ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠭᠠᠵᠠᠷ ᠲᠠᠷᠢᠶ᠎ᠠ

ᠴᠢᠨ ᠮᠦ

ᠪᠢᠳᠡ ᠪᠣᠯ ᠬᠥᠮᠦᠨ ᠲᠥᠷᠦᠯᠬᠢᠲᠡᠨ᠎ᠦ ᠰᠢᠨ᠎ᠡ ᠲᠡᠦᠬᠡ᠎ᠶᠢ ᠨᠡᠭᠡᠭᠡᠵᠦ ᠪᠠᠢᠭ᠎ᠠ ᠭᠡᠷᠡᠯ ᠰᠠᠴᠤᠷᠠᠩᠭᠤᠢ ᠴᠠᠭ ᠦᠶ᠎ᠡ᠎ᠳᠦ ᠠᠮᠢᠳᠤᠷᠠᠵᠤ ᠪᠠᠢᠭ᠎ᠠ᠎ᠶᠤᠮ᠃ ᠡᠨᠡ᠎ᠬᠦ ᠴᠠᠭ ᠦᠶ᠎ᠡ᠎ᠳᠦ ᠮᠠᠰᠢ ᠣᠯᠠᠨ ᠬᠡᠷᠡᠭ ᠪᠣᠳᠠᠰ᠎ᠲᠤ ᠬᠥᠮᠦᠰ ᠰᠢᠨ᠎ᠡ ᠪᠣᠳᠤᠯ ᠰᠢᠨ᠎ᠡ ᠲᠥᠷᠦᠭᠳᠡᠯ ᠣᠷᠤᠵᠤ ᠪᠠᠢᠨ᠎ᠠ᠃ ᠲᠤᠶᠠᠭ᠎ᠠ ᠰᠠᠴᠤᠷᠠᠭᠤᠯᠤᠭᠰᠠᠨ ᠤᠷᠭᠤᠬᠤ ᠨᠠᠷᠠ᠂ ᠮᠥᠩᠬᠡ ᠨᠣᠭᠤᠭᠠᠨ ᠨᠠᠷᠠᠰᠤ ᠮᠠᠢᠯᠠᠰᠤ᠂ ᠰᠡᠬᠦᠢᠨ ᠰᠦᠨᠳᠡᠷᠯᠡᠭᠰᠡᠨ ᠬᠠᠳᠠ ᠣᠷᠭᠢᠯ᠂ ᠣᠢᠯᠠᠰᠤᠨ ᠳᠣᠯᠭᠢᠶᠠᠯᠠᠭᠰᠠᠨ ᠠᠨᠠᠪᠠᠳ ᠳᠠᠯᠠᠢ᠎ᠶᠢ ᠴᠥᠭᠡᠨ ᠪᠤᠰᠤ ᠬᠥᠮᠦᠰ ᠮᠠᠭᠲᠠᠨ ᠳᠠᠭᠤᠯᠠᠵᠤ ᠪᠠᠢᠬᠤ ᠪᠢᠰᠢ᠎ᠦᠦ? ᠢᠳᠡᠷᠡᠭᠦᠨ ᠰᠦᠷᠯᠢᠭ ᠴᠠᠭᠠᠨ ᠤᠯᠢᠶᠠᠰᠤ᠂ ᠭᠡᠭᠡᠨ ᠰᠠᠷᠠᠭᠤᠯ ᠳ᠋ᠧᠩ᠎ᠦᠨ ᠭᠡᠷᠡᠯ᠂ ᠠᠭᠰᠤᠮᠨᠠᠨ ᠳᠠᠪᠬᠢᠬᠤ ᠲᠡᠷᠭᠡ᠂ ᠴᠣ᠋ ᠰᠢᠨ᠎ᠡ ᠤᠯᠠᠷᠢᠯ᠎ᠤᠨ ᠪᠢᠴᠢᠭ᠎ᠢ ᠴᠥᠭᠡᠨ ᠪᠤᠰᠤ ᠬᠥᠮᠦᠰ ᠪᠠᠬᠠᠳᠤᠨ ᠱᠠᠭᠰᠢᠵᠤ ᠪᠠᠢᠬᠤ ᠪᠢᠰᠢ᠎ᠦᠦ? ᠶᠠᠭᠤᠮᠠᠨ᠎ᠠᠴᠠ᠎ᠨᠢ ᠬᠥᠮᠦᠨ᠎ᠢ᠎ᠨᠢ ᠳᠤᠷᠠᠰᠤᠨ᠎ᠠ ᠭᠡᠭᠴᠢ᠎ᠪᠡᠷ ᠡᠳᠡᠭᠡᠷ ᠵᠦᠢᠯᠡᠰ᠎ᠨᠢ ᠬᠥᠮᠦᠰ᠎ᠲᠦ ᠬᠡᠴᠢᠨᠡᠨ ᠡᠯᠪᠡᠭ ᠪᠠᠶᠠᠯᠢᠭ᠂ ᠭᠦᠨ ᠰᠡᠳᠭᠢᠯᠲᠦ ᠲᠠᠭᠠᠮᠠᠭᠯᠠᠯ᠎ᠢ ᠲᠥᠷᠦᠭᠳᠡᠭᠦᠯᠦᠭᠰᠡᠨ᠎ᠦᠭᠡᠢ ᠪᠤᠢ?

ᠡᠨᠳᠡ ᠪᠢ ᠡᠬᠡ ᠭᠠᠵᠠᠷ᠂ ᠰᠢᠪᠠᠷ ᠰᠢᠷᠤᠢ᠎ᠶᠢᠨ ᠲᠤᠬᠠᠢ ᠶᠠᠷᠢᠶ᠎ᠠ ᠭᠡᠵᠦ ᠪᠣᠳᠤᠵᠤ ᠪᠠᠢᠨ᠎ᠠ᠃

ᠲᠠ ᠨᠢᠰᠭᠡᠯ᠎ᠳᠦ ᠰᠠᠭᠤᠭᠠᠳ ᠨᠣᠭᠤᠭᠠᠨ ᠬᠡᠮᠡᠷᠯᠢᠭ ᠨᠥᠮᠦᠷᠦᠭᠰᠡᠨ ᠦᠵᠦᠭᠦᠷ ᠬᠢᠵᠠᠭᠠᠷ᠎ᠦᠭᠡᠢ ᠡᠬᠡ ᠭᠠᠵᠠᠷ᠎ᠢ ᠬᠠᠷᠠᠬᠤ᠎ᠳᠠᠭᠠᠨ᠂ ᠲᠠ ᠮᠠᠰᠢᠨ᠎ᠤ ᠴᠣᠩᠬᠤ᠎ᠶᠢ ᠲᠦᠰᠢᠨ ᠰᠠᠭᠤᠭᠠᠳ ᠲᠦᠮᠡᠨ ᠪᠡᠷ᠎ᠡ᠎ᠶᠢᠨ ᠲᠡᠭᠰᠢ ᠲᠠᠯ᠎ᠠ᠎ᠶᠢ ᠬᠠᠷᠠᠬᠤ᠎ᠳᠠᠭᠠᠨ᠂ ᠡᠰᠡᠬᠦᠯ᠎ᠡ ᠬᠥᠳᠡᠭᠡ ᠲᠣᠰᠭᠤᠨ᠎ᠳᠤ ᠠᠬᠠᠮᠠᠳ ᠲᠠᠷᠢᠶᠠᠴᠢᠨ ᠠᠳᠭᠤ ᠰᠢᠷᠤᠢ ᠠᠪᠤᠭᠠᠳ ᠨᠠᠷᠢᠪᠴᠢᠯᠠᠨ ᠰᠢᠨᠵᠢᠵᠦ᠂ ᠴᠣᠬᠤᠮ ᠶᠠᠮᠠᠷ ᠦᠷ᠎ᠡ ᠲᠠᠷᠢᠶ᠎ᠠ ᠪᠤᠶᠤ ᠨᠣᠭᠤᠭ᠎ᠠ ᠲᠠᠷᠢᠪᠠᠯ ᠳᠡᠭᠡᠷ᠎ᠡ ᠭᠡᠳᠡᠭ᠎ᠢ ᠪᠣᠳᠤᠵᠤ ᠪᠠᠢᠬᠤ᠎ᠶᠢ᠎ᠨᠢ ᠬᠠᠷᠠᠬᠤ᠎ᠳᠠᠭᠠᠨ᠂ ᠡᠰᠡᠬᠦᠯ᠎ᠡ ᠲᠠ ᠥᠪᠡᠷ᠎ᠢᠶᠡᠨ ᠣᠯᠠᠨ᠎ᠲᠠᠢ᠎ᠪᠠᠨ ᠬᠠᠮᠲᠤ ᠲᠠᠷᠢᠶᠠᠨ ᠴᠢᠬᠢ ᠰᠠᠭᠤᠯᠭᠠᠬᠤ᠎ᠳᠤ ᠬᠠᠷ᠎ᠠ ᠰᠢᠪᠠᠷ ᠬᠥᠯ᠎ᠦᠨ ᠰᠠᠯᠠᠭᠠᠪᠴᠢ᠎ᠠᠴᠠ᠎ᠴᠢᠨᠢ ᠪᠢᠴᠠᠷᠠᠨ ᠭᠠᠷᠴᠤ ᠪᠠᠢᠬᠤ ᠦᠶᠡᠰ᠂ ᠭᠠᠵᠠᠷ ᠲᠠᠷᠢᠶ᠎ᠠ᠎ᠶᠢᠨ ᠲᠤᠬᠠᠢ ᠲᠠ ᠶᠡᠬᠡ ᠣᠯᠠᠨ ᠶᠠᠭᠤᠮ᠎ᠠ ᠪᠣᠳᠤᠪᠠ᠎ᠤᠤ᠎ᠦᠭᠡᠢ᠎ᠤᠤ? ᠲᠡᠭᠦᠨ᠎ᠦ ᠥᠩᠭᠡᠷᠡᠭᠰᠡᠨ ᠪᠠ ᠢᠷᠡᠭᠡᠳᠦᠢ᠎ᠶᠢ᠎ᠨᠢ᠂ ᠬᠥᠳᠡᠯᠮᠦᠷᠢᠴᠢᠨ ᠠᠷᠠᠳ ᠲᠦᠮᠡᠨ ᠦᠶ᠎ᠡ ᠤᠯᠠᠷᠢᠨ ᠭᠠᠵᠠᠷ ᠰᠢᠷᠤᠢ᠎ᠶᠢᠨ ᠡᠵᠡᠨ᠎ᠨᠢ ᠪᠣᠯᠬᠤ᠎ᠶᠢᠨ ᠲᠥᠯᠦᠭᠡ ᠬᠡᠷᠬᠢᠨ ᠲᠡᠮᠡᠴᠡᠵᠦ ᠴᠢᠰᠤ᠎ᠪᠠᠨ ᠤᠷᠤᠰᠭᠠᠭᠰᠠᠨ᠎ᠢ᠎ᠨᠢ᠂ ᠤᠷᠲᠤ ᠤᠳᠠᠭᠠᠨ ᠲᠡᠦᠬᠡᠨ ᠳᠡᠭᠡᠷ᠎ᠡ ᠮᠠᠨ᠎ᠤ ᠭᠠᠵᠠᠷ ᠲᠠᠷᠢᠶᠠᠨ᠎ᠤ ᠬᠡᠰᠡᠭ ᠪᠦᠷᠢ᠎ᠳᠦ ᠢᠯᠡᠷᠡᠭᠰᠡᠨ ᠬᠥᠮᠦᠨ ᠪᠠ ᠦᠢᠯᠡ ᠬᠡᠷᠡᠭ᠎ᠢ᠎ᠨᠢ᠂ ᠲᠡᠳᠡᠨ᠎ᠦ ᠵᠣᠪᠠᠯᠠᠩ᠂ ᠬᠢᠯᠢᠩ᠂ ᠬᠦᠰᠡᠯᠡᠩ᠂ ᠲᠠᠪᠢᠯᠠᠩ᠎ᠢ᠎ᠨᠢ ᠰᠠᠨᠠᠪᠠ᠎ᠤᠤ᠎ᠦᠭᠡᠢ᠎ᠤᠤ?

ᠵᠠᠷᠢᠮ᠎ᠳᠠᠭᠠᠨ ᠪᠢ ᠬᠠᠨᠠᠭᠠᠷ ᠠᠭᠤᠳᠠᠮ ᠡᠬᠡ ᠳᠡᠯᠡᠬᠡᠢ᠎ᠶᠢ ᠪᠠᠷᠠᠯᠠᠭᠰᠠᠭᠠᠷ ᠪᠣᠳᠤᠯ ᠰᠡᠳᠭᠢᠯ᠎ᠦᠨ ᠬᠤᠯᠠᠨ᠎ᠳᠠᠬᠢ᠎ᠶᠢ ᠵᠠᠢᠳᠠᠩᠨᠠᠵᠤ ᠠᠯᠤᠰ ᠲᠡᠷᠲᠡᠭᠡ ᠳᠠᠪᠬᠢᠭᠤᠯᠤᠨ ᠬᠦᠷᠦᠭᠡᠳ ᠵᠢᠯᠤᠭᠤ᠎ᠪᠠᠨ ᠰᠠᠶᠢ ᠲᠠᠲᠠᠰᠭᠢᠵᠦ ᠨᠢᠳᠦᠨ ᠡᠮᠦᠨᠡᠬᠢ ᠭᠡᠷᠡᠯ ᠭᠢᠯᠪᠠᠭᠠᠲᠤ ᠦᠨᠡᠨ ᠠᠬᠤᠢ᠎ᠶᠢᠨ ᠳᠤᠮᠳᠠ᠎ᠪᠠᠨ ᠠᠯᠭᠤᠷᠬᠠᠨ ᠪᠤᠴᠠᠨ ᠢᠷᠡᠳᠡᠭ ᠪᠠᠢᠨ᠎ᠠ᠃

ᠪᠢ ᠬᠣᠶᠠᠷ ᠮᠢᠩᠭ᠎ᠠ ᠵᠢᠷᠭᠤᠭᠠᠨ ᠵᠠᠭᠤ ᠭᠠᠷᠤᠢ ᠵᠢᠯ᠎ᠦᠨ ᠡᠮᠦᠨ᠎ᠡ ᠤᠮᠠᠷ᠎ᠠ ᠵᠦᠭ᠎ᠦᠨ ᠲᠠᠯ᠎ᠠ ᠭᠠᠵᠠᠷ ᠳᠡᠭᠡᠷ᠎ᠡ ᠪᠣᠯᠤᠭᠰᠠᠨ ᠨᠢᠭᠡ ᠦᠯᠢᠭᠡᠷ᠎ᠢ ᠰᠠᠨᠠᠯ᠎ᠠ᠃

ᠵᠢᠭᠤᠳᠠᠵᠤ ᠶᠠᠪᠤᠬᠤ ᠨᠢᠭᠡ ᠪᠦᠯᠦᠭ ᠢᠵᠠᠭᠤᠷᠲᠠᠳ ᠰᠢᠷ᠎ᠠ ᠬᠥᠷᠦᠰᠦᠲᠦ ᠲᠠᠯ᠎ᠠ ᠭᠠᠵᠠᠷ᠎ᠢᠶᠠᠷ ᠰᠠᠨᠳᠤᠷᠤᠩᠭᠤᠢ ᠳᠠᠪᠬᠢᠭᠤᠯᠵᠤ ᠪᠠᠢᠪᠠ᠃ ᠲᠡᠳᠡ ᠬᠡᠳᠦᠢᠪᠡᠷ ᠰᠡᠯᠡᠮ᠎ᠡ ᠵᠡᠭᠦᠵᠦ ᠲᠡᠷᠭᠡ ᠬᠥᠯᠭᠡᠯᠡᠵᠦ ᠪᠠᠢᠪᠠᠴᠤ ᠶᠠᠳᠠᠷᠠᠵᠤ ᠴᠤᠴᠠᠵᠤ᠂ ᠥᠯᠦᠰᠴᠦ ᠥᠯᠪᠡᠷᠬᠦ᠎ᠶᠢᠨ ᠲᠤᠢᠯ᠎ᠳᠤ ᠲᠤᠯᠤᠭᠰᠠᠨ᠎ᠨᠢ ᠦᠵᠡᠲᠡᠯ᠎ᠡ ᠢᠯᠡᠷᠬᠡᠢ᠃ ᠲᠡᠳᠡ ᠬᠠᠢᠨ ᠰᠤᠷᠠᠬᠤ ᠬᠠᠷᠠᠴᠠ᠎ᠪᠠᠷ ᠲᠠᠷᠢᠶ᠎ᠠ ᠤᠷᠭᠤᠮᠠᠯ᠎ᠢ ᠠᠵᠢᠭᠯᠠᠵᠤ ᠶᠠᠪᠤᠨ᠎ᠠ᠂ ᠭᠡᠲᠡᠯ᠎ᠡ ᠰᠢᠲᠠᠮ᠎ᠠ ᠨᠠᠷᠠᠨ ᠲᠥᠭᠡᠨᠡᠵᠦ᠂ ᠪᠤᠭᠤᠳᠠᠢ᠎ᠶᠢᠨ ᠴᠢᠬᠢ ᠵᠤᠷᠬ᠎ᠠ᠎ᠪᠠᠨ᠎ᠳᠠᠭᠠᠨ ᠴᠣᠬᠤᠷᠲᠤᠭᠠᠳ ᠢᠳᠡᠬᠦ ᠶᠠᠭᠤᠮ᠎ᠠ ᠭᠡᠵᠦ ᠬᠠᠮᠢᠭ᠎ᠠ᠎ᠠᠴᠠ ᠣᠯᠳᠠᠬᠤ ᠠᠵᠢ! ᠨᠢᠭᠡ ᠲᠠᠷᠢᠶᠠᠴᠢᠨ ᠲᠠᠷᠢᠶ᠎ᠠ᠎ᠪᠠᠨ ᠠᠷᠴᠢᠵᠤ ᠪᠠᠢᠪᠠ᠃ ᠵᠢᠭᠤᠳᠠᠵᠤ ᠶᠠᠪᠤᠬᠤ ᠬᠥᠮᠦᠰ᠎ᠦᠨ ᠳᠣᠲᠤᠷ᠎ᠠ᠎ᠠᠴᠠ ᠵᠢᠨᠦᠩ ᠮᠠᠶᠢᠭᠲᠠᠢ ᠨᠢᠭᠡ ᠬᠥᠮᠦᠨ ᠲᠡᠷᠭᠡᠨ᠎ᠡᠴᠡ᠎ᠪᠡᠨ ᠪᠠᠭᠤᠵᠤ ᠲᠠᠷᠢᠶᠠᠴᠢᠨ᠎ᠠᠴᠠ: 《ᠪᠢᠳᠡᠨ᠎ᠳᠦ ᠵᠢᠭᠠᠯ ᠵᠢᠭᠤᠯ ᠢᠳᠡᠬᠦ ᠶᠠᠭᠤᠮ᠎ᠠ ᠥᠭᠬᠦ᠎ᠶᠢ ᠲᠠᠨ᠎ᠠᠴᠠ ᠭᠤᠶᠤᠶ᠎ᠠ! ᠪᠢᠳᠡ ᠬᠡᠴᠢᠨᠡᠨ ᠡᠳᠦᠷ ᠶᠠᠭᠤᠮ᠎ᠠ ᠢᠳᠡᠭᠡ᠎ᠦᠭᠡᠢ ᠪᠣᠯᠬᠣᠷ ᠲᠠ ᠶᠠᠭᠠᠬᠢᠭᠰᠠᠨ᠎ᠴᠤ ᠬᠠᠪᠰᠤᠷᠴᠤ ᠦᠵᠡ ᠳ᠋ᠡ 》 ᠭᠡᠵᠦ ᠶᠣᠰᠤᠷᠬᠠᠨ ᠭᠤᠶᠤᠵᠠᠢ᠃ ᠮᠥᠷᠦ ᠳᠠᠯᠤ ᠨᠢᠴᠦᠭᠦᠨ᠂ ᠡᠷᠦᠬᠡ ᠭᠡᠷ᠎ᠲᠡᠭᠡᠨ ᠢᠳᠡᠬᠦ ᠡᠮᠦᠰᠬᠦ᠎ᠳᠡᠭᠡᠨ ᠵᠦᠳᠡᠵᠦ ᠪᠠᠢᠭ᠎ᠠ ᠲᠠᠷᠢᠶᠠᠴᠢᠨ ᠡᠳᠡᠭᠡᠷ ᠲᠠᠷᠢᠵᠤ ᠬᠤᠷᠢᠶᠠᠬᠤ᠎ᠶᠢᠨ ᠵᠣᠪᠠᠯᠠᠩ᠎ᠢ ᠦᠯᠦ ᠮᠡᠳᠡᠭᠴᠢ ᠬᠥᠮᠦᠰ᠎ᠢ ᠬᠢᠯᠠᠮᠬᠢᠨ ᠬᠠᠷᠠᠭᠠᠳ ᠶᠠᠭᠤ᠎ᠴᠤ ᠬᠡᠯᠡᠭᠰᠡᠨ᠎ᠦᠭᠡᠢ᠂ ᠲᠠᠷᠢᠶᠠᠨ᠎ᠠᠴᠠ᠎ᠪᠠᠨ ᠲᠣᠮᠤᠬᠠᠨ ᠬᠡᠰᠡᠭᠲᠦ ᠰᠢᠷᠤᠢ᠎ᠶᠢ ᠠᠪᠴᠤ ᠵᠢᠨᠦᠩ ᠮᠠᠶᠢᠭᠲᠠᠢ ᠬᠥᠮᠦᠨ᠎ᠦ ᠡᠮᠦᠨ᠎ᠡ ᠠᠪᠠᠴᠢᠭᠠᠳ᠂ ᠭᠤᠨᠢᠭ ᠬᠣᠷᠤᠰᠤᠯ᠎ᠢᠶᠠᠨ ᠳᠠᠷᠤᠨ ᠪᠠᠢᠵᠤ: 《ᠡᠭᠦᠨ᠎ᠢ ᠠᠪ!》 ᠭᠡᠵᠦ ᠬᠡᠯᠡᠪᠡ᠃ ᠵᠢᠨᠦᠩ ᠮᠠᠶᠢᠭᠲᠠᠢ ᠬᠥᠮᠦᠨ ᠡᠭᠦᠨ᠎ᠡᠴᠡ ᠪᠣᠯᠵᠤ ᠬᠢᠯᠢᠩ ᠲᠥᠷᠦᠨ ᠠᠭᠤᠷᠰᠠᠭᠰᠠᠨ ᠪᠣᠯᠤᠯᠲᠠᠢ ᠡᠷᠭᠢᠵᠦ ᠬᠠᠷᠠᠭᠠᠳ ᠲᠡᠷᠭᠡᠨ ᠳᠡᠭᠡᠷ᠎ᠡ᠎ᠡᠴᠡ᠎ᠪᠡᠨ ᠮᠣᠷᠢᠨ ᠲᠠᠰᠢᠭᠤᠷ᠎ᠢᠶᠠᠨ ᠠᠪᠴᠤ᠂ ᠶᠠᠩᠪᠠ ᠯᠠᠷᠵᠢᠶ᠎ᠠ᠎ᠪᠠᠨ ᠦᠵᠡᠭᠦᠯᠬᠦ ᠭᠡᠵᠦ ᠪᠣᠳᠤᠭᠠᠳ᠂ ᠠᠶᠤᠮᠰᠢᠭ᠎ᠦᠭᠡᠢ ᠰᠦᠷ ᠰᠦᠯᠳᠡ᠎ᠳᠦᠨᠢ ᠬᠠᠯᠳᠠᠭᠰᠠᠨ ᠲᠠᠷᠢᠶᠠᠴᠢᠨ᠎ᠢ ᠲᠠᠰᠢᠭᠤᠷᠳᠠᠬᠤ ᠭᠡᠵᠡᠢ᠃ ᠭᠡᠲᠡᠯ᠎ᠡ ᠠᠬᠢᠮᠠᠭ ᠨᠠᠰᠤᠨ᠎ᠤ ᠲᠦᠰᠢᠮᠡᠯ ᠮᠠᠶᠢᠭᠲᠠᠢ ᠬᠥᠮᠦᠨ ᠬᠣᠷᠢᠵᠤ ᠵᠣᠭᠰᠤᠭᠠᠭᠠᠳ: 《ᠡᠨᠡ ᠪᠣᠯ ᠭᠠᠵᠠᠷ ᠰᠢᠷᠤᠢ᠎ᠶᠤᠮ᠂ ᠳᠡᠭᠡᠳᠦ ᠲᠩᠷᠢ᠎ᠡᠴᠡ ᠮᠠᠨ᠎ᠳᠤ ᠢᠪᠡᠭᠡᠭᠰᠡᠨ ᠰᠢᠦ᠂ ᠡᠨᠡ᠎ᠴᠢᠨᠢ ᠮᠠᠨ᠎ᠳᠠᠭᠠᠨ ᠪᠡᠯᠭᠡ᠎ᠲᠡᠢ ᠶᠠᠭᠤᠮ᠎ᠠ ᠪᠣᠯᠬᠤ ᠪᠢᠰᠢ᠎ᠦᠦ?》 ᠭᠡᠵᠡᠢ᠃ ᠲᠡᠭᠡᠬᠦ᠎ᠳᠦ ᠬᠠᠴᠢᠨ ᠵᠢᠭᠲᠡᠢ ᠪᠠᠢᠳᠠᠯ ᠭᠠᠷᠴᠠᠢ᠃ ᠲᠡᠷᠡ ᠵᠢᠨᠦᠩ ᠮᠠᠶᠢᠭᠲᠠᠢ ᠬᠥᠮᠦᠨ ᠭᠡᠨᠡᠳᠲᠡ ᠭᠠᠵᠠᠷ ᠰᠥᠭᠦᠳᠴᠦ᠂ ᠳᠡᠭᠡᠳᠦ ᠲᠡᠭᠷᠢ᠎ᠳᠦ ᠮᠥᠷᠭᠦᠨ ᠲᠠᠯᠠᠷᠬᠠᠭᠠᠳ ᠪᠥᠭᠡᠮ ᠰᠢᠪᠠᠷ᠎ᠢ ᠲᠥᠪ ᠶᠡᠬᠡᠮᠰᠦᠭ᠎ᠢᠶᠡᠷ ᠪᠢᠲᠡᠭᠦᠯᠡᠨ ᠠᠪᠴᠤ᠂ ᠲᠡᠷᠭᠡᠨ ᠳᠡᠭᠡᠷ᠎ᠡ᠎ᠪᠡᠨ ᠲᠠᠯᠪᠢᠵᠤ᠂ ᠮᠣᠷᠢ᠎ᠪᠠᠨ ᠰᠢᠪᠠᠳᠠᠨ ᠶᠠᠪᠤᠵᠠᠭᠠᠪᠠ᠃ ᠲᠡᠷᠭᠡ ᠮᠣᠷᠢᠳ᠎ᠤᠨ ᠥᠩᠭᠡᠷᠡᠭᠰᠡᠨ ᠭᠠᠵᠠᠷ᠎ᠠᠴᠠ ᠲᠡᠭᠷᠢ ᠲᠤᠯᠤᠮ᠎ᠠ ᠲᠣᠭᠤᠰᠤ ᠪᠤᠵᠢᠭᠢᠨᠠᠯ᠎ᠠ ᠁

ᠡᠨᠡ ᠪᠣᠯ 《ᠽᠦᠸᠧ ᠵᠤᠸᠠᠨ ᠱᠠᠰᠲᠢᠷ》᠎ᠲᠤ ᠲᠡᠮᠳᠡᠭᠯᠡᠭᠳᠡᠭᠰᠡᠨ᠂ ᠴᠦᠨ ᠴᠢᠦ᠎ᠶᠢᠨ ᠦᠶ᠎ᠡ᠎ᠶᠢᠨ ᠵᠢᠨ ᠭᠦᠷᠦᠨ᠎ᠦ ᠭᠦᠩ᠎ᠦᠨ ᠠᠭᠡ ᠴᠦᠩ ᠡᠯ ᠳᠤᠲᠠᠭᠠᠵᠤ ᠶᠠᠪᠤᠬᠤ ᠵᠠᠮ᠎ᠳᠤ ᠭᠠᠷᠤᠭᠰᠠᠨ ᠦᠯᠢᠭᠡᠷ᠎ᠶᠦᠮ᠃

ᠡᠢᠮᠦ ᠬᠠᠴᠢᠨ ᠵᠢᠭᠲᠡᠢ ᠶᠠᠪᠤᠳᠠᠯ ᠭᠠᠷᠳᠠᠭ᠎ᠨᠢ ᠶᠠᠮᠠᠷ ᠤᠴᠢᠷ ᠪᠤᠢ? ᠭᠡᠪᠡᠯ ᠡᠳᠡᠭᠡᠷ ᠢᠵᠠᠭᠤᠷᠲᠠᠳ ᠵᠢᠭᠤᠳᠠᠵᠤ ᠶᠠᠪᠤᠬᠤ ᠵᠠᠮ᠎ᠳᠠᠭᠠᠨ ᠶᠠᠩᠪᠠ ᠯᠠᠷᠵᠢᠶ᠎ᠠ᠎ᠪᠠᠨ ᠠᠷᠭ᠎ᠠ ᠪᠤᠰᠤ ᠳᠠᠷᠤᠵᠤ ᠪᠠᠢᠬᠤ ᠬᠡᠷᠡᠭᠲᠡᠢ᠎ᠡᠴᠡ ᠭᠠᠳᠠᠨ᠎ᠠ ᠪᠠᠰᠠ ᠨᠢᠭᠡ ᠰᠢᠯᠲᠠᠭᠠᠨ᠎ᠨᠢ᠂ ᠲᠡᠳᠡᠨ᠎ᠦ ᠨᠢᠳᠦᠨ᠎ᠳᠦ ᠭᠠᠵᠠᠷ ᠲᠠᠷᠢᠶ᠎ᠠ ᠪᠣᠯ ᠳᠡᠭᠡᠳᠦ ᠲᠡᠭᠷᠢ᠎ᠶᠢᠨ ᠥᠭᠦᠯᠡᠰᠢ᠎ᠦᠭᠡᠢ ᠢᠪᠡᠭᠡᠯ ᠪᠠ ᠡᠳ᠋ ᠪᠠᠶᠠᠯᠢᠭ᠂ ᠡᠷᠬᠡ ᠰᠦᠷ᠎ᠢ ᠲᠥᠯᠦᠭᠡᠯᠡᠵᠦ ᠪᠠᠢᠬᠤ᠎ᠶᠤᠮ ᠭᠡᠨ᠎ᠡ! ᠭᠠᠵᠠᠷ ᠰᠢᠷᠤᠢ᠎ᠶᠢᠨ ᠥᠮᠴᠢᠯᠡᠬᠦ ᠡᠷᠬᠡ᠎ᠶᠢ ᠡᠵᠡᠮᠰᠢᠴᠢᠬᠡᠪᠡᠯ ᠲᠠᠷᠢᠶᠠᠴᠢᠨ᠎ᠤ ᠴᠢᠰᠤ ᠬᠥᠯᠦᠰᠦ᠎ᠶᠢ ᠬᠡᠵᠢᠶ᠎ᠡ ᠡᠭᠦᠷᠢᠳᠡ ᠰᠣᠷᠤᠵᠤ ᠪᠣᠯᠤᠨ᠎ᠠ ᠭᠡᠭᠴᠢ᠎ᠶᠢ ᠲᠡᠳᠡ ᠮᠡᠳᠡᠳᠡᠭ ᠪᠠᠢᠨ᠎ᠠ᠃

ᠡᠷᠲᠡᠨ᠎ᠦ ᠳᠤᠮᠳᠠᠳᠤ ᠤᠯᠤᠰ᠎ᠤᠨ ᠬᠠᠭᠠᠳ᠂ ᠭᠠᠵᠠᠷ ᠨᠤᠲᠤᠭ᠎ᠢᠶᠠᠨ ᠭᠦᠩ ᠾᠧᠦ᠎ᠨᠡᠷ᠎ᠲᠦ ᠳᠠᠷᠬᠠᠯᠠᠨ ᠱᠠᠩᠨᠠᠬᠤ᠎ᠳᠠᠭᠠᠨ ᠬᠠᠭᠠᠨ᠎ᠨᠢ ᠭᠠᠵᠠᠷ᠎ᠤᠨ ᠮᠠᠨᠳᠠᠯ᠎ᠳᠤ ᠵᠣᠭᠰᠤᠵᠤ᠂ ᠬᠡᠰᠡᠭ ᠰᠢᠪᠠᠷ ᠠᠪᠤᠭᠠᠳ ᠡᠪᠡᠰᠦ ᠤᠯᠠᠯᠵᠢᠨ᠎ᠳᠤ ᠪᠣᠭᠤᠵᠤ᠂ ᠳᠠᠷᠬᠠᠯᠠᠭᠳᠠᠬᠤ ᠬᠥᠮᠦᠨ᠎ᠳᠦ ᠭᠠᠷᠳᠠᠭᠤᠯᠬᠤ ᠡᠢᠮᠦ ᠨᠢᠭᠡᠨ ᠶᠣᠰᠤᠯᠠᠯ᠎ᠲᠠᠢ ᠪᠠᠢᠵᠠᠢ᠃ ᠳᠡᠭᠡᠷ᠎ᠡ ᠵᠠᠭᠤᠨ᠎ᠤ ᠦᠶ᠎ᠡ᠎ᠳᠦ ᠺᠣᠯᠣᠨᠢᠴᠢᠯᠠᠭᠴᠢ ᠳᠡᠭᠡᠷᠡᠮᠴᠢᠳ ᠢᠳᠡᠷ ᠨᠠᠰᠤᠨ᠎ᠳᠠᠭᠠᠨ ᠪᠠᠢᠬᠤ ᠦᠶᠡᠰ᠎ᠲᠡᠭᠡᠨ ᠨᠣᠮᠤᠬᠠᠨ ᠳᠠᠯᠠᠢ᠎ᠶᠢᠨ ᠣᠯᠠᠨ ᠠᠷᠠᠯ ᠳᠡᠭᠡᠷᠡᠬᠢ ᠨᠤᠲᠤᠭ᠎ᠤᠨ ᠬᠥᠮᠦᠰ᠎ᠢ ᠤᠯᠠᠢᠷᠠᠨ ᠬᠢᠳᠤᠵᠤ᠂ ᠲᠡᠳᠡᠨ᠎ᠢ ᠠᠯᠪᠠᠳᠠᠨ ᠣᠷᠤᠭᠤᠯᠵᠤ ᠠᠪᠬᠤ᠎ᠳᠠᠭᠠᠨ ᠨᠢᠭᠡ ᠵᠦᠢᠯ᠎ᠦᠨ ᠪᠠᠭᠤᠵᠤ ᠥᠭᠬᠦ ᠶᠣᠰᠤᠯᠠᠯ ᠶᠠᠪᠤᠭᠤᠯᠳᠠᠭ᠃ ᠲᠤᠬᠠᠢᠯᠠᠪᠠᠯ ᠨᠤᠲᠤᠭ᠎ᠤᠨ ᠬᠥᠮᠦᠰ᠎ᠢ ᠭᠠᠵᠠᠷ ᠰᠥᠭᠦᠳᠭᠡᠵᠦ᠂ ᠡᠯᠡᠰᠦ ᠰᠢᠷᠤᠢ᠎ᠶᠢ ᠲᠣᠯᠤᠭᠠᠢ ᠳᠡᠭᠡᠷ᠎ᠡ᠎ᠨᠢ ᠠᠰᠭᠠᠭᠤᠯᠳᠠᠭ᠃ ᠣᠯᠠᠩᠬᠢ ᠭᠠᠵᠠᠷ᠎ᠤᠨ ᠠᠢᠮᠠᠭ ᠶᠠᠰᠤᠲᠠᠳ ᠰᠥᠭᠦᠳᠴᠦ ᠪᠠᠢᠭ᠎ᠠ ᠦᠶ᠎ᠡ᠎ᠳᠡᠭᠡᠨ ᠠᠷᠢᠭᠤᠨ ᠳᠠᠷᠬᠠᠨ ᠬᠥᠷᠦᠰᠦ ᠰᠢᠷᠤᠢ᠎ᠶᠢ ᠭᠠᠪᠠᠯᠠ ᠳᠡᠭᠡᠷ᠎ᠡ᠎ᠪᠡᠨ ᠭᠠᠷᠭᠠᠬᠤ ᠳᠤᠷ᠎ᠠ᠎ᠦᠭᠡᠢ᠎ᠠᠴᠠ ᠪᠣᠯᠤᠭᠠᠳ ᠪᠥᠭᠡᠮ᠎ᠢᠶᠡᠷ ᠬᠢᠳᠤᠭᠳᠠᠭᠰᠠᠨ ᠪᠢᠯᠡ᠃

ᠠ! ᠡᠷᠳᠡᠨᠢᠲᠦ ᠭᠠᠵᠠᠷ ᠲᠠᠷᠢᠶ᠎ᠠ᠎ᠮᠢᠨᠢ! ᠲᠠᠷᠢᠵᠤ ᠬᠤᠷᠢᠶᠠᠬᠤ᠎ᠶᠢ ᠦᠯᠦ ᠮᠡᠳᠡᠭᠴᠢ ᠮᠥᠯᠵᠢᠭᠴᠢ ᠠᠩᠭᠢ ᠠᠷᠭ᠎ᠠ ᠪᠦᠬᠦᠨ᠎ᠢ ᠰᠦᠪᠡᠭᠴᠢᠯᠡᠨ ᠲᠡᠭᠦᠨ᠎ᠢ ᠪᠤᠯᠢᠶᠠᠵᠤ ᠳᠡᠭᠡᠷᠡᠮᠳᠡᠨ ᠠᠪᠴᠤ᠂ ᠲᠡᠭᠦᠨ᠎ᠢᠶᠡᠷ ᠡᠳ᠋ ᠪᠠᠶᠠᠯᠢᠭ᠎ᠢ ᠴᠥᠯᠪᠡᠨ ᠠᠪᠬᠤ ᠪᠠᠭᠠᠵᠢ ᠪᠣᠯᠭᠠᠬᠤ᠎ᠶᠢ᠎ᠯᠠ ᠮᠡᠳᠡᠭᠰᠡᠨ᠎ᠶᠦᠮ᠃ ᠭᠠᠵᠠᠷ ᠳᠡᠭᠡᠷ᠎ᠡ ᠲᠠᠪᠤᠨ ᠲᠠᠷᠢᠶ᠎ᠠ᠎ᠶᠢ ᠭᠠᠷᠳᠠᠨ ᠲᠠᠷᠢᠭᠴᠢ᠂ ᠦᠨᠡᠩᠬᠦ ᠭᠦᠨ ᠵᠤᠵᠠᠭᠠᠨ ᠰᠡᠳᠭᠢᠯᠭᠡ᠎ᠲᠡᠢ ᠬᠥᠳᠡᠯᠮᠦᠷᠢᠴᠢᠳ᠎ᠯᠡ ᠲᠡᠭᠦᠨ᠎ᠢ ᠠᠩᠭᠢᠷ ᠤᠭᠤᠷᠠᠭ᠎ᠢᠶᠠᠨ ᠬᠥᠬᠦᠭᠦᠯᠦᠭᠰᠡᠨ ᠡᠵᠢ᠎ᠲᠡᠢ᠎ᠪᠡᠨ ᠵᠦᠢᠷᠯᠡᠳᠡᠭ ᠪᠢᠯᠡ᠃ ᠡᠨᠳᠡ ᠬᠦᠷᠲᠡᠯ᠎ᠡ ᠶᠠᠷᠢᠬᠤ᠎ᠳᠤ ᠬᠥᠮᠦᠰ᠎ᠦᠨ ᠰᠡᠳᠭᠢᠯᠭᠡ᠎ᠶᠢᠨ ᠳᠣᠯᠭᠢᠶᠠᠨ᠎ᠢ ᠪᠣᠰᠭᠠᠳᠠᠭ ᠶᠡᠬᠡ ᠠᠷᠪᠢᠨ ᠤᠴᠢᠷ ᠶᠠᠪᠤᠳᠠᠯ ᠰᠠᠨᠠᠭᠠᠨ᠎ᠳᠤ ᠣᠷᠤᠨ᠎ᠠ᠃ ᠬᠡᠳᠦᠨ ᠵᠠᠭᠤᠨ᠎ᠤ ᠲᠤᠷᠰᠢ᠂ ᠲᠤᠬᠠᠢ᠎ᠶᠢᠨ ᠵᠢᠯ᠎ᠦᠳ᠎ᠲᠦ ᠮᠤᠬᠤᠷᠳᠠᠵᠤ ᠬᠣᠭᠤᠰᠤᠷᠠᠭᠰᠠᠨ ᠳᠤᠮᠳᠠᠳᠤ ᠤᠯᠤᠰ᠎ᠤᠨ ᠲᠠᠷᠢᠶᠠᠴᠢᠳ ᠭᠠᠳᠠᠭᠠᠳᠤ᠎ᠳᠤ ᠴᠠᠭᠠᠴᠢᠯᠠᠨ ᠠᠮᠢ ᠵᠢᠭᠤᠬᠤ᠎ᠳᠠᠭᠠᠨ ᠬᠡᠵᠢᠶᠡᠳᠡ ᠨᠢᠭᠡ ᠠᠳᠭᠤ ᠨᠤᠲᠤᠭ᠎ᠤᠨ᠎ᠢᠶᠠᠨ ᠰᠢᠷᠤᠢ᠎ᠶᠢ ᠡᠪᠦᠷᠲᠦᠯᠡᠵᠦ ᠶᠠᠪᠤᠳᠠᠭ ᠪᠢᠯᠡ᠃ ᠲᠡᠷᠡ ᠦᠶᠡᠰ ᠹᠦᠵᠢᠶᠠᠨ᠂ ᠭᠤᠸᠠᠩᠳᠦ᠋ᠩ᠎ᠦᠨ ᠳᠠᠯᠠᠢ᠎ᠶᠢᠨ ᠬᠥᠪᠡᠭᠡ ᠳᠠᠭᠠᠤ ᠭᠠᠷᠠᠮ᠎ᠤᠳ᠎ᠲᠤ ᠴᠠᠭᠠᠨ ᠪᠤᠳᠤᠭ᠎ᠢᠶᠠᠷ ᠬᠡᠪᠡᠯᠢ᠎ᠶᠢ᠎ᠨᠢ ᠰᠢᠷᠳᠡᠭᠰᠡᠨ᠂ ᠰᠢᠩᠬᠤ᠎ᠪᠠᠷ ᠲᠣᠯᠤᠭᠠᠢ᠎ᠶᠢ᠎ᠨᠢ ᠪᠣᠳᠤᠭᠰᠠᠨ᠂ ᠲᠣᠯᠤᠭᠠᠢ᠎ᠶᠢᠨ ᠬᠣᠶᠠᠷ ᠬᠠᠵᠠᠭᠤ᠎ᠳᠤᠨᠢ ᠵᠢᠭᠠᠰᠤᠨ ᠨᠢᠳᠦ᠎ᠰᠢᠭ ᠭᠠᠷᠠᠬ᠎ᠠ ᠵᠢᠷᠤᠭᠰᠠᠨ ᠤᠯᠠᠭᠠᠨ ᠲᠣᠯᠤᠭᠠᠢᠲᠤ ᠣᠩᠭᠤᠴᠠ᠎ᠨᠤᠭᠤᠳ ᠰᠠᠯᠬᠢᠨ ᠬᠥᠯᠭᠡᠯᠡᠨ ᠭᠠᠵᠠᠷ ᠲᠠᠷᠢᠶ᠎ᠠ᠎ᠪᠠᠨ ᠠᠯᠳᠠᠭᠰᠠᠨ ᠪᠦᠯᠦᠭ ᠪᠦᠯᠦᠭ ᠲᠠᠷᠢᠶᠠᠴᠢᠳ᠎ᠢ ᠬᠠᠷᠢ ᠤᠯᠤᠰ᠎ᠲᠤ ᠬᠦᠷᠭᠡᠨ ᠥᠭᠳᠡᠭ ᠪᠠᠢᠪᠠ᠃ ᠲᠡᠷᠡ ᠦᠶ᠎ᠡ᠎ᠳᠦ ᠨᠤᠲᠤᠭ ᠤᠰᠤᠨ᠎ᠠᠴᠠ᠎ᠪᠠᠨ ᠰᠠᠯᠵᠤ ᠶᠠᠪᠤᠭᠴᠢᠳ ᠠᠯᠤᠰ᠎ᠤᠨ ᠠᠶᠠᠨ᠎ᠳᠤ ᠣᠷᠤᠬᠤ᠎ᠶᠢᠨ᠎ᠢᠶᠠᠨ ᠡᠮᠦᠨ᠎ᠡ ᠬᠤᠳᠳᠤᠭ᠎ᠠᠴᠠ᠎ᠪᠠᠨ ᠴᠢᠮᠬᠢ ᠰᠢᠪᠠᠷ ᠠᠪᠴᠤ ᠪᠣᠭᠤᠭᠠᠳ᠂ ᠪᠡᠶ᠎ᠡ᠎ᠳᠡᠭᠡᠨ ᠨᠠᠨᠳᠢᠩᠨᠠᠨ ᠬᠠᠳᠠᠭᠠᠯᠠᠵᠤ ᠶᠠᠪᠤᠳᠠᠭ ᠵᠠᠩᠰᠢᠯ᠎ᠲᠠᠢ ᠪᠠᠢᠵᠠᠢ᠃ ᠲᠡᠳᠡ ᠡᠨᠡ ᠰᠢᠪᠠᠷ᠎ᠢᠶᠠᠨ 《ᠨᠤᠲᠤᠭ᠎ᠤᠨ ᠰᠢᠷᠤᠢ》 ᠭᠡᠳᠡᠭ᠃ ᠣᠳᠣ ᠬᠦᠷᠲᠡᠯ᠎ᠡ ᠭᠠᠳᠠᠭᠠᠳᠤ᠎ᠳᠤ ᠰᠠᠭᠤᠭ᠎ᠠ ᠳᠤᠮᠳᠠᠳᠤ ᠤᠯᠤᠰ᠎ᠤᠨ ᠬᠠᠷᠢᠶᠠᠲᠤ᠎ᠨᠠᠷ᠎ᠤᠨ ᠵᠠᠷᠢᠮ᠎ᠨᠢ ᠣᠷᠤ᠎ᠶᠢᠨ ᠬᠣᠷᠭᠤ᠎ᠳᠠᠭᠠᠨ 《 ᠨᠤᠲᠤᠭ᠎ᠤᠨ ᠰᠢᠷᠤᠢ》᠎ᠪᠠᠨ ᠬᠠᠳᠠᠭᠠᠯᠠᠭᠰᠠᠭᠠᠷ ᠪᠠᠢᠨ᠎ᠠ᠃ ᠡᠭᠡᠯ ᠶᠡᠷᠦᠮᠳᠡᠭ ᠴᠢᠮᠬᠢ ᠰᠢᠷᠤᠢ᠎ᠳᠤ ᠬᠥᠮᠦᠰ᠎ᠦᠨ ᠬᠡᠴᠢᠨᠡᠨ ᠭᠦᠨ ᠵᠤᠵᠠᠭᠠᠨ ᠬᠠᠢᠷ᠎ᠠ ᠰᠡᠳᠭᠢᠯᠭᠡ᠎ᠶᠢ ᠠᠬᠤᠭᠤᠯᠵᠤ ᠪᠠᠢᠬᠤ᠎ᠶᠢ ᠮᠡᠳᠡᠵᠦ ᠪᠣᠯᠤᠨ᠎ᠠ ᠳ᠋ᠠ !

ᠥᠩᠭᠡᠷᠡᠭᠰᠡᠨ᠎ᠳᠦ ᠬᠡᠴᠢᠨᠡᠨ ᠣᠯᠠᠨ ᠬᠥᠳᠡᠯᠮᠦᠷᠢᠴᠢᠨ ᠭᠠᠵᠠᠷ ᠰᠢᠷᠤᠢ᠎ᠶᠢᠨ ᠲᠥᠯᠦᠭᠡ ᠲᠠᠰᠤᠷᠠᠯ᠎ᠦᠭᠡᠢ ᠤᠶᠠᠷᠠᠭᠤᠨ ᠵᠢᠪᠬᠤᠯᠠᠩᠲᠤ ᠲᠡᠮᠡᠴᠡᠯ ᠶᠠᠪᠤᠭᠤᠯᠵᠤ ᠪᠠᠢᠪᠠ - ᠪᠠᠰᠠ ᠬᠡᠳᠦᠢᠴᠢᠨᠡᠭᠡᠨ ᠣᠯᠠᠨ ᠪᠠᠭᠠᠲᠤᠷ ᠵᠢᠷᠤᠮᠲᠠᠨ ᠲᠡᠭᠦᠨ᠎ᠢ᠎ᠪᠡᠨ ᠬᠠᠮᠠᠭᠠᠯᠠᠬᠤ᠎ᠶᠢᠨ ᠲᠥᠯᠦᠭᠡ ᠠᠮᠢ ᠨᠠᠰᠤ᠎ᠪᠠᠨ ᠡᠷᠡᠯᠬᠡᠭ᠎ᠢᠶᠡᠷ ᠵᠣᠷᠢᠭᠤᠯᠤᠭᠰᠠᠨ ᠪᠠᠢᠪᠠ! ᠮᠠᠨ᠎ᠤ ᠤᠯᠤᠰ᠎ᠲᠤ ᠹᠦᠵᠢᠶᠠᠨ᠎ᠤ ᠳᠠᠯᠠᠢ᠎ᠶᠢᠨ ᠬᠥᠪᠡᠭᠡ ᠳᠠᠭᠠᠤ ᠣᠷᠤᠨ᠎ᠳᠤ ᠲᠡᠦᠬᠡᠨ ᠳᠡᠭᠡᠷ᠎ᠡ ᠭᠠᠵᠠᠷ ᠰᠢᠷᠤᠢ᠎ᠪᠠᠨ ᠬᠠᠮᠠᠭᠠᠯᠠᠭᠰᠠᠨ ᠮᠠᠭᠲᠠᠨ ᠳᠠᠭᠤᠯᠠᠭᠤᠰᠢᠲᠠᠢ ᠡᠬᠡ ᠣᠷᠤᠨᠴᠢ ᠥᠯᠢᠭᠡᠷ᠎ᠦᠳ ᠶᠡᠬᠡ ᠣᠯᠠᠨ ᠤᠯᠠᠮᠵᠢᠯᠠᠭᠳᠠᠵᠤ ᠪᠠᠢᠯ᠎ᠠ᠃ ᠮᠢᠩ ᠤᠯᠤᠰ᠎ᠤᠨ ᠰᠡᠭᠦᠯᠴᠢ᠎ᠶᠢᠨ ᠶᠠᠫᠤᠨ ᠳᠡᠭᠡᠷᠡᠮ᠎ᠢ ᠡᠰᠡᠷᠭᠦᠴᠡᠭᠰᠡᠨ ᠲᠡᠮᠡᠴᠡᠯ ᠪᠠ ᠮᠠᠨᠵᠤ ᠴᠢᠩ᠎ᠢ ᠡᠰᠡᠷᠭᠦᠴᠡᠭᠰᠡᠨ ᠲᠡᠮᠡᠴᠡᠯ ᠳᠤᠮᠳᠠ ᠡᠳᠡᠭᠡᠷ ᠭᠠᠵᠠᠷ᠎ᠲᠤ ᠴᠥᠮ ᠢᠮᠠᠬᠤ ᠰᠢᠷᠤᠢ᠎ᠪᠠᠨ ᠬᠠᠮᠠᠭᠠᠯᠠᠬᠤ ᠬᠤᠷᠴᠠ ᠰᠢᠷᠦᠭᠦᠨ ᠲᠡᠮᠡᠴᠡᠯ ᠶᠠᠪᠤᠭᠤᠯᠵᠠᠢ᠃ ᠵᠠᠷᠢᠮ ᠭᠠᠵᠠᠷ᠎ᠤᠨ ᠡᠮᠡᠭᠲᠡᠢᠴᠦᠳ ᠭᠡᠵᠢᠭᠡᠨ ᠳᠡᠭᠡᠷ᠎ᠡ ᠭᠤᠷᠪᠠᠨ ᠢᠯᠳᠦ ᠮᠡᠲᠦ᠎ᠶᠢᠨ ᠵᠠᠰᠠᠯ ᠵᠢᠮᠰᠡᠭ ᠵᠡᠭᠦᠬᠦ ᠶᠠᠪᠤᠳᠠᠯ ᠳᠡᠯᠭᠡᠷᠡᠵᠦ ᠪᠠᠢᠪᠠ᠃ ᠲᠡᠷᠡ ᠪᠣᠯ ᠮᠢᠩ ᠤᠯᠤᠰ᠎ᠤᠨ ᠦᠶ᠎ᠡ᠎ᠶᠢᠨ ᠪᠦᠰᠡᠭᠦᠢᠴᠦᠳ ᠭᠡᠨᠡᠳᠲᠡ᠎ᠶᠢᠨ ᠳᠠᠭᠠᠷᠢᠯᠲᠠ ᠬᠢᠬᠦ ᠶᠠᠫᠤᠨ᠎ᠤ ᠳᠡᠭᠡᠷᠡᠮᠴᠢᠳ᠎ᠲᠡᠢ ᠦᠳᠡᠰᠢ ᠪᠦᠷᠦᠢ᠎ᠪᠡᠷ ᠬᠠᠯᠵᠠ ᠪᠠᠢᠯᠳᠤᠬᠤ᠎ᠪᠠᠷ ᠪᠡᠯᠡᠳᠭᠡᠭᠰᠡᠨ ᠵᠠᠰᠠᠯ᠎ᠤᠨ ᠦᠯᠡᠳᠡᠭᠳᠡᠯ ᠪᠣᠯᠬᠤ᠎ᠶᠤᠮ᠃ ᠵᠠᠷᠢᠮ ᠭᠠᠵᠠᠷ᠎ᠲᠤ ᠨᠠᠰᠤᠨ᠎ᠳᠤ ᠬᠦᠷᠦᠭᠰᠡᠳ ᠦᠬᠦᠪᠡᠯ ᠠᠪᠰᠠᠨ᠎ᠳᠤ ᠣᠷᠤᠭᠤᠯᠬᠤ᠎ᠠᠴᠠ ᠡᠮᠦᠨ᠎ᠡ ᠨᠢᠭᠤᠷ᠎ᠢ᠎ᠨᠢ ᠴᠠᠭᠠᠨ ᠪᠥᠰ᠎ᠢᠶᠡᠷ ᠪᠦᠲᠡᠭᠡᠬᠦ ᠳᠠᠳᠭᠠᠯ ᠳᠡᠯᠭᠡᠷᠡᠵᠦ ᠪᠠᠢᠭᠰᠠᠨ ᠪᠢᠯᠡ᠃ ᠡᠨᠡ᠎ᠨᠢ ᠮᠢᠩ᠎ᠦᠨ ᠥᠲᠡᠭᠦᠰ ᠠᠷᠠᠳ ᠤᠷᠢᠳᠤᠬᠢ ᠬᠥᠮᠦᠰ᠎ᠲᠡᠢ᠎ᠪᠡᠨ ᠬᠥᠷᠦᠰᠦᠨ ᠳᠣᠣᠷ᠎ᠠ ᠠᠭᠤᠯᠵᠠᠬᠤ᠎ᠠᠴᠠ ᠵᠣᠪᠠᠭᠰᠠᠨ᠂ ᠬᠣᠢᠴᠢ ᠦᠶ᠎ᠡ᠎ᠪᠡᠨ ᠬᠥᠬᠢᠭᠡᠭᠰᠡᠨ ᠣᠷᠤᠰᠢᠭᠤᠯᠭ᠎ᠠ᠎ᠶᠢᠨ ᠶᠣᠰᠤᠯᠠᠯ ᠪᠣᠯᠤᠨ᠎ᠠ᠃ ᠡᠳᠡᠭᠡᠷ ᠵᠠᠩ ᠳᠠᠳᠭᠠᠯ᠎ᠨᠢ ᠶᠠᠭᠤᠲᠠᠢ ᠡᠮᠭᠡᠨᠢᠯᠲᠡᠢ᠂ ᠶᠠᠭᠤᠲᠠᠢ ᠪᠠᠭᠠᠲᠤᠷᠯᠢᠭ ᠠᠵᠢ! ᠮᠠᠨ᠎ᠤ ᠤᠯᠤᠰ᠎ᠤᠨ ᠵᠠᠨᠵᠢᠶᠠᠩ ᠣᠷᠤᠨ᠎ᠳᠤ ᠨᠢᠭᠡ ᠬᠥᠭᠦᠷᠭᠡ᠎ᠶᠢ 《ᠢᠮᠠᠬᠤ ᠠᠯᠲᠠᠨ ᠬᠥᠭᠦᠷᠭᠡ》 ᠭᠡᠵᠦ ᠨᠡᠷᠡᠢᠳᠴᠡᠢ᠃ ᠡᠨᠡ ᠪᠣᠯ 《ᠨᠢᠭᠡ ᠢᠮᠠᠬᠤ ᠰᠢᠷᠤᠢ ᠪᠣᠯ ᠨᠢᠭᠡ ᠢᠮᠠᠬᠤ ᠠᠯᠲᠠ》 ᠭᠡᠰᠡᠨ ᠰᠠᠨᠠᠭ᠎ᠠ᠎ᠶᠢ ᠶᠣᠭᠲᠠᠯᠠᠵᠤ ᠪᠠᠢᠬᠤ ᠪᠥᠭᠡᠳ ᠡᠭᠦᠪᠡᠷ ᠲᠤᠬᠠᠢ᠎ᠶᠢᠨ ᠵᠢᠯ᠎ᠦᠳ᠎ᠲᠦ ᠡᠵᠡᠷᠬᠡᠭ ᠲᠦᠷᠢᠮᠡᠭᠡᠢᠲᠡᠨ᠎ᠢ ᠡᠰᠡᠷᠭᠦᠴᠡᠭᠰᠡᠨ ᠦᠨᠳᠦᠰᠦᠲᠡᠨ᠎ᠦ ᠪᠠᠭᠠᠲᠤᠷᠴᠤᠳ᠎ᠢᠶᠠᠨ ᠳᠤᠷᠠᠰᠭᠠᠵᠤ ᠪᠠᠢᠭ᠎ᠠ᠎ᠶᠤᠮ᠃ ᠲᠠᠷᠢᠶᠠᠨ᠎ᠤ ᠤᠷᠲᠤ᠎ᠶᠢᠨ ᠬᠡᠮᠵᠢᠶ᠎ᠡ ᠪᠠ ᠲᠠᠯᠠᠪᠠᠢ᠎ᠶᠢ ᠪᠣᠳᠤᠬᠤ ᠨᠢᠭᠡᠴᠡ᠎ᠨᠢ ᠬᠣᠣᠰ ᠠᠯᠲᠠ᠂ ᠺᠢᠯᠤᠮᠧᠲᠷ᠂ ᠮᠦ᠂ ᠾᠧᠺᠲ᠋ᠠᠷ ᠪᠠᠢᠵᠤ ᠪᠣᠯᠤᠨ᠎ᠠ᠃ ᠭᠡᠲᠡᠯ᠎ᠡ ᠤᠯᠤᠰ᠎ᠤᠨ ᠨᠤᠲᠤᠭ ᠭᠡᠰᠡᠨ ᠤᠳᠭ᠎ᠠ᠎ᠶᠢ ᠠᠬᠤᠭᠤᠯᠵᠤ ᠪᠠᠢᠭ᠎ᠠ ᠦᠶᠡᠰ᠂ ᠪᠣᠳᠤᠬᠤ ᠨᠢᠭᠡᠴᠡ᠎ᠨᠢ ᠢᠮᠠᠬᠤ᠎ᠶᠢᠨ ᠲᠡᠳᠦᠢ᠂ ᠴᠢᠮᠬᠢ᠎ᠶᠢᠨ ᠲᠡᠳᠦᠢ ᠪᠠᠢᠬᠤ ᠬᠡᠷᠡᠭᠲᠡᠢ᠃ ᠤᠴᠢᠷ᠎ᠨᠢ᠂ ᠡᠨᠡ ᠪᠣᠯ ᠨᠢᠭᠡ ᠤᠯᠤᠰ ᠣᠷᠤᠨ᠎ᠤ ᠡᠷᠬᠡ ᠮᠡᠳᠡᠯ᠎ᠢ ᠲᠥᠯᠦᠭᠡᠯᠡᠵᠦ ᠪᠠᠢᠬᠤ᠎ᠶᠤᠮ᠃ ᠢᠮᠠᠬᠤ᠎ᠶᠢᠨ ᠲᠡᠳᠦᠢ ᠭᠠᠵᠠᠷ ᠨᠤᠲᠤᠭ᠎ᠢᠶᠠᠨ᠎ᠴᠤ ᠳᠠᠢᠰᠤᠨ᠎ᠢᠶᠠᠷ ᠬᠠᠯᠳᠠᠭᠤᠯᠬᠤ᠎ᠦᠭᠡᠢ᠂ ᠴᠢᠮᠬᠢ᠎ᠶᠢᠨ ᠲᠡᠳᠦᠢ ᠬᠥᠷᠦᠰᠦ ᠰᠢᠷᠤᠢ ᠪᠣᠯᠪᠠᠴᠤ ᠡᠷᠳᠡᠨᠢᠰ ᠮᠥᠨ᠃ ᠡᠨᠳᠡ ᠬᠦᠷᠲᠡᠯ᠎ᠡ ᠪᠣᠳᠤᠬᠤ᠎ᠳᠤ ᠮᠠᠨ᠎ᠤ ᠳᠤᠮᠳᠠᠳᠤ ᠤᠯᠤᠰ᠎ᠤᠨ ᠪᠦᠬᠦ ᠨᠤᠲᠤᠭ ᠳᠡᠪᠢᠰᠭᠡᠷ ᠮᠠᠨ᠎ᠤ ᠡᠨᠡ ᠦᠶ᠎ᠡ᠎ᠶᠢᠨ ᠬᠢᠨ᠎ᠦ ᠭᠠᠷ᠎ᠲᠤ ᠥᠪ ᠦᠨᠡᠩᠬᠦ ᠪᠦᠷᠢᠨ ᠪᠦᠲᠦᠨ ᠪᠣᠯᠬᠤ ᠶᠣᠰᠤᠲᠠᠢ ᠭᠡᠵᠦ ᠪᠢ ᠢᠲᠡᠭᠡᠵᠦ ᠪᠠᠢᠨ᠎ᠠ᠃

ᠢᠮᠠᠬᠤ᠎ᠶᠢᠨ ᠲᠡᠳᠦᠢ ᠨᠤᠲᠤᠭ ᠳᠡᠪᠢᠰᠭᠡᠷ ᠭᠡᠳᠡᠭ ᠬᠡᠳᠦᠨ ᠦᠭᠡ᠎ᠶᠢ ᠳᠤᠷᠠᠳᠬᠤ᠎ᠳᠠᠭᠠᠨ ᠵᠠᠷᠢᠮ ᠨᠢᠭᠡᠨ ᠠᠷᠠᠯ ᠳᠡᠭᠡᠷᠡᠬᠢ ᠠᠷᠠᠳ᠎ᠤᠨ ᠪᠠᠢᠯᠳᠤᠭᠴᠢ᠎ᠶᠢ ᠪᠢ ᠰᠠᠨᠠᠯ᠎ᠠ᠃ ᠲᠡᠳᠡᠭᠡᠷ ᠠᠷᠠᠯ ᠳᠡᠭᠡᠷ᠎ᠡ ᠭᠠᠷᠪᠠᠯ 《ᠢᠮᠠᠬᠤ᠎ᠶᠢᠨ ᠲᠡᠳᠦᠢ ᠨᠤᠲᠤᠭ ᠳᠡᠪᠢᠰᠭᠡᠷ》 ᠭᠡᠳᠡᠭ᠎ᠦᠨ ᠬᠦᠨᠳᠦ ᠴᠢᠬᠢᠮᠠᠢ ᠤᠳᠭ᠎ᠠ ᠠᠭᠤᠯᠭ᠎ᠠ᠎ᠶᠢ᠎ᠴᠤ ᠴᠣᠬᠤᠮ ᠭᠦᠨ ᠭᠦᠨᠵᠡᠭᠡᠢ ᠣᠢᠯᠠᠭᠠᠬᠤ᠎ᠶᠤᠮ᠃ ᠮᠢᠨᠦ ᠬᠦᠷᠴᠦ ᠥᠩᠭᠡᠷᠡᠭᠰᠡᠨ ᠨᠢᠭᠡ ᠠᠷᠠᠯ ᠲᠤᠩ ᠵᠢᠵᠢᠭᠬᠡᠨ ᠪᠠᠢᠯ᠎ᠠ᠃ ᠭᠡᠲᠡᠯ᠎ᠡ ᠠᠷᠠᠯ ᠳᠡᠭᠡᠷᠡᠬᠢ ᠠᠮᠢᠳᠤᠷᠠᠯ ᠶᠠᠭᠤᠲᠠᠢ ᠬᠥᠭᠵᠢᠯᠲᠡᠢ ᠪᠠᠢᠭᠰᠠᠨ ᠠᠵᠢ! ᠲᠡᠨᠳᠡᠬᠢ᠎ᠶᠢᠨ ᠳᠠᠯᠠᠢ᠎ᠶᠢᠨ ᠡᠷᠭᠢ᠂ ᠥᠨᠳᠦᠷ ᠣᠭᠲᠠᠷᠭᠤᠢ᠂ ᠳᠠᠯᠠᠢ᠎ᠶᠢᠨ ᠲᠦᠪᠰᠢᠨ᠎ᠳᠦ ᠲᠦᠷᠢᠮᠡᠭᠡᠢᠯᠡᠭᠴᠢ᠎ᠶᠢᠨ ᠶᠠᠮᠠᠷᠪᠠ ᠥᠩᠭᠡᠯᠵᠡᠯᠭᠡ ᠪᠠ ᠬᠠᠯᠳᠠᠯᠭ᠎ᠠ᠎ᠶᠢ ᠣᠭᠲᠤᠬᠠᠨ᠎ᠴᠤ ᠣᠢᠷᠠᠲᠤᠭᠤᠯᠬᠤ᠎ᠦᠭᠡᠢ᠎ᠶᠢᠨ ᠲᠤᠯᠠ ᠠᠷᠠᠳ ᠲᠦᠮᠡᠨ᠎ᠦ ᠬᠡᠦᠬᠡᠳ ᠳᠡᠭᠦᠦ᠎ᠨᠡᠷ ᠴᠡᠷᠢᠭ ᠶᠡᠬᠡ ᠫᠤᠤ᠎ᠶᠢᠨ ᠵᠢᠭᠰᠠᠭᠠᠯ᠎ᠤᠨ ᠭᠠᠵᠠᠷ᠎ᠢᠶᠠᠨ ᠡᠳᠦᠷᠵᠢᠨ ᠰᠥᠨᠢᠵᠢᠨ ᠮᠠᠨᠠᠵᠤ᠂ ᠶᠡᠬᠡ ᠫᠤᠤ᠎ᠶᠢᠨ ᠰᠢᠯ᠎ᠢᠶᠡᠷ ᠳᠠᠯᠠᠢ ᠳᠡᠭᠡᠷᠡᠬᠢ ᠶᠠᠮᠠᠷ᠎ᠴᠤ ᠬᠥᠳᠡᠯᠪᠦᠷᠢ᠎ᠶᠢ ᠠᠵᠢᠵᠤ ᠮᠡᠳᠡᠳᠡᠭ ᠪᠠᠢᠨ᠎ᠠ᠃ ᠲᠡᠳᠡᠭᠡᠷ ᠠᠷᠠᠯ᠎ᠤᠳ ᠶᠡᠬᠡ ᠬᠠᠭᠤᠷᠠᠢ᠎ᠶᠢᠨ ᠨᠢᠳᠦ᠎ᠨᠢ᠎ᠶᠦᠮ᠂ ᠲᠡᠳᠡᠭᠡᠷ ᠪᠠᠢᠯᠳᠤᠭᠴᠢ ᠪᠠᠰᠠ ᠠᠷᠠᠯ᠎ᠤᠨ᠎ᠢᠶᠠᠨ ᠨᠢᠳᠦ᠎ᠨᠢ᠎ᠶᠦᠮ᠃ ᠰᠠᠯᠬᠢ ᠨᠠᠮᠵᠢᠭᠤᠨ ᠰᠠᠷᠠᠭᠤᠯ ᠰᠥᠨᠢ᠎ᠴᠦ ᠲᠡᠷᠡ᠂ ᠤᠭᠠᠯᠵᠠ ᠰᠠᠯᠬᠢ ᠣᠢᠯᠠᠨ ᠪᠣᠰᠤᠭᠰᠠᠨ ᠰᠥᠨᠢ᠎ᠴᠦ ᠲᠡᠷᠡ᠃ ᠲᠡᠳᠡ ᠴᠥᠮ ᠬᠠᠮᠤᠭ ᠠᠩᠬᠠᠷᠤᠯ᠎ᠢᠶᠠᠨ ᠲᠥᠪᠯᠡᠷᠡᠭᠦᠯᠦᠨ ᠴᠡᠯᠡᠭᠡᠷ ᠠᠭᠤᠳᠠᠮ ᠬᠠᠷᠢᠶ᠎ᠠ ᠳᠠᠯᠠᠢ᠎ᠪᠠᠨ ᠴᠠᠭᠳᠠᠨ ᠬᠠᠷᠠᠳᠠᠭ᠃ ᠡᠭᠦᠪᠡᠷ ᠦᠯᠦ ᠪᠠᠷᠠᠨ᠂ ᠲᠡᠳᠡ ᠪᠠᠰᠠ ᠵᠢᠵᠢᠭ ᠠᠷᠠᠯ᠎ᠢᠶᠠᠨ ᠴᠡᠴᠡᠷᠯᠢᠭ ᠮᠡᠲᠦ ᠦᠵᠡᠰᠭᠦᠯᠡᠩ ᠰᠠᠢᠬᠠᠨ ᠪᠣᠯᠭᠠᠨ ᠪᠠᠢᠭᠤᠯᠵᠠᠢ᠃ ᠮᠣᠭᠠᠢ ᠮᠡᠯᠡᠬᠡᠢ᠎ᠪᠡᠷ ᠳᠦᠭᠦᠷᠴᠦ᠂ ᠵᠡᠷᠯᠢᠭ ᠤᠷᠭᠤᠮᠠᠯ ᠪᠦᠷᠬᠦᠵᠦ ᠪᠠᠢᠭᠰᠠᠨ ᠠᠲᠠᠷ ᠪᠤᠢᠳᠠ ᠠᠷᠠᠯ᠎ᠶᠤᠮᠰᠠᠨ᠃ ᠲᠡᠳᠡᠨ᠎ᠦ ᠬᠠᠲᠠᠭᠤᠵᠢᠯᠲᠤ ᠬᠥᠳᠡᠯᠮᠦᠷᠢ᠎ᠪᠡᠷ ᠡᠨᠳᠡ ᠪᠠᠲᠤ ᠬᠤᠸᠠᠷᠠᠨ ᠪᠠᠢᠭᠤᠯᠤᠭᠳᠠᠵᠤ᠂ ᠮᠣᠳᠤᠲᠤ ᠵᠠᠮ ᠵᠤᠷᠠᠢᠨ᠂ ᠪᠠᠰᠠ ᠡᠬᠡ ᠣᠷᠤᠨ᠎ᠤ ᠣᠯᠠᠨ ᠭᠠᠵᠠᠷ᠎ᠠᠴᠠ ᠴᠡᠴᠡᠭ᠎ᠦᠨ ᠦᠷ᠎ᠡ ᠠᠪᠴᠢᠷᠠᠨ᠂ ᠮᠦᠰᠢᠶᠡᠨ ᠳᠣᠬᠢᠯᠵᠠᠬᠤ ᠴᠡᠴᠡᠭ ᠬᠤᠸᠠᠷ ᠪᠣᠯᠤᠨ ᠠᠮᠲᠠᠲᠤ ᠰᠠᠢᠬᠠᠨ ᠬᠥᠬᠡ ᠨᠣᠭᠤᠭ᠎ᠠ᠎ᠶᠢ ᠨᠡᠢᠳᠡᠮ ᠲᠠᠷᠢᠵᠠᠢ᠃ ᠲᠡᠭᠦᠨᠴᠢᠯᠡᠨ ᠮᠠᠯ᠎ᠤᠨ ᠬᠠᠰᠢᠶ᠎ᠠ ᠪᠠᠷᠢᠵᠤ᠂ ᠲᠠᠭᠲᠠᠭ᠎ᠠ᠎ᠶᠢᠨ ᠫᠧᠩ ᠪᠣᠰᠭᠠᠨ᠂ ᠪᠠᠰᠠ ᠳᠠᠯᠠᠢ᠎ᠠᠴᠠ ᠴᠢᠯᠠᠭᠤᠨ ᠴᠡᠴᠡᠭ ᠱᠦᠭᠦᠵᠦ᠂ ᠠᠷᠠᠯ᠎ᠤᠨ ᠤᠷᠠᠨ ᠵᠢᠷᠤᠭ᠎ᠤᠨ ᠬᠡ ᠤᠭᠠᠯᠵᠠ᠎ᠶᠢ ᠥᠷᠦᠨ ᠭᠠᠷᠭᠠᠵᠠᠢ᠃ ᠲᠡᠭᠦᠨ᠎ᠢ᠎ᠨᠢ ᠬᠠᠷᠠᠬᠤ᠎ᠳᠤ ᠮᠠᠨ᠎ᠤ ᠪᠤᠢ ᠪᠦᠬᠦᠢ ᠨᠤᠲᠤᠭ ᠳᠡᠪᠢᠰᠭᠡᠷ᠂ ᠲᠡᠭᠦᠨ᠎ᠦ ᠠᠷᠠᠯ ᠪᠣᠯᠭᠠᠨ᠂ ᠢᠮᠠᠬᠤ᠎ᠶᠢᠨ ᠲᠡᠳᠦᠢ ᠬᠥᠷᠦᠰᠦ ᠨᠢᠭᠡ ᠪᠦᠷᠢ᠎ᠨᠢ ᠪᠠᠭᠠᠲᠤᠷᠴᠤᠳ᠎ᠤᠨ ᠬᠠᠮᠠᠭᠠᠯᠠᠯᠲᠠ ᠳᠣᠣᠷ᠎ᠠ᠂ ᠬᠥᠯᠦᠰᠦᠨ᠎ᠳᠦᠨᠢ ᠤᠮᠳᠠᠯᠠᠭᠳᠠᠵᠤ ᠵᠢᠰᠦ ᠴᠢᠷᠠᠢ᠎ᠪᠠᠨ ᠲᠦᠷᠭᠡᠬᠡᠨ ᠬᠤᠪᠢᠷᠠᠭᠤᠯᠵᠤ ᠪᠠᠢᠨ᠎ᠠ ᠭᠡᠵᠦ ᠥᠪᠡᠷ᠎ᠦᠨ ᠡᠷᠬᠡ᠎ᠦᠭᠡᠢ ᠪᠣᠳᠤᠭᠳᠠᠨ᠎ᠠ᠃

ᠪᠢᠳᠡᠨ᠎ᠦ ᠨᠢᠳᠦᠨ᠎ᠳᠦ ᠡᠭᠡᠯ ᠶᠡᠷᠦᠮᠳᠡᠭ ᠦᠵᠡᠭᠳᠡᠬᠦ ᠬᠡᠰᠡᠭ ᠲᠠᠷᠢᠶ᠎ᠠ ᠪᠣᠯᠭᠠᠨ ᠬᠡᠷᠡᠭ ᠳᠡᠭᠡᠷ᠎ᠡ᠎ᠪᠡᠨ ᠲᠤᠢᠯ᠎ᠤᠨ ᠶᠡᠷᠦ ᠪᠤᠰᠤ᠎ᠶᠢᠨ ᠥᠩᠭᠡᠷᠡᠯᠲᠡ᠎ᠲᠡᠢ ᠪᠠᠢᠭᠰᠠᠨ᠎ᠶᠤᠮ᠃ ᠬᠡᠳᠦᠨ ᠠᠷᠪᠠᠨ ᠲᠦᠮᠡᠨ ᠵᠢᠯ᠎ᠦᠨ ᠳᠣᠲᠤᠷ᠎ᠠ ᠬᠥᠮᠦᠨ ᠲᠥᠷᠦᠯᠬᠢᠲᠡᠨ ᠡᠭᠦᠨ᠎ᠦ ᠳᠡᠭᠡᠷ᠎ᠡ ᠠᠷᠢᠶᠠᠲᠠᠨ ᠭᠥᠷᠦᠭᠡᠰᠦ ᠠᠩᠨᠠᠵᠤ᠂ ᠦᠬᠡᠷ ᠬᠣᠨᠢ ᠠᠳᠤᠭᠤᠯᠠᠵᠤ᠂ ᠬᠡᠭᠡᠷ᠎ᠡ᠎ᠶᠢᠨ ᠵᠢᠮᠢᠰ ᠲᠡᠭᠦᠨ᠂ ᠲᠠᠪᠤᠨ ᠲᠠᠷᠢᠶ᠎ᠠ ᠲᠠᠷᠢᠵᠤ ᠪᠠᠢᠭᠰᠠᠨ ᠪᠥᠭᠡᠳ ᠲᠡᠷᠡ ᠦᠶ᠎ᠡ᠎ᠳᠦ ᠪᠠᠢᠭᠠᠯᠢ ᠶᠢᠷᠲᠢᠨᠴᠦ᠎ᠶᠢᠨ ᠰᠦᠷᠳᠡᠭᠦᠯᠦᠯ ᠳᠣᠣᠷ᠎ᠠ ᠬᠥᠮᠦᠰ ᠲᠣᠯᠤᠭᠠᠢ ᠪᠥᠬᠦᠢᠨ᠂ ᠰᠠᠯᠬᠢ ᠪᠣᠷᠤᠭᠠᠨ᠂ ᠠᠶᠤᠩᠭ᠎ᠠ᠎ᠶᠢᠨ ᠨᠢᠷᠭᠡᠯᠲᠡ᠂ ᠴᠠᠬᠢᠯᠬᠤ ᠴᠠᠬᠢᠯᠭᠠᠨ᠂ ᠲᠦᠢᠮᠡᠷ᠎ᠦᠨ ᠭᠠᠯ ᠬᠦᠷᠲᠡᠯ᠎ᠡ ᠴᠥᠮ ᠲᠡᠳᠡᠨ᠎ᠢ ᠡᠮᠢᠶᠡᠯᠭᠡᠨ ᠳᠠᠭᠵᠢᠭᠤᠯᠵᠤ ᠪᠠᠢᠵᠠᠢ᠃ ᠬᠡᠳᠦᠨ ᠠᠷᠪᠠᠨ ᠲᠦᠮᠡᠨ ᠵᠢᠯ ᠥᠩᠭᠡᠷᠡᠵᠦ᠂ ᠬᠥᠮᠦᠨ ᠲᠥᠷᠦᠯᠬᠢᠲᠡᠨ ᠠᠩᠭᠢᠲᠤ ᠨᠡᠢᠭᠡᠮ᠎ᠳᠦ ᠣᠷᠤᠭᠰᠠᠨ᠎ᠠᠴᠠ ᠬᠡᠰᠡᠭ ᠬᠡᠰᠡᠭ ᠭᠠᠵᠠᠷ ᠲᠠᠷᠢᠶ᠎ᠠ ᠴᠥᠮ ᠭᠠᠪᠠ ᠳᠥᠩᠭᠡ ᠵᠡᠭᠦᠭᠰᠡᠨ ᠮᠡᠲᠦ ᠪᠣᠯᠵᠤ᠂ ᠬᠡᠴᠢᠨᠡᠨ ᠦᠶ᠎ᠡ᠎ᠶᠢᠨ ᠲᠠᠷᠢᠶᠠᠴᠢᠳ ᠡᠬᠡ ᠳᠡᠯᠡᠬᠡᠢ᠎ᠳᠦ ᠴᠢᠰᠤ ᠬᠥᠯᠦᠰᠦ᠎ᠪᠡᠨ ᠰᠢᠪᠬᠠᠨ ᠤᠷᠤᠰᠭᠠᠪᠠᠴᠤ ᠴᠠᠳᠭᠤᠯᠠᠩ ᠳᠤᠯᠠᠭᠠᠨ ᠪᠠᠢᠵᠤ ᠴᠢᠳᠠᠬᠤ᠎ᠦᠭᠡᠢ᠃ ᠪᠠᠰᠠ ᠬᠡᠴᠢᠨᠡᠨ ᠣᠯᠠᠨ ᠬᠥᠮᠦᠨ ᠡᠨᠡ ᠬᠡᠰᠡᠭ ᠭᠠᠵᠠᠷ ᠳᠡᠭᠡᠷ᠎ᠡ ᠲᠡᠭᠷᠢ᠎ᠶᠢ ᠬᠠᠷᠠᠵᠤ ᠵᠣᠭᠰᠤᠭᠠᠳ ᠰᠡᠭᠦᠷᠡᠰᠦ ᠠᠯᠲᠠᠨ᠂ ᠴᠡᠭᠡᠵᠢ᠎ᠪᠡᠨ ᠠᠯᠠᠭᠠᠳᠠᠨ ᠭᠠᠰᠠᠯᠵᠤ ᠪᠠᠢᠭᠰᠠᠨ ᠠᠵᠢ᠃ ᠪᠠᠰᠠ ᠬᠡᠴᠢᠨᠡᠨ ᠣᠯᠠᠨ ᠬᠥᠮᠦᠨ ᠵᠡᠪᠰᠡᠭ ᠠᠳᠭᠤᠯᠴᠠᠨ ᠪᠣᠰᠤᠯᠴᠠᠵᠤ᠂ ᠬᠥᠮᠦᠰᠭᠡ᠎ᠪᠡᠨ ᠪᠤᠳᠤᠭᠠᠳ ᠲᠣᠯᠤᠭᠠᠢ᠎ᠶᠢᠨ ᠣᠷᠢᠶᠠᠯᠲᠠ ᠣᠷᠢᠶᠠᠵᠤ ᠪᠠᠢᠯᠳᠤᠭᠠᠨ᠎ᠳᠤ ᠣᠷᠤᠯᠴᠠᠨ ᠲᠡᠳᠡᠨ᠎ᠢ ᠳᠠᠷᠤᠯᠠᠵᠤ ᠪᠠᠢᠭᠰᠠᠨ ᠢᠵᠠᠭᠤᠷᠲᠠᠨ ᠬᠦᠴᠦᠷᠬᠡᠭ᠎ᠦᠳ᠎ᠢ ᠲᠡᠷᠡ ᠭᠠᠵᠠᠷ ᠨᠤᠲᠤᠭ ᠳᠡᠭᠡᠷ᠎ᠡ᠎ᠪᠡᠨ ᠠᠯᠠᠨ ᠤᠰᠠᠳᠭᠠᠭᠰᠠᠨ ᠠᠵᠢ! ᠣᠢᠷ᠎ᠠ ᠦᠶ᠎ᠡ ᠪᠣᠯᠤᠭᠠᠳ᠂ ᠹᠧᠣᠳᠠᠯ ᠭᠠᠵᠠᠷ᠎ᠤᠨ ᠡᠵᠡᠨ ᠠᠩᠭᠢ᠎ᠠᠴᠠ ᠭᠠᠵᠠᠷ ᠲᠠᠷᠢᠶ᠎ᠠ᠎ᠪᠠᠨ ᠪᠤᠯᠢᠶᠠᠨ ᠠᠪᠬᠤ᠎ᠶᠢᠨ ᠲᠥᠯᠦᠭᠡ ᠪᠠᠰᠠ ᠬᠡᠴᠢᠨᠡᠨ ᠣᠯᠠᠨ ᠠᠷᠠᠳ ᠲᠦᠮᠡᠨ᠎ᠦ ᠴᠡᠷᠢᠭ ᠪᠣᠰᠤᠯᠴᠠᠵᠤ᠂ ᠡᠵᠡᠷᠬᠡᠭ ᠲᠦᠷᠢᠮᠡᠭᠡᠢᠲᠡᠨ᠎ᠦ ᠴᠡᠷᠢᠭ ᠪᠣᠯᠤᠨ ᠮᠥᠯᠵᠢᠭᠴᠢᠳ᠎ᠦᠨ ᠴᠡᠷᠢᠭ᠎ᠲᠡᠢ ᠨᠥᠷᠢᠨ ᠪᠠᠢᠯᠳᠤᠭᠰᠠᠨ ᠠᠵᠢ! ᠬᠣᠷᠢᠭᠠᠳ ᠣᠨ᠎ᠠᠴᠠ ᠨᠠᠰᠢ ᠳᠤᠮᠳᠠᠳᠤ ᠤᠯᠤᠰ᠎ᠤᠨ ᠡᠪ ᠬᠠᠮᠲᠤ ᠨᠠᠮ ᠪᠦᠬᠦ ᠤᠯᠤᠰ᠎ᠤᠨ ᠠᠷᠠᠳ ᠲᠦᠮᠡᠨ᠎ᠢ ᠤᠳᠤᠷᠢᠳᠤᠨ ᠬᠤᠪᠢᠰᠭᠠᠯᠲᠤ ᠲᠡᠮᠡᠴᠡᠯ ᠶᠠᠪᠤᠭᠤᠯᠵᠤ᠂ ᠲᠡᠷᠰᠯᠡᠭᠦᠦ ᠨᠣᠶᠠᠷᠬᠠᠭᠴᠢᠳ᠎ᠢ ᠪᠣᠳᠠ ᠴᠣᠬᠢᠭᠠᠳ ᠮᠥᠯᠵᠢᠭᠴᠢ ᠪᠠᠢᠭᠤᠯᠤᠯ᠎ᠢ ᠲᠦᠯᠬᠢᠨ ᠤᠨᠠᠭᠠᠵᠤ᠂ ᠭᠠᠵᠠᠷ ᠲᠠᠷᠢᠶᠠᠨ᠎ᠤ ᠥᠭᠡᠷᠡᠴᠢᠯᠡᠯᠲᠡ ᠬᠢᠭᠰᠡᠨ᠎ᠡᠴᠡ ᠭᠠᠪᠠ ᠳᠥᠩᠭᠡ᠎ᠨᠢ ᠲᠤᠢᠯᠪᠤᠷᠢᠲᠠᠢ ᠪᠠᠯᠪᠠᠴᠢᠭᠳᠠᠵᠤ ᠬᠥᠳᠡᠯᠮᠦᠷᠢᠴᠢᠨ ᠠᠷᠠᠳ ᠲᠦᠮᠡᠨ ᠦᠨᠡᠩᠬᠦ ᠭᠠᠵᠠᠷ ᠰᠢᠷᠤᠢ᠎ᠶᠢᠨ ᠡᠵᠡᠨ᠎ᠨᠢ ᠪᠣᠯᠤᠭᠰᠠᠨ᠎ᠶᠤᠮ᠃ ᠪᠢᠳᠡ ᠭᠠᠵᠠᠷ ᠲᠠᠷᠢᠶ᠎ᠠ᠎ᠪᠠᠨ ᠬᠠᠢᠷᠠᠯᠠᠨ᠎ᠠ᠂ ᠪᠢᠳᠡ ᠭᠠᠵᠠᠷ ᠲᠠᠷᠢᠶ᠎ᠠ᠎ᠪᠠᠨ ᠣᠮᠤᠭ ᠪᠠᠷᠳᠠᠮ᠎ᠢᠶᠠᠷ ᠥᠭᠡᠷᠡᠴᠢᠯᠡᠵᠦ᠂ ᠬᠡᠮᠡᠷᠯᠢᠭ ᠲᠣᠷᠭ᠎ᠠ ᠪᠣᠯᠭᠠᠨ᠎ᠠ᠃ ᠡᠢᠨ᠎ᠬᠦ ᠰᠡᠳᠭᠢᠬᠦ᠎ᠳᠦ ᠡᠬᠡ ᠳᠡᠯᠡᠬᠡᠢ᠎ᠶᠢᠨ ᠤᠯᠠᠭᠠᠨ᠂ ᠬᠠᠷ᠎ᠠ᠂ ᠰᠢᠷ᠎ᠠ᠂ ᠴᠠᠭᠠᠨ ᠬᠥᠷᠦᠰᠦ ᠴᠤᠭᠭᠠᠷ᠎ᠢᠶᠠᠨ ᠰᠡᠳᠭᠢᠯᠭᠡ ᠪᠢᠯᠬᠠᠮᠠᠯ ᠶᠠᠭᠤᠮ᠎ᠠ ᠪᠣᠯᠴᠢᠬᠠᠭᠰᠠᠨ᠎ᠰᠢᠭ᠋ ᠪᠣᠯᠬᠤ᠎ᠶᠤᠮ᠃ ᠲᠡᠭᠡᠭᠡᠳ ᠡᠷᠲᠡᠨ᠎ᠦ ᠳᠣᠮᠤᠭ ᠦᠯᠢᠭᠡᠷ᠎ᠲᠡᠬᠢ 《ᠬᠤᠪᠢᠯᠭᠠᠨ ᠬᠥᠷᠦᠰᠦ》᠎ᠰᠢᠭ᠎ᠢᠶᠡᠷ ᠲᠠᠰᠤᠷᠠᠯ᠎ᠦᠭᠡᠢ ᠬᠤᠪᠢᠷᠠᠵᠤ ᠨᠡᠮᠡᠭᠳᠡᠨ᠂ ᠡᠭᠡᠭᠡ᠎ᠯᠡ ᠠᠮᠢ ᠣᠷᠤᠭᠰᠠᠨ᠎ᠰᠢᠭ᠋ ᠪᠣᠯᠬᠤ᠎ᠶᠤᠮ᠃

ᠬᠡᠳᠦᠨ ᠮᠢᠩᠭᠠᠨ ᠵᠢᠯ᠎ᠦᠨ ᠲᠤᠷᠰᠢ ᠪᠣᠭᠤᠭᠳᠠᠵᠤ ᠬᠦᠯᠢᠶᠡᠰᠦᠯᠡᠭᠳᠡᠭᠰᠡᠨ ᠭᠠᠵᠠᠷ ᠰᠢᠷᠤᠢ ᠠᠷᠠᠳ ᠲᠦᠮᠡᠨ᠎ᠦ ᠭᠠᠷ᠎ᠲᠤ ᠪᠤᠴᠠᠨ ᠢᠷᠡᠮᠡᠭᠴᠡ ᠬᠤᠪᠢᠷᠠᠯᠲᠠ᠎ᠨᠢ ᠬᠡᠴᠢᠨᠡᠨ ᠲᠦᠷᠭᠡᠨ ᠪᠣᠯᠤᠭᠰᠠᠨ ᠪᠤᠢ! ᠭᠠᠵᠠᠷ᠎ᠤᠨ ᠵᠢᠷᠤᠭ᠎ᠢ ᠳᠡᠯᠭᠡᠵᠦ᠂ ᠣᠯᠠᠨ ᠭᠠᠵᠠᠷ᠎ᠤᠨ ᠬᠤᠪᠢᠷᠠᠯᠲᠠ᠎ᠶᠢ ᠪᠣᠳᠤᠯᠬᠢᠯᠠᠵᠤ ᠦᠵᠡᠪᠡᠯ᠂ ᠬᠥᠮᠦᠰ᠎ᠢ ᠬᠡᠴᠢᠨᠡᠨ ᠰᠣᠴᠢᠭᠠᠳᠠᠭ ᠪᠣᠯ! ᠡᠯᠡᠰᠦ ᠮᠠᠩᠬᠠᠨ᠎ᠳᠤ ᠪᠠᠶᠠᠨ ᠪᠦᠷᠢᠳᠦ ᠪᠤᠢ ᠪᠣᠯᠵᠤ᠂ ᠬᠠᠮᠠᠷ ᠬᠠᠳᠭᠤᠬᠤ ᠡᠪᠡᠰᠦ ᠤᠷᠭᠤᠬᠤ᠎ᠦᠭᠡᠢ ᠭᠠᠵᠠᠷ ᠦᠷ᠎ᠡ ᠲᠠᠷᠢᠶ᠎ᠠ ᠤᠷᠭᠤᠭᠠᠳ᠂ ᠬᠤᠪᠠᠬᠠᠢ ᠨᠢᠴᠦᠭᠦᠨ ᠠᠭᠤᠯᠠ ᠨᠢᠷᠤᠭᠤᠳ ᠲᠣᠷᠭᠠᠨ ᠬᠦᠷᠮ᠎ᠡ ᠡᠮᠦᠰᠦᠭᠰᠡᠨ ᠪᠥᠭᠡᠳ ᠴᠥᠭᠦᠷᠦᠮ ᠬᠢᠭᠡᠳ ᠲᠠᠲᠠᠮᠠᠯ ᠭᠣᠣᠯ᠎ᠤᠳ ᠭᠢᠯᠠᠯᠵᠠᠭᠰᠠᠨ ᠲᠣᠯᠢ ᠵᠤᠷᠪᠤᠰ ᠪᠦᠰᠡᠯᠡᠭᠦᠷ ᠮᠡᠲᠦ᠎ᠪᠡᠷ ᠠᠭᠤᠯᠠᠨ ᠵᠢᠯᠠᠭ᠎ᠠ ᠠᠭᠤᠳᠠᠮ ᠲᠠᠯ᠎ᠠ᠎ᠶᠢ ᠰᠢᠭᠢᠳᠭᠡᠨ ᠴᠢᠮᠡᠭᠯᠡᠵᠡᠢ᠃ ᠨᠢᠭᠡ ᠤᠳᠠᠭ᠎ᠠ ᠪᠢ ᠥᠨᠳᠦᠷ ᠠᠭᠠᠷ᠎ᠲᠤ ᠡᠭᠴᠡ ᠨᠢᠰᠦᠭᠰᠡᠨ ᠨᠢᠰᠭᠡᠯ᠎ᠦᠨ ᠴᠣᠩᠬᠤ᠎ᠪᠠᠷ ᠵᠦᠵᠢᠶᠠᠩ ᠮᠥᠷᠡᠨ᠎ᠦ ᠬᠣᠢᠭ᠎ᠢ ᠥᠩᠭᠡᠢᠨ ᠬᠠᠷᠠᠬᠤ᠎ᠳᠤ ᠠᠭᠤᠳᠠᠮ ᠣᠭᠲᠠᠷᠭᠤᠢ ᠮᠡᠯᠲᠡᠢᠨ ᠴᠡᠯᠮᠡᠵᠦ ᠪᠠᠢᠯ᠎ᠠ᠃ ᠪᠢ ᠳᠣᠷᠤᠭᠰᠢ ᠬᠠᠷᠠᠬᠤ᠎ᠲᠠᠢ᠎ᠪᠠᠨ ᠵᠡᠷᠭᠡ ᠥᠪᠡᠷ᠎ᠦᠨ ᠡᠷᠬᠡ᠎ᠦᠭᠡᠢ ᠪᠠᠬᠠᠳᠤᠨ ᠱᠠᠭᠰᠢᠭᠰᠠᠨ ᠪᠢᠯᠡ᠃ ᠵᠦᠵᠢᠶᠠᠩ ᠮᠥᠷᠡᠨ᠎ᠦ ᠬᠣᠢᠭ᠎ᠤᠨ ᠵᠢᠪᠬᠤᠯᠠᠩᠲᠤ ᠰᠠᠢᠬᠠᠨ᠎ᠢ ᠦᠨᠡᠬᠡᠷ ᠳᠦᠷᠰᠦᠯᠡᠬᠦᠶ᠎ᠡ ᠪᠡᠷᠬᠡ᠃ ᠤᠰᠤᠨ ᠰᠠᠯᠪᠤᠷᠢ ᠪᠣᠯᠤᠨ ᠠᠭᠠᠷ ᠴᠣᠩᠬᠢᠶᠠᠯ᠎ᠠᠴᠠ ᠭᠢᠯᠠᠰ ᠭᠢᠯᠠᠰ ᠭᠡᠷᠡᠯ ᠲᠠᠲᠠᠵᠤ᠂ ᠡᠬᠡ ᠳᠡᠯᠡᠬᠡᠢ ᠶᠣᠰᠤᠲᠠᠢ᠎ᠯᠠ ᠨᠢᠭᠡ ᠪᠢᠨᠳᠠᠷᠢᠶᠠᠨ ᠨᠣᠭᠤᠭᠠᠨ ᠬᠤᠨ᠎ᠤ ᠨᠣᠯᠤᠤᠷ ᠮᠡᠲᠦ᠂ ᠵᠠᠰᠠᠮᠠᠯ ᠵᠠᠮ᠎ᠨᠢ ᠴᠠᠪᠴᠢᠵᠤ ᠭᠠᠷᠭᠠᠭᠰᠠᠨ ᠮᠡᠲᠦ ᠰᠢᠯᠤᠭᠤᠨ᠂ ᠳᠥᠷᠪᠡᠯᠵᠢᠯᠡᠭᠰᠡᠨ ᠲᠠᠷᠢᠶ᠎ᠠ᠎ᠨᠢ ᠰᠢᠲᠠᠷ᠎ᠠ᠎ᠶᠢᠨ ᠬᠥᠯᠭᠡ᠎ᠡᠴᠡ᠎ᠴᠦ ᠵᠢᠭᠳᠡᠬᠡᠨ᠃ ᠵᠠᠭᠤ ᠮᠢᠩᠭᠠᠨ ᠵᠢᠯ᠎ᠦᠨ ᠡᠮᠦᠨᠡᠬᠢ ᠬᠥᠮᠦᠰ ᠲᠡᠭᠷᠢ ᠳᠡᠭᠡᠷ᠎ᠡ ᠬᠤᠪᠢᠯᠭᠠᠨ ᠰᠠᠬᠢᠭᠤᠯᠰᠤᠨ᠎ᠤ ᠬᠣᠪᠤᠷ ᠭᠠᠢᠬᠠᠮᠰᠢᠭ ᠪᠤᠢ ᠭᠡᠵᠦ᠎ᠯᠡ ᠪᠣᠳᠤᠳᠠᠭ ᠪᠠᠢᠵᠠᠢ᠃ ᠦᠨᠡᠨ᠎ᠳᠡᠭᠡᠨ ᠴᠣᠬᠤᠮ᠎ᠬᠦ ᠭᠠᠢᠬᠠᠮᠰᠢᠭ ᠪᠣᠯ ᠥᠨᠦᠳᠦᠷ᠎ᠦᠨ ᠡᠬᠡ ᠭᠠᠵᠠᠷ᠎ᠲᠤ ᠪᠠᠢᠬᠤ᠎ᠶᠤᠮ᠃ ᠬᠥᠳᠡᠯᠮᠦᠷᠢᠴᠢᠳ᠎ᠦᠨ ᠬᠦᠴᠦᠨ ᠡᠬᠡ ᠳᠡᠯᠡᠬᠡᠢ᠎ᠶᠢ ᠶᠠᠭᠤᠲᠠᠢ ᠭᠣᠶᠤᠯᠠᠵᠤ ᠣᠷᠬᠢᠪᠠ! ᠤᠷᠠᠨ ᠬᠡᠦᠬᠡᠨ᠎ᠦ ᠬᠠᠳᠭᠤᠮᠠᠯᠯᠠᠭᠰᠠᠨ᠎ᠨᠢ ᠵᠥᠪᠬᠡᠨ ᠨᠢᠭᠡ ᠵᠢᠵᠢᠭ ᠠᠯᠴᠢᠭᠤᠷ ᠲᠡᠳᠦᠢ ᠪᠢᠯᠡ᠃ ᠥᠷᠭᠡᠨ ᠣᠯᠠᠨ ᠬᠥᠳᠡᠯᠮᠦᠷᠢᠴᠢᠨ ᠡᠬᠡ ᠳᠡᠯᠡᠬᠡᠢ᠎ᠪᠡᠷ ᠠᠯᠴᠢᠭᠤᠷ ᠪᠣᠯᠭᠠᠵᠤ᠂ ᠦᠵᠡᠰᠢ᠎ᠦᠭᠡᠢ ᠮᠠᠭᠤᠬᠠᠢ ᠪᠠᠢᠭᠰᠠᠨ ᠭᠠᠵᠠᠷ᠎ᠤᠨ ᠭᠠᠳᠠᠷᠭᠤ᠎ᠶᠢ ᠰᠦᠵᠧᠦ ᠭᠤᠸᠠᠩᠵᠧᠦ᠎ᠶᠢᠨ ᠬᠠᠳᠭᠤᠮᠠᠯ ᠮᠡᠲᠦ ᠭᠣᠶᠤ ᠪᠣᠯᠭᠠᠵᠠᠢ᠃

ᠲᠠ ᠭᠠᠯᠲᠤ ᠲᠡᠷᠭᠡᠨ᠎ᠦ ᠴᠣᠩᠬᠤ᠎ᠪᠠᠷ ᠬᠠᠯᠢᠨ ᠥᠩᠭᠡᠷᠡᠬᠦ ᠡᠬᠡ ᠳᠡᠯᠡᠬᠡᠢ᠎ᠶᠢ ᠬᠠᠷᠠᠭᠰᠠᠨ ᠪᠢᠵᠡ᠃ ᠲᠠ ᠬᠡᠳᠦᠨ ᠲᠦᠮᠡᠨ ᠬᠥᠮᠦᠨ ᠳ᠋ᠧᠩ ᠪᠠᠷᠢᠵᠤ ᠤᠰᠤᠨ ᠬᠦᠴᠦᠨ᠎ᠦ ᠴᠠᠬᠢᠯᠭᠠᠨ ᠥᠷᠲᠡᠭᠡ᠎ᠶᠢᠨ ᠳᠠᠯᠠᠩ ᠪᠠᠢᠭᠤᠯᠬᠤ ᠪᠠᠷᠢᠯᠭ᠎ᠠ᠎ᠳᠤ᠎ᠴᠤ ᠣᠷᠤᠯᠴᠠᠭᠰᠠᠨ ᠪᠠᠢᠵᠤ ᠮᠡᠳᠡᠨ᠎ᠡ᠃ ᠲᠡᠨᠳᠡ ᠰᠠᠶ᠎ᠠ ᠵᠢᠤ᠎ᠠ ᠬᠥᠮᠦᠰ᠂ ᠠᠪᠤᠷᠭᠤ ᠭᠠᠷ᠎ᠢᠶᠠᠨ ᠡᠷᠭᠢᠭᠦᠯᠦᠭᠴᠢ ᠠᠤᠭ᠎ᠠ ᠬᠥᠮᠦᠨ ᠮᠡᠲᠦ᠎ᠪᠡᠷ ᠭᠠᠯᠪᠠ ᠳᠡᠯᠡᠬᠡᠢ᠎ᠶᠢ ᠲᠣᠭᠲᠠᠭᠠᠬᠤ ᠠᠵᠢᠯ ᠬᠢᠵᠦ ᠪᠠᠢᠨ᠎ᠠ᠃ ᠡᠮᠦᠨᠡᠲᠦ ᠣᠷᠤᠨ᠎ᠳᠤ᠂ ᠶᠡᠬᠡ ᠬᠠᠭᠤᠷᠠᠢ᠎ᠠᠴᠠ ᠠᠩᠭᠢᠳᠠ ᠪᠠᠢᠭ᠎ᠠ ᠠᠷᠠᠯ ᠳᠡᠭᠡᠷ᠎ᠡ ᠳᠠᠯᠠᠩ ᠪᠠᠷᠢᠭᠠᠳ ᠶᠡᠬᠡ ᠬᠠᠭᠤᠷᠠᠢ᠎ᠯᠤᠭ᠎ᠠ ᠬᠣᠯᠪᠤᠵᠠᠢ᠃ ᠵᠠᠷᠢᠮ ᠠᠭᠤᠯᠠ ᠳᠣᠪᠤᠴᠠᠭ᠎ᠢ ᠳᠠᠯᠠᠢ᠎ᠳᠤ ᠳᠡᠪᠢᠰᠦᠭᠡᠳ ᠬᠠᠭᠤᠷᠠᠢ ᠭᠠᠵᠠᠷ ᠭᠠᠷᠭᠠᠵᠤ ᠪᠠᠢᠨ᠎ᠠ᠃ ᠭᠠᠩ ᠬᠠᠭᠤᠷᠠᠢ ᠯᠧᠢᠵᠧᠦ᠎ᠶᠢᠨ ᠬᠣᠢᠭ ᠳᠡᠭᠡᠷ᠎ᠡ ᠰᠦᠶᠢᠽ᠎ᠦᠨ ᠲᠠᠲᠠᠮᠠᠯ ᠭᠣᠣᠯ᠎ᠠᠴᠠ᠎ᠴᠤ ᠤᠷᠲᠤ ᠲᠠᠲᠠᠮᠠᠯ ᠭᠣᠣᠯ ᠮᠠᠯᠲᠠᠵᠠᠢ᠃ ᠴᠣᠣ ᠱᠠᠨ᠎ᠤ ᠲᠡᠭᠰᠢ ᠲᠠᠯ᠎ᠠ ᠭᠠᠵᠠᠷ᠎ᠤᠨ ᠲᠠᠷᠢᠶ᠎ᠠ᠎ᠶᠢ ᠰᠢᠲᠠᠷ᠎ᠠ᠎ᠶᠢᠨ ᠬᠥᠯᠭᠡ ᠮᠡᠲᠦ ᠲᠡᠭᠰᠢᠯᠡᠨ ᠵᠠᠰᠠᠵᠠᠢ᠃ ᠮᠠᠨ᠎ᠤ ᠦᠶ᠎ᠡ᠎ᠶᠢᠨ ᠬᠥᠮᠦᠰ ᠢᠮᠠᠬᠤ᠎ᠶᠢᠨ ᠲᠡᠳᠦᠢ ᠬᠥᠷᠦᠰᠦ ᠰᠢᠷᠤᠢ᠎ᠪᠠᠷ ᠨᠢᠭᠡᠴᠡ ᠪᠣᠯᠭᠠᠨ ᠨᠠᠷᠢᠨ ᠨᠢᠮᠪᠠᠢ ᠠᠵᠢᠯᠯᠠᠵᠤ ᠪᠠᠢᠬᠤ᠎ᠪᠠᠷ ᠦᠯᠦ ᠪᠠᠷᠠᠨ ᠪᠠᠰᠠ ᠮᠢᠩᠭ᠎ᠠ ᠲᠦᠮᠡᠨ ᠭᠠᠵᠠᠷ᠎ᠢᠶᠠᠷ ᠨᠢᠭᠡᠴᠡ ᠪᠣᠯᠭᠠᠨ᠂ ᠨᠡᠩ ᠲᠣᠳᠤᠷᠬᠠᠢ ᠬᠡᠯᠡᠪᠡᠯ ᠪᠦᠷᠢᠨ ᠴᠢᠯᠦᠭᠡᠯᠡᠭᠳᠡᠭᠰᠡᠨ ᠶᠢᠰᠦᠨ ᠵᠠᠭᠤ ᠭᠠᠷᠤᠢ ᠲᠦᠮᠡᠨ ᠲᠡᠭᠰᠢ ᠳᠥᠷᠪᠡᠯᠵᠢᠨ ᠺᠢᠯᠤᠮᠧᠲᠷ ᠨᠤᠲᠤᠭ ᠳᠡᠪᠢᠰᠭᠡᠷ᠎ᠢᠶᠡᠨ ᠨᠢᠭᠡᠨ ᠪᠦᠬᠦᠯᠢ ᠪᠦᠲᠦᠨ ᠴᠣᠭᠴᠠ ᠪᠣᠯᠭᠠᠨ ᠲᠥᠯᠦᠪᠯᠡᠨ ᠠᠵᠢᠯᠯᠠᠵᠤ ᠪᠤᠢ ᠪᠢᠯᠡ᠃ ᠡᠨᠡ ᠠᠷᠪᠠᠨ ᠬᠡᠳᠦᠨ ᠵᠢᠯ᠎ᠦᠨ ᠳᠣᠲᠤᠷ᠎ᠠ ᠪᠤᠮ ᠲᠦᠮᠡᠨ ᠵᠢᠯ᠎ᠦᠨ ᠲᠤᠷᠰᠢ᠂ ᠦᠶ᠎ᠡ ᠤᠯᠠᠷᠢᠭᠰᠠᠨ ᠠᠳᠠᠯᠢ ᠨᠢᠭᠡ ᠡᠬᠡ ᠳᠡᠯᠡᠬᠡᠢ ᠳᠡᠭᠡᠷ᠎ᠡ ᠬᠡᠳᠦᠢᠴᠢᠨᠡᠭᠡᠨ ᠣᠯᠠᠨ ᠤᠷᠭᠤᠮᠠᠯ᠎ᠤᠨ ᠰᠢᠨ᠎ᠡ ᠡᠭᠦᠯᠳᠡᠷ ᠤᠷᠭᠤᠭᠰᠠᠨ ᠪᠤᠢ! ᠴᠡᠴᠡᠭᠯᠡᠨ ᠭᠥᠭᠵᠢᠵᠦ ᠪᠠᠢᠭ᠎ᠠ ᠲᠠᠷᠢᠶᠠᠯᠠᠩ᠎ᠢ ᠬᠠᠷᠠᠬᠤ ᠪᠦᠷᠢ᠂ ᠰᠠᠶᠢᠬᠠᠨ ᠬᠠᠭᠠᠯᠪᠤᠷᠢᠯᠠᠭᠳᠠᠭᠰᠠᠨ ᠰᠢᠪᠠᠷ ᠳᠣᠯᠭᠢᠶᠠᠯᠠᠭᠰᠠᠨ ᠥᠩ ᠰᠢᠮᠡᠯᠢᠭ ᠬᠥᠷᠦᠰᠦ᠎ᠶᠢ ᠬᠠᠷᠠᠬᠤ ᠪᠦᠷᠢ᠂ 《ᠤᠯᠠᠭᠠᠨ ᠲᠤᠭ᠎ᠤᠨ ᠳᠠᠭᠤᠤ》 ᠳᠣᠲᠤᠷᠠᠬᠢ ᠠᠷᠠᠳ᠎ᠤᠨ ᠳᠠᠭᠤᠤ᠎ᠳᠤ ᠳᠦᠷᠰᠦᠯᠡᠭᠰᠡᠨ 《ᠠᠯᠮᠤᠷᠠᠳ ᠵᠢᠮᠢᠰ᠎ᠨᠢ ᠴᠢᠷᠠᠢ᠎ᠪᠠᠨ ᠤᠯᠠᠢᠲᠠᠯ᠎ᠠ ᠢᠨᠢᠶᠡᠨ᠎ᠡ᠂ ᠠᠮᠲᠠᠲᠤ ᠲᠠᠷᠪᠤᠰ᠎ᠨᠢ ᠪᠠᠯ᠎ᠢᠶᠠᠨ ᠭᠣᠭᠤᠵᠢᠲᠠᠯ᠎ᠠ ᠮᠦᠰᠢᠶᠡᠨ᠎ᠡ᠃ ᠠᠯᠠᠭ ᠴᠡᠴᠡᠭ᠎ᠨᠢ ᠬᠡᠯᠲᠡᠰ᠎ᠢᠶᠡᠨ ᠳᠡᠯᠭᠡᠭᠳᠡᠲᠡᠯ᠎ᠡ ᠪᠠᠶᠠᠷᠯᠠᠨ᠎ᠠ᠂ ᠠᠲᠠᠷ ᠭᠠᠵᠠᠷ ᠪᠤᠷᠴᠠᠭ ᠳᠡᠯᠪᠡᠷᠡᠲᠡᠯ᠎ᠡ ᠤᠷᠭᠤᠨ᠎ᠠ》 ᠭᠡᠰᠡᠨ ᠮᠡᠲᠦ ᠬᠥᠷᠦᠰᠦ ᠰᠢᠷᠤᠢ᠂ ᠰᠢᠭᠦᠳᠡᠷᠢ᠎ᠶᠢᠨ ᠮᠥᠬᠦᠯᠢᠭ᠂ ᠡᠪᠡᠰᠦᠨ᠎ᠦ ᠨᠠᠪᠴᠢ᠂ ᠴᠡᠴᠡᠭ ᠨᠣᠭᠤᠭ᠎ᠠ᠎ᠶᠢᠨ ᠠᠩᠬᠢᠯᠤᠮᠠᠯ ᠦᠨᠦᠷ ᠪᠦᠬᠦᠢ ᠡᠨᠡ ᠪᠠᠢᠳᠠᠯ ᠵᠢᠷᠦᠬᠡᠨ ᠲᠣᠯᠲᠤ᠎ᠳᠤ ᠲᠣᠳᠤᠷᠠᠨ᠎ᠠ᠃ ᠪᠢᠳᠡ ᠭᠠᠵᠠᠷ ᠰᠢᠷᠤᠢ᠎ᠳᠤ ᠤᠯᠠᠮ ᠵᠤᠵᠠᠭᠠᠨ ᠬᠠᠢᠷ᠎ᠠ ᠰᠡᠳᠭᠢᠯᠭᠡ᠎ᠲᠡᠢ ᠪᠣᠯᠵᠠᠭᠠᠶ᠎ᠠ᠃ ᠡᠬᠡ ᠪᠣᠯᠤᠭᠰᠠᠨ ᠭᠠᠵᠠᠷ ᠳᠡᠯᠡᠬᠡᠢ᠎ᠶᠢᠨ ᠭᠠᠪᠠ ᠳᠥᠩᠭᠡ ᠠᠯᠳᠠᠷᠠᠭᠰᠠᠨ ᠪᠣᠯᠬᠣᠷ ᠲᠡᠵᠢᠭᠡᠨ ᠪᠣᠢᠵᠢᠭᠤᠯᠤᠭᠰᠠᠨ ᠡᠬᠡ ᠳᠡᠯᠡᠬᠡᠢ᠎ᠶᠢᠨ᠎ᠢᠶᠡᠨ ᠲᠥᠯᠦᠭᠡ ᠪᠢᠳᠡᠨ᠎ᠦ ᠬᠡᠷᠬᠢᠨ ᠰᠠᠢᠲᠤᠷ ᠠᠵᠢᠯᠯᠠᠬᠤ᠎ᠶᠢ ᠦᠵᠡᠬᠦ ᠴᠠᠭ ᠣᠳᠣ ᠪᠣᠯᠵᠠᠢ᠃

ᠬᠡᠷᠡᠭ ᠳᠡᠭᠡᠷ᠎ᠡ᠎ᠪᠡᠨ᠎ᠴᠦ ᠡᠢᠮᠦ᠎ᠶᠦᠮ᠂ ᠲᠣᠭ᠎ᠠ᠎ᠦᠭᠡᠢ ᠣᠯᠠᠨ ᠬᠥᠮᠦᠰ ᠡᠢᠮᠦ ᠬᠠᠢᠷ᠎ᠠ ᠰᠡᠳᠭᠢᠯᠭᠡ᠎ᠶᠢ ᠡᠳᠦᠷ᠎ᠡᠴᠡ ᠡᠳᠦᠷ᠎ᠲᠦ ᠬᠥᠭᠵᠢᠭᠦᠯᠵᠦ ᠪᠤᠢ᠃ ᠡᠭᠦᠨ᠎ᠢ ᠥᠴᠦᠬᠡᠨ ᠲᠡᠳᠦᠢ ᠪᠤᠶᠤ ᠠᠤᠭ᠎ᠠ ᠶᠡᠬᠡ ᠲᠠᠯ᠎ᠠ᠎ᠠᠴᠠ ᠠᠵᠢᠭᠯᠠᠨ ᠮᠡᠳᠡᠵᠦ ᠪᠣᠯᠤᠨ᠎ᠠ᠃ ᠨᠢᠭᠡᠳᠦᠯ᠎ᠦᠨ ᠺᠠᠳ᠋ᠷ ᠨᠢᠭᠡ ᠪᠦᠯᠦᠭ ᠠᠬᠠᠮᠠᠳ ᠲᠠᠷᠢᠶᠠᠴᠢᠨ᠎ᠢ ᠳᠠᠭᠠᠭᠤᠯᠵᠤ ᠲᠠᠷᠢᠶ᠎ᠠ ᠪᠠᠢᠴᠠᠭᠠᠵᠤ ᠪᠠᠢᠭ᠎ᠠ ᠪᠠᠢᠳᠠᠯ᠎ᠢ ᠦᠵᠡᠭᠰᠡᠨ ᠪᠢᠵᠡ? ᠲᠡᠳᠡ ᠰᠤᠷ ᡂᠢ ᠪᠠᠷᠢᠵᠤ᠂ ᠡᠨᠳᠡ ᠲᠡᠨᠳᠡ᠎ᠦᠭᠡᠢ ᠬᠡᠮᠵᠢᠵᠦ᠂ ᠬᠡᠰᠡᠭ ᠬᠡᠰᠡᠭ ᠲᠠᠷᠢᠶᠠᠨ᠎ᠤ ᠲᠤᠲᠤᠷᠭ᠎ᠠ᠎ᠶᠢᠨ ᠲᠦᠷᠦᠭᠦᠦ᠎ᠶᠢ ᠲᠣᠭᠠᠯᠠᠳᠠᠭ᠃ ᠥᠪᠡᠷ᠎ᠦᠨ᠎ᠢᠶᠡᠨ ᠡᠵᠡᠩᠨᠡᠵᠦ ᠪᠠᠢᠭ᠎ᠠ ᠲᠠᠷᠢᠶ᠎ᠠ ᠮᠥᠨ ᠡᠰᠡᠬᠦ᠎ᠶᠢ ᠬᠠᠢᠬᠤᠷᠬᠤ᠎ᠦᠭᠡᠢ᠎ᠪᠠᠷ ᠬᠠᠮᠢᠭ᠎ᠠ ᠭᠠᠵᠠᠷ ᠪᠤᠵᠠᠷ ᠡᠪᠡᠰᠦ ᠬᠠᠷᠠᠭᠳᠠᠪᠠᠯ ᠤᠰᠤᠨ᠎ᠳᠤ ᠣᠷᠤᠵᠤ ᠦᠭᠲᠡᠭᠡᠵᠦ ᠬᠠᠶᠠᠳᠠᠭ᠃ ᠲᠠ ᠨᠢᠭᠡᠳᠦᠯ᠎ᠦᠨ ᠭᠡᠰᠢᠭᠦᠳ᠎ᠦᠨ ᠬᠥᠷᠦᠰᠦ ᠥᠭᠡᠷᠡᠴᠢᠯᠡᠵᠦ ᠪᠠᠢᠭ᠎ᠠ ᠪᠠᠢᠳᠠᠯ᠎ᠢ ᠦᠵᠡᠭᠰᠡᠨ ᠪᠢᠵᠡ? ᠲᠡᠳᠡ ᠲᠣᠬᠢᠷᠠᠮᠵᠢᠲᠠᠢ ᠰᠠᠢᠬᠠᠨ ᠭᠦᠨ ᠲᠠᠷᠢᠶᠠᠯᠠᠵᠤ᠂ ᠪᠣᠷᠳᠤᠭᠤᠷ ᠬᠢᠭᠡᠳ ᠭᠠᠵᠠᠷ ᠲᠠᠷᠢᠶ᠎ᠠ᠎ᠪᠠᠨ ᠥᠩ ᠰᠢᠮᠡᠯᠢᠭ ᠪᠣᠯᠭᠠᠬᠤ᠎ᠪᠠᠷ ᠴᠢᠷᠮᠠᠢᠵᠤ ᠪᠠᠢᠨ᠎ᠠ᠃

ᠬᠡᠳᠦᠨ ᠲᠦᠮᠡᠨ ᠬᠥᠮᠦᠨ ᠬᠡᠰᠡᠭ ᠭᠠᠵᠠᠷ᠎ᠢ ᠬᠦᠷᠢᠶᠡᠯᠡᠨ ᠬᠠᠰᠢᠯᠭ᠎ᠠ ᠳᠠᠯᠠᠩ ᠪᠠᠷᠢᠬᠤ᠂ ᠬᠡᠳᠦᠨ ᠮᠢᠩᠭᠠᠨ ᠬᠥᠮᠦᠨ ᠰᠦᠷ ᠳᠠᠯᠠᠢᠴᠠᠲᠠᠢ᠎ᠪᠠᠷ ᠠᠭᠤᠯᠠᠨ᠎ᠳᠤ ᠭᠠᠷᠬᠤ ᠪᠠᠢᠳᠠᠯ᠎ᠨᠢ ᠬᠥᠮᠦᠨ᠎ᠦ ᠰᠡᠳᠭᠢᠯ᠎ᠢ ᠨᠡᠩᠳᠡ ᠬᠥᠳᠡᠯᠭᠡᠨ᠎ᠡ᠃ ᠲᠡᠳᠡᠨ᠎ᠦ ᠬᠠᠰᠭᠢᠷᠤᠯᠲᠠ᠂ ᠲᠡᠳᠡᠨ᠎ᠦ ᠢᠨᠢᠶᠡᠳᠦ᠂ ᠢᠯᠠᠩᠭᠤᠶ᠎ᠠ ᠴᠣᠭ ᠪᠠᠳᠠᠷᠠᠭᠰᠠᠨ ᠬᠣᠣᠰ ᠨᠢᠳᠦᠳ ᠭᠡᠵᠦ ᠡ! ᠪᠠᠴᠢᠮ ᠶᠠᠭᠠᠷᠠᠯᠲᠠᠢ ᠬᠥᠳᠡᠯᠮᠦᠷᠢ᠎ᠶᠢᠨ ᠳᠤᠮᠳᠠ ᠪᠦᠭᠦᠳᠡ ᠣᠯᠠᠨ᠎ᠢᠶᠠᠷ᠎ᠢᠶᠠᠨ ᠦᠭᠡ ᠴᠥᠭᠡᠨ᠎ᠲᠡᠢ ᠪᠣᠯᠪᠠᠴᠤ ᠨᠢᠳᠦᠨ ᠬᠠᠷᠠᠴᠠ᠎ᠨᠢ: 《ᠠᠵᠢᠯᠯᠠᠵᠠᠭᠠᠶ᠎ᠠ᠂ ᠬᠥᠷᠦᠰᠦ ᠰᠢᠷᠤᠢ᠎ᠠᠴᠠ ᠡᠷᠳᠡᠨᠢ ᠪᠤᠯᠢᠶᠠᠵᠤ᠂ ᠪᠤᠢ ᠪᠦᠬᠦᠢ ᠬᠥᠷᠦᠰᠦ ᠰᠢᠷᠤᠢ᠎ᠪᠠᠨ ᠠᠰᠢᠭᠯᠠᠶ᠎ᠠ᠃ ᠬᠣᠴᠤᠷᠤᠩᠭᠤᠢ ᠬᠣᠭᠤᠰᠤᠨ ᠭᠡᠰᠡᠨ ᠡᠴᠦᠰ᠎ᠦᠨ ᠬᠣᠶᠠᠷ ᠶᠡᠬᠡ ᠠᠭᠤᠯᠠ᠎ᠶᠢ ᠯᠠᠪᠲᠠᠢ ᠮᠠᠨ᠎ᠤ ᠡᠨᠡ ᠦᠶ᠎ᠡ᠎ᠶᠢᠨ ᠬᠥᠮᠦᠨ ᠬᠣᠣᠰ ᠭᠠᠷ᠎ᠢᠶᠠᠷ᠎ᠢᠶᠠᠨ ᠲᠦᠯᠬᠢᠨ ᠤᠨᠠᠭᠠᠨ᠎ᠠ》 ᠭᠡᠵᠦ ᠪᠠᠢᠭ᠎ᠠ ᠮᠡᠲᠦ᠃ ᠵᠠᠷᠢᠮ᠎ᠳᠠᠭᠠᠨ ᠡᠨᠡ ᠳᠠᠭᠤᠨ᠎ᠨᠢ ᠬᠥᠳᠡᠯᠮᠦᠷᠢ᠎ᠶᠢᠨ ᠳᠣᠬᠢᠶ᠎ᠠ᠂ ᠬᠦᠷᠳᠦᠨ᠎ᠦ ᠡᠷᠭᠢᠯᠲᠡ᠎ᠲᠡᠢ ᠨᠢᠭᠡᠳᠴᠦ ᠬᠥᠮᠦᠰ᠎ᠲᠦ ᠳᠠᠢᠨ᠎ᠤ ᠬᠡᠩᠭᠡᠷᠭᠡ᠂ ᠳᠠᠭᠠᠷᠢᠯᠲᠠ᠎ᠶᠢᠨ ᠪᠦᠷᠢᠶ᠎ᠡ᠎ᠶᠢᠨ ᠰᠦᠷ ᠵᠢᠪᠬᠤᠯᠠᠩ᠎ᠢ ᠰᠠᠨᠠᠭᠳᠠᠭᠤᠯᠬᠤ᠎ᠰᠢᠭ᠋ ᠪᠣᠯᠤᠨ᠎ᠠ ᠁

ᠪᠢᠳᠡ ᠠᠳᠭᠤ ᠰᠢᠷᠤᠢ ᠠᠪᠤᠭᠠᠳ ᠨᠠᠷᠢᠪᠴᠢᠯᠠᠨ ᠦᠵᠡᠵᠡᠭᠡᠶ᠎ᠡ! ᠡᠨᠡ ᠪᠣᠯ ᠪᠢᠳᠡᠨ᠎ᠦ ᠡᠬᠡ ᠨᠤᠲᠤᠭ᠎ᠶᠤᠮ ᠡ! ᠢᠮᠠᠬᠤ᠎ᠶᠢᠨ ᠲᠡᠳᠦᠢ ᠨᠤᠲᠤᠭ᠎ᠢᠶᠠᠨ᠎ᠴᠤ ᠪᠢᠳᠡ ᠬᠡᠷᠬᠢᠨ ᠬᠠᠮᠠᠭᠠᠯᠠᠬᠤ ᠪᠤᠢ? ᠢᠮᠠᠬᠤ᠎ᠶᠢᠨ ᠲᠡᠳᠦᠢ ᠬᠥᠷᠦᠰᠦ ᠪᠣᠯᠭᠠᠨ᠎ᠤ ᠯᠤᠲᠤ ᠶᠡᠬᠡ ᠳᠠᠯᠳᠠ ᠨᠥᠭᠡᠴᠡ᠎ᠶᠢ ᠬᠡᠷᠬᠢᠨ ᠪᠠᠳᠠᠷᠠᠭᠤᠯᠵᠤ᠂ ᠡᠳᠦᠷ ᠪᠣᠯᠭᠠᠨ ᠬᠡᠷᠬᠢᠨ ᠤᠯᠠᠮ ᠰᠠᠢᠨ ᠰᠠᠢᠬᠠᠨ ᠪᠣᠯᠭᠠᠬᠤ ᠪᠤᠢ? ᠨᠠᠮ᠎ᠮᠢᠨᠢ ᠪᠢᠳᠡᠨ᠎ᠢ ᠤᠳᠤᠷᠢᠳᠤᠨ ᠳᠠᠭᠠᠭᠤᠯᠵᠤ ᠤᠷᠤᠭᠰᠢᠯᠠᠵᠤ ᠪᠠᠢᠨ᠎ᠠ᠃ ᠤᠷᠢ ᠵᠠᠯᠠᠭᠤ ᠡᠬᠡ ᠳᠡᠯᠡᠬᠡᠢ᠎ᠴᠦ ᠠᠪᠤᠷᠭᠤ ᠳᠠᠭᠤᠨ ᠭᠠᠷᠭᠠᠵᠤ᠂ ᠳᠤᠮᠳᠠᠳᠤ ᠤᠯᠤᠰ᠎ᠤᠨ ᠬᠥᠮᠦᠨ ᠪᠦᠷᠢ᠎ᠡᠴᠡ ᠬᠠᠷᠢᠭᠤ ᠬᠦᠰᠡᠵᠦ ᠪᠠᠢᠬᠤ ᠮᠡᠲᠦ ᠠᠵᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082