ᠮᠣᠩᠭᠣᠯ ᠪᠢᠴᠢᠭ |
ᠬᠢᠲᠠᠳ ᠠᠩᠭᠯᠢ ᠶᠠᠫᠣᠨ |
ᠪᠢ ᠥᠴᠦᠭᠡᠳᠦᠷ ᠦᠳᠡ᠎ᠳᠦ ᠬᠥᠮᠦᠰ᠎ᠲᠡᠢ ᠵᠣᠭᠤᠭ ᠳᠡᠯᠭᠡᠨ ᠰᠠᠭᠤᠵᠤ ᠪᠠᠢᠭᠠᠳ ᠰᠢᠯᠢᠭ ᠡᠪᠦᠭᠡᠨ᠎ᠦ ᠦᠬᠦᠭᠰᠡᠨ᠎ᠢ ᠰᠣᠨᠤᠰᠤᠯ᠎ᠠ᠃ ᠁ ᠲᠡᠭᠦᠨ᠎ᠦ ᠦᠬᠦᠭᠰᠡᠨ᠎ᠳᠦ ᠪᠢ ᠲᠤᠩ ᠶᠡᠬᠡ ᠬᠠᠷᠠᠮᠰᠠᠵᠤ ᠪᠠᠢᠬᠤ᠎ᠶᠢᠨ ᠬᠠᠮᠲᠤ ᠣᠳᠣ ᠲᠡᠭᠦᠨ᠎ᠢ ᠳᠤᠷᠠᠰᠭᠠᠭᠠᠳ ᠡᠨᠡ ᠵᠣᠬᠢᠶᠠᠯ᠎ᠢᠶᠠᠨ ᠪᠢᠴᠢᠭᠰᠡᠨᠶᠦᠮ᠃ ᠪᠣᠳᠤᠬᠤ᠎ᠳᠤ᠂ ᠲᠡᠭᠦᠨ᠎ᠦ ᠨᠢᠭᠡ ᠨᠠᠰᠤᠨ᠎ᠤ ᠠᠮᠢᠳᠤᠷᠠᠯ᠎ᠨᠢ ᠤᠳᠭ᠎ᠠ ᠠᠭᠤᠯᠭᠠᠦᠭᠡᠢᠶᠤᠮ᠃ ᠲᠡᠭᠦᠨ᠎ᠰᠢᠭ ᠠᠮᠢᠳᠤᠷᠠᠯ᠎ᠲᠠᠢ ᠬᠥᠮᠦᠨ ᠣᠳᠣ ᠪᠠᠰᠠ ᠪᠠᠢᠨ᠎ᠠ᠎ᠤᠤ? ᠪᠢ ᠣᠳᠣ ᠬᠦᠷᠲᠡᠯ᠎ᠡ ᠪᠦᠷ ᠤᠴᠠᠷᠠᠯᠳᠤᠭᠠᠳ᠎ᠦᠭᠡᠢ᠃
ᠠᠩᠬ᠎ᠠ ᠲᠠᠨᠢᠯᠴᠠᠭᠰᠠᠨ᠎ᠨᠢ
ᠬᠥᠮᠦᠰ ᠰᠢᠨ᠎ᠡ ᠵᠢᠯ᠎ᠦᠨ ᠴᠠᠭᠠᠨ᠎ᠤ ᠪᠠᠶᠠᠷ ᠥᠩᠭᠡᠷᠡᠭᠦᠯᠦᠭᠡᠳ ᠬᠡᠳᠦ ᠬᠣᠨᠤᠭᠠᠳ᠎ᠦᠭᠡᠢ ᠪᠠᠢᠲᠠᠯ᠎ᠠ ᠨᠢᠭᠡ ᠶᠡᠬᠡ ᠴᠠᠰᠤ ᠣᠷᠤᠵᠤ᠂ ᠡᠪᠡᠰᠦ ᠪᠡᠯᠴᠢᠭᠡᠷ ᠳᠠᠷᠤᠭᠳᠠᠭᠠᠳ᠂ ᠮᠠᠯ ᠢᠳᠡᠰᠢ ᠠᠯᠳᠠᠵᠤ ᠵᠡᠳᠭᠡᠷ ᠪᠣᠯᠤᠭᠰᠠᠨ ᠲᠤᠯᠠ ᠲᠦᠷᠦᠭᠦᠦ ᠵᠦᠳᠡᠭᠦᠦ ᠮᠠᠯᠴᠢᠳ᠎ᠲᠤ ᠲᠤᠰᠠᠯᠠᠬᠤ᠎ᠪᠠᠷ ᠨᠤᠲᠤᠭ᠎ᠠᠴᠠ ᠨᠢᠭᠡ ᠬᠡᠰᠡᠭ ᠺᠠᠳ᠋ᠷ᠎ᠢ ᠭᠠᠷᠭᠠᠵᠤ ᠵᠣᠬᠢᠶᠠᠨ ᠪᠠᠢᠭᠤᠯᠤᠭᠠᠳ ᠮᠠᠯ᠎ᠤᠨ ᠰᠠᠭᠤᠷᠢ ᠲᠠᠯ᠎ᠠ ᠶᠠᠪᠤᠭᠤᠯᠪᠠ᠃
《ᠴᠢ ᠰᠢᠯᠢᠭ ᠳᠡᠭᠡᠷ᠎ᠡ ᠣᠳ!》 ᠭᠡᠵᠦ ᠨᠠᠮ᠎ᠤᠨ ᠬᠣᠷᠢᠶ᠎ᠠ᠎ᠶᠢᠨ ᠱᠦᠵᠢ ᠪᠠᠳᠮ᠎ᠠ ᠨᠠᠳᠠ ᠬᠡᠯᠡᠪᠡ᠃ ᠪᠠᠳᠮ᠎ᠠ ᠱᠦᠵᠢ: 《ᠴᠢ ᠣᠳᠤᠭᠠᠳ ᠬᠣᠶᠠᠷ ᠨᠢᠭᠡ ᠡᠳᠦᠷ ᠲᠡᠳᠡᠨ᠎ᠢ ᠲᠤᠰᠠᠯᠠᠭᠠᠳ ᠬᠠᠰᠢᠶ᠎ᠠ ᠬᠣᠷᠤᠭ᠎ᠠ᠎ᠶᠢᠨ ᠴᠠᠰᠤ᠎ᠶᠢ᠎ᠨᠢ ᠭᠠᠷᠭᠠᠯᠴᠠᠭᠠᠳ ᠣᠷᠬᠢᠪᠠᠯ ᠪᠣᠯᠤᠭᠰᠠᠨ᠎ᠨᠢ ᠲᠡᠷᠡ᠂ ᠳᠠᠬᠢᠵᠤ ᠬᠢᠮᠡᠷ ᠣᠨᠳᠣᠣ ᠠᠵᠢᠯ ᠪᠠᠢᠬᠤᠴᠤᠦᠭᠡᠢ᠂ ᠪᠢ ᠴᠢᠮᠠᠢ ᠳᠠᠭᠠᠭᠤᠯᠵᠤ ᠣᠳᠤᠭᠠᠳ ᠲᠠᠨᠢᠯᠴᠠᠭᠤᠯᠵᠤ ᠣᠷᠬᠢᠶ᠎ᠠ》 ᠭᠡᠳ ᠲᠡᠷᠡ ᠡᠳᠦᠷ ᠨᠠᠮᠠᠢ ᠳᠠᠭᠠᠭᠤᠯᠤᠭᠠᠳ ᠶᠠᠪᠤᠪᠠ᠃
ᠭᠠᠯ ᠦᠳᠡ᠎ᠶᠢᠨ ᠦᠶ᠎ᠡ᠎ᠳᠦ᠂ ᠪᠢᠳᠡᠨ ᠰᠢᠯᠢᠭᠦᠨ ᠭᠡᠷ᠎ᠲᠦ ᠬᠦᠷᠪᠡ ᠁
ᠪᠠᠳᠮ᠎ᠠ ᠱᠦᠵᠢ ᠪᠢᠳᠡᠨ ᠬᠣᠶᠠᠷ᠂ ᠮᠣᠷᠢ᠎ᠪᠠᠨ ᠲᠤᠱᠠᠭᠠᠳ ᠭᠡᠷ᠎ᠲᠦ ᠣᠷᠤᠪᠠ᠃ ᠪᠢ ᠪᠠᠳᠮ᠎ᠠ ᠱᠦᠵᠢ᠎ᠶᠢᠨ ᠳᠣᠣᠷᠠᠳᠤ ᠲᠠᠯ᠎ᠠ᠎ᠳᠤ ᠰᠠᠭᠤᠮᠠᠭᠴᠠ ᠭᠡᠷ᠎ᠦᠨ ᠡᠵᠡᠨ ᠡᠮᠡᠭᠲᠡᠢ ᠯᠤᠭᠡ ᠮᠡᠨᠳᠦ ᠠᠰᠠᠭᠤᠯᠴᠠᠵᠤ᠂ ᠮᠠᠯ ᠰᠦᠷᠦᠭ᠎ᠦᠨ ᠪᠠᠢᠳᠠᠯ᠂ ᠴᠠᠰᠤ ᠪᠣᠷᠤᠭᠠᠨ᠎ᠤ ᠪᠠᠢᠳᠠᠯ᠎ᠢ ᠠᠰᠠᠭᠤᠵᠤ ᠡᠬᠢᠯᠡᠪᠡ᠃ ᠪᠢ ᠡᠨᠡᠬᠡᠨ ᠵᠠᠪ᠎ᠲᠤ ᠲᠡᠷᠡ ᠡᠮᠡᠭᠲᠡᠢ᠎ᠶᠢ ᠬᠠᠷᠠᠪᠠᠯ ᠳᠥᠴᠢ ᠬᠦᠷᠦᠭᠡᠳ᠎ᠦᠭᠡᠢ ᠢᠳᠡᠷ ᠨᠠᠰᠤᠨ᠎ᠤ ᠡᠮᠡᠭᠲᠡᠢ ᠠᠵᠢ᠃ ᠬᠦᠷᠡᠩ ᠤᠯᠠᠭᠠᠨ ᠴᠢᠷᠠᠢ ᠳᠡᠭᠡᠷ᠎ᠡ᠎ᠨᠢ ᠬᠣᠶᠠᠷ ᠲᠣᠮᠤ ᠠᠯᠠᠭ ᠨᠢᠳᠦ᠎ᠨᠢ ᠡᠷᠭᠢᠯᠳᠦᠵᠦ᠂ ᠨᠠᠳᠠ ᠵᠢᠭᠲᠡᠢᠬᠡᠨ ᠰᠠᠨᠠᠭᠳᠠᠵᠤ ᠪᠢᠯᠡ᠃ ᠲᠡᠷᠡ ᠲᠡᠮᠦᠷ ᠵᠤᠤᠬ᠎ᠠ᠎ᠶᠢᠨ ᠠᠮᠠᠨ᠎ᠳᠤ ᠲᠠᠯᠪᠢᠭᠰᠠᠨ ᠴᠦᠦᠭᠡᠡᠴᠡ ᠴᠠᠢ ᠠᠶᠠᠭᠠᠯᠠᠵᠤ᠂ ᠪᠠᠳᠮ᠎ᠠ ᠱᠦᠵᠢ ᠤᠷᠤᠭᠤᠯ ᠬᠦᠷᠭᠡᠵᠦ ᠠᠮᠰᠠᠬᠤ ᠲᠡᠳᠦᠢ ᠨᠠᠳᠠ ᠥᠭᠭᠦᠭᠡᠳ:
《ᠵᠠ᠂ ᠡᠨᠡ ᠵᠠᠯᠠᠭᠤ᠎ᠶᠢ ᠲᠠᠨ᠎ᠤ᠎ᠳᠤ ᠬᠦᠷᠭᠡᠵᠦ ᠢᠷᠡᠯ᠎ᠡ᠃ ᠲᠠᠨᠠᠷ᠎ᠲᠤ ᠨᠥᠬᠦᠳ ᠪᠣᠯᠵᠤ ᠬᠠᠰᠢᠶ᠎ᠠ ᠬᠣᠷᠤᠭ᠎ᠠ᠎ᠶᠢᠨ ᠴᠠᠰᠤ᠎ᠶᠢ ᠭᠠᠷᠭᠠᠯᠴᠠᠵᠤ ᠥᠭᠭᠦᠭᠡᠳ ᠬᠣᠶᠠᠷ ᠨᠢᠭᠡ ᠡᠳᠦᠷ ᠪᠣᠯᠵᠤ ᠪᠤᠴᠠᠬᠤᠶᠤᠮ》 ᠭᠡᠪᠡ᠃ ᠲᠡᠷᠡ ᠡᠮᠡᠭᠲᠡᠢ ᠪᠠᠶᠠᠷᠯᠠᠭᠰᠠᠨ ᠮᠠᠶᠢᠭᠲᠠᠢ ᠪᠠᠳᠮ᠎ᠠ ᠱᠦᠵᠢ᠎ᠶᠢ ᠬᠠᠷᠠᠵᠤ: 《ᠵᠠ᠂ ᠲᠡᠭᠡᠯᠭᠦᠢ᠂ ᠮᠠᠨ᠎ᠤ᠎ᠳᠤ ᠢᠯᠡᠭᠦᠦ ᠬᠡᠳᠦ ᠬᠣᠨᠤᠭᠰᠠᠨᠴᠤ ᠬᠠᠮᠢᠶ᠎ᠠ᠎ᠦᠭᠡᠢ》 ᠭᠡᠵᠦ ᠬᠡᠯᠡᠭᠡᠳ᠂ ᠶᠠᠪᠤᠬᠤ ᠭᠡᠰᠡᠨ ᠪᠠᠳᠮ᠎ᠠ ᠱᠦᠵᠢ᠎ᠶᠢ ᠨᠣᠬᠠᠢ ᠬᠣᠷᠢᠵᠤ ᠭᠠᠷᠭᠠᠪᠠ᠃ ᠮᠣᠷᠢ᠎ᠪᠠᠨ ᠢᠳᠡᠭᠦᠯᠦᠮᠡᠭᠴᠡᠪᠡᠨ ᠪᠢ ᠬᠦᠷᠵᠡ ᠠᠪᠴᠤ ᠬᠣᠨᠢᠨ᠎ᠤ ᠬᠠᠰᠢᠶᠠᠨ᠎ᠤ ᠴᠠᠰᠤ᠎ᠶᠢ ᠭᠠᠷᠭᠠᠵᠤ ᠡᠬᠢᠯᠡᠪᠡ᠃
ᠦᠢᠯᠡ᠎ᠪᠡᠨ ᠪᠠᠷᠠᠭᠰᠠᠨ ᠪᠢ ᠨᠢᠭᠡ ᠡᠳᠦᠷ ᠭᠠᠭᠴᠠᠭᠠᠷ᠎ᠢᠶᠠᠨ ᠴᠠᠰᠤ ᠵᠥᠭᠡᠭᠡᠭᠡᠳ ᠳᠠᠭᠤᠰᠭᠠᠵᠤ ᠴᠢᠳᠠᠭᠰᠠᠨ᠎ᠦᠭᠡᠢ᠃ ᠪᠢ ᠬᠠᠰᠢᠶ᠎ᠠ᠎ᠶᠢᠨ ᠠᠮᠠᠨ ᠳᠡᠭᠡᠷ᠎ᠡ ᠨᠢᠭᠡ ᠭᠠᠩᠰᠠ ᠲᠠᠮᠠᠬᠢ ᠲᠠᠲᠠᠭᠠᠳ ᠠᠮᠤᠰᠬᠢᠵᠤ ᠪᠠᠢᠲᠠᠯ᠎ᠠ ᠬᠣᠨᠢᠨ ᠰᠦᠷᠦᠭ᠎ᠢᠶᠡᠨ ᠭᠡᠷ ᠲᠠᠯ᠎ᠠ᠎ᠪᠠᠨ ᠬᠠᠨᠳᠤᠭᠤᠯᠵᠤ ᠣᠷᠬᠢᠭᠠᠳ ᠨᠢᠭᠡ ᠡᠪᠦᠭᠡᠨ ᠬᠦᠷᠴᠦ ᠢᠷᠡᠯ᠎ᠡ ᠁ 《ᠠ! ᠡᠨᠡ᠎ᠴᠢᠨᠢ ᠣᠳᠣᠬᠢ ᠰᠢᠯᠢᠭ ᠪᠣᠯᠤᠯ᠎ᠦᠭᠡᠢ》 ᠭᠡᠵᠦ ᠪᠢ ᠳᠣᠲᠤᠷ᠎ᠠ᠎ᠪᠠᠨ ᠪᠣᠳᠤᠭᠰᠠᠨ ᠲᠡᠳᠦᠢ ᠪᠣᠰᠴᠤ ᠡᠪᠦᠭᠡᠨ ᠯᠤᠭᠡ ᠮᠡᠨᠳᠦ ᠭᠦᠢᠴᠡᠳᠭᠡᠵᠦ᠂ ᠬᠣᠨᠢ ᠮᠠᠯ᠎ᠤᠨ ᠪᠠᠢᠳᠠᠯ᠎ᠢ ᠠᠰᠠᠭᠤᠯ᠎ᠠ᠃
《ᠰᠠᠢᠨ᠂ ᠰᠠᠢᠨ!》 ᠭᠡᠳ ᠰᠢᠯᠢᠭ ᠡᠪᠦᠭᠡᠨ:
《ᠡᠨᠡ ᠴᠠᠰᠤ᠎ᠶᠢ ᠴᠢ ᠵᠥᠭᠡᠭᠡᠵᠦ ᠭᠠᠷᠭᠠᠭᠰᠠᠨᠤᠤ? ᠡᠨᠡ ᠴᠠᠰᠤ᠎ᠶᠢ ᠡᠷᠲᠡ ᠣᠷᠤᠢ᠎ᠦᠭᠡᠢ ᠵᠠᠪᠠᠯ ᠭᠠᠷᠭᠠᠬᠤ ᠬᠡᠷᠡᠭᠲᠡᠢ ᠭᠡᠵᠦ ᠪᠢ ᠪᠣᠳᠤᠵᠤ ᠪᠠᠢᠭᠰᠠᠨ᠎ᠶᠤᠮ᠃ ᠭᠡᠲᠡᠯ᠎ᠡ ᠨᠠᠳᠠ ᠶᠡᠷᠦ ᠵᠠᠪ ᠪᠣᠯᠬᠤ᠎ᠦᠭᠡᠢ᠃ ᠵᠠ᠂ ᠦᠯᠡᠳᠡᠭᠰᠡᠨ᠎ᠢ᠎ᠨᠢ ᠮᠠᠷᠭᠠᠰᠢ ᠭᠠᠷᠭᠠᠬᠤ ᠪᠢᠵᠡ᠂ ᠭᠡᠷ᠎ᠲᠦ ᠣᠷᠤ》 ᠭᠡᠵᠦ ᠰᠢᠯᠢᠭ ᠳᠣᠲᠤᠨᠤᠰᠤᠭ ᠪᠠᠢᠳᠠᠯ᠎ᠲᠠᠢ᠎ᠪᠠᠷ ᠬᠡᠯᠡᠬᠦ᠎ᠶᠢ᠎ᠨᠢ ᠰᠣᠨᠤᠰᠤᠭᠠᠳ᠂ ᠬᠡᠳᠦᠢ ᠠᠶᠤᠮᠠᠷ ᠰᠢᠨᠵᠢᠲᠡᠢ ᠪᠣᠯᠪᠠᠴᠤ ᠬᠠᠷᠢᠨ ᠰᠡᠳᠭᠢᠯ᠎ᠨᠢ ᠦᠨᠡᠬᠡᠷ ᠰᠠᠢᠨ ᠡᠪᠦᠭᠡᠨ ᠠᠵᠢ ᠭᠡᠵᠦ ᠪᠣᠳᠤᠬᠤ ᠪᠢᠯᠡ᠃ ᠦᠨᠡᠨ᠎ᠳᠡᠭᠡᠨ ᠡᠢᠮᠦ᠂ ᠰᠡᠳᠭᠢᠯ᠎ᠳᠡᠭᠡᠨ ᠶᠠᠭᠤ᠎ᠴᠤ᠎ᠦᠭᠡᠢ ᠬᠥᠨᠳᠡᠢ᠂ ᠴᠠᠭᠠᠨ ᠰᠠᠨᠠᠭ᠎ᠠ᠎ᠲᠠᠢ ᠰᠠᠷᠬᠠᠢᠭᠰᠠᠨ ᠨᠢᠭᠡ ᠮᠠᠯᠴᠢᠨ ᠡᠪᠦᠭᠡᠨ ᠲᠤᠯᠠ ᠲᠡᠷᠡ ᠣᠷᠤᠢ ᠪᠢᠳᠡᠨ ᠤᠨᠲᠠᠬᠤ ᠬᠦᠷᠲᠡᠯ᠎ᠡ ᠬᠠᠯᠠᠭᠤᠮᠰᠤᠭ ᠶᠠᠷᠢᠯᠴᠠᠵᠤ ᠰᠠᠭᠤᠯ᠎ᠠ᠃ ᠢᠷᠭᠢ ᠭᠣᠯᠤᠮᠲᠠ ᠬᠣᠶᠠᠷ᠎ᠤᠨ ᠬᠣᠭᠤᠷᠤᠨᠳᠤ ᠪᠣᠰᠬᠤᠠᠴᠠᠪᠠᠨ ᠵᠠᠯᠬᠠᠭᠤᠷᠠᠭᠠᠳ᠂ ᠮᠥᠯᠬᠦᠵᠦ ᠰᠠᠭᠤᠳᠠᠭ ᠲᠡᠷᠡ᠎ᠬᠦ ᠡᠮᠡᠭᠲᠡᠢ᠎ᠶᠢᠨ ᠨᠡᠷ᠎ᠡ᠎ᠨᠢ 《ᠪᠤᠵᠢᠳ》 ᠭᠡᠳᠡᠭ ᠪᠥᠭᠡᠳ ᠰᠢᠯᠢᠭ ᠡᠪᠦᠭᠡᠨ᠎ᠡᠴᠡ ᠠᠳᠠᠭ᠎ᠲᠠᠭᠠᠨ ᠠᠷᠪᠠᠨ ᠬᠡᠳᠦᠨ ᠨᠠᠰᠤ ᠳᠡᠭᠦᠦ ᠪᠠᠢᠯ᠎ᠠ᠃ ᠲᠡᠷᠡ ᠨᠢᠭᠡ ᠬᠥᠪᠡᠭᠦᠨᠲᠡᠢ ᠪᠣᠯᠬᠤ ᠪᠥᠭᠡᠳ ᠬᠥᠪᠡᠭᠦᠨ᠎ᠨᠢ ᠣᠳᠣ ᠠᠷᠪᠠᠨ ᠨᠢᠭᠡ ᠬᠣᠶᠠᠷᠲᠠᠢ ᠁
ᠮᠠᠷᠭᠠᠰᠢ ᠥᠷᠯᠦᠭᠡ᠎ᠨᠢ ᠴᠠᠢ᠎ᠪᠠᠨ ᠤᠤᠭᠤᠭᠠᠳ ᠰᠢᠯᠢᠭ ᠡᠪᠦᠭᠡᠨ ᠮᠠᠭᠤ ᠮᠣᠷᠢ᠎ᠪᠠᠨ ᠲᠣᠬᠤᠵᠤ᠂ ᠬᠣᠨᠢ᠎ᠪᠠᠨ ᠪᠡᠯᠴᠢᠭᠡᠭᠡᠳ ᠭᠠᠷᠤᠯ᠎ᠠ᠃ ᠪᠢ ᠪᠠᠰᠠ ᠬᠦᠷᠵᠡ᠎ᠪᠡᠨ ᠠᠪᠤᠭᠠᠳ ᠦᠯᠡᠳᠡᠭᠰᠡᠨ ᠴᠠᠰᠤ᠎ᠪᠠᠨ ᠦᠷᠭᠦᠯᠵᠢᠯᠡᠨ ᠭᠠᠷᠭᠠᠪᠠ᠃ ᠡᠨᠡ ᠬᠠᠰᠢᠶ᠎ᠠ᠎ᠶᠢᠨ ᠴᠠᠰᠤ᠎ᠨᠢ ᠨᠢᠭᠡ ᠰᠠᠭᠠᠮᠠᠴᠤ ᠭᠠᠷᠭᠠᠭᠰᠠᠨᠦᠭᠡᠢᠪᠠᠷ ᠳᠡᠭᠡᠷ᠎ᠡ ᠳᠡᠭᠡᠷ᠎ᠡ᠎ᠨᠢ ᠬᠣᠨᠢ ᠬᠡᠪᠲᠡᠭᠦᠯᠦᠭᠡᠳ ᠪᠠᠢᠲᠠᠯ᠎ᠠ ᠳᠣᠣᠷᠠᠬᠢ᠎ᠨᠢ ᠪᠦᠷ ᠬᠥᠬᠡ ᠮᠥᠰᠦ ᠪᠣᠯᠤᠭᠠᠳ ᠬᠥᠷᠦᠵᠦ ᠣᠳᠤᠭᠰᠠᠨ ᠲᠤᠯᠠ ᠭᠠᠷᠭᠠᠬᠤ ᠲᠤᠲᠤᠮ ᠳᠠᠭᠤᠰᠬᠤ᠎ᠦᠭᠡᠢ ᠪᠣᠯᠪᠠ᠃ ᠭᠡᠲᠡᠯ᠎ᠡ ᠪᠢ ᠡᠨᠳᠡ ᠢᠷᠡᠵᠦ ᠰᠢᠯᠢᠭ ᠡᠪᠦᠭᠡᠨ᠎ᠳᠦ ᠲᠤᠰᠠᠯᠠᠭᠠᠳ ᠲᠡᠭᠦᠨ᠎ᠦ ᠬᠠᠰᠢᠶ᠎ᠠ᠎ᠶᠢᠨ ᠴᠠᠰᠤ᠎ᠶᠢ ᠭᠠᠷᠭᠠᠬᠤ ᠡᠭᠦᠷᠭᠡ᠎ᠲᠡᠢ ᠪᠣᠯᠬᠣᠷ ᠭᠤᠷᠪᠠᠳᠤᠭᠠᠷ ᠡᠳᠦᠷ᠎ᠲᠡᠭᠡᠨ ᠪᠠᠰᠠ᠎ᠯᠠ ᠪᠢᠴᠢᠬᠠᠨᠴᠤ ᠠᠮᠠᠷᠠᠯᠦᠭᠡᠢᠪᠠᠷ ᠠᠵᠢᠯᠯᠠᠭᠰᠠᠭᠠᠷ ᠪᠠᠢᠵᠤ ᠨᠠᠷᠠᠨ ᠣᠷᠤᠬᠤ ᠦᠶ᠎ᠡ᠎ᠳᠦ ᠠᠷᠠᠢ ᠭᠡᠵᠦ ᠴᠠᠰᠤ᠎ᠶᠢ ᠭᠠᠷᠭᠠᠭᠠᠳ ᠴᠡᠪᠡᠷᠯᠡᠵᠦ ᠪᠣᠯᠤᠯ᠎ᠠ᠃
ᠣᠷᠤᠢ᠎ᠨᠢ ᠰᠢᠯᠢᠭ ᠡᠪᠦᠭᠡᠨ ᠬᠠᠷᠢᠵᠤ ᠢᠷᠡᠮᠡᠭᠴᠡ ᠬᠠᠰᠢᠶ᠎ᠠ ᠬᠣᠷᠤᠭᠠᠶᠢᠨᠢ ᠭᠢᠯᠠᠢᠲᠠᠯ᠎ᠠ ᠴᠡᠪᠡᠷᠯᠡᠭᠰᠡᠨᠢ ᠦᠵᠡᠭᠡᠳ ᠪᠠᠶᠠᠷᠯᠠᠨ ᠢᠨᠢᠶᠡᠵᠦ 《ᠵᠠᠯᠠᠭᠤ ᠬᠥᠮᠦᠨ ᠭᠡᠳᠡᠭ ᠡᠢᠮᠦ ᠪᠠᠢᠳᠠᠭ᠎ᠶᠤᠮ᠂ ᠨᠢᠭᠡ ᠡᠳᠦᠷ ᠡᠢᠮᠦ ᠶᠡᠬᠡ ᠴᠠᠰᠤ᠎ᠶᠢ ᠭᠠᠷᠭᠠᠬᠤ ᠭᠡᠳᠡᠭ᠎ᠨᠢ ᠠᠮᠠᠷ ᠪᠢᠰᠢ ᠬᠡᠷᠡᠭ᠂ ᠴᠢ᠎ᠴᠢᠨᠢ ᠰᠦᠷᠡᠬᠡᠢ ᠠᠵᠢᠯ ᠬᠥᠳᠡᠯᠮᠦᠷᠢ ᠬᠢᠳᠡᠭ ᠵᠠᠯᠠᠭᠤ ᠪᠠᠢᠨ᠎ᠠ ᠰᠢᠤ》 ᠭᠡᠵᠦ ᠨᠠᠮᠠᠢ ᠲᠡᠭᠷᠢ᠎ᠳᠦ ᠭᠠᠷᠤᠮᠠᠷ ᠮᠠᠭᠲᠠᠭᠠᠳ: 《ᠪᠢ ᠪᠠᠭ᠎ᠠ᠎ᠳᠠᠭᠠᠨ ᠴᠢᠮ᠎ᠠ᠎ᠰᠢᠭ᠋ ᠠᠵᠢᠯᠯᠠᠵᠤ ᠴᠢᠳᠠᠳᠠᠭ ᠪᠠᠢᠭᠰᠠᠨ᠎ᠶᠤᠮ᠃ 〈ᠠᠭᠤᠯᠠ᠎ᠶᠢ ᠴᠠᠰᠤ ᠳᠠᠷᠤᠳᠠᠭ᠂ ᠬᠥᠮᠦᠨ᠎ᠢ ᠨᠠᠰᠤ ᠳᠠᠷᠤᠳᠠᠭ〉 ᠭᠡᠳᠡᠭᠴᠢᠯᠡᠨ ᠣᠳᠣ ᠪᠣᠯᠬᠤ᠎ᠦᠭᠡᠢ ᠪᠣᠯᠵᠠᠢ》 ᠭᠡᠨ᠎ᠡ᠃
ᠲᠡᠷᠡ ᠣᠷᠤᠢ ᠪᠢᠳᠡ ᠪᠤᠳᠠᠭ᠎ᠠ᠎ᠪᠠᠨ ᠢᠳᠡᠮᠡᠭᠴᠡ ᠡᠷᠲᠡᠬᠡᠨᠰᠢᠭ ᠬᠡᠪᠲᠡᠯ᠎ᠡ᠃ ᠰᠢᠯᠢᠭ ᠡᠪᠦᠭᠡᠨ ᠣᠷᠤᠨ᠎ᠳᠠᠭᠠᠨ ᠣᠷᠤᠭᠠᠳ ᠪᠠᠬᠠᠨ ᠵᠠᠭᠤᠷ᠎ᠠ ᠪᠣᠯᠤᠭᠰᠠᠨ᠎ᠦᠭᠡᠢ ᠳᠠᠬᠢᠨ ᠪᠣᠰᠴᠤ ᠰᠠᠭᠤᠭᠠᠳ:
《ᠵᠠ᠂ ᠵᠠᠯᠠᠭᠤ! ᠮᠠᠷᠭᠠᠰᠢ ᠨᠠᠳᠠ ᠲᠤᠰᠠ ᠪᠣᠯᠤᠭᠠᠳ ᠨᠢᠭᠡ ᠡᠳᠦᠷ ᠬᠣᠨᠢ ᠬᠠᠷᠢᠭᠤᠯᠵᠤ ᠥᠭᠬᠦ ᠪᠢᠵᠡ! ᠪᠢ ᠶᠡᠷᠦ᠎ᠨᠢ ᠪᠠᠷᠢᠭᠠᠳᠠ ᠳᠡᠭᠡᠷ᠎ᠡ ᠬᠦᠷᠦᠭᠡᠳ ᠰᠠᠷ᠎ᠠ᠎ᠶᠢᠨ ᠪᠤᠳᠠᠭ᠎ᠠ᠎ᠪᠠᠨ ᠠᠪᠴᠤ ᠢᠷᠡᠮᠡᠷ ᠪᠠᠢᠨ᠎ᠠ》 ᠭᠡᠵᠦ ᠡᠮᠡᠭᠡᠨ ᠲᠠᠯ᠎ᠠ᠎ᠪᠠᠨ ᠨᠢᠭᠡ ᠬᠠᠷᠠᠵᠤ ᠠᠪᠤᠭᠠᠳ:
《ᠠᠢ ᠪᠤᠵᠢᠳ! ᠮᠠᠨ᠎ᠤ ᠭᠤᠯᠢᠷ ᠣᠳᠣ ᠬᠡᠳᠦᠢ ᠪᠠᠢᠳᠠᠭ ᠪᠤᠢ?》 ᠭᠡᠵᠦ ᠬᠠᠰᠭᠢᠷᠤᠨ ᠬᠡᠯᠡᠪᠡ᠃
《ᠶᠠᠭᠤᠨ᠎ᠤ ᠭᠤᠯᠢᠷ ᠪᠠᠢᠳᠠᠭ ᠪᠢᠯᠡ?》 ᠭᠡᠵᠦ ᠪᠤᠵᠢᠳ ᠡᠪᠦᠭᠡᠨ᠎ᠳᠡᠭᠡᠨ ᠠᠭᠤᠷᠯᠠᠵᠤ ᠤᠴᠠᠭᠠᠷᠯᠠᠭᠰᠠᠨ ᠮᠠᠶᠢᠭᠲᠠᠢ ᠨᠢᠭᠡ ᠬᠠᠷᠠᠭᠠᠳ ᠰᠢᠯᠢᠭ ᠡᠪᠦᠭᠡᠨ᠎ᠢ ᠡᠨᠡ ᠰᠥᠨᠢ ᠰᠠᠷ᠎ᠠ᠎ᠶᠢᠨ᠎ᠢᠶᠠᠨ ᠪᠤᠳᠠᠭᠠᠨ᠎ᠳᠤ ᠶᠠᠪᠤᠭᠤᠯᠬᠤ ᠪᠠᠢᠳᠠᠯ᠎ᠲᠠᠢ ᠬᠡᠯᠡᠪᠡ᠃
《ᠪᠣᠯᠤᠨ᠎ᠠ᠂ ᠲᠠ ᠨᠢᠭᠡ ᠡᠳᠦᠷ ᠬᠡᠷᠡᠭ᠎ᠢᠶᠡᠨ ᠪᠦᠲᠦᠭᠡᠵᠦ ᠠᠪ ᠳ᠋ᠠ ! ᠮᠠᠷᠭᠠᠰᠢ ᠬᠣᠨᠢᠶᠢᠴᠢᠨᠢ ᠪᠢ ᠬᠠᠷᠢᠭᠤᠯᠤᠶ᠎ᠠ》 ᠭᠡᠵᠦ ᠬᠡᠯᠡᠬᠦ᠎ᠳᠦ᠂ ᠰᠢᠯᠢᠭ ᠡᠪᠦᠭᠡᠨ ᠶᠡᠬᠡᠯ᠎ᠡ ᠪᠠᠶᠠᠷᠯᠠᠵᠤ ᠪᠢᠯᠡ᠃ ᠮᠠᠷᠭᠠᠰᠢ ᠥᠷᠯᠦᠭᠡ᠎ᠨᠢ ᠪᠢ ᠬᠣᠨᠢ ᠪᠡᠯᠴᠢᠭᠡᠭᠡᠳ ᠭᠠᠷᠬᠤ᠎ᠳᠤ ᠰᠢᠯᠢᠭ ᠡᠪᠦᠭᠡᠨ ᠨᠠᠳᠠ᠎ᠲᠠᠢ ᠬᠠᠮᠲᠤ ᠮᠣᠷᠳᠠᠭᠠᠳ ᠪᠠᠷᠢᠭᠠᠳᠠ ᠲᠠᠯ᠎ᠠ ᠭᠡᠯᠳᠦᠷᠢᠯ᠎ᠡ᠃ ᠪᠢ ᠬᠣᠨᠢ᠎ᠪᠠᠨ ᠬᠠᠷ᠎ᠠ ᠲᠠᠰᠢᠭᠤ ᠥᠭᠡᠳᠡ ᠭᠠᠷᠭᠠᠭᠠᠳ ᠱᠤᠬᠤ ᠳᠡᠭᠡᠷ᠎ᠡ ᠭᠠᠷᠴᠤ ᠰᠠᠭᠤᠪᠠ᠃ ᠢᠩᠭᠢᠭᠡᠳ ᠨᠠᠷᠠᠨ ᠣᠷᠤᠭᠰᠠᠨ᠎ᠠᠴᠠ ᠬᠣᠢᠨ᠎ᠠ ᠬᠣᠨᠢ᠎ᠪᠠᠨ ᠲᠠᠭᠤᠭᠠᠳ ᠠᠪᠴᠤ ᠢᠷᠡᠭᠡᠳ ᠬᠠᠰᠢᠶᠠᠨ᠎ᠳᠤᠨᠢ ᠣᠷᠤᠭᠤᠯᠵᠤ ᠠᠮᠠ᠎ᠶᠢ᠎ᠨᠢ ᠬᠠᠭᠠᠮᠠᠭᠴᠠ᠂ ᠮᠣᠷᠢ᠎ᠪᠠᠨ ᠲᠠᠯᠪᠢᠵᠤ ᠢᠳᠡᠭᠦᠯᠦᠭᠡᠳ ᠰᠢᠯᠢᠭ ᠡᠪᠦᠭᠡᠨ᠎ᠦ ᠭᠡᠷ᠎ᠲᠦ ᠣᠷᠤᠪᠠ᠃ ᠰᠢᠯᠢᠭᠦᠨ ᠠᠪᠠᠭᠠᠢ ᠪᠤᠵᠢᠳ ᠥᠨᠥᠳᠦᠷ ᠨᠠᠳᠠ ᠣᠨᠴᠠ᠎ᠶᠢᠨ ᠬᠠᠯᠠᠭᠤᠮᠰᠤᠭ᠎ᠢᠶᠠᠷ:
《ᠡ! ᠬᠥᠭᠡᠷᠦᠬᠦᠢ᠂ ᠡᠢᠮᠦ ᠬᠦᠢᠲᠡᠨ᠎ᠳᠦ ᠬᠣᠨᠢ ᠬᠠᠷᠢᠭᠤᠯᠬᠤ᠎ᠨᠢ ᠠᠮᠠᠷ ᠪᠢᠰᠢ᠂ ᠬᠠᠯᠠᠭᠤᠨ ᠴᠠᠢ ᠤᠤᠭᠤ᠂ ᠣᠳᠣ ᠬᠣᠭᠤᠯᠠ᠎ᠪᠠᠨ ᠢᠳᠡᠭᠡᠷᠡᠢ》 ᠭᠡᠵᠦ ᠨᠢᠭᠡ ᠣᠯᠠᠨ ᠶᠠᠭᠤᠮ᠎ᠠ ᠬᠡᠯᠡᠭᠡᠳ ᠴᠠᠢ ᠠᠶᠠᠭᠠᠯᠠᠵᠤ ᠶᠠᠭᠠᠷᠠᠨ᠎ᠠ᠃ ᠪᠤᠵᠢᠳ ᠪᠠᠬᠠᠨ ᠵᠣᠪᠠᠭᠰᠠᠨ ᠮᠠᠶᠢᠭᠲᠠᠢ᠎ᠪᠠᠷ: 《ᠡᠳᠦᠢ ᠪᠣᠯᠲᠠᠯ᠎ᠠ ᠡᠪᠦᠭᠡᠨ ᠪᠠᠰᠠ ᠬᠠᠷᠢᠵᠤ ᠢᠷᠡᠭᠰᠡᠨ᠎ᠦᠭᠡᠢ᠂ ᠴᠢ ᠮᠠᠷᠭᠠᠰᠢ ᠪᠠᠰᠠ ᠨᠢᠭᠡ ᠡᠳᠦᠷ ᠮᠠᠨ᠎ᠤ ᠬᠣᠨᠢ᠎ᠶᠢ ᠲᠣᠷᠭᠠᠭᠠᠳ ᠥᠭᠬᠦᠶᠦᠮ ᠰᠢᠤ》 ᠭᠡᠵᠦ ᠳᠣᠣᠷ᠎ᠠ ᠳᠠᠭᠤ᠎ᠪᠠᠷ ᠬᠡᠯᠡᠪᠡ᠃ ᠠᠷᠭ᠎ᠠ ᠪᠤᠰᠤ ᠪᠢ ᠥᠷᠯᠦᠭᠡ᠎ᠨᠢ ᠤᠭ ᠶᠣᠰᠤᠭᠠᠷ ᠬᠣᠨᠢ ᠬᠠᠷᠢᠭᠤᠯᠪᠠ᠃ ᠣᠷᠤᠢ᠎ᠨᠢ ᠬᠣᠨᠢ᠎ᠪᠠᠨ ᠳᠠᠭᠠᠭᠠᠳ ᠢᠷᠡᠬᠦ᠎ᠳᠦ ᠰᠢᠯᠢᠭ ᠡᠪᠦᠭᠡᠨ ᠪᠠᠰᠠ ᠢᠷᠡᠭᠡᠳ᠎ᠦᠭᠡᠢ ᠪᠠᠢᠯ᠎ᠠ᠃ 《ᠬᠡᠷᠡᠭ᠎ᠨᠢ ᠪᠦᠲᠦᠬᠦ᠎ᠦᠭᠡᠢ ᠪᠣᠯ ᠬᠠᠷᠢᠵᠤ ᠢᠷᠡᠬᠦ ᠬᠡᠷᠡᠭᠲᠡᠢ ᠰᠢᠦ ᠳ᠋ᠡ᠂ ᠨᠢᠭᠡ ᠰᠦᠷᠦᠭ ᠬᠣᠨᠢ᠎ᠪᠠᠨ ᠬᠥᠮᠦᠨ᠎ᠳᠦ ᠬᠠᠶᠠᠵᠤ ᠣᠷᠬᠢᠭᠠᠳ ᠰᠡᠳᠭᠢᠯ ᠠᠮᠤᠷ ᠢᠩᠭᠢᠭᠡᠳ ᠶᠠᠪᠤᠬᠤ ᠭᠡᠵᠦ᠂ ᠡᠨᠡ᠎ᠴᠢᠨᠢ ᠶᠠᠮᠠᠷ ᠮᠠᠯᠴᠢᠨ᠎ᠤ ᠶᠣᠰᠤ ᠪᠤᠢ?》 ᠭᠡᠵᠦ ᠪᠢ ᠳᠣᠲᠤᠷ᠎ᠠ᠎ᠪᠠᠨ ᠡᠯᠳᠡᠪ᠎ᠦᠨ ᠶᠠᠭᠤᠮ᠎ᠠ ᠪᠣᠳᠤᠭᠰᠠᠭᠠᠷ ᠬᠣᠨᠤᠯᠠ᠃ ᠮᠠᠷᠭᠠᠰᠢ᠎ᠨᠢ ᠨᠠᠷᠠ ᠲᠤᠩ ᠳᠡᠭᠡᠷ᠎ᠡ ᠪᠣᠯᠬᠤ᠎ᠳᠤ ᠪᠢ ᠠᠷᠭ᠎ᠠ ᠪᠤᠰᠤ ᠰᠢᠯᠢᠭ ᠡᠪᠦᠭᠡᠨ᠎ᠦ ᠬᠣᠨᠢᠴᠢᠨᠤ ᠬᠤᠪᠢ᠎ᠪᠠᠷ ᠬᠣᠨᠢ᠎ᠶᠢ᠎ᠨᠢ ᠲᠠᠭᠤᠭᠠᠳ ᠪᠠᠰᠠ ᠭᠠᠷᠤᠯ᠎ᠠ᠃ ᠬᠡᠵᠢᠶ᠎ᠡ ᠦᠳᠡ ᠭᠡᠴᠢᠬᠡᠭᠰᠡᠨ᠎ᠡᠴᠡ ᠬᠣᠢᠨ᠎ᠠ ᠪᠠᠷᠢᠭᠠᠳᠠ᠎ᠶᠢᠨ ᠰᠠᠭᠤᠷᠢᠰᠢᠯ᠎ᠠᠴᠠ ᠨᠢᠭᠡ ᠮᠣᠷᠢᠲᠠᠢ ᠬᠥᠮᠦᠨ ᠨᠠᠰᠢ ᠢᠷᠡᠬᠦ᠎ᠶᠢ ᠦᠵᠡᠭᠡᠳ᠂ ᠶᠠᠭ ᠰᠢᠯᠢᠭ ᠡᠪᠦᠭᠡᠨ ᠮᠥᠨ ᠭᠡᠳᠡᠭ᠎ᠢ ᠲᠣᠳᠤᠷᠬᠠᠢ ᠲᠠᠨᠢᠯ᠎ᠠ᠃
ᠰᠢᠯᠢᠭ ᠡᠪᠦᠭᠡᠨ ᠨᠢᠭᠡᠨᠲᠡ ᠭᠡᠷ᠎ᠲᠡᠭᠡᠨ ᠬᠠᠷᠢᠵᠤ ᠢᠷᠡᠭᠰᠡᠨ ᠪᠣᠯᠪᠠᠴᠤ ᠲᠡᠷᠡ ᠨᠠᠮᠠᠢ ᠲᠣᠰᠴᠤ ᠬᠣᠨᠢᠨ᠎ᠳᠠᠭᠠᠨ ᠢᠷᠡᠭᠰᠡᠨ᠎ᠦᠭᠡᠢ᠃ ᠡᠨᠡ ᠡᠳᠦᠷ ᠪᠢ ᠡᠷᠲᠡᠰᠢᠭ ᠬᠣᠨᠢ᠎ᠪᠠᠨ ᠳᠠᠭᠠᠭᠠᠳ ᠬᠦᠷᠴᠦ ᠢᠷᠡᠯ᠎ᠡ᠃ ᠡᠨᠡ ᠬᠡᠳᠦᠨ ᠡᠳᠦᠷ ᠬᠣᠨᠢ ᠬᠠᠷᠢᠭᠤᠯᠤᠭᠠᠳ ᠣᠷᠤᠭᠠᠳ ᠭᠠᠷᠤᠭᠠᠳ ᠪᠠᠢᠲᠠᠯ᠎ᠠ ᠰᠢᠯᠢᠭᠦᠨ ᠨᠣᠬᠠᠢᠴᠤ ᠨᠠᠮᠠᠢ ᠲᠠᠨᠢᠵᠠᠢ᠃
ᠰᠢᠯᠢᠭ ᠡᠪᠦᠭᠡᠨ ᠬᠣᠢᠮᠤᠷ᠎ᠤᠨ ᠡᠮᠦᠨ᠎ᠡ ᠢᠷᠡᠭᠡᠳ ᠬᠦᠷᠮ᠎ᠡ᠎ᠪᠡᠨ ᠲᠠᠢᠯᠵᠤ ᠮᠠᠬᠠᠯᠠᠴᠤᠦᠭᠡᠢ ᠯᠠᠭᠯᠠᠢᠨ ᠰᠠᠭᠤᠭᠠᠳ ᠴᠠᠢ ᠤᠤᠭᠤᠵᠤ ᠪᠠᠢᠯ᠎ᠠ᠃ ᠪᠤᠵᠢᠳᠴᠤ ᠰᠢᠯᠢᠭ ᠡᠪᠦᠭᠡᠨ ᠲᠠᠯ᠎ᠠ ᠬᠠᠷᠠᠭᠠᠳ ᠰᠠᠭᠤᠵᠤ᠂ ᠠᠶᠠᠭ᠎ᠠ ᠱᠠᠵᠠᠩ ᠵᠡᠷᠭᠡ ᠨᠢᠭᠡ ᠣᠯᠠᠨ ᠳᠡᠯᠭᠡᠴᠡ᠎ᠪᠡᠨ ᠳᠡᠯᠭᠡᠭᠡᠳ ᠰᠠᠭᠤᠷᠢᠰᠢᠯ᠎ᠤᠨ ᠳᠡᠭᠡᠷᠡᠬᠢ ᠡᠬᠡᠨᠡᠷᠴᠦᠳ ᠶᠠᠮᠠᠷ ᠪᠠᠢᠬᠤ᠂ ᠲᠡᠳᠡ ᠶᠠᠭᠤ ᠶᠠᠭᠤ ᠬᠡᠯᠡᠵᠦ ᠪᠠᠢᠬᠤ ᠵᠡᠷᠭᠡ ᠬᠡᠷᠡᠭᠲᠡᠢ ᠬᠡᠷᠡᠭ᠎ᠦᠭᠡᠢ ᠶᠠᠭᠤᠮ᠎ᠠ ᠠᠰᠠᠭᠤᠵᠤ ᠰᠠᠭᠤᠯ᠎ᠠ᠃ ᠲᠡᠳᠡᠨ ᠬᠣᠶᠠᠷ᠎ᠤᠨ ᠬᠣᠭᠤᠷᠤᠨᠳᠤ ᠤᠪ ᠤᠯᠠᠭᠠᠨ ᠴᠢᠷᠠᠢ᠎ᠲᠠᠢ ᠰᠢᠯᠢᠭᠢᠶᠡᠨ ᠳᠠᠭᠤᠷᠢᠶᠠᠭᠰᠠᠨ ᠬᠥᠪᠡᠭᠦᠨ᠎ᠨᠢ ᠬᠠᠪᠴᠢᠯᠠᠭᠳᠠᠨ ᠤᠮᠪᠠᠯᠵᠠᠵᠤ᠂ ᠴᠠᠢ ᠤᠤᠭᠤᠵᠤ ᠪᠤᠭᠤᠷᠰᠤᠭ ᠢᠳᠡᠵᠦ ᠰᠠᠭᠤᠨ᠎ᠠ᠃ ᠡᠨᠡ ᠭᠤᠷᠪᠠᠨ᠎ᠤ ᠡᠨᠡᠬᠦ ᠪᠠᠢᠳᠠᠯ᠎ᠢ ᠦᠵᠡᠭᠡᠳ ᠮᠢᠨᠦ ᠰᠡᠳᠭᠢᠯ ᠪᠠᠬᠠᠨ ᠬᠦᠨᠳᠦᠷᠡᠭᠰᠡᠨᠰᠢᠭ ᠪᠣᠯᠵᠤ: 《ᠡᠨᠡ᠎ᠴᠢᠨᠢ ᠠᠵᠢᠯ᠎ᠦᠭᠡᠢ ᠠᠮᠠᠷᠠᠯᠲᠠ᠎ᠶᠢᠨ ᠬᠥᠮᠦᠰᠰᠢᠭ ᠴᠡᠭᠡᠵᠢᠨ᠎ᠳᠡᠭᠡᠨ ᠪᠣᠳᠤᠯᠭ᠎ᠠ᠎ᠦᠭᠡᠢ ᠰᠠᠭᠤᠵᠠᠭᠠᠵᠤ ᠪᠠᠢᠬᠤᠦᠭᠡᠢᠤᠤ? ᠠᠷᠪᠠᠨ ᠬᠡᠳᠦᠲᠡᠢ ᠲᠡᠷᠡ ᠬᠥᠪᠡᠭᠦᠨ᠎ᠨᠢ ᠠᠪᠤ ᠡᠵᠢ᠎ᠳᠡᠭᠡᠨ ᠨᠥᠬᠦᠳ ᠪᠣᠯᠵᠤ ᠭᠠᠷᠤᠨ ᠦᠵᠦᠭᠦᠷ᠎ᠦᠨ ᠠᠷᠰᠠᠷ ᠠᠵᠢᠯ ᠡᠰᠡ ᠬᠢᠭᠰᠡᠨᠴᠦ ᠪᠠᠬᠠᠨ ᠵᠠᠭᠤᠷ᠎ᠠ ᠭᠡᠷ᠎ᠢᠶᠡᠨ ᠰᠤᠯᠠᠳᠭᠠᠭᠠᠳ ᠭᠠᠳᠠᠭ᠎ᠠ ᠭᠠᠷᠤᠭᠠᠳ ᠨᠠᠭᠠᠳᠬᠤ᠎ᠶᠢ ᠪᠠᠰᠠ ᠮᠡᠳᠡᠬᠦ᠎ᠦᠭᠡᠢ᠂ ᠮᠥᠨ ᠢᠩᠭᠢᠭᠡᠳ ᠡᠳᠦᠷ᠎ᠦᠨ ᠲᠤᠷᠰᠢ ᠢᠳᠡᠵᠦ ᠤᠤᠭᠤᠭᠠᠳ ᠰᠠᠭᠤᠬᠤᠶᠤᠮ ᠪᠠᠢᠨ᠎ᠠ᠂ ᠡᠭᠦᠨ᠎ᠢ ᠰᠤᠷᠭᠠᠭᠤᠯᠢ᠎ᠳᠤ ᠥᠭᠬᠦ᠎ᠦᠭᠡᠢ᠎ᠪᠡᠷ ᠬᠡᠵᠢᠶᠡᠳᠡ ᠢᠩᠭᠢᠭᠡᠳ ᠬᠠᠵᠠᠭᠤ᠎ᠳᠠᠭᠠᠨ ᠰᠠᠭᠤᠯᠭᠠᠭᠠᠳ ᠶᠠᠭᠠᠬᠢᠬᠤ ᠪᠤᠢ? ᠡᠭᠦᠨ᠎ᠦ ᠪᠠᠷᠤᠭ᠎ᠤᠨ ᠨᠠᠰᠤᠨ᠎ᠳᠠᠭᠠᠨ ᠪᠤᠰᠤᠳ᠎ᠲᠤ ᠵᠠᠷᠤᠭᠳᠠᠵᠤ ᠠᠶᠠᠭ᠎ᠠ ᠪᠤᠳᠠᠭ᠎ᠠ᠎ᠪᠠᠨ ᠣᠯᠵᠤ ᠢᠳᠡᠭᠡᠳ ᠠᠮᠢᠳᠤᠷᠠᠵᠤ ᠶᠠᠪᠤᠭᠰᠠᠨ ᠬᠥᠮᠦᠨ ᠶᠡᠬᠡ ᠣᠯᠠᠨ ᠡᠰᠡᠦᠦ?》 ᠭᠡᠵᠦ ᠣᠯᠠᠨ ᠶᠠᠭᠤᠮ᠎ᠠ ᠪᠣᠳᠤᠯ᠎ᠠ ᠁
ᠨᠠᠮᠠᠢ ᠣᠷᠤᠵᠤ ᠢᠷᠡᠭᠰᠡᠨ᠎ᠢ ᠦᠵᠡᠭᠰᠡᠨ ᠰᠢᠯᠢᠭ ᠡᠪᠦᠭᠡᠨ:
《ᠵᠠ᠂ ᠵᠠᠯᠠᠭᠤ! ᠰᠠᠭᠤᠭᠠᠳ ᠴᠠᠢ ᠤᠤᠭᠤ!》 ᠭᠡᠵᠦ ᠶᠡᠬᠡ ᠬᠣᠰᠭᠢᠨᠠᠭᠢᠶᠠᠨ ᠠᠷᠠᠢ ᠶᠠᠳᠠᠨ ᠬᠥᠳᠡᠯᠭᠡᠵᠦ:
《ᠡᠨᠡ ᠬᠡᠳᠦᠨ ᠡᠳᠦᠷ ᠬᠣᠨᠢᠴᠢ᠎ᠨᠢ ᠶᠠᠮᠠᠷᠰᠢᠭ᠋ ᠪᠠᠢᠨ᠎ᠠ?》 ᠭᠡᠵᠦ ᠨᠠᠳᠠ᠎ᠪᠠᠷ ᠬᠣᠨᠢᠴᠢᠨ ᠬᠢᠵᠦ ᠠᠪᠤᠭᠰᠠᠨᠶᠤᠮᠰᠢᠭ᠋ ᠠᠰᠠᠭᠤᠭᠰᠠᠨ ᠦᠭᠡ᠎ᠨᠢ ᠮᠠᠰᠢ ᠡᠪᠦᠭᠡᠢ ᠰᠠᠨᠠᠭᠳᠠᠵᠤ ᠪᠢᠯᠡ᠃
《ᠲᠠᠨ᠎ᠤ ᠠᠵᠢᠯ ᠪᠦᠲᠦᠭᠰᠡᠨ ᠪᠣᠯᠪᠠᠯ ᠪᠢ ᠡᠨᠡ ᠣᠷᠤᠢ ᠬᠠᠷᠢᠨ᠎ᠠ》 ᠭᠡᠵᠦ ᠪᠤᠵᠢᠳ᠎ᠤᠨ ᠬᠢᠵᠦ ᠥᠭᠭᠦᠭᠰᠡᠨ ᠬᠠᠪ ᠬᠠᠷ᠎ᠠ ᠭᠬᠢᠷ ᠪᠣᠯᠤᠭᠰᠠᠨ ᠴᠠᠭᠠᠨ ᠱᠠᠵᠠᠩ ᠠᠶᠠᠭ᠎ᠠ᠎ᠲᠠᠢ ᠴᠠᠢ᠎ᠶᠢ ᠪᠠᠬᠠᠨ ᠵᠢᠭᠰᠢᠪᠡᠴᠦ ᠳᠤᠷᠠᠲᠠᠢ ᠳᠤᠷ᠎ᠠ᠎ᠦᠭᠡᠢ ᠬᠡᠳᠦ ᠣᠭᠤᠴᠢᠯᠠᠭᠠᠳ ᠬᠡᠯᠡᠬᠦ᠎ᠳᠦ᠂ ᠰᠢᠯᠢᠭ ᠡᠪᠦᠭᠡᠨ ᠰᠠᠨᠳᠤᠷᠤᠭᠰᠠᠨ ᠮᠠᠶᠢᠭᠲᠠᠢ ᠨᠠᠮᠠᠢ ᠨᠢᠭᠡ ᠬᠠᠷᠠᠵᠤ ᠠᠪᠤᠭᠠᠳ:
《ᠦᠭᠡᠢ ᠴᠢ ᠠᠳᠭ᠋ᠠᠬᠤ ᠬᠡᠷᠡᠭ᠎ᠦᠭᠡᠢ》 ᠭᠡᠵᠦ ᠤᠬᠤᠷᠬᠠᠢ᠎ᠳᠠᠭᠠᠨ ᠭᠦᠨ ᠰᠢᠭᠢᠳᠦᠭᠰᠡᠨ ᠬᠣᠶᠠᠷ ᠨᠢᠳᠦ᠎ᠪᠡᠨ ᠢᠷᠮᠡᠰᠬᠢᠵᠦ ᠠᠪᠤᠭᠠᠳ:
《ᠪᠠᠷᠢᠭᠠᠳᠠ ᠳᠡᠭᠡᠷ᠎ᠡ ᠣᠳᠣ ᠶᠠᠳᠠᠭᠤ ᠮᠠᠯᠴᠢᠨ᠎ᠤ ᠡᠪᠯᠡᠯ ᠪᠠᠢᠭᠤᠯᠬᠤ ᠬᠤᠷᠠᠯ ᠬᠢᠬᠦ ᠭᠡᠵᠦ ᠪᠠᠢᠨ᠎ᠠ᠃ ᠪᠦᠬᠦ ᠶᠠᠳᠠᠭᠤ ᠮᠠᠯᠴᠢᠳ ᠴᠥᠮ ᠣᠷᠤᠯᠴᠠᠭᠠᠳ ᠡᠪᠯᠡᠯ᠎ᠢ ᠰᠣᠩᠭᠤᠵᠤ ᠭᠠᠷᠭᠠᠨ᠎ᠠ ᠭᠡᠨ᠎ᠡ》 ᠭᠡᠵᠦ ᠲᠡᠷᠡ ᠦᠭᠡ᠎ᠪᠡᠨ ᠬᠡᠯᠡᠵᠦ ᠪᠠᠷᠠᠭᠠᠳᠤᠢ ᠪᠠᠢᠲᠠᠯ᠎ᠠ ᠪᠤᠵᠢᠳ ᠤᠬᠤᠰᠬᠢᠵᠤ ᠰᠠᠭᠤᠭᠠᠳ:
《ᠲᠡᠭᠡᠪᠡᠯ ᠡᠨᠡ᠎ᠴᠢᠨᠢ ᠮᠠᠨ᠎ᠤ ᠣᠷᠤᠯᠴᠠᠬᠤ ᠬᠤᠷᠠᠯ ᠰᠢᠤ ᠳ᠋ᠠ ! ᠡᠪᠯᠡᠯ᠎ᠦᠨ ᠡᠷᠬᠢᠯᠡᠭᠴᠢ᠎ᠨᠢ ᠬᠡᠨ ᠪᠣᠯᠳᠠᠭ ᠪᠣᠯᠪᠠ?》 ᠭᠡᠵᠦ ᠲᠡᠷᠡ ᠪᠣᠳᠤᠯᠭᠠᠰᠢᠷᠠᠨ ᠰᠠᠭᠤᠭᠰᠠᠭᠠᠷ:
《ᠬᠠᠮᠤᠭ᠎ᠤᠨ ᠶᠠᠳᠠᠭᠤ ᠬᠥᠮᠦᠨ ᠪᠣᠯᠬᠤ ᠪᠠᠢᠯᠭᠦᠢ᠂ ᠲᠡᠭᠡᠪᠡᠯ ᠡᠨᠡ ᠪᠠᠷᠢᠭᠠᠳᠠ ᠳᠣᠲᠤᠷ᠎ᠠ ᠮᠠᠨ᠎ᠤ ᠡᠷᠦᠬᠡ᠎ᠡᠴᠡ ᠣᠨᠳᠣᠣ ᠶᠠᠳᠠᠭᠤ ᠡᠷᠦᠬᠡ ᠪᠠᠢᠬᠤ᠎ᠦᠭᠡᠢ ᠰᠢᠦ》 ᠭᠡᠨ᠎ᠡ᠃
《ᠲᠡᠢᠮᠦ》 ᠭᠡᠵᠦ ᠰᠢᠯᠢᠭ ᠲᠡᠬᠡ ᠰᠠᠬᠠᠯ᠎ᠢᠶᠠᠨ ᠬᠡᠳᠦ ᠳᠠᠬᠢᠨ ᠰᠢᠪᠲᠤᠷᠤᠨ ᠢᠮᠡᠷᠴᠦ ᠣᠷᠬᠢᠭᠠᠳ:
《ᠲᠡᠭᠡᠭᠡᠳ ᠪᠢ ᠶᠠᠭᠠᠬᠢᠳᠠᠭ ᠪᠢᠯᠡ? ᠭᠡᠵᠦ ᠪᠠᠷᠢᠭᠠᠳᠠ ᠳᠡᠭᠡᠷ᠎ᠡ ᠪᠠᠢᠭᠰᠠᠨ ᠪᠠᠳᠮ᠎ᠠ ᠱᠦᠵᠢ᠎ᠡᠴᠡ ᠠᠰᠠᠭᠤᠬᠤ᠎ᠳᠤ ᠴᠢᠮᠠᠢ ᠳᠠᠬᠢᠨ ᠬᠡᠳᠦᠨ ᠡᠳᠦᠷ ᠬᠣᠨᠢᠨ᠎ᠳᠤᠨᠢ ᠨᠥᠬᠦᠳ ᠪᠣᠯᠤᠭᠠᠳ ᠬᠠᠯᠢᠶᠠᠯᠴᠠᠭᠠᠳ ᠥᠭᠲᠦᠭᠡᠢ ᠭᠡᠵᠦ ᠬᠡᠯᠡᠭᠰᠡᠨᠶᠦᠮ》 ᠭᠡᠯᠡ᠃ ᠁ ᠱᠦᠵᠢ ᠬᠡᠯᠡᠭᠰᠡᠨ ᠲᠤᠯᠠ ᠨᠠᠳᠠ ᠶᠠᠮᠠᠷ ᠠᠷᠭ᠎ᠠ ᠪᠠᠢᠬᠤ ᠪᠢᠯᠡ? ᠶᠠᠳᠠᠭᠤ ᠮᠠᠯᠴᠢᠳ᠎ᠤᠨ ᠡᠪᠯᠡᠯ᠎ᠦᠨ ᠬᠤᠷᠠᠯ ᠲᠡᠭᠦᠰᠲᠡᠯ᠎ᠡ ᠬᠡᠳᠦᠨ ᠡᠳᠦᠷ ᠬᠣᠨᠢ ᠬᠠᠷᠢᠭᠤᠯᠬᠤ ᠬᠡᠷᠡᠭᠲᠡᠢ ᠪᠣᠯᠤᠭᠰᠠᠨ ᠪᠠᠢᠨ᠎ᠠ᠃ ᠲᠡᠷᠡ ᠣᠷᠤᠢ ᠨᠠᠮᠠᠢ ᠣᠷᠤᠨ᠎ᠳᠠᠭᠠᠨ ᠬᠡᠪᠲᠡᠭᠰᠡᠨᠦ ᠳᠠᠷᠠᠭ᠎ᠠ ᠲᠡᠳᠡ ᠬᠣᠶᠠᠷ ᠶᠡᠬᠡᠯ᠎ᠡ ᠬᠠᠯᠠᠭᠤᠮᠰᠤᠭ ᠶᠠᠷᠢᠯᠴᠠᠵᠤ ᠪᠠᠢᠪᠠ᠃ 《ᠬᠥᠮᠦᠰ ᠴᠢᠮᠠᠢ ᠡᠪᠯᠡᠯ᠎ᠦᠨ ᠡᠷᠬᠢᠯᠡᠭᠴᠢ᠎ᠪᠡᠷ ᠰᠣᠩᠭᠤᠬᠤ ᠪᠣᠯᠪᠠ᠎ᠤᠤ?》
《ᠰᠣᠩᠭᠤᠬᠤ᠎ᠦᠭᠡᠢ ᠶᠠᠭᠠᠬᠢᠳᠠᠭᠶᠤᠮ? ᠨᠠᠳᠠ᠎ᠠᠴᠠ ᠣᠨᠳᠣᠣ ᠬᠡᠨ ᠶᠠᠳᠠᠭᠤ ᠮᠠᠯᠴᠢᠳ᠎ᠤᠨ ᠡᠪᠯᠡᠯ᠎ᠦᠨ ᠡᠷᠬᠢᠯᠡᠭᠴᠢ ᠪᠣᠯᠵᠤ ᠴᠢᠳᠠᠬᠤ ᠪᠤᠢ?》
《ᠶᠠᠳᠠᠭᠤ ᠮᠠᠯᠴᠢᠳ᠎ᠤᠨ ᠡᠪᠯᠡᠯ᠎ᠦᠨ ᠡᠷᠬᠢᠯᠡᠭᠴᠢ ᠭᠡᠳᠡᠭ᠎ᠴᠢᠨᠢ ᠪᠠᠷᠢᠭᠠᠳᠠ᠎ᠶᠢᠨ ᠺᠠᠳ᠋ᠷ ᠪᠣᠯᠬᠤ ᠬᠡᠷᠡᠭ ᠰᠢᠦ!》
《ᠦᠭᠡᠢ᠂ ᠶᠠᠳᠠᠭᠤ ᠮᠠᠯᠴᠢᠨ᠎ᠤ ᠡᠪᠯᠡᠯ᠎ᠦᠨ ᠡᠷᠬᠢᠯᠡᠭᠴᠢ ᠭᠡᠳᠡᠭ᠎ᠴᠢᠨᠢ ᠠᠮᠠᠷ ᠠᠵᠢᠯ ᠪᠢᠰᠢ ᠰᠢᠦ᠂ ᠣᠳᠣ ᠶᠠᠳᠠᠭᠤ ᠮᠠᠯᠴᠢᠨ᠎ᠤ ᠳᠠᠪᠠᠭᠤᠯᠢᠭ᠎ᠢ ᠪᠠᠳᠠᠷᠠᠭᠤᠯᠬᠤ ᠬᠡᠷᠡᠭᠲᠡᠢ ᠭᠡᠵᠦ ᠨᠠᠮ᠎ᠠᠴᠠ ᠬᠦᠴᠦᠯᠡᠨ ᠳᠠᠭᠤᠳᠠᠵᠤ ᠪᠠᠢᠨ᠎ᠠ᠃ ᠶᠠᠳᠠᠭᠤ ᠮᠠᠯᠴᠢᠳ᠎ᠤᠨ ᠡᠪᠯᠡᠯ᠎ᠦᠨ ᠡᠷᠬᠢᠯᠡᠭᠴᠢ᠎ᠶᠢᠨ ᠭᠣᠣᠯ ᠡᠭᠦᠷᠭᠡ᠎ᠨᠢ ᠠᠯᠢᠪᠠ ᠱᠠᠲᠤ᠎ᠶᠢᠨ ᠺᠠᠳ᠋ᠷ᠎ᠢ ᠬᠢᠨᠠᠨ ᠬᠠᠷᠠᠬᠤ᠎ᠠᠴᠠ ᠭᠠᠳᠠᠨ᠎ᠠ ᠪᠠᠰᠠ ᠨᠢᠭᠡᠳᠦᠯ ᠪᠠᠷᠢᠭᠠᠳᠠ᠎ᠶᠢᠨ ᠠᠯᠢᠪᠠ ᠱᠠᠲᠤ᠎ᠶᠢᠨ ᠠᠵᠢᠯ ᠠᠬᠤᠢ᠎ᠶᠢᠨ ᠬᠠᠮᠢᠶᠠᠷᠤᠯᠲᠠ᠎ᠶᠢᠨ ᠪᠠᠢᠳᠠᠯ᠎ᠢ ᠴᠠᠭ ᠳᠡᠭᠡᠷ᠎ᠡ᠎ᠨᠢ ᠪᠠᠢᠴᠠᠭᠠᠵᠤ ᠰᠢᠯᠭᠠᠨ ᠦᠵᠡᠬᠦ᠂ ᠶᠠᠳᠠᠭᠤ ᠮᠠᠯᠴᠢᠳ᠎ᠢ ᠲᠥᠯᠦᠭᠡᠯᠡᠭᠡᠳ ᠪᠠᠷᠢᠭᠠᠳᠠ᠎ᠶᠢᠨ ᠤᠳᠤᠷᠢᠳᠤᠯᠭ᠎ᠠ᠎ᠳᠤ ᠰᠠᠨᠠᠯ ᠳᠤᠷᠠᠳᠬᠤ ᠪᠠ ᠴᠢᠬᠤᠯᠠᠲᠠᠢ ᠦᠶ᠎ᠡ᠎ᠳᠦ ᠁ ᠠᠢ᠂ ᠡᠨᠡ᠎ᠴᠢᠨᠢ ᠨᠢᠭᠡ ᠶᠡᠬᠡ ᠠᠵᠢᠯ ᠰᠢᠤ》 ᠭᠡᠪᠡ᠃
《ᠰᠦᠷᠡᠬᠡᠢ ᠶᠡᠬᠡ ᠡᠷᠬᠡ ᠪᠠᠢᠨ᠎ᠠ ᠳ᠋ᠠ᠂ᠦᠭᠡᠢ ᠶᠡᠷᠦᠴᠦ ᠰᠣᠩᠭᠤᠭᠳᠠᠭᠠᠳ ᠣᠳᠬᠤᠴᠤ ᠮᠠᠭᠠᠳ ᠁》 ᠢᠩᠭᠢᠭᠡᠳ ᠨᠢᠭᠡ ᠰᠥᠨᠢ ᠦᠷ ᠴᠠᠢᠲᠠᠯ᠎ᠠ ᠡᠮᠡᠭᠡᠨ ᠡᠪᠦᠭᠡᠨ ᠬᠣᠶᠠᠷ ᠳᠤᠷ᠎ᠠ ᠲᠠᠪᠠ᠎ᠪᠠᠷ᠎ᠢᠶᠠᠨ ᠶᠠᠷᠢᠯᠴᠠᠵᠠᠭᠠᠪᠠ᠃ ᠪᠢ ᠶᠠᠮᠠᠷ ᠴᠠᠭ᠎ᠲᠤ ᠤᠨᠲᠠᠭᠰᠠᠨ᠎ᠢᠶᠠᠨ ᠮᠡᠳᠡᠭᠰᠡᠨ᠎ᠦᠭᠡᠢ᠂ ᠰᠢᠯᠢᠭ ᠡᠪᠦᠭᠡᠨ ᠨᠢᠭᠡ ᠴᠠᠭ᠎ᠲᠤ:
《ᠠᠢ᠂ ᠵᠠᠯᠠᠭᠤ! ᠪᠣᠰᠬᠤᠦᠭᠡᠢᠤᠤ?》 ᠭᠡᠵᠦ ᠨᠠᠮᠠᠢ ᠳᠠᠭᠤᠳᠠᠬᠤ᠎ᠨᠢ ᠶᠠᠭ ᠣᠳᠣ᠎ᠠᠴᠠ ᠡᠬᠢᠯᠡᠭᠡᠳ ᠶᠠᠳᠠᠭᠤ ᠮᠠᠯᠴᠢᠨ᠎ᠤ ᠡᠪᠯᠡᠯ᠎ᠦᠨ ᠡᠷᠬᠢᠯᠡᠭᠴᠢ᠎ᠶᠢᠨ ᠬᠤᠪᠢ᠎ᠪᠠᠷ ᠬᠢᠨᠠᠨ ᠵᠢᠭᠠᠪᠤᠷᠢᠯᠠᠵᠤ ᠪᠠᠢᠬᠤ᠎ᠰᠢᠭ᠋ ᠮᠢᠨᠦ ᠨᠣᠢᠷᠮᠤᠭᠯᠠᠵᠤ ᠪᠠᠢᠬᠤ ᠨᠢᠳᠦᠨ᠎ᠳᠦ ᠦᠵᠡᠭᠳᠡᠵᠦ ᠪᠢᠯᠡ᠃ ᠲᠡᠭᠡᠭᠡᠳ ᠰᠢᠯᠢᠭ ᠡᠪᠦᠭᠡᠨ ᠬᠤᠷᠠᠯ᠎ᠳᠤ ᠶᠠᠪᠤᠵᠤ᠂ ᠪᠢ ᠰᠢᠯᠢᠭᠦᠨ ᠬᠣᠨᠢᠴᠢᠨ ᠪᠣᠯᠤᠯ᠎ᠠ᠃
ᠨᠢᠭᠡ ᠮᠡᠳᠡᠬᠦ᠎ᠳᠦ ᠰᠢᠯᠢᠭ ᠡᠪᠦᠭᠡᠨ᠎ᠦ ᠭᠡᠷ᠎ᠲᠦ ᠬᠠᠭᠠᠰ ᠰᠠᠷ᠎ᠠ ᠰᠢᠬᠠᠭᠤ ᠬᠣᠨᠢ ᠬᠠᠷᠢᠭᠤᠯᠤᠭᠰᠠᠨᠶᠤᠮ᠃ ᠨᠢᠭᠡ ᠣᠷᠤᠢ ᠰᠢᠯᠢᠭ ᠤᠯᠠᠭᠠᠨ ᠬᠠᠯᠠᠩᠭᠢ ᠰᠣᠭᠲᠤᠭᠤ ᠬᠠᠷᠢᠵᠤ ᠢᠷᠡᠪᠡ᠃ ᠲᠡᠷᠡ ᠰᠣᠩᠭᠤᠭᠳᠠᠭᠰᠠᠨ᠂ ᠡᠰᠡ ᠰᠣᠩᠭᠤᠭᠳᠠᠭᠰᠠᠨ᠂ ᠡᠰᠡᠪᠡᠰᠦ ᠬᠠᠭᠠᠰ ᠰᠠᠷ᠎ᠠ ᠶᠠᠪᠤᠭᠠᠳ ᠶᠠᠭᠤ᠎ᠪᠠᠨ ᠬᠢᠵᠦ ᠢᠷᠡᠭᠰᠡᠨ᠎ᠢ ᠪᠢ ᠮᠡᠳᠡᠬᠦ᠎ᠦᠭᠡᠢ᠃ ᠡᠨᠡ ᠪᠦᠬᠦᠨ ᠬᠠᠮᠢᠶ᠎ᠠ᠎ᠦᠭᠡᠢ ᠬᠡᠷᠡᠭ ᠪᠣᠯᠬᠤ ᠲᠤᠯᠠ ᠪᠢ ᠮᠣᠷᠢ᠎ᠪᠠᠨ ᠠᠪᠴᠤ ᠢᠷᠡᠭᠡᠳ ᠮᠣᠷᠳᠠᠬᠤ ᠭᠡᠲᠡᠯ᠎ᠡ ᠰᠢᠯᠢᠭ ᠡᠪᠦᠭᠡᠨ ᠨᠢᠳᠦ᠎ᠪᠡᠨ ᠵᠢᠷᠲᠠᠢᠯᠭᠠᠨ ᠨᠠᠮᠠᠢ ᠬᠠᠷᠠᠭᠠᠳ:
《ᠠ᠂ ᠴᠢ ᠶᠠᠪᠤᠬᠤ ᠭᠡᠵᠦ ᠪᠠᠢᠨ᠎ᠠ᠎ᠤᠤ? ᠮᠠᠷᠭᠠᠰᠢ᠎ᠠᠴᠠ ᠮᠠᠯᠴᠢᠳ ᠬᠠᠪᠤᠷᠵᠢᠶ᠎ᠠ᠎ᠳᠤ ᠨᠡᠭᠦᠬᠦ ᠭᠡᠵᠦ ᠪᠠᠢᠨ᠎ᠠ᠂ ᠴᠢ ᠨᠠᠮᠠᠢ ᠬᠠᠪᠤᠷᠵᠢᠶ᠎ᠠ᠎ᠳᠤ ᠪᠠᠭᠤᠯᠭᠠᠭᠠᠳ ᠶᠠᠪᠤᠬᠤᠦᠭᠡᠢᠤᠤ?》 ᠭᠡᠪᠡ᠃ ᠪᠢ ᠲᠡᠭᠦᠨ᠎ᠦ ᠡᠨᠡ ᠦᠭᠡ᠎ᠶᠢ ᠬᠠᠮᠢᠶᠠᠷᠤᠭᠰᠠᠨᠴᠤᠦᠭᠡᠢ᠂ ᠶᠠᠪᠤᠬᠤ᠎ᠪᠠᠷ᠎ᠢᠶᠠᠨ ᠶᠠᠪᠤᠬᠤ ᠪᠣᠯᠤᠭᠰᠠᠨ᠎ᠳᠤ ᠰᠢᠯᠢᠭ ᠡᠪᠦᠭᠡᠨ ᠶᠡᠬᠡ ᠰᠠᠨᠳᠤᠷᠴᠤ:
《ᠨᠢᠭᠡᠳᠦᠯ᠎ᠦᠨ ᠺᠠᠳ᠋ᠷᠴᠤᠳ ᠨᠢᠭᠡ ᠵᠢᠯ ᠬᠡᠳᠦᠨ ᠡᠳᠦᠷ᠎ᠦᠨ ᠬᠥᠳᠡᠯᠮᠦᠷᠢ᠎ᠳᠦ ᠣᠷᠤᠯᠴᠠᠨ᠎ᠠ ᠭᠡᠵᠦ ᠣᠳᠣᠬᠢ ᠳᠡᠭᠡᠷ᠎ᠡ ᠲᠣᠳᠤᠷᠬᠠᠢ ᠪᠢᠴᠢᠵᠦ ᠪᠠᠢᠨ᠎ᠠ᠂ ᠴᠢ ᠢᠩᠭᠢᠭᠡᠳ ᠶᠠᠪᠤᠵᠤ ᠣᠳᠤᠨᠠᠤᠤ?》 ᠭᠡᠵᠦ ᠬᠡᠯᠡᠭᠡᠳ ᠬᠣᠴᠤᠷᠤᠯᠠ᠃
ᠠᠮᠢᠳᠤᠷᠠᠯ᠎ᠤᠨ ᠳᠣᠷᠤᠢᠲᠠᠯ
ᠰᠢᠯᠢᠭ ᠡᠪᠦᠭᠡᠨ᠎ᠦ ᠠᠵᠢᠯ ᠬᠥᠳᠡᠯᠮᠦᠷᠢ᠎ᠳᠦ ᠠᠯᠵᠠᠭᠤ ᠬᠣᠢᠷᠭᠤ ᠪᠣᠯᠤᠭᠰᠠᠨ᠎ᠨᠢ ᠦᠨᠳᠦᠰᠦᠲᠡᠢ ᠰᠠᠨᠵᠢ᠃ ᠲᠡᠷᠡ ᠬᠠᠭᠤᠴᠢᠨ ᠨᠡᠢᠭᠡᠮ᠎ᠳᠦ ᠬᠥᠮᠦᠨ᠎ᠳᠦ ᠵᠠᠷᠤᠭᠳᠠᠭᠠᠳ ᠬᠠᠭᠠᠰ ᠨᠠᠰᠤ᠎ᠪᠠᠨ ᠴᠢᠯᠡᠭᠡᠭᠰᠡᠨ ᠲᠤᠯᠠ ᠬᠥᠯᠦᠰᠦ ᠬᠦᠴᠦ ᠭᠠᠷᠭᠠᠭᠠᠳ ᠮᠥᠩᠭᠦ ᠣᠯᠤᠭᠰᠠᠨ᠎ᠠᠴᠠ ᠭᠦᠵᠡᠭᠡ᠎ᠪᠡᠨ ᠴᠠᠳᠭᠠᠬᠤ ᠠᠷᠭ᠎ᠠ᠎ᠲᠠᠢ ᠪᠣᠯ ᠪᠣᠯᠤᠭᠰᠠᠨ᠎ᠨᠢ ᠲᠡᠷᠡ ᠭᠡᠵᠦ ᠣᠷᠤᠯᠳᠤᠭᠰᠠᠭᠠᠷ ᠢᠷᠡᠭᠰᠡᠨ ᠬᠥᠮᠦᠨ ᠠᠵᠢ᠃ ᠠᠮᠢᠳᠤᠷᠠᠯ᠎ᠤᠨ ᠲᠠᠯ᠎ᠠ᠎ᠪᠠᠷ ᠲᠡᠷᠡ ᠡᠪᠦᠭᠡᠨ ᠪᠡᠶ᠎ᠡ᠎ᠶᠢᠨ᠎ᠢᠶᠡᠨ ᠬᠢᠷᠢ᠎ᠳᠦ ᠲᠣᠬᠢᠷᠠᠭᠰᠠᠨ ᠠᠷᠭ᠎ᠠ ᠤᠬᠠᠭᠠᠨ᠎ᠲᠠᠢ ᠬᠥᠮᠦᠨ᠃ ᠲᠡᠭᠦᠨ᠎ᠦ ᠭᠦᠨ ᠤᠬᠠᠭᠠᠨ᠎ᠢᠶᠠᠷ ᠪᠣᠯ 《ᠤᠬᠠᠭ᠎ᠠ᠎ᠪᠠᠷ ᠪᠠᠶᠠᠵᠢᠬᠤ ᠬᠡᠷᠡᠭᠲᠡᠢ᠎ᠡᠴᠡ ᠪᠢᠰᠢ᠂ ᠡᠳ᠋᠎ᠢᠶᠡᠷ ᠪᠠᠶᠠᠵᠢᠵᠤ ᠴᠢᠳᠠᠬᠤ᠎ᠦᠭᠡᠢ᠎ᠶᠤᠮ》 ᠭᠡᠨ᠎ᠡ᠃ ᠤᠬᠠᠭ᠎ᠠ᠎ᠪᠠᠷ ᠪᠠᠶᠠᠵᠢᠬᠤ ᠭᠡᠳᠡᠭ᠎ᠨᠢ ᠨᠡᠢᠭᠡᠮ᠎ᠦᠨ ᠣᠷᠴᠢᠨ ᠡᠷᠭᠢᠭᠡᠨᠦ ᠴᠠᠭ ᠵᠠᠪᠢ ᠦᠯᠡᠳᠡᠭᠡᠯ᠎ᠦᠭᠡᠢ ᠠᠰᠢᠭᠯᠠᠵᠤ ᠪᠠᠢᠭᠠᠳ ᠬᠤᠳᠠᠯᠳᠤᠭ᠎ᠠ ᠮᠠᠢᠮᠠᠢ ᠬᠢᠬᠦ ᠬᠡᠷᠡᠭᠲᠡᠢ ᠪᠠᠢᠨ᠎ᠠ᠃ ᠴᠢᠯᠦᠭᠡᠯᠡᠭᠳᠡᠬᠦ᠎ᠶᠢᠨ ᠡᠮᠦᠨ᠎ᠡ ᠬᠥᠳᠡᠭᠡ ᠨᠤᠲᠤᠭ᠎ᠲᠤ ᠳᠠᠪᠤᠰᠤ ᠳᠤᠲᠠᠭᠳᠠᠵᠤ ᠪᠠᠢᠬᠤ ᠨᠢᠭᠡ ᠦᠶ᠎ᠡ᠎ᠪᠡᠷ᠂ ᠲᠡᠷᠡ ᠳᠠᠪᠤᠰᠤ ᠠᠴᠢᠵᠤ ᠬᠤᠳᠠᠯᠳᠤᠭᠠᠳ ᠨᠢᠭᠡ ᠤᠳᠠᠭ᠎ᠠ ᠠᠰᠢᠭ ᠣᠯᠤᠭᠰᠠᠨ ᠲᠤᠯᠠ ᠨᠢᠳᠦ᠎ᠨᠢ ᠤᠯᠠᠢᠵᠤ᠂ ᠬᠤᠳᠠᠯᠳᠤᠭᠠᠨ᠎ᠤ ᠠᠷᠤ᠎ᠳᠤ ᠣᠷᠤᠭᠠᠳ᠂ ᠡᠴᠦᠰ᠎ᠲᠡᠭᠡᠨ ᠰᠦᠷᠡᠬᠡᠢ ᠬᠡᠴᠡᠭᠦᠦ ᠳᠡᠢᠯᠦᠭᠳᠡᠯᠳᠦ ᠤᠴᠠᠷᠠᠵᠤ᠂ ᠡᠬᠡ ᠮᠥᠩᠭᠦ᠎ᠪᠡᠨ ᠠᠯᠳᠠᠵᠤ ᠬᠣᠭᠤᠰᠤᠷᠠᠭᠰᠠᠨ ᠪᠠᠢᠨ᠎ᠠ᠃ ᠬᠣᠢᠨ᠎ᠠ᠎ᠨᠢ ᠲᠡᠷᠡ ᠳᠠᠬᠢᠭᠠᠳ ᠬᠥᠮᠦᠨ᠎ᠳᠦ ᠵᠠᠷᠤᠭᠳᠠᠵᠤ ᠮᠠᠯ ᠬᠠᠷᠢᠭᠤᠯᠪᠠ᠃ ᠨᠢᠭᠡ ᠦᠶ᠎ᠡ᠎ᠳᠦ ᠰᠦᠮ᠎ᠡ ᠬᠡᠢᠳ᠎ᠦᠨ ᠲᠡᠮᠦᠷ᠎ᠦᠨ ᠬᠣᠨᠢ ᠬᠠᠷᠢᠭᠤᠯᠬᠤ᠎ᠨᠢ ᠠᠰᠢᠭᠲᠠᠢ ᠭᠡᠵᠦ ᠲᠡᠮᠡᠦᠯᠵᠦ ᠠᠪᠤᠭᠰᠠᠨ ᠡᠬᠡ ᠬᠣᠨᠢ᠎ᠪᠠᠨ ᠰᠢᠭᠤᠷᠭᠠᠨ ᠪᠣᠷᠤᠭᠠᠨ᠎ᠳᠤ ᠴᠢᠯᠡᠭᠰᠡᠨ ᠲᠤᠯᠠ ᠪᠠᠰᠠ ᠬᠣᠶᠠᠷ ᠵᠢᠯ ᠬᠦᠴᠦ ᠬᠥᠯᠦᠰᠦ᠎ᠦᠭᠡᠢ ᠰᠦᠮ᠎ᠡ ᠳᠡᠭᠡᠷ᠎ᠡ ᠵᠠᠷᠤᠭᠳᠠᠭᠰᠠᠨ ᠪᠠᠢᠵᠠᠢ᠃ ᠠᠮᠢᠳᠤᠷᠠᠯ᠎ᠨᠢ ᠤᠯᠠᠮ ᠬᠦᠴᠢᠷᠲᠡᠢ ᠪᠣᠯᠤᠭᠰᠠᠨ ᠪᠣᠯᠪᠠᠴᠤ ᠲᠡᠷᠡ ᠭᠠᠭᠴᠠᠬᠠᠨ ᠴᠣᠭᠴᠠ ᠪᠣᠯᠤᠭᠰᠠᠨ ᠲᠤᠯᠠ ᠠᠷᠠᠢ ᠶᠠᠳᠠᠨ ᠲᠡᠰᠦᠭᠡᠳ ᠠᠮᠢᠳᠤᠷᠠᠵᠤ ᠪᠠᠢᠭᠰᠠᠨ ᠠᠵᠢ᠃
ᠴᠢᠯᠦᠭᠡᠯᠡᠭᠳᠡᠭᠰᠡᠨ᠎ᠡᠴᠡ ᠬᠣᠢᠨ᠎ᠠ ᠲᠡᠷᠡ ᠳᠡᠭᠡᠳᠦᠰ᠎ᠦᠨ᠎ᠢᠶᠡᠨ ᠲᠡᠦᠬᠡᠨ᠎ᠳᠦ ᠭᠠᠷᠴᠤ ᠦᠵᠡᠭᠡᠳᠦᠭᠡᠢᠪᠡᠷ ᠨᠢᠭᠡ ᠤᠳᠠᠭ᠎ᠠ ᠪᠠᠶᠠᠵᠢᠭᠰᠠᠨ ᠪᠠᠢᠪᠠ᠃ ᠶᠠᠭ ᠡᠨᠡ ᠦᠶ᠎ᠡ᠎ᠳᠦ ᠨᠠᠰᠤ᠎ᠨᠢ ᠳᠥᠴᠢᠨ ᠨᠠᠢ᠍ᠮᠠ ᠬᠦᠷᠲᠡᠯ᠎ᠡ ᠡᠬᠡᠨᠡᠷ᠎ᠦᠭᠡᠢ ᠶᠠᠪᠤᠭᠰᠠᠨ ᠰᠢᠯᠢᠭ ᠪᠤᠵᠢᠳ᠎ᠲᠠᠢ ᠬᠤᠷᠢᠮ ᠬᠢᠵᠦ ᠤᠷᠤᠭ ᠬᠣᠯᠪᠤᠭᠠᠳ ᠥᠪᠡᠷ᠎ᠦᠨ ᠭᠡᠵᠦ ᠪᠣᠯᠬᠤ ᠭᠡᠷ ᠮᠠᠯ᠎ᠲᠠᠢ ᠪᠣᠯᠤᠭᠰᠠᠨ ᠪᠠᠢᠨ᠎ᠠ᠃ ᠮᠠᠯ ᠠᠵᠤ ᠠᠬᠤᠢ᠎ᠶᠢ ᠨᠡᠢᠭᠡᠮ ᠵᠢᠷᠤᠮ᠎ᠢᠶᠠᠷ ᠥᠭᠡᠷᠡᠴᠢᠯᠡᠬᠦ ᠦᠶ᠎ᠡ᠎ᠳᠦ ᠲᠡᠷᠡ ᠡᠳᠡᠭᠡᠷ ᠮᠠᠯ᠎ᠢᠶᠠᠨ ᠬᠣᠷᠰᠢᠶ᠎ᠠ᠎ᠳᠤ ᠡᠬᠡ ᠣᠷᠤᠭᠤᠯᠵᠤ ᠥᠭᠭᠦᠭᠡᠳ ᠪᠠᠰᠠ ᠬᠡᠳᠦᠨ ᠮᠠᠯ᠎ᠲᠠᠢ ᠦᠯᠡᠳᠡᠭᠰᠡᠨ ᠲᠤᠯᠠ ᠬᠡᠷᠡᠭᠲᠡᠢ ᠦᠶ᠎ᠡ᠎ᠳᠦ ᠨᠢᠭᠡ ᠬᠣᠶᠠᠷ᠎ᠢ ᠬᠤᠳᠠᠯᠳᠤᠵᠤ ᠭᠠᠷᠤᠨ ᠦᠵᠦᠭᠦᠷ᠎ᠦᠨ ᠡᠳ᠋ᠯᠡᠪᠦᠷᠢ ᠬᠢᠵᠦ᠂ ᠬᠡᠷᠡᠭ᠎ᠦᠭᠡᠢ ᠦᠶ᠎ᠡ᠎ᠳᠦ ᠬᠠᠮᠲᠤᠷᠠᠯ᠎ᠤᠨ ᠮᠠᠯ᠎ᠤᠨ ᠵᠠᠬ᠎ᠠ᠎ᠳᠤ ᠲᠠᠯᠪᠢᠭᠠᠳ ᠦᠷᠡᠵᠢᠭᠦᠯᠵᠦ ᠥᠰᠭᠡᠭᠡᠳ ᠠᠮᠢᠳᠤᠷᠠᠯ᠎ᠨᠢ ᠪᠠᠶᠠᠨ ᠴᠢᠨᠡᠭᠡᠯᠢᠭ ᠰᠠᠢᠬᠠᠨ ᠶᠠᠪᠤᠵᠤ ᠪᠠᠢᠭᠰᠠᠨ ᠲᠤᠯᠠ ᠬᠣᠷᠰᠢᠶ᠎ᠠ᠎ᠠᠴᠠ ᠣᠯᠠᠨ ᠤᠳᠠᠭ᠎ᠠ ᠰᠢᠯᠢᠭᠢ ᠮᠠᠭᠲᠠᠨ ᠰᠠᠢᠰᠢᠶᠠᠭᠰᠠᠨ ᠪᠠᠢᠨ᠎ᠠ᠃
ᠬᠣᠷᠰᠢᠶᠠᠵᠢᠬᠤ ᠲᠡᠷᠡ ᠵᠢᠯ ᠬᠤᠪᠢ᠎ᠶᠢᠨ ᠮᠠᠯ᠎ᠢ ᠪᠦᠭᠦᠳᠡ᠎ᠶᠢ᠎ᠨᠢ ᠬᠤᠷᠢᠶᠠᠵᠤ ᠠᠪᠤᠨ᠎ᠠ ᠭᠡᠵᠦ ᠰᠢᠯᠢᠭᠦᠨ ᠬᠡᠳᠦᠨ ᠮᠠᠯ᠎ᠢ ᠪᠠᠷᠢᠭᠠᠳᠠ᠎ᠠᠴᠠ ᠲᠤᠰᠢᠶᠠᠯᠭᠠᠵᠤ ᠠᠪᠤᠭᠰᠠᠨ ᠪᠢᠯᠡ᠃ ᠳᠡᠮᠡᠢ ᠬᠡᠳᠦᠨ ᠰᠠᠷ᠎ᠠ ᠪᠣᠯᠤᠭᠰᠠᠨ᠎ᠦᠭᠡᠢ ᠲᠡᠭᠦᠨ᠎ᠢ ᠪᠣᠯᠤᠳ ᠲᠡᠮᠦᠷ ᠬᠠᠢᠯᠤᠭᠤᠯᠬᠤ ᠠᠵᠢᠯ᠎ᠳᠤ ᠭᠠᠷᠭᠠᠭᠰᠠᠨ ᠲᠤᠯᠠ ᠬᠡᠵᠢᠶᠡᠳᠡ᠎ᠪᠡᠨ ᠢᠳᠡᠪᠬᠢ ᠤᠷᠢᠶᠠᠯᠭ᠎ᠠ ᠪᠠᠢᠳᠠᠭ ᠰᠢᠯᠢᠭ 《ᠦᠭᠡᠢ》 ᠭᠡᠵᠦ ᠳᠤᠤᠭᠠᠷᠤᠯ᠎ᠦᠭᠡᠢ ᠶᠠᠪᠤᠭᠰᠠᠨᠶᠤᠮ᠃ ᠪᠣᠯᠤᠳ ᠲᠡᠮᠦᠷ ᠬᠠᠢᠯᠤᠭᠤᠯᠬᠤ ᠠᠵᠢᠯ᠎ᠤᠨ ᠭᠠᠵᠠᠷ᠎ᠲᠤ ᠰᠠᠭᠤᠬᠤ ᠭᠡᠷ᠎ᠦᠭᠡᠢ ᠲᠤᠯᠠ ᠥᠪᠡᠷ᠎ᠦᠨ ᠮᠣᠩᠭᠤᠯ ᠭᠡᠷ᠎ᠢᠶᠡᠨ ᠠᠴᠢᠭᠠᠳ ᠣᠳᠤᠭᠰᠠᠨᠴᠤ ᠲᠡᠷᠡ᠎ᠨᠢ ᠪᠦᠬᠦ ᠠᠵᠢᠯᠴᠢᠨ᠎ᠤ ᠨᠡᠢᠲᠡ᠎ᠶᠢᠨ ᠪᠤᠳᠠᠭᠠᠨ᠎ᠤ ᠭᠡᠷ ᠪᠣᠯᠵᠤ᠂ ᠵᠢᠯ᠎ᠦᠨ ᠠᠳᠠᠭ᠎ᠲᠤ ᠥᠭᠢᠷᠡᠨ ᠲᠦᠯᠡᠭᠳᠡᠭᠡᠳ ᠬᠡᠷᠡᠭ᠎ᠡᠴᠡ᠎ᠪᠡᠨ ᠭᠠᠷᠴᠠᠢ᠃ ᠬᠡᠳᠦᠢ ᠲᠡᠢᠮᠦ ᠪᠣᠯᠪᠠᠴᠤ ᠡᠷ᠎ᠡ ᠡᠮ᠎ᠡ ᠬᠣᠶᠠᠷ ᠰᠢᠷᠪᠦᠰᠦ ᠰᠤᠩᠭᠠᠭᠠᠳ ᠨᠢᠭᠡ ᠵᠢᠯ ᠠᠵᠢᠯᠯᠠᠭᠰᠠᠨ ᠠᠵᠢ᠃ ᠰᠢᠯᠢᠭ ᠬᠠᠷᠢᠵᠤ ᠢᠷᠡᠬᠦ ᠦᠶ᠎ᠡ᠎ᠳᠡᠭᠡᠨ ᠠᠵᠢᠯ᠎ᠤᠨ ᠤᠳᠤᠷᠢᠳᠤᠯᠭ᠎ᠠ᠎ᠶᠢ ᠬᠠᠢᠵᠤ ᠣᠳᠤᠭᠠᠳ ᠭᠡᠷ᠎ᠦᠨ ᠮᠥᠩᠭᠦ ᠪᠠ ᠬᠥᠳᠡᠯᠮᠦᠷᠢ᠎ᠶᠢᠨ ᠬᠥᠯᠦᠰᠦ᠎ᠪᠡᠨ ᠠᠪᠤᠨ᠎ᠠ ᠭᠡᠬᠦ᠎ᠳᠦ ᠵᠠᠰᠠᠭ᠎ᠤᠨ ᠲᠣᠮᠤ ᠲᠠᠮᠠᠭ᠎ᠠ᠎ᠲᠠᠢ ᠪᠢᠴᠢᠭ ᠥᠭᠭᠦᠭᠡᠳ ᠪᠠᠷᠢᠭᠠᠳᠠᠠᠴᠠᠪᠠᠨ ᠠᠪ ᠭᠡᠰᠡᠨ ᠪᠠᠢᠨ᠎ᠠ᠃ ᠪᠠᠷᠢᠭᠠᠳᠠ᠎ᠳᠠᠭᠠᠨ ᠢᠷᠡᠪᠡᠯ ᠡᠨᠡ ᠬᠡᠷᠡᠭ᠎ᠢ ᠮᠡᠳᠡᠬᠦ ᠬᠥᠮᠦᠨ᠎ᠦᠭᠡᠢ ᠭᠡᠵᠦ ᠨᠢᠭᠡᠳᠦᠯ᠎ᠡᠴᠡ ᠠᠪ ᠭᠡᠵᠦ ᠶᠠᠪᠤᠭᠤᠯᠤᠯ᠎ᠠ᠃ ᠨᠢᠭᠡᠳᠦᠯ᠎ᠨᠢ ᠪᠠᠰᠠ ᠴᠠᠰᠢ ᠲᠡᠷᠡ᠎ᠬᠦ ᠪᠢᠴᠢᠭ ᠥᠭᠭᠦᠭᠰᠡᠨ ᠪᠣᠯᠤᠳ ᠲᠡᠮᠦᠷ ᠬᠠᠢᠯᠤᠭᠤᠯᠬᠤ ᠠᠵᠢᠯ᠎ᠤᠨ ᠵᠢᠯᠤᠭᠤᠳᠬᠤ ᠭᠠᠵᠠᠷ᠎ᠲᠤ ᠣᠳ ᠭᠡᠵᠦ ᠵᠢᠭᠠᠵᠠᠢ᠃ ᠲᠡᠷᠡ᠎ᠬᠦ ᠵᠢᠯᠤᠭᠤᠳᠬᠤ ᠪᠠᠢᠭᠤᠯᠤᠮᠵᠢ᠎ᠨᠢ ᠡᠷᠲᠡ ᠨᠢᠭᠡᠨᠲᠡ᠎ᠦᠭᠡᠢ ᠪᠣᠯᠤᠭᠰᠠᠨ ᠲᠤᠯᠠ ᠣᠳᠣ ᠬᠠᠮᠢᠭ᠎ᠠ᠎ᠠᠴᠠ ᠲᠡᠭᠦᠨ᠎ᠢ ᠣᠯᠬᠤ ᠪᠤᠢ? ᠰᠢᠯᠢᠭ ᠡᠷ᠎ᠡ ᠡᠮ᠎ᠡ ᠬᠣᠶᠠᠷ ᠪᠣᠯᠤᠳ ᠲᠡᠮᠦᠷ ᠬᠠᠢᠯᠤᠭᠤᠯᠬᠤ ᠠᠭᠤᠤ ᠶᠡᠬᠡ ᠠᠵᠢᠯ ᠦᠢᠯᠡᠰ᠎ᠦᠨ ᠲᠥᠯᠦᠭᠡ ᠪᠠᠷᠢᠵᠤ ᠪᠠᠢᠭᠰᠠᠨ ᠮᠣᠩᠭᠤᠯ ᠭᠡᠷ᠎ᠡᠴᠡ ᠰᠣᠬᠤᠷ ᠵᠣᠭᠤᠰᠴᠤ ᠠᠪᠤᠯ᠎ᠦᠭᠡᠢ ᠪᠠᠰᠠ ᠨᠢᠭᠡ ᠵᠢᠯ᠎ᠦᠨ ᠬᠥᠳᠡᠯᠮᠦᠷᠢ᠎ᠪᠡᠨ ᠵᠣᠷᠢᠭᠤᠯᠪᠠ᠃ ᠢᠩᠭᠢᠭᠡᠳ ᠰᠢᠯᠢᠭ ᠪᠣᠷᠪᠢ᠎ᠪᠠᠨ ᠨᠤᠭᠤᠷᠠᠯ᠎ᠦᠭᠡᠢ ᠡᠬᠡᠨᠡᠷᠲᠡᠢᠪᠡᠨ ᠨᠢᠭᠡ ᠵᠢᠯ ᠴᠢᠷᠮᠠᠢᠭᠠᠳ ᠠᠷᠠᠢ ᠭᠡᠵᠦ ᠨᠢᠭᠡ ᠮᠣᠩᠭᠤᠯ ᠭᠡᠷᠲᠡᠢ ᠪᠣᠯᠤᠯ᠎ᠠ᠂ ᠭᠡᠲᠡᠯ᠎ᠡ ᠲᠡᠭᠦᠨ᠎ᠦ ᠰᠡᠳᠭᠢᠯ᠎ᠳᠦ ᠬᠡᠵᠢᠶᠡᠳᠡ᠎ᠪᠡᠨ ᠨᠢᠭᠡ ᠵᠦᠢᠯ᠎ᠦᠨ ᠡᠷᠡᠭᠡᠯᠵᠡᠭᠡᠨ ᠣᠷᠤᠰᠢᠭᠰᠠᠭᠠᠷ ᠪᠠᠢᠵᠠᠢ᠃
ᠬᠡᠳᠦᠢ ᠡᠢᠮᠦ ᠪᠣᠯᠪᠠᠴᠤ ᠲᠡᠷᠡ ᠢᠳᠡᠪᠬᠢᠲᠡᠢ ᠣᠪᠤᠷ ᠭᠠᠷᠭᠠᠵᠤ ᠪᠠᠢᠳᠠᠭ ᠪᠣᠯᠤᠭᠰᠠᠨ ᠭᠡᠨ᠎ᠡ᠃ ᠲᠡᠷᠡ ᠵᠢᠯ ᠰᠢᠯᠢᠭ ᠡᠪᠦᠭᠡᠨ᠎ᠳᠦ 《ᠡᠪ ᠬᠠᠮᠲᠤ᠎ᠶᠢᠨ ᠰᠠᠯᠬᠢᠨ》᠎ᠢ ᠬᠠᠷᠢᠭᠤᠯᠵᠤ ᠪᠠᠢᠨ᠎ᠠ ᠭᠡᠵᠦ ᠬᠡᠳᠦ ᠬᠡᠳᠦᠨ ᠮᠠᠯ ᠭᠠᠷᠭᠠᠵᠤ ᠥᠭᠭᠦᠭᠰᠡᠨ ᠠᠵᠢ᠃ ᠢᠩᠭᠢᠭᠰᠡᠨᠴᠢᠨᠢ ᠰᠢᠯᠢᠭᠦᠨ ᠰᠡᠳᠭᠢᠯ ᠪᠠᠬᠠᠨ ᠲᠥᠪᠬᠢᠨᠡᠭᠰᠡᠨ ᠪᠣᠯᠤᠯᠲᠠᠢ᠂ ᠬᠠᠷᠢᠭᠤᠯᠵᠤ ᠠᠪᠤᠭᠰᠠᠨ ᠬᠡᠳᠦᠨ ᠮᠠᠯ᠎ᠢᠶᠠᠨ ᠶᠠᠭᠠᠬᠢᠵᠤ ᠥᠰᠭᠡᠵᠦ ᠠᠪᠬᠤ᠎ᠶᠢ ᠪᠣᠳᠤᠵᠤ ᠲᠣᠯᠤᠭᠠᠢ ᠲᠠᠲᠠᠯ᠎ᠦᠭᠡᠢ ᠠᠵᠢᠯᠯᠠᠳᠠᠭ ᠪᠣᠯᠵᠤ ᠪᠢᠯᠡ᠃ ᠭᠡᠲᠡᠯ᠎ᠡ ᠳᠡᠮᠡᠢ ᠤᠳᠠᠭᠰᠠᠨ᠎ᠦᠭᠡᠢ ᠨᠡᠢᠭᠡᠮ ᠳᠡᠭᠡᠷ᠎ᠡ ᠵᠦᠢᠯ ᠪᠦᠷᠢ᠎ᠶᠢᠨ ᠦᠭᠡ ᠬᠡᠯᠡᠯᠭᠡ ᠭᠠᠷᠤᠭᠰᠠᠨᠶᠤᠮ᠃ ᠡᠨᠡ᠎ᠨᠢ ᠶᠠᠭᠤᠨ᠎ᠤ 《ᠬᠤᠪᠢ᠎ᠳᠤ ᠮᠠᠯ ᠥᠭᠭᠦᠭᠰᠡᠨ ᠶᠠᠪᠤᠳᠠᠯ ᠪᠣᠯ ᠨᠡᠢᠭᠡᠮ ᠵᠢᠷᠤᠮ᠎ᠤᠨ ᠬᠠᠮᠲᠤᠷᠠᠯ ᠠᠵᠤ ᠠᠬᠤᠢ᠎ᠶᠢ ᠡᠪᠳᠡᠵᠦ ᠪᠠᠢᠬᠤ ᠬᠡᠷᠡᠭ ᠮᠥᠨ》᠂ 《ᠵᠠᠷᠢᠮ ᠬᠥᠮᠦᠨ ᠣᠳᠣ ᠬᠤᠪᠢ᠎ᠶᠢᠨ ᠠᠵᠤ ᠠᠬᠤᠢ᠎ᠶᠢ ᠬᠥᠭᠵᠢᠭᠦᠯᠵᠦ᠂ ᠬᠠᠮᠲᠤᠷᠠᠯ᠎ᠤᠨ ᠦᠢᠯᠡᠰ᠎ᠢ ᠬᠣᠬᠢᠷᠠᠭᠤᠯᠵᠤ ᠪᠠᠢᠨ᠎ᠠ》 ᠬᠡᠮᠡᠬᠦ ᠶᠠᠪᠤᠳᠠᠯ ᠪᠣᠯᠤᠨ᠎ᠠ᠃ ᠡᠨᠡ ᠦᠶ᠎ᠡ᠎ᠳᠦ ᠰᠢᠯᠢᠭ ᠡᠪᠦᠭᠡᠨ᠎ᠳᠦ ᠬᠠᠮᠲᠤᠷᠠᠯᠢ ᠲᠦᠰᠢᠭᠡᠳ ᠠᠮᠢᠳᠤᠷᠠᠬᠤ ᠭᠡᠳᠡᠭ ᠰᠢᠨ᠎ᠡ ᠤᠬᠠᠭᠠᠨ ᠣᠷᠤᠵᠠᠢ᠃ ᠡᠨᠡ᠎ᠨᠢ ᠦᠨᠡᠨ᠎ᠳᠡᠭᠡᠨ ᠶᠠᠭ ᠲᠡᠭᠦᠨ᠎ᠦ ᠤᠭ᠎ᠤᠨ ᠪᠠᠷᠢᠮᠲᠠᠯᠠᠭᠠᠳ ᠢᠷᠡᠭᠰᠡᠨ 《ᠭᠦᠵᠡᠭᠡ᠎ᠪᠡᠨ ᠴᠠᠳᠭᠠᠳᠠᠭ》 ᠵᠦᠢ ᠶᠣᠰᠤᠶᠤᠮ᠃ ᠭᠡᠲᠡᠯ᠎ᠡ ᠲᠡᠷᠡ ᠡᠭᠦᠨ᠎ᠦ ᠲᠥᠯᠦᠭᠡ ᠬᠤᠪᠢ᠎ᠶᠢᠨ ᠬᠡᠳᠦᠨ ᠮᠠᠯ᠎ᠢᠶᠠᠨ᠎ᠦᠭᠡᠢ ᠬᠢᠵᠦ ᠦᠷᠡᠭᠳᠡᠯ ᠰᠦᠢᠲᠦᠯ ᠭᠠᠷᠭᠠᠭᠠᠳ᠂ ᠤᠳᠤᠷᠢᠳᠤᠯᠭ᠎ᠠ᠎ᠶᠢᠨ ᠰᠠᠢᠰᠢᠶᠠᠯ ᠬᠦᠷᠢᠶᠡᠯᠡᠯ᠎ᠢ ᠣᠯᠬᠤ ᠬᠡᠷᠡᠭᠲᠡᠢ ᠪᠣᠯᠤᠯ᠎ᠠ᠃ ᠳᠠᠬᠢᠪᠠᠯ ᠴᠢᠷᠮᠠᠢᠵᠤ ᠪᠠᠢᠭᠠᠳ ᠪᠠᠷᠢᠭᠠᠳᠠ᠎ᠶᠢᠨ ᠪᠤᠶᠤ ᠴᠠᠰᠢ᠎ᠳᠠᠭᠠᠨ ᠨᠢᠭᠡᠳᠦᠯ᠎ᠦᠨ ᠵᠠᠬᠢᠶ᠎ᠠ ᠴᠢᠮᠡᠭᠡ ᠬᠦᠷᠭᠡᠬᠦ᠂ ᠠᠷᠭᠠᠯ ᠲᠦᠯᠡᠭᠡ ᠠᠬᠤᠢᠯᠠᠬᠤᠶᠤᠮᠤᠤ ᠡᠰᠡᠪᠡᠯ ᠲᠠᠯ᠎ᠠ᠎ᠳᠠᠭᠠᠨ ᠶᠠᠮᠠᠷ ᠨᠢᠭᠡ ᠠᠵᠢᠯ᠎ᠲᠠᠢ ᠪᠣᠯᠵᠤ ᠠᠪᠤᠪᠠᠯ᠂ ᠤᠷᠲᠤ ᠬᠤᠭᠤᠴᠠᠭᠠᠨ᠎ᠳᠤ ᠲᠥᠪᠬᠢᠨᠡᠭᠦᠨ ᠰᠠᠭᠤᠵᠤ ᠢᠳᠡᠬᠦ ᠬᠡᠷᠡᠭᠲᠡᠢ ᠰᠢᠦ ᠳ᠋ᠡ ᠭᠡᠵᠦ ᠬᠠᠮᠤᠭ᠎ᠤᠨ ᠨᠠᠵᠠᠭᠠᠢ ᠲᠠᠯ᠎ᠠ᠎ᠠᠴᠠ ᠡᠬᠢᠯᠡᠨ ᠪᠣᠳᠤᠳᠠᠭ ᠪᠠᠢᠪᠠ᠃ ᠲᠡᠭᠡᠭᠡᠳ ᠲᠡᠷᠡ ᠤᠳᠠᠯ᠎ᠦᠭᠡᠢ ᠬᠤᠪᠢ᠎ᠶᠢᠨ ᠮᠠᠯ ᠬᠥᠷᠦᠩᠭᠡ᠎ᠪᠡᠨ᠎ᠦᠭᠡᠢ ᠬᠢᠳᠡᠭ ᠰᠠᠨᠠᠭ᠎ᠠ᠎ᠲᠠᠢ᠎ᠪᠠᠷ ᠬᠣᠢᠮᠤᠷ᠎ᠤᠨ ᠡᠮᠦᠨ᠎ᠡ ᠭᠠᠷᠤᠭᠠᠳ ᠯᠠᠭᠯᠠᠢᠨ ᠰᠠᠭᠤᠭᠰᠠᠨ ᠬᠡᠪ᠎ᠢᠶᠡᠷ᠎ᠢᠶᠡᠨ:
《ᠠᠢ᠂ ᠡᠮᠡᠭᠡᠨ! ᠮᠠᠯ ᠠᠭᠤᠷᠠᠰᠤ᠎ᠪᠠᠷ ᠶᠠᠭᠤ ᠬᠢᠬᠦ ᠪᠢᠯᠡ? ᠴᠠᠭᠠᠨᠠᠴᠢᠨᠢ ᠬᠤᠪᠢ᠎ᠶᠢᠨ ᠶᠠᠭᠤᠮ᠎ᠠ᠎ᠶᠢ ᠨᠢᠭᠡ᠎ᠴᠦ ᠦᠯᠡᠳᠡᠭᠡᠯᠦᠭᠡᠢᠪᠡᠷ ᠬᠤᠷᠢᠶᠠᠵᠤ ᠠᠪᠤᠨ᠎ᠠ ᠭᠡᠨ᠎ᠡ ᠰᠢᠦ! ᠡᠷᠲᠡᠬᠡᠨᠰᠢᠭ ᠲᠡᠷᠡ ᠬᠡᠳᠦᠨ ᠶᠠᠭᠤᠮ᠎ᠠ᠎ᠪᠠᠨ ᠮᠥᠩᠭᠦ ᠪᠣᠯᠭᠠᠭᠠᠳ ᠠᠪᠳᠠᠷ᠎ᠠ᠎ᠳᠠᠭᠠᠨ ᠲᠥᠷᠦᠵᠦ ᠠᠪᠬᠤᠦᠭᠡᠢᠤᠤ?》 ᠭᠡᠵᠦ ᠬᠡᠯᠡᠵᠡᠢ᠃ ᠲᠡᠭᠡᠭᠡᠳ ᠲᠡᠷᠡ ᠶᠡᠬᠡ ᠪᠠᠭ᠎ᠠ ᠬᠡᠳᠦᠨ ᠮᠠᠯ᠎ᠢᠶᠠᠨ ᠲᠠᠭᠤᠭᠠᠳ ᠠᠷᠤ᠎ᠶᠢᠨ ᠠᠢᠯ ᠳᠡᠭᠡᠷ᠎ᠡ ᠪᠠᠢᠭᠰᠠᠨ ᠬᠠᠩᠭᠠᠯᠭ᠎ᠠ᠎ᠶᠢᠨ ᠬᠣᠷᠰᠢᠶ᠎ᠠ᠎ᠳᠤ ᠬᠤᠳᠠᠯᠳᠤᠭᠠᠴᠢᠨ ᠣᠯᠵᠤ ᠬᠣᠶᠠᠷ ᠵᠠᠭᠤᠨ ᠥᠩᠭᠡᠷᠡᠦ ᠲᠦᠭᠦᠷᠢᠭ ᠢᠯᠡ ᠮᠥᠩᠭᠦ ᠪᠣᠯᠭᠠᠭᠠᠳ᠂ ᠥᠪᠡᠷ᠎ᠢᠶᠡᠨ ᠬᠣᠶᠠᠷ ᠯᠣᠩᠬᠤ ᠠᠷᠢᠬᠢ ᠠᠪᠴᠤ ᠬᠥᠪᠡᠭᠦᠨ᠎ᠳᠡᠭᠡᠨ ᠨᠢᠭᠡ ᠵᠢᠩ ᠰᠢᠬᠢᠷ ᠲᠠᠮᠤᠰᠤ ᠠᠪᠤᠭᠠᠳ ᠬᠠᠷᠢᠵᠤ ᠢᠷᠡᠮᠡᠭᠴᠡ ᠡᠪᠦᠷ᠎ᠢᠶᠡᠨ ᠠᠭᠤᠳᠠᠯᠵᠤ ᠪᠡᠯᠡ ᠮᠥᠩᠭᠦ᠎ᠪᠡᠨ ᠭᠠᠷᠭᠠᠭᠠᠳ:
《ᠵᠠ! ᠡᠭᠦᠨ᠎ᠢ ᠪᠠᠲᠤ ᠭᠠᠵᠠᠷ᠎ᠲᠤ ᠲᠥᠷᠦᠵᠦ ᠣᠷᠬᠢ᠂ ᠬᠣᠢᠰᠢ ᠡᠳᠦᠷ ᠬᠡᠷᠡᠭ ᠪᠣᠯᠬᠤ᠎ᠶᠤᠮ᠃ ᠬᠡᠳᠦᠨ ᠮᠠᠯᠤᠨᠴᠢᠨᠢ ᠮᠥᠩᠭᠦ ᠰᠢᠦ》 ᠭᠡᠵᠦ ᠥᠭᠬᠦ᠎ᠳᠦ᠂ ᠪᠤᠵᠢᠳ᠎ᠨᠢ:
《ᠵᠠ》 ᠭᠡᠳ ᠲᠣᠰᠴᠤ ᠠᠪᠤᠭᠠᠳ ᠠᠪᠳᠠᠷ᠎ᠠ᠎ᠶᠢᠨ ᠢᠷᠤᠭᠠᠷ᠎ᠲᠤ ᠪᠠᠲᠤᠯᠠᠨ ᠲᠥᠷᠦᠭᠰᠡᠨ ᠪᠣᠯᠪᠠᠴᠤ ᠳᠠᠪᠤᠰᠤ ᠭᠡᠲᠡᠯ᠎ᠡ ᠴᠠᠢ ᠭᠡᠵᠦ᠂ ᠴᠠᠢ ᠭᠡᠲᠡᠯ᠎ᠡ ᠲᠣᠰᠤ ᠭᠡᠳ ᠬᠣᠶᠠᠷ ᠨᠢᠭᠡ ᠲᠥᠭᠦᠷᠢᠭ᠎ᠢᠶᠡᠷ ᠠᠪᠴᠤ ᠡᠳ᠋ᠯᠡᠭᠰᠡᠭᠡᠷ ᠪᠠᠢᠵᠤ᠂ ᠵᠢᠯ᠎ᠦᠨ ᠡᠴᠦᠰ ᠪᠣᠯᠬᠤ᠎ᠳᠤ ᠭᠡᠷ᠎ᠦᠨ ᠳᠣᠲᠤᠷ᠎ᠠ ᠰᠢᠨ᠎ᠡ᠎ᠪᠡᠷ ᠠᠪᠤᠭᠰᠠᠨ ᠶᠠᠭᠤᠴᠤᠦᠭᠡᠢᠪᠠᠷ ᠮᠥᠩᠭᠦ᠎ᠨᠢ ᠪᠠᠷᠠᠭᠳᠠᠭᠰᠠᠨ ᠪᠢᠯᠡ᠃
《ᠪᠤᠵᠢᠳ᠂ ᠴᠢᠨᠦ ᠭᠠᠷ᠎ᠲᠤ ᠣᠷᠤᠭᠰᠠᠨ ᠶᠠᠭᠤᠮ᠎ᠠ ᠤᠰᠤᠨ᠎ᠳᠤ ᠬᠠᠶᠠᠭᠰᠠᠨ ᠴᠢᠯᠠᠭᠤᠰᠢᠭ᠋ ᠴᠢᠭᠦᠭᠡᠢᠯᠡ ᠪᠣᠯᠤᠭᠠᠳ ᠪᠠᠢᠬᠤ᠎ᠶᠤᠮ》 ᠭᠡᠵᠦ ᠠᠭᠤᠷᠲᠠᠢᠬᠠᠨ ᠬᠡᠯᠡᠭᠡᠳ ᠲᠡᠬᠡ ᠰᠠᠬᠠᠯ᠎ᠢᠶᠠᠨ ᠬᠡᠳᠦ ᠰᠢᠪᠲᠤᠷᠬᠤ᠎ᠳᠤ:
《ᠪᠢᠯᠡ ᠭᠠᠭᠴᠠᠭᠠᠷ᠎ᠢᠶᠠᠨ ᠢᠳᠡᠵᠦ ᠣᠷᠬᠢᠭᠰᠠᠨ᠎ᠦᠭᠡᠢ ᠰᠢᠦ! ᠡᠨᠡ ᠮᠠᠭᠤ ᠭᠡᠷᠲᠦᠴᠢᠨᠢ ᠶᠠᠭᠤ ᠲᠣᠷᠳᠠᠭ ᠪᠢᠯᠡ》 ᠭᠡᠵᠦ ᠭᠤᠩᠰᠢᠨ ᠤᠷᠤᠭᠤ ᠴᠢᠷᠠᠢᠯᠠᠭᠠᠳ ᠵᠠᠩᠨᠠᠬᠤ᠎ᠳᠤ:
《ᠵᠠ ᠪᠣᠯᠤᠭ᠂ ᠴᠢ ᠶᠡᠷᠦ᠎ᠨᠢ ᠰᠢᠷᠦᠭᠦᠨ ᠬᠥᠮᠦᠨ ᠰᠢᠦ᠂ ᠴᠢᠨᠦ ᠭᠠᠷ᠎ᠲᠤ ᠣᠷᠤᠭᠰᠠᠨ ᠲᠣᠰᠤ ᠪᠣᠯᠪᠠᠴᠤ ᠤᠰᠤ᠎ᠪᠠᠷ ᠪᠤᠴᠠᠯᠳᠠᠭ》 ᠭᠡᠪᠡ᠃
《ᠪᠠᠶᠠᠵᠢᠨ᠎ᠠ ᠭᠡᠵᠦ ᠪᠣᠳᠤᠵᠤ ᠪᠠᠢᠬᠤᠴᠢᠨᠢ ᠤᠭᠢᠶᠠᠨ ᠮᠠᠷᠲᠠᠵᠤ ᠪᠠᠢᠬᠤ ᠬᠡᠷᠡᠭ ᠭᠡᠵᠦ ᠠᠷᠤ ᠠᠢᠯ᠎ᠤᠨ ᠡᠬᠡᠨᠡᠷᠴᠦᠳ ᠬᠡᠯᠡᠯᠴᠡᠳᠡᠭ ᠪᠣᠯᠵᠠᠢ》 ᠭᠡᠵᠦ ᠨᠢᠭᠡ ᠡᠳᠦᠷ ᠠᠢᠯ ᠡᠷᠭᠢᠭᠡᠳ ᠣᠷᠤᠢ ᠬᠠᠷᠢᠵᠤ ᠢᠷᠡᠭᠰᠡᠨ ᠪᠤᠵᠢᠳ᠂ ᠪᠣᠷᠪᠢ᠎ᠪᠠᠨ ᠨᠤᠭᠤᠷᠠᠯ᠎ᠦᠭᠡᠢ ᠪᠠᠢᠵᠤ ᠦᠵᠡᠵᠦ ᠰᠣᠨᠤᠰᠤᠭᠰᠠᠨ ᠶᠠᠭᠤᠮ᠎ᠠ᠎ᠪᠠᠨ ᠰᠣᠨᠢᠨ ᠪᠣᠯᠭᠠᠨ ᠰᠢᠯᠢᠭ ᠡᠪᠦᠭᠡᠨ᠎ᠳᠡᠭᠡᠨ ᠬᠡᠯᠡᠬᠦ᠎ᠳᠦ᠂ ᠡᠢᠮᠦ ᠦᠭᠡ᠎ᠶᠢ ᠰᠣᠨᠤᠰᠤᠭᠠᠳ ᠬᠡᠳᠦ ᠬᠣᠨᠤᠵᠤ ᠪᠠᠢᠬᠤ ᠰᠢᠯᠢᠭ :
《ᠲᠡᠷᠡᠴᠦ ᠦᠨᠡᠨ ᠪᠠᠢᠯᠭᠦᠢ᠂ ᠪᠢ ᠪᠣᠯ ᠦᠭᠡᠭᠦᠦ ᠶᠠᠳᠠᠭᠤᠪᠠᠷᠢᠶᠠᠨ ᠵᠠᠰᠠᠭ᠎ᠲᠠᠭᠠᠨ ᠢᠲᠡᠭᠡᠭᠳᠡᠵᠦ᠂ ᠲᠦᠰᠢᠭ ᠶᠠᠳᠠᠭᠤ ᠠᠩᠭᠢ᠎ᠪᠠᠨ ᠲᠥᠯᠦᠭᠡᠯᠡᠵᠦ ᠶᠠᠪᠤᠭ᠎ᠠ ᠬᠥᠮᠦᠨ ᠰᠢᠦ᠂ ᠬᠡᠳᠦᠨ ᠢᠮᠠᠭᠠᠨ᠎ᠤ ᠦᠭᠡᠷ᠎ᠢ ᠵᠥᠭᠡᠷᠢ᠎ᠶᠢ ᠬᠣᠭᠰᠢᠭᠤᠯᠵᠤ ᠪᠠᠶᠠᠵᠢᠬᠤ ᠭᠡᠵᠦ ᠪᠣᠳᠤᠬᠤ ᠪᠣᠯ ᠶᠡᠷᠦ᠎ᠨᠢ ᠨᠠᠮ ᠵᠠᠰᠠᠭ᠎ᠠᠴᠠ᠎ᠪᠠᠨ ᠰᠠᠯᠵᠤ᠂ ᠬᠥᠷᠦᠩᠭᠡᠲᠦ ᠶᠣᠰᠤᠨ᠎ᠤ ᠵᠠᠮ᠎ᠢᠶᠠᠷ ᠶᠠᠪᠤᠬᠤ ᠭᠡᠵᠦ ᠪᠠᠢᠬᠤ ᠬᠡᠷᠡᠭ ᠰᠢᠦ ᠳ᠋ᠡ》᠃ ᠵᠠ᠂ ᠥᠩᠭᠡᠷᠡᠭᠰᠡᠨ ᠬᠠᠭᠤᠴᠢᠨ ᠨᠡᠢᠭᠡᠮ᠎ᠳᠦ ᠬᠣᠭᠤᠰᠤᠨ ᠶᠠᠳᠠᠭᠤ ᠶᠠᠪᠤᠭᠠᠳ ᠬᠠᠷᠭᠠᠨᠠᠵᠤ ᠦᠬᠦᠭᠰᠡᠨ᠎ᠦᠭᠡᠢ ᠰᠢᠯᠢᠭ ᠡᠪᠦᠭᠡᠨ᠎ᠳᠦ ᠪᠠᠰᠠ ᠶᠠᠭᠤ ᠬᠣᠴᠤᠷᠬᠤ ᠪᠤᠢ?
ᠪᠠᠷᠢᠭᠠᠳᠠ᠎ᠶᠢᠨ ᠶᠠᠳᠠᠭᠤ ᠮᠠᠯᠴᠢᠨ᠎ᠤ ᠡᠪᠯᠡᠯ ᠪᠠᠢᠭᠤᠯᠬᠤ ᠶᠡᠬᠡ ᠬᠤᠷᠠᠯ᠎ᠨᠢ ᠰᠢᠯᠢᠭ ᠡᠪᠦᠭᠡᠨ᠎ᠳᠦ ᠰᠠᠨᠠᠭᠠᠨ᠎ᠤ ᠭᠠᠳᠠᠭᠤᠷ ᠨᠢᠭᠡ ᠤᠳᠠᠭᠠᠨ᠎ᠤ ᠬᠦᠴᠦᠲᠡᠢ ᠴᠣᠬᠢᠯᠲᠠ ᠪᠣᠯᠤᠭᠰᠠᠨ ᠪᠠᠢᠨ᠎ᠠ᠃ 《ᠡᠪ ᠬᠠᠮᠲᠤ ᠨᠠᠮ᠎ᠢᠶᠠᠨ ᠳᠠᠭᠠᠵᠤ᠂ ᠨᠡᠢᠭᠡᠮ ᠵᠢᠷᠤᠮ᠎ᠢ ᠪᠦᠲᠦᠭᠡᠨ ᠪᠠᠢᠭᠤᠯᠬᠤ᠎ᠳᠤ ᠬᠤᠪᠢ ᠨᠡᠮᠡᠭᠦᠷᠢ᠎ᠪᠡᠨ ᠡᠷᠭᠦᠭᠰᠡᠨ ᠨᠠᠳᠠᠯᠤᠭᠠ ᠠᠳᠠᠯᠢ ᠬᠠᠮᠲᠤᠷᠠᠯ᠎ᠳᠠᠭᠠᠨ ᠦᠨᠡᠨᠴᠢ ᠰᠢᠳᠤᠷᠭᠤ᠎ᠪᠠᠷ ᠬᠠᠮᠤᠭ ᠮᠠᠯ᠎ᠢᠶᠠᠨ ᠲᠤᠰᠢᠶᠠᠭᠰᠠᠨ ᠶᠠᠳᠠᠭᠤ ᠮᠠᠯᠴᠢᠨ ᠡᠷᠬᠢᠯᠡᠭᠴᠢ ᠪᠣᠯᠬᠤ᠎ᠦᠭᠡᠢ᠂ ᠣᠨᠳᠣᠣ ᠬᠡᠨ ᠪᠣᠯᠬᠤ ᠪᠤᠢ》 ᠭᠡᠵᠦ ᠰᠢᠯᠢᠭ ᠲᠡᠨᠳᠡ ᠰᠠᠭᠤᠭᠠᠳ ᠪᠣᠳᠤᠵᠠᠢ᠃ ᠭᠡᠲᠡᠯ᠎ᠡ 《ᠰᠢᠯᠢᠭᠦᠨ ᠠᠩᠭᠢ᠎ᠶᠢᠨ ᠵᠣᠭᠰᠤᠯᠲᠠ᠎ᠨᠢ ᠪᠠᠲᠤ ᠪᠢᠰᠢ᠂ ᠵᠠᠷᠢᠮ ᠨᠢᠭᠡ ᠪᠠᠶᠠᠨ ᠮᠠᠯᠴᠢᠨ᠂ ᠬᠤᠪᠢᠰᠭᠠᠯ᠎ᠤᠨ ᠡᠰᠡᠷᠭᠦᠦ ᠡᠲᠡᠭᠡᠳᠲᠡᠢ ᠡᠷᠡᠭᠡ ᠴᠡᠷᠡᠭᠡᠦᠭᠡᠢ ᠶᠠᠪᠤᠯᠴᠠᠳᠠᠭ᠂ ᠪᠠᠰᠠ ᠬᠠᠷᠢᠭᠤᠯᠤᠭᠰᠠᠨ ᠬᠣᠨᠢ᠎ᠪᠠᠨ ᠰᠠᠢᠨ ᠬᠠᠯᠢᠶᠠᠬᠤ᠎ᠦᠭᠡᠢ᠂ ᠵᠢᠯ ᠪᠦᠷᠢ ᠶᠡᠬᠡᠪᠡᠷ ᠭᠠᠷᠤᠭᠤᠳᠠᠭᠤᠯᠵᠤ ᠢᠷᠡᠭᠰᠡᠨ ᠵᠠᠯᠬᠠᠭᠤ ᠬᠣᠢᠷᠭᠤ ᠬᠥᠮᠦᠨ》 ᠭᠡᠵᠦ ᠬᠡᠰᠡᠭ ᠶᠠᠳᠠᠭᠤ ᠮᠠᠯᠴᠢᠨ ᠰᠠᠨᠠᠯ ᠭᠠᠷᠭᠠᠭᠰᠠᠨ᠎ᠢᠶᠠᠷ ᠰᠢᠯᠢᠭᠦᠨ ᠰᠣᠩᠭᠤᠭᠳᠠᠬᠤ ᠭᠡᠵᠦ ᠪᠠᠢᠭᠰᠠᠨ ᠰᠠᠢᠬᠠᠨ ᠬᠦᠰᠡᠯ᠎ᠨᠢ ᠵᠠᠮᠬᠠᠷᠠᠭᠰᠠᠨ ᠪᠠᠢᠨ᠎ᠠ᠃ ᠰᠢᠯᠢᠭᠦᠨ ᠭᠣᠣᠯ᠎ᠨᠢ ᠬᠠᠷᠠᠯᠠᠭᠰᠠᠨᠰᠢᠭ᠋ ᠪᠣᠯᠪᠠ᠃ ᠰᠢᠯᠢᠭ ᠡᠪᠦᠭᠡᠨ ᠬᠤᠷᠠᠯ᠎ᠤᠨ ᠭᠡᠷ᠎ᠡᠴᠡ ᠤᠬᠤᠷᠢᠨ ᠭᠠᠷᠴᠤ ᠶᠠᠪᠤᠪᠠ᠃ ᠲᠡᠷᠡ ᠣᠳᠣ ᠶᠠᠮᠠᠷ ᠶᠠᠳᠠᠭᠤ ᠮᠠᠯᠴᠢᠨ᠎ᠤ ᠡᠪᠯᠡᠯ᠎ᠦᠨ ᠨᠢᠭᠡ ᠶᠠᠭᠤᠮ᠎ᠠ ᠪᠣᠯᠬᠤ᠎ᠶᠢ ᠪᠣᠳᠤᠵᠤ᠎ᠦᠭᠡᠢ᠂ ᠬᠡᠳᠦᠨ ᠬᠥᠮᠦᠨ᠎ᠦ ᠬᠡᠯᠡᠭᠰᠡᠨ ᠰᠠᠨᠠᠯ᠎ᠨᠢ ᠰᠢᠯᠢᠭ ᠡᠪᠦᠭᠡᠨ᠎ᠦ ᠬᠦᠵᠦᠭᠦᠦ᠎ᠶᠢ ᠣᠷᠢᠶᠠᠵᠤ᠂ ᠥᠨᠥᠳᠦᠷ ᠮᠠᠷᠭᠠᠰᠢ ᠡᠬᠢᠯᠡᠬᠦ ᠨᠡᠢᠭᠡᠮ ᠵᠢᠷᠤᠮ᠎ᠤᠨ ᠬᠥᠮᠦᠵᠢᠯ᠎ᠦᠨ ᠬᠥᠳᠡᠯᠭᠡᠭᠡᠨ᠎ᠳᠦ ᠲᠡᠭᠦᠨ᠎ᠢ ᠪᠠᠭᠠᠯᠵᠤᠤᠷᠳᠠᠨ ᠠᠯᠠᠬᠤᠰᠢᠭ᠋ ᠰᠠᠨᠠᠭᠳᠠᠨ᠎ᠠ᠃ ᠰᠢᠯᠢᠭ ᠡᠪᠦᠭᠡᠨ᠎ᠦ ᠵᠢᠷᠦᠬᠡᠨ᠎ᠦ ᠬᠡᠢ᠎ᠨᠢ ᠬᠥᠳᠡᠯᠪᠡᠯ ᠪᠦᠬᠦ ᠮᠡᠳᠡᠷᠡᠯ᠎ᠦᠨ ᠡᠷᠬᠡᠲᠡᠨ᠎ᠨᠢ ᠲᠡᠩᠴᠡᠭᠦᠷᠢ᠎ᠪᠡᠨ ᠠᠯᠳᠠᠵᠤ ᠪᠡᠶ᠎ᠡ᠎ᠪᠡᠨ ᠬᠠᠮᠢᠶᠠᠷᠴᠤ ᠴᠢᠳᠠᠬᠤ᠎ᠦᠭᠡᠢ ᠪᠣᠯᠵᠤ ᠣᠷᠬᠢᠳᠠᠭ᠎ᠶᠤᠮ᠃ ᠲᠡᠷᠡ ᠬᠤᠷᠠᠯ᠎ᠤᠨ ᠭᠡᠷ᠎ᠡᠴᠡ ᠭᠠᠷᠤᠮᠠᠭᠴᠠ ᠪᠠᠷᠢᠭᠠᠳᠠ᠎ᠶᠢᠨ ᠰᠠᠭᠤᠷᠢᠰᠢᠯ᠎ᠤᠨ ᠬᠤᠳᠠᠯᠳᠤᠭᠠᠨ᠎ᠤ ᠬᠣᠷᠰᠢᠶ᠎ᠠ᠎ᠳᠤ ᠣᠳᠴᠤ ᠬᠣᠶᠠᠷ ᠯᠣᠩᠬᠤ ᠠᠷᠢᠬᠢ ᠠᠪᠤᠭᠠᠳ ᠭᠠᠷᠴᠤ ᠢᠷᠡᠭᠡᠳ 《ᠭᠣᠳ ᠭᠣᠳ》 ᠬᠢᠲᠡᠯ᠎ᠡ ᠪᠠᠯᠭᠤᠵᠤ ᠡᠬᠢᠯᠡᠪᠡ᠃ ᠤᠤᠭᠤᠬᠤ ᠲᠤᠲᠤᠮ᠎ᠢᠶᠠᠨ ᠳᠡᠢᠯᠵᠦ ᠬᠠᠶᠠᠭᠠᠳ ᠡᠭᠦᠳᠡᠨ ᠳᠡᠭᠡᠷ᠎ᠡ ᠭᠠᠷᠴᠤ: 《 ᠶᠠᠭᠤᠨ᠎ᠤ ᠪᠠᠶᠠᠨ ᠮᠠᠯᠴᠢᠨ᠂ ᠬᠤᠪᠢᠰᠭᠠᠯ᠎ᠤᠨ ᠡᠰᠡᠷᠭᠦᠴᠦᠳ ᠯᠤᠭᠡ ᠬᠠᠷᠢᠴᠠᠭ᠎ᠠ᠎ᠲᠠᠢ ᠭᠡᠨ᠎ᠡ? ᠴᠣᠬᠤᠮ ᠬᠡᠨ ᠬᠠᠷᠢᠴᠠᠭ᠎ᠠ᠎ᠲᠠᠢ ᠪᠤᠢ? ᠲᠠ᠎ᠨᠠᠷ ᠬᠠᠮᠲᠤᠷᠠᠯ᠎ᠤᠨ ᠶᠠᠭᠤᠮ᠎ᠠ᠎ᠶᠢ ᠢᠳᠡᠵᠦ ᠬᠤᠪᠢ᠎ᠪᠠᠨ ᠪᠠᠶᠠᠵᠢᠭᠤᠯᠵᠠᠢ ᠭᠡᠨ᠎ᠡ? ᠰᠢᠯᠢᠭ ᠨᠠᠳᠠ ᠶᠠᠭᠤᠨ ᠪᠠᠢᠬᠤ ᠪᠤᠢ? ᠪᠢ ᠬᠠᠮᠤᠭ᠎ᠤᠨ ᠶᠠᠳᠠᠭᠤ ᠦᠭᠡᠭᠦᠦ ᠠᠩᠭᠢ ᠮᠥᠨ》 ᠭᠡᠵᠦ ᠪᠡᠷᠲᠡᠭᠴᠢᠨ ᠡᠷ᠎ᠡ᠎ᠶᠢᠨ ᠤᠭ ᠳᠦᠷᠰᠦ᠎ᠪᠡᠨ ᠭᠠᠷᠭᠠᠵᠤ ᠬᠠᠰᠭᠢᠷᠴᠤ ᠡᠬᠢᠯᠡᠪᠡ᠃ ᠬᠡᠳᠦᠨ ᠬᠥᠮᠦᠨ ᠢᠷᠡᠭᠡᠳ ᠲᠡᠭᠦᠨ᠎ᠢ ᠲᠠᠲᠠᠵᠤ ᠨᠣᠯᠤᠯᠳᠤᠭᠠᠳ ᠬᠦᠴᠦ ᠬᠦᠷᠴᠦ ᠴᠢᠳᠠᠭᠰᠠᠨ᠎ᠦᠭᠡᠢ᠂ ᠬᠡᠵᠢᠶ᠎ᠡ ᠬᠣᠢᠨ᠎ᠠ᠎ᠨᠢ ᠪᠠᠳᠮ᠎ᠠ ᠱᠦᠵᠢ ᠢᠷᠡᠭᠡᠳ ᠭᠡᠷ᠎ᠲᠦᠨᠢ ᠬᠦᠷᠭᠡᠬᠦ ᠭᠡᠵᠦ ᠬᠡᠳᠦᠨ ᠦᠭᠡ ᠬᠡᠯᠡᠲᠡᠯ᠎ᠡ᠂ ᠰᠢᠯᠢᠭ ᠨᠢᠳᠦ᠎ᠪᠡᠨ ᠮᠠᠭᠤᠬᠠᠢ ᠨᠢᠭᠡ ᠡᠷᠭᠢᠯᠳᠦᠭᠦᠯᠦᠭᠡᠳ: 《ᠡ! ᠴᠢ ᠯᠣᠪᠰᠠᠩ᠎ᠤᠨ ᠪᠠᠳᠮᠠᠤᠤ? ᠴᠢ ᠳᠣᠷᠵᠢ ᠬᠦᠵᠦᠲᠡᠢᠶᠢᠨ ᠠᠴᠢ᠂ ᠬᠡᠨ ᠪᠠᠶᠠᠨ ᠮᠠᠯᠴᠢᠨ᠎ᠤ ᠮᠠᠯ᠎ᠤᠨ ᠡᠵᠡᠨ ᠯᠤᠭᠡ ᠶᠠᠪᠤᠯᠴᠠᠵᠤ ᠪᠠᠢᠳᠠᠭ ᠪᠤᠢ?》 ᠭᠡᠵᠦ ᠬᠠᠰᠭᠢᠷᠬᠤᠪᠠᠷᠢᠶᠠᠨ ᠬᠠᠰᠭᠢᠷᠴᠤ ᠨᠢᠭᠡ ᠰᠥᠨᠢ ᠦᠷ ᠴᠠᠢᠲᠠᠯ᠎ᠠ ᠰᠠᠭᠤᠷᠢᠰᠢᠯ᠎ᠤᠨ ᠠᠢᠯᠢ ᠤᠨᠲᠠᠭᠤᠯᠵᠤ ᠠᠮᠠᠷᠠᠭᠤᠯᠤᠭᠰᠠᠨ᠎ᠦᠭᠡᠢ᠃ ᠰᠢᠯᠢᠭ ᠡᠪᠦᠭᠡᠨ ᠥᠩᠭᠡᠷᠡᠭᠰᠡᠨ᠎ᠳᠡᠭᠡᠨ ᠵᠣᠪᠠᠯᠠᠩ ᠦᠵᠡᠭᠰᠡᠨ ᠪᠣᠯᠪᠠᠴᠤ ᠴᠠᠭ᠎ᠤᠨ ᠳᠡᠭᠡᠷ᠎ᠡ᠎ᠨᠢ ᠭᠠᠪᠰᠢᠭᠠᠢᠯᠠᠨ ᠵᠠᠪᠢ ᠠᠰᠢᠭᠯᠠᠵᠤ᠂ ᠨᠢᠭᠡ ᠶᠠᠭᠤᠮ᠎ᠠ ᠪᠣᠯᠤᠭᠠᠳ ᠠᠪᠬᠤ᠎ᠪᠠᠷ ᠣᠷᠤᠯᠳᠤᠭᠠᠳ ᠴᠢᠳᠠᠭᠰᠠᠨ᠎ᠦᠭᠡᠢ᠎ᠶᠢᠨ ᠮᠠᠭᠤ ᠨᠡᠷᠡᠲᠡᠢ ᠪᠣᠯᠤᠭᠰᠠᠨ ᠲᠤᠯᠠ ᠵᠤᠨ᠎ᠤ ᠲᠦᠷᠦᠭᠦᠨ ᠰᠠᠷ᠎ᠠ᠎ᠠᠴᠠ ᠡᠬᠢᠯᠡᠭᠡᠳ ᠠᠷᠢᠬᠢ᠎ᠶᠢᠨ ᠠᠷᠤ᠎ᠳᠤ ᠣᠷᠤᠵᠤ᠂ ᠠᠢᠯ᠎ᠤᠨ ᠪᠠᠳᠢᠷᠴᠢ ᠪᠣᠯᠵᠠᠢ᠃ ᠲᠡᠷᠡ ᠬᠠᠶᠠ ᠨᠢᠭᠡ ᠨᠢᠭᠡᠳᠦᠯ ᠳᠡᠭᠡᠷ᠎ᠡ ᠢᠷᠡᠵᠦ ᠦᠵᠡᠭᠰᠡᠨ ᠬᠥᠮᠦᠨ᠎ᠲᠡᠢ᠎ᠪᠡᠨ ᠨᠣᠴᠤᠯᠳᠤᠭᠠᠳ᠂ ᠬᠠᠷ᠎ᠠ ᠮᠣᠷᠢᠨ᠎ᠤ ᠬᠤᠷᠳᠤ᠎ᠪᠠᠷ ᠠᠢᠯ ᠠᠢᠯ᠎ᠤᠨ ᠭᠠᠳᠠᠨ᠎ᠠ ᠪᠠᠭᠤᠵᠤ᠂ ᠨᠢᠭᠡ ᠴᠥᠭᠦᠴᠡ ᠠᠷᠢᠬᠢ ᠥᠭᠪᠡᠯ ᠢᠷᠦᠭᠡᠯ ᠲᠠᠯᠪᠢᠵᠤ᠂ ᠠᠶᠠᠭ᠎ᠠ᠎ᠶᠢᠨ ᠠᠮᠠ ᠡᠰᠡ ᠵᠠᠭᠤᠯᠭᠠᠪᠠᠯ ᠬᠠᠮᠤᠭ ᠪᠦᠬᠦᠨ᠎ᠢ ᠬᠠᠷᠢᠶᠠᠭᠠᠳ᠂ ᠰᠠᠭᠤᠭᠰᠠᠨ᠎ᠳᠠᠭᠠᠨ ᠰᠠᠭᠤᠭᠠᠳ᠂ ᠬᠡᠪᠲᠡᠭᠰᠡᠨ᠎ᠳᠡᠭᠡᠨ ᠬᠡᠪᠲᠡᠵᠦ ᠶᠠᠪᠤᠳᠠᠭ ᠪᠣᠯᠪᠠ᠃
ᠪᠤᠵᠢᠳᠢ ᠬᠡᠯᠡᠪᠡᠯ᠂ ᠲᠡᠷᠡ ᠬᠥᠪᠡᠭᠦᠨᠲᠡᠢᠪᠡᠨ ᠬᠣᠶᠠᠭᠤᠯᠠ ᠨᠢᠭᠡ ᠰᠦᠷᠦᠭ ᠬᠣᠨᠢ᠎ᠲᠠᠢ ᠬᠣᠴᠤᠷᠤᠭᠰᠠᠨ ᠲᠤᠯᠠ ᠬᠥᠪᠡᠭᠦᠨᠢᠶᠡᠷᠢᠶᠡᠨ ᠡᠭᠦᠳᠡᠨ ᠳᠡᠭᠡᠷ᠎ᠡ᠎ᠪᠡᠨ ᠬᠣᠨᠢ᠎ᠪᠠᠨ ᠬᠠᠯᠢᠶᠠᠯᠭᠠᠵᠤ ᠣᠷᠬᠢᠭᠠᠳ᠂ ᠵᠠᠷᠢᠮ᠎ᠳᠠᠭᠠᠨ ᠪᠠᠰᠠ ᠠᠢᠯ᠎ᠤᠨ ᠢᠩᠨᠢ ᠬᠥᠳᠡᠯᠵᠦ᠂ ᠣᠢᠷ᠎ᠠ ᠬᠣᠰᠢᠶ᠎ᠠ ᠠᠢᠯᠢ ᠨᠢᠭᠡ ᠳᠠᠷᠤᠭᠠᠳ ᠭᠠᠷᠳᠠᠭ ᠪᠠᠢᠪᠠ᠃ ᠲᠡᠢᠮᠦ᠎ᠡᠴᠡ ᠬᠣᠨᠢᠨ ᠰᠦᠷᠦᠭ᠎ᠨᠢ ᠮᠢᠬ᠎ᠠ ᠪᠠᠷᠢᠵᠤ ᠴᠢᠳᠠᠯ᠎ᠦᠭᠡᠢ ᠡᠪᠦᠯ᠎ᠦᠨ ᠲᠦᠷᠦᠭᠦᠨ ᠰᠠᠷ᠎ᠠ᠎ᠠᠴᠠ ᠡᠬᠢᠯᠡᠨ᠂ ᠨᠢᠭᠡ ᠵᠢᠯ᠎ᠳᠡᠭᠡᠨ ᠳᠠᠯ᠎ᠠ ᠨᠠᠶᠠᠨ ᠬᠣᠨᠢ ᠲᠤᠷᠠᠵᠤ ᠦᠬᠦᠳᠡᠭ ᠪᠠᠢᠯ᠎ᠠ᠃ ᠪᠤᠰᠤᠳ ᠬᠥᠮᠦᠨ ᠵᠢᠯ᠎ᠳᠡᠭᠡᠨ ᠵᠠᠭᠤᠨ᠎ᠤ ᠨᠠᠶᠠ ᠶᠡᠷᠡ᠎ᠪᠡᠷ ᠲᠥᠯ ᠲᠣᠰᠴᠤ ᠪᠠᠢᠬᠤ᠎ᠳᠤ ᠰᠢᠯᠢᠭ ᠡᠪᠦᠭᠡᠨ ᠬᠠᠷᠢᠨ ᠠᠷᠠᠢᠯᠠ ᠵᠠᠭᠤᠨ᠎ᠤ ᠳᠥᠴᠢ ᠪᠠᠷᠢᠵᠤ᠂ ᠵᠢᠯ᠎ᠦᠨ ᠡᠴᠦᠰ᠎ᠦᠨ ᠳᠠᠩᠰᠠ ᠲᠣᠭᠠᠯᠠᠪᠠᠯ ᠣᠯᠠᠨ ᠠᠷᠪᠢᠨ ᠮᠥᠩᠭᠦᠨ᠎ᠳᠦ ᠥᠷᠢᠲᠦᠵᠦ ᠭᠠᠷᠳᠠᠭ ᠪᠠᠢᠪᠠ᠃ 《ᠥᠷᠢᠲᠦᠭᠰᠡᠨ ᠪᠣᠯᠪᠠᠯ ᠥᠷᠢᠲᠦᠭᠰᠡᠨ ᠪᠢᠵᠡ! ᠰᠢᠯᠢᠭᠦᠨ ᠶᠠᠭᠤ᠎ᠶᠢ ᠠᠪᠳᠠᠭ ᠪᠢᠯᠡ? ᠳᠠᠩᠰᠠ᠎ᠳᠤ ᠣᠷᠤᠭᠤᠯᠤᠭᠠᠳ ᠴᠠᠰᠢ ᠲᠠᠯᠪᠢᠵᠤ ᠣᠷᠬᠢᠬᠤ᠎ᠠᠴᠠ ᠣᠨᠳᠣᠣ ᠶᠠᠭᠠᠬᠢᠳᠠᠭ ᠪᠢᠯᠡ ᠁》 ᠭᠡᠵᠦ ᠪᠠᠳᠮ᠎ᠠ ᠱᠦᠵᠢ ᠨᠢᠭᠡ ᠦᠭᠡ ᠬᠡᠯᠡᠪᠡᠯ ᠬᠠᠮᠤᠭ ᠬᠡᠷᠡᠭ ᠲᠡᠭᠡᠭᠡᠳ ᠲᠡᠭᠦᠰᠳᠡᠭ ᠪᠠᠢᠭᠰᠠᠨ᠎ᠶᠤᠮ᠃ ᠨᠢᠭᠡ ᠮᠡᠳᠡᠬᠦ᠎ᠳᠦ ᠰᠢᠯᠢᠭ ᠡᠪᠦᠭᠡᠨ᠎ᠦ ᠪᠠᠷᠢᠭᠰᠠᠨ ᠭᠡᠷᠨᠢᠴᠦ ᠬᠠᠭᠤᠴᠢᠷᠠᠭᠠᠳ ᠰᠠᠯᠪᠠᠷᠠᠬᠤ᠎ᠳᠠᠭᠠᠨ ᠳᠠᠬᠢᠨ ᠪᠠᠷᠢᠵᠤ ᠪᠣᠯᠤᠰᠢ᠎ᠦᠭᠡᠢ ᠪᠣᠯᠤᠭᠰᠠᠨ ᠲᠤᠯᠠ ᠶᠡᠬᠡ ᠭᠡᠷ᠎ᠢᠶᠡᠨ ᠪᠠᠭᠤᠯᠭᠠᠭᠠᠳ ᠪᠠᠭ᠎ᠠ ᠵᠣᠯᠤᠮ ᠪᠣᠯᠭᠠᠵᠤ ᠪᠠᠷᠢᠪᠠ᠃ ᠣᠳᠣ ᠲᠡᠷᠡ ᠮᠠᠭᠤ ᠬᠠᠷ᠎ᠠ ᠵᠣᠯᠤᠮᠤᠨᠢᠶᠠᠨ ᠬᠣᠢᠮᠤᠷ᠎ᠤᠨ ᠡᠮᠦᠨ᠎ᠡ ᠯᠠᠭᠯᠠᠢᠨ ᠰᠠᠭᠤᠭᠠᠳ:
《ᠬᠦᠢ ᠡᠮᠡᠭᠡᠨ! ᠴᠠᠭᠠᠲᠤᠬᠢ ᠬᠣᠨᠢᠴᠢ᠎ᠨᠢ ᠪᠠᠢᠨ᠎ᠠ᠎ᠤᠤ?ᠦᠭᠡᠢᠦᠦ?》 ᠭᠡᠵᠦ ᠠᠰᠠᠭᠤᠭᠠᠳ:
《ᠶᠠᠭᠤᠨ᠎ᠤ ᠶᠠᠳᠠᠭᠤ ᠮᠠᠯᠴᠢᠨ᠎ᠤ ᠡᠪᠯᠡᠯ᠎ᠦᠨ ᠡᠷᠬᠢᠯᠡᠭᠴᠢ ᠨᠠᠳᠠ ᠬᠡᠷᠡᠭᠲᠡᠢᠶᠦᠮ? ᠲᠡᠷᠡ᠎ᠦᠭᠡᠢ ᠪᠣᠯᠪᠠᠴᠤ ᠰᠠᠷ᠎ᠠ᠎ᠶᠢᠨ ᠨᠣᠷᠮ᠎ᠠ᠎ᠪᠠᠨ ᠠᠳᠠᠯᠢᠬᠠᠨ ᠠᠪᠤᠭᠠᠳ ᠢᠳᠡᠵᠦ ᠡᠰᠡ ᠪᠠᠢᠨ᠎ᠠ᠎ᠤᠤ? ᠬᠥᠮᠦᠨ ᠨᠠᠳᠠ᠎ᠠᠴᠠ ᠮᠣᠷᠢ᠎ᠪᠠᠨ ᠠᠪᠬᠤ᠎ᠠᠴᠠ ᠪᠢᠰᠢ᠂ ᠮᠢᠨᠦ ᠶᠠᠭᠤ᠎ᠶᠢ ᠠᠪᠬᠤ ᠪᠤᠢ? ᠰᠢᠨ᠎ᠡ ᠨᠡᠢᠭᠡᠮ᠎ᠳᠦ ᠬᠥᠮᠦᠨ᠎ᠢ ᠥᠯᠦᠰᠭᠡᠵᠦ ᠠᠯᠠᠬᠤ ᠶᠣᠰᠤ᠎ᠦᠭᠡᠢ》 ᠭᠡᠵᠦ ᠰᠢᠪᠡᠨᠡᠨ ᠬᠡᠯᠡᠵᠦ ᠰᠠᠭᠤᠨ᠎ᠠ᠃
ᠰᠢᠯᠢᠭ ᠨᠣᠶᠠᠨ ᠰᠠᠭᠤᠭᠰᠠᠨ᠎ᠨᠢ
ᠲᠡᠦᠬᠡᠨ ᠳᠡᠭᠡᠷ᠎ᠡ ᠭᠠᠷᠤᠭᠰᠠᠨ᠎ᠦᠭᠡᠢ ᠠᠷᠪᠠᠨ ᠵᠢᠯ᠎ᠦᠨ ᠬᠠᠷ᠎ᠠ ᠠᠶᠤᠯ ᠪᠣᠯᠬᠤ 《ᠰᠣᠶᠤᠯ᠎ᠤᠨ ᠬᠤᠪᠢᠰᠭᠠᠯ》᠎ᠤᠨ ᠬᠠᠪᠤᠷ᠂ ᠪᠠᠷᠢᠭᠠᠳᠠ᠎ᠶᠢᠨ ᠰᠠᠭᠤᠷᠢᠰᠢᠯ ᠳᠡᠭᠡᠷ᠎ᠡ ᠡᠳᠦᠷ᠎ᠲᠡᠭᠡᠨ ᠡᠢᠮᠦ ᠬᠤᠷᠠᠯ ᠭᠡᠲᠡᠯ᠎ᠡ ᠲᠡᠢᠮᠦ ᠬᠤᠷᠠᠯ ᠬᠢᠵᠦ᠂ ᠰᠢᠯᠢᠭ ᠨᠢᠭᠡ᠎ᠴᠦ ᠤᠳᠠᠭ᠎ᠠ ᠳᠤᠲᠠᠯ᠎ᠦᠭᠡᠢ ᠣᠷᠤᠯᠴᠠᠳᠠᠭ ᠪᠣᠯᠪᠠ᠃ ᠢᠩᠭᠢᠭᠡᠳ ᠤᠳᠠᠭᠠᠨ ᠡᠳᠦᠷ ᠵᠤᠵᠠᠭᠠᠨ ᠬᠣᠨᠤᠭ ᠥᠩᠭᠡᠷᠡᠭᠡᠳ ᠰᠢᠯᠢᠭ ᠡᠪᠦᠭᠡᠨ᠎ᠦ ᠨᠡᠷ᠎ᠡ ᠲᠥᠷᠦᠴᠦ ᠶᠡᠬᠡᠪᠡᠷ ᠮᠠᠨᠳᠤᠵᠤ᠂ ᠪᠠᠷᠢᠭᠠᠳᠠ᠎ᠶᠢᠨ ᠳᠣᠲᠤᠷ᠎ᠠ ᠲᠡᠭᠦᠨ᠎ᠡᠴᠡ ᠢᠯᠡᠭᠦᠳᠡᠬᠦ ᠬᠤᠪᠢᠰᠭᠠᠯᠴᠢ᠎ᠦᠭᠡᠢ ᠪᠣᠯᠵᠠᠢ᠃ ᠰᠢᠯᠢᠭ ᠡᠪᠦᠭᠡᠨ ᠭᠡᠷ ᠮᠠᠯ᠂ ᠬᠠᠷᠢᠭᠤᠯᠤᠭᠰᠠᠨ ᠬᠣᠨᠢ᠎ᠪᠠᠨ ᠬᠠᠶᠠᠵᠤ ᠣᠷᠬᠢᠭᠠᠳ᠂ ᠬᠣᠷᠮᠤᠢ ᠰᠢᠭᠤᠷᠳᠠᠨ 《ᠬᠤᠪᠢᠰᠭᠠᠯ》᠎ᠳᠤ ᠣᠷᠤᠯᠴᠠᠪᠠ ᠁
ᠨᠢᠭᠡ ᠦᠳᠡ᠎ᠶᠢᠨ ᠦᠶ᠎ᠡ᠎ᠳᠦ ᠬᠡᠳᠦᠨ ᠵᠠᠭᠤᠨ ᠮᠣᠷᠢᠲᠠᠢ ᠬᠥᠮᠦᠨ ᠳᠤᠭ ᠳᠠᠯᠪᠠᠭ᠎ᠠ ᠡᠷᠭᠦᠵᠦ᠂ ᠬᠡᠩᠭᠡᠷᠭᠡ ᠴᠠᠩ ᠨᠢᠵᠢᠭᠢᠨᠡᠭᠦᠯᠵᠦ ᠨᠢᠭᠡᠳᠦᠯ ᠳᠡᠭᠡᠷ᠎ᠡ ᠬᠦᠷᠴᠦ ᠢᠷᠡᠪᠡ᠃ ᠣᠯᠠᠨ ᠳᠣᠲᠤᠷ᠎ᠠ᠎ᠠᠴᠠ ᠨᠢᠭᠡ ᠬᠥᠮᠦᠨ ᠭᠠᠷᠴᠤ ᠵᠣᠭᠰᠤᠭᠠᠳ: 《ᠭᠠᠯᠳᠠᠶᠠ!》 《ᠴᠣᠬᠢᠵᠤ ᠤᠨᠠᠭᠠᠶ᠎ᠠ!》 ᠭᠡᠵᠦ ᠤᠷᠢᠶ᠎ᠠ ᠬᠠᠰᠭᠢᠷᠤᠭᠠᠳ ᠪᠠᠢᠨ᠎ᠠ᠃ ᠡᠨᠡ᠎ᠨᠢ ᠬᠡᠨ ᠪᠣᠯᠪᠠ ᠭᠡᠵᠦ ᠪᠢ ᠪᠠᠬᠠᠨ ᠰᠣᠨᠢᠷᠬᠠᠭᠰᠠᠨ ᠮᠠᠶᠢᠭᠲᠠᠢ ᠬᠠᠷᠠᠬᠤ᠎ᠳᠤ᠂ ᠲᠡᠷᠡ᠎ᠴᠢᠨᠢ ᠰᠢᠯᠢᠭ ᠡᠪᠦᠭᠡᠨ ᠰᠠᠨᠵᠢ᠃ ᠲᠡᠷᠡ ᠬᠠᠨᠴᠤᠢ ᠳᠡᠭᠡᠷ᠎ᠡ᠎ᠪᠡᠨ 《ᠤᠯᠠᠭᠠᠨ ᠬᠠᠮᠠᠭᠠᠯᠠᠬᠤ ᠴᠡᠷᠢᠭ》᠎ᠦᠨ ᠲᠡᠮᠳᠡᠭ ᠵᠡᠭᠦᠵᠦ᠂ ᠥᠷᠦᠴᠡ ᠳᠡᠭᠡᠷ᠎ᠡ᠎ᠪᠡᠨ ᠮᠠᠤ ᠲᠡᠷᠢᠭᠦᠯᠡᠭᠴᠢ᠎ᠶᠢᠨ ᠳᠤᠷᠠᠰᠭᠠᠯ᠎ᠤᠨ ᠲᠡᠮᠳᠡᠭ᠎ᠦᠨ ᠵᠦᠢᠯ ᠪᠦᠷᠢ᠎ᠡᠴᠡ᠎ᠨᠢ ᠭᠤᠷᠪᠠ᠎ᠶᠢ ᠭᠢᠯᠠᠯᠵᠠᠭᠤᠯᠤᠨ᠂ ᠭᠠᠷ᠎ᠲᠠᠭᠠᠨ ᠮᠠᠤ ᠲᠡᠷᠢᠭᠦᠯᠡᠭᠴᠢ᠎ᠶᠢᠨ ᠤᠯᠠᠭᠠᠨ ᠭᠠᠳᠠᠷᠲᠠᠢ ᠦᠭᠡ᠎ᠶᠢᠨ ᠲᠡᠭᠦᠪᠦᠷᠢ᠎ᠡᠴᠡ ᠨᠢᠭᠡ᠎ᠶᠢ ᠪᠠᠷᠢᠵᠤ᠂ ᠪᠠᠢᠨ ᠪᠠᠢᠨ ᠢᠳᠡ ᠬᠦᠴᠦᠲᠡᠢ᠂ ᠣᠮᠤᠭ ᠲᠡᠭᠦᠯᠳᠡᠷ ᠤᠷᠢᠶ᠎ᠠ ᠬᠠᠰᠭᠢᠷᠴᠤ ᠪᠠᠢᠬᠤ᠎ᠶᠢ᠎ᠨᠢ ᠦᠵᠡᠬᠦ᠎ᠳᠦ ᠨᠠᠳᠠ ᠰᠢᠯᠢᠭ ᠪᠢᠰᠢᠰᠢᠭ ᠰᠠᠨᠠᠭᠳᠠᠯ᠎ᠠ᠃ ᠰᠢᠯᠢᠭ ᠣᠯᠠᠨ᠎ᠤ ᠡᠮᠦᠨ᠎ᠡ ᠭᠠᠷᠤᠭᠠᠳ ᠣᠮᠤᠭ ᠲᠡᠭᠦᠯᠳᠡᠷ ᠵᠣᠭᠰᠤᠬᠤ᠎ᠳᠤ᠂ ᠨᠢᠭᠡ ᠲᠠᠨᠢᠳᠠᠭ᠎ᠦᠭᠡᠢ ᠡᠴᠡᠩᠬᠡᠢ ᠴᠠᠭᠠᠨ ᠴᠢᠷᠠᠢ᠎ᠲᠠᠢ ᠬᠥᠮᠦᠨ:
《ᠣᠳᠣ ᠮᠠᠨ᠎ᠤ ᠠᠬᠠᠮᠠᠳ ᠮᠠᠯᠴᠢᠨ ᠰᠢᠯᠢᠭ ᠨᠥᠬᠦᠷ ᠢᠯᠡᠴᠢᠯᠡᠨ ᠪᠤᠷᠤᠭᠤᠰᠢᠶᠠᠨ᠎ᠠ》 ᠭᠡᠵᠦ ᠵᠠᠷᠯᠠᠮᠠᠭᠴᠠ ᠰᠢᠯᠢᠭ ᠡᠪᠦᠭᠡᠨ ᠶᠠᠭ ᠪᠥᠬᠡ᠎ᠶᠢᠨ ᠲᠠᠯᠠᠪᠠᠢ᠎ᠳᠤ ᠣᠷᠤᠵᠤ ᠪᠠᠢᠬᠤ᠎ᠰᠢᠭ᠋᠎ᠢᠶᠠᠨ ᠮᠠᠭᠰᠢᠨ ᠭᠠᠷᠴᠤ ᠢᠷᠡᠭᠡᠳ᠂ ᠲᠥᠪ ᠳᠤᠮᠳᠠ ᠬᠥᠨᠳᠡᠯᠡᠨ ᠲᠠᠯᠪᠢᠭᠰᠠᠨ ᠬᠥᠬᠡ ᠰᠢᠷᠡᠭᠡ᠎ᠶᠢᠨ ᠠᠷᠤ᠎ᠳᠤ ᠢᠷᠡᠵᠦ ᠣᠯᠠᠨ᠎ᠤ ᠲᠠᠯ᠎ᠠ ᠴᠡᠷᠢᠭ ᠮᠠᠶᠢ᠍ᠭ᠎ᠢᠶᠠᠷ ᠨᠢᠭᠡ ᠶᠣᠰᠤᠯᠠᠭᠠᠳ᠂ ᠮᠠᠤ ᠲᠡᠷᠢᠭᠦᠯᠡᠭᠴᠢ᠎ᠶᠢᠨ ᠦᠭᠡ᠎ᠶᠢᠨ ᠲᠡᠭᠦᠪᠦᠷᠢ᠎ᠪᠡᠨ ᠰᠡᠬᠦᠵᠦ᠂ ᠨᠢᠭᠡᠯᠡ ᠬᠡᠢ᠎ᠪᠡᠷ ᠬᠡᠳᠦ ᠬᠡᠳᠦᠨ ᠬᠠᠭᠤᠳᠠᠰᠤ᠎ᠶᠢ ᠤᠩᠰᠢᠵᠤ ᠪᠠᠷᠠᠯ᠎ᠠ᠃ 《ᠤᠤᠬᠠᠢ᠂ ᠦᠬᠡᠷ᠎ᠦᠨ ᠴᠢᠨᠡᠭᠡᠨ 〈ᠦ〉 ᠦᠰᠦᠭ᠎ᠢ ᠢᠯᠭᠠᠵᠤ ᠴᠢᠳᠠᠳᠠᠭ᠎ᠦᠭᠡᠢ ᠰᠢᠯᠢᠭ ᠡᠪᠦᠭᠡᠨ ᠡᠨᠡ ᠬᠡᠳᠦᠨ ᠡᠳᠦᠷ᠎ᠦᠨ ᠳᠣᠲᠤᠷ᠎ᠠ ᠡᠢᠮᠦ᠎ᠯᠡ ᠰᠦᠷᠡᠬᠡᠢ ᠡᠷᠳᠡᠮ ᠰᠤᠷᠤᠭᠰᠠᠨ ᠪᠠᠢᠨ᠎ᠠ ᠳ᠋ᠠ 》 ᠭᠡᠵᠦ ᠨᠢᠭᠡ ᠮᠠᠯᠴᠢᠨ ᠬᠡᠯᠡᠬᠦ᠎ᠳᠦ ᠪᠠᠰᠠ ᠨᠢᠭᠡ᠎ᠨᠢ: 《ᠦᠭᠡᠢ᠂ ᠲᠡᠭᠦᠨ᠎ᠦ ᠲᠡᠷᠡ ᠴᠡᠷᠢᠭ ᠮᠠᠶᠢ᠍ᠭ᠎ᠤᠨ ᠶᠣᠰᠤᠯᠠᠯ᠎ᠢ ᠦᠵᠡᠬᠦᠦᠭᠡᠢᠦᠦ? 〈ᠰᠣᠶᠤᠯ᠎ᠤᠨ ᠶᠡᠬᠡ ᠬᠤᠪᠢᠰᠭᠠᠯ〉 ᠭᠡᠵᠦ ᠰᠦᠷᠡᠬᠡᠢ ᠶᠠᠭᠤᠮ᠎ᠠ ᠡ! ᠬᠡᠳᠦᠬᠡᠨ ᠡᠳᠦᠷ ᠬᠥᠮᠦᠰ᠎ᠢ ᠡᠷᠳᠡᠮ ᠰᠣᠶᠤᠯ᠎ᠲᠠᠢ ᠪᠣᠯᠭᠠᠵᠤ ᠣᠷᠬᠢᠵᠠᠢ᠃ ᠲᠡᠢᠮᠦ ᠡᠰᠡ ᠪᠣᠯᠪᠠᠯ ᠰᠣᠶᠤᠯ᠎ᠤᠨ ᠬᠤᠪᠢᠰᠭᠠᠯ ᠭᠡᠵᠦ ᠶᠠᠭᠤ ᠬᠢᠬᠦ ᠪᠢᠯᠡ》 ᠭᠡᠪᠡ᠃ ᠬᠡᠳᠦᠨ ᠡᠳᠦᠷ᠎ᠦᠨ ᠳᠠᠷᠠᠭ᠎ᠠ᠂ ᠪᠢ ᠲᠣᠮᠤ ᠦᠵᠦᠭ᠎ᠦᠨ ᠤᠷᠢᠶ᠎ᠠ ᠪᠢᠴᠢᠵᠦ ᠪᠠᠢᠭᠠᠳ ᠠᠳᠭᠤᠵᠤ ᠶᠠᠭᠠᠷᠠᠭᠰᠠᠨ᠎ᠠᠴᠠ 《ᠮᠠᠨᠳᠤᠲᠤᠭᠠᠢ》 ᠭᠡᠰᠡᠨ ᠦᠭᠡ᠎ᠶᠢᠨ 《 ᠮᠠ》 ᠦᠵᠦᠭ᠎ᠦᠨ ᠭᠡᠵᠢᠭᠡ᠎ᠶᠢ ᠲᠠᠲᠠᠯ᠎ᠦᠭᠡᠢ ᠮᠠᠷᠲᠠᠭᠰᠠᠨᠢ ᠬᠡᠨ ᠨᠢᠭᠡ᠎ᠨᠢ ᠰᠢᠯᠢᠭ ᠡᠪᠦᠭᠡᠨ᠎ᠳᠦ ᠬᠡᠯᠡᠭᠰᠡᠨ ᠪᠣᠯᠤᠯᠲᠠᠢ᠃ ᠨᠠᠳᠠ ᠢᠯᠡ ᠠᠵᠢᠯᠯᠠᠭ᠎ᠠ᠎ᠲᠠᠢ ᠬᠤᠪᠢᠰᠭᠠᠯ᠎ᠤᠨ ᠡᠰᠡᠷᠭᠦᠴᠡᠭᠴᠢ ᠭᠡᠳᠡᠭ ᠨᠡᠷ᠎ᠡ ᠬᠠᠳᠠᠵᠤ ᠭᠠᠷᠭᠠᠭᠠᠳ ᠪᠠᠷᠢᠭᠠᠳᠠ ᠳᠡᠭᠡᠷ᠎ᠡ ᠬᠦᠷᠭᠡᠯ᠎ᠡ᠃ ᠡᠨᠡ ᠦᠶ᠎ᠡ᠎ᠳᠦ ᠶᠠᠭ ᠮᠠᠯ᠎ᠤᠨ ᠲᠥᠯ ᠠᠪᠬᠤ ᠬᠥᠳᠡᠯᠮᠦᠷᠢ᠎ᠶᠢᠨ ᠬᠦᠴᠦ ᠲᠣᠬᠢᠷᠠᠭᠤᠯᠵᠤ ᠪᠠᠢᠭᠰᠠᠨ ᠴᠠᠭ ᠠᠵᠢ᠃ ᠪᠠᠷᠢᠭᠠᠳᠠ᠎ᠶᠢᠨ 《ᠰᠣᠶᠤᠯ᠎ᠤᠨ ᠬᠤᠪᠢᠰᠭᠠᠯ》᠎ᠤᠨ ᠤᠳᠤᠷᠢᠳᠬᠤ ᠳᠤᠭᠤᠢᠯᠠᠩ᠎ᠤᠨ ᠭᠡᠰᠢᠭᠦᠨ ᠪᠣᠯᠵᠤ ᠪᠠᠢᠭᠰᠠᠨ ᠰᠢᠯᠢᠭ ᠡᠪᠦᠭᠡᠨ᠂ ᠡᠷᠬᠡ ᠬᠦᠴᠦᠨ᠎ᠳᠡᠭᠡᠨ ᠡᠷᠲᠦᠵᠦ ᠨᠠᠮᠠᠢ ᠬᠣᠨᠢᠴᠢᠨᠤ ᠭᠦᠪᠳᠡᠭ ᠬᠢᠭᠡᠳ ᠪᠡᠶ᠎ᠡ᠎ᠨᠢ ᠰᠢᠨ᠎ᠡ ᠴᠠᠭᠠᠨ ᠮᠣᠩᠭᠤᠯ ᠭᠡᠷ᠎ᠲᠦ ᠣᠷᠤᠵᠤ ᠰᠠᠭᠤᠭᠰᠠᠨ ᠪᠠᠢᠵᠠᠢ᠃ ᠰᠢᠯᠢᠭ ᠡᠪᠦᠭᠡᠨ ᠣᠳᠣ ᠤᠷᠢᠳᠠᠬᠢᠰᠢᠭ᠋ ᠬᠣᠨᠢᠨ ᠠᠷᠠᠰᠤᠨ ᠬᠦᠷᠮ᠎ᠡ ᠥᠮᠦᠳᠦ ᠡᠮᠦᠰᠬᠦ᠎ᠦᠭᠡᠢ ᠪᠣᠯᠤᠭᠰᠠᠨ ᠪᠥᠭᠡᠳ ᠴᠡᠪ ᠴᠡᠪᠡᠷᠬᠡᠨ ᠴᠡᠷᠢᠭ᠎ᠦᠨ ᠰᠢᠷ᠎ᠠ ᠬᠦᠷᠮ᠎ᠡ ᠥᠮᠦᠳᠦ ᠡᠮᠦᠰᠴᠦ᠂ ᠡᠪᠦᠯ᠎ᠦᠨ ᠲᠠᠰᠭᠢᠮ᠎ᠠ ᠬᠦᠢᠲᠡᠨᠳᠦᠴᠦ ᠴᠡᠷᠢᠭ᠎ᠦᠨ ᠮᠠᠬᠠᠯᠠ ᠵᠡᠭᠦᠳᠡᠭ ᠪᠠᠢᠪᠠ᠃ ᠨᠢᠭᠡ ᠡᠳᠦᠷ ᠭᠡᠷ᠎ᠲᠡᠭᠡᠨ ᠣᠷᠤᠭᠠᠳ ᠬᠣᠢᠮᠤᠷ᠎ᠤᠨ ᠡᠮᠦᠨ᠎ᠡ ᠯᠠᠭᠯᠠᠢᠨ ᠰᠠᠭᠤᠵᠤ᠂ ᠶᠡᠬᠡᠮᠰᠦᠭ ᠪᠠᠢᠳᠠᠯ᠎ᠲᠠᠢ᠎ᠪᠠᠷ ᠮᠠᠬᠠᠯᠠ᠎ᠪᠠᠨ ᠠᠪᠤᠭᠠᠳ ᠠᠪᠳᠠᠷ᠎ᠠ ᠳᠡᠭᠡᠷ᠎ᠡ᠎ᠪᠡᠨ ᠲᠠᠯᠪᠢᠵᠤ᠂ ᠲᠡᠭᠰᠢᠬᠡᠨ ᠣᠬᠤᠷ ᠭᠡᠵᠢᠭᠡ᠎ᠪᠡᠨ ᠢᠯᠪᠢᠵᠦ ᠰᠠᠭᠤᠭᠠᠳ ᠨᠠᠮᠠᠢ ᠨᠢᠭᠡ ᠬᠠᠷᠠᠵᠤ ᠠᠪᠤᠭᠠᠳ:
《ᠵᠠ᠂ ᠴᠢ ᠣᠳᠣ ᠲᠡᠷᠡ ᠴᠠᠭᠠᠲᠤᠬᠢ ᠬᠤᠷᠠᠭᠠᠨᠤ ᠭᠦᠪᠳᠡᠭᠦᠨ ᠨᠢᠭᠡ ᠵᠠᠬ᠎ᠠ᠎ᠳᠤ ᠣᠷᠤ ᠵᠠᠰᠠᠵᠤ ᠠᠪ᠃ ᠲᠡᠭᠡᠭᠡᠳ ᠬᠣᠨᠢ᠎ᠪᠠᠨ ᠰᠠᠢᠨ ᠬᠠᠷᠢᠭᠤᠯᠬᠤ ᠬᠡᠷᠡᠭᠲᠡᠢ》 ᠭᠡᠵᠦ ᠶᠠᠩᠪᠠ ᠲᠠᠲᠠᠨ ᠦᠭᠡ᠎ᠪᠡᠨ ᠰᠤᠨᠵᠤᠷᠠᠭᠤᠯᠵᠤ:
《ᠬᠥᠷᠦᠩᠭᠡᠲᠡᠨ ᠠᠩᠭᠢ᠎ᠶᠢᠨ ᠰᠡᠬᠡᠭᠡᠲᠡᠨ᠎ᠦ ᠦᠵᠡᠯ ᠰᠠᠨᠠᠭ᠎ᠠ᠎ᠪᠠᠨ ᠰᠠᠢᠲᠤᠷ ᠥᠭᠡᠷᠡᠴᠢᠯᠡᠬᠦ ᠬᠡᠷᠡᠭᠲᠡᠢ᠃ ᠬᠣᠨᠢ᠎ᠪᠠᠨ ᠰᠠᠢᠨ ᠬᠠᠷᠢᠭᠤᠯᠤᠭᠠᠳ ᠶᠣᠰᠤᠲᠠᠢ ᠨᠢᠭᠡ ᠲᠥᠯ ᠪᠠᠷᠢᠵᠤ ᠣᠷᠬᠢᠪᠠᠯ ᠴᠢᠨᠦ ᠨᠢᠭᠡ ᠦᠵᠦᠭᠢ ᠬᠠᠵᠠᠭᠠᠷ ᠪᠢᠴᠢᠭᠰᠡᠨᠴᠢᠨᠢ ᠶᠠᠭᠤ ᠪᠠᠢᠬᠤ ᠪᠤᠢ? ᠰᠢᠯᠢᠭᠴᠢᠨᠢ ᠡᠵᠡᠨ ᠪᠣᠯᠤᠭᠠᠳ ᠴᠢᠮ᠎ᠠ᠎ᠶᠢ ᠴᠢᠯᠦᠭᠡᠯᠡᠵᠦ ᠣᠷᠬᠢᠨ᠎ᠠ ᠰᠢᠤ》 ᠭᠡᠵᠦ ᠬᠡᠯᠡᠪᠡ᠃
ᠤᠳᠠᠯ᠎ᠦᠭᠡᠢ ᠮᠠᠯ᠎ᠤᠨ ᠲᠥᠯ ᠠᠪᠬᠤ ᠲᠡᠭᠦᠰᠴᠦ᠂ ᠰᠢᠯᠢᠭ ᠦᠨᠡᠬᠡᠷ ᠬᠥᠳᠡᠯᠮᠦᠷᠢ᠎ᠶᠢᠨ ᠵᠢᠱ᠋ᠢᠶᠡᠴᠢ ᠪᠣᠯᠪᠠ᠃ ᠲᠡᠷᠡ᠂ ᠨᠢᠭᠡᠳᠦᠯ᠎ᠦᠨ ᠬᠥᠳᠡᠯᠮᠦᠷᠢ᠎ᠶᠢᠨ ᠵᠢᠱ᠋ᠢᠶᠡᠴᠢᠨᠡᠷᠦᠨ ᠶᠡᠬᠡ ᠬᠤᠷᠠᠯ᠂ ᠨᠤᠲᠤᠭ᠎ᠤᠨ ᠬᠥᠳᠡᠯᠮᠦᠷᠢ᠎ᠶᠢᠨ ᠵᠢᠱ᠋ᠢᠶᠡᠴᠢᠳᠦᠨ ᠶᠡᠬᠡ ᠬᠤᠷᠠᠯ ᠴᠢᠨᠠᠭᠰᠢᠯᠠᠨ ᠰᠢᠶᠠᠨ᠎ᠤ ᠬᠤᠷᠠᠯ ᠬᠦᠷᠲᠡᠯ᠎ᠡ ᠣᠳᠳᠠᠭ ᠪᠣᠯᠪᠠ᠃ ᠪᠢ ᠵᠥᠪᠬᠡᠨ ᠰᠢᠯᠢᠭᠦᠨ ᠭᠡᠷ᠎ᠲᠦ ᠬᠣᠨᠢ ᠬᠠᠷᠢᠭᠤᠯᠤᠭᠠᠳ ᠪᠣᠷᠤ ᠡᠳᠦᠷ᠎ᠢ ᠥᠩᠭᠡᠷᠡᠭᠡᠵᠦ ᠪᠠᠢᠭᠰᠠᠨ᠎ᠶᠤᠮ ᠁
ᠨᠢᠭᠡᠨ ᠡᠳᠦᠷ ᠨᠠᠮᠠᠢ ᠬᠠᠷᠢᠭᠠᠳ ᠨᠢᠭᠡᠳᠦᠯ ᠳᠡᠭᠡᠷ᠎ᠡ ᠬᠦᠷᠴᠦ ᠠᠰᠠᠭᠤᠳᠠᠯ᠎ᠢᠶᠠᠨ ᠲᠤᠰᠢᠶᠠᠭᠠᠳ ᠬᠥᠳᠡᠯᠮᠦᠷᠢ ᠬᠢᠲᠦᠭᠡᠢ ᠭᠡᠵᠦ ᠳᠠᠭᠤᠳᠠᠯᠭ᠎ᠠ ᠢᠷᠡᠬᠦ᠎ᠳᠦ᠂ ᠰᠢᠯᠢᠭ ᠨᠣᠶᠠᠨ ᠲᠡᠷᠡ ᠢᠷᠡᠭᠰᠡᠨ ᠬᠥᠮᠦᠨ᠎ᠳᠦ ᠨᠠᠮᠠᠢ ᠳᠣᠯᠤᠪᠤᠷᠢᠶᠠᠷᠢᠶᠠᠨ ᠵᠢᠭᠠᠵᠤ ᠪᠠᠢᠭᠠᠳ:
《ᠡᠢᠮᠦ ᠶᠡᠬᠡ ᠶᠠᠯ᠎ᠠ᠎ᠲᠠᠢ ᠬᠥᠮᠦᠨ᠎ᠢ ᠭᠠᠭᠴᠠ᠎ᠬᠦ ᠪᠢᠯᠡ ᠥᠭᠡᠷᠡᠴᠢᠯᠡᠵᠦ ᠴᠢᠳᠠᠨ᠎ᠠ》 ᠭᠡᠵᠦ ᠥᠷᠦᠴᠡ᠎ᠪᠡᠨ ᠴᠣᠬᠢᠨ ᠬᠠᠰᠭᠢᠷᠬᠤ᠎ᠳᠤ ᠲᠡᠷᠡ ᠬᠥᠮᠦᠨ ᠰᠢᠯᠢᠭᠲᠦ ᠨᠢᠭᠡ ᠠᠮᠠ ᠬᠠᠷᠢᠭᠤ ᠬᠡᠯᠡᠬᠦ ᠴᠢᠳᠠᠯ᠎ᠦᠭᠡᠢ ᠬᠠᠷᠢᠭᠠᠳ ᠶᠠᠪᠤᠪᠠ᠃
ᠡᠳᠦᠷ ᠰᠠᠷ᠎ᠠ᠎ᠶᠢᠨ ᠥᠩᠭᠡᠷᠡᠬᠦ᠎ᠨᠢ ᠨᠢᠰᠬᠦ ᠮᠡᠲᠦ᠂ ᠨᠢᠭᠡ ᠮᠡᠳᠡᠬᠦ᠎ᠳᠦ ᠰᠢᠯᠢᠭᠦᠨ ᠭᠡᠷ᠎ᠲᠦ ᠬᠣᠶᠠᠷ ᠵᠢᠯ ᠬᠣᠨᠢ ᠬᠠᠷᠢᠭᠤᠯᠤᠭᠠᠳ ᠪᠠᠢᠪᠠ ᠪᠢ᠃ ᠨᠢᠭᠡ ᠡᠳᠦᠷ ᠪᠢ ᠲᠡᠭᠦᠨ᠎ᠦ ᠭᠡᠷ᠎ᠦᠨ ᠡᠭᠦᠳᠡᠨ᠎ᠳᠦ ᠰᠠᠭᠤᠭᠠᠳ ᠣᠷᠤᠢ᠎ᠶᠢᠨ ᠬᠣᠭᠤᠯᠠ ᠢᠳᠡᠵᠦ ᠪᠠᠢᠲᠠᠯ᠎ᠠ᠂ ᠭᠠᠳᠠᠭ᠎ᠠ ᠮᠣᠷᠢᠨ᠎ᠤ ᠲᠥᠪᠡᠷᠭᠡᠨ ᠭᠠᠷᠤᠯ᠎ᠠ᠃ ᠪᠢ ᠰᠠᠨᠳᠤᠷᠤᠨ ᠠᠶᠠᠭ᠎ᠠ᠎ᠲᠠᠢ ᠪᠤᠳᠠᠭ᠎ᠠ᠎ᠪᠠᠨ ᠲᠠᠯᠪᠢᠵᠤ ᠣᠷᠬᠢᠭᠠᠳ᠂ ᠰᠢᠯᠢᠭ ᠡᠪᠦᠭᠡᠨ᠎ᠢ ᠲᠣᠰᠤᠭᠠᠳ ᠮᠣᠷᠢ᠎ᠶᠢ᠎ᠨᠢ ᠠᠪᠴᠤ ᠤᠶᠠᠬᠤ᠎ᠳᠤ᠂ ᠲᠡᠷᠡ ᠭᠡᠷ᠎ᠦᠨ ᠬᠣᠢᠮᠤᠷ᠎ᠲᠤ ᠭᠠᠷᠴᠤ ᠯᠠᠭᠯᠠᠢᠨ ᠰᠠᠭᠤᠭᠠᠳ ᠨᠢᠭᠡ ᠠᠶᠠᠭ᠎ᠠ ᠬᠦᠢᠲᠡᠨ ᠤᠰᠤ ᠬᠢᠵᠦ ᠠᠪᠤᠭᠠᠳ᠂ ᠤᠰᠤᠷᠬᠠᠭᠰᠠᠨ ᠦᠬᠡᠷᠰᠢᠭ ᠰᠣᠷᠤᠵᠤ ᠤᠤᠭᠤᠭᠠᠳ ᠰᠣᠭᠲᠤᠭᠤ ᠨᠢᠳᠦ᠎ᠪᠡᠷ᠎ᠢᠶᠡᠨ ᠨᠠᠮᠠᠢ ᠨᠢᠭᠡ ᠬᠠᠷᠠᠵᠤ ᠠᠪᠤᠭᠠᠳ:
《ᠴᠢ ᠶᠠᠪᠤ! ᠴᠢ ᠥᠨᠥᠳᠦᠷ ᠵᠠᠪᠠᠯ ᠬᠠᠷᠢᠬᠤ ᠬᠡᠷᠡᠭᠲᠡᠢ᠃ ᠮᠢᠨᠦ ᠬᠠᠷ᠎ᠠ ᠮᠣᠷᠢ᠎ᠶᠢ ᠤᠨᠤᠭᠠᠳ ᠶᠠᠪᠤ!》 ᠭᠡᠵᠦ ᠬᠡᠯᠡᠭᠡᠳ ᠳᠠᠭᠤ᠎ᠦᠭᠡᠢ ᠤᠷᠤᠭᠤ ᠬᠠᠷᠠᠵᠤ ᠰᠠᠭᠤᠬᠤ᠎ᠳᠤ᠎ᠨᠢ ᠪᠢ ᠳᠣᠲᠤᠷ᠎ᠠ᠎ᠪᠠᠨ: 《ᠰᠢᠯᠢᠭ ᠡᠪᠦᠭᠡᠨ ᠥᠨᠥᠳᠦᠷ ᠶᠡᠬᠡ ᠤᠤᠭᠤᠵᠤ ᠣᠷᠬᠢᠵᠠᠢ》 ᠭᠡᠵᠦ ᠪᠣᠳᠤᠵᠤ ᠰᠠᠭᠤᠯ᠎ᠠ᠃
《ᠴᠢ ᠪᠣᠯ ᠨᠢᠭᠡ ᠰᠠᠢᠨ ᠵᠠᠯᠠᠭᠤᠶᠤᠮ᠃ ᠴᠢᠮ᠎ᠠ᠎ᠳᠤ ᠶᠠᠮᠠᠷ᠎ᠴᠤ ᠶᠠᠯ᠎ᠠ ᠪᠠᠢᠬᠤ᠎ᠦᠭᠡᠢ᠃ ᠲᠡᠷᠡ ᠪᠦᠬᠦᠨ᠎ᠢᠶᠡᠷ᠎ᠢᠶᠡᠨ ᠴᠢᠮᠠᠢ ᠬᠤᠳᠠᠯ ᠬᠡᠯᠡᠭᠡᠳ ᠬᠣᠣᠷᠯᠠᠵᠤ ᠪᠠᠢᠬᠤ ᠬᠡᠷᠡᠭ᠃ ᠬᠡᠨ ᠬᠥᠮᠦᠨ ᠨᠢᠭᠡ ᠦᠰᠦᠭ᠎ᠢ ᠪᠤᠷᠤᠭᠤ ᠪᠢᠴᠢᠵᠦ ᠪᠣᠯᠬᠤ᠎ᠦᠭᠡᠢ ᠪᠤᠢ? ᠴᠢ ᠪᠣᠯ ᠰᠠᠢᠨ ᠵᠠᠯᠠᠭᠤ ᠰᠢᠤ᠃ ᠠᠢ! ᠡᠨᠡ ᠬᠡᠳᠦᠨ ᠵᠢᠯ᠎ᠳᠦ ᠪᠢ᠎ᠴᠦ ᠬᠤᠳᠠᠯ ᠬᠡᠯᠡᠭᠡᠳ ᠴᠢᠮ᠎ᠠ᠎ᠶᠢ ᠪᠠᠭ᠎ᠠ ᠵᠣᠪᠠᠭᠠᠭᠰᠠᠨ᠎ᠦᠭᠡᠢ ᠳ᠋ᠠ ᠁》 ᠭᠡᠵᠦ ᠲᠡᠭᠦᠨ᠎ᠦ ᠨᠢᠳᠦᠨ᠎ᠡᠴᠡ ᠨᠢᠯᠪᠤᠰᠤ ᠳᠤᠰᠤᠯᠠᠭᠰᠠᠨ᠎ᠨᠢ ᠲᠣᠰ᠎ᠤᠨ ᠰᠢᠮᠤᠷᠤᠨ ᠭᠡᠷᠡᠯᠳᠦ ᠲᠣᠳᠤᠬᠠᠨ ᠦᠵᠡᠭᠳᠡᠵᠦ ᠪᠢᠯᠡ᠃
ᠰᠢᠯᠢᠭ ᠡᠪᠦᠭᠡᠨ᠎ᠦ ᠰᠡᠭᠦᠯᠴᠢ᠎ᠶᠢᠨ ᠠᠮᠢᠳᠤᠷᠠᠯ
ᠨᠢᠭᠡᠳᠦᠯ ᠳᠡᠭᠡᠷ᠎ᠡ ᠬᠦᠷᠢᠶ᠎ᠡ ᠬᠡᠪᠴᠢᠶ᠎ᠡ᠎ᠪᠡᠷ ᠬᠠᠮᠤᠭ᠎ᠤᠨ ᠶᠡᠬᠡ ᠨᠢᠭᠡ ᠤᠳᠠᠭ᠎ᠠ᠎ᠶᠢᠨ ᠪᠤᠷᠤᠭᠤᠰᠢᠶᠠᠨ ᠰᠢᠭᠦᠮᠵᠢᠯᠡᠯ᠎ᠦᠨ ᠬᠤᠷᠠᠯ ᠬᠢᠪᠡ᠃ ᠡᠨᠡ ᠬᠤᠷᠠᠯ᠎ᠳᠤ ᠪᠦᠬᠦ ᠨᠢᠭᠡᠳᠦᠯ᠎ᠦᠨ ᠠᠯᠢ ᠨᠢᠭᠡ ᠪᠠᠷᠢᠭᠠᠳᠠᠠᠴᠠᠴᠤ ᠬᠥᠮᠦᠨ ᠢᠷᠡᠭᠰᠡᠨ ᠪᠥᠭᠡᠳ ᠨᠤᠲᠤᠭ᠎ᠤᠨ ᠲᠥᠪ᠎ᠡᠴᠡ ᠪᠠᠰᠠ ᠬᠣᠶᠠᠷ ᠲᠠᠨᠢᠳᠠᠭ᠎ᠦᠭᠡᠢ ᠺᠠᠳ᠋ᠷ ᠢᠷᠡᠵᠦ ᠣᠷᠤᠯᠴᠠᠭᠰᠠᠨ ᠪᠢᠯᠡ᠃ ᠡᠢᠮᠦ ᠨᠢᠭᠡ ᠶᠡᠬᠡ ᠬᠡᠮᠵᠢᠶᠡᠨ᠎ᠦ ᠰᠦᠷ ᠳᠠᠯᠠᠢᠴᠠᠲᠠᠢ ᠪᠤᠷᠤᠭᠤᠰᠢᠶᠠᠨ ᠰᠢᠭᠦᠮᠵᠢᠯᠡᠯ᠎ᠦᠨ ᠶᠡᠬᠡ ᠬᠤᠷᠠᠯ᠎ᠳᠤ ᠵᠠᠷᠴᠢᠮ᠎ᠤᠨ ᠶᠣᠰᠤᠭᠠᠷ ᠪᠣᠯ ᠭᠣᠣᠯ ᠪᠣᠯᠬᠤ ᠪᠤᠷᠤᠭᠤᠰᠢᠶᠠᠨ ᠲᠡᠮᠡᠴᠡᠭᠳᠡᠬᠦ ᠬᠥᠮᠦᠨ᠎ᠡᠴᠡ ᠭᠠᠳᠠᠨ᠎ᠠ᠂ ᠮᠠᠯ᠎ᠤᠨ ᠡᠵᠡᠨ᠂ ᠪᠠᠶᠠᠨ ᠮᠠᠯᠴᠢᠨ᠂ ᠬᠤᠪᠢᠰᠭᠠᠯ᠎ᠤᠨ ᠡᠰᠡᠷᠭᠦᠦ ᠡᠲᠡᠭᠡᠳ᠂ ᠪᠠᠷᠠᠭᠤᠨᠲᠠᠨ᠂ ᠬᠥᠷᠦᠩᠭᠡᠲᠦ ᠶᠣᠰᠤᠨ᠎ᠤ ᠵᠠᠮ᠎ᠢᠶᠠᠷ ᠵᠠᠮᠨᠠᠭᠰᠠᠨ ᠡᠷᠬᠡ ᠪᠠᠷᠢᠭᠴᠢ ᠪᠠ ᠣᠳᠣ᠎ᠪᠠᠷ᠎ᠢᠶᠠᠨ ᠠᠵᠢᠯᠯᠠᠭ᠎ᠠ᠎ᠲᠠᠢ ᠬᠤᠪᠢᠰᠭᠠᠯ᠎ᠤᠨ ᠡᠰᠡᠷᠭᠦᠦ ᠡᠲᠡᠭᠡᠳ ᠭᠡᠬᠦ ᠵᠡᠷᠭᠡ ᠨᠡᠢᠭᠡᠮ ᠳᠡᠭᠡᠷᠡᠬᠢ ᠪᠤᠢ ᠪᠦᠬᠦᠢ ᠴᠢᠳᠭᠦᠷ ᠰᠢᠮᠨᠤ᠂ ᠬᠠᠷ᠎ᠠ ᠪᠦᠯᠦᠭ᠎ᠢ ᠬᠠᠮᠲᠤᠳᠤᠨᠢ ᠵᠣᠭᠰᠤᠭᠠᠵᠤ ᠪᠤᠷᠤᠭᠤᠰᠢᠶᠠᠨ ᠲᠡᠮᠡᠴᠡᠭᠰᠡᠨᠦᠭᠡᠢᠨᠢ ᠮᠠᠰᠢ ᠰᠣᠨᠢᠨ ᠪᠥᠭᠡᠳ ᠰᠠᠢᠨ ᠬᠡᠷᠡᠭ ᠪᠣᠯᠵᠤ ᠪᠢᠯᠡ᠃ ᠦᠳᠡ᠎ᠶᠢᠨ ᠬᠣᠢᠨ᠎ᠠ ᠶᠡᠬᠡ ᠬᠤᠷᠠᠯ ᠲᠠᠷᠬᠠᠭᠰᠠᠨ᠎ᠠᠴᠠ ᠬᠣᠢᠨ᠎ᠠ ᠬᠡᠵᠢᠶᠡᠳᠡ ᠤᠢᠳᠭᠠᠷ᠎ᠲᠠᠢ ᠶᠠᠪᠤᠳᠠᠭ ᠮᠢᠨᠦ ᠡᠬᠡᠨᠡᠷ ᠤᠷᠢᠳ ᠡᠮᠦᠨ᠎ᠡ ᠭᠠᠷᠤᠭᠠᠳ᠎ᠦᠭᠡᠢ ᠲᠡᠢᠮᠦ ᠪᠠᠶᠠᠷᠲᠠᠢ ᠬᠠᠷᠢᠵᠤ ᠢᠷᠡᠯ᠎ᠡ᠃
《ᠥᠨᠥᠳᠦᠷ ᠬᠡᠨ᠎ᠢ ᠪᠤᠷᠤᠭᠤᠰᠢᠶᠠᠨ ᠲᠡᠮᠡᠴᠡᠭᠰᠡᠨ ᠪᠤᠢ?》
《ᠰᠢᠯᠢᠭᠢ᠂ ᠡᠪᠦᠭᠡᠨ ᠰᠢᠯᠢᠭᠢ!》
《ᠡ!》 ᠭᠡᠵᠦ ᠪᠢ ᠠᠮᠠᠨ᠎ᠤ ᠠᠶ᠎ᠠ᠎ᠪᠠᠷ ᠵᠥᠪᠰᠢᠶᠡᠷᠡᠭᠰᠡᠨ ᠮᠠᠶᠢᠭᠲᠠᠢ ᠳᠤᠤᠭᠠᠷᠪᠠ᠃ ᠮᠢᠨᠦ ᠡᠬᠡᠨᠡᠷ ᠢᠩᠭᠢᠭᠡᠳ ᠪᠠᠶᠠᠷᠯᠠᠬᠤ᠎ᠦᠭᠡᠢ ᠶᠠᠭᠠᠬᠢᠬᠤ ᠪᠤᠢ? ᠭᠡᠵᠦ ᠪᠢ ᠳᠣᠲᠤᠷ᠎ᠠ᠎ᠪᠠᠨ ᠪᠣᠳᠤᠯ᠎ᠠ᠃ ᠰᠢᠯᠢᠭ ᠡᠪᠦᠭᠡᠨ ᠥᠩᠭᠡᠷᠡᠭᠰᠡᠨ ᠬᠣᠶᠠᠷ ᠵᠢᠯ᠎ᠦᠨ ᠲᠤᠷᠰᠢ ᠨᠠᠮᠠᠢ ᠲᠡᠢᠮᠦ ᠶᠡᠬᠡ ᠭᠠᠰᠠᠯᠭᠠᠭᠰᠠᠨ ᠪᠣᠯᠬᠣᠷ ᠵᠣᠪᠠᠯᠠᠩ ᠵᠢᠷᠭᠠᠯ᠎ᠢᠶᠠᠨ ᠨᠠᠳᠠᠯᠤᠭᠠ ᠬᠠᠮᠲᠤᠳᠭᠠᠭᠰᠠᠨ ᠬᠥᠭᠡᠷᠦᠬᠦᠢ ᠡᠬᠡᠨᠡᠷᠮᠢᠨᠢ ᠮᠢᠨᠦ ᠲᠥᠯᠦᠭᠡ ᠭᠡᠰᠡᠨ᠎ᠴᠦ ᠲᠡᠭᠦᠨ᠎ᠳᠦ ᠬᠣᠷᠤᠰᠬᠤ᠎ᠦᠭᠡᠢ ᠶᠠᠭᠠᠬᠢᠬᠤ ᠪᠢᠯᠡ?
《ᠰᠢᠯᠢᠭ ᠭᠡᠵᠦ ᠦᠨᠡᠬᠡᠷ ᠰᠥᠰᠦ ᠵᠣᠷᠢᠭᠲᠠᠢ ᠡᠪᠦᠭᠡᠨ ᠰᠢᠦ》 ᠭᠡᠵᠦ ᠮᠢᠨᠦ ᠡᠬᠡᠨᠡᠷ ᠭᠡᠳᠡᠷᠭᠦ᠎ᠪᠡᠨ ᠰᠢᠯᠢᠭᠢ ᠮᠠᠭᠲᠠᠬᠤ ᠮᠠᠶᠢ᠍ᠭ᠎ᠲᠠᠢ ᠦᠭᠡ ᠬᠡᠯᠡᠬᠦ᠎ᠳᠦ᠎ᠨᠢ ᠪᠢ ᠲᠡᠭᠦᠨ᠎ᠡᠴᠡ:
《ᠴᠢ ᠶᠠᠭᠤᠨ ᠭᠡᠨ᠎ᠡ?》 ᠭᠡᠵᠦ ᠵᠠᠩᠳᠤᠷᠪᠠ᠃
《ᠴᠢ ᠮᠡᠳᠡᠬᠦ᠎ᠦᠭᠡᠢ ᠰᠢᠦ》 ᠭᠡᠵᠦ ᠮᠢᠨᠦ ᠡᠬᠡᠨᠡᠷ ᠪᠠᠶᠠᠷᠯᠠᠭᠰᠠᠨ ᠰᠡᠳᠭᠢᠯ᠎ᠢᠶᠡᠨ ᠳᠠᠷᠤᠵᠤ ᠶᠠᠳᠠᠨ:
《ᠡᠨᠡ ᠬᠡᠳᠦᠨ ᠵᠢᠯ᠎ᠦᠨ ᠲᠤᠷᠰᠢ ᠬᠢᠭᠰᠡᠨ ᠶᠠᠮᠠᠷ᠎ᠴᠤ ᠬᠡᠷᠡᠭ᠎ᠦᠨ ᠣᠪ ᠮᠡᠬᠡ᠎ᠶᠢ ᠲᠡᠷᠡ ᠪᠦᠷ ᠢᠯᠡᠴᠢᠯᠡᠭᠡᠳ ᠭᠠᠷᠭᠠᠪᠠ᠃ ᠲᠡᠷᠡ ᠶᠠᠭᠠᠬᠢᠵᠤ ᠯᠢᠦ᠂ ᠵᠠᠩ ᠬᠣᠶᠠᠷ᠎ᠲᠤ ᠮᠡᠬᠡᠯᠡᠭᠳᠡᠵᠦ᠂ ᠬᠡᠨ ᠬᠡᠨ᠎ᠢ ᠶᠠᠭᠠᠬᠢᠵᠤ ᠬᠣᠣᠷᠯᠠᠭᠰᠠᠨ᠎ᠢᠶᠠᠨ᠂ ᠶᠠᠮᠠᠷ ᠬᠤᠳᠠᠯ ᠬᠡᠷᠡᠭ᠎ᠢ ᠦᠨᠡᠨ ᠪᠣᠯᠭᠠᠵᠤ᠂ᠦᠭᠡᠢ ᠬᠡᠷᠡᠭ᠎ᠢ ᠪᠠᠢᠨ᠎ᠠ ᠭᠡᠰᠡᠨ᠎ᠢᠶᠡᠨ ᠪᠦᠭᠦᠳᠡ᠎ᠶᠢ᠎ᠨᠢ ᠬᠡᠯᠡᠭᠰᠡᠨᠦ ᠬᠠᠮᠲᠤ 〈ᠮᠣᠩᠭᠤᠯ ᠬᠠᠭᠠᠨᠲᠤ ᠤᠯᠤᠰ〉 ᠭᠡᠳᠡᠭ᠎ᠴᠢᠨᠢ ᠴᠥᠮᠳᠡᠭᠡᠨ ᠯᠢᠦ᠂ ᠵᠠᠩ ᠬᠣᠶᠠᠷ᠎ᠤᠨ ᠵᠣᠬᠢᠶᠠᠵᠤ ᠭᠠᠷᠭᠠᠭᠠᠳ ᠬᠠᠷ᠎ᠠ ᠠᠯᠪᠠ᠎ᠪᠠᠷ ᠪᠤᠰᠤᠳ᠎ᠲᠤ ᠲᠣᠬᠤᠭᠰᠠᠨ ᠬᠡᠷᠡᠭ ᠭᠡᠵᠦ ᠬᠡᠯᠡᠵᠦ ᠭᠠᠷᠭᠠᠯ᠎ᠠ ᠪᠢᠰᠢ᠎ᠦᠦ? ᠥᠨᠦᠳᠦᠷ᠎ᠦᠨ ᠡᠨᠡ ᠬᠤᠷᠠᠯ ᠬᠠᠷᠢᠨ ᠶᠣᠰᠤᠲᠠᠢ ᠰᠠᠨᠠᠭᠠᠨ᠎ᠠᠴᠠ ᠭᠠᠳᠠᠭᠤᠷ ᠲᠠᠭᠠᠯᠠᠮᠵᠢᠲᠠᠢ ᠪᠣᠯᠤᠯ᠎ᠠ》 ᠭᠡᠨ᠎ᠡ᠃ 《ᠣᠳᠣ ᠰᠢᠯᠢᠭ ᠶᠠᠭᠠᠬᠢᠭᠰᠠᠨ ᠪᠤᠢ? ᠯᠢᠦ᠂ ᠵᠠᠩ ᠬᠣᠶᠠᠷ ᠲᠡᠭᠦᠨ᠎ᠢ ᠳᠤᠷ᠎ᠠ᠎ᠪᠠᠷ᠎ᠨᠢ ᠬᠡᠯᠡᠭᠦᠯᠦᠭᠡᠳ ᠪᠠᠢᠨ᠎ᠠ᠎ᠤᠤ?》 ᠭᠡᠵᠦ ᠪᠢ ᠪᠠᠬᠠᠨ ᠪᠠᠴᠢᠮᠳᠠᠭᠰᠠᠨ ᠮᠠᠶᠢ᠍ᠭ᠎ᠲᠠᠢ ᠠᠰᠠᠭᠤᠪᠠ᠃
《ᠬᠥᠮᠦᠨ ᠨᠢᠭᠡᠨᠲᠡ ᠡᠬᠢᠯᠡᠵᠦ ᠬᠡᠯᠡᠭᠰᠡᠨ ᠪᠣᠯᠬᠣᠷ ᠬᠡᠯᠡᠭᠦᠯᠬᠦ᠎ᠦᠭᠡᠢ ᠶᠠᠭᠠᠬᠢᠵᠤ ᠪᠣᠯᠬᠤ ᠪᠤᠢ? ᠲᠡᠢᠮᠦ ᠣᠯᠠᠨ ᠬᠥᠮᠦᠨ᠎ᠦ ᠡᠮᠦᠨ᠎ᠡ ᠲᠡᠭᠦᠨ᠎ᠦ ᠠᠮᠠ᠎ᠶᠢ ᠪᠥᠭᠯᠡᠪᠡᠯ ᠰᠢᠪᠰᠢᠭ᠎ᠢᠶᠡᠨ ᠭᠠᠷᠭᠠᠬᠤ ᠪᠢᠰᠢᠦ》 ᠭᠡᠵᠦ ᠮᠢᠨᠦ ᠡᠬᠡᠨᠡᠷ ᠪᠠᠬᠠᠨ ᠵᠣᠪᠠᠭᠰᠠᠨ ᠮᠠᠶᠢᠭᠲᠠᠢ:
《ᠭᠡᠲᠡᠯ᠎ᠡ ᠬᠤᠷᠠᠯ᠎ᠤᠨ ᠰᠡᠭᠦᠯ᠎ᠳᠦ ᠰᠢᠯᠢᠭᠢ 〈 ᠰᠣᠶᠤᠯ᠎ᠤᠨ ᠬᠤᠪᠢᠰᠭᠠᠯ᠎ᠢ ᠡᠰᠡᠷᠭᠦᠴᠡᠵᠦ᠂ ᠬᠡᠷᠡᠭ᠎ᠢᠶᠡᠨ ᠦᠭᠡᠢᠰᠭᠡᠵᠦ ᠪᠠᠢᠬᠤ᠎ᠪᠠᠷ ᠪᠠᠷᠠᠬᠤ᠎ᠦᠭᠡᠢ᠂ ᠬᠤᠪᠢᠰᠭᠠᠯᠲᠤ ᠺᠠᠳ᠋ᠷ᠎ᠲᠤ ᠬᠠᠷᠢᠭᠤ ᠳᠠᠪᠢᠷᠠᠯᠲᠠ ᠬᠢᠪᠡ᠃ ᠰᠢᠯᠢᠭᠦᠨ ᠠᠰᠠᠭᠤᠳᠠᠯ᠎ᠨᠢ ᠬᠦᠨᠳᠦ ᠪᠥᠭᠡᠳ ᠣᠪᠤᠷ᠎ᠨᠢ ᠨᠣᠮᠤᠬᠠᠨ ᠪᠢᠰᠢ᠂ ᠬᠤᠪᠢᠰᠭᠠᠯ᠎ᠤᠨ ᠦᠷ᠎ᠡ ᠪᠦᠲᠦᠭᠡᠯ᠎ᠢ ᠦᠭᠡᠢᠰᠭᠡᠵᠦ ᠬᠠᠷ᠎ᠠ ᠬᠣᠣᠷ᠎ᠠ᠎ᠪᠠᠨ ᠲᠠᠷᠬᠠᠭᠠᠪᠠ᠃ ᠲᠡᠢᠮᠦ᠎ᠡᠴᠡ ᠰᠢᠯᠢᠭᠢ ᠬᠠᠤᠯᠢ᠎ᠶᠢᠨ ᠶᠣᠰᠤᠭᠠᠷ ᠬᠣᠷᠢᠨ᠎ᠠ〉 ᠭᠡᠵᠦ ᠬᠡᠯᠡᠭᠡᠳ ᠠᠪᠴᠤ ᠶᠠᠪᠤᠯ᠎ᠠ》 ᠭᠡᠪᠡ᠃ ᠣᠳᠣ ᠰᠢᠯᠢᠭ ᠨᠢᠭᠡᠨᠲᠡ ᠬᠣᠷᠢᠭᠤᠯ᠎ᠳᠤ ᠣᠷᠤᠭᠰᠠᠨ ᠪᠣᠯᠬᠣᠷ ᠪᠤᠵᠢᠳ᠎ᠤᠨ ᠠᠮᠢᠳᠤᠷᠠᠯ ᠤᠯᠠᠮ ᠳᠣᠷᠤᠢᠲᠠᠵᠤ ᠪᠠᠢᠪᠠ᠃
《ᠴᠢ ᠭᠡᠷ᠎ᠲᠡᠭᠡᠨ ᠪᠠᠢᠵᠤ ᠪᠤᠢ᠃ ᠪᠢ ᠨᠢᠭᠡ ᠤᠭᠤᠲᠠ ᠠᠷᠭᠠᠰᠤ ᠲᠡᠭᠦᠵᠦ ᠢᠷᠡᠶ᠎ᠡ〉 ᠭᠡᠵᠦ ᠬᠥᠪᠡᠭᠦᠨ᠎ᠳᠡᠭᠡᠨ ᠬᠡᠯᠡᠭᠡᠳ ᠭᠠᠷᠴᠤ ᠶᠠᠪᠤᠭᠰᠠᠨ ᠪᠤᠵᠢᠳ ᠬᠠᠷᠢᠵᠤ ᠢᠷᠡᠬᠦ᠎ᠦᠭᠡᠢ᠃ ᠬᠥᠪᠡᠭᠦᠨ᠎ᠨᠢ ᠡᠭᠦᠳᠡᠨ ᠳᠡᠭᠡᠷ᠎ᠡ᠎ᠪᠡᠨ ᠭᠠᠷᠴᠤ ᠪᠠᠢᠨ ᠪᠠᠢᠨ ᠡᠬᠡ᠎ᠶᠢᠨ᠎ᠢᠶᠡᠨ ᠣᠳᠤᠭᠰᠠᠨ ᠵᠦᠭ ᠪᠠᠷᠠᠯᠠᠨ ᠬᠠᠷᠠᠬᠤ᠎ᠳᠤ ᠪᠦᠬᠦᠯᠢ ᠡᠳᠦᠷ ᠢᠷᠡᠭᠰᠡᠨ᠎ᠦᠭᠡᠢ ᠡᠬᠡ᠎ᠨᠢ ᠬᠡᠵᠢᠶ᠎ᠡ ᠣᠷᠤᠢ ᠪᠣᠯᠬᠤ ᠦᠶ᠎ᠡ᠎ᠪᠡᠷ ᠠᠷᠠᠢ ᠭᠡᠵᠦ ᠨᠢᠭᠡ ᠤᠭᠤᠲᠠ ᠠᠷᠭᠠᠰᠤ᠎ᠲᠠᠢ ᠢᠷᠠᠨ᠎ᠠ᠃ ᠲᠡᠷᠡ᠂ ᠤᠨᠲᠠᠷᠠᠬᠤ ᠰᠢᠬᠠᠭᠰᠠᠨ ᠭᠣᠯᠤᠮᠲᠠ ᠳᠡᠭᠡᠷ᠎ᠡ᠎ᠪᠡᠨ ᠠᠷᠭᠠᠰᠤ ᠲᠠᠯᠪᠢᠨ ᠤᠲᠤᠭ᠎ᠠ ᠪᠤᠷᠭᠢᠭᠤᠯᠵᠤ ᠣᠷᠬᠢᠭᠠᠳ:
《ᠵᠠ᠂ ᠴᠢ ᠠᠷᠤ᠎ᠶᠢᠨ ᠠᠢᠯ᠎ᠳᠤ ᠣᠳᠤᠭᠠᠳ ᠨᠢᠭᠡ ᠠᠶᠠᠭ᠎ᠠ ᠭᠤᠯᠢᠷ ᠰᠤᠷᠠᠭᠠᠳ ᠢᠷ᠎ᠡ! ᠣᠳᠣ ᠬᠣᠭᠤᠯᠠ᠎ᠪᠠᠨ ᠬᠢᠵᠦ ᠢᠳᠡᠬᠦᠦᠭᠡᠢᠦᠦ?》 ᠭᠡᠵᠦ ᠲᠣᠯᠤᠭᠠᠢ᠎ᠪᠠᠨ ᠮᠠᠭᠠᠵᠢᠨ ᠪᠠᠢᠵᠤ ᠬᠡᠯᠡᠬᠦ᠎ᠳᠦ᠂ ᠬᠥᠪᠡᠭᠦᠨ᠎ᠨᠢ ᠳᠠᠯᠠᠨ ᠨᠥᠬᠦᠭᠡᠰᠦᠲᠡᠢ ᠭᠤᠯᠢᠷ᠎ᠤᠨ ᠤᠭᠤᠲᠠ᠎ᠪᠠᠨ ᠠᠪᠤᠭᠠᠳ ᠠᠢᠯ ᠤᠷᠤᠭᠤ ᠭᠡᠯᠳᠦᠷᠢᠨ᠎ᠡ ᠁
ᠡᠢᠮᠦ ᠠᠮᠢᠳᠤᠷᠠᠯ᠎ᠳᠤ ᠬᠥᠮᠦᠨ ᠶᠠᠭᠠᠬᠢᠵᠤ ᠲᠡᠰᠬᠦ ᠪᠤᠢ ᠳ᠋ᠠ ? ᠤᠳᠠᠭᠰᠠᠨ᠎ᠦᠭᠡᠢ ᠰᠢᠯᠢᠭ ᠡᠪᠦᠭᠡᠨ᠎ᠦ ᠬᠥᠪᠡᠭᠦᠨ ᠡᠯᠢᠭᠡᠨᠦ ᠡᠪᠡᠳᠴᠢᠨ᠎ᠲᠡᠢ ᠪᠣᠯᠤᠭᠰᠠᠨ ᠪᠠᠢᠯ᠎ᠠ᠃ ᠪᠤᠵᠢᠳ ᠬᠡᠳᠦᠢ ᠬᠥᠭᠡᠷᠦᠬᠦᠢᠯᠡᠯᠲᠡᠢ ᠪᠣᠯᠤᠭᠰᠠᠨ᠎ᠴᠤ ᠭᠠᠷᠭᠠᠭᠰᠠᠨ ᠦᠷ᠎ᠡ᠎ᠪᠡᠨ ᠬᠠᠷᠠᠵᠤ ᠪᠠᠢᠭᠠᠳ ᠶᠠᠭᠠᠬᠢᠵᠤ ᠠᠯᠳᠠᠳᠠᠭ ᠪᠢᠯᠡ? ᠲᠡᠷᠡ ᠥᠭᠡᠳᠡ ᠤᠷᠤᠭᠤ ᠭᠦᠶᠦᠭᠰᠡᠭᠡᠷ ᠪᠠᠢᠵᠤ ᠡᠮᠴᠢ ᠳᠣᠮᠴᠢ ᠵᠠᠯᠠᠭᠠᠳ ᠢᠷᠡᠬᠦ᠎ᠳᠦ ᠦᠵᠡᠭᠰᠡᠨ ᠡᠮᠴᠢ ᠪᠦᠬᠦᠨ ᠴᠥᠮ:
《ᠪᠢᠳᠡ ᠡᠮᠨᠡᠵᠦ ᠴᠢᠳᠠᠬᠤ᠎ᠦᠭᠡᠢ᠂ ᠵᠠᠪᠠᠯ ᠶᠡᠬᠡ ᠡᠮᠨᠡᠯᠭᠡ᠎ᠳᠦ ᠬᠦᠷᠭᠡᠭᠡᠳ ᠦᠵᠡᠭᠦᠯ》 ᠭᠡᠳᠡᠭ ᠪᠠᠢᠪᠠ᠃ ᠪᠤᠵᠢᠳ ᠲᠡᠭᠡᠭᠡᠳ ᠪᠠᠷᠢᠭᠠᠳᠠ᠎ᠶᠢᠨ ᠠᠯᠪᠠᠨ ᠭᠡᠷ᠎ᠲᠦ ᠣᠳᠴᠠᠢ᠃ ᠲᠡᠨᠳᠡ᠎ᠡᠴᠡ ᠲᠡᠷᠡ ᠬᠡᠳᠦᠨ ᠮᠥᠩᠭᠦᠨ᠎ᠦ ᠵᠢᠭᠡᠯᠡᠪᠦᠷᠢ ᠠᠪᠴᠤ ᠬᠥᠪᠡᠭᠦᠨ᠎ᠢᠶᠡᠨ ᠡᠮᠨᠡᠭᠦᠯᠬᠦ ᠭᠡᠰᠡᠨ ᠵᠣᠷᠢᠯᠭ᠎ᠠ᠎ᠲᠠᠢ ᠠᠵᠢ᠃ ᠭᠡᠲᠡᠯ᠎ᠡ ᠨᠢᠭᠲᠠᠯᠠᠨ ᠪᠣᠳᠤᠭᠴᠢ ᠲᠡᠭᠦᠨ᠎ᠳᠦ:
《ᠲᠠᠨᠠᠢᠬᠢᠨ ᠮᠢᠩᠭ᠎ᠠ ᠲᠠᠪᠤᠨ ᠵᠠᠭᠤᠨ ᠲᠥᠭᠦᠷᠢᠭ᠎ᠦᠨ ᠥᠷᠢᠲᠡᠢ ᠪᠣᠯᠤᠭᠰᠠᠨ ᠪᠠᠢᠬᠤ᠎ᠳᠤ᠂ ᠲᠠ᠎ᠨᠠᠷ ᠲᠡᠷᠡ ᠥᠷᠢ ᠪᠠᠰᠠ ᠥᠭᠭᠦᠭᠡᠳ᠎ᠦᠭᠡᠢ ᠪᠠᠢᠵᠤ᠂ ᠳᠠᠬᠢᠨ ᠮᠥᠩᠭᠦ ᠵᠢᠭᠡᠯᠡᠬᠦ ᠭᠡᠵᠦ᠎ᠦᠦ? ᠣᠳᠣ ᠲᠠᠨᠠᠷ᠎ᠲᠤ ᠥᠭᠳᠡᠭ ᠮᠥᠩᠭᠦ᠎ᠦᠭᠡᠢ》 ᠭᠡᠵᠦ ᠬᠡᠯᠡᠬᠦᠯ᠎ᠡ:
《ᠮᠠᠨᠠᠢᠬᠢᠨ ᠡᠢᠮᠦ ᠶᠡᠬᠡ ᠮᠥᠩᠭᠦᠨ᠎ᠳᠦ ᠬᠡᠵᠢᠶᠡᠨᠢ ᠥᠷᠢᠲᠦᠭᠰᠡᠨ ᠪᠤᠢ?》 ᠭᠡᠵᠦ ᠪᠤᠵᠢᠳ ᠴᠣᠴᠢᠨ ᠭᠠᠢᠬᠠᠵᠤ ᠠᠰᠠᠭᠤᠵᠠᠢ᠃
《ᠶᠠᠭᠤᠨ ᠭᠡᠨ᠎ᠡ?》 ᠭᠡᠵᠦ ᠥᠨᠥᠬᠢ ᠨᠢᠭᠲᠠᠯᠠᠨ ᠪᠣᠳᠤᠭᠴᠢ ᠳᠠᠩᠰᠠᠨ ᠳᠡᠪᠲᠡᠷ᠎ᠢᠶᠡᠨ ᠵᠢᠭᠠᠭᠠᠳ᠂ ᠪᠤᠵᠢᠳᠢ ᠰᠢᠷᠦᠭᠦᠨ ᠨᠢᠳᠦ᠎ᠪᠡᠷ ᠨᠢᠭᠡ ᠬᠠᠷᠠᠵᠤ:
《ᠲᠠᠨ᠎ᠤ ᠲᠡᠷᠡ ᠤᠷᠢᠳᠤᠬᠢ ᠴᠠᠭᠠᠨ ᠭᠡᠷ᠂ ᠠᠮᠢᠳᠤᠷᠠᠯ᠎ᠤᠨ ᠬᠡᠷᠡᠭᠰᠡᠯ ᠪᠣᠯᠤᠨ ᠡᠮᠦᠰᠴᠦ ᠵᠡᠭᠦᠭᠰᠡᠨᠴᠢᠨᠢ ᠮᠥᠩᠭᠦ ᠪᠢᠰᠢ᠎ᠦᠦ?》 ᠭᠡᠪᠡ᠃
《ᠠᠢ᠂ ᠡᠨᠡ᠎ᠴᠢᠨᠢ ᠮᠠᠨᠳᠤ ᠥᠭᠭᠦᠭᠰᠡᠨ ᠲᠡᠳᠭᠦᠮᠵᠢ ᠪᠢᠰᠢ᠎ᠦᠦ?》
《ᠲᠡᠳᠭᠦᠮᠵᠢ ᠭᠡᠨ᠎ᠡ? ᠲᠡᠭᠡᠭᠡᠳ ᠤᠴᠢᠷᠦᠭᠡᠢᠪᠠᠷ ᠬᠠᠮᠲᠤᠷᠠᠯ᠎ᠤᠨ ᠮᠥᠩᠭᠦ᠎ᠶᠢ ᠴᠢᠮ᠎ᠠ᠎ᠳᠤ ᠥᠭᠭᠦᠭᠡᠳ ᠪᠠᠢᠳᠠᠭ ᠬᠡᠷᠡᠭ᠎ᠦᠦ?》
ᠬᠡᠳᠦᠨ ᠡᠳᠦᠷ᠎ᠦᠨ ᠳᠠᠷᠠᠭ᠎ᠠ ᠪᠠᠳᠮ᠎ᠠ᠎ᠶᠢᠨ ᠠᠵᠢᠯ᠎ᠢ ᠰᠡᠷᠭᠦᠭᠡᠵᠦ ᠳᠠᠬᠢᠨ ᠨᠢᠭᠡᠳᠦᠯ᠎ᠦᠨ ᠱᠦᠵᠢ ᠪᠣᠯᠭᠠᠪᠠ ᠭᠡᠵᠦ ᠰᠣᠨᠤᠰᠤᠭᠰᠠᠨ ᠪᠤᠵᠢᠳ ᠡᠴᠦᠰ᠎ᠲᠡᠭᠡᠨ ᠨᠢᠭᠡ ᠥᠷᠯᠦᠭᠡ ᠶᠡᠬᠡ ᠡᠷᠲᠡ ᠪᠣᠰᠤᠭᠠᠳ ᠪᠠᠳᠮ᠎ᠠ ᠱᠦᠵᠢ᠎ᠶᠢ ᠬᠠᠢᠵᠤ ᠨᠢᠭᠡᠳᠦᠯ ᠳᠡᠭᠡᠷ᠎ᠡ ᠬᠦᠷᠪᠡ᠃ ᠰᠢᠯᠢᠭ ᠡᠪᠦᠭᠡᠨ ᠨᠣᠶᠠᠨ ᠰᠠᠭᠤᠬᠤ᠎ᠳᠠᠭᠠᠨ ᠬᠡᠳᠦᠢᠪᠡᠷ ᠪᠠᠳᠮ᠎ᠠ ᠱᠦᠵᠢ᠎ᠶᠢ ᠵᠣᠪᠠᠭᠠᠭᠰᠠᠨ ᠪᠣᠯᠪᠠᠴᠤ ᠡᠨᠡ ᠪᠦᠬᠦᠨ᠎ᠢ ᠪᠠ ᠱᠦᠵᠢ ᠰᠠᠨᠠᠭᠠᠨ᠎ᠳᠠᠭᠠᠨ ᠠᠪᠤᠭᠰᠠᠨᠴᠤᠦᠭᠡᠢ᠃ ᠪᠠᠰᠠ ᠨᠢᠭᠡ ᠲᠠᠯ᠎ᠠ᠎ᠪᠠᠷ ᠬᠡᠯᠡᠪᠡᠯ ᠪᠠ ᠱᠦᠵᠢ ᠣᠯᠠᠨ ᠵᠢᠯ᠎ᠡᠴᠡ ᠨᠠᠭᠠᠷᠤ ᠰᠢᠯᠢᠭ ᠡᠪᠦᠭᠡᠨ᠎ᠢ ᠬᠠᠷᠠᠵᠤ ᠬᠠᠪᠰᠤᠷᠤᠭᠰᠠᠭᠠᠷ ᠢᠷᠡᠭᠰᠡᠨ᠎ᠢ ᠨᠤᠲᠤᠭ᠎ᠤᠨ ᠬᠢᠨ ᠪᠦᠷ ᠮᠡᠳᠡᠳᠡᠭᠶᠦᠮ᠃ ᠭᠡᠲᠡᠯ᠎ᠡ ᠡᠭᠦᠨ᠎ᠢ ᠰᠢᠯᠢᠭ ᠡᠪᠦᠭᠡᠨ ᠶᠠᠭᠠᠬᠢᠵᠤ ᠣᠢᠯᠠᠭᠠᠭᠠᠳ᠂ ᠶᠠᠭᠠᠬᠢᠵᠤ ᠬᠠᠷᠢᠭᠤᠯᠤᠭᠰᠠᠨ ᠪᠤᠢ? ᠡᠨᠡ ᠬᠡᠳᠦᠨ ᠵᠢᠯ᠎ᠦᠨ ᠳᠣᠲᠤᠷ᠎ᠠ ᠪᠠᠳᠮᠠᠳᠤ ᠲᠡᠭᠦᠨ᠎ᠦ ᠬᠢᠭᠰᠡᠨ ᠬᠣᠣᠷ᠎ᠠ ᠬᠥᠨᠦᠭᠡᠯ᠎ᠨᠢ ᠰᠢᠯᠢᠭᠦᠨ ᠰᠡᠳᠭᠢᠯ ᠶᠠᠮᠠᠷ ᠭᠡᠳᠡᠭ᠎ᠢ ᠪᠠᠯᠠᠷᠠᠰᠢ᠎ᠦᠭᠡᠢ᠎ᠪᠠᠷ ᠭᠡᠷᠡᠴᠢᠯᠡᠨ ᠲᠡᠮᠳᠡᠭᠯᠡᠭᠰᠡᠨ ᠪᠠᠢᠨ᠎ᠠ᠃ ᠪᠠᠳᠮ᠎ᠠ ᠪᠣᠯ ᠠᠰᠪᠤᠷᠢ ᠴᠠᠭᠠᠨ ᠰᠠᠨᠠᠭ᠎ᠠ᠎ᠲᠠᠢ᠂ ᠪᠤᠵᠢᠳ᠎ᠤᠨ ᠳᠣᠭᠤᠯᠠᠩ ᠨᠢᠯᠪᠤᠰᠤ᠎ᠲᠠᠢ ᠡᠮᠦᠨ᠎ᠡ᠎ᠨᠢ ᠢᠷᠡᠭᠡᠳ ᠭᠤᠶᠤᠬᠤ᠎ᠳᠤ᠂ ᠤᠴᠢᠷ᠎ᠢ᠎ᠨᠢ ᠮᠡᠳᠡᠭᠡᠳ ᠴᠠᠭᠠᠰᠤ ᠭᠠᠷᠭᠠᠭᠠᠳ ᠪᠠᠷᠢᠭᠠᠳᠠ᠎ᠳᠤ ᠨᠢᠭᠡ ᠬᠤᠪᠢ ᠪᠢᠴᠢᠭ ᠥᠭᠪᠡ᠃
ᠪᠠᠷᠢᠭᠠᠳᠠ᠎ᠶᠢᠨ ᠨᠢᠭᠲᠠᠯᠠᠨ ᠪᠣᠳᠤᠭᠴᠢ ᠪᠠᠳᠮ᠎ᠠ ᠱᠦᠵᠢ᠎ᠶᠢᠨ ᠪᠢᠴᠢᠭ᠎ᠢ ᠠᠪᠴᠤ ᠦᠵᠡᠮᠡᠭᠴᠡ᠎ᠪᠡᠨ:
《ᠡᠭᠦᠨ᠎ᠦ ᠲᠥᠯᠦᠭᠡ ᠲᠠ ᠨᠢᠭᠡᠳᠦᠯ ᠲᠠᠯ᠎ᠠ ᠬᠦᠷᠦᠭᠰᠡᠨ ᠬᠡᠷᠡᠭ᠎ᠦᠭᠡᠢ ᠪᠠᠢᠭᠰᠠᠨ᠎ᠶᠤᠮ᠃ ᠶᠠᠳᠠᠭᠤ ᠮᠠᠯᠴᠢᠳ᠎ᠤᠨ ᠲᠦᠷᠡᠮᠵᠢᠶᠢ ᠪᠢᠳᠡᠨ ᠥᠪᠡᠷ᠎ᠢᠶᠡᠨ ᠰᠢᠢᠳᠪᠦᠷᠢᠯᠡᠭᠡᠳ ᠪᠣᠯᠳᠠᠭ᠎ᠶᠤᠮ》 ᠭᠡᠵᠦ ᠦᠭᠡ᠎ᠪᠡᠨ ᠵᠠᠯᠭᠠᠨ:
《ᠵᠠ᠂ ᠲᠡᠭᠡᠭᠡᠳ ᠬᠡᠳᠦᠢ ᠮᠥᠩᠭᠦ ᠠᠪᠬᠤ ᠭᠡᠵᠦ ᠪᠠᠢᠨ᠎ᠠ?》 ᠭᠡᠵᠦ ᠠᠰᠠᠭᠤᠪᠠ᠃
ᠪᠤᠵᠢᠳ ᠮᠥᠩᠭᠦ ᠵᠢᠭᠡᠯᠡᠬᠦ ᠭᠡᠵᠦ ᠡᠨᠡ ᠬᠡᠳᠦᠨ ᠡᠳᠦᠷ ᠶᠠᠪᠤᠵᠤ ᠪᠠᠢᠳᠠᠭ ᠪᠣᠯᠪᠠᠴᠤ ᠴᠣᠬᠤᠮ ᠬᠡᠳᠦᠢ ᠮᠥᠩᠭᠦ ᠵᠢᠭᠡᠯᠡᠬᠦ᠂ ᠴᠠᠭ᠎ᠤᠨ ᠵᠠᠷᠤᠳᠠᠯ᠎ᠳᠤ ᠬᠡᠳᠦᠢ ᠮᠥᠩᠭᠦ ᠬᠡᠷᠡᠭᠯᠡᠭᠳᠡᠬᠦ᠂ ᠡᠮᠨᠡᠯᠭᠡ᠎ᠳᠦ ᠬᠡᠳᠦᠢ ᠮᠥᠩᠭᠦ ᠵᠠᠷᠤᠬᠤ ᠭᠡᠳᠡᠭ᠎ᠢ ᠪᠣᠳᠤᠵᠤ ᠦᠵᠡᠭᠡᠳᠴᠦᠦᠭᠡᠢᠶᠦᠮ᠃ ᠲᠡᠷᠡ᠎ᠨᠢ ᠪᠠᠢᠭᠠᠳᠤᠢ ᠪᠠᠷᠢᠭᠠᠳᠠᠠᠴᠠᠪᠠᠨ ᠭᠠᠵᠠᠭᠠᠷᠤᠪᠠᠨ ᠭᠠᠷᠴᠤ ᠨᠡᠢᠭᠡᠮ ᠣᠷᠴᠢᠯᠠᠩ᠎ᠤᠨ ᠶᠠᠮᠠᠷ ᠭᠡᠳᠡᠭ᠎ᠢ ᠮᠡᠳᠡᠭᠡᠳᠦᠢ ᠬᠥᠮᠦᠨ ᠰᠢᠦ᠃
《ᠵᠠ᠂ ᠢᠯᠡᠭᠦᠴᠢᠷ ᠠᠪᠬᠤ ᠬᠡᠷᠡᠭᠲᠡᠢ ᠪᠠᠢᠨ᠎ᠠ》 ᠭᠡᠬᠦ᠎ᠡᠴᠡ ᠣᠨᠳᠣᠣ ᠦᠭᠡ ᠬᠡᠯᠡᠭᠰᠡᠨ᠎ᠦᠭᠡᠢ᠃
《ᠭᠤᠷᠪᠠᠨ ᠵᠠᠭᠤᠨ ᠲᠥᠭᠦᠷᠢᠭ ᠶᠠᠮᠠᠷ ᠪᠤᠢ》 ᠭᠡᠵᠦ ᠨᠢᠭᠲᠠᠯᠠᠨ ᠪᠣᠳᠤᠭᠴᠢ ᠠᠰᠠᠭᠤᠬᠤ᠎ᠳᠤ᠂ ᠪᠤᠵᠢᠳ ᠪᠠᠴᠢᠮᠳᠠᠵᠤ ᠪᠠᠢᠭᠠᠳ:
《ᠪᠣᠯᠬᠤ ᠪᠠᠢᠯᠭᠦᠢ》 ᠭᠡᠪᠡ᠃ ᠨᠢᠭᠲᠠᠯᠠᠨ ᠪᠣᠳᠤᠭᠴᠢ ᠣᠳᠣ ᠶᠠᠭᠠᠬᠢᠭᠠᠳ ᠡᠢᠮᠦ ᠬᠠᠯᠠᠭᠤᠮᠰᠤᠭ ᠬᠠᠨᠳᠤᠬᠤ ᠪᠣᠯᠤᠭᠰᠠᠨ᠎ᠢ ᠪᠤᠵᠢᠳ ᠪᠠᠰᠠ ᠭᠦᠢᠴᠡᠰ ᠣᠢᠯᠠᠭᠠᠵᠤ ᠴᠢᠳᠠᠬᠤ᠎ᠦᠭᠡᠢ ᠣᠨᠢᠰᠤᠭ᠎ᠠ ᠪᠣᠯᠭᠠᠵᠤ ᠰᠠᠭᠤᠨ᠎ᠠ᠃ ᠰᠡᠭᠦᠯᠳᠦᠨᠢ ᠨᠢᠭᠡ ᠪᠠᠭᠯᠠᠭ᠎ᠠ ᠮᠥᠩᠭᠦ ᠠᠪᠤᠭᠠᠳ ᠭᠠᠷᠤᠨ ᠭᠤᠶ᠎ᠠ᠎ᠪᠠᠨ ᠳᠠᠷᠤᠭᠠᠳ:
《ᠠᠴᠢᠲᠠᠢ ᠪᠣᠯᠪᠠ! ᠬᠥᠪᠡᠭᠦᠨᠮᠢᠨᠢ ᠡᠳᠡᠭᠡᠳᠡᠭ ᠪᠣᠯᠤᠯ᠎ᠠ》 ᠭᠡᠵᠦ ᠳᠠᠬᠢᠨ ᠳᠠᠬᠢᠨ ᠮᠡᠬᠦᠰᠬᠢᠨ ᠶᠣᠰᠤᠯᠠᠭᠠᠳ ᠵᠠᠮ᠎ᠤᠨ ᠲᠡᠮᠳᠡᠭ᠂ ᠲᠠᠨᠢᠯᠴᠠᠭᠤᠯᠭ᠎ᠠ ᠠᠪᠤᠭᠠᠳ ᠭᠠᠷᠴᠤ ᠶᠠᠪᠤᠪᠠ᠃
ᠪᠤᠵᠢᠳ ᠭᠤᠷᠪᠠᠨ ᠵᠠᠭᠤᠨ ᠲᠥᠭᠦᠷᠢᠭ᠎ᠢᠶᠡᠨ ᠠᠪᠤᠭᠠᠳ ᠭᠡᠷ᠎ᠲᠡᠭᠡᠨ ᠬᠦᠷᠴᠦ ᠢᠷᠡᠬᠦ᠎ᠳᠦ ᠬᠣᠷᠢᠭᠳᠠᠵᠤ ᠪᠠᠢᠭᠰᠠᠨ ᠰᠢᠯᠢᠭ ᠡᠪᠦᠭᠡᠨ ᠪᠠᠰᠠ ᠭᠠᠷᠤᠭᠠᠳ ᠢᠷᠡᠵᠡᠢ᠃ ᠲᠡᠭᠡᠭᠡᠳ ᠰᠢᠯᠢᠭ ᠡᠪᠦᠭᠡᠨ ᠬᠥᠪᠡᠭᠦᠨ᠎ᠢᠶᠡᠨ ᠠᠪᠤᠭᠠᠳ ᠶᠡᠬᠡ ᠬᠣᠲᠠ᠎ᠶᠢᠨ ᠡᠮᠨᠡᠯᠭᠡ᠎ᠳᠦ ᠣᠳᠬᠤ᠎ᠪᠠᠷ ᠶᠠᠪᠤᠪᠠ᠃ ᠪᠤᠵᠢᠳ ᠭᠠᠭᠴᠠᠭᠠᠷ᠎ᠢᠶᠠᠨ ᠮᠠᠭᠤ ᠬᠠᠷ᠎ᠠ ᠭᠡᠷ᠎ᠲᠡᠭᠡᠨ ᠦᠯᠡᠳᠡᠭᠡᠳ ᠰᠡᠳᠭᠢᠯ᠎ᠨᠢ ᠤᠢᠳᠭᠠᠷᠯᠠᠳᠠᠳ ᠪᠣᠯᠬᠤ᠎ᠦᠭᠡᠢ᠎ᠳᠠᠭᠠᠨ ᠪᠠᠰᠠ᠎ᠯᠠ ᠬᠠᠭᠤᠴᠢᠨ ᠵᠠᠩᠰᠢᠯ᠎ᠢᠶᠠᠷ᠎ᠢᠶᠠᠨ ᠠᠢᠯ ᠬᠡᠰᠦᠨ ᠣᠳᠪᠠ᠃ ᠬᠡᠳᠦᠨ ᠡᠳᠦᠷ ᠠᠢᠯ ᠬᠡᠰᠦᠵᠦ ᠠᠷᠠᠰᠤ ᠨᠡᠬᠡᠢ᠎ᠶᠢ ᠢᠳᠡᠭᠡᠯᠡᠨ ᠡᠯᠳᠡᠵᠦ ᠥᠭᠭᠦᠭᠡᠳ ᠭᠡᠳᠡᠰᠦ᠎ᠪᠡᠨ ᠴᠠᠳᠭᠠᠭᠠᠳ ᠡᠷᠭᠢᠵᠦ ᠢᠷᠡᠬᠦ᠎ᠳᠦ ᠨᠠᠮᠤᠷ᠎ᠤᠨ ᠬᠤᠵᠢᠷᠰᠢᠭᠰᠠᠨ ᠦᠬᠡᠷᠦᠳ᠂ ᠮᠠᠭᠤ ᠬᠠᠷ᠎ᠠ ᠭᠡᠷ᠎ᠢ᠎ᠨᠢ ᠱᠦᠷᠭᠦᠭᠡᠵᠦ ᠡᠪᠳᠡᠭᠡᠳ᠂ ᠲᠠᠰᠤᠴᠢᠨ ᠬᠠᠶᠠᠵᠤ᠂ ᠬᠥᠨᠵᠢᠯᠡ ᠳᠡᠪᠢᠰᠭᠡᠷ᠎ᠢ᠎ᠨᠢ ᠬᠦᠷᠲᠡᠯ᠎ᠡ ᠶᠠᠭᠤ᠎ᠴᠤ ᠦᠯᠡᠳᠡᠭᠡᠭᠰᠡᠨ᠎ᠦᠭᠡᠢ ᠢᠷᠠᠭᠠᠳ ᠬᠠᠶᠠᠭᠰᠠᠨ ᠪᠥᠭᠡᠳ ᠭᠡᠷ᠎ᠨᠢ ᠪᠠᠢᠷᠢᠨ᠎ᠳᠠᠭᠠᠨ ᠨᠢᠭᠡ ᠣᠪᠤᠭ᠎ᠠ ᠰᠠᠯᠪᠠᠷᠬᠠᠢ ᠢᠰᠡᠭᠡᠢ᠂ ᠬᠤᠭᠤᠷᠬᠠᠢ ᠲᠡᠷᠮ᠎ᠡ ᠣᠨ᠎ᠢ ᠪᠣᠯᠵᠤ ᠣᠪᠤᠭᠠᠯᠠᠭᠠᠳ ᠭᠠᠵᠠᠷ᠎ᠲᠤ ᠬᠡᠪᠲᠡᠨ᠎ᠡ᠃ ᠪᠦᠰ ᠬᠥᠪᠦᠩ᠎ᠨᠢ ᠪᠤᠲᠠᠷᠠᠭᠰᠠᠨ᠂ ᠦᠬᠡᠷ᠎ᠦᠨ ᠪᠠᠭᠠᠰᠤ ᠰᠢᠭᠡᠰᠦ ᠪᠣᠯᠵᠤ ᠭᠢᠰᠭᠢᠭᠳᠡᠨ ᠦᠷᠡᠭᠳᠡᠭᠰᠡᠨ ᠬᠥᠨᠵᠢᠯᠡ ᠳᠡᠪᠢᠰᠭᠡᠷ᠎ᠨᠢ ᠠᠪᠬᠤ᠎ᠶᠢᠨ ᠠᠷᠭ᠎ᠠ᠎ᠦᠭᠡᠢ ᠪᠠᠢᠪᠠ᠃ ᠣᠳᠣ ᠪᠤᠵᠢᠳ ᠬᠠᠮᠢᠭ᠎ᠠ ᠬᠣᠨᠤᠵᠤ ᠪᠠᠢᠷᠢᠯᠠᠬᠤᠶᠤᠮ ᠪᠤᠢ?
ᠪᠤᠵᠢᠳ ᠡᠨᠳᠡ ᠲᠡᠨᠳᠡ ᠲᠡᠨᠦᠵᠦ ᠶᠠᠪᠤᠲᠠᠯ᠎ᠠ ᠰᠢᠯᠢᠭ ᠬᠥᠪᠡᠭᠦᠨ᠎ᠢᠶᠡᠨ ᠳᠠᠭᠠᠭᠤᠯᠤᠨ ᠬᠠᠷᠢᠵᠤ ᠢᠷᠡᠪᠡ᠃ ᠰᠠᠭᠤᠬᠤ ᠭᠡᠷ᠎ᠦᠭᠡᠢ ᠪᠣᠯᠤᠭᠰᠠᠨ ᠲᠤᠯᠠ ᠪᠠᠷᠢᠭᠠᠳᠠ᠎ᠠᠴᠠ ᠮᠣᠳᠤ ᠴᠢᠯᠠᠭᠤ ᠠᠪᠴᠤ ᠥᠪᠡᠷ᠎ᠢᠶᠡᠨ ᠭᠠᠷ ᠬᠥᠳᠡᠯᠦᠨ᠂ ᠪᠠᠶᠠᠨ ᠨᠠᠮᠤᠷ᠎ᠤᠨ ᠰᠡᠭᠦᠯ᠎ᠦᠨ ᠡᠳᠦᠷ᠎ᠦᠳ᠎ᠲᠦ ᠰᠢᠳᠦ᠎ᠪᠡᠨ ᠵᠠᠭᠤᠨ ᠴᠢᠷᠮᠠᠢᠵᠤ ᠪᠠᠢᠭᠠᠳ ᠪᠣᠷᠤ ᠰᠢᠯᠢ᠎ᠶᠢᠨ ᠡᠩᠭᠡᠷ᠎ᠲᠦ ᠨᠢᠭᠡ ᠥᠷᠦᠭᠡ ᠪᠠᠢᠰᠢᠩ ᠭᠡᠷ ᠪᠣᠰᠭᠠᠵᠤ ᠠᠪᠤᠭᠠᠳ ᠲᠡᠨᠳᠡ᠎ᠪᠡᠨ ᠰᠠᠭᠤᠷᠢᠰᠢᠨ ᠰᠠᠭᠤᠭᠰᠠᠨ ᠪᠢᠯᠡ᠃
ᠨᠢᠭᠡᠳᠦᠯ᠎ᠡᠴᠡ ᠨᠤᠲᠤᠭ᠎ᠤᠨ ᠲᠥᠪ ᠤᠷᠤᠭᠤ ᠣᠷᠤᠬᠤ ᠶᠡᠬᠡ ᠵᠠᠮ᠎ᠤᠨ ᠬᠠᠵᠠᠭᠤ᠎ᠳᠤ ᠣᠨᠴᠠ ᠨᠢᠭᠡ ᠥᠷᠦᠭᠡ ᠪᠠᠢᠰᠢᠩ ᠭᠡᠷ ᠪᠠᠢᠳᠠᠭ᠎ᠨᠢ ᠳᠠᠷᠤᠢ ᠰᠢᠯᠢᠭ ᠡᠪᠦᠭᠡᠨ᠎ᠦ ᠭᠡᠷᠶᠦᠮ᠃ ᠡᠨᠳᠡ ᠰᠢᠯᠢᠭ ᠡᠪᠦᠭᠡᠨ ᠡᠮᠡᠭᠡᠨ ᠬᠥᠪᠡᠭᠦᠨᠲᠡᠢᠪᠡᠨ ᠠᠵᠤ ᠲᠥᠷᠦᠵᠦ᠂ ᠰᠢᠨ᠎ᠡ ᠠᠮᠢᠳᠤᠷᠠᠯ᠎ᠢᠶᠠᠨ ᠴᠣᠭᠴᠠᠯᠠᠨ ᠪᠠᠢᠭᠤᠯᠪᠠ᠃ ᠰᠢᠯᠢᠭ ᠡᠪᠦᠭᠡᠨ᠎ᠳᠦ ᠲᠠᠭᠠᠷᠢᠯᠳᠤᠭᠰᠠᠨ ᠵᠠᠷᠢᠮ ᠬᠥᠮᠦᠨ ᠵᠠᠮ ᠲᠠᠭᠠᠷᠠᠬᠤ᠎ᠳᠠᠭᠠᠨ ᠢᠷᠡᠭᠡᠳ ᠲᠡᠭᠦᠨ᠎ᠲᠡᠢ ᠵᠣᠭᠤᠭ ᠳᠡᠯᠭᠡᠨ ᠶᠠᠷᠢᠵᠤ ᠪᠠᠢᠭᠠᠳ᠂ ᠦᠭᠡ᠎ᠶᠢᠨ ᠵᠠᠪᠰᠠᠷ᠎ᠢᠶᠠᠷ: 《ᠡᠪᠦᠭᠡᠨ᠂ ᠲᠠ 〈ᠰᠣᠶᠤᠯ᠎ᠤᠨ ᠬᠤᠪᠢᠰᠭᠠᠯ》᠎ᠤᠨ ᠦᠶ᠎ᠡ᠎ᠳᠦ ᠰᠦᠷᠡᠬᠡᠢ ᠳᠣᠭᠰᠢᠷᠠᠭᠰᠠᠨ ᠪᠢᠯᠡ᠃ ᠠᠳᠠᠭ᠎ᠲᠠᠭᠠᠨ ᠮᠠᠭᠤ ᠨᠡᠮᠡᠷᠢ᠎ᠪᠡᠨ ᠲᠠᠨᠢᠬᠤ᠎ᠦᠭᠡᠢ ᠪᠣᠯᠲᠠᠯ᠎ᠠ ᠬᠤᠪᠢᠷᠠᠭᠰᠠᠨ ᠪᠢᠰᠢ᠎ᠦᠦ? ᠵᠠ᠂ ᠲᠡᠭᠡᠭᠡᠳ ᠶᠠᠭᠤᠨ ᠪᠣᠯᠤᠭᠰᠠᠨ ᠪᠢᠯᠡ?》 ᠭᠡᠵᠦ ᠠᠰᠠᠭᠤᠬᠤ᠎ᠳᠤ ᠰᠢᠯᠢᠭ ᠡᠪᠦᠭᠡᠨ ᠬᠠᠯᠠᠭᠤᠨ ᠬᠠᠢᠰᠤᠨ᠎ᠳᠤ ᠬᠠᠭᠤᠷᠤᠭᠳᠠᠭᠰᠠᠨ ᠰᠢᠷᠭᠤᠯᠵᠢᠰᠢᠭ᠋ ᠰᠠᠨᠳᠤᠷᠤᠭᠠᠳ: 《ᠥᠩᠭᠡᠷᠡᠭᠰᠡᠨ᠎ᠳᠦ ᠨᠠᠮ ᠪᠠ ᠠᠷᠠᠳ ᠲᠦᠮᠡᠨ᠎ᠳᠡᠭᠡᠨ ᠣᠰᠤᠯ ᠪᠣᠯᠤᠯ᠎ᠠ ᠰᠢᠤ》 ᠭᠡᠵᠦ ᠤᠷᠲᠤ ᠰᠡᠭᠦᠷᠡᠰᠦ ᠠᠯᠳᠠᠭᠠᠳ ᠬᠥᠮᠦᠨ᠎ᠦ ᠴᠢᠷᠠᠢ ᠬᠠᠷᠠᠵᠤ ᠴᠢᠳᠠᠬᠤ᠎ᠦᠭᠡᠢ ᠰᠠᠭᠤᠳᠠᠭ ᠪᠢᠯᠡ᠃
ᠨᠠᠮᠤᠷ᠎ᠤᠨ ᠰᠡᠭᠦᠯ ᠰᠠᠷ᠎ᠠ᠎ᠶᠢᠨ ᠨᠢᠭᠡ ᠡᠳᠦᠷ᠂ ᠵᠠᠮ᠎ᠤᠨ ᠬᠣᠷᠭᠤ ᠲᠡᠷᠭᠡ ᠡᠪᠳᠡᠷᠡᠭᠰᠡᠨ ᠪᠣᠯᠬᠣᠷ ᠪᠢ ᠰᠢᠯᠢᠭ ᠡᠪᠦᠭᠡᠨ᠎ᠦ ᠭᠡᠷ᠎ᠲᠦ ᠬᠣᠨᠤᠬᠤ ᠪᠣᠯᠪᠠ᠃
ᠨᠠᠮᠠᠢ ᠭᠡᠷ᠎ᠲᠦ ᠣᠷᠤᠬᠤ᠎ᠳᠤ ᠪᠤᠵᠢᠳ ᠤᠷᠢᠳᠠᠬᠢᠯᠤᠭᠠ ᠠᠳᠠᠯᠢᠬᠠᠨ ᠰᠠᠯᠪᠠᠷᠬᠠᠢ ᠪᠠᠭᠤᠷᠬᠠᠢ ᠳᠡᠪᠡᠯ᠎ᠲᠡᠢ᠂ ᠪᠦᠬᠦ ᠪᠡᠶ᠎ᠡ᠎ᠨᠢ ᠭᠬᠢᠷ ᠪᠣᠯᠤᠭᠰᠠᠨ ᠪᠥᠭᠡᠳ ᠭᠡᠵᠢᠭᠡ ᠦᠰᠦ᠎ᠨᠢ ᠰᠠᠷᠯᠤᠭ᠎ᠤᠨ ᠨᠣᠣᠰᠤᠰᠢᠭ᠋ ᠰᠡᠭᠰᠡᠢᠭᠰᠡᠨ ᠪᠠᠢᠪᠠ᠃ ᠰᠢᠯᠢᠭ ᠡᠪᠦᠭᠡᠨ ᠣᠷᠤᠨ ᠳᠡᠭᠡᠷ᠎ᠡ᠎ᠪᠡᠨ ᠬᠡᠪᠲᠡᠵᠦ ᠪᠠᠢᠪᠠ᠃ ᠨᠠᠮᠠᠢ ᠣᠷᠤᠮᠠᠭᠴᠠ ᠥᠨᠳᠡᠢᠵᠦ ᠪᠣᠰᠤᠭᠠᠳ ᠶᠡᠬᠡᠯ᠎ᠡ ᠪᠠᠶᠠᠷᠯᠠᠭᠰᠠᠨ ᠪᠠᠢᠳᠠᠯ᠎ᠲᠠᠢ:
《ᠠᠢ ᠳ᠋ᠠ ! ᠴᠢ ᠬᠦᠷᠦᠭᠡᠳ ᠢᠷᠡᠭᠰᠡᠨᠶᠦᠮᠦᠦ? ᠬᠥᠭᠰᠢᠨ ᠠᠬᠠᠴᠢᠨᠢ ᠴᠢᠮᠠᠢ ᠨᠢᠭᠡ ᠬᠦᠷᠦᠭᠡᠳ ᠢᠷᠡᠬᠦ ᠪᠣᠯᠪᠠ᠎ᠤᠤ ᠭᠡᠵᠦ ᠪᠣᠳᠤᠵᠤ ᠪᠠᠢᠭᠰᠠᠨ᠎ᠶᠤᠮ》 ᠭᠡᠵᠦ ᠬᠡᠯᠡᠭᠡᠳ:
《ᠬᠦᠢ᠂ ᠪᠤᠵᠢᠳ! ᠲᠦᠷᠭᠡᠨ ᠬᠠᠯᠠᠭᠤᠨ ᠴᠠᠢ ᠠᠶᠠᠭᠠᠯᠠ!》 ᠭᠡᠪᠡ᠃ ᠰᠢᠯᠢᠭ ᠡᠪᠦᠭᠡᠨ ᠣᠳᠣ ᠨᠡᠯᠢᠶᠡᠳ ᠨᠠᠰᠤᠵᠢᠭᠰᠠᠨ ᠪᠠᠢᠳᠠᠯ᠎ᠲᠠᠢ ᠪᠣᠯᠵᠠᠢ᠃ ᠲᠡᠭᠦᠨ᠎ᠦ ᠲᠥᠪ ᠲᠥᠭᠦᠷᠢᠭ ᠴᠢᠷᠠᠢ᠂ ᠲᠠᠷᠪᠤᠰᠰᠢᠭ᠋ ᠲᠣᠮᠤ ᠲᠣᠯᠤᠭᠠᠢ᠎ᠨᠢ ᠨᠢᠭᠡᠯᠡ ᠵᠢᠵᠢᠭ ᠶᠠᠭᠤᠮ᠎ᠠ ᠪᠣᠯᠵᠤ᠂ ᠠᠷᠠᠰᠤᠨ ᠶᠠᠰᠤᠨ᠎ᠳᠠᠭᠠᠨ ᠬᠠᠲᠠᠵᠤ᠂ ᠦᠰᠦ᠎ᠨᠢ ᠴᠠᠢᠵᠤ᠂ ᠭᠦᠨ ᠤᠬᠤᠷᠬᠠᠢ ᠳᠣᠲᠤᠷᠠᠬᠢ ᠨᠢᠳᠦ᠎ᠨᠢ ᠠᠨᠢᠯᠳᠤᠭᠠᠳ ᠵᠣᠪᠬᠢᠪᠠᠷᠢᠶᠠᠨ ᠤᠯᠠᠢᠭᠰᠠᠨ ᠪᠠᠢᠪᠠ᠃ ᠲᠡᠭᠦᠨ᠎ᠦ ᠡᠨᠡ ᠪᠠᠢᠳᠠᠯ᠎ᠢ ᠦᠵᠡᠪᠡᠯ ᠦᠨᠡᠬᠡᠷ ᠬᠥᠮᠦᠨ᠎ᠦ ᠰᠠᠨᠠᠭ᠎ᠠ᠎ᠶᠢ ᠵᠣᠪᠠᠭᠠᠨ᠎ᠠ᠃ ᠲᠡᠭᠡᠭᠡᠳ ᠪᠢ:
《ᠬᠥᠭᠰᠢᠨ ᠠᠬ᠎ᠠ ᠲᠠ ᠣᠷᠴᠢᠮ᠎ᠠᠴᠠ ᠨᠠᠭᠠᠷᠤ ᠡᠷᠡᠭᠦᠯ ᠮᠡᠨᠳᠦᠦᠦ?》 ᠭᠡᠵᠦ ᠮᠡᠨᠳᠦ ᠰᠤᠷᠠᠬᠤ᠎ᠳᠤ ᠰᠢᠯᠢᠭ ᠪᠠᠶᠠᠷᠯᠠᠨ ᠢᠨᠢᠶᠡᠵᠦ:
《ᠰᠠᠢᠨ ᠰᠠᠢᠨ! ᠨᠠᠮ᠎ᠤᠨ ᠠᠴᠢ ᠣᠯᠠᠨ᠎ᠤ ᠪᠤᠶᠠᠨᠳᠤ ᠲᠤᠩ ᠰᠠᠢᠨ ᠶᠠᠪᠤᠵᠤ ᠪᠠᠢᠨ᠎ᠠ》 ᠭᠡᠯᠡ᠃
《ᠣᠳᠣ ᠶᠠᠭᠠᠬᠢᠵᠤ ᠠᠮᠢᠳᠤᠷᠠᠵᠤ ᠪᠠᠢᠨ᠎ᠠ?》
《ᠪᠢ ᠡᠮᠡᠭᠡᠨᠲᠡᠢᠪᠡᠨ ᠨᠢᠭᠡ ᠠᠷᠭ᠎ᠠ ᠪᠣᠳᠤᠵᠤ ᠣᠯᠪᠠ᠃ ᠪᠢ ᠣᠳᠣ ᠪᠤᠰᠤᠳ ᠠᠵᠢᠯ᠎ᠢ ᠬᠢᠵᠦ ᠴᠢᠳᠠᠬᠤ᠎ᠦᠭᠡᠢ᠂ ᠪᠠᠷᠢᠭᠠᠳᠠ᠎ᠶᠢᠨ ᠥᠷᠢ ᠵᠠᠩ᠎ᠢ ᠪᠠᠰᠠ ᠬᠠᠷᠢᠭᠤᠯᠤᠭᠠᠳ᠎ᠦᠭᠡᠢ᠂ ᠲᠡᠢᠮᠦ᠎ᠡᠴᠡ ᠭᠠᠬᠠᠢ ᠣᠯᠵᠤ ᠢᠷᠡᠭᠡᠳ ᠲᠡᠵᠢᠭᠡᠵᠦ ᠲᠡᠭᠦᠨ᠎ᠢᠶᠡᠷ ᠨᠢᠭᠡ ᠲᠡᠩᠬᠡᠵᠢᠶᠡ ᠭᠡᠵᠦ ᠪᠣᠳᠤᠵᠤ ᠪᠠᠢᠨ᠎ᠠ》 ᠭᠡᠪᠡ᠃ ᠪᠤᠵᠢᠳ :
《ᠴᠢ ᠮᠠᠷᠭᠠᠰᠢ ᠲᠡᠷᠡ ᠴᠡᠷᠢᠭ᠎ᠦᠨ ᠥᠭᠳᠡᠭ ᠪᠣᠯᠤᠭᠰᠠᠨ ᠬᠡᠳᠦᠨ ᠭᠠᠬᠠᠢ᠎ᠶᠢᠨ ᠲᠣᠷᠤᠢ᠎ᠶᠢ ᠠᠪᠴᠤ ᠢᠷᠡᠬᠦᠦᠭᠡᠢᠦᠦ?》 ᠭᠡᠪᠡ᠃
《ᠪᠢᠳᠡᠨ ᠤᠷᠢᠳᠠᠪᠠᠷ ᠨᠠᠷᠢᠨ ᠪᠣᠳᠤᠬᠤ ᠬᠡᠷᠡᠭᠲᠡᠢ᠂ ᠠᠷᠪᠠᠨ ᠭᠠᠬᠠᠢ ᠭᠡᠵᠦ ᠪᠣᠳᠤᠶ᠎ᠠ᠃ ᠲᠡᠭᠦᠨ᠎ᠡᠴᠡ ᠣᠯᠠᠨ ᠪᠣᠯ ᠠᠮᠠᠷ ᠪᠢᠰᠢ᠃ ᠭᠠᠬᠠᠢ᠎ᠶᠢᠨ ᠢᠳᠡᠬᠦ ᠪᠤᠳᠠᠭ᠎ᠠ ᠭᠡᠵᠦ ᠪᠠᠭ᠎ᠠ᠎ᠦᠭᠡᠢ ᠰᠢᠦ᠃ ᠮᠠᠨᠠᠢᠬᠢᠨᠰᠢᠭ᠋ ᠠᠢᠯ ᠲᠡᠵᠢᠭᠡᠬᠦ᠎ᠳᠦ ᠬᠦᠴᠢᠷᠲᠡᠢ ᠪᠣᠯᠪᠠᠴᠤ ᠶᠠᠮᠠᠷ ᠠᠷᠭ᠎ᠠ ᠪᠠᠢᠨ᠎ᠠ? ᠲᠡᠵᠢᠭᠡᠬᠦᠯᠡ ᠬᠡᠷᠡᠭ᠃ 》
《ᠲᠡᠭᠡᠪᠡᠯ ᠠᠷᠪᠠ ᠲᠡᠵᠢᠭᠡᠬᠦ ᠬᠡᠷᠡᠭ᠎ᠦᠭᠡᠢ᠂ ᠳᠥᠷᠪᠡ ᠲᠠᠪᠤ ᠪᠣᠯᠤᠭᠰᠠᠨ᠎ᠴᠤ ᠪᠣᠯᠤᠨ᠎ᠠ᠃ 》
《ᠦᠭᠡᠢ᠂ ᠵᠠᠪᠠᠯ ᠠᠷᠪᠠ ᠲᠡᠵᠢᠭᠡᠬᠦᠶᠦᠮ᠃ ᠠᠯᠢ ᠨᠢᠭᠡ ᠵᠢᠯ᠎ᠳᠦ ᠭᠠᠬᠠᠢ᠎ᠶᠢ ᠶᠡᠬᠡᠴᠦ ᠪᠢᠰᠢ᠂ ᠪᠠᠭᠠᠴᠤ ᠪᠢᠰᠢ᠂ ᠵᠠᠭᠤᠨ ᠲᠥᠭᠦᠷᠢᠭ ᠭᠡᠵᠦ ᠪᠣᠳᠤᠪᠠᠯ ᠵᠢᠯ᠎ᠳᠡᠭᠡᠨ ᠵᠢᠷᠭᠤᠭ᠎ᠠ ᠬᠤᠳᠠᠯᠳᠤᠪᠠᠯ ᠵᠢᠷᠭᠤᠭᠠᠨ ᠵᠠᠭᠤᠨ ᠲᠥᠭᠦᠷᠢᠭ ᠣᠯᠬᠤᠶᠤᠮ》 ᠭᠡᠬᠦ᠎ᠳᠦ ᠪᠤᠵᠢᠳ ᠪᠠᠶᠠᠷᠯᠠᠨ:
《ᠵᠠᠭᠤᠨ ᠲᠥᠭᠦᠷᠢᠭ ᠪᠣᠯᠪᠠᠯ ᠠᠷᠪᠠᠨ ᠭᠠᠬᠠᠢ ᠬᠤᠳᠠᠯᠳᠤᠪᠠᠯ ᠬᠡᠳᠦᠢ ᠲᠥᠭᠦᠷᠢᠭ ᠪᠣᠯᠬᠤ ᠪᠤᠢ?》 ᠭᠡᠵᠦ ᠠᠰᠠᠭᠤᠪᠠ᠃
《ᠪᠦᠭᠦᠳᠡ᠎ᠶᠢ ᠬᠤᠳᠠᠯᠳᠤᠵᠤ ᠣᠷᠬᠢᠭᠠᠳ᠂ ᠳᠠᠬᠢᠵᠤ ᠴᠢᠮ᠎ᠠ᠎ᠪᠠᠷ ᠲᠥᠷᠦᠭᠦᠯᠬᠦᠦᠦ?》 ᠭᠡᠵᠦ ᠰᠢᠯᠢᠭ ᠠᠭᠤᠷᠯᠠᠪᠠ᠃ ᠢᠩᠭᠢᠭᠡᠳ ᠰᠢᠯᠢᠭ ᠡᠪᠦᠭᠡᠨ ᠥᠲᠡᠯᠦᠭᠡ ᠨᠠᠰᠤᠨ᠎ᠳᠠᠭᠠᠨ ᠭᠠᠬᠠᠢ ᠲᠡᠵᠢᠭᠡᠵᠦ 《ᠪᠠᠶᠠᠵᠢᠬᠤ》 ᠵᠠᠮ᠎ᠳᠤ ᠣᠷᠤᠪᠠ᠃
ᠪᠢ ᠲᠡᠭᠦᠨ᠎ᠦ ᠬᠠᠮᠤᠭ ᠰᠡᠭᠦᠯ᠎ᠦᠨ ᠠᠮᠢᠳᠤᠷᠠᠯ᠎ᠢ ᠮᠡᠳᠡᠵᠦ ᠴᠢᠳᠠᠭᠰᠠᠨ᠎ᠦᠭᠡᠢ᠃ 《ᠰᠢᠯᠢᠭ ᠡᠪᠦᠭᠡᠨ ᠪᠠᠷᠢᠭᠠᠳᠠ᠎ᠶᠢᠨ ᠨᠢᠭᠡ ᠴᠠᠷ (ᠱᠠᠷ)᠎ᠢ ᠡᠭᠦᠳᠡᠨ ᠳᠡᠭᠡᠷ᠎ᠡ᠎ᠪᠡᠨ ᠤᠶᠠᠵᠤ ᠪᠠᠢᠭᠠᠳ ᠠᠮᠢᠳᠤ᠎ᠪᠠᠷ ᠥᠯᠪᠡᠷᠦᠭᠦᠯᠵᠦ ᠠᠯᠠᠪᠠ》᠂ 《ᠰᠢᠯᠢᠭ ᠡᠪᠦᠭᠡᠨ ᠡᠪᠦᠯ᠎ᠦᠨ ᠢᠳᠡᠰᠢ ᠬᠢᠬᠦ ᠪᠣᠯᠤᠭᠰᠠᠨ ᠪᠦᠳᠦᠭᠦᠨ ᠦᠬᠡᠷ᠎ᠢᠶᠡᠨ ᠤᠰᠤᠨ᠎ᠳᠤ ᠲᠠᠯᠪᠢᠵᠠᠢ》᠂ 《ᠰᠢᠯᠢᠭ ᠡᠪᠦᠭᠡᠨ ᠪᠣᠷᠤ ᠰᠢᠯᠢ᠎ᠶᠢᠨ ᠡᠩᠭᠡᠷ᠎ᠲᠦ ᠰᠤᠪᠠᠭ ᠲᠠᠲᠠᠵᠤ ᠲᠠᠷᠪᠠᠭ᠎ᠠ ᠤᠰᠤᠯᠠᠭᠠᠳ ᠠᠯᠠᠵᠤ ᠪᠠᠢᠨ᠎ᠠ》᠂ 《ᠰᠢᠯᠢᠭ ᠡᠪᠦᠭᠡᠨ ᠠᠷᠠᠯ᠎ᠠᠴᠠ ᠭᠠᠯᠠᠭᠤᠨ᠎ᠤ ᠥᠨᠳᠡᠭᠡ ᠣᠯᠤᠭᠠᠳ ᠬᠢᠲᠠᠳ ᠬᠥᠮᠦᠨ᠎ᠳᠦ ᠬᠤᠳᠠᠯᠳᠤᠵᠤ ᠪᠠᠢᠨ᠎ᠠ》᠂ 《ᠰᠢᠯᠢᠭ ᠡᠪᠦᠭᠡᠨ ᠮᠥᠭᠦ ᠲᠡᠭᠦᠭᠡᠳ ᠬᠤᠳᠠᠯᠳᠤᠵᠤ ᠪᠠᠢᠨ᠎ᠠ》᠂ 《ᠰᠢᠯᠢᠭ ᠡᠪᠦᠭᠡᠨ ᠡᠮ᠎ᠦᠨ ᠡᠪᠡᠰᠦ ᠲᠡᠭᠦᠭᠡᠳ᠂ ᠬᠤᠳᠠᠯᠳᠤᠵᠤ ᠪᠠᠢᠨ᠎ᠠ》᠂ 《ᠰᠢᠯᠢᠭ ᠡᠪᠦᠭᠡᠨ ᠁》 ᠭᠡᠳᠡᠭ ᠡᠯᠳᠡᠪ ᠴᠢᠮᠡᠭᠡ ᠰᠣᠨᠤᠰᠤᠭᠰᠠᠨ ᠪᠣᠯᠪᠠᠴᠤ ᠡᠳᠡᠭᠡᠷ ᠵᠥᠭᠡᠭᠡᠪᠦᠷᠢ ᠴᠢᠮᠡᠭᠡ ᠳᠣᠲᠤᠷ᠎ᠠ 《ᠰᠢᠯᠢᠭ ᠡᠪᠦᠭᠡᠨ ᠭᠠᠬᠠᠢ ᠲᠡᠵᠢᠭᠡᠭᠡᠳ ᠬᠤᠳᠠᠯᠳᠤᠭᠰᠠᠨ》 ᠴᠢᠮᠡᠭᠡ᠎ᠶᠢ ᠣᠯᠵᠤ ᠰᠣᠨᠤᠰᠤᠭᠰᠠᠨ᠎ᠦᠭᠡᠢ ᠪᠢ᠃ ᠰᠢᠯᠢᠭ ᠡᠪᠦᠭᠡᠨ ᠣᠳᠣ ᠨᠢᠭᠡᠨᠲᠡ ᠬᠥᠮᠦᠨ᠎ᠦ ᠶᠢᠷᠲᠢᠨᠴᠦ᠎ᠡᠴᠡ ᠬᠠᠭᠠᠴᠠᠵᠠᠢ᠃ ᠠᠢ᠂ ᠬᠥᠭᠡᠷᠦᠬᠦᠢ ᠳ᠋ᠡ᠃