ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠡᠲᠡᠷᠯᠡᠭ᠌ᠰᠡᠨ ᠬᠣᠶᠠᠷ ᠢᠮᠠᠭ᠎ᠠ

ᠰᠣᠳᠨᠠᠮ

ᠨᠢᠭᠡ

ᠡᠷᠲᠡ ᠤᠷᠢᠳᠤ ᠴᠠᠭ᠎ᠲᠤ ᠨᠢᠭᠡᠨ ᠠᠢᠯ᠎ᠤᠨ ᠰᠦᠷᠦᠭ ᠳᠡᠭᠡᠷ᠎ᠡ ᠬᠣᠶᠠᠷ ᠪᠦᠳᠦᠭᠦᠨ ᠡᠷ᠎ᠡ ᠢᠮᠠᠭ᠎ᠠ ᠪᠠᠢᠵᠠᠢ ᠭᠡᠨ᠎ᠡ᠃ ᠨᠢᠭᠡ᠎ᠨᠢ ᠪᠤᠭᠤ᠎ᠶᠢᠨ ᠴᠢᠨᠡᠭᠡ ᠪᠡᠶ᠎ᠡ᠎ᠲᠡᠢ᠂ ᠪᠣᠯᠤᠳ ᠰᠡᠯᠡᠮ᠎ᠡ ᠡᠪᠡᠷᠲᠡᠢ᠂ ᠦᠵᠡᠬᠦ᠎ᠳᠦ ᠦᠵᠡᠮᠵᠢ᠎ᠲᠡᠢ ᠪᠥᠭᠡᠳ ᠰᠦᠷᠲᠡᠢ ᠴᠠᠭᠠᠨ ᠢᠮᠠᠭ᠎ᠠ ᠠᠵᠢ᠃ ᠨᠥᠭᠦᠭᠡ᠎ᠨᠢ ᠪᠢᠷᠠᠭᠤ ᠮᠡᠲᠦ ᠪᠡᠶ᠎ᠡ᠎ᠲᠡᠢ᠂ ᠮᠤᠬᠤᠷ ᠲᠣᠯᠤᠭᠠᠢ᠎ᠲᠠᠢ᠂ ᠬᠠᠷᠠᠬᠤ᠎ᠳᠤ ᠬᠠᠴᠢᠨ ᠬᠦᠳᠡᠷ ᠪᠥᠭᠡᠳ ᠮᠤᠨᠳᠠᠭ ᠬᠥᠬᠡ ᠢᠮᠠᠭ᠎ᠠ ᠠᠵᠤᠭᠤ᠃ ᠡᠨᠡ ᠬᠣᠶᠠᠷ ᠢᠮᠠᠭ᠎ᠠ ᠤᠯᠠᠷᠢᠯ᠎ᠤᠨ ᠭᠠᠮᠰᠢᠭ᠎ᠲᠤ ᠣᠯᠠᠨ᠎ᠤ ᠡᠮᠦᠨ᠎ᠡ ᠣᠷᠤᠵᠤ᠂ ᠴᠠᠭ᠎ᠤᠨ ᠬᠠᠲᠠᠭᠤ᠎ᠳᠤ ᠰᠦᠷᠦᠭ᠎ᠢᠶᠡᠨ ᠳᠠᠭᠠᠭᠤᠯᠤᠨ ᠪᠡᠯᠴᠢᠳᠡᠭ ᠲᠤᠯᠠ ᠡᠵᠡᠨ᠎ᠳᠡᠭᠡᠨ ᠲᠦᠰᠢᠭ ᠪᠣᠯᠵᠤ ᠰᠦᠷᠦᠭ᠎ᠲᠡᠭᠡᠨ ᠰᠦᠯᠳᠡ ᠪᠣᠯᠵᠤ ᠪᠠᠢᠵᠠᠢ᠃ ᠡᠪᠦᠭᠡᠨ ᠬᠣᠨᠢᠴᠢᠨ ᠮᠠᠰᠢ ᠶᠡᠬᠡ ᠪᠠᠶᠠᠷᠯᠠᠵᠤ: 《ᠤᠤᠬᠠᠢ ᠳ᠋ᠠ᠂ ᠡᠪᠦᠭᠡᠨ ᠪᠢ ᠥᠲᠡᠯᠦᠭᠡ ᠪᠣᠯᠲᠠᠯ᠎ᠠ ᠢᠮᠠᠭ᠎ᠠ ᠬᠠᠷᠢᠭᠤᠯᠵᠤ ᠶᠠᠪᠤᠬᠤ᠎ᠳᠠᠭᠠᠨ ᠶᠡᠷᠦ᠎ᠨᠢ ᠡᠢᠮᠦ ᠰᠠᠢᠨ ᠢᠮᠠᠭ᠎ᠠ᠎ᠲᠠᠢ ᠪᠣᠯᠵᠤ ᠦᠵᠡᠭᠡ᠎ᠦᠭᠡᠢ᠃ ᠬᠥᠭᠡᠷᠦᠬᠦᠢ᠂ ᠬᠥᠭᠡᠷᠦᠬᠦᠢ᠂ ᠰᠦᠷᠦᠭ᠎ᠦᠨ᠎ᠮᠢᠨᠢ ᠰᠦᠯᠳᠡ ᠪᠣᠯᠵᠤ ᠶᠠᠪᠤ!》 ᠭᠡᠳ ᠲᠠᠪᠤᠨ ᠥᠩᠭᠡ᠎ᠶᠢᠨ ᠭᠬᠢᠪ ᠬᠠᠳᠠᠭ᠎ᠢᠶᠠᠷ ᠰᠡᠲᠡᠷ ᠬᠢᠵᠦ ᠬᠣᠶᠠᠭᠤᠯᠠ᠎ᠶᠢᠨ ᠬᠦᠵᠦᠭᠦᠨ᠎ᠳᠦᠨᠢ ᠵᠡᠭᠦᠯᠭᠡᠵᠦ ᠥᠭᠴᠡᠢ᠃ ᠢᠩᠭᠢᠭᠡᠳ ᠰᠡᠯᠡᠮ᠎ᠡ ᠡᠪᠡᠷᠲᠡᠢ ᠴᠠᠭᠠᠨ ᠢᠮᠠᠭ᠎ᠠ ᠪᠣᠯᠤᠨ ᠮᠤᠬᠤᠷ ᠲᠣᠯᠤᠭᠠᠢ᠎ᠲᠠᠢ ᠬᠥᠬᠡ ᠢᠮᠠᠭ᠎ᠠ ᠬᠣᠶᠠᠷ ᠲᠡᠭᠷᠢ᠎ᠶᠢᠨ ᠬᠡᠰᠢᠭ᠎ᠢ ᠡᠳ᠋ᠯᠡᠬᠦ ᠪᠣᠯᠵᠤ᠂ ᠶᠠᠷᠭᠠᠴᠢᠨ᠎ᠤ ᠬᠢᠲᠤᠭ᠎ᠠ ᠡᠪᠴᠢᠭᠦᠨ᠎ᠳᠦᠨᠢ ᠴᠢᠭᠯᠡᠬᠦ᠎ᠦᠭᠡᠢ᠂ ᠢᠮᠠᠭᠠᠴᠢᠨ᠎ᠤ ᠰᠢᠯᠪᠢᠭᠦᠷ ᠪᠡᠶ᠎ᠡ ᠳᠡᠭᠡᠷ᠎ᠡ᠎ᠨᠢ ᠬᠦᠷᠬᠦ᠎ᠦᠭᠡᠢ ᠪᠣᠯᠤᠭᠠᠳ ᠨᠢᠭᠡᠮᠦᠰᠦᠨ ᠪᠤᠬᠠᠰᠢᠨ ᠲᠠᠷᠯᠠᠪᠠ᠃

ᠥᠷᠯᠦᠭᠡ ᠪᠦᠷᠢ ᠬᠣᠨᠢ ᠢᠮᠠᠭ᠎ᠠ ᠭᠠᠷᠬᠤ᠎ᠳᠤ ᠴᠠᠭᠠᠨ ᠢᠮᠠᠭ᠎ᠠ ᠳᠡᠷᠡᠯᠵᠡᠨ ᠰᠡᠷᠡᠯᠵᠡᠵᠦ᠂ ᠬᠥᠬᠡ ᠢᠮᠠᠭ᠎ᠠ ᠣᠨᠳᠤᠯᠵᠠᠨ ᠰᠠᠭᠰᠠᠯᠵᠠᠭᠰᠠᠭᠠᠷ ᠰᠦᠷᠦᠭ᠎ᠦᠨ ᠲᠦᠷᠦᠭᠦᠨ᠎ᠳᠦ ᠣᠷᠤᠵᠤ ᠪᠡᠯᠴᠢᠭᠡᠷ ᠵᠦᠭ ᠴᠢᠭᠯᠡᠬᠦ᠎ᠳᠦ᠂ ᠬᠣᠨᠢ ᠢᠮᠠᠭᠠᠳ ᠢᠪᠡᠷᠡᠨ ᠴᠤᠪᠤᠷᠠᠵᠤ ᠱᠣᠵᠢᠷ ᠱᠣᠵᠢᠷ ᠠᠯᠬᠤᠯᠠᠨ᠎ᠠ᠃ ᠬᠡᠭᠡᠷ᠎ᠡ ᠲᠠᠯ᠎ᠠ᠎ᠪᠠᠷ ᠲᠠᠷᠬᠠᠨ ᠪᠡᠯᠴᠢᠭᠰᠡᠨ ᠬᠣᠨᠢᠳ ᠡᠨᠳᠡ ᠲᠡᠨᠳᠡ ᠪᠥᠭᠡᠮᠨᠡᠷᠡᠨ ᠲᠠᠪᠠᠲᠠᠢ ᠰᠠᠢᠬᠠᠨ ᠲᠣᠭᠲᠠᠨ ᠢᠳᠡᠰᠢᠯᠡᠵᠦ ᠪᠠᠢᠬᠤ᠎ᠳᠤ᠂ ᠡᠨᠡ ᠬᠣᠶᠠᠷ ᠢᠮᠠᠭ᠎ᠠ ᠡᠪᠡᠰᠦᠨ᠎ᠦ ᠰᠤᠷ᠎ᠢ ᠰᠠᠷᠮᠠᠨ ᠢᠳᠡᠵᠦ ᠤᠰᠤᠨ᠎ᠤ ᠲᠤᠩᠭᠠᠯᠠᠭ᠎ᠢ ᠰᠢᠮᠡᠨ ᠤᠤᠭᠤᠭᠠᠳ ᠰᠦᠷᠦᠭ᠎ᠦᠨ ᠳᠤᠮᠳᠠᠭᠤᠷ ᠨᠠᠰᠢ ᠴᠠᠰᠢ ᠬᠡᠭᠵᠡᠢᠯᠵᠡᠨ ᠰᠡᠭᠡᠷ ᠪᠣᠰᠭᠠᠨ ᠲᠡᠨᠦᠯᠵᠡᠨ ᠠᠯᠬᠤᠨ᠎ᠠ᠃ ᠬᠣᠨᠢᠳ᠎ᠤᠨ ᠳᠡᠷᠭᠡᠳᠡᠭᠦᠷ ᠰᠡᠷᠬᠡᠯᠵᠡᠨ ᠥᠩᠭᠡᠷᠡᠬᠦ ᠣᠮᠤᠭᠯᠠᠭᠤᠨ ᠪᠠᠢᠳᠠᠯ᠎ᠢ᠎ᠨᠢ ᠦᠵᠡᠪᠡᠯ 《ᠪᠢ ᠪᠣᠯ ᠲᠡᠭᠷᠢ᠎ᠶᠢᠨ ᠲᠠᠭᠠᠯᠠᠯ᠎ᠲᠠᠢ ᠠᠮᠢᠲᠠᠨ᠂ ᠲᠠ᠎ᠨᠠᠷ ᠪᠣᠯ ᠭᠠᠵᠠᠷ᠎ᠤᠨ ᠵᠠᠶᠠᠭ᠎ᠠ᠎ᠲᠠᠢ ᠠᠳᠤᠭᠤᠰᠤ!》 ᠬᠡᠮᠡᠨ ᠥᠭᠦᠯᠡᠬᠦ ᠮᠡᠲᠦ ᠪᠣᠯᠠᠢ᠃ ᠲᠦᠮᠡᠨ ᠬᠣᠨᠢᠨ᠎ᠤ ᠳᠤᠮᠳᠠ ᠲᠡᠳᠡᠨ᠎ᠡᠴᠡ ᠰᠦᠷᠲᠡᠢ ᠠᠮᠢᠲᠠᠨ᠎ᠦᠭᠡᠢ ᠲᠤᠯᠠ ᠡᠳᠡ ᠬᠣᠶᠠᠷ᠎ᠴᠤ ᠥᠪᠡᠷ᠎ᠦᠨ ᠪᠡᠶ᠎ᠡ᠎ᠳᠡᠭᠡᠨ ᠦᠯᠡᠮᠵᠢ ᠡᠷᠡᠮᠰᠢᠬᠦ ᠪᠣᠯᠵᠤᠬᠤᠢ᠃ ᠦᠳᠡᠰᠢ ᠪᠣᠯᠵᠤ ᠬᠣᠨᠢᠨ ᠰᠦᠷᠦᠭ ᠬᠣᠲᠠᠨ᠎ᠳᠠᠭᠠᠨ ᠪᠤᠴᠠᠬᠤ᠎ᠳᠤ᠂ ᠡᠨᠡ ᠬᠣᠶᠠᠷ ᠪᠠᠰᠠ ᠰᠦᠷᠦᠭ᠎ᠢᠶᠡᠨ ᠳᠠᠭᠠᠭᠤᠯᠵᠤ ᠮᠥᠷᠭᠦᠯᠳᠦᠨ ᠬᠠᠪᠢᠷᠤᠯᠳᠤᠭᠰᠠᠭᠠᠷ ᠬᠣᠲᠠ᠎ᠪᠠᠨ ᠴᠢᠭᠯᠡᠨ᠎ᠡ᠃ ᠪᠤᠰᠤᠳ ᠬᠣᠨᠢ ᠢᠮᠠᠭ᠎ᠠ ᠳᠠᠭᠠᠯᠳᠤᠨ ᠢᠷᠡᠵᠦ ᠳᠡᠷᠭᠡᠳᠡ᠎ᠨᠢ ᠣᠴᠢᠪᠠᠯ ᠡᠷᠭᠢᠨ ᠬᠠᠷᠠᠵᠤ 《ᠨᠠᠳᠠ᠎ᠠᠴᠠ ᠵᠠᠢᠲᠠᠢ ᠶᠠᠪᠤ!》 ᠭᠡᠰᠡᠨ ᠮᠠᠶᠢᠭᠲᠠᠢ ᠰᠡᠵᠢᠨ ᠶᠠᠪᠤᠭᠤᠯᠤᠨ᠎ᠠ᠃ ᠪᠤᠰᠤᠳ ᠬᠣᠨᠢᠳ᠎ᠴᠤ ᠲᠡᠳᠡᠨ᠎ᠦ ᠬᠠᠭᠠᠰ ᠵᠡᠷᠯᠢᠭ ᠪᠠᠢᠳᠠᠯ ᠢᠯᠡᠷᠡᠭᠰᠡᠨ ᠭᠥᠯᠢᠢᠨ ᠰᠢᠷᠲᠡᠬᠦ ᠴᠡᠩᠬᠡᠷ ᠬᠥᠬᠡ ᠨᠢᠳᠦᠨ᠎ᠡᠴᠡ᠎ᠨᠢ ᠠᠶᠤᠨ ᠵᠠᠢᠯᠠᠵᠤ᠂ ᠭᠠᠵᠠᠷ ᠬᠠᠷᠠᠨ ᠳᠣᠩᠭᠤᠰ ᠳᠣᠩᠭᠤᠰ ᠠᠯᠬᠤᠯᠠᠨ ᠳᠠᠭᠠᠵᠤ ᠴᠤᠪᠤᠷᠠᠨ᠎ᠠ᠃

ᠬᠥᠬᠡ᠂ ᠴᠠᠭᠠᠨ ᠢᠮᠠᠭ᠎ᠠ ᠢᠩᠭᠢᠵᠦ ᠰᠡᠲᠡᠷ ᠬᠡᠢᠰᠭᠡᠨ ᠬᠠᠪᠢᠷᠤᠯᠳᠤᠵᠤ ᠶᠠᠪᠤᠭᠰᠠᠭᠠᠷ᠂ ᠬᠣᠵᠢᠮ᠎ᠨᠢ ᠪᠣᠯᠤᠭᠠᠳ ᠵᠠᠮ ᠪᠤᠯᠢᠶᠠᠯᠳᠤᠨ ᠮᠥᠷᠭᠦᠯᠳᠦᠬᠦ ᠪᠣᠯᠪᠠ᠃ ᠲᠦᠮᠡᠨ ᠬᠣᠨᠢ ᠴᠤᠪᠤᠷᠠᠵᠤ ᠪᠠᠭᠲᠠᠮᠠᠷ ᠶᠡᠬᠡ ᠵᠠᠮ᠎ᠨᠢ ᠡᠨᠡ ᠬᠣᠶᠠᠷ᠎ᠲᠤ ᠨᠠᠷᠢᠳᠠᠭᠰᠠᠨ ᠪᠠᠢᠵᠠᠢ᠃ ᠴᠠᠭᠠᠨ ᠢᠮᠠᠭ᠎ᠠ ᠰᠡᠭᠡᠷ ᠡᠪᠡᠷ᠎ᠢᠶᠡᠨ ᠰᠡᠷᠡᠯᠵᠡᠭᠦᠯᠦᠨ ᠰᠦᠷᠦᠭ᠎ᠦᠨ ᠲᠦᠷᠦᠭᠦᠨ᠎ᠳᠦ ᠣᠷᠤᠬᠤ᠎ᠳᠤ ᠮᠤᠬᠤᠷ ᠬᠥᠬᠡ ᠲᠡᠭᠦᠨ᠎ᠢ ᠬᠥᠨᠳᠡᠯᠢᠳᠲᠡᠯ᠎ᠡ᠎ᠨᠢ ᠨᠦᠳᠦᠵᠦ ᠣᠷᠬᠢᠭᠠᠳ ᠡᠮᠦᠨ᠎ᠡ᠎ᠨᠢ ᠭᠠᠷᠤᠨ᠎ᠠ᠃ ᠲᠡᠭᠡᠬᠦᠯᠡᠷ ᠠᠭᠤᠷ ᠬᠢᠯᠢᠩ ᠲᠥᠷᠦᠭᠰᠡᠨ ᠴᠠᠭᠠᠨ ᠢᠮᠠᠭ᠎ᠠ ᠨᠠᠢᠷ ᠲᠠᠯᠪᠢᠯ᠎ᠦᠭᠡᠢ ᠭᠦᠶᠦᠵᠦ ᠬᠦᠷᠦᠭᠡᠳ ᠰᠡᠵᠢᠵᠦ ᠵᠠᠢᠯᠠᠭᠤᠯᠤᠨ᠂ ᠮᠥᠨ ᠰᠦᠷᠦᠭ᠎ᠦᠨ ᠲᠦᠷᠦᠭᠦᠨ᠎ᠳᠦ ᠱᠣᠭᠰᠢᠨ᠎ᠠ᠃ ᠬᠣᠶᠠᠷ ᠢᠮᠠᠭ᠎ᠠ ᠬᠠᠷᠢᠯᠴᠠᠨ ᠵᠠᠮ ᠬᠡᠷᠦᠭᠰᠡᠭᠡᠷ ᠪᠠᠢᠵᠤ᠂ ᠬᠠᠶᠠ᠎ᠳᠠᠭᠠᠨ ᠶᠠᠪᠤᠬᠤ᠎ᠪᠠᠨ ᠪᠣᠯᠢᠭᠠᠳ ᠮᠥᠷᠭᠦᠯᠳᠦᠨ ᠡᠬᠢᠯᠡᠬᠦ᠎ᠳᠦ ᠠᠷᠤ᠎ᠳᠤᠨᠢ ᠳᠠᠭᠠᠭᠰᠠᠨ ᠬᠣᠨᠢᠳ ᠡᠳᠡ ᠬᠣᠶᠠᠷ᠎ᠢ ᠦᠷᠭᠦᠵᠦ ᠰᠣᠴᠢᠭᠰᠠᠨ ᠪᠠᠢᠳᠠᠯ᠎ᠲᠠᠢ ᠬᠠᠷᠠᠵᠤ ᠠᠪᠤᠭᠠᠳ ᠵᠠᠮ᠎ᠢ ᠳᠠᠭᠠᠵᠤ ᠬᠠᠭᠠᠷᠠᠨ ᠴᠤᠪᠤᠵᠤ ᠬᠣᠲᠠ ᠤᠷᠤᠭᠤ᠎ᠪᠠᠨ ᠶᠠᠪᠤᠨ᠎ᠠ᠃ ᠬᠥᠬᠡ ᠴᠠᠭᠠᠨ ᠬᠣᠶᠠᠷ ᠢᠮᠠᠭ᠎ᠠ᠂ ᠰᠦᠷᠦᠭ᠎ᠦᠨ ᠰᠡᠭᠦᠯ᠎ᠳᠦ ᠬᠣᠴᠤᠷᠤᠭᠠᠳ᠂ ᠢᠳᠡᠭᠰᠡᠨ᠎ᠢᠶᠡᠨ ᠰᠢᠩᠭᠡᠭᠡᠵᠦ ᠲᠠᠷ᠎ᠢᠶᠠᠨ ᠪᠠᠷᠠᠲᠠᠯ᠎ᠠ ᠮᠥᠷᠭᠦᠯᠳᠦᠭᠡᠳ᠂ ᠬᠡᠨ ᠠᠯᠢᠨ᠎ᠢᠶᠠᠨ ᠳᠠᠢᠯᠵᠦ ᠴᠢᠳᠠᠬᠤ᠎ᠦᠭᠡᠢ ᠪᠣᠯᠬᠤᠯᠠᠷ ᠭᠥᠨᠳᠡᠭ ᠰᠥᠨᠳᠡᠭ ᠠᠯᠬᠤᠯᠠᠨ ᠬᠦᠷᠢᠶ᠎ᠡ ᠬᠣᠲᠠᠨ᠎ᠳᠠᠭᠠᠨ ᠪᠤᠴᠠᠨ᠎ᠠ᠃

ᠡᠨᠡ ᠬᠣᠶᠠᠷ ᠢᠮᠠᠭ᠎ᠠ ᠮᠥᠷᠭᠦᠯᠳᠦᠵᠦ ᠪᠠᠢᠭᠰᠠᠨ᠎ᠠᠴᠠ᠎ᠪᠠᠨ ᠥᠰ ᠪᠠᠷᠢᠯᠳᠤᠵᠤ᠂ ᠬᠠᠪᠢᠷᠤᠯᠳᠤᠵᠤ ᠪᠠᠢᠭᠰᠠᠨ᠎ᠠᠴᠠ᠎ᠪᠠᠨ ᠬᠣᠷᠤᠰᠤᠯ᠎ᠲᠠᠢ ᠪᠣᠯᠵᠤ ᠢᠷᠡᠯ᠎ᠡ᠃ ᠦᠳᠡᠰᠢ ᠰᠥᠨᠢ᠎ᠶᠢᠨ ᠭᠦᠨ ᠣᠯᠠᠨ ᠬᠣᠨᠢᠳ ᠲᠠᠭᠠᠲᠠᠢ ᠰᠠᠢᠬᠠᠨ ᠬᠡᠪᠢᠨ ᠬᠡᠪᠲᠡᠵᠦ ᠪᠠᠢᠬᠤ᠎ᠳᠤ᠂ ᠡᠳᠡ ᠬᠣᠶᠠᠷ ᠰᠢᠷ᠎ᠠ ᠲᠤᠶᠠᠭ᠎ᠠ ᠰᠠᠴᠤᠷᠠᠭᠤᠯᠤᠭᠰᠠᠨ ᠴᠡᠩᠬᠡᠷ ᠨᠢᠳᠦ᠎ᠪᠡᠨ ᠭᠥᠯᠢᠢᠯᠵᠡᠭᠦᠯᠦᠨ: 《ᠮᠠᠭᠤ ᠰᠡᠪᠡᠰᠦ ᠴᠢ ᠡᠨᠡ ᠰᠥᠨᠢ ᠴᠢᠨᠤ᠎ᠠ᠎ᠶᠢᠨ ᠬᠣᠭᠤᠯᠠ ᠪᠣᠯᠤᠭᠠᠰᠠᠢ ᠳ᠋ᠠ !》 ᠭᠡᠵᠦ ᠬᠠᠷᠢᠯᠴᠠᠨ ᠵᠠᠨᠤᠯᠬᠢᠯᠠᠨ ᠬᠡᠪᠲᠡᠨ᠎ᠡ᠃

ᠲᠤᠩᠭᠠᠯᠠᠭ ᠰᠠᠢᠬᠠᠨ ᠬᠠᠪᠤᠷ᠎ᠤᠨ ᠥᠷᠯᠦᠭᠡ᠂ ᠪᠡᠯᠴᠢᠭᠡᠷ᠎ᠲᠦ ᠭᠠᠷᠤᠭᠰᠠᠨ ᠬᠣᠨᠢ ᠢᠮᠠᠭᠠᠳ ᠳᠣᠪᠤ ᠰᠣᠨᠳᠤᠤᠯᠠ ᠳᠡᠭᠡᠭᠦᠷ ᠲᠠᠷᠬᠠᠵᠤ᠂ ᠡᠳᠦᠷ᠎ᠦᠨ ᠰᠠᠢᠬᠠᠨ᠎ᠳᠤ ᠰᠢᠨ᠎ᠡ ᠰᠣᠷᠭᠤᠭ ᠡᠪᠡᠰᠦ ᠨᠣᠭᠤᠭ᠎ᠠ᠎ᠶᠢ ᠲᠣᠯᠤᠭᠠᠢ ᠥᠨᠳᠡᠢᠯ᠎ᠦᠭᠡᠢ ᠴᠢᠮᠬᠢᠯᠡᠨ ᠢᠳᠡᠰᠢᠯᠡᠵᠦ ᠪᠠᠢᠬᠤ᠎ᠳᠤ ᠬᠥᠬᠡ ᠴᠠᠭᠠᠨ ᠬᠣᠶᠠᠷ ᠢᠮᠠᠭ᠎ᠠ᠂ ᠰᠦᠷᠦᠭ᠎ᠦᠨ ᠳᠤᠮᠳᠠᠭᠤᠷ ᠡᠰᠢ᠎ᠪᠡᠨ ᠬᠠᠷᠠᠵᠤ ᠲᠡᠰᠢ᠎ᠪᠡᠨ ᠰᠣᠯᠢᠯᠴᠠᠨ᠂ ᠶᠠᠮᠠᠷ ᠨᠢᠭᠡᠨ ᠬᠡᠷᠡᠭ᠎ᠲᠦ ᠴᠠᠭᠯᠠᠰᠢ᠎ᠦᠭᠡᠢ ᠶᠠᠭᠠᠷᠠᠵᠤ ᠪᠠᠢᠭ᠎ᠠ ᠮᠡᠲᠦ ᠶᠠᠪᠤᠨ᠎ᠠ᠃ ᠬᠡᠳᠦᠨ ᠬᠡᠨᠵᠡ ᠬᠤᠷᠠᠭ᠎ᠠ ᠨᠣᠭᠤᠭᠠᠨ ᠳᠡᠷᠡᠰᠦᠨ ᠳᠡᠭᠡᠷ᠎ᠡ ᠪᠥᠭᠡᠮᠨᠡᠷᠡᠵᠦ ᠪᠠᠢᠬᠤ᠎ᠶᠢ ᠪᠡᠯᠴᠢᠭᠡᠷ᠎ᠦᠨ ᠰᠠᠢᠨ᠎ᠢ ᠡᠵᠡᠷᠬᠡᠬᠦ ᠬᠤᠪᠢ᠎ᠲᠠᠢ ᠴᠠᠭᠠᠨ ᠢᠮᠠᠭ᠎ᠠ ᠣᠯᠵᠤ ᠦᠵᠡᠮᠡᠭᠴᠡ ᠬᠦᠷᠴᠦ ᠣᠴᠢᠭᠠᠳ᠂ ᠪᠠᠭᠤᠷᠠᠢ ᠳᠣᠷᠤᠢ ᠬᠡᠨᠵᠡ ᠬᠤᠷᠠᠭ᠎ᠠ᠎ᠨᠤᠭᠤᠳ᠎ᠢ ᠰᠡᠵᠢᠨ ᠵᠠᠢᠯᠠᠭᠤᠯᠵᠤ ᠭᠠᠭᠴᠠᠭᠠᠷ᠎ᠢᠶᠠᠨ ᠢᠳᠡᠰᠢᠯᠡᠵᠦ ᠭᠠᠷᠤᠯ᠎ᠠ᠃ ᠲᠡᠭᠡᠲᠡᠯ᠎ᠠ ᠬᠥᠬᠡ ᠢᠮᠠᠭ᠎ᠠ᠎ᠴᠤ ᠪᠠᠰᠠ ᠳᠣᠩᠭᠤᠰ ᠳᠣᠩᠭᠤᠰ ᠠᠯᠬᠤᠯᠠᠨ ᠲᠣᠯᠤᠭᠠᠢ ᠰᠠᠵᠢᠯᠠᠨ ᠢᠷᠡᠬᠦ᠎ᠳᠦ᠂ ᠰᠡᠷᠡᠭᠡᠷ ᠴᠠᠭᠠᠨ ᠢᠳᠡᠰᠢᠯᠡᠬᠦ᠎ᠶᠢᠨ ᠬᠠᠮᠲᠤ ᠭᠥᠯᠢᠢᠨ ᠬᠠᠷᠠᠭᠠᠳ: 《ᠮᠠᠭᠤ ᠲᠤᠷᠤᠰᠭ᠎ᠠ ᠴᠢ ᠲᠦᠷᠭᠡᠬᠡᠨ ᠵᠠᠢᠯᠠ!ᠮᠢᠨᠦ ᠣᠯᠤᠭᠰᠠᠨ ᠪᠤᠲᠠ᠎ᠠᠴᠠ ᠮᠥᠳᠳᠦᠬᠡᠨ ᠵᠠᠢᠯᠠᠬᠤ᠎ᠦᠭᠡᠢ ᠪᠣᠯ ᠮᠥᠷᠭᠦᠵᠦ ᠴᠢᠮᠠᠢ ᠠᠯᠠᠨ᠎ᠠ!》 ᠭᠡᠰᠡᠨ᠎ᠳᠦ ᠬᠥᠬᠡ ᠢᠮᠠᠭ᠎ᠠ: 《 ᠲᠡᠭᠷᠢ᠎ᠡᠴᠡ ᠲᠠᠷᠢᠭᠰᠠᠨ ᠪᠤᠲᠠ ᠪᠣᠷᠤᠯᠵᠢ᠎ᠶᠢ ᠲᠡᠭᠷᠢ᠎ᠶᠢᠨ ᠢᠮᠠᠭ᠎ᠠ ᠢᠳᠡᠬᠦ᠎ᠨᠢ ᠵᠦᠢ᠂ ᠲᠡᠷᠡ᠎ᠲᠡᠢ ᠲᠡᠷᠡ᠎ᠦᠭᠡᠢ ᠬᠤᠷᠳᠤᠨ ᠲᠣᠨᠢᠯ! ᠳᠡᠷᠡᠢᠭᠡᠷ ᠡᠪᠡᠷ᠎ᠢ᠎ᠴᠢᠨᠢ ᠬᠤᠭᠤ ᠮᠥᠷᠭᠦᠨ᠎ᠡ!》 ᠭᠡᠳ ᠱᠤᠩᠭᠤᠯᠠᠨ ᠣᠷᠤᠵᠤ ᠣᠴᠢᠪᠠ᠃ ᠴᠠᠭᠠᠨ ᠢᠮᠠᠭ᠎ᠠ ᠭᠥᠯᠢᠢᠨ ᠬᠠᠷᠠᠵᠤ ᠠᠪᠤᠭᠠᠳ ᠭᠠᠩᠭᠠᠩ ᠤᠷᠲᠤ ᠡᠪᠡᠷ᠎ᠢᠶᠡᠷ᠎ᠢᠶᠡᠨ ᠭᠠᠭᠴᠠᠬᠠᠨ ᠰᠡᠵᠢᠨ ᠣᠷᠬᠢᠭᠠᠳ᠂ ᠪᠤᠲᠠ᠎ᠶᠢ ᠬᠠᠮᠠᠭᠠᠯᠠᠨ ᠵᠣᠭᠰᠤᠬᠤ᠎ᠳᠤ ᠬᠥᠬᠡ ᠢᠮᠠᠭ᠎ᠠ ᠰᠠᠭᠰᠠᠭᠠᠷ ᠰᠡᠭᠦᠯ᠎ᠢᠶᠡᠨ ᠬᠥᠳᠡᠯᠭᠡᠨ ᠠᠭᠤᠷᠰᠠᠨ ᠬᠦᠷᠴᠦ ᠢᠷᠡᠭᠡᠳ᠂ ᠴᠠᠭᠠᠨ ᠢᠮᠠᠭ᠎ᠠ᠎ᠶᠢ ᠬᠥᠨᠳᠡᠯᠡᠨ᠎ᠡᠴᠡ᠎ᠨᠢ ᠬᠡᠷᠦᠵᠦ ᠨᠠᠢᠭᠤᠵᠤ ᠳᠠᠢᠪᠢᠲᠠᠯ᠎ᠠ᠎ᠨᠢ ᠮᠥᠷᠭᠦᠪᠡ᠃ ᠳᠠᠢᠰᠤᠩᠨᠠᠭᠴᠢ ᠬᠣᠶᠠᠷ ᠢᠮᠠᠭ᠎ᠠ ᠥᠭᠡᠳᠡ ᠥᠭᠡᠳᠡ᠎ᠡᠴᠡ᠎ᠪᠡᠨ ᠭᠥᠯᠢᠢᠯᠴᠡᠨ ᠵᠣᠭᠰᠤᠵᠤ ᠮᠥᠷᠭᠦᠯᠳᠦᠬᠦ᠎ᠪᠡᠷ ᠵᠡᠬᠡᠯ᠎ᠡ᠃ ᠡᠪᠡᠷᠲᠦ ᠴᠠᠭᠠᠨ ᠰᠡᠭᠡᠷ ᠪᠣᠰᠭᠠᠨ ᠬᠡᠳᠦᠨ ᠠᠯᠬᠤᠮ ᠤᠬᠤᠷᠢᠵᠤ ᠪᠠᠢᠭᠠᠳ ᠪᠣᠰᠴᠤ ᠢᠷᠡᠬᠦᠯᠡᠷ ᠮᠤᠬᠤᠷ ᠬᠥᠬᠡ᠎ᠴᠦ ᠳᠤᠬᠤ ᠱᠤᠩᠭᠤᠯᠠᠨ ᠣᠷᠤᠵᠤ ᠤᠷᠢᠳᠤ ᠤᠷᠢᠳᠤ᠎ᠠᠴᠠ᠎ᠪᠠᠨ ᠪᠦᠷ᠎ᠴᠦ ᠬᠣᠷᠤᠰᠤᠯᠲᠠᠢ ᠮᠥᠷᠭᠦᠯᠳᠦᠯ᠎ᠡ᠃ ᠪᠣᠰᠤᠨ ᠪᠣᠰᠤᠨ ᠲᠤᠯᠤᠨ᠎ᠠ᠂ ᠪᠤᠴᠠᠭᠠᠳ ᠪᠤᠴᠠᠭᠠᠳ ᠭᠠᠷᠤᠨ᠎ᠠ᠃ ᠳᠠᠯᠵᠢᠢᠨ ᠳᠠᠯᠵᠢᠢᠨ ᠮᠥᠷᠭᠦᠨ᠎ᠡ᠃ ᠳᠠᠬᠢᠭᠠᠳ ᠳᠠᠬᠢᠭᠠᠳ ᠢᠷᠡᠨ᠎ᠡ᠃

ᠲᠡᠳᠡᠨ᠎ᠦ ᠳᠡᠷᠭᠡᠳᠡᠭᠦᠷ ᠢᠳᠡᠰᠢᠯᠡᠵᠦ ᠶᠠᠪᠤᠭ᠎ᠠ ᠬᠣᠨᠢ ᠢᠮᠠᠭ᠎ᠠ 《ᠲᠦᠰ ᠨᠢᠰ》 ᠭᠡᠬᠦ ᠴᠢᠮᠡᠭᠡ᠎ᠶᠢ ᠰᠣᠨᠤᠰᠤᠭᠠᠳ ᠰᠣᠴᠢᠭᠰᠠᠨ ᠮᠠᠶᠢᠭᠲᠠᠢ ᠡᠷᠭᠢᠨ ᠡᠷᠭᠢᠨ ᠬᠠᠷᠠᠵᠤ ᠠᠪᠤᠭᠠᠳ ᠴᠢᠨᠠᠭᠰᠢ ᠪᠡᠯᠴᠢᠨ ᠶᠠᠪᠤᠨ᠎ᠠ᠃ ᠴᠢᠳᠠᠯ ᠮᠠᠭᠤᠲᠠᠢ ᠢᠰᠢᠭᠡ᠂ ᠬᠤᠷᠠᠭ᠎ᠠ᠂ ᠬᠡᠨᠵᠡ ᠨᠤᠭᠦᠳ ᠬᠥᠯ᠎ᠳᠦᠨᠢ ᠳᠠᠭᠠᠷᠢᠭᠳᠠᠬᠤ᠎ᠠᠴᠠ᠎ᠪᠠᠨ ᠠᠶᠤᠭᠠᠳ ᠵᠠᠢᠯᠠᠨ ᠳᠤᠲᠠᠭᠠᠨ᠎ᠠ᠃

ᠡᠳᠡ ᠬᠣᠶᠠᠷ ᠤᠳᠠᠲᠠᠯ᠎ᠠ ᠳᠠᠢᠳᠤᠵᠤ᠂ ᠬᠥᠰᠢᠲᠡᠯ᠎ᠡ᠎ᠪᠡᠨ ᠮᠥᠷᠭᠦᠯᠳᠦᠪᠡ᠃ ᠴᠠᠭᠠᠨ ᠢᠮᠠᠭ᠎ᠠ᠎ᠶᠢᠨ ᠡᠪᠡᠷ᠎ᠨᠢ ᠳᠣᠷᠭᠢᠵᠤ᠂ ᠬᠥᠬᠡ ᠢᠮᠠᠭᠠᠨ᠎ᠤ ᠳᠤᠬᠤ᠎ᠨᠢ ᠬᠣᠯᠴᠤᠷᠠᠭᠰᠠᠨ ᠪᠣᠯᠪᠠᠴᠤ ᠲᠡᠳᠡᠨ᠎ᠦ ᠭᠥᠯᠢᠢᠭᠰᠡᠨ ᠬᠠᠷᠠᠴᠠ᠎ᠳᠤ ᠬᠡᠨ ᠠᠯᠢᠨ᠎ᠢᠶᠠᠨ ᠤᠰᠠᠳᠭᠠᠬᠤ ᠭᠡᠰᠡᠨ ᠵᠠᠨᠤᠯ ᠢᠯᠡᠷᠬᠡᠢ᠃ ᠬᠥᠬᠡ ᠢᠮᠠᠭ᠎ᠠ᠎ᠶᠢᠨ ᠪᠤᠷᠤᠩᠬᠤᠢᠯᠠᠨ ᠲᠤᠯᠬᠤ᠎ᠶᠢ ᠡᠪᠡᠷᠲᠦ ᠴᠠᠭᠠᠨ ᠲᠡᠰᠴᠦ ᠶᠠᠳᠠᠬᠤ᠎ᠳᠠᠭᠠᠨ ᠡᠴᠦᠰ᠎ᠦᠨ ᠬᠦᠴᠦ᠎ᠪᠡᠨ ᠰᠢᠪᠬᠠᠵᠤ ᠱᠠᠯᠠᠮᠠᠭ ᠳᠠᠭᠠᠷᠢᠯᠲᠠ ᠬᠢᠯ᠎ᠡ᠃ ᠬᠥᠬᠡ ᠢᠮᠠᠭ᠎ᠠ ᠡᠷᠭᠢᠵᠦ ᠬᠠᠷᠠᠨ ᠲᠣᠰᠭᠤ ᠭᠡᠳ ᠡᠪ ᠲᠣᠬᠢᠶᠠᠯ᠎ᠢᠶᠠᠨ ᠣᠯᠤᠭᠰᠠᠨ᠎ᠦᠭᠡᠢ᠎ᠪᠠᠷ ᠡᠷᠢᠶᠡᠨ ᠨᠢᠳᠦ᠎ᠪᠡᠨ ᠰᠡᠵᠢᠭᠦᠯᠪᠡ᠃ ᠡᠨᠡ ᠳᠠᠯᠢᠮ᠎ᠢᠶᠠᠷ ᠡᠪᠡᠷᠲᠦ ᠴᠠᠭᠠᠨ ᠲᠡᠭᠦᠨ᠎ᠢ ᠤᠨᠠᠲᠠᠯ᠎ᠠ ᠮᠥᠷᠭᠦᠵᠦ ᠣᠷᠬᠢᠭᠠᠳ ᠳᠦᠢᠷᠡᠩᠭᠢ ᠲᠣᠯᠤᠭᠠᠢ᠎ᠪᠠᠨ ᠰᠠᠵᠢᠯᠠᠭᠰᠠᠭᠠᠷ ᠴᠢᠨᠠᠭᠰᠢ ᠣᠳᠪᠠ᠃

ᠬᠥᠬᠡ ᠢᠮᠠᠭ᠎ᠠ ᠡᠷᠢᠶᠡᠨ ᠨᠢᠳᠦ᠎ᠪᠡᠨ ᠰᠡᠵᠢᠭᠦᠯᠵᠦ ᠪᠠᠷᠠᠭᠠᠨ ᠴᠢᠰᠤ᠎ᠪᠠᠨ ᠭᠣᠭᠤᠵᠢᠭᠤᠯᠤᠨ ᠳᠠᠬᠢᠵᠤ ᠲᠤᠯᠬᠤ ᠲᠡᠩᠬᠡᠯ᠎ᠦᠭᠡᠢ ᠪᠣᠯᠬᠤ᠎ᠳᠠᠭᠠᠨ ᠲᠣᠯᠤᠭᠠᠢ᠎ᠪᠠᠨ ᠳᠠᠯᠵᠢᠭᠢᠨᠠᠨ ᠰᠡᠭᠰᠦᠷᠴᠦ ᠰᠦᠷᠦᠭ᠎ᠡᠴᠡ᠎ᠪᠡᠨ ᠰᠠᠯᠵᠤ ᠶᠠᠪᠤᠯ᠎ᠠ᠃

ᠬᠣᠶᠠᠷ

ᠬᠥᠬᠡ ᠢᠮᠠᠭ᠎ᠠ᠂ ᠠᠯᠤᠰ ᠲᠡᠷᠲᠡᠭᠡ ᠬᠥᠬᠡᠷᠡᠨ ᠬᠠᠷᠠᠭᠳᠠᠬᠤ ᠠᠭᠤᠯᠠ᠎ᠶᠢ ᠴᠢᠭᠯᠡᠨ ᠣᠳᠪᠠ᠃ ᠳᠠᠯᠵᠢᠰ ᠳᠠᠯᠵᠢᠰ ᠱᠣᠭᠰᠢᠨ᠎ᠠ᠂ ᠳᠠᠪᠠᠭ᠎ᠠ ᠬᠥᠪᠡᠭᠡ᠎ᠶᠢ ᠴᠢᠭᠯᠡᠨ᠎ᠡ᠃ ᠴᠢᠨᠲᠤᠰ ᠴᠢᠨᠲᠤᠰ ᠠᠯᠬᠤᠨ᠎ᠠ᠂ ᠴᠢᠰᠤ᠎ᠪᠠᠨ ᠦᠵᠡᠨ ᠬᠣᠷᠤᠰᠤᠨ᠎ᠠ᠃

《ᠬᠡᠭᠡᠷ᠎ᠡ᠎ᠶᠢᠨ ᠠᠮᠢᠲᠠᠨ ᠪᠦᠭᠦᠳᠡ ᠮᠠᠨ᠎ᠤ ᠰᠦᠯᠪᠡᠭᠡ ᠭᠡᠳᠡᠭ᠎ᠶᠦᠮᠰᠡᠨ᠃ ᠲᠡᠳᠡ ᠪᠣᠯ ᠴᠥᠮ ᠬᠦᠴᠦᠨ ᠴᠢᠳᠠᠯ᠎ᠲᠠᠢ ᠪᠥᠭᠡᠳ ᠤᠷᠠᠨ ᠰᠠᠮᠪᠠᠭ᠎ᠠ᠎ᠲᠠᠢ᠂ ᠮᠠᠨ᠎ᠰᠢᠭ᠋ ᠬᠣᠲᠠᠨ᠎ᠤ ᠲᠣᠭᠤᠰᠤᠨ᠎ᠳᠤ ᠳᠠᠷᠤᠭᠳᠠᠭᠰᠠᠨ ᠨᠣᠮᠤᠢ ᠠᠮᠢᠲᠠᠨ ᠪᠢᠰᠢ ᠳ᠋ᠡᠭ᠃ ᠲᠡᠳᠡᠨ᠎ᠢᠶᠡᠷ ᠮᠠᠭᠤ ᠡᠪᠡᠷᠲᠦ ᠴᠠᠭᠠᠨ᠎ᠢ ᠨᠢᠬᠠᠭᠤᠯᠵᠤ ᠣᠷᠬᠢᠶ᠎ᠠ》 ᠬᠡᠮᠡᠨ ᠪᠣᠳᠤᠨ ᠵᠣᠷᠢᠭ ᠣᠷᠤᠵᠤ᠂ ᠭᠥᠷᠦᠭᠡᠰᠦ ᠪᠣᠯᠭᠠᠨ᠎ᠠᠴᠠ ᠲᠤᠰᠠᠯᠠᠮᠵᠢ ᠡᠷᠢᠵᠦ᠂ ᠭᠦᠵᠢᠷ ᠴᠠᠭᠠᠨ᠎ᠠᠴᠠ ᠥᠰᠢᠶ᠎ᠡ ᠠᠪᠬᠤ᠎ᠪᠠᠷ ᠰᠢᠢᠳᠪᠡ᠃

ᠬᠥᠬᠡ ᠢᠮᠠᠭ᠎ᠠ ᠶᠠᠪᠤᠨ ᠶᠠᠪᠤᠭᠰᠠᠭᠠᠷ ᠬᠥᠬᠡᠷᠡᠨ ᠬᠠᠷᠠᠭᠳᠠᠬᠤ ᠥᠨᠳᠦᠷ ᠠᠭᠤᠯᠠᠨ᠎ᠤ ᠪᠡᠯ᠎ᠳᠦ ᠬᠦᠷᠦᠭᠡᠳ ᠤᠳᠠᠭᠰᠠᠨ᠎ᠦᠭᠡᠢ ᠵᠡᠷᠭᠡᠯᠭᠡᠨ ᠮᠡᠲᠦ ᠵᠢᠷᠢᠯᠵᠡᠨ ᠥᠩᠭᠡᠷᠡᠬᠦ ᠵᠡᠭᠡᠷ᠎ᠡ᠎ᠶᠢᠨ ᠰᠦᠷᠦᠭ᠎ᠲᠡᠢ ᠳᠠᠭᠠᠷᠢᠯᠳᠤᠪᠠ᠃ ᠬᠥᠬᠡ ᠢᠮᠠᠭ᠎ᠠ ᠬᠦᠵᠦᠭᠦᠦ᠎ᠪᠡᠨ ᠭᠣᠳᠤᠰᠬᠢᠵᠦ ᠮᠤᠬᠤᠷ ᠲᠣᠯᠤᠭᠠᠢ᠎ᠪᠠᠨ ᠮᠤᠯᠲᠤᠰᠬᠢᠨ ᠤᠷᠤᠭᠰᠢ ᠣᠴᠢᠵᠤ:

《ᠵᠡᠭᠡᠷ᠎ᠡ ᠡ! ᠵᠡᠭᠡᠷ᠎ᠡ ᠡ! ᠵᠡᠷᠭᠡᠴᠡᠵᠦ ᠨᠠᠳᠠᠲᠠᠢ ᠵᠣᠭᠰᠤᠵᠤ ᠪᠠᠢ᠃ ᠵᠢᠭᠡ ᠨᠠᠭᠠᠴᠤ᠎ᠶᠤᠮ ᠰᠢᠤ ᠪᠢᠳᠡ ᠬᠣᠶᠠᠷ᠃ ᠵᠡᠷᠯᠢᠭ ᠴᠠᠭᠠᠨ ᠬᠡᠴᠡᠭᠦᠳᠡᠵᠦ ᠪᠠᠢᠨ᠎ᠠ᠃ ᠰᠡᠲᠡᠷ ᠵᠡᠭᠦᠭᠰᠡᠨ᠎ᠳᠡᠭᠡᠨ ᠰᠡᠩᠳᠡᠭᠡᠨᠡᠵᠦ᠂ ᠰᠡᠵᠢᠵᠦ ᠮᠥᠷᠭᠦᠬᠦ᠎ᠨᠢ ᠳᠡᠩᠳᠡᠭᠦᠦ ᠪᠣᠯᠪᠠ᠃ ᠳᠤᠬᠤ᠎ᠶᠢ᠎ᠮᠢᠨᠢ ᠮᠥᠷᠭᠦᠵᠦ ᠬᠠᠭᠠᠯᠤᠭᠠᠳ ᠴᠢᠰᠤ᠎ᠶᠢ᠎ᠮᠢᠨᠢ ᠠᠰᠭᠠᠵᠤ ᠳᠠᠷᠤᠯᠠᠪᠠ᠃ ᠲᠡᠭᠷᠢ᠎ᠶᠢᠨ ᠬᠡᠰᠢᠭᠲᠦ ᠨᠠᠮᠠᠢ ᠲᠡᠭᠡᠵᠦ ᠳᠠᠷᠤᠯᠠᠬᠤ᠎ᠨᠢ ᠵᠦᠢ᠎ᠦᠦ? ᠲᠤᠰᠠᠯᠠᠭᠠᠴᠢ! ᠲᠤᠰᠠᠯᠠᠭᠠᠴᠢ!》 ᠭᠡᠵᠦ ᠭᠤᠶᠤᠭᠰᠠᠨ᠎ᠳᠤ᠂ ᠰᠡᠷᠲᠡᠭᠡᠷ ᠴᠢᠬᠢ᠎ᠲᠡᠢ ᠵᠡᠭᠡᠷ᠎ᠡ᠂ ᠬᠥᠬᠡ ᠢᠮᠠᠭ᠎ᠠ᠎ᠶᠢ ᠰᠢᠷᠪᠢᠰᠬᠢᠨ ᠠᠪᠤᠭᠠᠳ ᠮᠠᠢᠯᠠᠵᠤ᠂ ᠬᠣᠯᠠ᠎ᠶᠢᠨ ᠪᠠᠷ᠎ᠠ᠎ᠶᠢ ᠰᠡᠷᠡᠰᠬᠢᠨ ᠬᠠᠷᠠᠵᠤ ᠰᠣᠨᠤᠷᠯᠠᠭᠠᠳ:

《ᠵᠡᠷᠭᠡᠯᠭᠡᠨ ᠲᠠᠲᠠᠭᠰᠠᠨ ᠲᠠᠯ᠎ᠠ ᠳᠡᠭᠡᠷ᠎ᠡ᠂ ᠵᠢᠷᠢᠢᠲᠡᠯ᠎ᠡ ᠳᠠᠪᠬᠢᠵᠤ ᠪᠣᠯᠪᠠᠰᠤᠷᠠᠨ᠎ᠠ ᠪᠢ᠃ ᠵᠡᠷᠯᠢᠭ ᠠᠮᠢᠲᠠᠨ ᠨᠠᠮᠠᠢ ᠲᠠᠭᠤᠪᠠᠯ᠂ ᠲᠣᠭᠤᠰᠤ᠎ᠪᠠᠨ ᠣᠷᠬᠢᠭᠠᠳ ᠶᠠᠪᠤᠨ᠎ᠠ ᠪᠢ᠃ ᠵᠢᠪ ᠬᠣᠪ᠎ᠢᠶᠠᠨ ᠲᠠᠲᠠ᠂ ᠵᠢᠯᠢᠢᠵᠦ ᠴᠢᠨᠠᠭᠰᠢ᠎ᠪᠠᠨ ᠲᠣᠨᠢᠯ!》 ᠭᠡᠳ ᠣᠭᠯᠤ ᠦᠰᠦᠷᠦᠨ ᠬᠠᠷᠠᠢᠵᠤ ᠣᠷᠤᠢ ᠳᠠᠪᠠᠨ ᠪᠠᠷ᠎ᠠ ᠲᠠᠰᠤᠷᠠᠪᠠ᠃

ᠬᠥᠬᠡ ᠢᠮᠠᠭ᠎ᠠ ᠪᠠᠰᠠ ᠴᠢᠨᠠᠭᠰᠢ᠎ᠪᠠᠨ ᠶᠠᠪᠤᠭᠰᠠᠨ᠎ᠳᠤ ᠪᠠᠯᠠᠷ ᠰᠥᠭᠡᠭ ᠴᠠᠭᠠᠨ᠎ᠠ᠎ᠨᠢ ᠪᠠᠭᠠᠨᠠᠳᠠᠨ ᠦᠵᠡᠭᠳᠡᠨ᠎ᠡ᠃ ᠬᠥᠬᠡ ᠢᠮᠠᠭ᠎ᠠ ᠪᠤᠲᠠ ᠰᠥᠭᠡᠭ᠎ᠦᠨ ᠳᠤᠮᠳᠠᠭᠤᠷ ᠵᠠᠢᠴᠢᠯᠠᠨ ᠣᠷᠤᠵᠤ ᠪᠦᠳᠦᠭᠦᠨ ᠨᠠᠷᠠᠰᠤᠨ᠎ᠤ ᠳᠡᠷᠭᠡᠳᠡ ᠣᠴᠢᠭᠰᠠᠨ᠎ᠴᠢᠨᠢ ᠰᠡᠭᠡᠷ ᠵᠣᠭᠳᠤᠷ᠎ᠨᠢ ᠪᠣᠰᠤᠭᠰᠠᠨ ᠰᠡᠯᠡᠮ᠎ᠡ ᠴᠠᠭᠠᠨ ᠰᠣᠶᠤᠭ᠎ᠠ᠎ᠲᠠᠢ ᠲᠣᠮᠤ ᠭᠡᠭᠴᠢ᠎ᠶᠢᠨ ᠪᠣᠳᠤᠩ ᠭᠠᠬᠠᠢ ᠨᠠᠷᠠᠨ᠎ᠤ ᠡᠭᠡᠪᠦᠷ᠎ᠲᠦ ᠵᠣᠭᠰᠤᠵᠤ ᠨᠠᠷᠠᠰᠤᠨ᠎ᠤ ᠳᠠᠪᠠᠷᠬᠠᠢ ᠳᠡᠭᠡᠷ᠎ᠡ ᠪᠡᠶ᠎ᠡ᠎ᠪᠡᠨ ᠱᠦᠷᠭᠦᠭᠡᠵᠦ ᠪᠠᠢᠯ᠎ᠠ᠃ ᠬᠥᠬᠡ ᠢᠮᠠᠭ᠎ᠠ ᠦᠵᠡᠭᠡᠳ ᠰᠦᠷᠳᠡᠭᠰᠡᠨ᠎ᠳᠡᠭᠡᠨ ᠪᠤᠲᠠᠨ᠎ᠤ ᠴᠠᠭᠠᠨ᠎ᠠ ᠣᠷᠤᠪᠠ᠃ ᠪᠣᠳᠤᠩ ᠭᠠᠬᠠᠢ ᠪᠡᠶ᠎ᠡ᠎ᠪᠡᠨ ᠠᠵᠢᠭ᠎ᠦᠭᠡᠢ ᠱᠦᠷᠭᠦᠭᠡᠵᠦ 《ᠬᠤᠷ᠎ᠠ ᠬᠤᠷ᠎ᠠ》 ᠳᠤᠤᠭᠠᠷᠤᠭᠰᠠᠭᠠᠷ: 《ᠶᠠᠭᠤ ᠪᠣᠯᠪᠠ? ᠶᠠᠮᠠᠷ ᠠᠮᠢᠲᠠᠨ ᠢᠷᠡᠪᠡ?》 ᠬᠡᠮᠡᠨ ᠠᠰᠠᠭᠤᠭᠰᠠᠨ᠎ᠳᠤ᠂ ᠬᠥᠬᠡ ᠢᠮᠠᠭ᠎ᠠ ᠬᠦᠵᠦᠭᠦᠨ᠎ᠳᠡᠬᠢ ᠰᠡᠲᠡᠷ᠎ᠢᠶᠡᠨ ᠰᠡᠭᠰᠦᠷᠴᠦ ᠬᠥᠪᠴᠢᠨ ᠪᠡᠶ᠎ᠡ᠎ᠪᠡᠨ ᠴᠡᠴᠡᠷᠡᠭᠦᠯᠦᠭᠰᠡᠭᠡᠷ ᠴᠠᠭᠠᠨ ᠢᠮᠠᠭ᠎ᠠ᠎ᠳᠤ ᠮᠥᠷᠭᠦᠭᠳᠡᠭᠰᠡᠨ ᠤᠴᠢᠷ᠎ᠢᠶᠠᠨ ᠴᠠᠭᠠᠪᠤᠷᠯᠠᠨ ᠲᠣᠭᠠᠴᠢᠭᠠᠳ: 《 ᠠᠪᠤᠭᠠᠢ ᠡ᠂ ᠮᠡᠷᠭᠡᠨ ᠴᠠᠭᠠᠨ ᠰᠡᠵᠢᠭᠦᠷ᠎ᠢᠶᠡᠷ᠎ᠢᠶᠡᠨ ᠳᠡᠭᠦᠦ ᠨᠠᠳᠠ᠎ᠪᠠᠨ ᠲᠤᠰᠠᠯᠠᠨ᠎ᠠ᠎ᠤᠤ? ᠮᠠᠭᠤ ᠴᠠᠭᠠᠨ ᠢᠮᠠᠭᠠᠨ᠎ᠤ ᠬᠡᠬᠦᠷᠡᠭ᠎ᠢ᠎ᠨᠢ ᠳᠡᠯᠭᠡᠵᠦ ᠭᠡᠳᠡᠰᠦ᠎ᠶᠢ᠎ᠨᠢ ᠴᠤᠪᠤᠭᠤᠯᠵᠤ ᠦᠵᠡᠨ᠎ᠡ᠎ᠦᠦ?》 ᠭᠡᠯ᠎ᠡ᠃ ᠪᠣᠳᠤᠩ ᠭᠠᠬᠠᠢ ᠵᠢᠷᠪᠢᠭᠢᠷ ᠨᠢᠳᠦ᠎ᠪᠡᠷ ᠪᠤᠯᠤᠩᠳᠠᠨ ᠭᠥᠯᠢᠢᠵᠦ᠂ ᠳᠡᠪᠢᠭᠦᠷ ᠴᠢᠬᠢ᠎ᠪᠡᠨ ᠳᠠᠯᠪᠠᠰ ᠳᠠᠯᠪᠠᠰ ᠬᠥᠳᠡᠯᠭᠡᠨ: 《ᠥᠰᠲᠡᠨ ᠳᠠᠢᠰᠤᠨ᠎ᠲᠠᠢ ᠲᠤᠯᠤᠯᠳᠤᠬᠤ᠎ᠪᠠᠷ ᠥᠪᠴᠢ ᠪᠡᠶ᠎ᠡ᠎ᠪᠡᠨ ᠬᠤᠶᠠᠭᠯᠠᠨ᠎ᠠ ᠪᠢ᠃ ᠡᠪᠡᠰᠦᠨ ᠲᠡᠵᠢᠭᠡᠯᠲᠡᠨ᠎ᠦ ᠤᠴᠢᠷ ᠨᠠᠳᠠ ᠶᠡᠷᠦ᠎ᠨᠢ ᠬᠠᠮᠢᠶ᠎ᠠ᠎ᠦᠭᠡᠢ᠂ ᠬᠣᠪᠴᠢ᠎ᠶᠢᠨ ᠮᠠᠭᠤ ᠢᠮᠠᠭ᠎ᠠ ᠴᠢ᠂ ᠬᠣᠯᠠ ᠲᠣᠨᠢᠯ!》 ᠭᠡᠵᠦ ᠬᠥᠭᠡᠭᠡᠪᠡ᠃

ᠬᠥᠬᠡ ᠢᠮᠠᠭ᠎ᠠ ᠳᠠᠬᠢᠭᠠᠳ ᠴᠢᠨᠠᠭᠰᠢ᠎ᠪᠠᠨ ᠶᠠᠪᠤᠪᠠ᠃ ᠬᠥᠪᠴᠢ ᠣᠢ᠎ᠶᠢ ᠲᠤᠭᠤᠯᠤᠨ ᠬᠥᠬᠡ ᠬᠠᠳᠠᠨ᠎ᠤ ᠡᠩᠭᠡᠷ ᠬᠦᠷᠬᠦ᠎ᠳᠦ᠂ ᠬᠠᠳᠠᠨ ᠪᠤᠯᠠᠭ ᠳᠡᠭᠡᠷ᠎ᠡ ᠴᠣᠬᠤᠷ ᠪᠤᠭᠤ ᠤᠰᠤ ᠤᠤᠭᠤᠵᠤ ᠪᠠᠢᠯ᠎ᠠ᠃ ᠬᠥᠬᠡ ᠢᠮᠠᠭ᠎ᠠ ᠬᠦᠷᠴᠦ ᠣᠴᠢᠭᠠᠳ: 《ᠪᠤᠭᠤ ᠭᠤᠸᠠᠢ᠂ ᠪᠤᠭᠤ ᠭᠤᠸᠠᠢ! ᠪᠤᠷᠬᠠᠨ᠎ᠤ ᠬᠦᠯᠦᠭ ᠴᠢ ᠪᠢᠰᠢ᠎ᠦᠦ? ᠲᠡᠭᠷᠢ᠎ᠶᠢᠨ ᠢᠮᠠᠭ᠎ᠠ ᠪᠢ ᠰᠢᠤ᠂ ᠴᠠᠭᠠᠨ ᠢᠮᠠᠭ᠎ᠠ ᠭᠠᠯᠵᠠᠭᠤᠷᠠᠵᠤ ᠪᠠᠢᠨ᠎ᠠ᠂ ᠴᠢᠰᠤ᠎ᠶᠢ᠎ᠮᠢᠨᠢ ᠠᠰᠭᠠᠵᠤ᠂ ᠳᠤᠬᠤ᠎ᠶᠢ᠎ᠮᠢᠨᠢ ᠬᠠᠭᠠᠯᠪᠠ᠂ ᠥᠰᠢᠶ᠎ᠡ ᠠᠪᠴᠤ ᠥᠭᠭᠦᠭᠡᠴᠢ!》 ᠭᠡᠵᠦ ᠭᠤᠶᠤᠯ᠎ᠠ᠃ ᠴᠣᠬᠤᠷ ᠪᠤᠭᠤ ᠤᠷᠤᠭᠤᠯ᠎ᠢᠶᠠᠨ ᠴᠣᠷᠪᠤᠢᠯᠭᠠᠵᠤ᠂ ᠰᠡᠷᠭᠦᠯᠡᠩ ᠰᠠᠢᠬᠠᠨ ᠨᠢᠳᠦ᠎ᠪᠡᠷ᠎ᠢᠶᠡᠨ ᠠᠭᠤᠯᠠ ᠬᠥᠪᠴᠢ᠎ᠶᠢ ᠰᠢᠷᠲᠡᠨ: 《ᠡᠩ᠎ᠦᠭᠡᠢ ᠣᠢ᠎ᠪᠠᠷ ᠰᠡᠯᠡᠭᠦᠴᠡᠵᠦ᠂ ᠡᠷᠳᠡᠨᠢ᠎ᠶᠢᠨ ᠡᠪᠡᠰᠦ᠎ᠪᠡᠨ ᠲᠡᠭᠦᠵᠦ ᠢᠳᠡᠨ᠎ᠡ᠂ ᠪᠡᠷᠬᠡ ᠪᠠᠷᠲᠠᠭ᠎ᠠ᠎ᠪᠠᠷ ᠲᠣᠭᠤᠷᠢᠨ ᠶᠠᠪᠤᠵᠤ᠂ ᠪᠢᠯᠢᠭᠲᠦ ᠳᠡᠯᠳᠡᠦ ᠲᠡᠭᠦᠵᠦ ᠢᠳᠡᠨ᠎ᠡ᠃ ᠡᠷᠬᠡ᠎ᠪᠡᠨ ᠪᠠᠷᠠᠭᠰᠠᠨ ᠬᠥᠬᠡ ᠢᠮᠠᠭ᠎ᠠ ᠴᠢ᠂ ᠡᠷᠲᠡᠬᠡᠨ ᠨᠠᠳᠠ᠎ᠠᠴᠠ ᠵᠠᠢᠯᠠᠵᠤ ᠶᠠᠪᠤ!》 ᠭᠡᠵᠦ ᠬᠥᠭᠡᠭᠡᠭᠡᠳ᠂ ᠡᠷᠬᠢᠮᠰᠦᠭ ᠡᠪᠡᠷ᠎ᠢᠶᠡᠨ ᠳᠡᠩᠬᠡᠢᠯᠭᠡᠨ ᠬᠦᠵᠦᠭᠦᠦ᠎ᠪᠡᠨ ᠰᠤᠨᠤᠰᠬᠢᠵᠤ ᠠᠪᠤᠭᠠᠳ ᠣᠢ᠎ᠶᠢᠨ ᠳᠣᠲᠤᠷ᠎ᠠ ᠣᠷᠤᠵᠤ ᠠᠯᠠᠭ᠎ᠠ ᠪᠣᠯᠪᠠ᠃

ᠡᠷᠢᠯ᠎ᠦᠨ ᠴᠥᠬᠦᠷᠡᠩ᠎ᠳᠦ ᠠᠪᠲᠠᠭᠰᠠᠨ ᠬᠥᠬᠡ ᠢᠮᠠᠭ᠎ᠠ ᠴᠦᠯᠲᠦᠰ ᠴᠦᠯᠲᠦᠰ ᠠᠯᠬᠤᠯᠠᠨ ᠳᠠᠬᠢᠭᠠᠳ ᠴᠢᠨᠠᠭᠰᠢ ᠶᠠᠪᠤᠪᠠ᠃ ᠠᠭᠤᠯᠠ᠎ᠶᠢᠨ ᠬᠥᠨᠳᠡᠢ᠎ᠪᠡᠷ ᠣᠷᠤᠵᠤ ᠣᠴᠢᠬᠤ᠎ᠳᠤ ᠵᠢᠬᠡᠭᠦᠨ ᠰᠠᠯᠬᠢ ᠰᠡᠷᠴᠢᠭᠢᠨᠡᠵᠦ ᠬᠠᠵᠠᠭᠤ ᠬᠠᠪᠢ᠎ᠠᠴᠠ ᠵᠡᠪᠡᠭᠦᠨ ᠳᠠᠭᠤᠨ ᠰᠣᠨᠤᠰᠳᠠᠨ᠎ᠠ᠃ ᠬᠥᠬᠡ ᠢᠮᠠᠭ᠎ᠠ ᠵᠢᠭ ᠬᠢᠵᠦ ᠠᠢᠳᠠᠰ ᠬᠦᠷᠬᠦ ᠪᠣᠯᠪᠠᠴᠤ ᠵᠠᠨᠤᠯ᠎ᠤᠨ ᠬᠦᠴᠦᠨ᠎ᠳᠦ ᠵᠠᠯᠭᠠᠨ ᠵᠠᠯᠭᠠᠨ ᠶᠠᠪᠤᠵᠤ᠂ ᠮᠠᠢᠯᠠᠨ ᠮᠠᠢᠯᠠᠨ ᠱᠣᠭᠰᠢᠨ᠎ᠠ᠃ ᠲᠡᠭᠡᠭᠡᠳ ᠠᠭᠤᠯᠠ᠎ᠶᠢᠨ ᠵᠠᠪᠠ᠎ᠪᠠᠷ ᠤᠷᠢᠳᠤ᠎ᠨᠢ ᠬᠥᠬᠡ ᠴᠢᠨᠤ᠎ᠠ ᠰᠢᠩᠰᠢᠯᠡᠨ ᠶᠠᠪᠤᠬᠤ ᠬᠠᠷᠠᠭᠳᠠᠨ᠎ᠠ᠃ ᠬᠥᠬᠡ ᠢᠮᠠᠭ᠎ᠠ ᠲᠥᠷᠦᠯᠬᠢ᠎ᠶᠢᠨ ᠵᠥᠩ ᠪᠢᠯᠢᠭ᠎ᠢᠶᠡᠷ ᠰᠣᠴᠢᠭᠰᠠᠨ᠎ᠳᠠᠭᠠᠨ ᠵᠣᠭ ᠲᠣᠰᠴᠤ᠂ ᠠᠶᠤᠭᠰᠠᠨ᠎ᠳᠠᠭᠠᠨ ᠮᠠᠢ ᠮᠠᠢ ᠭᠡᠵᠦ ᠮᠠᠢᠯᠠᠵᠤ ᠭᠠᠷᠤᠯ᠎ᠠ᠃ ᠴᠢᠨᠤ᠎ᠠ ᠦᠨᠦᠷ ᠠᠪᠤᠨ ᠥᠨᠳᠡᠰᠬᠢᠵᠦ ᠰᠡᠪ ᠠᠪᠤᠨ ᠰᠡᠷᠡᠢᠵᠦ ᠬᠠᠷᠠᠪᠠᠯ᠂ ᠨᠢᠭᠡᠨ ᠬᠥᠬᠡ ᠢᠮᠠᠭ᠎ᠠ ᠪᠠᠢᠵᠠᠢ᠃ ᠬᠠᠷᠠᠭᠠᠨ᠎ᠳᠤ ᠣᠷᠤᠭᠰᠠᠨ ᠪᠦᠬᠦᠨ᠎ᠢ ᠴᠥᠯᠪᠡᠨ ᠶᠠᠪᠤᠳᠠᠭ ᠬᠠᠪᠤᠷ ᠴᠠᠭ᠎ᠤᠨ ᠥᠯᠦᠨ ᠴᠢᠨᠤ᠎ᠠ ᠲᠡᠳᠦᠬᠡᠨ ᠵᠠᠭᠤᠷ᠎ᠠ᠎ᠳᠤ ᠬᠣᠩᠰᠢᠶᠠᠷ ᠰᠤᠩᠭᠠᠨ ᠢᠷᠡᠬᠦ᠎ᠳᠦ᠂ ᠬᠥᠬᠡ ᠢᠮᠠᠭ᠎ᠠ ᠬᠦᠴᠦᠲᠦ ᠰᠠᠯᠬᠢᠨ᠎ᠳᠤ ᠴᠣᠬᠢᠭᠤᠯᠤᠭᠰᠠᠨ ᠮᠡᠲᠦ ᠨᠠᠢᠭᠤᠰᠬᠢᠵᠤ ᠠᠪᠤᠭᠠᠳ᠂ ᠬᠥᠯ᠎ᠢᠶᠡᠨ ᠴᠡᠴᠡᠭᠡᠨᠡᠭᠦᠯᠦᠨ ᠲᠣᠯᠤᠭᠠᠢ᠎ᠪᠠᠨ ᠳᠠᠯᠵᠢᠭᠢᠨᠠᠭᠤᠯᠵᠤ ᠵᠢᠰᠦᠮ ᠨᠢᠭᠡ᠎ᠲᠡᠢ᠎ᠪᠡᠨ ᠵᠦᠢᠴᠢᠯᠡᠨ ᠶᠠᠷᠢᠵᠤ ᠵᠥᠭᠡᠯᠡᠷᠡᠭᠦᠯᠵᠦ ᠠᠪᠬᠤ᠎ᠪᠠᠷ ᠣᠷᠤᠯᠳᠤᠭᠠᠳ᠂ ᠵᠣᠷᠢᠵᠤ ᠢᠷᠡᠭᠰᠡᠨ ᠤᠴᠢᠷ᠎ᠢᠶᠠᠨ ᠭᠠᠷᠭᠠᠵᠤ: 《ᠴᠢᠨᠤ᠎ᠠ ᠠᠪᠤᠭᠠᠢ᠂ ᠴᠢᠨᠤ᠎ᠠ ᠠᠪᠤᠭᠠᠢ ᠡ! ᠰᠡᠲᠡᠷᠲᠦ ᠴᠠᠭᠠᠨ ᠁》 ᠭᠡᠵᠦ ᠬᠡᠯᠡᠬᠦ᠎ᠶᠢ ᠵᠠᠪᠳᠤᠲᠠᠯ᠎ᠠ᠂ ᠴᠢᠨᠤ᠎ᠠ: 《ᠠᠪᠤᠭᠠᠢ ᠮᠠᠪᠤᠭᠠᠢ ᠭᠡᠬᠦ ᠬᠡᠷᠡᠭ᠎ᠦᠭᠡᠢ᠂ ᠠᠮᠠᠨ᠎ᠳᠤ ᠣᠷᠤᠬᠤ᠎ᠴᠢᠨᠢ ᠴᠢᠬᠤᠯᠠ ᠪᠠᠢᠨ᠎ᠠ》 ᠭᠡᠯ᠎ᠡ᠃ ᠬᠥᠬᠡ ᠢᠮᠠᠭ᠎ᠠ ᠪᠠᠯᠠᠷᠳᠠᠵᠤ: 《ᠪᠠᠢᠵᠠ᠂ ᠪᠠᠢᠵᠠ᠂ ᠪᠠᠢᠵᠠ᠂ ᠴᠢᠨᠤ᠎ᠠ ᠠᠪᠤᠭᠠᠢ ᠡ! ᠪᠢ ᠪᠣᠯ ᠲᠡᠭᠷᠢ᠎ᠶᠢᠨ ᠢᠮᠠᠭ᠎ᠠ᠂ ᠲᠠ ᠪᠣᠯ ᠲᠡᠭᠷᠢ᠎ᠶᠢᠨ ᠨᠣᠬᠠᠢ᠂ ᠲᠡᠭᠷᠢ᠎ᠶᠢᠨ ᠢᠮᠠᠭ᠎ᠠ᠎ᠪᠠᠨ ᠬᠠᠮᠠᠭᠠᠯᠠᠵᠤ ᠶᠠᠪᠤᠬᠤ᠎ᠶᠢ ᠠᠪᠤᠭᠠᠢ ᠲᠠ᠎ᠯᠠ ᠮᠡᠳᠡᠨ᠎ᠡ ᠳ᠋ᠡ》 ᠭᠡᠵᠦ ᠴᠢᠷᠠᠯᠠᠨ ᠬᠡᠯᠡᠪᠡᠯ᠂ ᠴᠢᠨᠤ᠎ᠠ ᠦᠯᠦ ᠣᠢᠰᠢᠶᠠᠨ: 《ᠬᠡᠬᠦᠳᠡᠭ᠎ᠢᠶᠡᠨ ᠳᠡᠯᠭᠡ᠂ ᠰᠡᠪᠡᠰᠦ᠎ᠪᠡᠨ ᠬᠠᠶᠠ! ᠭᠡᠳᠡᠰᠦᠨ᠎ᠳᠦ ᠣᠷᠤ᠂ ᠭᠡᠷ᠎ᠢᠶᠡᠨ ᠪᠣᠯᠭ᠎ᠠ! ᠲᠡᠭᠷᠢ᠎ᠶᠢᠨ ᠢᠮᠠᠭ᠎ᠠ ᠲᠡᠭᠷᠢ᠎ᠳᠦ ᠭᠠᠷᠬᠤ᠎ᠳᠤ ᠲᠡᠰᠭᠡᠯ᠎ᠦᠭᠡᠢ ᠨᠠᠳᠠ᠎ᠪᠠᠷ ᠳᠠᠮᠵᠢᠨ᠎ᠠ!》 ᠭᠡᠳ ᠣᠯᠠᠨ ᠦᠭᠡ ᠨᠤᠷᠱᠤᠯ᠎ᠦᠭᠡᠢ ᠣᠭᠯᠤ ᠦᠰᠦᠷᠦᠨ ᠳᠠᠭᠠᠷᠢᠯ᠎ᠠ᠃ ᠬᠥᠬᠡ ᠢᠮᠠᠭ᠎ᠠ ᠬᠡᠷᠡᠭ ᠦᠯᠦ ᠪᠦᠲᠦᠬᠦ᠎ᠶᠢ ᠮᠡᠳᠡᠭᠡᠳ ᠪᠤᠴᠠᠬᠤ ᠭᠡᠲᠡᠯ᠎ᠡ ᠪᠠᠭᠠᠯᠵᠤᠤᠷ᠎ᠢᠶᠠᠷ᠎ᠨᠢ ᠳᠠᠭᠠᠷᠢᠪᠠ᠃ ᠡᠷᠭᠢᠬᠦ ᠭᠡᠲᠡᠯ᠎ᠡ ᠡᠪᠴᠢᠭᠦᠦ᠎ᠪᠡᠷ᠎ᠨᠢ ᠳᠠᠭᠠᠷᠢᠪᠠ᠃ ᠢᠩᠭᠢᠭᠡᠳ ᠬᠥᠬᠡ ᠢᠮᠠᠭ᠎ᠠ ᠰᠡᠲᠡᠷ᠎ᠢᠶᠡᠨ ᠮᠣᠳᠤᠨ᠎ᠳᠤ ᠡᠯᠭᠦᠵᠦ᠂ ᠰᠡᠪᠡᠰᠦ᠎ᠪᠡᠨ ᠪᠤᠲᠠᠨ᠎ᠳᠤ ᠠᠰᠭᠠᠪᠠ᠃

ᠥᠯᠦᠨ ᠴᠢᠨᠤ᠎ᠠ ᠥᠯ᠎ᠢᠶᠡᠨ ᠳᠠᠷᠤᠵᠤ ᠪᠠᠷᠠᠭᠠᠳ᠂ ᠬᠥᠬᠡ ᠢᠮᠠᠭ᠎ᠠ᠎ᠶᠢᠨ ᠮᠥᠷ᠎ᠢᠶᠡᠷ ᠠᠭᠤᠯᠠᠨ᠎ᠠᠴᠠ ᠪᠠᠭᠤᠵᠤ ᠢᠷᠡᠯ᠎ᠡ᠃

ᠭᠤᠷᠪᠠ

ᠬᠣᠨᠢᠨ ᠰᠦᠷᠦᠭ ᠲᠠᠯ᠎ᠠ ᠬᠥᠨᠳᠡᠢ᠎ᠪᠡᠷ ᠲᠠᠪᠠᠲᠠᠢ ᠰᠠᠢᠬᠠᠨ ᠪᠡᠯᠴᠢᠨ᠎ᠡ᠃ ᠬᠥᠭᠰᠢᠨ ᠪᠠᠭᠤᠷᠠᠢ ᠬᠣᠨᠢ ᠢᠮᠠᠭ᠎ᠠ᠂ ᠬᠥᠷᠦᠪᠡᠵᠢᠭᠰᠡᠨ ᠢᠰᠢᠭᠡ ᠬᠤᠷᠠᠭ᠎ᠠ᠂ ᠬᠦᠵᠦᠭᠦᠦ᠎ᠨᠢ ᠪᠠᠮᠪᠠᠢᠭᠰᠠᠨ ᠢᠷᠭᠡ ᠲᠥᠯᠦᠭᠡ᠂ ᠬᠦᠴᠦ ᠲᠠᠷ᠎ᠲᠠᠢ ᠰᠤᠪᠠᠢ ᠰᠤᠭᠤᠯᠳᠤᠷᠭ᠎ᠠ᠎ᠨᠤᠭᠤᠳ ᠡᠳᠦᠷ᠎ᠦᠨ ᠰᠠᠢᠬᠠᠨ᠎ᠢ ᠠᠮᠵᠢᠵᠤ ᠡᠪᠡᠰᠦᠨ᠎ᠦ ᠰᠠᠢᠨ᠎ᠢ ᠢᠳᠡᠰᠢᠯᠡᠵᠦ ᠶᠠᠪᠤᠨ᠎ᠠ᠃ ᠲᠡᠳᠡ ᠴᠥᠮ ᠡᠪᠦᠯ᠎ᠦᠨ ᠬᠦᠢᠲᠡᠨ᠎ᠳᠦ ᠥᠭᠡᠬᠦ᠎ᠲᠡᠢ ᠰᠠᠭᠤᠵᠤ᠂ ᠥᠰᠬᠦ ᠴᠠᠭ᠎ᠲᠤ ᠲᠥᠯ ᠪᠠᠢᠬᠤ᠎ᠶᠢ ᠵᠣᠷᠢᠬᠤ ᠠᠵᠢ᠃ ᠰᠦᠷᠦᠭ᠎ᠦᠨ ᠳᠤᠮᠳᠠᠭᠤᠷ ᠰᠡᠷᠡᠭᠡᠷ ᠴᠠᠭᠠᠨ ᠢᠮᠠᠭ᠎ᠠ ᠰᠡᠲᠡᠷ ᠬᠡᠢᠰᠭᠡᠨ ᠶᠠᠪᠤᠨ᠎ᠠ᠃ ᠰᠦᠷ᠎ᠢᠶᠡᠷ ᠪᠦᠭᠦᠳᠡ᠎ᠶᠢ ᠳᠠᠷᠤᠵᠤ᠂ ᠰᠡᠲᠡᠷ᠎ᠢᠶᠡᠷ ᠣᠯᠠᠨ᠎ᠢ ᠠᠶᠤᠯᠭᠠᠭᠰᠠᠨ᠎ᠠᠴᠠ ᠬᠤᠴᠠ ᠤᠬᠤᠨ᠎ᠠ ᠬᠦᠷᠲᠡᠯ᠎ᠡ ᠲᠡᠭᠦᠨ᠎ᠡᠴᠡ ᠵᠠᠢᠳᠠᠭᠤ ᠭᠠᠷᠤᠨ᠎ᠠ᠃ ᠲᠡᠭᠦᠨ᠎ᠲᠡᠢ ᠮᠥᠷᠭᠦᠯᠳᠦᠵᠦ ᠬᠠᠷᠭᠤᠯᠳᠤᠵᠤ ᠪᠠᠢᠳᠠᠭ ᠬᠥᠬᠡ ᠢᠮᠠᠭ᠎ᠠ ᠲᠣᠨᠢᠯᠤᠭᠰᠠᠨ ᠲᠤᠯᠠ ᠡᠪᠡᠷ᠎ᠦᠨ ᠤᠭ᠎ᠨᠢ ᠬᠦᠷᠲᠡᠯ᠎ᠡ ᠵᠠᠭᠠᠲᠤᠨᠠᠬᠤ ᠪᠣᠯᠵᠤ᠂ ᠡᠰᠢ᠎ᠪᠡᠨ ᠨᠢᠭᠡ ᠮᠥᠷᠭᠦᠵᠦ᠂ ᠲᠡᠰᠢ᠎ᠪᠡᠨ ᠨᠢᠭᠡ ᠰᠡᠵᠢᠯᠬᠢᠯᠡᠨ᠎ᠡ᠃ ᠲᠡᠭᠡᠭᠡᠳ ᠲᠡᠷᠡ ᠰᠦᠷᠦᠭ᠎ᠡᠴᠡ ᠵᠠᠢᠳᠠᠭᠤ ᠶᠠᠭ᠎ᠠ ᠬᠥᠭᠰᠢᠨ ᠤᠬᠤᠨ᠎ᠠ᠎ᠶᠢᠨ ᠳᠡᠷᠭᠡᠳᠡ ᠬᠦᠷᠴᠦ: 《ᠬᠥᠭᠰᠢᠨ ᠵᠥᠨᠦᠭ ᠴᠢ᠂ ᠬᠥᠬᠡ ᠨᠢᠳᠦ᠎ᠪᠡᠨ ᠡᠷᠡᠢᠯᠭᠡᠭᠡᠳ ᠶᠠᠭᠤ ᠪᠣᠳᠤᠵᠤ ᠶᠠᠪᠤᠨ᠎ᠠ ᠪᠤᠢ? ᠬᠥᠬᠡ ᠢᠮᠠᠭ᠎ᠠ ᠬᠦᠦ᠎ᠴᠢᠨᠢ ᠪᠢᠰᠢ᠎ᠦᠦ? ᠬᠥᠳᠡᠭᠡ ᠲᠡᠭᠦᠨ᠎ᠢᠶᠡᠨ ᠳᠠᠭᠠᠳᠠᠭ ᠪᠢᠰᠢ᠎ᠦᠦ? ᠣᠳᠣ ᠲᠡᠭᠦᠨ᠎ᠦ᠎ᠪᠡᠨ ᠬᠣᠢᠨ᠎ᠠ᠎ᠠᠴᠠ ᠶᠠᠪᠤᠬᠤ᠎ᠶᠢ ᠪᠣᠳᠤᠵᠤ ᠪᠠᠢᠭ᠎ᠠ᠎ᠤᠤ? ᠰᠦᠷᠦᠭ᠎ᠡᠴᠡ ᠲᠣᠨᠢᠯ! ᠰᠡᠭᠦᠳᠡᠷ᠎ᠢᠶᠡᠨ ᠪᠤᠤ ᠦᠵᠡᠭᠦᠯ!》 ᠭᠡᠳ ᠬᠣᠢᠨ᠎ᠠ᠎ᠠᠴᠠ᠎ᠨᠢ ᠬᠦᠴᠦᠲᠡᠢ ᠮᠥᠷᠭᠦᠵᠦ ᠣᠷᠬᠢᠭᠰᠠᠨ᠎ᠴᠢᠨᠢ ᠬᠥᠭᠰᠢᠨ ᠤᠬᠤᠨ᠎ᠠ ᠨᠢᠭᠡ ᠪᠦᠳᠦᠷᠢᠵᠦ ᠠᠪᠤᠭᠠᠳ᠂ ᠬᠥᠰᠢᠭᠦᠨ ᠪᠡᠶ᠎ᠡ᠎ᠪᠡᠨ ᠰᠡᠭᠰᠦᠷᠴᠦ ᠭᠥᠯᠢᠢᠨ ᠬᠠᠷᠠᠭᠠᠳ: 《ᠪᠢ ᠡᠪᠦᠭᠡᠷᠡᠪᠡ᠂ ᠬᠥᠬᠡ ᠢᠮᠠᠭ᠎ᠠ ᠬᠦᠦ᠎ᠮᠢᠨᠢ ᠪᠣᠯᠪᠠᠴᠤ ᠬᠥᠬᠦᠯᠲᠦ ᠡᠬᠡ᠎ᠴᠢᠨᠢ ᠨᠠᠳᠠᠲᠠᠢ ᠰᠠᠢᠨ ᠰᠢᠤ!》 ᠬᠡᠮᠡᠪᠡ᠃ ᠴᠠᠭᠠᠨ ᠢᠮᠠᠭ᠎ᠠ ᠠᠭᠤᠷᠯᠠᠵᠤ: 《ᠰᠡᠲᠡᠷ᠎ᠢ᠎ᠮᠢᠨᠢ ᠭᠤᠲᠤᠭᠠᠭᠰᠠᠨ ᠰᠡᠪᠡᠰᠦ ᠴᠢ ᠲᠣᠨᠢᠯ!》 ᠭᠡᠳ ᠬᠥᠭᠰᠢᠨ ᠤᠬᠤᠨ᠎ᠠ᠎ᠶᠢ ᠪᠦᠳᠦᠷᠢᠲᠡᠯ᠎ᠡ᠎ᠨᠢ ᠮᠥᠷᠭᠦᠵᠦ ᠪᠥᠭᠯᠡᠷᠡᠲᠡᠯ᠎ᠡ᠎ᠨᠢ ᠲᠠᠭᠤᠭᠰᠠᠭᠠᠷ ᠳᠣᠪᠤ ᠲᠣᠯᠤᠭᠠᠢ᠎ᠶᠢᠨ ᠴᠠᠭᠠᠨ᠎ᠠ ᠣᠷᠤᠭᠤᠯᠪᠠ᠃

ᠴᠠᠭᠠᠨ ᠢᠮᠠᠭ᠎ᠠ ᠪᠤᠴᠠᠭᠠᠳ ᠢᠷᠡᠬᠦ᠎ᠳᠦ ᠬᠡᠪ ᠵᠠᠩ ᠲᠠᠭᠠᠷᠠᠭᠰᠠᠨ ᠬᠡᠳᠦᠨ ᠬᠡᠨᠵᠡ ᠢᠰᠢᠭᠡ ᠬᠤᠷᠠᠭ᠎ᠠ ᠪᠥᠭᠡᠮᠨᠡᠷᠡᠯᠳᠦᠨ ᠪᠤᠲᠠᠨ᠎ᠤ ᠨᠠᠮᠠᠭ᠎ᠠ᠎ᠶᠢ ᠪᠤᠪᠠᠷ ᠪᠤᠪᠠᠷ ᠬᠡᠮᠡᠯᠢᠵᠦ ᠳᠡᠷᠡᠰᠦᠨ᠎ᠦ ᠨᠠᠮᠠᠭ᠎ᠠ᠎ᠶᠢ ᠳᠡᠪᠦᠷ᠎ᠡ ᠳᠡᠪᠦᠷ᠎ᠡ ᠬᠡᠪᠢᠬᠦ᠎ᠳᠡᠭᠡᠨ ᠲᠡᠭᠦᠨ᠎ᠢ ᠪᠠᠢᠨ ᠪᠠᠢᠨ ᠭᠥᠯᠢᠢᠨ ᠬᠠᠷᠠᠵᠠᠭᠠᠨ᠎ᠠ᠃ ᠡᠪᠡᠷᠲᠦ ᠴᠠᠭᠠᠨ ᠡᠰᠡᠷᠭᠦᠯᠡᠨ ᠬᠦᠷᠴᠦ: 《ᠲᠠ ᠮᠠᠭᠤ ᠶᠠᠭᠤᠮᠠᠰ ᠶᠠᠭᠤᠨ᠎ᠳᠤ ᠨᠠᠮᠠᠢ ᠮᠠᠭᠤᠬᠠᠢ ᠬᠠᠷᠠᠨ ᠪᠠᠪᠠᠲᠤᠨᠠᠭᠠᠳ ᠪᠠᠢᠳᠠᠭ᠎ᠶᠤᠮ? ᠬᠥᠬᠡ ᠢᠮᠠᠭ᠎ᠠ᠎ᠲᠠᠢ ᠲᠤᠯᠤᠯᠳᠤᠵᠤ ᠪᠠᠢᠬᠤ᠎ᠳᠤ ᠬᠥᠯ᠎ᠦᠨ ᠲᠣᠷᠤᠭᠠᠰᠤ ᠪᠣᠯᠵᠤ ᠪᠠᠢᠭᠰᠠᠨ᠎ᠢᠶᠠᠨ ᠮᠡᠳᠡᠨ᠎ᠡ᠎ᠦᠦ? ᠲᠠᠷᠠᠵᠠᠭ᠎ᠠ᠂ ᠵᠣᠯᠢᠭ᠎ᠤᠳ!》 ᠭᠡᠳ ᠡᠪᠡᠷ ᠦᠵᠡᠭᠦᠯᠦᠭᠰᠡᠨ᠎ᠳᠦ ᠬᠡᠨᠵᠡ ᠨᠤᠭᠦᠳ ᠭᠣᠳ ᠭᠠᠷᠤᠨ ᠳᠤᠲᠠᠭᠠᠵᠤ ᠳᠣᠪᠤ᠎ᠶᠢᠨ ᠴᠠᠭᠠᠨ᠎ᠠ ᠨᠢᠭᠤᠭᠳᠠᠪᠠ᠃

ᠴᠠᠭᠠᠨ ᠢᠮᠠᠭ᠎ᠠ ᠰᠦᠷᠦᠭ᠎ᠦᠨ ᠳᠤᠮᠳᠠᠭᠤᠷ ᠰᠦᠷᠲᠡᠢ ᠪᠥᠭᠡᠳ ᠠᠭᠤᠷᠲᠠᠢ ᠶᠠᠪᠤᠨ᠎ᠠ᠃ ᠡᠪᠡᠷ᠎ᠦᠨ ᠦᠵᠦᠭᠦᠷ᠎ᠢᠶᠡᠷ ᠡᠨᠡ ᠲᠡᠷᠡ᠎ᠶᠢ ᠠᠶᠤᠯᠭᠠᠨ ᠶᠠᠪᠤᠵᠤ ᠪᠠᠢᠲᠠᠯ᠎ᠠ ᠬᠠᠷᠠᠭᠠᠨ᠎ᠳᠤᠨᠢ ᠬᠠᠴᠢᠨ ᠬᠠᠷᠠᠭᠳᠠᠬᠤ ᠬᠠᠷ᠎ᠠ ᠢᠮᠠᠭ᠎ᠠ ᠦᠵᠡᠭᠳᠡᠪᠡ᠃ ᠴᠠᠭᠠᠨ ᠢᠮᠠᠭ᠎ᠠ ᠳᠡᠷᠭᠡᠳᠡ᠎ᠨᠢ ᠭᠦᠶᠦᠵᠦ ᠣᠴᠢᠭᠠᠳ: 《 ᠰᠡᠭᠰᠡᠭᠡᠷ ᠬᠠᠷ᠎ᠠ ᠴᠢ᠂ ᠨᠣᠬᠠᠢ᠎ᠶᠤᠮ᠎ᠤᠤ? ᠢᠮᠠᠭ᠎ᠠ᠎ᠶᠤᠮ᠎ᠤᠤ? ᠤᠳᠤᠮ᠎ᠳᠤ᠎ᠦᠭᠡᠢ ᠬᠠᠷ᠎ᠠ᠂ ᠰᠦᠷᠦᠭ᠎ᠲᠦ᠎ᠦᠭᠡᠢ ᠬᠥᠬᠡ᠂ ᠠᠯᠢ᠎ᠨᠢ ᠪᠣᠯᠪᠠᠴᠤ ᠰᠠᠢᠨ ᠶᠠᠭᠤᠮ᠎ᠠ ᠪᠢᠰᠢ᠂ ᠰᠡᠲᠡᠷ᠎ᠦᠨ᠎ᠮᠢᠨᠢ ᠭᠤᠲᠤᠮᠰᠢᠭ ᠪᠣᠯᠵᠤ ᠰᠦᠷᠦᠭ᠎ᠲᠦ᠎ᠮᠢᠨᠢ ᠴᠢᠳᠭᠦᠷ ᠪᠣᠯᠪᠠ》 ᠭᠡᠰᠡᠨ᠎ᠳᠦ ᠬᠠᠷ᠎ᠠ ᠢᠮᠠᠭ᠎ᠠ ᠰᠡᠯᠡᠮ᠎ᠡ ᠡᠪᠡᠷ᠎ᠦᠨ ᠠᠮᠲᠠ᠎ᠶᠢ ᠦᠵᠡᠬᠦ᠎ᠡᠴᠡ ᠠᠶᠤᠵᠤ᠂ ᠡᠪ᠎ᠢ᠎ᠨᠢ ᠦᠵᠡᠵᠦ ᠵᠠᠢᠯᠠᠨ ᠭᠠᠷᠴᠤ᠂ ᠡᠷᠭᠢᠨ ᠡᠷᠭᠢᠨ ᠬᠠᠷᠠᠵᠤ ᠡᠷᠭᠢ ᠳᠠᠮᠵᠢᠨ ᠱᠣᠭᠰᠢᠵᠤ᠂ ᠲᠣᠵᠢᠷ ᠲᠣᠵᠢᠷ ᠠᠯᠬᠤᠯᠠᠨ ᠳᠣᠪᠤ᠎ᠶᠢᠨ ᠴᠠᠭᠠᠨ᠎ᠠ ᠣᠷᠤᠪᠠ᠃

ᠴᠠᠭᠠᠨ ᠢᠮᠠᠭ᠎ᠠ ᠳᠠᠬᠢᠨ ᠰᠦᠷᠦᠭ᠎ᠦᠨ ᠳᠤᠮᠳᠠᠭᠤᠷ ᠰᠢᠪᠲᠤᠯᠤᠨ ᠶᠠᠪᠤᠵᠤ᠂ ᠨᠢᠯᠴᠠᠭ ᠨᠢᠯᠴᠠᠭ ᠠᠯᠬᠤᠬᠤ ᠬᠡᠭᠡᠯ᠎ᠲᠡᠢ ᠬᠣᠨᠢ᠎ᠶᠢᠨ ᠳᠡᠷᠭᠡᠳᠡ ᠣᠴᠢᠯ᠎ᠠ᠃ ᠬᠡᠭᠡᠯ᠎ᠲᠡᠢ ᠬᠣᠨᠢ ᠡᠪᠡᠷ᠎ᠢ᠎ᠨᠢ ᠬᠠᠷᠠᠨ ᠠᠶᠤᠵᠤ ᠰᠡᠲᠡᠷ᠎ᠢ᠎ᠨᠢ ᠦᠵᠡᠨ ᠭᠡᠯᠮᠡᠵᠦ᠂ ᠬᠡᠪᠢᠵᠦ ᠢᠳᠡᠬᠦ᠎ᠪᠡᠨ ᠪᠣᠯᠢᠭᠠᠳ ᠨᠣᠮᠤᠬᠠᠨ ᠴᠡᠩᠬᠡᠷ ᠨᠢᠳᠦ᠎ᠪᠡᠨ ᠡᠷᠭᠢᠯᠳᠦᠭᠦᠯᠦᠨ ᠵᠣᠭᠰᠤᠵᠤ ᠪᠠᠢᠬᠤ᠎ᠶᠢ᠎ᠨᠢ ᠦᠵᠡᠪᠡᠯ 《ᠨᠠᠮᠠᠢ ᠥᠷᠦᠰᠢᠶᠡᠭᠡᠴᠢ!》 ᠭᠡᠵᠦ ᠥᠷᠦᠰᠢᠶᠡᠯ ᠭᠤᠶᠤᠬᠤ᠎ᠨᠢ ᠢᠯᠡᠷᠬᠡᠢ᠃ ᠴᠠᠭᠠᠨ ᠢᠮᠠᠭ᠎ᠠ ᠬᠠᠪᠢᠳᠠᠨ ᠬᠦᠷᠴᠦ: 《ᠰᠦᠷᠦᠭ᠎ᠦᠨ ᠰᠡᠭᠦᠯ᠎ᠳᠦ ᠰᠡᠭᠦᠳᠡᠷ᠎ᠰᠢᠭ ᠨᠡᠪᠰᠡᠭᠡᠨᠡᠭᠡᠳ᠂ ᠲᠤᠯᠤᠯᠳᠤᠭᠠᠨ᠎ᠳᠤ ᠲᠤᠰᠠ᠎ᠦᠭᠡᠢ᠂ ᠮᠥᠷᠭᠦᠯᠳᠦᠭᠡᠨ᠎ᠳᠦ ᠨᠡᠮᠡᠷᠢ᠎ᠦᠭᠡᠢ ᠨᠣᠪᠰᠢ!》 ᠭᠡᠯ᠎ᠡ᠃ ᠬᠡᠭᠡᠯ᠎ᠲᠡᠢ ᠬᠣᠨᠢ: 《 ᠪᠡᠶ᠎ᠡ᠎ᠮᠢᠨᠢ ᠬᠦᠨᠳᠦᠷᠡᠵᠦ᠂ ᠬᠥᠯ᠎ᠮᠢᠨᠢ ᠬᠥᠰᠢᠪᠡ᠂ ᠰᠡᠲᠡᠷᠲᠦ ᠮᠡᠷᠭᠡᠨ ᠲᠠ᠎ᠮᠢᠨᠢ ᠥᠷᠦᠰᠢᠶᠡᠭᠡᠴᠢ!》 ᠭᠡᠵᠦ ᠡᠶ᠎ᠡ ᠵᠠᠰᠠᠵᠤ ᠪᠡᠶ᠎ᠡ ᠵᠠᠢᠯᠠᠭᠠᠳ᠂ ᠱᠣᠭᠤᠷ ᠱᠣᠭᠤᠷ ᠠᠯᠬᠤᠨ ᠰᠢᠷᠤᠢ ᠦᠨᠦᠷᠲᠦᠨ ᠶᠠᠪᠤᠵᠤ᠂ ᠲᠣᠬᠤᠢ ᠪᠤᠯᠤᠩ᠎ᠢᠶᠠᠷ ᠢᠳᠡᠰᠢᠯᠡᠵᠦ ᠳᠣᠪᠤ᠎ᠶᠢᠨ ᠴᠠᠭᠠᠨ᠎ᠠ ᠣᠷᠤᠪᠠ᠃

ᠣᠮᠤᠭᠲᠤ ᠴᠠᠭᠠᠨ ᠰᠡᠲᠡᠷ ᠬᠡᠢᠰᠭᠡᠨ ᠰᠡᠩᠬᠡᠯᠵᠡᠨ ᠶᠠᠪᠤᠨ᠎ᠠ᠃ ᠣᠯᠠᠨ ᠬᠣᠨᠢᠳ᠎ᠤᠨ ᠲᠡᠭᠦᠨ᠎ᠡᠴᠡ ᠵᠠᠢᠲᠠᠢ᠂ ᠡᠭᠦᠪᠡᠷ ᠲᠡᠭᠦᠪᠡᠷ ᠪᠡᠯᠴᠢᠨ᠎ᠡ᠃ ᠲᠡᠷᠡ ᠦᠵᠡᠪᠡᠯ᠂ ᠡᠨᠡ ᠰᠦᠷᠦᠭ᠎ᠲᠦ ᠣᠯᠢᠭᠲᠠᠢ ᠠᠮᠢᠲᠠᠨ ᠭᠡᠵᠦ ᠨᠢᠭᠡ᠎ᠴᠦ᠎ᠦᠭᠡᠢ᠂ ᠪᠤᠯᠲᠤ᠎ᠶᠢ᠎ᠨᠢ ᠰᠡᠵᠢᠵᠦ ᠣᠷᠬᠢᠮᠠᠷ ᠰᠠᠨᠠᠭᠳᠠᠨ᠎ᠠ᠃ ᠨᠣᠪᠰᠢ ᠪᠣᠯᠤᠭᠰᠠᠨ ᠡᠳᠡᠭᠡᠷ ᠠᠳᠤᠭᠤᠰᠤ᠎ᠲᠠᠢ ᠶᠠᠪᠤᠬᠤ᠎ᠨᠢ ᠭᠤᠲᠤᠮᠰᠢᠭ ᠪᠣᠯᠬᠤ᠎ᠰᠢᠭ᠋ ᠪᠥᠭᠡᠳ ᠲᠡᠳᠡᠨ᠎ᠡᠴᠡ ᠰᠠᠯᠪᠠᠯ ᠠᠰᠢᠭᠲᠠᠢ᠎ᠰᠢᠭ᠋ ᠪᠣᠳᠤᠭᠳᠠᠵᠤ᠂ ᠰᠦᠷᠦᠭ᠎ᠦᠨ ᠳᠡᠭᠡᠭᠦᠷ ᠲᠡᠭᠷᠢ᠎ᠶᠢᠨ ᠬᠠᠶᠠᠭ᠎ᠠ᠎ᠶᠢ ᠰᠢᠷᠲᠡᠬᠦ᠎ᠳᠦ᠂ ᠲᠡᠭᠷᠢ᠎ᠶᠢᠨ ᠣᠷᠳᠤᠨ᠎ᠤ ᠠᠷᠤ ᠬᠠᠰᠢᠶᠠᠨ᠎ᠳᠠᠬᠢ ᠲᠡᠨᠢᠭᠡᠷ ᠣᠭ᠌ᠶᠤᠨ ᠪᠡᠯᠴᠢᠭᠡᠷ ᠰᠡᠳᠭᠢᠯ᠎ᠳᠦᠨᠢ ᠤᠷᠭᠤᠨ᠎ᠠ᠃

ᠳᠥᠷᠪᠡ

ᠬᠠᠪᠤᠷ᠎ᠤᠨ ᠨᠢᠭᠡᠨ ᠪᠦᠷᠬᠦᠭ ᠡᠳᠦᠷ ᠪᠠᠢᠵᠠᠢ ᠪᠢᠯᠡ᠃ ᠬᠠᠮᠤᠭ ᠬᠣᠨᠢᠳ ᠬᠠᠭᠳᠠ ᠨᠣᠭᠤᠭ᠎ᠠ᠎ᠳᠤ ᠲᠣᠯᠤᠭᠠᠢ ᠰᠢᠭᠠᠵᠤ᠂ ᠵᠤᠳ᠎ᠤᠨ ᠡᠮᠦᠨ᠎ᠡ ᠰᠢᠮᠳᠠᠭᠤ ᠢᠳᠡᠰᠢᠯᠡᠨ᠎ᠡ᠃ ᠢᠰᠢᠭᠡ ᠬᠤᠷᠠᠭ᠎ᠠ᠎ᠨᠤᠭᠤᠳ᠎ᠴᠤ ᠡᠬᠡ᠎ᠡᠴᠡ᠎ᠪᠡᠨ ᠰᠠᠯᠤᠯ᠎ᠦᠭᠡᠢ ᠶᠠᠪᠤᠬᠤ᠎ᠨᠢ ᠬᠠᠪᠤᠷ᠎ᠤᠨ ᠵᠤᠳ᠎ᠲᠤ ᠲᠠᠭᠤᠭᠳᠠᠬᠤ᠎ᠠᠴᠠ ᠠᠶᠤᠵᠤ ᠪᠠᠢᠬᠤ ᠮᠡᠲᠦ᠃

ᠢᠯᠠᠭᠤᠭᠰᠠᠨ ᠰᠡᠲᠡᠷᠲᠦ ᠴᠠᠭᠠᠨ ᠢᠮᠠᠭ᠎ᠠ ᠮᠠᠨᠢ᠂ ᠶᠠᠮᠠᠷᠴᠤ ᠭᠠᠮᠰᠢᠭ᠎ᠢ ᠰᠡᠳᠭᠢᠯ᠎ᠳᠡᠭᠡᠨ ᠠᠪᠤᠯ᠎ᠦᠭᠡᠢ ᠪᠠᠢᠵᠤ᠂ ᠭᠤᠤ ᠰᠤᠪᠠᠭ᠎ᠢᠶᠠᠷ ᠬᠡᠷᠦᠢᠵᠦ᠂ ᠳᠣᠪᠤ ᠬᠢᠷ᠎ᠠ᠎ᠪᠠᠷ ᠳᠡᠮᠡᠢ᠎ᠯᠡ ᠡᠷᠭᠢᠴᠡᠵᠦ᠂ ᠡᠰᠢ ᠲᠡᠰᠢ ᠰᠦᠯᠵᠢᠨ᠎ᠡ᠃ ᠲᠡᠷᠡ ᠳᠠᠢᠰᠤᠩᠨᠠᠨ ᠮᠥᠷᠭᠦᠯᠳᠦᠭᠴᠢ᠎ᠪᠡᠨ ᠠᠯᠳᠠᠭᠰᠠᠨᠰᠳᠠᠭᠠᠨ ᠮᠠᠰᠢᠳᠠ ᠤᠢᠳᠭᠠᠷᠯᠠᠨ ᠪᠠᠢᠭ᠎ᠠ᠎ᠨᠢ ᠢᠯᠡᠳᠲᠡ ᠠᠵᠢ᠃

ᠤᠮᠠᠷ᠎ᠠ ᠰᠠᠯᠬᠢ ᠬᠦᠴᠦᠲᠡᠢ ᠦᠯᠢᠶᠡᠵᠦ᠂ ᠨᠢᠳᠭᠡᠷᠡᠭᠰᠡᠨ ᠡᠭᠦᠯᠡᠰ ᠬᠤᠢᠯᠠᠷᠠᠨ ᠨᠡᠭᠦᠭᠡᠳ ᠲᠡᠭᠷᠢ᠎ᠶᠢᠨ ᠴᠢᠷᠠᠢ ᠮᠠᠭᠤᠬᠠᠢ ᠪᠣᠯᠵᠤ᠂ ᠠᠯᠤᠰ᠎ᠤᠨ ᠶᠠᠭᠤᠮ᠎ᠠ ᠨᠡᠲᠦᠢᠨ ᠬᠠᠷᠠᠭᠳᠠᠭᠠᠳ ᠪᠤᠲᠠ ᠪᠣᠷᠤᠯᠵᠢ᠎ᠴᠤ ᠣᠪᠤᠯᠵᠠᠨ ᠬᠥᠳᠡᠯᠬᠦ ᠮᠡᠲᠦ᠃ ᠲᠡᠭᠡᠲᠡᠯ᠎ᠠ ᠠᠯᠤᠰ᠎ᠤᠨ ᠠᠭᠤᠯᠠ᠎ᠶᠢᠨ ᠬᠥᠲᠦᠯ ᠳᠡᠭᠡᠭᠦᠷ ᠨᠢᠭᠡᠨ ᠶᠠᠭᠤᠮ᠎ᠠ ᠪᠥᠷᠲᠦᠯᠵᠡᠨ ᠠᠢᠰᠤᠢ᠂ ᠴᠠᠭᠠᠨ ᠢᠮᠠᠭ᠎ᠠ ᠳᠣᠪᠤ᠎ᠶᠢᠨ ᠣᠷᠤᠢ᠎ᠳᠤ ᠭᠠᠷᠴᠤ ᠥᠯᠢᠢᠨ ᠬᠠᠷᠠᠪᠠᠯ᠂ ᠬᠥᠬᠡ ᠵᠢᠰᠦᠮ᠎ᠦᠨ ᠶᠠᠭᠤᠮ᠎ᠠ ᠪᠥᠭᠡᠳ ᠤᠯᠠᠮ ᠣᠢᠷᠠᠳᠬᠤ ᠲᠤᠲᠤᠮ ᠬᠠᠷᠠᠭᠠᠳ ᠪᠠᠢᠪᠠᠯ ᠢᠮᠠᠭ᠎ᠠ᠎ᠲᠠᠢ ᠠᠳᠠᠯᠢᠬᠠᠨ ᠨᠢᠭᠡ ᠶᠠᠭᠤᠮ᠎ᠠ ᠢᠨᠠᠭᠰᠢ ᠱᠣᠭᠰᠢᠨ᠎ᠠ᠃ 《ᠦᠬᠦᠭᠡ᠎ᠦᠭᠡᠢ ᠮᠠᠭᠤ ᠲᠤᠷᠤᠰᠭ᠎ᠠ᠎ᠶᠢ ᠣᠳᠣ ᠡᠷᠯᠢᠭ᠎ᠦᠨ ᠴᠢᠳᠭᠦᠷ᠎ᠲᠦᠨᠢ ᠢᠯᠡᠭᠡᠶ᠎ᠡ!》 ᠬᠡᠮᠡᠨ ᠴᠠᠭᠠᠨ ᠢᠮᠠᠭ᠎ᠠ ᠪᠣᠳᠤᠭᠠᠳ᠂ ᠬᠠᠩᠭᠢᠨᠠᠲᠠᠯ᠎ᠠ ᠮᠠᠢᠯᠠᠵᠤ ᠬᠠᠨᠢ᠎ᠳᠠᠭᠠᠨ ᠴᠢᠮᠡᠭᠡ ᠥᠭᠴᠦ᠂ ᠪᠦᠯᠦᠭ ᠢᠮᠠᠭ᠎ᠠ ᠲᠠᠰᠤᠯᠤᠨ ᠠᠪᠴᠤ ᠪᠥᠷᠲᠦᠭᠡᠨᠡᠬᠦ ᠶᠠᠭᠤᠮᠠᠨ᠎ᠤ ᠵᠦᠭ ᠭᠦᠶᠦᠵᠡᠢ᠃ ᠭᠣᠳᠤᠭᠤᠨᠠᠭᠤᠷ ᠢᠮᠠᠭᠠᠳ ᠬᠣᠢᠨ᠎ᠠ ᠡᠮᠦᠨ᠎ᠡ᠎ᠨᠢ ᠣᠷᠤᠨ᠎ᠠ᠂ ᠬᠣᠪᠰᠢᠭᠤᠷ ᠢᠮᠠᠭ᠎ᠠ ᠮᠠᠢᠯᠠᠨ ᠴᠠᠢᠯᠠᠨ ᠭᠦᠶᠦᠨ᠎ᠡ᠂ ᠪᠠᠪᠠᠲᠤᠨᠠᠭᠤᠷ ᠤᠬᠤᠨ᠎ᠠ ᠪᠠᠪᠠᠲᠤᠨᠠᠨ ᠳᠣᠪᠠᠲᠤᠨᠠᠨ ᠵᠢᠷᠤᠭᠠᠯᠠᠨ᠎ᠠ᠂ ᠰᠦᠷᠦᠭ ᠢᠮᠠᠭ᠎ᠠ ᠰᠡᠭᠦᠯ᠎ᠰᠢᠭ ᠳᠠᠭᠠᠯᠳᠤᠨ ᠶᠠᠪᠤᠨ᠎ᠠ᠃ ᠬᠠᠵᠠᠭᠤ ᠳᠡᠭᠡᠭᠦᠷ ᠪᠥᠮᠪᠦᠷᠢᠬᠦ ᠬᠠᠪᠤᠷ ᠴᠠᠭ᠎ᠤᠨ ᠬᠠᠮᠬᠤᠤᠯ᠎ᠰᠢᠭ᠋ ᠲᠡᠷᠡ ᠬᠥᠬᠡ ᠶᠠᠭᠤᠮ᠎ᠠ ᠪᠥᠷᠲᠦᠰ ᠪᠥᠷᠲᠦᠰ ᠬᠠᠷᠠᠭᠳᠠᠨ ᠪᠦᠷ᠎ᠴᠦ ᠴᠢᠭᠯᠡᠭᠡᠳ ᠢᠷᠡᠵᠦ ᠠᠢᠰᠤᠢ᠃ ᠲᠣᠰᠴᠤ ᠮᠥᠷᠭᠦᠯᠳᠦᠬᠦ ᠡᠪᠡᠷᠲᠦ ᠴᠠᠭᠠᠨ᠎ᠴᠤ ᠪᠤᠰᠢᠭᠤ ᠲᠤᠰᠢᠭᠤ ᠭᠦᠶᠦᠵᠦ ᠪᠢᠯᠠᠭᠤ ᠰᠢᠳᠡᠮ᠎ᠡ ᠬᠢᠷᠢ ᠣᠢᠷᠠᠳᠪᠠ᠃ ᠰᠦᠷᠦᠭ ᠢᠮᠠᠭ᠎ᠠ ᠴᠤᠪᠤᠷᠠᠨ ᠴᠤᠪᠤᠷᠠᠨ ᠭᠦᠶᠦᠯᠳᠦᠭᠰᠡᠭᠡᠷ ᠴᠢᠯᠠᠭᠤ ᠰᠢᠳᠡᠮ᠎ᠡ ᠬᠢᠷᠢ ᠳᠥᠬᠦᠪᠡ᠃

ᠴᠠᠭᠠᠨ ᠢᠮᠠᠭ᠎ᠠ ᠵᠣᠭ ᠬᠢᠵᠦ ᠰᠥᠯᠢᠢᠨ ᠬᠠᠷᠠᠭᠰᠠᠨ᠎ᠴᠢᠨᠢ ᠦᠵᠡᠰᠡ᠂ ᠬᠥᠬᠡ ᠢᠮᠠᠭ᠎ᠠ ᠪᠢᠰᠢ᠂ ᠬᠥᠬᠡ ᠴᠢᠨᠤ᠎ᠠ ᠪᠠᠢᠵᠠᠢ! ᠵᠠᠪᠠᠵᠢᠨ᠎ᠳᠤᠨᠢ ᠬᠥᠬᠡ ᠤᠩᠭᠠᠰᠤ ᠪᠠᠷᠢᠯᠳᠤᠵᠤ᠂ ᠬᠣᠩᠰᠢᠶᠠᠷ᠎ᠲᠤᠨᠢ ᠤᠯᠠᠭᠠᠨ ᠴᠢᠰᠤ ᠨᠠᠭᠠᠯᠳᠤᠭᠠᠳ ᠵᠢᠭᠲᠡᠢ ᠵᠢᠪᠡᠭᠦᠨ ᠬᠠᠷᠠᠭᠳᠠᠨ᠎ᠠ᠃ ᠴᠠᠭᠠᠨ ᠢᠮᠠᠭ᠎ᠠ ᠤᠷᠤᠭᠰᠢ ᠣᠴᠢᠵᠤ ᠮᠥᠷᠭᠦᠬᠦ ᠭᠡᠰᠡᠨ᠎ᠢᠶᠡᠨ ᠪᠣᠯᠢᠵᠤ᠂ ᠰᠠᠨᠳᠤᠷᠬᠤ᠎ᠶᠢᠨ ᠡᠬᠢᠨ᠎ᠳᠦ ᠰᠠᠢᠬᠠᠨ ᠦᠭᠡ ᠡᠷᠢᠵᠦ᠂ ᠪᠠᠴᠢᠮᠳᠠᠬᠤ᠎ᠶᠢᠨ ᠲᠦᠷᠦᠭᠦᠦ ᠪᠢᠯᠳᠠᠤᠴᠢ ᠦᠭᠡ ᠰᠠᠨᠠᠵᠤ: 《ᠴᠢᠨᠤ᠎ᠠ ᠭᠤᠸᠠᠢ᠂ ᠴᠢᠨᠤ᠎ᠠ ᠭᠤᠸᠠᠢ! ᠰᠠᠢᠨ ᠪᠣᠯᠤᠯ᠎ᠠ᠂ ᠮᠠᠭᠤ ᠬᠥᠬᠡ᠎ᠶᠢ ᠁》 ᠭᠡᠬᠦ᠎ᠳᠦ ᠴᠢᠨᠤ᠎ᠠ᠎ᠶᠢᠨ ᠨᠢᠭᠤᠷ᠎ᠲᠤ ᠶᠠᠮᠠᠷ᠎ᠴᠤ ᠡᠶᠡᠪᠡᠷᠭᠦ ᠲᠠᠭᠠᠯᠠᠯ ᠢᠯᠡᠷᠡᠭᠰᠡᠨ᠎ᠦᠭᠡᠢ᠂ ᠬᠠᠷᠢᠨ ᠴᠣᠷᠭᠢᠨ ᠬᠠᠷᠠᠭᠰᠠᠨ ᠬᠡᠪ᠎ᠢᠶᠡᠷ᠎ᠢᠶᠡᠨ ᠴᠣᠷᠤᠢᠨ ᠦᠰᠦᠷᠴᠦ ᠣᠷᠤᠭᠠᠳ ᠢᠷᠡᠯ᠎ᠡ᠃ ᠴᠠᠭᠠᠨ ᠢᠮᠠᠭ᠎ᠠ ᠣᠭᠯᠤ ᠦᠰᠦᠷᠦᠨ ᠡᠷᠭᠢᠵᠦ᠂ ᠰᠦᠷᠦᠭ ᠢᠮᠠᠭ᠎ᠠ᠎ᠪᠠᠨ ᠣᠷᠬᠢᠨ ᠰᠦᠨᠡᠰᠦ᠎ᠦᠭᠡᠢ ᠭᠠᠷᠴᠤ ᠳᠤᠲᠠᠭᠠᠯ᠎ᠠ᠃

ᠬᠥᠬᠡ ᠴᠢᠨᠤ᠎ᠠ ᠰᠦᠷᠦᠭ᠎ᠦᠨ ᠬᠣᠢᠨ᠎ᠠ᠎ᠠᠴᠠ ᠳᠠᠭᠠᠷᠢᠯ᠎ᠠ᠃ ᠬᠥᠨᠳᠡᠢ᠎ᠪᠡᠷ ᠰᠡᠭ ᠲᠠᠷᠬᠠᠭᠠᠵᠤ᠂ ᠬᠥᠲᠦᠯ᠎ᠢᠶᠡᠷ ᠰᠡᠪᠡᠰᠦ ᠭᠣᠭᠤᠵᠢᠭᠤᠯᠪᠠ᠃

ᠰᠦᠨᠡᠰᠦ᠎ᠦᠭᠡᠢ ᠳᠤᠲᠠᠭᠠᠭᠰᠠᠨ ᠰᠡᠲᠡᠷᠲᠦ ᠴᠠᠭᠠᠨ᠎ᠴᠤ ᠪᠠᠷ᠎ᠠ ᠰᠤᠷᠠᠭ᠎ᠦᠭᠡᠢ ᠪᠣᠯᠵᠠᠢ᠃ ᠬᠠᠶᠠ ᠠᠭᠤᠯᠠ ᠬᠥᠳᠡᠭᠡ᠎ᠪᠡᠷ ᠢᠮᠠᠭ᠎ᠠ ᠮᠠᠢᠯᠠᠬᠤ ᠳᠠᠭᠤᠨ ᠰᠣᠨᠤᠰᠳᠠᠯ᠎ᠠ ᠭᠡᠵᠦ ᠬᠥᠮᠦᠰ ᠬᠡᠯᠡᠯᠴᠡᠬᠦ ᠪᠣᠯᠪᠠᠴᠤ ᠦᠵᠡᠭᠰᠡᠨ ᠬᠥᠮᠦᠨ ᠭᠡᠵᠦ ᠶᠡᠷᠦ ᠠᠯᠠᠭ᠎ᠠ᠃ ᠵᠠᠷᠢᠮ᠎ᠨᠢ ᠴᠠᠭᠠᠨ ᠢᠮᠠᠭᠠᠨ᠎ᠤ ᠰᠡᠲᠡᠷ᠎ᠢ ᠠᠯᠤᠰ᠎ᠤᠨ ᠠᠭᠤᠯᠠᠨ᠎ᠤ ᠮᠣᠳᠤᠨ ᠰᠠᠯᠠᠭᠠᠨ ᠳᠡᠭᠡᠷ᠎ᠡ ᠪᠠᠢᠯ᠎ᠠ ᠭᠡᠬᠦ᠎ᠶᠦᠮ᠃ ᠭᠡᠬᠦ᠎ᠳᠦ ᠣᠯᠵᠤ ᠠᠪᠤᠭᠰᠠᠨ ᠬᠥᠮᠦᠨ ᠶᠡᠷᠦ ᠭᠠᠷᠤᠭ᠎ᠠ᠎ᠦᠭᠡᠢ᠃ ᠦᠨᠡᠬᠡᠷ ᠲᠡᠭᠷᠢ᠎ᠳᠦ ᠭᠠᠷᠤᠭᠰᠠᠨ ᠪᠣᠯᠤᠯᠲᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082