ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠶᠠᠭᠠᠷᠮᠠᠭ᠎ᠲᠤ

ᠾᠧ ᠱᠢ ᠭᠤᠸᠠᠩ

ᠦᠮᠧᠩᠱᠠᠨ ᠠᠭᠤᠯᠠᠨ᠎ᠳᠠᠬᠢ ᠪᠢᠴᠢᠬᠠᠨ ᠵᠡᠭᠡᠯᠢ - ᠯᠢ ᠬᠤᠸᠠ ᠲᠦᠨ ᠲᠣᠰᠭᠤᠨ᠎ᠳᠤ᠎ᠮᠠᠨᠢ ᠠᠷᠢᠬᠢᠨ᠎ᠳᠤ ᠣᠷᠤᠵᠤ ᠬᠥᠷᠦᠩᠭᠡ᠎ᠪᠡᠨ ᠬᠥᠨᠲᠦᠷᠦᠭᠰᠡᠨ᠂ ᠳᠥᠴᠢ ᠭᠠᠷᠤᠢ ᠨᠠᠰᠤᠲᠠᠢ᠂ ᠪᠡᠶ᠎ᠡ ᠪᠢᠯᠳᠠᠷ ᠶᠡᠬᠡᠲᠡᠢ ᠹᠧᠩ ᠶᠣᠣ ᠪᠠ ᠭᠡᠳᠡᠭ ᠬᠦᠨᠳᠦ᠎ᠪᠡᠨ ᠪᠠᠷᠠᠭᠰᠠᠨ ᠨᠢᠭᠡᠨ ᠲᠠᠷᠢᠶᠠᠴᠢᠨ ᠰᠠᠭᠤᠵᠤ ᠪᠠᠢᠳᠠᠭ᠃ ᠵᠢᠯ᠎ᠦᠨ ᠭᠤᠷᠪᠠᠨ ᠵᠠᠭᠤ ᠵᠢᠷᠠᠨ ᠲᠠᠪᠤᠨ ᠬᠣᠨᠤᠭ᠎ᠲᠤ ᠶᠠᠭᠠᠬᠢᠵᠤ᠎ᠴᠤ ᠶᠠᠪᠤᠳᠠᠭ᠎ᠢ᠎ᠨᠢ ᠣᠢᠷ᠎ᠠ᠎ᠶᠢᠨ ᠵᠢᠯ᠎ᠦᠳ᠎ᠲᠦ ᠮᠡᠳᠡᠬᠦ ᠬᠥᠮᠦᠨ ᠪᠠᠷᠤᠭ᠎ᠦᠭᠡᠢ ᠪᠣᠯᠤᠭᠰᠠᠨ᠎ᠶᠤᠮ᠎ᠴᠢᠨᠢ ᠶᠠᠭᠠᠷᠮᠠᠭ᠎ᠲᠤ ᠶᠠᠭᠠᠬᠢᠵᠤ ᠶᠠᠪᠤᠳᠠᠭ᠎ᠢ ᠨᠡᠩ᠎ᠴᠦ ᠳᠤᠷᠠᠳᠬᠤ᠎ᠶᠢᠨ ᠬᠡᠷᠡᠭ ᠠᠯᠠᠭ᠎ᠠ᠃ ᠣᠳᠣ ᠬᠠᠷᠢᠨ ᠲᠡᠭᠦᠨ᠎ᠢ ᠬᠠᠮᠢᠭ᠎ᠠ᠎ᠠᠴᠠ ᠣᠯᠵᠤ ᠢᠷᠡᠭᠰᠡᠨ᠎ᠢ ᠪᠤᠤ ᠮᠡᠳᠡ᠂ ᠭᠱᠠᠨ ᠵᠠᠭᠤᠷ᠎ᠠ ᠣᠯᠳᠠᠰᠢ᠎ᠦᠭᠡᠢ ᠣᠷᠬᠣᠳᠠᠢ ᠪᠣᠯᠴᠢᠬᠠᠭᠠᠳ᠂ ᠬᠣᠶᠠᠷ ᠡᠮᠡᠭᠲᠡᠢ᠎ᠶᠢᠨ ᠬᠡᠷᠡᠭᠦᠯ ᠵᠢᠭᠤᠷᠠᠭᠠᠨ᠎ᠤ ᠭᠡᠷᠡᠴᠢ ᠭᠡᠵᠦ ᠳᠤᠮᠳᠠ᠎ᠨᠢ ᠵᠣᠭᠰᠤᠭᠠᠳ᠂ ᠨᠠᠮ᠎ᠤᠨ ᠡᠭᠦᠷ᠎ᠦᠨ ᠳᠠᠷᠤᠭ᠎ᠠ᠎ᠶᠢᠨ ᠥᠭᠡᠳᠡ᠎ᠡᠴᠡ ᠢᠷᠵᠠᠢᠨ ᠢᠨᠢᠶᠡᠬᠦ᠎ᠨᠢ ᠨᠡᠭᠡᠷᠡᠨ ᠢᠨᠢᠶᠡᠳᠦ ᠬᠦᠷᠭᠡᠮᠡᠷ ᠠᠵᠢ!

《ᠹᠧᠩ ᠶᠣᠣ ᠪᠠ! ᠴᠢ ᠰᠠᠶᠢ ᠪᠠᠭ᠎ᠠ ᠰᠤᠷᠭᠠᠭᠤᠯᠢ᠎ᠶᠢᠨ ᠡᠷᠲᠡ᠎ᠶᠢᠨ ᠬᠣᠭᠤᠯᠠᠨ᠎ᠤ ᠵᠠᠪᠰᠠᠷᠯᠠᠭ᠎ᠠ᠎ᠶᠢᠨ ᠦᠶ᠎ᠡ᠎ᠪᠡᠷ ᠶᠠᠭᠠᠷᠮᠠᠭ᠎ᠤᠨ ᠳᠡᠷᠭᠡᠳᠡᠭᠦᠷ ᠦᠬᠡᠷ ᠬᠥᠲᠦᠯᠵᠦ ᠭᠠᠷᠪᠠ᠎ᠤᠤ᠎ᠦᠭᠡᠢ᠎ᠤᠤ?》

ᠡᠭᠦᠷ᠎ᠦᠨ ᠳᠠᠷᠤᠭ᠎ᠠ ᠼᠣᠣ ᠹᠦ ᠭᠦᠢ ᠢᠩᠭᠢᠵᠦ ᠠᠰᠠᠭᠤᠯ᠎ᠠ᠃ ᠬᠡᠷᠡᠭ ᠶᠠᠪᠤᠳᠠᠯ ᠶᠠᠭᠠᠷᠮᠠᠭ᠎ᠲᠤ ᠭᠠᠷᠤᠭᠰᠠᠨ ᠲᠤᠯᠠ ᠴᠣᠬᠤᠮ᠎ᠳᠠᠭᠠᠨ ᠼᠣᠣ ᠳᠠᠷᠤᠭ᠎ᠠ ᠪᠤᠶᠤ ᠡᠰᠡᠬᠦᠯ᠎ᠡ ᠶᠠᠭᠠᠷᠮᠠᠭ ᠳᠡᠭᠡᠷᠡᠬᠢ ᠰᠦᠩ ᠳᠠᠷᠤᠭ᠎ᠠ᠎ᠶᠢ ᠡᠷᠢᠵᠦ ᠪᠠᠢᠭᠠᠳ ᠡᠨᠡ ᠬᠡᠷᠡᠭ᠎ᠢ ᠰᠢᠳᠭᠡᠭᠦᠯᠬᠦ᠎ᠨᠢ ᠵᠦᠢᠲᠡᠢ᠃ ᠭᠡᠪᠡᠴᠦ ᠼᠣᠣ ᠳᠠᠷᠤᠭ᠎ᠠ ᠪᠣᠯ ᠯᠦᠸᠧ ᠡᠯ ᠨᠢᠶᠠᠩ᠎ᠢ ᠥᠮᠦᠭᠡᠷᠡᠳᠡᠭ ᠭᠡᠰᠡᠨ᠎ᠢ ᠳᠡᠷᠭᠡᠳᠡ᠎ᠨᠢ ᠪᠠᠢᠭᠰᠠᠨ ᠬᠥᠮᠦᠰ ᠴᠥᠮ ᠰᠠᠢᠨ ᠮᠡᠳᠡᠨ᠎ᠡ᠃ ᠹᠧᠩ ᠶᠣᠣ ᠪᠠ᠎ᠲᠠᠢ ᠨᠠᠰᠤ ᠬᠤᠷᠠᠭ ᠡᠨᠡ ᠡᠭᠦᠷ᠎ᠦᠨ ᠳᠠᠷᠤᠭ᠎ᠠ ᠠᠰ ᠡᠩᠭᠡᠷ᠎ᠲᠡᠢ ᠬᠤᠪᠴᠠᠰᠤ ᠡᠮᠦᠰᠴᠦ᠂ ᠴᠠᠭᠠᠨ ᠠᠯᠴᠢᠭᠤᠷ᠎ᠢᠶᠠᠷ ᠲᠣᠯᠤᠭᠠᠢ᠎ᠪᠠᠨ ᠣᠷᠢᠶᠠᠭᠰᠠᠨ᠂ ᠲᠠᠷᠢᠶᠠᠴᠢᠨ ᠮᠠᠶᠢ᠍ᠭ ᠲᠣᠳᠤᠷᠬᠠᠢ ᠪᠣᠯᠪᠠᠴᠤ ᠮᠠᠰᠢ ᠲᠥᠪᠯᠡᠭᠦᠨ ᠬᠥᠮᠦᠨ᠎ᠶᠦᠮ! ᠨᠢᠳᠦ ᠬᠠᠶᠠᠮᠠᠭᠴᠠ ᠨᠡᠪᠲᠡ ᠰᠢᠪᠲᠤ ᠬᠠᠷᠠᠭᠳᠠᠬᠤ ᠪᠢᠴᠢᠬᠠᠨ ᠵᠡᠭᠡᠯᠢ᠎ᠶᠢ ᠳᠠᠭᠠᠨ ᠰᠢᠬᠠᠯᠳᠤᠨ ᠰᠠᠭᠤᠭᠰᠠᠨ ᠯᠢ ᠬᠤᠸᠠ ᠲᠣᠰᠭᠤᠨ᠎ᠤ ᠬᠥᠮᠦᠰ ᠬᠡᠨ᠎ᠨᠢ ᠬᠡᠨ᠎ᠦ᠎ᠪᠡᠨ ᠪᠠᠢᠳᠠᠯ᠎ᠢ ᠮᠡᠳᠡᠬᠦ᠎ᠦᠭᠡᠢ ᠪᠤᠢ?

ᠹᠧᠩ ᠶᠣᠣ ᠪᠠ ᠨᠢᠳᠦ᠎ᠪᠡᠨ ᠠᠨᠢᠪᠴᠢᠵᠤ ᠥᠷᠪᠦᠭᠡᠷ ᠭᠡᠵᠢᠭᠡ᠎ᠪᠡᠨ ᠮᠠᠭᠠᠵᠢᠯᠬᠢᠯᠠᠭᠰᠠᠭᠠᠷ:

《ᠠᠢᠯ ᠠᠢᠮᠠᠭ ᠰᠠᠭᠤᠵᠤ ᠪᠠᠢᠭᠠᠳ ᠴᠢᠩᠭᠢᠵᠦ ᠮᠠᠭᠤᠬᠠᠢ ᠬᠡᠷᠡᠯᠳᠦᠬᠦ᠎ᠶᠦᠮ᠎ᠦᠦ ᠳ᠋ᠠ !》 ᠭᠡᠵᠦ ᠮᠠᠷᠵᠠᠩᠨᠠᠨ ᠬᠡᠯᠡᠬᠦ᠎ᠳᠦ ᠬᠥᠮᠦᠰ ᠲᠡᠰᠴᠦ ᠶᠠᠳᠠᠨ ᠳᠦᠷᠬᠢᠷᠡᠲᠡᠯ᠎ᠡ ᠢᠨᠢᠶᠡᠯᠳᠦᠨ᠎ᠡ᠃

ᠡᠷᠲᠡ᠎ᠶᠢᠨ ᠬᠣᠭᠤᠯᠠ᠎ᠪᠠᠨ ᠢᠳᠡᠵᠦ ᠪᠠᠷᠠᠭᠠᠳ ᠪᠠᠢᠭᠰᠠᠨ ᠲᠤᠯᠠ ᠲᠣᠰᠭᠤᠨ᠎ᠤ ᠤᠯᠤᠰ᠎ᠤᠨ ᠬᠠᠭᠠᠰ᠎ᠨᠢ ᠡᠨᠡ ᠨᠠᠷᠢᠨ ᠵᠡᠭᠡᠯᠢ ᠳᠡᠭᠡᠷ᠎ᠡ ᠴᠤᠭᠯᠠᠵᠤ ᠶᠠᠭᠠᠷᠮᠠᠭ᠎ᠲᠤ ᠭᠠᠷᠤᠭᠰᠠᠨ ᠥᠨᠥ ᠬᠡᠷᠡᠭ᠎ᠢ ᠰᠣᠨᠢᠷᠬᠠᠨ ᠦᠢᠮᠡᠯᠳᠦᠵᠡᠭᠡᠨ᠎ᠡ᠃ ᠪᠠᠭ᠎ᠠ ᠲᠣᠰᠭᠤᠨ᠎ᠳᠤ ᠬᠡᠷᠡᠭ ᠵᠠᠷᠭᠤ ᠭᠠᠷᠪᠠᠯ ᠬᠡᠨ ᠠᠯᠢᠨ᠎ᠴᠤ ᠴᠢᠷᠦᠭᠳᠡᠵᠦ ᠮᠡᠳᠡᠬᠦ᠎ᠶᠢᠨ ᠳᠡᠭᠡᠷ᠎ᠡ᠂ ᠶᠠᠭᠠᠷᠮᠠᠭ᠎ᠲᠤ ᠦᠵᠡᠵᠦ ᠬᠠᠷᠠᠮᠠᠷ ᠶᠠᠭᠤᠮ᠎ᠠ ᠳᠡᠩᠳᠡᠭᠦᠦ ᠴᠥᠭᠡᠨ ᠪᠠᠢᠬᠤ᠎ᠳᠠᠭᠠᠨ᠎ᠯᠠ ᠢᠩᠭᠢᠵᠦ ᠪᠠᠢᠭ᠎ᠠ ᠪᠢᠵᠡ! ᠥᠨᠥ ᠹᠧᠩ ᠶᠣᠣ ᠪᠠ ᠬᠠᠷᠢᠨ ᠵᠠᠯᠢ ᠮᠡᠬᠡ ᠭᠠᠷᠭᠠᠵᠤ ᠪᠠᠢᠭ᠎ᠠ ᠪᠢᠰᠢ ᠪᠣᠯ᠎ᠤᠤ? ᠠᠷᠠᠢ ᠲᠡᠢᠮᠦ ᠰᠠᠢᠨ ᠭᠡᠷᠡᠴᠢ ᠪᠣᠯᠵᠤ ᠴᠢᠳᠠᠬᠤ ᠭᠡᠵᠦ᠎ᠦᠦ ᠳ᠋ᠠ !

《ᠬᠦᠢ! ᠴᠢ ᠬᠡᠯᠡᠭᠡᠴᠢ ᠳ᠋ᠠ᠂ ᠭᠠᠷᠪᠠ᠎ᠤᠤ᠎ᠦᠭᠡᠢ᠎ᠤᠤ?》

《᠁ ᠡᠷᠲᠡ᠎ᠶᠢᠨ ᠬᠣᠭᠤᠯᠠᠨ᠎ᠳᠤ᠎ᠤᠤ?》

《ᠡᠷᠲᠡ᠎ᠶᠢᠨ ᠬᠣᠭᠤᠯᠠᠨ᠎ᠤ ᠵᠠᠪᠰᠠᠷᠯᠠᠭ᠎ᠠ᠎ᠶᠢᠨ ᠦᠶ᠎ᠡ᠎ᠪᠡᠷ!》

《᠎ᠤᠤ᠂ ᠦᠬᠡᠷ ᠬᠥᠲᠦᠯᠦᠭᠡᠳ᠎ᠦᠦ?》

《ᠲᠡᠢᠮᠦ!》

ᠹᠧᠩ ᠶᠣᠣ ᠪᠠ ᠢᠴᠡᠩᠭᠦᠷᠡᠭᠰᠡᠨ ᠮᠠᠶᠢ᠍ᠭ᠎ᠲᠠᠢ ᠲᠣᠯᠤᠭᠠᠢ᠎ᠪᠠᠨ ᠮᠠᠭᠠᠵᠢᠭᠰᠠᠭᠠᠷ ᠳᠠᠷᠪᠠᠢᠨ ᠢᠨᠢᠶᠡᠬᠦ᠎ᠳᠦ ᠣᠯᠠᠨ᠎ᠢᠶᠠᠷ᠎ᠢᠶᠠᠨ ᠳᠦᠷᠬᠢᠷᠡᠲᠡᠯ᠎ᠡ ᠢᠨᠢᠶᠡᠯᠳᠦᠪᠡ᠃

ᠡᠨᠡ ᠦᠶ᠎ᠡ᠎ᠳᠦ᠂ ᠳᠡᠷᠭᠡᠳᠡ᠎ᠨᠢ ᠪᠠᠢᠭᠰᠠᠨ ᠫᠠᠭᠳᠠᠭᠠᠷ ᠲᠠᠷᠭᠤᠨ ᠡᠬᠡᠨᠡᠷ ᠯᠦᠸᠧ ᠡᠯ ᠨᠢᠶᠠᠩ ᠴᠠᠭᠠᠲᠤᠬᠢ ᠲᠤᠷᠠᠩᠬᠠᠢ ᠡᠮᠡᠭᠲᠡᠢ᠎ᠳᠦ ᠵᠣᠷᠢᠭᠤᠯᠤᠨ ᠬᠦᠢᠲᠡᠨ᠎ᠢᠶᠡᠷ ᠢᠨᠢᠶᠡᠭᠡᠳ:

《ᠹᠧᠩ ᠶᠣᠣ ᠪᠠ ᠡ᠂ ᠬᠡᠷᠡᠯᠳᠦᠬᠦ ᠦᠶ᠎ᠡ᠎ᠳᠦ ᠴᠢᠮᠠᠢ ᠬᠠᠷᠠᠵᠤ ᠪᠠᠢᠭᠰᠠᠨ ᠭᠡᠵᠦ ᠬᠥᠮᠦᠨ ᠬᠡᠯᠡᠵᠦ ᠪᠠᠢᠨ᠎ᠠ ᠰᠢᠤ! ᠮᠠᠨ᠎ᠤ ᠯᠦᠸᠧ ᠣᠪᠤᠭᠲᠤ᠎ᠶᠢᠨ ᠬᠢ᠎ᠶᠢ ᠬᠣᠶᠠᠷᠬᠠᠨ ᠮᠥᠩᠭᠦ ᠵᠣᠭᠤᠰᠤᠨ᠎ᠳᠤ ᠨᠢᠳᠦ ᠤᠯᠠᠢᠳᠠᠭ ᠣᠯᠢᠭ᠎ᠦᠭᠡᠢ ᠠᠮᠢᠲᠠᠨ ᠭᠡᠵᠦ ᠳᠣᠷᠤᠰᠢᠶᠠᠨ ᠦᠵᠡᠵᠦ ᠴᠣᠬᠢᠨ᠎ᠠ᠎ᠤᠤ ᠁》 ᠭᠡᠨ᠎ᠡ᠃

ᠡᠨᠡ ᠡᠮ᠎ᠡ ᠠᠮᠠ ᠨᠡᠭᠡᠭᠡᠬᠦ᠎ᠲᠡᠢ ᠵᠡᠷᠭᠡ ᠹᠧᠩ ᠶᠣᠣ ᠪᠠ᠎ᠠᠴᠠ ᠪᠣᠯᠤᠭᠰᠠᠨ ᠳᠦᠷᠭᠢᠶᠡᠨ ᠨᠠᠮᠳᠠᠴᠢᠬᠠᠯ᠎ᠠ᠃ ᠡᠨᠡ ᠬᠡᠷᠡᠭ᠎ᠦᠨ ᠲᠤᠬᠠᠢ ᠣᠯᠠᠨ᠎ᠢᠶᠠᠷ᠎ᠢᠶᠠᠨ ᠠᠷᠭ᠎ᠠ ᠠᠯᠳᠠᠷᠠᠨ ᠪᠤᠬᠢᠨᠢᠳᠤᠨ᠎ᠠ᠃ ᠡᠨᠡ ᠬᠡᠳᠦᠨ ᠵᠢᠯ᠎ᠳᠦ᠂ ᠯᠦᠸᠧ ᠡᠯ ᠨᠢᠶᠠᠩ᠎ᠤᠨ ᠳᠠᠭᠤ᠎ᠶᠢ ᠰᠣᠨᠤᠰᠤᠮᠠᠭᠴᠠ ᠬᠥᠮᠦᠰ᠎ᠦᠨ ᠳᠣᠲᠤᠷ᠎ᠠ ᠬᠢᠯᠢᠩ ᠲᠥᠷᠦᠵᠦ ᠶᠡᠬᠡᠯ᠎ᠡ ᠵᠢᠪᠡᠭᠦᠬᠡᠨ ᠰᠠᠨᠠᠭᠳᠠᠬᠤ ᠪᠣᠯᠤᠭᠰᠠᠨ᠎ᠶᠤᠮ᠃ ᠡᠨᠡ ᠡᠮ᠎ᠡ᠎ᠶᠢᠨ ᠢᠨᠢᠶᠡᠳᠦ ᠬᠦᠷᠭᠡᠮᠡᠷ ᠶᠠᠪᠤᠵᠤ ᠰᠠᠭᠤᠵᠤ ᠪᠠᠢᠬᠤ ᠰᠢᠨᠵᠢ᠎ᠶᠢ ᠦᠵᠡᠬᠦ᠎ᠦᠭᠡᠢ᠎ᠦᠦ? ᠭᠬᠢᠷᠲᠦᠵᠦ ᠳᠠᠭᠲᠤᠭᠰᠠᠨ ᠬᠣᠶᠠᠷ ᠵᠠᠬ᠎ᠠ ᠲᠠᠩᠽᠢᠷᠤᠩ ᠬᠠᠨᠲᠠᠭᠠᠵᠠ᠎ᠶᠢ ᠰᠤᠭᠰᠤᠷᠴᠤ ᠡᠮᠦᠰᠦᠭᠡᠳ᠂ ᠦᠰᠦ ᠭᠡᠵᠢᠭᠡ᠎ᠪᠡᠨ ᠰᠤᠯᠠ ᠲᠠᠯᠪᠢᠵᠤ ᠨᠢᠭᠤᠷ᠎ᠢᠶᠠᠨ᠎ᠴᠤ ᠤᠭᠢᠶᠠᠭᠰᠠᠨ᠎ᠦᠭᠡᠢ᠎ᠰᠢᠭ᠋ ᠶᠠᠪᠤᠭ᠎ᠠ ᠭᠤᠴᠢᠭᠠᠳ ᠨᠠᠰᠤᠲᠠᠢ ᠡᠨᠡ ᠡᠮ᠎ᠡ᠂ ᠥᠭᠡᠷ᠎ᠡ ᠭᠠᠵᠠᠷ ᠪᠣᠯᠤᠭᠰᠠᠨ ᠪᠣᠯ ᠨᠡᠩ ᠢᠯᠡᠭᠦᠦ ᠣᠯᠠᠨ᠎ᠤ ᠡᠯᠡᠭ ᠪᠣᠯᠬᠤ ᠪᠠᠢᠵᠠᠢ᠃ ᠭᠡᠪᠡᠴᠦ ᠡᠷ᠎ᠡ᠎ᠨᠢ ᠶᠠᠭ ᠶᠠᠭᠠᠷᠮᠠᠭ ᠳᠡᠭᠡᠷᠡᠬᠢ ᠢᠳᠡᠭᠡᠨ᠎ᠦ ᠵᠦᠢᠯ᠎ᠢ ᠬᠤᠳᠠᠯᠳᠤᠨ ᠪᠣᠷᠤᠯᠠᠭᠤᠯᠬᠤ ᠥᠷᠲᠡᠭᠡᠨ᠎ᠦ ᠨᠢᠭᠲᠠᠯᠠᠨ ᠪᠣᠳᠤᠭᠴᠢ ᠪᠥᠭᠡᠳ ᠮᠢᠬ᠎ᠠ ᠬᠤᠳᠠᠯᠳᠤᠳᠠᠭ ᠪᠣᠯᠬᠣᠷ ᠥᠨᠥᠬᠢ ᠡᠮ᠎ᠡ᠎ᠴᠢᠨᠢ ᠬᠠᠷᠢᠨ ᠯᠢ ᠬᠤᠸᠠ ᠲᠦᠨ ᠲᠣᠰᠭᠤᠨ᠎ᠤ ᠶᠠᠭᠠᠷᠮᠠᠭ ᠳᠡᠭᠡᠷ᠎ᠡ ᠠᠪᠠᠢ ᠬᠠᠲᠤᠨ᠎ᠰᠢᠭ᠋ ᠵᠠᠯᠠᠷᠠᠵᠤ ᠪᠠᠢᠨ᠎ᠠ ᠁ ᠲᠡᠷᠡ ᠲᠤᠷᠠᠩᠬᠠᠢ ᠡᠮᠡᠭᠲᠡᠢ ᠪᠤᠶᠤ ᠡᠰᠡᠬᠦᠯ᠎ᠡ ᠲᠡᠭᠦᠨ᠎ᠦ ᠬᠡᠦᠬᠡᠳ᠎ᠢ ᠯᠦᠸᠧ ᠣᠪᠤᠭᠲᠤ᠎ᠶᠢᠨ ᠬᠢᠨ᠎ᠳᠦ ᠬᠠᠯᠳᠠᠨ᠎ᠠ ᠭᠡᠵᠦ ᠬᠡᠨ᠎ᠴᠦ ᠦᠨᠡᠮᠰᠢᠬᠦ᠎ᠦᠭᠡᠢ ᠪᠢᠯᠡ᠃ ᠲᠡᠭᠦᠨ᠎ᠦ ᠡᠷ᠎ᠡ ᠿᠧᠨ ᠯᠣᠣ ᠳ᠋ᠠ ᠪᠣᠯ ᠲᠣᠰᠭᠤᠨ᠎ᠤ ᠪᠠᠭ᠎ᠠ ᠰᠤᠷᠭᠠᠭᠤᠯᠢ᠎ᠳᠤ ᠤᠳᠠᠭᠠᠨ ᠵᠢᠯ ᠪᠠᠭᠰᠢᠯᠠᠵᠤ ᠪᠠᠢᠭ᠎ᠠ ᠨᠣᠮᠤᠬᠠᠨ ᠰᠢᠳᠤᠷᠭᠤ ᠠᠷᠠᠳ᠎ᠤᠨ ᠪᠠᠭᠰᠢ᠎ᠶᠤᠮ᠎ᠴᠢᠨᠢ ᠯᠦᠸᠧ ᠣᠪᠤᠭᠲᠤ᠎ᠶᠢᠨ ᠬᠢᠨ᠎ᠲᠡᠢ ᠶᠠᠭᠠᠬᠢᠵᠤ ᠠᠳᠠᠯᠢᠳᠭᠠᠵᠤ ᠪᠣᠯᠬᠤ ᠪᠢᠯᠡ᠃ ᠬᠥᠮᠦᠰ᠂ ᠶᠠᠭᠠᠷᠮᠠᠭ᠎ᠤᠨ ᠢᠯᠦᠮ ᠵᠢᠯᠦᠮ ᠪᠠᠢᠳᠠᠯ᠎ᠠᠴᠠ ᠰᠠᠯᠤᠭᠠᠳ ᠤᠳᠠᠭᠠᠳᠤᠢ ᠪᠣᠯᠬᠣᠷ ᠲᠤᠰ ᠵᠡᠭᠡᠯᠢ᠎ᠶᠢᠨ ᠬᠢᠨ᠎ᠦ ᠳᠣᠲᠤᠨᠤᠴᠢᠯᠠᠯ ᠪᠠ ᠭᠠᠳᠠᠭᠤᠷᠴᠢᠯᠠᠯ᠎ᠤᠨ ᠰᠡᠳᠭᠢᠯᠭᠡ ᠡᠨᠡ ᠬᠣᠶᠠᠷ ᠡᠮᠡᠭᠲᠡᠢ᠎ᠶᠢᠨ ᠬᠡᠨ᠎ᠳᠦᠨᠢ ᠶᠠᠭᠠᠬᠢᠵᠤ ᠲᠤᠰᠬᠤ᠎ᠶᠢ ᠪᠦᠷ ᠮᠡᠳᠡᠨ᠎ᠡ - ᠡᠨᠡ᠎ᠨᠢ ᠬᠡᠳᠦᠢᠪᠡᠷ ᠬᠠᠷ᠎ᠠ ᠳᠠᠷᠤᠭᠰᠠᠨ᠎ᠰᠢᠭ᠋ ᠬᠠᠴᠢᠨ ᠬᠡᠷᠡᠭ ᠪᠣᠯᠪᠠᠴᠤ ᠬᠠᠳᠠ ᠴᠢᠯᠠᠭᠤ᠎ᠰᠢᠭ᠋ ᠦᠨᠡᠨ ᠪᠣᠳᠠᠲᠠᠢ ᠶᠠᠪᠤᠳᠠᠯ᠎ᠶᠤᠮ - ᠯᠦᠸᠧ ᠡᠯ ᠨᠢᠶᠠᠩ ᠴᠣᠬᠤᠮ ᠬᠥᠮᠦᠨ᠎ᠢ ᠳᠠᠷᠤᠯᠠᠨ ᠳᠣᠷᠤᠮᠵᠢᠯᠠᠵᠤ ᠪᠠᠢᠨ᠎ᠠ ᠭᠡᠰᠡᠨ᠎ᠢ ᠮᠡᠳᠡᠵᠦ ᠪᠠᠢᠭ᠎ᠠ ᠲᠤᠯᠠ ᠪᠦᠷ ᠿᠧᠨ ᠯᠣᠣ ᠳ᠋ᠠ᠎ᠶᠢᠨ ᠡᠬᠡᠨᠡᠷ᠎ᠦᠨ ᠲᠥᠯᠦᠭᠡ ᠰᠠᠨᠠᠭ᠎ᠠ ᠵᠣᠪᠠᠨ᠎ᠠ ᠁

《ᠹᠧᠩ ᠶᠣᠣ ᠪᠠ! ᠲᠠ ᠨᠢᠭᠡ ᠭᠣᠣᠯᠴᠢ ᠦᠭᠡ ᠬᠡᠯᠡᠭᠡᠴᠢ ᠳ᠋ᠠ᠂ ᠮᠢᠨᠦ ᠬᠡᠦᠬᠡᠳ ᠨᠡᠭᠡᠷᠡᠨ ᠴᠣᠬᠢᠭ᠎ᠠ᠎ᠦᠭᠡᠢ ᠁》

ᠿᠧᠨ ᠯᠣᠣ ᠳ᠋ᠠ᠎ᠶᠢᠨ ᠡᠬᠡᠨᠡᠷ ᠹᠧᠩ ᠶᠣᠣ ᠪᠠ᠎ᠶᠢ ᠨᠢᠳᠦ ᠰᠠᠯᠭᠠᠯ᠎ᠦᠭᠡᠢ ᠰᠢᠷᠲᠡᠵᠦ᠂ ᠦᠨᠡᠨ ᠰᠡᠳᠭᠢᠯ᠎ᠡᠴᠡ᠎ᠪᠡᠨ ᠭᠤᠶᠤᠨ᠎ᠠ᠃ ᠪᠠᠭᠰᠢ ᠬᠥᠮᠦᠨ᠎ᠲᠡᠢ ᠰᠠᠭᠤᠭᠰᠠᠨ ᠵᠠᠶᠠᠭ᠎ᠠ ᠮᠠᠭᠤᠲᠠᠢ ᠡᠨᠡ ᠡᠮᠡᠭᠲᠡᠢ ᠣᠯᠠᠨ᠎ᠤ ᠳᠣᠲᠤᠷ᠎ᠠ ᠶᠡᠷᠦ᠎ᠨᠢ ᠬᠥᠮᠦᠨ᠎ᠦ ᠲᠣᠭᠠᠨ᠎ᠳᠤ ᠲᠣᠭᠠᠴᠠᠭᠳᠠᠵᠤ ᠦᠵᠡᠭᠡ᠎ᠦᠭᠡᠢ᠎ᠶᠦᠮ᠃ ᠡᠮᠦᠰᠴᠦ ᠵᠡᠭᠦᠭᠰᠡᠨ ᠬᠤᠪᠴᠠᠰᠤ ᠬᠤᠨᠠᠷ᠎ᠨᠢ ᠶᠠᠭᠠᠷᠮᠠᠭ᠎ᠤᠨ ᠳᠡᠷᠭᠡᠳᠡᠬᠢ ᠮᠠᠢᠵᠢᠭᠢ ᠰᠢᠪᠠᠷ ᠭᠡᠷ᠎ᠲᠡᠢ᠎ᠨᠢ ᠠᠳᠠᠯᠢ ᠲᠡᠯᠡᠨ ᠨᠥᠬᠦᠭᠡᠰᠦ᠎ᠪᠡᠷ ᠳᠦᠭᠦᠷᠴᠡᠢ᠃ ᠴᠢᠷᠠᠢ᠎ᠨᠢ ᠬᠤᠵᠢᠢᠨ ᠰᠢᠷᠠᠯᠠᠵᠤ᠂ ᠡᠷᠡᠦ᠎ᠨᠢ ᠱᠤᠪᠲᠤᠢᠭᠠᠳ᠂ ᠭᠠᠯ᠎ᠨᠢ ᠬᠠᠷᠢᠭᠰᠠᠨ ᠬᠣᠶᠠᠷ ᠨᠢᠳᠦ᠎ᠨᠢ ᠬᠣᠩᠬᠤᠢᠵᠠᠢ᠃ ᠡᠨᠡ ᠡᠬᠡᠨᠡᠷ ᠪᠣᠯ ᠶᠡᠷᠦ᠎ᠡᠴᠡ ᠬᠤᠪᠢ᠎ᠪᠠᠨ ᠰᠠᠬᠢᠵᠤ ᠳᠣᠪᠤ᠎ᠪᠠᠨ ᠪᠣᠷᠤᠯᠠᠭᠤᠯᠵᠤ ᠢᠷᠡᠭᠰᠡᠨ ᠬᠥᠮᠦᠨ᠎ᠶᠦᠮ᠃ ᠬᠡᠷᠪᠡ ᠶᠠᠭ ᠠᠷᠭ᠎ᠠ᠎ᠦᠭᠡᠢ ᠪᠠᠢᠳᠠᠯ᠎ᠳᠤ ᠣᠷᠤᠭᠰᠠᠨ᠎ᠦᠭᠡᠢ᠎ᠯᠠ ᠪᠣᠯ ᠹᠧᠩ ᠶᠣᠣ ᠪᠠ᠎ᠶᠢ ᠢᠩᠭᠢᠵᠦ ᠭᠤᠶᠤᠵᠤ ᠭᠤᠩᠰᠢᠬᠤ᠎ᠦᠭᠡᠢ᠎ᠰᠠᠨ ᠪᠢᠯᠡ᠃

ᠲᠡᠭᠡᠲᠡᠯ᠎ᠠ ᠯᠦᠸᠧ ᠡᠯ ᠨᠢᠶᠠᠩ ᠡᠯᠭᠦᠵᠦ ᠠᠪᠤᠭᠠᠳ:

《ᠴᠣᠬᠢᠭ᠎ᠠ᠎ᠦᠭᠡᠢ ᠭᠡᠨ᠎ᠡ᠎ᠦᠦ! ᠴᠣᠬᠢᠵᠤ ᠭᠦᠢᠴᠡᠭᠡ᠎ᠦᠭᠡᠢ᠎ᠦᠦ? ᠮᠠᠨ᠎ᠤ ᠯᠦᠸᠧ ᠣᠪᠤᠭᠲᠤ᠎ᠶᠢᠨ ᠬᠡᠦᠬᠡᠳ᠎ᠢ ᠡᠨᠡ ᠲᠣᠰᠭᠤᠨ᠎ᠳᠤ ᠲᠣᠯᠤᠭᠠᠢ ᠥᠨᠳᠡᠢᠯᠭᠡᠬᠦ᠎ᠦᠭᠡᠢ ᠰᠠᠨᠠᠭ᠎ᠠ᠎ᠲᠠᠢ᠎ᠤᠤ᠂ ᠴᠢ? ᠁ ᠭᠣᠨᠵᠢ᠎ᠶᠢᠨ ᠵᠣᠭᠤᠭ! ᠴᠢᠮ᠎ᠠ᠎ᠰᠢᠭ᠋ ᠠᠮᠢᠲᠠᠨ ᠲᠡᠷᠡ ᠵᠣᠷᠢᠯᠭ᠎ᠠ᠎ᠳᠤ ᠬᠦᠷᠬᠦ᠎ᠳᠦ ᠬᠣᠯᠠ ᠪᠠᠢᠨ᠎ᠠ ᠁》 ᠭᠡᠪᠡ᠃

ᠡᠨᠡ ᠡᠮ᠎ᠡ ᠨᠢᠭᠡ ᠴᠠᠭ ᠬᠠᠷᠢᠶᠠᠯ ᠲᠠᠯᠪᠢᠬᠤ᠎ᠦᠭᠡᠢ᠎ᠶᠤᠮ ᠪᠣᠯ ᠨᠡᠷ᠎ᠡ ᠨᠢᠭᠤᠷ᠎ᠢᠶᠠᠨ ᠭᠡᠭᠡᠭᠰᠡᠨ᠎ᠰᠢᠭ ᠪᠣᠳᠤᠳᠠᠭ᠃ ᠲᠡᠷᠡ ᠿᠧᠨ ᠯᠣᠣ ᠳ᠋ᠠ᠎ᠶᠢᠨ ᠡᠭᠦᠳᠡᠨ᠎ᠳᠦ ᠣᠴᠢᠭᠠᠳ ᠬᠠᠷᠢᠶᠠᠵᠤ ᠬᠠᠷᠢᠶᠠᠭᠠᠳ ᠶᠠᠪᠤᠵᠤ ᠪᠠᠢᠭ᠎ᠠ᠎ᠨᠢ ᠡᠨᠡ᠎ᠶᠦᠮ᠃ 《ᠮᠢᠨᠦ ᠬᠡᠦᠬᠡᠳ᠎ᠢ ᠵᠡᠭᠡᠯᠢ᠎ᠶᠢᠨ ᠲᠡᠷᠡ ᠡᠮᠴᠢ᠎ᠳᠦ ᠦᠵᠡᠭᠦᠯᠵᠦ ᠡᠮ ᠳᠣᠮ ᠠᠪᠴᠤ ᠥᠭ᠃ ᠵᠣᠭᠤᠰ ᠵᠤᠭ᠎ᠠ᠎ᠶᠢ᠎ᠨᠢ ᠪᠦᠷ ᠴᠢ ᠭᠠᠷᠭ᠎ᠠ᠃ ᠯᠢ ᠬᠤᠸᠠ ᠲᠦᠨ᠎ᠦ ᠡᠮᠴᠢ ᠵᠠᠰᠠᠭᠠᠳ ᠳᠡᠢᠯᠬᠦ᠎ᠦᠭᠡᠢ ᠪᠣᠯ ᠰᠢᠶᠠᠨ᠂ ᠲᠤᠰᠭᠠᠢ ᠣᠷᠤᠨ᠂ ᠮᠤᠵᠢ᠎ᠳᠤ ᠠᠪᠠᠴᠢᠵᠤ ᠡᠮᠨᠡᠭᠦᠯᠵᠦ ᠥᠭ!》 ᠭᠡᠵᠦ ᠿᠧᠨ ᠯᠣᠣ ᠳ᠋ᠠ᠎ᠶᠢᠨ ᠡᠬᠡᠨᠡᠷ᠎ᠲᠦ ᠠᠭᠰᠤᠷᠪᠠ᠃ ᠡᠨᠡ ᠡᠮ᠎ᠡ ᠬᠠᠯᠲᠤᠰᠬᠢᠪᠠᠯ ᠬᠥᠮᠦᠨ᠎ᠢ ᠳᠠᠷᠤᠵᠤ ᠠᠪᠬᠤ ᠭᠡᠵᠦ ᠣᠷᠤᠯᠳᠤᠳᠠᠭ᠎ᠶᠤᠮ᠃ ᠬᠣᠣᠷ ᠬᠥᠷ᠎ᠢ᠎ᠨᠢ ᠦᠵᠡᠬᠦ᠎ᠦᠭᠡᠢ᠎ᠦᠦ? ᠬᠡᠷᠡᠭ ᠵᠠᠷᠭᠤ ᠦᠨᠡᠨ ᠶᠡᠬᠡᠳᠪᠡᠯ ᠬᠥᠭᠡᠷᠦᠬᠦᠢ ᠡᠨᠡ ᠶᠠᠳᠠᠭᠤ ᠪᠦᠰᠡᠭᠦᠢ ᠶᠠᠭᠠᠬᠢᠳᠠᠭ᠎ᠴᠤ ᠪᠢᠯᠡ?

《ᠯᠦᠸᠧ ᠡᠯ ᠨᠢᠶᠠᠩ ᠡ᠂ ᠬᠡᠷᠡᠯᠳᠦᠭᠡᠳ ᠶᠠᠮᠠᠷ ᠲᠤᠰᠠ ᠭᠠᠷᠬᠤ ᠪᠤᠢ》 ᠭᠡᠵᠦ ᠼᠣᠣ ᠳᠠᠷᠤᠭ᠎ᠠ ᠠᠭᠠᠵᠢᠮᠬᠠᠨ ᠬᠡᠯᠡᠵᠦ ᠬᠣᠷᠢᠭᠯᠠᠯ᠎ᠠ᠃ ᠲᠡᠭᠦᠨ᠎ᠦ ᠤᠬᠠᠭᠠᠨ ᠶᠠᠷᠢᠶᠠᠨ᠎ᠦᠭᠡᠢ ᠯᠦᠸᠧ ᠡᠯ ᠨᠢᠶᠠᠩ᠎ᠠᠴᠠ ᠢᠯᠡᠭᠦᠦ᠃ 《ᠹᠧᠩ ᠶᠣᠣ ᠪᠠ ᠬᠠᠷᠠᠵᠤ ᠪᠠᠢᠭᠰᠠᠨ ᠭᠡᠵᠦ ᠿᠧᠨ ᠯᠣᠣ ᠳ᠋ᠠ᠎ᠶᠢᠨ ᠭᠡᠷᠭᠡᠢ ᠬᠡᠯᠡᠵᠦ ᠪᠠᠢᠬᠤ᠎ᠶᠤᠮ᠎ᠴᠢᠨᠢ ᠬᠠᠰᠢ᠎ᠯᠠ ᠹᠧᠩ ᠶᠣᠣ ᠪᠠ᠎ᠪᠠᠷ ᠬᠡᠯᠡᠭᠦᠯᠦᠶ᠎ᠡ᠃ ᠤᠴᠢᠷ ᠶᠠᠪᠤᠳᠠᠯ᠎ᠢ᠎ᠨᠢ ᠲᠣᠳᠤᠯᠠᠴᠢᠬᠠᠪᠠᠯ ᠰᠢᠢᠳᠪᠦᠷᠢᠯᠡᠬᠦ᠎ᠳᠦ ᠠᠮᠠᠷ ᠪᠣᠯᠴᠢᠬᠠᠬᠤ᠎ᠶᠤᠮ᠃ ᠹᠧᠩ ᠶᠣᠣ ᠪᠠ ᠡ᠂ ᠲᠠ ᠬᠡᠯᠡ ᠳ᠋ᠠ !》 ᠭᠡᠵᠦ ᠼᠣᠣ ᠳᠠᠷᠤᠭ᠎ᠠ ᠵᠠᠯᠭᠠᠨ ᠬᠡᠯᠡᠪᠡ᠃

ᠹᠧᠩ ᠶᠣᠣ ᠪᠠ ᠪᠠᠬᠠᠨ ᠰᠠᠨᠲᠤᠷᠤᠰᠬᠢᠭᠰᠠᠨ᠎ᠢᠶᠠᠨ: 《ᠥᠨᠥ ᠥᠷᠯᠦᠭᠡ ᠪᠢᠯᠢᠦ᠂ ᠪᠢ ᠬᠥᠯᠭᠡᠨ᠎ᠳᠦ ᠶᠠᠪᠤᠵᠤ ᠪᠠᠢᠭᠰᠠᠨ ᠁ ᠡᠨᠡ ᠵᠢᠯ᠎ᠦᠨ ᠬᠢ ᠪᠣᠯ ᠳᠠᠭᠠᠭᠠᠴᠢᠯᠠᠵᠤ ᠠᠪᠤᠭᠰᠠᠨ ᠲᠠᠷᠢᠶ᠎ᠠ ᠰᠢᠤ ᠳ᠋ᠠ !》 ᠭᠡᠳ ᠢᠨᠢᠶᠡᠬᠦ ᠭᠡᠵᠦ ᠢᠷᠵᠠᠢᠰᠭᠢᠭᠰᠠᠨ ᠪᠣᠯᠪᠠᠴᠤ ᠢᠨᠢᠶᠡᠭᠰᠡᠨ᠎ᠦᠭᠡᠢ᠃

ᠪᠠᠢᠳᠠᠯ᠎ᠠᠴᠠ᠎ᠨᠢ ᠦᠵᠡᠪᠡᠯ᠂ ᠹᠧᠩ ᠶᠣᠣ ᠪᠠ ᠨᠡᠭᠡᠷᠡᠨ ᠬᠠᠷᠠᠵᠤ ᠪᠠᠢᠭᠰᠠᠨ ᠪᠣᠯᠪᠠᠴᠤ ᠬᠡᠯᠡᠬᠦ᠎ᠡᠴᠡ᠎ᠪᠡᠨ ᠵᠢᠷᠦᠬᠡᠰᠢᠵᠦ ᠪᠠᠢᠭ᠎ᠠ ᠪᠣᠯᠤᠯᠲᠠᠢ᠃ ᠣᠢᠷ᠎ᠠ᠎ᠶᠢᠨ ᠵᠢᠯ᠎ᠦᠳ᠎ᠲᠦ ᠲᠠᠷᠢᠶᠠᠴᠢᠳ ᠠᠮᠠᠨ ᠳᠡᠭᠡᠷ᠎ᠡ᠎ᠪᠡᠨ ᠡᠪᠲᠡᠢ ᠬᠡᠳᠦᠨ ᠦᠭᠡ ᠣᠯᠵᠤ ᠬᠡᠯᠡᠬᠦ᠎ᠶᠢ ᠬᠢᠴᠢᠶᠡᠳᠡᠭ ᠪᠣᠯᠤᠭᠰᠠᠨ᠎ᠢ ᠶᠠᠷᠢᠬᠤ ᠬᠡᠷᠡᠭ᠎ᠦᠭᠡᠢ᠂ ᠠᠢᠯ ᠣᠯᠠᠨ᠎ᠤ ᠳᠤᠮᠳᠠ ᠶᠡᠷᠦ᠎ᠨᠢ ᠬᠥᠮᠦᠨ᠎ᠡᠴᠡ ᠳᠣᠷᠤ ᠦᠵᠡᠭᠳᠡᠳᠡᠭ᠎ᠶᠦᠮ᠎ᠴᠢᠨᠢ ᠹᠧᠩ ᠶᠣᠣ ᠪᠠ ᠨᠡᠩ᠎ᠴᠦ ᠬᠡᠨ᠎ᠡᠴᠡ᠎ᠴᠦ ᠳᠣᠷᠤ ᠬᠥᠮᠦᠨ ᠲᠤᠯᠠ ᠶᠠᠭᠤᠨ ᠥᠭᠦᠯᠡᠬᠦ ᠪᠢᠯᠡ᠃ ᠭᠡᠷ᠎ᠲᠡᠭᠡᠨ ᠡᠬᠡᠨᠡᠷ ᠬᠡᠦᠬᠡᠳ᠎ᠲᠡᠢ᠎ᠪᠡᠨ ᠨᠠᠢ᠍ᠮᠠᠭᠤᠯᠠ ᠪᠣᠯᠪᠠᠴᠤ ᠠᠵᠤ ᠠᠮᠢᠳᠤᠷᠠᠯ ᠭᠡᠵᠦ ᠰᠠᠨᠠᠭᠠᠨ᠎ᠳᠤ᠎ᠦᠭᠡᠢ ᠶᠠᠪᠤᠳᠠᠭ ᠬᠥᠮᠦᠨ᠎ᠶᠦᠮ᠃ 《ᠲᠡᠭᠡᠵᠦ ᠮᠤᠩᠭᠢᠨᠠᠨ᠎ᠠ ᠭᠡᠵᠦ ᠳ᠋ᠠ !》 ᠭᠡᠳ ᠲᠡᠷᠡ ᠲᠣᠯᠤᠭᠠᠢ ᠰᠡᠭᠰᠦᠷᠦᠨ: 《ᠠᠵᠢᠯᠯᠠᠭᠰᠠᠨ᠎ᠴᠤ ᠲᠡᠷᠡ᠂ ᠠᠮᠠᠷᠠᠭᠰᠠᠨ᠎ᠴᠤ ᠲᠡᠷᠡ᠂ ᠢᠯᠭᠠᠭ᠎ᠠ ᠶᠠᠭᠤ ᠪᠠᠢᠨ᠎ᠠ? ᠠᠮᠠᠨ᠎ᠳᠤ᠎ᠴᠤ᠎ᠦᠭᠡᠢ ᠬᠠᠮᠠᠷ᠎ᠲᠤ᠎ᠴᠤ᠎ᠦᠭᠡᠢ ᠶᠠᠭᠤᠮ᠎ᠠ ᠣᠯᠤᠭᠰᠠᠨ᠎ᠢ᠎ᠴᠢᠨᠢ ᠡᠢᠮᠦ ᠠᠮᠤ ᠭᠡᠲᠡᠯ᠎ᠡ ᠲᠡᠢᠮᠦ ᠠᠮᠤ ᠭᠡᠳ ᠬᠤᠰᠤᠭᠰᠠᠭᠠᠷ ᠢᠷᠡᠪᠡᠯ ᠮᠥᠨ ᠹᠧᠩ ᠶᠣᠣ ᠪᠠ ᠮᠢᠨᠦ ᠪᠡᠶ᠎ᠡ᠎ᠰᠢᠭ ᠡᠷᠭᠢᠭᠡᠳ᠎ᠯᠡ ᠬᠣᠭᠤᠰᠤᠷᠠᠴᠢᠬᠠᠬᠤ᠎ᠦᠭᠡᠢ᠎ᠤᠤ?》 ᠭᠡᠳᠡᠭ᠃ ᠲᠠᠷᠢᠶᠠᠨ᠎ᠤ ᠠᠵᠢᠯ ᠬᠢᠬᠦ ᠳᠤᠷ᠎ᠠ᠎ᠦᠭᠡᠢ ᠳᠡᠭᠡᠷ᠎ᠡ᠎ᠪᠡᠨ ᠥᠭᠡᠷ᠎ᠡ ᠶᠠᠮᠠᠷ᠎ᠴᠤ ᠭᠠᠷ ᠤᠷ᠎ᠠ᠎ᠦᠭᠡᠢ᠃ ᠭᠠᠬᠠᠢ ᠠᠷᠠᠯᠵᠢᠬᠤ᠎ᠶᠤᠮ᠎ᠤᠤ᠂ ᠮᠠᠢᠮᠠᠢ ᠬᠤᠳᠠᠯᠳᠤᠭ᠎ᠠ ᠬᠢᠶ᠎ᠡ ᠭᠡᠬᠦ᠎ᠳᠦ ᠬᠥᠷᠦᠩᠭᠡ ᠮᠥᠩᠭᠦ᠎ᠦᠭᠡᠢ᠎ᠪᠡᠷ ᠦᠯᠦ ᠪᠠᠷᠠᠮ ᠲᠡᠢᠮᠦ ᠠᠵᠢᠯ᠎ᠢ ᠬᠢᠬᠦ᠎ᠨᠢ 《ᠵᠢᠷᠤᠮ᠎ᠦᠭᠡᠢ ᠶᠠᠪᠤᠳᠠᠯ》 ᠭᠡᠳᠡᠭ ᠪᠠᠢᠯ᠎ᠠ᠃ ᠨᠠᠮᠤᠷ ᠪᠣᠯᠤᠭᠠᠳ ᠬᠤᠪᠢᠶᠠᠵᠤ ᠣᠯᠤᠭᠰᠠᠨ ᠪᠠᠭ᠎ᠠ ᠰᠠᠭ᠎ᠠ ᠠᠮᠤ᠎ᠠᠴᠠ᠎ᠪᠠᠨ ᠨᠢᠭᠡ ᠬᠣᠶᠠᠷ ᠱᠧᠩ᠎ᠢ ᠬᠤᠳᠠᠯᠳᠤᠭᠠᠳ ᠠᠷᠢᠬᠢ ᠨᠢᠭᠡ ᠯᠣᠩᠬᠤ᠂ ᠭᠠᠬᠠᠢ᠎ᠶᠢᠨ ᠭᠡᠳᠡᠰᠦ ᠳᠣᠲᠤᠷ ᠵᠢᠭᠠᠯ ᠠᠪᠴᠤ ᠭᠠᠢᠭᠤᠢᠬᠠᠨ ᠤᠤᠭᠤᠭᠠᠳ ᠬᠥᠯᠴᠦᠭᠦᠦ ᠰᠣᠭᠲᠤᠭᠤ ᠶᠠᠪᠤᠳᠠᠭ᠃ ᠬᠥᠮᠦᠨ ᠲᠡᠭᠦᠨ᠎ᠢ ᠬᠣᠷᠢᠭᠯᠠᠪᠠᠯ ᠤᠷᠢᠳᠠ᠎ᠠᠴᠠ᠎ᠨᠢ 《ᠶᠠᠭᠠᠬᠢᠪᠠ? ᠲᠠ᠎ᠨᠠᠷ ᠤᠤᠭᠤᠵᠤ ᠪᠣᠯᠤᠭᠠᠳ ᠪᠢ ᠤᠤᠭᠤᠵᠤ ᠪᠣᠯᠳᠠᠭ᠎ᠦᠭᠡᠢ᠎ᠶᠤᠮ᠎ᠤᠤ? ᠪᠢ ᠬᠥᠮᠦᠨ ᠪᠢᠰᠢ᠎ᠶᠦᠮ᠎ᠦᠦ?》 ᠭᠡᠵᠦ ᠭᠡᠳᠡᠷᠭᠦᠯᠡᠨ᠎ᠡ᠃ ᠰᠣᠭᠲᠤᠪᠠᠯ ᠮᠡᠭᠰᠢᠨ ᠤᠬᠢᠯᠠᠵᠤ ᠰᠡᠷᠭᠦᠪᠡᠯ ᠮᠠᠷᠵᠠᠩᠨᠠᠨ ᠢᠨᠢᠶᠡᠳᠡᠭ᠎ᠶᠦᠮ᠃ ᠬᠠᠪᠤᠷ ᠪᠣᠯᠤᠭᠠᠳᠤᠢ᠎ᠪᠠᠷ ᠪᠤᠳᠠᠭ᠎ᠠ ᠠᠪᠤᠨ᠎ᠠ ᠭᠡᠵᠦ ᠼᠣᠣ ᠳᠠᠷᠤᠭ᠎ᠠ᠎ᠲᠠᠢ ᠨᠣᠣᠷᠠᠯᠳᠤᠨ᠎ᠠ᠃ ᠰᠡᠭᠦᠯ ᠰᠡᠭᠦᠯ᠎ᠳᠡᠭᠡᠨ ᠤᠷᠤᠭᠤ ᠴᠢᠷᠠᠢᠯᠠᠨ ᠭᠤᠶᠤᠵᠤ ᠭᠤᠩᠰᠢᠨ᠂ ᠠᠶᠠᠭ᠎ᠠ ᠰᠢᠨᠠᠭ᠎ᠠ ᠠᠯᠠᠭ ᠠᠮᠤ ᠵᠢᠭᠡᠯᠡᠵᠦ᠎ᠯᠡ ᠠᠮᠢ ᠵᠢᠭᠤᠨ᠎ᠠ᠃ ᠪᠠᠰᠠ ᠬᠥᠮᠦᠨ᠎ᠳᠦ ᠵᠠᠷᠤᠭᠳᠠᠵᠤ ᠡᠨᠡ ᠲᠡᠷᠡ᠎ᠶᠢ᠎ᠨᠢ ᠬᠢᠵᠦ ᠥᠭᠳᠡᠭ᠂ ᠵᠢᠱ᠌ᠢᠶᠡᠯᠡᠪᠡᠯ ᠯᠦᠸᠧ ᠡᠯ ᠨᠢᠶᠠᠩ᠎ᠤᠨ ᠬᠢ ᠵᠣᠴᠢᠨ ᠳᠠᠢᠯᠠᠬᠤ᠎ᠳᠤ ᠰᠢᠷᠡᠭᠡ ᠰᠠᠨᠳᠠᠯᠢ ᠵᠥᠭᠡᠭᠡᠵᠦ ᠥᠭᠭᠦᠭᠡᠳ ᠨᠢᠭᠡ ᠴᠠᠭ᠎ᠤᠨ ᠬᠣᠭᠤᠯᠠ ᠣᠯᠵᠤ ᠢᠳᠡᠳᠡᠭ᠃ ᠬᠥᠮᠦᠨ᠎ᠦ ᠡᠮᠦᠨ᠎ᠡ ᠠᠯᠠᠭ᠎ᠠ᠎ᠪᠠᠨ ᠲᠣᠰᠴᠤ ᠭᠤᠶᠤᠵᠤ ᠲᠡᠭᠦᠳᠡᠭ᠎ᠶᠦᠮ᠎ᠴᠢᠨᠢ ᠬᠥᠮᠦᠨ᠎ᠲᠡᠢ ᠬᠡᠷᠬᠢᠨ ᠮᠠᠭᠤᠳᠠᠯᠴᠠᠵᠤ ᠪᠣᠯᠬᠤ᠎ᠶᠤᠮ᠃ ᠭᠡᠲᠡᠯ᠎ᠡ ᠬᠥᠮᠦᠨ᠎ᠦ ᠦᠨᠦᠷ᠎ᠢᠶᠡᠨ ᠠᠯᠳᠠᠭ᠎ᠠ᠎ᠦᠭᠡᠢ᠎ᠯᠠ ᠴᠠᠭ᠎ᠲᠤ ᠿᠧᠨ ᠯᠣᠣ ᠳ᠋ᠠ᠎ᠰᠢᠭ᠋ ᠡᠢᠮᠦ ᠬᠥᠭᠡᠷᠦᠬᠦᠢ ᠬᠥᠮᠦᠨ᠎ᠳᠦ ᠬᠡᠷᠡᠭ ᠨᠥᠮᠦᠷᠦᠭᠦᠯᠬᠦ᠎ᠨᠢ ᠮᠥᠨ ᠰᠡᠳᠭᠢᠯ᠎ᠳᠦᠨᠢ ᠲᠥᠪᠳᠡᠬᠦ᠎ᠦᠭᠡᠢ ᠤᠴᠢᠷ ᠪᠢᠯᠡ᠃ ᠣᠳᠣ ᠹᠧᠩ ᠶᠣᠣ ᠪᠠ ᠴᠣᠬᠤᠮ ᠶᠠᠭᠠᠬᠢᠪᠠᠯ ᠵᠦᠢᠲᠡᠢ ᠪᠢᠯᠡ?

《ᠴᠢ ᠪᠠᠢᠭᠰᠠᠨ ᠪᠣᠯ ᠪᠠᠢᠭᠰᠠᠨ᠎ᠢᠶᠠᠨ ᠬᠡᠯᠡᠴᠢᠬᠡ᠂ ᠪᠠᠢᠭᠰᠠᠨ᠎ᠦᠭᠡᠢ ᠪᠣᠯ ᠪᠠᠢᠭᠰᠠᠨ᠎ᠦᠭᠡᠢ ᠭᠡᠳᠡᠭ᠎ᠢᠶᠡᠨ ᠬᠡᠯᠡᠴᠢᠬᠡ!》 ᠭᠡᠵᠦ ᠼᠣᠣ ᠳᠠᠷᠤᠭ᠎ᠠ ᠴᠢᠩᠭ᠎ᠠ ᠰᠠᠨᠠᠭᠤᠯᠵᠠᠢ᠃

《ᠪᠢ ᠁ ᠬᠥᠯᠭᠡᠨ᠎ᠡᠴᠡ᠎ᠪᠡᠨ ᠬᠠᠷᠢᠵᠤ ᠢᠷᠡᠬᠦᠯᠡᠷ ᠁》

《ᠬᠦᠢ᠂ ᠹᠧᠩ ᠶᠣᠣ ᠪᠠ ᠡ》 ᠭᠡᠳ ᠯᠦᠸᠧ ᠡᠯ ᠨᠢᠶᠠᠩ ᠤᠤᠯᠭ᠎ᠠ ᠠᠯᠳᠠᠨ: 《ᠴᠢ ᠨᠡᠭᠡᠷᠡᠨ ᠪᠠᠢᠭᠰᠠᠨ᠎ᠤᠤ? ᠳᠠᠪᠠᠭᠤ᠎ᠴᠤ ᠪᠣᠯᠤᠯ᠎ᠠ! ᠴᠢ ᠬᠡᠯᠡ᠂ ᠿᠧᠨ ᠣᠪᠤᠭᠲᠤ᠎ᠶᠢᠨ ᠬᠢᠨ᠎ᠦ ᠬᠡᠯᠡᠭᠰᠡᠨ᠎ᠨᠢ ᠲᠠᠭᠠᠷᠠᠵᠤ ᠪᠠᠢᠨ᠎ᠠ᠎ᠤᠤ? ᠴᠢ ᠦᠨᠡᠨ ᠬᠠᠷᠠᠪᠠ᠎ᠤᠤ?》 ᠭᠡᠯ᠎ᠡ᠃

ᠹᠧᠩ ᠶᠣᠣ ᠪᠠ᠂ ᠬᠠᠷᠠᠵᠤ ᠪᠠᠢᠭᠰᠠᠨ ᠭᠡᠵᠦ ᠬᠡᠯᠡᠭᠡᠳᠦᠢ ᠪᠠᠢᠲᠠᠯ᠎ᠠ ᠯᠦᠸᠧ ᠡᠯ ᠨᠢᠶᠠᠩ ᠲᠡᠰᠴᠦ ᠶᠠᠳᠠᠨ ᠥᠭᠡᠳᠡ᠎ᠡᠴᠡ᠎ᠨᠢ ᠣᠢᠷᠠᠳᠴᠤ ᠢᠷᠡᠪᠡ᠃ ᠹᠧᠩ ᠶᠣᠣ ᠪᠠ ᠨᠠᠮᠠᠢ ᠥᠮᠦᠭᠡᠷᠡᠬᠦ᠎ᠦᠭᠡᠢ ᠪᠠᠢᠵᠤ ᠴᠢᠳᠠᠨ᠎ᠠ᠎ᠤᠤ? ᠹᠧᠩ ᠶᠣᠣ ᠪᠠ ᠪᠣᠯ ᠲᠡᠭᠦᠨ᠎ᠦ ᠨᠢᠳᠦᠨ᠎ᠳᠦ ᠶᠠᠭᠠᠷᠮᠠᠭ᠎ᠲᠠᠬᠢ ᠵᠣᠯᠪᠢᠩ ᠨᠣᠬᠠᠢ᠎ᠲᠠᠢ ᠠᠳᠠᠯᠢᠬᠠᠨ ᠦᠵᠡᠭᠳᠡᠳᠡᠭ ᠲᠤᠯᠠ ᠲᠡᠭᠦᠨ᠎ᠦ ᠡᠮᠦᠨ᠎ᠡ ᠰᠢᠷᠪᠠᠯᠵᠠᠬᠤ᠎ᠯᠠ ᠶᠣᠰᠤᠲᠠᠢ᠎ᠰᠢᠭ᠋ ᠪᠠᠢᠯ᠎ᠠ᠃ ᠨᠢᠭᠡᠨ ᠤᠳᠠᠭ᠎ᠠ᠂ ᠭᠠᠬᠠᠢ᠎ᠶᠢᠨ ᠭᠡᠳᠡᠰᠦ ᠣᠯᠵᠤ ᠢᠳᠡᠭᠰᠡᠨ᠎ᠳᠡᠭᠡᠨ ᠬᠥᠳᠡᠭᠡ ᠣᠴᠢᠵᠤ ᠱᠠᠯ ᠰᠣᠭᠲᠤᠭᠤ ᠡᠷ᠎ᠡ᠎ᠶᠢ᠎ᠨᠢ ᠰᠥᠨᠢ ᠳᠦᠯᠢ᠎ᠪᠡᠷ ᠲᠦᠰᠢᠵᠦ ᠲᠤᠯᠵᠤ ᠠᠪᠴᠢᠷᠠᠭᠰᠠᠨ᠎ᠦᠭᠡᠢ᠎ᠤᠤ ᠳ᠋ᠠ ? ᠲᠡᠳᠦᠢ ᠬᠦᠢᠲᠡᠨ᠎ᠳᠦ ᠹᠧᠩ ᠶᠣᠣ ᠪᠠ᠎ᠶᠢ ᠬᠥᠮᠦᠨ᠎ᠢᠶᠡᠷ ᠳᠠᠭᠤᠳᠠᠭᠤᠯᠤᠭᠠᠳ ᠢᠷᠡᠭᠰᠡᠨ ᠪᠢᠰᠢ᠎ᠦᠦ ᠳ᠋ᠠ ? ᠬᠡᠷᠡᠭᠦᠯ ᠴᠤᠤᠭᠢᠶᠠᠨ᠎ᠤ ᠬᠣᠭᠤᠷᠤᠨᠳᠤ ᠡᠶᠡᠳᠡᠭᠦᠯᠬᠦ ᠠᠵᠢᠯ ᠬᠢᠯᠭᠡᠬᠦ ᠪᠠᠢᠲᠤᠭᠠᠢ᠂ ᠬᠥᠮᠦᠨ᠎ᠢ ᠬᠢᠯᠢᠰᠳᠡᠭᠦᠯᠬᠦ᠎ᠳᠦ᠎ᠴᠦ ᠭᠡᠳ ᠬᠡᠳᠦᠨ ᠵᠢᠩ ᠶᠠᠰᠤ ᠠᠳᠭᠤᠭᠤᠯᠪᠠᠯ ᠪᠣᠯᠴᠢᠬᠠᠬᠤ᠎ᠶᠤᠮ ᠳ᠋ᠠ᠂ ᠬᠡᠦᠬᠡᠳ᠎ᠦᠨ᠎ᠢᠶᠡᠨ ᠨᠢᠭᠡ᠎ᠶᠢ ᠦᠢᠯᠡᠳᠪᠦᠷᠢ᠎ᠳᠦ ᠣᠷᠤᠭᠤᠯᠬᠤ ᠤᠴᠢᠷ᠎ᠢᠶᠠᠨ ᠲᠠᠯ᠎ᠠ ᠭᠠᠬᠠᠢ᠎ᠶᠢᠨ ᠮᠢᠬ᠎ᠠ᠎ᠪᠠᠷ ᠪᠣᠯᠭᠠᠴᠢᠬᠠᠭᠰᠠᠨ ᠪᠢᠰᠢ᠎ᠦᠦ? ᠡᠨᠡ ᠮᠠᠭᠤ ᠹᠧᠩ ᠶᠣᠣ ᠪᠠ᠎ᠶᠢ ᠠᠷᠭᠠᠯᠠᠬᠤ᠎ᠳᠤ ᠴᠣᠬᠤᠮ ᠶᠠᠭᠤᠬᠠᠨ ᠪᠠᠢᠬᠤ ᠪᠤᠢ ᠳ᠋ᠠ ?

ᠹᠧᠩ ᠶᠣᠣ ᠪᠠ ᠰᠠᠨᠳᠤᠷᠴᠤ: 《ᠪᠢ ᠁》 ᠭᠡᠳ ᠵᠣᠭᠰᠤᠴᠢᠬᠠᠪᠠ᠃

᠁ ᠠᠢ ᠳ᠋ᠠ᠂ ᠥᠨᠥᠬᠢ᠎ᠴᠢᠨᠢ ᠦᠨᠡᠷᠡᠨ ᠵᠢᠷᠦᠬᠡᠰᠢᠵᠦ ᠪᠠᠢᠨ᠎ᠠ᠂ ᠶᠠᠭᠠᠬᠢᠭᠰᠠᠨ ᠬᠡᠴᠡᠭᠦᠦ ᠠᠵᠢ!

ᠬᠥᠮᠦᠰ ᠹᠧᠩ ᠶᠣᠣ ᠪᠠ᠎ᠶᠢ ᠥᠷᠦ ᠡᠪᠡᠳᠬᠦ ᠪᠣᠯᠤᠯ᠎ᠠ᠃ ᠯᠦᠸᠧ ᠡᠯ ᠨᠢᠶᠠᠩ᠎ᠲᠠᠢ ᠮᠠᠭᠤᠳᠠᠯᠴᠠᠬᠤ᠎ᠨᠢ ᠭᠠᠭᠴᠠᠬᠠᠨ ᠭᠡᠷ᠎ᠲᠡᠢ ᠮᠠᠭᠤᠳᠠᠯᠴᠠᠬᠤ ᠶᠠᠪᠤᠳᠠᠯ ᠭᠡᠵᠦ ᠴᠢ ᠪᠣᠳᠤᠵᠤ ᠪᠠᠢᠨ᠎ᠠ᠎ᠤᠤ? ᠦᠨᠡᠨ ᠲᠡᠢᠮᠦ ᠪᠣᠯᠪᠠᠯ ᠴᠢᠩᠭᠢᠵᠦ ᠵᠢᠷᠦᠬᠡᠰᠢᠮᠡᠷ ᠬᠡᠷᠡᠭ᠎ᠦᠭᠡᠢ ᠰᠢᠦ ᠳ᠋ᠡ᠃ ᠬᠠᠷᠢᠨ ᠤᠴᠢᠷ ᠶᠠᠪᠤᠳᠠᠯ ᠲᠡᠢᠮᠦ᠎ᠴᠦ ᠠᠮᠠᠷᠬᠠᠨ ᠪᠢᠰᠢ ᠰᠢᠤ! ᠨᠢᠭᠡ ᠦᠬᠡᠷ᠎ᠦᠨ ᠡᠪᠡᠷ᠎ᠢ ᠴᠣᠬᠢᠪᠠᠯ ᠮᠢᠩᠭᠠᠨ ᠦᠬᠡᠷ᠎ᠦᠨ ᠡᠪᠡᠷ ᠳᠣᠷᠭᠢᠨ᠎ᠠ ᠭᠡᠭᠴᠢ᠎ᠪᠡᠷ ᠯᠦᠸᠧ ᠣᠪᠤᠭᠲᠤ᠎ᠲᠠᠢ ᠬᠠᠯᠳᠠᠪᠠᠯ ᠡᠨᠡ ᠲᠣᠰᠭᠤᠨ᠎ᠤ ᠪᠦᠬᠦ ᠳᠡᠭᠡᠳᠦ ᠳᠠᠪᠬᠤᠷᠭᠠᠲᠠᠨ᠎ᠲᠠᠢ ᠬᠠᠯᠳᠠᠭᠰᠠᠨ ᠬᠡᠷᠡᠭ ᠪᠣᠯᠤᠨ᠎ᠠ! ᠮᠠᠨ᠎ᠤ ᠡᠨᠡ ᠶᠠᠭᠠᠷᠮᠠᠭ ᠳᠥᠷᠪᠡᠨ ᠲᠠᠯ᠎ᠠ᠎ᠪᠠᠷ᠎ᠢᠶᠠᠨ ᠤᠰᠤᠨ ᠲᠠᠷᠢᠶᠠᠨ᠎ᠳᠤ ᠬᠦᠷᠢᠶᠡᠯᠡᠭᠳᠡᠵᠦ ᠴᠠᠭᠠᠭᠤᠷ᠎ᠢᠶᠠᠨ ᠬᠥᠬᠡᠷᠡᠨ ᠵᠠᠯᠭᠠᠯᠳᠤᠭᠰᠠᠨ ᠠᠭᠤᠯᠠ ᠨᠢᠷᠤᠭᠤ᠎ᠲᠠᠢ ᠪᠤᠢᠳᠠ ᠪᠦᠭᠯᠡᠭᠦᠦ ᠭᠠᠵᠠᠷ ᠪᠣᠯᠪᠠᠴᠤ ᠮᠠᠨ᠎ᠤ ᠡᠨᠡ ᠯᠢ ᠬᠤᠸᠠ ᠲᠦᠨ ᠲᠣᠰᠭᠤᠨ᠎ᠤ ᠬᠢᠨ᠎ᠳᠦ ᠠᠪᠴᠤ ᠬᠡᠯᠡᠪᠡᠯ᠂ ᠨᠢᠭᠡ ᠪᠦᠷᠢᠨ ᠲᠥᠬᠦᠷ ᠶᠢᠷᠲᠢᠨᠴᠦ ᠭᠡᠵᠦ ᠮᠡᠳᠡ᠃ ᠦᠯᠢᠭᠡᠷᠯᠡᠵᠦ ᠬᠡᠯᠡᠪᠡᠯ᠂ ᠴᠢ ᠡᠨᠡ ᠶᠠᠭᠠᠷᠮᠠᠭ ᠳᠡᠭᠡᠷ᠎ᠡ᠎ᠡᠴᠡ ᠮᠧᠢᠶᠢᠦ ᠲᠣᠰᠤ᠂ ᠰᠠᠪᠤᠩ᠂ ᠠᠯᠴᠢᠭᠤᠷ ᠠᠪᠬᠤ᠎ᠦᠭᠡᠢ ᠪᠣᠯ ᠥᠭᠡᠷ᠎ᠡ ᠣᠯᠬᠤ ᠭᠠᠵᠠᠷ ᠲᠠᠭ᠎ᠦᠭᠡᠢ! ᠯᠦᠸᠧ ᠡᠯ ᠨᠢᠶᠠᠩ᠎ᠲᠠᠢ ᠬᠠᠯᠳᠠᠪᠠᠯ ᠶᠠᠭᠠᠷᠮᠠᠭ᠎ᠲᠠᠬᠢ ᠴᠧᠨ ᠠᠪᠤᠭᠠᠢ᠎ᠶᠢᠨ ᠬᠦᠢᠲᠡᠨ ᠴᠢᠷᠠᠢ᠎ᠶᠢ ᠬᠠᠷᠠᠵᠤ ᠰᠥᠨᠢ ᠬᠠᠷᠠᠩᠭᠤᠢ ᠰᠠᠭᠤᠨ᠎ᠠ᠂ ᠬᠤᠪᠴᠠᠰᠤ ᠤᠭᠢᠶᠠᠬᠤ᠎ᠳᠤ ᠶᠠᠭᠤ ᠬᠡᠷᠡᠭᠯᠡᠬᠦ᠎ᠪᠡᠨ ᠮᠡᠳᠡᠬᠦ᠎ᠦᠭᠡᠢ ᠪᠣᠯᠤᠨ᠎ᠠ᠃ ᠬᠣᠶᠠᠳᠤᠭᠠᠷ ᠰᠠᠷ᠎ᠠ᠎ᠳᠤ ᠠᠮᠤ ᠬᠤᠳᠠᠯᠳᠤᠵᠤ ᠥᠭᠭᠦᠨ᠎ᠡ ᠭᠡᠰᠡᠨ ᠼᠣᠣ ᠳᠠᠷᠤᠭ᠎ᠠ ᠦᠭᠡ᠎ᠪᠡᠨ ᠪᠤᠴᠠᠭᠠᠪᠠᠯ᠂ ᠬᠠᠪᠤᠷ᠎ᠤᠨ ᠬᠠᠲᠠᠭᠤ ᠴᠠᠭ᠎ᠲᠤ ᠵᠣᠪᠠᠬᠤ᠎ᠪᠠᠨ ᠮᠡᠳᠡ᠃ ᠴᠢ ᠰᠠᠨᠳᠤᠷᠬᠤ᠎ᠳᠠᠭᠠᠨ ᠮᠠᠷᠭᠠᠰᠢ ᠶᠠᠭᠠᠷᠮᠠᠭ ᠳᠡᠭᠡᠷ᠎ᠡ ᠣᠴᠢᠵᠤ ᠰᠦᠩ ᠳᠠᠷᠤᠭ᠎ᠠ᠎ᠶᠢ ᠡᠷᠢᠶ᠎ᠡ ᠭᠡᠵᠦ ᠪᠣᠳᠤᠪᠠᠴᠤ ᠰᠦᠩ ᠳᠠᠷᠤᠭ᠎ᠠ ᠯᠦᠸᠧ ᠡᠯ ᠨᠢᠶᠠᠩ᠎ᠤᠨ ᠭᠡᠷ᠎ᠡᠴᠡ ᠨᠢᠭᠡ ᠮᠠᠳᠠᠢ ᠶᠠᠭᠤᠮ᠎ᠠ ᠠᠪᠤᠭᠠᠳ ᠶᠠᠪᠤᠭᠰᠠᠨ ᠭᠡᠵᠦ ᠮᠥᠨ ᠣᠷᠤᠢ᠎ᠳᠠᠭᠠᠨ ᠰᠣᠨᠤᠰᠬᠤ ᠪᠣᠯᠤᠨ᠎ᠠ! ᠁᠎ᠦᠭᠡᠢ᠂ ᠲᠤᠰ ᠲᠤᠰ᠎ᠢᠶᠠᠷ᠎ᠢᠶᠠᠨ ᠬᠤᠪᠢ ᠣᠷᠤᠭᠤᠯᠤᠭᠠᠳ ᠡᠵᠡᠩᠨᠡᠵᠦ ᠪᠠᠢᠭ᠎ᠠ᠎ᠰᠢᠭ᠋ ᠪᠣᠯᠤᠭᠰᠠᠨ ᠡᠨᠡ ᠶᠠᠭᠠᠷᠮᠠᠭ ᠳᠡᠭᠡᠷ᠎ᠡ᠎ᠡᠴᠡ ᠣᠷᠤᠮ᠎ᠠ᠎ᠦᠭᠡᠢ ᠠᠷᠭ᠎ᠠ ᠪᠠᠷᠠᠭᠳᠠᠬᠤᠢᠴᠠ ᠰᠣᠨᠢᠨ ᠬᠡᠷᠡᠭ᠎ᠦᠳ ᠭᠠᠷᠬᠤ᠎ᠯᠠ ᠰᠢᠤ! ᠲᠡᠭᠡᠪᠡᠯ ᠴᠢ ᠵᠠᠯᠭᠠᠭᠠᠳ ᠠᠮᠢᠳᠤᠷᠠᠨ᠎ᠠ᠎ᠤᠤ ᠪᠠᠢᠨ᠎ᠠ᠎ᠤᠤ? ᠡᠨᠡ ᠪᠣᠯ ᠰᠠᠯᠤᠶ᠎ᠠ ᠭᠡᠪᠡᠴᠦ ᠰᠠᠯᠵᠤ ᠪᠣᠯᠤᠰᠢ᠎ᠦᠭᠡᠢ ᠨᠤᠲᠤᠭ ᠤᠰᠤ᠎ᠴᠢᠨᠢ᠎ᠶᠤᠮ᠂ ᠦᠷ᠎ᠡ ᠬᠡᠦᠬᠡᠳ᠎ᠦᠨ᠎ᠴᠢᠨᠢ ᠣᠯᠠᠩᠬᠢ᠎ᠨᠢ ᠮᠥᠨ ᠡᠨᠳᠡ᠎ᠪᠡᠨ ᠥᠭᠡᠯᠡᠢ ᠥᠨᠳᠦᠷ ᠪᠣᠯᠬᠤ᠎ᠶᠤᠮ᠎ᠴᠢᠨᠢ ᠠᠷᠭ᠎ᠠ ᠶᠠᠭᠤ ᠪᠠᠢᠨ᠎ᠠ? ᠁ ᠡᠨᠡ ᠳᠡᠯᠡᠬᠡᠢ᠎ᠳᠦ ᠠᠯᠳᠠᠷ ᠨᠡᠷ᠎ᠡ᠎ᠪᠡᠨ ᠮᠠᠨᠳᠤᠭᠤᠯᠤᠭᠰᠠᠨ ᠣᠯᠠᠨ ᠰᠠᠢᠨ ᠡᠷᠡᠰ᠎ᠦᠳ ᠥᠨᠥᠬᠢ ᠬᠡᠳᠦᠨ ᠰᠢᠮᠨᠤ᠎ᠶᠢᠨ ᠡᠮᠦᠨ᠎ᠡ ᠠᠭᠤᠷ᠎ᠢᠶᠠᠨ ᠳᠠᠷᠤᠵᠤ ᠰᠠᠭᠤᠵᠤ ᠪᠠᠢᠭᠰᠠᠨ ᠪᠢᠰᠢ᠎ᠦᠦ? ᠡᠢᠮᠦ᠎ᠴᠦ ᠤᠴᠢᠷ᠎ᠠᠴᠠ᠂ ᠡᠨᠡ ᠵᠢᠵᠢᠭᠬᠡᠨ ᠶᠠᠭᠠᠷᠮᠠᠭ᠎ᠲᠠᠬᠢ ᠹᠧᠩ ᠶᠣᠣ ᠪᠠ᠎ᠰᠢᠭ᠋ ᠡᠢᠮᠦ ᠬᠥᠮᠦᠨ᠎ᠢ ᠰᠥᠰᠦ᠎ᠦᠭᠡᠢ ᠠᠮᠢᠲᠠᠨ ᠭᠡᠵᠦ ᠵᠢᠮᠡᠯᠡᠬᠦ᠎ᠳᠦ ᠮᠥᠨ ᠪᠡᠷᠬᠡ᠎ᠲᠡᠢ ᠁

《ᠶᠠᠭᠤ ᠬᠡᠯᠡᠬᠦ᠎ᠶᠢ᠎ᠴᠢᠨᠢ ᠁》 ᠭᠡᠵᠦ ᠯᠦᠸᠧ ᠡᠯ ᠨᠢᠶᠠᠩ ᠬᠡᠯᠡᠪᠡ᠃

ᠹᠧᠩ ᠶᠣᠣ ᠪᠠ ᠰᠠᠨᠳᠤᠷᠴᠤ ᠢᠨᠢᠶᠡᠯᠴᠡᠬᠡᠨ ᠪᠣᠯᠪᠠ᠃ ᠬᠠᠢᠷᠠᠨ ᠰᠠᠢᠬᠠᠨ ᠡᠷ᠎ᠡ ᠬᠥᠮᠦᠨ᠂ ᠡᠨᠡ ᠡᠮ᠎ᠡ᠎ᠶᠢᠨ ᠮᠠᠭᠤᠬᠠᠢ ᠬᠠᠷᠠᠴᠠ᠎ᠳᠤ ᠥᠬᠢᠨ ᠬᠥᠮᠦᠨ᠎ᠰᠢᠭ ᠠᠶᠤᠨ ᠰᠢᠷᠪᠡᠭᠡᠲᠦᠵᠦ ᠪᠠᠢᠬᠤ᠎ᠨᠢ ᠡ᠃ ᠬᠥᠳᠡᠯᠬᠦ᠎ᠦᠭᠡᠢ ᠵᠣᠭᠰᠤᠪᠠᠯ ᠳᠤᠤᠭᠠᠷᠬᠤ᠎ᠳᠤᠨᠢ ᠬᠠᠷᠰᠢ ᠪᠣᠯᠤᠭᠤᠵᠠᠢ ᠭᠡᠰᠡᠨ᠎ᠰᠢᠭ ᠬᠥᠯ ᠰᠣᠯᠢᠵᠤ ᠵᠣᠭᠰᠤᠭᠰᠠᠨ ᠪᠣᠯᠪᠠᠴᠤ ᠮᠥᠨ᠎ᠯᠡ ᠲᠠᠰ ᠳᠤᠭᠤᠢ᠃ ᠵᠢᠭᠦᠷᠲᠡᠨ ᠪᠣᠯᠵᠤᠮᠤᠷ ᠵᠢᠷᠭᠢᠨ ᠳᠣᠩᠭᠤᠳᠤᠭᠰᠠᠨ᠂ ᠬᠠᠪᠤᠷ᠎ᠤᠨ ᠡᠳᠦᠷ᠎ᠦᠨ ᠳᠤᠯᠠᠢᠮ᠎ᠠ ᠨᠠᠷᠠᠨ᠎ᠳᠤ᠂ ᠹᠧᠩ ᠶᠣᠣ ᠪᠠ ᠶᠡᠬᠡᠯ᠎ᠡ ᠬᠠᠯᠠᠭᠤᠴᠠᠭᠰᠠᠨ ᠪᠣᠯᠤᠯᠲᠠᠢ᠂ ᠰᠠᠨᠴᠢᠭ᠎ᠠᠴᠠ᠎ᠨᠢ ᠴᠢᠬᠠᠷᠠᠭᠰᠠᠨ ᠬᠥᠯᠦᠰᠦ ᠥᠷᠭᠡᠨ ᠰᠢᠨᠠ᠎ᠶᠢ᠎ᠨᠢ ᠳᠠᠭᠠᠭᠠᠳ ᠴᠢᠪ ᠴᠢᠪ ᠳᠤᠰᠤᠯᠠᠨ᠎ᠠ ᠁

ᠯᠦᠸᠧ ᠡᠯ ᠨᠢᠶᠠᠩ ᠲᠡᠰᠬᠦ ᠠᠯᠳᠠᠨ: 《ᠮᠠᠭᠤ ᠪᠣᠯᠤᠭ ᠰᠠᠢᠨ᠎ᠴᠤ ᠪᠣᠯᠤᠭ᠂ ᠨᠢᠭᠡ ᠳᠤᠤᠭᠠᠷ᠎ᠯᠠ ᠳ᠋ᠠ᠃ ᠁ ᠴᠢᠨᠦ ᠡᠨᠡ ᠶᠠᠩᠵᠤ᠎ᠪᠠᠷ ᠦᠵᠡᠪᠡᠯ ᠬᠠᠷᠢᠨ ᠯᠦᠸᠧ ᠣᠪᠤᠭᠲᠤ᠎ᠶᠢᠨ ᠬᠢ ᠪᠤᠷᠤᠭᠤᠳᠠᠴᠢᠬᠠᠭᠰᠠᠨ᠎ᠰᠢᠭ᠋ ᠪᠠᠢᠨ᠎ᠠ!》 ᠭᠡᠬᠦ᠎ᠳᠦ᠂

ᠼᠣᠣ ᠳᠠᠷᠤᠭ᠎ᠠ ᠲᠠᠮᠠᠬᠢ ᠣᠷᠢᠶᠠᠨ ᠨᠣᠴᠤᠭᠠᠭᠰᠠᠨ᠎ᠢᠶᠠᠨ ᠤᠷᠤᠭᠰᠢ ᠳᠠᠪᠰᠢᠨ: 《ᠹᠧᠩ ᠶᠣᠣ ᠪᠠ ᠡ᠂ ᠴᠢᠮᠠᠢ ᠪᠠᠢᠭᠰᠠᠨ ᠭᠡᠵᠦ ᠿᠧᠨ ᠣᠪᠤᠭᠲᠤ᠎ᠶᠢᠨ ᠬᠡᠦᠬᠡᠳ ᠬᠡᠯᠡᠭᠰᠡᠨ᠃ ᠴᠢ ᠪᠠᠢᠭᠰᠠᠨ ᠪᠣᠯ ᠪᠠᠢᠭᠰᠠᠨ᠎ᠢᠶᠠᠨ ᠬᠡᠯᠡ᠂ ᠪᠠᠢᠭᠰᠠᠨ᠎ᠦᠭᠡᠢ ᠪᠣᠯ ᠪᠠᠢᠭᠰᠠᠨ᠎ᠦᠭᠡᠢ᠎ᠪᠠᠨ ᠬᠡᠯᠡ! ᠠᠷᠠᠳ ᠲᠦᠮᠡᠨ᠎ᠳᠦ ᠬᠠᠷᠢᠭᠤᠴᠠᠬᠤ ᠬᠡᠷᠡᠭᠲᠡᠢ᠂ ᠿᠧᠨ ᠯᠣᠣ ᠳ᠋ᠠ᠎ᠶᠢᠨ ᠬᠢᠨ᠎ᠳᠦ ᠬᠠᠷᠢᠭᠤᠴᠠᠨ᠎ᠠ᠂ ᠯᠦᠸᠧ ᠡᠯ ᠨᠢᠶᠠᠩ᠎ᠳᠤ ᠮᠥᠨ ᠬᠡᠯᠡᠯᠭᠡᠨ᠎ᠦᠭᠡᠢ ᠬᠠᠷᠢᠭᠤᠴᠠᠨ᠎ᠠ ᠰᠢᠤ! ᠰᠣᠨᠤᠰᠪᠠ᠎ᠤᠤ?》 ᠭᠡᠨ᠎ᠡ᠃

ᠼᠣᠣ ᠳᠠᠷᠤᠭ᠎ᠠ ᠶᠡᠬᠡᠯ᠎ᠡ ᠲᠣᠮᠤᠭ᠎ᠠ᠎ᠲᠠᠢ ᠬᠡᠯᠡᠵᠦ ᠪᠠᠢᠨ᠎ᠠ᠃ ᠭᠡᠪᠡᠴᠦ ᠶᠠᠭ ᠡᠨᠡ ᠲᠣᠮᠤᠭ᠎ᠠ᠎ᠲᠠᠢ ᠬᠡᠯᠡᠵᠦ ᠪᠠᠢᠬᠤ ᠦᠭᠡᠨ᠎ᠡᠴᠡ᠎ᠨᠢ ᠹᠧᠩ ᠶᠣᠣ ᠪᠠ᠎ᠳᠤ ᠪᠢᠲᠡᠭᠦᠦ᠎ᠪᠡᠷ ᠳᠠᠷᠤᠯᠲᠠ ᠦᠵᠡᠭᠦᠯᠵᠦ ᠪᠠᠢᠭ᠎ᠠ᠎ᠶᠢ ᠬᠥᠮᠦᠰ ᠲᠣᠳᠤᠷᠬᠠᠢ ᠮᠡᠳᠡᠯ᠎ᠡ᠃ ᠡᠨᠡ ᠦᠶ᠎ᠡ᠎ᠳᠦ ᠹᠧᠩ ᠶᠣᠣ ᠪᠠ ᠤᠯᠠᠮ᠎ᠴᠤ ᠶᠠᠭᠠᠬᠢᠵᠤ ᠵᠣᠭᠰᠤᠬᠤ᠎ᠪᠠᠨ ᠣᠯᠬᠤ᠎ᠦᠭᠡᠢ ᠪᠣᠯᠵᠤ ᠪᠠᠰᠠ᠎ᠯᠠ ᠬᠥᠯ᠎ᠢᠶᠡᠨ ᠰᠣᠯᠢᠵᠤ ᠵᠣᠭᠰᠤᠯ᠎ᠠ᠃

ᠢᠩᠭᠢᠭᠡᠳ ᠪᠠᠢᠪᠠᠯ ᠤᠴᠢᠷ ᠶᠠᠪᠤᠳᠠᠯ ᠰᠦᠢᠳ ᠪᠣᠯᠬᠤ᠎ᠨᠢ ᠳᠠᠮᠵᠢᠭ᠎ᠦᠭᠡᠢ ᠭᠡᠵᠦ ᠭᠣᠣᠯᠴᠢ ᠬᠥᠮᠦᠰ ᠲᠡᠰᠴᠦ ᠶᠠᠳᠠᠨ᠂ ᠨᠠᠭᠠᠨ᠎ᠠ ᠴᠠᠭᠠᠨ᠎ᠠ᠎ᠠᠴᠠ᠎ᠨᠢ ᠡᠯᠭᠦᠵᠦ ᠠᠪᠤᠭᠠᠳ:

《ᠹᠧᠩ ᠶᠣᠣ ᠪᠠ ᠡ᠂ ᠲᠠ ᠬᠡᠯᠡᠴᠢᠬᠡ!》

《ᠶᠠᠮᠠᠷ᠎ᠯᠠ ᠶᠡᠬᠡ ᠶᠠᠪᠤᠳᠠᠯ ᠭᠡᠵᠦ ᠳ᠋ᠠ ! ᠬᠡᠯᠡᠴᠢᠬᠡᠬᠦ᠎ᠳᠦ ᠶᠠᠮᠠᠷ ᠬᠠᠮᠢᠶ᠎ᠠ᠎ᠲᠠᠢ ᠪᠤᠢ?》

《ᠬᠡᠯᠡᠴᠢᠬᠡ ᠲᠠ ᠣᠳᠣ᠂ ᠴᠢᠩᠭᠢᠭᠡᠳ ᠠᠵᠢᠯ᠎ᠳᠠᠭᠠᠨ ᠭᠠᠷᠴᠠᠭᠠᠬᠤ᠎ᠦᠭᠡᠢ᠎ᠤᠤ᠂ ᠬᠠᠪᠤᠷ᠎ᠤᠨ ᠠᠵᠢᠯ᠎ᠤᠨ ᠶᠠᠭᠠᠷᠠᠤ᠎ᠳᠤ ᠁》

ᠣᠳᠣ ᠲᠦᠯᠬᠢᠵᠦ ᠲᠠᠲᠠᠬᠤ ᠭᠠᠵᠠᠷ᠎ᠦᠭᠡᠢ ᠪᠣᠯᠤᠯ᠎ᠠ᠃ ᠹᠧᠩ ᠶᠣᠣ ᠪᠠ ᠶᠠᠭᠠᠬᠢᠭᠰᠠᠨ᠎ᠢ ᠪᠤᠤ ᠮᠡᠳᠡ᠂ ᠰᠡᠭᠦᠷᠡᠰᠦ ᠠᠯᠳᠠᠵᠤ᠂ ᠬᠠᠵᠠᠭᠤ ᠲᠡᠰᠢ᠎ᠪᠡᠨ ᠬᠡᠳᠦᠨ ᠠᠯᠬᠤᠮ ᠶᠠᠪᠤᠵᠤ ᠪᠠᠢᠰᠢᠩ᠎ᠤᠨ ᠰᠠᠷᠠᠪᠴᠢᠨ ᠳᠣᠣᠷ᠎ᠠ ᠣᠴᠤᠢᠨ ᠰᠠᠭᠤᠭᠠᠳ ᠭᠠᠷ᠎ᠢᠶᠠᠨ ᠨᠤᠬᠤᠯᠤᠨ ᠪᠤᠬᠢᠨᠢᠳᠤᠨ ᠪᠠᠴᠢᠮᠳᠠᠭᠰᠠᠨ ᠪᠠᠢᠳᠠᠯ᠎ᠲᠠᠢ ᠳᠤᠪ ᠳᠤᠭᠤᠢ ᠭᠥᠯᠢᠷᠡᠨ᠎ᠡ᠃ ᠹᠧᠩ ᠶᠣᠣ ᠪᠠ ᠶᠡᠷᠦ᠎ᠳᠡᠭᠡᠨ ᠭᠡᠷ᠎ᠦᠨ᠎ᠢᠶᠡᠨ ᠡᠮᠦᠨᠡᠬᠢ ᠨᠠᠷᠠᠨ ᠡᠭᠡᠪᠦᠷ᠎ᠲᠦ ᠨᠢᠳᠦ ᠰᠡᠢᠮᠡᠢᠯᠭᠡᠨ ᠲᠠᠭᠠᠲᠠᠢᠬᠠᠨ ᠣᠴᠤᠢᠳᠠᠭ ᠪᠠᠢᠵᠠᠢ᠃ ᠥᠨᠥᠳᠦᠷ ᠬᠠᠷᠢᠨ ᠦᠰᠦᠨ᠎ᠡᠴᠡ᠎ᠪᠡᠨ ᠠᠷᠪᠢᠨ ᠥᠷᠢᠨ᠎ᠳᠦ ᠤᠨᠠᠭᠰᠠᠨ ᠬᠥᠮᠦᠨ᠎ᠰᠢᠭ ᠤᠷᠮ᠎ᠠ ᠦᠭᠡᠢᠬᠡᠨ ᠰᠠᠭᠤᠨ᠎ᠠ᠃ ᠠᠢ ᠳ᠋ᠠ ᠬᠥᠭᠡᠷᠦᠬᠦᠢ᠂ ᠬᠥᠮᠦᠨ ᠭᠡᠵᠦ ᠶᠠᠪᠤᠭᠠᠳ ᠡᠢᠮᠦ ᠠᠯᠬᠤᠮ᠎ᠳᠤ ᠬᠦᠷᠬᠦ ᠭᠡᠵᠦ ᠳ᠋ᠠ᠂ ᠠᠵᠤ ᠠᠮᠢᠳᠤᠷᠠᠯ᠎ᠢᠶᠠᠷ ᠬᠥᠮᠦᠨ᠎ᠳᠦ ᠦᠯᠦ ᠬᠦᠷᠬᠦ᠎ᠴᠦ ᠶᠠᠭᠠᠮᠠᠢ᠂ ᠡᠨᠡᠬᠡᠨ ᠪᠠᠭ᠎ᠠ ᠶᠠᠪᠤᠳᠠᠯ᠎ᠳᠤ ᠳᠠᠷᠤᠭᠳᠠᠭᠠᠳ ᠦᠨᠡᠨ᠎ᠢᠶᠡᠨ ᠬᠡᠯᠡᠵᠦ ᠴᠢᠳᠠᠬᠤ᠎ᠦᠭᠡᠢ᠎ᠨᠢ ᠶᠠᠭᠤ ᠪᠤᠢ ᠳ᠋ᠠ !

ᠵᠡᠭᠡᠯᠢ ᠳᠡᠭᠡᠷ᠎ᠡ ᠨᠠᠮ ᠵᠢᠮ ᠪᠣᠯᠤᠨ᠎ᠠ᠃ ᠣᠭᠲᠠᠷᠭᠤᠢ ᠳᠡᠭᠡᠭᠦᠷ ᠴᠠᠭᠠᠨ ᠡᠭᠦᠯᠡ ᠬᠥᠪᠪᠦᠨ ᠨᠡᠭᠦᠵᠦ ᠤᠷᠠᠨ ᠬᠠᠷᠢᠶᠠᠴᠠᠢ ᠳᠣᠭᠤᠤᠷ᠎ᠨᠢ ᠬᠠᠯᠢᠨ ᠱᠤᠯᠤᠭᠠᠨᠠᠵᠤ ᠁ ᠬᠥᠬᠦᠭᠡ᠎ᠶᠢᠨ ᠳᠠᠭᠤᠨ ᠬᠣᠯᠠ᠎ᠠᠴᠠ ᠰᠣᠨᠤᠰᠳᠠᠨ᠎ᠠ᠃

ᠹᠧᠩ ᠶᠣᠣ ᠪᠠ ᠲᠠᠭ ᠳᠤᠭᠤᠢ ᠪᠠᠢᠬᠤ᠎ᠨᠢ ᠡᠨᠡ ᠡᠮ᠎ᠡ᠎ᠶᠢ ᠪᠤᠷᠤᠭᠤᠳᠠᠯ᠎ᠠ ᠭᠡᠰᠡᠨ ᠬᠡᠷᠡᠭ ᠪᠢᠰᠢ᠎ᠦᠦ? ᠡᠨᠡ᠎ᠴᠢᠨᠢ ᠣᠯᠠᠨ᠎ᠤ ᠡᠮᠦᠨ᠎ᠡ ᠨᠢᠭᠤᠷ᠎ᠢ᠎ᠨᠢ ᠪᠠᠷᠠᠭᠰᠠᠨ ᠶᠠᠪᠤᠳᠠᠯ ᠪᠢᠰᠢ᠎ᠦᠦ? ᠲᠡᠭᠡᠪᠡᠴᠦ ᠨᠣᠬᠠᠢ᠎ᠶᠢ᠎ᠴᠤ ᠦᠯᠦ ᠬᠦᠷᠬᠦ ᠹᠧᠩ ᠶᠣᠣ ᠪᠠ᠎ᠪᠠᠷ ᠨᠢᠭᠤᠷ᠎ᠢᠶᠠᠨ ᠪᠠᠷᠠᠭᠤᠯᠬᠤ᠎ᠴᠢᠨᠢ ᠶᠠᠭᠠᠬᠢᠵᠤ ᠪᠣᠯᠬᠤ ᠪᠢᠯᠡ? ᠣᠨᠳᠤᠭᠤᠴᠠᠭᠰᠠᠨ ᠯᠦᠸᠧ ᠡᠯ ᠨᠢᠶᠠᠩ ᠬᠠᠷᠢᠶᠠᠯ ᠲᠠᠯᠪᠢᠨ ᠬᠠᠰᠭᠢᠷᠤᠯ᠎ᠠ᠃

《ᠬᠦᠢ! ᠹᠧᠩ ᠶᠣᠣ ᠪᠠ᠂ ᠴᠢ᠎ᠴᠢᠨᠢ ᠬᠥᠮᠦᠨ᠎ᠶᠦᠮ᠎ᠦᠦ? ᠶᠠᠪᠠᠷᠠᠴᠢᠬᠠᠭᠰᠠᠨ᠎ᠶᠤᠮ᠎ᠤᠤ ᠴᠢ? ᠯᠦᠸᠧ ᠡᠯ ᠨᠢᠶᠠᠩ ᠪᠢ ᠴᠢᠮ᠎ᠠ᠎ᠳᠤ ᠣᠰᠤᠯᠳᠠᠭᠰᠠᠨ ᠭᠠᠵᠠᠷ ᠶᠠᠭᠤ ᠪᠠᠢᠨ᠎ᠠ? ᠲᠤᠬᠢᠷᠪᠠᠯ ᠨᠣᠬᠠᠢ᠎ᠴᠤ ᠭᠡᠰᠡᠨ ᠬᠡᠳᠦ ᠬᠤᠴᠠᠳᠠᠭ ᠰᠢᠤ ᠳ᠋ᠠ !》

ᠯᠦᠸᠧ ᠡᠯ ᠨᠢᠶᠠᠩ ᠲᠡᠷᠡ᠎ᠬᠦ ᠿᠧᠨ ᠯᠣᠣ ᠳ᠋ᠠ᠎ᠶᠢᠨ ᠡᠬᠡᠨᠡᠷ᠎ᠲᠡᠢ ᠬᠡᠯᠡᠯᠴᠡᠬᠦ᠎ᠪᠡᠨ ᠪᠣᠯᠢᠭᠠᠳ᠂ ᠭᠡᠨᠡᠳᠲᠡ ᠥᠰᠢᠶᠡᠲᠡᠨ᠎ᠢᠶᠡᠨ ᠮᠡᠳᠡᠭᠰᠡᠨ᠎ᠰᠢᠭ ᠹᠧᠩ ᠶᠣᠣ ᠪᠠ᠎ᠲᠠᠢ ᠵᠢᠭᠤᠷᠠᠵᠤ᠂ ᠬᠠᠷᠢᠶᠠᠬᠤ᠎ᠶᠢᠨ ᠮᠠᠭᠤ᠎ᠪᠠᠷ ᠬᠠᠷᠢᠶᠠᠵᠤ ᠡᠬᠢᠯᠡᠯ᠎ᠡ᠃

《ᠬᠥᠮᠦᠨ᠎ᠢ ᠪᠢᠲᠡᠭᠡᠢ ᠬᠠᠷᠢᠶᠠᠭᠲᠤᠨ!》

《᠁ ᠬᠥᠮᠦᠨ᠎ᠢᠶᠡᠷ ᠭᠡᠷᠡᠴᠢ ᠪᠣᠯᠭᠠᠨ᠎ᠠ ᠭᠡᠵᠦ ᠪᠠᠢᠭᠠᠳ ᠁》

ᠰᠣᠨᠤᠰᠤᠭᠰᠠᠭᠠᠷ ᠪᠠᠢᠵᠤ ᠲᠡᠰᠬᠦ ᠠᠯᠳᠠᠷᠠᠭᠰᠠᠨ ᠬᠥᠮᠦᠰ ᠢᠩᠭᠢᠵᠦ ᠬᠡᠯᠡᠵᠡᠭᠡᠨ᠎ᠡ᠃

《ᠬᠠᠷᠢᠶᠠᠨ᠎ᠠ᠂ ᠶᠠᠭᠠᠬᠢᠳᠠᠭ᠎ᠶᠤᠮ!ᠮᠢᠨᠦ ᠬᠠᠷᠢᠶᠠᠬᠤ ᠲᠠᠨ᠎ᠳᠤ ᠬᠠᠮᠢᠶ᠎ᠠ᠎ᠦᠭᠡᠢ! ᠲᠣᠯᠤᠭᠠᠢ᠎ᠲᠠᠢ᠎ᠨᠢ ᠭᠠᠷᠴᠤ ᠢᠷ᠎ᠡ᠂ ᠯᠦᠸᠧ ᠡᠯ ᠨᠢᠶᠠᠩ ᠬᠥᠮᠦᠨ ᠲᠠᠨᠢᠬᠤ᠎ᠦᠭᠡᠢ ᠪᠣᠯᠵᠠᠢ ᠭᠡᠵᠦ ᠪᠤᠤ ᠭᠣᠮᠤᠳᠠ!》

ᠹᠧᠩ ᠶᠣᠣ ᠪᠠ ᠲᠣᠯᠤᠭᠠᠢ᠎ᠪᠠᠨ ᠤᠨᠵᠢᠭᠤᠯᠤᠭᠰᠠᠭᠠᠷ ᠮᠥᠨ ᠲᠠᠭ ᠳᠤᠭᠤᠢ᠃ ᠠᠢ ᠳ᠋ᠠ᠂ ᠹᠧᠩ ᠶᠣᠣ ᠪᠠ᠎ᠴᠤ ᠬᠠᠷᠠᠯᠠᠵᠤ ᠳᠠᠭᠤᠰᠤᠯ᠎ᠠ ᠭᠡᠵᠦ ᠣᠯᠠᠨ᠎ᠢᠶᠠᠷ᠎ᠢᠶᠠᠨ ᠰᠠᠨᠠᠭ᠎ᠠ ᠵᠣᠪᠠᠨ᠎ᠠ᠃

ᠬᠠᠷᠢᠶᠠᠯ᠎ᠳᠠᠭᠠᠨ ᠬᠠᠯᠠᠮᠰᠢᠭᠰᠠᠨ ᠯᠦᠸᠧ ᠡᠯ ᠨᠢᠶᠠᠩ ᠬᠠᠶᠠ ᠰᠦᠪᠡᠭᠡ ᠲᠤᠯᠵᠤ ᠰᠦᠷ ᠪᠠᠳᠠᠷᠠᠭᠤᠯᠤᠨ᠂ ᠬᠠᠶᠠ ᠬᠥᠯ ᠳᠡᠪᠰᠡᠨ ᠡᠪᠦᠳᠦᠭ ᠠᠯᠠᠭᠠᠳᠠᠵᠤ ᠹᠧᠩ ᠶᠣᠣ ᠪᠠ ᠤᠷᠤᠭᠤ 《ᠲᠦᠢ ᠲᠦᠢ》 ᠨᠤᠯᠮᠤᠨ᠎ᠠ᠃ ᠼᠣᠣ ᠳᠠᠷᠤᠭ᠎ᠠ : 《ᠪᠢ ᠬᠡᠯᠡᠪᠡᠯ᠂ ᠹᠧᠩ ᠶᠣᠣ ᠪᠠ᠂ ᠲᠠ ᠦᠨᠡᠨ᠎ᠢᠶᠡᠷ᠎ᠨᠢ ᠬᠡᠯᠡᠴᠢᠬᠡ! 〈ᠳᠥᠷᠪᠡᠨ ᠬᠠᠮᠰᠠᠭᠠᠲᠠᠨ〉᠎ᠢ ᠪᠣᠳᠠ ᠨᠢᠷᠭᠡᠭᠡᠳ ᠮᠥᠨ ᠳᠥᠷᠪᠡᠨ ᠵᠢᠯ ᠪᠣᠯᠵᠤ ᠪᠠᠢᠬᠤ᠎ᠶᠤᠮ᠎ᠴᠢᠨᠢ ᠦᠨᠡᠨ᠎ᠢᠶᠡᠷ ᠦᠨᠡᠨ᠎ᠢ ᠶᠠᠷᠢᠪᠠᠯ ᠳᠡᠭᠡᠷ᠎ᠡ ᠰᠢᠦ ᠁》 ᠭᠡᠯ᠎ᠡ᠃

ᠣᠯᠠᠨ ᠳᠠᠬᠢᠨ ᠰᠠᠨᠠᠭᠤᠯᠤᠭᠰᠠᠨ᠎ᠤ ᠠᠴᠢ᠎ᠪᠠᠷ ᠹᠧᠩ ᠶᠣᠣ ᠪᠠ ᠳᠡᠪᠡᠯ᠎ᠢᠶᠡᠨ ᠰᠡᠭᠰᠦᠷᠦᠭᠰᠡᠭᠡᠷ ᠪᠣᠰᠴᠤ ᠵᠣᠭᠰᠤᠯ᠎ᠠ᠃

ᠼᠣᠣ ᠳᠠᠷᠤᠭ᠎ᠠ : 《ᠤᠤᠬᠠᠢ᠂ ᠴᠣᠬᠤᠮ᠎ᠳᠠᠭᠠᠨ ᠴᠢᠮ᠎ᠠ᠎ᠳᠤ᠎ᠴᠤ ᠬᠠᠮᠢᠶ᠎ᠠ᠎ᠦᠭᠡᠢ ᠬᠡᠷᠡᠭ ᠰᠢᠦ ᠳ᠋ᠡ ᠁》 ᠭᠡᠬᠦ᠎ᠳᠦ᠂

ᠹᠧᠩ ᠶᠣᠣ ᠪᠠ ᠤᠬᠢᠯᠠᠩᠬᠠᠢ ᠴᠢᠷᠠᠢᠯᠠᠨ᠂ ᠳᠤᠪ ᠳᠤᠭᠤᠢ ᠳᠣᠬᠢᠭᠰᠠᠭᠠᠷ ᠬᠥᠯ᠎ᠢᠶᠡᠨ ᠴᠢᠷᠴᠦ ᠤᠷᠤᠭᠰᠢ ᠳᠥᠬᠦᠪᠡ᠃ ᠢᠴᠢᠭᠰᠡᠨ ᠬᠥᠮᠦᠨ ᠬᠥᠮᠦᠨ ᠠᠯᠠᠨ᠎ᠠ ᠭᠡᠭᠴᠢ᠎ᠪᠡᠷ ᠹᠧᠩ ᠶᠣᠣ ᠪᠠ᠎ᠮᠠᠨᠢ ᠶᠠᠳᠠᠭᠤ ᠵᠦᠳᠡᠭᠦᠦ ᠬᠥᠭᠡᠷᠦᠬᠦᠢ ᠪᠠᠭᠰᠢ᠎ᠶᠢᠨ ᠭᠡᠷ᠎ᠲᠦ ᠬᠡᠷᠡᠭ ᠣᠷᠤᠭᠤᠯᠬᠤ ᠭᠡᠵᠦ ᠪᠠᠢᠬᠤ᠎ᠦᠭᠡᠢ ᠪᠢᠵᠡ ᠳ᠋ᠡ ?

《ᠼᠣᠣ ᠳᠠᠷᠤᠭ᠎ᠠ ᠡ》 ᠭᠡᠰᠡᠨ᠎ᠢᠶᠡᠨ ᠹᠧᠩ ᠶᠣᠣ ᠪᠠ ᠴᠡᠴᠡᠷᠬᠢᠯᠡᠭᠰᠡᠨ ᠳᠠᠭᠤᠨ᠎ᠢᠶᠠᠷ: 《ᠲᠠ ᠁ ᠨᠠᠮᠠᠢ ᠬᠡᠯᠡ ᠭᠡᠨ᠎ᠡ?》 ᠭᠡᠵᠦ ᠠᠰᠠᠭᠤᠯ᠎ᠠ᠃

《ᠲᠡᠭᠡᠭᠡᠳ᠎ᠯᠡ ᠬᠦᠯᠢᠶᠡᠭᠰᠡᠭᠡᠷ ᠰᠢᠤ ᠳ᠋ᠠ !》

ᠹᠧᠩ ᠶᠣᠣ ᠪᠠ ᠲᠣᠯᠤᠭᠠᠢ ᠳᠣᠬᠢᠰᠬᠢᠨ:

《ᠹᠧᠩ ᠶᠣᠣ ᠪᠠ ᠨᠠᠮᠠᠢ ᠣᠯᠠᠨ᠎ᠢᠶᠠᠷ᠎ᠢᠶᠠᠨ ᠮᠡᠳᠡᠵᠦ ᠪᠠᠢᠨ᠎ᠠ》 ᠭᠡᠳ ᠲᠡᠷᠡ ᠶᠡᠬᠡᠯ᠎ᠡ ᠵᠣᠪᠠᠭᠰᠠᠨ ᠪᠠᠢᠳᠠᠯ᠎ᠲᠠᠢ ᠣᠯᠠᠨ᠎ᠤ ᠥᠭᠡᠳᠡ ᠬᠠᠷᠠᠭᠰᠠᠭᠠᠷ: 《ᠡᠨᠡ ᠲᠣᠰᠭᠤᠨ᠎ᠳᠤ ᠪᠢ ᠬᠥᠮᠦᠨ ᠳᠦᠷᠢ᠎ᠲᠡᠢ ᠶᠠᠪᠤᠭ᠎ᠠ᠎ᠦᠭᠡᠢ ᠁ ᠨᠢᠭᠤᠮᠠᠷ ᠶᠠᠭᠤ ᠪᠠᠢᠬᠤ ᠪᠤᠢ᠂ ᠡᠭᠡᠭᠡ᠎ᠯᠡ ᠨᠣᠬᠠᠢ ᠰᠢᠤ ᠳ᠋ᠠ ! ᠁ ᠪᠢ ᠶᠠᠳᠠᠭᠤᠷᠠᠬᠤ᠎ᠶᠢᠨ ᠲᠤᠢᠯ᠎ᠳᠤ ᠬᠦᠷᠦᠭᠰᠡᠨ ᠁ ᠨᠠᠳᠠ ᠠᠷᠭ᠎ᠠ᠎ᠦᠭᠡᠢ ᠰᠢᠦ! ᠁ ᠣᠯᠠᠨ᠎ᠢᠶᠠᠷ᠎ᠢᠶᠠᠨ ᠦᠵᠡᠵᠦ ᠪᠠᠢᠨ᠎ᠠ ᠁ ᠪᠢ᠎ᠴᠢᠨᠢ ᠨᠢᠭᠡᠮᠦᠰᠦᠨ ᠨᠢᠭᠤᠷ᠎ᠢᠶᠠᠨ ᠪᠠᠷᠠᠭᠰᠠᠨ ᠬᠥᠮᠦᠨ ᠁》 ᠭᠡᠵᠦ ᠶᠠᠭᠠᠷᠠᠮ᠎ᠠ᠎ᠦᠭᠡᠢ ᠨᠢᠭᠡ ᠨᠢᠭᠡ᠎ᠪᠡᠷ ᠬᠡᠯᠡᠨ᠎ᠡ᠃

《ᠡᠨᠡ᠎ᠴᠢᠨᠢ ᠶᠠᠭᠠᠬᠢᠵᠤ ᠪᠠᠢᠨ᠎ᠠ ᠪᠤᠢ?》 ᠭᠡᠵᠦ ᠴᠤᠭᠯᠠᠷᠠᠭᠰᠠᠨ ᠬᠥᠮᠦᠰ ᠭᠠᠢᠬᠠᠰᠢ ᠠᠯᠳᠠᠨ ᠨᠠᠮ ᠵᠢᠮ ᠪᠣᠯᠵᠤ ᠲᠡᠭᠦᠨ ᠤᠷᠤᠭᠤ ᠰᠢᠷᠲᠡᠵᠡᠭᠡᠨ᠎ᠡ᠃

《ᠨᠢᠳᠤᠨᠤᠨ ᠪᠠ ᠳ᠋ᠠ 》 ᠭᠡᠳ ᠹᠧᠩ ᠶᠣᠣ ᠪᠠ ᠦᠭᠡ᠎ᠪᠡᠨ ᠵᠠᠯᠭᠠᠵᠤ: 《ᠲᠤᠲᠤᠷᠭ᠎ᠠ ᠨᠣᠶᠠᠨ ᠰᠢᠰᠢ᠎ᠲᠡᠢ ᠬᠡᠳᠦᠨ ᠵᠠᠭᠤᠨ ᠵᠢᠩ ᠬᠤᠪᠢᠶᠠᠵᠤ ᠠᠪᠤᠭᠠᠳ᠂ ᠨᠢᠭᠡ ᠭᠡᠷ᠎ᠢᠶᠡᠷ᠎ᠢᠶᠡᠨ ᠲᠠᠪᠤᠨ ᠰᠠᠷ᠎ᠠ᠎ᠶᠢᠨ ᠰᠢᠨ᠎ᠡ᠎ᠶᠢᠨ ᠲᠠᠪᠤᠨ ᠬᠦᠷᠲᠡᠯ᠎ᠡ ᠭᠦᠢᠴᠡᠴᠢᠬᠡᠨ᠎ᠡ ᠭᠡᠵᠦ ᠪᠣᠳᠤᠭᠰᠠᠨ᠃ ᠨᠠᠩᠭᠢ ᠲᠤᠲᠤᠷᠭ᠎ᠠ᠎ᠪᠠᠷ᠎ᠢᠶᠠᠨ ᠬᠡᠦᠬᠡᠳ᠎ᠲᠡᠭᠡᠨ ᠽᠦᠩᠽᠢ ᠢᠳᠡᠭᠦᠯᠦᠶ᠎ᠡ ᠭᠡᠵᠦ ᠮᠠᠨ᠎ᠤ ᠡᠬᠡᠨᠡᠷ ᠬᠡᠯᠡᠵᠦ ᠪᠠᠢᠯ᠎ᠠ᠃ ᠲᠥᠮᠦᠰᠦ᠎ᠴᠦ ᠮᠥᠨ ᠤᠷᠭᠤᠴᠢᠬᠠᠭᠰᠠᠨ ᠪᠠᠢᠵᠠᠢ᠃ ᠪᠠᠢᠬᠤ ᠪᠠᠭ᠎ᠠ ᠨᠣᠭᠤᠭ᠎ᠠ᠎ᠶᠢᠨ ᠦᠷ᠎ᠡ᠎ᠶᠢ᠎ᠮᠢᠨᠢ ᠤᠯᠤᠰ᠎ᠠᠴᠠ ᠲᠤᠲᠤᠷᠭ᠎ᠠ ᠱᠠᠩᠨᠠᠵᠤ ᠬᠤᠳᠠᠯᠳᠤᠨ ᠠᠪᠬᠤ ᠭᠡᠵᠦ ᠪᠠᠢᠭᠰᠠᠨ᠂ ᠬᠤᠪᠢ᠎ᠶᠢᠨ ᠲᠠᠷᠢᠶᠠᠨ᠎ᠠᠴᠠ᠎ᠪᠠᠨ ᠪᠠᠰᠠ ᠪᠤᠭᠤᠳᠠᠢ ᠬᠤᠷᠢᠶᠠᠬᠤ᠎ᠶᠤᠮ᠂ ᠁ ᠨᠢᠳᠤᠨᠤᠨ ᠬᠠᠭᠤᠴᠢᠨ ᠲᠠᠷᠢᠶᠠᠨ᠎ᠤ ᠤᠰᠤ᠎ᠶᠢ ᠲᠠᠯᠪᠢᠨ ᠰᠡᠯᠭᠦᠭᠡ ᠲᠠᠷᠢᠶ᠎ᠠ ᠲᠠᠷᠢ ᠭᠡᠵᠦ ᠠᠯᠪᠠᠳᠠᠭᠰᠠᠨ᠎ᠦᠭᠡᠢ᠂ ᠪᠢᠯᠬᠠᠮ᠎ᠠ ᠤᠰᠤ᠎ᠲᠠᠢ ᠲᠠᠷᠢᠶ᠎ᠠ᠎ᠶᠢ ᠬᠥᠮᠦᠨ᠎ᠳᠦ ᠳᠠᠭᠠᠭᠠᠴᠢᠯᠠᠨ ᠥᠭᠭᠦᠭᠰᠡᠨ᠎ᠢᠶᠡᠷ ᠳᠠᠯᠠᠩ ᠲᠠᠲᠠᠵᠤ ᠴᠢᠬᠢ ᠰᠠᠭᠤᠯᠭᠠᠬᠤ᠎ᠳᠤ᠎ᠴᠤ ᠠᠮᠠᠷᠬᠠᠨ ᠁ ᠴᠢᠬᠢ ᠰᠠᠭᠤᠯᠭᠠᠭᠠᠳ ᠠᠪᠴᠢᠬᠠᠪᠠᠯ ᠨᠣᠶᠠᠨ ᠰᠢᠰᠢ ᠲᠤᠲᠤᠷᠭ᠎ᠠ ᠣᠯᠬᠤ᠎ᠳᠤ ᠬᠦᠴᠢᠷ ᠶᠠᠭᠤ ᠪᠠᠢᠬᠤ ᠪᠤᠢ ᠳ᠋ᠠ ᠁》 ᠭᠡᠲᠡᠯ᠎ᠡ᠂

《ᠹᠧᠩ ᠶᠣᠣ ᠪᠠ ᠡ᠂ ᠦᠭᠡ᠎ᠴᠢᠨᠢ ᠣᠯᠠᠳᠠᠵᠤ ᠦᠬᠡᠷ᠎ᠴᠢᠨᠢ ᠬᠣᠯᠠᠳᠤᠯ᠎ᠠ᠃ ᠴᠢ᠎ᠴᠢᠨᠢ ᠡᠷᠦᠢ ᠬᠤᠷᠤᠢ᠎ᠦᠭᠡᠢ ᠶᠠᠭᠤ ᠴᠠᠯᠴᠢᠭᠠᠳ᠎ᠯᠠ ᠪᠠᠢᠬᠤ᠎ᠶᠤᠮ ᠪᠤᠢ!》 ᠭᠡᠵᠦ ᠯᠦᠸᠧ ᠡᠯ ᠨᠢᠶᠠᠩ ᠲᠣᠰᠴᠤ ᠠᠪᠤᠯ᠎ᠠ᠃

ᠰᠠᠨᠠᠮᠰᠠᠷ᠎ᠦᠭᠡᠢ ᠪᠠᠢᠲᠠᠯ᠎ᠠ ᠹᠧᠩ ᠶᠣᠣ ᠪᠠ ᠤᠬᠤᠰᠬᠢᠵᠤ ᠡᠷᠭᠢᠵᠦ ᠬᠠᠷᠠᠭᠠᠳ ᠨᠢᠳᠦ ᠤᠯᠠᠢᠯᠭᠠᠨ ᠲᠡᠪᠴᠢᠭᠰᠡᠭᠡᠷ:

《ᠼᠣᠣ ᠳᠠᠷᠤᠭ᠎ᠠ ᠡ! ᠠᠮᠤ ᠬᠤᠳᠠᠯᠳᠤᠵᠤ ᠥᠭᠭᠦᠨ᠎ᠡ᠎ᠦᠦ᠎ᠦᠭᠡᠢ᠎ᠦᠦ᠂ ᠪᠦᠷ ᠴᠢᠨᠦ ᠬᠡᠷᠡᠭ᠃ ᠪᠢ ᠥᠨᠥ ᠵᠢᠯ ᠠᠪᠬᠤ᠎ᠦᠭᠡᠢ᠎ᠴᠤ ᠭᠡᠰᠡᠨ ᠠᠮᠢᠳᠤᠷᠠᠵᠤ ᠴᠢᠳᠠᠨ᠎ᠠ!》 ᠭᠡᠵᠦ ᠠᠭᠤᠷᠰᠠᠨ ᠬᠠᠰᠭᠢᠷᠤᠯ᠎ᠠ᠃

ᠹᠧᠩ ᠶᠣᠣ ᠪᠠ᠎ᠶᠢᠨ ᠡᠨᠡ ᠮᠡᠲᠦ ᠰᠦᠷᠡᠬᠡᠢ ᠵᠠᠩᠨᠠᠬᠤ᠎ᠶᠢ ᠬᠥᠮᠦᠰ ᠶᠡᠷᠦ ᠣᠯᠵᠤ ᠦᠵᠡᠭᠰᠡᠨ᠎ᠦᠭᠡᠢ ᠲᠤᠯᠠ ᠨᠢᠭᠡᠮᠦᠰᠦᠨ ᠭᠠᠢᠬᠠᠰᠢ ᠠᠯᠳᠠᠨ ᠮᠡᠯᠡᠷᠡᠨ᠎ᠡ᠃ ᠹᠧᠩ ᠶᠣᠣ ᠪᠠ᠎ᠶᠢᠨ ᠥᠷᠭᠡᠨ ᠴᠢᠷᠠᠢ ᠭᠱᠠᠨ ᠵᠠᠭᠤᠷ᠎ᠠ ᠪᠠᠷᠤᠢᠵᠤ ᠬᠥᠬᠡᠷᠡᠭᠡᠳ᠂ ᠰᠢᠳᠦ᠎ᠪᠡᠨ ᠵᠠᠭᠤᠬᠤ᠎ᠳᠤᠨᠢ ᠦᠨᠡᠬᠡᠷ ᠠᠶᠤᠵᠤ ᠰᠦᠷᠳᠡᠮᠡᠷ ᠪᠠᠢᠯ᠎ᠠ᠃

《ᠪᠢ ᠬᠣᠶᠠᠷ ᠯᠠᠩ ᠮᠢᠬ᠎ᠠ ᠣᠯᠵᠤ ᠢᠳᠡᠬᠦ᠎ᠦᠦ᠂ ᠶᠠᠭᠠᠬᠢᠬᠤ ᠪᠤᠢ?》 ᠭᠡᠳ ᠹᠧᠩ ᠶᠣᠣ ᠪᠠ ᠴᠡᠭᠡᠵᠢ᠎ᠪᠡᠨ ᠠᠯᠠᠭᠠᠳᠠᠵᠤ: 《ᠢᠳᠡᠨ᠎ᠡ ᠳ᠋ᠠ ! ᠬᠤᠳᠠᠯᠳᠤᠵᠤ ᠠᠪᠤᠨ᠎ᠠ ᠰᠢᠤ ᠳ᠋ᠠ ! ᠶᠠᠭᠠᠬᠢᠯ᠎ᠠ᠎ᠴᠤ ᠭᠡᠰᠡᠨ ᠯᠦᠸᠧ ᠣᠪᠤᠭᠲᠤ᠎ᠶᠢᠨ ᠬᠢ᠎ᠡᠴᠡ ᠭᠣᠷᠢᠳᠠᠬᠤ᠎ᠦᠭᠡᠢ᠂ ᠨᠣᠭᠤᠭ᠎ᠠ᠎ᠶᠢᠨ ᠦᠷ᠎ᠡ᠎ᠪᠡᠨ ᠬᠤᠳᠠᠯᠳᠤᠭᠰᠠᠨ᠎ᠤ ᠰᠡᠭᠦᠯᠡᠷ ᠮᠢᠬ᠎ᠠ ᠬᠤᠳᠠᠯᠳᠤᠨ ᠠᠪᠴᠤ ᠬᠡᠦᠬᠡᠳ᠎ᠦᠳ᠎ᠲᠡᠭᠡᠨ ᠨᠢᠭᠡ ᠴᠠᠭ ᠰᠠᠢᠨ ᠢᠳᠡᠭᠦᠯᠦᠨ᠎ᠡ! ᠣᠳᠣ ᠶᠠᠭᠠᠷᠮᠠᠭ᠎ᠲᠤ ᠭᠠᠬᠠᠢ᠎ᠶᠢᠨ ᠮᠢᠬ᠎ᠠ ᠪᠠᠢᠬᠤ᠎ᠯᠠ ᠪᠤᠶᠠᠨ᠂ ᠭᠠᠭᠴᠠ ᠢᠳᠡᠭᠡᠨ᠎ᠦ ᠥᠷᠲᠡᠭᠡᠨ᠎ᠳᠦ᠎ᠯᠡ ᠪᠠᠢᠬᠤ᠎ᠶᠤᠮ᠎ᠤᠤ? ᠢᠯᠡᠭᠦᠦ ᠬᠡᠳᠦᠨ ᠮᠥᠩᠭᠦ ᠭᠠᠷᠭᠠᠪᠠᠯ ᠶᠠᠮᠠᠷ᠎ᠢ᠎ᠨᠢ ᠰᠢᠯᠢᠵᠦ ᠠᠪᠤᠪᠠᠴᠤ ᠳᠤᠷ᠎ᠠ᠎ᠪᠠᠷ᠎ᠢᠶᠠᠨ! ᠁ ᠣᠳᠣ᠂ ᠠᠩᠬᠠᠨ᠎ᠤ ᠬᠡᠳᠦᠨ ᠵᠢᠯ᠎ᠲᠡᠢ ᠲᠠᠭᠠᠷᠠᠬᠤ᠎ᠦᠭᠡᠢ ᠪᠣᠯᠤᠭᠰᠠᠨ᠃ ᠡᠭᠦᠨ᠎ᠢ ᠬᠤᠳᠠᠯᠳᠤᠬᠤ᠎ᠦᠭᠡᠢ ᠭᠡᠲᠡᠯ᠎ᠡ ᠲᠡᠭᠦᠨ᠎ᠢ ᠬᠤᠳᠠᠯᠳᠤᠬᠤ᠎ᠦᠭᠡᠢ ᠭᠡᠳ ᠯᠠᠩᠭᠦᠢ ᠳᠣᠣᠷ᠎ᠠ᠎ᠪᠠᠨ ᠳᠠᠷᠤᠲᠠᠯ᠎ᠠ ᠡᠭᠦᠳᠡᠨ᠎ᠦ ᠠᠷᠤ᠎ᠳᠠᠭᠠᠨ ᠨᠢᠭᠤᠪᠠᠯ ᠡᠭᠦᠷᠭᠡ᠎ᠪᠡᠨ ᠪᠡᠶᠡᠯᠡᠭᠦᠯᠵᠦ ᠴᠢᠳᠠᠬᠤ᠎ᠦᠭᠡᠢ᠎ᠨᠢ ᠯᠠᠪ! ᠡᠴᠢᠭᠡ᠎ᠴᠢᠨᠢ ᠪᠢ ᠡᠨᠡ ᠵᠢᠯ ᠁》 ᠭᠡᠲᠡᠯ᠎ᠡ᠂

《ᠹᠧᠩ ᠶᠣᠣ ᠪᠠ ᠡ! ᠴᠢ ᠠᠮᠠ᠎ᠪᠠᠨ ᠬᠢᠴᠢᠶᠡ᠂ ᠴᠢ ᠬᠡᠨ᠎ᠳᠦ ᠡᠴᠢᠭᠡ ᠪᠣᠯᠬᠤ᠎ᠶᠤᠮ?》

《ᠴᠢ ᠶᠠᠭᠠᠬᠢᠬᠤ ᠰᠠᠨᠠᠭ᠎ᠠ᠎ᠲᠠᠢ᠎ᠶᠤᠮ? ᠴᠢ ᠨᠠᠳᠠ᠎ᠲᠠᠢ ᠬᠠᠯᠳᠠᠬᠤ ᠰᠠᠨᠠᠭ᠎ᠠ᠎ᠲᠠᠢ᠎ᠤᠤ? ᠭᠠᠷ ᠬᠥᠳᠡᠯᠪᠡᠯ ᠬᠥᠳᠡᠯᠭᠡᠵᠦ ᠦᠵᠡᠶ᠎ᠡ ᠳ᠋ᠠ ! ᠁ ᠡᠴᠢᠭᠡ᠎ᠴᠢᠨᠢ ᠪᠢ ᠲᠦᠷᠦᠭᠦᠦ ᠬᠡᠳᠦᠨ ᠵᠢᠯ ᠬᠥᠮᠦᠨ᠎ᠦ ᠰᠢᠨᠵᠢ᠎ᠦᠭᠡᠢ ᠶᠠᠪᠤᠵᠤ ᠦᠢᠯᠡ ᠲᠠᠮᠤ᠎ᠪᠠᠨ ᠭᠦᠢᠴᠡᠭᠰᠡᠨ! ᠡᠨᠡ ᠬᠣᠶᠠᠷ ᠵᠢᠯ᠎ᠳᠦ ᠤᠯᠤᠰ ᠣᠷᠤᠨ᠎ᠤ ᠠᠴᠢ᠎ᠪᠠᠷ ᠲᠠᠷᠢᠶᠠᠴᠢᠳ ᠪᠢᠳᠡ ᠡᠷᠬᠡ ᠴᠢᠯᠦᠭᠡ᠎ᠲᠡᠢ ᠪᠣᠯᠤᠯ᠎ᠠ᠃ ᠥᠨᠥᠳᠦᠷ ᠬᠡᠨ ᠨᠠᠮᠠᠢ ᠳᠠᠬᠢᠵᠤ ᠬᠠᠷᠢᠶᠠᠪᠠᠯ ᠲᠡᠭᠦᠨ᠎ᠳᠦ ᠨᠠᠢᠷ ᠬᠠᠶᠠᠬᠤ᠎ᠦᠭᠡᠢ ᠭᠡᠵᠦ ᠮᠡᠳᠡ!》

《ᠠᠢ᠂ ᠹᠧᠩ ᠶᠣᠣ ᠪᠠ ᠡ!》 ᠭᠡᠵᠦ ᠼᠣᠣ ᠳᠠᠷᠤᠭ᠎ᠠ ᠬᠣᠷᠢᠭᠯᠠᠲᠠᠯ᠎ᠠ ᠹᠧᠩ ᠶᠣᠣ ᠪᠠ ᠦᠭᠡ᠎ᠶᠢ᠎ᠨᠢ ᠲᠠᠰᠤᠯᠤᠯ᠎ᠠ:

《ᠨᠠᠳᠠ ᠪᠢᠲᠡᠭᠡᠢ ᠲᠡᠭᠡᠵᠦ ᠠᠭᠠᠰᠢᠯᠠ! ᠲᠡᠷᠡ ᠮᠤᠤᠰᠠᠢᠨ ᠠᠷᠭ᠎ᠠ ᠪᠠᠰᠢᠷ᠎ᠢᠶᠠᠨ ᠴᠠᠰᠢ᠎ᠪᠠᠨ! ᠨᠠᠮᠠᠢ ᠬᠠᠮᠢᠶᠠᠷᠬᠤ ᠠᠩᠭᠢ᠎ᠳᠤ ᠣᠷᠤᠭᠤᠯᠤᠨ᠎ᠠ᠎ᠤᠤ? ᠪᠢᠲᠡᠭᠦᠨ ᠰᠢᠨ᠎ᠡ᠎ᠶᠢᠨ ᠨᠢᠭᠡᠨ᠎ᠳᠦ ᠤᠰᠤᠨ ᠰᠤᠪᠠᠭ ᠲᠠᠲᠠᠭᠤᠯᠬᠤ᠎ᠪᠠᠷ ᠶᠠᠪᠤᠭᠤᠯᠤᠨ᠎ᠠ᠎ᠤᠤ? ᠣᠳᠣ ᠲᠡᠭᠡᠵᠦ ᠴᠢᠳᠠᠬᠤ᠎ᠦᠭᠡᠢ ᠰᠢᠦ! ᠲᠡᠭᠡᠵᠦ ᠰᠣᠷᠲᠤᠭᠤᠯᠠᠬᠤ ᠴᠠᠭ᠎ᠴᠢᠨᠢ ᠥᠩᠭᠡᠷᠡᠭᠰᠡᠨ! ᠁ ᠴᠢ ᠨᠣᠶᠠᠨ ᠰᠠᠭᠤᠬᠤ᠎ᠪᠠᠷ᠎ᠢᠶᠠᠨ ᠰᠠᠭᠤ᠂ ᠴᠢᠮᠠᠢ ᠨᠣᠶᠠᠨ ᠰᠠᠭᠤᠬᠤ ᠬᠤᠭᠤᠴᠠᠭᠠᠨ᠎ᠳᠤ ᠪᠢ ᠶᠠᠭᠠᠬᠢᠪᠠᠴᠤ ᠬᠤᠯᠠᠭᠠᠢ ᠵᠠᠯᠠᠭᠠᠢ ᠬᠢᠬᠦ᠎ᠦᠭᠡᠢ᠃ ᠤᠯᠤᠰ ᠣᠷᠤᠨ᠎ᠠᠴᠠ ᠠᠵᠤ ᠠᠮᠢᠳᠤᠷᠠᠯ᠎ᠢ ᠡᠳᠦᠢ ᠰᠠᠢᠨ ᠲᠣᠬᠢᠷᠠᠭᠤᠯᠵᠤ ᠪᠠᠢᠬᠤ᠎ᠶᠤᠮ᠎ᠴᠢᠨᠢ ᠴᠢ ᠣᠳᠣ ᠶᠠᠭᠠᠬᠢᠵᠤ ᠴᠢᠳᠠᠬᠤ ᠪᠤᠢ?》

《ᠴᠢ᠂ ᠴᠢ ᠁》

《ᠶᠠᠭᠠᠬᠢᠨ᠎ᠠ! ᠴᠢ ᠨᠠᠳᠠ᠎ᠪᠠᠷ ᠭᠡᠷᠡᠴᠢ ᠪᠣᠯᠭᠠᠬᠤ ᠭᠡᠰᠡᠨ ᠪᠢᠰᠢ᠎ᠶᠦᠮ᠎ᠦᠦ? ᠪᠢ ᠶᠠᠭ ᠬᠠᠷᠠᠵᠤ ᠪᠠᠢᠭᠰᠠᠨ! ᠯᠦᠸᠧ ᠣᠪᠤᠭᠲᠤ᠎ᠶᠢᠨ ᠬᠡᠦᠬᠡᠳ᠎ᠯᠡ ᠬᠥᠮᠦᠨ᠎ᠦᠦ? ᠬᠥᠮᠦᠨ᠎ᠦ ᠶᠠᠭᠤᠮ᠎ᠠ᠎ᠶᠢ ᠣᠯᠵᠤ ᠠᠪᠤᠭᠠᠳ ᠥᠭᠬᠦ᠎ᠦᠭᠡᠢ ᠳᠡᠭᠡᠷ᠎ᠡ᠎ᠪᠡᠨ ᠬᠥᠮᠦᠨ᠎ᠢ ᠠᠰᠠᠭᠤᠬᠤᠯᠠᠷ ᠠᠮᠠ ᠠᠩᠭᠠᠢᠮᠠᠭᠴᠠ ᠬᠠᠷᠢᠶᠠᠯ ᠲᠠᠯᠪᠢᠵᠤ ᠭᠠᠷ ᠬᠥᠳᠡᠯᠬᠦ᠎ᠨᠢ! ᠬᠡᠨ ᠲᠡᠭᠦᠨ᠎ᠢ ᠴᠣᠬᠢᠭᠰᠠᠨ᠎ᠶᠤᠮ? ᠿᠧᠨ ᠣᠪᠤᠭᠲᠤ᠎ᠶᠢᠨ ᠬᠡᠦᠬᠡᠳ ᠭᠠᠷ ᠬᠥᠳᠡᠯᠦᠭᠰᠡᠨ᠎ᠦᠭᠡᠢ ᠮᠥᠷᠲᠡᠭᠡᠨ ᠬᠠᠷᠢᠭᠤ ᠬᠠᠷᠢᠶᠠᠭᠰᠠᠨ᠎ᠴᠤ᠎ᠦᠭᠡᠢ! ᠣᠳᠣ ᠴᠢ ᠰᠠᠢᠬᠠᠨ ᠰᠣᠨᠤᠰᠤᠯ᠎ᠠ ᠪᠢᠵᠡ?!》

ᠲᠣᠭᠤᠷᠢᠵᠤ ᠵᠣᠭᠰᠤᠭᠰᠠᠨ ᠬᠥᠮᠦᠰ ᠡᠢᠮᠦ ᠪᠠᠢᠳᠠᠯ᠎ᠢ ᠦᠵᠡᠭᠡᠳ ᠭᠠᠢᠬᠠᠰᠢ ᠠᠯᠳᠠᠵᠤ ᠪᠠᠢᠭᠰᠠᠨ᠎ᠢᠶᠠᠨ ᠭᠡᠨᠡᠳᠲᠡ ᠳᠦᠷᠬᠢᠷᠡᠲᠡᠯ᠎ᠡ ᠢᠨᠢᠶᠡᠯᠳᠦᠬᠦ᠎ᠳᠦ᠂ ᠠᠶᠤᠩᠭ᠎ᠠ ᠮᠡᠲᠦ ᠳᠠᠭᠤ ᠵᠡᠭᠡᠯᠢ ᠳᠠᠶᠠᠭᠠᠷ ᠳᠠᠭᠤᠷᠢᠰᠤᠨ᠎ᠠ᠃ ᠬᠥᠮᠦᠰ᠎ᠦᠨ ᠬᠡᠯᠡᠯᠴᠡᠭᠡᠨ ᠱᠠᠭᠢᠵᠤ ᠢᠷᠡᠭᠰᠡᠨ ᠠᠵᠢᠷᠭᠠᠨ ᠪᠣᠷᠤᠭᠠᠨ ᠮᠡᠲᠦ᠂ ᠤᠳᠠᠲᠠᠯ᠎ᠠ ᠱᠤᠤᠭᠢᠯᠳᠤᠭᠠᠳ ᠯᠤᠤᠲᠤ ᠳ᠋ᠧᠩ ᠭᠠᠷᠭᠠᠵᠤ ᠫᠤᠤᠵᠢᠩ ᠲᠠᠯᠪᠢᠨ ᠤᠭᠲᠤᠭᠰᠠᠨ ᠴᠠᠭᠠᠨ ᠰᠠᠷ᠎ᠠ᠎ᠶᠢᠨ ᠨᠠᠢᠷ ᠨᠠᠭᠠᠳᠤᠮ᠎ᠠᠴᠠ᠎ᠴᠤ ᠳᠣᠷᠤ᠎ᠦᠭᠡᠢ ᠪᠣᠯᠪᠠ! ᠁ ᠦᠭᠡ᠎ᠦᠭᠡᠢ ᠣᠴᠤᠢᠵᠤ ᠪᠠᠢᠭᠰᠠᠨ ᠹᠧᠩ ᠶᠣᠣ ᠪᠠ ᠭᠤᠸᠠᠢ ᠬᠠᠷᠢᠨ ᠢᠩᠭᠢᠬᠦ ᠭᠡᠰᠡᠨ ᠪᠠᠢᠵᠠᠢ ᠳ᠋ᠠ᠂ ᠲᠡᠭᠦᠨ᠎ᠢ ᠳᠣᠲᠤᠷ᠎ᠠ᠎ᠪᠠᠨ ᠡᠢᠮᠦ ᠪᠣᠳᠤᠯᠭ᠎ᠠ᠎ᠲᠠᠢ ᠬᠥᠮᠦᠨ ᠭᠡᠵᠦ ᠶᠡᠷᠦ ᠮᠡᠳᠡᠭᠰᠡᠨ᠎ᠦᠭᠡᠢ ᠪᠢᠯᠡ᠃ ᠡᠢᠮᠦ᠎ᠯᠡ ᠪᠠᠢᠬᠤ ᠶᠣᠰᠤᠲᠠᠢ᠂ ᠦᠨᠡᠨ᠎ᠢ ᠦᠨᠡᠨ᠎ᠢᠶᠡᠷ᠎ᠨᠢ ᠬᠡᠯᠡᠭᠰᠡᠨ᠎ᠳᠦ ᠬᠥᠮᠦᠰ᠎ᠦᠨ ᠳᠣᠲᠤᠷ᠎ᠠ ᠨᠡᠭᠡᠷᠡᠨ᠎ᠴᠦ ᠣᠩᠭᠤᠢᠯ᠎ᠠ ᠁

ᠹᠧᠩ ᠶᠣᠣ ᠪᠠ ᠡᠷᠭᠢᠵᠦ ᠬᠠᠷᠠᠭᠠᠳ: 《ᠬᠡᠦᠬᠡᠳ᠎ᠴᠢᠨᠢ ᠬᠥᠮᠦᠨ᠎ᠢ ᠴᠣᠬᠢᠭ᠎ᠠ᠎ᠦᠭᠡᠢ ᠭᠡᠵᠦ ᠿᠧᠨ ᠪᠠᠭᠰᠢ᠎ᠳᠤ ᠬᠡᠯᠡᠭᠡᠷᠡᠢ᠃ ᠪᠢ ᠬᠠᠷᠠᠵᠤ ᠪᠠᠢᠭᠰᠠᠨ! ᠮᠠᠨ᠎ᠤ ᠲᠠᠷᠢᠶᠠᠴᠢᠨ ᠬᠥᠮᠦᠨ ᠪᠣᠯ ᠲᠡᠢᠮᠦ ᠮᠠᠭᠤ ᠠᠮᠢᠲᠠᠳ᠎ᠲᠠᠢ ᠲᠠᠭᠠᠷᠠᠬᠤ᠎ᠦᠭᠡᠢ᠎ᠶᠤᠮ ᠁》 ᠭᠡᠵᠦ ᠿᠧᠨ ᠯᠣᠣ ᠳ᠋ᠠ᠎ᠶᠢᠨ ᠡᠬᠡᠨᠡᠷ᠎ᠲᠦ ᠬᠡᠯᠡᠯ᠎ᠡ᠃

ᠯᠦᠸᠧ ᠡᠯ ᠨᠢᠶᠠᠩ ᠬᠠᠷᠢᠶᠠᠭᠰᠠᠭᠠᠷ ᠪᠠᠢᠵᠤ ᠰᠥᠭᠡᠩᠭᠢᠲᠦᠭᠰᠡᠨ ᠬᠣᠭᠤᠯᠠᠢ᠎ᠪᠠᠨ ᠰᠢᠬᠠᠨ: 《ᠠ ᠲᠡᠭᠡᠨ᠎ᠡ᠎ᠦᠦ ᠴᠢ᠂ ᠹᠧᠩ ᠶᠣᠣ ᠪᠠ ᠴᠢ ᠮᠠᠷᠲᠠᠬᠤ᠎ᠦᠭᠡᠢ ᠪᠢᠵᠡ ᠁》 ᠭᠡᠵᠦ ᠣᠷᠢᠯᠠᠨ᠎ᠠ᠃

ᠭᠡᠪᠡᠴᠦ ᠬᠥᠮᠦᠰ᠎ᠦᠨ ᠪᠠᠶᠠᠷᠯᠠᠯᠳᠤᠨ ᠢᠨᠢᠶᠡᠯᠴᠡᠬᠦ ᠳᠠᠭᠤᠨ᠎ᠤ ᠳᠤᠮᠳᠠᠭᠤᠷ ᠥᠨᠥᠬᠢ ᠵᠢᠪᠡᠭᠦᠬᠡᠨ ᠨᠠᠮ ᠳᠠᠭᠤ᠎ᠨᠢ ᠰᠣᠨᠤᠰᠳᠠᠬᠤ᠎ᠪᠠᠨ ᠪᠣᠯᠢᠵᠤ ᠹᠧᠩ ᠶᠣᠣ ᠪᠠ᠎ᠶᠢᠨ ᠳᠠᠭᠤ ᠬᠠᠷᠢᠨ ᠬᠦᠩᠭᠢᠨᠡᠵᠦ᠎ᠯᠡ ᠪᠠᠢᠯ᠎ᠠ:

《᠁ ᠤᠯᠤᠰ ᠣᠷᠤᠨ᠎ᠤ ᠲᠥᠷᠦ᠎ᠶᠢᠨ ᠪᠣᠳᠤᠯᠭ᠎ᠠ ᠤᠷᠢᠳᠤ᠎ᠶᠢᠨ ᠵᠢᠯ᠎ᠦᠳ᠎ᠲᠡᠢ ᠠᠳᠠᠯᠢ᠎ᠪᠠᠷ ᠤᠷᠪᠠᠵᠤ ᠬᠥᠷᠪᠡᠬᠦ᠎ᠦᠭᠡᠢ᠂ ᠲᠠᠷᠢᠶᠠᠴᠢᠨ ᠪᠢᠳᠡᠨ᠎ᠢ ᠡᠯᠳᠡᠪ ᠬᠣᠶᠠᠷ᠎ᠢᠶᠠᠷ ᠵᠣᠪᠠᠭᠠᠬᠤ᠎ᠦᠭᠡᠢ᠎ᠯᠠ᠎ᠶᠤᠮ ᠪᠣᠯ᠂ ᠬᠦᠵᠦᠭᠦᠦ ᠲᠣᠯᠤᠭᠠᠢ ᠬᠦᠴᠦ ᠲᠠᠮᠢᠷ᠎ᠲᠠᠢ᠎ᠪᠠᠷ ᠠᠶᠤᠬᠤ ᠵᠦᠢᠯ ᠶᠠᠭᠤᠨ?》

ᠲᠡᠭᠡᠭᠡᠳ ᠴᠢᠮ᠎ᠠ᠎ᠳᠤ ᠪᠠᠷ᠎ᠠ ᠪᠣᠯᠬᠤ ᠵᠠᠪ ᠠᠯᠠᠭ᠎ᠠ ᠭᠡᠭᠰᠡᠭᠡᠷ ᠡᠷᠭᠢᠵᠦ ᠬᠠᠷᠠᠭᠰᠠᠨ᠎ᠴᠤ᠎ᠦᠭᠡᠢ᠎ᠪᠠᠷ ᠬᠡᠩᠬᠦᠯᠵᠡᠨ ᠣᠳᠤᠯ᠎ᠠ᠃ ᠲᠠᠩᠬᠠᠢᠭᠰᠠᠨ ᠲᠣᠮᠤ ᠪᠡᠶ᠎ᠡ᠎ᠶᠢ᠎ᠨᠢ ᠠᠷᠤ᠎ᠠᠴᠠ᠎ᠨᠢ ᠬᠠᠷᠠᠵᠤ ᠵᠣᠭᠰᠤᠭᠰᠠᠨ ᠬᠥᠮᠦᠰ ᠲᠡᠭᠦᠨ᠎ᠦ ᠥᠩᠭᠡᠷᠡᠭᠰᠡᠨ ᠶᠠᠪᠤᠳᠠᠯ᠎ᠤᠳ᠎ᠢ ᠥᠪᠡᠷ᠎ᠦᠨ ᠡᠷᠬᠡ᠎ᠦᠭᠡᠢ ᠪᠣᠳᠤᠵᠠᠭᠠᠨ᠎ᠠ᠃ ᠲᠡᠭᠡᠯᠭᠦᠢ ᠶᠠᠭᠠᠬᠢᠬᠤ ᠪᠤᠢ᠂ ᠹᠧᠩ ᠶᠣᠣ ᠪᠠ ᠨᠢᠳᠤᠨᠤᠨ᠎ᠠᠴᠠ ᠠᠪᠤᠭᠠᠳ ᠶᠡᠬᠡ ᠬᠤᠪᠢᠷᠠᠵᠤ ᠠᠷᠢᠬᠢ᠎ᠴᠤ ᠪᠠᠭ᠎ᠠ ᠤᠤᠭᠤᠬᠤ ᠪᠣᠯᠵᠤ᠂ ᠶᠡᠬᠡᠯ᠎ᠡ ᠠᠵᠢᠯᠰᠠᠭ ᠪᠣᠯᠵᠠᠢ᠃ ᠡᠮᠦᠰᠴᠦ ᠪᠠᠢᠬᠤ ᠨᠣᠭᠤᠭᠠᠨ ᠥᠩᠭᠡᠲᠡᠢ ᠵᠢᠶᠣᠣᠫᠢ ᠱᠠᠬᠠᠢ᠎ᠪᠠᠨ ᠨᠢᠳᠤᠨᠤᠨ ᠡᠪᠦᠯ ᠰᠠᠶᠢ ᠬᠤᠳᠠᠯᠳᠤᠵᠤ ᠠᠪᠤᠭᠰᠠᠨ ᠪᠢᠰᠢ᠎ᠦᠦ? 《ᠠᠮᠤ ᠬᠦᠨᠡᠰᠦ ᠬᠦᠷᠦᠯᠴᠡᠭᠡ᠎ᠲᠡᠢ ᠪᠣᠯ᠂ ᠬᠥᠯ ᠤᠯᠠ᠎ᠪᠠᠨ ᠣᠯᠪᠠᠯ ᠬᠥᠷ ᠪᠠᠶᠠᠷ᠎ᠲᠠᠢ ᠠᠮᠢᠳᠤᠷᠠᠨ᠎ᠠ》 ᠭᠡᠳᠡᠭ᠎ᠨᠢ ᠶᠠᠭ ᠡᠨᠡ ᠰᠢᠤ ᠳ᠋ᠠ ! ᠴᠡᠷᠢᠭ᠎ᠦᠨ ᠨᠣᠭᠤᠭᠠᠨ ᠱᠠᠬᠠᠢ ᠡᠮᠦᠰᠦᠭᠰᠡᠨ ᠹᠧᠩ ᠶᠣᠣ ᠪᠠ ᠴᠢᠯᠦᠭᠡᠯᠡᠭᠳᠡᠭᠡᠳ ᠶᠠᠪᠤᠵᠤ ᠪᠠᠢᠨ᠎ᠠ᠃ ᠭᠣᠣᠯᠴᠢ ᠪᠤᠰᠤ ᠡᠳᠦᠷ ᠬᠣᠨᠤᠭ ᠮᠠᠨᠠᠨ ᠮᠡᠲᠦ ᠠᠷᠢᠯᠵᠤ ᠶᠠᠭᠠᠷᠮᠠᠭ ᠳᠡᠭᠡᠷ᠎ᠡ᠎ᠴᠦ ᠠᠯᠲᠠᠨ ᠨᠠᠷᠠᠨ᠎ᠤ ᠲᠤᠶᠠᠭ᠎ᠠ ᠭᠡᠢᠵᠦ ᠤᠯᠠᠮ ᠤᠯᠠᠮ ᠬᠥᠭᠵᠢᠨ ᠳᠡᠭᠵᠢᠷᠡᠭᠡᠳ ᠪᠠᠶᠠᠷᠲᠤ ᠲᠠᠷᠢᠶᠠᠴᠢᠳ ᠨᠢᠷᠤᠭᠤ ᠲᠡᠨᠡᠢᠯᠭᠡᠨ ᠶᠠᠪᠤᠵᠠᠭᠠᠨ᠎ᠠ ᠁

ᠡᠪ ᠡᠩ᠎ᠦᠨ ᠡᠨᠡ ᠵᠢᠭᠤᠷᠠᠭᠠᠨ᠎ᠠᠴᠠ ᠪᠣᠯᠤᠭᠠᠳ ᠯᠢ ᠬᠤᠸᠠ ᠲᠦᠨ ᠲᠣᠰᠭᠤᠨ᠎ᠤ ᠤᠯᠤᠰ᠎ᠤᠨ ᠪᠠᠶᠠᠷᠯᠠᠭᠰᠠᠨ ᠭᠡᠵᠦ ᠳ᠋ᠠ᠃ ᠯᠦᠸᠧ ᠡᠯ ᠨᠢᠶᠠᠩ᠎ᠢ ᠠᠭᠠᠰᠢᠯᠠᠬᠤ᠎ᠪᠠᠨ ᠮᠡᠳᠡᠭ ᠭᠡᠰᠡᠨ᠎ᠰᠢᠭ ᠬᠥᠮᠦᠰ ᠪᠠᠶᠠᠷᠯᠠᠨ ᠬᠥᠭᠡᠷᠦᠭᠰᠡᠭᠡᠷ ᠤᠳᠠᠭᠰᠠᠨ᠎ᠴᠤ᠎ᠦᠭᠡᠢ ᠲᠠᠷᠠᠵᠠᠢ᠃ ᠬᠠᠪᠤᠷ᠎ᠤᠨ ᠶᠠᠭᠠᠷᠠᠯ᠎ᠲᠠᠢ ᠴᠠᠭ᠎ᠲᠤ ᠬᠢᠬᠦ ᠠᠵᠢᠯ ᠪᠠᠢᠬᠤ᠎ᠯᠠ᠎ᠶᠤᠮ᠎ᠴᠢᠨᠢ ᠡᠷᠡᠭᠲᠡᠢ ᠡᠮᠡᠭᠲᠡᠢ ᠪᠦᠭᠦᠳᠡᠭᠡᠷ᠎ᠢᠶᠡᠨ ᠬᠤᠪᠢ ᠬᠤᠪᠢᠨ᠎ᠤ ᠠᠵᠢᠯ᠎ᠳᠠᠭᠠᠨ ᠪᠤᠵᠢᠭᠢᠨᠠᠯᠳᠤᠨ᠎ᠠ ᠁

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082