᠨ᠎ᠤ ᠤᠰᠤᠨ᠎ᠳᠤ ᠨᠡᠪᠲᠡᠷᠡᠨ ᠬᠡᠪᠲᠡᠵᠦ ᠪᠠᠢᠵᠠᠢ᠃ ᠰᠠᠮᠪᠤᠤ ᠲᠡᠷᠡ ᠰᠢᠷ᠎ᠠ ᠲᠠᠩᠽᠢ᠎ᠶᠢ ᠠᠪᠴᠤ ᠴᠠᠰᠢ ᠬᠣᠶᠠᠷ ᠠᠯᠬᠤᠲᠠᠯ᠎ᠠ ᠪᠠᠰᠠ ᠪᠢᠴᠢᠬᠠᠨ ᠶᠠᠭᠤᠮ᠎ᠠ ᠬᠠᠷᠠᠭᠳᠠᠬᠤ᠎ᠳᠤ ᠭᠠᠷ ᠳ᠋ᠧᠩ ᠲᠤᠰᠭᠠᠨ ᠦᠵᠡᠪᠡᠯ ᠨᠣᠭᠤᠭᠠᠨ ᠤᠷᠲᠤ ᠲᠣᠷᠭᠠᠨ ᠪᠦᠴᠡᠨ ᠳᠡᠭᠡᠷ᠎ᠡ᠎ᠨᠢ ᠣᠷᠢᠶᠠᠴᠠᠯᠳᠤᠩᠭᠤ ᠬᠤᠨᠳᠠᠭᠠᠨ ᠴᠡᠴᠡᠭ᠎ᠢ ᠬᠠᠳᠭᠤᠮᠠᠯᠯᠠᠭᠰᠠᠨ ᠶᠠᠭᠠᠨ ᠲᠣᠷᠭᠠᠨ ᠲᠠᠮᠠᠬᠢᠨ᠎ᠤ ᠤᠭᠤᠲᠠ ᠪᠠᠢᠵᠠᠢ᠃ ᠰᠠᠮᠪᠤᠤ ᠲᠡᠭᠦᠨ᠎ᠢ ᠦᠵᠡᠭᠡᠳ ᠭᠠᠢᠬᠠᠨ ᠢᠨᠢᠶᠡᠮᠰᠦᠭᠯᠡᠵᠦ:
《ᠶᠠᠮᠠᠷ ᠤᠯᠤᠰ ᠡᠨᠳᠡ ᠢᠨᠠᠭ ᠬᠠᠢᠷ᠎ᠠ᠎ᠪᠠᠨ ᠰᠣᠯᠢᠯᠴᠠᠵᠤ ᠰᠠᠭᠤᠭᠠᠳ ᠡᠭᠦᠨ᠎ᠢᠶᠡᠨ ᠭᠡᠭᠡᠴᠢᠬᠡᠭᠰᠡᠨᠶᠦᠮ ᠪᠣᠯ ᠳ᠋ᠠ ? ᠵᠠ ᠪᠣᠯᠵᠠᠢ᠂ ᠠᠯᠢᠴᠤ ᠨᠢᠭᠡᠨ ᠭᠤᠤ᠎ᠠ ᠬᠡᠦᠬᠡᠨ ᠤᠷᠠᠯᠠᠨ ᠣᠶᠤᠭᠰᠠᠨᠴᠤ ᠲᠡᠷᠡ᠂ ᠣᠳᠣ ᠪᠣᠯ ᠨᠠᠳᠠᠯᠠ ᠡᠳ᠋ᠯᠡᠭᠦᠯᠬᠦ᠎ᠳᠦ ᠬᠦᠷᠴᠡᠢ᠃ ᠭᠡᠪᠡᠴᠦᠮᠢᠨᠦ ᠰᠠᠷᠠᠩᠭᠤᠤ᠎ᠠ ᠤᠷᠠᠯᠠᠬᠤᠶᠤᠮ ᠪᠣᠯ ᠡᠭᠦᠨ᠎ᠦ ᠳᠡᠷᠭᠡᠳᠡ ᠴᠡᠴᠡᠭ ᠨᠠᠪᠴᠢ ᠳᠡᠯᠭᠡᠷᠡᠭᠦᠯᠴᠢᠬᠡᠨᠡ ᠳ᠋ᠠ 》 ᠭᠡᠵᠦ ᠪᠣᠳᠤᠭᠰᠠᠨ᠎ᠢᠶᠠᠨ ᠪᠠᠰᠠ 《ᠲᠦᠢᠮᠡᠷ ᠤᠨᠲᠠᠷᠠᠭᠠᠬᠤ᠎ᠨᠢ ᠶᠠᠭᠤᠨ᠎ᠠᠴᠠ᠎ᠴᠤ ᠴᠢᠬᠤᠯᠠ》 ᠭᠡᠵᠦ ᠪᠣᠳᠤᠩᠭᠤᠳᠠᠪᠠᠨ ᠲᠡᠷᠡ ᠲᠠᠩᠽᠢ ᠪᠣᠯᠤᠨ ᠲᠠᠮᠠᠬᠢᠨ ᠤᠭᠤᠲᠠ᠎ᠶᠢ ᠬᠤᠢᠯᠠᠨ ᠠᠪᠴᠤ ᠭᠠᠨᠵᠤᠭᠠᠯᠠᠭᠠᠳ ᠴᠠᠰᠢ ᠳᠠᠪᠬᠢᠯ᠎ᠠ ᠁
《ᠵᠢᠭᠠᠬᠠᠨ ᠰᠠᠷᠠᠯ》᠎ᠨᠢ ᠲᠦᠢᠮᠡᠷ᠎ᠦᠨ ᠭᠠᠯ᠎ᠤᠨ ᠵᠠᠬ᠎ᠠ᠎ᠳᠤ ᠲᠤᠯᠵᠤ ᠣᠴᠢᠭᠠᠳ ᠡᠵᠡᠨ᠎ᠦ᠎ᠪᠡᠨ ᠰᠢᠪᠲᠤᠯᠤᠨ ᠣᠷᠤᠬᠤ᠎ᠶᠢ ᠲᠡᠪᠴᠢᠵᠦ ᠶᠠᠳᠠᠨ ᠬᠦᠯᠢᠶᠡᠨ᠎ᠡ᠃
ᠰᠠᠮᠪᠤᠤ ᠪᠣᠯ ᠪᠠᠭᠠᠲᠤᠷᠯᠢᠭ ᠡᠷᠡᠶᠦᠮ᠂ ᠭᠡᠬᠦ᠎ᠳᠡᠭᠡᠨ ᠣᠳᠣ ᠲᠦᠢᠮᠡᠷ᠎ᠦᠨ ᠭᠠᠯ᠎ᠤᠨ ᠵᠠᠬ᠎ᠠ᠎ᠶᠢ ᠰᠢᠪᠲᠤᠯᠤᠨ ᠣᠷᠤᠬᠤ᠎ᠳᠠᠭᠠᠨ ᠶᠠᠭᠤ ᠪᠣᠳᠤᠪᠠ ᠳ᠋ᠠ ? ᠭᠠᠯᠵᠠᠭᠤ ᠰᠣᠯᠢᠶᠠᠲᠠᠢ᠎ᠳᠠᠭᠠᠨ ᠭᠠᠯᠳᠤ ᠣᠷᠤᠵᠤ ᠦᠬᠦᠬᠦ ᠭᠡᠵᠦ ᠪᠠᠢᠬᠤᠤᠤ?ᠦᠭᠡᠢ᠂ ᠲᠡᠢᠮᠦ ᠪᠢᠰᠢ᠃ ᠰᠠᠮᠪᠤᠤ ᠪᠣᠯ ᠡᠷᠡᠭᠦᠯ ᠰᠠᠷᠠᠭᠤᠯ ᠤᠬᠠᠭᠠᠨ᠎ᠲᠠᠢ ᠰᠡᠴᠡᠨ ᠰᠡᠷᠭᠦᠯᠡᠩ ᠬᠥᠮᠦᠨ᠎ᠶᠦᠮ᠃ ᠴᠢᠩᠭᠢᠪᠡᠯ ᠬᠣᠷᠢᠨ ᠬᠣᠶᠠᠷ ᠨᠠᠰᠤᠲᠠᠢ ᠡᠪᠯᠡᠯ᠎ᠦᠨ ᠭᠡᠰᠢᠭᠦᠨ ᠴᠣᠬᠤᠮ ᠶᠠᠭᠤ ᠪᠣᠳᠤᠭᠰᠠᠨ ᠪᠤᠢ ᠳ᠋ᠠ ? ᠳᠣᠭᠰᠢᠨ ᠰᠢᠷᠦᠭᠦᠨ ᠲᠦᠢᠮᠡᠷ᠎ᠦᠨ ᠤᠯᠠᠭᠠᠨ ᠬᠡᠯᠡ ᠨᠤᠭᠦᠳ ᠬᠣᠣᠷᠲᠤ ᠮᠣᠭᠠᠢ ᠮᠡᠲᠦ ᠭᠤᠷᠠᠪᠠᠯᠵᠠᠨ ᠬᠠᠳᠤᠯᠠᠩ ᠪᠡᠯᠴᠢᠭᠡᠷ ᠤᠷᠤᠭᠤ ᠳᠠᠭᠠᠷᠢᠨ ᠣᠷᠤᠵᠤ᠂ ᠲᠡᠳᠡᠭᠡᠷ ᠠᠭᠤᠯᠠ ᠮᠡᠲᠦ ᠴᠣᠮᠤᠭᠯᠠᠭᠰᠠᠨ ᠠᠯᠢᠰᠤᠨ᠎ᠳᠤ ᠲᠦᠢᠮᠡᠷ ᠣᠷᠤᠬᠤ ᠭᠡᠵᠦ ᠪᠠᠢᠭ᠎ᠠ ᠡᠨᠡ ᠦᠶᠡᠰ᠂ ᠰᠠᠮᠪᠤᠤ ᠴᠣᠬᠤᠮ ᠶᠠᠮᠠᠷ ᠠᠷᠭ᠎ᠠ ᠤᠬᠠᠭᠠᠨ ᠭᠠᠷᠭᠠᠬᠤ ᠪᠣᠯ? ᠡᠭᠦᠨ᠎ᠳᠦ ᠰᠠᠮᠪᠤᠤ ᠶᠠᠭᠤ᠎ᠶᠢ᠎ᠴᠤ ᠲᠤᠩᠭᠠᠯ᠎ᠦᠭᠡᠢ ᠲᠦᠢᠮᠡᠷ᠎ᠦᠨ ᠵᠠᠬ᠎ᠠ᠎ᠳᠤ ᠰᠢᠪᠲᠤᠯᠤᠨ ᠣᠷᠤᠯ᠎ᠠ᠃
ᠨᠣᠢᠲᠠᠨ ᠲᠠᠩᠽᠢ ᠪᠣᠯ ᠲᠦᠢᠮᠡᠷ ᠴᠣᠬᠢᠬᠤ᠎ᠳᠤ ᠬᠠᠮᠤᠭ᠎ᠤᠨ ᠰᠠᠢᠨ ᠪᠠᠭᠠᠵᠢ ᠵᠡᠪᠰᠡᠭ ᠪᠢᠵᠡ᠃ ᠰᠠᠮᠪᠤᠤ ᠲᠡᠭᠦᠪᠡᠷ᠎ᠢᠶᠡᠨ ᠪᠠᠷᠠᠭᠤᠨᠰᠢ ᠵᠡᠭᠦᠨᠰᠢ ᠴᠣᠬᠢᠯᠠᠨ ᠲᠦᠢᠮᠡᠷ ᠤᠨᠲᠠᠷᠠᠭᠠᠨ᠎ᠠ᠃ ᠭᠡᠪᠡᠴᠦ ᠲᠦᠢᠮᠡᠷ ᠴᠣᠬᠢᠬᠤ ᠠᠵᠢᠯ ᠪᠣᠯ ᠲᠡᠢᠮᠦ ᠬᠢᠯᠪᠠᠷ ᠪᠢᠰᠢ᠎ᠶᠦᠮ᠃ ᠭᠠᠰᠢᠭᠤᠨ ᠬᠠᠷ᠎ᠠ ᠤᠲᠤᠭ᠎ᠠ ᠰᠠᠮᠪᠤᠤ᠎ᠶᠢᠨ ᠠᠮᠢᠰᠭᠤᠯ᠎ᠢ ᠪᠠᠭᠲᠠᠷᠠᠭᠤᠯᠵᠤ᠂ ᠭᠠᠯ᠎ᠤᠨ ᠢᠯᠴᠢ ᠬᠠᠮᠤᠭ ᠪᠡᠶ᠎ᠡ᠎ᠶᠢ᠎ᠨᠢ ᠲᠥᠭᠡᠨᠡᠨ ᠴᠢᠮᠴᠢᠭᠢᠨᠡᠭᠦᠯᠦᠨᠡ᠃ ᠭᠡᠪᠡᠴᠦ ᠰᠠᠮᠪᠤᠤ ᠡᠨᠡ ᠪᠦᠬᠦᠨ᠎ᠢ ᠬᠠᠢᠬᠤᠷᠤᠯ᠎ᠦᠭᠡᠢ᠂ 《ᠡᠨᠡ ᠬᠡᠰᠡᠭ ᠲᠦᠢᠮᠡᠷ᠎ᠢ ᠤᠨᠲᠠᠷᠠᠭᠠᠵᠤ ᠴᠢᠳᠠᠪᠠᠯ ᠪᠢ ᠥᠪᠡᠷ᠎ᠢᠶᠡᠨ ᠰᠢᠲᠠᠵᠤ ᠦᠬᠦᠪᠡᠴᠦ ᠭᠣᠮᠤᠳᠠᠯ᠎ᠦᠭᠡᠢ》 ᠭᠡᠵᠦ ᠪᠣᠳᠤᠨ᠎ᠠ᠃
ᠰᠠᠮᠪᠤᠤ᠎ᠶᠢᠨ ᠬᠦᠴᠦ ᠴᠢᠳᠠᠯ ᠪᠠᠷᠠᠭᠳᠠᠭᠰᠠᠭᠠᠷ ᠪᠠᠢᠬᠤ᠎ᠶᠢᠨ ᠳᠠᠭᠠᠤ ᠭᠠᠰᠢᠭᠤᠨ ᠬᠠᠷ᠎ᠠ ᠤᠳᠤᠭᠠᠨ᠎ᠳᠤ ᠬᠡᠰᠡᠭ ᠮᠠᠩᠰᠢᠭᠤᠷᠠᠨ ᠬᠡᠰᠡᠭ ᠰᠡᠷᠭᠦᠵᠦ ᠶᠠᠪᠤᠭᠰᠠᠭᠠᠷ ᠭᠡᠨᠡᠳᠲᠡ ᠨᠢᠳᠦ᠎ᠨᠢ ᠬᠠᠷᠠᠯᠠᠵᠤ᠂ ᠬᠡᠳᠦ ᠲᠦᠢᠳᠦᠷᠢᠵᠦ ᠠᠪᠤᠭᠠᠳ ᠰᠠᠪᠠᠵᠤ ᠤᠨᠠᠪᠠ᠃ ᠲᠦᠢᠮᠡᠷ ᠲᠡᠭᠦᠨ᠎ᠦ ᠬᠠᠵᠠᠭᠤ᠎ᠪᠠᠷ ᠦᠷᠭᠦᠯᠵᠢᠯᠡᠨ ᠫᠢᠰ ᠫᠢᠰ ᠬᠢᠵᠦ ᠰᠢᠲᠠᠵᠤ ᠪᠠᠢᠯ᠎ᠠ᠃
ᠠᠮᠤᠭᠤᠯᠠᠩ ᠭᠤᠸᠠᠢ ᠵᠡᠭᠦᠨ ᠵᠠᠬ᠎ᠠ᠎ᠠᠴᠠ ᠪᠠᠷᠠᠭᠤᠨ ᠵᠠᠬ᠎ᠠ᠎ᠳᠤ᠂ ᠳᠠᠬᠢᠨ ᠪᠠᠷᠠᠭᠤᠨ ᠵᠠᠬ᠎ᠠ᠎ᠠᠴᠠ ᠵᠡᠭᠦᠨ ᠵᠠᠬ᠎ᠠ᠎ᠳᠤ ᠭᠦᠶᠦᠨ ᠣᠴᠢᠵᠤ᠂ ᠣᠯᠠᠨ ᠲᠦᠮᠡᠨ᠎ᠢ ᠴᠠᠭ ᠢᠮᠠᠭᠲᠠ ᠵᠣᠷᠢᠭᠵᠢᠭᠤᠯᠵᠤ᠂ ᠳᠤᠭᠤᠢᠯᠠᠩᠤᠳᠤᠨ ᠠᠵᠢᠯᠯᠠᠭ᠎ᠠ᠎ᠶᠢ ᠬᠢᠨᠠᠨ ᠪᠠᠢᠴᠠᠭᠠᠵᠤ ᠶᠠᠪᠤᠬᠤ᠎ᠳᠠᠭᠠᠨ ᠶᠠᠳᠠᠷᠠᠵᠤ ᠵᠦᠳᠡᠷᠡᠬᠦ᠎ᠶᠢᠨ ᠲᠤᠢᠯ᠎ᠳᠤ ᠬᠦᠷᠴᠦ ᠪᠠᠢᠯ᠎ᠠ᠃ ᠣᠯᠠᠨ ᠲᠦᠮᠡᠨ᠎ᠦ ᠴᠣᠬᠢᠯᠠᠭᠠᠨ ᠪᠠ ᠪᠣᠷᠤᠭᠠᠨ᠎ᠤ ᠤᠰᠤᠨ᠎ᠳᠤ ᠲᠦᠢᠮᠡᠷ ᠤᠨᠲᠠᠷᠠᠯᠠ ᠁
ᠪᠤᠴᠠᠬᠤ ᠵᠠᠮ᠎ᠳᠠᠭᠠᠨ ᠰᠠᠮᠪᠤᠤ ᠭᠦᠢᠴᠡᠳ ᠰᠡᠷᠭᠦᠯ᠎ᠡ᠃ ᠴᠢᠩᠭᠢᠭᠡᠳ ᠴᠢᠮᠡᠭᠡ ᠬᠦᠷᠭᠡᠭᠡᠳ ᠪᠤᠴᠠᠬᠤ ᠵᠠᠮ᠎ᠳᠠᠭᠠᠨ ᠲᠠᠩᠽᠢ ᠪᠠ ᠲᠠᠮᠠᠬᠢᠨ᠎ᠤ ᠤᠭᠤᠲᠠ ᠣᠯᠤᠭᠰᠠᠨ᠂ ᠳᠠᠷᠠᠭ᠎ᠠ᠎ᠨᠢ ᠬᠡᠷᠬᠢᠨ ᠲᠦᠢᠮᠡᠷ ᠤᠨᠲᠠᠷᠠᠭᠠᠵᠤ ᠡᠬᠢᠯᠡᠭᠰᠡᠨ ᠶᠠᠪᠤᠴᠠ᠎ᠪᠠᠨ ᠠᠮᠤᠭᠤᠯᠠᠩ ᠪᠠᠶᠠᠷ ᠬᠣᠶᠠᠷ᠎ᠲᠤ ᠨᠢᠭᠡᠳ ᠨᠢᠭᠡ᠎ᠪᠡᠷ ᠶᠠᠷᠢᠵᠤ ᠥᠭᠪᠡ᠃
《ᠲᠡᠭᠡᠪᠡᠯ ᠴᠢ ᠡᠨᠡ ᠲᠠᠩᠽᠢ᠎ᠠᠴᠠ ᠭᠠᠳᠠᠨ᠎ᠠ ᠪᠠᠰᠠ ᠨᠢᠭᠡ ᠲᠠᠮᠠᠬᠢᠨ ᠤᠭᠤᠲᠠ ᠣᠯᠤᠭᠰᠠᠨᠶᠤᠮᠤᠤ?》
《ᠴᠢ ᠦᠵᠡ᠂ ᠡᠨᠡ ᠪᠠᠢᠨ᠎ᠠ》 ᠭᠡᠳ ᠰᠠᠮᠪᠤᠤ ᠡᠪᠦᠷ᠎ᠡᠴᠡ᠎ᠪᠡᠨ ᠲᠠᠮᠠᠬᠢᠨ᠎ᠤ ᠤᠭᠤᠲᠠ ᠭᠠᠷᠭᠠᠵᠤ ᠠᠮᠤᠭᠤᠯᠠᠩᠳᠤ ᠦᠵᠡᠭᠦᠯᠪᠡ᠃
ᠠᠮᠤᠭᠤᠯᠠᠩ ᠲᠠᠮᠠᠬᠢᠨ᠎ᠤ ᠤᠭᠤᠲᠠᠶᠢᠨᠢ ᠲᠣᠰ᠎ᠤᠨ ᠠᠪᠴᠤ ᠠᠭᠤᠳᠠᠯᠤᠨ ᠦᠵᠡᠬᠦ᠎ᠶᠢᠨ᠎ᠢᠶᠡᠨ ᠳᠠᠭᠠᠤ: 《ᠵᠠ! ᠡᠨᠡ᠎ᠴᠢᠨᠢ ᠶᠡᠬᠡᠯ᠎ᠡ ᠤᠳᠭ᠎ᠠ ᠤᠴᠢᠷ᠎ᠲᠠᠢ ᠶᠠᠪᠤᠳᠠᠯ ᠪᠠᠢᠨ᠎ᠠ ᠳ᠋ᠠ᠃ ᠳᠣᠲᠤᠷ᠎ᠠ᠎ᠨᠢ ᠪᠠᠰᠠ ᠴᠠᠭᠠᠰᠤ ᠪᠠᠢᠬᠤ᠎ᠨᠢ ᠶᠠᠭᠤ ᠪᠢᠯᠡ᠃ ᠬᠦᠢ᠂ ᠡᠨᠡ ᠬᠠᠷᠢᠨ ᠵᠠᠬᠢᠳᠠᠯᠶᠤᠮ ᠪᠠᠢᠨ᠎ᠠ!》 ᠭᠡᠪᠡ᠃
《ᠬᠡᠨ᠎ᠦ ᠵᠠᠬᠢᠳᠠᠯ ᠪᠤᠢ? ᠶᠠᠭᠤ ᠭᠡᠵᠦ ᠪᠢᠴᠢᠭᠰᠡᠨ ᠪᠠᠢᠨ᠎ᠠ ᠪᠤᠢ?》 ᠭᠡᠵᠦ ᠰᠠᠮᠪᠤᠤ ᠪᠠᠶᠠᠷ ᠬᠣᠶᠠᠷ ᠵᠡᠷᠭᠡ ᠠᠰᠠᠭᠤᠯ᠎ᠠ᠃
ᠠᠮᠤᠭᠤᠯᠠᠩ ᠲᠡᠷᠡ ᠵᠠᠬᠢᠳᠠᠯ᠎ᠢ ᠦᠵᠡᠵᠦ ᠳᠠᠭᠤᠰᠤᠭᠠᠳ ᠮᠡᠯᠡᠷᠡᠨ ᠭᠠᠢᠬᠠᠪᠠ᠃
《ᠰᠣᠨᠢᠨ ᠡ᠂ ᠰᠣᠨᠢᠨ ᠡ! ᠡᠨᠡ᠎ᠴᠢᠨᠢ ᠶᠠᠮᠠᠷ ᠤᠴᠢᠷ ᠪᠣᠯᠪᠠ? ᠲᠠᠩᠽᠢ᠂ ᠵᠠᠬᠢᠳᠠᠯ ᠁ ᠪᠠᠰᠠ ᠡᠢᠮᠦ ᠪᠣᠷᠤᠭ᠎ᠠ ᠰᠢᠷᠤᠢ᠎ᠲᠠᠢ ᠬᠠᠷᠠᠩᠭᠤᠢ᠎ᠳᠤ᠃ ᠲᠤᠩ ᠰᠣᠨᠢᠨ ᠶᠠᠪᠤᠳᠠᠯ ᠪᠠᠢᠨ᠎ᠠ ᠳ᠋ᠠ !》 ᠭᠡᠵᠦ ᠠᠮᠤᠭᠤᠯᠠᠩ ᠲᠡᠷᠡ ᠵᠠᠬᠢᠳᠠᠯ᠎ᠢ ᠰᠠᠮᠪᠤᠤ᠎ᠳᠤ ᠭᠠᠷᠳᠠᠭᠤᠯᠪᠠ᠃
《ᠶᠠᠭᠠᠬᠢᠭᠠᠳ ᠁ ᠰᠠᠷᠠᠩᠭᠤᠤ᠎ᠠ ᠨᠠᠳᠠ ᠁?》 ᠁
ᠰᠠᠮᠪᠤᠤ ᠠᠬ᠎ᠠ ᠲᠠᠨ᠎ᠠ:
ᠡᠨᠡ ᠲᠠᠮᠠᠬᠢᠨ ᠤᠭᠤᠲᠠ᠎ᠶᠢ ᠶᠡᠬᠡ ᠮᠠᠭᠤᠬᠠᠢ ᠣᠶᠤᠯᠠ᠃ ᠭᠡᠪᠡᠴᠦ ᠪᠢ ᠡᠭᠦᠨ᠎ᠢ ᠣᠶᠤᠬᠤ ᠭᠡᠵᠦ ᠬᠤᠷᠤᠭᠤᠨ᠎ᠤ ᠥᠨᠳᠡᠭᠡ᠎ᠪᠡᠨ ᠨᠡᠯᠢᠶᠡᠳ ᠰᠢᠪᠡᠭᠦᠯᠦᠭᠰᠡᠨᠶᠦᠮ ᠡ᠃ ᠣᠳᠣ ᠲᠠᠨ᠎ᠳᠠᠭᠠᠨ ᠥᠭᠴᠦ ᠡᠳ᠋ᠯᠡᠭᠦᠯᠦᠶ᠎ᠡ!
ᠰᠠᠷᠠᠩᠭᠤᠤ᠎ᠠ
ᠨᠠᠢ᠍ᠮᠠᠳᠤᠭᠠᠷ ᠰᠠᠷ᠎ᠠ᠎ᠶᠢᠨ ᠬᠣᠷᠢᠨ ᠨᠢᠭᠡᠨ᠎ᠡ
ᠰᠠᠮᠪᠤᠤ ᠡᠨᠡ ᠵᠠᠬᠢᠳᠠᠯ᠎ᠢ ᠤᠩᠰᠢᠵᠤ ᠳᠠᠭᠤᠰᠤᠭᠠᠳ ᠭᠠᠢᠬᠠᠨ ᠮᠡᠯᠡᠷᠡᠵᠦ ᠣᠢᠯᠠᠭᠠᠭᠳᠠᠰᠢ᠎ᠦᠭᠡᠢ ᠣᠨᠢᠰᠤᠭ᠎ᠠ᠎ᠳᠤ ᠲᠤᠯᠭᠠᠷᠠᠵᠠᠢ᠃
《ᠴᠢ ᠪᠣᠳᠤᠬᠤ᠎ᠳᠤ ᠰᠣᠨᠢᠨ ᠶᠠᠪᠤᠳᠠᠯ ᠪᠢᠰᠢ᠎ᠦᠦ?》 ᠭᠡᠵᠦ ᠠᠮᠤᠭᠤᠯᠠᠩ ᠠᠰᠠᠭᠤᠯ᠎ᠠ᠃
《ᠦᠨᠡᠬᠡᠷ ᠰᠣᠨᠢᠨ ᠪᠠᠢᠨ᠎ᠠ᠃ ᠠᠶᠤᠮᠠᠷ ᠰᠣᠨᠢᠨ ᠶᠠᠪᠤᠳᠠᠯ ᠪᠠᠢᠨ᠎ᠠ!》
《ᠪᠢ ᠪᠣᠳᠤᠬᠤ᠎ᠳᠤ᠂ ᠰᠣᠨᠢᠨ ᠶᠠᠪᠤᠳᠠᠯ᠎ᠨᠢ ᠡᠨᠡ ᠵᠠᠬᠢᠳᠠᠯ᠎ᠳᠤ ᠪᠠᠢᠬᠤ ᠪᠢᠰᠢ᠂ ᠬᠠᠷᠢᠨ ᠡᠨᠡ ᠵᠠᠬᠢᠳᠠᠯ ᠬᠢᠭᠡᠳ ᠡᠨᠡ ᠵᠢᠭᠲᠡᠢᠬᠡᠨ ᠲᠠᠩᠽᠢ ᠬᠣᠶᠠᠷ᠎ᠢ ᠬᠠᠮᠲᠤ ᠭᠡᠭᠡᠭᠰᠡᠨ᠎ᠨᠢ ᠲᠤᠩ ᠰᠣᠨᠢᠨ ᠶᠠᠪᠤᠳᠠᠯ ᠪᠣᠯᠤᠨ᠎ᠠ᠃ 》
《ᠨᠠᠳᠠᠴᠤ ᠪᠤᠬᠢᠨᠢᠳᠤᠵᠤ ᠦᠬᠦᠮᠡᠷ ᠰᠠᠨᠠᠭᠳᠠᠵᠤ ᠪᠠᠢᠨ᠎ᠠ》 ᠭᠡᠵᠦ ᠬᠡᠯᠡᠬᠦ᠎ᠳᠦ ᠰᠠᠮᠪᠤᠤ᠎ᠶᠢᠨ ᠬᠥᠯᠦᠰᠦ᠎ᠨᠢ ᠪᠠᠳᠭᠤᠨᠠ᠃
ᠰᠠᠷᠠᠩᠭᠤᠤ᠎ᠠ ᠨᠥᠭᠦᠭᠡ ᠬᠤᠪᠢᠰᠭᠠᠯ᠎ᠤᠨ ᠡᠰᠡᠷᠭᠦᠦ ᠡᠲᠡᠭᠡᠳ᠎ᠢ ᠦᠷᠭᠦᠯᠵᠢᠯᠡᠨ ᠨᠡᠬᠡᠭᠰᠡᠭᠡᠷ ᠪᠠᠢᠯ᠎ᠠ ᠁
《ᠯᠠᠪ ᠮᠢᠨᠦ 〈ᠭᠠᠯᠠᠭᠤ〉 ᠲᠡᠷᠡ ᠮᠠᠭᠤ ᠬᠤᠪᠢᠰᠭᠠᠯ᠎ᠤᠨ ᠡᠰᠡᠷᠭᠦᠦ ᠡᠲᠡᠭᠡᠳᠲᠡᠢ ᠨᠣᠴᠤᠯᠳᠤᠵᠤ ᠪᠠᠢᠨ᠎ᠠ》 ᠭᠡᠵᠦ ᠰᠠᠷᠠᠩᠭᠤᠤ᠎ᠠ ᠪᠣᠳᠤᠯ᠎ᠠ᠃
ᠴᠢᠩᠭᠢᠭᠡᠳ ᠰᠠᠷᠠᠩᠭᠤᠤ᠎ᠠ ᠳᠣᠪᠤᠴᠠᠭ ᠤᠷᠤᠭᠤ ᠮᠣᠷᠢ᠎ᠪᠠᠨ ᠵᠥᠭᠡᠯᠡᠨ ᠠᠯᠬᠤᠭᠤᠯᠵᠤ ᠬᠠᠷᠠᠭ᠎ᠠ᠎ᠪᠠᠨ ᠬᠤᠷᠴᠠᠯᠠᠨ ᠣᠢᠷ᠎ᠠ ᠣᠷᠴᠢᠮ᠎ᠢᠶᠠᠷ᠎ᠢᠶᠠᠨ ᠬᠠᠢᠨ ᠠᠵᠢᠭᠯᠠᠨ᠎ᠠ᠃ ᠢᠩᠭᠢᠵᠦ ᠶᠠᠪᠤᠬᠤ᠎ᠳᠠᠭᠠᠨ 《ᠭᠠᠯᠠᠭᠤ》ᠮᠢᠨᠢ ᠳᠠᠬᠢᠭᠠᠳ ᠨᠢᠭᠡ ᠴᠢᠮᠡᠭᠡ ᠵᠠᠯᠭᠠᠭᠤᠯᠤᠭᠠᠰᠠᠢ ᠭᠡᠵᠦ ᠪᠣᠳᠤᠭᠰᠠᠨ ᠪᠣᠯᠪᠠᠴᠤ 《 ᠭᠠᠯᠠᠭᠤ》 ᠡᠨᠡ ᠬᠦᠰᠡᠯ᠎ᠢ᠎ᠨᠢ ᠬᠠᠩᠭᠠᠵᠤ ᠥᠭᠭᠦᠭᠰᠡᠨ᠎ᠦᠭᠡᠢ᠃
《ᠵᠠ! ᠴᠢ ᠳᠠᠬᠢᠭᠠᠳ ᠨᠠᠮᠠᠢ ᠬᠠᠵᠠᠬᠤᠶᠢᠴᠢᠨᠢ ᠦᠵᠡᠶ᠎ᠡ᠂ ᠮᠠᠭᠤ ᠤᠯᠢᠶᠠᠨ ᠴᠢ!》 ᠭᠡᠵᠦ ᠬᠣᠷᠢᠭᠠᠳ ᠠᠯᠬᠤᠮ᠎ᠤᠨ ᠳᠡᠷᠭᠡᠳᠡᠬᠢ ᠳᠣᠪᠤᠴᠠᠭ᠎ᠤᠨ ᠬᠠᠵᠠᠭᠤ ᠳᠡᠭᠡᠷ᠎ᠡ᠎ᠡᠴᠡ ᠡᠷᠡᠭᠲᠡᠢ ᠬᠥᠮᠦᠨ᠎ᠦ ᠣᠮᠤᠭᠲᠠᠢᠬᠠᠨ ᠳᠣᠣᠷ᠎ᠠ ᠳᠠᠭᠤᠨ ᠰᠣᠨᠤᠰᠳᠠᠪᠠ᠃ ᠰᠠᠷᠠᠩᠭᠤᠤ᠎ᠠ ᠰᠠᠢᠲᠤᠷ ᠠᠵᠢᠭᠯᠠᠨ ᠬᠠᠷᠠᠬᠤᠯ᠎ᠠ᠂ ᠨᠢᠭᠡ ᠬᠥᠮᠦᠨ ᠳᠣᠪᠤᠴᠠᠭ ᠥᠭᠡᠳᠡ ᠶᠠᠪᠤᠬᠤ ᠬᠠᠷᠠᠭᠳᠠᠬᠤ᠎ᠶᠢᠨ ᠳᠠᠭᠠᠤ ᠬᠠᠷᠢᠨ ᠲᠡᠭᠦᠨ᠎ᠦ ᠠᠷᠤ᠎ᠳᠤ ᠪᠠᠰᠠ ᠨᠢᠭᠡ ᠬᠠᠷ᠎ᠠ ᠶᠠᠭᠤᠮ᠎ᠠ ᠬᠡᠪᠲᠡᠵᠦ ᠦᠵᠡᠭᠳᠡᠵᠡᠢ᠃ 《ᠲᠡᠷᠡ ᠮᠠᠭᠤ ᠬᠤᠪᠢᠰᠭᠠᠯ᠎ᠤᠨ ᠡᠰᠡᠷᠭᠦᠦ ᠡᠲᠡᠭᠡᠳ 〈ᠭᠠᠯᠠᠭᠤ〉ᠶᠢᠮᠢᠨᠢ ᠴᠣᠬᠢᠵᠤ ᠠᠯᠠᠭᠰᠠᠨ ᠪᠣᠯᠤᠯᠲᠠᠢ》 ᠭᠡᠵᠦ ᠪᠣᠳᠤᠮᠠᠭᠴᠠ᠂ ᠰᠠᠷᠠᠩᠭᠤᠤ᠎ᠠ᠎ᠳᠤ ᠭᠡᠨᠡᠳᠲᠡ ᠬᠦᠴᠦᠨ ᠨᠡᠮᠡᠭᠳᠡᠵᠦ ᠤᠬᠤᠰᠬᠢᠨ ᠳᠥᠷᠦᠭᠡ ᠢᠰᠭᠦᠯᠵᠦ᠂ ᠲᠡᠷᠡ ᠬᠥᠮᠦᠨ᠎ᠦ ᠳᠡᠷᠭᠡᠳᠡ ᠬᠦᠷᠦᠭᠡᠳ ᠫᠤᠤ᠎ᠪᠠᠨ 《ᠳᠠᠩ》 ᠬᠢᠯᠭᠡᠪᠡ᠃ ᠲᠡᠷᠡ ᠬᠥᠮᠦᠨ ᠴᠠᠰᠢ ᠴᠢᠳᠭᠦᠷ ᠮᠡᠲᠦ ᠬᠤᠷᠳᠤᠨ ᠭᠦᠶᠦᠯ᠎ᠡ᠃ ᠰᠠᠷᠠᠩᠭᠤᠤ᠎ᠠ : 《ᠡᠨᠡ ᠮᠡᠲᠦ ᠬᠤᠪᠢᠰᠭᠠᠯ᠎ᠤᠨ ᠡᠰᠡᠷᠭᠦᠦ ᠡᠲᠡᠭᠡᠳ ᠫᠤᠤ᠎ᠦᠭᠡᠢ ᠪᠣᠯᠤᠭᠰᠠᠨ᠂ ᠪᠢ ᠲᠡᠭᠦᠨ᠎ᠢ ᠵᠠᠪᠠᠯ ᠠᠯᠠᠬᠤ ᠴᠢᠬᠤᠯᠠ᠎ᠦᠭᠡᠢ᠂ ᠠᠮᠢᠳᠤᠪᠠᠷᠨᠢ ᠪᠠᠷᠢᠪᠠᠯ ᠳᠡᠭᠡᠷ᠎ᠡ》 ᠭᠡᠵᠦ ᠪᠣᠳᠤᠭᠠᠳ ᠭᠦᠢᠴᠡᠨ ᠣᠴᠢᠵᠤ ᠫᠤᠤ᠎ᠶᠢᠨ᠎ᠢᠶᠠᠨ ᠪᠥᠭᠰᠡ᠎ᠪᠡᠷ ᠲᠣᠯᠤᠭᠠᠢ ᠤᠷᠤᠭᠤ᠎ᠨᠢ 《ᠳᠠᠩ》 ᠬᠢᠯᠭᠡᠭᠰᠡᠨ᠎ᠳᠦ ᠨᠥᠭᠦᠭᠡ ᠮᠠᠭᠤ ᠬᠤᠪᠢᠰᠭᠠᠯ᠎ᠤᠨ ᠡᠰᠡᠷᠭᠦᠦ ᠡᠲᠡᠭᠡᠳ 《ᠶᠣ᠋》 ᠭᠡᠵᠦ ᠠᠪᠤᠭᠠᠳ ᠰᠠᠪᠠᠵᠤ ᠣᠢᠴᠢᠯ᠎ᠠ᠃ ᠰᠠᠷᠠᠩᠭᠤᠤ᠎ᠠ ᠳᠣᠣᠷ᠎ᠠ᠎ᠪᠠᠨ ᠫᠤᠤ᠎ᠶᠢᠨ᠎ᠢᠶᠠᠨ ᠵᠠᠮᠤᠭᠢ ᠲᠠᠴᠢᠭᠢᠨᠠᠭᠤᠯᠤᠨ: 《ᠪᠢᠲᠡᠭᠡᠢ ᠬᠥᠳᠡᠯ!》 ᠭᠡᠵᠦ ᠬᠠᠰᠭᠢᠷᠤᠯ᠎ᠠ (ᠪᠠᠢᠯᠳᠤᠭᠴᠢᠳ ᠢᠩᠭᠢᠵᠦ ᠬᠠᠰᠭᠢᠷᠳᠠᠭᠢ ᠰᠠᠷᠠᠩᠭᠤᠤ᠎ᠠ ᠴᠡᠭᠡᠵᠢᠯᠡᠵᠦ ᠪᠠᠢᠪᠠ)᠃ ᠡᠭᠦᠨ᠎ᠳᠦ ᠲᠡᠷᠡ ᠬᠥᠮᠦᠨ ᠦᠬᠦᠭᠰᠡᠨ ᠮᠡᠲᠦ ᠦᠭᠡ ᠳᠠᠭᠤᠨ᠎ᠦᠭᠡᠢ ᠬᠡᠪᠲᠡᠯ᠎ᠡ᠃ ᠰᠠᠷᠠᠩᠭᠤᠤ᠎ᠠ 《ᠯᠠᠪ ᠮᠠᠨᠠᠷᠠᠵᠠᠢ》 ᠭᠡᠵᠦ ᠪᠣᠳᠤᠭᠠᠳ ᠮᠣᠷᠢᠨ᠎ᠠᠴᠠ᠎ᠪᠠᠨ ᠦᠰᠦᠷᠦᠨ ᠪᠠᠭᠤᠭᠠᠳ ᠬᠦᠯᠢᠬᠦ ᠭᠡᠵᠦ ᠣᠴᠢᠲᠠᠯ᠎ᠠ ᠠᠷᠤᠳᠤᠨᠢ ᠫᠤᠤ᠎ᠶᠢᠨ ᠵᠠᠮᠤᠭ ᠲᠠᠴᠢᠭᠢᠨᠠᠨ ᠨᠢᠭᠡ ᠬᠥᠮᠦᠨ:
《ᠪᠢᠲᠡᠭᠡᠢ ᠬᠥᠳᠡᠯ᠂ ᠳᠠᠬᠢᠭᠠᠳ ᠬᠥᠳᠡᠯᠪᠡᠯ ᠫᠤᠤᠳᠠᠯ᠎ᠠ!》 ᠭᠡᠵᠦ ᠬᠠᠰᠭᠢᠷᠪᠠ᠃
ᠰᠠᠷᠠᠩᠭᠤᠤ᠎ᠠ᠎ᠶᠢᠨ ᠪᠦᠬᠦ ᠪᠡᠶ᠎ᠡ ᠴᠡᠴᠡᠷᠡᠨ:
《ᠣᠳᠣ᠎ᠴᠤ ᠳᠠᠭᠤᠰᠤᠯ᠎ᠠ! ᠠᠷᠭ᠎ᠠ ᠮᠡᠬᠡᠳᠦ᠎ᠨᠢ ᠠᠪᠲᠠᠭᠳᠠᠨ ᠪᠦᠰᠡᠯᠡᠭᠳᠡᠵᠡᠢ! ᠵᠠ ᠲᠡᠢᠮᠦ ᠪᠣᠯ ᠪᠢ ᠲᠠᠨᠠᠷ᠎ᠲᠤ᠂ ᠶᠣᠰᠤᠲᠠᠢ ᠬᠤᠭᠤᠷᠠᠬᠤ᠎ᠠᠴᠠ ᠪᠢᠰᠢ ᠨᠤᠭᠤᠷᠠᠳᠠᠭ᠎ᠦᠭᠡᠢ ᠵᠢᠩᠬᠢᠨᠢ ᠮᠣᠩᠭᠤᠯ ᠬᠡᠦᠬᠡᠨ ᠭᠡᠳᠡᠭ᠎ᠢᠶᠡᠨ ᠦᠵᠡᠭᠦᠯᠦᠶ᠎ᠡ!》 ᠭᠡᠵᠦ ᠪᠣᠳᠤᠯ᠎ᠠ᠃
《ᠲᠠ᠎ᠨᠠᠷ ᠶᠠᠮᠠᠷ ᠬᠥᠮᠦᠨ ᠪᠤᠢ? ᠳᠠᠬᠢᠭᠠᠳ ᠨᠠᠳᠠ ᠤᠷᠤᠭᠤ ᠣᠢᠷᠠᠳᠪᠠᠯ ᠪᠢ ᠪᠠᠰᠠ ᠫᠤᠤᠳᠠᠯ᠎ᠠ ᠰᠢᠤ!》 ᠭᠡᠵᠦ ᠰᠠᠷᠠᠩᠭᠤᠤ᠎ᠠ ᠬᠣᠭᠤᠯᠠᠢ ᠮᠡᠳᠡᠨ ᠬᠠᠰᠭᠢᠷᠤᠯ᠎ᠠ᠃
《ᠬᠦᠢ! ᠰᠠᠷᠠᠩᠭᠤᠤᠠᠶᠤᠮᠤᠤ?》 ᠭᠡᠬᠦ ᠰᠠᠷᠠᠩᠭᠤᠤ᠎ᠠ᠎ᠳᠤ ᠬᠠᠮᠤᠭ᠎ᠤᠨ ᠳᠠᠰᠤᠯ ᠲᠠᠨᠢᠯ ᠪᠣᠯᠤᠭᠰᠠᠨ ᠲᠤᠢᠯ᠎ᠤᠨ ᠳᠣᠲᠤᠨᠤ ᠪᠦᠳᠦᠭᠦᠨ ᠳᠠᠭᠤᠨ ᠰᠣᠨᠤᠰᠳᠠᠵᠤ ᠲᠡᠭᠦᠨ᠎ᠦ ᠤᠰᠤ ᠰᠢᠪᠠᠷ ᠪᠣᠯᠤᠭᠰᠠᠨ ᠪᠡᠶ᠎ᠡ ᠳᠡᠭᠡᠷ᠎ᠡ ᠭᠠᠷ ᠳ᠋ᠧᠩ᠎ᠦᠨ ᠬᠤᠷᠴᠠ ᠭᠡᠷᠡᠯ ᠲᠤᠰᠪᠠ᠃
ᠠᠮᠤᠭᠤᠯᠠᠩ : 《ᠦᠨᠡᠬᠡᠷ ᠰᠠᠷᠠᠩᠭᠤᠤ᠎ᠠ ᠬᠡᠦᠬᠡᠨ ᠪᠠᠢᠨ᠎ᠠ ᠰᠢᠤ!》 ᠭᠡᠵᠦ ᠬᠡᠯᠡᠬᠦᠶᠢᠨᠢᠶᠡᠨ ᠳᠠᠭᠠᠤ ᠮᠣᠷᠢᠨ᠎ᠠᠴᠠ᠎ᠪᠠᠨ ᠦᠰᠦᠷᠦᠨ ᠪᠠᠭᠤᠬᠤ᠎ᠳᠤ ᠲᠡᠭᠦᠨ᠎ᠦ ᠴᠠᠭᠠᠨ᠎ᠠ ᠪᠠᠰᠠ ᠬᠡᠳᠦᠨ ᠬᠥᠮᠦᠨ ᠬᠠᠷᠠᠭᠳᠠᠨ᠎ᠠ᠃ ᠁
ᠥᠰᠢᠶᠡᠲᠦ ᠳᠠᠢᠰᠤᠨ᠎ᠤ ᠬᠦᠯᠢᠭᠳᠡᠨ ᠳᠠᠭᠵᠢᠷᠠᠵᠤ ᠪᠠᠢᠬᠤ᠎ᠶᠢ ᠦᠵᠡᠭᠡᠳ ᠰᠠᠷᠠᠩᠭᠤᠤ᠎ᠠ ᠬᠢᠵᠠᠭᠠᠯᠠᠰᠢ᠎ᠦᠭᠡᠢ ᠪᠠᠶᠠᠷᠯᠠᠪᠠ᠃ ᠰᠠᠮᠪᠤᠤ ᠲᠡᠭᠦᠨ᠎ᠲᠡᠢ ᠭᠠᠷ ᠠᠳᠭᠤᠯᠴᠠᠵᠤ:
《ᠰᠠᠷᠠᠩᠭᠤᠤ᠎ᠠ᠂ ᠴᠢ ᠲᠤᠩ ᠶᠡᠬᠡ ᠵᠦᠳᠡᠭᠦᠷᠢ ᠠᠮᠰᠠᠯ᠎ᠠ!》 ᠭᠡᠵᠦ ᠬᠡᠯᠡᠪᠡ᠃
《ᠬᠠᠮᠢᠶ᠎ᠠ᠎ᠦᠭᠡᠢ᠂ ᠡᠨᠡ ᠪᠣᠯ ᠮᠢᠨᠦ ᠬᠠᠷᠢᠭᠤᠴᠠᠯᠭᠠᠶᠤᠮ᠃ 》
ᠰᠠᠮᠪᠤᠤ ᠰᠠᠷᠠᠩᠭᠤᠤ᠎ᠠ ᠬᠣᠶᠠᠭᠤᠯᠠ ᠪᠠᠶᠠᠰᠤᠩᠭᠤᠢ ᠰᠠᠢᠬᠠᠨ ᠢᠨᠢᠶᠡᠵᠡᠭᠡᠯᠡ᠃
《ᠰᠠᠷᠠᠩᠭᠤᠤ᠎ᠠ᠎ᠶᠢᠨ ᠦᠭᠡ ᠵᠥᠪ᠂ ᠡᠨᠡ ᠪᠣᠯ ᠲᠠᠯ᠎ᠠ ᠨᠤᠲᠤᠭ᠎ᠤᠨ ᠬᠥᠮᠦᠨ ᠨᠢᠭᠡ ᠪᠦᠷᠢ᠎ᠶᠢᠨ ᠬᠠᠷᠢᠭᠤᠴᠠᠯᠭᠠᠶᠤᠮ᠃ 》
《ᠠᠮᠤᠭᠤᠯᠠᠩ ᠭᠤᠸᠠᠢ!ᠮᠢᠨᠦ ᠪᠢᠴᠢᠬᠠᠨ 〈 ᠭᠠᠯᠠᠭᠤ〉 ᠁ ᠮᠣᠷᠢᠨ᠎ᠤ ᠡᠮᠦᠨ᠎ᠡ ᠬᠣᠢᠨ᠎ᠠ ᠨᠠᠮᠠᠢ ᠭᠤᠷᠪᠠ ᠳᠥᠷᠪᠡᠨ ᠵᠢᠯ ᠳᠠᠭᠠᠭᠰᠠᠨᠶᠤᠮ ᠳ᠋ᠠ᠃ ᠪᠠᠰᠠ ᠬᠣᠲᠠᠨ᠎ᠳᠠᠬᠢ ᠦᠬᠡᠷ᠎ᠦᠨ ᠰᠦᠷᠦᠭ᠎ᠲᠦ ᠣᠷᠤᠭᠰᠠᠨ ᠴᠢᠨᠤ᠎ᠠ᠎ᠶᠢ ᠭᠤᠷᠪᠠ ᠪᠠᠷᠢᠭᠰᠠᠨᠶᠤᠮ᠃ ᠭᠡᠲᠡᠯ᠎ᠡ ᠡᠨᠡ ᠡᠳᠦᠷ ᠁》 ᠭᠡᠳ ᠰᠠᠷᠠᠩᠭᠤᠤ᠎ᠠ᠎ᠶᠢᠨ ᠬᠣᠭᠤᠯᠠᠢ᠎ᠨᠢ ᠲᠦᠭᠳᠡᠷᠡᠪᠡ᠃
ᠠᠮᠤᠭᠤᠯᠠᠩ ᠭᠤᠸᠠᠢ ᠰᠠᠷᠠᠩᠭᠤᠤ᠎ᠠ᠎ᠶᠢᠨ ᠭᠡᠵᠢᠭᠡ᠎ᠶᠢ ᠢᠯᠪᠢᠨ ᠪᠠᠢᠵᠤ:
《ᠬᠡᠦᠬᠡ᠂ ᠪᠢ ᠴᠢᠮᠠᠢ ᠲᠤᠩ ᠶᠡᠬᠡ ᠥᠷᠦ ᠡᠪᠡᠳᠴᠦ ᠪᠠᠢᠨ᠎ᠠ᠃ ᠭᠡᠵᠢᠭᠡ ᠦᠰᠦᠴᠢᠨᠢ ᠲᠦᠢᠮᠡᠷ᠎ᠲᠦ ᠬᠤᠢᠬᠠᠯᠠᠭᠳᠠᠵᠤ ᠨᠢᠭᠤᠷ ᠴᠢᠷᠠᠢᠴᠢᠨᠢ ᠬᠠᠯᠠᠵᠤ ᠬᠠᠪᠤᠳᠤᠭᠰᠠᠨ ᠪᠠᠢᠨ᠎ᠠ᠃ ᠪᠠᠰᠠ ᠴᠢᠨᠦ ᠬᠠᠮᠤᠭ᠎ᠤᠨ ᠬᠠᠢᠷᠠᠲᠠᠢ ᠪᠢᠴᠢᠬᠠᠨ 〈ᠭᠠᠯᠠᠭᠤ〉ᠶᠢᠴᠢᠨᠢ ᠬᠤᠪᠢᠰᠭᠠᠯ᠎ᠤᠨ ᠡᠰᠡᠷᠭᠦᠦ ᠡᠲᠡᠭᠡᠳ ᠴᠣᠬᠢᠵᠤ ᠠᠯᠠᠪᠠ᠃ ᠭᠡᠪᠡᠴᠦ ᠡᠨᠡ ᠪᠣᠯ ᠲᠡᠢᠮᠦ ᠭᠠᠰᠢᠭᠤᠳᠠᠯ᠎ᠲᠠᠢ ᠶᠠᠪᠤᠳᠠᠯ ᠪᠢᠰᠢ ᠭᠡᠵᠦ ᠪᠢ ᠦᠵᠡᠵᠦ ᠪᠠᠢᠨ᠎ᠠ᠃ ᠴᠢᠨᠦ ᠪᠠᠷᠢᠪᠴᠢᠯᠠᠭᠰᠠᠨ ᠡᠲᠡᠭᠡᠳ ᠪᠣᠯ ᠵᠠᠷᠤᠳ ᠬᠣᠰᠢᠭᠤᠨ᠎ᠤ᠂ ᠬᠣᠷᠴᠢᠨ ᠨᠤᠲᠤᠭ᠎ᠤᠨ᠂ ᠪᠦᠬᠦ ᠥᠪᠦᠷ ᠮᠣᠩᠭᠤᠯ᠎ᠤᠨ ᠨᠡᠢᠲᠡ ᠲᠦᠮᠡᠨ᠎ᠦ ᠬᠠᠮᠤᠭ᠎ᠤᠨ ᠵᠠᠨᠤᠯᠲᠤ ᠳᠠᠢᠰᠤᠨ ᠬᠤᠪᠢᠰᠭᠠᠯ᠎ᠤᠨ ᠡᠰᠡᠷᠭᠦᠦ ᠡᠲᠡᠭᠡᠳ ᠪᠤᠯᠤ ᠭᠡᠳᠡᠭ ᠬᠥᠮᠦᠨ᠎ᠶᠦᠮ᠃ ᠲᠡᠢᠮᠦ᠎ᠡᠴᠡ ᠴᠢ ᠲᠠᠯ᠎ᠠ ᠨᠤᠲᠤᠭ᠎ᠤᠨ᠎ᠢᠶᠠᠨ ᠠᠷᠠᠳ ᠲᠦᠮᠡᠨ᠎ᠦ ᠵᠠᠨᠤᠯᠲᠤ ᠳᠠᠢᠰᠤᠨ᠎ᠢ ᠳᠠᠷᠤᠭᠰᠠᠨ᠎ᠢᠶᠠᠷ ᠦᠯᠦ ᠪᠠᠷᠠᠮ ᠲᠠᠯ᠎ᠠ ᠨᠤᠲᠤᠭ᠎ᠤᠨ᠎ᠢᠶᠠᠨ ᠢᠷᠠᠭᠤ ᠠᠯᠳᠠᠷᠲᠤ ᠵᠣᠬᠢᠬᠤ ᠬᠤᠪᠢ ᠨᠡᠮᠡᠭᠦᠷᠢ᠎ᠪᠡᠨ ᠣᠷᠤᠭᠤᠯᠤᠭᠰᠠᠨ ᠪᠠᠢᠨ᠎ᠠ!》 ᠭᠡᠵᠦ ᠬᠡᠯᠡᠭᠡᠳ ᠵᠣᠭᠰᠤᠰᠬᠢᠵᠦ ᠴᠠᠰᠢ᠎ᠨᠢ: 《ᠡᠨᠳᠡ ᠪᠢ ᠴᠢᠮ᠎ᠠ᠎ᠳᠤ ᠪᠠᠰᠠ ᠨᠢᠭᠡ ᠤᠴᠢᠷ ᠬᠡᠯᠡᠵᠦ ᠥᠭᠭᠦᠶ᠎ᠡ᠃ ᠴᠢᠨᠦ ᠨᠠᠢᠵᠠ ᠰᠠᠮᠪᠤᠤ ᠮᠥᠨ ᠲᠠᠯ᠎ᠠ ᠨᠤᠲᠤᠭ᠎ᠤᠨ ᠬᠢᠨ᠎ᠳᠡᠭᠡᠨ ᠶᠡᠷᠦ ᠪᠤᠰᠤ᠎ᠶᠢᠨ ᠦᠢᠯᠡᠰ ᠪᠦᠲᠦᠭᠡᠭᠰᠡᠨ ᠰᠢᠤ: ᠰᠠᠮᠪᠤᠤ ᠲᠦᠢᠮᠡᠷ ᠴᠣᠬᠢᠬᠤ ᠶᠠᠪᠤᠴᠠ᠎ᠶᠢᠨ ᠳᠤᠮᠳᠠ ᠲᠦᠢᠮᠡᠷ᠎ᠦᠨ ᠵᠠᠬ᠎ᠠ᠎ᠶᠢ ᠰᠢᠪᠲᠤᠯᠤᠨ ᠣᠷᠤᠵᠤ ᠭᠠᠪᠰᠢᠭᠠᠢᠯᠠᠨ ᠴᠣᠬᠢᠭᠰᠠᠭᠠᠷ ᠪᠠᠢᠵᠤ ᠤᠳᠤᠭᠠᠨ᠎ᠳᠤ ᠤᠲᠤᠭᠳᠠᠨ ᠭᠠᠯ ᠳᠣᠲᠤᠷ᠎ᠠ ᠮᠠᠩᠰᠢᠭᠤᠷᠠᠨ ᠤᠨᠠᠵᠠᠢ᠃ ᠪᠢ ᠲᠠᠨᠠᠷᠢ ᠡᠨᠡ ᠡᠳᠦᠷ᠂ ᠮᠠᠤ ᠽᠧ ᠳ᠋ᠦᠩ᠎ᠦᠨ ᠴᠠᠭ ᠦᠶ᠎ᠡ᠎ᠶᠢᠨ ᠵᠢᠩᠬᠢᠨᠢ ᠮᠣᠩᠭᠤᠯ ᠬᠥᠮᠦᠨ ᠭᠡᠵᠦ ᠣᠮᠤᠭ ᠪᠠᠷᠳᠠᠮ ᠦᠨᠡᠯᠡᠶᠡ᠃ ᠤᠵᠤᠭᠤᠷ ᠵᠢᠶᠠᠩ ᠵᠢᠶᠧ ᠱᠢᠶᠢᠨ ᠳᠡᠭᠡᠷᠡᠮ᠎ᠦᠨ ᠪᠦᠯᠦᠭ ᠮᠠᠨ᠎ᠤ ᠮᠣᠩᠭᠤᠯ ᠬᠥᠮᠦᠰ᠎ᠢ 〈ᠦᠬᠡᠷ ᠬᠣᠨᠢᠨ᠎ᠤ᠎ᠪᠠᠨ ᠰᠢᠭᠡᠭ ᠥᠲᠦᠭᠲᠡᠢᠪᠡᠨ ᠬᠤᠳᠭᠤᠯᠳᠤᠭᠰᠠᠨ ᠵᠡᠷᠯᠢᠭ ᠬᠥᠮᠦᠰ〉 ᠭᠡᠵᠦ ᠳᠣᠷᠤᠮᠵᠢᠯᠠᠨ ᠬᠡᠯᠡᠳᠡᠭᠶᠦᠮ᠃ ᠭᠡᠲᠡᠯ᠎ᠡ ᠣᠳᠣ ᠡᠳᠡᠭᠡᠷ 〈ᠵᠡᠷᠯᠢᠭ ᠬᠥᠮᠦᠰ〉 ᠮᠠᠤ ᠽᠧ ᠳ᠋ᠦᠩ ᠬᠢᠭᠡᠳ ᠡᠪ ᠬᠠᠮᠲᠤ ᠨᠠᠮ᠎ᠤᠨ ᠤᠳᠤᠷᠢᠳᠤᠯᠭ᠎ᠠ ᠬᠥᠮᠦᠵᠢᠭᠦᠯᠭᠡᠪᠡᠷ ᠰᠢᠨ᠎ᠡ ᠬᠥᠮᠦᠰ᠂ ᠳᠠᠪᠰᠢᠩᠭᠤᠢ ᠬᠥᠮᠦᠰ᠂ ᠪᠣᠯᠤᠳ ᠮᠡᠲᠦ ᠬᠠᠳᠠᠨ ᠵᠣᠷᠢᠭᠲᠠᠢ ᠬᠥᠮᠦᠰ ᠪᠣᠯᠤᠨ ᠬᠤᠪᠢᠷᠠᠵᠠᠢ᠃ ᠪᠢᠳᠡ ᠡᠬᠡ ᠣᠷᠤᠨ᠎ᠤ᠎ᠪᠠᠨ ᠬᠢᠯᠢ ᠬᠢᠵᠠᠭᠠᠷ ᠳᠠᠭᠠᠤ ᠬᠢ ᠦᠵᠡᠰᠭᠦᠯᠡᠩ ᠰᠠᠢᠬᠠᠨ ᠥᠪᠦᠷ ᠮᠣᠩᠭᠤᠯ᠎ᠢᠶᠠᠨ ᠪᠦᠲᠦᠭᠡᠨ ᠪᠠᠢᠭᠤᠯᠵᠤ ᠴᠢᠳᠠᠬᠤ᠎ᠪᠠᠷ ᠦᠯᠦ ᠪᠠᠷᠠᠮ ᠪᠠᠰᠠ ᠡᠨᠡ ᠬᠢᠯᠢ ᠬᠢᠵᠠᠭᠠᠷ᠎ᠢᠶᠠᠨ ᠬᠡᠷᠬᠢᠨ ᠪᠠᠲᠤᠯᠠᠨ ᠬᠠᠮᠠᠭᠠᠯᠠᠬᠤ᠎ᠪᠠᠨ ᠰᠠᠢᠬᠠᠨ ᠮᠡᠳᠡᠳᠡᠭ ᠬᠥᠮᠦᠰᠶᠦᠮ᠃ ᠁ ᠲᠠᠯ᠎ᠠ ᠨᠤᠲᠤᠭ ᠪᠣᠯ ᠨᠢᠭᠡᠨᠲᠡ ᠲᠡᠳᠡᠨ᠎ᠦ ᠮᠡᠳᠡᠳᠡᠭ ᠲᠠᠯ᠎ᠠ ᠨᠤᠲᠤᠭ ᠪᠢᠰᠢ ᠪᠣᠯᠵᠠᠢ᠃ ᠠᠭᠤᠳᠠᠮ ᠥᠷᠭᠡᠨ ᠲᠠᠯ᠎ᠠ ᠨᠤᠲᠤᠭᠲᠤᠴᠤ ᠲᠡᠳᠡᠨ᠎ᠢ ᠪᠣᠭᠤᠮᠢᠯᠠᠬᠤ ᠤᠷᠠᠬ᠎ᠠ᠎ᠶᠢ ᠭᠠᠵᠠᠷ ᠰᠠᠶᠢ᠎ᠦᠭᠡᠢ ᠪᠡᠯᠡᠳᠭᠡᠴᠢᠬᠡᠭᠰᠡᠨᠶᠦᠮ!》 ᠭᠡᠵᠦ ᠬᠡᠯᠡᠪᠡ᠃
ᠪᠤᠯᠤ ᠠᠮᠤᠭᠤᠯᠠᠩ᠎ᠤᠨ ᠡᠮᠦᠨ᠎ᠡ ᠲᠣᠯᠤᠭᠠᠢ ᠪᠥᠬᠦᠢᠪᠡ᠃
ᠬᠥᠬᠡ ᠣᠭᠲᠠᠷᠭᠤᠢ᠎ᠳᠤ ᠥᠪᠴᠢ ᠪᠦᠷᠬᠦᠭᠰᠡᠨ ᠪᠠᠷᠠᠭᠠᠨ ᠡᠭᠦᠯᠡᠰ ᠬᠡᠰᠡᠭ ᠪᠦᠯᠦᠭ᠎ᠢᠶᠡᠷ᠎ᠢᠶᠡᠨ ᠨᠡᠭᠦᠳᠡᠯᠯᠡᠭᠡᠳ᠂ ᠬᠥᠳᠡᠭᠡ ᠨᠤᠲᠤᠭ᠎ᠤᠨ ᠳᠣᠷᠤᠨ᠎ᠠ ᠵᠠᠬ᠎ᠠ᠎ᠠᠴᠠ ᠦᠷ᠎ᠦᠨ ᠲᠤᠶᠠᠭ᠎ᠠ ᠴᠠᠢᠷᠠᠵᠤ᠂ ᠬᠥᠷᠦᠰᠦᠲᠦ ᠭᠠᠵᠠᠷ᠎ᠤᠨ ᠥᠨᠢᠷ ᠴᠡᠴᠡᠭ᠎ᠦᠳ ᠪᠤᠯᠪᠠᠷᠠᠢ ᠴᠣᠮᠣᠷᠯᠢᠭ᠎ᠢᠶᠠᠨ ᠳᠡᠯᠭᠡᠨ ᠮᠦᠰᠢᠶᠡᠵᠡᠭᠡᠵᠦ᠂ ᠬᠥᠬᠡᠷᠡᠬᠦ ᠠᠭᠠᠷ᠎ᠤᠨ ᠭᠦᠨ᠎ᠡ ᠬᠤᠨ ᠭᠠᠯᠠᠭᠤ ᠭᠠᠩᠭᠠᠷ ᠭᠤᠩᠭᠠᠷ ᠳᠣᠩᠭᠤᠳᠤᠨ ᠨᠢᠰᠴᠡᠭᠡᠨᠡ᠃
ᠨᠠᠷᠠ ᠮᠠᠨᠳᠤᠯ᠎ᠠ᠃