ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠠᠷᠠᠭᠤᠯ ᠨᠤᠲᠤᠭ᠎ᠤᠨ ᠬᠦᠦ

ᠠ᠊᠂ ᠣᠳᠽᠠᠷ

ᠳᠣᠯᠤᠭ᠎ᠠ

ᠪᠠᠲᠤᠰᠦ᠋ᠬᠡ ᠨᠢᠳᠦ᠎ᠪᠡᠨ ᠠᠯᠭᠤᠷ ᠨᠡᠭᠡᠭᠡᠪᠡ᠃ ᠪᠠᠢᠰᠢᠩ ᠭᠡᠷ᠎ᠦᠨ ᠰᠢᠷᠡᠭᠡᠨ ᠳᠡᠭᠡᠷ᠎ᠡ ᠯᠠᠪ᠎ᠤᠨ ᠭᠡᠷᠡᠯ ᠰᠠᠴᠤᠷᠠᠵᠤ᠂ ᠴᠠᠭᠠᠨ ᠬᠤᠪᠴᠠᠰᠤ᠎ᠲᠠᠢ ᠡᠮᠴᠢ ᠬᠠᠵᠠᠭᠤ᠎ᠳᠤᠨᠢ ᠵᠣᠭᠰᠤᠵᠤ ᠪᠠᠢᠪᠠ᠃ ᠰᠠᠨᠴᠢᠭ᠎ᠤᠨ ᠦᠰᠦ᠎ᠨᠢ ᠬᠤᠢᠬᠠᠯᠠᠭᠳᠠᠭᠰᠠᠨ ᠰᠠᠢᠬᠠᠨ ᠬᠡᠦᠬᠡᠨ ᠠᠶᠠᠭ᠎ᠠ᠎ᠲᠠᠢ ᠤᠰᠤ ᠪᠠᠷᠢᠭᠠᠳ ᠪᠠᠲᠤᠰᠦ᠋ᠬᠡ᠎ᠶᠢᠨ ᠳᠡᠷᠭᠡᠳᠡ ᠵᠣᠭᠰᠤᠨ᠎ᠠ᠃

ᠲᠡᠷᠲᠡᠭᠡ ᠬᠠᠨᠵᠤᠨ ᠪᠤᠯᠤᠩ᠎ᠳᠤ ᠬᠥᠭᠰᠢᠨ ᠡᠵᠢ ᠬᠦᠦ᠎ᠪᠡᠨ ᠲᠡᠪᠡᠷᠢᠵᠦ ᠰᠠᠭᠤᠨ᠎ᠠ᠃ ᠲᠣᠯᠤᠭᠠᠢ᠎ᠳᠠᠭᠠᠨ ᠴᠠᠭᠠᠨ ᠣᠷᠢᠶᠠᠯᠲᠠ᠎ᠲᠠᠢ ᠬᠡᠦᠬᠡᠳ ᠪᠢᠴᠢᠬᠠᠨ ᠭᠠᠷ᠎ᠢᠶᠠᠨ ᠰᠠᠪᠠᠯᠵᠠᠭᠤᠯᠤᠨ ᠪᠠᠲᠤᠰᠦ᠋ᠬᠡ᠎ᠶᠢᠨ ᠵᠦᠭ ᠬᠠᠷᠠᠵᠤ ᠵᠤᠤᠮᠠᠭ ᠵᠤᠤᠮᠠᠭ ᠢᠨᠢᠶᠡᠬᠦ᠎ᠳᠦ ᠪᠠᠲᠤᠰᠦ᠋ᠬᠡ ᠬᠡᠳᠦᠢ᠎ᠪᠡᠷ ᠪᠦᠬᠦ ᠪᠡᠶ᠎ᠡ᠎ᠨᠢ ᠬᠠᠯᠠᠭᠤᠨ ᠣᠷᠭᠢᠵᠤ ᠰᠢᠲᠠᠭᠳᠠᠭᠰᠠᠨ ᠰᠢᠷᠬ᠎ᠠ᠎ᠨᠢ ᠬᠠᠳᠭᠤᠯᠠᠨ ᠡᠪᠡᠳᠪᠡᠴᠦ ᠴᠢᠷᠠᠢ᠎ᠳᠤᠨᠢ ᠢᠨᠢᠶᠡᠮᠰᠦᠭᠯᠡᠭᠰᠡᠨ ᠳᠦᠷᠢ ᠣᠷᠤᠪᠠ᠃ ᠲᠡᠷᠡ᠂ ᠡᠨᠡ ᠦᠶ᠎ᠡ᠎ᠳᠦ ᠳᠠᠢᠰᠤᠨ᠎ᠤ ᠬᠦᠨᠳᠦ ᠫᠦᠯᠧᠮᠧᠲ᠎ᠢ ᠣᠯᠵᠠᠯᠠᠭᠰᠠᠨ᠎ᠠᠴᠠ ᠳᠣᠷᠤ᠎ᠦᠭᠡᠢ ᠪᠠᠶᠠᠷᠯᠠᠵᠤ ᠴᠡᠭᠡᠵᠢᠨ ᠳᠣᠲᠤᠷ᠎ᠠ᠎ᠨᠢ ᠲᠤᠢᠯ᠎ᠤᠨ ᠰᠠᠷᠠᠭᠤᠯ ᠲᠤᠩᠭᠠᠯᠠᠭ ᠰᠠᠨᠠᠭᠳᠠᠪᠠ᠃ ᠲᠡᠷᠡ᠂ ᠬᠣᠶᠠᠷ ᠭᠠᠷ᠎ᠢᠶᠠᠨ ᠰᠠᠷᠪᠠᠢᠵᠤ ᠠᠶᠠᠭ᠎ᠠ᠎ᠲᠠᠢ ᠤᠰᠤ᠎ᠶᠢ ᠠᠪᠬᠤ᠎ᠳᠤ᠂ ᠵᠡᠭᠦᠨ ᠭᠠᠷ᠎ᠢ᠎ᠨᠢ ᠬᠦᠨᠳᠦ ᠶᠠᠭᠤᠮ᠎ᠠ᠎ᠪᠠᠷ ᠳᠠᠷᠤᠭᠰᠠᠨ᠎ᠰᠢᠭ᠋ ᠰᠠᠨᠠᠭ᠎ᠠ᠎ᠶᠢ᠎ᠨᠢ ᠳᠠᠭᠠᠬᠤ᠎ᠦᠭᠡᠢ ᠪᠣᠯᠵᠠᠢ᠃ ᠪᠠᠷᠠᠭᠤᠨ ᠭᠠᠷ᠎ᠢᠶᠠᠷ᠎ᠢᠶᠠᠨ ᠠᠶᠠᠭᠠᠨ᠎ᠤ ᠬᠥᠪᠡᠭᠡᠨ᠎ᠡᠴᠡ ᠠᠳᠭᠤᠭᠠᠳ᠂ ᠬᠣᠶᠠᠷ ᠭᠠᠷ ᠲᠣᠯᠤᠭᠠᠢ ᠲᠦᠷᠦᠭᠦᠦ᠎ᠶᠢ᠎ᠨᠢ ᠴᠥᠮ ᠴᠠᠭᠠᠨ ᠪᠥᠰ᠎ᠢᠶᠡᠷ ᠣᠷᠢᠶᠠᠭᠰᠠᠨ᠎ᠢ ᠣᠯᠵᠤ ᠮᠡᠳᠡᠪᠡ᠃

ᠨᠢᠭᠡ ᠪᠠᠢᠯᠳᠤᠭᠴᠢ ᠲᠡᠭᠦᠨ᠎ᠦ ᠬᠠᠵᠠᠭᠤ᠎ᠳᠤ ᠰᠠᠭᠤᠵᠤ᠂ ᠡᠨᠡ ᠡᠳᠦᠷ᠎ᠦᠨ ᠪᠠᠢᠯᠳᠤᠭᠠᠨ᠎ᠤ ᠥᠩᠭᠡᠷᠡᠭᠡᠯ᠎ᠢ ᠶᠠᠷᠢᠵᠤ ᠪᠠᠢᠪᠠ᠃ ᠭᠠᠯ᠎ᠳᠤ ᠦᠰᠦᠷᠦᠨ ᠣᠷᠤᠵᠤ ᠲᠡᠷᠡ ᠬᠡᠦᠬᠡᠳ᠎ᠢ ᠠᠪᠤᠷᠠᠭᠰᠠᠨ ᠪᠠ ᠰᠤᠮᠤᠨ᠎ᠠᠴᠠ᠎ᠪᠠᠨ ᠰᠠᠯᠵᠤ ᠳ᠋ᠢᠸᠢᠽᠢ᠎ᠶᠢᠨ ᠡᠮᠨᠡᠯᠭᠡ᠎ᠶᠢᠨ ᠭᠠᠵᠠᠷ ᠢᠷᠡᠵᠦ ᠡᠮᠨᠡᠭᠦᠯᠦᠭᠰᠡᠨ ᠵᠡᠷᠭᠡ ᠶᠠᠪᠤᠳᠠᠯ᠎ᠤᠳ᠎ᠨᠢ ᠪᠠᠲᠤᠰᠦ᠋ᠬᠡ᠎ᠳᠦ ᠵᠡᠭᠦᠳᠦ ᠵᠡᠷᠭᠡᠯᠭᠡᠨ᠎ᠰᠢᠭ ᠪᠣᠳᠤᠭᠳᠠᠪᠠ᠃ ᠰᠥᠨᠢ ᠭᠦᠨ ᠪᠣᠯᠵᠤ ᠬᠦᠴᠦᠲᠡᠢ ᠰᠠᠯᠬᠢᠨ ᠴᠣᠩᠬᠤᠨ᠎ᠤ ᠴᠠᠭᠠᠰᠤ᠎ᠶᠢ ᠦᠯᠢᠶᠡᠨ᠎ᠡ᠃ ᠪᠠᠲᠤᠰᠦ᠋ᠬᠡ᠎ᠶᠢᠨ ᠬᠠᠯᠠᠭᠠᠭᠳᠠᠭᠰᠠᠨ ᠰᠢᠷᠬ᠎ᠠ ᠵᠢᠮᠵᠢᠭᠢᠨᠡᠨ ᠬᠠᠳᠭᠤᠯᠠᠨ ᠡᠪᠡᠳᠴᠦ᠂ ᠬᠠᠪᠤᠷ᠎ᠤᠨ ᠰᠥᠨᠢ ᠲᠡᠭᠦᠨ᠎ᠳᠦ ᠣᠨᠴᠠ ᠤᠷᠲᠤ ᠪᠣᠯᠤᠭᠰᠠᠨ ᠮᠡᠲᠦ ᠰᠠᠨᠠᠭᠳᠠᠪᠠ᠃

ᠪᠠᠲᠤᠰᠦ᠋ᠬᠡ ᠪᠠᠢᠨ ᠪᠠᠢᠨ ᠥᠨᠳᠡᠢᠵᠦ ᠲᠡᠷᠡ ᠥᠬᠢᠨ᠎ᠢ ᠤᠨᠲᠠᠭᠠᠷᠠᠢ ᠭᠡᠵᠦ ᠬᠡᠯᠡᠭᠰᠡᠨ ᠪᠣᠯᠪᠠᠴᠤ ᠲᠡᠷᠡ ᠶᠡᠷᠦ ᠨᠢᠳᠦ ᠠᠨᠢᠭᠰᠠᠨ᠎ᠦᠭᠡᠢ᠎ᠪᠠᠷ ᠪᠠᠲᠤᠰᠦ᠋ᠬᠡ᠎ᠶᠢᠨ ᠳᠡᠷᠭᠡᠳᠡ ᠵᠣᠭᠰᠤᠵᠤ ᠬᠥᠨᠵᠢᠯᠡ᠎ᠶᠢ᠎ᠨᠢ ᠬᠤᠴᠢᠬᠤ ᠪᠤᠶᠤ ᠤᠰᠤ᠎ᠶᠢ᠎ᠨᠢ ᠪᠤᠴᠠᠯᠭᠠᠵᠤ ᠠᠰᠠᠷᠠᠨ ᠪᠠᠢᠭᠰᠠᠭᠠᠷ ᠴᠣᠩᠬᠤᠨ ᠳᠡᠭᠡᠷ᠎ᠡ ᠨᠠᠷᠠ ᠲᠤᠰᠭᠠᠪᠠ᠃

ᠡᠨᠡ ᠥᠬᠢᠨ ᠪᠣᠯ ᠮᠥᠨ ᠭᠡᠷ᠎ᠦᠨ ᠬᠥᠭᠰᠢᠨ ᠡᠵᠢ᠎ᠶᠢᠨ ᠬᠡᠦᠬᠡᠨ ᠪᠣᠯᠤᠨ᠎ᠠ᠃ ᠨᠡᠷ᠎ᠡ ᠪᠠᠳᠮ᠎ᠠ᠂ ᠨᠠᠰᠤ ᠠᠷᠪᠠᠨ ᠨᠠᠢ᠍ᠮᠠ᠂ ᠲᠠᠰ ᠬᠠᠷ᠎ᠠ ᠭᠡᠵᠢᠭᠡ᠎ᠲᠡᠢ᠂ ᠮᠣᠢᠯ ᠬᠠᠷ᠎ᠠ ᠨᠢᠳᠦ᠎ᠲᠡᠢ᠂ ᠮᠢᠬᠠᠯᠢᠭ ᠰᠠᠢᠬᠠᠨ ᠪᠡᠶ᠎ᠡ᠎ᠲᠡᠢ᠂ ᠦᠢᠯᠡ ᠠᠵᠢᠯ᠎ᠳᠠᠭᠠᠨ ᠰᠠᠢᠨ ᠭᠡᠵᠦ ᠬᠣᠯᠠ ᠣᠢᠷ᠎ᠠ᠎ᠳᠠᠭᠠᠨ ᠠᠯᠳᠠᠷᠰᠢᠵᠠᠢ᠃

ᠲᠡᠭᠦᠨ᠎ᠦ ᠡᠴᠢᠭᠡ ᠪᠥᠬᠡ ᠭᠡᠳᠡᠭ ᠡᠪᠦᠭᠡᠨ ᠪᠣᠯ ᠪᠠᠭ᠎ᠤᠨ ᠳᠠᠷᠤᠭ᠎ᠠ᠎ᠶᠢᠨ ᠲᠤᠰᠢᠶᠠᠯ᠎ᠲᠠᠢ᠂ ᠬᠤᠪᠢᠰᠭᠠᠯ᠎ᠤᠨ ᠲᠠᠨᠢᠯᠲᠠ᠎ᠪᠠᠷ ᠥᠨᠳᠦᠷ᠂ ᠰᠠᠢᠨ ᠮᠠᠯᠴᠢᠨ ᠪᠢᠯᠡ᠃ ᠪᠥᠬᠡ᠂ ᠬᠣᠰᠢᠭᠤᠨ᠎ᠤ ᠴᠡᠷᠢᠭ᠎ᠢ ᠬᠠᠪᠰᠤᠷᠴᠤ ᠬᠤᠪᠢᠰᠭᠠᠯ᠎ᠤᠨ ᠡᠰᠡᠷᠭᠦᠴᠦᠳ᠎ᠢ ᠳᠠᠷᠤᠩᠭᠤᠢᠯᠠᠵᠤ᠂ ᠳᠠᠢᠰᠤᠨ᠎ᠲᠠᠢ ᠬᠣᠯᠪᠤᠯᠳᠤᠵᠤ ᠪᠠᠢᠭᠰᠠᠨ ᠬᠥᠮᠦᠰ᠎ᠢ ᠦᠯᠡᠳᠡᠭᠡᠯ᠎ᠦᠭᠡᠢ ᠪᠠᠷᠢᠪᠴᠢᠯᠠᠭᠰᠠᠨ ᠪᠥᠭᠡᠳ ᠳᠠᠢᠰᠤᠨ᠎ᠤ ᠰᠤᠷᠠᠭ ᠴᠢᠮᠡᠭᠡ᠎ᠶᠢ ᠴᠠᠭ ᠰᠠᠭᠠᠲᠠᠯ᠎ᠦᠭᠡᠢ᠎ᠪᠠᠷ ᠬᠤᠪᠢᠰᠭᠠᠯᠲᠤ ᠴᠡᠷᠢᠭ᠎ᠲᠡᠭᠡᠨ ᠬᠦᠷᠭᠡᠵᠦ ᠬᠡᠳᠦᠨ ᠠᠷᠪᠠ᠎ᠪᠠᠷ ᠰᠥᠨᠦᠭᠡᠳᠡᠭ ᠲᠤᠯᠠ ᠳᠣᠯᠤᠨ ᠨᠠᠭᠤᠷ᠎ᠤᠨ ᠭᠣᠮᠢᠨᠳᠠᠩ ᠪᠠ ᠪᠤᠷᠢᠶᠠᠳ᠎ᠤᠨ ᠬᠤᠯᠠᠭᠠᠢ᠎ᠨᠤᠭᠤᠳ ᠲᠡᠭᠦᠨ᠎ᠳᠦ ᠲᠤᠢᠯ᠎ᠢᠶᠠᠷ ᠬᠣᠷᠤᠰᠴᠤ ᠪᠠᠢᠵᠠᠢ᠃

ᠥᠷᠯᠦᠭᠡ ᠴᠡᠷᠢᠭ ᠮᠣᠷᠳᠠᠬᠤ ᠳᠣᠬᠢᠶ᠎ᠠ ᠲᠠᠯᠪᠢᠪᠠ᠃ ᠳ᠋ᠢᠸᠢᠽᠢ᠎ᠶᠢᠨ ᠺᠣᠮᠢᠰᠰᠠᠷ᠂ ᠪᠠᠲᠤᠰᠦ᠋ᠬᠡ᠎ᠶᠢᠨ ᠬᠡᠪᠲᠡᠵᠦ ᠪᠠᠢᠭᠰᠠᠨ ᠭᠡᠷ᠎ᠦᠨ ᠬᠠᠭᠠᠯᠭ᠎ᠠ᠎ᠶᠢ ᠠᠯᠭᠤᠷ ᠨᠡᠭᠡᠭᠡᠨ ᠣᠷᠤᠵᠤ ᠢᠷᠡᠪᠡ᠃ ᠪᠠᠲᠤᠰᠦ᠋ᠬᠡ ᠺᠣᠮᠢᠰᠰᠠᠷ᠎ᠤᠨ ᠭᠡᠷᠡᠯ᠎ᠲᠡᠢ ᠨᠢᠭᠤᠷ᠎ᠢ ᠦᠵᠡᠭᠡᠳ ᠥᠨᠳᠡᠢᠬᠦ ᠭᠡᠲᠡᠯ᠎ᠡ ᠺᠣᠮᠢᠰᠰᠠᠷ ᠲᠡᠭᠦᠨ᠎ᠦ ᠴᠡᠭᠡᠵᠢᠨ ᠳᠡᠭᠡᠷ᠎ᠡ ᠳᠠᠷᠤᠵᠤ ᠬᠡᠪᠲᠡᠭᠦᠯᠦᠭᠡᠳ:

《ᠪᠢᠲᠡᠭᠡᠢ ᠬᠥᠳᠡᠯ᠂ ᠪᠢᠲᠡᠭᠡᠢ ᠬᠥᠳᠡᠯ!》 ᠭᠡᠵᠦ ᠮᠠᠭᠤᠬᠠᠨ ᠮᠣᠩᠭᠤᠯ ᠬᠡᠯᠡ᠎ᠪᠡᠷ ᠶᠠᠷᠢᠪᠠ᠃

ᠺᠣᠮᠢᠰᠰᠠᠷ᠂ ᠡᠬᠡ ᠬᠥᠮᠦᠨ ᠬᠡᠦᠬᠡᠳ᠎ᠢᠶᠡᠨ ᠰᠢᠷᠲᠡᠵᠦ ᠪᠠᠢᠭ᠎ᠠ᠎ᠰᠢᠭ᠋ ᠪᠠᠲᠤᠰᠦ᠋ᠬᠡ᠎ᠶᠢ ᠡᠨᠡᠷᠢᠯᠲᠦ ᠬᠠᠷᠠᠴᠠ᠎ᠪᠠᠷ ᠠᠩᠬᠠᠷᠤᠨ ᠦᠵᠡᠵᠦ᠂ ᠪᠠᠰᠠ ᠲᠡᠷᠲᠡᠭᠡ ᠬᠠᠨᠵᠤᠨ ᠳᠡᠭᠡᠷᠡᠬᠢ ᠡᠬᠡ ᠬᠦᠦ ᠬᠣᠶᠠᠷ᠎ᠢ ᠲᠣᠬᠤᠨᠢᠭᠤᠯᠤᠨ ᠠᠰᠠᠭᠤᠬᠤ᠎ᠳᠠᠭᠠᠨ᠂ ᠨᠥᠮᠦᠷᠭᠡ᠎ᠶᠢᠨ ᠤᠭᠤᠲᠠᠨ᠎ᠠᠴᠠ᠎ᠪᠠᠨ ᠬᠡᠳᠦᠨ ᠵᠣᠭᠤᠰ ᠭᠠᠷᠭᠠᠵᠤ᠂ ᠪᠢᠴᠢᠬᠠᠨ ᠬᠦᠦ᠎ᠳᠦ ᠠᠳᠭᠤᠭᠤᠯᠤᠭᠠᠳ ᠮᠣᠩᠭᠤᠯᠴᠤᠳ᠎ᠤᠨ ᠵᠠᠩᠰᠢᠯ᠎ᠢᠶᠠᠷ 《ᠪᠣᠭᠤᠷᠰᠤᠭ ᠠᠪᠴᠤ ᠢᠳᠡᠭᠡᠷᠡᠢ》 ᠭᠡᠪᠡ᠃ ᠬᠥᠭᠰᠢᠨ ᠲᠠᠯᠠᠷᠬᠠᠬᠤ ᠰᠡᠳᠭᠢᠯᠭᠡ᠎ᠪᠡᠨ ᠪᠦᠷᠢᠨ ᠢᠯᠡᠳᠭᠡᠵᠦ ᠴᠢᠳᠠᠬᠤ᠎ᠦᠭᠡᠢ ᠠᠷᠭ᠎ᠠ᠎ᠪᠠᠨ ᠪᠠᠷᠠᠵᠤ ᠨᠢᠳᠦᠨ ᠨᠢᠯᠪᠤᠰᠤ ᠪᠥᠮᠪᠦᠷᠢᠭᠦᠯᠦᠨ:

《ᠲᠠᠨ᠎ᠤ ᠰᠠᠢᠨ᠎ᠢ ᠪᠢ ᠦᠬᠦᠪᠡᠴᠦ ᠮᠠᠷᠲᠠᠬᠤ᠎ᠦᠭᠡᠢ᠂ ᠲᠠ ᠪᠣᠯ ᠮᠢᠨᠦ ᠠᠮᠢ ᠭᠣᠣᠯ᠎ᠢ ᠦᠬᠦᠯ᠎ᠦᠨ ᠠᠶᠤᠯ᠎ᠠᠴᠠ ᠠᠪᠤᠷᠠᠭᠰᠠᠨ ᠰᠢᠤ》 ᠭᠡᠬᠦ᠎ᠳᠦ ᠺᠣᠮᠢᠰᠰᠠᠷ ᠢᠨᠢᠶᠡᠮᠰᠦᠭᠯᠡᠨ:

《ᠡᠨᠡ ᠪᠣᠯ ᠲᠡᠷᠢᠭᠦᠯᠡᠭᠴᠢ ᠮᠠᠤ ᠽᠧ ᠳ᠋ᠦᠩ᠎ᠦᠨ ᠠᠴᠢ᠎ᠶᠤᠮ ᠡ᠃ ᠲᠡᠷᠡ᠂ ᠪᠢᠳᠡ᠎ᠨᠡᠷ᠎ᠲᠦ ᠠᠷᠠᠳ ᠲᠦᠮᠡᠨ᠎ᠦ ᠠᠰᠢᠭ ᠲᠤᠰᠠ᠎ᠶᠢ ᠠᠮᠢ ᠪᠡᠶ᠎ᠡ᠎ᠡᠴᠡ᠎ᠪᠡᠨ ᠢᠯᠡᠭᠦᠦ ᠬᠠᠢᠷᠠᠯᠠᠭᠠᠷᠠᠢ ᠭᠡᠵᠦ ᠰᠤᠷᠭᠠᠭᠰᠠᠨ᠎ᠢᠶᠠᠷ ᠮᠠᠨ᠎ᠤ ᠪᠠᠢᠯᠳᠤᠭᠴᠢ ᠥᠷᠭᠡᠨ ᠣᠯᠠᠨ ᠲᠦᠮᠡᠨ᠎ᠦ ᠡᠭᠦᠷᠢᠳᠡ᠎ᠶᠢᠨ ᠡᠷᠬᠡ ᠴᠢᠯᠦᠭᠡᠨ᠎ᠦ ᠲᠥᠯᠦᠭᠡ ᠪᠠᠢᠯᠳᠤᠬᠤ᠎ᠪᠠᠨ ᠶᠠᠭᠤᠨ᠎ᠠᠴᠠ᠎ᠴᠤ ᠡᠷᠬᠢᠮ ᠳᠡᠭᠡᠳᠦ ᠢᠷᠠᠭᠤ ᠠᠯᠳᠠᠷᠲᠠᠢ ᠦᠢᠯᠡᠰ ᠭᠡᠵᠦ ᠦᠵᠡᠳᠡᠭ᠎ᠶᠦᠮ᠃ ᠡᠢᠮᠦ ᠤᠴᠢᠷ᠎ᠠᠴᠠ ᠠᠷᠠᠳ᠎ᠤᠨ ᠴᠡᠷᠢᠭ ᠡᠭᠦᠷᠢᠳᠡ ᠪᠠᠭᠠᠲᠤᠷ ᠵᠣᠷᠢᠭ᠎ᠲᠠᠢ ᠢᠯᠠᠭᠳᠠᠰᠢ᠎ᠦᠭᠡᠢ ᠬᠦᠴᠦᠨ᠎ᠲᠡᠢ ᠪᠣᠯᠤᠭᠰᠠᠨ᠎ᠶᠤᠮ》 ᠭᠡᠪᠡ᠃ ᠴᠢᠩᠭᠢᠭᠡᠳ ᠺᠣᠮᠢᠰᠰᠠᠷ᠂ ᠳᠠᠢᠰᠤᠨ ᠲᠡᠭᠦᠨ᠎ᠦ ᠭᠡᠷ᠎ᠢ ᠶᠠᠭᠤᠨ᠎ᠤ ᠤᠴᠢᠷ᠎ᠲᠤ ᠭᠠᠯᠳᠠᠭᠰᠠᠨ᠎ᠢ ᠬᠥᠭᠰᠢᠨ᠎ᠡᠴᠡ ᠠᠰᠠᠭᠤᠭᠰᠠᠨ᠎ᠳᠤ᠂ ᠬᠥᠭᠰᠢᠨ ᠤᠷᠲᠤ ᠰᠠᠨᠠᠭ᠎ᠠ ᠠᠯᠳᠠᠭᠠᠳ:

《ᠬᠠᠭᠠᠰ ᠰᠠᠷ᠎ᠠ᠎ᠶᠢᠨ ᠡᠮᠦᠨ᠎ᠡ᠂ ᠬᠣᠶᠠᠳᠤᠭᠠᠷ ᠰᠠᠷ᠎ᠠ᠎ᠶᠢᠨ ᠬᠣᠷᠢᠨ᠎ᠤ ᠰᠥᠨᠢ ᠭᠤᠴᠢ ᠭᠠᠷᠤᠢ ᠳᠡᠭᠡᠷᠡᠮ ᠭᠡᠷ᠎ᠢ᠎ᠮᠢᠨᠢ ᠪᠦᠰᠡᠯᠡᠨ ᠠᠪᠴᠤ᠂ ᠠᠷᠰᠯᠠᠨ ᠱᠣᠩᠬᠤᠷ ᠬᠣᠶᠠᠷ ᠨᠣᠬᠠᠢ᠎ᠶᠢ᠎ᠮᠢᠨᠢ ᠫᠤᠤᠳᠠᠵᠤ ᠠᠯᠠᠭᠠᠳ ᠭᠡᠷ᠎ᠲᠦ ᠣᠷᠤᠵᠤ ᠢᠷᠡᠪᠡ᠃ 〈ᠮᠠᠨ᠎ᠤ ᠠᠷᠪᠠᠨ ᠨᠠᠢ᠍ᠮᠠᠨ ᠬᠥᠮᠦᠨ᠎ᠢ ᠨᠠᠢ᠍ᠮᠠᠨ ᠵᠠᠮ᠎ᠳᠤ ᠮᠡᠳᠡᠭᠦᠯᠵᠦ ᠪᠠᠷᠢᠭᠤᠯᠤᠭᠰᠠᠨ ᠪᠥᠬᠡ ᠭᠡᠳᠡᠭ ᠬᠥᠮᠦᠨ ᠴᠢ ᠮᠥᠨ᠎ᠦᠦ?〉 ᠭᠡᠵᠦ ᠬᠢᠲᠠᠳ᠂ ᠮᠣᠩᠭᠤᠯ ᠬᠡᠯᠡ᠎ᠪᠡᠷ ᠠᠰᠠᠭᠤᠭᠠᠳ ᠮᠠᠨ᠎ᠤ ᠭᠡᠷ᠎ᠦᠨ ᠡᠵᠡᠨ᠎ᠦ ᠲᠣᠯᠤᠭᠠᠢ ᠤᠷᠤᠭᠤ ᠲᠠᠰᠢᠭᠤᠷ ᠣᠷᠤᠭᠤᠯᠵᠤ᠂ ᠬᠣᠶᠠᠷ ᠭᠠᠷ᠎ᠢ᠎ᠨᠢ ᠠᠷᠤ᠎ᠳᠤᠨᠢ ᠰᠣᠯᠪᠢᠨ ᠬᠦᠯᠢᠵᠦ᠂ ᠮᠣᠩᠭᠤᠯ ᠭᠡᠷ᠎ᠦᠨ ᠲᠣᠭᠤᠨᠤ᠎ᠠᠴᠠ ᠳᠡᠭᠦᠵᠢᠯᠡᠪᠡ᠃ ᠴᠢᠩᠭᠢᠭᠡᠳ ᠵᠦᠢᠯ ᠵᠦᠢᠯ᠎ᠦᠨ ᠶᠠᠭᠤᠮ᠎ᠠ ᠠᠰᠠᠭᠤᠬᠤ᠎ᠳᠤ᠂ ᠡᠪᠦᠭᠡᠨ᠎ᠮᠢᠨᠢ 〈ᠮᠡᠳᠡᠬᠦ᠎ᠦᠭᠡᠢ᠂ ᠪᠢ ᠨᠢᠭᠡᠨ ᠮᠠᠯᠴᠢᠨ ᠠᠷᠠᠳ ᠶᠠᠭᠤ ᠮᠡᠳᠡᠬᠦ ᠪᠤᠢ?〉 ᠭᠡᠰᠡᠨ᠎ᠡᠴᠡ ᠥᠭᠡᠷ᠎ᠡ ᠶᠠᠭᠤ᠎ᠴᠤ ᠬᠡᠯᠡᠭᠰᠡᠨ᠎ᠦᠭᠡᠢ ᠪᠠᠢᠪᠠ᠃ ᠴᠢᠩᠭᠢᠭᠡᠳ ᠳᠡᠭᠡᠷᠡᠮᠴᠢᠳ ᠶᠠᠪᠤᠬᠤ ᠦᠶᠡᠰ᠎ᠲᠡᠭᠡᠨ ᠪᠠᠢᠳᠠᠭ ᠶᠠᠭᠤᠮ᠎ᠠ᠎ᠶᠢ᠎ᠮᠢᠨᠢ ᠪᠤᠯᠢᠶᠠᠨ ᠳᠡᠭᠡᠷᠡᠮᠳᠡᠭᠡᠳ᠂ ᠡᠪᠦᠭᠡᠨ᠎ᠢ᠎ᠮᠢᠨᠢ ᠵᠠᠢᠳᠠᠩ ᠮᠣᠷᠢ ᠤᠨᠤᠭᠤᠯᠤᠨ ᠳᠣᠯᠤᠨ ᠨᠠᠭᠤᠷ᠎ᠲᠤ ᠠᠪᠠᠴᠢᠪᠠ᠃ ᠣᠳᠣ ᠶᠠᠭᠤᠨ᠎ᠤ ᠠᠮᠢᠳᠤ ᠪᠠᠢᠬᠤ ᠪᠤᠢ》 ᠭᠡᠵᠦ ᠨᠢᠯᠪᠤᠰᠤ᠎ᠪᠠᠨ ᠠᠷᠴᠢᠵᠤ ᠤᠬᠢᠯᠠᠭᠰᠠᠭᠠᠷ ᠪᠠᠰᠠ:

《ᠥᠴᠦᠭᠡᠳᠦᠷ᠎ᠦᠨ ᠢᠷᠡᠭᠰᠡᠨ ᠳᠡᠭᠡᠷᠡᠮᠴᠢᠳ ᠥᠬᠢᠨ ᠪᠢᠳᠡ ᠬᠣᠶᠠᠷ᠎ᠢ ᠮᠣᠷᠢᠨ ᠤᠶᠠᠭᠠᠨ᠎ᠠᠴᠠ ᠤᠶᠠᠵᠤ ᠪᠢᠴᠢᠬᠠᠨ ᠬᠦᠦ᠎ᠶᠢ ᠬᠣᠷᠢᠵᠤ ᠣᠨᠢᠰᠤᠯᠠᠭᠠᠳ ᠭᠠᠯ ᠲᠠᠯᠪᠢᠵᠤ ᠳᠤᠲᠠᠭᠠᠪᠠ᠃ ᠤᠴᠢᠷ᠎ᠨᠢ᠂ ᠮᠠᠨ᠎ᠤ ᠭᠡᠷ᠎ᠦᠨ ᠡᠵᠡᠨ ᠪᠠᠭ᠎ᠤᠨ ᠳᠠᠷᠤᠭ᠎ᠠ ᠶᠠᠪᠤᠵᠤ᠂ ᠳᠡᠭᠡᠷᠡᠮᠴᠢᠳ᠎ᠦᠨ ᠴᠢᠮᠡᠭᠡ᠎ᠶᠢ ᠨᠠᠢ᠍ᠮᠠᠨ ᠵᠠᠮ᠎ᠤᠨ ᠴᠡᠷᠢᠭ᠎ᠲᠦ ᠬᠦᠷᠭᠡᠳᠡᠭ ᠭᠡᠵᠦ ᠬᠣᠷᠤᠰᠤᠭᠰᠠᠨ᠎ᠳᠠᠭᠠᠨ᠎ᠶᠤᠮ》 ᠭᠡᠪᠡ᠃

《ᠬᠣᠵᠢᠮ ᠳᠣᠯᠤᠨ ᠨᠠᠭᠤᠷ᠎ᠢ ᠴᠢᠯᠦᠭᠡᠯᠡᠭᠰᠡᠨ᠎ᠦ ᠬᠣᠢᠨ᠎ᠠ᠂ ᠮᠡᠨᠳᠦ ᠰᠠᠢᠬᠠᠨ᠎ᠢᠶᠠᠷ ᠬᠠᠷᠢᠵᠤ ᠢᠷᠡᠬᠦ ᠪᠢᠵᠡ》 ᠭᠡᠵᠦ ᠺᠣᠮᠢᠰᠰᠠᠷ ᠲᠠᠢᠳᠭᠤᠷᠠᠭᠤᠯᠤᠨ ᠬᠡᠯᠡᠬᠦ᠎ᠳᠦ᠂

《ᠵᠠ᠂ ᠲᠠ᠎ᠮᠢᠨᠢ ᠳᠣᠯᠤᠨ ᠨᠠᠭᠤᠷ᠎ᠢ ᠲᠦᠷᠭᠡᠬᠡᠨ ᠴᠢᠯᠦᠭᠡᠯᠡᠵᠦ᠂ ᠪᠠᠷᠢᠭᠳᠠᠭᠰᠠᠨ ᠬᠥᠮᠦᠰ᠎ᠦᠨ᠎ᠮᠢᠨᠢ ᠠᠮᠢ᠎ᠶᠢ ᠠᠪᠤᠭᠠᠷᠠᠢ ᠳ᠋ᠠ᠂ ᠵᠠ ᠠᠮᠢᠳᠤ᠎ᠯᠠ ᠪᠠᠢᠭᠠᠰᠠᠢ》 ᠭᠡᠵᠦ ᠬᠥᠭᠰᠢᠨ ᠬᠡᠯᠡᠪᠡ᠃ ᠪᠠᠳᠮ᠎ᠠ ᠬᠠᠵᠠᠭᠤ᠎ᠠᠴᠠ᠎ᠨᠢ:

《ᠴᠢᠯᠦᠭᠡᠯᠡᠬᠦ ᠴᠡᠷᠢᠭ᠎ᠦᠨ ᠨᠥᠬᠦᠳ ᠡ᠂ ᠲᠠ ᠲᠡᠷᠡ ᠵᠠᠩ ᠢᠦᠢ ᠯᠢᠨ ᠭᠡᠳᠡᠭ ᠬᠤᠯᠠᠭᠠᠢ᠎ᠶᠢ ᠪᠠᠷᠢᠪᠠᠯ ᠵᠠᠪᠠᠯ ᠮᠠᠨ᠎ᠤ ᠡᠨᠳᠡ ᠠᠪᠴᠢᠷᠠᠵᠤ ᠥᠭᠭᠦᠭᠡᠷᠡᠢ᠃ ᠮᠢᠨᠦ ᠡᠴᠢᠭᠡ᠎ᠶᠢ ᠪᠠᠷᠢᠭᠰᠠᠨ᠂ ᠮᠠᠨ᠎ᠤ ᠭᠡᠷ᠎ᠢ ᠭᠠᠯᠳᠠᠭᠰᠠᠨ᠎ᠨᠢ ᠴᠥᠮ ᠲᠡᠷᠡ ᠬᠤᠯᠠᠭᠠᠢ ᠪᠢᠯᠡ》 ᠭᠡᠬᠦ᠎ᠳᠦ ᠪᠠᠲᠤᠰᠦ᠋ᠬᠡ ᠥᠨᠳᠡᠢᠨ ᠪᠣᠰᠴᠤ:

《ᠵᠠᠩ ᠢᠦᠢ ᠯᠢᠨ ᠭᠡᠨ᠎ᠡ? ᠶᠠᠮᠠᠷ ᠶᠠᠩᠵᠤ᠎ᠲᠠᠢ ᠬᠥᠮᠦᠨ᠎ᠶᠦᠮ ᠪᠤᠢ?》 ᠭᠡᠵᠦ ᠶᠡᠬᠡ ᠰᠣᠨᠢᠷᠬᠠᠨ ᠠᠰᠠᠭᠤᠪᠠ᠃

《ᠥᠨᠳᠦᠷ ᠪᠡᠶ᠎ᠡ᠎ᠲᠡᠢ᠂ ᠬᠠᠷ᠎ᠠ ᠴᠣᠬᠤᠷ ᠴᠢᠷᠠᠢ᠎ᠲᠠᠢ᠂ ᠵᠡᠭᠦᠨ ᠭᠠᠵᠠᠷ᠎ᠤᠨ ᠮᠣᠩᠭᠤᠯ ᠬᠡᠯᠡ᠎ᠲᠡᠢ ᠬᠥᠮᠦᠨ》 ᠭᠡᠬᠦ᠎ᠳᠦ᠂

《ᠠᠯᠲᠠᠨ ᠰᠢᠳᠦ᠎ᠲᠡᠢ᠎ᠦᠦ?》 ᠭᠡᠵᠦ ᠪᠠᠲᠤᠰᠦ᠋ᠬᠡ ᠯᠠᠪᠯᠠᠨ ᠠᠰᠠᠭᠤᠪᠠ᠃

《ᠠᠯᠲᠠᠨ ᠰᠢᠳᠦ᠎ᠲᠡᠢ᠂ ᠠᠮᠠ ᠳᠦᠭᠦᠷᠡᠩ ᠠᠯᠲᠠᠨ ᠰᠢᠳᠦ᠎ᠲᠡᠢ》 ᠭᠡᠵᠦ ᠪᠠᠳᠮ᠎ᠠ ᠥᠴᠢᠲᠡᠯ᠎ᠡ ᠪᠠᠲᠤᠰᠦ᠋ᠬᠡ ᠰᠢᠷᠡᠭᠡ᠎ᠶᠢ ᠠᠯᠠᠭᠠᠳᠠᠵᠤ:

《ᠮᠢᠨᠦ ᠥᠰᠢᠶ᠎ᠡ᠎ᠲᠡᠢ ᠬᠥᠮᠦᠨ ᠵᠠᠩ ᠪᠠ ᠫᠢ ᠶᠠᠭ ᠮᠥᠨ᠂ ᠨᠢᠳᠤᠨᠤᠨ ᠵᠢᠯ ᠺᠠᠢᠯᠦ᠎ᠶᠢ ᠴᠢᠯᠦᠭᠡᠯᠡᠬᠦ ᠦᠶᠡᠰ᠎ᠲᠦ ᠠᠷᠠᠯᠵᠢᠶᠠᠴᠢᠨ᠎ᠤ ᠶᠠᠩᠵᠤ᠎ᠪᠠᠷ ᠵᠠᠰᠠᠵᠤ ᠣᠷᠭᠤᠭᠰᠠᠨ᠎ᠶᠤᠮ》 ᠭᠡᠪᠡ᠃

《ᠲᠡᠳᠡ ᠬᠡᠵᠢᠶ᠎ᠡ ᠪᠣᠯᠪᠠᠴᠤ ᠠᠷᠠᠳ ᠲᠦᠮᠡᠨ᠎ᠦ ᠭᠠᠷ᠎ᠠᠴᠠ ᠭᠠᠷᠬᠤ᠎ᠦᠭᠡᠢ᠎ᠶᠤᠮ》 ᠭᠡᠳ ᠺᠣᠮᠢᠰᠰᠠᠷ ᠠᠯᠭᠤᠷ ᠪᠣᠰᠴᠤ ᠪᠠᠲᠤᠰᠦ᠋ᠬᠡ᠎ᠶᠢᠨ ᠭᠠᠷ᠎ᠢ ᠠᠳᠭᠤᠭᠠᠳ:

《ᠳ᠋ᠢᠸᠢᠽᠢ᠎ᠶᠢᠨ ᠨᠠᠮ᠎ᠤᠨ ᠬᠣᠷᠢᠶ᠎ᠠ᠂ ᠴᠢᠨᠦ ᠠᠷᠠᠳ ᠲᠦᠮᠡᠨ᠎ᠦ ᠲᠥᠯᠦᠭᠡ ᠠᠮᠢ ᠪᠡᠶ᠎ᠡ᠎ᠪᠡᠨ ᠴᠥᠯᠡᠵᠦ ᠲᠡᠮᠡᠴᠡᠭᠰᠡᠨ᠎ᠳᠦ ᠶᠡᠬᠡ ᠭᠠᠪᠢᠶ᠎ᠠ ᠲᠡᠮᠳᠡᠭᠯᠡᠨ ᠥᠭᠪᠡ》 ᠭᠡᠬᠦ᠎ᠳᠦ ᠪᠠᠲᠤᠰᠦ᠋ᠬᠡ ᠪᠠᠶᠠᠷᠯᠠᠬᠤ᠎ᠶᠢᠨ ᠶᠡᠬᠡ᠎ᠪᠡᠷ ᠪᠠᠶᠠᠷᠯᠠᠪᠠ᠃ ᠺᠣᠮᠢᠰᠰᠠᠷ ᠶᠠᠪᠤᠬᠤ ᠦᠶ᠎ᠡ᠎ᠳᠡᠭᠡᠨ ᠭᠠᠷ᠎ᠢ᠎ᠨᠢ ᠳᠠᠬᠢᠨ ᠠᠳᠭᠤᠵᠤ:

《ᠵᠠ᠂ ᠪᠠᠲᠤᠰᠦ᠋ᠬᠡ᠎ᠮᠢᠨᠢ᠂ ᠴᠢ ᠡᠨᠳᠡ ᠬᠣᠴᠤᠷᠴᠤ ᠰᠠᠢᠬᠠᠨ ᠰᠤᠪᠢᠯᠠᠭᠠᠷᠠᠢ!》 ᠭᠡᠳ ᠬᠥᠭᠰᠢᠨ᠎ᠦ ᠵᠦᠭ ᠬᠠᠷᠠᠵᠤ:

《ᠲᠠ ᠰᠠᠨᠠᠭ᠎ᠠ ᠠᠮᠤᠷ ᠪᠠᠢᠭᠠᠷᠠᠢ᠂ ᠭᠣᠮᠢᠨᠳᠠᠩ᠎ᠤᠨ ᠳᠠᠢᠰᠤᠨ ᠦᠶᠡᠷ᠎ᠦᠨ ᠤᠰᠤ ᠠᠳᠠᠯᠢ ᠥᠩᠭᠡᠷᠡᠭᠡᠳ ᠣᠳᠣ ᠡᠭᠦᠷᠢᠳᠡ ᠡᠭᠡᠵᠦ ᠢᠷᠡᠬᠦ᠎ᠦᠭᠡᠢ᠎ᠶᠦᠮ》 ᠭᠡᠪᠡ᠃

ᠪᠠᠲᠤᠰᠦ᠋ᠬᠡ ᠺᠣᠮᠢᠰᠰᠠᠷ᠎ᠤᠨ᠎ᠢᠶᠠᠨ ᠶᠡᠬᠡ ᠠᠯᠬᠤᠮ᠎ᠢᠶᠠᠷ ᠠᠯᠭᠤᠷᠬᠠᠨ ᠭᠠᠷᠬᠤ᠎ᠶᠢ ᠬᠣᠢᠨ᠎ᠠ᠎ᠠᠴᠠ᠎ᠨᠢ ᠬᠠᠷᠠᠬᠤ᠎ᠳᠤ᠂ ᠠᠷᠢᠯᠤᠭᠰᠠᠨ ᠲᠡᠭᠷᠢ ᠡᠭᠦᠳᠡᠨ᠎ᠦ ᠵᠠᠪᠰᠠᠷ᠎ᠢᠶᠠᠷ ᠴᠡᠩᠬᠡᠷᠯᠡᠨ ᠬᠠᠷᠠᠭᠳᠠᠭᠠᠳ᠂ ᠤᠷᠤᠭᠰᠢᠯᠠᠵᠤ ᠪᠠᠢᠭ᠎ᠠ ᠮᠣᠷᠢᠲᠤ ᠴᠡᠷᠢᠭ ᠤᠷᠲᠤ ᠯᠣᠣ᠎ᠰᠢᠭ᠋ ᠭᠦᠷᠪᠡᠯᠵᠡᠭᠰᠡᠭᠡᠷ ᠬᠣᠯᠠᠳᠪᠠ᠃ ᠬᠥᠭᠰᠢᠨ ᠡᠵᠢ ᠬᠦᠦ᠎ᠪᠡᠨ ᠲᠡᠪᠡᠷᠢᠵᠦ᠂ ᠬᠡᠦᠬᠡᠨ᠎ᠢᠶᠡᠨ ᠳᠠᠭᠠᠭᠤᠯᠤᠨ ᠬᠣᠭ᠎ᠤᠨ ᠣᠪᠤᠭ᠎ᠠ ᠳᠡᠭᠡᠷ᠎ᠡ᠎ᠪᠡᠨ ᠬᠣᠶᠠᠷ ᠨᠢᠳᠦ᠎ᠪᠡᠨ ᠪᠠᠢᠨ ᠪᠠᠢᠨ ᠠᠷᠴᠢᠵᠤ᠂ ᠪᠠᠷ᠎ᠠ ᠲᠠᠰᠤᠷᠠᠲᠠᠯ᠎ᠠ ᠬᠠᠷᠠᠵᠤ ᠵᠣᠭᠰᠤᠪᠠ᠃

ᠨᠠᠢ᠍ᠮᠠ

ᠵᠡᠭᠦᠨ ᠡᠮᠦᠨ᠎ᠡ ᠵᠦᠭ᠎ᠡᠴᠡ ᠰᠠᠶᠢᠬᠠᠨ ᠰᠢᠷᠠᠯᠠᠪᠠ᠃ ᠪᠠᠳᠮ᠎ᠠ ᠬᠡᠳᠦᠢᠨ ᠪᠣᠰᠴᠤ᠂ ᠪᠠᠲᠤᠰᠦ᠋ᠬᠡ᠎ᠶᠢᠨ ᠰᠠᠷᠠᠯ ᠮᠣᠷᠢ᠎ᠶᠢ ᠭᠣᠣᠯ᠎ᠤᠨ ᠲᠣᠬᠤᠢ᠎ᠶᠢᠨ ᠵᠦᠯᠭᠡᠨ᠎ᠳᠦ ᠴᠢᠳᠦᠷᠯᠡᠨ ᠲᠠᠯᠪᠢᠭᠠᠳ᠂ ᠡᠷᠦᠬᠡ᠎ᠪᠡᠨ ᠰᠡᠬᠦᠵᠦ ᠭᠠᠯ᠎ᠢᠶᠠᠨ ᠨᠣᠴᠤᠭᠠᠭᠠᠳ᠂ ᠬᠥᠪᠦᠩ᠎ᠲᠡᠢ ᠳᠡᠪᠡᠯ᠎ᠢᠶᠡᠨ ᠪᠠᠲᠤᠰᠦ᠋ᠬᠡ᠎ᠶᠢᠨ ᠳᠡᠭᠡᠷ᠎ᠡ ᠰᠡᠮᠬᠡᠨ ᠬᠤᠴᠢᠵᠤ ᠥᠭᠭᠦᠨ᠂ ᠭᠠᠵᠠᠷ ᠬᠥᠰᠡᠷ᠎ᠢᠶᠡᠨ ᠰᠠᠢᠬᠠᠨ ᠱᠦᠭᠦᠷᠳᠡᠭᠡᠳ ᠥᠷᠯᠦᠭᠡ᠎ᠶᠢᠨ ᠴᠠᠢ᠎ᠪᠠᠨ ᠪᠤᠴᠠᠯᠭᠠᠪᠠ᠃

ᠪᠠᠲᠤᠰᠦ᠋ᠬᠡ ᠪᠣᠰᠤᠭᠠᠳ ᠲᠠᠶᠠᠭ᠎ᠢᠶᠠᠨ ᠲᠤᠯᠵᠤ᠂ ᠮᠣᠷᠢᠨ᠎ᠤ᠎ᠪᠠᠨ ᠵᠦᠭ ᠠᠯᠬᠤᠲᠠᠯ᠎ᠠ᠂ ᠪᠠᠳᠮ᠎ᠠ ᠡᠮᠦᠨ᠎ᠡ᠎ᠡᠴᠡ ᠤᠰᠤ ᠳᠠᠮᠨᠠᠭᠠᠳ ᠠᠢᠰᠤᠢ᠃ ᠤᠷᠭᠤᠬᠤ ᠨᠠᠷᠠᠨ᠎ᠤ ᠭᠡᠷᠡᠯ ᠤᠯᠠᠭᠠᠨ ᠴᠢᠷᠠᠢ ᠳᠡᠭᠡᠷ᠎ᠡ᠎ᠨᠢ ᠲᠤᠰᠴᠤ ᠤᠯᠠᠮ᠎ᠴᠤ ᠰᠠᠢᠬᠠᠨ ᠭᠡᠷᠡᠯᠲᠦᠭᠦᠯᠦᠭᠡᠳ᠂ ᠬᠡᠵᠢᠶ᠎ᠡ᠎ᠴᠦ ᠪᠠᠶᠠᠷᠲᠠᠢ ᠪᠠᠢᠳᠠᠭ ᠨᠢᠳᠦ᠎ᠨᠢ ᠪᠠᠲᠤᠰᠦ᠋ᠬᠡ ᠳᠡᠭᠡᠷ᠎ᠡ ᠲᠤᠰᠴᠤ:

《ᠰᠦᠬᠡ ᠠᠬ᠎ᠠ ᠡ᠂ ᠮᠣᠷᠢ᠎ᠶᠢ᠎ᠴᠢᠨᠢ ᠭᠡᠭᠡᠷᠡᠬᠦ᠎ᠡᠴᠡ ᠡᠮᠦᠨ᠎ᠡ ᠲᠠᠯᠪᠢᠭᠰᠠᠨ᠎ᠶᠤᠮ᠃ ᠬᠡᠳᠦᠢᠨ ᠢᠳᠡᠵᠦ ᠴᠠᠳᠤᠭᠰᠠᠨ ᠪᠢᠯᠡ᠂ ᠴᠢ ᠣᠴᠢᠬᠤ ᠬᠡᠷᠡᠭ᠎ᠦᠭᠡᠢ》 ᠭᠡᠬᠦ᠎ᠳᠦ ᠪᠠᠲᠤᠰᠦ᠋ᠬᠡ :

《ᠡᠨᠡ ᠥᠷᠯᠦᠭᠡ ᠪᠢ ᠪᠠᠰᠠ ᠴᠢᠮ᠎ᠠ᠎ᠠᠴᠠ ᠬᠣᠵᠢᠭᠳᠠᠵᠠᠢ᠃ ᠵᠠ᠂ ᠮᠠᠷᠭᠠᠳᠠ ᠡᠷᠲᠡ ᠮᠡᠳᠡᠶ᠎ᠡ》 ᠭᠡᠵᠦ ᠢᠨᠢᠶᠡᠪᠡ᠃

《ᠪᠢᠳᠡ ᠪᠣᠯ ᠢᠩᠭᠢᠵᠦ ᠡᠷᠲᠡ ᠪᠣᠰᠤᠭᠠᠳ ᠳᠠᠳᠤᠭᠰᠠᠨ᠎ᠶᠤᠮ》 ᠭᠡᠳ ᠪᠠᠳᠮ᠎ᠠ ᠪᠠᠲᠤᠰᠦ᠋ᠬᠡ᠎ᠶᠢᠨ ᠬᠠᠵᠠᠭᠤ᠎ᠪᠠᠷ ᠰᠡᠷᠴᠢᠭᠢᠨᠡᠨ ᠥᠩᠭᠡᠷᠡᠪᠡ᠃

ᠪᠠᠳᠮ᠎ᠠ᠎ᠶᠢᠨ ᠬᠥᠮᠦᠨ᠎ᠳᠦ ᠬᠤᠪᠢ᠎ᠲᠠᠢ᠂ ᠬᠥᠳᠡᠯᠮᠦᠷᠢ᠎ᠳᠦ ᠢᠳᠡᠪᠬᠢᠲᠡᠢ᠂ ᠤᠷᠭᠠᠨ ᠮᠣᠷᠢ᠎ᠰᠢᠭ᠋ ᠲᠦᠷᠭᠡᠨ᠂ ᠣᠷᠤᠭ᠎ᠠ ᠮᠣᠷᠢ᠎ᠰᠢᠭ᠋ ᠰᠡᠴᠡᠨ᠎ᠨᠢ ᠪᠠᠲᠤᠰᠦ᠋ᠬᠡ᠎ᠶᠢᠨ ᠵᠢᠷᠦᠬᠡᠨ᠎ᠦ ᠬᠠᠢᠷ᠎ᠠ᠎ᠶᠢ ᠥᠪᠡᠷ᠎ᠦᠨ ᠡᠷᠬᠡ᠎ᠦᠭᠡᠢ ᠲᠠᠲᠠᠵᠤ᠂ ᠦᠨᠡᠬᠡᠷ ᠬᠥᠳᠡᠭᠡ᠎ᠶᠢᠨ ᠥᠬᠢᠳ᠎ᠦᠨ ᠠᠯᠢᠪᠠ ᠰᠠᠢᠬᠠᠨ ᠵᠠᠩᠰᠢᠯ᠎ᠢ ᠴᠥᠮ ᠪᠡᠶ᠎ᠡ᠎ᠳᠡᠭᠡᠨ ᠪᠠᠭᠴᠠᠯᠠᠭᠠᠳ ᠲᠥᠷᠦᠭᠰᠡᠨ᠎ᠰᠢᠭ ᠬᠠᠯᠠᠭᠤᠨ ᠢᠨᠠᠭ ᠰᠠᠨᠠᠭᠳᠠᠪᠠ᠃

ᠪᠠᠳᠮ᠎ᠠ ᠥᠷᠯᠦᠭᠡ ᠬᠠᠮᠤᠭ᠎ᠠᠴᠠ ᠡᠷᠲᠡ ᠪᠣᠰᠴᠤ᠂ ᠦᠳᠡᠰᠢ ᠬᠠᠮᠤᠭ᠎ᠠᠴᠠ ᠣᠷᠤᠢ ᠤᠨᠲᠠᠵᠤ᠂ ᠮᠠᠯ᠎ᠳᠤ ᠶᠠᠪᠤᠬᠤ᠂ ᠦᠨᠢᠶ᠎ᠡ ᠰᠠᠭᠠᠬᠤ᠂ ᠪᠤᠳᠠᠭ᠎ᠠ ᠴᠠᠢᠯᠭᠠᠬᠤ᠂ ᠲᠣᠭᠤᠭ᠎ᠠ ᠨᠡᠷᠡᠬᠦ᠂ ᠦᠢᠯᠡ ᠣᠶᠤᠬᠤ ᠵᠡᠷᠭᠡ᠎ᠶᠢᠨ ᠨᠢᠭᠡ ᠭᠡᠷ᠎ᠦᠨ ᠬᠦᠨᠳᠦ ᠬᠥᠩᠭᠡᠨ ᠠᠵᠢᠯ᠎ᠢ ᠭᠠᠭᠴᠠᠭᠠᠷ ᠬᠢᠵᠦ᠂ ᠠᠪᠤ᠎ᠳᠠᠭᠠᠨ ᠬᠦᠦ᠎ᠰᠢᠭ᠂ ᠡᠵᠢ᠎ᠳᠡᠭᠡᠨ ᠬᠡᠦᠬᠡᠨ᠎ᠰᠢᠭ ᠲᠦᠰᠢᠭ ᠲᠤᠯᠠ ᠤᠷᠤᠭ ᠬᠡᠯᠡᠯᠴᠡᠬᠦ ᠬᠥᠮᠦᠨ ᠥᠨᠵᠢᠵᠦ ᠬᠣᠨᠤᠬᠤ᠎ᠦᠭᠡᠢ ᠢᠷᠡᠳᠡᠭ ᠪᠣᠯᠪᠠᠴᠤ ᠡᠵᠢ ᠠᠪᠤ᠎ᠨᠢ ᠠᠮᠠ ᠠᠯᠳᠠᠭᠠᠳᠤᠢ ᠪᠠᠢᠭᠰᠠᠭᠠᠷ᠎ᠶᠤᠮ᠃

ᠡᠳᠦᠷ ᠬᠣᠨᠤᠭ ᠥᠩᠭᠡᠷᠡᠵᠦ᠂ ᠡᠪᠦᠭᠡᠨ ᠶᠡᠷᠦ ᠢᠷᠡᠬᠦ᠎ᠦᠭᠡᠢ᠎ᠳᠦ ᠡᠵᠢ᠂ ᠥᠬᠢᠨ ᠭᠤᠷᠪᠠᠭᠤᠯᠠ ᠤᠯᠠᠮ ᠰᠠᠨᠠᠭ᠎ᠠ ᠵᠣᠪᠠᠵᠤ᠂ ᠣᠷᠤᠵᠤ ᠭᠠᠷᠬᠤ ᠪᠦᠷᠢ᠎ᠳᠦ ᠤᠷᠳᠤ ᠬᠥᠲᠦᠯ᠎ᠢᠶᠡᠨ ᠬᠠᠷᠠᠵᠤ᠂ ᠵᠠᠮ᠎ᠤᠨ ᠬᠥᠮᠦᠨ᠎ᠢ ᠦᠵᠡᠪᠡᠯ᠂ ᠵᠠ ᠮᠥᠨ᠎ᠦᠦ ᠭᠡᠵᠦ ᠲᠠᠭᠠᠵᠤ᠂ ᠪᠢᠴᠢᠬᠠᠨ ᠴᠢᠮᠡᠳ᠎ᠢᠶᠡᠨ ᠨᠠᠢᠲᠠᠭᠠᠪᠠᠴᠤ ᠪᠠᠶᠠᠷ ᠪᠣᠯᠪᠠ᠎ᠤᠤ? ᠭᠡᠵᠦ ᠢᠷᠦᠭᠡᠵᠦ᠂ ᠪᠦᠷᠦᠢ ᠪᠣᠯᠲᠠᠯ᠎ᠠ ᠢᠷᠡᠬᠦ᠎ᠦᠭᠡᠢ ᠪᠣᠯ᠂ ᠪᠤᠷᠤᠭᠤ ᠮᠠᠭᠤ ᠲᠠᠯ᠎ᠠ ᠤᠷᠤᠭᠤ᠎ᠨᠢ ᠪᠣᠳᠤᠵᠤ ᠪᠤᠬᠢᠨᠢᠳᠤᠨ ᠰᠠᠭᠤᠭᠰᠠᠭᠠᠷ ᠪᠠᠷᠤᠭ ᠰᠠᠷ᠎ᠠ ᠢᠯᠡᠭᠦᠦ ᠪᠣᠯᠤᠭᠰᠠᠨ ᠠᠵᠢ᠃

ᠡᠨᠡ ᠥᠷᠯᠦᠭᠡ ᠬᠥᠭᠰᠢᠨ ᠡᠵᠢ᠎ᠶᠢᠨ ᠴᠢᠷᠠᠢ ᠡᠩ᠎ᠦᠨ ᠡᠳᠦᠷ᠎ᠡᠴᠡ ᠮᠠᠭᠤ᠂ ᠴᠠᠢ᠎ᠴᠤ ᠳᠡᠮᠡᠢ ᠤᠤᠭᠤᠭᠰᠠᠨ᠎ᠦᠭᠡᠢ᠎ᠪᠠᠷ ᠤᠬᠢᠯᠠᠵᠤ ᠰᠠᠭᠤᠪᠠ᠃ ᠡᠵᠢ᠎ᠨᠢ ᠰᠡᠳᠭᠢᠯ ᠵᠣᠪᠠᠬᠤ᠎ᠳᠤ᠂ ᠪᠠᠳᠮ᠎ᠠ᠎ᠶᠢᠨ ᠴᠢᠷᠠᠢ ᠪᠠᠰᠠ ᠬᠤᠪᠢᠷᠠᠵᠤ᠂ ᠡᠴᠢᠭᠡ᠎ᠪᠡᠨ ᠰᠠᠨᠠᠵᠤ ᠤᠷᠲᠤ ᠰᠠᠨᠠᠭ᠎ᠠ ᠠᠯᠳᠠᠪᠠ᠃ ᠪᠠᠲᠤᠰᠦ᠋ᠬᠡ ᠡᠨᠳᠡ ᠰᠢᠷᠬ᠎ᠠ ᠰᠤᠪᠢᠯᠠᠵᠤ᠂ ᠬᠠᠭᠠᠰ ᠰᠠᠷ᠎ᠠ ᠢᠯᠡᠭᠦᠦ ᠰᠠᠭᠤᠵᠤ᠂ ᠡᠨᠡ ᠭᠡᠷ ᠲᠡᠭᠦᠨ᠎ᠳᠦ ᠲᠥᠷᠦᠭᠰᠡᠨ ᠭᠡᠷ ᠮᠡᠲᠦ ᠳᠣᠲᠤᠨᠤ ᠬᠠᠯᠠᠭᠤᠨ ᠪᠣᠯᠤᠭᠰᠠᠨ ᠲᠤᠯᠠ ᠲᠡᠷᠡ ᠪᠠᠰᠠ ᠰᠡᠳᠭᠢᠯ ᠠᠮᠤᠷ᠎ᠦᠭᠡᠢ ᠪᠣᠯᠵᠤ᠂ ᠬᠡᠦᠬᠡᠨ ᠬᠥᠮᠦᠨ᠎ᠰᠢᠭ ᠨᠣᠮᠤᠬᠠᠷᠠᠵᠤ ᠳᠤᠪ ᠳᠤᠭᠤᠢ ᠭᠠᠷ᠎ᠢᠶᠠᠨ ᠨᠤᠬᠤᠯᠠᠨ ᠰᠠᠭᠤᠯ᠎ᠠ᠃ ᠭᠡᠷ ᠳᠣᠲᠤᠷ᠎ᠠ ᠭᠱᠠᠨ ᠵᠠᠭᠤᠷ᠎ᠠ ᠨᠠᠮ ᠰᠡᠯᠡᠭᠦᠨ᠂ ᠭᠠᠭᠴᠠ ᠭᠤᠷᠪᠠᠨ ᠨᠠᠰᠤᠲᠠᠢ ᠨᠢᠯᠬ᠎ᠠ ᠴᠢᠮᠡᠳ᠎ᠯᠡ ᠰᠠᠨᠠᠭ᠎ᠠ ᠠᠮᠤᠷ ᠨᠠᠭᠠᠳᠤᠨ᠎ᠠ᠃

ᠬᠥᠭᠰᠢᠨ ᠡᠵᠢ ᠰᠠᠨᠠᠭ᠎ᠠ ᠵᠣᠪᠠᠬᠤ ᠪᠦᠷᠢ ᠪᠠᠲᠤᠰᠦ᠋ᠬᠡ ᠠᠷᠭ᠎ᠠ ᠠᠭᠠᠰᠢ᠎ᠪᠠᠨ ᠪᠠᠷᠠᠵᠤ᠂ ᠡᠯᠳᠡᠪ ᠵᠦᠢᠯ᠎ᠦᠨ ᠢᠨᠢᠶᠡᠳᠦᠮ ᠱᠣᠭ ᠦᠯᠢᠭᠡᠷ ᠬᠣᠯᠪᠤᠭ᠎ᠠ ᠬᠡᠯᠡᠵᠦ᠂ ᠡᠵᠢ᠎ᠶᠢᠨ᠎ᠢᠶᠡᠨ ᠰᠡᠳᠭᠢᠯ᠎ᠢ ᠲᠠᠢᠳᠭᠤᠷᠠᠭᠤᠯᠳᠠᠭ ᠪᠢᠯᠡ᠃ ᠭᠡᠪᠡᠴᠦ ᠪᠠᠲᠤᠰᠦ᠋ᠬᠡ ᠪᠠᠰᠠ ᠨᠠᠰᠤ ᠪᠠᠭ᠎ᠠ ᠲᠤᠯᠠ ᠦᠵᠡᠵᠦ ᠰᠣᠨᠤᠰᠤᠭᠰᠠᠨ ᠵᠦᠢᠯ ᠥᠩᠭᠡᠷᠡᠦ᠎ᠴᠦ ᠠᠷᠪᠢᠨ ᠪᠠᠢᠬᠤ᠎ᠦᠭᠡᠢ᠃ ᠪᠠᠭ᠎ᠠ ᠰᠠᠭ᠎ᠠ ᠮᠡᠳᠡᠭᠰᠡᠨ᠎ᠢᠶᠡᠨ ᠬᠡᠳᠦᠢᠨᠡᠢ ᠶᠠᠷᠢᠵᠤ ᠪᠠᠷᠠᠭᠠᠳ᠂ ᠶᠠᠭᠤ᠎ᠴᠤ ᠬᠡᠯᠡᠶ᠎ᠡ ᠭᠡᠵᠦ ᠠᠷᠭ᠎ᠠ᠎ᠪᠠᠨ ᠪᠠᠷᠠᠵᠤ ᠰᠠᠭᠤᠲᠠᠯ᠎ᠠ᠂ ᠪᠠᠳᠮ᠎ᠠ ᠬᠠᠵᠠᠭᠤ᠎ᠠᠴᠠ᠎ᠨᠢ:

《ᠰᠦᠬᠡ ᠠᠬ᠎ᠠ ᠡ᠂ ᠴᠢ ᠨᠢᠭᠡ ᠦᠯᠢᠭᠡᠷ ᠬᠡᠯᠡᠵᠦ ᠥᠭᠬᠦ᠎ᠦᠭᠡᠢ᠎ᠦᠦ? ᠡᠵᠢ ᠶᠡᠬᠡ ᠳᠤᠷ᠎ᠠ᠎ᠲᠠᠢ᠎ᠶᠤᠮ》 ᠭᠡᠪᠡ᠃

《ᠣᠳᠣ ᠶᠠᠭᠤ ᠬᠡᠯᠡᠳᠡᠭ ᠪᠢᠯᠡ! ᠶᠡᠷᠦ ᠬᠡᠯᠡᠬᠦ ᠶᠠᠭᠤᠮ᠎ᠠ ᠣᠯᠳᠠᠬᠤ᠎ᠦᠭᠡᠢ ᠳ᠋ᠠ 》 ᠭᠡᠵᠦ ᠪᠠᠲᠤᠰᠦ᠋ᠬᠡ ᠤᠯᠠᠮ ᠠᠷᠭ᠎ᠠ᠎ᠪᠠᠨ ᠪᠠᠷᠠᠨ᠎ᠠ᠃

《ᠠᠩᠬ᠎ᠠ ᠤᠳᠠᠭ᠎ᠠ᠎ᠶᠢᠨ ᠪᠠᠢᠯᠳᠤᠭᠠᠨ᠎ᠤ ᠲᠤᠬᠠᠢ ᠬᠡᠯᠡᠭᠡᠷᠡᠢ᠂ ᠲᠡᠷᠡ ᠶᠠᠭᠤᠨ᠎ᠠᠴᠠ᠎ᠴᠤ ᠢᠯᠡᠭᠦᠦ ᠰᠣᠨᠤᠰᠤᠯᠲᠠᠢ᠎ᠶᠤᠮ》 ᠭᠡᠵᠦ ᠪᠠᠳᠮ᠎ᠠ ᠱᠠᠭᠠᠷᠳᠠᠪᠠ᠃ ᠪᠠᠲᠤᠰᠦ᠋ᠬᠡ ᠥᠪᠡᠷ᠎ᠦᠨ ᠰᠠᠢᠨ᠎ᠢᠶᠠᠨ ᠬᠥᠮᠦᠨ᠎ᠦ ᠡᠮᠦᠨ᠎ᠡ ᠭᠠᠢᠬᠠᠭᠤᠯᠤᠨ ᠶᠠᠷᠢᠬᠤ᠎ᠠᠴᠠ ᠪᠠᠬᠠᠨ ᠲᠦᠪᠡᠭᠰᠢᠶᠡᠳᠡᠭ ᠪᠣᠯᠪᠠᠴᠤ ᠪᠠᠳᠮ᠎ᠠ᠎ᠶᠢᠨ ᠱᠠᠭᠠᠷᠳᠠᠯᠭ᠎ᠠ ᠳᠣᠣᠷ᠎ᠠ ᠪᠠᠰᠠ ᠡᠵᠢ᠎ᠶᠢᠨ᠎ᠢᠶᠡᠨ ᠵᠣᠪᠠᠵᠤ ᠪᠠᠢᠬᠤ᠎ᠶᠢ ᠦᠵᠡᠭᠡᠳ:

《ᠵᠠ᠂ ᠴᠢᠩᠭᠢᠪᠡᠯ ᠪᠣᠯᠤᠨ᠎ᠠ᠂ ᠡᠵᠢ ᠰᠣᠨᠤᠰᠬᠤ ᠳᠤᠷ᠎ᠠ᠎ᠲᠠᠢ ᠪᠣᠯ ᠪᠣᠯᠬᠤ᠎ᠦᠭᠡᠢ ᠶᠠᠭᠠᠬᠢᠬᠤ ᠪᠤᠢ》 ᠭᠡᠳ ᠪᠠᠲᠤᠰᠦ᠋ᠬᠡ ᠴᠠᠭᠠᠨ ᠮᠠᠩᠬᠠᠨ᠎ᠤ ᠣᠷᠤᠢ ᠳᠡᠭᠡᠷ᠎ᠡ ᠳᠠᠢᠰᠤᠨ᠎ᠤ ᠬᠦᠨᠳᠦ ᠫᠦᠯᠧᠮᠧᠲ᠎ᠢ ᠪᠤᠯᠢᠶᠠᠭᠰᠠᠨ᠎ᠢᠶᠠᠨ ᠦᠯᠢᠭᠡᠷ ᠬᠡᠯᠡᠬᠦ᠎ᠰᠢᠭ ᠡᠬᠢᠯᠡᠨ ᠶᠠᠷᠢᠪᠠ᠃ ᠴᠢᠩᠭᠢᠭᠡᠳ ᠬᠥᠬᠡ ᠳᠡᠪᠡᠯ᠎ᠲᠡᠢ ᠡᠪᠦᠭᠡᠨ ᠲᠡᠭᠦᠨ᠎ᠳᠦ ᠲᠤᠰᠠᠯᠠᠭᠰᠠᠨ᠎ᠢ ᠶᠠᠷᠢᠬᠤ ᠦᠶᠡᠰ᠎ᠲᠦ᠂ ᠪᠠᠳᠮ᠎ᠠ ᠶᠡᠬᠡᠯ᠎ᠡ ᠰᠣᠨᠢᠷᠬᠠᠭᠰᠠᠨ ᠪᠠᠢᠳᠠᠯ᠎ᠲᠠᠢ ᠤᠷᠤᠭᠰᠢ ᠲᠠᠪᠰᠢᠵᠤ ᠰᠢᠮᠡᠲᠡᠢ ᠰᠣᠨᠤᠰᠴᠤ ᠪᠠᠷᠠᠭᠠᠳ:

《ᠥᠨᠳᠦᠷ ᠪᠡᠶ᠎ᠡ᠎ᠲᠡᠢ ᠬᠠᠷ᠎ᠠ ᠡᠪᠦᠭᠡᠨ ᠭᠡᠨ᠎ᠡ? ᠰᠠᠬᠠᠯ᠎ᠲᠠᠢ᠎ᠤᠤ?》 ᠭᠡᠵᠦ ᠠᠰᠠᠭᠤᠪᠠ᠃

《ᠰᠠᠬᠠᠯ᠎ᠲᠠᠢ᠂ ᠰᠡᠷᠪᠡᠢᠭᠰᠡᠨ ᠬᠠᠷ᠎ᠠ ᠰᠠᠬᠠᠯ᠎ᠲᠠᠢ》 ᠭᠡᠵᠦ ᠪᠠᠲᠤᠰᠦ᠋ᠬᠡ ᠬᠠᠷᠢᠭᠤᠯᠪᠠ᠃

《ᠰᠣᠨᠢᠨ᠎ᠶᠤᠮ ᠳ᠋ᠠ᠂ ᠠᠪᠤ᠎ᠴᠢᠨᠢ ᠪᠢᠰᠢ᠎ᠦᠦ ᠳ᠋ᠠ ᠬᠡᠦᠬᠡᠨ?》 ᠭᠡᠵᠦ ᠬᠥᠭᠰᠢᠨ ᠶᠡᠬᠡᠯ᠎ᠡ ᠰᠣᠨᠢᠷᠬᠠᠪᠠ᠃

《ᠠᠪᠤ᠎ᠶᠢ᠎ᠮᠢᠨᠢ ᠳᠠᠢᠰᠤᠨ ᠳᠣᠯᠤᠨ ᠨᠠᠭᠤᠷ᠎ᠲᠤ ᠪᠠᠷᠢᠵᠤ ᠠᠪᠠᠴᠢᠴᠢᠬᠠᠭᠰᠠᠨ᠎ᠶᠤᠮ ᠪᠢᠯᠡ᠂ ᠶᠠᠭᠤᠨ᠎ᠤ ᠮᠥᠨ ᠪᠣᠯᠬᠤ ᠪᠤᠢ》 ᠭᠡᠵᠦ ᠪᠠᠳᠮ᠎ᠠ ᠤᠷᠮ᠎ᠠ᠎ᠦᠭᠡᠢ ᠬᠡᠯᠡᠨ᠎ᠡ᠃

《ᠬᠤᠪᠢ ᠵᠠᠶᠠᠭ᠎ᠠ᠎ᠨᠢ ᠪᠠᠢᠭᠠᠳ ᠳᠣᠯᠤᠨ ᠨᠠᠭᠤᠷ᠎ᠲᠤ ᠠᠪᠠᠴᠢᠭᠰᠠᠨ᠎ᠦᠭᠡᠢ᠎ᠴᠤ ᠪᠠᠢᠵᠤ ᠮᠠᠭᠠᠳ᠎ᠲᠠᠢ᠎ᠤᠤ ᠳ᠋ᠠ 》 ᠭᠡᠵᠦ ᠬᠥᠭᠰᠢᠨ ᠭᠣᠷᠢᠳᠠᠵᠤ ᠰᠠᠭᠤᠨ᠎ᠠ᠃ 《 ᠨᠡᠷ᠎ᠡ᠎ᠶᠢ᠎ᠨᠢ ᠲᠠ ᠮᠡᠳᠡᠨ᠎ᠡ᠎ᠦᠦ?》 ᠭᠡᠵᠦ ᠪᠠᠳᠮ᠎ᠠ ᠤᠯᠠᠮ ᠯᠠᠪᠯᠠᠪᠠ᠃

《ᠬᠠᠷᠠᠯᠠ᠂ ᠬᠠᠷᠠᠯᠠ᠂ ᠪᠢ ᠨᠡᠷ᠎ᠡ᠎ᠶᠢ᠎ᠨᠢ ᠶᠡᠷᠦ ᠠᠰᠠᠭᠤᠵᠤ ᠠᠮᠵᠢᠭᠰᠠᠨ᠎ᠦᠭᠡᠢ ᠰᠢᠤ ᠳ᠋ᠠ᠂ ᠪᠢᠳᠡ ᠲᠡᠭᠦᠨ᠎ᠢ ᠶᠡᠷᠦ ᠵᠠᠮᠴᠢ ᠠᠪᠤ᠎ᠯᠠ ᠭᠡᠵᠦ ᠳᠠᠭᠤᠳᠠᠳᠠᠭ᠎ᠠᠴᠠ ᠪᠢᠰᠢ᠂ ᠨᠡᠷ᠎ᠡ᠎ᠶᠢ᠎ᠨᠢ ᠬᠡᠨ᠎ᠴᠦ ᠮᠡᠳᠡᠭᠰᠡᠨ᠎ᠦᠭᠡᠢ》 ᠭᠡᠪᠡ᠃

《ᠮᠥᠨ ᠪᠣᠯᠤᠭᠠᠳ ᠮᠡᠨᠳᠦ ᠰᠠᠢᠬᠠᠨ ᠢᠷᠡᠭᠡᠷᠡᠢ ᠳ᠋ᠠ᠂ ᠠᠪᠤ᠎ᠮᠢᠨᠢ》 ᠭᠡᠵᠦ ᠪᠠᠳᠮ᠎ᠠ ᠬᠦᠰᠡᠵᠦ ᠬᠡᠯᠡᠲᠡᠯ᠎ᠡ᠂ ᠭᠡᠨᠡᠳᠲᠡ ᠡᠭᠦᠳᠡᠨ᠎ᠦ ᠵᠠᠪᠰᠠᠷ᠎ᠢᠶᠠᠷ ᠬᠥᠬᠡ ᠳᠡᠪᠡᠯ᠎ᠦᠨ ᠬᠣᠷᠮᠤᠢ ᠬᠠᠯᠲᠤ ᠦᠵᠡᠭᠳᠡᠵᠦ ᠨᠢᠭᠡ ᠬᠥᠮᠦᠨ ᠣᠷᠤᠵᠤ ᠢᠷᠡᠪᠡ᠃ ᠭᠡᠷ᠎ᠲᠡᠬᠢ ᠬᠥᠮᠦᠰ ᠨᠢᠭᠡ᠎ᠯᠡ ᠵᠡᠷᠭᠡ᠎ᠪᠡᠷ:

《ᠠᠪᠤ ᠡ᠂ ᠠᠪᠤ ᠡ!》 ᠭᠡᠳ ᠭᠦᠶᠦᠯᠴᠡᠨ ᠪᠣᠰᠲᠠᠯ᠎ᠠ᠂ ᠪᠢᠴᠢᠬᠠᠨ ᠴᠢᠮᠡᠳ᠎ᠨᠢ ᠤᠭᠲᠤᠨ ᠣᠴᠢᠵᠤ ᠠᠪᠤ᠎ᠶᠢᠨ᠎ᠢᠶᠠᠨ ᠬᠦᠵᠦᠭᠦᠦ᠎ᠪᠡᠷ᠎ᠨᠢ ᠲᠡᠪᠡᠷᠢᠪᠡ᠃ ᠡᠪᠦᠭᠡᠨ ᠬᠦᠦ᠎ᠪᠡᠨ ᠲᠡᠪᠡᠷᠢᠵᠦ ᠠᠪᠤᠭᠠᠳ᠂ ᠦᠭᠡ ᠳᠠᠭᠤᠨ᠎ᠦᠭᠡᠢ ᠬᠦᠷᠴᠦ ᠢᠷᠠᠨ᠂ ᠪᠠᠲᠤᠰᠦ᠋ᠬᠡ᠎ᠶᠢᠨ ᠭᠠᠷ᠎ᠢ ᠠᠳᠭᠤᠭᠠᠳ ᠨᠢᠳᠦ ᠳᠦᠭᠦᠷᠡᠩ ᠵᠠᠢᠷ ᠭᠦᠶᠦᠯᠭᠡᠵᠦ ᠨᠡᠯᠢᠶᠡᠳ ᠤᠳᠠᠲᠠᠯ᠎ᠠ ᠦᠭᠡ ᠬᠡᠯᠡᠵᠦ ᠭᠠᠷᠬᠤ᠎ᠦᠭᠡᠢ ᠪᠥᠭᠯᠡᠷᠡᠭᠰᠡᠨ᠎ᠢᠶᠡᠨ:

《ᠵᠠ᠂ ᠪᠠᠲᠤᠰᠦ᠋ᠬᠡ ᠬᠦᠦ᠎ᠮᠢᠨᠢ᠂ ᠴᠢ ᠰᠠᠢᠨ ᠰᠠᠭᠤᠪᠠ᠎ᠤᠤ? ᠰᠢᠷᠬ᠎ᠠ᠎ᠴᠢᠨᠢ ᠶᠠᠭᠠᠬᠢᠵᠤ ᠪᠠᠢᠬᠤ ᠪᠤᠢ?》 ᠭᠡᠵᠦ ᠪᠠᠲᠤᠰᠦ᠋ᠬᠡ᠎ᠶᠢ ᠲᠣᠯᠤᠭᠠᠢ᠎ᠠᠴᠠ᠎ᠨᠢ ᠬᠥᠯ᠎ᠳᠦᠨᠢ ᠲᠤᠯᠲᠠᠯ᠎ᠠ ᠨᠢᠭᠡᠨ ᠵᠡᠷᠭᠡ ᠠᠩᠬᠠᠷᠤᠨ ᠰᠢᠷᠲᠡᠵᠦ ᠪᠠᠢᠪᠠ᠃ ᠪᠠᠳᠮ᠎ᠠ ᠶᠠᠭᠠᠷᠠᠨ:

《ᠠᠪᠤ ᠡ᠂ ᠡᠨᠡ ᠠᠬ᠎ᠠ ᠪᠠᠢᠭᠰᠠᠨ᠎ᠦᠭᠡᠢ ᠪᠣᠯ ᠴᠢᠮᠡᠳ᠎ᠴᠢᠨᠢ ᠪᠠᠰᠠ ᠪᠠᠢᠵᠤ ᠴᠢᠳᠠᠬᠤ᠎ᠦᠭᠡᠢ ᠰᠢᠤ》 ᠭᠡᠵᠦ ᠪᠠᠲᠤᠰᠦ᠋ᠬᠡ᠎ᠶᠢᠨ ᠴᠢᠮᠡᠳ᠎ᠢ ᠠᠪᠤᠷᠠᠭᠰᠠᠨ᠎ᠢ ᠶᠠᠷᠢᠬᠤ ᠭᠡᠲᠡᠯ᠎ᠡ᠂ ᠬᠥᠭᠰᠢᠨ ᠬᠠᠵᠠᠭᠤ᠎ᠠᠴᠠ᠎ᠨᠢ ᠬᠡᠦᠬᠡᠨ᠎ᠢᠶᠡᠨ ᠪᠦᠷᠢᠨ ᠬᠡᠯᠡᠵᠦ ᠥᠭᠴᠦ ᠴᠢᠳᠠᠬᠤ᠎ᠦᠭᠡᠢ ᠠᠶᠤᠭᠰᠠᠨ᠎ᠰᠢᠭ᠋:

《ᠪᠢ ᠬᠡᠯᠡᠵᠦ ᠥᠭᠭᠦᠶ᠎ᠡ᠂ ᠪᠢ ᠬᠡᠯᠡᠵᠦ ᠥᠭᠭᠦᠶ᠎ᠡ ᠁》 ᠭᠡᠵᠦ ᠡᠬᠢᠯᠡᠨ ᠶᠠᠷᠢᠲᠠᠯ᠎ᠠ ᠡᠪᠦᠭᠡᠨ ᠢᠨᠢᠶᠡᠨ:

《ᠪᠢ ᠳ᠋ᠢᠸᠢᠽᠢ᠎ᠶᠢᠨ ᠺᠣᠮᠢᠰᠰᠠᠷ ᠨᠥᠬᠦᠷ᠎ᠡᠴᠡ ᠬᠡᠳᠦᠢᠨ ᠰᠣᠨᠤᠰᠤᠭᠰᠠᠨ᠎ᠶᠤᠮ᠃ ᠲᠠ ᠶᠠᠭᠠᠷᠠᠵᠤ ᠶᠠᠷᠢᠬᠤ ᠬᠡᠷᠡᠭ᠎ᠦᠭᠡᠢ》 ᠭᠡᠳ ᠬᠡᠦᠬᠡᠳ᠎ᠢᠶᠡᠨ ᠬᠠᠵᠠᠭᠤ᠎ᠳᠠᠭᠠᠨ ᠠᠪᠴᠢᠷᠠᠨ ᠳᠠᠬᠢᠨ ᠳᠠᠬᠢᠨ ᠦᠨᠦᠰᠦᠨ᠎ᠡ᠃ ᠡᠨᠡ ᠬᠣᠭᠤᠷᠤᠨᠳᠤ ᠬᠥᠭᠰᠢᠨ ᠬᠡᠵᠢᠶᠡᠨᠡᠢ ᠭᠠᠳᠠᠨ᠎ᠠ᠎ᠪᠠᠨ ᠭᠦᠶᠦᠨ ᠭᠠᠷᠴᠤ᠂ ᠰᠣᠯᠢᠶᠠᠷᠠᠭᠰᠠᠨ᠎ᠶᠤᠮ᠎ᠰᠢᠭ᠋:

《ᠬᠦᠢ᠂ ᠲᠠ ᠪᠦᠭᠦᠳᠡᠭᠡᠷ ᠰᠣᠨᠤᠰᠤᠭᠠᠷᠠᠢ᠂ ᠪᠠᠶᠠᠷ ᠪᠣᠯᠵᠠᠢ᠃ ᠪᠠᠭ᠎ᠤᠨ ᠳᠠᠷᠤᠭ᠎ᠠ ᠡᠪᠦᠭᠡᠨ᠎ᠴᠢᠨᠢ ᠬᠠᠷᠢᠵᠤ ᠢᠷᠡᠵᠡᠢ᠃ ᠪᠠᠭ᠎ᠤᠨ ᠳᠠᠷᠤᠭ᠎ᠠ ᠡᠪᠦᠭᠡᠨ᠎ᠴᠢᠨᠢ ᠬᠠᠷᠢᠵᠤ ᠢᠷᠡᠵᠡᠢ᠃ ᠬᠤᠷᠳᠤᠨ ᠢᠷᠡᠵᠡᠭᠡ》 ᠭᠡᠵᠦ ᠡᠷᠢᠶᠡᠨ ᠮᠢᠷᠢᠶᠡᠨ ᠳᠠᠭᠤᠨ᠎ᠢᠶᠠᠷ ᠵᠡᠭᠦᠨ ᠪᠠᠷᠠᠭᠤᠨ ᠭᠡᠷ᠎ᠲᠡᠭᠡᠨ ᠨᠡᠪᠲᠡᠷᠡᠭᠦᠯᠪᠡ᠃ ᠠᠢᠯ᠎ᠤᠨ ᠬᠥᠮᠦᠰ ᠰᠣᠨᠤᠰᠤᠭᠠᠳ᠂ ᠭᠡᠷ ᠭᠡᠷ᠎ᠡᠴᠡ᠎ᠪᠡᠨ ᠪᠠᠷᠬᠢᠷᠠᠯᠴᠠᠭᠰᠠᠭᠠᠷ ᠭᠦᠶᠦᠯᠴᠡᠨ ᠢᠷᠡᠪᠡ᠃ ᠪᠠᠳᠮ᠎ᠠ ᠬᠡᠵᠢᠶᠡᠨᠡᠢ ᠬᠥᠬᠡ ᠴᠠᠢ᠎ᠪᠠᠨ ᠪᠤᠴᠠᠯᠭᠠᠵᠤ ᠢᠳᠡᠭᠡᠰᠢᠲᠡᠯ᠎ᠡ ᠰᠦᠯᠡᠭᠡᠳ᠂ ᠮᠣᠩᠭᠤᠯ ᠭᠡᠷ᠎ᠢ ᠡᠷᠭᠦᠵᠦ ᠠᠪᠤᠮᠠᠷ ᠨᠠᠷᠭᠢᠯᠴᠠᠨ ᠦᠢᠮᠡᠯᠳᠦᠵᠦ ᠪᠠᠶᠠᠷ᠎ᠤᠨ ᠴᠠᠢ᠎ᠪᠠᠨ ᠤᠤᠭᠤᠯᠴᠠᠪᠠ᠃ ᠬᠥᠭᠰᠢᠨ ᠶᠠᠭᠠᠷᠠᠨ ᠪᠣᠰᠴᠤ ᠬᠡᠵᠢᠶᠡᠨᠡᠢ ᠪᠡᠯᠡᠳᠭᠡᠭᠡᠳ ᠪᠠᠢᠭᠰᠠᠨ ᠴᠥᠭᠦᠴᠡ᠎ᠲᠡᠢ ᠵᠤᠯᠠ᠎ᠪᠠᠨ ᠪᠤᠷᠬᠠᠨ᠎ᠤ᠎ᠪᠠᠨ ᠡᠮᠦᠨ᠎ᠡ ᠠᠰᠠᠭᠠᠭᠠᠳ᠂ ᠡᠪᠦᠭᠡᠨ᠎ᠦ ᠬᠢᠨᠢ ᠮᠡᠨᠳᠦ ᠰᠠᠢᠬᠠᠨ ᠬᠠᠷᠢᠵᠤ ᠢᠷᠡᠭᠰᠡᠨ᠎ᠨᠢ ᠴᠥᠮ ᠪᠤᠷᠬᠠᠨ ᠰᠢᠲᠦᠭᠡᠨ᠎ᠦ ᠠᠪᠤᠷᠠᠯ᠎ᠠᠴᠠ ᠪᠣᠯᠤᠭᠰᠠᠨ᠎ᠰᠢᠭ᠋ ᠴᠠᠢ᠎ᠶᠢᠨ᠎ᠢᠶᠠᠨ ᠳᠡᠭᠡᠵᠢ᠎ᠶᠢ ᠲᠠᠬᠢᠯ ᠳᠦᠭᠦᠷᠭᠡᠨ ᠡᠷᠭᠦᠪᠡ᠃

ᠡᠪᠦᠭᠡᠨ ᠭᠡᠨᠡᠳᠲᠡ ᠨᠢᠭᠡ ᠶᠠᠭᠤᠮ᠎ᠠ ᠰᠠᠨᠠᠭᠠᠨ᠎ᠳᠤ ᠣᠷᠤᠭᠰᠠᠨ᠎ᠰᠢᠭ᠋ ᠡᠪᠦᠷ᠎ᠢᠶᠡᠨ ᠠᠭᠤᠳᠠᠯᠵᠤ᠂ ᠨᠢᠭᠡᠨ ᠪᠣᠭᠤᠳᠠᠯ᠎ᠢ ᠨᠡᠭᠡᠭᠡᠭᠡᠳ᠂ ᠳᠣᠲᠤᠷ᠎ᠠ᠎ᠠᠴᠠ᠎ᠨᠢ ᠬᠣᠶᠠᠷ ᠴᠠᠭᠠᠰᠤᠨ ᠬᠥᠷᠦᠭ ᠭᠠᠷᠭᠠᠪᠠ᠃ ᠲᠡᠭᠦᠨ᠎ᠦ ᠨᠢᠭᠡ᠎ᠨᠢ ᠲᠡᠷᠢᠭᠦᠯᠡᠭᠴᠢ ᠮᠠᠤ ᠽᠧ ᠳ᠋ᠦᠩ᠎ᠦᠨ ᠬᠥᠷᠦᠭ ᠪᠥᠭᠡᠳ ᠨᠥᠭᠦᠭᠡ ᠨᠢᠭᠡ᠎ᠨᠢ ᠥᠪᠦᠷ ᠮᠣᠩᠭᠤᠯ᠎ᠤᠨ ᠠᠷᠠᠳ ᠲᠦᠮᠡᠨ᠎ᠦ ᠬᠠᠢᠷᠠᠲᠤ ᠤᠳᠤᠷᠢᠳᠤᠭᠴᠢ ᠨᠥᠬᠦᠷ ᠤᠯᠠᠭᠠᠨᠬᠦᠦ᠎ᠶᠢᠨ ᠬᠥᠷᠦᠭ ᠪᠢᠯᠡ᠃ ᠭᠡᠷ ᠳᠦᠭᠦᠷᠡᠩ ᠬᠥᠮᠦᠰ ᠥᠨᠳᠡᠢᠯᠴᠡᠨ ᠪᠣᠰᠤᠯᠴᠠᠵᠤ ᠭᠠᠷ ᠳᠠᠮᠵᠢᠭᠤᠯᠤᠨ ᠪᠤᠯᠢᠶᠠᠯᠳᠤᠨ ᠦᠵᠡᠨ᠎ᠡ᠃ ᠬᠥᠮᠦᠨ ᠪᠦᠷᠢ᠎ᠶᠢᠨ ᠨᠢᠭᠤᠷ᠎ᠲᠤ ᠪᠠᠶᠠᠷ ᠴᠡᠩᠭᠡᠯ ᠳᠦᠭᠦᠷᠴᠦ᠂ ᠬᠡᠨ ᠠᠯᠢᠨ᠎ᠨᠢ᠎ᠴᠤ ᠦᠵᠡᠭᠡᠳ ᠬᠠᠩᠬᠤ᠎ᠦᠭᠡᠢ᠎ᠰᠢᠭ᠋ ᠪᠠᠢᠪᠠ᠃

ᠡᠪᠦᠭᠡᠨ: 《ᠡᠨᠡ ᠬᠥᠷᠦᠭ᠎ᠢ ᠺᠣᠮᠢᠰᠰᠠᠷ ᠨᠥᠬᠦᠷ ᠬᠠᠮᠤᠭ᠎ᠤᠨ ᠰᠠᠢᠨ ᠪᠡᠯᠡᠭ ᠪᠣᠯᠭᠠᠨ ᠨᠠᠳᠠ ᠥᠭᠭᠦᠭᠰᠡᠨ᠎ᠶᠦᠮ》 ᠭᠡᠳ ᠪᠠᠰᠠ ᠨᠢᠭᠡ ᠠᠷᠪᠢᠨ ᠪᠢᠲᠡᠭᠦᠮᠵᠢ ᠵᠠᠬᠢᠳᠠᠯ ᠭᠠᠷᠭᠠᠨ ᠪᠠᠲᠤᠰᠦ᠋ᠬᠡ᠎ᠳᠦ ᠥᠭᠭᠦᠭᠡᠳ:

《ᠮᠠᠢ! ᠬᠦᠦ᠎ᠮᠢᠨᠢ᠃ ᠰᠤᠮᠤᠨ ᠳᠠᠷᠤᠭ᠎ᠠ᠂ ᠵᠢᠭᠠᠨ ᠤᠳᠤᠷᠢᠳᠤᠭᠴᠢ ᠬᠣᠶᠠᠷ᠎ᠠᠴᠠ᠎ᠴᠢᠨᠢ ᠲᠡᠷᠢᠭᠦᠯᠡᠨ ᠣᠯᠠᠨ ᠨᠥᠬᠦᠳ᠎ᠴᠢᠨᠢ ᠴᠢᠮ᠎ᠠ᠎ᠳᠤ ᠥᠭᠭᠦᠭᠰᠡᠨ ᠵᠠᠬᠢᠳᠠᠯ᠂ ᠠᠪᠤ᠎ᠨᠢ᠎ᠴᠤ ᠢᠯᠭᠠᠵᠤ ᠴᠢᠳᠠᠬᠤ᠎ᠦᠭᠡᠢ》 ᠭᠡᠳ ᠪᠠᠭᠯᠠᠭ᠎ᠠ᠎ᠲᠠᠢ᠎ᠪᠠᠷ᠎ᠨᠢ ᠲᠤᠰᠢᠶᠠᠪᠠ᠃

ᠪᠥᠬᠡ ᠡᠪᠦᠭᠡᠨ᠎ᠦ ᠬᠠᠷᠢᠵᠤ ᠢᠷᠡᠭᠰᠡᠨ ᠴᠢᠮᠡᠭᠡ᠂ ᠦᠬᠡᠷᠴᠢᠨ᠎ᠡᠴᠡ ᠬᠣᠨᠢᠴᠢᠨ᠎ᠳᠤ᠂ ᠬᠣᠨᠢᠴᠢᠨ᠎ᠠᠴᠠ ᠠᠳᠤᠭᠤᠴᠢᠨ᠎ᠳᠤ ᠵᠠᠯᠭᠠᠮᠵᠢᠯᠠᠵᠤ ᠴᠠᠬᠢᠯᠭᠠᠨ ᠮᠡᠳᠡᠭᠡ᠎ᠰᠢᠭ ᠲᠦᠷᠭᠡᠨ᠎ᠢᠶᠡᠷ ᠳᠥᠷᠪᠡᠨ ᠵᠦᠭ᠎ᠲᠦ ᠨᠡᠪᠲᠡᠷᠡᠵᠦ᠂ ᠣᠢᠷ᠎ᠠ ᠬᠣᠯᠠ᠎ᠶᠢᠨ ᠬᠥᠮᠦᠰ ᠵᠠᠯᠭ᠎ᠠ᠎ᠪᠠᠷ ᠢᠷᠡᠵᠦ ᠠᠶᠠᠨᠳᠠᠭᠠᠨ ᠴᠤᠭᠯᠠᠷᠠᠭᠰᠠᠨ ᠶᠡᠬᠡ ᠬᠤᠷᠢᠮ᠎ᠰᠢᠭ᠋ ᠬᠡᠳᠦᠨ ᠡᠳᠦᠷ ᠦᠷᠭᠦᠯᠵᠢᠯᠡᠪᠡ᠃

ᠶᠢᠰᠦ

ᠪᠠᠳᠮ᠎ᠠ᠂ ᠪᠠᠲᠤᠰᠦ᠋ᠬᠡ᠎ᠶᠢᠨ ᠬᠠᠨᠲᠠᠭᠠᠵᠠ᠎ᠶᠢ ᠴᠠᠪ ᠴᠠᠭᠠᠨ ᠪᠣᠯᠲᠠᠯ᠎ᠠ ᠤᠭᠠᠵᠤ ᠭᠡᠷ ᠳᠡᠭᠡᠷ᠎ᠡ᠎ᠪᠡᠨ ᠳᠡᠯᠭᠡᠭᠡᠳ᠂ ᠲᠡᠭᠦᠨ᠎ᠦ ᠫᠤᠤ᠎ᠶᠢᠨ ᠡᠭᠦᠷᠦᠪᠴᠢ᠎ᠪᠡᠷ᠎ᠨᠢ ᠴᠣᠭᠤᠷᠤᠭᠰᠠᠨ ᠬᠥᠬᠡ ᠳᠡᠪᠡᠯ᠎ᠦᠨ ᠮᠥᠷᠦ᠎ᠶᠢ᠎ᠨᠢ ᠨᠥᠬᠦᠨ᠎ᠡ᠃

ᠪᠥᠬᠡ ᠡᠪᠦᠭᠡᠨ᠂ ᠪᠠᠲᠤᠰᠦ᠋ᠬᠡ᠎ᠶᠢᠨ ᠭᠡᠷ᠎ᠲᠦ ᠣᠷᠤᠭᠰᠠᠨ ᠬᠣᠭᠤᠷᠤᠨᠳᠤ ᠵᠠᠪᠳᠤᠵᠤ᠂ ᠤᠶᠠᠵᠤ ᠪᠠᠢᠭᠰᠠᠨ ᠬᠠᠷ᠎ᠠ ᠲᠦᠷᠦᠭᠦᠦ ᠬᠣᠨᠢ᠎ᠪᠠᠨ ᠳᠠᠷᠤᠨ ᠤᠨᠠᠭᠠᠵᠤ ᠡᠳ᠋ ᠪᠣᠯᠭᠠᠪᠠ᠃ ᠬᠥᠭᠰᠢᠨ ᠬᠠᠵᠠᠭᠤ᠎ᠳᠤᠨᠢ ᠰᠠᠭᠤᠵᠤ ᠬᠣᠨᠢᠨ ᠭᠡᠳᠡᠰᠦ ᠠᠷᠢᠯᠭᠠᠨ᠎ᠠ᠃ ᠪᠠᠲᠤᠰᠦ᠋ᠬᠡ᠎ᠶᠢᠨ ᠰᠠᠢᠬᠠᠨ ᠰᠠᠷᠠᠯ ᠮᠣᠷᠢ ᠢᠵᠠᠷᠠᠲᠠᠯ᠎ᠠ ᠲᠠᠷᠭᠤᠯᠠᠭᠠᠳ᠂ ᠮᠥᠩᠭᠦᠨ ᠳᠠᠷᠤᠭᠤᠯᠭ᠎ᠠ᠎ᠲᠠᠢ ᠪᠤᠯᠢᠭᠠᠷᠢ ᠭᠥᠯᠢᠮ ᠬᠢᠭᠰᠡᠨ ᠲᠤᠯᠤᠨ ᠨᠠᠭᠤᠷ ᠶᠠᠩᠵᠤ᠎ᠶᠢᠨ ᠱᠠᠪᠢ ᠡᠮᠡᠭᠡᠯ ᠲᠣᠬᠤᠵᠤ ᠤᠶᠠᠭᠠᠨ ᠳᠡᠭᠡᠷ᠎ᠡ ᠤᠶᠠᠭᠰᠠᠨ᠎ᠨᠢ᠂ ᠵᠢᠷᠤᠭ᠎ᠤᠨ ᠮᠣᠷᠢ ᠮᠡᠲᠦ ᠬᠠᠷᠠᠭᠳᠠᠨ᠎ᠠ᠃ ᠬᠣᠯᠠᠭᠤᠷ ᠭᠠᠷᠬᠤ ᠬᠥᠮᠦᠨ᠎ᠴᠦ ᠬᠠᠵᠠᠭᠤ᠎ᠳᠤᠨᠢ ᠣᠴᠢᠵᠤ ᠦᠵᠡᠪᠡᠯ ᠡ! ᠬᠡᠮᠡᠷ ᠬᠡᠪ ᠶᠠᠩᠵᠤ᠎ᠲᠠᠢ ᠲᠤᠯᠠ ᠮᠣᠷᠢᠨ᠎ᠳᠤ ᠳᠤᠷ᠎ᠠ᠎ᠲᠠᠢ ᠠᠢᠯ᠎ᠤᠨ ᠪᠠᠭᠠᠴᠤᠳ ᠢᠷᠠᠨ ᠢᠷᠠᠨ ᠪᠠᠬᠠᠷᠬᠠᠨ᠎ᠠ᠃

ᠪᠥᠬᠡ ᠡᠪᠦᠭᠡᠨ᠎ᠦ ᠨᠢᠭᠡ ᠭᠡᠷ᠎ᠢᠶᠡᠷ᠎ᠢᠶᠡᠨ ᠬᠤᠷᠢᠮ ᠬᠢᠵᠦ ᠪᠠᠢᠭ᠎ᠠ᠎ᠰᠢᠭ᠋ ᠶᠠᠭᠠᠷᠠᠨ᠂ ᠣᠷᠤᠵᠤ ᠭᠠᠷᠴᠤ ᠶᠡᠬᠡᠯ᠎ᠡ ᠶᠠᠪᠤᠳᠠᠯ ᠪᠣᠯᠪᠠ᠃ ᠪᠠᠲᠤᠰᠦ᠋ᠬᠡ ᠡᠪᠦᠷ ᠳᠣᠲᠤᠷ᠎ᠠ᠎ᠠᠴᠠ᠎ᠪᠠᠨ ᠨᠢᠭᠡᠨ ᠵᠠᠬᠢᠳᠠᠯ ᠭᠠᠷᠭᠠᠨ ᠦᠵᠡᠭᠰᠡᠭᠡᠷ ᠲᠡᠰᠭᠡᠯ᠎ᠦᠭᠡᠢ ᠢᠨᠢᠶᠡᠮᠰᠦᠭᠯᠡᠨ ᠳᠣᠣᠷ᠎ᠠ ᠳᠠᠭᠤᠨ᠎ᠢᠶᠠᠷ ᠤᠩᠰᠢᠭᠰᠠᠨ᠎ᠨᠢ:

《ᠨᠥᠬᠦᠷ ᠪᠠᠲᠤᠰᠦ᠋ᠬᠡ ᠲᠠᠨ᠎ᠠ: ᠬᠠᠢᠷᠠᠲᠤ ᠨᠥᠬᠦᠷ᠎ᠮᠢᠨᠢ ᠴᠢ ᠰᠠᠢᠨ ᠰᠠᠭᠤᠵᠤ ᠪᠠᠢᠨ᠎ᠠ᠎ᠤᠤ?》 ᠭᠡᠵᠦ ᠡᠬᠢᠯᠡᠭᠰᠡᠨ᠂ ᠶᠠᠪᠤᠭᠤᠯ᠎ᠤᠨ ᠬᠥᠮᠦᠨ ᠪᠢᠴᠢᠭᠰᠡᠨ ᠵᠠᠬᠢᠳᠠᠯ᠎ᠨᠢ ᠲᠡᠭᠦᠨ᠎ᠦ ᠰᠡᠳᠭᠢᠯ᠎ᠢ ᠬᠥᠳᠡᠯᠭᠡᠪᠡ᠃ ᠵᠠᠯᠭᠠᠭᠠᠳ ᠤᠩᠰᠢᠬᠤ᠎ᠳᠤ:

《ᠳᠠᠢᠰᠤᠨ᠎ᠤ ᠰᠤᠮᠤᠨ ᠪᠣᠷᠤᠭᠠᠨ᠎ᠤ ᠳᠣᠭᠤᠤᠷ ᠰᠢᠨᠲᠠᠷᠠᠯ᠎ᠦᠭᠡᠢ ᠰᠢᠷᠭᠤᠯᠠᠨ ᠣᠷᠤᠵᠤ᠂ ᠶᠡᠬᠡ ᠢᠯᠠᠯᠲᠠ᠎ᠶᠢᠨ ᠡᠭᠦᠳᠡ᠎ᠶᠢ ᠨᠡᠭᠡᠭᠡᠭᠰᠡᠨ ᠪᠠ ᠠᠷᠠᠳ ᠲᠦᠮᠡᠨ᠎ᠦ ᠲᠥᠯᠦᠭᠡ ᠪᠡᠶ᠎ᠡ᠎ᠪᠡᠨ ᠬᠠᠢᠬᠤᠷᠤᠯ᠎ᠦᠭᠡᠢ ᠭᠠᠯ ᠳᠣᠲᠤᠷ᠎ᠠ᠎ᠠᠴᠠ ᠬᠡᠦᠬᠡᠳ᠎ᠦᠨ ᠠᠮᠢ᠎ᠶᠢ ᠠᠪᠤᠷᠠᠭᠰᠠᠨ ᠢᠷᠠᠭᠤ ᠭᠠᠪᠢᠶ᠎ᠠ ᠵᠢᠳᠭᠦᠯ᠎ᠳᠦ᠎ᠴᠢᠨᠢ ᠳ᠋ᠢᠸᠢᠽᠢ᠎ᠶᠢᠨ ᠤᠯᠤᠰ ᠲᠥᠷᠦ᠎ᠶᠢᠨ ᠭᠠᠵᠠᠷ᠎ᠠᠴᠠ ᠶᠡᠬᠡ ᠭᠠᠪᠢᠶ᠎ᠠ ᠲᠡᠮᠳᠡᠭᠯᠡᠵᠦ ᠰᠠᠢᠰᠢᠶᠠᠯ᠎ᠤᠨ ᠲᠡᠮᠳᠡᠭ᠎ᠢᠶᠡᠷ ᠱᠠᠩᠨᠠᠪᠠ᠃ ᠬᠤᠷᠢᠶᠠᠨ ᠠᠪᠤᠭᠠᠷᠠᠢ! ᠪᠢᠳᠡᠨ᠎ᠦ ᠰᠤᠮᠤᠨ᠎ᠤ ᠳᠠᠷᠤᠭ᠎ᠠ ᠴᠡᠷᠢᠭ ᠪᠦᠬᠦᠨ᠎ᠢᠶᠡᠷ ᠲᠠᠨ᠎ᠤ ᠢᠷᠠᠭᠤ ᠠᠯᠳᠠᠷ᠎ᠲᠤ ᠬᠠᠯᠠᠭᠤᠨ ᠪᠠᠶᠠᠷ ᠬᠦᠷᠭᠡᠶ᠎ᠡ》 ᠭᠡᠵᠡᠢ᠃

ᠪᠠᠲᠤᠰᠦ᠋ᠬᠡ ᠡᠨᠳᠡ ᠬᠦᠷᠲᠡᠯ᠎ᠡ ᠤᠩᠰᠢᠭᠠᠳ ᠡᠩᠭᠡᠷ ᠳᠡᠭᠡᠷ᠎ᠡ᠎ᠪᠡᠨ ᠵᠡᠭᠦᠭᠰᠡᠨ ᠰᠠᠢᠰᠢᠶᠠᠯ᠎ᠤᠨ ᠲᠡᠮᠳᠡᠭ᠎ᠢᠶᠡᠨ ᠬᠠᠷᠠᠪᠠ᠃ ᠲᠡᠭᠦᠨ᠎ᠦ ᠡᠷᠲᠡ ᠡᠳᠦᠷ᠎ᠦᠨ ᠵᠡᠭᠦᠳᠦ᠂ ᠡᠨᠡ ᠡᠳᠦᠷ ᠦᠨᠡᠨ ᠪᠣᠯᠤᠭᠰᠠᠨ᠎ᠳᠤ ᠢᠲᠡᠭᠡᠵᠦ ᠶᠠᠳᠠᠬᠤ᠎ᠰᠢᠭ᠋ ᠰᠠᠨᠠᠭᠳᠠᠪᠠ᠃ ᠡᠭᠦᠨ᠎ᠦ ᠬᠠᠮᠲᠤ᠂ ᠥᠪᠡᠷ᠎ᠦᠨ ᠠᠮᠢ ᠪᠡᠶ᠎ᠡ᠂ ᠡᠴᠦᠰ᠎ᠦᠨ ᠨᠢᠭᠡᠨ ᠳᠤᠰᠤᠯ ᠴᠢᠰᠤ᠎ᠪᠠᠨ ᠠᠷᠢᠭᠤᠨ ᠦᠢᠯᠡᠰ᠎ᠦᠨ᠎ᠢᠶᠡᠨ ᠲᠥᠯᠦᠭᠡ ᠡᠷᠭᠦᠭᠰᠡᠨ ᠪᠠᠯᠠᠷᠠᠰᠢ᠎ᠦᠭᠡᠢ ᠪᠠᠭᠠᠲᠤᠷ ᠬᠠᠢᠷᠠᠲᠤ ᠨᠥᠬᠦᠷ ᠪᠤᠯᠲᠤ ᠰᠠᠨᠠᠭᠠᠨ᠎ᠳᠤᠨᠢ ᠣᠷᠤᠪᠠ᠃ ᠬᠠᠮᠤᠭ᠎ᠤᠨ ᠶᠡᠬᠡ ᠥᠩᠭᠡ ᠭᠡᠷᠡᠯ ᠭᠠᠪᠢᠶ᠎ᠠ ᠵᠢᠳᠭᠦᠯ ᠴᠥᠮ ᠲᠡᠭᠦᠨ᠎ᠦ ᠬᠢ ᠪᠣᠯᠬᠤ ᠶᠣᠰᠤᠲᠠᠢ᠃ ᠲᠡᠷᠡ ᠪᠣᠯ ᠴᠣᠬᠤᠮ ᠡᠪ ᠬᠠᠮᠲᠤ ᠨᠠᠮ᠎ᠤᠨ ᠭᠡᠰᠢᠭᠦᠨ᠎ᠦ ᠢᠷᠠᠭᠤ ᠰᠠᠢᠨ ᠴᠢᠨᠠᠷ᠎ᠢ ᠦᠵᠡᠭᠦᠯᠦᠨ ᠴᠢᠳᠠᠭᠰᠠᠨ ᠪᠥᠭᠡᠳ ᠮᠠᠨ᠎ᠤ ᠠᠭᠤᠤ ᠶᠡᠬᠡ ᠢᠯᠠᠯᠲᠠ ᠪᠣᠯ ᠲᠦᠮᠡ ᠪᠤᠮᠠᠨ ᠪᠤᠯᠲᠤ᠎ᠰᠢᠭ᠋ ᠪᠠᠭᠠᠲᠤᠷ᠎ᠤᠳ᠎ᠤᠨ ᠭᠠᠪᠢᠶ᠎ᠠ ᠵᠢᠳᠭᠦᠯ ᠢᠷᠠᠭᠤ ᠠᠯᠳᠠᠷ᠎ᠠᠴᠠ ᠰᠠᠯᠵᠤ ᠪᠣᠯᠬᠤ᠎ᠦᠭᠡᠢ᠎ᠶᠤᠮ ᠭᠡᠵᠦ ᠪᠣᠳᠤᠬᠤ᠎ᠳᠠᠭᠠᠨ ᠥᠪᠡᠷ᠎ᠦᠨ ᠪᠡᠶ᠎ᠡ᠎ᠪᠡᠨ ᠬᠢᠨᠠᠵᠤ ᠦᠵᠡᠪᠡ᠃ 《ᠪᠢ ᠡᠬᠡ ᠣᠷᠤᠨ ᠠᠷᠠᠳ ᠲᠦᠮᠡᠨ᠎ᠳᠡᠭᠡᠨ ᠶᠠᠮᠠᠷ ᠵᠡᠷᠭᠡ ᠵᠢᠳᠭᠦᠭᠰᠡᠨ ᠪᠤᠢ? ᠳᠠᠷᠤᠭ᠎ᠠ᠎ᠨᠠᠷ᠎ᠤᠨ ᠶᠠᠷᠢᠳᠠᠭ ᠦᠯᠢᠭᠡᠷ ᠵᠢᠱ᠋ᠢᠶ᠎ᠡ ᠪᠠ ᠪᠤᠯᠲᠤ ᠨᠥᠬᠦᠷ᠎ᠰᠢᠭ ᠪᠠᠭᠠᠲᠤᠷ᠎ᠤᠳ᠎ᠲᠠᠢ ᠠᠳᠠᠯᠢᠳᠭᠠᠪᠠᠯ ᠶᠠᠮᠠᠷ᠎ᠴᠤ ᠭᠠᠪᠢᠶ᠎ᠠ ᠵᠢᠳᠭᠦᠯ᠎ᠦᠭᠡᠢ ᠪᠢᠰᠢ᠎ᠦᠦ? ᠁》 ᠭᠡᠵᠦ ᠪᠣᠳᠤᠭᠰᠠᠭᠠᠷ ᠨᠡᠯᠢᠶᠡᠳ ᠤᠳᠠᠪᠠ᠃

《ᠳᠣᠭᠤᠭᠰᠢ᠎ᠪᠠᠨ ᠤᠩᠰᠢᠭᠠᠷᠠᠢ》 ᠭᠡᠵᠦ ᠪᠠᠳᠮ᠎ᠠ ᠬᠠᠵᠠᠭᠤ᠎ᠠᠴᠠ᠎ᠨᠢ ᠬᠡᠯᠡᠲᠡᠯ᠎ᠡ ᠳᠠᠬᠢᠨ ᠵᠠᠯᠭᠠᠵᠤ:

《ᠭᠠᠷ ᠪᠠᠷᠢᠯᠴᠠᠨ ᠰᠠᠯᠤᠭᠰᠠᠨ᠎ᠠᠴᠠ ᠢᠨᠠᠭᠰᠢ ᠬᠣᠶᠠᠷ ᠰᠠᠷ᠎ᠠ ᠢᠯᠡᠭᠦᠦ ᠪᠣᠯᠪᠠ᠂ ᠬᠡᠰᠢᠭᠲᠡᠨ ᠬᠣᠰᠢᠭᠤᠨ᠎ᠤ ᠵᠠᠰᠠᠭ᠎ᠤᠨ ᠣᠷᠳᠤᠨ᠎ᠤ ᠨᠥᠬᠦᠳ᠎ᠡᠴᠡ ᠴᠢᠨᠦ ᠰᠢᠷᠬ᠎ᠠ ᠮᠠᠰᠢ ᠲᠦᠷᠭᠡᠨ ᠰᠠᠢᠨ ᠪᠣᠯᠵᠤ ᠪᠠᠢᠨ᠎ᠠ ᠭᠡᠵᠦ ᠰᠣᠨᠤᠰᠤᠭᠠᠳ ᠪᠢᠳᠡ ᠲᠤᠢᠯ᠎ᠢᠶᠠᠷ ᠪᠠᠶᠠᠷᠯᠠᠪᠠ᠃ ᠪᠢᠳᠡ ᠴᠢᠮᠠᠢ ᠬᠥᠮᠦᠨ ᠪᠣᠯᠤᠨ᠎ᠠ ᠭᠡᠵᠦ ᠶᠡᠷᠦ ᠪᠣᠳᠤᠭᠰᠠᠨ᠎ᠦᠭᠡᠢ ᠪᠠᠢᠪᠠ᠃ ᠴᠢ ᠶᠡᠷᠦ ᠲᠡᠮᠦᠷ᠎ᠰᠢᠭ ᠬᠦᠦ᠎ᠶᠦᠮ ᠪᠠᠢᠨ᠎ᠠ᠃

ᠵᠠ᠂ ᠪᠤᠤ ᠮᠠᠷᠲᠠᠭᠠᠷᠠᠢ᠂ ᠡᠨᠡ ᠪᠣᠯ ᠴᠢᠮᠠᠢ ᠰᠤᠪᠢᠯᠠᠵᠤ ᠪᠠᠢᠭ᠎ᠠ ᠠᠷᠠᠳ᠎ᠤᠨ ᠬᠠᠢᠷᠠᠯᠠᠨ ᠬᠠᠷᠠᠭᠠᠯᠵᠠᠭᠰᠠᠨ᠎ᠤ ᠠᠴᠢ ᠰᠢᠤ ᠳ᠋ᠠ᠃ ᠴᠢ ᠮᠠᠨ᠎ᠤ ᠲᠤᠯᠤᠯᠳᠤᠭᠠᠨ᠎ᠤ ᠲᠤᠬᠠᠢ ᠰᠣᠨᠤᠰᠤᠶ᠎ᠠ ᠭᠡᠵᠦ ᠶᠡᠬᠡ ᠳᠤᠷᠠᠯᠠᠵᠤ ᠪᠠᠢᠬᠤ ᠪᠢᠵᠡ᠂ ᠡᠨᠡ ᠣᠷᠴᠢᠮ ᠶᠡᠬᠡ ᠪᠠᠢᠯᠳᠤᠭᠠᠨ ᠭᠠᠷᠤᠭᠰᠠᠨ᠎ᠦᠭᠡᠢ᠃ ᠲᠦᠷᠦᠭᠦᠦ ᠤᠳᠠᠭ᠎ᠠ᠎ᠶᠢᠨ ᠪᠠᠢᠯᠳᠤᠭᠠᠨ᠎ᠤ ᠢᠯᠠᠯᠲᠠ᠎ᠶᠢ ᠠᠩᠬ᠎ᠠ ᠤᠳᠠᠭ᠎ᠠ᠎ᠶᠢᠨ ᠵᠠᠬᠢᠳᠠᠯ ᠳᠡᠭᠡᠷ᠎ᠡ ᠬᠡᠯᠡᠭᠰᠡᠨ ᠲᠤᠯᠠ ᠡᠨᠳᠡ ᠳᠠᠪᠲᠠᠬᠤ᠎ᠶᠢ ᠵᠣᠭᠰᠤᠶ᠎ᠠ᠂ ᠪᠢᠳᠡ ᠣᠳᠣ ᠬᠦᠴᠦ᠎ᠪᠡᠨ ᠭᠠᠷᠭᠠᠨ ᠳᠣᠯᠤᠨ ᠨᠠᠭᠤᠷ᠎ᠢ ᠴᠣᠬᠢᠬᠤ ᠪᠠᠢᠯᠳᠤᠭᠠᠨ᠎ᠤ ᠪᠡᠯᠡᠳᠭᠡᠯ ᠬᠢᠵᠦ ᠪᠠᠢᠨ᠎ᠠ᠃ ᠠᠭᠤᠤ ᠶᠡᠬᠡ ᠢᠯᠠᠯᠲᠠ ᠨᠢᠳᠦᠨ ᠡᠮᠦᠨ᠎ᠡ ᠪᠣᠯᠵᠤ ᠪᠠᠢᠨ᠎ᠠ᠃ ᠳᠣᠯᠤᠨ ᠨᠠᠭᠤᠷ᠎ᠢ ᠴᠢᠯᠦᠭᠡᠯᠡᠭᠰᠡᠨ᠎ᠦ ᠳᠠᠷᠠᠭ᠎ᠠ ᠪᠣᠯ ᠵᠠᠩ ᠵᠢᠶᠠ ᠺᠧᠦ᠂ ᠵᠠᠩ ᠵᠢᠶᠠ ᠺᠧᠦ᠎ᠶᠢᠨ ᠳᠠᠷᠠᠭ᠎ᠠ ᠪᠡᠭᠡᠵᠢᠩ᠂ ᠲᠡᠭᠦᠨ᠎ᠡᠴᠡ ᠵᠠᠯᠭᠠᠯᠳᠤᠯᠭ᠎ᠠ᠎ᠪᠠᠷ ᠪᠦᠬᠦ ᠤᠯᠤᠰ᠎ᠢ ᠴᠢᠯᠦᠭᠡᠯᠡᠬᠦ ᠴᠠᠭ ᠣᠢᠷᠠᠳᠴᠤ ᠪᠠᠢᠨ᠎ᠠ ᠰᠢᠤ᠃ ᠵᠠ᠂ ᠨᠥᠬᠦᠷ ᠴᠢ᠎ᠮᠢᠨᠢ ᠰᠢᠷᠬ᠎ᠠ᠎ᠪᠠᠨ ᠰᠠᠢᠨ ᠰᠤᠪᠢᠯᠠᠭᠠᠳ᠂ ᠬᠣᠭ᠎ᠦᠭᠡᠢ ᠰᠠᠢᠨ ᠪᠣᠯᠤᠭᠰᠠᠨ ᠬᠣᠢᠨ᠎ᠠ ᠢᠷᠡᠭᠡᠷᠡᠢ᠃ ᠪᠢᠲᠡᠭᠡᠢ ᠶᠠᠭᠠᠷᠠ ᠳ᠋ᠠ᠃ ᠪᠦᠬᠦ ᠤᠯᠤᠰ᠎ᠤᠨ ᠶᠡᠬᠡ ᠬᠠᠭᠠᠰ᠎ᠨᠢ ᠪᠠᠰᠠ ᠴᠢᠯᠦᠭᠡᠯᠡᠭᠳᠡᠭᠡᠳᠦᠢ ᠪᠠᠢᠭᠰᠠᠭᠠᠷ᠂ ᠴᠢᠨᠦ ᠣᠷᠤᠬᠤ ᠲᠤᠯᠤᠯᠳᠤᠭᠠᠨ ᠪᠠᠢᠬᠤ᠎ᠯᠠ᠂ ᠭᠠᠪᠢᠶ᠎ᠠ ᠪᠠᠢᠭᠤᠯᠬᠤ ᠲᠣᠬᠢᠶᠠᠯ᠎ᠴᠤ ᠪᠠᠰᠠ ᠪᠠᠢᠬᠤ᠎ᠯᠠ᠃ ᠡᠭᠦᠨ᠎ᠦ ᠲᠤᠯᠠ᠂ ᠪᠠᠶᠠᠷᠲᠠᠢ᠃

ᠥᠯᠵᠡᠢ

ᠷᠢᠨᠴᠢᠨ᠎ᠡᠴᠡ

ᠲᠠᠪᠤᠳᠤᠭᠠᠷ ᠰᠠᠷ᠎ᠠ᠎ᠶᠢᠨ ᠲᠠᠪᠤᠨ᠎ᠠ᠃ 》

ᠪᠠᠲᠤᠰᠦ᠋ᠬᠡ ᠵᠠᠬᠢᠳᠠᠯ᠎ᠢᠶᠠᠨ ᠤᠩᠰᠢᠵᠤ ᠲᠡᠭᠦᠰᠭᠡᠭᠡᠳ᠂ ᠨᠢᠭᠡᠨ ᠬᠣᠪᠤᠷ ᠡᠷᠳᠡᠨᠢ᠎ᠰᠢᠭ ᠬᠡᠳᠦᠨ ᠳᠠᠪᠬᠤᠷ ᠪᠠᠭᠯᠠᠭᠠᠳ ᠤᠭᠤᠲᠠᠨ᠎ᠳᠠᠭᠠᠨ ᠬᠤᠷᠢᠶᠠᠪᠠ᠃ ᠪᠠᠳᠮ᠎ᠠ ᠣᠶᠤᠳᠠᠯ᠎ᠢᠶᠠᠨ ᠲᠦᠷ ᠵᠣᠭᠰᠤᠭᠠᠳ ᠨᠢᠭᠡ ᠶᠠᠭᠤᠮ᠎ᠠ ᠪᠣᠳᠤᠭᠰᠠᠨ᠎ᠰᠢᠭ᠋ ᠳᠤᠪ ᠳᠤᠭᠤᠢ ᠪᠠᠢᠪᠠ᠃ ᠴᠢᠩᠭᠢᠭᠡᠳ ᠪᠠᠲᠤᠰᠦ᠋ᠬᠡ᠎ᠡᠴᠡ:

《ᠪᠢᠳᠡ ᠬᠡᠵᠢᠶ᠎ᠡ ᠳᠠᠬᠢᠵᠤ ᠠᠭᠤᠯᠵᠠᠬᠤ᠎ᠶᠤᠮ ᠪᠣᠯᠪᠠ?》 ᠭᠡᠵᠦ ᠳᠣᠣᠷ᠎ᠠ ᠳᠠᠭᠤᠨ᠎ᠢᠶᠠᠷ ᠠᠰᠠᠭᠤᠪᠠ᠃

《ᠬᠡᠨ ᠬᠡᠯᠡᠵᠦ ᠮᠡᠳᠡᠬᠦ ᠪᠤᠢ? ᠪᠠᠳᠮ᠎ᠠ ᠡ᠂ ᠪᠢ ᠵᠢᠶᠠᠩ ᠵᠢᠶᠧ ᠱ᠋ᠢ᠎ᠶᠢ ᠪᠦᠷᠢᠮᠦᠰᠦᠨ ᠰᠥᠨᠦᠭᠡᠭᠡᠳ ᠪᠦᠬᠦ ᠤᠯᠤᠰ᠎ᠢ ᠴᠢᠯᠦᠭᠡᠯᠡᠭᠰᠡᠨ ᠬᠣᠢᠨ᠎ᠠ ᠵᠠᠪᠠᠯ ᠴᠢᠯᠦᠭᠡ ᠭᠤᠶᠤᠵᠤ ᠢᠷᠡᠭᠡᠳ ᠲᠠᠨ᠎ᠢ ᠦᠵᠡᠶ᠎ᠡ᠃ ᠵᠠ᠂ ᠲᠡᠷᠡ ᠦᠶ᠎ᠡ᠎ᠳᠦ ᠴᠢ ᠲᠤᠭᠤᠯ ᠬᠠᠷᠢᠭᠤᠯᠵᠤ ᠪᠠᠢᠳᠠᠭ ᠪᠣᠯᠪᠠ᠎ᠤᠤ? ᠲᠥᠷᠦ᠎ᠶᠢᠨ ᠲᠥᠯᠦᠭᠡ ᠶᠠᠪᠤᠵᠤ ᠪᠠᠢᠳᠠᠭ ᠪᠣᠯᠪᠠ᠎ᠤᠤ᠎ᠳᠠ ?》 ᠭᠡᠳ ᠢᠨᠢᠶᠡᠮᠰᠦᠭᠯᠡᠨ᠎ᠡ᠃ ᠭᠡᠲᠡᠯ᠎ᠡ ᠪᠠᠳᠮ᠎ᠠ ᠡᠯᠢᠭᠡᠰᠡᠭ ᠵᠥᠭᠡᠯᠡᠨ ᠬᠠᠷᠠᠴᠠ᠎ᠪᠠᠷ ᠪᠠᠲᠤᠰᠦ᠋ᠬᠡ᠎ᠶᠢᠨ ᠴᠢᠷᠠᠢ᠎ᠶᠢ ᠰᠢᠷᠲᠡᠵᠦ:

《ᠰᠦᠬᠡ ᠡ (ᠲᠡᠷᠡ ᠠᠩᠬ᠎ᠠ ᠤᠳᠠᠭ᠎ᠠ ᠰᠦᠬᠡ ᠭᠡᠵᠦ ᠰᠢᠭᠤᠳ ᠨᠡᠷ᠎ᠡ᠎ᠪᠡᠷ᠎ᠨᠢ ᠳᠠᠭᠤᠳᠠᠪᠠ)᠂ ᠴᠢ ᠬᠠᠷᠠᠵᠤ ᠪᠠᠢᠭᠠᠷᠠᠢ! ᠪᠢ ᠶᠠᠭᠠᠬᠢᠪᠠᠴᠤ 〈ᠬᠠᠷᠢ᠎ᠳᠤ ᠬᠠᠳᠠᠭᠠᠰᠤ᠂ ᠬᠠᠨᠴᠤᠢ᠎ᠶᠢᠨ ᠨᠥᠬᠦᠭᠡᠰᠦ〉 ᠪᠣᠯᠵᠤ ᠨᠢᠭᠡᠨ ᠨᠠᠰᠤ᠎ᠪᠠᠨ ᠪᠠᠷᠠᠬᠤ᠎ᠦᠭᠡᠢ᠃ ᠪᠢ ᠥᠴᠦᠭᠡᠳᠦᠷ ᠰᠥᠨᠢ᠂ ᠰᠥᠨᠢ ᠳᠤᠮᠳᠠ ᠥᠩᠭᠡᠷᠡᠲᠡᠯ᠎ᠡ ᠤᠨᠲᠠᠭᠰᠠᠨ᠎ᠦᠭᠡᠢ᠂ ᠣᠯᠠᠨ ᠶᠠᠭᠤᠮ᠎ᠠ ᠪᠣᠳᠤᠵᠤ ᠬᠡᠪᠲᠡᠭᠰᠡᠨ ᠰᠢᠤ》 ᠭᠡᠪᠡ᠃

《ᠶᠠᠭᠤ ᠪᠣᠳᠤᠭᠰᠠᠨ᠎ᠶᠤᠮ ᠪᠤᠢ? ᠨᠠᠳᠠ ᠬᠡᠯᠡᠭᠡᠷᠡᠢ!》

《ᠪᠠᠢᠬᠤ᠎ᠯᠠ᠂ ᠪᠠᠢᠬᠤ᠎ᠯᠠ᠂ ᠴᠢᠨᠦ ᠬᠡᠯᠡᠭᠰᠡᠨ ᠦᠭᠡ᠎ᠶᠢ ᠭᠡᠭᠡᠯᠲᠡ᠎ᠦᠭᠡᠢ ᠬᠢᠨᠠᠵᠤ ᠪᠣᠳᠤᠪᠠ᠃ ᠨᠢᠭᠡᠳᠦᠭᠡᠷ᠎ᠲᠦ ᠪᠢᠴᠢᠭ ᠦᠰᠦᠭ ᠴᠢᠷᠮᠠᠢᠨ ᠰᠤᠷᠤᠯᠴᠠᠨ᠎ᠠ᠃ ᠢᠩᠭᠢᠭᠡᠳ ᠠᠵᠢᠯ ᠬᠥᠳᠡᠯᠮᠦᠷᠢ᠎ᠶᠢᠨ ᠲᠠᠯ᠎ᠠ᠎ᠪᠠᠷ ᠪᠠᠰᠠ ᠶᠡᠬᠡ ᠪᠦᠲᠦᠭᠡᠯ ᠭᠠᠷᠭᠠᠶ᠎ᠠ ᠭᠡᠵᠦ ᠪᠣᠳᠤᠵᠤ ᠪᠠᠢᠨ᠎ᠠ᠃ ᠶᠠᠮᠠᠷ ᠪᠤᠢ? ᠪᠢ ᠴᠢᠨᠦ ᠬᠡᠯᠡᠭᠰᠡᠨ᠎ᠢᠶᠡᠷ ᠶᠠᠪᠤᠵᠤ ᠴᠢᠳᠠᠨ᠎ᠠ ᠭᠡᠵᠦ ᠴᠢ ᠨᠠᠮᠠᠢ ᠢᠲᠡᠭᠡᠨ᠎ᠡ᠎ᠦᠦ?》

《ᠶᠡᠬᠡ ᠰᠠᠢᠨ᠂ ᠶᠡᠬᠡ ᠰᠠᠢᠨ᠂ ᠪᠢ ᠴᠢᠮᠠᠢ ᠪᠠᠲᠤ ᠢᠲᠡᠭᠡᠨ᠎ᠡ ᠁》 ᠭᠡᠵᠦ ᠪᠠᠲᠤᠰᠦ᠋ᠬᠡ ᠢᠨᠢᠶᠡᠭᠰᠡᠭᠡᠷ ᠬᠡᠯᠡᠪᠡ᠃

ᠭᠡᠲᠡᠯ᠎ᠡ ᠬᠥᠭᠰᠢᠨ ᠡᠵᠢ ᠣᠷᠤᠵᠤ ᠢᠷᠡᠭᠡᠳ ᠲᠡᠷᠡ ᠬᠣᠶᠠᠷ᠎ᠤᠨ ᠦᠭᠡ᠎ᠶᠢ ᠲᠠᠰᠤᠯᠪᠠ᠃ ᠪᠠᠲᠤᠰᠦ᠋ᠬᠡ ᠢᠴᠡᠩᠭᠦᠷᠡᠭᠰᠡᠨ᠎ᠶᠦᠮ᠎ᠰᠢᠭ ᠬᠠᠵᠠᠭᠤ᠎ᠳᠤᠨᠢ ᠰᠠᠭᠤᠵᠤ ᠪᠠᠢᠭᠰᠠᠨ ᠪᠢᠴᠢᠬᠠᠨ ᠴᠢᠮᠡᠳ᠎ᠢ ᠲᠡᠪᠡᠷᠢᠨ ᠠᠪᠴᠤ ᠬᠤᠪᠠᠨ ᠰᠢᠷ᠎ᠠ ᠲᠣᠯᠤᠭᠠᠢ᠎ᠶᠢ᠎ᠨᠢ ᠢᠯᠪᠢᠵᠦ ᠮᠠᠨᠲᠠᠭᠠᠷ ᠤᠯᠠᠭᠠᠨ ᠬᠠᠴᠠᠷ᠎ᠢ᠎ᠨᠢ ᠦᠨᠦᠰᠦᠨ᠎ᠡ᠃

ᠴᠢᠮᠡᠳ ᠪᠠᠲᠤᠰᠦ᠋ᠬᠡ᠎ᠶᠢᠨ ᠡᠪᠦᠷ ᠳᠡᠭᠡᠷ᠎ᠡ᠎ᠨᠢ ᠰᠠᠭᠤᠭᠠᠳ᠂ ᠲᠡᠭᠦᠨ᠎ᠦ ᠡᠩᠭᠡᠷ ᠳᠡᠭᠡᠷ᠎ᠡ᠎ᠪᠡᠨ ᠵᠡᠭᠦᠭᠰᠡᠨ ᠣᠳᠤᠨ ᠲᠡᠮᠳᠡᠭ᠎ᠢ ᠪᠠᠷᠢᠵᠤ ᠳᠤᠷᠠᠯᠠᠭᠰᠠᠨ᠎ᠰᠢᠭ᠋ ᠪᠠᠬᠠᠷᠬᠠᠨ ᠠᠭᠠᠰᠢᠯᠠᠨ᠎ᠠ᠃

ᠪᠠᠲᠤᠰᠦ᠋ᠬᠡ᠂ ᠪᠢᠴᠢᠬᠠᠨ ᠴᠢᠮᠡᠳ᠎ᠢ ᠬᠠᠢᠷᠠᠯᠠᠨ ᠲᠠᠭᠠᠯᠠᠬᠤ᠎ᠳᠠᠭᠠᠨ ᠲᠡᠭᠦᠨ᠎ᠦ ᠥᠰᠦᠭᠰᠡᠨ ᠬᠣᠢᠨ᠎ᠠ᠎ᠪᠠᠨ ᠶᠠᠮᠠᠷ ᠬᠥᠮᠦᠨ ᠪᠣᠯᠵᠤ᠂ ᠶᠠᠮᠠᠷ ᠶᠡᠬᠡ ᠬᠡᠷᠡᠭ ᠦᠢᠯᠡᠰ᠎ᠢ ᠪᠦᠲᠦᠭᠡᠬᠦ᠎ᠶᠢ᠎ᠨᠢ ᠪᠣᠳᠤᠵᠤ᠂ ᠪᠠᠷᠠᠭᠤᠨ ᠬᠣᠢᠨ᠎ᠠ ᠬᠠᠨ᠎ᠠ᠎ᠳᠤ ᠡᠯᠭᠦᠵᠦ ᠪᠠᠢᠬᠤ ᠳᠤᠮᠳᠠᠳᠤ ᠤᠯᠤᠰ᠎ᠤᠨ ᠠᠷᠠᠳ ᠲᠦᠮᠡᠨ᠎ᠦ ᠵᠣᠯ ᠵᠢᠷᠭᠠᠯ᠎ᠤᠨ ᠵᠠᠮ᠎ᠢ ᠭᠡᠷᠡᠯᠲᠦᠭᠦᠯᠦᠨ ᠵᠢᠭᠠᠭᠰᠠᠨ ᠪᠥᠭᠡᠳ ᠳᠣᠷᠤᠢ ᠪᠠᠭ᠎ᠠ ᠦᠨᠳᠦᠰᠦᠲᠡᠨ᠎ᠦ ᠠᠪᠤᠷᠠᠭᠴᠢ ᠣᠳᠤᠨ ᠠᠭᠤᠤ ᠶᠡᠬᠡ ᠪᠠᠭᠰᠢ᠂ ᠮᠠᠨ᠎ᠤ ᠦᠶ᠎ᠡ᠎ᠶᠢᠨ ᠭᠠᠢᠬᠠᠮᠰᠢᠭᠲᠤ ᠲᠡᠮᠡᠴᠡᠯ᠎ᠦᠨ ᠵᠢᠯᠤᠭᠤᠳᠤᠭᠴᠢ ᠬᠠᠢᠷᠠᠲᠠᠢ ᠤᠳᠤᠷᠢᠳᠤᠭᠴᠢ ᠲᠡᠷᠢᠭᠦᠯᠡᠭᠴᠢ ᠮᠠᠤ ᠽᠧ ᠳ᠋ᠦᠩ᠎ᠦᠨ ᠬᠥᠷᠦᠭ᠎ᠢ ᠬᠠᠷᠠᠪᠠ᠃

ᠲᠡᠷᠢᠭᠦᠯᠡᠭᠴᠢ᠎ᠶᠢᠨ ᠠᠭᠤᠳᠠᠮ ᠥᠷᠭᠡᠨ ᠮᠠᠩᠨᠠᠢ᠂ ᠶᠡᠬᠡᠮᠰᠦᠭ ᠵᠢᠪᠬᠤᠯᠠᠩ᠎ᠲᠠᠢ ᠳᠦᠷᠢ᠂ ᠥᠷᠦᠰᠢᠶᠡᠯ ᠬᠠᠢᠷᠠᠯᠠᠯ᠎ᠲᠠᠢ ᠨᠢᠳᠦ᠎ᠨᠢ ᠰᠠᠨᠠᠭ᠎ᠠ ᠰᠠᠢᠲᠠᠢ ᠪᠢᠴᠢᠬᠠᠨ ᠴᠢᠮᠡᠳ᠂ ᠪᠠᠳᠮ᠎ᠠ᠂ ᠪᠠᠲᠤᠰᠦ᠋ᠬᠡ ᠭᠤᠷᠪᠠᠭᠤᠯᠠ᠎ᠶᠢ ᠬᠠᠷᠠᠭᠠᠳ ᠢᠨᠢᠶᠡᠮᠰᠦᠭᠯᠡᠭᠰᠡᠨ᠎ᠰᠢᠭ ᠰᠠᠨᠠᠭᠳᠠᠨ᠎ᠠ᠃ ᠪᠠᠲᠤᠰᠦ᠋ᠬᠡ᠂ ᠥᠴᠦᠭᠡᠳᠦᠷ ᠰᠤᠮᠤᠨ ᠳᠠᠷᠤᠭ᠎ᠠ᠂ ᠵᠢᠭᠠᠨ ᠤᠳᠤᠷᠢᠳᠤᠭᠴᠢ ᠬᠣᠶᠠᠷ᠎ᠤᠨ᠎ᠢᠶᠠᠨ ᠵᠠᠬᠢᠳᠠᠯ᠎ᠢ ᠣᠯᠤᠭᠰᠠᠨ᠎ᠠᠴᠠ ᠨᠠᠰᠢ ᠰᠥᠨᠢ ᠤᠨᠲᠠᠭᠠᠳ ᠨᠣᠢᠷ᠎ᠦᠭᠡᠢ᠂ ᠡᠳᠦᠷ ᠪᠣᠰᠤᠭᠠᠳ ᠰᠠᠭᠤᠳᠠᠯ᠎ᠦᠭᠡᠢ ᠪᠣᠯᠵᠤ᠂ ᠵᠠᠪᠠᠯ ᠴᠡᠷᠢᠭ ᠳᠡᠭᠡᠷ᠎ᠡ᠎ᠪᠡᠨ ᠶᠠᠪᠤᠨ᠎ᠠ ᠭᠡᠬᠦ᠎ᠳᠦ᠂ ᠪᠥᠬᠡ ᠡᠪᠦᠭᠡᠨ ᠬᠥᠭᠰᠢᠨ ᠬᠣᠶᠠᠷ᠂ ᠪᠠᠳᠮ᠎ᠠ ᠪᠢᠴᠢᠬᠠᠨ ᠴᠢᠮᠡᠳ᠎ᠲᠡᠢ᠎ᠪᠡᠨ ᠰᠢᠷᠬ᠎ᠠ᠎ᠪᠠᠨ ᠡᠳᠡᠭᠡᠭᠡᠳ ᠶᠠᠪᠤᠭᠠᠷᠠᠢ! ᠭᠡᠵᠦ ᠬᠣᠷᠢᠭᠯᠠᠭᠰᠠᠨ ᠪᠣᠯᠪᠠᠴᠤ ᠶᠡᠷᠦ ᠪᠣᠯᠤᠭᠰᠠᠨ᠎ᠦᠭᠡᠢ᠃ ᠲᠡᠷᠡ᠂ ᠥᠨᠥ ᠥᠷᠯᠦᠭᠡ ᠭᠡᠭᠡᠷᠡᠬᠦ᠎ᠶᠢᠨ ᠬᠢᠷᠢ᠎ᠳᠦ ᠮᠣᠷᠢᠨ᠎ᠳᠠᠭᠠᠨ ᠡᠮᠡᠭᠡᠯ ᠳᠠᠷᠤᠭᠠᠳ᠂ ᠰᠣᠯᠢᠶ᠎ᠠ᠎ᠲᠠᠢ ᠬᠥᠮᠦᠨ᠎ᠰᠢᠭ ᠭᠦᠶᠦᠨ ᠭᠦᠶᠦᠨ ᠪᠣᠰᠴᠤ ᠪᠠᠢᠪᠠ᠃

ᠡᠪᠦᠭᠡᠨ ᠬᠥᠭᠰᠢᠨ ᠬᠣᠶᠠᠷ ᠬᠣᠨᠢ᠎ᠪᠠᠨ ᠲᠠᠪᠠᠭᠯᠠᠵᠤ ᠬᠦᠦ ᠪᠠᠲᠤᠰᠦ᠋ᠭᠡ᠎ᠪᠡᠨ ᠳᠠᠢᠯᠠᠪᠠ᠃ ᠪᠥᠬᠡ ᠡᠪᠦᠭᠡᠨ᠂ ᠮᠥᠩᠭᠦᠨ ᠠᠶᠠᠭᠠᠨ᠎ᠳᠠᠭᠠᠨ ᠰᠠᠭᠠᠯᠢ᠎ᠶᠢᠨ ᠠᠷᠢᠬᠢ᠎ᠪᠠᠨ ᠳᠦᠭᠦᠷᠭᠡᠵᠦ ᠪᠠᠲᠤᠰᠦ᠋ᠬᠡ᠎ᠳᠦ ᠥᠭᠬᠦ᠎ᠳᠡᠭᠡᠨ: 《ᠳᠠᠢᠰᠤᠨ᠎ᠢᠶᠠᠨ ᠳᠠᠷᠤᠭᠠᠳ᠂ ᠳᠠᠷᠬᠠᠨ ᠴᠣᠯᠠ᠎ᠶᠢ ᠣᠯᠤᠭᠠᠳ᠂ ᠳᠠᠭᠠᠷᠢᠭᠠᠳ ᠢᠷᠡᠬᠦ᠎ᠳᠦ᠎ᠴᠢᠨᠢ ᠳᠠᠬᠢᠵᠤ ᠪᠠᠶᠠᠷ᠎ᠲᠠᠢ ᠠᠭᠤᠯᠵᠠᠵᠠᠭᠠᠶ᠎ᠠ》 ᠭᠡᠵᠦ ᠠᠪᠤ ᠬᠥᠮᠦᠨ᠎ᠦ ᠵᠠᠩᠰᠢᠯ᠎ᠢᠶᠠᠷ ᠢᠷᠦᠭᠡᠲᠡᠯ᠎ᠡ᠂ ᠬᠥᠭᠰᠢᠨ ᠡᠵᠢ᠎ᠨᠢ ᠪᠠᠰᠠ ᠴᠠᠪᠠ᠎ᠦᠭᠡᠢ ᠴᠠᠭᠠᠨ ᠱᠠᠵᠠᠩ᠎ᠳᠠᠭᠠᠨ ᠠᠷᠢᠭᠤᠨ ᠰᠦ᠋᠎ᠪᠡᠨ ᠳᠦᠭᠦᠷᠭᠡᠭᠡᠳ: 《ᠬᠡᠢ ᠮᠣᠷᠢ᠎ᠴᠢᠨᠢ ᠳᠡᠭᠳᠡᠵᠦ᠂ ᠬᠠᠨᠳᠤᠭᠰᠠᠨ ᠵᠦᠭ᠎ᠲᠡᠭᠡᠨ ᠳᠡᠢᠯᠦᠭᠡᠳ᠂ ᠬᠡᠰᠢᠭ ᠪᠤᠶᠠᠨ᠎ᠴᠢᠨᠢ ᠨᠡᠮᠡᠭᠳᠡᠵᠦ᠂ ᠬᠡᠵᠢᠶ᠎ᠡ᠎ᠳᠡᠭᠡᠨ ᠮᠡᠨᠳᠦ ᠶᠠᠪᠤ ᠳ᠋ᠠ ᠬᠦᠦ᠎ᠮᠢᠨᠢ》 ᠭᠡᠵᠦ ᠢᠷᠦᠭᠡᠭᠡᠳ ᠨᠢᠯᠪᠤᠰᠤ᠎ᠪᠠᠨ ᠠᠷᠴᠢᠵᠤ ᠰᠠᠭᠤᠨ᠎ᠠ᠃

ᠪᠠᠲᠤᠰᠦ᠋ᠬᠡ ᠥᠪᠡᠷ᠎ᠦᠨ ᠲᠥᠷᠦᠭᠰᠡᠨ᠎ᠢᠶᠡᠨ᠎ᠰᠢᠭ ᠰᠠᠨᠠᠭᠰᠠᠨ ᠡᠵᠢ᠂ ᠠᠪᠤ᠂ ᠳᠡᠭᠦᠦ᠎ᠨᠡᠷ᠎ᠦᠨ᠎ᠢᠶᠡᠨ ᠦᠨᠡᠨ ᠵᠢᠷᠦᠬᠡᠨ᠎ᠦ ᠡᠨᠡᠷᠢᠯ ᠬᠠᠢᠷ᠎ᠠ᠎ᠳᠤᠨᠢ ᠰᠡᠳᠭᠢᠯ ᠬᠥᠳᠡᠯᠵᠦ:

《ᠠᠷᠢᠭᠤᠨ ᠴᠠᠭᠠᠨ ᠰᠦ᠋᠎ᠪᠡᠨ ᠰᠢᠮᠡᠭᠦᠯᠦᠨ ᠥᠰᠭᠡᠭᠰᠡᠨ ᠡᠬᠡ ᠣᠷᠤᠨ ᠠᠷᠠᠳ ᠲᠦᠮᠡᠨ᠎ᠦ᠎ᠪᠡᠨ ᠲᠥᠯᠦᠭᠡ᠂ ᠡᠴᠢᠭᠡ ᠡᠬᠡ᠎ᠲᠡᠢ᠎ᠮᠢᠨᠢ ᠠᠳᠠᠯᠢ ᠡᠨᠡᠷᠢᠨ ᠬᠠᠢᠷᠠᠯᠠᠭᠰᠠᠨ ᠲᠠ᠎ᠨᠠᠷ᠎ᠤᠨ᠎ᠢᠶᠠᠨ ᠡᠭᠦᠷᠢᠳᠡ᠎ᠶᠢᠨ ᠵᠣᠯ ᠵᠢᠷᠭᠠᠯ᠎ᠤᠨ ᠲᠥᠯᠦᠭᠡ᠂ ᠤᠯᠠᠭᠠᠨ ᠴᠢᠰᠤ᠎ᠪᠠᠨ ᠬᠠᠢᠷᠠᠯᠠᠬᠤ᠎ᠦᠭᠡᠢ᠎ᠪᠠᠷ ᠵᠢᠳᠭᠦᠨ᠎ᠡ》 ᠭᠡᠵᠦ ᠬᠡᠯᠡᠬᠦ᠎ᠳᠡᠭᠡᠨ ᠨᠢᠳᠦᠨ᠎ᠳᠦᠨᠢ ᠨᠢᠯᠪᠤᠰᠤ ᠪᠦᠷᠬᠦᠵᠦ ᠪᠠᠢᠪᠠ᠃ ᠭᠡᠲᠡᠯ᠎ᠡ ᠵᠡᠭᠦᠨ ᠪᠠᠷᠠᠭᠤᠨ ᠭᠡᠷ᠎ᠦᠨ ᠬᠢᠨᠢ ᠡᠪᠦᠭᠡᠳ ᠬᠥᠭᠰᠢᠳ ᠢᠷᠡᠵᠦ᠂ ᠬᠣᠢᠲᠤ ᠤᠷᠲᠤ ᠠᠢᠯ᠎ᠤᠳ᠎ᠤᠨ ᠦᠶ᠎ᠡ᠎ᠶᠢᠨ ᠵᠠᠯᠠᠭᠤᠴᠤᠳ ᠴᠤᠭᠯᠠᠷᠠᠵᠤ᠂ ᠥᠪᠡᠷ᠎ᠦᠨ ᠦᠷ᠎ᠡ ᠬᠡᠦᠬᠡᠳ᠎ᠢᠶᠡᠨ ᠦᠳᠡᠵᠦ ᠮᠣᠷᠳᠠᠭᠤᠯᠬᠤ᠎ᠪᠠᠷ ᠰᠠᠭᠤᠯᠴᠠᠪᠠ᠃

ᠪᠠᠳᠮ᠎ᠠ᠂ ᠪᠠᠲᠤᠰᠦ᠋ᠬᠡ᠎ᠶᠢᠨ ᠵᠠᠮ᠎ᠤᠨ ᠬᠦᠨᠡᠰᠦ᠂ ᠴᠠᠭᠠᠨ ᠢᠳᠡᠭᠡ ᠵᠡᠷᠭᠡ᠎ᠶᠢ ᠪᠠᠭᠯᠠᠵᠤ ᠬᠤᠪᠴᠠᠰᠤ ᠬᠤᠨᠠᠷ᠎ᠢ᠎ᠨᠢ ᠤᠭᠠᠵᠤ ᠨᠥᠬᠦᠭᠡᠳ ᠴᠢᠪ ᠴᠠᠪ ᠬᠢᠲᠡᠯ᠎ᠡ ᠪᠡᠯᠡᠳᠭᠡᠪᠡ᠃ ᠨᠠᠷᠠᠨ ᠦᠳᠡ ᠰᠢᠬᠠᠪᠠ᠃ ᠪᠠᠲᠤᠰᠦ᠋ᠬᠡ᠂ ᠴᠡᠷᠢᠭ᠎ᠲᠦ ᠣᠷᠤᠬᠤ᠎ᠪᠠᠷ ᠣᠴᠢᠬᠤ ᠠᠷᠪᠠᠨ ᠬᠡᠳᠦᠨ ᠵᠠᠯᠠᠭᠤᠴᠤᠳ᠎ᠲᠠᠢ᠎ᠪᠠᠨ ᠮᠣᠷᠳᠠᠪᠠ᠃ ᠠᠢᠯ᠎ᠤᠨ ᠣᠯᠠᠨ᠎ᠢᠶᠠᠷ᠎ᠢᠶᠠᠨ ᠳᠠᠭᠠᠵᠤ ᠭᠠᠵᠠᠷ ᠢᠯᠡᠭᠦᠦ ᠶᠠᠪᠤᠭᠰᠠᠨ ᠪᠣᠯᠪᠠᠴᠤ ᠮᠥᠨ᠎ᠴᠦ ᠪᠤᠴᠠᠬᠤ᠎ᠦᠭᠡᠢ᠂ ᠵᠠᠮ ᠣᠷᠴᠢᠮ᠎ᠤᠨ ᠠᠢᠯ᠎ᠤᠨ ᠬᠥᠭᠰᠢᠳ ᠬᠤᠷᠤᠳ ᠲᠣᠰᠤ᠎ᠪᠠᠨ ᠪᠠᠷᠢᠵᠤ᠂ ᠲᠣᠰᠤᠨ ᠲᠣᠰᠤᠨ ᠢᠷᠡᠵᠦ ᠬᠤᠪᠢ ᠬᠤᠪᠢ᠎ᠪᠠᠷ᠎ᠢᠶᠠᠨ ᠢᠷᠦᠭᠡᠵᠦ᠂ ᠲᠤᠰ ᠲᠤᠰ᠎ᠢᠶᠠᠷ᠎ᠢᠶᠠᠨ ᠪᠡᠯᠡᠭᠯᠡᠨ᠎ᠡ᠃ ᠪᠠᠲᠤᠰᠦ᠋ᠬᠡ᠂ ᠪᠢᠴᠢᠬᠠᠨ ᠴᠢᠮᠡᠳ᠎ᠢ ᠲᠡᠪᠡᠷᠢᠬᠦ᠎ᠳᠦ ᠲᠡᠷᠡ᠂ ᠪᠠᠲᠤᠰᠦ᠋ᠬᠡ᠎ᠶᠢᠨ ᠬᠦᠵᠦᠭᠦᠦ᠎ᠪᠡᠷ᠎ᠨᠢ ᠴᠢᠩᠭ᠎ᠠ ᠲᠡᠪᠡᠷᠢᠵᠦ ᠪᠤᠮᠪᠠᠭᠠᠷ ᠤᠯᠠᠭᠠᠨ ᠬᠠᠴᠠᠷ᠎ᠢᠶᠠᠨ ᠵᠠᠪᠰᠠᠷ᠎ᠦᠭᠡᠢ ᠨᠠᠭᠠᠯᠳᠤᠭᠤᠯᠪᠠ᠃ ᠪᠠᠲᠤᠰᠦ᠋ᠬᠡ ᠪᠠᠢᠨ ᠪᠠᠢᠨ ᠵᠣᠭᠰᠤᠵᠤ: 《ᠪᠠᠭ᠎ᠠ ᠬᠣᠯᠠ ᠶᠠᠪᠤᠭᠰᠠᠨ᠎ᠦᠭᠡᠢ᠂ ᠣᠳᠣ ᠪᠤᠴᠠ᠂ ᠣᠳᠣ ᠪᠤᠴᠠᠭᠠᠷᠠᠢ!》 ᠭᠡᠵᠦ ᠱᠠᠯᠠᠪᠠᠴᠤ᠂ ᠬᠥᠮᠦᠰ ᠶᠡᠷᠦ ᠰᠠᠯᠬᠤ ᠳᠤᠷ᠎ᠠ᠎ᠦᠭᠡᠢ᠎ᠰᠢᠭ᠋ ᠶᠠᠪᠤᠭᠰᠠᠭᠠᠷ ᠪᠠᠰᠠ ᠬᠠᠭᠠᠰ ᠭᠠᠵᠠᠷ ᠬᠢᠷᠢ᠎ᠲᠡᠢ ᠦᠳᠡᠪᠡ᠃ ᠬᠥᠭᠰᠢᠨ ᠡᠵᠢ ᠭᠦᠶᠦᠨ ᠢᠷᠡᠵᠦ᠂ ᠪᠠᠲᠤᠰᠦ᠋ᠬᠡ᠎ᠶᠢᠨ ᠬᠦᠵᠦᠭᠦᠦ᠎ᠪᠡᠷ᠎ᠨᠢ ᠲᠡᠪᠡᠷᠢᠨ:

《ᠬᠦᠦ᠎ᠮᠢᠨᠢ!》 ᠭᠡᠳ ᠦᠭᠡ ᠬᠡᠯᠡᠵᠦ ᠭᠠᠷᠬᠤ᠎ᠦᠭᠡᠢ ᠨᠡᠯᠢᠶᠡᠳ ᠤᠳᠠᠭᠠᠳ: 《ᠮᠡᠨᠳᠦ ᠰᠠᠢᠨ ᠶᠠᠪᠤᠭᠠᠷᠠᠢ》 ᠭᠡᠳ ᠤᠬᠢᠯᠠᠭᠰᠠᠭᠠᠷ ᠦᠨᠦᠰᠦᠨ᠎ᠡ᠃ ᠪᠠᠳᠮ᠎ᠠ᠎ᠶᠢᠨ ᠴᠢᠷᠠᠢ ᠤᠪ ᠤᠯᠠᠭᠠᠨ ᠪᠣᠯᠤᠭᠠᠳ ᠨᠢᠳᠦᠨ᠎ᠳᠦᠨᠢ ᠨᠢᠯᠪᠤᠰᠤ ᠪᠦᠷᠬᠦᠪᠡ᠃ ᠬᠥᠮᠦᠰ ᠬᠠᠮᠤᠭ᠎ᠤᠨ ᠰᠡᠭᠦᠯ᠎ᠳᠦᠨᠢ ᠳᠠᠬᠢᠨ ᠨᠢᠭᠡ ᠤᠳᠠᠭ᠎ᠠ ᠢᠷᠦᠭᠡᠯᠴᠡᠵᠦ ᠰᠠᠯᠪᠠ᠃

ᠠᠢᠯ᠎ᠤᠨ ᠣᠯᠠᠨ ᠬᠡᠳᠦ ᠬᠡᠳᠦ᠎ᠪᠡᠷ᠎ᠢᠶᠡᠨ ᠪᠤᠲᠠᠷᠠᠨ ᠭᠡᠷ ᠭᠡᠷ ᠵᠦᠭ᠎ᠢᠶᠡᠨ ᠶᠠᠪᠤᠪᠠ᠃ ᠪᠠᠳᠮ᠎ᠠ ᠭᠠᠭᠴᠠᠭᠠᠷ ᠦᠯᠡᠳᠡᠵᠦ ᠪᠠᠰᠠ ᠬᠠᠮᠲᠤ ᠠᠯᠬᠤᠭᠰᠠᠭᠠᠷ᠃ ᠲᠡᠷᠡ ᠦᠶ᠎ᠡ᠎ᠳᠦ᠂ ᠲᠡᠭᠦᠨ᠎ᠦ ᠵᠢᠷᠦᠬᠡ᠎ᠨᠢ ᠲᠦᠭ ᠲᠦᠭ ᠴᠣᠬᠢᠯᠠᠨ ᠳᠣᠲᠤᠷ᠎ᠠ᠎ᠨᠢ ᠬᠠᠯᠠᠭᠤᠨ ᠣᠷᠭᠢᠪᠠ᠃ ᠪᠠᠰᠠ ᠨᠡᠯᠢᠶᠡᠳ ᠶᠠᠪᠤᠭᠠᠳ ᠪᠠᠲᠤᠰᠦ᠋ᠬᠡ ᠶᠠᠭ ᠮᠣᠷᠳᠠᠬᠤ ᠦᠶᠡᠰ᠎ᠲᠦ᠂ ᠪᠠᠳᠮ᠎ᠠ ᠡᠪᠦᠷ᠎ᠡᠴᠡ᠎ᠪᠡᠨ ᠨᠢᠭᠡᠨ ᠬᠠᠳᠭᠤᠮᠠᠯ ᠬᠤᠸᠠᠷ᠎ᠲᠠᠢ ᠲᠠᠮᠠᠬᠢᠨ᠎ᠤ ᠤᠭᠤᠲᠠ ᠭᠠᠷᠭᠠᠵᠤ ᠪᠠᠲᠤᠰᠦ᠋ᠬᠡ᠎ᠳᠦ ᠥᠭᠭᠦᠭᠡᠳ:

《ᠰᠦᠬᠡ ᠡ!》 ᠭᠡᠳ ᠬᠡᠯᠡᠵᠦ ᠭᠠᠷᠤᠭᠰᠠᠨ᠎ᠦᠭᠡᠢ᠂ ᠴᠢᠷᠠᠢ᠎ᠨᠢ ᠴᠢᠰᠤ ᠮᠡᠲᠦ ᠤᠯᠠᠢᠵᠤ ᠢᠴᠡᠩᠭᠦᠷᠡᠭᠰᠡᠨ᠎ᠰᠢᠭ ᠳᠣᠷᠤᠭᠰᠢ ᠬᠠᠷᠠᠭᠠᠳ:

《ᠪᠢ ᠠᠮᠢᠳᠤ ᠪᠠᠢᠭᠰᠠᠨ ᠴᠠᠭ᠎ᠲᠤ ᠴᠢᠮᠠᠢ ᠶᠠᠭᠠᠬᠢᠪᠠᠴᠤ ᠮᠠᠷᠲᠠᠬᠤ᠎ᠦᠭᠡᠢ᠂ ᠴᠢ ᠪᠠᠰᠠ ᠨᠠᠮᠠᠢ ᠪᠤᠤ ᠮᠠᠷᠲᠠᠭᠠᠷᠠᠢ》 ᠭᠡᠳ ᠮᠡᠯᠲᠡᠭᠡᠨᠡᠵᠦ ᠪᠠᠢᠭ᠎ᠠ ᠨᠢᠯᠪᠤᠰᠤ᠎ᠪᠠᠨ ᠬᠣᠷᠢᠭᠯᠠᠬᠤ ᠭᠡᠵᠦ ᠡᠭᠦᠯᠡᠨ᠎ᠦ ᠲᠣᠯᠤᠭᠠᠢ᠎ᠶᠢ ᠬᠠᠷᠠᠪᠠ᠃ ᠭᠡᠪᠡᠴᠦ ᠨᠢᠯᠪᠤᠰᠤ᠎ᠨᠢ ᠲᠡᠭᠦᠨ᠎ᠦ ᠰᠠᠨᠠᠭ᠎ᠠ᠎ᠶᠢ ᠳᠠᠭᠠᠭᠰᠠᠨ᠎ᠦᠭᠡᠢ ᠤᠯᠠᠭᠠᠨ ᠬᠠᠴᠠᠷ ᠤᠷᠤᠭᠤ᠎ᠨᠢ ᠪᠥᠮᠪᠦᠷᠢᠪᠡ᠃

ᠪᠠᠲᠤᠰᠦ᠋ᠬᠡ᠂ ᠪᠠᠳᠮ᠎ᠠ᠎ᠶᠢᠨ ᠭᠠᠷ᠎ᠢ ᠴᠢᠩᠭ᠎ᠠ ᠠᠳᠭᠤᠵᠤ᠂ ᠨᠥᠭᠦᠭᠡ ᠭᠠᠷ᠎ᠢᠶᠠᠷ᠎ᠢᠶᠠᠨ ᠮᠥᠷᠦᠨ ᠳᠡᠭᠡᠷ᠎ᠡ᠎ᠨᠢ ᠳᠠᠷᠤᠵᠤ:

《ᠪᠠᠳᠮ᠎ᠠ ᠡ᠂ ᠪᠢ ᠴᠢᠮᠠᠢ᠎ᠪᠠᠨ ᠦᠬᠦᠪᠡᠴᠦ ᠮᠠᠷᠲᠠᠬᠤ᠎ᠦᠭᠡᠢ》 ᠭᠡᠪᠡ᠃

ᠬᠣᠶᠠᠭᠤᠯᠠ ᠭᠠᠷ ᠭᠠᠷ᠎ᠢᠶᠠᠨ ᠴᠢᠩᠭ᠎ᠠ ᠠᠳᠭᠤᠯᠴᠠᠨ ᠠᠯᠬᠤᠬᠤ᠎ᠳᠤ᠂ ᠲᠡᠳᠡᠨ᠎ᠦ ᠡᠮᠦᠨ᠎ᠡ ᠬᠢᠵᠠᠭᠠᠷ᠎ᠦᠭᠡᠢ ᠠᠭᠤᠳᠠᠮ ᠰᠠᠷᠠᠭᠤᠯ ᠵᠡᠭᠡᠷᠭᠡᠨᠡᠲᠡᠢ᠎ᠶᠢᠨ ᠲᠠᠯ᠎ᠠ ᠤᠨᠢᠶᠠᠷᠲᠤᠨ᠂ ᠠᠷᠢᠭᠤᠨ ᠲᠤᠩᠭᠠᠯᠠᠭ ᠭᠦᠩᠭᠡᠷ᠎ᠦᠨ ᠭᠣᠣᠯ᠎ᠤᠨ ᠤᠰᠤ ᠴᠠᠢᠯᠵᠠᠨ ᠬᠠᠷᠠᠭᠳᠠᠵᠤ᠂ ᠥᠩᠭᠡ ᠪᠦᠷᠢ᠎ᠶᠢᠨ ᠴᠡᠴᠡᠭ ᠬᠤᠸᠠᠷ ᠭᠣᠣᠯ᠎ᠤᠨ ᠲᠣᠬᠤᠢ᠎ᠶᠢ ᠳᠠᠭᠠᠵᠤ ᠳᠡᠯᠭᠡᠷᠡᠭᠡᠳ ᠬᠠᠯᠠᠭᠤᠨ ᠵᠢᠪᠠᠷ᠎ᠲᠤ ᠰᠠᠢᠬᠠᠨ ᠦᠨᠦᠷ ᠠᠩᠬᠢᠯᠤᠨ᠎ᠠ᠃ ᠳᠡᠨᠵᠢ ᠳᠠᠭᠠᠵᠤ ᠰᠠᠭᠤᠭᠰᠠᠨ ᠵᠤᠰᠠᠯᠠᠩ᠎ᠤᠨ ᠠᠢᠯ᠎ᠤᠨ ᠥᠨᠳᠡᠭᠡᠨ ᠴᠠᠭᠠᠨ ᠭᠡᠷ᠎ᠦᠳ ᠵᠢᠭᠳᠡᠯᠡᠨ ᠬᠠᠷᠠᠭᠳᠠᠭᠠᠳ᠂ ᠠᠳᠤᠭᠤ ᠬᠣᠨᠢᠨ ᠰᠦᠷᠦᠭ ᠡᠪᠡᠰᠦᠲᠦ ᠲᠠᠯ᠎ᠠ᠎ᠶᠢ ᠳᠦᠭᠦᠷᠡᠩ ᠴᠢᠮᠡᠭᠯᠡᠵᠡᠢ᠃

ᠪᠠᠲᠤᠰᠦ᠋ᠬᠡ᠂ ᠪᠠᠳᠮ᠎ᠠ ᠬᠣᠶᠠᠷ᠎ᠲᠤ ᠲᠡᠳᠡᠨ᠎ᠦ ᠲᠥᠷᠦᠭᠰᠡᠨ ᠨᠤᠲᠤᠭ᠂ ᠮᠣᠩᠭᠤᠯ᠎ᠤᠨ ᠰᠠᠢᠬᠠᠨ ᠣᠷᠤᠨ᠎ᠨᠢ ᠶᠠᠭᠤᠨ᠎ᠠᠴᠠ᠎ᠴᠤ ᠬᠠᠯᠠᠭᠤᠨ᠂ ᠶᠠᠭᠤᠨ᠎ᠠᠴᠠ᠎ᠴᠤ ᠢᠨᠠᠭ ᠪᠣᠳᠤᠭᠳᠠᠵᠠᠢ᠃

ᠵᠠᠮ᠎ᠤᠨ ᠨᠥᠬᠦᠳ᠎ᠨᠢ ᠦᠵᠡᠵᠦ ᠪᠠᠢᠲᠠᠯ᠎ᠠ ᠬᠣᠯᠠᠳᠪᠠ᠃ ᠲᠡᠷᠡ ᠬᠣᠶᠠᠷ ᠨᠢᠭᠡᠨ᠎ᠦ᠎ᠪᠡᠨ ᠭᠠᠷ᠎ᠢ ᠴᠢᠩᠭ᠎ᠠ ᠠᠳᠭᠤᠵᠤ ᠬᠡᠨ ᠠᠯᠢᠨ᠎ᠴᠤ ᠲᠠᠯᠪᠢᠬᠤ ᠳᠤᠷ᠎ᠠ᠎ᠦᠭᠡᠢ ᠨᠡᠯᠢᠶᠡᠳ ᠤᠳᠠᠪᠠ᠃

ᠪᠠᠲᠤᠰᠦ᠋ᠬᠡ᠂ ᠲᠠᠷᠭᠤᠨ ᠰᠠᠷᠠᠯ ᠮᠣᠷᠢᠨ᠎ᠳᠠᠭᠠᠨ ᠮᠣᠷᠳᠠᠬᠤ ᠦᠶᠡᠰ᠎ᠲᠦ᠂ ᠲᠡᠭᠦᠨ᠎ᠦ ᠡᠩᠭᠡᠷ ᠳᠡᠭᠡᠷ᠎ᠡ᠎ᠪᠡᠨ ᠵᠡᠭᠦᠭᠰᠡᠨ ᠣᠳᠤᠨ᠎ᠨᠢ ᠨᠠᠷᠠᠨ᠎ᠳᠤ ᠭᠢᠯᠠᠯᠵᠠᠨ ᠰᠢᠵᠢᠷ ᠭᠡᠷᠡᠯ ᠰᠠᠴᠤᠷᠠᠪᠠ᠃ ᠲᠡᠭᠦᠨ᠎ᠦ ᠥᠷᠭᠡᠨ ᠰᠠᠢᠬᠠᠨ ᠮᠥᠷᠦ᠂ ᠲᠥᠷᠦᠯᠬᠢ ᠲᠠᠮᠢᠷᠯᠢᠭ ᠪᠡᠶ᠎ᠡ᠂ ᠮᠣᠢᠯ ᠬᠠᠷ᠎ᠠ ᠬᠥᠮᠦᠰᠭᠡ᠎ᠨᠢ ᠬᠣᠢᠨ᠎ᠠ᠎ᠠᠴᠠ᠎ᠨᠢ ᠪᠠᠬᠠᠷᠬᠠᠨ ᠰᠢᠷᠲᠡᠵᠦ ᠪᠠᠢᠭ᠎ᠠ ᠪᠠᠳᠮ᠎ᠠ᠎ᠳᠤ ᠲᠤᠢᠯ᠎ᠤᠨ ᠰᠠᠢᠬᠠᠨ ᠰᠠᠨᠠᠭᠳᠠᠪᠠ᠃

ᠮᠣᠷᠢ᠎ᠲᠠᠢ ᠬᠥᠮᠦᠨ ᠤᠯᠠᠮ ᠬᠣᠯᠠᠳᠴᠤ ᠮᠠᠩᠬᠠᠨ᠎ᠤ ᠬᠥᠲᠦᠯ᠎ᠢ ᠳᠠᠪᠠᠪᠠ᠃ ᠪᠠᠲᠤᠰᠦ᠋ᠬᠡ᠂ ᠪᠠᠢᠨ ᠪᠠᠢᠨ ᠡᠷᠭᠢᠵᠦ ᠬᠠᠷᠠᠬᠤ᠎ᠳᠤ ᠪᠠᠳᠮ᠎ᠠ᠎ᠶᠢᠨ ᠴᠡᠩᠬᠡᠷ ᠬᠥᠬᠡ ᠪᠦᠰ ᠴᠠᠮᠴᠠ᠎ᠶᠢᠨ ᠬᠢᠨᠢ ᠬᠣᠷᠮᠤᠢ ᠬᠣᠲᠠ ᠬᠣᠩᠭᠤᠷ ᠰᠠᠯᠬᠢᠨ᠎ᠳᠤ ᠳᠠᠷᠪᠠᠯᠵᠠᠵᠤ ᠤᠯᠠᠭᠠᠨ ᠳᠤᠷᠳᠤᠩ ᠠᠯᠴᠢᠭᠤᠷ᠎ᠨᠢ ᠰᠠᠨᠴᠢᠭ᠎ᠤᠨ ᠦᠰᠦ᠎ᠲᠡᠢ᠎ᠨᠢ ᠬᠡᠢᠰᠦᠭᠡᠳ᠂ ᠴᠠᠭᠠᠨ ᠲᠣᠷᠭᠠᠨ ᠭᠠᠷ ᠠᠯᠴᠢᠭᠤᠷ᠎ᠢᠶᠠᠷ᠎ᠢᠶᠠᠨ ᠨᠢᠳᠦ᠎ᠪᠡᠨ ᠠᠷᠴᠢᠵᠤ ᠪᠠᠢᠬᠤ᠎ᠨᠢ ᠢᠪ ᠢᠯᠡᠬᠡᠨ ᠬᠠᠷᠠᠭᠳᠠᠪᠠ᠃

1954. 3

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082