ᠮᠣᠩᠭᠣᠯ ᠪᠢᠴᠢᠭ |
ᠬᠢᠲᠠᠳ ᠠᠩᠭᠯᠢ ᠶᠠᠫᠣᠨ |
ᠬᠡᠪᠲᠦ ᠶᠣᠰᠤᠨ᠎ᠤ ᠭᠤᠷᠪᠠᠳᠤᠭᠠᠷ ᠣᠨ᠎ᠤ ᠶᠢᠰᠦᠳᠦᠭᠡᠷ ᠰᠠᠷ᠎ᠠ᠎ᠶᠢᠨ ᠠᠷᠪᠠᠨ ᠳᠥᠷᠪᠡᠨ᠎ᠦ ᠡᠳᠦᠷ - ᠥᠭᠡᠷ᠎ᠡ᠎ᠪᠡᠷ ᠬᠡᠯᠡᠪᠡᠯ ᠠ᠊ Q ᠳᠠᠯᠢᠶᠠᠷ᠎ᠢᠶᠠᠨ ᠵᠣᠣ ᠪᠠᠢ ᠶᠠᠨ᠎ᠳᠤ ᠬᠤᠳᠠᠯᠳᠤᠵᠤ ᠥᠭᠭᠦᠭᠰᠡᠨ ᠲᠡᠷᠡ ᠡᠳᠦᠷ᠎ᠦᠨ ᠰᠥᠨᠢ᠎ᠶᠢᠨ ᠭᠤᠷᠪᠠᠨ ᠵᠢᠩ ᠳᠥᠷᠪᠡᠨ ᠮᠥᠴᠡ᠎ᠳᠦ᠂ ᠨᠢᠭᠡᠨ ᠪᠦᠳᠦᠭᠦᠨ ᠬᠠᠷ᠎ᠠ ᠮᠤᠬᠤᠯᠠᠭ᠎ᠲᠠᠢ ᠣᠩᠭᠤᠴᠠ ᠵᠣᠣ ᠣᠪᠤᠭᠲᠠᠨ᠎ᠤ ᠭᠡᠷ᠎ᠦᠨ ᠳᠡᠷᠭᠡᠳᠡᠬᠢ ᠭᠣᠣᠯ᠎ᠤᠨ ᠭᠠᠷᠠᠮ᠎ᠳᠤ ᠬᠦᠷᠴᠦ ᠢᠷᠡᠵᠡᠢ᠃ ᠲᠡᠷᠡ ᠣᠩᠭᠤᠴᠠ ᠬᠠᠪ ᠬᠠᠷᠠᠩᠭᠤᠢ᠎ᠳᠤ ᠬᠦᠷᠴᠦ ᠢᠷᠡᠭᠰᠡᠨ ᠲᠤᠯᠠ ᠬᠥᠳᠡᠭᠡᠨᠦ ᠬᠥᠮᠦᠰ ᠴᠥᠮ ᠳᠤᠭ ᠨᠦᠷ ᠤᠨᠲᠠᠵᠠᠭᠠᠭᠠᠳ ᠨᠢᠭᠡ᠎ᠴᠦ ᠮᠡᠳᠡᠭᠰᠡᠨ᠎ᠦᠭᠡᠢ᠃ ᠪᠤᠴᠠᠵᠤ ᠶᠠᠪᠤᠬᠤ᠎ᠳᠤ᠎ᠨᠢ ᠨᠢᠭᠡᠨᠲᠡ ᠦᠷ ᠴᠠᠢᠬᠤ ᠵᠠᠪᠳᠤᠵᠤ ᠪᠠᠢᠭᠰᠠᠨ ᠲᠤᠯᠠ ᠬᠠᠷᠢᠨ ᠨᠡᠯᠢᠶᠡᠳ ᠬᠡᠳᠦᠨ ᠬᠥᠮᠦᠨ ᠣᠯᠵᠤ ᠬᠠᠷᠠᠭᠰᠠᠨ ᠪᠠᠢᠵᠠᠢ᠃ ᠬᠡᠷᠡᠭ᠎ᠲᠦ ᠳᠤᠷᠠᠲᠠᠢ ᠤᠯᠤᠰ᠎ᠤᠳ᠎ᠤᠨ ᠭᠡᠲᠡᠵᠦ ᠮᠢᠷᠠᠵᠤ ᠣᠯᠤᠭᠰᠠᠨ ᠪᠠᠢᠴᠠᠭᠠᠯᠲᠠ᠎ᠶᠢ ᠦᠨᠳᠦᠰᠦᠯᠡᠪᠡᠯ ᠲᠡᠷᠡ᠎ᠨᠢ ᠡᠷᠭᠦᠭᠰᠡᠳ᠎ᠦᠨ ᠣᠩᠭᠤᠴᠠ ᠠᠵᠢ!
ᠲᠡᠷᠡ ᠣᠩᠭᠤᠴᠠ ᠸᠧᠢ ᠵᠤᠸᠠᠩ ᠲᠣᠰᠭᠤᠨ᠎ᠳᠤ ᠶᠡᠬᠡ ᠦᠢᠮᠡᠭᠡᠨ ᠠᠪᠴᠢᠷᠠᠵᠤ ᠥᠭᠴᠡᠢ᠃ ᠦᠳᠡ ᠪᠣᠯᠬᠤ᠎ᠠᠴᠠ ᠡᠮᠦᠨ᠎ᠡ ᠲᠣᠰᠭᠤᠨ ᠨᠡᠢᠲᠡ᠎ᠶᠢᠨ ᠰᠡᠳᠭᠢᠯ ᠶᠡᠬᠡᠯ᠎ᠡ ᠦᠢᠮᠡᠪᠡ᠃ ᠣᠩᠭᠤᠴᠠᠨ᠎ᠤ ᠲᠤᠬᠠᠢ ᠤᠴᠢᠷ᠎ᠢ ᠵᠣᠣ ᠣᠪᠤᠭᠲᠠᠨ᠎ᠤ ᠬᠢᠨ ᠬᠡᠳᠦᠢ ᠲᠠᠭ ᠨᠢᠭᠤᠵᠤ ᠪᠠᠢᠭᠰᠠᠨ ᠪᠣᠯᠪᠠᠴᠤ ᠬᠤᠪᠢᠰᠭᠠᠯᠲᠤ ᠨᠠᠮ ᠬᠣᠲᠠ᠎ᠳᠤ ᠣᠷᠤᠵᠤ ᠢᠷᠡᠬᠦ ᠭᠡᠵᠦ ᠪᠠᠢᠨ᠎ᠠ᠃ ᠡᠷᠭᠦᠭᠰᠡᠳ ᠮᠠᠨ᠎ᠤ ᠲᠣᠰᠭᠤᠨ᠎ᠳᠤ ᠳᠤᠲᠠᠭᠠᠵᠤ ᠢᠷᠡᠬᠦ ᠭᠡᠨ᠎ᠡ ᠭᠡᠵᠦ ᠠᠷᠢᠬᠢᠨ᠎ᠤ ᠫᠦᠰᠡ᠂ ᠴᠠᠢ᠎ᠶᠢᠨ ᠮᠤᠬᠤᠯᠠᠭ ᠮᠡᠲᠦ᠎ᠶᠢᠨ ᠭᠠᠵᠠᠷ᠎ᠢᠶᠠᠷ ᠪᠦᠷ ᠬᠡᠯᠡᠯᠴᠡᠬᠦ ᠪᠣᠯᠪᠠ᠃ ᠭᠠᠭᠴᠠ ᠽᠧᠦ ᠴᠢ ᠪᠡᠷᠭᠡᠨᠯᠡ ᠢᠩᠭᠢᠵᠦ ᠦᠵᠡᠬᠦ᠎ᠦᠭᠡᠢ᠂ ᠨᠢᠭᠡ ᠬᠡᠳᠦᠨ ᠮᠤᠤᠰᠠᠢᠨ ᠠᠪᠳᠠᠷ᠎ᠠ᠎ᠲᠠᠢ ᠶᠠᠭᠤᠮ᠎ᠠ᠎ᠶᠢ ᠡᠷᠭᠦᠭᠰᠡᠳ ᠠᠪᠴᠢᠷᠠᠵᠤ ᠬᠠᠳᠠᠭᠠᠯᠠᠭᠤᠯᠬᠤ ᠭᠡᠰᠡᠨ ᠪᠣᠯᠪᠠᠴᠤ ᠵᠣᠣ ᠲᠠᠢᠶᠧ ᠨᠣᠶᠠᠨ ᠬᠠᠷᠢᠨ ᠭᠡᠳᠡᠷᠭᠦ ᠪᠤᠴᠠᠭᠠᠭᠰᠠᠨ ᠭᠡᠳᠡᠭ ᠪᠠᠢᠵᠠᠢ᠃ ᠦᠨᠡᠨ᠎ᠳᠡᠭᠡᠨ ᠡᠷᠭᠦᠭᠰᠡᠳ᠂ ᠵᠣᠣ ᠰᠢᠦᠼᠠᠢ ᠬᠣᠶᠠᠷ ᠪᠣᠯ ᠶᠡᠷᠦ ᠡᠪ ᠲᠠᠭᠠᠷᠠᠳᠠᠭ᠎ᠦᠭᠡᠢ᠂ 《 ᠦᠢᠯᠡ ᠵᠣᠪᠠᠯᠠᠩ᠎ᠢᠶᠠᠨ ᠬᠤᠪᠢᠶᠠᠯᠴᠠᠬᠤ》 ᠨᠠᠢᠷ ᠲᠠᠯ᠎ᠠ ᠪᠠᠢᠮᠠᠷᠦᠭᠡᠢᠠᠴᠠ ᠭᠠᠳᠠᠨ᠎ᠠ᠂ ᠽᠧᠦ ᠴᠢ ᠪᠡᠷᠭᠡᠨ ᠪᠣᠯ ᠵᠣᠣ ᠣᠪᠤᠭᠲᠠᠨ᠎ᠤ ᠠᠢᠯ ᠵᠡᠷᠭᠡᠯᠡᠳᠡᠭᠡ ᠬᠥᠮᠦᠨ᠂ ᠦᠵᠡᠵᠦ ᠰᠣᠨᠤᠰᠤᠭᠰᠠᠨ᠎ᠨᠢ ᠦᠯᠡᠮᠵᠢ ᠨᠠᠢᠳᠠᠪᠤᠷᠢᠲᠠᠢ ᠲᠤᠯᠠ ᠲᠡᠷᠡ᠎ᠨᠢ ᠶᠡᠬᠡ ᠲᠥᠯᠦᠪ ᠵᠥᠪ ᠪᠠᠢᠵᠤ ᠮᠠᠭᠠᠳ᠎ᠦᠭᠡᠢ᠃
ᠭᠡᠲᠡᠯ᠎ᠡ ᠴᠤᠤᠷᠬᠠᠯ ᠭᠡᠭᠴᠢ ᠰᠦᠷᠡᠬᠡᠢ ᠳᠡᠯᠭᠡᠷᠡᠵᠡᠢ᠃ ᠡᠷᠭᠦᠭᠰᠡᠳ ᠬᠡᠳᠦᠢ ᠥᠪᠡᠷ᠎ᠢᠶᠡᠨ ᠢᠷᠡᠭᠰᠡᠨ᠎ᠦᠭᠡᠢ ᠶᠠᠩᠵᠤ᠎ᠲᠠᠢ ᠪᠣᠯᠪᠠᠴᠤ ᠨᠢᠭᠡ ᠤᠷᠲᠤ ᠵᠠᠬᠢᠳᠠᠯ ᠢᠷᠡᠭᠦᠯᠵᠦ ᠵᠣᠣ ᠣᠪᠤᠭᠲᠠᠨ᠎ᠤ ᠬᠢᠨᠲᠡᠢ 《ᠰᠠᠳᠤᠨ ᠰᠦᠯᠪᠡᠭᠡ》 ᠪᠣᠯᠬᠤ᠎ᠪᠠᠨ ᠦᠶᠡᠯᠡᠵᠦ ᠳᠠᠷᠠᠭᠠᠯᠠᠭᠰᠠᠨᠶᠤᠮ ᠭᠡᠨ᠎ᠡ᠃ ᠵᠣᠣ ᠲᠠᠢᠶᠧ ᠳᠣᠲᠤᠷ᠎ᠠ᠎ᠪᠠᠨ ᠪᠣᠯᠭᠤᠭᠠᠵᠤ ᠲᠤᠩᠭᠠᠵᠤ ᠦᠵᠡᠭᠡᠳ᠂ ᠠᠷᠠᠢ ᠲᠡᠭᠦᠨ᠎ᠳᠦ ᠬᠣᠣᠷ ᠪᠣᠯᠤᠮᠠᠷ᠎ᠦᠭᠡᠢ ᠰᠠᠨᠠᠭᠳᠠᠭᠰᠠᠨ ᠲᠤᠯᠠ ᠲᠡᠳᠡᠭᠡᠷ ᠠᠪᠳᠠᠷ᠎ᠠ᠎ᠶᠢ ᠦᠯᠡᠳᠡᠭᠡᠵᠦ ᠠᠪᠤᠭᠰᠠᠨ᠎ᠨᠢ ᠣᠳᠣ ᠬᠠᠲᠤᠨ᠎ᠤ ᠣᠷᠤᠨ ᠳᠣᠣᠷ᠎ᠠ ᠳᠠᠷᠤᠭᠳᠠᠵᠤ ᠪᠠᠢᠨ᠎ᠠ ᠭᠡᠵᠡᠭᠡᠨ᠎ᠡ᠃ ᠬᠤᠪᠢᠰᠭᠠᠯᠲᠤ ᠨᠠᠮ᠎ᠤᠨ ᠲᠤᠬᠠᠢ ᠵᠠᠷᠢᠮ᠎ᠨᠢ ᠡᠨᠡ ᠰᠥᠨᠢ ᠬᠣᠲᠠ᠎ᠳᠤ ᠣᠷᠤᠵᠤ ᠢᠷᠡᠭᠰᠡᠨ᠂ ᠬᠥᠮᠦᠨ ᠪᠦᠷᠢ ᠴᠠᠭᠠᠨ ᠬᠤᠶᠠᠭ ᠳᠤᠭᠤᠯᠠᠭ᠎ᠠ ᠡᠮᠦᠰᠴᠦ ᠭᠡᠨ᠎ᠡ: ᠴᠦᠩᠵᠧᠩ ᠬᠠᠭᠠᠨᠳᠤ ᠪᠡᠯᠪᠡᠰᠦᠷᠡᠵᠦ ᠥᠪᠴᠢ ᠴᠠᠭᠠᠨ᠎ᠢ ᠡᠮᠦᠰᠦᠭᠰᠡᠨᠶᠦᠮ ᠭᠡᠯᠴᠡᠨ᠎ᠡ᠃
ᠬᠤᠪᠢᠰᠭᠠᠯᠲᠤ ᠨᠠᠮ ᠭᠡᠳᠡᠭ ᠦᠭᠡ ᠠ᠊ Q᠎ᠶᠢᠨ ᠴᠢᠬᠢᠨ᠎ᠳᠦ ᠠᠯᠢ ᠬᠡᠳᠦᠢᠨ ᠳᠤᠭᠤᠯᠳᠠᠵᠤ ᠪᠠᠢᠭᠰᠠᠨ᠎ᠤ ᠳᠡᠭᠡᠷ᠎ᠡ ᠡᠨᠡ ᠵᠢᠯ ᠬᠤᠪᠢᠰᠭᠠᠯᠲᠤ ᠨᠠᠮ᠎ᠤᠨ ᠬᠢᠨᠢ ᠠᠯᠠᠬᠤ᠎ᠶᠢ ᠪᠠᠰᠠ ᠥᠪᠡᠷ᠎ᠦᠨ ᠨᠢᠳᠦ᠎ᠪᠡᠷ ᠣᠯᠵᠤ ᠦᠵᠡᠭᠰᠡᠨ ᠪᠠᠢᠵᠠᠢ᠃ ᠭᠡᠲᠡᠯ᠎ᠡ ᠲᠡᠭᠦᠨ᠎ᠳᠦ ᠬᠠᠮᠢᠭ᠎ᠠ ᠶᠠᠭᠤᠨ᠎ᠠᠴᠠ ᠡᠭᠦᠰᠦᠭᠰᠡᠨ᠎ᠨᠢ ᠦᠯᠦ ᠮᠡᠳᠡᠭᠳᠡᠬᠦ ᠨᠢᠭᠡ ᠰᠠᠨᠠᠯ ᠪᠠᠢᠳᠠᠭ ᠪᠠᠢᠪᠠ᠃ ᠬᠤᠪᠢᠰᠭᠠᠯᠲᠤ ᠨᠠᠮ ᠭᠡᠭᠴᠢ᠎ᠨᠢ ᠤᠷᠪᠠᠵᠤ ᠲᠡᠷᠰᠯᠡᠭᠰᠡᠨ ᠬᠡᠷᠡᠭ᠂ ᠤᠷᠪᠠᠵᠤ ᠲᠡᠷᠰᠯᠡᠬᠦ᠎ᠨᠢ ᠥᠰᠢᠯᠳᠦᠭᠰᠡᠨ ᠬᠡᠷᠡᠭ ᠭᠡᠵᠦ ᠲᠡᠷᠡ ᠪᠣᠳᠤᠳᠠᠭ ᠲᠤᠯᠠ 《ᠭᠦᠨ᠎ᠡ ᠵᠢᠭᠰᠢᠵᠦ ᠦᠬᠦᠨ ᠬᠣᠷᠤᠰᠳᠠᠭ》 ᠪᠠᠢᠯ᠎ᠠ᠃ ᠭᠡᠲᠡᠯ᠎ᠡ ᠡᠨᠡ ᠵᠠᠭᠤᠨ ᠭᠠᠵᠠᠷ᠎ᠲᠤ ᠠᠯᠳᠠᠷᠲᠠᠢ ᠡᠷᠭᠦᠭᠰᠡᠳ ᠨᠣᠶᠠᠨ᠎ᠢ ᠬᠦᠷᠲᠡᠯ᠎ᠡ ᠢᠩᠭᠢᠵᠦ ᠰᠦᠷᠳᠡᠭᠦᠯᠦᠨ᠎ᠡ ᠭᠡᠵᠦ ᠬᠡᠨ ᠰᠠᠨᠠᠪᠠ᠃ ᠢᠩᠭᠢᠬᠦᠯᠡᠷ ᠠ᠊ Q ᠪᠠᠰᠠ ᠠᠷᠭ᠎ᠠ᠎ᠦᠭᠡᠢ 《ᠰᠡᠳᠭᠢᠯ ᠲᠠᠲᠠᠭᠳᠠᠭᠰᠠᠨ》ᠰᠢᠭ ᠪᠣᠯᠤᠭᠰᠠᠨ᠎ᠤ ᠳᠡᠭᠡᠷ᠎ᠡ ᠸᠧᠢ ᠵᠤᠸᠠᠩ ᠲᠣᠰᠭᠤᠨ᠎ᠤ ᠥᠨᠥ ᠮᠤᠤᠰᠠᠢᠨ ᠡᠷ᠎ᠡ ᠡᠮᠡᠰ᠎ᠦᠨ ᠠᠶᠤᠵᠤ ᠰᠠᠨᠳᠤᠷᠤᠭᠰᠠᠨ ᠪᠠᠢᠳᠠᠯ ᠠ᠊ Q ᠶ᠋ᠢ ᠨᠡᠩ᠎ᠴᠦ ᠪᠠᠶᠠᠷᠯᠠᠭᠤᠯᠪᠠ᠃
《ᠬᠤᠪᠢᠰᠭᠠᠯᠴᠤ ᠶᠠᠭᠠᠮᠠᠢ᠂ ᠡᠨᠡ ᠮᠤᠤᠰᠠᠢᠨ ᠡᠬᠡ᠎ᠪᠡᠨ ᠴᠢᠩᠭᠢᠭᠰᠡᠨ ᠨᠤᠭᠦᠳ᠎ᠢ ᠬᠤᠪᠢᠰᠭᠠᠵᠤ ᠣᠷᠬᠢᠶ᠎ᠠ᠃ ᠳᠡᠩᠴᠢ ᠵᠢᠭᠰᠢᠯᠲᠡᠢ! ᠳᠡᠩᠴᠢ ᠵᠠᠨᠤᠯᠲᠠᠢ!᠁ ᠪᠢ᠎ᠴᠦ ᠭᠡᠰᠡᠨ ᠬᠤᠪᠢᠰᠭᠠᠯᠲᠤ ᠨᠠᠮ᠎ᠳᠤ ᠪᠠᠭᠤᠵᠤ ᠥᠭᠬᠦ᠎ᠳᠦ ᠬᠦᠷᠦᠯ᠎ᠡ》 ᠭᠡᠵᠦ ᠠ᠊ Q ᠪᠣᠳᠤᠪᠠ᠃
ᠠ᠊ Q ᠦᠷ᠎ᠡ᠎ᠡᠴᠡ ᠪᠠᠬᠠᠨ ᠭᠠᠷ ᠮᠤᠬᠤᠷᠳᠠᠵᠤ ᠳᠣᠲᠤᠷ᠎ᠠ᠎ᠨᠢ ᠨᠡᠯᠢᠶᠡᠳ ᠠᠶᠠᠭᠦᠢ ᠪᠠᠢᠭᠰᠠᠨ᠎ᠤ ᠳᠡᠭᠡᠷ᠎ᠡ᠂ ᠦᠳᠡ᠎ᠶᠢᠨ ᠦᠶ᠎ᠡ᠎ᠳᠦ ᠬᠣᠭᠤᠰᠤᠨ᠎ᠢᠶᠠᠷ ᠬᠣᠶᠠᠷ ᠠᠶᠠᠭ᠎ᠠ ᠠᠷᠢᠬᠢ ᠵᠠᠯᠭᠢᠯᠠᠭᠰᠠᠨ ᠲᠤᠯᠠ ᠤᠯᠠᠮ᠎ᠴᠤ ᠲᠦᠷᠭᠡᠨ ᠰᠣᠭᠲᠤᠭᠰᠠᠨ ᠪᠠᠢᠵᠠᠢ᠃ ᠢᠩᠭᠢᠭᠡᠳ ᠮᠠᠨᠠᠢ ᠬᠥᠮᠦᠨ ᠪᠣᠳᠤᠯᠭ᠎ᠠ ᠪᠣᠯᠤᠭᠰᠠᠭᠠᠷ ᠶᠠᠪᠤᠲᠠᠯ᠎ᠠ᠂ ᠰᠡᠳᠭᠢᠯ᠎ᠨᠢ ᠰᠠᠭᠠᠵᠤ ᠪᠠᠰᠠ᠎ᠯᠠ ᠬᠥᠪᠦᠯᠵᠡᠵᠦ ᠡᠬᠢᠯᠡᠯ᠎ᠡ᠃ ᠢᠩᠭᠢᠲᠡᠯ᠎ᠡ ᠪᠤᠤ ᠮᠡᠳᠡ᠂ ᠨᠢᠭᠡ ᠮᠡᠳᠡᠬᠦ᠎ᠳᠦ ᠮᠠᠨᠠᠢ ᠬᠥᠮᠦᠨ ᠬᠠᠷᠢᠨ ᠥᠪᠡᠷ᠎ᠢᠶᠡᠨ ᠬᠤᠪᠢᠰᠭᠠᠯᠲᠤ ᠨᠠᠮ ᠪᠣᠯᠤᠭᠠᠳ ᠸᠧᠢ ᠵᠤᠸᠠᠩ᠎ᠤᠨ ᠬᠥᠮᠦᠰ ᠴᠥᠮ ᠲᠡᠭᠦᠨ᠎ᠦ ᠣᠯᠵᠠ ᠪᠣᠯᠤᠭᠰᠠᠨᠶᠤᠮᠰᠢᠭ᠋ ᠰᠠᠨᠠᠭᠳᠠᠪᠠ᠃ ᠢᠩᠭᠢᠭᠡᠳ ᠲᠡᠷᠡ ᠪᠠᠶᠠᠷᠯᠠᠬᠤᠶᠢᠨᠢᠶᠠᠨ ᠶᠡᠬᠡ᠎ᠳᠦ ᠲᠡᠰᠭᠡᠯ᠎ᠦᠭᠡᠢ ᠶᠡᠬᠡ ᠳᠠᠭᠤᠨ᠎ᠢᠶᠠᠷ: 《ᠤᠷᠪᠠᠯ᠎ᠠ! ᠤᠷᠪᠠᠯ᠎ᠠ!》 ᠭᠡᠵᠦ ᠬᠠᠰᠭᠢᠷᠪᠠ᠃
ᠸᠧᠢ ᠵᠤᠸᠠᠩ᠎ᠤᠨ ᠬᠥᠮᠦᠰ ᠴᠥᠮ ᠲᠡᠭᠦᠨ᠎ᠢ ᠡᠮᠢᠶᠡᠵᠦ ᠰᠣᠴᠢᠭᠰᠠᠨ ᠨᠢᠳᠦ᠎ᠪᠡᠷ ᠰᠢᠷᠲᠡᠨ᠎ᠡ᠃ ᠢᠩᠭᠢᠵᠦ ᠥᠷᠦ ᠡᠪᠡᠳᠦᠮᠡᠷ ᠬᠠᠷᠠᠴᠠ᠎ᠶᠢ ᠠ᠊ Q ᠶᠡᠷᠦ ᠣᠯᠵᠤ ᠦᠵᠡᠭᠡᠳᠦᠢ ᠪᠠᠢᠭᠰᠠᠨ ᠲᠤᠯᠠ ᠣᠳᠣ ᠣᠯᠵᠤ ᠦᠵᠡᠭᠡᠳ ᠵᠤᠨ᠎ᠤ ᠵᠢᠷᠭᠤᠭᠠᠨ ᠰᠠᠷ᠎ᠠ᠎ᠳᠤ ᠵᠢᠩᠭᠢᠨᠡᠮ᠎ᠡ ᠮᠥᠰᠦ ᠵᠠᠯᠭᠢᠭᠰᠠᠨ ᠮᠡᠲᠦ ᠳᠣᠲᠤᠷ᠎ᠠ᠎ᠨᠢ ᠶᠡᠬᠡ ᠲᠠᠭᠠᠲᠠᠢ ᠰᠠᠨᠠᠭᠳᠠᠯ᠎ᠠ᠃ ᠢᠩᠭᠢᠭᠡᠳ ᠤᠯᠠᠮ ᠶᠡᠬᠡ ᠪᠠᠶᠠᠷᠯᠠᠵᠤ ᠶᠠᠪᠤᠭᠤᠳᠠ ᠥᠨᠳᠦᠷ ᠳᠠᠭᠤᠨ᠎ᠢᠶᠠᠷ ᠳᠠᠭᠤᠯᠠᠨ᠎ᠠ:
《ᠵᠠ ᠁ ᠳᠤᠷ᠎ᠠ᠎ᠪᠠᠷ᠎ᠢᠶᠠᠨ ᠳᠤᠩᠬᠤᠯᠵᠠᠵᠤ ᠰᠠᠨᠠᠭ᠎ᠠ᠎ᠪᠠᠷ᠎ᠢᠶᠠᠨ ᠰᠠᠪᠠᠯᠠᠨ᠎ᠠ ᠪᠢ᠃
ᠳ᠋ᠦᠩ ᠳ᠋ᠦᠩ᠂ ᠴᠢᠶᠠᠩ ᠴᠢᠶᠠᠩ!
ᠭᠡᠮᠰᠢᠪᠡᠴᠦ ᠣᠷᠤᠢᠲᠠᠯᠠ᠂ ᠰᠣᠭᠲᠤᠭᠤ ᠶᠠᠪᠤᠭᠰᠠᠭᠠᠷ ᠮᠡᠷᠭᠡᠨ ᠳᠡᠭᠦᠦ ᠵᠧᠩᠢ ᠠᠯᠠᠴᠢᠬᠠᠪᠠ᠃
ᠭᠡᠮᠰᠢᠪᠡᠴᠦ ᠣᠷᠤᠢᠲᠠᠨ᠂ ᠠᠢ ᠶᠠ ᠶᠠ ᠁
ᠳ᠋ᠦᠩ ᠳ᠋ᠦᠩ᠂ ᠴᠢᠶᠠᠩ ᠴᠢᠶᠠᠩ ᠳ᠋ᠦᠩ᠂ ᠴᠢᠶᠠᠩ ᠯᠢᠩ ᠴᠢᠶᠠᠩ!
ᠭᠠᠷ᠎ᠲᠠᠭᠠᠨ ᠪᠠᠷᠢᠭᠰᠠᠨ ᠭᠠᠩ ᠲᠠᠰᠢᠭᠤᠷ᠎ᠢᠶᠠᠷ ᠭᠠᠢᠭᠤᠢᠬᠠᠨ ᠵᠣᠳᠤᠶᠠ ᠳ᠋ᠠ ᠴᠢᠮᠠᠢ ᠪᠢ ᠁》
ᠵᠣᠣ ᠣᠪᠤᠭᠲᠠᠨ᠎ᠤ ᠬᠣᠶᠠᠷ ᠪᠦᠰᠡᠲᠡᠢ ᠬᠥᠮᠦᠨ᠂ ᠪᠠᠰᠠ ᠬᠣᠶᠠᠷ ᠵᠢᠩᠬᠢᠨᠢ ᠲᠥᠷᠦᠯ᠎ᠨᠢ ᠭᠠᠳᠠᠨ᠎ᠠ ᠬᠠᠭᠠᠯᠭᠠᠨ ᠳᠡᠭᠡᠷ᠎ᠡ ᠵᠣᠭᠰᠤᠭᠠᠳ ᠬᠤᠪᠢᠰᠭᠠᠯ᠎ᠤᠨ ᠲᠤᠬᠠᠢ ᠶᠠᠷᠢᠶ᠎ᠠ ᠪᠣᠯᠵᠤ ᠪᠠᠢᠪᠠ᠃ ᠠ᠊ Q ᠣᠯᠵᠤ ᠦᠵᠡᠭᠰᠡᠨ᠎ᠦᠭᠡᠢ᠂ ᠠᠰ ᠳᠡᠭᠡᠭᠰᠢ᠎ᠪᠡᠨ ᠬᠠᠷᠠᠭᠠᠳ ᠠᠶᠠᠯᠵᠤ ᠳᠠᠭᠤᠯᠠᠭᠰᠠᠭᠠᠷ ᠥᠩᠭᠡᠷᠡᠪᠡ᠃
《ᠳ᠋ᠦᠩ ᠳ᠋ᠦᠩ ᠁》
《Q ᠭᠤᠸᠠᠢ》 ᠭᠡᠵᠦ ᠵᠣᠣ ᠲᠠᠢᠶᠧ ᠨᠣᠶᠠᠨ ᠲᠣᠰᠴᠤ ᠣᠴᠢᠭᠠᠳ ᠳᠣᠷᠤᠢ ᠳᠤᠤᠭᠠᠷᠪᠠ᠃
《ᠴᠢᠶᠠᠩ ᠴᠢᠶᠠᠩ》
ᠠ᠊ Q ᠥᠪᠡᠷ᠎ᠦᠨ ᠨᠡᠷ᠎ᠡ᠎ᠶᠢ 《 ᠭᠤᠸᠠᠢ》 ᠦᠰᠦᠭ᠎ᠲᠡᠢ ᠬᠠᠪᠢᠳᠠᠵᠤ ᠣᠴᠢᠨ᠎ᠠ ᠭᠡᠵᠦ ᠰᠠᠨᠠᠭᠰᠠᠨ᠎ᠦᠭᠡᠢ᠂ ᠨᠠᠳᠠ᠎ᠲᠠᠢ ᠬᠠᠮᠢᠶ᠎ᠠ᠎ᠦᠭᠡᠢ ᠥᠭᠡᠷ᠎ᠡ ᠦᠭᠡ ᠪᠠᠢᠯᠭᠦᠢ ᠭᠡᠳ ᠳᠠᠭᠤᠯᠠᠵᠤᠯᠠ ᠶᠠᠪᠤᠪᠠ᠃
《ᠳ᠋ᠦᠩ᠂ ᠴᠢᠶᠠᠩ᠂ ᠴᠢᠶᠠᠩ ᠯᠢᠩ ᠴᠢᠶᠠᠩ᠂ ᠴᠢᠶᠠᠩ!》
《Q ᠭᠤᠸᠠᠢ!》
《ᠭᠡᠮᠰᠢᠪᠡᠴᠦ ᠣᠷᠤᠢᠲᠠᠯᠠ ᠁》
《ᠠ᠊ Q》 ᠭᠡᠵᠦ ᠰᠢᠦᠼᠠᠢ ᠠᠷᠭ᠎ᠠ᠎ᠦᠭᠡᠢ ᠰᠢᠭᠤᠳ ᠨᠡᠷ᠎ᠡ᠎ᠪᠡᠷ᠎ᠨᠢ ᠳᠠᠭᠤᠳᠠᠪᠠ᠃
ᠠ᠊ Q ᠢᠩᠭᠢᠬᠦᠯᠡᠷ᠎ᠨᠢ ᠵᠣᠭᠰᠤᠵᠤ ᠲᠣᠯᠤᠭᠠᠢ᠎ᠪᠠᠨ ᠳᠠᠯᠵᠢᠢᠯᠭᠠᠨ:
《ᠶᠠᠭᠤ ᠪᠤᠢ?》 ᠭᠡᠪᠡ᠃
《Q ᠭᠤᠸᠠᠢ ᠁ ᠣᠳᠣ ᠁》 ᠭᠡᠳ ᠵᠣᠣ ᠲᠠᠢᠶᠧ ᠨᠣᠶᠠᠨ ᠬᠠᠷᠢᠨ ᠬᠡᠯᠡᠬᠦ ᠦᠭᠡ᠎ᠪᠡᠨ ᠣᠯᠵᠤ ᠶᠠᠳᠠᠨ: 《ᠣᠳᠣ ᠁ ᠪᠠᠶᠠᠵᠢᠬᠤᠨᠢᠤᠤ?》 ᠭᠡᠪᠡ᠃
《ᠪᠠᠶᠠᠵᠢᠨ᠎ᠠ ᠡ? ᠲᠡᠭᠡᠯ᠎ᠦᠭᠡᠢ ᠶᠠᠭᠠᠬᠢᠬᠤ ᠪᠤᠢ᠃ ᠶᠠᠭᠤᠯᠠ ᠭᠡᠪᠡᠯ ᠲᠡᠷᠡ ᠪᠡᠯᠡᠨ ᠁》
《ᠠ᠊ Q ᠠᠬ᠎ᠠ ᠡ᠂ ᠪᠢᠳᠡᠨᠰᠢᠭ ᠡᠢᠮᠦ ᠶᠠᠳᠠᠭᠤ ᠨᠠᠢᠵᠠ ᠶᠠᠮᠠᠷ ᠬᠠᠮᠢᠶ᠎ᠠ ᠪᠠᠢᠬᠤ ᠪᠤᠢ ᠁》 ᠭᠡᠵᠦ ᠵᠣᠣ ᠪᠠᠢ ᠶᠠᠨ ᠬᠤᠪᠢᠰᠭᠠᠯᠲᠤ ᠨᠠᠮ᠎ᠤᠨ ᠲᠤᠬᠠᠢ ᠠᠵᠢᠭ ᠮᠡᠳᠡᠬᠦ ᠭᠡᠰᠡᠨ ᠪᠣᠯᠤᠯᠲᠠᠢ ᠠᠶᠤᠵᠤ ᠵᠢᠷᠦᠬᠡᠰᠢᠨ ᠠᠰᠠᠭᠤᠪᠠ᠃ 《ᠶᠠᠳᠠᠭᠤ ᠨᠠᠢᠵᠠ ᠡ? ᠴᠢ ᠶᠠᠭᠠᠬᠢᠭᠰᠠᠨ᠎ᠴᠤ ᠨᠠᠳᠠ᠎ᠠᠴᠠ ᠪᠠᠶᠠᠨ ᠰᠢᠤ ᠳ᠋ᠠ 》 ᠭᠡᠳ ᠠ᠊ Q ᠶᠠᠪᠤᠭᠠᠳ ᠥᠭᠪᠡ᠃
ᠪᠦᠭᠦᠳᠡᠭᠡᠷ ᠭᠠᠢᠬᠠᠵᠤ ᠳᠤᠪ ᠳᠤᠭᠤᠢ ᠪᠣᠯᠪᠠ᠃ ᠵᠣᠣ ᠲᠠᠢᠶᠧ ᠨᠣᠶᠠᠨ ᠠᠪᠤ ᠬᠦᠦ ᠬᠣᠶᠠᠭᠤᠯᠠ ᠭᠡᠷ᠎ᠲᠡᠭᠡᠨ ᠬᠠᠷᠢᠭᠠᠳ ᠣᠷᠤᠢ ᠳ᠋ᠧᠩ ᠰᠢᠲᠠᠭᠠᠲᠠᠯ᠎ᠠ ᠶᠠᠷᠢᠯᠴᠠᠪᠠ᠃ ᠵᠣᠣ ᠪᠠᠢ ᠶᠠᠨ ᠭᠡᠷ᠎ᠲᠡᠭᠡᠨ ᠬᠠᠷᠢᠵᠤ ᠢᠷᠡᠭᠡᠳ ᠪᠦᠰᠡᠨᠡᠴᠡᠪᠡᠨ ᠳᠠᠯᠢᠶᠠᠷ᠎ᠢᠶᠠᠨ ᠠᠪᠴᠤ ᠡᠬᠡᠨᠡᠷᠲᠡᠭᠡᠨ ᠥᠭᠭᠦᠭᠡᠳ ᠠᠪᠳᠠᠷ᠎ᠠ᠎ᠶᠢᠨ ᠢᠷᠤᠭᠠᠷ᠎ᠲᠤ ᠨᠢᠭᠤᠯᠭᠠᠪᠠ᠃
ᠠ᠊ Q ᠪᠠᠬᠠᠨ ᠬᠥᠪᠦᠯᠵᠡᠨ ᠨᠢᠰᠴᠦ ᠶᠠᠪᠤᠭᠠᠳ ᠶᠢᠰᠦᠨ ᠡᠵᠡᠳ᠎ᠦᠨ ᠰᠦᠮ᠎ᠡ᠎ᠳᠡᠭᠡᠨ ᠬᠠᠷᠢᠵᠤ ᠢᠷᠡᠲᠡᠯ᠎ᠡ ᠠᠷᠢᠬᠢ᠎ᠨᠢ ᠪᠦᠷ ᠰᠡᠷᠭᠦᠵᠡᠢ᠃ ᠡᠨᠡ ᠣᠷᠤᠢ ᠰᠦᠮ᠎ᠡ ᠬᠠᠷᠠᠭᠴᠢ ᠡᠪᠦᠭᠡᠨ ᠪᠠᠰᠠ ᠰᠦᠷᠡᠬᠡᠢ ᠡᠶᠡᠯᠳᠡᠭ ᠪᠣᠯᠵᠤ ᠲᠡᠭᠦᠨ᠎ᠢ ᠤᠷᠢᠵᠤ ᠴᠠᠢ ᠤᠤᠭᠤᠯᠭᠠᠪᠠ᠃ ᠠ᠊ Q ᠲᠡᠭᠦᠨ᠎ᠡᠴᠡ ᠬᠣᠶᠠᠷ ᠪᠤᠭᠤᠷᠰᠤᠭ ᠠᠪᠴᠤ ᠢᠳᠡᠵᠦ ᠪᠠᠷᠠᠭᠠᠳ ᠪᠠᠰᠠ ᠬᠠᠭᠠᠰ ᠨᠣᠴᠤᠭᠠᠭᠰᠠᠨ ᠳᠥᠷᠪᠡᠨ ᠯᠠᠩᠤᠨᠯᠠ ᠣᠯᠵᠤ᠂ ᠲᠡᠭᠦᠨ᠎ᠢᠶᠡᠨ ᠠᠰᠠᠭᠠᠭᠠᠳ ᠪᠢᠴᠢᠬᠠᠨ ᠲᠠᠰᠤᠯᠭᠠᠨ᠎ᠳᠠᠭᠠᠨ ᠭᠠᠭᠴᠠᠭᠠᠷ ᠬᠡᠪᠲᠡᠪᠡ᠃ ᠳᠣᠲᠤᠷ᠎ᠠ᠎ᠨᠢ ᠥᠭᠦᠯᠡᠰᠢ᠎ᠦᠭᠡᠢ ᠰᠠᠢᠬᠠᠨ ᠰᠠᠨᠠᠭᠳᠠᠵᠤ ᠪᠠᠰᠠ ᠶᠡᠬᠡ ᠪᠠᠶᠠᠷᠲᠠᠢ ᠪᠣᠯᠪᠠ᠃ᠯᠠᠶᠢᠨ ᠳᠥᠯᠦ᠎ᠨᠢ ᠴᠠᠭᠠᠨ ᠰᠠᠷ᠎ᠠ᠎ᠶᠢᠨ ᠠᠷᠪᠠᠨ ᠲᠠᠪᠤᠨ᠎ᠤ ᠰᠥᠨᠢᠰᠢᠭ ᠳᠤᠯᠠᠯᠵᠠᠨ ᠭᠡᠢᠵᠦ ᠰᠡᠳᠭᠢᠯᠨᠢᠴᠦ ᠮᠥᠨ ᠡᠭᠦᠨ᠎ᠦ ᠬᠠᠮᠲᠤ ᠬᠥᠪᠦᠯᠵᠡᠨ ᠪᠥᠵᠢᠭᠯᠡᠵᠦ ᠡᠬᠢᠯᠡᠯ᠎ᠡ᠃
《ᠤᠷᠪᠠᠨ᠎ᠠ ᠡ? ᠪᠠᠰᠠ ᠪᠠᠬᠠᠲᠠᠢ ᠬᠡᠷᠡᠭ ᠳ᠋ᠠ ᠁ ᠴᠠᠭᠠᠨ ᠬᠤᠶᠠᠭ ᠳᠤᠭᠤᠯᠠᠭ᠎ᠠ ᠡᠮᠦᠰᠦᠭᠰᠡᠨ ᠨᠢᠭᠡ ᠣᠯᠠᠨ ᠬᠤᠪᠢᠰᠭᠠᠯᠲᠤ ᠨᠠᠮ᠎ᠤᠨ ᠬᠢᠨ ᠬᠦᠷᠴᠦ ᠢᠷᠡᠯ᠎ᠡ᠃ ᠭᠠᠷ᠎ᠲᠠᠭᠠᠨ ᠴᠥᠮ ᠳᠠᠮ ᠢᠯᠳᠦ᠂ ᠭᠠᠩ ᠲᠠᠰᠢᠭᠤᠷ᠂ ᠳᠡᠯᠪᠡᠷᠡᠬᠦ ᠪᠥᠮᠪᠦᠭᠡ᠂ ᠣᠷᠤᠰ ᠫᠤᠤ᠂ ᠵᠢᠳᠠ ᠰᠡᠷᠡᠭᠡ᠂ ᠬᠤᠷᠳᠤᠨ ᠫᠤᠤ ᠪᠠᠷᠢᠵᠠᠭᠠᠭᠠᠳ ᠶᠢᠰᠦᠨ ᠡᠵᠡᠳ᠎ᠦᠨ ᠰᠦᠮ᠎ᠡ᠎ᠪᠡᠷ ᠳᠠᠭᠠᠷᠢᠵᠤ ᠭᠠᠷᠬᠤ᠎ᠳᠠᠭᠠᠨ: 〈ᠠ᠊ Q! ᠬᠠᠮᠲᠤ ᠶᠠᠪᠤᠶ᠎ᠠ᠂ ᠬᠠᠮᠲᠤ ᠶᠠᠪᠤᠶ᠎ᠠ!〉 ᠭᠡᠯᠴᠡᠨ᠎ᠡ᠃ ᠲᠡᠭᠡᠭᠡᠳ ᠬᠠᠮᠲᠤ ᠶᠠᠪᠤᠪᠠ᠃
《ᠡᠨᠡ ᠦᠶ᠎ᠡ᠎ᠳᠦ ᠸᠧᠢ ᠵᠤᠸᠠᠩ᠎ᠤᠨ ᠥᠨᠥ ᠮᠤᠤᠰᠠᠢᠨ ᠡᠮᠡᠰᠦᠳ ᠴᠣᠬᠤᠮ ᠢᠨᠢᠶᠡᠳᠦᠮᠲᠡᠢ ᠰᠢᠦ᠂ ᠰᠥᠭᠦᠳᠴᠢᠬᠡᠭᠡᠳ: 〈ᠠ᠊ Qᠮᠢᠨᠢ᠂ ᠠᠮᠢ ᠠᠪᠤᠷᠠ!〉 ᠭᠡᠵᠡᠭᠡᠨ᠎ᠡ᠃ ᠬᠡᠨ ᠲᠡᠭᠦᠨ᠎ᠢ ᠰᠣᠨᠤᠰᠬᠤ ᠪᠤᠢ! ᠡᠩ ᠲᠡᠷᠢᠭᠦᠨ᠎ᠳᠦ ᠵᠢᠭᠠᠯ D᠂ ᠵᠣᠣ ᠲᠠᠢᠶᠧ ᠨᠣᠶᠠᠨ ᠬᠣᠶᠠᠷ᠎ᠤᠨ ᠴᠢᠰᠤ᠎ᠶᠢ ᠬᠣᠯᠢᠶ᠎ᠠ᠂ ᠪᠠᠰᠠ ᠰᠢᠦᠼᠠᠢᠶᠢ᠂ ᠬᠠᠭᠤᠷᠮᠠᠴᠢ ᠬᠠᠷᠢ᠎ᠶᠢᠨ ᠴᠢᠳᠭᠦᠷᠢ ᠁ ᠨᠢᠭᠡ ᠬᠡᠳᠦ ᠦᠯᠡᠳᠡᠭᠡᠬᠦᠦᠦ ᠳ᠋ᠠ ? ᠸᠠᠩ ᠰᠠᠬᠠᠯᠲᠤ᠎ᠶᠢ ᠦᠯᠡᠳᠡᠭᠡᠭᠰᠡᠨᠴᠦ ᠪᠣᠯᠬᠤ᠎ᠶᠤᠮ᠃ ᠵᠠ ᠶᠠᠷᠰᠢᠭ᠂ ᠠᠪᠤᠭᠠᠳ ᠭᠠᠷ᠃ ᠁
《ᠡᠳ᠋ ᠶᠠᠭᠤᠮ᠎ᠠ ᠁ ᠰᠢᠭᠤᠳ ᠣᠷᠤᠵᠤ ᠣᠴᠢᠭᠠᠳ ᠠᠪᠳᠠᠷ᠎ᠠ ᠬᠣᠷᠭᠤ᠎ᠶᠢ ᠨᠡᠭᠡᠭᠡᠨ᠎ᠡ᠃ ᠶᠤᠸᠠᠮᠪᠤᠤ᠂ ᠮᠥᠩᠭᠦᠨ ᠵᠣᠭᠤᠰ᠂ ᠶᠠᠩᠱᠠ ᠴᠠᠮᠴᠠ ᠁ ᠰᠢᠦᠼᠠᠢᠶᠢᠨ ᠡᠬᠡᠨᠡᠷ᠎ᠦᠨ ᠨᠢᠩᠪᠦ᠋ᠸᠧ ᠮᠠᠶᠢ᠍ᠭ᠎ᠤᠨ ᠣᠷᠤ᠎ᠶᠢ ᠤᠷᠢᠳᠠᠪᠠᠷ ᠶᠢᠰᠦᠨ ᠡᠵᠡᠳ᠎ᠦᠨ ᠰᠦᠮ᠎ᠡ᠎ᠳᠡᠭᠡᠨ ᠠᠪᠴᠢᠷᠠᠶ᠎ᠠ᠂ ᠡᠭᠦᠨ᠎ᠡᠴᠡ ᠭᠠᠳᠠᠨ᠎ᠠ ᠴᠢᠶᠠᠨ ᠣᠪᠤᠭᠲᠠᠨᠤᠴᠤ ᠶᠠᠭᠠᠮᠠᠢ᠃ ᠥᠪᠡᠷ᠎ᠢᠶᠡᠨ ᠭᠠᠷ ᠬᠥᠳᠡᠯᠬᠦ᠎ᠦᠭᠡᠢ ᠰᠢᠦ! ᠵᠢᠭᠠᠯ D᠎ᠢᠶᠡᠷ ᠵᠥᠭᠡᠭᠡᠯᠭᠡᠨᠡ᠂ ᠪᠤᠰᠢᠭᠤ ᠵᠥᠭᠡᠭᠡᠬᠦ᠎ᠦᠭᠡᠢ ᠪᠣᠯ ᠲᠦᠭᠦᠰᠢᠶᠢᠨᠢ ᠠᠪᠤᠨ᠎ᠠ᠃
《ᠵᠣᠣ ᠰᠧ ᠴᠧᠨᠦ ᠥᠬᠢᠨ ᠳᠡᠭᠦᠦ ᠶᠠᠭ ᠵᠢᠰᠦ᠎ᠦᠭᠡᠢ᠃ ᠽᠧᠦ ᠴᠢ ᠪᠡᠷᠭᠡᠨᠦ ᠥᠬᠢᠨ᠎ᠢ ᠬᠡᠳᠦᠨ ᠵᠢᠯ᠎ᠡᠴᠡ ᠮᠡᠳᠡᠶ᠎ᠡ᠃ ᠬᠠᠭᠤᠷᠮᠠᠴᠢ ᠬᠠᠷᠢ᠎ᠶᠢᠨ ᠴᠢᠳᠭᠦᠷ᠎ᠦᠨ ᠡᠬᠡᠨᠡᠷ᠎ᠨᠢ ᠭᠡᠵᠢᠭᠡ᠎ᠦᠭᠡᠢ ᠬᠥᠮᠦᠨ᠎ᠲᠡᠢ ᠤᠨᠲᠠᠳᠠᠭᠶᠤᠮ᠃ ᠫᠦ᠂ ᠣᠯᠢᠭᠲᠠᠢ ᠠᠮᠢᠲᠠᠨ ᠪᠢᠰᠢ! ᠰᠢᠦᠼᠠᠢᠶᠢᠨ ᠡᠬᠡᠨᠡᠷ᠎ᠦᠨ ᠨᠢᠳᠦᠨ ᠳᠡᠭᠡᠷ᠎ᠡ᠎ᠨᠢ ᠰᠣᠷᠪᠢᠲᠠᠢ ᠪᠢᠯᠡ᠃ ᠁ ᠡᠦ ᠮᠠ ᠤᠳᠠᠲᠠᠯ᠎ᠠ ᠬᠠᠷᠠᠭᠳᠠᠭᠰᠠᠨ᠎ᠦᠭᠡᠢ᠂ ᠬᠠᠮᠢᠭ᠎ᠠ ᠪᠠᠢᠬᠤ᠎ᠶᠢ ᠪᠤᠤ ᠮᠡᠳᠡ᠂ ᠭᠡᠪᠡᠴᠦ ᠬᠥᠯ᠎ᠨᠢ ᠳᠡᠩᠴᠢ ᠶᠡᠬᠡ᠎ᠨᠢ ᠬᠠᠷᠠᠮᠰᠠᠯᠲᠠᠢ᠃ 》
ᠠ᠊ Q ᠭᠦᠢᠴᠡᠳ ᠵᠢᠪ ᠲᠠᠪ ᠪᠣᠳᠤᠬᠤ᠎ᠶᠢᠨ ᠠᠮᠵᠢᠯ᠎ᠦᠭᠡᠢ ᠬᠠᠮᠠᠷ ᠲᠠᠲᠠᠵᠤ ᠭᠠᠷᠪᠠ᠃ ᠳᠥᠷᠪᠡᠨ ᠯᠠᠩᠤᠨᠯᠠ ᠳᠥᠩᠭᠡᠵᠢ ᠬᠤᠷᠤᠭᠤ ᠬᠢᠷᠢᠲᠡᠢᠬᠡᠨ ᠰᠢᠲᠠᠵᠤ᠂ ᠳᠤᠯᠠᠯᠵᠠᠭᠰᠠᠨ ᠤᠯᠠᠭᠠᠨ ᠭᠡᠷᠡᠯ᠎ᠨᠢ ᠠ᠊ Q᠎ᠶᠢᠨ ᠠᠩᠭᠠᠢᠭᠰᠠᠨ ᠠᠮᠠᠨ᠎ᠳᠤ ᠲᠤᠰᠤᠨ᠎ᠠ᠃
《ᠬᠠ ᠬᠠ!》 ᠭᠡᠵᠦ ᠠ᠊ Q ᠭᠡᠨᠡᠳᠲᠡ ᠶᠡᠬᠡ ᠳᠠᠭᠤᠨ᠎ᠢᠶᠠᠷ ᠪᠠᠷᠬᠢᠷᠠᠪᠠ᠃ ᠥᠨᠳᠡᠢᠵᠦ ᠡᠷᠭᠢᠨ ᠲᠣᠭᠤᠷᠢᠨ᠎ᠢ ᠰᠠᠨᠳᠤᠷᠤᠨ ᠠᠵᠢᠭᠯᠠᠵᠤ ᠦᠵᠡᠭᠡᠳ ᠳᠥᠷᠪᠡᠨ ᠯᠠᠩᠤᠨᠯᠠ ᠨᠢᠳᠦᠨ᠎ᠳᠦᠨᠢ ᠬᠠᠷᠠᠭᠳᠠᠬᠤᠯᠠᠷ ᠳᠠᠬᠢᠨ ᠬᠡᠪᠲᠡᠭᠡᠳ ᠤᠨᠲᠠᠴᠢᠬᠠᠪᠠ᠃
ᠮᠠᠷᠭᠠᠰᠢ᠎ᠨᠢ ᠲᠡᠷᠡ ᠶᠡᠬᠡ ᠣᠷᠤᠢ ᠪᠣᠰᠪᠠ᠃ ᠭᠤᠳᠤᠮᠵᠢᠨ᠎ᠳᠤ ᠭᠠᠷᠴᠤ ᠦᠵᠡᠬᠦᠯ᠎ᠡ ᠬᠠᠮᠤᠭ ᠶᠠᠭᠤᠮ᠎ᠠ ᠴᠥᠮ ᠬᠡᠪ᠎ᠢᠶᠡᠷ᠂ ᠭᠡᠳᠡᠰᠦᠨᠢᠴᠦ ᠮᠥᠨ ᠥᠯᠦᠰᠦᠭᠰᠡᠭᠡᠷ ᠪᠠᠢᠨ᠎ᠠ᠃ ᠪᠣᠳᠤᠵᠤ ᠦᠵᠡᠭᠰᠡᠨᠴᠦ ᠪᠣᠳᠤᠭᠳᠠᠬᠤ ᠶᠠᠭᠤᠮ᠎ᠠ ᠠᠯᠠᠭ᠎ᠠ᠃ ᠭᠡᠲᠡᠯ᠎ᠡ ᠨᠢᠭᠡ ᠮᠡᠳᠡᠬᠦ᠎ᠳᠦ ᠠᠱ᠌ᠢᠭᠦᠢ ᠰᠠᠢᠨ ᠠᠷᠭ᠎ᠠ ᠣᠯᠤᠭᠰᠠᠨᠶᠤᠮᠰᠢᠭ᠋ ᠠᠭᠠᠵᠢᠮ᠎ᠢᠶᠠᠷ ᠠᠯᠬᠤᠭᠰᠠᠭᠠᠷ ᠴᠢᠪᠠᠭᠠᠨᠴᠠ᠎ᠶᠢᠨ ᠰᠦᠮ᠎ᠡ᠎ᠳᠦ ᠰᠠᠨᠠᠮᠰᠠᠷ᠎ᠦᠭᠡᠢ ᠬᠦᠷᠪᠡ ᠣᠴᠢᠪᠠ᠃
ᠰᠦᠮ᠎ᠡ᠎ᠳᠦ ᠮᠥᠨ ᠬᠠᠪᠤᠷ᠎ᠤᠨ ᠠᠳᠠᠯᠢ ᠨᠠᠮ ᠵᠢᠮᠬᠡᠨ᠂ ᠴᠠᠪ ᠴᠠᠭᠠᠨ ᠬᠡᠷᠡᠮ᠂ ᠬᠠᠪ ᠬᠠᠷ᠎ᠠ ᠬᠠᠭᠠᠯᠭ᠎ᠠ ᠬᠡᠪ᠎ᠢᠶᠡᠷ ᠪᠠᠢᠯ᠎ᠠ᠃ ᠠ᠊ Q ᠲᠦᠷ ᠪᠣᠳᠤᠰᠬᠢᠵᠤ ᠠᠪᠤᠭᠠᠳ ᠣᠴᠢᠵᠤ ᠡᠭᠦᠳᠡ ᠲᠣᠭᠰᠢᠬᠤᠯᠠ᠂ ᠬᠠᠰᠢᠶᠠᠨ ᠳᠣᠲᠤᠷ᠎ᠠ ᠨᠣᠬᠠᠢ ᠬᠤᠴᠠᠵᠤ ᠡᠬᠢᠯᠡᠯ᠎ᠡ᠃ ᠲᠡᠷᠡ ᠰᠠᠨᠳᠤᠷᠴᠤ ᠲᠣᠭᠤᠰᠭ᠎ᠠ᠎ᠶᠢᠨ ᠬᠡᠯᠲᠡᠷᠬᠡᠢ ᠬᠡᠳᠦᠨ ᠬᠡᠰᠡᠭ ᠰᠢᠭᠦᠷᠡᠵᠦ ᠠᠪᠤᠭᠠᠳ ᠳᠠᠬᠢᠨ ᠣᠴᠢᠵᠤ ᠪᠠᠬᠠᠨ ᠬᠦᠴᠦᠲᠡᠢ ᠲᠣᠭᠰᠢᠯ᠎ᠠ᠃ ᠬᠠᠷ᠎ᠠ ᠬᠠᠭᠠᠯᠭ᠎ᠠ ᠳᠡᠭᠡᠷ᠎ᠡ ᠨᠡᠯᠢᠶᠡᠳ ᠣᠷᠤ ᠭᠠᠷᠲᠠᠯ᠎ᠠ ᠲᠣᠭᠰᠢᠭᠰᠠᠨ ᠬᠣᠢᠨ᠎ᠠ ᠬᠠᠭᠠᠯᠭ᠎ᠠ ᠨᠡᠭᠡᠭᠡᠬᠦ᠎ᠪᠡᠷ ᠬᠥᠮᠦᠨ ᠭᠠᠷᠴᠤ ᠢᠷᠡᠬᠦ ᠴᠢᠮᠡᠭᠡ ᠰᠣᠨᠤᠰᠳᠠᠪᠠ᠃
ᠠ᠊ Q ᠰᠠᠩᠳᠠ ᠮᠡᠩᠳᠡ ᠲᠣᠭᠤᠰᠭ᠎ᠠ᠎ᠪᠠᠨ ᠬᠦᠴᠦᠯᠡᠨ ᠠᠳᠭᠤᠵᠤ᠂ ᠠᠯᠴᠠᠢᠵᠤ ᠯᠠᠪᠳᠠᠭᠤᠬᠠᠨ ᠵᠣᠭᠰᠤᠭᠠᠳ᠂ ᠬᠠᠷ᠎ᠠ ᠨᠣᠬᠠᠢ᠎ᠲᠠᠢ ᠦᠵᠡᠯᠴᠡᠬᠦ᠎ᠪᠡᠷ ᠪᠡᠯᠡᠳᠭᠡᠯ᠎ᠡ᠃ ᠭᠡᠲᠡᠯ᠎ᠡ ᠰᠦᠮ᠎ᠡ᠎ᠶᠢᠨ ᠬᠠᠭᠠᠯᠭ᠎ᠠ ᠨᠠᠷᠢᠬᠠᠨ ᠠᠩᠭᠠᠢᠭᠠᠳ ᠬᠠᠷ᠎ᠠ ᠨᠣᠬᠠᠢᠴᠤ ᠭᠠᠷᠴᠤ ᠢᠷᠡᠭᠰᠡᠨ᠎ᠦᠭᠡᠢ᠂ ᠠᠵᠢᠭᠯᠠᠵᠤ ᠳᠣᠲᠤᠭᠰᠢ᠎ᠨᠢ ᠬᠠᠷᠠᠪᠠᠯ᠂ ᠬᠥᠭᠰᠢᠨ ᠴᠢᠪᠠᠭᠠᠨᠴᠠ ᠭᠠᠭᠴᠠᠭᠠᠷ ᠪᠠᠢᠪᠠ᠃
《ᠴᠢ ᠪᠠᠰᠠ ᠶᠠᠭᠤᠨ᠎ᠳᠤ ᠢᠷᠡᠪᠡ?》 ᠭᠡᠵᠦ ᠬᠥᠭᠰᠢᠨ ᠴᠢᠪᠠᠭᠠᠨᠴᠠ ᠶᠡᠬᠡᠯ᠎ᠡ ᠰᠣᠴᠢᠵᠤ ᠠᠰᠠᠭᠤᠪᠠ᠃ 《 ᠬᠤᠪᠢᠰᠭᠠᠯ ᠪᠣᠯᠤᠭᠰᠠᠨ ᠰᠢᠤ ᠁ ᠴᠢ ᠮᠡᠳᠡᠨ᠎ᠡ᠎ᠦᠦ?᠁》 ᠭᠡᠵᠦ ᠠ᠊ Q ᠳᠤᠲᠠᠭᠤ ᠬᠠᠭᠠᠰ ᠬᠡᠯᠡᠪᠡ᠃
《ᠬᠤᠪᠢᠰᠭᠠᠯ ᠬᠤᠪᠢᠰᠭᠠᠯ ᠭᠡᠳ ᠬᠤᠪᠢᠰᠭᠠᠵᠤ ᠥᠩᠭᠡᠷᠡᠭᠰᠡᠨ ᠁ ᠲᠠ᠎ᠨᠠᠷ ᠪᠢᠳᠡᠨ᠎ᠢ ᠶᠠᠭᠠᠬᠢᠵᠤ ᠬᠤᠪᠢᠰᠭᠠᠬᠤ᠎ᠨᠢ ᠪᠤᠢ?》 ᠭᠡᠵᠦ ᠬᠥᠭᠰᠢᠨ ᠴᠢᠪᠠᠭᠠᠨᠴᠠ ᠬᠣᠶᠠᠷ ᠨᠢᠳᠦ᠎ᠪᠡᠨ ᠴᠢᠰ ᠤᠯᠠᠭᠠᠨ᠎ᠢᠶᠠᠷ ᠡᠷᠭᠢᠯᠳᠦᠭᠦᠯᠦᠨ ᠬᠡᠯᠡᠪᠡ᠃
《ᠶᠠᠭᠤ? ᠁》 ᠭᠡᠵᠦ ᠠ᠊ Q ᠠᠰᠠᠭᠤᠪᠠ᠃
《ᠴᠢ ᠮᠡᠳᠡᠬᠦ᠎ᠦᠭᠡᠢ ᠪᠠᠢᠨ᠎ᠠ᠂ ᠲᠡᠳᠡᠴᠢᠨᠢ ᠢᠷᠡᠭᠡᠳ ᠬᠤᠪᠢᠰᠭᠠᠴᠢᠬᠠᠭᠰᠠᠨ!》
《ᠬᠡᠨ?》 ᠭᠡᠵᠦ ᠠ᠊ Q ᠤᠯᠠᠮ ᠭᠠᠢᠬᠠᠪᠠ᠃
《ᠥᠨᠥ ᠰᠢᠦᠼᠠᠢ᠂ ᠬᠠᠭᠤᠷᠮᠠᠴᠢ ᠬᠠᠷᠢ᠎ᠶᠢᠨ ᠴᠢᠳᠭᠦᠷ ᠬᠣᠶᠠᠷ!》
ᠠ᠊ Q᠎ᠶᠢᠨ ᠵᠡᠭᠦᠳᠦᠨᠳᠦᠴᠦ ᠪᠠᠢᠭᠰᠠᠨ᠎ᠦᠭᠡᠢ ᠲᠤᠯᠠ ᠰᠣᠨᠤᠰᠤᠭᠠᠳ ᠰᠠᠨᠠᠮᠰᠠᠷ᠎ᠦᠭᠡᠢ ᠰᠣᠴᠢᠨ ᠬᠡᠯᠮᠡᠭᠳᠡᠪᠡ᠃ ᠬᠥᠭᠰᠢᠨ ᠴᠢᠪᠠᠭᠠᠨᠴᠠ ᠠ᠊ Q᠎ᠶᠢᠨ ᠰᠦᠷ ᠪᠠᠭᠤᠷᠠᠭᠰᠠᠨᠢ ᠦᠵᠡᠭᠡᠳ ᠬᠠᠭᠠᠯᠭ᠎ᠠ᠎ᠪᠠᠨ ᠳᠠᠷᠤᠢ ᠬᠠᠭᠠᠵᠤ ᠣᠷᠬᠢᠪᠠ᠃ ᠠ᠊ Q ᠳᠠᠬᠢᠨ ᠲᠦᠯᠬᠢᠲᠡᠯᠡ ᠨᠡᠭᠡᠭᠡᠭᠳᠡᠮᠡᠷᠦᠭᠡᠢ ᠪᠠᠲᠤ ᠲᠦᠭᠵᠢᠷᠡᠭᠰᠡᠨ ᠪᠥᠭᠡᠳ ᠳᠠᠬᠢᠵᠤ ᠲᠣᠭᠰᠢᠬᠤᠯᠠ ᠲᠠᠭ ᠳᠤᠭᠤᠢ ᠪᠣᠯᠪᠠ᠃
ᠲᠡᠷᠡ᠎ᠨᠢ ᠦᠳᠡ᠎ᠶᠢᠨ ᠡᠮᠦᠨ᠎ᠡ ᠭᠠᠷᠤᠭᠰᠠᠨ ᠬᠡᠷᠡᠭ ᠪᠢᠯᠡ᠃ ᠵᠣᠣ ᠰᠢᠦᠼᠠᠢ ᠰᠤᠷᠠᠭ ᠠᠵᠢᠭᠢ ᠠᠨᠳᠤᠬᠤ᠎ᠦᠭᠡᠢ ᠰᠣᠨᠤᠰᠳᠠᠭ ᠲᠤᠯᠠ ᠬᠤᠪᠢᠰᠭᠠᠯᠲᠤ ᠨᠠᠮ ᠰᠥᠨᠢ ᠬᠣᠲᠠᠨ᠎ᠳᠤ ᠣᠷᠤᠵᠤ ᠢᠷᠡᠭᠰᠡᠨ᠎ᠢ ᠮᠡᠳᠡᠮᠡᠭᠴᠡ ᠭᠡᠵᠢᠭᠡ᠎ᠪᠡᠨ ᠣᠷᠤᠢ ᠳᠡᠭᠡᠷ᠎ᠡ᠎ᠪᠡᠨ ᠣᠷᠢᠶᠠᠭᠠᠳ ᠬᠠᠷ᠎ᠠ ᠥᠷᠯᠦᠭᠡᠭᠦᠷ ᠥᠨᠥ ᠶᠡᠷᠦ ᠡᠪ ᠲᠠᠭᠠᠷᠠᠬᠤ᠎ᠦᠭᠡᠢ ᠬᠠᠷᠢ᠎ᠶᠢᠨ ᠴᠢᠳᠭᠦᠷ᠎ᠲᠦ ᠪᠠᠷᠠᠯᠬᠠᠬᠤ᠎ᠪᠠᠷ ᠣᠴᠢᠵᠠᠢ᠃ ᠣᠳᠣ 《ᠳᠠᠶᠠᠭᠠᠷ ᠰᠢᠨᠡᠳᠭᠡᠵᠡᠭᠡᠬᠦ》 ᠴᠠᠭ ᠪᠣᠯᠤᠭᠰᠠᠨ ᠲᠤᠯᠠ ᠲᠡᠳᠡᠨ᠎ᠦ ᠦᠭᠡ ᠲᠠᠭᠠᠷᠠᠵᠤ ᠶᠠᠷᠢᠶ᠎ᠠ ᠨᠡᠢᠯᠡᠭᠡᠳ ᠳᠣᠣᠷ᠎ᠠ᠎ᠪᠠᠨ ᠰᠠᠨᠠᠭ᠎ᠠ ᠰᠡᠳᠭᠢᠯ᠎ᠢᠶᠡᠨ ᠮᠡᠳᠡᠯᠴᠡᠭᠰᠡᠨ ᠰᠠᠢᠨ ᠨᠥᠬᠦᠷ ᠪᠣᠯᠤᠯᠴᠠᠵᠤ ᠬᠠᠮᠲᠤ ᠶᠠᠪᠤᠵᠤ ᠬᠤᠪᠢᠰᠭᠠᠯ ᠬᠢᠬᠦ᠎ᠪᠡᠷ ᠪᠣᠯᠵᠤᠨ ᠲᠣᠭᠲᠠᠵᠠᠢ᠃ ᠲᠡᠳᠡ ᠪᠣᠳᠤᠭᠰᠠᠨ ᠳᠡᠭᠡᠷ᠎ᠡ ᠪᠣᠳᠤᠭᠰᠠᠭᠠᠷ ᠠᠷᠠᠢᠭᠡᠵᠦ ᠴᠢᠪᠠᠭᠠᠨᠴᠠ᠎ᠶᠢᠨ ᠰᠦᠮ᠎ᠡ᠎ᠳᠦ ᠨᠢᠭᠡᠨ 《ᠡᠵᠡᠨ ᠪᠣᠭᠳᠠ ᠲᠦᠮᠡᠨ ᠲᠦᠮᠡᠨ ᠨᠠᠰᠤᠯᠠᠲᠤᠭᠠᠢ》 ᠭᠡᠰᠡᠨ ᠦᠰᠦᠭ᠎ᠲᠡᠢ ᠯᠤᠤᠲᠤ ᠫᠠᠢᠰᠠ ᠪᠠᠢᠳᠠᠭ᠎ᠢ ᠪᠣᠳᠤᠵᠤ ᠣᠯᠤᠭᠠᠳ ᠮᠥᠨ ᠳᠠᠷᠤᠢ ᠲᠡᠭᠦᠨ᠎ᠢ ᠬᠤᠪᠢᠰᠭᠠᠵᠤ ᠣᠷᠬᠢᠬᠤ ᠶᠣᠰᠤᠲᠠᠢ ᠭᠡᠵᠡᠢ᠃ ᠢᠩᠭᠢᠭᠡᠳ ᠰᠦᠮ᠎ᠡ᠎ᠳᠦ ᠬᠠᠮᠲᠤ ᠬᠦᠷᠴᠦ ᠣᠴᠢᠭᠠᠳ ᠬᠤᠪᠢᠰᠭᠠᠯ ᠬᠢᠪᠡ᠃ ᠲᠡᠭᠡᠬᠦᠳᠦᠨᠢ ᠬᠥᠭᠰᠢᠨ ᠴᠢᠪᠠᠭᠠᠨᠴᠠ ᠢᠷᠡᠭᠡᠳ ᠬᠠᠰᠢᠵᠤ ᠬᠡᠳᠦᠨ ᠦᠭᠡ ᠬᠡᠯᠡᠭᠰᠡᠨ᠎ᠳᠦ᠂ ᠲᠡᠳᠡ ᠬᠥᠭᠰᠢᠨ ᠴᠢᠪᠠᠭᠠᠨᠴᠠ᠎ᠶᠢ ᠮᠠᠨᠵᠤ᠎ᠶᠢᠨ ᠲᠥᠷᠦ᠎ᠪᠡᠷ ᠦᠵᠡᠵᠦ ᠲᠣᠯᠤᠭᠠᠢ ᠤᠷᠤᠭᠤ᠎ᠨᠢ ᠪᠠᠭ᠎ᠠ᠎ᠦᠭᠡᠢ ᠨᠢᠳᠤᠷᠭᠠᠳᠠᠵᠤ ᠨᠢᠰᠠᠯᠵᠠᠢ᠃ ᠲᠡᠳᠡᠨ᠎ᠢ ᠶᠠᠪᠤᠭᠤᠯᠤᠭᠠᠳ ᠴᠢᠪᠠᠭᠠᠨᠴᠠ ᠠᠭᠤᠷ᠎ᠢᠶᠠᠨ ᠳᠠᠷᠤᠭᠳᠠᠭᠰᠠᠨ ᠬᠣᠢᠨ᠎ᠠ ᠣᠴᠢᠵᠤ ᠪᠠᠢᠴᠠᠭᠠᠵᠤ ᠦᠵᠡᠪᠡᠯ᠂ ᠯᠤᠤᠲᠤ ᠫᠠᠢᠰᠠᠴᠤ ᠦᠨᠡᠬᠡᠷ ᠭᠠᠵᠠᠷ ᠤᠨᠠᠵᠤ ᠬᠡᠮᠬᠡᠷᠡᠭᠡᠳ ᠪᠠᠢᠭᠰᠠᠨ ᠪᠥᠭᠡᠳ ᠳ᠋ᠾᠷ᠎ᠠ ᠡᠬᠡ ᠪᠤᠷᠬᠠᠨ᠎ᠤ ᠡᠮᠦᠨ᠎ᠡ ᠲᠠᠯᠪᠢᠵᠤ ᠪᠠᠢᠭᠰᠠᠨ ᠡᠷᠲᠡᠨ᠎ᠦ ᠰᠢᠤᠸᠠᠨ ᠳ᠋ᠸ ᠬᠠᠭᠠᠨ᠎ᠤ ᠦᠶ᠎ᠡ᠎ᠳᠦ ᠴᠢᠳᠭᠤᠭᠰᠠᠨ ᠱᠠᠩᠯᠤᠤᠨᠢ ᠠᠯᠠᠭ᠎ᠠ ᠪᠣᠯᠤᠭᠰᠠᠨ ᠪᠠᠢᠪᠠ᠃
ᠡᠨᠡ ᠶᠠᠪᠤᠳᠠᠯ᠎ᠢ ᠠ᠊ Q ᠰᠡᠭᠦᠯᠳᠦᠨᠢ ᠣᠯᠵᠤ ᠮᠡᠳᠡᠵᠡᠢ᠃ ᠢᠩᠭᠢᠭᠡᠳ ᠥᠪᠡᠷ᠎ᠦᠨ ᠤᠨᠲᠠᠵᠤ ᠬᠣᠴᠤᠷᠤᠭᠰᠠᠨ᠎ᠳᠠᠭᠠᠨ ᠮᠠᠰᠢ ᠬᠠᠷᠠᠮᠰᠠᠬᠤ ᠪᠣᠯᠪᠠᠴᠤ᠂ ᠲᠡᠳᠡᠨ᠎ᠦ ᠢᠷᠡᠵᠦ ᠳᠠᠭᠤᠳᠠᠭᠰᠠᠨᠦᠭᠡᠢᠳᠤᠨᠢ ᠮᠥᠨ ᠰᠦᠷᠡᠬᠡᠢ ᠭᠣᠮᠤᠳᠠᠨᠠ᠃ ᠲᠡᠷᠡ ᠪᠠᠰᠠ:
《ᠮᠢᠨᠦ ᠬᠤᠪᠢᠰᠭᠠᠯᠲᠤ ᠨᠠᠮ᠎ᠳᠤ ᠪᠠᠭᠤᠵᠤ ᠥᠭᠭᠦᠭᠡᠳ ᠪᠠᠢᠬᠤ᠎ᠶᠢ ᠲᠡᠳᠡ ᠪᠠᠰᠠ ᠮᠡᠳᠡᠭᠡᠳᠦᠢ ᠪᠠᠢᠭᠰᠠᠭᠠᠷᠶᠤᠮ ᠭᠡᠵᠦ᠎ᠦᠦ?》 ᠭᠡᠵᠦ ᠡᠷᠭᠢᠴᠡᠭᠦᠯᠦᠨ ᠪᠣᠳᠤᠯ᠎ᠠ᠃
ᠸᠧᠢ ᠵᠤᠸᠠᠩ ᠲᠣᠰᠭᠤᠨ᠎ᠤ ᠤᠯᠤᠰ᠎ᠤᠨ ᠰᠡᠳᠭᠢᠯ ᠤᠯᠠᠮ᠎ᠢᠶᠠᠷ ᠲᠠᠢᠪᠤᠷᠠᠪᠠ᠃ ᠤᠯᠤᠰ᠎ᠤᠨ ᠶᠠᠷᠢᠯᠴᠠᠬᠤ᠎ᠪᠠᠷ ᠪᠣᠯ ᠬᠤᠪᠢᠰᠭᠠᠯᠲᠤ ᠨᠠᠮ ᠬᠡᠳᠦᠢᠪᠡᠷ ᠬᠣᠲᠠ᠎ᠳᠤ ᠣᠷᠤᠭᠰᠠᠨ ᠪᠣᠯᠪᠠᠴᠤ᠂ ᠬᠤᠪᠢᠰᠴᠤ ᠥᠭᠡᠷᠡᠲᠦᠭᠰᠡᠨ ᠵᠦᠢᠯ ᠲᠡᠳᠦᠢᠯᠡ᠎ᠦᠭᠡᠢ ᠭᠡᠨ᠎ᠡ᠃ ᠰᠢᠶᠠᠨ᠎ᠤ ᠨᠣᠶᠠᠨ ᠮᠥᠨ ᠬᠠᠭᠤᠴᠢᠨ᠎ᠢᠶᠠᠷ᠎ᠢᠶᠠᠨ ᠬᠥᠳᠡᠯᠦᠭᠰᠡᠨ᠎ᠦᠭᠡᠢ᠂ ᠨᠡᠷ᠎ᠡ ᠳᠠᠭᠤᠳᠠᠯᠭᠠᠶᠢᠨᠢ ᠬᠠᠯᠠᠭᠰᠠᠨ ᠲᠡᠳᠦᠢ ᠪᠥᠭᠡᠳ ᠡᠷᠭᠦᠭᠰᠡᠳ ᠪᠠᠰᠠ ᠶᠠᠮᠠᠷ ᠨᠢᠭᠡᠨ ᠨᠣᠶᠠᠨ ᠪᠣᠯᠤᠭᠰᠠᠨ ᠭᠡᠨ᠎ᠡ - ᠡᠳᠡᠭᠡᠷ ᠨᠡᠷᠡᠰ᠎ᠢ ᠸᠧᠢ ᠵᠤᠸᠠᠩ᠎ᠤᠨ ᠬᠥᠮᠦᠰ ᠴᠥᠮ ᠲᠣᠳᠤᠷᠬᠠᠢ ᠬᠡᠯᠡᠵᠦ ᠭᠠᠷᠬᠤᠦᠭᠡᠢᠶᠤᠮ᠃ ᠴᠡᠷᠢᠭ ᠵᠠᠬᠢᠷᠤᠭᠴᠢ᠎ᠨᠢ ᠪᠠᠰᠠ᠎ᠯᠠ ᠤᠷᠢᠳ᠎ᠤᠨ ᠥᠨᠥ ᠠᠩᠭᠢ᠎ᠶᠢᠨ ᠳᠠᠷᠤᠭ᠎ᠠ ᠪᠠᠢᠪᠠ᠃ ᠭᠠᠭᠴᠠᠬᠠᠨ ᠠᠶᠤᠮᠰᠢᠭᠲᠠᠢ ᠨᠢᠭᠡ ᠬᠡᠷᠡᠭ ᠭᠡᠪᠡᠯ᠂ ᠬᠤᠪᠢᠰᠭᠠᠯᠲᠤ ᠨᠠᠮ᠎ᠳᠤ ᠬᠡᠳᠦᠨ ᠦᠯᠦ ᠪᠦᠲᠦᠬᠦ ᠠᠮᠢᠲᠠᠨ ᠬᠤᠳᠭᠤᠯᠳᠤᠨ ᠣᠷᠤᠵᠤ ᠰᠠᠮᠠᠭᠤᠷᠠᠭᠤᠯᠤᠭᠰᠠᠨ᠎ᠠᠴᠠ᠂ ᠳᠠᠷᠠᠭ᠎ᠠ ᠡᠳᠦᠷ᠎ᠡᠴᠡ᠎ᠨᠢ ᠡᠬᠢᠯᠡᠵᠦ ᠭᠡᠵᠢᠭᠡ ᠬᠠᠢᠴᠢᠯᠠᠬᠤ ᠪᠣᠯᠤᠭᠰᠠᠨ ᠪᠥᠭᠡᠳ ᠵᠡᠷᠭᠡᠯᠡᠳᠡᠭᠡ ᠲᠣᠰᠭᠤᠨ᠎ᠤ ᠣᠩᠭᠤᠴᠠ ᠰᠡᠯᠢᠭᠴᠢ ᠳᠣᠯᠤᠭᠠᠲᠠᠢᠳᠤ ᠡᠨᠡ ᠭᠠᠢ᠎ᠨᠢ ᠲᠠᠭᠠᠷᠠᠭᠠᠳ ᠭᠡᠵᠢᠭᠡ᠎ᠪᠡᠨ ᠬᠠᠢᠴᠢᠯᠠᠭᠳᠠᠭᠠᠳ ᠬᠥᠮᠦᠨ᠎ᠦ ᠰᠢᠨᠵᠢ᠎ᠦᠭᠡᠢ ᠪᠣᠯᠤᠭᠰᠠᠨ᠎ᠶᠤᠮ ᠭᠡᠨ᠎ᠡ ᠪᠢᠯᠡ᠃ ᠭᠡᠪᠡᠴᠦ ᠸᠧᠢ ᠵᠤᠸᠠᠩ᠎ᠤᠨ ᠬᠥᠮᠦᠰ ᠤᠤᠯ᠎ᠠᠴᠠ ᠬᠣᠲᠠ ᠣᠯᠠᠨ ᠣᠷᠤᠳᠠᠭ᠎ᠦᠭᠡᠢ ᠪᠠᠢᠭᠰᠠᠨ ᠪᠥᠭᠡᠳ ᠬᠠᠶᠠ ᠨᠢᠭᠡ ᠬᠣᠲᠠ᠎ᠳᠤ ᠣᠷᠤᠶ᠎ᠠ ᠭᠡᠰᠡᠨ ᠬᠥᠮᠦᠰ ᠪᠠᠢᠭᠰᠠᠨ᠎ᠴᠤ ᠮᠥᠨ ᠲᠡᠷᠡ ᠳᠠᠷᠤᠢ ᠠᠷᠭ᠎ᠠ ᠤᠬᠠᠭᠠᠨ᠎ᠢᠶᠠᠨ ᠣᠯᠵᠤ ᠡᠨᠡ ᠠᠶᠤᠯ᠎ᠠᠴᠠ ᠮᠤᠯᠲᠤᠷᠠᠵᠤ ᠪᠠᠢᠭᠰᠠᠨ ᠲᠤᠯᠠ ᠡᠨᠡ᠎ᠨᠢ ᠲᠡᠳᠦᠢᠯᠡ ᠶᠡᠬᠡ ᠠᠶᠤᠯ ᠪᠣᠯᠤᠭᠰᠠᠨ᠎ᠦᠭᠡᠢ᠃ ᠠ᠊ Q ᠤᠤᠯ᠎ᠨᠢ ᠪᠠᠰᠠ ᠬᠠᠭᠤᠴᠢᠨ ᠲᠠᠨᠢᠯ᠎ᠢᠶᠠᠨ ᠡᠷᠢᠬᠦ᠎ᠪᠡᠷ ᠬᠣᠲᠠ᠎ᠳᠤ ᠣᠷᠤᠬᠤ ᠰᠠᠨᠠᠭ᠎ᠠ᠎ᠲᠠᠢ ᠪᠠᠢᠭᠰᠠᠨ ᠪᠣᠯᠪᠠᠴᠤ ᠡᠨᠡ ᠴᠢᠮᠡᠭᠡ᠎ᠶᠢ ᠰᠣᠨᠤᠰᠤᠭᠠᠳ ᠠᠷᠭ᠎ᠠ᠎ᠦᠭᠡᠢ ᠪᠣᠯᠢᠵᠠᠢ᠃
ᠭᠡᠪᠡᠴᠦ ᠸᠧᠢ ᠵᠤᠸᠠᠩ᠎ᠳᠤ ᠨᠢᠭᠡ᠎ᠴᠦ ᠥᠭᠡᠷᠡᠴᠢᠯᠡᠯᠲᠡ ᠭᠠᠷᠤᠭᠰᠠᠨ᠎ᠦᠭᠡᠢ ᠭᠡᠵᠦ ᠪᠣᠳᠤᠬᠤᠦᠭᠡᠢᠶᠤᠮ᠃ ᠬᠡᠳᠦ ᠬᠣᠨᠤᠭᠰᠠᠨᠤ ᠳᠠᠷᠠᠭ᠎ᠠ ᠭᠡᠵᠢᠭᠡ᠎ᠪᠡᠨ ᠣᠷᠤᠢ ᠳᠡᠭᠡᠷ᠎ᠡ᠎ᠪᠡᠨ ᠣᠷᠢᠶᠠᠭᠰᠠᠳ ᠤᠯᠠᠮ᠎ᠢᠶᠠᠷ ᠣᠯᠠᠰᠢᠷᠠᠪᠠ᠃ ᠳᠡᠭᠡᠷ᠎ᠡ ᠬᠡᠯᠡᠵᠦ ᠥᠩᠭᠡᠷᠡᠭᠰᠡᠨ ᠮᠡᠲᠦ᠎ᠪᠡᠷ ᠡᠩ ᠲᠡᠷᠢᠭᠦᠨ᠎ᠳᠦ ᠶᠠᠷᠢᠶᠠᠨ᠎ᠦᠭᠡᠢ ᠮᠠᠤᠼᠠᠢ ᠠᠪᠤᠭᠠᠢ᠂ ᠲᠡᠭᠦᠨ᠎ᠦ ᠳᠠᠷᠠᠭ᠎ᠠ ᠵᠣᠣ ᠰᠧ ᠴᠧᠨ᠂ ᠵᠣᠣᠪᠠᠢ ᠶᠠᠨ ᠬᠣᠶᠠᠷ᠂ ᠰᠡᠭᠦᠯᠡᠷ᠎ᠨᠢ ᠠ᠊ Q ᠪᠠᠢᠵᠠᠢ᠃ ᠵᠤᠨ᠎ᠤ ᠴᠠᠭ ᠪᠠᠢᠭᠰᠠᠨ ᠪᠣᠯ ᠪᠦᠭᠦᠳᠡᠭᠡᠷ ᠭᠡᠵᠢᠭᠡ᠎ᠪᠡᠨ ᠣᠷᠤᠢ ᠳᠡᠭᠡᠷ᠎ᠡ᠎ᠪᠡᠨ ᠣᠷᠢᠶᠠᠬᠤ ᠪᠤᠶᠤ ᠵᠠᠩᠭᠢᠳᠴᠤ ᠣᠷᠬᠢᠬᠤ᠎ᠨᠢ ᠲᠡᠳᠦᠢᠯᠡ ᠭᠠᠢᠬᠠᠯᠲᠠᠢ ᠬᠡᠷᠡᠭ ᠪᠢᠰᠢ᠎ᠶᠦᠮ᠂ ᠭᠡᠲᠡᠯ᠎ᠡ ᠣᠳᠣ ᠪᠣᠯ ᠨᠠᠮᠤᠷ᠎ᠤᠨ ᠰᠡᠭᠦᠯ ᠪᠣᠯᠬᠤ ᠲᠤᠯᠠ ᠢᠩᠭᠢᠵᠦ 《 ᠨᠠᠮᠤᠷ ᠴᠠᠭ᠎ᠲᠤ ᠵᠤᠨ᠎ᠤ ᠶᠠᠩᠵᠤ᠎ᠪᠠᠷ ᠠᠭᠠᠰᠢᠯᠠᠬᠤ》᠎ᠨᠢ᠂ ᠭᠡᠵᠢᠭᠡ᠎ᠪᠡᠨ ᠣᠷᠢᠶᠠᠭᠴᠢᠳᠲᠤ ᠪᠣᠯ ᠴᠠᠭᠯᠠᠰᠢ᠎ᠦᠭᠡᠢ ᠮᠡᠷᠭᠡᠨ ᠠᠷᠭ᠎ᠠ ᠪᠣᠯᠬᠤ᠎ᠨᠢ ᠡᠷᠡᠭᠡᠯᠵᠡᠭᠡ᠎ᠦᠭᠡᠢ ᠪᠥᠭᠡᠳ ᠸᠧᠢ ᠵᠤᠸᠠᠩ ᠲᠣᠰᠭᠤᠨ᠎ᠳᠤ ᠡᠭᠦᠨ᠎ᠢ ᠥᠭᠡᠷᠡᠴᠢᠯᠡᠯᠲᠡᠲᠡᠢ ᠶᠠᠭ ᠬᠣᠯᠪᠤᠭ᠎ᠠ᠎ᠦᠭᠡᠢ ᠭᠡᠬᠦ᠎ᠶᠢᠨ ᠠᠷᠭᠠᠦᠭᠡᠢᠶᠤᠮ᠃
ᠵᠣᠣ ᠰᠧ ᠴᠧᠨᠦ ᠰᠢᠯᠢᠨ ᠬᠦᠵᠦᠭᠦᠦ᠎ᠪᠡᠨ ᠣᠩᠭᠤᠯᠵᠠᠭᠤᠯᠤᠨ ᠶᠠᠪᠤᠬᠤ᠎ᠶᠢ ᠦᠵᠡᠭᠰᠡᠨ ᠬᠥᠮᠦᠨ ᠴᠥᠮ ᠶᠡᠬᠡ ᠳᠠᠭᠤᠨ᠎ᠢᠶᠠᠷ:
《ᠬᠦᠢ᠂ ᠬᠤᠪᠢᠰᠭᠠᠯᠲᠤ ᠨᠠᠮ ᠬᠦᠷᠦᠭᠡᠳ ᠢᠷᠡᠯ᠎ᠡ!》 ᠭᠡᠯᠴᠡᠨ᠎ᠡ᠃
ᠠ᠊ Q ᠰᠣᠨᠤᠰᠤᠭᠠᠳ ᠲᠤᠩ ᠪᠠᠬᠠᠷᠬᠠᠨ᠎ᠠ᠃ ᠰᠢᠦᠼᠠᠢ ᠭᠡᠵᠢᠭᠡ᠎ᠪᠡᠨ ᠣᠷᠢᠶᠠᠭᠰᠠᠨ ᠲᠤᠬᠠᠢ ᠶᠡᠬᠡ ᠰᠣᠨᠢᠨ᠎ᠢ ᠲᠡᠷᠡ ᠬᠡᠳᠦᠢᠨ ᠣᠯᠵᠤ ᠰᠣᠨᠤᠰᠤᠭᠰᠠᠨ ᠪᠣᠯᠪᠠᠴᠤ ᠪᠡᠶ᠎ᠡ᠎ᠪᠡᠨ ᠪᠠᠰᠠ ᠢᠩᠭᠢᠵᠦ ᠪᠣᠯᠤᠨ᠎ᠠ ᠭᠡᠵᠦ ᠶᠡᠷᠦ ᠰᠠᠨᠠᠭᠰᠠᠨ᠎ᠦᠭᠡᠢ ᠪᠢᠯᠡ᠃ ᠣᠳᠣ ᠵᠣᠣ ᠰᠧ ᠴᠧᠨ ᠪᠠᠰᠠ ᠢᠩᠭᠢᠭᠰᠡᠨᠢ ᠣᠯᠵᠤ ᠦᠵᠡᠭᠡᠳ ᠡᠢᠨᠬᠦ ᠳᠠᠭᠠᠵᠤ ᠬᠢᠬᠦ ᠰᠠᠨᠠᠭ᠎ᠠ ᠲᠥᠷᠦᠵᠦ ᠪᠦᠷ ᠵᠣᠷᠢᠭ ᠰᠢᠭᠤᠳᠪᠠ᠃ ᠢᠩᠭᠢᠭᠡᠳ ᠨᠢᠭᠡᠨ ᠬᠤᠯᠤᠰᠤᠨ ᠰᠠᠪᠬ᠎ᠠ᠎ᠪᠠᠷ ᠭᠡᠵᠢᠭᠡ᠎ᠪᠡᠨ ᠣᠷᠤᠢ ᠳᠡᠭᠡᠷ᠎ᠡ᠎ᠪᠡᠨ ᠪᠠᠷᠢᠵᠤ ᠣᠷᠢᠶᠠᠭᠠᠳ᠂ ᠤᠳᠠᠲᠠᠯ᠎ᠠ ᠲᠦᠳᠡᠭᠡᠯᠵᠡᠨ ᠪᠠᠢᠵᠤ ᠵᠢᠷᠦᠬᠡ ᠭᠠᠷᠭᠠᠨ ᠭᠠᠷᠴᠤ ᠶᠠᠪᠤᠪᠠ᠃ ᠠ᠊ Q ᠵᠡᠭᠡᠯᠢ᠎ᠪᠡᠷ ᠶᠠᠪᠤᠪᠠ᠃ ᠬᠥᠮᠦᠨ ᠲᠡᠭᠦᠨ᠎ᠢ ᠬᠠᠷᠠᠭᠰᠠᠨ ᠪᠣᠯᠪᠠᠴᠤ ᠶᠠᠭᠤᠮ᠎ᠠ ᠳᠤᠤᠭᠠᠷᠬᠤ᠎ᠦᠭᠡᠢ ᠲᠤᠯᠠ ᠠ᠊ Q ᠡᠬᠢᠯᠡᠭᠡᠳ ᠪᠠᠬᠠᠨ ᠪᠠᠶᠠᠷ᠎ᠦᠭᠡᠢ ᠪᠠᠢᠭᠰᠠᠨ᠎ᠢᠶᠠᠨ ᠰᠡᠭᠦᠯᠡᠷ᠎ᠨᠢ ᠪᠦᠷ ᠳᠤᠷ᠎ᠠ ᠦᠭᠡᠢᠴᠡᠪᠡ᠃ ᠲᠡᠷᠡ ᠦᠷ᠎ᠡ᠎ᠡᠴᠡ ᠲᠤᠩ ᠠᠮᠠᠷᠬᠠᠨ ᠠᠭᠤᠷᠯᠠᠵᠤ ᠪᠤᠬᠢᠨᠢᠳᠤᠳᠠᠭ ᠪᠣᠯᠵᠠᠢ᠃ ᠦᠨᠡᠨ᠎ᠳᠡᠭᠡᠨ ᠲᠡᠭᠦᠨ᠎ᠦ ᠠᠮᠢᠳᠤᠷᠠᠯᠴᠤ ᠤᠷᠪᠠᠬᠤ᠎ᠠᠴᠠ ᠡᠮᠦᠨᠡᠬᠢᠰᠢᠭ ᠲᠦᠪᠡᠭ ᠭᠠᠴᠢᠭᠳᠠᠯ᠎ᠦᠭᠡᠢ᠂ ᠠᠭᠤᠯᠵᠠᠭᠰᠠᠨ ᠬᠥᠮᠦᠨ᠎ᠴᠦ ᠲᠡᠭᠦᠨ᠎ᠳᠦ ᠡᠶᠡᠯᠳᠡᠭ᠂ ᠫᠦᠰᠡ ᠮᠠᠢᠮᠠᠢᠴᠤ ᠪᠡᠯᠡᠨ ᠮᠥᠩᠭᠦ ᠠᠪᠤᠨ᠎ᠠ ᠭᠡᠬᠦ᠎ᠦᠭᠡᠢ ᠪᠣᠯᠤᠭᠰᠠᠨ᠎ᠶᠤᠮ᠃ ᠭᠡᠲᠡᠯ᠎ᠡ ᠠ᠊Q ᠥᠪᠡᠷ᠎ᠢ᠎ᠪᠡᠨ ᠳᠠᠩᠴᠢ ᠰᠠᠨᠠᠭᠠᠨ᠎ᠳᠠᠭᠠᠨ ᠬᠦᠷᠦᠭᠰᠡᠨ᠎ᠦᠭᠡᠢ᠂ ᠨᠢᠭᠡᠨᠲᠡᠶ᠎ᠡ ᠬᠤᠪᠢᠰᠭᠠᠯ ᠬᠢᠭᠡᠳ ᠪᠠᠢᠲᠠᠯ᠎ᠠ ᠡᠢᠮᠦᠬᠡᠨ ᠪᠠᠢᠬᠤ ᠶᠣᠰᠤ᠎ᠦᠭᠡᠢ ᠭᠡᠵᠦ ᠪᠣᠳᠤᠳᠠᠭ ᠪᠠᠢᠯ᠎ᠠ᠃ ᠢᠯᠠᠩᠭᠤᠶ᠎ᠠ ᠵᠢᠭᠠᠯ D᠎ᠶᠢ ᠨᠢᠭᠡ ᠤᠳᠠᠭ᠎ᠠ ᠣᠯᠵᠤ ᠦᠵᠡᠭᠡᠳ ᠭᠡᠳᠡᠰᠦ᠎ᠪᠡᠨ ᠬᠠᠭᠠᠷᠠᠲᠠᠯ᠎ᠠ ᠠᠭᠤᠷᠯᠠᠪᠠ᠃
ᠵᠢᠭᠠᠯ Dᠴᠤ ᠭᠡᠵᠢᠭᠡ᠎ᠪᠡᠨ ᠣᠷᠤᠢ ᠳᠡᠭᠡᠷ᠎ᠡ᠎ᠪᠡᠨ ᠣᠷᠢᠶᠠᠴᠢᠬᠠᠵᠠᠢ᠃ ᠲᠡᠷᠡ ᠪᠠᠰᠠ ᠨᠢᠭᠡᠨ ᠬᠤᠯᠤᠰᠤᠨ ᠰᠠᠪᠬ᠎ᠠ ᠬᠡᠷᠡᠭᠯᠡᠭᠰᠡᠨ ᠪᠠᠢᠪᠠ᠃ ᠡᠨᠡ ᠮᠠᠭᠤ ᠪᠠᠰᠠ ᠢᠩᠭᠢᠨ᠎ᠡ ᠭᠡᠵᠦ ᠠ᠊ Q᠎ᠶᠢᠨ ᠵᠡᠭᠦᠳᠦᠨᠳᠦᠴᠦ ᠣᠷᠤᠭᠰᠠᠨ᠎ᠦᠭᠡᠢ᠂ ᠢᠩᠭᠢᠬᠦᠶᠢᠨᠢᠴᠦ ᠣᠭᠲᠤ ᠵᠥᠪᠰᠢᠶᠡᠷᠡᠵᠦ ᠪᠣᠯᠬᠤ᠎ᠦᠭᠡᠢ᠎ᠶᠤᠮ! ᠲᠡᠷᠡ ᠮᠠᠭᠤ ᠵᠢᠭᠠᠯ D ᠶᠠᠭᠤᠶᠤᠮ ᠪᠤᠢ? ᠲᠡᠷᠡ ᠳᠣᠣᠷ᠎ᠠ᠎ᠨᠢ ᠪᠠᠷᠢᠵᠤ ᠠᠪᠤᠭᠠᠳ ᠬᠤᠯᠤᠰᠤᠨ ᠰᠠᠪᠬᠠᠶᠢᠨᠢ ᠬᠤᠭᠤ ᠲᠠᠲᠠᠵᠤ᠂ ᠭᠡᠵᠢᠭᠡᠶᠢᠨᠢ ᠪᠠᠭᠤᠯᠭᠠᠵᠤ ᠬᠠᠶᠠᠭᠠᠳ᠂ ᠬᠠᠴᠠᠷ᠎ᠢ᠎ᠨᠢ ᠬᠡᠳᠦ ᠰᠠᠢᠨ ᠠᠯᠠᠭᠠᠳᠠᠵᠤ᠂ ᠨᠡᠷ᠎ᠡ ᠨᠠᠰᠤ᠎ᠪᠠᠨ ᠮᠠᠷᠲᠠᠵᠤ ᠠᠶᠤᠮᠰᠢᠭ᠎ᠦᠭᠡᠢ ᠬᠤᠪᠢᠰᠭᠠᠯᠲᠤ ᠨᠠᠮ ᠪᠣᠯᠤᠭᠰᠠᠨ᠎ᠳᠤᠨᠢ ᠵᠢᠭᠠᠬᠠᠨ ᠰᠢᠳᠭᠡᠯ ᠦᠵᠡᠭᠦᠯᠬᠦ ᠭᠡᠵᠦ ᠲᠡᠷᠡ ᠶᠡᠬᠡ ᠰᠠᠨᠠᠵᠤ ᠪᠢᠯᠡ᠃ ᠭᠡᠪᠡᠴᠦ ᠲᠡᠷᠡ ᠡᠴᠦᠰ᠎ᠲᠦ ᠥᠷᠦᠰᠢᠶᠡᠯ ᠦᠵᠡᠭᠦᠯᠵᠦ ᠵᠥᠪᠬᠡᠨ ᠬᠢᠯᠢᠩᠲᠦ ᠨᠢᠳᠦ᠎ᠪᠡᠷ ᠭᠢᠯᠤᠢᠵᠤ: 《ᠲᠦᠢ!》 ᠭᠡᠵᠦ ᠨᠢᠯᠪᠤᠭᠠᠳᠯᠠ ᠵᠣᠭᠰᠤᠵᠠᠢ᠃
ᠡᠨᠡ ᠬᠡᠳᠦᠨ ᠡᠳᠦᠷ᠂ ᠭᠠᠭᠴᠠᠬᠠᠨ ᠬᠠᠭᠤᠷᠮᠠᠴᠢ ᠬᠠᠷᠢ᠎ᠶᠢᠨ ᠴᠢᠳᠭᠦᠷᠯᠡ ᠬᠣᠲᠠ᠎ᠳᠤ ᠣᠷᠤᠵᠠᠢ᠃ ᠵᠣᠣ ᠰᠢᠦᠼᠠᠢ ᠤᠤᠯ᠎ᠨᠢ ᠪᠠᠰᠠ ᠠᠪᠳᠠᠷ᠎ᠠ ᠬᠠᠳᠠᠭᠠᠯᠠᠵᠤ ᠥᠭᠭᠦᠭᠰᠡᠨ ᠨᠢᠭᠤᠷ᠎ᠢᠶᠠᠷ᠎ᠢᠶᠠᠨ ᠡᠷᠭᠦᠭᠰᠡᠳ᠎ᠲᠦ ᠪᠡᠶ᠎ᠡ᠎ᠪᠡᠷ ᠪᠠᠷᠠᠳᠠᠬᠤ᠎ᠪᠠᠷ ᠣᠴᠢᠬᠤ ᠭᠡᠰᠡᠨ ᠪᠣᠯᠪᠠᠴᠤ ᠭᠡᠵᠢᠭᠡ ᠬᠠᠢᠴᠢᠯᠠᠬᠤ ᠠᠶᠤᠯ ᠪᠤᠢ ᠭᠡᠵᠦ ᠰᠣᠨᠤᠰᠤᠭᠠᠳ ᠵᠣᠭᠰᠤᠵᠠᠢ᠃ ᠲᠡᠷᠡ᠂ 《ᠰᠢᠷ᠎ᠠ ᠰᠢᠬᠦᠷᠦᠨ ᠬᠡᠯᠪᠡᠷᠢᠲᠦ》 ᠵᠠᠬᠢᠳᠠᠯ ᠨᠢᠭᠡ᠎ᠶᠢ ᠪᠢᠴᠢᠵᠦ ᠬᠠᠭᠤᠷᠮᠠᠴᠢ ᠬᠠᠷᠢ᠎ᠶᠢᠨ ᠴᠢᠳᠭᠦᠷ᠎ᠢᠶᠡᠷ ᠬᠣᠲᠠᠨ᠎ᠳᠤ ᠢᠯᠡᠭᠡᠭᠡᠳ ᠪᠠᠰᠠ ᠽᠢ ᠢᠦ ᠳ᠋ᠠᠩ ᠨᠠᠮ᠎ᠳᠤ ᠪᠡᠶ᠎ᠡ᠎ᠪᠡᠨ ᠡᠯᠰᠡᠭᠦᠯᠬᠦ᠎ᠪᠡᠷ ᠲᠠᠨᠢᠯᠴᠠᠭᠤᠯᠵᠤ ᠥᠭᠬᠦ᠎ᠶᠢ ᠲᠡᠭᠦᠨ᠎ᠳᠦ ᠨᠠᠢᠳᠠᠭᠰᠠᠨ ᠠᠵᠢ᠃ ᠬᠠᠭᠤᠷᠮᠠᠴᠢ ᠬᠠᠷᠢ᠎ᠶᠢᠨ ᠴᠢᠳᠭᠦᠷ ᠬᠠᠷᠢᠵᠤ ᠢᠷᠡᠭᠡᠳ᠂ ᠰᠢᠦᠼᠠᠢᠠᠴᠠ ᠳᠥᠷᠪᠡᠨ ᠮᠥᠩᠭᠦᠨ ᠲᠥᠭᠦᠷᠢᠭ ᠠᠪᠤᠭᠠᠳ ᠨᠢᠭᠡ ᠮᠥᠩᠭᠦᠨ ᠲᠤᠭᠤᠷ ᠥᠭᠭᠦᠭᠰᠡᠨ᠎ᠢ ᠰᠢᠦᠼᠠᠢ ᠠᠪᠴᠤ ᠡᠩᠭᠡᠷ ᠳᠡᠭᠡᠷ᠎ᠡ᠎ᠪᠡᠨ ᠵᠡᠭᠦᠪᠡ᠃ ᠡᠭᠦᠨ᠎ᠳᠦ᠎ᠨᠢ ᠸᠧᠢ ᠵᠤᠸᠠᠩ᠎ᠤᠨ ᠬᠥᠮᠦᠰ ᠴᠥᠮ ᠭᠠᠢᠬᠠᠨ ᠪᠢᠰᠢᠷᠡᠵᠦ ᠡᠨᠡ ᠪᠣᠯ ᠱᠢ ᠢᠦ ᠳ᠋ᠠᠩ ᠨᠠᠮ᠎ᠤᠨ ᠵᠢᠩᠰᠡᠶᠦᠮ᠂ ᠪᠢᠴᠢᠭ᠎ᠦᠨ ᠲᠦᠰᠢᠮᠡᠯᠲᠡᠢ ᠲᠡᠩᠴᠡᠨ᠎ᠡ ᠭᠡᠵᠡᠭᠡᠨ᠎ᠡ᠃ ᠵᠣᠣ ᠲᠠᠢᠶᠧᠴᠦ ᠡᠭᠦᠨ᠎ᠦ ᠤᠯᠠᠮ᠎ᠠᠴᠠ ᠪᠦᠷ ᠶᠡᠬᠡ ᠶᠠᠩᠪᠠᠷᠬᠠᠵᠤ᠂ ᠬᠦᠦ᠎ᠶᠢᠨ᠎ᠢᠶᠡᠨ ᠠᠩᠬ᠎ᠠ ᠰᠢᠦᠼᠠᠢ ᠪᠣᠯᠬᠤ ᠦᠶ᠎ᠡ᠎ᠡᠴᠡ ᠬᠣᠯᠠ ᠳᠠᠪᠠᠵᠠᠢ᠃ ᠢᠩᠭᠢᠭᠡᠳ ᠪᠦᠷ ᠨᠢᠳᠦᠨ᠎ᠳᠦᠨᠢ ᠬᠠᠷᠠᠭᠳᠠᠬᠤ ᠬᠥᠮᠦᠨ᠎ᠦᠭᠡᠢ ᠪᠣᠯᠤᠭᠰᠠᠨ ᠲᠤᠯᠠ ᠠ᠊ Q ᠶ᠋ᠢ ᠪᠦᠷ᠎ᠴᠦ ᠣᠯᠵᠤ ᠬᠠᠷᠠᠬᠤ᠎ᠦᠭᠡᠢ ᠪᠣᠯᠤᠯ᠎ᠠ᠃
ᠠ᠊ Q ᠶᠠᠭ ᠲᠠᠭᠠᠯᠠᠮᠵᠢ᠎ᠦᠭᠡᠢ ᠪᠠᠢᠭᠰᠠᠨ ᠳᠡᠭᠡᠷ᠎ᠡ ᠪᠠᠰᠠ ᠦᠷᠭᠦᠯᠵᠢ ᠤᠢᠳᠭᠠᠷᠯᠠᠵᠤ ᠪᠠᠢᠭᠰᠠᠨ ᠲᠤᠯᠠ ᠡᠨᠡ ᠮᠥᠩᠭᠦᠨ ᠲᠤᠭᠤᠷ᠎ᠤᠨ ᠲᠤᠬᠠᠢ ᠶᠠᠷᠢᠶ᠎ᠠ᠎ᠶᠢ ᠰᠣᠨᠤᠰᠤᠮᠠᠭᠴᠠ ᠬᠤᠪᠢᠰᠭᠠᠯ ᠬᠢᠶ᠎ᠡ ᠭᠡᠪᠡᠯ ᠵᠥᠪᠬᠡᠨ ᠪᠠᠭᠤᠵᠤ ᠥᠭᠭᠦᠨ᠎ᠡ ᠭᠡᠵᠦ ᠬᠡᠯᠡᠭᠡᠳ ᠪᠣᠯᠬᠤ᠎ᠦᠭᠡᠢ᠂ ᠭᠡᠵᠢᠭᠡ᠎ᠪᠡᠨ ᠣᠷᠢᠶᠠᠭᠠᠳ ᠪᠠᠰᠠ ᠪᠣᠯᠬᠤ᠎ᠦᠭᠡᠢ᠂ ᠶᠠᠭᠤᠨ᠎ᠤ ᠡᠮᠦᠨ᠎ᠡ ᠬᠤᠪᠢᠰᠭᠠᠯᠲᠤ ᠨᠠᠮ᠎ᠤᠨ ᠬᠢᠨᠲᠡᠢ ᠠᠭᠤᠯᠵᠠᠵᠤ ᠲᠠᠨᠢᠯᠴᠠᠬᠤ᠎ᠨᠢ ᠴᠢᠬᠤᠯᠠᠶᠤᠮ ᠪᠠᠢᠨ᠎ᠠ ᠭᠡᠵᠦ ᠥᠪᠡᠷ᠎ᠦᠨ ᠤᠢᠳᠭᠠᠷ᠎ᠲᠠᠢ ᠪᠠᠢᠭᠰᠠᠨ᠎ᠤ ᠴᠣᠬᠤᠮ ᠰᠢᠯᠲᠠᠭᠠᠨ᠎ᠢ ᠲᠡᠷᠡ ᠳᠠᠷᠤᠢ ᠣᠯᠵᠤ ᠮᠡᠳᠡᠪᠡ᠃ ᠲᠡᠭᠦᠨ᠎ᠦ ᠨᠠᠰᠤᠨ᠎ᠳᠠᠭᠠᠨ ᠣᠯᠵᠤ ᠮᠡᠳᠡᠭᠰᠡᠨ ᠬᠤᠪᠢᠰᠭᠠᠯᠲᠤ ᠨᠠᠮ᠎ᠤᠨ ᠬᠢᠨ ᠭᠡᠪᠡᠯ ᠬᠣᠶᠠᠷᠬᠠᠨ ᠬᠥᠮᠦᠨ ᠪᠤᠢ᠃ ᠬᠣᠲᠠ᠎ᠳᠤ ᠪᠠᠢᠭᠰᠠᠨ ᠨᠢᠭᠡ᠎ᠶᠢ᠎ᠨᠢ ᠠᠯᠢ ᠬᠡᠳᠦᠢᠨ 《 ᠴᠠ》 ᠬᠢᠵᠦ ᠣᠷᠬᠢᠭᠰᠠᠨ ᠪᠥᠭᠡᠳ ᠣᠳᠣ ᠭᠠᠭᠴᠠᠬᠠᠨ ᠬᠠᠭᠤᠷᠮᠠᠴᠢ ᠬᠠᠷᠢ᠎ᠶᠢᠨ ᠴᠢᠳᠭᠦᠷᠲᠡᠢ ᠵᠥᠪᠳᠡᠬᠦ᠎ᠡᠴᠡ ᠥᠭᠡᠷ᠎ᠡ ᠵᠠᠮ᠎ᠦᠭᠡᠢ ᠪᠣᠯᠵᠠᠢ᠃ ᠴᠢᠶᠠᠨ ᠣᠪᠤᠭᠲᠠᠨ᠎ᠤ ᠭᠠᠳᠠᠷ ᠬᠠᠭᠠᠯᠭ᠎ᠠ ᠨᠡᠭᠡᠭᠡᠯᠲᠡᠲᠡᠢ ᠪᠠᠢᠨ᠎ᠠ᠃ ᠠ᠊ Q ᠠᠶᠤᠵᠤ ᠳᠠᠯᠳᠢᠷᠠᠭᠰᠠᠭᠠᠷ ᠣᠷᠤᠵᠤ ᠣᠴᠢᠯ᠎ᠠ᠃ ᠳᠣᠲᠤᠷ᠎ᠠ᠎ᠨᠢ ᠣᠷᠤᠵᠤ ᠣᠴᠢᠭᠠᠳ ᠶᠡᠬᠡᠯ᠎ᠡ ᠰᠣᠴᠢᠪᠠ᠃ ᠬᠠᠭᠤᠷᠮᠠᠴᠢ ᠬᠠᠷᠢ᠎ᠶᠢᠨ ᠴᠢᠳᠭᠦᠷ ᠬᠠᠰᠢᠶᠠᠨ᠎ᠤ᠎ᠪᠠᠨ ᠲᠥᠪ᠎ᠲᠦ᠂ ᠥᠪᠴᠢ ᠪᠡᠶ᠎ᠡ ᠬᠠᠷᠢ ᠭᠠᠳᠠᠨ᠎ᠠ᠎ᠶᠢᠨ ᠪᠣᠯᠤᠯᠲᠠᠢ ᠫᠠᠳ ᠬᠠᠷ᠎ᠠ ᠬᠤᠪᠴᠠᠰᠤ ᠡᠮᠦᠰᠴᠦ᠂ ᠡᠩᠭᠡᠷ ᠳᠡᠭᠡᠷ᠎ᠡ᠎ᠪᠡᠨ ᠪᠠᠰᠠ ᠨᠢᠭᠡ ᠮᠥᠩᠭᠦᠨ ᠲᠤᠭᠤᠷ ᠵᠡᠭᠦᠴᠢᠬᠡᠭᠡᠳ ᠭᠠᠷ᠎ᠲᠠᠭᠠᠨ ᠠ᠊ Q᠎ᠶᠢᠨ ᠠᠮᠲᠠᠯᠠᠵᠤ ᠥᠩᠭᠡᠷᠡᠭᠰᠡᠨ ᠥᠨᠥ ᠲᠠᠰᠢᠭᠤᠷᠢ ᠠᠳᠭᠤᠵᠤ᠂ ᠲᠣᠬᠤᠢ ᠢᠯᠡᠭᠦᠦ ᠤᠷᠭᠤᠭᠰᠠᠨ ᠤᠷᠲᠤ ᠭᠡᠵᠢᠭᠡ᠎ᠪᠡᠨ ᠵᠠᠳᠠᠯᠵᠤ᠂ ᠠᠯᠲᠠᠨ ᠮᠡᠯᠡᠬᠡᠢ᠎ᠶᠢᠨ ᠰᠠᠬᠢᠭᠤᠯᠰᠤᠨᠰᠢᠭ᠋ ᠮᠥᠷᠦ ᠤᠷᠤᠭᠤ᠎ᠪᠠᠨ ᠰᠡᠭᠰᠡᠢᠯᠭᠡᠨ ᠤᠨᠵᠢᠭᠤᠯᠤᠭᠰᠠᠨ ᠪᠠᠢᠪᠠ᠃ ᠶᠠᠭ ᠡᠮᠦᠨ᠎ᠡ᠎ᠨᠢ ᠵᠣᠣ ᠪᠠᠢ ᠶᠠᠨ ᠭᠤᠷᠪᠠᠨ ᠲᠡᠨᠦᠭᠦᠯᠴᠢᠨᠦ ᠬᠠᠮᠲᠤ ᠲᠡᠪ ᠲᠡᠭᠰᠢᠬᠡᠨ ᠵᠣᠭᠰᠤᠭᠠᠳ᠂ ᠲᠡᠭᠦᠨ᠎ᠦ ᠶᠠᠷᠢᠶ᠎ᠠ᠎ᠶᠢ ᠶᠡᠬᠡᠯ᠎ᠡ ᠬᠢᠴᠢᠶᠡᠩᠭᠦᠢ ᠰᠣᠨᠤᠰᠤᠨ᠎ᠠ᠃
ᠠ᠊ Q ᠬᠥᠪ ᠬᠥᠩᠭᠡᠨ ᠠᠯᠬᠤᠵᠤ ᠣᠷᠤᠭᠠᠳ ᠵᠣᠣ ᠪᠠᠢ ᠶᠠᠨ᠎ᠤ ᠠᠷᠤ᠎ᠳᠤ ᠵᠣᠭᠰᠤᠪᠠ᠃ ᠴᠢᠩᠭᠢᠭᠡᠳ ᠦᠭᠡ ᠳᠤᠤᠭᠠᠷᠬᠤ ᠭᠡᠵᠦ ᠶᠡᠬᠡ ᠰᠠᠨᠠᠭᠰᠠᠨ ᠪᠣᠯᠪᠠᠴᠤ ᠶᠠᠭᠤ ᠭᠡᠵᠦ ᠳᠠᠭᠤᠳᠠᠬᠤ᠎ᠪᠠᠨ ᠣᠯᠵᠤ ᠶᠠᠳᠠᠨ᠂ ᠬᠠᠭᠤᠷᠮᠠᠴᠢ ᠬᠠᠷᠢ᠎ᠶᠢᠨ ᠴᠢᠳᠭᠦᠷ ᠭᠡᠵᠦ ᠪᠣᠯᠬᠤ᠎ᠦᠭᠡᠢ᠎ᠨᠢ ᠯᠠᠪ᠂ ᠬᠠᠷᠢ᠎ᠶᠢᠨ ᠬᠥᠮᠦᠨ ᠭᠡᠬᠦ᠎ᠨᠢ ᠪᠠᠰᠠ ᠵᠣᠬᠢᠰ᠎ᠦᠭᠡᠢ᠂ ᠬᠤᠪᠢᠰᠭᠠᠯᠲᠤ ᠨᠠᠮ ᠭᠡᠬᠦ᠎ᠨᠢ ᠮᠥᠨ ᠡᠪᠦᠭᠡᠢ᠂ ᠡᠰᠡᠬᠦᠯ᠎ᠡ ᠬᠠᠷᠢ᠎ᠶᠢᠨ ᠪᠠᠭᠰᠢ ᠭᠡᠬᠦᠴᠦᠶᠦᠮᠦᠦ ᠭᠡᠵᠦ ᠪᠣᠳᠤᠨ ᠵᠣᠭᠰᠤᠪᠠ᠃
ᠬᠠᠷᠢ᠎ᠶᠢᠨ ᠪᠠᠭᠰᠢ᠎ᠨᠢ ᠬᠠᠷᠢᠨ ᠲᠡᠭᠦᠨ᠎ᠢ ᠣᠯᠵᠤ ᠦᠵᠡᠭᠰᠡᠨ᠎ᠦᠭᠡᠢ᠂ ᠤᠴᠢᠷ᠎ᠨᠢ ᠲᠡᠷᠡ ᠨᠢᠳᠦ᠎ᠪᠡᠨ ᠴᠠᠭᠠᠨ᠎ᠢᠶᠠᠷ ᠡᠷᠭᠢᠭᠦᠯᠵᠦ ᠶᠡᠬᠡᠯ᠎ᠡ ᠲᠠᠭᠠᠲᠠᠢ᠎ᠪᠠᠷ:
《ᠪᠢ ᠪᠣᠯ ᠳᠠᠪᠴᠢᠭᠤ ᠵᠠᠩ᠎ᠲᠠᠢ ᠬᠥᠮᠦᠨ ᠲᠤᠯᠠ ᠨᠢᠭᠤᠷ ᠤᠴᠠᠷᠠᠪᠠᠯᠯᠠ ᠵᠠᠪᠠᠯ ᠾᠦᠩ ᠠᠬ᠎ᠠ ᠡ! ᠪᠢᠳᠡ ᠭᠠᠷ ᠬᠥᠳᠡᠯᠦᠶ᠎ᠡ! ᠭᠡᠳᠡᠭᠶᠦᠮ᠃ ᠭᠡᠲᠡᠯ᠎ᠡ ᠲᠡᠷᠡ ᠬᠡᠵᠢᠶᠡᠳᠡ NO! ᠭᠡᠳᠯᠡ ᠪᠠᠢᠯ᠎ᠠ᠃ - ᠡᠨᠡ ᠪᠣᠯ ᠬᠠᠷᠢ᠎ᠶᠢᠨ ᠦᠭᠡ᠂ ᠲᠠ᠎ᠨᠠᠷ ᠮᠡᠳᠡᠬᠦ᠎ᠦᠭᠡᠢ᠃ ᠦᠭᠡᠢᠪᠡᠯ ᠬᠤᠪᠢᠰᠭᠠᠯ ᠠᠯᠢ ᠬᠡᠳᠦᠢᠨ ᠪᠦᠲᠦᠴᠢᠬᠡᠭᠰᠡᠨ ᠰᠢᠦ ᠳ᠋ᠠ᠃ ᠭᠡᠲᠡᠯ᠎ᠡ ᠡᠨᠡ᠎ᠨᠢ ᠶᠠᠭ ᠲᠡᠭᠦᠨ᠎ᠦ ᠬᠡᠷᠡᠭ ᠤᠴᠢᠷ᠎ᠲᠤ ᠬᠢᠴᠢᠶᠡᠮᠡᠲᠡᠭᠡᠢ ᠪᠠᠢᠳᠠᠭ ᠭᠠᠵᠠᠷᠨᠢᠶᠤᠮ᠃ ᠲᠡᠷᠡ ᠨᠠᠮᠠᠢ ᠬᠤᠪᠧᠢ᠎ᠳᠦ ᠣᠴᠢᠭᠠᠴᠢ ᠭᠡᠵᠦ ᠳᠠᠬᠢᠨ ᠳᠠᠬᠢᠨ ᠭᠤᠶᠤᠭᠰᠠᠨ ᠰᠢᠤ᠂ ᠪᠢ ᠣᠴᠢᠭᠰᠠᠨ᠎ᠦᠭᠡᠢ᠃ ᠬᠡᠨ ᠲᠡᠷᠡ ᠪᠢᠴᠢᠬᠠᠨ ᠰᠢᠶᠠᠨ᠎ᠤ ᠭᠠᠵᠠᠷ ᠠᠵᠢᠯᠯᠠᠬᠤ ᠪᠤᠢ? ᠁》
《ᠵᠠ ᠁ ᠣᠳᠣ ᠁》 ᠭᠡᠵᠦ ᠠ᠊ Q ᠲᠡᠭᠦᠨ᠎ᠦ ᠶᠠᠷᠢᠶ᠎ᠠ ᠲᠦᠷ ᠵᠣᠭᠰᠤᠰᠬᠢᠬᠦ ᠵᠠᠭᠤᠷ᠎ᠠ᠂ ᠠᠷᠪᠠᠨ ᠬᠤᠪᠢ᠎ᠶᠢᠨ ᠵᠣᠷᠢᠭ ᠭᠠᠷᠭᠠᠵᠤ ᠠᠷᠡᠢᠭᠡᠵᠦ ᠠᠮᠠ ᠨᠡᠭᠡᠭᠡᠪᠡ᠃ ᠭᠡᠲᠡᠯ᠎ᠡ ᠶᠠᠭᠠᠬᠢᠭᠠᠳᠴᠤᠶᠤᠮ ᠪᠤᠤ ᠮᠡᠳᠡ᠂ ᠬᠠᠷᠢ᠎ᠶᠢᠨ ᠪᠠᠭᠰᠢ ᠭᠡᠵᠦ ᠳᠠᠭᠤᠳᠠᠭᠰᠠᠨᠴᠤᠦᠭᠡᠢ᠃
ᠦᠭᠡ ᠰᠣᠨᠤᠰᠴᠤ ᠪᠠᠢᠭᠰᠠᠨ ᠳᠥᠷᠪᠡᠨ ᠬᠥᠮᠦᠨ ᠴᠥᠮ ᠰᠣᠴᠢᠵᠤ ᠲᠡᠭᠦᠨ᠎ᠢ ᠡᠷᠭᠢᠵᠦ ᠬᠠᠷᠠᠪᠠ᠃ ᠬᠠᠷᠢ᠎ᠶᠢᠨ ᠪᠠᠭᠰᠢ ᠪᠠᠰᠠ ᠣᠯᠵᠤ ᠦᠵᠡᠭᠡᠳ:
《ᠶᠠᠭᠤ?》 ᠭᠡᠪᠡ᠃
《ᠪᠢ ᠁》
《ᠭᠠᠷ!》
《ᠪᠢ ᠪᠠᠭᠤᠵᠤ ᠁》
《ᠲᠣᠨᠢᠯ!》 ᠭᠡᠵᠦ ᠬᠠᠷᠢ᠎ᠶᠢᠨ ᠪᠠᠭᠰᠢ 《ᠪᠡᠯᠪᠡᠰᠦᠷᠡᠯ᠎ᠦᠨ ᠰᠢᠳᠠᠮ》᠎ᠢᠶᠡᠨ ᠳᠠᠯᠠᠢᠪᠠ᠃
ᠵᠣᠣ ᠪᠠᠢ ᠶᠠᠨ ᠪᠣᠯᠤᠨ ᠲᠡᠨᠦᠭᠦᠯᠴᠢᠳ ᠴᠥᠮ: 《ᠪᠠᠭᠰᠢ ᠴᠢᠮᠠᠢ ᠲᠣᠨᠢᠯ ᠭᠡᠵᠦ ᠪᠠᠢᠬᠤ᠎ᠳᠤ ᠴᠢ ᠪᠠᠰᠠ ᠰᠣᠨᠤᠰᠬᠤᠦᠭᠡᠢᠤᠤ?》 ᠭᠡᠵᠦ ᠵᠠᠩᠳᠤᠷᠪᠠ᠃
ᠠ᠊ Q ᠭᠠᠷ᠎ᠢᠶᠠᠷ ᠲᠣᠯᠤᠭᠠᠢ᠎ᠪᠠᠨ ᠬᠠᠯᠬᠠᠯᠠᠭᠠᠳ ᠰᠠᠨᠠᠮᠰᠠᠷ᠎ᠦᠭᠡᠢ ᠭᠠᠳᠠᠭᠰᠢ ᠳᠤᠲᠠᠭᠠᠨ ᠭᠠᠷᠪᠠ᠃ ᠬᠠᠷᠢ᠎ᠶᠢᠨ ᠪᠠᠭᠰᠢ ᠬᠠᠷᠢᠨ ᠨᠡᠬᠡᠵᠦ ᠲᠠᠭᠤᠭᠰᠠᠨᠴᠤᠦᠭᠡᠢ᠃ ᠠ᠊ Q ᠵᠢᠷᠠ ᠭᠠᠷᠤᠢ ᠠᠯᠬᠤᠮ ᠲᠦᠷᠭᠡᠨ ᠭᠦᠶᠦᠭᠡᠳ ᠠᠯᠭᠤᠷᠬᠠᠨ ᠠᠯᠬᠤᠪᠠ᠃ ᠢᠩᠭᠢᠭᠡᠳ ᠲᠡᠭᠦᠨ᠎ᠦ ᠰᠡᠳᠭᠢᠯ ᠤᠢᠳᠭᠠᠷ ᠭᠤᠨᠢᠭ᠎ᠢᠶᠠᠷ ᠳᠦᠭᠦᠷᠴᠦ: ᠬᠠᠷᠢ᠎ᠶᠢᠨ ᠪᠠᠭᠰᠢ ᠲᠡᠭᠦᠨ᠎ᠢ ᠬᠤᠪᠢᠰᠭᠠᠯ ᠬᠢᠯᠭᠡᠬᠦ᠎ᠦᠭᠡᠢ ᠪᠠᠢᠨ᠎ᠠ᠂ ᠣᠳᠣ ᠥᠭᠡᠷ᠎ᠡ ᠵᠠᠮ᠎ᠦᠭᠡᠢ ᠪᠣᠯᠪᠠ᠃ ᠡᠭᠦᠨ᠎ᠡᠴᠡ ᠬᠣᠢᠰᠢ ᠴᠠᠭᠠᠨ ᠬᠤᠶᠠᠭ ᠳᠤᠭᠤᠯᠠᠭ᠎ᠠ᠎ᠲᠠᠢ ᠬᠥᠮᠦᠨ ᠢᠷᠡᠵᠦ ᠳᠠᠭᠤᠳᠠᠬᠤ᠎ᠶᠢ ᠬᠦᠰᠡᠵᠦ ᠣᠭᠲᠤ ᠪᠣᠯᠬᠤ᠎ᠦᠭᠡᠢ᠂ ᠲᠡᠭᠦᠨ᠎ᠦ ᠪᠦᠬᠦ ᠡᠭᠦᠷᠭᠡ ᠬᠠᠷᠢᠭᠤᠴᠠᠯᠭ᠎ᠠ᠂ ᠬᠦᠰᠡᠯ ᠵᠣᠷᠢᠭ᠂ ᠭᠣᠷᠢᠳᠠᠯ ᠡᠷᠡᠮᠡᠯᠵᠡᠯ᠂ ᠬᠡᠲᠦ᠎ᠶᠢᠨ ᠵᠣᠷᠢᠯᠭ᠎ᠠ ᠪᠦᠷ ᠨᠢᠭᠡᠮᠦᠰᠦᠨ ᠪᠠᠯᠠᠷᠠᠪᠠ᠃ ᠰᠤᠯᠠ ᠲᠡᠨᠦᠭᠦᠯᠴᠢᠳ ᠦᠭᠡ ᠭᠠᠷᠭᠠᠵᠤ ᠵᠢᠭᠠᠯ D᠂ ᠸᠠᠩ ᠰᠠᠬᠠᠯᠲᠤ ᠮᠡᠲᠦᠰ᠎ᠲᠦ ᠡᠯᠡᠭ ᠪᠣᠯᠬᠤᠨᠢᠴᠤ ᠶᠠᠭᠠᠮᠠᠢ᠂ ᠲᠡᠳᠦᠢᠯᠡ ᠴᠢᠬᠤᠯᠠ ᠬᠡᠷᠡᠭ ᠪᠢᠰᠢ ᠭᠡᠵᠦ ᠪᠣᠳᠤᠵᠤ ᠶᠠᠪᠤᠪᠠ᠃
ᠠ᠊ Q ᠡᠢᠮᠦ ᠣᠯᠢᠭ᠎ᠦᠭᠡᠢ ᠶᠠᠪᠤᠳᠠᠯ᠎ᠳᠤ ᠶᠡᠷᠦ᠎ᠡᠴᠡ ᠤᠴᠠᠷᠠᠵᠤ ᠦᠵᠡᠭᠡᠳᠦᠢᠶᠦᠮᠰᠢᠭ ᠰᠠᠨᠠᠭᠳᠠᠨ᠎ᠠ᠃ ᠭᠡᠵᠢᠭᠡ ᠣᠷᠢᠶᠠᠭᠰᠠᠨ᠎ᠢᠶᠠᠨ ᠮᠥᠨ ᠤᠴᠢᠷ᠎ᠦᠭᠡᠢ᠂ ᠳᠡᠮᠡᠢ ᠢᠴᠢᠭᠦᠷᠢ ᠭᠡᠵᠦ ᠰᠠᠨᠠᠨ᠎ᠠ᠃ ᠥᠰᠢᠶ᠎ᠡ ᠪᠣᠳᠤᠵᠤ ᠳᠣᠣᠷ᠎ᠠ᠎ᠨᠢ ᠭᠡᠵᠢᠭᠡ᠎ᠪᠡᠨ ᠲᠠᠯᠪᠢᠴᠢᠬᠠᠶᠠ ᠭᠡᠵᠦ ᠰᠠᠨᠠᠭᠰᠠᠨ ᠪᠣᠯᠪᠠᠴᠤ ᠪᠠᠰᠠ ᠠᠷᠠᠢ ᠲᠠᠯᠪᠢᠭᠰᠠᠨ᠎ᠦᠭᠡᠢ᠂ ᠰᠥᠨᠢ ᠪᠣᠯᠲᠠᠯ᠎ᠠ ᠬᠡᠰᠦᠵᠦ ᠶᠠᠪᠤᠭᠰᠠᠭᠠᠷ ᠬᠣᠶᠠᠷ ᠠᠶᠠᠭ᠎ᠠ ᠠᠷᠢᠬᠢ ᠵᠢᠭᠡᠯᠡᠵᠦ ᠵᠠᠯᠭᠢᠯᠠᠬᠤᠯᠠ ᠠᠭᠠᠵᠢᠮ᠎ᠢᠶᠠᠷ ᠪᠠᠶᠠᠷ ᠪᠠᠶᠠᠰᠤᠯ ᠲᠥᠷᠦᠭᠳᠡᠵᠦ ᠨᠢᠳᠦᠨ᠎ᠳᠦᠨᠢ ᠴᠠᠭᠠᠨ ᠳᠤᠭᠤᠯᠠᠭ᠎ᠠ᠎ᠶᠢᠨ ᠬᠡᠯᠲᠡᠷᠬᠡᠢ ᠲᠠᠰᠤᠷᠬᠠᠢᠨᠤᠭᠤᠳ ᠪᠠᠰᠠ ᠳᠠᠬᠢᠭᠠᠳ ᠦᠵᠡᠭᠳᠡᠬᠦ ᠮᠡᠲᠦ ᠪᠣᠯᠪᠠ᠃
ᠨᠢᠭᠡᠨ ᠡᠳᠦᠷ ᠲᠡᠷᠡ ᠮᠥᠨ ᠰᠥᠨᠢ ᠣᠷᠤᠢ ᠪᠣᠯᠲᠠᠯ᠎ᠠ ᠲᠡᠨᠦᠵᠦ ᠠᠷᠢᠬᠢᠨ᠎ᠤ ᠫᠦᠰᠡᠨᠦ ᠬᠠᠭᠠᠯᠭ᠎ᠠ᠎ᠪᠠᠨ ᠲᠦᠭᠵᠢᠬᠦ ᠦᠶ᠎ᠡ᠎ᠳᠦ ᠶᠢᠰᠦᠨ ᠡᠵᠡᠳ᠎ᠦᠨ ᠰᠦᠮ᠎ᠡ᠎ᠳᠡᠭᠡᠨ ᠭᠡᠯᠳᠦᠷᠢᠨ ᠬᠠᠷᠢᠪᠠ᠃
ᠫᠢᠩ᠂ ᠫᠢᠩ ᠁
ᠲᠡᠷᠡ ᠭᠡᠨᠡᠳᠲᠡ ᠨᠢᠭᠡᠨ ᠰᠣᠨᠢᠬᠠᠨ ᠳᠠᠭᠤᠨ ᠣᠯᠵᠤ ᠰᠣᠨᠤᠰᠪᠠ᠃ ᠫᠤᠤᠵᠢᠩ᠎ᠤᠨ ᠳᠠᠭᠤᠨ ᠠᠷᠠᠢᠴᠤ ᠪᠢᠰᠢ ᠪᠠᠢᠯ᠎ᠠ᠃ ᠠᠢ Q ᠶᠡᠷᠦ᠎ᠨᠢ ᠦᠢᠮᠡᠭᠡᠨ᠎ᠳᠦ ᠳᠤᠷᠠᠲᠠᠢ ᠰᠠᠪᠠᠭ᠎ᠠ᠎ᠦᠭᠡᠢ ᠵᠠᠩ᠎ᠲᠠᠢ ᠬᠥᠮᠦᠨ ᠲᠤᠯᠠ ᠬᠠᠷᠠᠩᠭᠤᠢ᠎ᠪᠠᠷ ᠰᠢᠭᠤᠳ ᠭᠠᠷᠴᠤ ᠡᠷᠢᠪᠡ᠃ ᠡᠮᠦᠨ᠎ᠡ᠎ᠨᠢ ᠬᠥᠯᠦᠨ ᠴᠢᠮᠡᠭᠡ ᠭᠠᠷᠬᠤᠰᠢᠭ᠋ ᠪᠣᠯᠤᠭᠰᠠᠨ᠎ᠳᠤ ᠲᠡᠷᠡ ᠶᠠᠭ ᠵᠣᠭᠰᠤᠭᠠᠳ ᠴᠢᠩᠨᠠᠵᠤ ᠪᠠᠢᠲᠠᠯ᠎ᠠ᠂ ᠭᠡᠨᠡᠳᠲᠡ ᠥᠭᠡᠳᠡ᠎ᠡᠴᠡ᠎ᠨᠢ ᠨᠢᠭᠡ ᠬᠥᠮᠦᠨ ᠳᠤᠲᠠᠭᠠᠵᠤ ᠢᠷᠠᠨ᠎ᠠ᠃ ᠠ᠊ Q ᠣᠯᠵᠤ ᠦᠵᠡᠮᠡᠭᠴᠡ ᠲᠦᠷᠭᠡᠨ ᠪᠤᠴᠠᠭᠠᠳ ᠬᠣᠢᠨ᠎ᠠ᠎ᠠᠴᠠ᠎ᠨᠢ ᠳᠠᠭᠠᠵᠤ ᠳᠤᠲᠠᠭᠠᠪᠠ᠃ ᠲᠡᠷᠡ ᠬᠥᠮᠦᠨ ᠮᠤᠷᠤᠢᠪᠠᠯ ᠠ᠊ Q ᠪᠠᠰᠠ ᠮᠤᠷᠤᠢᠵᠤ ᠭᠦᠶᠦᠨ᠎ᠡ᠃ ᠲᠡᠷᠡ ᠬᠥᠮᠦᠨ ᠮᠤᠷᠤᠢᠵᠤ ᠡᠷᠭᠢᠮᠡᠭᠴᠡ ᠵᠣᠭᠰᠤᠭᠰᠠᠨ᠎ᠳᠤ ᠠ᠊ Q ᠪᠠᠰᠠ ᠵᠣᠭᠰᠤᠪᠠ᠃ ᠠ᠊ Q ᠠᠷᠤᠳᠤᠨᠢ ᠬᠥᠮᠦᠨᠦᠭᠡᠢᠶᠢ ᠮᠡᠳᠡᠭᠡᠳ ᠡᠮᠦᠨᠡᠬᠢ᠎ᠪᠡᠨ ᠬᠠᠷᠠᠬᠤᠯ᠎ᠠ ᠭᠠᠢᠬᠠᠯ ᠵᠢᠭᠠᠯ D ᠪᠠᠢᠪᠠ᠃
《ᠶᠠᠭᠤ ᠪᠤᠢ?》 ᠭᠡᠵᠦ ᠠ᠊ Q ᠳᠤᠷ᠎ᠠ ᠦᠭᠡᠢᠴᠡᠨ ᠠᠰᠠᠭᠤᠪᠠ᠃
《ᠵᠣᠣ ᠁ ᠵᠣᠣ ᠣᠪᠤᠭᠲᠠᠨ᠎ᠤ ᠲᠠᠯᠬᠠᠳᠠᠭᠰᠠᠨ!》 ᠭᠡᠵᠦ ᠵᠢᠭᠠᠯ D ᠠᠮᠢᠰᠭᠤᠭ᠎ᠠ ᠳᠡᠭᠡᠷᠡᠳᠡᠭᠰᠡᠭᠡᠷ ᠬᠡᠯᠡᠪᠡ᠃
ᠠ᠊ Q᠎ᠶᠢᠨ ᠵᠢᠷᠦᠬᠡ ᠲᠦᠭ ᠲᠦᠭ ᠲᠦᠭᠰᠢᠨ᠎ᠡ᠃ ᠵᠢᠭᠠᠯ D ᠬᠡᠯᠡᠵᠦ ᠪᠠᠷᠠᠭᠠᠳ ᠶᠠᠪᠤᠵᠤ ᠥᠭᠪᠡ᠃ ᠠ᠊ Q ᠬᠣᠶᠠᠷ ᠭᠤᠷᠪᠠ ᠳᠠᠬᠢᠨ ᠳᠤᠲᠠᠭᠠᠰᠬᠢᠵᠦ ᠵᠣᠭᠰᠤᠰᠬᠢᠪᠡ᠃ ᠭᠡᠪᠡᠴᠦ ᠠ᠊ Q ᠬᠠᠰᠢᠯᠠ 《ᠡᠢᠮᠦ ᠦᠢᠯᠡ》 ᠦᠢᠯᠡᠳᠴᠦ ᠥᠩᠭᠡᠷᠡᠭᠰᠡᠨ ᠬᠥᠮᠦᠨ ᠪᠣᠯᠬᠣᠷ ᠰᠥᠰᠦ ᠵᠣᠷᠢᠭ ᠰᠦᠷᠡᠬᠡᠢ ᠶᠡᠬᠡ᠂ ᠵᠠᠮ᠎ᠤᠨ ᠬᠠᠵᠠᠭᠤ᠎ᠳᠤ ᠵᠠᠢᠯᠠᠵᠤ ᠭᠠᠷᠤᠭᠠᠳ ᠴᠢᠬᠢ ᠲᠠᠯᠪᠢᠵᠤ ᠴᠢᠩᠨᠠᠪᠠᠯ ᠬᠠᠰᠭᠢᠷᠤᠯᠳᠤᠬᠤ ᠪᠣᠯᠤᠯᠲᠠᠢ ᠰᠣᠨᠤᠰᠳᠠᠪᠠ᠃ ᠳᠠᠬᠢᠭᠠᠳ ᠨᠠᠷᠢᠨ ᠠᠵᠢᠭᠯᠠᠪᠠᠯ ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠣᠯᠠᠨ ᠬᠥᠮᠦᠨ ᠬᠣᠢᠨ᠎ᠠ ᠬᠣᠢᠨᠠᠴᠠ᠎ᠪᠠᠨ ᠴᠤᠪᠤᠷᠠᠯᠳᠤᠨ ᠭᠠᠳᠠᠭᠰᠢ᠎ᠪᠠᠨ ᠠᠪᠳᠠᠷ᠎ᠠ ᠵᠥᠭᠡᠭᠡᠵᠡᠭᠡᠬᠦᠶᠦᠮᠰᠢᠭ᠂ ᠰᠢᠦᠼᠠᠢᠶᠢᠨ ᠡᠬᠡᠨᠡᠷ᠎ᠦᠨ ᠨᠢᠩᠪᠦ᠋ᠸᠧ ᠮᠠᠶᠢ᠍ᠭ᠎ᠤᠨ ᠣᠷᠤᠶᠢᠴᠤ ᠵᠥᠭᠡᠭᠡᠬᠦᠶᠦᠮᠰᠢᠭ ᠪᠣᠯᠤᠭᠰᠠᠨ᠎ᠴᠤ ᠲᠣᠳᠤ ᠰᠠᠢᠬᠠᠨ ᠬᠠᠷᠠᠭᠳᠠᠬᠤ᠎ᠦᠭᠡᠢ ᠪᠣᠯᠪᠠ᠃ ᠣᠴᠢᠬᠤᠴᠤᠶᠤᠮᠤᠤ ᠭᠡᠵᠦ ᠰᠠᠨᠠᠭᠰᠠᠨᠴᠤ ᠬᠣᠶᠠᠷ ᠬᠥᠯ᠎ᠨᠢ ᠬᠥᠳᠡᠯᠵᠦ ᠥᠭᠭᠦᠭᠰᠡᠨ᠎ᠦᠭᠡᠢ᠃
ᠡᠨᠡ ᠰᠥᠨᠢ ᠰᠠᠷ᠎ᠠ᠎ᠦᠭᠡᠢ᠂ ᠸᠧᠢ ᠵᠤᠸᠠᠩ ᠲᠣᠰᠭᠤᠨ ᠬᠠᠷᠠᠩᠭᠤᠢ᠎ᠶᠢᠨ ᠳᠣᠲᠤᠷ᠎ᠠ ᠴᠢᠮᠡᠭᠡ ᠠᠨᠢᠷ᠎ᠦᠭᠡᠢ᠂ ᠹᠦᠰᠢ ᠬᠠᠭᠠᠨ᠎ᠤ ᠦᠶᠡᠰᠢᠭ ᠨᠠᠮ ᠲᠠᠢᠪᠤᠩ ᠪᠠᠢᠪᠠ᠃ ᠠ᠊ Q ᠲᠡᠨᠳᠡ᠎ᠪᠡᠨ ᠵᠣᠭᠰᠤᠭᠠᠳ ᠵᠠᠯᠬᠠᠭᠤ᠎ᠪᠠᠨ ᠬᠦᠷᠲᠡᠯ᠎ᠡ ᠬᠠᠷᠠᠪᠠ᠃ ᠪᠠᠰᠠ᠎ᠯᠠ ᠤᠷᠢᠳᠠᠬᠢᠲᠠᠢᠪᠠᠨ ᠠᠳᠠᠯᠢ ᠥᠭᠡᠳᠡ ᠤᠷᠤᠭᠤ ᠶᠠᠭᠤᠮ᠎ᠠ ᠵᠥᠭᠡᠭᠡᠵᠦ᠂ ᠠᠪᠳᠠᠷ᠎ᠠ ᠬᠣᠷᠭᠤᠨᠤᠭᠤᠳ ᠠᠪᠤᠭᠠᠳ ᠭᠠᠷᠤᠨ᠎ᠠ᠃ ᠡᠳ᠋ᠯᠡᠯ ᠬᠡᠷᠡᠭᠯᠡᠯᠢᠴᠦ ᠵᠥᠭᠡᠭᠡᠵᠦ ᠭᠠᠷᠤᠨ᠎ᠠ᠃ ᠰᠢᠦᠼᠠᠢᠶᠢᠨ ᠡᠬᠡᠨᠡᠷ᠎ᠦᠨ ᠨᠢᠩᠪᠦ᠋ᠸᠧ ᠮᠠᠶᠢ᠍ᠭ᠎ᠤᠨ ᠣᠷᠤᠶᠢᠴᠤ ᠠᠪᠴᠤ ᠭᠠᠷᠤᠨ᠎ᠠ ᠁ ᠠ᠊ Q ᠡᠭᠦᠨ᠎ᠢ ᠬᠠᠷᠠᠭᠰᠠᠭᠠᠷ ᠥᠪᠡᠷ᠎ᠦᠨ ᠨᠢᠳᠦ᠎ᠪᠡᠨ ᠢᠲᠡᠭᠡᠬᠦ᠎ᠦᠭᠡᠢ ᠰᠢᠬᠠᠮ ᠪᠣᠯᠪᠠ᠃ ᠭᠡᠪᠡᠴᠦ ᠲᠡᠷᠡ ᠲᠡᠨᠳᠡ ᠣᠴᠢᠬᠤ᠎ᠦᠭᠡᠢ ᠭᠡᠵᠦ ᠰᠢᠭᠤᠳᠤᠭᠠᠳ ᠶᠢᠰᠦᠨ ᠡᠵᠡᠳ᠎ᠦᠨ ᠰᠦᠮ᠎ᠡ᠎ᠳᠡᠭᠡᠨ ᠬᠠᠷᠢᠪᠠ᠃
ᠶᠢᠰᠦᠨ ᠡᠵᠡᠳ᠎ᠦᠨ ᠰᠦᠮ᠎ᠡ ᠳᠣᠲᠤᠷ᠎ᠠ ᠨᠡᠩ᠎ᠴᠦ ᠬᠠᠷᠠᠩᠭᠤᠢ ᠪᠣᠯᠪᠠ᠃ ᠲᠡᠷᠡ ᠭᠠᠳᠠᠷ ᠬᠠᠭᠠᠯᠭ᠎ᠠ᠎ᠪᠠᠨ ᠶᠠᠭ ᠳᠠᠷᠤᠭᠠᠳ᠂ ᠥᠷᠦᠭᠡᠨ᠎ᠳᠡᠭᠡᠨ ᠲᠡᠮᠲᠡᠷᠢᠨ ᠣᠷᠤᠪᠠ᠃ ᠲᠡᠭᠡᠭᠡᠳ ᠨᠡᠯᠢᠶᠡᠳ ᠤᠳᠠᠲᠠᠯ᠎ᠠ ᠬᠡᠪᠲᠡᠭᠡᠳ ᠳᠣᠲᠤᠷ᠎ᠠ᠎ᠨᠢ ᠪᠠᠬᠠᠨ ᠲᠠᠢᠪᠤᠷᠠᠵᠤ ᠥᠪᠡᠷ᠎ᠦᠨ ᠲᠤᠬᠠᠢ᠎ᠪᠠᠨ ᠪᠣᠳᠤᠵᠤ ᠡᠬᠢᠯᠡᠪᠡ: ᠴᠠᠭᠠᠨ ᠬᠤᠶᠠᠭ ᠴᠠᠭᠠᠨ ᠳᠤᠭᠤᠯᠠᠭ᠎ᠠ ᠡᠮᠦᠰᠦᠭᠰᠡᠨ ᠬᠥᠮᠦᠨ ᠦᠵᠡᠲᠡᠯ᠎ᠡ ᠬᠦᠷᠦᠭᠡᠳ ᠢᠷᠡᠭᠰᠡᠨ ᠪᠠᠢᠲᠠᠯ᠎ᠠ ᠨᠠᠮᠠᠢ ᠢᠷᠡᠵᠦ ᠳᠠᠭᠤᠳᠠᠬᠤᠴᠤᠦᠭᠡᠢ᠃ ᠲᠡᠳᠦᠢ ᠠᠷᠪᠢᠨ ᠰᠠᠢᠨ ᠶᠠᠭᠤᠮ᠎ᠠ ᠣᠯᠤᠭᠰᠠᠨ ᠪᠠᠢᠲᠠᠯ᠎ᠠ ᠮᠢᠨᠦ ᠬᠤᠪᠢ ᠭᠡᠵᠦ ᠠᠯᠠᠭ᠎ᠠ᠃ ᠡᠨᠡ ᠪᠣᠯ ᠴᠥᠮ ᠬᠠᠭᠤᠷᠮᠠᠴᠢ ᠬᠠᠷᠢ᠎ᠶᠢᠨ ᠴᠢᠳᠭᠦᠷ᠎ᠦᠨ ᠬᠢᠭᠰᠡᠨ ᠤᠷᠰᠢᠭ ᠡ᠂ ᠨᠠᠮᠠᠢ ᠤᠷᠪᠠᠭᠤᠯᠬᠤ᠎ᠦᠭᠡᠢ᠂ ᠲᠡᠢᠮᠦ ᠪᠢᠰᠢ ᠪᠣᠯ ᠡᠨᠡ ᠤᠳᠠᠭ᠎ᠠ ᠶᠠᠭᠤᠨ᠎ᠳᠤ ᠬᠤᠪᠢᠦᠭᠡᠢᠳᠤ ᠬᠦᠷᠬᠦ ᠪᠢᠯᠡ? ᠭᠡᠵᠦ ᠠ᠊ Q ᠪᠣᠳᠤᠬᠤ ᠲᠤᠲᠤᠮ ᠠᠭᠤᠷ᠎ᠨᠢ ᠬᠦᠷᠴᠦ ᠲᠡᠰᠭᠡᠯ᠎ᠦᠭᠡᠢ ᠴᠡᠭᠡᠵᠢ ᠳᠦᠭᠦᠷᠡᠩ ᠬᠢᠯᠢᠩ ᠲᠥᠷᠦᠭᠡᠳ ᠲᠣᠯᠤᠭᠠᠢ᠎ᠪᠠᠨ ᠬᠣᠣᠷᠲᠠᠢᠬᠠᠨ ᠳᠣᠬᠢᠵᠤ:
《ᠪᠢ ᠤᠷᠪᠠᠵᠤ ᠪᠣᠯᠬᠤ᠎ᠦᠭᠡᠢ᠂ ᠴᠢᠯᠡ ᠤᠷᠪᠠᠵᠤ ᠪᠣᠯᠤᠨ᠎ᠠ ᠡ? ᠡᠬᠡ᠎ᠪᠡᠨ ᠴᠢᠩᠭᠢᠭᠰᠡᠨ ᠮᠠᠭᠤ ᠬᠠᠭᠤᠷᠮᠠᠴᠢ ᠬᠠᠷᠢ᠎ᠶᠢᠨ ᠴᠢᠳᠭᠦᠷ - ᠪᠣᠯᠵᠠᠢ᠂ ᠴᠢ ᠤᠷᠪᠠᠵᠤ ᠪᠠᠢ! ᠤᠷᠪᠠᠨ᠎ᠠ ᠭᠡᠭᠴᠢ ᠲᠣᠯᠤᠭᠠᠢ ᠤᠨᠠᠬᠤ ᠶᠠᠯ᠎ᠠ ᠰᠢᠤ ᠳ᠋ᠠ᠂ ᠴᠢᠮᠠᠢ ᠪᠢ ᠵᠠᠪᠠᠯ ᠵᠠᠭᠠᠯᠳᠤᠵᠤ᠂ ᠰᠢᠶᠠᠨ᠎ᠤ ᠭᠠᠵᠠᠷ ᠲᠣᠯᠤᠭᠠᠢᠶᠢᠴᠢᠨᠢ ᠠᠪᠬᠤ᠎ᠶᠢ ᠦᠵᠡᠨ᠎ᠡ ᠳ᠋ᠠ - ᠡᠭᠦᠳᠡ ᠳᠠᠷᠤᠵᠤ ᠬᠦᠢᠰᠦᠶᠢᠴᠢᠨᠢ ᠲᠡᠮᠲᠡᠷᠢᠨ᠎ᠡ - ᠴᠠ! ᠴᠠ!》 ᠭᠡᠪᠡ᠃