ᠮᠣᠩᠭᠣᠯ ᠪᠢᠴᠢᠭ |
ᠬᠢᠲᠠᠳ ᠠᠩᠭᠯᠢ ᠶᠠᠫᠣᠨ |
ᠰᠠᠷᠠᠨ ᠮᠠᠨᠳᠤᠯ᠎ᠠ᠂ ᠬᠦᠷᠢᠶᠡᠨ ᠳᠣᠲᠤᠷ᠎ᠠ ᠮᠠᠰᠢ ᠰᠡᠷᠢᠭᠦᠬᠡᠨ ᠪᠥᠭᠡᠳ ᠴᠡᠪᠡᠷᠬᠡᠨᠴᠦ ᠪᠠᠢᠯ᠎ᠠ᠃ ᠡᠳᠦᠷ᠎ᠦᠨ ᠬᠠᠭᠠᠯᠤᠭᠰᠠᠨ ᠬᠤᠯᠤᠰᠤ ᠴᠢᠭᠢᠭᠳᠡᠨ ᠳᠡᠪᠲᠦᠭᠡᠳ ᠰᠦᠯᠵᠢᠬᠦ᠎ᠳᠦ ᠲᠠᠭᠠᠲᠠᠢ ᠰᠠᠢᠬᠠᠨ ᠪᠠᠢᠨ᠎ᠠ᠃ ᠨᠢᠭᠡ ᠡᠮᠡᠭᠲᠡᠢ ᠵᠢᠵᠢᠭᠬᠡᠨ ᠬᠦᠷᠢᠶᠡᠨ ᠳᠣᠲᠤᠷ᠎ᠠ ᠵᠥᠭᠡᠯᠡᠷᠡᠵᠦ ᠳᠡᠪᠲᠦᠭᠰᠡᠨ ᠬᠤᠯᠤᠰᠤ᠎ᠶᠢ ᠬᠤᠷᠤᠭᠤᠨ᠎ᠳᠠᠭᠠᠨ ᠣᠷᠢᠶᠠᠵᠤ ᠰᠠᠭᠤᠨ᠎ᠠ᠃ ᠨᠢᠮᠭᠡᠨ ᠪᠥᠭᠡᠳ ᠨᠠᠷᠢᠬᠠᠨ ᠰᠠᠢᠬᠠᠨ ᠬᠠᠭᠠᠯᠤᠭᠰᠠᠨ ᠬᠤᠯᠤᠰᠤ ᠲᠡᠭᠦᠨ᠎ᠦ ᠡᠮᠦᠨ᠎ᠡ ᠨᠠᠬᠢᠯᠵᠠᠨ᠎ᠠ᠃
ᠯᠢᠩᠬᠤ᠎ᠠ ᠴᠡᠴᠡᠭᠲᠦ ᠪᠢᠯᠬᠠᠮᠠᠯ᠎ᠳᠤ ᠬᠤᠯᠤᠰᠤᠲᠠᠢ ᠭᠠᠵᠠᠷ ᠬᠡᠳᠦᠢ ᠪᠠᠢᠳᠠᠭ ᠪᠤᠢ? ᠭᠡᠪᠡᠯ ᠮᠡᠳᠡᠬᠦ᠎ᠦᠭᠡᠢ᠃ ᠵᠢᠯ᠎ᠳᠦ ᠬᠡᠳᠦᠢ ᠬᠤᠯᠤᠰᠤ ᠭᠠᠷᠳᠠᠭ ᠪᠤᠢ? ᠭᠡᠪᠡᠯ ᠪᠠᠰᠠ᠎ᠯᠠ ᠮᠡᠳᠡᠬᠦ᠎ᠦᠭᠡᠢ᠃ ᠵᠥᠪᠬᠡᠨ ᠵᠢᠯ ᠪᠣᠯᠭᠠᠨ ᠬᠤᠯᠤᠰᠤᠨ᠎ᠤ ᠨᠠᠪᠴᠢ ᠰᠢᠷᠠᠯᠠᠵᠤ᠂ ᠰᠠᠬᠠᠯ ᠰᠠᠮᠪᠠᠢ᠎ᠨᠢ ᠨᠢᠰᠦᠨ ᠳᠡᠭᠳᠡᠬᠦ ᠦᠶ᠎ᠡ᠎ᠳᠦ ᠪᠢᠯᠬᠠᠮᠠᠯ᠎ᠤᠨ ᠬᠤᠯᠤᠰᠤ ᠴᠥᠮ ᠬᠠᠮᠤᠭᠳᠠᠭᠠᠳ ᠯᠢᠩᠬᠤ᠎ᠠ ᠴᠡᠴᠡᠭᠲᠦ ᠪᠢᠯᠬᠠᠮᠠᠯ ᠣᠷᠴᠢᠮ᠎ᠤᠨ ᠥᠷᠭᠡᠨ ᠲᠠᠯᠠᠪᠠᠢ᠎ᠨᠢ ᠶᠣᠰᠤᠲᠠᠢ ᠨᠢᠭᠡ ᠬᠤᠯᠤᠰᠤᠨ ᠬᠣᠷᠤᠭ᠎ᠠ ᠪᠣᠯᠳᠠᠭ᠎ᠰᠠᠨ᠃ ᠡᠮᠡᠭᠲᠡᠢᠴᠦᠳ ᠲᠠᠯᠠᠪᠠᠢ ᠪᠤᠶᠤ ᠬᠠᠰᠢᠶᠠᠨ᠎ᠳᠤ ᠰᠠᠭᠤᠵᠤ ᠴᠢᠭᠢᠷᠰᠦ ᠰᠦᠯᠵᠢᠵᠡᠭᠡᠨᠡ᠃ ᠳᠠᠷᠠᠭ᠎ᠠ ᠵᠢᠯ᠎ᠦᠨ ᠬᠢᠨᠢ ᠵᠢᠷᠭᠤᠭᠠᠨ ᠰᠠᠷ᠎ᠠ᠎ᠳᠤ ᠪᠢᠯᠬᠠᠮᠠᠯ᠎ᠤᠨ ᠤᠰᠤ ᠨᠡᠮᠡᠭᠳᠡᠮᠡᠭᠴᠡ ᠲᠣᠭ᠎ᠠ ᠲᠣᠮᠰᠢ᠎ᠦᠭᠡᠢ ᠣᠩᠭᠤᠴᠠᠨᠤᠭᠤᠳ ᠮᠥᠩᠭᠦᠨ ᠴᠠᠭᠠᠨ ᠭᠡᠷᠡᠯ ᠰᠠᠴᠤᠷᠠᠭᠤᠯᠤᠭᠰᠠᠨ ᠴᠢᠭᠢᠷᠰᠦ ᠠᠴᠢᠭᠠᠳ ᠭᠠᠳᠠᠭᠰᠢ ᠵᠥᠭᠡᠭᠡᠵᠦ ᠡᠬᠢᠯᠡᠳᠡᠭ᠃ ᠲᠡᠭᠡᠭᠡᠳ ᠤᠳᠠᠯ᠎ᠦᠭᠡᠢ ᠬᠣᠲᠠ ᠲᠣᠰᠭᠤᠨ᠎ᠳᠤ ᠭᠣᠶᠤ ᠰᠠᠢᠬᠠᠨ ᠬᠤᠸᠠᠷ ᠬᠡ᠎ᠲᠡᠢ᠂ ᠨᠢᠭᠲᠠ ᠨᠠᠷᠢᠨ ᠤᠷᠠᠯᠢᠭ ᠰᠠᠢᠬᠠᠨ ᠰᠦᠯᠵᠢᠭᠰᠡᠨ ᠴᠢᠭᠢᠷᠰᠦᠲᠡᠢ ᠪᠣᠯᠴᠢᠬᠠᠳᠠᠭ᠃ ᠬᠥᠮᠦᠰ: 《ᠰᠠᠢᠨ ᠴᠢᠭᠢᠷᠰᠦ᠂ ᠯᠢᠩᠬᠤ᠎ᠠ ᠴᠡᠴᠡᠭᠲᠦ ᠪᠢᠯᠬᠠᠮᠠᠯ᠎ᠤᠨ ᠴᠢᠭᠢᠷᠰᠦ!》 ᠬᠡᠮᠡᠨ ᠪᠤᠯᠢᠶᠠᠯᠳᠤᠨ ᠠᠪᠳᠠᠭ ᠪᠢᠯᠡ᠃
ᠲᠡᠷᠡ ᠡᠮᠡᠭᠲᠡᠢ ᠴᠢᠭᠢᠷᠰᠦ᠎ᠪᠡᠨ ᠰᠦᠯᠵᠢᠭᠰᠡᠭᠡᠷ ᠪᠠᠢᠯ᠎ᠠ᠃ ᠤᠳᠠᠯ᠎ᠦᠭᠡᠢ ᠨᠢᠭᠡ᠎ᠶᠢ ᠰᠦᠯᠵᠢᠵᠦ ᠣᠷᠬᠢᠯ᠎ᠠ᠃ ᠲᠡᠷᠡ ᠡᠮᠡᠭᠲᠡᠢ ᠶᠠᠭ᠎ᠯᠠ ᠴᠡᠪᠡᠷ ᠰᠠᠢᠬᠠᠨ ᠴᠠᠰᠤᠨ ᠳᠡᠭᠡᠷ᠎ᠡ ᠰᠠᠭᠤᠵᠤ ᠪᠠᠢᠭ᠎ᠠ᠎ᠰᠢᠭ᠋ ᠪᠤᠶᠤ ᠬᠥᠪᠦᠩ ᠴᠠᠭᠠᠨ ᠡᠭᠦᠯᠡ ᠬᠥᠯᠭᠡᠯᠡᠭᠰᠡᠨᠴᠦᠶᠦᠮᠰᠢᠭ ᠪᠠᠢᠯ᠎ᠠ᠃ ᠪᠠᠢᠨ ᠪᠠᠢᠨ ᠪᠢᠯᠬᠠᠮᠠᠯ ᠤᠷᠤᠭᠤ ᠰᠢᠷᠲᠡᠨ᠎ᠡ᠃ ᠪᠢᠯᠬᠠᠮᠠᠯ᠎ᠤᠨ ᠤᠰᠤᠴᠤ ᠮᠥᠩᠭᠦᠨ ᠴᠠᠭᠠᠨ ᠳᠡᠯᠡᠬᠡᠢ ᠪᠣᠯᠤᠭᠰᠠᠨ ᠪᠠᠢᠯ᠎ᠠ᠃ ᠤᠰᠤᠨ ᠳᠡᠭᠡᠭᠦᠷ ᠰᠡᠪᠰᠡᠭᠡᠷ ᠨᠢᠮᠭᠡᠨ ᠮᠠᠨᠠᠨ ᠬᠥᠰᠢᠭᠡ ᠲᠠᠲᠠᠵᠤ ᠰᠣᠷᠭᠤᠭ ᠰᠠᠢᠬᠠᠨ ᠯᠢᠩᠬᠤ᠎ᠠ ᠴᠡᠴᠡᠭ᠎ᠦᠨ ᠦᠨᠦᠷ ᠠᠩᠬᠢᠯᠤᠨ᠎ᠠ᠃
ᠭᠡᠪᠡᠴᠦ ᠬᠦᠷᠢᠶᠡᠨ᠎ᠦ ᠬᠠᠭᠠᠯᠭᠠᠪᠠᠨᠴᠤ ᠬᠠᠭᠠᠭᠠᠳᠤᠢ᠂ ᠡᠷ᠎ᠡ ᠨᠥᠬᠦᠷ᠎ᠨᠢ ᠢᠷᠡᠭᠡᠳᠦᠢ ᠬᠦᠯᠢᠶᠡᠭᠰᠡᠭᠡᠷ ᠠᠵᠢ᠃
ᠡᠷ᠎ᠡ ᠨᠥᠬᠦᠷ᠎ᠨᠢ ᠣᠷᠤᠢᠬᠠᠨ ᠢᠷᠡᠵᠡᠢ᠃ ᠲᠡᠷᠡ ᠵᠠᠯᠠᠭᠤ᠂ ᠬᠣᠷᠢ ᠬᠡᠲᠦᠷᠡᠭᠡᠳᠦᠢ ᠪᠥᠭᠡᠳ ᠲᠣᠯᠤᠭᠠᠢ᠎ᠳᠠᠭᠠᠨ ᠲᠣᠮᠤ ᠭᠡᠭᠴᠢ᠎ᠶᠢᠨ ᠡᠪᠡᠰᠦᠨ ᠮᠠᠯᠠᠭᠠᠢ ᠵᠡᠭᠦᠵᠡᠢ᠃ ᠴᠠᠪ ᠴᠠᠭᠠᠨ ᠬᠠᠨᠲᠠᠭᠠᠵᠠ᠎ᠲᠠᠢ ᠪᠥᠭᠡᠳ ᠲᠠᠰ ᠬᠠᠷ᠎ᠠ ᠥᠮᠦᠳᠦᠨᠦᠪᠡᠨ ᠰᠢᠷᠬᠤᠨᠠᠭᠢ ᠡᠪᠦᠳᠦᠭ᠎ᠡᠴᠡ ᠳᠡᠭᠡᠭᠰᠢ ᠭᠠᠷᠲᠠᠯ᠎ᠠ ᠰᠢᠭᠤᠵᠤ ᠣᠷᠬᠢᠭᠠᠳ ᠬᠥᠯ ᠨᠢᠴᠦᠭᠦᠨ᠃ ᠨᠡᠷ᠎ᠡ᠎ᠨᠢ ᠱᠦᠢ ᠱᠧᠩ ᠭᠡᠳᠡᠭ ᠪᠥᠭᠡᠳ ᠬᠤᠯᠤᠰᠤᠲᠤ ᠲᠣᠰᠭᠤᠨ᠎ᠤ ᠫᠠᠷᠲ᠋ᠢᠽᠠᠨ ᠳᠤᠭᠤᠢᠯᠠᠩ᠎ᠤᠨ ᠳᠠᠷᠤᠭ᠎ᠠ᠂ ᠨᠠᠮ᠎ᠤᠨ ᠬᠠᠷᠢᠭᠤᠴᠠᠯᠭᠠᠲᠠᠨᠶᠤᠮ᠃ ᠡᠨᠡ ᠵᠠᠯᠠᠭᠤ ᠳᠤᠭᠤᠢᠯᠠᠩ᠎ᠢᠶᠠᠨ ᠳᠠᠭᠠᠭᠤᠯᠵᠤ ᠰᠤᠮᠤᠨ ᠳᠡᠭᠡᠷ᠎ᠡ ᠣᠴᠢᠵᠤ ᠬᠤᠷᠠᠯ ᠬᠢᠭᠡᠳ ᠢᠷᠡᠭᠰᠡᠨ ᠠᠵᠢ᠃
ᠡᠬᠡᠨᠡᠷ᠎ᠨᠢ: 《ᠥᠨᠥᠳᠦᠷ ᠶᠠᠭᠠᠬᠢᠭᠠᠳ ᠡᠢᠮᠦ ᠣᠷᠤᠢᠲᠠᠪᠠ?》 ᠭᠡᠳ ᠬᠣᠭᠤᠯᠠ᠎ᠪᠠᠨ ᠠᠪᠴᠢᠷᠠᠬᠤ᠎ᠪᠠᠷ ᠪᠣᠰᠤᠯ᠎ᠠ᠃
ᠱᠦᠢ ᠱᠧᠩ : 《ᠬᠣᠭᠤᠯᠠ ᠢᠳᠡᠴᠢᠬᠡᠭᠰᠡᠨ᠂ ᠠᠪᠴᠢᠷᠠᠬᠤ ᠬᠡᠷᠡᠭ᠎ᠦᠭᠡᠢ》 ᠭᠡᠯᠡ᠃
ᠡᠬᠡᠨᠡᠷ᠎ᠨᠢ ᠮᠥᠨ ᠥᠨᠥᠬᠢ ᠴᠢᠭᠢᠷᠰᠦᠨ ᠳᠡᠭᠡᠷ᠎ᠡ᠎ᠪᠡᠨ ᠰᠠᠭᠤᠯ᠎ᠠ᠃ ᠡᠷ᠎ᠡ ᠨᠥᠬᠦᠷ᠎ᠦᠨ᠎ᠢᠶᠡᠨ ᠴᠢᠷᠠᠢ᠎ᠨᠢ ᠬᠤᠪᠢᠷᠠᠵᠤ ᠠᠭᠤᠷᠲᠠᠢᠰᠢᠭ᠋ ᠪᠠᠢᠬᠤ᠎ᠶᠢ ᠮᠡᠳᠡᠭᠡᠳ: 《ᠲᠡᠷᠡ ᠬᠡᠳᠦᠭᠦᠯᠡᠴᠢᠨᠢ?》 ᠭᠡᠵᠦ ᠠᠰᠠᠭᠤᠬᠤ᠎ᠳᠤ: 《ᠰᠤᠮᠤᠨ ᠳᠡᠭᠡᠷ᠎ᠡ ᠪᠠᠢᠭᠰᠠᠭᠠᠷ᠃ ᠠᠪᠤ ᠬᠠᠮᠢᠭ᠎ᠠ ᠣᠴᠢᠭᠰᠠᠨᠶᠤᠮ ᠪᠤᠢ?》 ᠭᠡᠪᠡ᠃
《ᠤᠨᠲᠠᠴᠢᠬᠠᠭᠰᠠᠨ᠃ 》
《ᠰᠢᠶᠣᠣ ᠬᠤᠸᠠ?》
《ᠰᠢᠶᠣᠣ ᠬᠤᠸᠠ᠂ ᠡᠪᠦᠭᠡ ᠠᠪᠤ᠎ᠲᠠᠢ᠎ᠪᠠᠨ ᠬᠠᠭᠠᠰ ᠡᠳᠦᠷ ᠰᠢᠬᠠᠭᠤ ᠬᠠᠪᠴᠢ ᠪᠠᠷᠢᠬᠤ ᠰᠠᠭᠰᠤᠲᠠᠢᠪᠠᠨ ᠣᠷᠤᠯᠳᠤᠭᠰᠠᠭᠠᠷ ᠠᠯᠢ ᠬᠡᠳᠦᠢᠨᠡᠢ ᠤᠨᠲᠠᠴᠢᠬᠠᠭᠰᠠᠨ᠃ ᠨᠥᠭᠦᠭᠡᠳᠦᠭᠦᠯᠡᠴᠢᠨᠢ ᠶᠠᠭᠠᠬᠢᠭᠠᠳ ᠬᠠᠷᠢᠵᠤ ᠢᠷᠡᠭᠰᠡᠨᠦᠭᠡᠢᠶᠦᠮ ᠪᠤᠢ?》
ᠱᠦᠢ ᠱᠧᠩ ᠢᠨᠢᠶᠡᠮᠰᠦᠭᠯᠡᠯ᠎ᠡ᠃ ᠡᠬᠡᠨᠡᠷ᠎ᠨᠢ ᠲᠡᠭᠦᠨ᠎ᠦ ᠶᠡᠷᠦ ᠪᠤᠰᠤ᠎ᠶᠢᠨ ᠢᠨᠢᠶᠡᠮᠰᠦᠭᠯᠡᠯᠢ ᠦᠵᠡᠭᠡᠳ 《ᠴᠢ᠎ᠮᠢᠨᠢ ᠪᠠᠰᠠ ᠶᠠᠭᠠᠬᠢᠴᠢᠬᠠᠪᠠ?》 ᠭᠡᠬᠦ᠎ᠳᠦ᠂ ᠱᠦᠢ ᠱᠧᠩ ᠨᠠᠮ ᠳᠠᠭᠤ᠎ᠪᠠᠷ: 《ᠪᠢ ᠮᠠᠷᠭᠠᠰᠢ ᠶᠡᠬᠡ ᠠᠩᠭᠢ᠎ᠶᠢᠨ ᠭᠠᠵᠠᠷ᠎ᠲᠤ ᠣᠴᠢᠬᠤ ᠪᠣᠯᠤᠯ᠎ᠠ》 ᠭᠡᠪᠡ᠃
ᠡᠬᠡᠨᠡᠷ᠎ᠨᠢ ᠰᠣᠨᠤᠰᠤᠩᠭᠤᠲᠠ ᠬᠠᠴᠢᠨ ᠪᠣᠯᠵᠤ ᠭᠠᠷ᠎ᠨᠢ ᠰᠠᠯᠭᠠᠨᠠᠵᠤ ᠬᠤᠯᠤᠰᠤᠨ᠎ᠤ ᠢᠷᠲᠦ ᠬᠤᠷᠤᠭᠤ᠎ᠪᠠᠨ ᠡᠰᠭᠡᠵᠦ ᠠᠮᠠᠨ᠎ᠳᠠᠭᠠᠨ ᠰᠢᠮᠡᠨ᠎ᠡ᠃
ᠱᠦᠢ ᠱᠧᠩ : 《ᠰᠢᠶᠠᠨ᠎ᠤ ᠨᠠᠮ᠎ᠤᠨ ᠺᠣᠮᠢᠰ ᠪᠢᠳᠡᠨ᠎ᠢ ᠥᠨᠥᠳᠦᠷ ᠬᠤᠷᠠᠯᠳᠤᠭᠤᠯᠵᠤ᠂ ᠳᠠᠢᠰᠤᠨ ᠬᠡᠷᠪᠡ ᠲᠦᠩ ᠺᠧᠦ᠎ᠳᠦ ᠳᠠᠬᠢᠨ ᠪᠡᠬᠢᠯᠡᠯᠲᠡ ᠬᠢᠳᠡᠭᠶᠦᠮ ᠪᠣᠯ ᠳ᠋ᠤᠸᠠᠨ ᠼᠦᠨ ᠲᠣᠰᠭᠤᠨ᠎ᠲᠠᠢ ᠨᠢᠭᠡ ᠱᠤᠭᠤᠮ ᠪᠣᠯᠵᠤ ᠪᠢᠯᠬᠠᠮᠠᠯ᠎ᠤᠨ ᠲᠡᠮᠡᠴᠡᠯ᠎ᠦᠨ ᠪᠠᠢᠳᠠᠯ ᠥᠭᠡᠷ᠎ᠡ ᠪᠣᠯᠤᠨ᠎ᠠ ᠭᠡᠵᠦ ᠦᠵᠡᠭᠡᠳ᠂ ᠣᠷᠤᠨ ᠨᠤᠲᠤᠭ᠎ᠤᠨ ᠳᠤᠭᠤᠢᠯᠠᠩ ᠪᠠᠢᠭᠤᠯᠬᠤ᠎ᠪᠠᠷ ᠲᠣᠭᠲᠠᠯ᠎ᠠ᠃ ᠪᠢ ᠬᠡᠨᠡᠴᠡᠴᠦ ᠲᠦᠷᠦᠭᠦᠨ᠎ᠳᠦ ᠭᠠᠷ ᠡᠷᠭᠦᠵᠦ ᠨᠡᠷ᠎ᠡ᠎ᠪᠡᠨ ᠪᠦᠷᠢᠳᠭᠡᠭᠦᠯᠦᠭᠰᠡᠨ》 ᠭᠡᠬᠦ᠎ᠳᠦ᠂
ᠡᠬᠡᠨᠡᠷ᠎ᠨᠢ ᠳᠣᠷᠤᠭᠰᠢ ᠬᠠᠷᠠᠭᠠᠳ: 《ᠴᠢ ᠭᠡᠵᠦ ᠳᠠᠩᠳᠠ ᠢᠳᠡᠪᠬᠢ ᠭᠠᠷᠭᠠᠵᠤᠯᠠ ᠪᠠᠢᠳᠠᠭ ᠰᠢᠤ》 ᠭᠡᠯᠡ᠃
ᠱᠦᠢ ᠱᠧᠩ : 《ᠪᠢᠴᠢ᠎ᠨᠢ ᠲᠣᠰᠭᠤᠨ᠎ᠤ ᠫᠠᠷᠲ᠋ᠢᠽᠠᠨ ᠠᠩᠭᠢ᠎ᠶᠢ ᠬᠠᠷᠢᠭᠤᠴᠠᠵᠤ ᠪᠠᠢᠭ᠎ᠠ ᠪᠥᠭᠡᠳ ᠺᠠᠳ᠋ᠷ ᠬᠥᠮᠦᠨ ᠲᠤᠯᠠ ᠪᠦᠬᠦᠨ᠎ᠦ ᠲᠦᠷᠦᠭᠦᠨ᠎ᠳᠦ ᠵᠣᠭᠰᠤᠬᠤ ᠶᠣᠰᠤᠲᠠᠢ ᠰᠢᠤ ᠳ᠋ᠠ᠃ ᠨᠥᠭᠦᠭᠡᠳᠦᠭᠦᠯᠡᠮᠠᠨᠢ ᠪᠠᠰᠠ ᠨᠡᠷ᠎ᠡ᠎ᠪᠡᠨ ᠪᠦᠷᠢᠳᠭᠡᠭᠦᠯᠦᠭᠰᠡᠨ᠃ ᠲᠡᠳᠡ ᠮᠠᠨᠢ᠂ ᠠᠷᠤ ᠭᠡᠷ᠎ᠦᠨ ᠬᠢᠨᠲᠡᠢᠪᠡᠨ ᠵᠢᠭᠤᠷᠠᠯᠳᠤᠬᠤ᠎ᠠᠴᠠ ᠠᠶᠤᠭᠠᠳ ᠢᠷᠡᠭᠰᠡᠨ᠎ᠦᠭᠡᠢ᠃ ᠪᠦᠭᠦᠳᠡᠯᠡ ᠨᠠᠮᠠᠶ᠋ᠢ᠎ᠪᠠᠨ ᠲᠦᠯᠬᠢᠨ᠂ ᠠᠷᠤ ᠭᠡᠷ᠎ᠦᠨ ᠬᠢᠨᠲᠡᠢᠪᠡᠨ ᠶᠠᠷᠢᠯᠴᠠᠵᠤ ᠥᠭᠭᠦᠨᠡᠦᠦ ᠭᠡᠰᠡᠨ᠎ᠶᠦᠮ᠃ ᠬᠠᠷᠢᠨ ᠴᠢᠮᠠᠢ᠎ᠪᠠᠨ ᠪᠣᠯ ᠲᠡᠳᠡ ᠴᠥᠮ ᠣᠪᠤᠭ᠎ᠠ ᠲᠣᠮᠤᠭᠠᠲᠠᠢᠶᠤᠮ ᠭᠡᠵᠡᠭᠡᠵᠦ ᠪᠠᠢᠯ᠎ᠠ》 ᠭᠡᠬᠦ᠎ᠳᠦ᠂
ᠡᠬᠡᠨᠡᠷ᠎ᠨᠢ ᠶᠠᠭᠤ᠎ᠴᠤ ᠭᠡᠵᠦ ᠳᠤᠤᠭᠠᠷᠤᠭᠰᠠᠨ᠎ᠦᠭᠡᠢ ᠪᠠᠬᠠᠨ ᠪᠠᠢᠭᠰᠠᠨ᠎ᠢᠶᠠᠨ: 《ᠶᠠᠪᠤᠯ᠎ᠠ ᠳ᠋ᠠ᠂ ᠪᠢ ᠴᠢᠮᠠᠢ ᠬᠣᠷᠢᠭᠯᠠᠬᠤ᠎ᠦᠭᠡᠢ᠂ ᠬᠠᠷᠢᠨ ᠭᠡᠷ᠎ᠦᠨ᠎ᠢᠶᠡᠨ ᠬᠥᠮᠦᠰ᠎ᠢ ᠶᠠᠭᠠᠬᠢᠬᠤ ᠪᠤᠢ?》 ᠭᠡᠪᠡ᠃
ᠱᠦᠢ ᠱᠧᠩ ᠡᠴᠢᠭᠡ᠎ᠶᠢᠨ᠎ᠢᠶᠡᠨ ᠰᠠᠭᠤᠳᠠᠭ ᠵᠢᠵᠢᠭᠬᠡᠨ ᠥᠷᠦᠭᠡ᠎ᠶᠢ ᠵᠢᠭᠠᠵᠤ: 《ᠨᠠᠮ ᠳᠠᠭᠤ᠎ᠪᠠᠷ ᠶᠠᠷᠢᠭᠠᠴᠢ ᠳ᠋ᠠ᠂ ᠭᠡᠷ᠎ᠦᠨ ᠬᠢᠨᠴᠦ ᠶᠠᠭᠠᠬᠢᠬᠤᠪ᠂ ᠬᠠᠷᠠᠭᠠᠯᠵᠠᠬᠤ ᠬᠥᠮᠦᠨ ᠯᠠᠪ ᠪᠠᠢᠬᠤ᠎ᠶᠤᠮ᠃ ᠭᠡᠪᠡᠴᠦ ᠮᠠᠨ᠎ᠤ ᠲᠣᠰᠭᠤᠨ ᠵᠢᠵᠢᠭᠬᠡᠨ ᠪᠣᠯᠬᠣᠷ ᠴᠡᠷᠢᠭ᠎ᠲᠦ ᠡᠯᠰᠡᠭᠳᠡᠭᠰᠡᠨ᠎ᠨᠢ ᠳᠣᠯᠤᠭᠠᠬᠠᠨ ᠬᠥᠮᠦᠨ᠃ ᠵᠠᠯᠠᠭᠤᠴᠤᠳ ᠴᠥᠭᠡᠨ ᠪᠣᠯᠬᠣᠷ ᠶᠠᠭᠤᠮ᠎ᠠ ᠪᠦᠬᠦᠨᠳᠦᠯᠡ ᠪᠤᠰᠤᠳ᠎ᠤᠨ ᠴᠢᠷᠠᠢ᠎ᠶᠢ ᠬᠠᠷᠠᠵᠤ ᠪᠣᠯᠬᠤ᠎ᠦᠭᠡᠢ᠂ ᠭᠡᠷ᠎ᠦᠨ᠎ᠢᠶᠡᠨ ᠠᠵᠢᠯ᠎ᠢ ᠴᠢ᠎ᠮᠢᠨᠢ ᠪᠠᠬᠠᠨ ᠢᠯᠡᠭᠦᠬᠡᠨ ᠬᠢᠵᠦ ᠪᠠᠢᠭᠠᠷᠠᠢ᠃ ᠡᠴᠢᠭᠡᠮᠢᠨᠢᠴᠦ ᠨᠠᠰᠤᠵᠢᠯᠠ᠃ ᠢᠯᠠᠩᠭᠤᠶ᠎ᠠ ᠰᠢᠶᠣᠣ ᠬᠤᠸᠠ ᠶᠠᠭᠤ᠎ᠪᠠᠨ ᠬᠢᠵᠦ ᠴᠢᠳᠠᠬᠤ ᠪᠤᠢ》 ᠭᠡᠬᠦ᠎ᠳᠦ᠂
ᠡᠬᠡᠨᠡᠷ᠎ᠦᠨ ᠬᠢᠨᠢ ᠬᠠᠮᠠᠷ ᠤᠷᠤᠭᠤ ᠱᠠᠷᠬᠢᠷᠠᠭᠰᠠᠨ ᠪᠣᠯᠪᠠᠴᠤ ᠤᠬᠢᠯᠠᠭᠰᠠᠨ᠎ᠦᠭᠡᠢ᠂ ᠵᠥᠪᠬᠡᠨ: 《ᠴᠢ ᠭᠡᠷ᠎ᠦᠨ᠎ᠢᠶᠡᠨ ᠵᠣᠪᠠᠭᠤᠷᠢᠲᠠᠢ ᠭᠠᠵᠠᠷ ᠪᠠᠢᠬᠤ᠎ᠯᠠ ᠭᠡᠳᠡᠭ᠎ᠢ ᠮᠡᠳᠡᠵᠦ ᠪᠠᠢᠭ᠎ᠠ ᠪᠢᠵᠡ ᠳ᠋ᠡ 》 ᠭᠡᠵᠦ ᠬᠡᠯᠡᠪᠡ᠃
ᠱᠦᠢ ᠱᠧᠩ ᠲᠡᠭᠦᠨ᠎ᠢ ᠢᠳᠭᠠᠨ ᠠᠷᠭᠠᠳᠠᠬᠤ᠎ᠶᠢ ᠪᠣᠳᠤᠭᠰᠠᠨ ᠪᠣᠯᠪᠠᠴᠤ ᠪᠣᠳᠤᠵᠤ ᠲᠤᠩᠭᠠᠬᠤ ᠪᠠ ᠪᠡᠯᠡᠳᠭᠡᠬᠦ ᠠᠵᠢᠯ ᠲᠤᠩ ᠣᠯᠠᠨ ᠪᠠᠢᠭᠰᠠᠨ ᠲᠤᠯᠠ ᠵᠥᠪᠬᠡᠨ 《ᠮᠢᠩᠭᠠᠨ ᠵᠢᠩ᠎ᠦᠨ ᠡᠭᠦᠷᠭᠡ᠎ᠶᠢ ᠴᠢ᠎ᠮᠢᠨᠢ ᠤᠷᠢᠳ᠎ᠢᠶᠠᠷ ᠡᠭᠦᠷᠴᠦ ᠪᠠᠢ᠂ ᠪᠢ ᠳᠠᠢᠰᠤᠨ᠎ᠢᠶᠠᠨ ᠳᠠᠷᠤᠵᠤ ᠳᠠᠷᠬᠠᠨ ᠣᠷᠤᠨ᠎ᠢᠶᠠᠨ ᠬᠠᠮᠠᠭᠠᠯᠠᠭᠰᠠᠨᠤ ᠳᠠᠷᠠᠭ᠎ᠠ ᠴᠢᠮ᠎ᠠ᠎ᠳᠠᠭᠠᠨ ᠪᠠᠶᠠᠷ ᠲᠠᠯᠠᠷᠬᠠᠯ᠎ᠢᠶᠠᠨ ᠢᠯᠡᠷᠬᠡᠢᠯᠡᠶ᠎ᠡ》 ᠭᠡᠵᠦ ᠬᠡᠳᠦᠬᠡᠨ ᠦᠭᠡ ᠬᠡᠯᠡᠵᠦ ᠨᠥᠭᠦᠭᠡᠳᠦᠭᠦᠯᠡᠶᠢᠨᠢᠶᠡᠨ ᠭᠡᠷ᠎ᠢᠶᠡᠷ ᠶᠠᠪᠤᠯ᠎ᠠ᠃ ᠠᠢᠯ᠎ᠢᠶᠠᠷ ᠶᠠᠪᠤᠵᠤ ᠢᠷᠡᠭᠰᠡᠨ᠎ᠦ ᠬᠣᠢᠨ᠎ᠠ ᠠᠪᠤ᠎ᠲᠠᠢ᠎ᠪᠠᠨ ᠶᠠᠷᠢᠯᠴᠠᠬᠤ᠎ᠪᠠᠷ ᠰᠢᠢᠳᠦᠯ᠎ᠡ᠃
ᠱᠦᠢ ᠱᠧᠩ ᠲᠠᠬᠢᠶ᠎ᠠ ᠳᠤᠤᠭᠠᠷᠬᠤ ᠦᠶ᠎ᠡ᠎ᠪᠡᠷ ᠬᠠᠷᠢᠵᠤ ᠢᠷᠡᠪᠡ᠃ ᠡᠬᠡᠨᠡᠷ᠎ᠨᠢ ᠮᠥᠨ᠎ᠯᠡ ᠭᠥᠯᠢᠷᠡᠨ ᠬᠦᠯᠢᠶᠡᠭᠰᠡᠭᠡᠷ ᠪᠠᠢᠭᠰᠠᠨ ᠲᠤᠯᠠ ᠡᠷ᠎ᠡ ᠨᠥᠬᠦᠷᠲᠡᠭᠡᠨ:《ᠴᠢ ᠨᠠᠳᠠ ᠵᠠᠬᠢᠬᠤ ᠦᠭᠡ ᠪᠠᠢᠨ᠎ᠠ᠎ᠤᠤ?》 ᠭᠡᠪᠡᠯ᠂ ᠡᠷ᠎ᠡ ᠨᠥᠬᠦᠷ᠎ᠨᠢ:
《 ᠴᠢ᠎ᠮᠢᠨᠢ ᠴᠤᠴᠠᠯᠲᠠ᠎ᠦᠭᠡᠢ ᠤᠷᠤᠭᠰᠢᠯᠠᠵᠤ᠂ ᠪᠢᠴᠢᠭ ᠦᠰᠦᠭ᠎ᠢᠶᠡᠨ ᠰᠠᠢᠨ ᠰᠤᠷᠴᠤ᠂ ᠰᠠᠢᠨ ᠠᠵᠢᠯᠯᠠᠵᠤ ᠪᠠᠢᠭᠠᠷᠠᠢ》 ᠭᠡᠯᠡ᠃
《ᠡᠩ᠃ 》
《ᠶᠠᠮᠠᠷ᠎ᠴᠤ ᠶᠠᠪᠤᠳᠠᠯ᠎ᠳᠤ ᠪᠢᠲᠡᠭᠡᠢ ᠪᠤᠰᠤᠳ᠎ᠤᠨ ᠬᠣᠢᠨ᠎ᠠ ᠣᠷᠤ᠃ 》
《ᠵᠠ᠂ ᠥᠭᠡᠷ᠎ᠡ ᠶᠠᠭᠤᠮ᠎ᠠ ᠪᠠᠢᠨ᠎ᠠ᠎ᠤᠤ?》
《ᠳᠠᠢᠰᠤᠨ᠎ᠳᠤ ᠪᠢᠲᠡᠭᠡᠢᠯᠡ ᠠᠮᠢᠳᠤ᠎ᠪᠠᠷ᠎ᠢᠶᠠᠨ ᠪᠠᠷᠢᠭᠳᠠᠵᠤ ᠪᠠᠭᠤᠵᠤ ᠥᠭᠭᠦᠭᠡᠷᠡᠢ! ᠪᠠᠷᠢᠭᠳᠠᠳᠠᠭᠯᠠᠶᠤᠮ ᠪᠣᠯ ᠦᠬᠦᠨ ᠲᠡᠮᠡᠴᠡᠭᠡᠷᠡᠢ》 ᠭᠡᠯᠡ᠃ ᠡᠨᠡ᠎ᠨᠢ ᠲᠡᠭᠦᠨ᠎ᠦ ᠬᠠᠮᠤᠭ᠎ᠤᠨ ᠴᠢᠬᠤᠯᠠ ᠵᠠᠬᠢᠶ᠎ᠠ ᠪᠠᠢᠯ᠎ᠠ᠃ ᠡᠬᠡᠨᠡᠷ᠎ᠨᠢ ᠵᠠᠬᠢᠭᠰᠠᠨ ᠪᠦᠬᠦᠨ᠎ᠢ᠎ᠨᠢ ᠨᠢᠯᠪᠤᠰᠤ ᠤᠨᠠᠭᠠᠨ ᠬᠦᠯᠢᠶᠡᠨ ᠠᠪᠴᠤ ᠪᠠᠢᠯ᠎ᠠ᠃
ᠳᠠᠷᠠᠭ᠎ᠠ ᠡᠳᠦᠷ᠂ ᠡᠬᠡᠨᠡᠷ᠎ᠨᠢ ᠲᠡᠭᠦᠨ᠎ᠳᠦ ᠳ᠋ᠠᠩ ᠬᠤᠪᠴᠠᠰᠤ᠂ ᠨᠢᠭᠤᠷ ᠭᠠᠷᠤᠨ ᠰᠢᠨ᠎ᠡ ᠠᠯᠴᠢᠭᠤᠷ᠂ ᠰᠢᠨ᠎ᠡ ᠣᠶᠤᠭᠰᠠᠨ ᠱᠠᠬᠠᠢ ᠵᠡᠷᠭᠡ᠎ᠶᠢ ᠪᠡᠯᠡᠳᠭᠡᠵᠦ ᠥᠭᠭᠦᠭᠰᠡᠨ ᠪᠠ ᠵᠠᠮ ᠵᠠᠭᠤᠷ᠎ᠠ᠎ᠪᠠᠨ ᠬᠡᠷᠡᠭᠯᠡᠬᠦ ᠶᠠᠭᠤᠮ᠎ᠠ ᠬᠡᠦᠮ᠎ᠡ᠎ᠶᠢ ᠪᠣᠭᠤᠵᠤ ᠪᠠᠭᠯᠠᠭᠰᠠᠨ ᠵᠢᠵᠢᠭᠬᠡᠨ ᠪᠣᠭᠴᠤ ᠪᠡᠯᠡᠳᠭᠡᠵᠦ ᠥᠭᠪᠡ᠃ ᠨᠥᠭᠦᠭᠡ ᠬᠡᠳᠦᠨ ᠭᠡᠷ᠎ᠦᠨ ᠬᠢᠨᠢ ᠡᠢᠮᠦᠷᠬᠦᠦ ᠶᠠᠭᠤᠮ᠎ᠠ ᠬᠡᠦᠮ᠎ᠡ᠎ᠶᠢ 《ᠠᠪᠤᠭᠠᠳ ᠶᠠᠪᠤ᠂ ᠬᠦᠦ᠎ᠮᠢᠨᠢ》 ᠭᠡᠳᠯᠡ ᠱᠦᠢ ᠱᠧᠩ᠎ᠳᠦ ᠥᠭᠴᠦ ᠪᠠᠢᠯ᠎ᠠ᠃
ᠠᠷᠤ ᠭᠡᠷ᠎ᠦᠨ ᠬᠢᠨ ᠴᠥᠮ ᠦᠳᠡᠵᠡᠭᠡᠯᠡ᠃ ᠠᠪᠤ᠎ᠨᠢ ᠰᠢᠶᠣᠣ ᠬᠤᠸᠠ᠎ᠪᠠᠨ ᠬᠥᠲᠦᠯᠦᠭᠰᠡᠭᠡᠷ: 《ᠱᠦᠢ ᠱᠧᠩᠮᠢᠨᠢ᠂ ᠴᠢᠨᠦ ᠬᠢᠵᠦ ᠪᠤᠢ ᠠᠵᠢᠯ ᠢᠷᠠᠭᠤ ᠠᠯᠳᠠᠷᠲᠠᠢ ᠠᠵᠢᠯ᠂ ᠠᠪᠤ᠎ᠨᠢ ᠴᠢᠮ᠎ᠠ᠎ᠳᠠᠭᠠᠨ ᠰᠠᠭᠠᠳ ᠪᠣᠯᠬᠤ᠎ᠦᠭᠡᠢ᠂ ᠴᠢ᠎ᠮᠢᠨᠢ ᠰᠠᠨᠠᠭ᠎ᠠ ᠠᠮᠤᠷ ᠶᠠᠪᠤᠭᠠᠷᠠᠢ᠂ ᠭᠡᠷ᠎ᠦᠨ ᠶᠡᠬᠡ ᠪᠠᠭ᠎ᠠ᠎ᠶᠢ ᠴᠥᠮ ᠠᠪᠤ᠎ᠨᠢ ᠬᠠᠷᠠᠭᠠᠯᠵᠠᠵᠤ ᠪᠠᠢᠶ᠎ᠠ᠂ ᠶᠠᠭᠤᠨᠳᠠᠭᠠᠨᠴᠤ ᠭᠡᠰᠡᠨ ᠪᠢᠲᠡᠭᠡᠢ ᠰᠡᠳᠭᠢᠯ ᠬᠤᠪᠢᠶᠠᠭᠳᠠᠭᠠᠷᠠᠢ》 ᠭᠡᠪᠡ᠃ ᠲᠣᠰᠭᠤᠨ᠎ᠤ ᠬᠥᠭᠰᠢᠨ ᠵᠠᠯᠠᠭᠤ᠂ ᠡᠷᠡᠭᠲᠡᠢ ᠡᠮᠡᠭᠲᠡᠢ ᠴᠥᠮᠢᠶᠡᠷᠢᠶᠡᠨ ᠦᠳᠡᠵᠡᠭᠡᠯᠡ᠃ ᠱᠦᠢ ᠱᠧᠩ ᠣᠯᠠᠨ᠎ᠤ ᠵᠦᠭ ᠬᠠᠷᠠᠵᠤ ᠢᠨᠢᠶᠡᠮᠰᠦᠭᠯᠡᠨ ᠣᠩᠭᠤᠴᠠᠨ᠎ᠳᠠᠭᠠᠨ ᠭᠠᠷᠤᠭᠠᠳ ᠶᠠᠪᠤᠵᠤ ᠬᠣᠯᠠᠳᠤᠯ᠎ᠠ᠃
ᠡᠮᠡᠭᠲᠡᠢᠴᠦᠳ ᠡᠷᠡᠰᠦᠳᠡᠴᠡᠪᠡᠨ ᠪᠡᠶ᠎ᠡ᠎ᠨᠢ ᠰᠠᠯᠤᠭᠰᠠᠨᠴᠤ ᠰᠡᠳᠭᠢᠯ᠎ᠨᠢ ᠰᠠᠯᠤᠭᠠᠳᠤᠢ ᠪᠠᠢᠯ᠎ᠠ᠃ ᠬᠣᠶᠠᠷ ᠬᠣᠨᠤᠭ᠎ᠤᠨ ᠳᠠᠷᠠᠭ᠎ᠠ ᠳᠥᠷᠪᠡᠨ ᠵᠠᠯᠠᠭᠤ ᠪᠦᠰᠡᠭᠦᠢ ᠱᠦᠢ ᠱᠧᠩ᠎ᠦᠨ ᠭᠡᠷ᠎ᠲᠦ ᠢᠷᠡᠵᠡᠭᠡᠵᠦ ᠵᠥᠪᠯᠡᠯᠳᠦᠵᠦ ᠡᠬᠢᠯᠡᠯ᠎ᠡ᠃
《ᠰᠣᠨᠤᠰᠬᠤ᠎ᠳᠤ ᠲᠡᠳᠡᠴᠦ ᠶᠠᠪᠤᠭᠠᠳᠤᠢ ᠡᠨᠳᠡ᠎ᠪᠡᠨ ᠪᠠᠢᠭᠰᠠᠭᠠᠷ ᠭᠡᠨ᠎ᠡ ᠰᠢᠦ ᠳ᠋ᠡ᠃ ᠪᠢ᠎ᠴᠦ ᠲᠡᠳᠡᠨ᠎ᠳᠦ ᠰᠠᠭᠠᠳ ᠪᠣᠯᠬᠤ᠎ᠦᠭᠡᠢ᠂ ᠬᠠᠷᠢᠨ ᠨᠢᠭᠡ ᠬᠤᠪᠴᠠᠰᠤ᠎ᠶᠢ᠎ᠨᠢ ᠥᠭᠴᠦ ᠶᠠᠪᠤᠭᠤᠯᠬᠤ᠎ᠪᠠᠨ ᠮᠠᠷᠲᠠᠴᠢᠬᠠᠵᠠᠢ᠃ 》
《ᠪᠢ᠎ᠴᠦ ᠭᠡᠳ ᠨᠢᠭᠡ ᠦᠭᠡ ᠬᠡᠯᠡᠵᠦ ᠪᠠᠢᠭᠰᠠᠨᠶᠤᠮᠰᠠᠨ》 ᠭᠡᠵᠡᠭᠡᠬᠦ᠎ᠳᠦ ᠱᠦᠢ ᠱᠧᠩ᠎ᠦᠨ ᠡᠬᠡᠨᠡᠷ:
《ᠰᠣᠨᠤᠰᠬᠤ᠎ᠳᠤ ᠳᠠᠢᠰᠤᠨ᠂ ᠲᠦᠩ ᠺᠧᠦ᠎ᠳᠦ ᠳᠠᠬᠢᠨ ᠪᠡᠬᠢᠯᠡᠬᠦ ᠭᠡᠨ᠎ᠡ ᠁》 ᠭᠡᠬᠦ᠎ᠳᠦ᠂
《ᠬᠠᠮᠢᠭ᠎ᠠ᠎ᠠᠴᠠ ᠲᠡᠭᠡᠵᠦ ᠰᠠᠢᠬᠠᠨ ᠳᠠᠭᠠᠷᠢᠯᠳᠤᠬᠤ ᠭᠡᠵᠦ ᠳ᠋ᠠ᠂ ᠪᠢᠳᠡ ᠲᠦᠷᠭᠡᠬᠡᠨ ᠣᠴᠢᠭᠠᠳ ᠢᠷᠡᠵᠡᠭᠡᠶᠡ》 ᠭᠡᠨ᠎ᠡ᠃
《ᠪᠢ ᠦᠨᠡᠨ᠎ᠳᠡᠭᠡᠨ ᠣᠴᠢᠶᠠᠴᠤ ᠭᠡᠵᠦ ᠰᠠᠨᠠᠬᠤ᠎ᠦᠭᠡᠢ᠂ ᠬᠠᠷᠢᠨ ᠮᠠᠨᠠᠢ ᠬᠠᠳᠠᠮ ᠡᠬᠡᠯᠡ ᠶᠠᠭᠠᠬᠢᠭᠰᠠᠨ᠎ᠴᠤ ᠳᠠᠬᠢᠨ ᠨᠢᠭᠡ ᠣᠴᠢᠭᠠᠳ ᠦᠵᠡᠵᠦ ᠢᠷ᠎ᠡ ᠭᠡᠳ ᠪᠠᠢᠬᠤ᠎ᠶᠤᠮ᠃ ᠶᠠᠭᠤ᠎ᠶᠢ᠎ᠨᠢ ᠦᠵᠡᠭᠡᠳᠯᠡ ᠪᠠᠢᠬᠤ᠎ᠶᠤᠮ ᠪᠣᠯ ᠪᠤᠤ ᠮᠡᠳᠡ!》 ᠭᠡᠨ᠎ᠡ᠃
ᠲᠡᠨᠳᠡ᠎ᠡᠴᠡ᠎ᠪᠡᠨ ᠲᠡᠳᠡᠨ ᠬᠡᠳᠦᠭᠦᠯᠡ ᠨᠢᠭᠡ ᠵᠢᠵᠢᠭᠬᠡᠨ ᠵᠠᠪᠢ ᠣᠯᠵᠤ ᠰᠡᠯᠢᠭᠡᠳ ᠠᠰ ᠡᠮᠦᠨ᠎ᠡ᠎ᠨᠢ ᠪᠠᠢᠭ᠎ᠠ ᠮᠠ ᠵᠤᠸᠠᠩ ᠲᠣᠰᠭᠤᠨ ᠤᠷᠤᠭᠤ ᠶᠠᠪᠤᠯ᠎ᠠ᠃
ᠲᠡᠳᠡ ᠲᠣᠰᠭᠤᠨ᠎ᠳᠤ ᠬᠦᠷᠦᠮᠡᠭᠴᠡ ᠵᠡᠭᠡᠯᠢ ᠭᠤᠳᠤᠮᠵᠢ᠎ᠪᠠᠷ ᠶᠠᠪᠤᠵᠤ ᠡᠷᠢᠬᠦᠡᠴᠡᠪᠡᠨ ᠬᠠᠯᠠᠰᠢᠷᠠᠨ ᠲᠣᠰᠭᠤᠨ᠎ᠤ ᠵᠠᠬ᠎ᠠ᠎ᠳᠤ ᠪᠠᠢᠭ᠎ᠠ ᠰᠠᠳᠤᠨ᠎ᠤ᠎ᠳᠠᠭᠠᠨ ᠪᠠᠭᠤᠪᠠ᠃ ᠰᠠᠳᠤᠨ᠎ᠤ ᠬᠢᠨ 《ᠲᠠ᠎ᠨᠠᠷ ᠮᠣᠷᠢ᠎ᠪᠠᠨ ᠮᠠᠭᠤ ᠭᠤᠶᠠᠳᠠᠵᠠᠢ᠂ ᠲᠡᠳᠡ ᠥᠴᠦᠭᠡᠳᠦᠷ ᠣᠷᠤᠢᠬᠠᠨ ᠡᠨᠳᠡ ᠪᠠᠢᠵᠠᠭᠠᠵᠤ ᠪᠠᠢᠭᠠᠳ ᠰᠥᠨᠢ ᠳᠤᠮᠳᠠ᠎ᠪᠠᠷ ᠶᠠᠪᠤᠵᠠᠭᠠᠭᠰᠠᠨ᠂ ᠴᠣᠬᠤᠮ ᠬᠠᠮᠢᠭᠠᠰᠢ᠎ᠪᠠᠨ ᠶᠠᠪᠤᠭᠰᠠᠨ᠎ᠢ ᠪᠤᠤ ᠮᠡᠳᠡ᠃ ᠲᠠ᠎ᠨᠠᠷ ᠲᠡᠳᠡᠨ᠎ᠦ ᠲᠥᠯᠦᠭᠡ ᠵᠣᠪᠠᠬᠤ᠎ᠶᠢᠨ ᠬᠡᠷᠡᠭ ᠠᠯᠠᠭ᠎ᠠ᠃ ᠱᠦᠢ ᠱᠧᠩ ᠳᠡᠳ᠋ ᠰᠠᠯᠠᠭᠠᠨ ᠳᠠᠷᠤᠭ᠎ᠠ ᠪᠣᠯᠵᠤ᠂ ᠨᠥᠬᠦᠳ᠎ᠨᠢ ᠴᠥᠮ ᠬᠥᠭᠵᠢᠶᠡᠨ ᠬᠥᠷᠲᠡᠢ ᠪᠠᠶᠠᠷᠯᠠᠵᠤ ᠪᠠᠢᠨ᠎ᠠ᠁》 ᠭᠡᠪᠡ᠃
ᠲᠡᠳᠡ ᠬᠡᠳᠦᠭᠦᠯᠡᠮᠠᠨᠢ ᠢᠴᠢᠭᠰᠡᠨ ᠪᠣᠯᠤᠯᠲᠠᠢ ᠨᠢᠭᠤᠷ᠎ᠢᠶᠠᠨ ᠤᠯᠠᠢᠯᠭᠠᠨ ᠭᠠᠷᠴᠠᠭᠠᠵᠤ᠂ ᠨᠠᠭᠤᠷ᠎ᠤᠨ ᠬᠥᠪᠡᠭᠡᠨ᠎ᠳᠦ ᠲᠠᠯᠪᠢᠭᠰᠠᠨ ᠵᠠᠪᠢ᠎ᠪᠠᠨ ᠰᠡᠯᠢᠭᠰᠡᠭᠡᠷ ᠣᠳᠤᠯ᠎ᠠ᠃ ᠦᠳᠡ ᠪᠣᠯᠬᠤ ᠰᠢᠬᠠᠵᠤ ᠪᠠᠢᠯ᠎ᠠ᠃ ᠣᠭᠲᠠᠷᠭᠤᠢ᠎ᠳᠤ ᠡᠭᠦᠯᠡᠴᠦᠦᠭᠡᠢ ᠴᠡᠯᠮᠡᠭ ᠰᠠᠢᠬᠠᠨ᠃ ᠬᠠᠷᠢᠨ ᠤᠰᠤᠨ ᠳᠡᠭᠡᠷ᠎ᠡ ᠰᠡᠷᠢᠭᠦᠬᠡᠨ ᠵᠢᠪᠠᠷ ᠰᠡᠷᠴᠢᠭᠢᠨᠡᠵᠦ᠂ ᠲᠤᠲᠤᠷᠭ᠎ᠠ᠎ᠶᠢᠨ ᠲᠦᠷᠦᠭᠦᠦ᠂ ᠬᠤᠯᠤᠰᠤᠨ᠎ᠤ ᠲᠣᠯᠤᠭᠠᠢ᠎ᠶᠢ ᠰᠢᠷᠪᠢᠭᠦᠯᠦᠨ ᠰᠡᠩᠭᠢᠨᠡᠭᠦᠯᠦᠭᠰᠡᠭᠡᠷ ᠪᠠᠢᠯ᠎ᠠ᠃ ᠤᠰᠤᠨ᠎ᠳᠤ ᠨᠢᠭᠡ᠎ᠴᠦ ᠣᠩᠭᠤᠴᠠ᠎ᠦᠭᠡᠢ ᠨᠢᠳᠦ ᠠᠯᠳᠠᠮ᠎ᠠ ᠴᠠᠪ ᠴᠡᠯᠡᠭᠡᠷ ᠬᠠᠷᠠᠭᠳᠠᠨ᠎ᠠ᠃
ᠬᠡᠳᠦᠨ ᠡᠮᠡᠭᠲᠡᠢᠴᠦᠳ ᠬᠡᠰᠡᠭ ᠤᠷᠮ᠎ᠠ ᠠᠯᠳᠠᠵᠤ ᠭᠤᠲᠤᠷᠠᠨ ᠭᠤᠨᠢᠬᠤ᠎ᠳᠠᠭᠠᠨ ᠣᠷᠬᠢᠭᠠᠳ ᠶᠠᠪᠤᠭᠰᠠᠨ ᠬᠠᠷ᠎ᠠ ᠰᠡᠳᠭᠢᠯᠲᠦ ᠡᠷ᠎ᠡ ᠨᠥᠬᠦᠷᠲᠡᠭᠡᠨ ᠬᠣᠷᠤᠰᠤᠨ᠎ᠠ᠃ ᠭᠡᠪᠡᠴᠦ ᠵᠠᠯᠠᠭᠤ ᠬᠥᠮᠦᠰ ᠦᠷᠭᠦᠯᠵᠢ ᠪᠠᠶᠠᠷ ᠴᠡᠩᠭᠡᠯᠲᠡᠢ ᠤᠴᠢᠷ᠎ᠢ ᠪᠣᠳᠤᠵᠤ ᠬᠠᠷᠠᠵᠤ ᠪᠠᠢᠳᠠᠭ᠃ ᠢᠯᠠᠩᠭᠤᠶ᠎ᠠ ᠡᠮᠡᠭᠲᠡᠢᠴᠦᠳ ᠲᠡᠢᠮᠦᠷᠬᠦ ᠪᠠᠭ᠎ᠠ ᠰᠠᠭ᠎ᠠ ᠤᠴᠠᠷᠠᠯᠤᠳᠢ ᠬᠢᠯᠪᠠᠷᠬᠠᠨ ᠮᠠᠷᠲᠠᠳᠠᠭ᠃ ᠦᠨᠡᠬᠡᠷ᠂ ᠨᠥᠭᠦᠭᠡᠳᠦᠭᠦᠯᠡᠴᠢᠨᠢ ᠤᠳᠠᠭᠰᠠᠨᠴᠤᠦᠭᠡᠢ ᠢᠨᠢᠶᠡᠯᠳᠦᠵᠦ ᠣᠷᠬᠢᠯ᠎ᠠ᠃
《ᠬᠠᠷᠠᠯ᠎ᠠ ᠳ᠋ᠠ᠂ ᠶᠠᠪᠤᠨ᠎ᠠ ᠭᠡᠪᠡᠯ ᠶᠠᠪᠤᠴᠢᠬᠠᠳᠠᠭ ᠪᠢᠰᠢᠦ᠃ 》
《ᠶᠣᠰᠤᠲᠠᠢ ᠬᠥᠭᠡᠷᠦᠭᠰᠡᠨ! ᠶᠠᠭᠤᠠᠴᠠᠴᠤ ᠢᠯᠡᠭᠦᠦ ᠪᠠᠶᠠᠷᠯᠠᠭᠰᠠᠨ᠃ ᠵᠢᠯ ᠴᠠᠭᠠᠨ ᠰᠠᠷ᠎ᠠ ᠪᠠ ᠪᠡᠷᠢ ᠠᠪᠬᠤᠳᠠᠭᠠᠨᠴᠤ ᠲᠡᠷᠡ ᠢᠩᠭᠢᠵᠦ ᠶᠡᠬᠡ ᠪᠠᠶᠠᠷᠯᠠᠨ ᠬᠥᠭᠡᠷᠴᠦ ᠦᠵᠡᠭᠡ᠎ᠦᠭᠡᠢ ᠪᠢᠯᠡ᠃ 》
《ᠲᠡᠳᠡᠨ᠎ᠢ ᠲᠡᠮᠦᠷ ᠠᠷᠭᠠᠮᠵᠢᠶᠠᠴᠤ ᠳᠡᠢᠯᠬᠦ᠎ᠡᠴᠡ ᠥᠩᠭᠡᠷᠡᠭᠰᠡᠨ᠃ 》
《ᠪᠣᠯᠬᠤ᠎ᠪᠠᠨ ᠪᠣᠯᠢᠭᠰᠠᠨ᠃ ᠪᠦᠷ ᠰᠠᠨᠠᠭᠠᠨ ᠲᠠᠪᠠ᠎ᠪᠠᠷ᠎ᠢᠶᠠᠨ ᠪᠣᠯᠤᠭᠰᠠᠨ᠃ 》
《ᠨᠢᠭᠡᠨᠲᠡ ᠴᠡᠷᠢᠭ᠎ᠲᠦ ᠣᠷᠤᠭᠰᠠᠨ ᠬᠣᠢᠨ᠎ᠠ ᠭᠡᠷ᠎ᠢᠶᠡᠨ ᠮᠠᠷᠲᠠᠨ᠎ᠠ ᠳ᠋ᠠ᠃ 》
《ᠲᠡᠷᠡᠴᠦ ᠦᠨᠡᠨ ᠤᠴᠢᠷ᠃ᠮᠠᠨᠠᠢᠳᠤ ᠬᠡᠳᠦᠨ ᠵᠠᠯᠠᠭᠤ ᠴᠡᠷᠢᠭ ᠰᠠᠭᠤᠵᠤ ᠥᠩᠭᠡᠷᠡᠭᠰᠡᠨ᠃ ᠲᠡᠳᠡ ᠡᠳᠦᠷᠵᠢᠨᠯᠡ ᠪᠣᠳᠤᠬᠤ ᠶᠠᠭᠤᠮ᠎ᠠ ᠠᠯᠠᠭ᠎ᠠ᠂ ᠡᠷᠡᠦ᠎ᠪᠡᠨ ᠡᠷᠲᠡᠢᠯᠭᠡᠵᠦ᠂ ᠣᠷᠤᠪᠠᠴᠤ ᠳᠠᠭᠤᠯᠠᠭᠠᠳ ᠭᠠᠷᠪᠠᠴᠤ ᠳᠠᠭᠤᠯᠠᠭᠠᠳ ᠪᠠᠢᠳᠠᠭ ᠪᠠᠢᠭᠰᠠᠨ᠃ ᠪᠢᠳᠡ ᠶᠡᠷᠦ ᠨᠠᠰᠤᠨ᠎ᠳᠠᠭᠠᠨ ᠲᠡᠭᠡᠵᠦ ᠵᠢᠷᠭᠠᠵᠤ ᠦᠵᠡᠭᠡ᠎ᠦᠭᠡᠢ᠃ ᠲᠡᠳᠡ ᠵᠠᠷᠢᠮ᠎ᠳᠠᠭᠠᠨ ᠴᠢᠮᠡᠭᠡ᠎ᠦᠭᠡᠢ ᠪᠣᠯᠬᠤ᠎ᠳᠤᠨᠢ ᠪᠢ: 〈ᠣᠳᠣ ᠲᠣᠯᠤᠭᠠᠢ ᠤᠨᠵᠢᠭᠤᠯᠬᠤ ᠴᠠᠭ᠎ᠨᠢ ᠪᠣᠯᠤᠭᠰᠠᠨ ᠪᠠᠢᠬᠤ!〉 ᠭᠡᠵᠦ ᠳᠡᠮᠡᠢ ᠪᠣᠳᠤᠨ᠎ᠠ᠃ ᠭᠡᠲᠡᠯ᠎ᠡ ᠲᠡᠳᠡ ᠶᠠᠭᠤ ᠬᠢᠵᠦ ᠪᠠᠢᠭᠰᠠᠨ᠎ᠢ ᠮᠡᠳᠡᠨ᠎ᠡ᠎ᠦᠦ? ᠴᠠᠭᠠᠨ ᠴᠣᠬᠤᠢ᠎ᠪᠠᠷ ᠮᠠᠨ᠎ᠤ ᠬᠡᠷᠡᠮ ᠳᠡᠭᠡᠷ᠎ᠡ ᠲᠣᠭᠤᠷᠢᠭ ᠵᠢᠷᠤᠭᠠᠳ᠂ ᠴᠥᠮ ᠣᠴᠤᠢᠵᠤ ᠰᠠᠭᠤᠭᠠᠳ ᠲᠡᠷᠡ ᠤᠷᠤᠭᠤ᠎ᠪᠠᠨ ᠣᠨᠢᠯᠠᠵᠤ ᠪᠠᠢᠳᠠᠭ ᠰᠢᠤ᠂ ᠲᠡᠭᠡᠭᠡᠳ ᠪᠠᠰᠠ ᠳᠠᠭᠤᠯᠠᠵᠠᠭᠠᠨ᠎ᠠ᠃ 》
ᠲᠡᠳᠡ ᠣᠩᠭᠤᠴᠠ᠎ᠪᠠᠨ ᠬᠣᠶᠠᠷ ᠬᠠᠵᠠᠭᠤ᠎ᠶᠢᠨ ᠤᠰᠤ᠎ᠶᠢ ᠢᠷᠠᠯᠵᠠᠲᠠᠯᠠ ᠠᠯᠭᠤᠷᠬᠠᠨ ᠰᠡᠯᠢᠨ᠎ᠡ᠃ ᠭᠠᠷ᠎ᠤᠨ᠎ᠢᠶᠠᠨ ᠠᠶ᠎ᠠ᠎ᠪᠠᠷ ᠤᠰᠤᠨ᠎ᠤ ᠳᠣᠲᠤᠷ᠎ᠠ᠎ᠠᠴᠠ ᠪᠣᠳᠠ ᠲᠡᠮᠦᠷ ᠵᠠᠩᠭᠤᠤ ᠱᠦᠭᠦᠵᠦ ᠠᠪᠤᠭᠠᠳ ᠦᠵᠡᠪᠡᠯ ᠲᠡᠷᠡ᠎ᠨᠢ ᠲᠤᠩ ᠵᠢᠵᠢᠭᠬᠡᠨ ᠪᠥᠭᠡᠳ ᠰᠦᠨ ᠴᠠᠭᠠᠨ ᠨᠢᠯᠬᠠᠪᠠᠷᠢᠶᠠᠨ ᠪᠠᠢᠭ᠎ᠠ ᠲᠤᠯᠠ ᠤᠰᠤ ᠤᠷᠤᠭᠤ ᠪᠤᠴᠠᠭᠠᠨ ᠬᠠᠶᠠᠨ᠎ᠠ᠃
《ᠡᠳᠦᠭᠡ ᠲᠡᠳᠡ ᠬᠠᠮᠢᠭ᠎ᠠ ᠣᠴᠢᠭᠰᠠᠨᠢ ᠴᠢ ᠮᠡᠳᠡᠨ᠎ᠡ᠎ᠦᠦ?》
《ᠶᠠᠷᠰᠢᠭ᠂ ᠬᠡᠨ ᠮᠡᠳᠡᠬᠦ ᠪᠤᠢ! ᠲᠡᠭᠷᠢ᠎ᠳᠦ ᠭᠠᠷᠤᠭᠰᠠᠨ ᠪᠠᠢᠬᠤ ᠡ᠃ 》
ᠲᠡᠳᠡᠨᠡᠷ ᠴᠥᠮ ᠠᠯᠤᠰ᠎ᠢ ᠰᠥᠯᠢᠢᠨ ᠰᠢᠷᠲᠡᠨ᠎ᠡ᠃
《ᠥ! ᠲᠡᠨᠳᠡ᠎ᠡᠴᠡ ᠨᠢᠭᠡ ᠣᠩᠭᠤᠴᠠ ᠢᠷᠡᠵᠦ ᠶᠠᠪᠤᠨ᠎ᠠ᠃ 》
《ᠠᠶ᠎ᠠ᠂ ᠬᠠᠷᠠᠭᠠᠴᠢ᠂ ᠶᠠᠫᠤᠨ ᠬᠤᠪᠴᠠᠰᠤ᠎ᠲᠠᠢ!》
《ᠬᠤᠷᠳᠤᠬᠠᠨ ᠰᠡᠯᠢ!》
ᠵᠢᠵᠢᠭᠬᠡᠨ ᠵᠠᠪᠢ ᠠᠮᠢ ᠲᠡᠮᠡᠴᠡᠨ ᠤᠷᠤᠭᠰᠢᠯᠠᠨ᠎ᠠ᠃ ᠲᠡᠳᠡ ᠢᠩᠭᠢᠵᠦ ᠲᠠᠮᠤ᠎ᠪᠠᠨ ᠡᠳ᠋ᠯᠡᠵᠦ ᠶᠠᠪᠤᠬᠤ᠎ᠠᠴᠠ ᠢᠷᠡᠭᠰᠡᠨ᠎ᠦᠭᠡᠢ᠎ᠨᠢ ᠳᠡᠭᠡᠷ᠎ᠡ ᠪᠠᠢᠵᠠᠢ ᠳ᠋ᠠ ᠭᠡᠵᠦ ᠪᠣᠳᠤᠬᠤᠴᠤ ᠪᠠᠢᠵᠤ ᠮᠡᠳᠡᠨ᠎ᠡ᠃ ᠪᠠᠰᠠ ᠲᠡᠳᠡᠭᠡᠷ ᠶᠠᠪᠤᠭᠰᠠᠨ ᠬᠥᠮᠦᠰ᠎ᠢᠶᠡᠨ ᠵᠠᠨᠤᠨ ᠬᠣᠷᠤᠰᠴᠤ ᠪᠠᠢᠵᠤ ᠮᠡᠳᠡᠨ᠎ᠡ᠃ ᠬᠡᠷᠡᠭᠲᠡᠢ ᠬᠡᠷᠡᠭ᠎ᠦᠭᠡᠢ ᠶᠠᠭᠤᠮ᠎ᠠ ᠪᠣᠳᠤᠬᠤ᠎ᠶᠢᠨ ᠵᠠᠪ ᠠᠯᠠᠭ᠎ᠠ᠃ ᠨᠥᠭᠦᠭᠡ ᠣᠩᠭᠤᠴᠠ ᠶᠠᠭᠠᠬᠢᠬᠤ ᠵᠠᠪ᠎ᠦᠭᠡᠢ ᠣᠢᠷᠠᠲᠤᠯ᠎ᠠ!
ᠲᠣᠮᠤ ᠣᠩᠭᠤᠴᠠ ᠮᠠᠰᠢ ᠣᠢᠷᠠᠬᠠᠨ ᠪᠣᠯᠤᠯ᠎ᠠ᠃ ᠠᠵᠠ᠎ᠪᠠᠷ ᠯᠢᠩᠬᠤ᠎ᠠ ᠴᠡᠴᠡᠭᠲᠦ ᠪᠢᠯᠬᠠᠮᠠᠯ ᠶᠡᠬᠡ᠂ ᠰᠡᠯᠢᠬᠦᠨᠢᠴᠦ ᠬᠤᠷᠳᠤᠨ᠂ ᠪᠢᠴᠢᠬᠠᠨ ᠵᠠᠪᠢ ᠶᠠᠭ᠎ᠯᠠ ᠤᠰᠤ᠎ᠠᠴᠠ ᠰᠠᠯᠤᠭᠰᠠᠨ ᠦᠬᠦᠷᠢ ᠵᠢᠭᠠᠰᠤ ᠦᠰᠦᠷᠬᠢᠯᠡᠨ ᠲᠣᠩᠭᠤᠴᠠᠵᠤ ᠪᠠᠢᠭ᠎ᠠ᠎ᠶᠤᠮ᠎ᠰᠢᠭ᠋ ᠪᠠᠢᠯ᠎ᠠ᠃ ᠲᠡᠳᠡ ᠤᠯᠠᠭᠠᠨ ᠨᠢᠯᠬᠠᠠᠴᠠᠪᠠᠨ ᠵᠠᠪᠢᠲᠠᠢ ᠨᠣᠴᠤᠯᠳᠤᠵᠤ ᠰᠤᠷᠤᠭᠰᠠᠨ ᠪᠣᠯᠬᠣᠷ ᠰᠡᠯᠢᠨᠡᠴᠦ ᠭᠡᠵᠦ ᠶᠣᠰᠤᠲᠠᠢᠯᠠ ᠨᠢᠰᠴᠢᠬᠡᠬᠦᠶᠦᠮ᠃
ᠠᠷᠤ᠎ᠠᠴᠠ ᠨᠥᠭᠦᠭᠡ ᠲᠣᠮᠤ ᠣᠩᠭᠤᠴᠠ ᠨᠢᠰᠬᠦ ᠮᠡᠲᠦ ᠬᠤᠷᠳᠤᠯᠠᠨ᠎ᠠ᠃ ᠲᠡᠷᠡᠴᠦ ᠳᠠᠢᠰᠤᠨ ᠭᠡᠳᠡᠭ᠎ᠨᠢ ᠢᠪ ᠢᠯᠡᠷᠬᠡᠢ ᠪᠠᠢᠯ᠎ᠠ᠃ ᠡᠨᠡ ᠬᠡᠳᠦᠨ ᠡᠮᠡᠭᠲᠡᠢᠮᠠᠨᠢ ᠵᠢᠷᠦᠬᠡᠨ ᠲᠦᠭᠰᠢᠯᠲᠡ᠎ᠪᠡᠨ ᠳᠠᠷᠤᠨ᠂ ᠰᠢᠳᠦ᠎ᠪᠡᠨ ᠲᠠᠴᠢᠭᠢᠨᠠᠲᠠᠯ᠎ᠠ ᠵᠠᠭᠤᠵᠤ ᠠᠵᠢᠭ᠎ᠦᠭᠡᠢ ᠴᠠᠢᠯᠵᠠᠲᠠᠯᠠ ᠰᠡᠯᠢᠵᠦ ᠪᠠᠢᠯ᠎ᠠ᠃
《ᠯᠢᠩᠬᠤ᠎ᠠ ᠴᠡᠴᠡᠭᠲᠦ ᠪᠢᠯᠬᠠᠮᠠᠯ ᠲᠡᠰᠢ ᠵᠠᠯᠠᠭᠠᠷᠠᠢ! ᠲᠡᠨᠳᠡᠬᠢ ᠤᠰᠤ ᠭᠦᠶᠦᠬᠡᠨ᠂ ᠲᠣᠮᠤ ᠣᠩᠭᠤᠴᠠ ᠬᠠᠢᠷᠳᠠᠨᠠ》 ᠭᠡᠨ᠎ᠡ᠃
ᠲᠡᠳᠡ ᠬᠡᠮᠵᠢᠶ᠎ᠡ ᠬᠢᠵᠠᠭᠠᠷ᠎ᠢ᠎ᠨᠢ ᠦᠯᠦ ᠮᠡᠳᠡᠬᠦ ᠯᠢᠩᠬᠤ᠎ᠠ ᠴᠡᠴᠡᠭᠲᠦ ᠪᠢᠯᠬᠠᠮᠠᠯ ᠲᠡᠰᠢ ᠲᠡᠮᠡᠦᠯᠦᠨ᠎ᠡ᠃ ᠪᠢᠲᠡᠭᠦᠦ ᠪᠦᠷᠬᠦᠭᠰᠡᠨ ᠯᠢᠩᠬᠤ᠎ᠠ᠎ᠶᠢᠨ ᠲᠣᠮᠤ ᠨᠠᠪᠴᠢ ᠨᠠᠷᠠᠨ᠎ᠤ ᠭᠡᠷᠡᠯ᠎ᠢ ᠤᠭᠲᠤᠨ ᠳᠡᠯᠭᠡᠭᠰᠡᠨ᠎ᠨᠢ ᠭᠠᠤᠯᠢᠨ ᠬᠡᠷᠡᠮ ᠲᠡᠮᠦᠷ ᠬᠠᠨᠠᠰᠢᠭ᠋ ᠠᠵᠢ᠃ ᠦᠵᠡᠰᠭᠦᠯᠡᠩᠲᠦ ᠶᠠᠭᠠᠨ ᠯᠢᠩᠬᠤ᠎ᠠ ᠥᠨᠳᠦᠷ᠎ᠡᠴᠡ ᠥᠨᠳᠦᠷ᠎ᠲᠦ ᠰᠡᠬᠦᠢᠨ᠂ ᠯᠢᠩᠬᠤ᠎ᠠ ᠴᠡᠴᠡᠭᠲᠦ ᠪᠢᠯᠬᠠᠮᠠᠯᠤᠨᠢᠶᠠᠨ ᠬᠠᠷᠠᠭᠤᠯ᠎ᠨᠢ ᠪᠣᠯᠵᠤ ᠪᠠᠢᠭ᠎ᠠ ᠪᠢᠵᠡ᠃
ᠲᠡᠳᠡ ᠵᠠᠪᠢ᠎ᠪᠠᠨ ᠪᠢᠯᠬᠠᠮᠠᠯ ᠲᠡᠰᠢ ᠵᠠᠯᠠᠯ᠎ᠠ᠃ ᠵᠠᠪᠢ ᠬᠠᠮᠤᠭ᠎ᠤᠨ ᠡᠴᠦᠰ᠎ᠦᠨ ᠴᠢᠷᠮᠠᠢᠯᠲᠠ᠎ᠪᠠᠷ ᠯᠢᠩᠬᠤ᠎ᠠ ᠴᠡᠴᠡᠭᠲᠦ ᠪᠢᠯᠬᠠᠮᠠᠯ ᠤᠷᠤᠭᠤ ᠰᠤᠮᠤᠳᠠᠨ ᠣᠷᠤᠪᠠ᠃ ᠬᠡᠳᠦᠨ ᠨᠤᠭᠤᠰᠤ ᠰᠠᠩᠳᠠ ᠮᠡᠩᠳᠡ ᠨᠢᠰᠦᠨ ᠭᠠᠷᠴᠤ ᠠᠶᠤᠨ ᠰᠣᠴᠢᠭᠰᠠᠨ ᠳᠠᠭᠤᠨ᠎ᠢᠶᠠᠷ ᠳᠤᠤᠭᠠᠷᠤᠭᠠᠳ ᠬᠠᠯᠢᠨ ᠳᠡᠭᠳᠡᠯ᠎ᠡ᠃ ᠲᠡᠳᠡᠨ᠎ᠦ ᠬᠠᠵᠠᠭᠤᠬᠠᠨ᠎ᠳᠤ ᠫᠤᠤ ᠫᠠᠷᠴᠢᠭᠢᠨᠠᠯᠠ᠃
ᠯᠢᠩᠬᠤ᠎ᠠ ᠴᠡᠴᠡᠭᠲᠦ ᠪᠢᠯᠬᠠᠮᠠᠯ ᠪᠤᠯᠲᠤᠪᠠᠷᠢᠶᠠᠨ ᠬᠥᠳᠡᠯᠬᠦᠰᠢᠭ ᠪᠣᠯᠤᠯ᠎ᠠ᠃ ᠲᠡᠳᠡ ᠳᠠᠢᠰᠤᠨ᠎ᠤ ᠳᠤᠮᠳᠠ ᠣᠷᠤᠴᠢᠬᠠᠭᠰᠠᠨ ᠪᠠᠢᠬ᠎ᠠ᠂ ᠯᠠᠪ ᠦᠬᠦᠬᠦ᠎ᠨᠢ ᠭᠡᠵᠦ ᠪᠣᠳᠤᠭᠠᠳ ᠴᠥᠮ ᠤᠰᠤ ᠤᠷᠤᠭᠤ ᠬᠠᠷᠠᠢᠨ ᠣᠷᠤᠵᠠᠭᠠᠯᠠ᠃ ᠪᠠᠭ᠎ᠠ ᠪᠠᠢᠰᠬᠢᠭᠠᠳ ᠫᠤᠤ᠎ᠶᠢᠨ ᠳᠠᠭᠤᠨ ᠤᠯᠠᠮ᠎ᠢᠶᠠᠷ ᠭᠠᠳᠠᠭᠰᠢ ᠴᠢᠭᠯᠡᠭᠰᠡᠨᠢ ᠮᠡᠳᠡᠭᠡᠳ ᠲᠣᠯᠤᠭᠠᠢ᠎ᠪᠠᠨ ᠵᠠᠪᠢ᠎ᠪᠠᠷ ᠳᠠᠯᠳᠠᠯᠠᠨ ᠴᠤᠬᠤᠢᠯᠭᠠᠯᠠ᠃ ᠳᠡᠮᠡᠢ ᠬᠣᠯᠠ᠎ᠦᠭᠡᠢ ᠪᠠᠢᠭ᠎ᠠ ᠲᠣᠮᠤᠬᠠᠨ ᠯᠢᠩᠬᠤ᠎ᠠ᠎ᠶᠢᠨ ᠨᠠᠪᠴᠢ ᠳᠣᠭᠤᠤᠷ ᠨᠢᠭᠡ ᠬᠥᠮᠦᠨ᠎ᠦ ᠴᠢᠷᠠᠢ ᠪᠥᠷᠲᠦᠭᠡᠨᠡᠨ ᠴᠤᠬᠤᠢᠨ᠎ᠠ᠃ ᠬᠠᠭᠠᠰ ᠪᠡᠶ᠎ᠡ᠎ᠨᠢ ᠤᠰᠤᠨ᠎ᠳᠤ ᠪᠤᠢ᠃ ᠯᠢᠩᠬᠤ᠎ᠠ ᠬᠤᠪᠢᠷᠠᠭᠰᠠᠨ ᠪᠢᠰᠢ ᠪᠢᠵᠡ? ᠱᠦᠢ ᠱᠧᠩᠮᠠᠨᠢ ᠪᠢᠰᠢ ᠭᠡᠵᠦ᠎ᠦᠦ? ᠳᠠᠬᠢᠨ ᠯᠠᠪᠯᠠᠨ ᠠᠵᠢᠭᠯᠠᠭᠰᠠᠭᠠᠷ ᠤᠳᠠᠯ᠎ᠦᠭᠡᠢ ᠥᠪᠡᠷ ᠥᠪᠡᠷ᠎ᠦᠨ ᠡᠷ᠎ᠡ ᠨᠥᠬᠦᠷ᠎ᠦᠨ᠎ᠢᠶᠡᠨ ᠵᠢᠰᠦ ᠴᠢᠷᠠᠢ᠎ᠶᠢ ᠣᠯᠵᠤ ᠬᠠᠷᠠᠯ᠎ᠠ᠃ ᠠ᠂ ᠲᠡᠳᠡᠮᠠᠨᠢ ᠰᠢᠪ ᠳ᠋ᠠ !
ᠭᠡᠲᠡᠯ᠎ᠡ ᠴᠡᠴᠡᠭ᠎ᠦᠨ ᠨᠠᠪᠴᠢᠨ ᠳᠣᠣᠷ᠎ᠠ ᠨᠢᠭᠤᠨ ᠬᠣᠷᠭᠤᠭᠳᠠᠵᠤ ᠪᠠᠢᠭᠰᠠᠨ ᠲᠡᠳᠡᠭᠡᠷ ᠪᠠᠢᠯᠳᠤᠭᠴᠢᠳ᠂ ᠪᠦᠬᠦ ᠠᠩᠬᠠᠷᠤᠯ᠎ᠢᠶᠠᠨ ᠳᠠᠢᠰᠤᠨ ᠤᠷᠤᠭᠤ ᠲᠥᠪᠯᠡᠷᠡᠭᠦᠯᠵᠦ ᠪᠠᠢᠭᠰᠠᠨ ᠲᠤᠯᠠ ᠲᠡᠳᠡᠨ᠎ᠢ᠎ᠪᠡᠨ ᠣᠭᠲᠤᠬᠠᠨ᠎ᠴᠤ ᠣᠯᠵᠤ ᠦᠵᠡᠭᠰᠡᠨ᠎ᠦᠭᠡᠢ ᠪᠠᠢᠵᠠᠢ᠃ ᠫᠤᠤ᠎ᠶᠢᠨ ᠳᠠᠭᠤᠨ ᠬᠡᠰᠡᠭ ᠰᠦᠷᠡᠬᠡᠢ ᠰᠢᠷᠦᠭᠦᠰᠴᠦ ᠲᠣᠪ ᠲᠣᠳᠤᠬᠠᠨ ᠪᠣᠯᠵᠤ᠂ ᠬᠡᠳᠦᠨ ᠬᠡᠰᠡᠭ ᠭᠠᠯᠯᠠᠯᠲᠠ ᠶᠢᠨ ᠳᠠᠷᠠᠭ᠎ᠠ ᠲᠡᠳᠡ ᠭᠠᠷᠨᠠᠲᠠ ᠰᠢᠳᠡᠭᠰᠡᠭᠡᠷ ᠪᠢᠯᠬᠠᠮᠠᠯ᠎ᠠᠴᠠ ᠳᠠᠭᠠᠷᠢᠨ ᠭᠠᠷᠴᠤ ᠢᠷᠡᠯ᠎ᠡ᠃
ᠭᠠᠷᠨᠠᠲᠠ ᠳᠠᠢᠰᠤᠨ᠎ᠤ ᠲᠣᠮᠤ ᠣᠩᠭᠤᠴᠠ᠎ᠶᠢ ᠵᠢᠪᠪᠦᠭᠦᠯᠴᠢᠬᠡᠯᠡ᠃ ᠪᠠᠢᠳᠠᠭ᠎ᠨᠢ ᠴᠥᠮ ᠤᠰᠤᠨ᠎ᠳᠤ ᠵᠢᠪᠴᠦ᠂ ᠤᠰᠤᠨ ᠳᠡᠭᠡᠷ᠎ᠡ ᠵᠥᠪᠬᠡᠨ ᠪᠥᠭᠡᠮ ᠬᠠᠷ᠎ᠠ ᠳᠠᠷᠢ᠎ᠶᠢᠨ ᠤᠲᠤᠭᠠᠨᠤ ᠦᠨᠦᠷ᠎ᠡᠴᠡ ᠥᠭᠡᠷ᠎ᠡ ᠶᠠᠭᠤᠮ᠎ᠠ ᠭᠡᠵᠦ ᠦᠯᠡᠳᠡᠭᠰᠡᠨ᠎ᠦᠭᠡᠢ ᠪᠢᠯᠡ᠃ ᠪᠠᠢᠯᠳᠤᠭᠴᠢᠳ ᠬᠠᠰᠭᠢᠷᠤᠯᠳᠤᠨ ᠢᠨᠢᠶᠡᠯᠴᠡᠭᠰᠡᠭᠡᠷ ᠣᠯᠵᠠᠯᠠᠭᠰᠠᠨ ᠶᠠᠭᠤᠮ᠎ᠠ ᠬᠡᠦᠮ᠎ᠡ᠎ᠪᠡᠨ ᠱᠦᠭᠦᠨ ᠭᠠᠷᠭᠠᠨ᠎ᠠ᠃ ᠲᠡᠳᠡ ᠤᠰᠤᠨ᠎ᠤ ᠢᠷᠤᠭᠠᠷ᠎ᠲᠤ ᠣᠷᠤᠭᠠᠳ ᠲᠣᠮᠤ ᠵᠢᠭᠠᠰᠤ᠎ᠶᠢ ᠱᠦᠭᠦᠳᠡᠭ ᠡᠷᠳᠡᠮ᠎ᠢᠶᠡᠨ ᠭᠠᠷᠭᠠᠵᠤ ᠳᠠᠢᠰᠤᠨ᠎ᠤ ᠫᠤᠤ ᠰᠤᠮᠤ ᠵᠡᠷᠭᠡ᠎ᠶᠢ ᠤᠷᠤᠯᠳᠤᠨ ᠱᠦᠭᠦᠵᠡᠭᠡᠵᠦ ᠪᠠᠰᠠ ᠭᠤᠯᠢᠷ᠂ ᠲᠤᠲᠤᠷᠭ᠎ᠠ ᠭᠠᠷᠭᠠᠨ᠎ᠠ᠃ ᠱᠦᠢ ᠱᠧᠩ ᠤᠰᠤᠨ ᠳᠡᠭᠡᠷ᠎ᠡ ᠬᠥᠪᠴᠦ ᠶᠠᠪᠤᠭ᠎ᠠ ᠨᠠᠷᠢᠯᠢᠭ ᠬᠢᠴᠡᠲᠦ ᠴᠠᠭᠠᠰᠤᠨ ᠬᠠᠢᠷᠴᠠᠭ᠎ᠲᠤ ᠬᠢᠭᠰᠡᠨ ᠪᠣᠣᠪᠤ᠎ᠶᠢ ᠨᠡᠬᠡᠨ᠎ᠡ᠃
ᠡᠮᠡᠭᠲᠡᠢᠴᠦᠳ᠂ ᠪᠦᠬᠦ ᠪᠡᠶ᠎ᠡ᠎ᠡᠴᠡ᠎ᠪᠡᠨ ᠤᠰᠤ ᠭᠣᠭᠤᠵᠢᠭᠤᠯᠤᠨ᠂ ᠵᠠᠪᠢ᠎ᠪᠠᠨ ᠰᠡᠯᠢᠭᠰᠡᠭᠡᠷ ᠣᠴᠢᠵᠠᠭᠠᠯ᠎ᠠ᠃
ᠱᠦᠢ ᠱᠧᠩ ᠲᠡᠷᠡ᠎ᠬᠦ ᠴᠠᠭᠠᠰᠤᠨ ᠬᠠᠢᠷᠴᠠᠭ᠎ᠲᠠᠢ ᠪᠣᠣᠪᠤ᠎ᠶᠢ ᠨᠢᠭᠡ ᠭᠠᠷ᠎ᠲᠠᠭᠠᠨ ᠳᠡᠭᠡᠷ᠎ᠡ ᠡᠷᠭᠦᠨ᠂ ᠨᠥᠭᠦᠭᠡ ᠭᠠᠷ᠎ᠢᠶᠠᠷ᠎ᠢᠶᠠᠨ ᠤᠰᠤ ᠰᠡᠯᠢᠭᠰᠡᠭᠡᠷ ᠪᠢᠯᠬᠠᠮᠠᠯ ᠤᠷᠤᠭᠤ ᠶᠡᠬᠡ ᠳᠠᠭᠤᠨ᠎ᠢᠶᠠᠷ:
《ᠲᠠ᠎ᠨᠠᠷ ᠭᠠᠷᠴᠤ ᠢᠷᠡᠵᠡᠭᠡ!》 ᠭᠡᠵᠦ ᠪᠠᠷᠬᠢᠷᠠᠯ᠎ᠠ᠃
ᠡᠮᠡᠭᠲᠡᠢᠴᠦᠳ ᠵᠠᠪᠢ᠎ᠪᠠᠨ ᠰᠡᠯᠢᠭᠰᠡᠭᠡᠷ ᠭᠠᠷᠴᠤ ᠢᠷᠡᠯ᠎ᠡ᠃ ᠭᠡᠨᠡᠳᠲᠡ ᠲᠡᠳᠡᠨ᠎ᠦ ᠣᠩᠭᠤᠴᠠᠨ ᠳᠣᠣᠷ᠎ᠠ᠎ᠠᠴᠠ ᠨᠢᠭᠡ ᠬᠥᠮᠦᠨ᠎ᠦ ᠲᠣᠯᠤᠭᠠᠢ ᠴᠤᠬᠤᠢᠪᠠ᠃ ᠡᠨᠡ ᠬᠥᠮᠦᠨ᠎ᠨᠢ ᠨᠤᠲᠤᠭ᠎ᠤᠨ ᠪᠠᠭ᠎ᠠ ᠠᠩᠭᠢ᠎ᠶᠢᠨ ᠳᠠᠷᠤᠭ᠎ᠠ ᠪᠣᠯᠬᠤ᠎ᠶᠢ ᠱᠦᠢ ᠱᠧᠩ᠎ᠦᠨ ᠡᠬᠡᠨᠡᠷᠨᠢᠯᠡ ᠲᠠᠨᠢᠳᠠᠭ ᠪᠠᠢᠵᠠᠢ᠃ ᠲᠡᠷᠡ ᠬᠥᠮᠦᠨ ᠨᠢᠭᠤᠷ ᠳᠡᠭᠡᠷᠡᠬᠢ ᠤᠰᠤ᠎ᠪᠠᠨ ᠬᠤᠰᠤᠭᠠᠳ: 《ᠲᠠ᠎ᠨᠠᠷ ᠶᠠᠭᠤ ᠬᠢᠬᠦ᠎ᠪᠡᠷ ᠢᠷᠡᠪᠡ?》 ᠭᠡᠵᠦ ᠠᠰᠠᠭᠤᠪᠠ᠃
ᠱᠦᠢ ᠱᠧᠩ᠎ᠦᠨ ᠡᠬᠡᠨᠡᠷ: 《ᠲᠡᠳᠡᠨ᠎ᠳᠦ ᠬᠤᠪᠴᠠᠰᠤ ᠬᠦᠷᠭᠡᠬᠦ᠎ᠪᠡᠷ ᠢᠷᠡᠵᠦ ᠶᠠᠪᠤᠭ᠎ᠠ》 ᠭᠡᠪᠡ᠃
ᠠᠩᠭᠢ᠎ᠶᠢᠨ ᠳᠠᠷᠤᠭ᠎ᠠ᠂ ᠱᠦᠢ ᠱᠧᠩ ᠤᠷᠤᠭᠤ ᠬᠠᠷᠠᠭᠠᠳ: 《ᠴᠥᠮ ᠲᠠᠨ᠎ᠤ ᠲᠣᠰᠭᠤᠨ᠎ᠤ ᠬᠢᠦᠦ?》 ᠭᠡᠬᠦ᠎ᠳᠦ᠂
《ᠲᠡᠳᠡᠨ᠎ᠡᠴᠡ ᠥᠭᠡᠷ᠎ᠡ ᠬᠡᠨ ᠪᠠᠢᠬᠤ ᠪᠤᠢ? ᠬᠡᠰᠡᠭ ᠬᠣᠴᠤᠷᠤᠭᠳᠠᠩᠭᠤᠢ ᠡᠮᠡᠭᠲᠡᠢᠴᠦᠳ!》 ᠭᠡᠵᠦ ᠬᠡᠯᠡᠭᠡᠳ ᠱᠦᠢ ᠱᠧᠩ ᠨᠥᠭᠦᠭᠡ ᠴᠠᠭᠠᠰᠤᠨ ᠬᠠᠢᠷᠴᠠᠭᠲᠠᠢᠪᠠᠨ ᠲᠡᠳᠡᠨ᠎ᠦ ᠵᠠᠪᠢᠳᠤ ᠰᠢᠳᠡᠵᠦ ᠣᠷᠬᠢᠭᠠᠳ ᠳᠠᠬᠢᠨ ᠤᠰᠤᠨ᠎ᠤ ᠢᠷᠤᠭᠠᠷ᠎ᠲᠤ ᠵᠢᠪᠪᠦᠵᠦ ᠣᠷᠤᠭᠠᠳ᠂ ᠲᠡᠷᠲᠡᠭᠡ ᠬᠣᠯᠠ ᠣᠴᠢᠭᠠᠳ ᠲᠣᠯᠤᠭᠠᠢ᠎ᠪᠠᠨ ᠴᠤᠬᠤᠢᠯᠭᠠᠨᠠ᠃
ᠠᠩᠭᠢ᠎ᠶᠢᠨ ᠳᠠᠷᠤᠭ᠎ᠠ ᠲᠣᠭᠯᠠᠭᠠᠮ ᠬᠢᠵᠦ: 《ᠲᠠ᠎ᠨᠠᠷ᠎ᠤᠨ ᠢᠷᠡᠭᠰᠡᠨ ᠲᠠᠯᠠᠭᠠᠷ ᠪᠣᠯᠤᠭᠰᠠᠨ᠎ᠦᠭᠡᠢ᠃ ᠲᠠ᠎ᠨᠠᠷ ᠢᠷᠡᠭᠡ᠎ᠦᠭᠡᠢ ᠪᠣᠯ ᠪᠢᠳᠡᠨ᠎ᠦ ᠪᠦᠭᠦᠳᠡ ᠳᠠᠭᠠᠷᠢᠬᠤ ᠲᠤᠯᠤᠯᠳᠤᠭᠠᠨ ᠢᠩᠭᠢᠵᠦ ᠲᠤᠤᠱᠲᠠᠢ ᠶᠠᠪᠤᠭᠳᠠᠵᠤ ᠴᠢᠳᠠᠬᠤ᠎ᠦᠭᠡᠢ᠃ ᠡᠭᠦᠷᠭᠡᠮᠠᠨᠢ ᠪᠡᠶᠡᠯᠡᠭᠳᠡᠯ᠎ᠡ᠃ ᠨᠥᠬᠦᠳ ᠬᠠᠷᠢᠭᠠᠳ ᠬᠤᠪᠴᠠᠰᠤ ᠬᠤᠨᠠᠷ᠎ᠢᠶᠠᠨ ᠬᠠᠲᠠᠭᠠᠵᠤ ᠪᠣᠯᠤᠨ᠎ᠠ᠃ ᠭᠡᠪᠡᠴᠦ ᠪᠠᠢᠳᠠᠯ ᠪᠣᠯ ᠰᠢᠷᠦᠭᠦᠨ ᠪᠠᠢᠭ᠎ᠠ ᠰᠢᠤ ᠳ᠋ᠠ 》 ᠭᠡᠯᠡ᠃
ᠪᠠᠢᠯᠳᠤᠭᠴᠢᠳ ᠣᠯᠵᠠᠯᠠᠭᠰᠠᠨ ᠶᠠᠭᠤᠮ᠎ᠠ ᠬᠡᠦᠮ᠎ᠡ᠎ᠪᠡᠨ ᠴᠥᠮ ᠲᠡᠳᠡᠨ᠎ᠦ ᠵᠠᠪᠢᠳᠤ ᠠᠴᠢᠵᠤ ᠪᠤᠴᠠᠬᠤ᠎ᠪᠠᠷ ᠪᠡᠯᠡᠳᠭᠡᠯ᠎ᠡ᠃ ᠨᠢᠭᠡ᠎ᠨᠢ ᠯᠢᠩᠬᠤ᠎ᠠ᠎ᠶᠢᠨ ᠲᠣᠮᠤ ᠨᠠᠪᠴᠢ᠎ᠶᠢ ᠲᠠᠰᠤᠳᠠᠨ ᠲᠣᠯᠤᠭᠠᠢ ᠳᠡᠭᠡᠷ᠎ᠡ᠎ᠪᠡᠨ ᠲᠠᠯᠪᠢᠵᠤ ᠦᠳᠡ ᠳᠤᠮᠳᠠ᠎ᠶᠢᠨ ᠨᠠᠷᠠ᠎ᠶᠢ ᠬᠠᠯᠬᠠᠯᠠᠨ᠎ᠠ᠃ ᠡᠮᠡᠭᠲᠡᠢᠴᠦᠳ᠂ ᠨᠥᠭᠦᠭᠡ ᠬᠠᠢᠷᠴᠠᠭᠲᠠᠢᠶᠢ ᠳᠠᠬᠢᠨ ᠲᠡᠳᠡ ᠤᠷᠤᠭᠤ ᠰᠢᠳᠡᠨ᠎ᠡ᠃ ᠪᠠᠢᠯᠳᠤᠭᠴᠢᠳ᠎ᠤᠨ ᠪᠢᠴᠢᠬᠠᠨ ᠭᠤᠷᠪᠠᠨ ᠵᠠᠪᠢ ᠠᠰ ᠤᠷᠤᠭᠰᠢ ᠴᠢᠭᠯᠡᠨ ᠬᠠᠷᠪᠤᠭᠰᠠᠨ ᠰᠤᠮᠤᠰᠢᠭ᠋ ᠬᠠᠯᠢᠨ ᠳᠡᠭᠳᠡᠵᠦ ᠤᠳᠠᠯ᠎ᠦᠭᠡᠢ ᠤᠲᠤᠭ᠎ᠠ ᠤᠨᠢᠶᠠᠷ᠎ᠠᠴᠠ ᠰᠠᠯ᠎ᠤᠨ ᠣᠳᠪᠠ᠃
ᠬᠡᠳᠦᠨ ᠵᠠᠯᠠᠭᠤ ᠡᠮᠡᠭᠲᠡᠢᠴᠦᠳ ᠥᠪᠡᠷ᠎ᠦᠨ᠎ᠢᠶᠡᠨ ᠵᠠᠪᠢ᠎ᠶᠢ ᠰᠡᠯᠢᠭᠰᠡᠭᠡᠷ ᠭᠡᠷ᠎ᠦᠨ᠎ᠢᠶᠡᠨ ᠵᠦᠭ ᠱᠠᠯᠠᠪᠳᠠᠨ ᠶᠠᠪᠤᠨ᠎ᠠ᠃ ᠲᠡᠳᠡ ᠴᠥᠮ ᠤᠰᠤᠨ᠎ᠳᠤ ᠤᠨᠠᠭᠰᠠᠨ ᠲᠠᠬᠢᠶᠠᠰᠢᠭ᠋ᠯᠠ ᠪᠠᠢᠯ᠎ᠠ᠃ ᠬᠡᠲᠦᠷᠬᠡᠢ ᠬᠡᠢᠷᠬᠡᠭᠰᠡᠨ ᠬᠡᠳᠦᠭᠦᠯᠡ ᠮᠠᠨᠢ ᠳᠠᠬᠢᠨ ᠶᠠᠷᠢᠯᠴᠠᠨ ᠬᠥᠭᠡᠷᠦᠯᠳᠦᠭᠰᠡᠭᠡᠷ ᠶᠠᠪᠤᠨ᠎ᠠ᠃
ᠣᠩᠭᠤᠴᠠᠨ᠎ᠤ ᠲᠣᠯᠤᠭᠠᠢ ᠳᠡᠭᠡᠷ᠎ᠡ ᠭᠡᠳᠡᠷᠭᠦ ᠬᠠᠨᠳᠤᠵᠤ ᠰᠠᠭᠤᠭᠰᠠᠨ ᠨᠢᠭᠡ ᠡᠮᠡᠭᠲᠡᠢ: 《ᠲᠡᠳᠡ ᠪᠢᠳᠡᠨ᠎ᠢ ᠬᠠᠷᠠᠴᠢᠬᠠᠭᠠᠳ ᠣᠢᠰᠢᠶᠠᠬᠤᠴᠤᠦᠭᠡᠢ ᠪᠠᠢᠭᠰᠠᠨ᠎ᠢ ᠦᠵᠡᠭᠡᠴᠢ ᠳ᠋ᠡ !》 ᠭᠡᠬᠦ᠎ᠳᠦ ᠨᠥᠭᠦᠭᠡ᠎ᠨᠢ:
《ᠲᠡᠢᠮᠦ᠂ ᠶᠠᠭ᠎ᠯᠠ ᠪᠢᠳᠡ ᠲᠡᠳᠡᠨ᠎ᠦ ᠨᠢᠭᠤᠷ᠎ᠢ᠎ᠨᠢ ᠪᠠᠷᠠᠴᠢᠬᠠᠭᠰᠠᠨᠶᠤᠮᠰᠢᠭ᠋ᠯᠠ》 ᠭᠡᠨ᠎ᠡ᠃
ᠲᠡᠳᠡ ᠥᠪᠡᠷᠰᠡᠳᠢᠶᠡᠨᠴᠦ ᠢᠨᠢᠶᠡᠵᠡᠭᠡᠭᠡᠳ᠂ ᠥᠨᠥᠳᠦᠷ᠎ᠦᠨ ᠶᠠᠪᠤᠳᠠᠯᠴᠤ ᠲᠡᠢᠮᠦ ᠥᠩᠭᠡ ᠭᠡᠷᠡᠯᠲᠡᠢ ᠪᠢᠰᠢᠯᠡ ᠳ᠋ᠡ᠂ ᠭᠡᠪᠡᠴᠦ -
《ᠪᠢᠳᠡᠨ᠎ᠳᠦ ᠫᠤᠤ ᠪᠠᠢᠭᠰᠠᠨᠦᠭᠡᠢᠶᠤᠮᠴᠢᠨᠢ᠂ ᠫᠤᠤᠲᠠᠢᠰᠠᠨ ᠪᠣᠯ ᠯᠢᠩᠬᠤ᠎ᠠ ᠴᠡᠴᠡᠭᠲᠦ ᠪᠢᠯᠬᠠᠮᠠᠯ ᠤᠷᠤᠭᠤ ᠳᠤᠲᠠᠭᠠᠬᠤ᠎ᠦᠭᠡᠢ᠂ ᠰᠢᠭᠤᠳ ᠲᠣᠮᠤ ᠪᠢᠯᠬᠠᠮᠠᠯ᠎ᠤᠨ ᠳᠣᠲᠤᠷ᠎ᠠ ᠴᠢᠳᠭᠦᠷᠦᠳᠲᠡᠢ ᠦᠵᠡᠯᠴᠡᠬᠦ ᠪᠠᠢᠭᠰᠠᠨ᠎ᠶᠤᠮ!》
《ᠪᠠᠢᠯᠳᠤᠨ ᠲᠤᠯᠤᠯᠳᠤᠬᠤ᠎ᠶᠢ ᠪᠢ ᠥᠨᠥᠳᠦᠷ ᠣᠯᠵᠤ ᠦᠵᠡᠯ᠎ᠡ᠃ ᠳᠣᠯᠤᠭ᠎ᠠ ᠬᠢᠨ᠎ᠡ ᠭᠡᠳᠡᠭ᠎ᠴᠢᠨᠢ ᠲᠡᠢᠮᠦᠯᠡ ᠠᠢᠬᠤᠪᠲᠤᠷ ᠶᠠᠭᠤᠮ᠎ᠠ ᠪᠢᠰᠢ ᠳ᠋ᠡ᠂ ᠵᠥᠪᠬᠡᠨ ᠵᠣᠷᠢᠭᠲᠠᠢᠯᠠ ᠪᠠᠢᠳᠠᠭ᠎ᠶᠤᠮ ᠪᠣᠯ᠂ ᠲᠡᠨᠳᠡ ᠬᠡᠪᠲᠡᠭᠡᠳ ᠭᠠᠯᠯᠠᠬᠤ᠎ᠶᠢ ᠬᠡᠨ ᠴᠢᠳᠠᠬᠤ᠎ᠦᠭᠡᠢ ᠪᠤᠢ ᠳ᠋ᠠ !》
《ᠣᠩᠭᠤᠴᠠ᠎ᠶᠢ ᠴᠣᠬᠢᠭᠠᠳ ᠵᠢᠪᠪᠦᠭᠦᠯᠴᠢᠬᠡᠪᠡᠯ ᠪᠢ᠎ᠴᠦ ᠭᠡᠰᠡᠨ ᠤᠰᠤᠨ᠎ᠳᠤ ᠣᠷᠤᠭᠠᠳ ᠶᠠᠭᠤᠮ᠎ᠠ ᠱᠦᠭᠦᠵᠦ ᠴᠢᠳᠠᠨ᠎ᠠ᠃ ᠪᠢ ᠤᠰᠤᠨ᠎ᠳᠠᠭᠠᠨ ᠲᠡᠳᠡᠨ᠎ᠡᠴᠡ ᠬᠠᠮᠢᠶ᠎ᠠ᠎ᠦᠭᠡᠢ ᠰᠠᠢᠨ᠃ ᠲᠡᠭᠦᠨ᠎ᠡᠴᠡ ᠭᠦᠨ ᠪᠣᠯᠤᠭᠰᠠᠨ᠎ᠴᠤ ᠠᠶᠤᠬᠤ᠎ᠦᠭᠡᠢ᠃ 》
《ᠱᠦᠢ ᠱᠧᠩ ᠪᠡᠷᠭᠡᠨ ᠡ᠂ ᠬᠠᠷᠢᠭᠠᠳ ᠪᠢᠳᠡ ᠪᠠᠰᠠ ᠳᠤᠭᠤᠢᠯᠠᠩ ᠪᠠᠢᠭᠤᠯᠵᠠᠭᠠᠶᠠ᠃ ᠲᠡᠭᠡᠬᠦ᠎ᠦᠭᠡᠢ ᠪᠣᠯ ᠪᠢᠳᠡ ᠮᠥᠨ ᠭᠠᠳᠠᠭᠰᠢ ᠭᠠᠷᠴᠤ ᠴᠢᠳᠠᠬᠤ᠎ᠦᠭᠡᠢ ᠰᠢᠦ᠃ 》
《ᠰᠠᠶᠢ ᠴᠡᠷᠢᠭ᠎ᠲᠦ ᠣᠷᠤᠮᠠᠭᠴᠠ᠎ᠪᠠᠨ ᠮᠠᠨᠢ ᠣᠢᠰᠢᠶᠠᠬᠤ᠎ᠦᠭᠡᠢ ᠪᠣᠯᠴᠢᠬᠠᠯ᠎ᠠ᠃ ᠨᠢᠭᠡ ᠬᠣᠶᠠᠷ ᠵᠢᠯ᠎ᠦᠨ ᠳᠠᠷᠠᠭ᠎ᠠ ᠪᠢᠳᠡᠨ᠎ᠢ ᠤᠯᠠᠮ ᠰᠣᠬᠤᠷ ᠵᠣᠭᠤᠰᠴᠤ ᠬᠦᠷᠬᠦ᠎ᠦᠭᠡᠢ᠎ᠪᠡᠷ ᠦᠵᠡᠬᠦ ᠪᠠᠢᠬᠤ᠃ ᠴᠣᠬᠤᠮ ᠬᠡᠨ᠎ᠨᠢ ᠬᠡᠨᠡᠴᠡᠪᠡᠨ ᠬᠣᠴᠤᠷᠤᠭᠠᠳ ᠬᠠᠮᠢᠭ᠎ᠠ ᠬᠦᠷᠬᠦ ᠪᠤᠢ ᠳ᠋ᠠ !》
ᠡᠨᠡ ᠵᠢᠯ᠎ᠦᠨ ᠨᠠᠮᠤᠷ ᠲᠡᠳᠡ ᠫᠤᠤᠳᠠᠯᠭ᠎ᠠ ᠬᠢᠵᠦ ᠰᠤᠷᠤᠯ᠎ᠠ᠃ ᠡᠪᠦᠯ᠎ᠨᠢ ᠮᠥᠰᠦ ᠬᠠᠭᠠᠯᠵᠤ ᠵᠢᠭᠠᠰᠤ ᠱᠦᠭᠦᠬᠦ ᠦᠶ᠎ᠡ᠎ᠪᠡᠷ ᠲᠡᠳᠡ ᠴᠥᠮ ᠴᠢᠷᠭᠠᠪᠠᠷᠢᠶᠠᠨ ᠨᠠᠰᠢ ᠴᠠᠰᠢ ᠰᠦᠯᠵᠢᠵᠦ ᠰᠡᠷᠭᠡᠢᠯᠡᠵᠡᠭᠡᠵᠦ ᠪᠠᠢᠯ᠎ᠠ᠃ ᠳᠠᠢᠰᠤᠨ ᠲᠡᠷᠡ᠎ᠬᠦ ᠬᠤᠯᠤᠰᠤᠲᠤ ᠨᠠᠮᠤᠭᠢ 《ᠪᠦᠰᠡᠯᠡᠨ ᠱᠦᠭᠦᠷᠳᠡᠬᠦ》 ᠦᠶ᠎ᠡ᠎ᠳᠦ ᠲᠡᠳᠡ᠂ ᠠᠬ᠎ᠠ ᠳᠡᠭᠦᠦ ᠪᠠᠢᠯᠳᠤᠭᠴᠢᠳᠲᠠᠢᠪᠠᠨ ᠬᠠᠮᠲᠤᠷᠠᠨ ᠪᠠᠢᠯᠳᠤᠬᠤ᠎ᠨᠢ ᠲᠡᠷᠡ ᠶᠡᠬᠡ ᠬᠤᠯᠤᠰᠤᠨ ᠳᠠᠯᠠᠢ᠎ᠳᠤ ᠬᠠᠷᠠᠭᠳᠠᠵᠤ ᠪᠠᠢᠭᠰᠠᠨ ᠪᠢᠯᠡ᠃
1945 ᠣᠨ᠎ᠠ ᠶᠠᠨ ᠠᠨ᠎ᠳᠤ