ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠠᠩᠭᠢ᠎ᠠᠴᠠ᠎ᠪᠠᠨ ᠡᠭᠦᠷᠢᠳᠡ ᠬᠠᠶᠠᠭᠳᠠᠬᠤ᠎ᠦᠭᠡᠢ

ᠠ᠊᠂ ᠭᠣᠨᠴᠠᠷ

ᠨᠢᠭᠡ ᠳᠡᠳ᠋ ᠫᠷᠣᠹᠧᠰᠰᠣᠷ ᠬᠢᠴᠢᠶᠡᠯ ᠲᠠᠢᠯᠪᠤᠷᠢᠯᠠᠬᠤ ᠲᠠᠢᠵᠠ᠎ᠶᠢᠨ ᠳᠡᠭᠡᠷ᠎ᠡ ᠵᠣᠭᠰᠤᠭᠰᠠᠨ ᠪᠠᠢᠳᠠᠯ᠎ᠨᠢ ᠶᠠᠭ ᠣᠩᠭᠤᠴᠠ᠎ᠶᠢᠨ ᠳᠠᠷᠤᠭ᠎ᠠ ᠲᠤᠰᠢᠶᠠᠯ ᠪᠠᠭᠤᠯᠭᠠᠬᠤ ᠶᠡᠨᠳᠡᠷ ᠳᠡᠭᠡᠷ᠎ᠡ ᠵᠣᠭᠰᠤᠭᠰᠠᠨ᠎ᠰᠢᠭ᠋ ᠬᠠᠷᠠᠭᠳᠠᠨ᠎ᠠ᠃ ᠬᠢᠴᠢᠶᠡᠯ᠎ᠦᠨ ᠲᠠᠩᠬᠢᠮ᠎ᠳᠤ ᠬᠣᠪ ᠬᠣᠭᠤᠰᠤᠨ᠂ ᠶᠠᠭ ᠣᠩᠭᠤᠴᠠ᠎ᠶᠢᠨ ᠱᠠᠯᠠ᠎ᠲᠠᠢ ᠠᠳᠠᠯᠢ᠂ ᠰᠢᠷᠡᠭᠡ᠎ᠴᠦ᠎ᠦᠭᠡᠢ᠃ ᠰᠠᠨᠳᠠᠯᠢ᠎ᠴᠤ᠎ᠦᠭᠡᠢ᠂ ᠶᠠᠭᠤᠮ᠎ᠠ ᠪᠦᠬᠦᠨ ᠴᠥᠮ ᠭᠧᠷᠮᠠᠨ ᠹᠠᠱ᠋ᠢᠰ᠎ᠤᠨ ᠲᠦᠷᠢᠮᠡᠭᠡᠢᠯᠡᠨ ᠡᠵᠡᠯᠡᠭᠴᠢᠳ᠎ᠲᠦ ᠰᠢᠲᠠᠭᠠᠭᠳᠠᠵᠠᠢ᠃

ᠭᠡᠪᠡᠴᠦ ᠬᠠᠷᠢ᠎ᠶᠢᠨ ᠳᠣᠪᠲᠤᠯᠤᠭᠴᠢᠳ ᠥᠭᠭᠢᠶᠡᠮᠦᠷ ᠬᠠᠪᠤᠷ᠎ᠢ ᠤᠰᠠᠳᠭᠠᠵᠤ ᠴᠢᠳᠠᠭᠰᠠᠨ᠎ᠦᠭᠡᠢ᠂ ᠬᠠᠪᠤᠷ ᠡᠭᠡᠨᠡᠭᠳᠡ ᠬᠠᠭᠠᠷᠬᠠᠢ ᠴᠣᠩᠬᠤ᠎ᠪᠠᠷ ᠠᠯᠲᠠᠨ ᠨᠠᠷᠠᠨ᠎ᠤ ᠲᠤᠶᠠᠭ᠎ᠠ᠎ᠶᠢ ᠲᠤᠰᠭᠠᠵᠤ᠂ ᠲᠠᠤᠯᠠᠢ᠎ᠶᠢᠨ ᠪᠥᠭᠡᠷ᠎ᠡ᠎ᠶᠢᠨ ᠮᠣᠳᠤᠨ᠎ᠤ ᠨᠣᠭᠤᠭᠠᠨ ᠨᠠᠪᠴᠢ ᠨᠠᠬᠢᠶ᠎ᠠ᠎ᠶᠢ ᠳᠣᠲᠤᠭᠰᠢ ᠱᠠᠭᠠᠢᠯᠭᠠᠪᠠ᠃

ᠥᠬᠢᠳ ᠳᠠᠢᠨ᠎ᠤ ᠡᠮᠦᠨᠡᠬᠢ ᠦᠶ᠎ᠡ᠎ᠶᠢᠨ᠎ᠰᠢᠭ᠎ᠢᠶᠡᠨ ᠬᠢᠴᠢᠶᠡᠯ ᠪᠠᠭᠤᠬᠤ ᠪᠦᠷᠢ ᠰᠠᠩᠳᠠ ᠮᠡᠩᠳᠡ ᠰᠡᠷᠢᠭᠦᠴᠡᠬᠦ ᠲᠠᠢᠵᠠ ᠤᠷᠤᠭᠤ ᠥᠷᠢᠰᠦᠯᠳᠦᠨ ᠭᠦᠶᠦᠯᠳᠦᠬᠦ᠎ᠪᠡᠨ ᠪᠠᠢᠵᠠᠢ᠃ ᠰᠡᠷᠢᠭᠦᠴᠡᠬᠦ ᠲᠠᠢᠵᠠᠨ᠎ᠳᠤ ᠣᠴᠢᠬᠤ ᠬᠠᠭᠠᠯᠭ᠎ᠠ᠎ᠶᠢ ᠣᠳᠣ ᠨᠢᠭᠡᠨᠲᠡ ᠬᠠᠳᠠᠭᠠᠰᠤ᠎ᠪᠠᠷ ᠬᠠᠳᠠᠵᠤ᠂ ᠡᠪᠳᠡᠷᠬᠡᠢ ᠰᠡᠷᠢᠭᠦᠴᠡᠬᠦ ᠲᠠᠢᠵᠠ ᠨᠤᠷᠠᠵᠤ ᠤᠨᠠᠬᠤ᠎ᠶᠢᠨ ᠨᠠᠭᠠᠳᠤ ᠴᠠᠭᠠᠲᠤ ᠳᠡᠭᠡᠷ᠎ᠡ ᠬᠦᠷᠦᠭᠡᠳ ᠪᠠᠢᠯ᠎ᠠ᠃

ᠳᠡᠳ᠋ ᠫᠷᠣᠹᠧᠰᠰᠣᠷ ᠲᠠᠶᠠᠭ᠎ᠢᠶᠠᠨ ᠲᠤᠯᠤᠭᠰᠠᠭᠠᠷ ᠬᠢᠴᠢᠶᠡᠯ ᠲᠠᠢᠯᠪᠤᠷᠢᠯᠠᠬᠤ ᠲᠠᠢᠵᠠᠨ᠎ᠠᠴᠠ ᠪᠠᠭᠤᠯ᠎ᠠ᠃ ᠶᠠᠭ ᠡᠨᠡ ᠬᠣᠷᠤᠮᠬᠠᠨ᠎ᠠ ᠲᠡᠭᠦᠨ᠎ᠦ ᠥᠭᠡᠳᠡ᠎ᠡᠴᠡ ᠨᠢᠭᠡᠨ ᠬᠥᠮᠦᠨ ᠳᠣᠷᠪᠢᠯᠢᠭ ᠠᠯᠬᠤᠴᠠ᠎ᠪᠠᠷ ᠢᠷᠡᠬᠦ ᠬᠥᠯ᠎ᠦᠨ ᠴᠢᠮᠡᠭᠡ ᠭᠠᠷᠴᠠᠢ᠃

《ᠳ᠋ᠮᠢᠲᠷᠢ ᠢᠸᠠᠨᠤᠸᠢᠴ ᠁》

ᠬᠡᠷᠪᠡ ᠳᠡᠳ᠋ ᠫᠷᠣᠹᠧᠰᠰᠣᠷ᠎ᠤᠨ ᠨᠢᠳᠦ᠎ᠨᠢ ᠰᠣᠬᠤᠷᠠᠭ᠎ᠠ᠎ᠦᠭᠡᠢ ᠪᠣᠯ᠂ ᠲᠡᠭᠦᠨ᠎ᠦ ᠡᠮᠦᠨ᠎ᠡ ᠵᠣᠭᠰᠤᠵᠤ ᠪᠠᠢᠭ᠎ᠠ᠎ᠨᠢ ᠰᠠᠶᠢᠬᠠᠨ ᠰᠤᠷᠭᠠᠭᠤᠯᠢ᠎ᠳᠤ ᠣᠷᠤᠭᠰᠠᠨ ᠵᠠᠯᠠᠭᠤ ᠴᠡᠷᠢᠭ᠎ᠦᠨ ᠳᠠᠷᠤᠭ᠎ᠠ ᠭᠡᠵᠦ ᠮᠡᠳᠡᠬᠦ ᠪᠠᠢᠭᠰᠠᠨ ᠪᠢᠯᠡ᠃

ᠲᠡᠷᠡ ᠵᠠᠯᠠᠭᠤ: 《ᠳ᠋ᠮᠢᠲᠷᠢ ᠢᠸᠠᠨᠤᠸᠢᠴ! ᠪᠢ ᠲᠠᠨ᠎ᠢ ᠮᠠᠷᠲᠠᠭ᠎ᠠ᠎ᠦᠭᠡᠢ᠃ ᠲᠠ ᠤᠷᠢᠳᠤ᠎ᠮᠢᠨᠦ ᠰᠤᠮᠤᠨ᠎ᠤ ᠪᠠᠢᠯᠳᠤᠭᠴᠢ ᠪᠠᠢᠭᠰᠠᠨ》 ᠭᠡᠪᠡ᠃

《ᠲᠠ ᠁ ᠲᠠ ᠁》

《ᠭᠣᠯᠤᠸᠤᠢ᠃ 》

《ᠠ᠂ ᠳᠡᠰᠯᠡᠭᠴᠢ ᠭᠣᠯᠤᠸᠤᠢ!》

《ᠪᠢᠰᠢ ᠡ᠃ ᠪᠢ ᠨᠢᠭᠡᠨᠲᠡ ᠭ᠋ᠸᠠᠷᠳᠧ ᠪᠣᠯᠤᠭᠰᠠᠨ᠂ ᠭᠡᠪᠡᠴᠦ ᠣᠳᠣ ᠁ ᠶᠡᠬᠡ ᠰᠤᠷᠭᠠᠭᠤᠯᠢ᠎ᠶᠢᠨ ᠣᠶᠤᠲᠠᠨ ᠭᠣᠯᠤᠸᠤᠢ᠎ᠶᠤᠮ᠃ 》

《ᠶᠠᠭᠠᠬᠢᠭᠰᠠᠨ ᠰᠠᠢᠨ᠎ᠶᠤᠮ》 ᠭᠡᠵᠦ ᠳᠡᠳ᠋ ᠫᠷᠣᠹᠧᠰᠰᠣᠷ ᠭᠠᠷ᠎ᠢᠶᠠᠨ ᠰᠤᠩᠭᠠᠭᠠᠳ:

《ᠶᠠᠭᠠᠬᠢᠭᠠᠳ? ᠶᠠᠭᠠᠬᠢᠭᠠᠳ ᠨᠠᠳᠠ ᠵᠡᠭᠦᠨ ᠭᠠᠷ᠎ᠢᠶᠠᠨ ᠥᠭᠴᠦ ᠪᠠᠢᠨ᠎ᠠ?》 ᠭᠡᠪᠡ᠃

《ᠳ᠋ᠮᠢᠲᠷᠢ ᠢᠸᠠᠨᠤᠸᠢᠴ᠂ ᠨᠠᠳᠠ ᠁ ᠪᠠᠷᠠᠭᠤᠨ ᠭᠠᠷ᠎ᠦᠭᠡᠢ ᠪᠣᠯᠴᠢᠬᠠᠭᠰᠠᠨ᠃ 》

ᠡᠭᠦᠨ᠎ᠢ ᠰᠣᠨᠤᠰᠤᠭᠠᠳ ᠳᠡᠳ᠋ ᠫᠷᠣᠹᠧᠰᠰᠣᠷ᠎ᠤᠨ ᠲᠦᠯᠡᠭᠳᠡᠭᠰᠡᠨ ᠬᠠᠷᠠᠪᠲᠤᠷ ᠴᠢᠷᠠᠢ᠎ᠨᠢ ᠠᠲᠤᠷᠢᠵᠤ ᠥᠷᠦ ᠡᠪᠡᠳᠦᠭᠰᠡᠨ ᠪᠠᠢᠳᠠᠯ ᠤᠳᠠᠲᠠᠯ᠎ᠠ ᠬᠠᠷᠠᠭᠳᠠᠵᠠᠢ᠃ ᠲᠡᠳᠡ ᠬᠣᠶᠠᠭᠤᠯᠠ ᠬᠡᠳᠦᠨ ᠮᠢᠨᠦ᠋ᠲ ᠳᠤᠪ ᠳᠤᠭᠤᠢ ᠵᠣᠭᠰᠤᠪᠠ᠃

《ᠲᠠ ᠶᠠᠭᠤᠨ᠎ᠳᠤ᠎ᠮᠢᠨᠦ ᠡᠴᠢᠭᠡ᠎ᠶᠢᠨ ᠨᠡᠷ᠎ᠡ᠎ᠪᠡᠷ ᠨᠠᠮᠠᠢ ᠳᠠᠭᠤᠳᠠᠬᠤ᠎ᠶᠤᠮ ᠪᠤᠢ?》

《ᠡᠨᠳᠡ ᠪᠦᠭᠦᠳᠡᠭᠡᠷ ᠲᠠᠨ᠎ᠢ ᠢᠩᠭᠢᠵᠦ ᠳᠠᠭᠤᠳᠠᠳᠠᠭ ᠰᠢᠤ᠃ 》

《ᠲᠠ ᠤᠷᠢᠳᠤ᠎ᠶᠢᠨ ᠬᠢ᠎ᠲᠡᠢ᠎ᠪᠡᠨ ᠠᠳᠠᠯᠢ ᠁ ᠨᠠᠮᠠᠢ ᠨᠥᠬᠦᠷ ᠭᠯᠤᠪᠠ ᠭᠡᠵᠦ ᠳᠠᠭᠤᠳᠠᠭᠠᠷᠠᠢ᠃ ᠨᠠᠮᠠᠢ ᠢᠩᠭᠢᠵᠦ ᠳᠠᠭᠤᠳᠠᠪᠠᠯ᠂ ᠤᠷᠢᠳᠤ ᠲᠠᠨ᠎ᠤ ᠲᠡᠷᠡ ᠰᠤᠮᠤᠨ᠎ᠳᠤ ᠪᠠᠢᠯᠳᠤᠭᠴᠢ ᠶᠠᠪᠤᠭᠰᠠᠨ ᠦᠶ᠎ᠡ᠎ᠶᠢ᠎ᠮᠢᠨᠢ ᠰᠠᠨᠠᠭᠳᠠᠭᠤᠯᠬᠤ ᠪᠣᠯᠤᠨ᠎ᠠ ᠁》

ᠬᠣᠶᠠᠷ

ᠭᠣᠯᠤᠸᠤᠢ᠎ᠶᠢᠨ ᠥᠩᠭᠡᠷᠡᠭᠰᠡᠨ᠎ᠦ ᠪᠠᠢᠳᠠᠯ ᠭᠯᠤᠪᠠ᠎ᠶᠢᠨ ᠳᠣᠲᠤᠷ᠎ᠠ ᠲᠣᠪ ᠲᠣᠳᠤᠬᠠᠨ ᠪᠣᠳᠤᠭᠳᠠᠵᠤ ᠡᠬᠢᠯᠡᠪᠡ᠃ ᠭᠯᠤᠪᠠ ᠡᠨᠡ᠎ᠬᠦ ᠤᠴᠠᠭᠠᠷᠳᠠᠩᠭᠤᠢ ᠵᠠᠯᠠᠭᠤ ᠳᠡᠰᠯᠡᠭᠴᠢ᠎ᠶᠢ ᠪᠣᠳᠤᠮᠠᠭᠴᠠ ᠳᠣᠲᠤᠷ᠎ᠠ᠎ᠨᠢ ᠵᠣᠪᠠᠩᠭᠤᠢ ᠭᠡᠮᠰᠢᠩᠭᠦᠢ ᠲᠥᠷᠦᠭᠳᠡᠯ ᠣᠷᠤᠳᠠᠭ ᠪᠠᠢᠵᠠᠢ᠃

ᠡᠨᠡ ᠪᠣᠯ 1941 ᠣᠨ᠎ᠤ ᠲᠡᠭᠷᠢ ᠭᠠᠵᠠᠷ ᠳᠣᠩᠰᠤᠯᠭᠠᠭᠰᠠᠨ ᠨᠠᠢ᠍ᠮᠠᠳᠤᠭᠠᠷ ᠰᠠᠷ᠎ᠠ᠎ᠳᠤ ᠪᠣᠯᠤᠭᠰᠠᠨ ᠬᠡᠷᠡᠭ ᠪᠢᠯᠡ᠃

ᠨᠢᠭᠡ ᠰᠥᠨᠢ᠂ ᠭᠣᠯᠤᠸᠤᠢ᠎ᠶᠢᠨ ᠲᠡᠷᠡ ᠰᠤᠮᠤ ᠨᠢᠭᠡ ᠭᠠᠵᠠᠷ᠎ᠠᠴᠠ ᠥᠭᠡᠷ᠎ᠡ ᠨᠢᠭᠡᠨ ᠭᠠᠵᠠᠷ ᠰᠢᠯᠵᠢᠬᠦ ᠪᠣᠯᠪᠠ᠃ ᠵᠦᠰᠡ ᠪᠣᠷᠤᠭᠠᠨ᠎ᠲᠠᠢ᠂ ᠳᠤᠯᠠᠭᠠᠬᠠᠨ ᠫᠠᠳ ᠬᠠᠷᠠᠩᠭᠤᠢ ᠲᠡᠷᠡ ᠰᠥᠨᠢ ᠡᠨᠡ ᠰᠤᠮᠤᠨ᠎ᠤ ᠴᠡᠷᠢᠭ ᠲᠦᠷᠭᠡᠨ ᠤᠷᠤᠭᠰᠢᠯᠠᠨ ᠶᠠᠪᠤᠵᠤ ᠪᠠᠢᠯ᠎ᠠ᠃ ᠪᠠᠢᠯᠳᠤᠭᠴᠢᠳ ᠡᠭᠦᠨ᠎ᠡᠴᠡ ᠡᠮᠦᠨ᠎ᠡ ᠬᠡᠳᠦᠨ ᠰᠥᠨᠢ ᠤᠨᠲᠠᠭ᠎ᠠ᠎ᠦᠭᠡᠢ ᠲᠤᠯᠠ ᠡᠮᠦᠨ᠎ᠡ ᠮᠥᠷ᠎ᠦᠨ ᠬᠥᠮᠦᠰ ᠭᠡᠨᠡᠳᠲᠡ ᠰᠡᠮᠬᠡᠨ ᠵᠣᠭᠰᠤᠪᠠᠯ ᠬᠣᠢᠨᠠᠬᠢ ᠬᠥᠮᠦᠰ᠎ᠨᠢ ᠡᠮᠦᠨᠡᠬᠢ ᠬᠥᠮᠦᠰ᠎ᠦᠨ᠎ᠢᠶᠡᠨ ᠪᠡᠶ᠎ᠡ ᠳᠡᠭᠡᠷ᠎ᠡ ᠮᠥᠷᠭᠦᠵᠦ ᠠᠪᠤᠭᠠᠳ ᠨᠣᠢᠷ᠎ᠠᠴᠠ᠎ᠪᠠᠨ ᠰᠡᠷᠢᠳᠡᠭ ᠪᠠᠢᠯ᠎ᠠ᠃

ᠲᠦᠷ ᠠᠮᠤᠰᠬᠢᠬᠦ ᠦᠶᠡᠰ᠂ ᠬᠡᠨ᠎ᠴᠦ ᠬᠠᠭᠤᠷᠠᠢ ᠭᠠᠵᠠᠷ ᠡᠷᠢᠵᠦ ᠵᠠᠪᠳᠤᠯ᠎ᠦᠭᠡᠢ - ᠦᠨᠡᠨ᠎ᠳᠡᠭᠡᠨ ᠬᠠᠭᠤᠷᠠᠢ ᠭᠠᠵᠠᠷ᠎ᠴᠤ ᠪᠠᠢᠬᠤ᠎ᠦᠭᠡᠢ - ᠬᠠᠮᠢᠭ᠎ᠠ ᠲᠤᠰᠢᠶᠠᠯ ᠪᠠᠭᠤᠮᠠᠭᠴᠠ ᠲᠡᠨᠳᠡ᠎ᠯᠡ ᠰᠢᠪᠠᠷ ᠳᠣᠲᠤᠷ᠎ᠠ᠎ᠴᠤ ᠲᠡᠷᠡ᠂ ᠵᠠᠮ ᠳᠡᠭᠡᠷ᠎ᠡ᠎ᠴᠦ ᠲᠡᠷᠡ᠂ ᠬᠡᠪᠲᠡᠭᠡᠳ ᠥᠭᠳᠡᠭ ᠮᠥᠷᠲᠡᠭᠡᠨ ᠳᠣᠣᠷ᠎ᠠ᠎ᠪᠠᠨ ᠤᠨᠲᠠᠴᠢᠬᠠᠳᠠᠭ ᠪᠠᠢᠭᠰᠠᠨ ᠪᠢᠯᠡ᠃ ᠭᠠᠭᠴᠠ᠎ᠯᠠ ᠵᠢᠯᠤᠭᠤᠳᠤᠭᠴᠢ᠎ᠨᠠᠷ ᠡᠨᠡ ᠵᠣᠯ ᠵᠢᠷᠭᠠᠯ᠎ᠢ ᠥᠪᠡᠷᠰᠡᠳ᠎ᠲᠡᠭᠡᠨ ᠣᠯᠭᠤᠳᠠᠭ᠎ᠦᠭᠡᠢ ᠪᠠᠢᠪᠠ᠃ ᠲᠡᠳᠡ ᠵᠠᠪᠠᠯ ᠵᠢᠵᠢᠭᠦᠷ ᠬᠢᠵᠦ ᠴᠠᠭ ᠦᠵᠡᠨ᠎ᠡ᠃

ᠡᠢᠮᠦ ᠲᠠᠪᠤᠬᠠᠨ ᠮᠢᠨᠦ᠋ᠲ᠎ᠦᠨ ᠠᠮᠠᠷᠠᠯᠲᠠ᠎ᠳᠤ ᠬᠡᠪᠲᠡᠬᠦ᠎ᠪᠡᠷ ᠦᠯᠦ ᠪᠠᠷᠠᠮ ᠨᠡᠬᠡᠢ ᠳᠡᠪᠡᠯ᠎ᠦᠨ᠎ᠢᠶᠡᠨ ᠬᠣᠷᠮᠤᠢ᠎ᠪᠠᠷ ᠫᠤᠤ᠎ᠪᠠᠨ ᠳᠠᠷᠤᠵᠤ᠂ ᠲᠡᠮᠦᠷ ᠮᠠᠯᠠᠭᠠᠢ᠎ᠪᠠᠨ ᠵᠠᠰᠠᠨ ᠳᠡᠷᠡᠯᠡᠭᠡᠳ᠂ ᠨᠢᠭᠡ ᠰᠠᠢᠨ ᠵᠡᠭᠦᠳᠦ ᠵᠡᠭᠦᠳᠦᠯᠡᠭᠡᠳ᠎ᠴᠦ ᠠᠮᠵᠢᠳᠠᠭ ᠪᠠᠢᠭᠰᠠᠨ᠎ᠢᠶᠠᠨ ᠭᠯᠤᠪᠠ ᠣᠳᠣ ᠬᠦᠷᠲᠡᠯ᠎ᠡ ᠮᠠᠷᠲᠠᠭ᠎ᠠ᠎ᠦᠭᠡᠢ ᠪᠢᠯᠡ᠃ ᠵᠡᠭᠦᠳᠦᠯᠡᠭᠰᠡᠨ ᠵᠦᠢᠯ᠎ᠨᠢ ᠶᠠᠩᠵᠤ ᠪᠦᠷᠢ᠎ᠶᠢᠨ ᠶᠠᠭᠤᠮ᠎ᠠ ᠪᠠᠢᠳᠠᠭ ᠲᠤᠯᠠ ᠨᠡᠯᠢᠶᠡᠳ ᠤᠨᠲᠠᠴᠢᠬᠠᠭᠰᠠᠨ᠎ᠶᠤᠮ ᠪᠠᠢᠨ᠎ᠠ ᠭᠡᠵᠦ ᠪᠣᠳᠤᠳᠠᠭ ᠠᠵᠢ᠃ ᠥᠭᠡᠷ᠎ᠡ ᠬᠥᠮᠦᠨ ᠭᠤᠲᠤᠯ᠎ᠢᠶᠠᠷ᠎ᠢᠶᠠᠨ ᠲᠡᠭᠦᠨ᠎ᠦ ᠨᠢᠷᠤᠭᠤ᠎ᠶᠢ ᠬᠥᠩᠭᠡᠨ ᠢᠰᠭᠦᠯᠵᠦ ᠰᠡᠷᠢᠭᠡᠬᠦ᠎ᠳᠦ᠂ ᠬᠠᠷᠢᠨ ᠳᠥᠩᠭᠡᠵᠢ ᠲᠠᠪᠤᠨ ᠮᠢᠨᠦ᠋ᠲ ᠥᠩᠭᠡᠷᠡᠭᠰᠡᠨ ᠭᠡᠳᠡᠭ᠎ᠢ ᠦᠨᠡᠮᠰᠢᠳᠡᠭ᠎ᠦᠭᠡᠢ ᠪᠠᠢᠳᠠᠭ᠎ᠰᠠᠨ᠃

ᠨᠢᠭᠡ ᠤᠳᠠᠭ᠎ᠠ᠎ᠶᠢᠨ ᠠᠮᠠᠷᠠᠯᠲᠠ᠎ᠳᠤ ᠭᠯᠤᠪᠠ ᠵᠣᠷᠢᠭᠤᠳᠠ ᠵᠠᠮ ᠳᠡᠭᠡᠷ᠎ᠡ ᠬᠡᠪᠲᠡᠭᠡᠳ᠂ ᠴᠡᠷᠢᠭ ᠠᠩᠭᠢ ᠬᠥᠳᠡᠯᠦᠮᠡᠭᠴᠡ ᠬᠥᠮᠦᠰ ᠲᠡᠭᠦᠨ ᠳᠡᠭᠡᠷ᠎ᠡ ᠪᠦᠳᠦᠷᠢᠪᠡᠯ ᠪᠢ ᠰᠡᠷᠢᠨ᠎ᠡ ᠭᠡᠵᠦ ᠪᠣᠳᠤᠵᠠᠢ᠃ ᠭᠡᠲᠡᠯ᠎ᠡ ᠬᠠᠷᠢᠨ ᠬᠡᠨ᠎ᠴᠦ ᠲᠡᠭᠦᠨ᠎ᠢ ᠰᠡᠷᠢᠭᠡᠭᠰᠡᠨ᠎ᠦᠭᠡᠢ᠂ ᠬᠡᠨ᠎ᠴᠦ ᠲᠡᠭᠦᠨ᠎ᠳᠦ ᠬᠥᠯ ᠬᠦᠷᠦᠭᠰᠡᠨ᠎ᠦᠭᠡᠢ᠂ ᠥᠪᠡᠷ᠎ᠢᠶᠡᠨ᠎ᠴᠦ ᠴᠡᠷᠢᠭ ᠠᠩᠭᠢ ᠬᠥᠳᠡᠯᠬᠦ ᠵᠠᠷᠯᠢᠭ᠎ᠢ ᠰᠣᠨᠤᠰᠤᠭᠰᠠᠨ᠎ᠦᠭᠡᠢ᠎ᠪᠠᠷ ᠲᠤᠩ ᠰᠠᠢᠨ ᠤᠨᠲᠠᠴᠢᠬᠠᠪᠠ᠃ ᠰᠥᠨᠢ᠎ᠶᠢᠨ ᠭᠦᠨ᠎ᠳᠦ ᠴᠡᠷᠢᠭ ᠠᠩᠭᠢ ᠴᠢᠪ ᠴᠢᠮᠡᠭᠡ᠎ᠦᠭᠡᠢ ᠬᠥᠳᠡᠯᠴᠢᠬᠡᠪᠡ᠃

ᠭᠯᠤᠪᠠ᠎ᠶᠢ ᠰᠡᠷᠢᠬᠦ᠎ᠳᠦ ᠡᠷᠭᠢᠨ ᠲᠣᠭᠤᠷᠢᠨ᠎ᠳᠤᠨᠢ ᠨᠢᠭᠡ᠎ᠴᠦ ᠬᠥᠮᠦᠨ᠎ᠦᠭᠡᠢ ᠪᠠᠢᠯ᠎ᠠ᠃

ᠰᠥᠨᠢ ᠬᠠᠪ ᠬᠠᠷᠠᠩᠭᠤᠢ᠎ᠪᠠᠷ᠎ᠢᠶᠠᠨ᠂ ᠪᠣᠷᠤᠭ᠎ᠠ ᠦᠷᠭᠦᠯᠵᠢᠯᠡᠨ ᠣᠷᠤᠭᠰᠠᠭᠠᠷ ᠪᠠᠢᠯ᠎ᠠ᠃ ᠭᠯᠤᠪᠠ ᠡᠵᠡᠭᠦᠢ ᠬᠡᠭᠡᠷ᠎ᠡ ᠲᠠᠯ᠎ᠠ᠎ᠳᠤ ᠬᠠᠶᠠᠭᠳᠠᠭᠰᠠᠨ᠎ᠢᠶᠠᠨ ᠮᠡᠳᠡᠭᠡᠳ ᠠᠶᠤᠨ ᠰᠠᠨᠳᠤᠷᠴᠤ ᠥᠨᠳᠡᠢᠵᠦ ᠪᠣᠰᠤᠭᠠᠳ᠂ ᠫᠠᠳ ᠬᠠᠷᠠᠩᠭᠤᠢ᠎ᠶᠢᠨ ᠳᠤᠮᠳᠠ:

《ᠬᠦᠢ ᠁ ᠬᠦᠢ ᠁》 ᠭᠡᠵᠦ ᠬᠣᠭᠤᠯᠠᠢ ᠮᠡᠳᠡᠨ ᠪᠠᠷᠬᠢᠷᠠᠪᠠ᠃

ᠲᠡᠭᠡᠭᠡᠳ ᠣᠷᠤᠨ᠎ᠳᠠᠭᠠᠨ ᠵᠣᠭᠰᠤᠵᠤ ᠴᠢᠩᠨᠠᠪᠠ᠃ ᠭᠡᠪᠡᠴᠦ ᠬᠠᠷᠢᠭᠤ ᠴᠢᠮᠡᠭᠡ ᠠᠯᠠᠭ᠎ᠠ᠃

ᠡᠷᠭᠢᠵᠦ ᠥᠭᠡᠷ᠎ᠡ ᠲᠡᠰᠢ᠎ᠪᠡᠨ ᠬᠠᠷᠠᠨ:

《ᠬᠦᠢ ᠁ ᠬᠦᠢ ᠁》 ᠭᠡᠵᠦ ᠪᠠᠷᠬᠢᠷᠠᠪᠠ᠃

ᠭᠡᠪᠡᠴᠦ ᠬᠠᠷᠠᠩᠭᠤᠢ ᠰᠥᠨᠢ ᠨᠠᠮ ᠭᠦᠮ ᠬᠡᠪ᠎ᠢᠶᠡᠷ ᠪᠠᠢᠯ᠎ᠠ᠃

ᠳᠠᠷᠠᠭ᠎ᠠ᠎ᠨᠢ ᠴᠢᠨᠡᠭᠡ᠎ᠪᠡᠷ᠎ᠢᠶᠡᠨ ᠭᠦᠶᠦᠬᠦ᠎ᠳᠦ ᠡᠪᠳᠡᠯᠡᠭᠳᠡᠭᠰᠡᠨ ᠵᠠᠮ᠎ᠤᠨ ᠰᠢᠷᠤᠢ ᠴᠢᠯᠠᠭᠤ ᠠᠷᠤ᠎ᠳᠤᠨᠢ ᠲᠠᠷ᠎ᠲᠤᠷ ᠬᠢᠨ ᠬᠣᠴᠤᠷᠤᠨ᠎ᠠ᠃

ᠵᠠᠮ᠎ᠤᠨ ᠳᠡᠷᠭᠡᠳᠡᠬᠢ ᠪᠤᠲᠠ ᠪᠤᠷᠭᠠᠰᠤ ᠰᠥᠭᠡᠭ ᠰᠥᠭᠡᠭ᠎ᠢᠶᠡᠷ ᠰᠦᠭᠯᠡᠢᠨ ᠬᠠᠷᠠᠭᠳᠠᠨ᠎ᠠ᠃ ᠡᠳᠡᠭᠡᠷ᠎ᠨᠢ ᠬᠠᠮᠢᠭ᠎ᠠ᠎ᠠᠴᠠ ᠭᠠᠷᠤᠭᠠᠳ ᠢᠷᠡᠭᠰᠡᠨ᠎ᠢ ᠪᠤᠤ ᠮᠡᠳᠡ᠂ ᠶᠠᠭ ᠭᠯᠤᠪᠠ᠎ᠶᠢᠨ ᠤᠨᠲᠠᠵᠤ ᠪᠠᠢᠭᠰᠠᠨ ᠦᠶ᠎ᠡ ᠡᠨᠳᠡ ᠤᠷᠭᠤᠭᠠᠳ ᠤᠷᠭᠤᠭᠠᠳ ᠭᠠᠷᠤᠭᠰᠠᠨ᠎ᠶᠤᠮ᠎ᠰᠢᠭ᠋ ᠪᠠᠢᠯ᠎ᠠ᠃ ᠡᠭᠦᠨ᠎ᠡᠴᠡ ᠡᠮᠦᠨ᠎ᠡ ᠭᠯᠤᠪᠠ᠎ᠳᠤ ᠡᠢᠮᠦ ᠪᠤᠲᠠ ᠪᠤᠷᠭᠠᠰᠤ᠎ᠨᠤᠭᠤᠳ ᠶᠡᠷᠦ ᠦᠵᠡᠭᠳᠡᠭᠰᠡᠨ᠎ᠦᠭᠡᠢ᠃

ᠭᠯᠤᠪᠠ ᠬᠡᠯᠮᠡᠭᠳᠡᠯ᠎ᠳᠦ ᠣᠯᠵᠠᠯᠠᠭᠳᠠᠪᠠ᠃ ᠡᠨᠡ᠎ᠴᠢᠨᠢ ᠲᠡᠨᠡᠭ᠂ ᠶᠠᠮᠠᠷ ᠮᠠᠭᠤᠬᠠᠢ ᠬᠡᠷᠡᠭ ᠪᠣᠯᠪᠠ? ᠁ ᠨᠢᠭᠡᠨ ᠰᠠᠢᠨ ᠳᠤᠷ᠎ᠠ᠎ᠶᠢᠨ ᠴᠡᠷᠢᠭ ᠬᠠᠷᠮᠠᠨ᠎ᠳᠠᠭᠠᠨ ᠰᠤᠮᠤ ᠳᠦᠭᠦᠷᠭᠡᠵᠦ ᠲᠤᠯᠤᠯᠳᠤᠭᠠᠨ᠎ᠳᠤ ᠣᠷᠤᠬᠤ ᠭᠡᠵᠦ ᠰᠡᠳᠭᠢᠯ ᠵᠢᠷᠦᠬᠡ ᠳᠣᠭᠳᠤᠯᠤᠨ ᠪᠠᠢᠬᠤ ᠦᠶ᠎ᠡ᠎ᠳᠦ ᠡᠢᠮᠦ ᠬᠡᠷᠡᠭ ᠭᠠᠷᠤᠨ᠎ᠠ ᠭᠡᠵᠦ ᠳ᠋ᠠ ! ᠁ ᠴᠡᠷᠢᠭ ᠠᠩᠭᠢ ᠲᠦᠷᠭᠡᠨ ᠤᠷᠤᠭᠰᠢᠯᠠᠭᠠᠳ᠂ ᠯᠠᠪ ᠲᠤᠯᠤᠯᠳᠤᠬᠤ᠎ᠪᠠᠷ ᠶᠠᠪᠤᠭᠰᠠᠨ ᠪᠠᠢᠬᠤ᠃ ᠭᠡᠪᠡᠴᠦ ᠁ ᠨᠥᠬᠦᠳ᠎ᠨᠢ ᠲᠡᠭᠦᠨ᠎ᠢ ᠶᠠᠭᠤ ᠭᠡᠵᠦ ᠬᠡᠯᠡᠬᠦ ᠪᠣᠯ? ᠵᠢᠭᠤᠳᠠᠴᠢᠬᠠᠵᠠᠢ᠂ ᠣᠷᠭᠤᠴᠢᠬᠠᠵᠠᠢ ᠭᠡᠵᠦ ᠬᠡᠯᠡᠨ᠎ᠡ ᠭᠡᠵᠦ ᠪᠣᠳᠤᠬᠤ᠎ᠠᠴᠠ ᠦᠬᠦᠴᠢᠬᠡᠭᠰᠡᠨ᠎ᠨᠢ ᠡᠭᠦᠨ᠎ᠡᠴᠡ ᠳᠡᠭᠡᠷ᠎ᠡ᠎ᠰᠢᠭ ᠰᠠᠨᠠᠭᠳᠠᠨ᠎ᠠ᠃

ᠭᠯᠤᠪᠠ ᠫᠤᠤ᠎ᠶᠢᠨ᠎ᠢᠶᠠᠨ ᠣᠭᠤᠰᠤᠷ᠎ᠢ ᠴᠢᠩᠭ᠎ᠠ ᠲᠠᠲᠠᠭᠠᠳ ᠭᠦᠶᠦᠭᠰᠡᠭᠡᠷ᠃

《ᠵᠣᠭᠰᠤ! ᠶᠠᠮᠠᠷ ᠬᠥᠮᠦᠨ ᠪᠤᠢ?》

ᠲᠡᠭᠦᠨ᠎ᠦ ᠡᠮᠦᠨ᠎ᠡ᠂ ᠪᠦᠷᠦᠩᠬᠦᠢ᠎ᠶᠢᠨ ᠳᠣᠲᠤᠷ᠎ᠠ᠂ ᠲᠡᠮᠦᠷ ᠮᠠᠯᠠᠭᠠᠢ᠎ᠲᠠᠢ ᠬᠣᠶᠠᠷ ᠬᠥᠮᠦᠨ᠎ᠦ ᠰᠡᠭᠦᠳᠡᠷ ᠬᠠᠷᠠᠭᠳᠠᠪᠠ᠃

《ᠥᠪᠡᠷ᠎ᠦᠨ ᠬᠢᠨ᠃ 》

《ᠬᠡᠨ ᠪᠤᠢ? ᠴᠢ ᠬᠠᠮᠢᠭᠠᠰᠢ᠎ᠪᠠᠨ ᠵᠢᠭᠤᠳᠠᠵᠤ ᠪᠠᠢᠨ᠎ᠠ?》

《ᠠᠩᠭᠢ᠎ᠠᠴᠠ᠎ᠪᠠᠨ ᠬᠠᠶᠠᠭᠳᠠᠵᠠᠢ ᠁ ᠲᠡᠳᠡ ᠨᠠᠮᠠᠢ ᠰᠡᠷᠢᠭᠡᠭᠰᠡᠨ᠎ᠦᠭᠡᠢ ᠁ ᠪᠢ ᠠᠩᠭᠢ᠎ᠪᠠᠨ ᠨᠡᠬᠡᠵᠦ ᠶᠠᠪᠤᠨ᠎ᠠ ᠁》

《ᠠᠩᠭᠢ᠎ᠪᠠᠨ ᠨᠡᠬᠡᠵᠦ ᠶᠠᠪᠤᠨ᠎ᠠ ᠭᠡᠨ᠎ᠡ!》 ᠭᠡᠳ ᠲᠡᠷᠡ ᠬᠣᠶᠠᠷ ᠬᠥᠮᠦᠨ ᠢᠨᠢᠶᠡᠯᠳᠦᠭᠡᠳ: 《ᠴᠢ ᠲᠡᠳᠡᠨ᠎ᠢ ᠬᠠᠮᠢᠭ᠎ᠠ᠎ᠠᠴᠠ ᠭᠡᠵᠦ ᠨᠡᠬᠡᠬᠦ ᠪᠤᠢ? ᠲᠡᠳᠡ ᠡᠮᠦᠨ᠎ᠡ ᠹᠷᠣᠨᠲ ᠤᠷᠤᠭᠤ ᠶᠠᠪᠤᠴᠢᠬᠠᠭᠰᠠᠨ ᠁》 ᠭᠡᠪᠡ᠃

《ᠪᠢ ᠪᠠᠰᠠ ᠁》

《ᠴᠢᠨᠦ ᠡᠨᠡ᠎ᠴᠢᠨᠢ ᠠᠷᠤ ᠲᠠᠯ᠎ᠠ ᠤᠷᠤᠭᠤ ᠵᠢᠭᠤᠳᠠᠬᠤ ᠭᠡᠵᠦ ᠪᠠᠢᠨ᠎ᠠ ᠰᠢᠤ!》

《ᠲᠠ ᠶᠠᠭᠤ ᠭᠡᠨ᠎ᠡ? ᠠᠷᠤ ᠲᠠᠯ᠎ᠠ ᠤᠷᠤᠭᠤ ᠵᠢᠭᠤᠳᠠᠨ᠎ᠠ ᠭᠡᠨ᠎ᠡ?》 ᠭᠡᠵᠦ ᠭᠯᠤᠪᠠ ᠮᠡᠯᠡᠷᠡᠨ᠎ᠡ᠃

ᠲᠡᠷᠡ ᠬᠣᠶᠠᠷ ᠬᠥᠮᠦᠨ ᠪᠠᠰᠠ᠎ᠯᠠ ᠢᠨᠢᠶᠡᠯᠳᠦᠭᠡᠳ: 《 ᠠᠯᠢ ᠠᠩᠭᠢ᠎ᠶᠢᠨ ᠬᠢᠨ ᠪᠤᠢ?》 ᠭᠡᠵᠦ ᠠᠰᠠᠭᠤᠪᠠ᠃ ᠬᠠᠷᠢᠨ ᠲᠡᠳᠡ ᠨᠢᠭᠡ ᠪᠠᠲᠯᠢᠶᠤᠨ᠎ᠤ ᠪᠠᠢᠯᠳᠤᠭᠴᠢ ᠪᠠᠢᠯ᠎ᠠ᠃

《ᠵᠠᠭᠤ ᠨᠠᠶᠠᠨ ᠭᠷᠡᠳᠦ᠋ᠰ ᠡᠷᠭᠢᠭᠡᠷᠡᠢ᠃ ᠪᠢᠳᠡᠨ᠎ᠲᠡᠢ ᠬᠠᠮᠲᠤ ᠶᠠᠪᠤ᠃ ᠪᠢᠳᠡᠨ᠎ᠲᠡᠢ ᠬᠠᠮᠲᠤ ᠪᠣᠯ ᠬᠠᠶᠠᠭᠳᠠᠬᠤ᠎ᠦᠭᠡᠢ᠃ ᠪᠢᠳᠡ ᠪᠠᠰᠠ ᠠᠩᠭᠢ᠎ᠪᠠᠨ ᠨᠡᠬᠡᠵᠦ ᠶᠠᠪᠤᠨ᠎ᠠ᠃ 》

ᠡᠨᠡ ᠬᠣᠶᠠᠷ ᠰᠠᠢᠨ ᠰᠠᠨᠠᠭᠠᠲᠤ ᠬᠥᠮᠦᠨ ᠠᠩᠬᠠᠨ᠎ᠤ ᠠᠮᠠᠷᠠᠯᠲᠠ᠎ᠳᠤ ᠠᠩᠭᠢ᠎ᠠᠴᠠ᠎ᠪᠠᠨ ᠬᠠᠶᠠᠭᠳᠠᠭᠰᠠᠨ᠎ᠶᠤᠮ᠃ ᠭᠡᠪᠡᠴᠦ ᠲᠡᠳᠡ ᠥᠪᠡᠷ᠎ᠦᠨ ᠬᠢᠨ᠎ᠢᠶᠡᠨ ᠳᠣᠣᠷ᠎ᠠ᠎ᠪᠠᠨ ᠭᠦᠢᠴᠡᠨ᠎ᠡ ᠭᠡᠵᠦ ᠪᠠᠲᠤ ᠢᠲᠡᠭᠡᠭᠰᠡᠨ ᠲᠤᠯᠠ ᠳᠡᠮᠡᠢ ᠰᠠᠨᠳᠤᠷᠬᠤ᠎ᠦᠭᠡᠢ ᠪᠠᠢᠵᠠᠢ᠃ ᠬᠣᠶᠠᠭᠤᠯᠠ ᠪᠣᠯᠬᠣᠷ ᠠᠶᠤᠵᠤ ᠰᠠᠨᠳᠤᠷᠤᠭᠰᠠᠨ᠎ᠦᠭᠡᠢ ᠪᠠᠢᠵᠤ ᠮᠡᠳᠡᠨ᠎ᠡ᠃ ᠬᠣᠶᠠᠭᠤᠯᠠ ᠪᠣᠯ ᠶᠠᠭᠠᠬᠢᠯ᠎ᠠ᠎ᠴᠤ ᠭᠡᠰᠡᠨ ᠭᠠᠭᠴᠠᠬᠠᠨ ᠬᠥᠮᠦᠨ᠎ᠡᠴᠡ ᠠᠶᠠᠲᠠᠢ᠎ᠶᠤᠮ᠃

ᠲᠡᠳᠡ ᠴᠡᠷᠢᠭ ᠠᠩᠭᠢ᠎ᠪᠠᠨ ᠭᠦᠢᠴᠡᠬᠦ᠎ᠳᠦ ᠭᠡᠭᠡᠷᠡᠪᠡ᠃ ᠳᠡᠰᠯᠡᠭᠴᠢ ᠭᠣᠯᠤᠸᠤᠢ ᠨᠢᠭᠡ ᠪᠠᠢᠯᠳᠤᠭᠴᠢ ᠠᠯᠠᠭ᠎ᠠ ᠭᠡᠵᠦ ᠨᠢᠭᠡᠨᠲᠡ ᠦᠭᠡᠢᠯᠡᠨ ᠮᠡᠳᠡᠭᠰᠡᠨ ᠪᠣᠯᠤᠯᠲᠠᠢ ᠪᠠᠢᠨ ᠳᠠᠬᠢᠨ ᠡᠷᠭᠢᠨ ᠬᠠᠷᠠᠵᠤ ᠶᠠᠪᠤᠵᠠᠢ᠃ ᠭᠯᠤᠪᠠ ᠥᠪᠡᠷ᠎ᠦᠨ ᠵᠢᠯᠤᠭᠤᠳᠤᠭᠴᠢ᠎ᠪᠠᠨ ᠬᠣᠯᠠ᠎ᠠᠴᠠ ᠦᠵᠡᠮᠡᠭᠴᠡ ᠪᠠᠶᠠᠷᠯᠠᠨ᠂ ᠲᠡᠭᠦᠨ ᠤᠷᠤᠭᠤ ᠳᠠᠯᠠᠯᠪᠠ᠃ ᠭᠦᠶᠦᠵᠦ ᠣᠴᠢᠭᠠᠳ ᠥᠪᠡᠷ᠎ᠦᠨ ᠬᠠᠢᠷᠠᠲᠤ ᠬᠣᠩᠭᠤᠷ᠎ᠰᠢᠭ᠋᠎ᠢᠶᠠᠨ ᠬᠦᠵᠦᠭᠦᠦ᠎ᠪᠡᠷ᠎ᠨᠢ ᠲᠡᠪᠡᠷᠢᠭᠡᠳ ᠠᠪᠤᠮᠠᠷ ᠰᠠᠨᠠᠭᠳᠠᠪᠠ᠃

ᠭᠣᠯᠤᠸᠤᠢ ᠰᠢᠳᠦ᠎ᠪᠡᠨ ᠵᠠᠭᠤᠭᠠᠳ ᠵᠠᠮ᠎ᠤᠨ ᠬᠠᠵᠠᠭᠤ᠎ᠳᠤ ᠵᠣᠭᠰᠤᠪᠠ᠃

《ᠭᠯᠤᠪᠠ᠂ ᠴᠢ ᠬᠠᠮᠢᠭ᠎ᠠ ᠵᠤᠭᠠᠴᠠᠬᠤ᠎ᠪᠠᠷ ᠣᠴᠢᠪᠠ?》 ᠭᠡᠵᠦ ᠲᠡᠭᠦᠨ᠎ᠡᠴᠡ ᠲᠤᠯᠭᠠᠵᠤ ᠠᠰᠠᠭᠤᠪᠠ᠃

《ᠳᠡᠰᠯᠡᠭᠴᠢ ᠡ! ᠪᠢ ᠴᠡᠷᠢᠭ ᠠᠩᠭᠢ᠎ᠠᠴᠠ᠎ᠪᠠᠨ ᠬᠠᠶᠠᠭᠳᠠᠵᠠᠢ ᠁ ᠪᠢ ᠰᠣᠨᠤᠰᠤᠭ᠎ᠠ᠎ᠦᠭᠡᠢ᠎ᠪᠠᠷ ᠁》

ᠵᠢᠯᠤᠭᠤᠳᠤᠭᠴᠢ᠎ᠨᠢ ᠰᠢᠷᠦᠭᠦᠨ ᠬᠠᠷᠠᠴᠠ᠎ᠪᠠᠷ ᠰᠢᠷᠲᠡᠭᠰᠡᠭᠡᠷ᠎ᠯᠡ ᠪᠠᠢᠪᠠ᠃

《ᠰᠣᠨᠤᠰᠤᠭ᠎ᠠ᠎ᠦᠭᠡᠢ ᠭᠡᠨ᠎ᠡ! ᠳᠦᠯᠡᠢ᠎ᠶᠦᠮ᠎ᠦᠦ? ᠳᠠᠢᠰᠤᠨ ᠳ᠋ᠨᠧᠫᠷ ᠮᠥᠷᠡᠨ᠎ᠢ ᠭᠡᠲᠦᠯᠵᠦ ᠪᠠᠢᠬᠤ᠎ᠶᠢ ᠴᠢ ᠪᠠᠰᠠ᠎ᠯᠠ ᠰᠣᠨᠤᠰᠤᠭ᠎ᠠ᠎ᠦᠭᠡᠢ! ᠁ ᠵᠥᠪᠬᠡᠨ ᠁ ᠴᠢᠮ᠎ᠠ᠎ᠳᠤ ᠬᠠᠷᠢᠭᠤᠴᠠᠬᠤ ᠬᠡᠷᠡᠭᠲᠡᠢ ᠁》 ᠭᠡᠬᠦ ᠵᠡᠷᠭᠡ᠎ᠪᠡᠷ ᠭᠣᠯᠤᠸᠤᠢ ᠰᠢᠷᠦᠭᠦᠨ ᠵᠠᠩᠨᠠᠪᠠ᠃

《ᠳᠡᠰᠯᠡᠭᠴᠢ ᠨᠥᠬᠦᠷ ᠡ ᠁》 ᠭᠡᠳ ᠭᠯᠤᠪᠠ ᠵᠢᠭᠠᠬᠠᠨ ᠲᠠᠢᠯᠪᠤᠷᠢᠯᠠᠶ᠎ᠠ ᠭᠡᠵᠦ ᠪᠣᠳᠤᠪᠠ᠃

《ᠠᠯᠬᠤᠭᠠᠳ ᠶᠠᠪᠤ! ᠨᠡᠬᠡᠭᠡᠳ ᠭᠦᠢᠴᠡ!》

ᠭᠯᠤᠪᠠ ᠭᠤᠷᠪᠠᠨ ᠠᠯᠬᠤᠮ᠎ᠢ ᠬᠣᠶᠠᠷ ᠠᠯᠬᠤᠮ᠎ᠢᠶᠠᠷ ᠲᠣᠪᠴᠢᠯᠠᠨ ᠠᠯᠬᠤᠪᠠ᠃ ᠶᠡᠷᠦ ᠬᠥᠮᠦᠨ᠎ᠢᠶᠡᠷ ᠡᠢᠨ᠎ᠬᠦ ᠰᠢᠭᠦᠮᠵᠢᠯᠡᠭᠦᠯᠦᠨ ᠵᠠᠩᠳᠤᠷᠤᠭᠤᠯᠵᠤ ᠦᠵᠡᠭᠡ᠎ᠦᠭᠡᠢ ᠲᠤᠯᠠ ᠢᠴᠢᠬᠦ᠎ᠶᠢᠨ ᠬᠠᠮᠲᠤ ᠭᠡᠮᠰᠢᠨ ᠵᠣᠪᠠᠪᠠ᠃ ᠡᠨᠡ ᠶᠠᠪᠤᠳᠠᠯ ᠵᠠᠵᠢᠨ ᠦᠰᠦ᠎ᠨᠢ ᠪᠤᠭᠤᠷᠤᠯᠳᠤᠭᠰᠠᠨ ᠡᠨᠡ᠎ᠬᠦ ᠢᠨᠵᠧᠨᠧᠷ ᠭᠤᠸᠠᠢ᠎ᠳᠤ ᠶᠠᠭ ᠨᠢᠭᠡ ᠤᠳᠠᠭ᠎ᠠ ᠦᠬᠦᠲᠡᠯ᠎ᠡ ᠵᠣᠳᠤᠭᠳᠠᠭᠰᠠᠨ᠎ᠲᠠᠢ ᠠᠳᠠᠯᠢ ᠰᠠᠨᠠᠭᠳᠠᠵᠠᠢ᠃ ᠲᠡᠢᠨ᠎ᠬᠦ ᠪᠤᠴᠠᠵᠤ ᠬᠠᠷᠢᠭᠠᠳ ᠡᠨᠡ ᠬᠠᠢᠷ᠎ᠠ ᠨᠠᠢᠷ᠎ᠦᠭᠡᠢ ᠵᠠᠯᠠᠭᠤ᠎ᠳᠤ ᠬᠡᠷᠡᠭ᠎ᠦᠨ ᠶᠠᠪᠤᠴᠠ᠎ᠶᠢ ᠲᠠᠢᠯᠪᠤᠷᠢᠯᠠᠮᠠᠷ ᠰᠠᠨᠠᠭᠳᠠᠭᠰᠠᠨ ᠪᠠᠢᠯ᠎ᠠ᠃

ᠭᠡᠪᠡᠴᠦ ᠭᠯᠤᠪᠠ ᠴᠡᠷᠢᠭ᠎ᠦᠨ ᠳᠦᠷᠢᠮ᠎ᠢ ᠮᠡᠳᠡᠬᠦ ᠲᠤᠯᠠ ᠨᠢᠭᠡ᠎ᠴᠦ ᠦᠭᠡ ᠬᠡᠯᠡᠭᠰᠡᠨ᠎ᠦᠭᠡᠢ᠃ ᠳᠡᠰᠯᠡᠭᠴᠢ᠎ᠶᠢᠨ ᠦᠭᠡ ᠲᠡᠭᠦᠨ᠎ᠦ ᠵᠢᠷᠦᠬᠡᠨ᠎ᠳᠦ ᠰᠢᠩᠭᠡᠨ ᠬᠣᠨᠤᠭᠰᠢᠯ᠎ᠠ᠃

ᠭᠯᠤᠪᠠ᠂ ᠡᠨᠡ ᠳᠡᠰᠯᠡᠭᠴᠢ᠎ᠶᠢᠨ ᠲᠡᠢᠨ᠎ᠬᠦ ᠰᠢᠷᠦᠭᠦᠨ ᠳᠦᠷᠢ ᠭᠠᠷᠭᠠᠨ ᠵᠠᠩᠳᠤᠷᠬᠤ᠎ᠨᠢ ᠵᠦᠢᠲᠡᠢ᠎ᠶᠦᠮ ᠭᠡᠵᠦ ᠵᠠᠷᠢᠮ᠎ᠳᠠᠭᠠᠨ ᠥᠪᠡᠷ᠎ᠦᠨ ᠦᠵᠡᠯᠲᠡ᠎ᠪᠡᠷ᠎ᠢᠶᠡᠨ ᠲᠠᠢᠯᠪᠤᠷᠢᠯᠠᠬᠤ᠎ᠪᠠᠷ ᠴᠢᠷᠮᠠᠢᠳᠠᠭ ᠪᠠᠢᠯ᠎ᠠ᠃ ᠲᠡᠷᠡ ᠦᠶ᠎ᠡ ᠪᠣᠯ ᠶᠠᠭ ᠳᠠᠢᠨ᠎ᠤ ᠪᠠᠴᠢᠮ ᠴᠠᠭ ᠦᠶ᠎ᠡ ᠪᠠᠢᠭᠰᠠᠨ ᠲᠤᠯᠠ ᠵᠠᠷᠢᠮ᠎ᠳᠠᠭᠠᠨ ᠪᠡᠶ᠎ᠡ᠎ᠪᠡᠨ ᠪᠠᠷᠢᠬᠤ᠎ᠳᠤ ᠦᠨᠡᠨ ᠠᠮᠠᠷ᠎ᠦᠭᠡᠢ᠎ᠶᠤᠮ᠃ ᠡᠢᠮᠦ᠎ᠡᠴᠡ ᠡᠨᠡ ᠬᠠᠪᠤᠩᠨᠠᠭᠰᠠᠨ ᠤᠯᠠᠪᠲᠤᠷ ᠨᠢᠳᠦᠲᠡᠢ ᠵᠠᠯᠠᠭᠤ ᠥᠪᠡᠷ᠎ᠦᠨ ᠵᠠᠬᠢᠷᠭᠠᠨ᠎ᠳᠠᠬᠢ ᠨᠢᠭᠡ ᠴᠡᠷᠢᠭ᠎ᠢᠶᠡᠨ ᠰᠢᠷᠦᠭᠦᠨ ᠳᠦᠷᠢ᠎ᠪᠡᠷ ᠵᠠᠩᠨᠠᠬᠤ᠎ᠨᠢ ᠲᠡᠢᠮᠦ᠎ᠴᠦ ᠶᠡᠬᠡ ᠬᠡᠷᠡᠭ ᠪᠢᠰᠢ᠃ ᠲᠡᠭᠡᠭᠡᠳ ᠪᠠᠰᠠ ᠵᠢᠯᠤᠭᠤᠳᠤᠭᠴᠢ᠂ ᠡᠨᠡ᠎ᠬᠦ ᠨᠠᠰᠤ ᠠᠬᠢᠮᠠᠭ᠂ ᠵᠠᠩ ᠨᠣᠮᠤᠬᠠᠨ ᠪᠠᠢᠯᠳᠤᠭᠴᠢ᠎ᠶᠢᠨ ᠭᠤᠷᠪᠠᠨ ᠰᠠᠷ᠎ᠠ᠎ᠶᠢᠨ ᠡᠮᠦᠨᠡᠬᠡᠨ ᠥᠪᠡᠷ᠎ᠲᠡᠢ᠎ᠨᠢ ᠠᠳᠠᠯᠢ ᠬᠡᠳᠦᠨ ᠵᠠᠭᠤᠨ ᠨᠢᠯᠬᠠᠷᠬᠠᠭ ᠵᠠᠯᠠᠭᠤᠴᠤᠳ᠎ᠲᠤ ᠬᠢᠴᠢᠶᠡᠯ ᠵᠢᠭᠠᠵᠤ ᠪᠠᠢᠭᠰᠠᠨ᠎ᠢ ᠮᠡᠳᠡᠨ᠎ᠡ ᠭᠡᠵᠦ᠎ᠦᠦ? ᠳᠠᠬᠢᠭᠠᠳ ᠬᠡᠯᠡᠪᠡᠯ᠂ ᠭᠯᠤᠪᠠ᠎ᠶᠢᠨ ᠳᠠᠢᠨ᠎ᠤ ᠡᠮᠦᠨ᠎ᠡ ᠶᠠᠭᠤ ᠬᠢᠵᠦ ᠪᠠᠢᠭᠰᠠᠨ᠎ᠢ - ᠠᠯᠳᠠᠷ ᠬᠦᠨᠳᠦᠲᠦ ᠢᠨᠵᠧᠨᠧᠷ ᠪᠠᠢᠭᠰᠠᠨ᠎ᠶᠤᠮ᠎ᠤᠤ᠂ ᠡᠰᠡᠪᠡᠯ ᠨᠢᠭᠡ ᠲᠠᠷᠢᠶᠠᠴᠢᠨ᠂ ᠡᠰᠡᠪᠡᠯ ᠨᠡᠷ᠎ᠡ ᠴᠤᠤᠲᠤ ᠬᠥᠮᠦᠨ᠎ᠶᠦᠮ᠎ᠦᠦ᠂ ᠡᠰᠡᠪᠡᠯ ᠶᠡᠷᠦ᠎ᠶᠢᠨ ᠨᠢᠭᠡ ᠬᠥᠮᠦᠨ᠎ᠶᠦᠮ᠎ᠦᠦ? ᠭᠡᠳᠡᠭ ᠲᠤᠬᠠᠢ ᠭᠣᠯᠤᠸᠤᠢ ᠶᠠᠭᠤ ᠭᠡᠵᠦ ᠰᠡᠳᠭᠢᠯ ᠲᠠᠯᠪᠢᠬᠤ ᠪᠢᠯᠡ᠃ ᠭᠯᠤᠪᠠ ᠪᠣᠯ ᠲᠡᠭᠦᠨ᠎ᠦ ᠳᠥᠷᠪᠡᠳᠦᠭᠡᠷ ᠰᠤᠮᠤ᠎ᠶᠢᠨ ᠪᠠᠢᠯᠳᠤᠭᠴᠢ ᠭᠡᠵᠦ᠎ᠯᠡ ᠮᠡᠳᠡᠬᠦ ᠪᠥᠭᠡᠳ ᠡᠨᠡ ᠬᠥᠮᠦᠨ᠎ᠦ ᠪᠦᠬᠦ ᠦᠢᠯᠡ ᠬᠡᠷᠡᠭ᠎ᠲᠦᠨᠢ ᠬᠠᠷᠢᠭᠤᠴᠠᠬᠤ᠎ᠪᠠᠨ᠎ᠯᠠ ᠮᠡᠳᠡᠨ᠎ᠡ᠃

ᠬᠡᠳᠦᠨ ᠡᠳᠦᠷ᠎ᠦᠨ ᠳᠠᠷᠠᠭ᠎ᠠ ᠲᠡᠭᠦᠨ᠎ᠦ ᠰᠤᠮᠤᠨ᠎ᠤ ᠪᠠᠢᠯᠳᠤᠭᠴᠢ ᠭᠯᠤᠪᠠ ᠲᠦᠯᠡᠭᠳᠡᠭᠡᠳ ᠬᠦᠨᠳᠦ ᠰᠢᠷᠬᠠᠲᠤᠵᠠᠢ ᠭᠡᠵᠦ ᠭᠣᠯᠤᠸᠤᠢ᠎ᠳᠤ ᠮᠡᠳᠡᠭᠦᠯᠪᠡ᠃ ᠳᠡᠰᠯᠡᠭᠴᠢ᠎ᠶᠢᠨ ᠴᠢᠷᠠᠢ ᠪᠠᠷᠤᠢᠯ᠎ᠠ᠃

《ᠲᠡᠷᠡ ᠪᠠᠢᠯᠳᠤᠭᠴᠢ ᠶᠠᠭᠠᠬᠢᠭᠠᠳ ᠲᠦᠯᠡᠭᠳᠡᠭᠰᠡᠨ᠎ᠶᠦᠮ?》

ᠮᠡᠳᠡᠭᠦᠯᠦᠭᠴᠢ᠎ᠶᠢᠨ ᠬᠡᠯᠡᠬᠦ᠎ᠪᠡᠷ᠂ ᠳᠠᠢᠰᠤᠨ᠎ᠤ ᠵᠢᠵᠢᠭ ᠲᠠᠩᠺ ᠭᠯᠤᠪᠠ᠎ᠶᠢᠨ ᠬᠠᠮᠠᠭᠠᠯᠠᠯᠲᠠ᠎ᠶᠢᠨ ᠨᠤᠭᠤᠴᠠ ᠤᠷᠤᠭᠤ ᠳᠠᠭᠠᠷᠢᠨ ᠢᠷᠡᠬᠦᠯᠡᠷ ᠭᠯᠤᠪᠠ ᠰᠢᠲᠠᠭᠠᠬᠤ ᠪᠥᠮᠪᠦᠭᠡ ᠠᠪᠴᠤ ᠳᠡᠭᠡᠭᠰᠢ ᠡᠷᠭᠦᠭᠡᠳ ᠰᠢᠳᠡᠬᠦ ᠭᠡᠲᠡᠯ᠎ᠡ ᠨᠢᠭᠡ ᠰᠤᠮᠤ ᠶᠠᠭ ᠲᠡᠷᠡ ᠰᠢᠲᠠᠭᠠᠬᠤ ᠪᠥᠮᠪᠦᠭᠡ ᠳᠡᠭᠡᠷ᠎ᠡ ᠲᠤᠰᠪᠠ᠃ ᠭᠠᠯ᠂ ᠭᠯᠤᠪᠠ᠎ᠶᠢ ᠪᠦᠰᠡᠯᠡᠭᠡᠳ᠂ ᠬᠠᠮᠠᠭᠠᠯᠠᠯᠲᠠ᠎ᠶᠢᠨ ᠨᠤᠭᠤᠴᠠ ᠳᠣᠲᠤᠷ᠎ᠠ ᠦᠷᠪᠢᠰᠦᠨ ᠣᠷᠤᠪᠠ᠃ ᠪᠦᠭᠦᠳᠡᠭᠡᠷ ᠲᠡᠷᠡ ᠪᠠᠢᠯᠳᠤᠭᠴᠢ ᠯᠠᠪ ᠬᠠᠮᠠᠭᠠᠯᠠᠯᠲᠠ᠎ᠶᠢᠨ ᠨᠤᠭᠤᠴᠠ᠎ᠠᠴᠠ᠎ᠪᠠᠨ ᠦᠰᠦᠷᠴᠦ ᠭᠠᠷᠤᠨ᠎ᠠ - ᠬᠡᠷᠪᠡ ᠦᠰᠦᠷᠴᠦ ᠭᠠᠷᠪᠠᠯ ᠯᠠᠪᠲᠠᠢ ᠠᠮᠢ ᠦᠷᠡᠭᠳᠡᠨ᠎ᠡ ᠭᠡᠵᠦ ᠪᠣᠳᠤᠵᠠᠭᠠᠵᠤ ᠪᠠᠢᠪᠠ᠃ ᠭᠡᠪᠡᠴᠦ ᠲᠡᠷᠡ ᠳᠠᠢᠰᠤᠨ᠎ᠤ ᠫᠦᠯᠧᠮᠶᠣᠲ᠎ᠤᠨ ᠭᠠᠯᠯᠠᠭ᠎ᠠ᠎ᠠᠴᠠ ᠬᠢᠴᠢᠶᠡᠵᠦ᠂ ᠦᠰᠦᠷᠴᠦ ᠭᠠᠷᠤᠭᠰᠠᠨ᠎ᠦᠭᠡᠢ᠂ ᠪᠥᠭᠡᠮ ᠭᠠᠯ ᠪᠣᠯᠤᠭᠰᠠᠨ ᠪᠠᠢᠲᠠᠯ᠎ᠠ᠎ᠪᠠᠨ ᠨᠠᠷᠢᠬᠠᠨ ᠬᠠᠮᠠᠭᠠᠯᠠᠯᠲᠠ᠎ᠶᠢᠨ ᠨᠤᠭᠤᠴᠠ ᠳᠣᠲᠤᠷ᠎ᠠ᠎ᠪᠠᠨ ᠪᠠᠢᠵᠠᠢ᠃ ᠭᠠᠷ᠎ᠢᠶᠠᠨ ᠰᠤᠩᠭᠠᠭᠠᠳ ᠳᠠᠬᠢᠨ ᠨᠢᠭᠡ ᠤᠳᠠᠭ᠎ᠠ ᠪᠥᠮᠪᠦᠭᠡ ᠰᠢᠳᠡᠪᠡ᠃

《ᠲᠡᠷᠡ᠎ᠨᠢ ᠶᠠᠭᠠᠬᠢᠪᠠ?》 ᠭᠡᠵᠦ ᠳᠡᠰᠯᠡᠭᠴᠢ᠎ᠶᠢᠨ ᠨᠢᠳᠦ ᠭᠡᠨᠡᠳᠲᠡ ᠭᠡᠷᠡᠯᠲᠦᠪᠡ᠃

《ᠣᠨᠤᠭᠰᠠᠨ!》

《ᠶᠠᠭᠠᠬᠢᠭᠰᠠᠨ ᠰᠠᠢᠨ᠎ᠶᠤᠮ!》 ᠭᠡᠵᠦ ᠬᠡᠯᠡᠭᠰᠡᠨ ᠭᠣᠯᠤᠸᠤᠢ᠎ᠶᠢᠨ ᠰᠡᠳᠭᠢᠯ ᠵᠢᠭᠠᠬᠠᠨ ᠲᠠᠯᠪᠢᠭᠳᠠᠯ᠎ᠠ᠃ ᠲᠡᠭᠡᠭᠡᠳ ᠲᠡᠷᠡ ᠰᠥᠨᠢ ᠲᠡᠷᠡ ᠪᠠᠢᠯᠳᠤᠭᠴᠢ᠎ᠳᠤ ᠲᠡᠢᠮᠦ ᠰᠢᠷᠦᠭᠦᠨ ᠵᠠᠩᠨᠠᠬᠤ ᠬᠡᠷᠡᠭ᠎ᠦᠭᠡᠢ ᠪᠠᠢᠵᠠᠢ ᠭᠡᠵᠦ ᠳᠡᠰᠯᠡᠭᠴᠢ ᠭᠡᠮᠰᠢᠪᠡ᠃

ᠣᠷᠤᠢ᠎ᠨᠢ ᠰᠢᠷᠬᠠᠲᠤᠭᠰᠠᠨ᠂ ᠦᠬᠦᠭᠰᠡᠨ ᠪᠠᠢᠯᠳᠤᠭᠴᠢ᠎ᠶᠢ ᠲᠡᠮᠳᠡᠭᠯᠡᠬᠦ ᠬᠦᠰᠦᠨᠦᠭᠲᠦ ᠳᠡᠭᠡᠷ᠎ᠡ ᠳᠡᠰᠯᠡᠭᠴᠢ᠂ ᠭᠯᠤᠪᠠ᠎ᠶᠢᠨ ᠨᠡᠷ᠎ᠡ᠎ᠶᠢ ᠪᠢᠴᠢᠪᠡ᠃ ᠭᠡᠪᠡᠴᠦ ᠬᠣᠵᠢᠮ ᠲᠡᠭᠦᠨ᠎ᠲᠡᠢ ᠪᠠᠰᠠ ᠠᠭᠤᠯᠵᠠᠨ᠎ᠠ ᠭᠡᠵᠦ ᠣᠭᠲᠤ ᠪᠣᠳᠤᠭᠰᠠᠨ᠎ᠦᠭᠡᠢ᠃

ᠭᠤᠷᠪᠠ

ᠭᠣᠯᠤᠸᠤᠢ ᠳᠡᠭᠡᠳᠦ ᠰᠤᠷᠭᠠᠭᠤᠯᠢ᠎ᠳᠤ ᠢᠷᠡᠭᠡᠳ ᠬᠣᠶᠠᠷ ᠨᠢᠳᠦᠨ᠎ᠦ ᠬᠠᠷᠠᠭ᠎ᠠ᠎ᠪᠠᠨ ᠠᠯᠳᠠᠭᠰᠠᠨ ᠳᠡᠳ᠋ ᠫᠷᠣᠹᠧᠰᠰᠣᠷ᠎ᠲᠤ ᠣᠴᠢᠵᠤ ᠠᠭᠤᠯᠵᠠᠬᠤ ᠰᠢᠢᠳᠪᠦᠷᠢ ᠲᠡᠷᠡ ᠳᠠᠷᠤᠢ᠎ᠳᠠᠭᠠᠨ ᠭᠠᠷᠭᠠᠭᠠᠳᠤᠢ ᠪᠠᠢᠯ᠎ᠠ᠃ ᠭᠤᠳᠤᠮ᠎ᠳᠤ᠂ ᠡᠰᠡᠪᠡᠯ ᠬᠢᠴᠢᠶᠡᠯ᠎ᠦᠨ ᠲᠠᠩᠬᠢᠮ᠎ᠳᠤ ᠲᠡᠭᠦᠨ᠎ᠲᠡᠢ ᠳᠠᠭᠠᠷᠢᠯᠳᠤᠪᠠᠯ ᠡᠨᠡ ᠴᠡᠷᠢᠭ᠎ᠦᠨ ᠳᠠᠷᠤᠭ᠎ᠠ ᠶᠡᠬᠡᠯ᠎ᠡ ᠠᠷᠭ᠎ᠠ᠎ᠪᠠᠨ ᠪᠠᠷᠠᠳᠠᠭ ᠪᠠᠢᠪᠠ᠃ ᠶᠠᠭᠠᠬᠢᠭᠠᠳ᠎ᠶᠤᠮ ᠪᠤᠤ ᠮᠡᠳᠡ᠂ ᠭᠣᠯᠤᠸᠤᠢ ᠣᠳᠣ ᠬᠦᠷᠲᠡᠯ᠎ᠡ ᠲᠡᠷᠡ ᠠᠶᠠᠯᠠᠯ᠎ᠤᠨ ᠳᠤᠮᠳᠠ ᠪᠣᠯᠤᠭᠰᠠᠨ ᠰᠠᠨᠠᠭ᠎ᠠ ᠵᠣᠪᠠᠮ᠎ᠠ ᠬᠡᠷᠡᠭ᠎ᠢ ᠮᠠᠷᠲᠠᠭ᠎ᠠ᠎ᠦᠭᠡᠢ᠃

ᠭᠡᠪᠡᠴᠦ ᠪᠠᠰᠠ ᠡᠢᠮᠦ ᠬᠥᠮᠦᠰ᠎ᠢ ᠵᠢᠯᠤᠭᠤᠳᠴᠤ ᠶᠠᠪᠤᠭᠰᠠᠨ᠎ᠢᠶᠠᠨ ᠪᠠᠬᠠᠷᠬᠠᠯᠲᠤ ᠰᠠᠢᠬᠠᠨ ᠬᠡᠷᠡᠭ ᠭᠡᠵᠦ ᠭᠣᠯᠤᠸᠤᠢ ᠪᠣᠳᠤᠨ᠎ᠠ᠃ 1941 ᠣᠨ᠎ᠳᠤ ᠤᠯᠤᠰ᠎ᠤᠨ ᠬᠢᠵᠠᠭᠠᠷ᠎ᠲᠤ ᠦᠭᠡ ᠳᠠᠭᠤ᠎ᠦᠭᠡᠢ᠎ᠪᠠᠷ ᠬᠠᠮᠠᠭᠠᠯᠠᠯᠲᠠ᠎ᠶᠢᠨ ᠨᠤᠭᠤᠴᠠ ᠮᠠᠯᠲᠠᠵᠤ᠂ ᠲᠡᠭᠦᠨ᠎ᠦ ᠵᠠᠷᠯᠢᠭ ᠪᠠᠭᠤᠮᠠᠭᠴᠠ ᠭᠦᠶᠦᠨ ᠪᠣᠰᠤᠭᠠᠳ ᠳᠠᠭᠠᠷᠢᠯᠲᠠ ᠬᠢᠵᠦ᠂ ᠠᠮᠢ ᠨᠠᠰᠤ᠎ᠪᠠᠨ ᠬᠠᠢᠷᠠᠯᠠᠬᠤ᠎ᠦᠭᠡᠢ ᠪᠠᠢᠯᠳᠤᠳᠠᠭ ᠪᠠᠢᠭᠰᠠᠨ ᠲᠡᠷᠡ ᠬᠡᠳᠦᠨ ᠠᠷᠪᠠᠨ ᠵᠠᠯᠠᠭᠤ ᠪᠠ ᠠᠬᠢᠮᠠᠭ ᠨᠠᠰᠤᠨ᠎ᠤ ᠪᠠᠢᠯᠳᠤᠭᠴᠢᠳ ᠪᠦᠷ ᠶᠠᠮᠠᠷ ᠬᠥᠮᠦᠰ ᠪᠠᠢᠭᠰᠠᠨ ᠪᠣᠯ? ᠳᠣᠲᠤᠷ᠎ᠠ᠎ᠨᠢ ᠨᠡᠷ᠎ᠡ ᠴᠤᠤᠲᠠᠢ ᠲᠷᠠᠺᠲ᠋ᠤᠷ᠎ᠤᠨ ᠢᠨᠵᠧᠨᠧᠷ ᠪᠠ ᠠᠭᠤᠷᠬᠠᠢᠴᠢ᠎ᠨᠠᠷ ᠪᠠᠢᠭᠰᠠᠨ᠎ᠴᠤ ᠪᠠᠢᠵᠤ ᠮᠡᠳᠡᠨ᠎ᠡ ᠢᠷᠠᠭᠤ ᠨᠠᠢᠷᠠᠭᠴᠢ ᠪᠠ ᠢᠨᠵᠧᠨᠧᠷ ᠪᠠᠢᠭᠰᠠᠨ᠎ᠴᠤ ᠮᠠᠭᠠᠳ᠃ ᠶᠠᠭ ᠡᠨᠡᠬᠦ ᠭᠡᠵᠢᠭᠡ᠎ᠨᠢ ᠪᠤᠭᠤᠷᠤᠯᠳᠤᠭᠰᠠᠨ᠂ ᠲᠠᠢᠯᠪᠤᠷᠢᠯᠠᠬᠤ ᠲᠠᠢᠵᠠᠨ ᠳᠡᠭᠡᠷ᠎ᠡ ᠵᠣᠭᠰᠤᠭᠠᠳ᠂ ᠬᠡᠳᠦᠨ ᠠᠷᠪᠠᠨ ᠪᠤᠳᠤᠯᠢᠶᠠᠨ᠎ᠲᠠᠢ ᠲᠡᠭᠰᠢᠳᠭᠡᠯ᠎ᠢ ᠣᠶᠤᠲᠠᠨ᠎ᠳᠤ ᠴᠡᠭᠡᠵᠢ᠎ᠪᠡᠷ ᠲᠠᠢᠯᠪᠤᠷᠢᠯᠠᠨ ᠥᠭᠴᠦ ᠴᠢᠳᠠᠳᠠᠭ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠳᠡᠳ᠋ ᠡᠷᠳᠡᠮᠲᠡᠨ ᠪᠠᠢᠭᠰᠠᠨ᠎ᠴᠤ ᠮᠡᠳᠡᠨ᠎ᠡ᠃ ᠪᠠᠰᠠ ᠁ ᠭᠡᠪᠡᠴᠦ ᠲᠡᠷᠡ ᠦᠶ᠎ᠡ ᠭᠣᠯᠤᠸᠤᠢ ᠬᠥᠮᠦᠨ ᠪᠦᠬᠦᠨ᠎ᠢ ᠰᠠᠢᠲᠤᠷ ᠠᠵᠢᠭᠯᠠᠬᠤ ᠪᠣᠯᠤᠯᠴᠠᠭ᠎ᠠ ᠪᠠᠢᠭᠰᠠᠨ᠎ᠦᠭᠡᠢ᠃ ᠲᠡᠭᠦᠨ᠎ᠦ ᠰᠤᠮᠤ ᠪᠣᠯ ᠨᠢᠭᠡᠳᠦᠭᠡᠷ ᠱᠤᠭᠤᠮ᠎ᠤᠨ ᠮᠡᠷᠭᠡᠨ ᠫᠤᠤᠴᠢᠳ᠎ᠤᠨ ᠰᠤᠮᠤ ᠪᠠᠢᠭᠰᠠᠨ ᠲᠤᠯᠠ ᠪᠦᠷᠢᠯᠳᠦᠬᠦᠨ᠎ᠦ ᠬᠤᠪᠢ᠎ᠳᠤ ᠶᠡᠬᠡ ᠥᠭᠡᠷᠡᠴᠢᠯᠡᠯᠲᠡ᠎ᠲᠡᠢ ᠪᠠᠢᠳᠠᠭ᠃ ᠳᠠᠢᠨ᠎ᠳᠤ ᠠᠮᠢ ᠦᠷᠡᠭᠳᠡᠭᠰᠡᠨ ᠪᠠ ᠠᠮᠢᠳᠤ ᠪᠠᠢᠭᠴᠢ ᠪᠠᠢᠯᠳᠤᠭᠴᠢ ᠨᠠᠢᠵᠠ᠎ᠨᠠᠷ ᠲᠡᠭᠦᠨ᠎ᠦ ᠳᠤᠲᠠᠭᠤ ᠳᠤᠯᠢᠬᠠᠨ ᠬᠠᠷᠠᠭᠠᠯᠵᠠᠯᠭ᠎ᠠ᠎ᠶᠢ ᠠᠭᠤᠴᠢᠯᠠᠭᠠᠴᠢ!

ᠲᠡᠢᠮᠦ ᠳ᠋ᠡ᠂ ᠲᠡᠷᠡ᠎ᠴᠦ ᠨᠢᠭᠡ ᠹᠷᠣᠨᠲ ᠪᠠᠢᠭᠰᠠᠨ᠂ ᠡᠨᠡ ᠥᠭᠡᠷ᠎ᠡ ᠨᠢᠭᠡ ᠹᠷᠣᠨᠲ᠎ᠶᠤᠮ᠃ ᠡᠢᠮᠦ᠎ᠡᠴᠡ ᠭᠣᠯᠤᠸᠤᠢ᠎ᠶᠢᠨ ᠡᠮᠦᠨ᠎ᠡ ᠵᠣᠭᠰᠤᠵᠤ ᠪᠠᠢᠭ᠎ᠠ ᠬᠥᠮᠦᠨ ᠪᠣᠯ ᠤᠷᠢᠳᠤ ᠲᠡᠭᠦᠨ᠎ᠦ ᠵᠠᠬᠢᠷᠭᠠᠨ ᠳᠣᠣᠷ᠎ᠠ ᠪᠠᠢᠭᠰᠠᠨ ᠨᠢᠭᠡ ᠪᠠᠢᠯᠳᠤᠭᠴᠢ ᠮᠥᠨ᠃ ᠡᠨᠡ ᠪᠣᠯ ᠲᠡᠢᠮᠦ᠎ᠴᠦ ᠶᠡᠬᠡ ᠰᠣᠨᠢᠨ ᠬᠡᠷᠡᠭ ᠪᠢᠰᠢ᠃ ᠲᠡᠷᠡ ᠬᠥᠮᠦᠨ ᠰᠢᠨ᠎ᠡ ᠲᠠᠢᠵᠠ᠎ᠶᠢᠨ ᠡᠮᠦᠨ᠎ᠡ ᠵᠣᠭᠰᠤᠭᠠᠳ᠂ ᠲᠣᠯᠤᠭᠠᠢ᠎ᠪᠠᠨ ᠭᠡᠳᠡᠢᠯᠭᠡᠵᠦ᠂ ᠵᠠᠷᠢᠮ᠎ᠳᠠᠭᠠᠨ ᠡᠰᠢ ᠲᠡᠰᠢ ᠬᠠᠷᠠᠳᠠᠭ᠃ ᠠᠩᠭᠢ᠎ᠶᠢᠨ ᠣᠶᠤᠲᠠᠨ ᠲᠡᠭᠦᠨ᠎ᠦ ᠶᠠᠷᠢᠭᠰᠠᠨ ᠦᠭᠡ ᠪᠦᠬᠦᠨ᠎ᠢ ᠠᠩᠬᠠᠷᠤᠨ ᠰᠣᠨᠤᠰᠴᠠᠭᠠᠳᠠᠭ᠃

ᠭᠡᠪᠡᠴᠦ ᠲᠡᠭᠦᠨ᠎ᠦ ᠲᠠᠢᠯᠪᠤᠷᠢᠯᠠᠭᠰᠠᠨ ᠦᠭᠡ ᠪᠦᠬᠦᠨ᠎ᠢ ᠣᠢᠯᠠᠭᠠᠬᠤ᠎ᠳᠤ ᠲᠡᠢᠮᠦ᠎ᠴᠦ ᠬᠢᠯᠪᠠᠷ ᠪᠢᠰᠢ᠃ ᠭᠣᠯᠤᠸᠤᠢ᠎ᠳᠤ ᠵᠠᠷᠢᠮ᠎ᠳᠠᠭᠠᠨ ᠣᠢᠯᠠᠭᠠᠵᠤ ᠳᠡᠢᠯᠬᠦ᠎ᠦᠭᠡᠢ᠎ᠰᠢᠭ ᠰᠠᠨᠠᠭᠳᠠᠨ᠎ᠠ᠃ ᠶᠠᠭᠠᠬᠢᠵᠤ ᠴᠢᠷᠮᠠᠢᠪᠠᠴᠤ ᠪᠠᠰᠠ᠎ᠯᠠ ᠬᠣᠴᠤᠷᠤᠭᠠᠳ ᠪᠠᠢᠳᠠᠭ ᠪᠠᠢᠯ᠎ᠠ᠃ ᠳᠠᠢᠨ᠎ᠤ ᠦᠶ᠎ᠡ᠎ᠳᠦ ᠪᠠᠢᠯᠳᠤᠭᠴᠢ᠎ᠲᠠᠢ᠎ᠪᠠᠨ ᠬᠠᠮᠲᠤ ᠮᠢᠨ᠎ᠠ ᠪᠤᠯᠠᠭᠰᠠᠨ ᠬᠡᠭᠡᠷ᠎ᠡ ᠲᠠᠯ᠎ᠠ᠎ᠶᠢ ᠰᠡᠮᠬᠡᠨ ᠭᠡᠲᠦᠯᠦᠨ᠂ ᠳᠠᠢᠰᠤᠨ᠎ᠤ ᠨᠢᠭᠡᠳᠦᠭᠡᠷ ᠪᠡᠬᠢᠯᠡᠯᠲᠡ᠎ᠳᠦ ᠮᠥᠯᠬᠦᠨ ᠬᠦᠷᠬᠦ ᠦᠶ᠎ᠡ᠎ᠳᠦ ᠣᠨᠤᠯ᠎ᠤᠨ ᠹᠢᠽᠢᠺ ᠭᠡᠵᠦ ᠪᠣᠳᠤᠬᠤ᠎ᠶᠢᠨ᠎ᠴᠤ ᠵᠠᠪ ᠭᠠᠷᠤᠭᠰᠠᠨ᠎ᠦᠭᠡᠢ ᠁ ᠬᠠᠷᠢᠨ ᠣᠳᠣ ᠁ ᠡᠨᠡ᠎ᠨᠢ ᠲᠡᠭᠦᠨ᠎ᠦ ᠬᠦᠴᠦ ᠬᠦᠷᠬᠦ ᠵᠦᠢᠯ ᠪᠢᠰᠢ᠎ᠰᠢᠭ ᠰᠠᠨᠠᠭᠳᠠᠨ ᠵᠠᠷᠢᠮ᠎ᠳᠠᠭᠠᠨ ᠡᠭᠦᠨ᠎ᠢ ᠰᠢᠭᠤᠳ ᠬᠠᠶᠠᠭᠠᠳ ᠥᠭᠡᠷ᠎ᠡ ᠠᠵᠢᠯ ᠡᠷᠢᠮᠡᠷ᠎ᠴᠦ ᠪᠣᠳᠤᠭᠳᠠᠨ᠎ᠠ᠃

ᠭᠯᠤᠪᠠ᠎ᠲᠠᠢ ᠭᠣᠯᠤᠸᠤᠢ ᠬᠡᠳᠦᠨ ᠤᠳᠠᠭ᠎ᠠ ᠶᠠᠷᠢᠯᠴᠠᠬᠤ᠎ᠳᠤ ᠳᠡᠳ᠋ ᠫᠷᠣᠹᠧᠰᠰᠣᠷ ᠥᠩᠭᠡᠷᠡᠭᠡᠳ ᠨᠡᠯᠢᠶᠡᠳ ᠤᠳᠠᠭᠰᠠᠨ ᠲᠡᠷᠡ ᠬᠡᠷᠡᠭ᠎ᠦᠳ᠎ᠢᠶᠡᠨ ᠶᠡᠷᠦ ᠳᠤᠷᠠᠳᠤᠭ᠎ᠠ᠎ᠦᠭᠡᠢ᠂ ᠶᠠᠷᠢᠯᠴᠠᠭᠠᠨ ᠳᠤᠮᠳᠠ ᠮᠡᠳᠡᠭᠳᠡᠭᠰᠡᠨ ᠵᠦᠢᠯ᠎ᠴᠦ ᠭᠠᠷᠤᠭᠰᠠᠨ᠎ᠦᠭᠡᠢ᠃ 《ᠪᠠᠷᠤᠭ ᠮᠠᠷᠲᠠᠴᠢᠬᠠᠭᠰᠠᠨ ᠪᠢᠵᠡ ᠳ᠋ᠡ ? ᠪᠠᠭ᠎ᠠ ᠬᠡᠷᠡᠭ᠎ᠶᠦᠮ᠎ᠴᠢᠨᠢ ᠳ᠋ᠠ ᠁ ᠲᠦᠷ ᠴᠠᠭ᠎ᠤᠨ ᠤᠴᠠᠭᠠᠷᠯᠠᠯ ᠲᠡᠳᠦᠢ᠃ ᠬᠡᠷᠪᠡ ᠭᠯᠤᠪᠠ᠎ᠶᠢᠨ ᠰᠠᠨᠠᠭᠠᠨ᠎ᠳᠤ ᠳᠣᠷᠤᠮᠵᠢᠯᠠᠭᠳᠠᠭᠰᠠᠨ ᠰᠠᠭᠤᠭᠳᠠᠯ ᠦᠯᠡᠳᠡᠭᠰᠡᠨ ᠪᠣᠯ ᠡᠢᠮᠦ ᠴᠢᠩ ᠦᠨᠡᠨᠴᠢ᠎ᠪᠡᠷ᠂ ᠡᠢᠮᠦ ᠥᠷᠦ ᠡᠪᠡᠳᠦᠩᠭᠦᠢ᠎ᠪᠡᠷ ᠨᠠᠳᠠ᠎ᠲᠠᠢ ᠬᠠᠷᠢᠴᠠᠬᠤ ᠭᠡᠵᠦ᠎ᠦᠦ? ᠯᠠᠪ ᠨᠢᠭᠡᠨ ᠤᠳᠠᠭ᠎ᠠ᠂ ᠶᠠᠮᠠᠷ ᠨᠢᠭᠡ ᠬᠡᠷᠡᠭ ᠳᠡᠭᠡᠷ᠎ᠡ ᠢᠯᠡᠷᠡᠨ ᠭᠠᠷᠤᠨ᠎ᠠ》 ᠭᠡᠵᠦ ᠪᠣᠳᠤᠳᠠᠭ ᠪᠠᠢᠯ᠎ᠠ᠃

ᠨᠢᠭᠡ ᠤᠳᠠᠭ᠎ᠠ ᠭᠣᠯᠤᠸᠤᠢ ᠠᠩᠭᠢ᠎ᠶᠢᠨ ᠬᠡᠳᠦᠨ ᠵᠠᠯᠠᠭᠤ ᠬᠡᠦᠬᠡᠨ᠎ᠲᠡᠢ ᠭᠯᠤᠪᠠ᠎ᠶᠢᠨ ᠭᠡᠷ᠎ᠲᠦ ᠨᠥᠬᠦᠪᠦᠷᠢ ᠬᠢᠴᠢᠶᠡᠯ ᠰᠣᠨᠤᠰᠬᠤ᠎ᠪᠠᠷ ᠣᠴᠢᠪᠠ᠃ ᠡᠬᠢᠯᠡᠭᠡᠳ ᠵᠠᠯᠠᠭᠤ ᠬᠡᠦᠬᠡᠨᠴᠦᠳ ᠳ᠋ᠮᠢᠲᠷᠢ ᠢᠸᠠᠨᠤᠸᠢᠴ᠎ᠠᠴᠠ ᠨᠡᠯᠢᠶᠡᠳ ᠰᠡᠳᠦᠪ ᠠᠰᠠᠭᠤᠪᠠ᠃ ᠲᠠᠷᠠᠭ᠎ᠠ᠎ᠳᠤᠨᠢ ᠭᠯᠤᠪᠠ ᠥᠪᠡᠷ᠎ᠦᠨ ᠵᠠᠩᠰᠢᠯ᠎ᠢᠶᠠᠷ᠎ᠢᠶᠠᠨ ᠲᠡᠳᠡᠨ᠎ᠡᠴᠡ ᠠᠰᠠᠭᠤᠵᠤ᠂ ᠲᠤᠰ ᠬᠢᠴᠢᠶᠡᠯ᠎ᠢ ᠬᠢᠷᠢ ᠵᠡᠷᠭᠡ ᠡᠵᠡᠮᠰᠢᠭᠰᠡᠨ᠎ᠢ᠎ᠨᠢ ᠰᠢᠯᠭᠠᠵᠤ ᠡᠬᠢᠯᠡᠪᠡ᠃

ᠳ᠋ᠮᠢᠲᠷᠢ ᠢᠸᠠᠨᠤᠸᠢᠴ ᠬᠠᠷ᠎ᠠ ᠺᠣᠰᠲ᠋ᠢᠶᠣᠮ ᠡᠮᠦᠰᠴᠦ᠂ ᠳᠠᠳᠭᠠᠯ᠎ᠢᠶᠠᠷ᠎ᠢᠶᠠᠨ ᠮᠠᠰᠢ ᠲᠡᠭᠰᠢᠬᠡᠨ ᠬᠤᠪᠴᠠᠯᠠᠵᠤ᠂ ᠲᠣᠪᠴᠢ᠎ᠪᠠᠨ ᠪᠦᠷ ᠲᠣᠪᠴᠢᠯᠠᠨ ᠨᠢᠷᠤᠭᠤ᠎ᠪᠠᠨ ᠭᠡᠳᠡᠢᠯᠭᠡᠭᠡᠳ ᠰᠢᠷᠡᠭᠡᠨ᠎ᠦ ᠳᠡᠷᠭᠡᠳᠡ ᠰᠠᠭᠤᠵᠠᠢ᠃ ᠲᠦᠯᠡᠭ᠌ᠳᠡᠭᠰᠡᠨ ᠰᠣᠷᠪᠢ᠎ᠲᠠᠢ ᠴᠢᠷᠠᠢ᠎ᠨᠢ ᠲᠠᠰᠤᠷᠠᠯᠲᠠ᠎ᠦᠭᠡᠢ ᠠᠲᠤᠪᠠᠯᠵᠠᠵᠤ ᠪᠠᠢᠪᠠ᠃

ᠨᠢᠭᠡ ᠬᠡᠦᠬᠡᠨ᠎ᠡᠴᠡ ᠠᠰᠠᠭᠤᠭᠰᠠᠨ᠎ᠳᠤ ᠬᠠᠷᠢᠭᠤᠯᠵᠤ ᠴᠢᠳᠠᠭᠰᠠᠨ᠎ᠦᠭᠡᠢ᠂ ᠳᠠᠷᠠᠭᠠᠯᠠᠨ ᠥᠭᠡᠷ᠎ᠡ ᠨᠢᠭᠡ᠎ᠡᠴᠡ ᠠᠰᠠᠭᠤᠨ᠎ᠠ᠃ 《ᠶᠠᠱᠧᠨᠢᠶᠠᠼᠺᠠᠶᠠ ᠲᠠ ᠬᠠᠷᠢᠭᠤᠯᠤᠭᠠᠷᠠᠢ!》

《ᠪᠢ ᠪᠠᠰᠠ ᠁ ᠮᠡᠳᠡᠬᠦ᠎ᠦᠭᠡᠢ ᠁》 ᠭᠡᠵᠦ ᠶᠠᠱᠸᠨᠢᠶᠠᠼᠺᠠᠶᠠ ᠲᠣᠷᠴᠤ ᠲᠡᠭᠡᠭᠯᠡᠨ ᠬᠡᠯᠡᠵᠡᠢ᠃

《ᠭᠣᠯᠤᠸᠤᠢ᠂ ᠲᠠ ᠪᠠᠷᠤᠭ ᠮᠡᠳᠡᠬᠦ ᠪᠢᠵᠡ?》 ᠭᠡᠵᠦ ᠳᠡᠳ᠋ ᠫᠷᠣᠹᠧᠰᠰᠣᠷ ᠶᠡᠬᠡ ᠬᠦᠢᠲᠡᠮᠰᠦᠭ ᠵᠠᠩ᠎ᠢᠶᠠᠷ ᠠᠰᠠᠭᠤᠪᠠ᠃

ᠭᠣᠯᠤᠸᠤᠢ᠎ᠶᠢᠨ ᠴᠢᠷᠠᠢ ᠤᠯᠠᠢᠰᠬᠢᠵᠦ ᠣᠷᠤᠨ᠎ᠠᠴᠠ᠎ᠪᠠᠨ ᠪᠣᠰᠤᠭᠠᠳ:

《ᠪᠢ ᠮᠡᠳᠡᠨ᠎ᠡ》 ᠭᠡᠪᠡ᠃

ᠦᠨᠡᠨ᠎ᠳᠡᠭᠡᠨ ᠭᠣᠯᠤᠸᠤᠢ᠂ ᠡᠨᠡ ᠠᠰᠠᠭᠤᠯᠲᠠ᠎ᠶᠢ ᠪᠠᠰᠠ ᠲᠡᠢᠮᠦ ᠰᠠᠢᠨ ᠣᠢᠯᠠᠭᠠᠭᠰᠠᠨ᠎ᠦᠭᠡᠢ᠂ ᠭᠡᠪᠡᠴᠦ ᠶᠠᠭᠤᠨ᠎ᠠᠴᠠ ᠪᠣᠯᠤᠭᠰᠠᠨ᠎ᠢ ᠪᠤᠤ ᠮᠡᠳᠡ᠂ ᠬᠡᠯᠡ᠎ᠨᠢ 《᠎ᠦᠭᠡᠢ》 ᠭᠡᠳᠡᠭ ᠤᠷᠤᠭᠤ ᠰᠢᠯᠵᠢᠵᠦ ᠴᠢᠳᠠᠭᠰᠠᠨ᠎ᠦᠭᠡᠢ᠃

《ᠲᠡᠭᠡᠪᠡᠯ ᠲᠠ ᠲᠠᠢᠯᠪᠤᠷᠢᠯᠠᠭᠠᠷᠠᠢ!》

ᠭᠯᠤᠪᠠ᠎ᠶᠢᠨ ᠴᠢᠷᠠᠢ᠎ᠳᠤ ᠭᠡᠷᠡᠯ ᠨᠡᠮᠡᠭᠳᠡᠪᠡ᠃ ᠪᠡᠶ᠎ᠡ᠎ᠪᠡᠷ ᠲᠡᠭᠰᠢᠬᠡᠨ᠂ ᠬᠠᠲᠠᠭᠤ ᠪᠣᠯᠪᠠᠰᠤᠷᠠᠯ᠎ᠢ ᠬᠦᠷᠲᠡᠭᠰᠡᠨ ᠵᠢᠯᠤᠭᠤᠳᠤᠭᠴᠢ᠎ᠪᠠᠨ ᠲᠣᠳᠤᠷᠬᠠᠢ ᠣᠯᠵᠤ ᠦᠵᠡᠬᠦ᠎ᠦᠭᠡᠢ ᠪᠠᠢᠭᠰᠠᠨ᠎ᠴᠤ ᠲᠡᠭᠦᠨ᠎ᠳᠦ ᠡᠢᠮᠦ ᠬᠠᠨᠢ ᠪᠠᠢᠭ᠎ᠠ᠎ᠳᠠᠭᠠᠨ ᠣᠯᠠᠨ᠎ᠤ ᠡᠮᠦᠨ᠎ᠡ ᠪᠠᠬᠠᠷᠬᠠᠯ᠎ᠲᠠᠢ᠎ᠰᠢᠭ᠋ ᠰᠠᠨᠠᠭᠳᠠᠵᠤ ᠪᠠᠢᠬᠤ᠎ᠨᠢ ᠪᠠᠢᠳᠠᠯ᠎ᠠᠴᠠ᠎ᠨᠢ ᠦᠵᠡᠬᠦ᠎ᠳᠦ ᠢᠯᠡᠷᠬᠡᠢ᠃ ᠬᠡᠦᠬᠡᠨᠴᠦᠳ᠂ ᠲᠦᠮᠡᠨ ᠪᠡᠷᠬᠡᠰᠢᠶᠡᠯ᠎ᠦᠨ ᠳᠤᠮᠳᠠ ᠬᠠᠮᠲᠤ ᠶᠠᠪᠤᠭᠰᠠᠨ ᠡᠨᠡ ᠬᠣᠶᠠᠷ ᠪᠠᠢᠯᠳᠤᠭᠴᠢ᠎ᠶᠢ ᠰᠢᠷᠲᠡᠨ᠂ ᠬᠣᠭᠤᠷᠤᠨᠳᠤ᠎ᠪᠠᠨ ᠰᠢᠪᠡᠨᠡᠯᠳᠦᠨ᠎ᠡ᠃ ᠡᠨᠡ ᠬᠣᠷᠤᠮᠬᠠᠨ᠎ᠠ ᠲᠡᠳᠡᠨ᠎ᠳᠦ ᠡᠨᠡ ᠬᠣᠶᠠᠷ ᠬᠥᠮᠦᠨ ᠵᠡᠷᠡᠮᠳᠡᠭ ᠴᠡᠷᠢᠭ ᠪᠢᠰᠢ᠂ ᠬᠠᠷᠢᠨ ᠴᠠᠬᠢᠯᠭᠠᠨ᠎ᠳᠤ ᠴᠣᠬᠢᠭᠳᠠᠭᠰᠠᠨ ᠬᠣᠶᠠᠷ ᠪᠦᠳᠦᠭᠦᠨ ᠴᠠᠷᠠᠰᠤᠨ ᠮᠣᠳᠤ᠎ᠰᠢᠭ᠋ ᠰᠠᠨᠠᠭᠳᠠᠪᠠ᠂

ᠭᠣᠯᠤᠸᠤᠢ ᠪᠠᠴᠢᠮᠳᠠᠨ ᠪᠤᠷᠤᠭᠤ ᠬᠡᠯᠡᠵᠦ ᠠᠪᠤᠭᠠᠳ ᠳᠠᠬᠢᠨ ᠶᠠᠷᠢᠪᠠ᠃ ᠳ᠋ᠮᠢᠲᠷᠢ ᠢᠸᠠᠨᠤᠸᠢᠴ ᠲᠡᠰᠪᠦᠷᠢᠲᠡᠢ᠎ᠪᠡᠷ ᠰᠣᠨᠤᠰᠴᠤ᠎ᠯᠠ ᠪᠠᠢᠯ᠎ᠠ᠃ ᠭᠣᠯᠤᠸᠤᠢ ᠳᠡᠮᠡᠢ ᠬᠤᠳᠠᠯ ᠵᠦᠢᠯ ᠶᠠᠷᠢᠵᠤ ᠪᠠᠢᠭ᠎ᠠ᠎ᠪᠠᠨ ᠥᠪᠡᠷ᠎ᠢᠶᠡᠨ᠎ᠴᠦ ᠮᠡᠳᠡᠵᠡᠢ᠃ ᠡᠴᠦᠰ᠎ᠲᠡᠭᠡᠨ ᠤᠴᠠᠭᠠᠷᠳᠠᠨ ᠭᠠᠷ᠎ᠢᠶᠠᠨ ᠰᠠᠪᠠᠭᠠᠳ:

《ᠳᠠᠭᠤᠰᠪᠠ!》 ᠭᠡᠪᠡ᠃

《ᠭᠣᠯᠤᠸᠤᠢ᠂ ᠶᠠᠭᠤ ᠳᠠᠭᠤᠰᠪᠠ?》 ᠭᠡᠵᠦ ᠳᠡᠳ᠋ ᠫᠷᠣᠹᠧᠰᠰᠣᠷ ᠰᠠᠨᠳᠤᠷᠤᠨ ᠠᠰᠠᠭᠤᠪᠠ᠃

《ᠪᠢ ᠰᠤᠷᠬᠤ᠎ᠪᠠᠨ ᠪᠣᠯᠢᠶ᠎ᠠ ᠁ ᠳᠡᠭᠡᠳᠦ ᠰᠤᠷᠭᠠᠭᠤᠯᠢ᠎ᠠᠴᠠ ᠭᠠᠷᠤᠶ᠎ᠠ᠃ 》

ᠭᠯᠤᠪᠠ ᠶᠠᠭᠠᠷᠠᠯ ᠦᠭᠡᠢᠬᠡᠨ ᠪᠣᠰᠤᠭᠠᠳ: 《ᠲᠠ ᠶᠠᠭᠤ ᠭᠡᠨ᠎ᠡ? ᠲᠠ ᠳᠠᠬᠢᠨ ᠨᠢᠭᠡ ᠤᠳᠠᠭ᠎ᠠ ᠬᠡᠯᠡᠭᠡᠷᠡᠢ》 ᠭᠡᠪᠡ᠃

《ᠪᠢ ᠨᠢᠭᠡᠨᠲᠡ ᠳᠥᠷᠪᠡᠨ ᠵᠢᠯ᠎ᠢ ᠲᠠᠯᠠᠭᠠᠷ ᠥᠩᠭᠡᠷᠡᠭᠦᠯᠪᠡ᠃ ᠣᠳᠣ ᠁ ᠨᠡᠬᠡᠵᠦ ᠭᠦᠢᠴᠡᠬᠦ᠎ᠦᠭᠡᠢ ᠪᠣᠯᠵᠠᠢ᠃ 》

《ᠲᠠ ᠨᠡᠬᠡᠵᠦ ᠭᠦᠢᠴᠡᠬᠦ᠎ᠦᠭᠡᠢ ᠪᠣᠯᠤᠭᠰᠠᠨ ᠭᠡᠨ᠎ᠡ?》 ᠳᠡᠳ᠋ ᠫᠷᠣᠹᠧᠰᠰᠣᠷ ᠪᠠᠷᠤᠭ ᠬᠠᠰᠭᠢᠷᠬᠤ ᠰᠢᠬᠠᠮ ᠪᠣᠯᠵᠤ᠂ ᠬᠣᠶᠠᠷ ᠭᠠᠷ᠎ᠨᠢ ᠰᠢᠷᠡᠭᠡᠨ ᠳᠡᠭᠡᠷ᠎ᠡ ᠴᠡᠴᠡᠷᠡᠵᠦ: 《 ᠲᠠ ᠨᠡᠬᠡᠵᠦ ᠭᠦᠢᠴᠡᠬᠦ᠎ᠦᠭᠡᠢ ᠪᠣᠯᠤᠭᠰᠠᠨ ᠭᠡᠨ᠎ᠡ?》 ᠭᠡᠪᠡ᠃

ᠬᠡᠦᠬᠡᠨᠴᠦᠳ ᠪᠠᠰᠠ ᠰᠢᠪᠡᠨᠡᠯᠳᠦᠵᠦ ᠡᠬᠢᠯᠡᠪᠡ᠃

《ᠲᠠ᠎ᠨᠠᠷ ᠁ ᠲᠦᠷ ᠭᠠᠷᠴᠤ ᠪᠠᠢ》 ᠭᠡᠵᠦ ᠳᠡᠳ᠋ ᠫᠷᠣᠹᠧᠰᠰᠣᠷ ᠤᠴᠠᠭᠠᠷᠯᠠᠭᠰᠠᠨ ᠪᠠᠢᠳᠠᠯ᠎ᠲᠠᠢ ᠲᠡᠳᠡᠨ᠎ᠳᠦ ᠬᠡᠯᠡᠪᠡ᠃

ᠡᠮᠡᠭᠲᠡᠢ ᠣᠶᠤᠲᠠᠳ ᠭᠠᠷᠴᠠᠭᠠᠪᠠ᠃

《ᠲᠠ ᠶᠠᠭᠤᠨ᠎ᠳᠤ ᠢᠩᠭᠢᠵᠦ ᠪᠣᠳᠤᠬᠤ ᠪᠣᠯᠤᠭᠰᠠᠨ ᠪᠤᠢ? ᠲᠠ ᠳᠥᠬᠦᠮ ᠵᠠᠮ ᠡᠷᠢᠨ᠎ᠡ ᠭᠡᠵᠦ ᠪᠣᠳᠤᠨ᠎ᠠ᠎ᠤᠤ? ᠡᠨᠳᠡ ᠰᠤᠷᠬᠤ᠎ᠳᠤ ᠬᠡᠴᠡᠭᠦᠦ ᠪᠠᠢᠨ᠎ᠠ᠎ᠤᠤ? ᠭᠡᠪᠡᠴᠦ ᠲᠠ ᠪᠠᠰᠠ ᠮᠠᠷᠲᠠᠬᠤ ᠪᠣᠯᠤᠭ᠎ᠠ᠎ᠦᠭᠡᠢ ᠪᠢᠵᠡ ᠁》 ᠭᠡᠵᠦ ᠠᠭᠤᠷᠯᠠᠩᠭᠤᠢ ᠨᠠᠮ ᠳᠠᠭᠤᠨ᠎ᠢᠶᠠᠷ ᠠᠰᠠᠭᠤᠪᠠ᠃

ᠭᠯᠤᠪᠠ ᠣᠳᠣ ᠲᠡᠷᠡ ᠥᠩᠭᠡᠷᠡᠭᠰᠡᠨ ᠬᠡᠷᠡᠭ᠎ᠢ ᠳᠤᠷᠠᠳᠤᠨ᠎ᠠ ᠳ᠋ᠠ ᠭᠡᠵᠦ ᠭᠣᠯᠤᠸᠤᠢ ᠲᠠᠭᠠᠮᠠᠭᠯᠠᠪᠠ᠃ ᠭᠯᠤᠪᠠ᠎ᠴᠤ ᠶᠠᠭ ᠲᠡᠷᠡ ᠬᠡᠷᠡᠭ᠎ᠢ ᠬᠡᠯᠡᠴᠢᠬᠡᠯ᠎ᠡ!

《ᠥᠷᠭᠡᠨ ᠲᠠᠯ᠎ᠠ᠎ᠶᠢᠨ ᠳᠤᠮᠳᠠ ᠥᠩᠭᠡᠷᠡᠭᠰᠡᠨ ᠵᠣᠪᠠᠭᠤᠷᠢᠲᠤ ᠲᠡᠷᠡ ᠨᠢᠭᠡᠨ ᠰᠥᠨᠢ᠎ᠶᠢ ᠲᠠ ᠴᠡᠭᠡᠵᠢᠯᠡᠵᠦ ᠪᠠᠢᠨ᠎ᠠ᠎ᠤᠤ?》

《ᠴᠡᠭᠡᠵᠢᠯᠡᠵᠦ ᠪᠠᠢᠨ᠎ᠠ᠃ 》

《ᠪᠢ ᠠᠩᠭᠢ᠎ᠠᠴᠠ᠎ᠪᠠᠨ ᠬᠠᠶᠠᠭᠳᠠᠬᠤ ᠦᠶ᠎ᠡ᠎ᠳᠦ᠂ ᠲᠠ ᠨᠠᠮᠠᠢ ᠶᠠᠮᠠᠷ ᠮᠠᠶᠢ᠍ᠭ᠎ᠢᠶᠠᠷ ᠰᠤᠷᠭᠠᠵᠤ ᠪᠠᠢᠭᠰᠠᠨ᠎ᠢᠶᠠᠨ ᠴᠡᠭᠡᠵᠢᠯᠡᠵᠦ ᠪᠠᠢᠭ᠎ᠠ ᠪᠢᠵᠡ?》

《ᠴᠡᠭᠡᠵᠢᠯᠡᠵᠦ ᠪᠠᠢᠨ᠎ᠠ᠃ 》

《ᠲᠠ ᠲᠡᠷᠡ ᠦᠶ᠎ᠡ᠎ᠳᠦ ᠨᠠᠳᠠ 〈᠁ ᠰᠣᠨᠤᠰᠤᠭ᠎ᠠ᠎ᠦᠭᠡᠢ! ᠳᠦᠯᠡᠢ᠎ᠦᠦ? ᠁ ᠵᠥᠪᠬᠡᠨ ᠁ ᠴᠢᠮ᠎ᠠ᠎ᠳᠤ ᠬᠠᠷᠢᠭᠤᠴᠠᠬᠤ ᠬᠡᠷᠡᠭᠲᠡᠢ ᠁〉 ᠭᠡᠵᠦ ᠬᠡᠯᠡᠭᠰᠡᠨ ᠪᠠᠢᠨ᠎ᠠ᠎ᠤᠤ?》

《ᠴᠡᠭᠡᠵᠢᠯᠡᠵᠦ ᠪᠠᠢᠨ᠎ᠠ᠃ 》

《ᠨᠥᠬᠦᠷ ᠭᠣᠯᠤᠸᠤᠢ᠂ ᠪᠢ᠎ᠴᠦ ᠁ ᠴᠡᠭᠡᠵᠢᠯᠡᠵᠦ ᠪᠠᠢᠨ᠎ᠠ᠃ ᠲᠡᠷᠡ ᠦᠶ᠎ᠡ᠎ᠳᠦ᠂ ᠲᠠ ᠨᠠᠳᠠ ᠨᠡᠯᠢᠶᠡᠳ ᠶᠣᠰᠤ᠎ᠶᠢ ᠰᠤᠷᠭᠠᠪᠠ᠃ ᠠᠩᠬᠠᠨ᠎ᠳᠠᠭᠠᠨ ᠪᠢ ᠶᠡᠬᠡ ᠭᠣᠮᠤᠳᠠᠭᠰᠠᠨ᠃ ᠭᠡᠪᠡᠴᠦ ᠶᠠᠪᠤᠭᠠᠨ᠎ᠳᠠᠭᠠᠨ ᠲᠠᠨ᠎ᠢ ᠪᠣᠳᠤᠬᠤ ᠲᠤᠲᠤᠮ ᠲᠠᠨ᠎ᠤ ᠲᠡᠷᠡ᠎ᠬᠦ ᠣᠪᠤᠷ᠎ᠢ ᠵᠦᠢᠲᠡᠢ ᠭᠡᠵᠦ ᠨᠤᠲᠠᠯᠠᠪᠠ᠃ ᠲᠠ ᠥᠩᠭᠡᠷᠡᠭᠰᠡᠨ᠎ᠳᠡᠭᠡᠨ ᠮᠠᠨ᠎ᠢ ᠲᠥᠯᠦᠭᠡᠯᠡᠵᠦ᠂ ᠪᠠᠢᠯᠳᠤᠭᠴᠢᠳ᠎ᠢ ᠲᠥᠯᠦᠭᠡᠯᠡᠨ᠂ ᠡᠬᠡ ᠣᠷᠤᠨ᠎ᠤ᠎ᠪᠠᠨ ᠲᠥᠯᠦᠭᠡ ᠬᠠᠷᠢᠭᠤᠴᠠᠯᠭ᠎ᠠ ᠡᠭᠦᠷᠴᠦ ᠪᠠᠢᠪᠠ᠃ ᠣᠳᠣ ᠪᠢᠳᠡ ᠡᠬᠡ ᠣᠷᠤᠨ᠎ᠤ᠎ᠪᠠᠨ ᠱᠠᠭᠠᠷᠳᠠᠯᠭ᠎ᠠ᠎ᠪᠠᠷ ᠪᠠᠢᠷᠢ᠎ᠪᠠᠨ ᠰᠣᠯᠢᠯᠴᠠᠪᠠ᠃ ᠬᠠᠷᠢᠨ ᠣᠳᠣ ᠪᠢ ᠭᠣᠯᠤᠸᠤᠢ᠎ᠳᠤ ᠬᠠᠷᠢᠭᠤᠴᠠᠬᠤ᠎ᠦᠭᠡᠢ ᠭᠡᠵᠦ᠎ᠦᠦ? ᠲᠡᠭᠦᠨ᠎ᠦ ᠠᠩᠭᠢ᠎ᠠᠴᠠ᠎ᠪᠠᠨ ᠬᠠᠶᠠᠭᠳᠠᠨ᠎ᠠ ᠭᠡᠵᠦ ᠪᠠᠢᠬᠤ᠎ᠳᠤᠨᠢ᠂ ᠰᠢᠨᠵᠢᠯᠡᠬᠦ ᠤᠬᠠᠭᠠᠨ᠎ᠢ ᠬᠠᠶᠠᠬᠤ ᠭᠡᠵᠦ ᠪᠠᠢᠬᠤ᠎ᠳᠤᠨᠢ ᠮᠢᠨᠦ ᠵᠢᠷᠦᠬᠡ ᠰᠢᠮᠰᠢᠷᠡᠬᠦ᠎ᠦᠭᠡᠢ ᠭᠡᠵᠦ᠎ᠦᠦ? ᠲᠠ ᠨᠠᠳᠠ ᠬᠡᠯᠡᠵᠦ ᠥᠭᠭᠦᠭᠡᠴᠢ᠂ ᠪᠢ ᠲᠠᠨ᠎ᠤ ᠡᠨᠡ᠎ᠬᠦ ᠣᠪᠤᠷ᠎ᠢ ᠶᠠᠭᠤ ᠭᠡᠵᠦ ᠬᠡᠯᠡᠪᠡᠯ ᠵᠣᠬᠢᠬᠤ ᠪᠤᠢ?》 ᠭᠯᠤᠪᠠ᠎ᠶᠢᠨ ᠡᠮᠦᠨ᠎ᠡ ᠭᠣᠯᠤᠸᠤᠢ ᠦᠭᠡ ᠳᠠᠭᠤᠨ᠎ᠦᠭᠡᠢ ᠲᠥᠪ ᠵᠣᠭᠰᠤᠨ᠎ᠠ᠃

《ᠮᠠᠨ᠎ᠤ ᠠᠮᠢᠳᠤᠷᠠᠯ ᠪᠢᠳᠡᠨ᠎ᠢ ᠢᠩᠭᠢᠵᠦ᠎ᠯᠡ ᠲᠣᠬᠢᠷᠠᠭᠤᠯᠪᠠ᠃ 》 ᠳᠡᠳ᠋ ᠫᠷᠣᠹᠧᠰᠰᠣᠷ ᠪᠠᠬᠠᠨ ᠲᠠᠢᠪᠤᠰᠢᠷᠠᠯ᠎ᠠ᠃

《ᠪᠢᠳᠡ ᠡᠭᠦᠷᠢᠳᠡ ᠬᠠᠷᠢᠯᠴᠠᠨ ᠬᠠᠷᠢᠭᠤᠴᠠᠬᠤ ᠬᠡᠷᠡᠭᠲᠡᠢ᠃ ᠲᠤᠬᠠᠢ᠎ᠶᠢᠨ ᠦᠶ᠎ᠡ᠎ᠳᠦ ᠲᠠ ᠨᠠᠳᠠ ᠬᠠᠷᠢᠭᠤᠴᠠᠨ᠎ᠠ᠃ ᠥᠭᠡᠷ᠎ᠡ ᠨᠢᠭᠡᠨ ᠦᠶ᠎ᠡ᠎ᠳᠦ ᠪᠢ ᠲᠠᠨ᠎ᠳᠤ ᠬᠠᠷᠢᠭᠤᠴᠠᠨ᠎ᠠ᠃ ᠲᠠ ᠲᠡᠷᠡ ᠦᠶ᠎ᠡ᠎ᠳᠦ ᠬᠠᠰᠭᠢᠷᠤᠭᠠᠳ᠂ ᠨᠠᠮᠠᠢ ᠁》

《ᠠᠯᠬᠤᠭᠠᠳ ᠶᠠᠪᠤ!》 ᠭᠡᠵᠦ ᠭᠣᠯᠤᠸᠤᠢ ᠲᠡᠭᠦᠨ᠎ᠦ ᠦᠭᠡ᠎ᠶᠢ ᠬᠡᠯᠡᠭᠡᠳ ᠶᠡᠬᠡᠲᠡ ᠣᠮᠤᠭᠰᠢᠪᠠ᠃

《ᠲᠡᠢᠮᠦ᠂ ᠶᠠᠭ ᠡᠢᠮᠦ ᠪᠠᠢᠭᠰᠠᠨ ᠁ ᠲᠡᠷᠡ ᠦᠶ᠎ᠡ᠎ᠳᠦ ᠲᠠ ᠨᠠᠮᠠᠢ ᠴᠢᠩᠭ᠎ᠠ ᠪᠠᠷᠢᠭᠠᠳ᠂ ᠤᠷᠤᠭᠰᠢ᠎ᠪᠠᠨ ᠲᠦᠯᠬᠢᠭᠰᠡᠨ᠎ᠶᠦᠮ᠂ ᠪᠢ ᠲᠡᠭᠡᠭᠡᠳ ᠁ ᠭᠦᠢᠴᠡᠪᠡ᠃ 》

《ᠬᠠᠷᠢᠨ ᠲᠡᠷᠡ᠎ᠴᠦ ᠬᠢᠯᠪᠠᠷ᠃ 》

《ᠳᠠᠪᠠᠵᠤ ᠲᠤᠭᠤᠯᠤᠭᠰᠠᠨ ᠪᠦᠬᠦᠨ ᠬᠢᠯᠪᠠᠷ ᠳᠥᠬᠦᠮ᠎ᠰᠢᠭ ᠰᠠᠨᠠᠭᠳᠠᠳᠠᠭ᠎ᠶᠤᠮ》 ᠭᠡᠳ ᠳᠡᠳ᠋ ᠫᠷᠣᠹᠧᠰᠰᠣᠷ ᠰᠢᠷᠦᠭᠦᠨ ᠳᠦᠷᠢ ᠭᠠᠷᠭᠠᠨ: 《ᠪᠢ ᠤᠭ᠎ᠨᠢ ᠡᠨᠡ ᠬᠡᠷᠡᠭ᠎ᠢ ᠲᠠᠨ᠎ᠤ ᠡᠮᠦᠨ᠎ᠡ ᠳᠤᠷᠠᠳᠬᠤ᠎ᠦᠭᠡᠢ ᠭᠡᠵᠦ ᠪᠣᠳᠤᠭᠰᠠᠨ᠃ ᠲᠠ ᠨᠠᠮᠠᠢ ᠪᠢᠲᠡᠭᠡᠢ ᠥᠰᠢᠶ᠎ᠡ ᠪᠣᠳᠤᠬᠤ ᠳᠤᠷᠠᠲᠠᠢ ᠬᠥᠮᠦᠨ ᠭᠡᠵᠦ ᠣᠢᠯᠠᠭᠠᠭᠠᠷᠠᠢ》 ᠭᠡᠵᠦ ᠬᠡᠯᠡᠪᠡ᠃

《ᠪᠢ ᠲᠡᠭᠡᠵᠦ ᠶᠡᠷᠦ ᠰᠠᠨᠠᠬᠤ᠎ᠦᠭᠡᠢ》 ᠭᠡᠵᠦ ᠭᠣᠯᠤᠸᠤᠢ ᠬᠠᠷᠢᠭᠤᠯᠵᠠᠢ᠃ ᠦᠨᠡᠨ᠎ᠳᠡᠭᠡᠨ᠎ᠴᠦ ᠲᠡᠭᠡᠵᠦ ᠪᠣᠳᠤᠭᠰᠠᠨ᠎ᠦᠭᠡᠢ᠃

《ᠲᠡᠭᠡᠪᠡᠯ ᠲᠠ ᠨᠠᠳᠠ ᠳᠠᠬᠢᠨ ᠪᠢᠲᠡᠭᠡᠢ ᠡᠢᠮᠦ ᠦᠭᠡ᠎ᠶᠢ ᠰᠣᠨᠤᠰᠭᠠᠭᠠᠷᠠᠢ᠃ 》 ᠭᠡᠵᠦ ᠳᠡᠳ᠋ ᠫᠷᠣᠹᠧᠰᠰᠣᠷ ᠠᠭᠤᠷᠲᠠᠢᠬᠠᠨ ᠬᠡᠯᠡᠪᠡ᠃

《ᠵᠠ᠃ 》

《ᠴᠡᠷᠢᠭ ᠠᠩᠭᠢ ᠁ ᠹᠢᠽᠢᠺ ᠤᠷᠤᠭᠤ ᠳᠠᠪᠰᠢᠬᠤ ᠪᠣᠯᠵᠠᠢ᠃ ᠲᠡᠢᠮᠦ᠂ ᠹᠢᠽᠢᠺ ᠤᠷᠤᠭᠤ᠃ ᠨᠥᠬᠦᠷ ᠭᠣᠯᠤᠸᠤᠢ ᠲᠠ ᠵᠠᠪᠠᠯ ᠭᠦᠢᠴᠡᠬᠦ ᠬᠡᠷᠡᠭᠲᠡᠢ᠃ 》

《᠁》

《ᠲᠡᠭᠡᠪᠡᠯ ᠶᠠᠪᠤ!》

《ᠡᠨᠡ ᠬᠥᠮᠦᠨ ᠦᠨᠡᠬᠡᠷ ᠵᠢᠯᠤᠭᠤᠳᠤᠭᠴᠢ᠎ᠰᠢᠭ᠋ ᠪᠠᠢᠨ᠎ᠠ᠂ ᠣᠭᠲᠤ ᠬᠠᠢᠷ᠎ᠠ ᠨᠠᠢᠷ ᠦᠵᠡᠭᠦᠯᠳᠡᠭ᠎ᠦᠭᠡᠢ ᠬᠥᠮᠦᠨ᠎ᠶᠦᠮ ᠪᠠᠢᠨ᠎ᠠ》 ᠭᠡᠵᠦ ᠭᠣᠯᠤᠸᠤᠢ ᠳᠣᠲᠤᠷ᠎ᠠ᠎ᠪᠠᠨ ᠪᠣᠳᠤᠭᠠᠳ᠂ ᠥᠪᠡᠷ᠎ᠦᠨ ᠳᠣᠣᠷ᠎ᠠ ᠪᠠᠢᠭᠰᠠᠨ ᠡᠨᠡ ᠪᠠᠢᠯᠳᠤᠭᠴᠢ᠎ᠶᠢ ᠠᠩᠬ᠎ᠠ ᠤᠳᠠᠭ᠎ᠠ ᠨᠠᠷᠢᠨ ᠲᠣᠳᠤᠷᠬᠠᠢ ᠣᠯᠵᠤ ᠦᠵᠡᠭᠰᠡᠨ ᠮᠡᠲᠦ ᠪᠠᠢᠯ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082