ᠮᠣᠩᠭᠣᠯ ᠪᠢᠴᠢᠭ |
ᠬᠢᠲᠠᠳ ᠠᠩᠭᠯᠢ ᠶᠠᠫᠣᠨ |
ᠬᠥᠮᠦᠨ᠎ᠦ ᠰᠠᠢᠬᠠᠨ ᠳᠤᠷᠠᠰᠤᠯᠢ ᠪᠠᠢᠭᠠᠯᠢ ᠲᠥᠷᠦᠭᠦᠯᠳᠡᠭᠴᠦ ᠪᠣᠯᠪᠠ᠎ᠤᠤ ᠳ᠋ᠠ !
ᠨᠠᠷᠠ ᠵᠡᠷᠭᠡᠯᠭᠡᠨᠲᠡᠢ ᠪᠤᠭᠤᠷᠤᠯ ᠬᠠᠨ᠎ᠤ ᠡᠩᠭᠡᠷ ᠪᠡᠯ᠎ᠢᠶᠡᠷ ᠲᠡᠢᠮᠦ ᠨᠢᠭᠡ ᠡᠪᠦᠭᠡᠨ᠎ᠦ ᠥᠨᠳᠦᠷ ᠡᠪᠦᠳᠦᠭᠢ ᠲᠦᠰᠢᠵᠦ᠂ 《ᠰᠠᠢᠬᠠᠨ ᠪᠠᠢᠨ᠎ᠠ ᠰᠢᠤ》 ᠭᠡᠳᠡᠭ ᠶᠠᠷᠢᠭᠠᠳ ᠪᠠᠷᠠᠳᠠᠭ᠎ᠦᠭᠡᠢ ᠵᠣᠭᠤᠭᠢᠨᠢ ᠰᠣᠨᠤᠰᠴᠤ ᠶᠠᠪᠤᠭᠰᠠᠨ᠎ᠢᠶᠠᠨ ᠣᠳᠣ ᠪᠣᠳᠤᠪᠠᠯ ᠶᠡᠬᠡ ᠰᠠᠢᠬᠠᠨ ᠪᠠᠢᠵᠠᠢ᠃ ᠪᠢ ᠲᠡᠷᠡ ᠦᠶ᠎ᠡ᠎ᠳᠦ ᠬᠡᠦᠬᠡᠳ ᠪᠠᠢᠪᠠ᠃
《ᠠ᠂ ᠬᠦᠦ᠎ᠮᠢᠨᠢ ᠬᠣᠨᠢ ᠰᠠᠢᠬᠠᠨ ᠬᠠᠷᠢᠭᠤᠯᠳᠠᠭᠶᠤᠮ ᠪᠠᠢᠨ᠎ᠠ ᠰᠢᠤ! ᠰᠠᠢᠨ ᠮᠠᠯᠴᠢᠨ ᠪᠣᠯᠬᠤ᠎ᠨᠢ》 ᠭᠡᠴᠢᠬᠡᠭᠰᠡᠨ᠂ ᠪᠦᠳᠦᠭᠦᠨ ᠭᠡᠳᠡᠰᠦᠲᠡᠢ ᠬᠥᠭᠰᠢᠨ ᠴᠠᠪᠢᠳᠠᠷᠲᠠᠢᠪᠠᠨ ᠲᠣᠩᠰᠢᠭᠤᠯᠤᠭᠰᠠᠭᠠᠷ ᠮᠢᠨᠦ ᠵᠠᠬ᠎ᠠ᠎ᠳᠤ ᠢᠷᠡᠵᠦ᠂ ᠵᠢᠯ᠎ᠦᠨ ᠳᠥᠷᠪᠡᠨ ᠤᠯᠠᠷᠢᠯ᠎ᠳᠤ ᠬᠣᠨᠢ᠎ᠶᠢ ᠶᠠᠭᠠᠬᠢᠵᠤ ᠶᠠᠭᠠᠬᠢᠵᠤ ᠬᠠᠷᠢᠭᠤᠯᠬᠤ᠎ᠠᠴᠠ ᠡᠬᠢᠯᠡᠭᠡᠳ᠂ ᠪᠤᠭᠤᠷᠤᠯ ᠬᠠᠨ᠎ᠤ ᠲᠤᠬᠠᠢ᠂ ᠵᠠᠷᠢᠮ᠎ᠳᠠᠭᠠᠨ ᠪᠦᠷ᠎ᠴᠦ 《ᠰᠠᠶᠢᠬᠢ ᠵᠢᠯ ᠠᠪᠤ᠎ᠨᠢ ᠁》 ᠭᠡᠳᠯᠡ ᠠᠷᠪᠢᠨ ᠰᠠᠢᠬᠠᠨ ᠤᠴᠢᠷ᠎ᠲᠠᠢ ᠶᠠᠭᠤᠮ᠎ᠠ ᠶᠠᠷᠢᠳᠠᠭ ᠪᠠᠢᠯ᠎ᠠ᠃ ᠪᠣᠳᠤᠪᠠᠯ ᠡᠪᠦᠭᠡᠨ ᠭᠠᠭᠴᠠᠭᠠᠷ᠎ᠢᠶᠠᠨ ᠬᠣᠨᠢᠨ᠎ᠤ ᠵᠠᠬ᠎ᠠ᠎ᠳᠤ ᠰᠠᠭᠤᠭᠠᠳ ᠤᠢᠳᠳᠠᠭ ᠳᠠᠭᠠᠨᠯᠠ ᠲᠡᠷᠡ ᠪᠣᠯᠤᠭ᠎ᠠ ᠪᠠᠢᠯᠭᠦᠢ!
《ᠠᠢ ᠳ᠋ᠠ᠂ ᠬᠦᠦ᠎ᠮᠢᠨᠢ ᠡ᠂ ᠬᠥᠮᠦᠨ ᠥᠲᠡᠯᠪᠡᠯ ᠶᠡᠬᠡᠯ᠎ᠡ ᠤᠢᠰᠳᠠᠭᠶᠤᠮ ᠪᠠᠢᠨ᠎ᠠ ᠰᠢᠤ᠃ ᠨᠠᠷᠠ ᠪᠠᠢᠭᠠᠯᠢ᠎ᠪᠠᠨ ᠬᠠᠷᠠᠪᠠᠯ᠂ ᠴᠡᠯ ᠵᠠᠯᠠᠭᠤᠯᠠ ᠪᠠᠢᠬᠤ᠎ᠶᠤᠮ ᠪᠢᠯᠡ᠃ ᠢᠩᠭᠢᠬᠦᠯᠡᠷ ᠵᠠᠯᠠᠭᠤ᠎ᠶᠢᠨ ᠬᠡᠢ ᠮᠣᠷᠢᠴᠤ ᠰᠡᠷᠭᠦᠵᠦ ᠶᠠᠪᠤᠳᠠᠭ᠎ᠲᠠᠭᠠᠨ ᠡᠪᠦᠭᠡᠷᠡᠬᠦ᠎ᠪᠡᠨ ᠮᠡᠳᠡᠳᠡᠭ᠎ᠦᠭᠡᠢ ᠪᠠᠢᠨ᠎ᠠ ᠰᠢᠤ》 ᠭᠡᠵᠦ ᠡᠪᠦᠭᠡᠨ ᠥᠭᠦᠯᠡᠳᠡᠭ ᠪᠠᠢᠯ᠎ᠠ᠃
ᠨᠢᠭᠡ ᠤᠳᠠᠭ᠎ᠠ᠂ ᠡᠪᠦᠭᠡᠨ ᠪᠤᠭᠤᠷᠤᠯ ᠬᠠᠨ᠎ᠤ ᠡᠩᠭᠡᠷ᠎ᠦᠨ ᠨᠢᠭᠡ ᠥᠨᠳᠦᠷ ᠰᠡᠭᠦᠳᠡᠷᠲᠡᠢ ᠪᠣᠯᠤᠭᠰᠠᠨ ᠡᠪᠦᠭᠡᠨ᠎ᠦ ᠦᠯᠢᠭᠡᠷ᠎ᠢ ᠶᠠᠷᠢᠵᠤ ᠰᠠᠭᠤᠭᠰᠠᠨ ᠪᠢᠯᠡ᠃
ᠲᠡᠷᠡ ᠡᠪᠦᠭᠡᠨ ᠬᠡᠵᠢᠶᠡᠳᠡ ᠨᠠᠷᠠᠲᠠᠢ ᠵᠣᠭᠤᠭ ᠳᠡᠯᠭᠡᠵᠦ ᠰᠠᠭᠤᠳᠠᠭ ᠭᠡᠨ᠎ᠡ᠃ ᠵᠠᠷᠢᠮ᠎ᠳᠠᠭᠠᠨ ᠶᠡᠬᠡᠯ᠎ᠡ ᠵᠣᠭᠤᠭ ᠲᠠᠭᠠᠷᠠᠳᠠᠭ ᠪᠣᠯᠤᠯᠲᠠᠢ᠂ ᠬᠣᠶᠠᠭᠤᠯᠠ᠎ᠪᠠᠨ ᠪᠦᠷ᠎ᠴᠦ ᠲᠡᠨᠢᠢᠴᠢᠬᠡᠭᠰᠡᠨ᠂ ᠪᠤᠭᠤᠷᠤᠯ ᠬᠠᠨ᠎ᠤ ᠡᠩᠭᠡᠷ᠎ᠲᠦ ᠰᠠᠢᠬᠠᠨ ᠪᠠᠷ᠎ᠠ᠎ᠨᠢ ᠲᠦᠩᠬᠦᠢᠵᠦ᠂ ᠬᠥᠮᠦᠨ ᠪᠠᠢᠭᠠᠯᠢ᠎ᠶᠢᠨ ᠥᠶᠦᠭ ᠥᠩᠭᠦᠷᠰᠢᠭᠦᠨ ᠪᠣᠯᠵᠤ ᠬᠠᠷᠠᠭᠳᠠᠳᠠᠭ ᠭᠡᠨ᠎ᠡ ᠪᠢᠯᠡ᠃ ᠴᠢᠩᠭᠢᠭᠡᠳ ᠡᠪᠦᠭᠡᠨ᠎ᠨᠢ ᠨᠠᠷᠠᠨ᠎ᠠᠴᠠ ᠭᠤᠶᠤᠳᠠᠭᠶᠤᠮ ᠪᠠᠢᠨ᠎ᠠ: 《ᠨᠠᠷᠠ ᠭᠤᠸᠠᠢ᠂ ᠲᠠ ᠲᠡᠭᠡᠵᠦ ᠬᠡᠴᠢᠨᠡᠨ ᠤᠳᠠᠭ᠎ᠠ ᠥᠲᠡᠯᠦᠭᠡᠳ ᠪᠤᠭᠤᠷᠤᠯ ᠬᠠᠨ᠎ᠤ ᠠᠷᠤ᠎ᠳᠤ ᠤᠨᠠᠭᠰᠠᠨᠴᠤ ᠮᠠᠷᠭᠠᠰᠢ᠎ᠨᠢ ᠪᠣᠯᠬᠤ᠎ᠳᠤ ᠵᠠᠯᠠᠭᠤ ᠪᠣᠯᠴᠢᠬᠠᠭᠠᠳ ᠪᠤᠭᠤᠷᠤᠯ ᠬᠠᠨ᠎ᠤ ᠡᠩᠭᠡᠷ᠎ᠲᠦ ᠢᠷᠡᠳᠡᠭ ᠮᠥᠩᠬᠡ᠎ᠶᠢᠨ ᠶᠠᠭᠤᠮ᠎ᠠ᠎ᠪᠠᠨ ᠨᠠᠳᠠ ᠥᠭᠭᠦᠨᠡᠦᠦ? ᠮᠠᠨ᠎ᠤ ᠳᠡᠯᠡᠬᠡᠢ᠎ᠶᠢᠨ ᠬᠥᠮᠦᠨ ᠬᠠᠷ᠎ᠠ᠎ᠶᠢ ᠪᠢ ᠲᠠᠨ᠎ᠲᠠᠢ ᠠᠳᠠᠯᠢ ᠵᠠᠯᠠᠭᠤ ᠪᠠᠢᠯᠭᠠᠶ᠎ᠠ ᠭᠡᠵᠦ ᠰᠠᠨᠠᠬᠤ ᠪᠣᠯᠤᠯ᠎ᠠ᠃ ᠵᠠᠯᠠᠭᠤ ᠬᠠᠯᠠᠭᠤᠨ ᠨᠠᠰᠤ ᠭᠡᠵᠦ ᠶᠠᠭᠠᠬᠢᠭᠰᠠᠨ ᠰᠠᠢᠬᠠᠨ ᠪᠤᠢ ᠳ᠋ᠠ ! ᠰᠠᠨᠠᠵᠤ ᠬᠦᠰᠡᠳᠡᠭ᠎ᠨᠢ᠂ ᠬᠢᠵᠦ ᠪᠦᠲᠦᠭᠡᠳᠡᠭ᠎ᠨᠢ ᠶᠠᠭᠠᠬᠢᠭᠰᠠᠨ᠎ᠴᠤ ᠰᠠᠢᠬᠠᠨ ᠪᠠᠢᠯ᠎ᠠ》 ᠭᠡᠳᠡᠭ ᠭᠡᠨ᠎ᠡ᠃
《ᠪᠣᠯᠬᠤ᠎ᠦᠭᠡᠢ ᠰᠢᠦ᠂ ᠡᠪᠦᠭᠡᠨ ᠭᠤᠸᠠᠢ ᠡ!ᠮᠢᠨᠦ ᠡᠵᠡᠨ ᠵᠥᠪᠰᠢᠶᠡᠷᠡᠬᠦ᠎ᠦᠭᠡᠢ᠃ ᠬᠡᠷᠪᠡ ᠲᠠ ᠥᠪᠡᠷᠲᠡᠭᠡᠨ ᠬᠡᠷᠡᠭᠯᠡᠨ᠎ᠡ ᠭᠡᠪᠡᠯ ᠪᠢ ᠲᠠᠨ᠎ᠳᠤ ᠠᠪᠴᠢᠷᠠᠵᠤ ᠥᠭᠭᠦᠶ᠎ᠡ》 ᠭᠡᠵᠦ ᠨᠠᠷᠠ ᠬᠠᠷᠢᠭᠤ ᠥᠭᠳᠡᠭ ᠪᠠᠢᠵᠠᠢ᠃
《ᠦᠭᠡᠢ᠂ᠦᠭᠡᠢ᠂ ᠪᠢ ᠲᠡᠭᠦᠪᠡᠷ ᠣᠳᠣ ᠶᠠᠭᠤ ᠬᠢᠨ᠎ᠡ ᠪᠤᠢ᠂ ᠭᠡᠪᠡᠴᠦ ᠲᠠ ᠨᠠᠳᠠ᠎ᠠᠴᠠ ᠭᠡᠷᠡᠯ᠎ᠢᠶᠡᠨ ᠬᠠᠷᠠᠮᠯᠠᠭᠠᠦᠭᠡᠢᠳᠤ ᠪᠢ ᠶᠡᠬᠡ ᠰᠠᠢᠬᠠᠨ ᠨᠠᠰᠤᠯᠠᠯ᠎ᠠ ᠰᠢᠤ ᠨᠠᠷᠠᠮᠢᠨᠢ》 ᠭᠡᠵᠦ ᠡᠪᠦᠭᠡᠨ ᠰᠡᠳᠭᠢᠯ ᠬᠥᠭᠰᠡᠨ ᠬᠡᠯᠡᠳᠡᠭ ᠭᠡᠨ᠎ᠡ ᠰᠢᠦ ᠁
《ᠦᠨᠡᠨᠳᠡᠭᠡᠨᠴᠦ ᠲᠡᠢᠮᠦ ᠪᠠᠢᠨ᠎ᠠ ᠰᠢᠤ᠃ ᠵᠠᠯᠠᠭᠤᠬᠠᠨ ᠪᠠᠢᠭᠠᠯᠢ᠎ᠶᠢᠨ᠎ᠢᠶᠠᠨ ᠡᠯᠢᠭᠡᠨ᠎ᠳᠦ ᠨᠠᠷᠠᠲᠠᠢ ᠵᠣᠭᠤᠭᠳᠠᠵᠤ ᠡᠪᠦᠭᠡᠷᠡᠨᠡ ᠭᠡᠳᠡᠭ ᠮᠥᠨ ᠰᠠᠢᠬᠠᠨ ᠰᠢᠤ᠂ ᠬᠦᠦ᠎ᠮᠢᠨᠢ》 ᠭᠡᠳ ᠡᠪᠦᠭᠡᠨ ᠭᠤᠸᠠᠢ ᠥᠳᠭᠡᠨ ᠤᠷᠲᠤ ᠬᠥᠮᠦᠰᠭᠡ᠎ᠪᠡᠨ ᠡᠷᠭᠦᠵᠦ ᠨᠠᠮᠠᠢ ᠬᠠᠷᠠᠵᠤ ᠢᠨᠢᠶᠡᠬᠦ᠎ᠨᠢ ᠶᠠᠭ᠎ᠯᠠ ᠨᠠᠷᠠ᠎ᠪᠠᠨ ᠣᠯᠵᠤ ᠦᠵᠡᠭᠰᠡᠨᠰᠢᠭ ᠲᠡᠢᠮᠦ ᠬᠥᠭᠵᠢᠯᠲᠡᠢ ᠪᠠᠢᠯ᠎ᠠ᠃
《ᠠᠪᠤ ᠡ᠃ ᠴᠢᠩᠭᠢᠭᠡᠳ ᠲᠡᠷᠡ ᠡᠪᠦᠭᠡᠨ ᠶᠠᠭᠠᠬᠢᠪᠠ?》 ᠭᠡᠵᠦ ᠪᠢ ᠠᠰᠠᠭᠤᠳᠠᠭ᠃
《ᠠ᠂ ᠲᠡᠷᠡ ᠡᠪᠦᠭᠡᠨᠦᠦ? ᠰᠡᠭᠦᠯᠡᠷ᠎ᠨᠢ ᠡᠪᠦᠭᠡᠨ᠂ ᠨᠠᠷᠠᠨ᠎ᠤ ᠡᠵᠡᠨ᠎ᠢ ᠡᠷᠢᠬᠦ᠎ᠪᠡᠷ ᠶᠠᠪᠤᠯ᠎ᠠ ᠭᠡᠵᠦ ᠬᠡᠯᠡᠯᠴᠡᠳᠡᠭ᠂ ᠶᠡᠬᠡᠯ᠎ᠡ ᠬᠣᠯᠠ ᠪᠠᠢᠳᠠᠭ᠎ᠶᠤᠮ ᠭᠡᠨ᠎ᠡ ᠪᠢᠯᠡ᠃ ᠡᠨᠡ ᠳ᠋ᠠ᠂ ᠰᠠᠢᠬᠠᠨ ᠰᠢᠤ᠂ ᠬᠦᠦ᠎ᠮᠢᠨᠢ᠂ ᠨᠠᠷᠠᠨ᠎ᠤ ᠮᠥᠩᠬᠡ ᠭᠡᠷᠡᠯ᠎ᠦᠨ ᠰᠠᠢᠬᠠᠨ ᠵᠣᠯᠢ ᠲᠠ ᠬᠡᠦᠬᠡᠳ ᠵᠠᠯᠠᠭᠤᠴᠤᠳᠯᠠ ᠡᠵᠡᠯᠡᠬᠦ ᠪᠤᠶᠠᠨ᠎ᠲᠠᠢ ᠰᠢᠤ᠂ ᠠᠪᠤ᠎ᠨᠢ ᠣᠳᠣ ᠶᠠᠭᠤ ᠪᠠᠢᠨ᠎ᠠ ᠳ᠋ᠠ᠂ ᠡᠨᠡ ᠬᠡᠳᠦᠨ ᠮᠠᠯ᠎ᠤᠨ᠎ᠢᠶᠠᠨ ᠬᠣᠢᠨ᠎ᠠ᠎ᠠᠴᠠ ᠲᠣᠩᠰᠢᠭᠤᠯᠵᠤ ᠪᠠᠢᠭᠠᠳᠯᠠ ᠶᠠᠪᠤᠴᠢᠬᠠᠨ᠎ᠠ᠃ ᠤᠳᠠᠬᠤ᠎ᠦᠭᠡᠢ ᠰᠢᠤ᠂ ᠶᠠᠭᠤᠯᠠ ᠤᠳᠠᠬᠤ ᠪᠤᠢ ᠳ᠋ᠠ !》 ᠭᠡᠵᠦ ᠡᠪᠦᠭᠡᠨ ᠨᠠᠮᠤᠭᠤᠬᠠᠨ ᠶᠠᠷᠢᠵᠤ ᠰᠠᠭᠤᠳᠠᠭ ᠪᠠᠢᠭᠰᠠᠨ᠃
ᠡᠪᠦᠭᠡᠨ ᠬᠣᠨᠢᠴᠢᠨ᠂ ᠨᠠᠷᠠ ᠪᠣᠯᠤᠨ ᠡᠪᠦᠭᠡᠨ᠎ᠦ ᠦᠯᠢᠭᠡᠷ᠎ᠢ ᠶᠡᠬᠡᠯ᠎ᠡ ᠤᠷᠲᠤ ᠶᠠᠷᠢᠭᠰᠠᠨᠶᠤᠮ᠃
《ᠵᠠ᠂ ᠬᠦᠦ᠎ᠮᠢᠨᠢ᠂ ᠮᠠᠷᠭᠠᠰᠢ ᠠᠪᠤ᠎ᠨᠢ ᠨᠠᠷᠠᠨ᠎ᠤ ᠮᠥᠩᠬᠡ ᠭᠡᠷᠡᠯ᠎ᠢ ᠴᠣᠬᠤᠮ ᠬᠡᠨ ᠠᠪᠴᠢᠷᠠᠵᠤ ᠴᠢᠳᠠᠬᠤ᠎ᠶᠢ ᠶᠠᠷᠢᠨ᠎ᠠ ᠰᠢᠤ》 ᠭᠡᠵᠦ ᠬᠡᠯᠡᠭᠰᠡᠨᠦ ᠮᠠᠷᠭᠠᠰᠢ᠎ᠨᠢ ᠲᠡᠷᠡ ᠰᠠᠢᠬᠠᠨ ᠦᠯᠢᠭᠡᠷ᠎ᠢ ᠰᠣᠨᠤᠰᠴᠤ ᠴᠢᠳᠠᠯ᠎ᠦᠭᠡᠢ ᠰᠤᠷᠭᠠᠭᠤᠯᠢ᠎ᠶᠢᠨ ᠪᠣᠱᠤᠭ᠎ᠠ᠎ᠶᠢ ᠠᠯᠬᠤᠭᠰᠠᠨ ᠪᠠᠢᠵᠤ ᠪᠢᠯᠡ ᠪᠢ᠃ ᠮᠠᠷᠭᠠᠰᠢ᠎ᠶᠢᠨ ᠲᠡᠷᠡ ᠦᠯᠢᠭᠡᠷ᠎ᠢ᠎ᠨᠢ ᠰᠣᠨᠤᠰᠤᠶ᠎ᠠ ᠭᠡᠵᠦ ᠪᠢ ᠶᠡᠬᠡ ᠳᠤᠷᠠᠯᠠᠵᠤ ᠬᠦᠰᠡᠭᠰᠡᠨ ᠪᠣᠯᠬᠣᠷ᠎ᠢᠶᠠᠨ ᠡᠪᠦᠭᠡᠨ᠎ᠢ ᠶᠡᠬᠡᠯ᠎ᠡ ᠰᠠᠨᠠᠳᠠᠭ ᠪᠠᠢᠯ᠎ᠠ᠃ ᠶᠡᠷᠦ᠎ᠨᠢ ᠴᠢᠩᠭᠢᠭᠡᠳ ᠰᠠᠢᠬᠠᠨ ᠨᠠᠷᠠᠲᠠᠢ ᠬᠥᠳᠡᠭᠡ᠎ᠶᠢᠨ ᠪᠡᠯᠴᠢᠭᠡᠷ᠎ᠲᠦ ᠲᠡᠢᠮᠦ ᠨᠢᠭᠡ ᠡᠪᠦᠭᠡᠨ ᠬᠥᠮᠦᠨ᠎ᠦ ᠨᠠᠮ ᠳᠥᠯᠭᠡᠬᠡᠨ ᠶᠠᠷᠢᠶ᠎ᠠ᠎ᠶᠢ ᠰᠣᠨᠤᠰᠴᠤ ᠰᠠᠭᠤᠬᠤ᠎ᠨᠢ ᠶᠠᠭ᠎ᠯᠠ ᠬᠥᠮᠦᠨ ᠪᠠᠢᠭᠠᠯᠢ᠎ᠶᠢᠨ ᠡᠷᠲᠡ ᠢᠵᠠᠭᠤᠷ᠎ᠤᠨ ᠶᠡᠬᠡ ᠤᠷᠤᠰᠭᠠᠯ᠎ᠤᠨ ᠴᠢᠮᠡᠭᠡ᠎ᠶᠢ ᠴᠢᠩᠨᠠᠵᠤ ᠪᠠᠢᠬᠤ᠎ᠰᠢᠭ᠋ ᠤᠴᠢᠷ᠎ᠲᠠᠢ ᠭᠣᠶᠤᠬᠠᠨ ᠰᠠᠨᠠᠭᠳᠠᠳᠠᠭ ᠪᠠᠢᠵᠤᠯᠠ ᠲᠠ᠃ ᠰᠡᠭᠦᠯᠡᠷ᠎ᠨᠢ ᠪᠢ ᠡᠪᠦᠭᠡᠨᠲᠡᠢ ᠳᠠᠬᠢᠵᠤ ᠠᠭᠤᠯᠵᠠᠭᠰᠠᠨ᠎ᠦᠭᠡᠢ ᠪᠢᠯᠡ᠃ ᠭᠡᠪᠡᠴᠦ ᠲᠡᠢᠮᠦ ᠨᠢᠭᠡ ᠡᠩᠭᠡᠷ ᠳᠦᠭᠦᠷᠡᠩ ᠴᠠᠭᠠᠨ ᠰᠠᠬᠠᠯ᠎ᠲᠠᠢ ᠡᠪᠦᠭᠡᠨ᠎ᠦ ᠨᠠᠷᠠ ᠰᠠᠯᠬᠢᠨ᠎ᠳᠤ ᠭᠠᠩᠳᠠᠵᠤ ᠬᠡᠦᠷᠰᠢᠭᠰᠡᠨ ᠪᠠᠷ᠎ᠠ᠂ ᠪᠣᠳᠤᠯ᠎ᠳᠤ ᠡᠷᠭᠢᠯᠳᠦᠨ ᠳᠤᠷᠠᠰᠤᠯ᠎ᠤᠨ ᠰᠠᠢᠬᠠᠨ ᠪᠣᠯᠵᠤ ᠬᠣᠴᠤᠷᠤᠭᠰᠠᠨ ᠪᠠᠢᠯ᠎ᠠ᠃
ᠡᠨᠡ ᠵᠤᠨ᠎ᠤ ᠠᠮᠠᠷᠠᠯᠲᠠ᠎ᠪᠠᠷ ᠨᠤᠲᠤᠭ᠎ᠲᠠᠭᠠᠨ ᠬᠠᠷᠢᠵᠤ ᠪᠤᠭᠤᠷᠤᠯ ᠬᠠᠨ᠎ᠤ ᠡᠩᠭᠡᠷ᠎ᠢᠶᠡᠷ ᠬᠣᠨᠢ ᠬᠠᠷᠢᠭᠤᠯᠵᠤ ᠨᠢᠭᠡ ᠡᠳᠦᠷ ᠶᠠᠪᠤᠬᠤ᠎ᠳᠠᠭᠠᠨ ᠡᠨᠡ ᠰᠠᠢᠬᠠᠨ ᠳᠤᠷᠠᠰᠤᠯ᠎ᠤᠨ ᠬᠠᠭᠤᠳᠠᠰᠤ ᠰᠡᠬᠦᠭᠳᠡᠵᠡᠢ᠃
ᠡᠪᠦᠭᠡᠨ ᠪᠢᠳᠡ ᠬᠣᠶᠠᠷ᠎ᠤᠨ ᠦᠷᠭᠦᠯᠵᠢ ᠰᠠᠭᠤᠳᠠᠭ ᠲᠡᠷᠡ ᠲᠤᠰᠢᠨᠤ ᠨᠠᠷᠠᠨ ᠡᠭᠡᠪᠦᠷ ᠲᠠᠯ᠎ᠠ᠎ᠳᠤ ᠨᠢᠭᠡ ᠰᠢᠷᠤᠢ᠎ᠶᠢᠨ ᠣᠪᠤᠭ᠎ᠠ ᠭᠠᠷᠤᠭᠰᠠᠨ ᠪᠠᠢᠯ᠎ᠠ᠃ ᠴᠢᠩᠭᠢᠭᠡᠳ ᠡᠨᠡ ᠰᠢᠷᠤᠢ᠎ᠶᠢᠨ ᠣᠪᠤᠭᠠᠨᠤ ᠲᠤᠬᠠᠢ ᠬᠥᠮᠦᠰ ᠨᠠᠳᠠ ᠨᠢᠭᠡ ᠦᠯᠢᠭᠡᠷ ᠶᠠᠷᠢᠪᠠ᠃
ᠡᠷᠲᠡ ᠠᠷᠪᠠᠨ ᠬᠡᠳᠦᠨ ᠵᠢᠯ᠎ᠦᠨ ᠡᠮᠦᠨ᠎ᠡ᠂ ᠨᠢᠭᠡ ᠥᠨᠳᠦᠷ ᠰᠡᠭᠦᠳᠡᠷᠲᠡᠢ ᠪᠣᠯᠤᠭᠰᠠᠨ ᠡᠪᠦᠭᠡᠨ ᠨᠢᠭᠡ ᠬᠦᠦᠲᠡᠢ ᠡᠨᠡᠭᠦᠷ ᠬᠣᠨᠢ ᠬᠠᠷᠢᠭᠤᠯᠵᠤ ᠶᠠᠪᠤᠭᠰᠠᠨ ᠪᠠᠢᠵᠠᠢ᠃ ᠲᠡᠷᠡ ᠬᠦᠦ᠂ ᠡᠪᠦᠭᠡᠨ᠎ᠦ ᠰᠡᠳᠭᠢᠯ᠎ᠳᠦ ᠨᠠᠷᠠ ᠪᠣᠯᠵᠤ ᠶᠠᠪᠤᠭᠰᠠᠨ ᠭᠡᠨ᠎ᠡ ᠰᠢᠤ᠃ ᠴᠢᠩᠭᠢᠭᠡᠳ ᠡᠪᠦᠭᠡᠨ ᠡᠨᠡ ᠬᠦᠦ᠎ᠳᠦ ᠨᠢᠭᠡ ᠨᠠᠰᠤᠨ᠎ᠤ ᠰᠠᠨᠠᠵᠤ ᠰᠠᠷᠪᠠᠢᠵᠤ ᠶᠠᠪᠤᠭᠰᠠᠨ ᠠᠵᠢᠯ ᠦᠢᠯᠡ᠎ᠪᠡᠨ ᠨᠠᠢᠳᠠᠵᠤ᠂ ᠠᠮᠢᠳᠤ ᠳᠡᠭᠡᠷ᠎ᠡ᠎ᠪᠡᠨ ᠦᠵᠡᠵᠦ ᠳᠡᠢᠯᠬᠦᠦᠭᠡᠢᠴᠦ᠂ ᠦᠬᠦᠭᠰᠡᠨ ᠬᠣᠢᠨ᠎ᠠ᠎ᠪᠠᠨ ᠦᠵᠡᠨ᠎ᠡ ᠭᠡᠵᠦ᠂ ᠬᠡᠭᠦᠷ᠎ᠢᠶᠡᠨ ᠡᠨᠳᠡ ᠣᠷᠤᠰᠢᠭᠤᠯᠬᠤ᠎ᠶᠢ ᠬᠥᠮᠦᠰ᠎ᠲᠦ ᠵᠠᠬᠢᠭᠰᠠᠨ ᠪᠠᠢᠵᠠᠢ᠃
ᠬᠠᠩᠭᠠᠢ ᠵᠡᠯᠢᠭᠦᠳ ᠨᠤᠲᠤᠭ᠎ᠤᠨ ᠡᠩ᠎ᠦᠨ ᠨᠢᠭᠡ ᠡᠪᠦᠭᠡᠨ - ᠮᠥᠨᠴᠦ ᠬᠥᠮᠦᠨ ᠲᠥᠷᠦᠯᠬᠢᠲᠡᠨ᠎ᠦ ᠠᠮᠢᠳᠤᠷᠠᠵᠤ ᠲᠣᠭᠲᠠᠨᠢᠬᠤ ᠳᠠᠷᠬᠠᠨ ᠭᠣᠯᠤᠮᠲᠠ᠎ᠳᠤ ᠬᠥᠮᠦᠨ᠎ᠦ ᠨᠢᠭᠡ ᠬᠦᠢ ᠵᠠᠯᠭᠠᠵᠤ ᠮᠥᠴᠢᠯᠡᠵᠦ ᠶᠠᠪᠤᠭᠰᠠᠨ ᠲᠡᠢᠮᠦ ᠨᠢᠭᠡ ᠰᠠᠢᠬᠠᠨ ᠡᠪᠦᠭᠡᠨ᠂ ᠬᠥᠮᠦᠨ ᠪᠠᠢᠭᠠᠯᠢ᠎ᠶᠢᠨ ᠠᠵᠤ ᠠᠮᠢᠳᠤᠷᠠᠯ᠎ᠳᠤ ᠨᠠᠰᠤ᠎ᠪᠠᠨ ᠡᠯᠡᠭᠡᠬᠦ᠎ᠳᠡᠭᠡᠨ ᠶᠠᠭᠤ᠎ᠶᠢ ᠰᠠᠨᠠᠵᠤ ᠡᠷᠡᠮᠡᠯᠵᠡᠵᠦ ᠶᠠᠪᠤᠯ᠎ᠠ ᠭᠡᠳᠡᠭ᠎ᠢ ᠲᠠ ᠮᠡᠳᠡᠬᠦᠦᠦ? ᠨᠠᠢᠵᠠ᠎ᠮᠢᠨᠢ᠃
ᠨᠠᠷᠠᠨ᠎ᠤ ᠮᠥᠩᠬᠡ᠎ᠶᠢᠨ ᠶᠠᠭᠤᠮ᠎ᠠ᠎ᠶᠢ ᠲᠡᠷᠡ ᠡᠪᠦᠭᠡᠨ ᠠᠪᠴᠢᠷᠠᠭᠰᠠᠨ ᠡᠰᠡᠬᠦ᠎ᠶᠢ ᠮᠡᠳᠡᠬᠦ᠎ᠦᠭᠡᠢ᠂ ᠭᠡᠪᠡᠴᠦ ᠬᠥᠮᠦᠨ᠎ᠦ ᠬᠣᠢᠴᠢᠰ ᠨᠠᠷᠠᠨ᠎ᠤ ᠮᠥᠩᠬᠡ᠎ᠶᠢᠨ ᠭᠡᠷᠡᠯ᠎ᠢ᠂ ᠪᠤᠭᠤᠷᠤᠯ ᠬᠠᠨ᠎ᠤ ᠡᠩᠭᠡᠷ ᠬᠣᠷᠮᠤᠢ᠎ᠳᠤ ᠭᠢᠯᠪᠠᠭᠤᠯᠵᠤ᠂ ᠡᠪᠦᠭᠡᠨ ᠬᠣᠨᠢᠴᠢᠨᠴᠤ ᠨᠠᠷᠠᠨ᠎ᠤ ᠮᠥᠩᠬᠡ ᠰᠢᠷᠭᠠᠯ ᠭᠡᠷᠡᠯᠲᠡᠢ ᠥᠨᠢᠳᠡ᠎ᠶᠢᠨ ᠵᠣᠭᠤᠭ᠎ᠢᠶᠠᠨ ᠳᠡᠯᠭᠡᠵᠦ᠂ ᠬᠥᠮᠦᠨ ᠪᠠᠢᠭᠠᠯᠢ᠎ᠶᠢᠨ ᠥᠭᠡᠳᠡ ᠡᠰᠡᠷᠡᠭ᠎ᠲᠦ ᠪᠤᠭᠤᠷᠤᠯ ᠬᠠᠨᠢᠶᠠᠨ ᠳᠡᠷᠡᠯᠡᠩᠬᠡᠨ ᠬᠡᠢ ᠮᠣᠷᠢ ᠰᠡᠷᠭᠦᠨ ᠬᠡᠪᠲᠡᠵᠡᠢ᠃