ᠮᠣᠩᠭᠣᠯ ᠪᠢᠴᠢᠭ |
ᠬᠢᠲᠠᠳ ᠠᠩᠭᠯᠢ ᠶᠠᠫᠣᠨ |
ᠬᠠᠮᠠᠷ ᠯᠣᠳᠤᠨ᠂ ᠴᠢᠪᠠᠭᠠᠨᠴᠠ ᠵᠠᠭᠷᠠᠢᠮ᠎ᠠ ᠭᠡᠪᠡᠯ ᠣᠢᠷ᠎ᠠ ᠲᠥᠰᠦᠷ᠎ᠲᠦ ᠲᠠᠨᠢᠬᠤ᠎ᠦᠭᠡᠢ ᠠᠮᠢᠲᠠᠨ ᠭᠡᠵᠦ ᠪᠠᠢᠬᠤ᠎ᠦᠭᠡᠢ᠃ ᠴᠢᠪᠠᠭᠠᠨᠴᠠᠴᠤ ᠶᠠᠭᠠᠮᠠᠢ᠂ ᠴᠢᠪᠠᠭᠠᠨᠴᠠ ᠰᠠᠭᠤᠭᠰᠠᠨ᠎ᠳᠠᠭᠠᠨ ᠲᠡᠭᠡᠵᠦ ᠴᠣᠯᠠᠰᠢᠭᠰᠠᠨ ᠪᠠᠢᠯᠭᠦᠢ᠃ ᠬᠠᠷᠢᠨ ᠯᠣᠳᠤᠨ ᠭᠤᠸᠠᠢ ᠬᠠᠮᠢᠭ᠎ᠠ᠎ᠦᠭᠡᠢ ᠵᠢᠭᠠᠬᠠᠨ ᠶᠠᠭᠤᠮᠠᠨ ᠳᠡᠭᠡᠷ᠎ᠡ ᠠᠭᠤᠷᠯᠠᠳᠠᠭ ᠵᠠᠩ᠎ᠲᠠᠢ᠂ ᠠᠭᠤᠷᠯᠠᠬᠤ ᠪᠣᠯᠭᠠᠨ ᠮᠠᠨᠴᠤᠷᠭᠠᠨ ᠬᠠᠮᠠᠷ᠎ᠨᠢ ᠵᠡᠰ ᠤᠯᠠᠭᠠᠨ ᠪᠣᠯᠲᠠᠯ᠎ᠠ ᠴᠡᠨᠳᠡᠢᠳᠡᠭᠢᠶᠡᠷᠢᠶᠡᠨ ᠬᠠᠮᠠᠷ ᠯᠣᠳᠤᠨ ᠭᠡᠵᠦ ᠨᠡᠷᠡᠰᠢᠵᠡᠢ᠃
ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ᠎ᠦᠭᠡᠢ ᠬᠡᠯᠡ ᠭᠡᠰᠡᠨ
ᠪᠢᠰᠢ᠎ᠦᠦ? ᠳᠤᠭᠤᠢᠯᠠ ᠣᠴᠢᠭᠠᠳ ᠨᠡᠬᠡᠶ᠎ᠡ!
ᠬᠠᠮᠠᠷ ᠯᠣᠳᠤᠨᠤ ᠡᠨᠡ ᠶᠠᠪᠤᠭ᠎ᠠ ᠨᠠᠰᠤᠨ᠎ᠳᠠᠭᠠᠨ ᠳᠠᠳᠮᠠᠭᠠᠢᠷᠠᠵᠤ ᠴᠠᠭᠠᠷᠠᠭᠰᠠᠨ ᠠᠵᠢᠯ ᠭᠡᠪᠡᠯ ᠭᠠᠭᠴᠠᠯᠠ ᠮᠣᠳᠤ᠃ ᠬᠠᠷᠠᠬᠠᠨ ᠪᠠᠭ᠎ᠠ᠎ᠠᠴᠠ᠎ᠪᠠᠨ ᠡᠷᠭᠦᠭᠰᠡᠨ ᠡᠴᠢᠭᠡ ᠮᠣᠳᠤᠴᠢᠨ ᠯᠣᠷᠤᠢ᠎ᠪᠠᠨ ᠳᠠᠭᠠᠵᠤ᠂ ᠥᠨᠥᠳᠦᠷ ᠡᠨᠡ ᠯᠤᠤᠭᠠᠷ᠎ᠤᠨ ᠬᠠᠰᠠᠭᠢ ᠰᠢᠭᠠᠵᠤ ᠲᠣᠪᠬᠢᠭᠠᠳ ᠠᠳᠭᠤ ᠳᠠᠪᠤᠰᠤ ᠠᠮᠠ ᠳᠠᠪᠤᠤ ᠣᠯᠵᠤ᠂ ᠮᠠᠷᠭᠠᠰᠢ ᠲᠡᠷᠡ ᠠᠢᠯ᠎ᠤᠨ ᠪᠠᠯᠪᠠᠷᠬᠠᠢ ᠬᠠᠭᠠᠯᠭ᠎ᠠ᠎ᠶᠢ ᠰᠡᠯᠪᠢᠵᠦ ᠡᠪᠯᠡᠭᠦᠯᠦᠭᠡᠳ᠂ ᠴᠠᠭᠠᠷᠢᠭ ᠴᠢᠰᠤ ᠴᠠᠭᠠᠰᠤᠨ ᠭᠦᠵᠡᠭᠡ ᠣᠯᠵᠤ ᠢᠳᠡᠳᠡᠭ ᠪᠠᠢᠵᠠᠢ᠃ ᠠᠪᠳᠠᠷ᠎ᠠ ᠱᠦᠭᠦᠢ᠂ ᠠᠷᠠᠯ ᠲᠡᠩᠬᠡᠯᠢᠭ ᠠᠷᠭᠠᠴᠠᠬᠤ ᠳᠡᠮᠲᠡᠢ ᠪᠣᠯᠤᠭᠠᠳ ᠢᠷᠡᠬᠦ᠎ᠳᠦ ᠯᠣᠷᠤᠢ ᠡᠪᠦᠭᠡᠨ ᠯᠣᠳᠤ᠎ᠨᠢ ᠬᠠᠶᠠᠭᠠᠳ ᠬᠣᠷᠤ᠎ᠠ ᠳᠠᠭᠤᠰᠴᠠᠢ᠃ ᠬᠡᠳᠦᠢ ᠡᠷ᠎ᠡ᠎ᠶᠢᠨ ᠴᠡᠭᠡᠯ᠎ᠳᠦ ᠬᠦᠷᠴᠦ ᠭᠠᠯ ᠭᠣᠯᠤᠮᠲᠠ᠎ᠪᠠᠨ ᠵᠠᠯᠭᠠᠭᠰᠠᠨ ᠪᠣᠯᠪᠠᠴᠤ ᠤᠭᠤᠯᠢ ᠬᠢᠷᠦᠭᠡ᠂ ᠴᠦᠴᠡ ᠬᠠᠷᠤᠭᠤᠯᠢ ᠭᠠᠷᠭᠠᠪᠠᠯ᠂ ᠯᠣᠷᠤᠢ ᠡᠪᠦᠭᠡᠨ ᠲᠠᠰᠤᠷᠬᠠᠢ ᠪᠦᠷᠢᠶᠡᠰᠦ ᠬᠡᠮᠬᠡᠷᠬᠡᠢ ᠲᠣᠭᠤᠨᠤᠴᠤ ᠦᠯᠡᠳᠡᠭᠡᠵᠦ ᠥᠭᠭᠦᠭᠰᠡᠨ᠎ᠦᠭᠡᠢ ᠲᠤᠯᠠ ᠮᠥᠨ᠎ᠯᠡ ᠲᠡᠨᠦᠭᠦᠯ ᠠᠮᠢᠳᠤᠷᠠᠯ᠎ᠢᠶᠠᠨ ᠦᠷᠭᠦᠯᠵᠢᠯᠡᠭᠦᠯᠵᠦ ᠪᠠᠢᠭᠰᠠᠨ᠃ ᠭᠡᠳᠡᠰᠦᠨ᠎ᠳᠡᠭᠡᠨ ᠵᠥᠪ᠎ᠦᠭᠡᠢ ᠯᠣᠳᠤᠨ ᠭᠡᠷ ᠲᠥᠪᠬᠢᠨᠡᠵᠦ ᠭᠡᠷᠭᠡᠢ ᠪᠠᠭᠤᠯᠭᠠᠬᠤ᠎ᠨᠢ ᠶᠣᠰᠤᠲᠠᠢ ᠬᠣᠭᠤᠰᠤᠨ ᠰᠠᠨᠠᠭ᠎ᠠ ᠪᠢᠵᠡ᠃ ᠬᠠᠪᠢ ᠲᠥᠰᠦᠷ᠎ᠲᠦ ᠮᠣᠳᠤᠴᠢᠨ ᠭᠡᠪᠡᠯ ᠭᠠᠭᠴᠠᠬᠠᠨ ᠬᠠᠮᠠᠷ ᠯᠣᠳᠤᠨ ᠪᠣᠯᠬᠤ᠎ᠳᠠᠭᠠᠨ ᠮᠥᠷᠦ᠎ᠪᠡᠨ ᠵᠦᠳᠡᠭᠦᠦ ᠪᠥᠭᠯᠡᠵᠦ᠂ ᠴᠣ᠋ ᠴᠢᠮᠠᠢ ᠠᠮᠢᠳᠤᠷᠠᠵᠤ ᠪᠠᠢᠵᠠᠢ᠃
ᠤᠯᠠᠭᠠᠭᠴᠢᠨ ᠭᠠᠬᠠᠢ ᠵᠢᠯ᠎ᠦᠨ ᠬᠠᠪᠤᠷ ᠬᠠᠮᠠᠷ ᠯᠣᠳᠤᠨ ᠪᠦᠬᠦᠯᠢ ᠰᠢᠭᠦᠰᠦᠨᠦ ᠠᠮᠠ ᠰᠢᠷᠡᠭᠡ ᠬᠢᠬᠦ ᠠᠯᠪᠠ᠎ᠳᠤ ᠪᠠᠷᠢᠭᠳᠠᠭᠠᠳ᠂ ᠬᠣᠰᠢᠭᠤ ᠶᠠᠮᠤᠨ ᠳᠡᠭᠡᠷ᠎ᠡ ᠲᠡᠪᠡᠷᠢᠮ᠎ᠡ ᠪᠦᠳᠦᠭᠦᠨ ᠠᠭᠠᠷᠤ ᠵᠦᠰᠦᠵᠦ ᠪᠠᠢᠲᠠᠯ᠎ᠠ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠮᠠᠨᠳᠤᠵᠤ ᠭᠡᠭᠡᠨ ᠲᠤᠭ᠎ᠨᠢ ᠬᠡᠢᠰᠴᠦ ᠪᠠᠢᠬᠤ》 ᠵᠢᠷᠦᠬᠡ ᠳᠣᠩᠰᠤᠯᠭᠠᠮ᠎ᠠ ᠴᠢᠮᠡᠭᠡ ᠤᠯᠠᠮᠵᠢᠯᠠᠭᠳᠠᠨ ᠢᠷᠡᠵᠡᠢ᠃ ᠬᠣᠰᠢᠭᠤ ᠳᠠᠶᠠᠩ᠎ᠳᠠᠭᠠᠨ᠂ ᠬᠡᠯᠡᠪᠡᠯ ᠮᠢᠨᠦ ᠵᠣᠷᠢᠭ ᠬᠡᠢᠰᠭᠡᠪᠡᠯ ᠲᠡᠭᠷᠢ᠎ᠶᠢᠨ ᠵᠣᠷᠢᠭ ᠭᠡᠵᠦ ᠰᠡᠷᠬᠡᠢᠵᠦ ᠶᠠᠪᠤᠭᠰᠠᠨ ᠠᠮᠪᠠᠨ ᠨᠣᠶᠠᠨᠲᠠᠨ ᠡᠳᠦᠷ ᠰᠥᠨᠢ᠎ᠶᠢᠨ ᠬᠣᠭᠤᠷᠤᠨᠳᠤ᠂ ᠪᠢᠯᠢᠭ ᠤᠬᠠᠭᠠᠨ᠎ᠨᠢ ᠪᠡᠶ᠎ᠡ᠎ᠡᠴᠡ᠎ᠪᠡᠨ ᠰᠠᠯᠵᠤ᠂ ᠵᠠᠩᠭᠢ ᠵᠠᠯᠠᠨ᠎ᠢᠶᠠᠨ ᠴᠤᠭᠯᠠᠭᠤᠯᠤᠨ ᠬᠥᠯ ᠪᠣᠯᠬᠤ᠎ᠳᠤ ᠬᠠᠮᠠᠷ ᠯᠣᠳᠤᠨ ᠬᠠᠷᠢᠨ ᠦᠢᠮᠡᠭᠡᠨᠢ ᠵᠠᠪᠳᠤᠨ ᠰᠥᠨᠢ᠎ᠪᠡᠷ ᠠᠷᠢᠯᠵᠠᠢ᠃
ᠶᠠᠮᠤᠨ ᠳᠡᠭᠡᠷ᠎ᠡ ᠬᠣᠰᠢᠭᠤ ᠠᠷᠠᠳ᠎ᠤᠨ ᠵᠠᠰᠠᠭ ᠪᠠᠢᠭᠤᠯᠤᠭᠳᠠᠪᠠ᠃ ᠬᠠᠮᠠᠷ ᠯᠣᠳᠤᠨ ᠬᠠᠷᠠᠴᠤ ᠠᠷᠠᠳ᠎ᠤᠨ ᠲᠥᠯ᠂ ᠶᠠᠳᠠᠭᠤ ᠨᠢᠴᠦᠭᠦᠨ ᠦᠨᠳᠦᠰᠦᠨ ᠮᠠᠯᠴᠢᠨ ᠲᠤᠯᠠ ᠲᠠᠪᠤᠨ ᠬᠠᠨ᠎ᠠ᠎ᠲᠠᠢ ᠴᠣ᠋ ᠰᠢᠨ᠎ᠡ ᠭᠡᠷ᠂ ᠲᠠᠪᠤ ᠠᠷᠪᠠᠨ ᠮᠠᠯ ᠢᠳᠡᠭᠡ᠎ᠲᠡᠢ ᠲᠡᠳᠭᠦᠮᠵᠢ ᠣᠯᠭᠤᠨ᠎ᠠ ᠭᠡᠵᠦ ᠵᠠᠰᠠᠭ᠎ᠤᠨ ᠣᠷᠳᠤᠨ ᠲᠣᠭᠲᠠᠭᠠᠵᠠᠢ᠃ ᠡᠨᠡ ᠴᠢᠮᠡᠭᠡ᠎ᠪᠡᠷ ᠬᠠᠮᠠᠷ ᠯᠣᠳᠤᠨ ᠲᠠᠪᠲᠤᠷ ᠠᠯᠳᠠᠵᠤ ᠣᠷᠭᠤᠭᠠᠳ ᠭᠦᠶᠦᠴᠢᠬᠡᠮᠡᠷ ᠰᠠᠨᠠᠭᠳᠠᠪᠠ᠃ ᠬᠠᠭᠠᠰ ᠨᠠᠰᠤ᠎ᠶᠢ ᠲᠡᠨᠦᠵᠦ ᠥᠩᠭᠡᠷᠡᠭᠡᠨ᠂ ᠰᠠᠨᠠᠭ᠎ᠠ᠎ᠪᠠᠷ᠎ᠢᠶᠠᠨ ᠰᠠᠪᠠᠵᠤ ᠵᠢᠯᠤᠭᠤᠪᠠᠷᠢᠶᠠᠨ ᠭᠤᠶᠠᠳᠠᠭᠠᠳ᠂ ᠬᠠᠩᠭᠠᠯ ᠵᠠᠳᠠᠭᠠᠢ ᠰᠤᠷᠴᠢᠬᠠᠭᠰᠠᠨᠶᠤᠮᠴᠢᠨᠢ᠂ ᠭᠡᠳᠡᠰᠦ ᠴᠠᠳᠪᠠᠯ ᠪᠠᠶᠠᠨ᠂ ᠬᠡᠰᠦᠵᠦ ᠲᠣᠭᠤᠷᠢᠪᠠᠯ ᠪᠤᠶᠠᠨ᠃ ᠮᠠᠯ ᠢᠳᠡᠭᠡ᠎ᠲᠡᠢ ᠨᠣᠴᠤᠯᠳᠤᠨ᠎ᠠ᠂ ᠭᠡᠷ ᠲᠡᠷᠭᠡ ᠳᠣᠳᠤᠮᠳᠠᠨ᠎ᠠ ᠭᠡᠳ ᠬᠠᠷ᠎ᠠ ᠶᠠᠷᠰᠢᠭ᠂ ᠬᠠᠢᠷᠠᠨ ᠪᠡᠶ᠎ᠡ᠎ᠪᠡᠨ ᠠᠷᠭᠠᠮᠵᠢᠭᠤᠯᠬᠤ᠎ᠪᠠᠨ ᠪᠣᠯᠢᠶ᠎ᠠ! ᠭᠡᠵᠦ ᠲᠡᠷᠡ ᠪᠣᠳᠤᠵᠠᠢ᠃
ᠰᠤᠮᠤᠨ᠎ᠠᠴᠠ ᠳᠠᠷᠤᠭ᠎ᠠ ᠺᠠᠳ᠋ᠷ ᠪᠥᠭᠡᠮ᠎ᠢᠶᠡᠷ ᠢᠷᠡᠵᠦ:
《ᠠᠪᠬᠤ᠎ᠦᠭᠡᠢ ᠶᠠᠭᠠᠬᠢᠵᠤ ᠪᠣᠯᠬᠤ ᠪᠤᠢ? ᠵᠠᠰᠠᠭ᠎ᠤᠨ ᠣᠷᠳᠤᠨ ᠪᠠᠢᠭᠤᠯᠤᠭᠳᠠᠭᠰᠠᠨ᠎ᠨᠢ ᠨᠡᠢᠭᠡᠮ ᠵᠢᠷᠤᠮ᠎ᠤᠨ ᠰᠠᠢᠨ ᠰᠠᠢᠬᠠᠨ ᠡᠬᠢᠯᠡᠵᠦ᠂ ᠶᠠᠳᠠᠭᠤ ᠨᠢᠴᠦᠭᠦᠨ᠂ ᠲᠡᠨᠦᠭᠦᠯ ᠠᠮᠢᠳᠤᠷᠠᠯ ᠪᠤᠴᠠᠯᠲᠠ᠎ᠦᠭᠡᠢ ᠡᠴᠦᠰᠯᠡᠭᠰᠡᠨ ᠲᠡᠮᠳᠡᠭ ᠮᠥᠨ᠃ ᠰᠤᠷᠢᠶᠠᠨ ᠪᠦᠰᠡᠯᠡᠵᠦ ᠰᠤᠷᠤᠭᠰᠠᠨ ᠳᠠᠭᠤᠤ᠎ᠪᠠᠨ ᠳᠠᠭᠤᠯᠠᠵᠤ᠂ ᠮᠤᠷᠤᠢ ᠵᠠᠮ᠎ᠢᠶᠠᠨ ᠬᠥᠭᠡᠭᠡᠭᠡᠳ ᠪᠠᠢᠪᠠᠯ ᠰᠢᠨ᠎ᠡ ᠰᠠᠢᠬᠠᠨ ᠴᠠᠭ᠎ᠤᠨ᠎ᠢᠶᠠᠨ ᠨᠢᠭᠤᠷ᠎ᠢ ᠭᠤᠲᠤᠭᠠᠭᠰᠠᠨ ᠶᠠᠪᠤᠳᠠᠯ ᠰᠢᠤ!》 ᠭᠡᠵᠦ ᠣᠯᠠᠨ ᠪᠦᠭᠦᠳᠡᠭᠡᠷ ᠵᠠᠬ᠎ᠠ ᠵᠠᠬ᠎ᠠ᠎ᠠᠴᠠ᠎ᠨᠢ ᠢᠳᠭᠠᠵᠤ ᠭᠠᠷᠬᠤ᠎ᠳᠤ ᠬᠠᠮᠠᠷ ᠯᠣᠳᠤᠨ ᠳᠦᠯᠡᠢ ᠭᠣᠳᠤᠯᠢᠶᠤᠮᠰᠢᠭ᠋ ᠳᠠᠭᠤ᠎ᠦᠭᠡᠢ ᠥᠩᠭᠡᠷᠡᠭᠡᠨ᠎ᠡ᠃
ᠬᠠᠮᠤᠭ ᠰᠡᠭᠦᠯᠳᠦᠨᠢ ᠬᠣᠰᠢᠭᠤᠨ ᠳᠠᠷᠤᠭ᠎ᠠ ᠪᠡᠶ᠎ᠡ᠎ᠪᠡᠷ᠎ᠢᠶᠡᠨ ᠮᠣᠷᠢᠯᠠᠵᠤ᠂ ᠬᠠᠮᠠᠷ ᠯᠣᠳᠤᠨ᠎ᠲᠠᠢ ᠠᠭᠤᠯᠵᠠᠭᠠᠳ᠂ ᠲᠡᠮᠳᠡᠭᠯᠡᠯ᠎ᠦᠨ ᠳᠡᠪᠲᠡᠷ ᠳᠡᠭᠡᠷ᠎ᠡ᠎ᠡᠴᠡ᠎ᠪᠡᠨ ᠨᠢᠭᠡ ᠪᠠᠳᠠᠭ ᠤᠩᠰᠢᠭᠠᠳ ᠬᠡᠳᠦᠨ ᠦᠭᠡ ᠬᠡᠯᠡᠪᠡ᠃ ᠤᠭ ᠦᠭᠡ᠎ᠶᠢ᠎ᠨᠢ ᠬᠠᠮᠠᠷ ᠯᠣᠳᠤᠨ ᠴᠡᠭᠡᠵᠢᠯᠡᠬᠦ ᠣᠢ ᠲᠣᠢ᠎ᠦᠭᠡᠢ᠃ ᠶᠠᠭᠤ᠎ᠴᠤ ᠭᠡᠰᠡᠨ ᠶᠠᠳᠠᠭᠤ ᠨᠢᠴᠦᠭᠦᠨ ᠬᠥᠮᠦᠨ ᠪᠣᠯ ᠬᠣᠭᠤᠰᠤᠨ ᠴᠠᠭᠠᠨ ᠴᠠᠭᠠᠰᠤᠯᠠᠶᠤᠮ ᠪᠠᠢᠨ᠎ᠠ᠃ ᠡᠢᠮᠦ ᠴᠠᠭᠠᠰᠤ ᠬᠠᠮᠤᠭ᠎ᠤᠨ ᠰᠢᠨ᠎ᠡ ᠬᠠᠮᠤᠭ᠎ᠤᠨ ᠰᠠᠢᠬᠠᠨ ᠵᠢᠷᠤᠭ᠎ᠢ ᠬᠢᠯᠪᠠᠷᠬᠠᠨ ᠵᠢᠷᠤᠵᠤ ᠪᠣᠯᠳᠠᠭ᠎ᠶᠤᠮ ᠪᠠᠢᠨ᠎ᠠ᠂ ᠬᠦᠢ᠂ ᠰᠢᠨ᠎ᠡ᠎ᠪᠡᠷ ᠰᠢᠷᠠᠭᠰᠠᠨ ᠠᠮᠪᠠᠨᠴᠢᠨᠢ ᠨᠠᠳᠠ ᠨᠠᠳᠠ᠎ᠪᠠᠷ ᠨᠢᠭᠡ ᠵᠢᠷᠤᠭ᠎ᠤᠨ ᠬᠦᠳᠡᠬᠢᠲᠡᠢ ᠨᠣᠶᠠᠨᠲᠠᠨ ᠪᠠᠢᠨ᠎ᠠ ᠰᠢᠤ! ᠡᠢᠮᠦ ᠪᠠᠢᠮᠠᠭᠠᠢ ᠠᠮᠪᠠᠨ ᠵᠢᠷᠤ ᠭᠡᠵᠦ ᠪᠠᠢᠬᠤ᠎ᠶᠤᠮ᠎ᠴᠢᠨᠢ ᠳᠤᠭᠤᠢᠯᠠ ᠵᠢᠷᠤᠶ᠎ᠠ᠂ ᠬᠠᠮᠠᠷ ᠪᠢ ᠶᠡᠷᠦ᠎ᠨᠢ ᠲᠡᠷᠡ ᠨᠢᠭᠡ ᠵᠢᠷᠤᠭ᠎ᠢ ᠭᠣᠷᠢᠯᠠᠭᠠᠳ ᠤᠳᠠᠭᠰᠠᠨᠶᠤᠮᠳᠠᠭ᠃ᠦᠭᠡᠢ ᠴᠢᠩᠭᠢᠭᠡᠳ ᠬᠠᠮᠢᠭ᠎ᠠ᠎ᠪᠠᠨ ᠵᠢᠷᠤᠬᠤ ᠪᠢᠯᠡ? ᠠᠯᠠᠭᠠᠨ ᠳᠡᠭᠡᠷ᠎ᠡ᠎ᠪᠡᠨ ᠵᠢᠷᠤᠭᠠᠳ ᠪᠣᠯᠬᠤᠦᠭᠡᠢᠯᠠᠳᠠ᠂ ᠠᠪᠳᠠᠷ᠎ᠠ ᠪᠠᠢᠬᠤ ᠬᠡᠷᠡᠭᠲᠡᠢ᠃ ᠠᠪᠳᠠᠷ᠎ᠠ᠎ᠨᠢ ᠵᠠᠯᠠᠨ ᠵᠠᠩᠭᠢᠶᠢᠨᠳᠤᠯᠠ ᠦᠵᠡᠭᠳᠡᠳᠡᠭ ᠲᠡᠢᠮᠦ ᠠᠭᠠᠷᠤ ᠽᠠᠨᠳᠠᠨ ᠪᠠᠢᠬᠤ ᠶᠣᠰᠤᠲᠠᠢ! ᠠᠪᠳᠠᠷ᠎ᠠ᠎ᠶᠢᠨ ᠨᠢᠭᠤᠷ ᠳᠡᠭᠡᠷ᠎ᠡ᠎ᠨᠢ ᠡᠭᠡᠭᠡ᠎ᠯᠡ ᠵᠢᠭᠠᠬᠠᠨ ᠰᠦᠮ᠎ᠡ᠎ᠶᠢᠨ ᠪᠠᠭᠠᠨ᠎ᠠ ᠳᠡᠭᠡᠷ᠎ᠡ ᠣᠷᠢᠶᠠᠯᠳᠤᠭᠰᠠᠨᠰᠢᠭ᠋ ᠠᠯᠲᠠᠨ ᠯᠤᠤ ᠲᠣᠭᠯᠠᠭᠰᠠᠨ ᠪᠠᠢᠬᠤ ᠬᠡᠷᠡᠭᠲᠡᠢ! ᠡᠢᠮᠦ ᠰᠠᠢᠬᠠᠨ ᠠᠪᠳᠠᠷ᠎ᠠ᠎ᠪᠠᠨ ᠡᠭᠦᠷᠦᠭᠡᠳ ᠶᠠᠪᠤᠵᠤ ᠪᠣᠯᠤᠨ᠎ᠠ᠎ᠤᠤ? ᠭᠡᠷ ᠪᠠᠢᠬᠤ ᠬᠡᠷᠡᠭᠲᠡᠢ᠃ ᠭᠡᠷ᠎ᠨᠢ ᠪᠠᠰᠠ᠎ᠴᠤ ᠰᠢᠨ᠎ᠡ ᠪᠥᠮᠪᠦᠭᠡᠷ ᠴᠠᠭᠠᠨ! ᠁ ᠵᠠ ᠵᠠ᠂ ᠶᠠᠭᠤᠮᠠᠦᠭᠡᠢᠠᠴᠠ ᠶᠠᠭᠤᠮ᠎ᠠ᠎ᠲᠠᠢ᠎ᠨᠢ ᠳᠡᠭᠡᠷ᠎ᠡ᠂ ᠶᠠᠭᠤ ᠥᠭᠪᠡᠯ ᠲᠡᠭᠦᠨ᠎ᠢ᠎ᠨᠢ ᠠᠪᠤᠶ᠎ᠠ! ᠥᠭᠬᠦ ᠬᠥᠮᠦᠨ᠎ᠦ ᠥᠷᠦᠴᠡ᠎ᠨᠢ ᠲᠠᠲᠠᠯᠳᠤᠬᠤ᠎ᠦᠭᠡᠢ ᠪᠠᠢᠲᠠᠯ᠎ᠠ ᠠᠪᠬᠤ ᠪᠢ ᠠᠯᠠᠭ᠎ᠠ᠎ᠪᠠᠨ ᠲᠣᠰᠭᠤ᠎ᠠᠴᠠ ᠰᠢᠷᠭᠢᠬᠦ ᠶᠠᠭᠤ ᠪᠠᠢᠬᠤᠪ!
ᠬᠥᠮᠦᠨ᠎ᠰᠢᠭ ᠠᠮᠢᠳᠤᠷᠠᠬᠤ ᠬᠦᠰᠡᠯ ᠴᠢᠩᠭᠠᠷᠠᠭᠰᠠᠨ᠎ᠳᠤᠨᠢ ᠬᠣᠰᠢᠭᠤ ᠳᠠᠷᠤᠭᠠᠴᠤ ᠪᠠᠶᠠᠷᠯᠠᠭᠠᠳ:
《ᠯᠣᠳᠤᠨ ᠭᠤᠸᠠᠢ! ᠶᠠᠭᠤ ᠳᠤᠲᠠᠪᠠᠯ ᠡᠷᠡᠭᠡᠯᠡᠯ᠎ᠦᠭᠡᠢ ᠬᠡᠯᠡᠵᠦᠯᠡ ᠪᠠᠢ! ᠠᠷᠠᠳ᠎ᠤᠨ ᠵᠠᠰᠠᠭ ᠠᠷᠠᠳ᠎ᠢᠶᠠᠨ ᠳᠡᠮᠵᠢᠨ᠎ᠡ》 ᠭᠡᠵᠦ ᠡᠨᠡᠷᠢᠩᠭᠦᠢ ᠮᠦᠰᠢᠶᠡᠵᠡᠢ᠃ ᠠ ᠳ᠋ᠠ᠂ ᠰᠢᠨ᠎ᠡ ᠴᠠᠭ᠎ᠤᠨ ᠠᠮᠪᠠᠨ ᠭᠡᠵᠦ᠎ᠴᠦ ᠪᠤᠷᠬᠠᠨ ᠭᠡᠮᠡᠷᠶᠦᠮ ᠪᠠᠢᠨ᠎ᠠ ᠭᠡᠵᠦ ᠪᠣᠳᠤᠬᠤ᠎ᠲᠠᠢ ᠵᠡᠷᠭᠡ ᠬᠠᠮᠠᠷ ᠯᠣᠳᠤᠨ ᠬᠣᠰᠢᠭᠤ ᠳᠠᠷᠤᠭ᠎ᠠ᠎ᠶᠢᠨ ᠥᠯᠮᠡᠢ ᠳᠣᠣᠷ᠎ᠠ ᠰᠥᠭᠦᠳᠦᠭᠡᠳ ᠮᠥᠷᠭᠦᠴᠢᠬᠡᠮᠡᠷ ᠰᠠᠨᠠᠭᠳᠠᠨ᠎ᠠ᠃
ᠬᠠᠮᠠᠷ ᠯᠣᠳᠤᠨ ᠢᠩᠭᠢᠭᠡᠳ ᠭᠡᠷ ᠮᠠᠯ᠎ᠲᠠᠢ ᠪᠣᠯᠤᠯ᠎ᠠ᠃ ᠭᠠᠭᠴᠠᠯᠠ ᠠᠯᠲᠠᠨ ᠯᠤᠤ ᠵᠢᠷᠤᠴᠢᠬᠠᠮᠠᠷ ᠠᠪᠳᠠᠷ᠎ᠠ ᠪᠠᠢᠬᠤ᠎ᠦᠭᠡᠢ᠎ᠳᠤᠨᠢ ᠮᠠᠨᠴᠤᠷᠭᠠᠨ ᠬᠠᠮᠠᠷ᠎ᠨᠢ ᠪᠠᠰᠠ᠎ᠯᠠ ᠴᠡᠨᠳᠡᠢᠪᠡ᠃ ᠡᠨᠡ ᠪᠠᠬᠠᠨ ᠮᠢᠯᠵᠠᠩ ᠭᠤᠳᠤᠷᠠᠢ᠎ᠪᠠᠷ ᠪᠢ ᠶᠠᠭᠤ᠎ᠪᠠᠨ ᠬᠢᠬᠦ ᠪᠤᠢ? ᠲᠡᠭᠡᠬᠦ᠎ᠶᠢᠨ ᠣᠷᠤᠨ᠎ᠳᠤ ᠨᠢᠭᠡ ᠠᠪᠳᠠᠷᠠᠴᠤ ᠥᠭᠭᠦᠭᠡᠰᠡᠢ᠂ ᠪᠣᠯᠬᠤ᠎ᠦᠭᠡᠢ᠎ᠨᠢ ᠶᠠᠭᠤ ᠪᠤᠢ?
ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ᠎ᠦᠭᠡᠢ ᠬᠡᠯᠡ ᠭᠡᠰᠡᠨ ᠪᠢᠰᠢ᠎ᠦᠦ? ᠳᠤᠭᠤᠢᠯᠠ ᠣᠴᠢᠭᠠᠳ ᠨᠡᠬᠡᠶ᠎ᠡ! ᠭᠡᠳ ᠶᠠᠪᠤᠬᠤ᠎ᠪᠠᠷ ᠰᠢᠢᠳᠦᠭᠰᠡᠨ ᠪᠣᠯᠪᠠᠴᠤ ᠬᠣᠰᠢᠭᠤ ᠶᠠᠮᠤᠨ᠎ᠤ ᠴᠠᠯᠠᠢᠭᠰᠠᠨ ᠲᠣᠮᠤ ᠬᠠᠭᠠᠯᠭ᠎ᠠ᠎ᠶᠢ ᠪᠣᠳᠤᠮᠠᠭᠴᠠ ᠬᠠᠮᠤᠭ ᠪᠡᠶ᠎ᠡ᠎ᠨᠢ ᠠᠷᠵᠠᠰᠬᠢᠪᠠ᠃ ᠪᠣᠳᠤᠵᠤ ᠪᠣᠳᠤᠭᠠᠳ ᠰᠤᠷᠤᠭᠰᠠᠨᠢᠶᠠᠷᠢᠶᠠᠨ ᠡᠭᠦᠷ ᠠᠷᠪᠠ᠎ᠨᠢ ᠡᠷᠢᠵᠦ:
《ᠪᠠᠢᠳᠠᠭ ᠮᠠᠯᠢᠴᠢᠨᠢ ᠪᠤᠴᠠᠭᠠᠶ᠎ᠠ᠃ ᠪᠠᠯᠪᠠᠷᠬᠠᠢᠴᠤ ᠶᠠᠭᠠᠬᠢᠬᠤᠪ᠂ ᠠᠪᠳᠠᠷ᠎ᠠ᠎ᠠᠴᠠ᠎ᠪᠠᠨ ᠢᠯᠡᠭᠦᠴᠢᠯᠡᠵᠦ ᠥᠭᠭᠦᠨᠡᠦᠦ》 ᠭᠡᠵᠦ ᠭᠠᠩᠰᠢᠭᠠᠳ ᠰᠠᠭᠤᠯᠭᠠᠬᠤ᠎ᠦᠭᠡᠢ ᠪᠣᠯᠭᠠᠪᠠ᠃
《ᠬᠠᠮᠢᠭ᠎ᠠ ᠪᠠᠢᠭᠰᠠᠨ ᠲᠡᠢᠮᠦ ᠪᠡᠯᠡᠨ ᠠᠪᠳᠠᠷ᠎ᠠ ᠪᠤᠢ?》 ᠭᠡᠵᠦ ᠠᠷᠪᠠᠨ᠎ᠤ ᠳ᠋ᠠ ᠤᠴᠠᠭᠠᠷᠯᠠᠵᠤ ᠭᠠᠷᠬᠤ᠎ᠳᠤ᠂ ᠬᠠᠮᠠᠷ ᠯᠣᠳᠤᠨᠤ ᠮᠠᠨᠴᠤᠷᠭᠠᠨ ᠬᠠᠮᠠᠷ᠎ᠨᠢ ᠵᠡᠰ ᠤᠯᠠᠭᠠᠨ ᠪᠣᠯᠲᠠᠯ᠎ᠠ ᠴᠡᠨᠳᠡᠢᠭᠡᠳ:
《ᠪᠢ ᠲᠡᠭᠡᠪᠡᠯ ᠠᠮᠪᠠᠨ᠎ᠳᠤ ᠵᠠᠷᠭᠤᠯᠳᠤᠨ᠎ᠠ》 ᠭᠡᠵᠦ ᠡᠪᠴᠢᠭᠦᠦ ᠳᠡᠯᠡᠳᠬᠦ ᠰᠢᠬᠠᠵᠠᠢ᠃
ᠴᠣᠬᠤᠮ 《ᠠᠮᠪᠠᠨ》᠎ᠡᠴᠡ ᠠᠶᠤᠭᠰᠠᠨᠳᠠᠭᠠᠨᠤᠤ? ᠯᠣᠳᠤ᠎ᠨᠢ ᠬᠥᠬᠡᠷᠦᠭᠦᠢᠯᠡᠭᠰᠡᠨᠳᠡᠭᠡᠨᠦᠦ? ᠡᠭᠦᠷ ᠠᠷᠪᠠᠨ᠎ᠠᠴᠠ ᠰᠤᠮᠤᠨ᠎ᠳᠤ ᠮᠡᠳᠡᠭᠦᠯᠵᠦ᠂ ᠰᠤᠮᠤᠨ᠎ᠠᠴᠠ ᠬᠣᠰᠢᠭᠤ᠎ᠳᠤ ᠮᠡᠳᠡᠭᠦᠯᠵᠡᠢ᠃ ᠳᠡᠮᠡᠢ ᠬᠡᠳᠦ ᠬᠣᠨᠤᠭᠰᠠᠨ᠎ᠦᠭᠡᠢ ᠬᠠᠮᠠᠷ ᠯᠣᠳᠤᠨᠤ ᠰᠠᠨᠠᠭ᠎ᠠ᠎ᠪᠠᠷ ᠬᠣᠶᠠᠷ ᠬᠡᠰᠡᠭ ᠰᠥᠭᠦᠮ ᠵᠤᠵᠠᠭᠠᠨ ᠠᠭᠠᠷᠤ ᠬᠠᠪᠲᠠᠰᠤ ᠬᠦᠷᠦᠭᠡᠳ ᠢᠷᠡᠪᠡ᠃ ᠡᠨᠡ᠎ᠨᠢ ᠲᠡᠭᠦᠨ᠎ᠦ ᠬᠣᠰᠢᠭᠤ ᠶᠠᠮᠤᠨ᠎ᠠᠴᠠ ᠣᠷᠭᠤᠵᠤ ᠪᠣᠰᠬᠤ᠎ᠳᠠᠭᠠᠨ ᠳᠤᠲᠠᠭᠤ ᠵᠦᠰᠦᠭᠡᠳ ᠬᠠᠶᠠᠭᠰᠠᠨ ᠠᠭᠠᠷᠤ ᠪᠠᠢᠭᠰᠠᠨ ᠲᠤᠯᠠ ᠬᠠᠮᠠᠷ ᠯᠣᠳᠤᠨ ᠬᠠᠭᠠᠷᠠᠲᠠᠯ᠎ᠠ ᠪᠠᠶᠠᠷᠯᠠᠭᠰᠠᠨ᠎ᠨᠢ ᠭᠠᠷᠴᠠᠭ᠎ᠠ᠎ᠦᠭᠡᠢ᠃ 《ᠲᠡᠳᠭᠦᠬᠦ᠎ᠪᠡᠷ ᠪᠡᠯᠡᠳᠭᠡᠵᠦ ᠪᠠᠢᠭᠰᠠᠨ ᠤᠰᠤᠨ᠎ᠤ ᠬᠠᠰᠠᠭᠢᠴᠢᠨᠢ ᠥᠭᠬᠦ᠎ᠦᠭᠡᠢ᠎ᠳᠦ ᠪᠣᠯᠤᠨ᠎ᠠ ᠪᠢᠵᠡ?》 ᠭᠡᠵᠦ ᠠᠷᠪᠠᠨ᠎ᠤ ᠳ᠋ᠠ ᠰᠠᠨᠠᠯ ᠠᠰᠠᠭᠤᠬᠤ᠎ᠳᠤ ᠬᠠᠮᠠᠷ ᠯᠣᠳᠤᠨ : 《ᠳᠤᠷᠠᠲᠠᠢ ᠳᠤᠷᠠᠲᠠᠢ! ᠠᠷᠪᠠᠨ ᠭᠠᠵᠠᠷ᠎ᠠᠴᠠ ᠤᠰᠤ᠎ᠪᠠᠨ ᠳᠠᠮᠨᠠᠵᠤ ᠢᠳᠡᠭᠰᠡᠨᠴᠦ ᠠᠮᠪᠠᠨ ᠨᠣᠶᠠᠨᠲᠠᠨ᠎ᠳᠠᠭᠠᠨ ᠪᠢ ᠭᠣᠮᠤᠳᠠᠬᠤ᠎ᠦᠭᠡᠢ》 ᠭᠡᠵᠦ ᠭᠡᠨ᠎ᠡ᠃
ᠡᠳᠦᠷ ᠰᠥᠨᠢ᠎ᠦᠭᠡᠢ ᠱᠤᠤᠭᠢᠨᠠᠵᠤ ᠪᠠᠢᠭᠠᠳ ᠬᠠᠮᠠᠷ ᠯᠣᠳᠤᠨ ᠬᠠᠩᠬᠠᠭᠠᠷ ᠪᠡᠬᠢᠯᠢᠭ ᠵᠦᠢᠷᠡᠢ ᠠᠪᠳᠠᠷ᠎ᠠ ᠵᠠᠭᠠᠳᠠᠰᠤᠯᠠᠵᠤ ᠭᠠᠷᠭᠠᠵᠠᠢ᠃ ᠬᠠᠪᠢ ᠲᠥᠰᠦᠷ᠎ᠲᠦ ᠬᠢᠯᠠᠷ ᠳᠠᠮᠪᠢ᠎ᠠᠴᠠ ᠥᠭᠡᠷ᠎ᠡ ᠵᠢᠷᠤᠭᠴᠢᠨ ᠭᠡᠵᠦ ᠪᠠᠢᠬᠤ᠎ᠦᠭᠡᠢ᠃ ᠠᠪᠳᠠᠷ᠎ᠠ᠎ᠪᠠᠨ ᠰᠢᠷᠳᠡᠵᠦ ᠯᠤᠤ ᠵᠢᠷᠤᠭᠤᠯᠤᠶᠠ ᠭᠡᠪᠡᠯ ᠲᠡᠭᠦᠨᠢᠯᠡ ᠵᠠᠯᠠᠬᠤ ᠬᠡᠷᠡᠭᠲᠡᠢ᠃ ᠭᠡᠲᠡᠯ᠎ᠡ ᠬᠠᠮᠠᠷ ᠯᠣᠳᠤᠨᠤ ᠬᠠᠮᠤᠭ ᠪᠡᠶ᠎ᠡ ᠳᠠᠭᠵᠢᠵᠤ ᠠᠪᠤᠪᠠ᠃
ᠤᠤᠯ᠎ᠨᠢ ᠭᠠᠩ ᠵᠢᠯ ᠨᠠᠮᠵᠢᠯ ᠵᠠᠯᠠᠨ ᠪᠤᠶᠠᠨ ᠦᠢᠯᠡᠳᠴᠦ᠂ ᠰᠦᠷᠦᠭ ᠠᠳᠤᠭᠤ᠎ᠪᠠᠷ ᠨᠠᠷᠠᠲᠤ᠎ᠶᠢᠨ ᠭᠡᠭᠡᠨ᠎ᠳᠦ ᠥᠭᠯᠢᠭᠡ ᠡᠷᠭᠦᠭᠡᠳ᠂ ᠵᠢᠭᠠᠬᠠᠨ ᠰᠦᠮ᠎ᠡ᠎ᠶᠢ ᠪᠠᠷᠢᠭᠤᠯᠤᠭᠰᠠᠨ ᠦᠶ᠎ᠡ᠎ᠶᠢᠨ ᠬᠡᠷᠡᠭ ᠪᠢᠯᠡ᠃ ᠬᠠᠮᠠᠷ ᠯᠣᠳᠤᠨ ᠨᠢᠷᠤᠭᠤ ᠠᠮᠠᠯᠠᠬᠤ ᠠᠯᠪᠠ᠎ᠪᠠᠷ ᠪᠠᠷᠢᠯᠭ᠎ᠠ᠎ᠳᠤ ᠣᠷᠤᠯᠴᠠᠭᠠᠳ ᠰᠡᠭᠦᠯ ᠬᠤᠷᠢᠶᠠᠬᠤ ᠦᠶ᠎ᠡ᠎ᠪᠡᠷ ᠬᠢᠬᠦ ᠠᠵᠢᠯ᠎ᠦᠭᠡᠢ ᠬᠠᠨᠴᠤᠢ ᠰᠠᠵᠢᠳᠠᠭ ᠪᠣᠯᠵᠠᠢ᠃ ᠨᠢᠭᠡ ᠡᠳᠦᠷ ᠭᠡᠶᠦᠷᠡᠵᠦ ᠶᠠᠪᠤᠭᠰᠠᠭᠠᠷ ᠰᠦᠮ᠎ᠡ᠎ᠶᠢᠨ ᠤᠯᠠᠭᠠᠨ ᠪᠠᠭᠠᠨ᠎ᠠ ᠳᠡᠭᠡᠷ᠎ᠡ ᠠᠯᠲᠠᠨ ᠯᠤᠤ ᠠᠮᠢᠯᠠᠲᠠᠯ᠎ᠠ ᠣᠷᠢᠶᠠᠯᠳᠤᠭᠤᠯᠵᠤ ᠪᠠᠢᠭᠰᠠᠨ ᠵᠢᠷᠤᠭᠴᠢᠨ ᠡᠪᠦᠭᠡᠨ ᠬᠢᠯᠠᠷ ᠳᠠᠮᠪᠢ᠎ᠲᠠᠢ ᠲᠠᠭᠠᠷᠠᠯᠳᠤᠪᠠ᠃ ᠬᠥᠬᠦᠷ ᠰᠣᠯᠢᠯᠴᠠᠨ ᠲᠠᠮᠠᠬᠢ ᠲᠠᠲᠠᠵᠤ ᠰᠠᠭᠤᠬᠤ᠎ᠳᠠᠭᠠᠨ ᠬᠢᠯᠠᠷ ᠳᠠᠮᠪᠢ : 《ᠯᠤᠤ ᠪᠣᠯ ᠬᠤᠷᠮᠤᠰᠲᠠ᠎ᠶᠢᠨ ᠲᠥᠷᠦᠯ》 ᠭᠡᠵᠦ ᠮᠡᠷᠭᠡᠯᠡᠨ 《ᠯᠤᠤ᠎ᠲᠠᠢ ᠬᠠᠨᠢᠯᠠᠪᠠᠯ ᠥᠭᠡᠳᠡᠯᠡᠵᠦ᠂ ᠭᠤᠤ᠎ᠲᠠᠢ ᠬᠠᠨᠢᠯᠠᠪᠠᠯ ᠪᠤᠯᠠᠭᠳᠠᠨ᠎ᠠ》 ᠭᠡᠵᠦ ᠪᠢᠰᠢᠷᠡᠵᠦ ᠭᠠᠢᠬᠠᠲᠠᠯ᠎ᠠ᠎ᠨᠢ ᠠᠢᠯᠠᠳᠴᠠᠢ᠃ ᠬᠠᠮᠠᠷ ᠯᠣᠳᠤᠨᠤ ᠴᠢᠬᠢ᠎ᠨᠢ ᠴᠢᠩᠨᠠᠵᠤ ᠪᠠᠢᠪᠠᠴᠤ ᠨᠢᠳᠦ᠎ᠨᠢ ᠬᠠᠷᠢᠨ ᠪᠤᠳᠤᠭ᠎ᠤᠨ ᠬᠠᠢᠷᠴᠠᠭᠲᠠᠬᠢ ᠠᠯᠲᠠᠨ ᠨᠤᠨᠲᠠᠭ ᠳᠡᠭᠡᠷ᠎ᠡ ᠲᠣᠭᠲᠠᠭᠠᠳ ᠬᠣᠷᠤᠬᠠᠢ᠎ᠨᠢ ᠬᠡᠴᠡᠭᠦᠦ ᠭᠣᠪᠤᠭᠤᠨᠠᠪᠠ᠃ ᠠᠶᠠᠷᠯᠠᠵᠤ ᠪᠣᠰᠬᠤ᠎ᠳᠠᠭᠠᠨ ᠬᠢᠯᠠᠷ ᠳᠠᠮᠪᠢ᠎ᠶᠢᠨ ᠪᠠᠭᠠᠨᠠᠲᠠᠢᠪᠠᠨ ᠨᠣᠴᠤᠯᠳᠤᠵᠤ ᠲᠠᠰᠢᠷᠠᠮᠢ ᠵᠠᠪᠳᠤᠵᠤ᠂ ᠠᠯᠲᠠᠨ ᠨᠤᠨᠲᠠᠭᠠᠴᠠᠨᠢ ᠠᠳᠭᠤ ᠪᠢᠲᠡᠭᠦᠯᠡᠭᠡᠳ ᠬᠡᠴᠦᠦᠭᠡᠢ ᠰᠠᠵᠢᠯᠠᠵᠤ ᠣᠳᠴᠠᠢ᠃ ᠭᠡᠪᠡᠴᠦ ᠬᠣᠵᠢᠮ ᠡᠨᠡ᠎ᠨᠢ ᠵᠢᠩᠬᠢᠨᠢ ᠠᠯᠲᠠ ᠪᠢᠰᠢ ᠭᠡᠳᠡᠭ᠎ᠢ ᠮᠠᠢᠮᠠᠢᠴᠢᠨ᠎ᠠᠴᠠ ᠮᠡᠳᠡᠵᠦ᠂ ᠡᠵᠡᠨ᠎ᠳᠦᠨᠢ ᠪᠤᠴᠠᠭᠠᠬᠤ᠎ᠶᠢ ᠪᠣᠳᠤᠭᠰᠠᠨ ᠪᠣᠯᠪᠠᠴᠤ ᠠᠷᠠᠢ ᠵᠣᠷᠢᠭ ᠬᠦᠷᠦᠭᠰᠡᠨ᠎ᠦᠭᠡᠢ᠃ ᠰᠣᠨᠢᠨ ᠵᠢᠭᠲᠡᠢ᠎ᠨᠢ ᠬᠠᠷᠢᠨ ᠬᠠᠮᠠᠷ ᠯᠣᠳᠤᠨ ᠬᠢᠯᠠᠷ ᠳᠠᠮᠪᠢ᠎ᠶᠢᠨ ᠵᠢᠷᠤᠭᠰᠠᠨ᠎ᠲᠠᠢ ᠡᠭᠡᠭᠡ ᠠᠳᠠᠯᠢ ᠠᠯᠲᠠᠨ ᠯᠤᠤ᠎ᠲᠠᠢ ᠵᠡᠭᠦᠳᠦᠪᠡᠷᠢᠶᠡᠨ ᠬᠡᠳᠦ ᠳᠠᠭᠠᠷᠢᠯᠳᠤᠪᠠ᠃ ᠲᠡᠭᠡᠭᠡᠳ ᠪᠡᠯᠭᠡ ᠳᠡᠮᠪᠡᠷᠢᠯ ᠪᠣᠯᠬᠤᠴᠤ ᠮᠠᠭᠠᠳ ᠭᠡᠵᠦ ᠪᠣᠳᠤᠭᠠᠳ ᠣᠯᠵᠠᠯᠠᠭᠰᠠᠨ ᠵᠢᠭᠠᠬᠠᠨ ᠠᠯᠲᠠᠨ ᠪᠤᠳᠤᠭ᠎ᠢᠶᠠᠷ᠎ᠢᠶᠠᠨ ᠯᠤᠤ ᠵᠢᠷᠤᠭᠤᠯᠵᠤ ᠠᠪᠬᠤ᠎ᠶᠢ ᠰᠠᠨᠠᠭᠠᠷᠬᠠᠭᠠᠳ ᠤᠳᠠᠭᠰᠠᠨ ᠪᠠᠢᠵᠠᠢ᠃
ᠣᠳᠣ ᠢᠩᠭᠢᠵᠦ ᠰᠠᠢᠨ ᠰᠠᠢᠬᠠᠨ ᠠᠮᠢᠳᠤᠷᠠᠬᠤ ᠪᠣᠯᠤᠭᠰᠠᠨ᠎ᠨᠢ ᠠᠯᠲᠠᠨ ᠯᠤᠤ ᠵᠡᠭᠦᠳᠦᠨ᠎ᠳᠦ ᠵᠠᠶᠠᠭᠠᠭᠰᠠᠨᠤ ᠰᠠᠢᠨ ᠪᠢᠵᠡ? ᠬᠡᠷᠪᠡ ᠠᠯᠲᠠᠨ ᠯᠤᠤ᠎ᠶᠢ ᠭᠡᠷ᠎ᠲᠡᠭᠡᠨ ᠲᠣᠭᠯᠠᠭᠤᠯᠴᠢᠬᠠᠪᠠᠯ ᠮᠥᠩᠬᠡ᠎ᠶᠢᠨ ᠢᠷᠦᠭᠡᠯ ᠲᠣᠭᠲᠠᠴᠢᠬᠠᠬᠤ ᠪᠢᠰᠢ᠎ᠦᠦ? ᠁
ᠬᠠᠮᠠᠷ ᠯᠣᠳᠤᠨ ᠴᠤᠯᠭᠤᠢ ᠠᠪᠳᠠᠷ᠎ᠠ᠎ᠪᠠᠨ ᠰᠠᠬᠢᠭᠠᠳ ᠳ᠋ᠡᠩ ᠳ᠋ᠦᠩᠲᠡᠢ ᠬᠡᠳᠦ ᠬᠣᠨᠤᠪᠠ᠃ ᠬᠠᠮᠢᠭᠠᠰᠢ᠎ᠪᠠᠨ ᠪᠣᠳᠤᠭᠰᠠᠨᠴᠤ ᠬᠠᠩᠰᠢ᠎ᠨᠢ ᠨᠢᠭᠡᠯᠡ᠂ ᠰᠢᠨ᠎ᠡ ᠨᠡᠢᠭᠡᠮ᠎ᠳᠦ ᠮᠠᠭᠤ᠎ᠪᠠᠨ ᠲᠣᠭᠠᠴᠢᠬᠤ᠎ᠨᠢ ᠢᠷᠠᠭᠤ ᠠᠯᠳᠠᠷ ᠡ᠃ ᠬᠠᠨ᠎ᠠ᠎ᠶᠢᠨ ᠨᠢᠳᠦᠨ᠎ᠳᠦ ᠬᠠᠪᠴᠢᠭᠤᠯᠤᠭᠰᠠᠨ ᠴᠠᠭᠠᠰᠤᠨ ᠪᠣᠭᠤᠯᠲᠠ᠎ᠪᠠᠨ ᠠᠪᠴᠤ ᠡᠪᠦᠷᠯᠡᠭᠡᠳ ᠬᠢᠯᠠᠷ ᠳᠠᠮᠪᠢ᠎ᠶᠢ ᠡᠷᠢᠨ ᠭᠡᠮᠰᠢᠯ᠎ᠢᠶᠡᠨ ᠲᠣᠭᠠᠴᠢᠭᠰᠠᠨ᠎ᠳᠤ ᠠᠯᠲᠠᠨ ᠪᠤᠳᠤᠭ ᠴᠤᠬᠠᠭ᠎ᠲᠠᠭᠠᠨ ᠪᠣᠯᠪᠠ᠎ᠤᠤ? ᠠᠰᠪᠤᠷᠢ ᠯᠣᠳᠤᠨᠤ ᠬᠥᠭᠡᠷᠦᠬᠦᠢᠯᠡᠯᠲᠡᠢ᠎ᠡᠴᠡ ᠪᠣᠯᠪᠠ᠎ᠤᠤ? ᠬᠢᠯᠠᠷ ᠳᠠᠮᠪᠢ ᠭᠢᠳ ᠭᠢᠳ ᠢᠨᠢᠶᠡᠵᠦ ᠬᠠᠮᠠᠷ ᠲᠠᠮᠠᠬᠢᠠᠴᠠᠪᠠᠨ ᠬᠡᠳᠦ ᠲᠠᠲᠠᠭᠤᠯᠤᠭᠰᠠᠨ ᠪᠥᠭᠡᠳ ᠬᠠᠮᠢᠭ᠎ᠠ ᠪᠠᠢᠭᠰᠠᠨ ᠭᠠᠵᠠᠷ᠎ᠠᠴᠠ ᠬᠠᠢᠪᠠᠭᠠᠨᠠᠨ ᠢᠷᠡᠵᠦ᠂ ᠠᠪᠳᠠᠷᠠᠶᠢᠨᠢ ᠶᠠᠭᠤᠮ᠎ᠠ ᠪᠣᠯᠭᠠᠵᠤ ᠥᠭᠴᠡᠢ᠃
ᠤᠭᠤᠷᠠᠭ᠎ᠤᠨ ᠰᠢᠷ᠎ᠠ ᠳᠡᠪᠢᠰᠭᠡᠷ ᠳᠡᠭᠡᠷ᠎ᠡ ᠠᠯᠲᠠᠨ ᠯᠤᠤ ᠭᠠᠯ ᠪᠥᠮᠪᠦᠭᠡ᠎ᠪᠡᠷ ᠲᠣᠭᠯᠠᠵᠤ᠂ ᠡᠭᠦᠯᠡᠨ ᠤᠭᠠᠯᠵᠠ ᠳᠥᠷᠪᠡᠨ ᠥᠨᠴᠦᠭᠲᠦ ᠦᠵᠡᠮᠵᠢ ᠪᠦᠷᠢᠯᠳᠦᠭᠦᠯᠦᠭᠡᠳ᠂ ᠥᠩᠭᠡ ᠠᠯᠠᠭᠯᠠᠭᠰᠠᠨ ᠠᠯᠤᠬᠠᠨ ᠬᠡ ᠬᠥᠪᠡᠭᠡ ᠳᠠᠷᠤᠨ᠎ᠠ᠃ ᠡᠨᠡ᠎ᠨᠢ ᠬᠠᠮᠠᠷ ᠯᠣᠳᠤᠨᠤ ᠰᠠᠨᠠᠵᠤ ᠬᠦᠰᠡᠭᠰᠡᠨ᠎ᠡᠴᠡ ᠬᠣᠯᠠ ᠳᠠᠪᠠᠵᠤ᠂ ᠤᠷᠢᠳᠤ ᠨᠠᠮᠵᠢᠯ ᠵᠠᠯᠠᠨᠤᠳᠤᠴᠤ ᠡᠢᠮᠦ ᠭᠣᠢᠲᠠ ᠰᠠᠢᠬᠠᠨ ᠠᠪᠳᠠᠷ᠎ᠠ ᠬᠠᠷᠠᠭᠳᠠᠭ᠎ᠠ᠎ᠦᠭᠡᠢ ᠲᠤᠯᠠ ᠬᠥᠯ᠎ᠨᠢ ᠭᠠᠵᠠᠷ ᠬᠦᠷᠬᠦ᠎ᠦᠭᠡᠢ ᠬᠥᠭᠰᠡᠵᠦ᠂ ᠠᠮᠠ᠎ᠨᠢ ᠬᠠᠮᠬᠢᠵᠤ ᠵᠠᠪᠳᠤᠯ᠎ᠦᠭᠡᠢ ᠱᠠᠭᠰᠢᠭᠠᠳ᠂ ᠬᠠᠳᠠᠭ ᠰᠠᠮᠪᠠᠢ᠎ᠶᠢᠨ ᠳᠡᠭᠡᠷ᠎ᠡ ᠭᠥᠷᠦᠨ᠎ᠳᠦ ᠨᠡᠷᠡᠲᠡᠢ 《ᠸᠠᠨ ᠬᠤᠸᠠᠨ ᠯᠦ》 ᠲᠠᠮᠠᠬᠢ ᠲᠠᠯᠪᠢᠵᠤ ᠬᠢᠯᠠᠷ ᠳᠠᠮᠪᠢ᠎ᠳᠤ ᠲᠠᠯᠠᠷᠬᠠᠵᠤ ᠪᠠᠷᠢᠭᠠᠳ ᠦᠳᠡᠵᠦ ᠬᠦᠷᠭᠡᠭᠰᠡᠨ᠎ᠨᠢ ᠭᠠᠷᠴᠠᠭ᠎ᠠ᠎ᠦᠭᠡᠢ᠃
ᠡᠪ ᠬᠠᠮᠲᠤ᠎ᠶᠢᠨ ᠪᠤᠳᠠᠭ᠎ᠠ ᠭᠡᠳᠡᠭ᠎ᠴᠢᠨᠢ ᠢᠳᠡᠳᠡᠭᠯᠡ ᠬᠣᠭᠤᠯᠠ ᠪᠠᠢᠨ᠎ᠠ!
ᠬᠠᠮᠠᠷ ᠯᠣᠳᠤᠨᠤ ᠪᠥᠮᠪᠦᠭᠡᠷ ᠴᠠᠭᠠᠨ ᠭᠡᠷ᠎ᠲᠦ ᠶᠣᠰᠤᠲᠠᠢ ᠴᠢᠮᠡᠭ ᠰᠦᠷ ᠨᠡᠮᠡᠭᠳᠡᠵᠦ᠂ ᠯᠤᠤ᠎ᠶᠢᠨ ᠬᠡ᠎ᠲᠡᠢ ᠠᠪᠳᠠᠷ᠎ᠠ᠎ᠨᠢ ᠰᠢᠨ᠎ᠡ ᠠᠮᠢᠳᠤᠷᠠᠯ᠎ᠤᠨ ᠪᠡᠯᠭᠡ ᠲᠡᠮᠳᠡᠭ ᠪᠣᠯᠤᠭᠠᠳ᠂ ᠬᠠᠪᠢ ᠲᠥᠰᠦᠷᠢ ᠳᠦᠷᠭᠢᠭᠦᠯᠵᠡᠢ᠃ ᠨᠡᠢᠭᠡᠮ ᠵᠢᠷᠤᠮ᠎ᠤᠨ ᠰᠠᠢᠨ ᠰᠠᠢᠬᠠᠨ ᠡᠭᠡᠭᠡ᠎ᠯᠡ ᠭᠠᠭᠴᠠᠬᠠᠨ ᠬᠠᠮᠠᠷ ᠯᠣᠳᠤᠨᠤᠳᠤᠯᠠ ᠲᠥᠪᠯᠡᠷᠡᠭᠰᠡᠨᠶᠦᠮᠰᠢᠭ ᠰᠣᠨᠢᠭᠤᠴᠢᠷᠬᠠᠨ ᠱᠠᠭᠰᠢᠯᠳᠤᠨ᠎ᠠ᠃ ᠢᠩᠭᠢᠬᠦ ᠲᠤᠰᠤᠮ ᠬᠠᠮᠠᠷ ᠯᠣᠳᠤᠨ ᠠᠪᠳᠠᠷ᠎ᠠ᠎ᠪᠠᠨ ᠠᠮᠢ᠎ᠲᠠᠢ᠎ᠪᠠᠨ ᠬᠣᠯᠪᠤᠵᠤ᠂ ᠡᠳᠦᠷ᠎ᠦᠨ ᠠᠷᠪᠠᠨ ᠭᠤᠷᠪᠠ ᠵᠦᠯᠭᠦᠵᠦ ᠠᠷᠴᠢᠭᠠᠳ᠂ ᠬᠡᠨ᠎ᠦ ᠠᠢᠯ᠎ᠤᠨ ᠳᠡᠭᠵᠢᠨ ᠰᠢᠷ᠎ᠠ᠎ᠨᠢ ᠬᠡᠷᠪᠡ ᠬᠢᠮᠤᠰᠤᠯᠠᠵᠤ ᠨᠢᠰᠠᠯᠪᠠᠯ᠂ ᠮᠠᠨᠴᠤᠷᠭᠠᠨ ᠬᠠᠮᠠᠷ᠎ᠢᠶᠠᠨ ᠵᠡᠰ ᠤᠯᠠᠭᠠᠨ ᠪᠣᠯᠲᠠᠯ᠎ᠠ ᠴᠡᠨᠳᠡᠢᠯᠭᠡᠭᠡᠳ ᠨᠠᠷᠢᠨ ᠪᠤᠷᠭᠠᠰᠤ᠎ᠪᠠᠷ ᠰᠢᠪᠠᠭᠳᠠᠵᠤ ᠭᠠᠷᠭᠠᠳᠠᠭ ᠪᠣᠯᠵᠠᠢ᠃
ᠵᠡᠭᠦᠨ ᠭᠡᠷ᠎ᠦᠨ ᠮᠡᠩᠭᠡᠲᠦ᠎ᠶᠢᠨ ᠬᠦᠦ᠎ᠶᠢ ᠬᠠᠮᠠᠷ ᠯᠣᠳᠤᠨ ᠴᠠᠭᠠᠨ᠎ᠠ᠎ᠠᠴᠠ᠎ᠪᠠᠨ ᠠᠳᠠᠯᠠᠵᠤ ᠵᠢᠭᠰᠢᠭᠡᠳ᠂ ᠳᠡᠯᠳᠡᠩ ᠴᠢᠬᠢ᠎ᠶᠢ᠎ᠨᠢ ᠤᠷᠠᠭᠳᠠᠵᠤ ᠰᠤᠨᠲᠠᠯ᠎ᠠ ᠮᠤᠰᠭᠢᠵᠤ ᠴᠢᠩᠭᠠᠭᠠᠭᠠᠳ ᠴᠢᠷᠴᠦ ᠭᠠᠷᠭᠠᠭᠰᠠᠨ ᠤᠳᠠᠭ᠎ᠠ ᠪᠤᠢ᠃
ᠬᠠᠶᠠ ᠵᠠᠷᠢᠮ ᠦᠶ᠎ᠡ᠎ᠶᠢᠨ ᠠᠨᠳᠠ᠎ᠨᠢ ᠬᠠᠮᠠᠷ ᠯᠣᠳᠤᠨᠤᠳᠤ ᠣᠷᠤᠭᠠᠳ ᠭᠠᠷᠬᠤ ᠳᠠᠭᠠᠨᠴᠤ ᠠᠪᠳᠠᠷᠠᠶᠢᠨᠢ ᠨᠢᠭᠡ ᠰᠢᠷᠪᠢᠵᠦ᠂ ᠡᠵᠡᠨ᠎ᠢ᠎ᠨᠢ ᠨᠢᠭᠡ ᠶᠣᠪᠤᠷᠤᠭᠠᠳ:
《ᠮᠠᠨ᠎ᠤ ᠬᠠᠮᠠᠷ᠎ᠤᠨ ᠭᠡᠷ ᠶᠣᠰᠤᠲᠠᠢ ᠬᠥᠳᠡᠭᠡ᠎ᠳᠡᠭᠡᠨ ᠳ᠋ᠧᠪᠠᠵᠠᠨ ᠪᠠᠢᠨᠠᠳᠠ᠃ 〈ᠰᠠᠢᠨ ᠡᠮᠡᠭᠡᠯ ᠠᠭᠲᠠ᠎ᠶᠢᠨ ᠴᠢᠮᠡᠭ᠂ ᠰᠠᠢᠬᠠᠨ ᠪᠦᠰᠡᠭᠦᠢ ᠭᠡᠷ᠎ᠦᠨ ᠴᠢᠮᠡᠭ〉 ᠭᠡᠳᠡᠭ᠎ᠢᠶᠡᠷ ᠵᠠᠯᠠᠭᠤ ᠴᠢᠪᠠᠭᠠᠨᠴᠠ᠎ᠪᠠᠨ ᠬᠣᠢᠮᠤᠷ᠎ᠲᠠᠭᠠᠨ ᠵᠠᠯᠠᠬᠤᠯᠠ ᠳᠤᠲᠠᠵᠤ ᠪᠠᠢᠨ᠎ᠠ ᠰᠢᠤ!》 ᠭᠡᠵᠦ ᠱᠣᠣᠯᠠᠵᠤ ᠭᠠᠷᠳᠠᠭ᠎ᠢ ᠶᠠᠭᠠᠬᠢᠨ᠎ᠠ᠃
ᠬᠠᠮᠠᠷ ᠯᠣᠳᠤᠨ ᠭᠤᠴᠢ᠎ᠶᠢ ᠰᠢᠭᠦᠷᠡᠵᠦ ᠶᠠᠪᠤᠭ᠎ᠠ ᠵᠠᠯᠠᠭᠤ ᠲᠤᠯᠠ ᠬᠡᠳᠦᠨ ᠵᠢᠯ᠎ᠦᠨ ᠡᠮᠦᠨ᠎ᠡ᠎ᠡᠴᠡ ᠠᠪᠤᠭᠠᠳ ᠠᠷᠤ᠎ᠳᠠᠬᠢ ᠵᠠᠯᠠᠭᠤ ᠴᠢᠪᠠᠭᠠᠨᠴᠠ ᠵᠠᠭᠷᠠᠢᠮ᠎ᠠ᠎ᠲᠠᠢ ᠨᠠᠰᠢ ᠴᠠᠰᠢ ᠶᠠᠪᠤᠯᠴᠠᠵᠤ ᠢᠷᠡᠭᠰᠡᠨ᠎ᠨᠢ ᠦᠨᠡᠨ᠃ ᠡᠷᠬᠡ ᠴᠢᠯᠦᠭᠡᠲᠡᠢ ᠴᠡᠭᠡᠵᠢ ᠲᠡᠨᠢᠭᠦᠨ ᠠᠮᠢᠳᠤᠷᠠᠬᠤ ᠪᠣᠯᠤᠭᠰᠠᠨ᠎ᠳᠠᠭᠠᠨ ᠵᠠᠭᠷᠠᠢᠮ᠎ᠠ᠎ᠪᠠᠨ ᠭᠡᠷ᠎ᠦᠨ ᠴᠢᠮᠡᠭ᠎ᠢᠶᠡᠷ ᠵᠠᠯᠠᠬᠤ᠎ᠶᠢ ᠬᠡᠵᠢᠶ᠎ᠡ ᠶᠠᠵᠢᠶᠠᠨ᠎ᠠᠴᠠ ᠬᠦᠰᠡᠵᠦ ᠵᠡᠭᠦᠳᠦᠯᠡᠳᠡᠭ ᠪᠠᠢᠨ᠎ᠠ᠃ ᠬᠠᠤᠯᠢ ᠶᠣᠰᠤᠭᠠᠷ ᠬᠠᠨᠢᠯᠠᠨ ᠰᠠᠭᠤᠬᠤ ᠰᠠᠨᠠᠭ᠎ᠠ᠎ᠪᠠᠨ ᠪᠤᠯᠲᠠᠢᠯᠭᠠᠭᠰᠠᠨ ᠤᠳᠠᠭ᠎ᠠ ᠪᠤᠢᠴᠤ ᠵᠠᠯᠠᠭᠤ ᠴᠢᠪᠠᠭᠠᠨᠴᠠ᠎ᠨᠢ ᠲᠣᠯᠤᠭᠠᠢ ᠰᠡᠭᠰᠦᠷᠦᠭᠡᠳ ᠬᠦᠯᠢᠶᠡᠭᠰᠡᠨ᠎ᠦᠭᠡᠢ᠃
ᠡᠨᠡ ᠵᠠᠭᠷᠠᠢᠮ᠎ᠠ ᠭᠡᠳᠡᠭ ᠵᠠᠯᠠᠭᠤ ᠴᠢᠪᠠᠭᠠᠨᠴᠠ᠎ᠶᠢᠨ ᠪᠣᠭᠲᠤᠯᠠᠵᠤ ᠬᠠᠷᠢᠯᠠᠭᠰᠠᠨ ᠬᠠᠷ᠎ᠠ ᠬᠥᠮᠦᠨ᠎ᠨᠢ ᠨᠠᠮᠵᠢᠯ ᠵᠠᠯᠠᠨᠤ ᠰᠡᠲᠡᠷᠲᠡᠢ ᠭᠡᠭᠦᠦ᠎ᠳᠦ ᠨᠣᠭᠲᠤ ᠭᠦᠶᠦᠯᠭᠡᠭᠡᠳ᠂ ᠲᠣᠯᠤᠭᠠᠢ ᠳᠠᠭᠠᠭᠠᠬᠤ᠎ᠦᠭᠡᠢ ᠶᠠᠯᠠᠳᠤ ᠤᠨᠠᠵᠤ᠂ ᠬᠣᠰᠢᠭᠤ ᠶᠠᠮᠤᠨ᠎ᠤ ᠱᠣᠷᠤᠩ᠎ᠳᠤ ᠶᠠᠰᠤ᠎ᠪᠠᠨ ᠲᠠᠯᠪᠢᠭᠰᠠᠨ ᠪᠢᠯᠡ᠃ ᠪᠡᠯᠪᠡᠰᠦᠨ ᠬᠣᠴᠤᠷᠤᠭᠰᠠᠨ ᠵᠠᠯᠠᠭᠤ ᠪᠦᠰᠡᠭᠦᠢ᠎ᠶᠢ ᠡᠪᠡᠳᠴᠢᠨ ᠡᠮᠭᠡᠭ ᠣᠷᠢᠶᠠᠭᠠᠳ ᠪᠠᠢᠬᠤᠯᠠᠷ ᠵᠢᠷᠤᠬᠠᠢᠴᠢ ᠯᠠᠮᠠᠬᠠᠢ᠎ᠠᠴᠠ ᠠᠪᠤᠷᠠᠯ ᠭᠤᠶᠤᠵᠠᠢ᠃ 《ᠨᠢᠭᠦᠯ᠎ᠦᠨ ᠦᠷ᠎ᠡ ᠠᠢᠬᠤᠪᠲᠤᠷ ᠬᠤᠷᠠᠯ᠎ᠠ ᠰᠢᠤ ᠳ᠋ᠠ ! ᠵᠢᠰᠦ᠎ᠪᠡᠨ ᠬᠤᠪᠢᠯᠭᠠᠪᠠᠯ ᠡᠪᠡᠳᠴᠢᠨ ᠡᠮᠭᠡᠭ ᠠᠷᠢᠯᠵᠤ ᠪᠣᠯᠬᠤ᠎ᠶᠤᠮ ᠪᠠᠢᠨ᠎ᠠ》 ᠭᠡᠵᠦ ᠯᠠᠮᠠᠬᠠᠢ ᠠᠢᠯᠠᠳᠤᠭᠰᠠᠨ᠎ᠳᠤ ᠵᠠᠯᠠᠭᠤ ᠪᠦᠰᠡᠭᠦᠢ ᠰᠠᠬᠢᠯ ᠪᠠᠭᠰᠢ᠎ᠪᠠᠷ ᠦᠰᠦ᠎ᠪᠡᠨ ᠤᠷᠤᠮᠳᠠᠭᠤᠯᠵᠤ᠂ ᠲᠠᠩᠭᠠᠷᠢᠭ ᠥᠭᠭᠦᠨ ᠰᠠᠬᠢᠯ ᠬᠦᠷᠲᠡᠭᠡᠳ ᠴᠢᠪᠠᠭᠠᠨᠴᠠ ᠪᠣᠯᠪᠠ᠃ ᠰᠦᠮ᠎ᠡ ᠰᠠᠩ᠎ᠤᠨ ᠪᠦᠷᠢᠶ᠎ᠡ ᠪᠢᠰᠭᠢᠭᠦᠷᠢ ᠰᠣᠨᠤᠰᠤᠨ᠂ ᠰᠠᠩ ᠬᠦᠵᠢ᠎ᠶᠢᠨ ᠦᠨᠦᠷ᠎ᠢ ᠦᠨᠦᠷᠲᠦᠵᠦ ᠰᠠᠭᠤᠶ᠎ᠠ ᠭᠡᠳ ᠣᠪᠤᠭᠠᠨ ᠠᠷᠤ᠎ᠳᠤ ᠰᠠᠩ ᠰᠦᠷᠦᠭ᠎ᠦᠨ ᠠᠢᠯ᠎ᠲᠠᠢ ᠬᠠᠶᠠᠭ᠎ᠠ ᠳᠡᠷᠡᠯᠡᠨ ᠪᠠᠭᠤᠳᠠᠯᠯᠠᠵᠠᠢ᠃ ᠣᠳᠣ ᠰᠢᠨ᠎ᠡ ᠠᠮᠢᠳᠤᠷᠠᠯ᠎ᠨᠢ ᠲᠡᠭᠦᠨ᠎ᠦ ᠳᠤᠷ᠎ᠠ ᠰᠣᠨᠢᠷᠬᠠᠯ᠎ᠢ ᠡᠷᠬᠡ᠎ᠦᠭᠡᠢ ᠲᠠᠲᠠᠬᠤ ᠪᠣᠯᠵᠤ᠂ ᠬᠠᠮᠠᠷ ᠯᠣᠳᠤᠨ᠎ᠲᠠᠢ ᠠᠮᠢᠳᠤᠷᠠᠯ᠎ᠤᠨ ᠵᠢᠯᠤᠭᠤ᠎ᠪᠠᠨ ᠬᠠᠮᠲᠤᠳᠭᠠᠬᠤ᠎ᠶᠢ ᠬᠡᠴᠢᠨᠡᠨ ᠰᠠᠨᠠᠭᠠᠷᠬᠠᠭᠰᠠᠨ ᠪᠣᠯᠪᠠᠴᠤ ᠮᠢᠩᠭᠠᠨ ᠣᠨ ᠤᠯᠠᠮᠵᠢᠯᠠᠭᠠᠳ ᠢᠷᠡᠭᠰᠡᠨ ᠬᠠᠷ᠎ᠠ ᠰᠢᠷ᠎ᠠ᠎ᠶᠢᠨ ᠮᠤᠬᠤᠷ ᠪᠢᠰᠢᠷᠡᠯ ᠲᠡᠭᠦᠨ᠎ᠦ ᠣᠶᠤᠨ ᠰᠠᠨᠠᠭ᠎ᠠ᠎ᠶᠢ ᠳᠠᠪᠬᠤᠷ ᠳᠠᠪᠬᠤᠷ ᠣᠷᠢᠶᠠᠭᠰᠠᠨ ᠲᠤᠯᠠ ᠦᠨᠡᠨ ᠬᠤᠳᠠᠯᠴᠤ ᠠᠮᠠᠨ ᠲᠠᠩᠭᠠᠷᠢᠭ᠎ᠢᠶᠠᠨ ᠪᠤᠴᠠᠭᠠᠬᠤ ᠵᠣᠷᠢᠭ᠎ᠦᠭᠡᠢ᠂ ᠶᠠᠭᠤ᠎ᠴᠤ ᠭᠡᠰᠡᠨ ᠠᠷᠪᠠᠨ ᠵᠢᠯ ᠬᠦᠵᠢ ᠵᠤᠯᠠ ᠡᠷᠭᠦᠵᠦ ᠪᠠᠢᠭᠠᠳ ᠪᠣᠯᠤᠶ᠎ᠠ ᠭᠡᠵᠦ ᠰᠢᠢᠳᠴᠡᠢ᠃
ᠦᠭᠡ᠎ᠪᠡᠨ ᠣᠯᠤᠯᠴᠠᠭᠰᠠᠨ ᠬᠠᠮᠠᠷ ᠯᠣᠳᠤᠨᠴᠤ ᠠᠷᠪᠠᠨ ᠵᠢᠯ ᠬᠦᠯᠢᠶᠡᠬᠦ᠎ᠪᠡᠷ ᠪᠣᠯᠵᠤ᠂ ᠯᠤᠤ᠎ᠶᠢᠨ ᠬᠡ᠎ᠲᠡᠢ ᠠᠪᠳᠠᠷ᠎ᠠ᠎ᠪᠠᠨ ᠬᠤᠮᠠᠬᠢ ᠲᠣᠭᠤᠰᠤ ᠰᠠᠭᠤᠯᠭᠠᠯ᠎ᠦᠭᠡᠢ ᠵᠦᠯᠭᠦᠵᠦ ᠠᠷᠴᠢᠨ ᠭᠢᠯ᠎ᠠ ᠴᠢᠯᠡ ᠬᠡᠪ᠎ᠢᠶᠡᠷ᠎ᠨᠢ ᠬᠠᠮᠠᠭᠠᠯᠠᠵᠤ ᠶᠠᠪᠤᠭᠰᠠᠨ᠎ᠢᠶᠠᠷ ᠪᠠᠷᠠᠬᠤ᠎ᠦᠭᠡᠢ 《ᠵᠠᠭᠷᠠᠢᠮ᠎ᠠ᠎ᠳᠠᠭᠠᠨ ᠬᠣᠭᠤᠰᠤᠨ ᠬᠣᠷᠭᠤ᠎ᠶᠢᠨ ᠲᠦᠯᠬᠢᠭᠦᠷ ᠠᠳᠭᠤᠭᠤᠯᠤᠨᠠᠤᠤ ᠳ᠋ᠠ ?》 ᠭᠡᠳ ᠨᠢᠮᠭᠡᠨ ᠡᠮᠦᠰᠴᠦ ᠰᠢᠩᠭᠡᠨ ᠢᠳᠡᠵᠦ ᠪᠠᠢᠭᠠᠳ ᠬᠥᠬᠡ ᠲᠣᠷᠭᠠᠨ ᠵᠤᠪᠴᠠᠭ᠎ᠠ᠂ ᠶᠠᠭᠠᠨ ᠴᠢᠰᠴᠡᠦ ᠪᠦᠰᠡ᠂ ᠪᠤᠯᠢᠭᠠᠷᠢᠨ ᠭᠤᠲᠤᠯ᠂ ᠨᠣᠭᠤᠭᠠᠨ ᠳᠤᠷᠳᠤᠩ ᠠᠯᠴᠢᠭᠤᠷ ᠵᠡᠷᠭᠡ᠎ᠪᠡᠷ ᠠᠪᠳᠠᠷ᠎ᠠ᠎ᠪᠠᠨ ᠳᠦᠭᠦᠷᠭᠡᠵᠦᠯᠡ ᠪᠠᠢᠯ᠎ᠠ᠃
ᠬᠦᠯᠢᠶᠡᠭᠡᠳ ᠤᠳᠠᠭᠰᠠᠨ ᠠᠷᠪᠠᠨ ᠵᠢᠯ᠎ᠨᠢ ᠬᠦᠷᠦᠭᠡᠳ ᠢᠷᠡᠪᠡ᠃ ᠡᠨᠡ ᠬᠣᠭᠤᠷᠤᠨᠳᠤ ᠬᠥᠯᠦᠰᠦ ᠰᠡᠪᠡᠬᠦ ᠵᠠᠪ᠎ᠦᠭᠡᠢ ᠶᠠᠭᠠᠷᠠᠵᠤ ᠶᠠᠪᠤᠭᠰᠠᠨ ᠬᠠᠮᠠᠷ ᠯᠣᠳᠤᠨ ᠪᠢᠰᠢᠭᠦᠢ ᠬᠥᠷᠦᠩᠭᠡᠵᠢᠵᠦ᠂ ᠵᠠᠷᠤᠯᠭ᠎ᠠ ᠪᠠᠷᠢᠯᠭ᠎ᠠ ᠳᠠᠭᠠᠨᠴᠤ ᠶᠡᠬᠡ ᠭᠠᠷ᠎ᠢᠶᠠᠷ ᠬᠥᠳᠡᠯᠳᠡᠭ ᠪᠣᠯᠤᠭᠠᠳ ᠰᠢᠨ᠎ᠡ ᠠᠮᠢᠳᠤᠷᠠᠯ᠎ᠤᠨ ᠵᠠᠮᠳᠤᠮᠢᠨᠢ ᠭᠡᠭᠡᠨ ᠰᠠᠷ᠎ᠠ ᠪᠣᠯᠬᠤᠦᠭᠡᠢᠴᠤ ᠭᠡᠷᠡᠯᠲᠦ ᠮᠥᠷ᠎ᠢᠶᠡᠨ ᠦᠯᠡᠳᠡᠭᠡᠬᠦ᠎ᠨᠢ ᠵᠠᠭᠷᠠᠢᠮᠠᠶᠤᠮ ᠡ! ᠭᠡᠳ ᠬᠤᠷᠢᠮ᠎ᠢᠶᠠᠨ ᠨᠠᠮᠪᠠᠲᠠᠢᠬᠠᠨ ᠷᠠᠪᠵᠢ᠎ᠶᠢᠨ ᠵᠢᠷᠤᠭ᠎ᠠ ᠰᠠᠷᠠᠯ᠎ᠢ ᠰᠤᠮᠤᠨ ᠳᠠᠷᠤᠭ᠎ᠠ᠎ᠶᠢᠨ ᠮᠥᠩᠭᠦᠨ ᠡᠮᠡᠭᠡᠯᠲᠡᠢ ᠵᠢᠭᠡᠯᠡᠵᠦ᠂ ᠪᠡᠷᠢ᠎ᠶᠢᠨ ᠤᠨᠤᠯᠭ᠎ᠠ ᠪᠣᠯᠭᠠᠬᠤ᠎ᠪᠠᠷ ᠪᠣᠯᠵᠤᠵᠤ᠂ ᠵᠢᠪᠵᠢᠳᠮᠠ ᠬᠥᠭᠰᠢᠨ᠎ᠢᠶᠡᠷ ᠲᠡᠷᠯᠢᠭ ᠡᠰᠭᠡᠭᠦᠯᠵᠦ᠂ ᠪᠠᠳᠮ᠎ᠠ ᠪᠡᠷᠭᠡᠨ᠎ᠢᠶᠡᠷ ᠪᠤᠭᠤᠷᠰᠤᠭ ᠬᠠᠭᠠᠷᠢᠭᠤᠯᠤᠭᠠᠳ᠂ ᠬᠣᠷᠯᠣ ᠡᠪᠦᠭᠡᠨ᠎ᠢ ᠲᠦᠷᠦᠭᠦᠦ ᠬᠤᠳᠠ᠎ᠪᠠᠷ ᠵᠠᠯᠠᠭᠠᠳ ᠶᠠᠪ ᠶᠠᠭᠠᠷᠠᠤ᠃
ᠠᠷᠪᠠᠨ ᠵᠢᠯ᠎ᠨᠢ ᠶᠠᠭᠠᠬᠢᠵᠤ ᠡᠢᠭᠡᠳ ᠥᠩᠭᠡᠷᠡᠭᠰᠡᠨ ᠪᠣᠯᠪᠠᠴᠤ᠂ ᠠᠷᠪᠠᠬᠠᠨ ᠬᠣᠨᠤᠭ᠎ᠨᠢ ᠶᠡᠷᠦ ᠥᠩᠭᠡᠷᠡᠵᠦ ᠥᠭᠬᠦ᠎ᠦᠭᠡᠢ ᠬᠠᠮᠠᠷ ᠯᠣᠳᠤ᠎ᠨᠢ ᠬᠡᠴᠡᠭᠦᠦ ᠬᠡᠢᠷᠭᠡᠭᠦᠯᠦᠨᠡ᠃ ᠭᠣᠣᠨᠢ ᠪᠡᠶ᠎ᠡ ᠬᠣᠣᠰ ᠪᠣᠯᠵᠤ ᠭᠣᠯᠤᠮᠲᠠ᠎ᠶᠢᠨ ᠵᠡᠭᠦᠨᠲᠡᠢ᠎ᠨᠢ ᠪᠦᠰᠡᠭᠦᠢ ᠳᠣᠮᠪᠤᠢᠬᠤ ᠪᠣᠯᠤᠭᠰᠠᠨ᠎ᠨᠢ ᠰᠢᠨ᠎ᠡ ᠴᠠᠭ ᠢᠷᠡᠭᠰᠡᠨ᠎ᠦᠭᠡᠢ ᠪᠣᠯ ᠬᠠᠮᠠᠷ ᠯᠣᠳᠤᠨᠤ ᠵᠡᠭᠦᠳᠦᠨ᠎ᠳᠦ ᠣᠷᠤᠬᠤ᠎ᠦᠭᠡᠢ ᠶᠠᠪᠤᠳᠠᠯ ᠡ!
ᠭᠡᠪᠡᠴᠦ ᠳᠡᠭᠡᠷ᠎ᠡ᠎ᠡᠴᠡ ᠢᠷᠡᠭᠰᠡᠨ ᠨᠢᠭᠡᠨ ᠬᠠᠭᠤᠳᠠᠰᠤ ᠪᠢᠴᠢᠭ ᠡᠨᠡ ᠰᠠᠢᠬᠠᠨ ᠮᠥᠴᠡ᠎ᠶᠢ ᠵᠡᠷᠭᠡᠯᠭᠡᠨ ᠮᠡᠲᠦ ᠰᠠᠷᠨᠢᠭᠤᠯᠤᠭᠠᠳ᠂ ᠬᠠᠮᠠᠷ ᠯᠣᠳᠤᠨ ᠵᠠᠯᠠᠭᠤ ᠴᠢᠪᠠᠭᠠᠨᠴᠠ ᠬᠣᠶᠠᠷ᠎ᠢ ᠬᠡᠢ᠎ᠪᠡᠷ ᠬᠥᠭᠡᠷᠦᠭᠦᠯᠵᠦ᠂ ᠬᠥᠭᠡᠰᠦ᠎ᠪᠡᠷ ᠪᠥᠭᠡᠯᠵᠢᠭᠦᠯᠪᠡ᠃
《ᠡᠪ ᠬᠠᠮᠲᠤ᠎ᠶᠢᠨ ᠶᠣᠰᠤᠨ᠎ᠢ ᠥᠨᠥ ᠮᠠᠷᠭᠠᠰᠢ ᠪᠡᠶᠡᠯᠡᠭᠳᠡᠬᠦ ᠲᠤᠯᠠ ᠤᠯᠤᠰ ᠳᠠᠶᠠᠭᠠᠷ ᠦᠰᠦᠷᠦᠩᠭᠦᠢ ᠳᠠᠪᠰᠢᠬᠤ ᠬᠡᠷᠡᠭᠲᠡᠢ》 ᠭᠡᠵᠦ ᠬᠣᠷᠰᠢᠶ᠎ᠠ ᠨᠡᠢᠲᠡ᠎ᠪᠡᠷ ᠬᠥᠳᠡᠯᠭᠡᠭᠡᠨ ᠪᠣᠯᠪᠠ᠃ 《ᠬᠡᠳᠦᠢ ᠴᠢᠳᠠᠯ᠎ᠲᠠᠢ ᠪᠣᠯ ᠲᠡᠳᠦᠢ᠎ᠪᠡᠨ ᠭᠠᠷᠭᠠᠵᠤ ᠶᠠᠭᠤ ᠬᠡᠷᠡᠭᠲᠡᠢ ᠪᠣᠯ ᠲᠡᠭᠦᠨ᠎ᠢᠶᠡᠨ ᠠᠪᠬᠤ》᠎ᠨᠢ ᠳᠠᠪᠰᠢᠩᠭᠤᠢ ᠭᠡᠭᠡᠨ ᠶᠣᠰᠤ ᠭᠠᠵᠠᠷ ᠳ᠋ᠠ᠂ ᠨᠠᠮᠵᠢᠯ ᠵᠠᠯ᠎ᠠ᠎ᠨᠢ ᠭᠠᠷᠭᠠᠪᠠᠯ ᠬᠡᠨ᠎ᠴᠦ ᠭᠡᠳ ᠬᠦᠯᠢᠶᠡᠬᠦ ᠪᠠᠢᠯᠭᠦᠢ᠃ ᠬᠣᠶᠠᠷ ᠲᠣᠯᠤᠭᠠᠢ ᠤᠷᠭᠤᠭᠰᠠᠨᠴᠤ᠂ ᠬᠤᠪᠢ᠎ᠶᠢᠨ ᠠᠮᠢᠳᠤᠷᠠᠯ᠎ᠢᠶᠠᠨ ᠲᠥᠪᠬᠢᠨᠡᠭᠦᠯᠦᠶ᠎ᠡ ᠭᠡᠵᠦ ᠬᠠᠮᠠᠷ ᠯᠣᠳᠤᠨ ᠠᠮᠠ ᠨᠡᠭᠡᠭᠡᠬᠦ ᠵᠢᠷᠦᠬᠡ ᠪᠠᠢᠨ᠎ᠠ᠎ᠤᠤ? ᠵᠠᠪ ᠪᠠᠢᠨ᠎ᠠ᠎ᠤᠤ?
ᠳᠡᠭᠡᠷᠡᠬᠢ᠎ᠶᠢᠨ ᠰᠠᠨᠠᠭ᠎ᠠ᠎ᠪᠠᠷ ᠡᠭᠦᠷ᠎ᠦᠨ ᠳᠠᠷᠤᠭ᠎ᠠ ᠡᠷᠦᠬᠡ ᠳᠠᠷᠠᠭᠠᠯᠠᠨ ᠬᠡᠰᠦᠵᠦ᠂ ᠪᠣᠷᠴᠠ᠎ᠲᠠᠢ ᠠᠢᠯ᠎ᠠᠴᠠ ᠪᠣᠷᠴᠠ ᠨᠡᠢᠯᠡᠭᠦᠯᠵᠦ᠂ ᠭᠤᠯᠢᠷ᠎ᠲᠠᠢ ᠠᠢᠯ᠎ᠤᠨ ᠬᠢᠨᠢ ᠬᠡᠦᠳᠡᠢ᠎ᠶᠢ ᠭᠦᠪᠢᠭᠦᠯᠦᠭᠰᠡᠭᠡᠷ ᠡᠨᠡ ᠠᠢᠯ᠎ᠤᠨ ᠰᠢᠨᠠᠭ᠎ᠠ᠂ ᠲᠡᠷᠡ ᠠᠢᠯ᠎ᠤᠨ ᠳᠡᠪᠦᠷ᠎ᠡ ᠭᠡᠵᠦ ᠴᠤᠭᠯᠠᠭᠤᠯᠤᠭᠠᠳ ᠬᠣᠷᠰᠢᠶᠠᠨ᠎ᠤ ᠬᠥᠮᠦᠷᠭᠡ᠎ᠳᠦ ᠬᠣᠭᠤᠯᠠᠨ ᠭᠡᠷ ᠭᠠᠷᠭᠠᠬᠤ᠎ᠪᠠᠷ ᠪᠣᠯᠵᠠᠢ᠃ ᠭᠠᠯ ᠲᠣᠭᠤᠭᠠᠨ᠎ᠤ ᠠᠵᠢᠯ᠎ᠳᠠᠭᠠᠨ ᠬᠠᠮᠠᠷ ᠯᠣᠳᠤᠨ ᠤᠷᠢᠳᠤ᠎ᠠᠴᠠ ᠪᠠᠷᠤᠭᠲᠠᠢ ᠲᠤᠯᠠ ᠠᠢᠯ᠎ᠤᠨ ᠲᠣᠭᠤᠭ᠎ᠠ᠎ᠶᠢ ᠬᠠᠳᠠᠭᠰᠠᠭᠠᠷ ᠢᠷᠡᠭᠰᠡᠨ᠃ ᠭᠡᠷ ᠲᠡᠷᠭᠡᠲᠡᠢ ᠪᠣᠯᠤᠭᠰᠠᠨ᠎ᠠᠴᠠ ᠬᠣᠢᠰᠢ᠂ ᠠᠷᠭ᠎ᠠ ᠪᠤᠰᠤ ᠬᠣᠭᠤᠯᠠ ᠬᠤᠰᠢ ᠭᠡᠵᠦ ᠣᠷᠤᠯᠳᠤᠵᠤ ᠡᠬᠢᠯᠡᠭᠰᠡᠨ ᠪᠣᠯᠪᠠᠴᠤ ᠣᠯᠢᠭᠲᠠᠢ ᠠᠮᠲᠠ ᠪᠦᠷᠢᠯᠳᠦᠭᠦᠯᠦᠭᠰᠡᠨ ᠡᠷᠢᠨ᠎ᠨᠢ ᠲᠣᠭ᠎ᠠ᠎ᠲᠠᠢ᠃ ᠡᠪ ᠬᠠᠮᠲᠤ᠎ᠶᠢᠨ ᠪᠤᠳᠠᠭ᠎ᠠ ᠭᠡᠳᠡᠭ᠎ᠴᠢᠨᠢ ᠢᠳᠡᠳᠡᠭᠯᠡ ᠬᠣᠭᠤᠯᠠ᠂ ᠡᠷᠢᠨ ᠡᠷᠢᠨ ᠪᠡᠯᠡᠨ ᠪᠤᠳᠠᠭ᠎ᠠ ᠢᠳᠡᠨ᠎ᠡ ᠭᠡᠳᠡᠭ᠎ᠴᠢᠨᠢ ᠡᠢᠮᠦ ᠰᠠᠢᠬᠠᠨ ᠴᠠᠭ ᠢᠷᠡᠭᠰᠡᠨ᠎ᠦᠭᠡᠢ ᠪᠣᠯ ᠬᠠᠮᠠᠷ ᠨᠠᠳᠠ ᠬᠠᠮᠢᠭ᠎ᠠ᠎ᠠᠴᠠ ᠣᠯᠳᠠᠬᠤᠰᠠᠨ ᠪᠢᠯᠡ! ᠭᠡᠳ ᠬᠠᠮᠠᠷ ᠯᠣᠳᠤᠨ ᠴᠢᠮᠡᠭᠡᠪᠡᠷᠨᠢ ᠬᠥᠯ᠎ᠦᠭᠡᠢ ᠳᠡᠷᠪᠡᠵᠦ ᠡᠬᠢᠯᠡᠪᠡ᠃
ᠭᠤᠷᠪᠠᠨ ᠬᠣᠲᠠ ᠳᠥᠷᠪᠡᠨ ᠤᠰᠤᠨ᠎ᠤ ᠬᠢᠨ ᠨᠢᠭᠡᠯᠡ ᠡᠳᠦᠷ᠎ᠲᠦ ᠣᠪᠤᠭᠠᠨ ᠰᠢᠯᠢ ᠳᠡᠭᠡᠷ᠎ᠡ ᠲᠥᠪᠯᠡᠷᠡᠨ ᠪᠠᠭᠤᠳᠠᠯᠯᠠᠭᠠᠳ᠂ ᠬᠣᠲᠠ ᠪᠠᠯᠭᠠᠰᠤᠰᠢᠭ᠋ ᠪᠣᠯᠪᠠ᠃ ᠡᠭᠦᠷ᠎ᠦᠨ ᠳᠠᠷᠤᠭ᠎ᠠ ᠠᠢᠯ᠎ᠤᠳ᠎ᠤᠨ ᠢᠯᠡᠭᠦᠦ ᠭᠠᠷᠤᠭᠰᠠᠨ ᠲᠣᠭᠤᠭ᠎ᠠ᠎ᠶᠢ ᠴᠤᠭᠯᠠᠭᠤᠯᠵᠤ᠂ ᠢᠳᠡᠲᠡᠢ ᠪᠢᠷ᠎ᠠ᠎ᠲᠠᠢ ᠵᠠᠯᠠᠭᠤᠰ᠎ᠢᠶᠠᠷ ᠨᠢᠴᠠ ᠨᠢᠴᠠ ᠳᠡᠪᠰᠡᠭᠦᠯᠦᠭᠡᠳ᠂ ᠪᠣᠯᠤᠳ᠎ᠤᠨ ᠵᠤᠤᠬᠠᠨ᠎ᠳᠤ ᠬᠦᠷᠭᠡᠵᠦ ᠪᠠᠢᠨ᠎ᠠ᠃ ᠬᠣᠭᠤᠯᠠᠨ ᠭᠡᠷᠲᠡᠢ ᠪᠣᠯᠤᠭᠰᠠᠨᠶᠤᠮᠴᠢᠨᠢ ᠭᠡᠳ ᠬᠠᠮᠠᠷ ᠯᠣᠳᠤᠨ ᠪᠠᠢᠬᠤ᠎ᠠᠴᠠ ᠭᠠᠭᠴᠠ ᠭᠠᠤᠯᠢᠨ ᠬᠠᠢᠪᠤ᠎ᠪᠠᠨ ᠠᠪᠠᠴᠢᠵᠤ ᠥᠭᠭᠦᠭᠰᠡᠨ᠎ᠳᠦ ᠰᠢᠷᠡᠮᠦ ᠪᠢᠰᠢ ᠪᠣᠯ ᠠᠪᠬᠤ᠎ᠦᠭᠡᠢ ᠭᠡᠳ ᠪᠤᠴᠠᠭᠠᠵᠠᠢ᠃
ᠰᠦᠷᠦᠭ ᠨᠣᠬᠠᠳ ᠬᠤᠴᠠᠵᠤ ᠪᠤᠤᠷᠯᠠᠯᠳᠤᠭᠠᠳ ᠡᠮᠡᠰ ᠬᠡᠦᠬᠡᠳ ᠡᠭᠦᠳᠡᠨ᠎ᠡᠴᠡ ᠭᠠᠷᠬᠤ᠎ᠶᠢᠨ ᠠᠷᠭ᠎ᠠ᠎ᠦᠭᠡᠢ ᠪᠣᠯᠤᠭᠠᠳ ᠪᠠᠢᠨ᠎ᠠ᠃
ᠬᠠᠮᠠᠷ ᠯᠣᠳᠤᠨᠴᠤ ᠨᠣᠬᠠᠢ᠎ᠶᠢᠨ ᠠᠶᠤᠯ᠎ᠠᠴᠠ ᠳᠥᠩᠭᠡᠵᠢ ᠮᠤᠯᠲᠤᠷᠠᠭᠠᠳ ᠡᠭᠦᠳᠡ ᠲᠠᠭᠠᠷᠠᠮᠠᠭᠴᠠ ᠰᠢᠷᠭᠤᠵᠤ ᠣᠷᠤᠭᠰᠠᠨ᠎ᠳᠤ ᠵᠠᠯᠠᠭᠤ ᠴᠢᠪᠠᠭᠠᠨᠴᠠ ᠴᠠᠢ ᠴᠢᠨᠠᠨ ᠪᠥᠭᠴᠦᠭᠡᠨᠡᠵᠦ ᠪᠠᠢᠪᠠ᠃ ᠲᠣᠭᠤᠭ᠎ᠠ ᠳᠦᠭᠦᠷᠡᠩ ᠳᠠᠷᠭᠢᠯᠠᠬᠤ ᠬᠥᠬᠡ ᠴᠠᠢ᠎ᠠᠴᠠ ᠡᠬᠡᠭᠦᠨ ᠦᠨᠦᠷ ᠰᠠᠩ᠎ᠬᠢ ᠲᠠᠲᠠᠨ᠎ᠠ᠃
《ᠵᠣᠯᠢᠭᠴᠢ᠎ᠨᠢ ᠮᠥᠨᠴᠦ ᠮᠣᠷᠢᠲᠠᠢ ᠪᠠᠢᠨ᠎ᠠ!》 ᠭᠡᠵᠦ ᠵᠠᠯᠠᠭᠤ ᠴᠢᠪᠠᠭᠠᠨᠴᠠ᠎ᠨᠢ ᠱᠣᠣᠯᠠᠵᠤ ᠭᠠᠷᠬᠤ᠎ᠳᠤ:
《ᠨᠣᠬᠠᠢ᠎ᠳᠤ ᠲᠠᠭᠤᠭᠳᠠᠭᠰᠠᠨ᠎ᠦᠭᠡᠢ ᠪᠣᠯ ᠴᠠᠢ ᠳᠡᠭᠡᠷᠡᠴᠢᠨᠢ ᠵᠠᠪᠳᠤᠬᠤᠦᠭᠡᠢᠯᠠ ᠳ᠋ᠠ 》 ᠭᠡᠳ ᠬᠠᠮᠠᠷ ᠯᠣᠳᠤᠨ ᠬᠠᠭᠵᠠᠷᠬᠠᠢ ᠰᠢᠷᠬᠤᠨᠠᠭ᠎ᠢᠶᠠᠨ ᠬᠣᠷᠮᠤᠢ᠎ᠪᠠᠷ᠎ᠢᠶᠠᠨ ᠪᠥᠭᠯᠡᠵᠦ ᠰᠠᠭᠤᠪᠠ᠃
ᠬᠥᠬᠡ ᠴᠠᠢᠶᠢᠨᠢ ᠬᠥᠯᠦᠷᠡᠲᠡᠯᠡ ᠤᠤᠭᠤᠵᠤ ᠰᠠᠭᠤᠬᠤ ᠵᠠᠭᠤᠷ᠎ᠠ ᠴᠢᠪᠠᠭᠠᠨᠴᠠᠶᠢᠨᠢᠶᠠᠨ ᠰᠢᠷᠡᠮᠦᠨ ᠲᠣᠭᠤᠭ᠎ᠠ᠎ᠶᠢ ᠬᠠᠷᠠᠭᠠᠳ ᠬᠠᠮᠠᠷ ᠯᠣᠳᠤᠨ ᠭᠡᠨᠡᠳᠲᠡ ᠭᠡᠭᠡᠷᠡᠪᠡ᠃
ᠴᠢᠪᠠᠭᠠᠨᠴᠠ᠎ᠶᠢᠨ ᠲᠣᠭᠤᠭ᠎ᠠ ᠰᠦᠷᠡᠬᠡᠢᠴᠦᠶᠦᠮ ᠪᠠᠢᠨ᠎ᠠ᠃ ᠯᠠᠪ ᠨᠢᠭᠡ ᠵᠤᠤᠬ᠎ᠠ ᠰᠢᠲᠠᠭᠠᠵᠤ ᠬᠦᠷᠬᠦ ᠪᠠᠢᠬᠤ ᠳ᠋ᠠ !
ᠬᠠᠮᠠᠷ ᠯᠣᠳᠤᠨ ᠭᠢᠳ ᠭᠢᠳ ᠭᠡᠭᠰᠡᠭᠡᠷ:
《ᠡᠨᠡ ᠲᠣᠭᠤᠭ᠎ᠠ᠎ᠪᠠᠨ ᠨᠠᠳᠠ᠎ᠳᠠᠭᠠᠨ ᠥᠭᠴᠢᠬᠡ ᠳ᠋ᠠ !》 ᠭᠡᠵᠦ ᠬᠡᠴᠦᠦᠭᠡᠢ ᠭᠤᠶᠤᠭᠰᠠᠨ᠎ᠳᠤ ᠵᠠᠯᠠᠭᠤ ᠴᠢᠪᠠᠭᠠᠨᠴᠠ ᠭᠠᠢᠬᠠᠵᠤ:
《ᠭᠣᠷᠢ᠎ᠦᠭᠡᠢ᠂ ᠭᠣᠷᠢ᠎ᠦᠭᠡᠢ!》 ᠭᠡᠵᠦ ᠲᠣᠯᠤᠭᠠᠢ ᠳᠠᠮᠠᠷᠤᠳᠠᠪᠠ᠃
《ᠮᠠᠷᠭᠠᠰᠢ᠎ᠠᠴᠠ ᠬᠣᠭᠤᠯᠠᠨ ᠭᠡᠷ᠎ᠲᠦ ᠴᠠᠪᠯᠠᠵᠠᠭᠠᠬᠤᠶᠤᠮᠴᠢᠨᠢ ᠡᠨᠡ ᠮᠠᠭᠤ ᠲᠣᠭᠤᠭ᠎ᠠ᠎ᠪᠠᠷ ᠡᠴᠢᠭᠡ᠎ᠪᠡᠨ ᠬᠢᠨ᠎ᠡ᠎ᠦᠦ?》 ᠭᠡᠳ ᠬᠠᠮᠠᠷ ᠯᠣᠳᠤᠨ ᠬᠠᠮᠠᠷ᠎ᠢᠶᠠᠨ ᠴᠡᠨᠳᠡᠢᠯᠭᠡᠬᠦ᠎ᠳᠦ:
《ᠪᠠᠢᠭ ᠴᠠᠰᠢ! ᠪᠢ ᠳᠤᠲᠠᠭᠤ ᠨᠢᠭᠡ ᠡᠷᠢᠨᠦ ᠬᠣᠭᠤᠯᠠ ᠢᠳᠡᠭᠰᠡᠨᠴᠦ ᠴᠠᠢ᠎ᠠᠴᠠ᠎ᠪᠠᠨ ᠰᠠᠯᠵᠤ ᠴᠢᠳᠠᠳᠠᠭᠦᠭᠡᠢᠶᠢ ᠴᠢ ᠶᠠᠮᠠᠷ ᠮᠡᠳᠡᠬᠦ᠎ᠦᠭᠡᠢ ᠪᠢᠰᠢ》 ᠭᠡᠵᠦ ᠵᠠᠯᠠᠭᠤ ᠴᠢᠪᠠᠭᠠᠨᠴᠠ ᠳᠤᠷᠠᠮᠠᠭᠴᠢᠬᠠᠨ ᠳᠦᠳᠦᠨᠡᠪᠡ᠃
ᠲᠡᠢᠮᠦ᠎ᠴᠦ ᠲᠡᠢᠮᠦ ᠳ᠋ᠡ᠃ ᠴᠢᠪᠠᠭᠠᠨᠴᠠ ᠬᠥᠮᠦᠨ᠎ᠦ ᠬᠠᠮᠤᠭ ᠡᠷᠳᠡᠮ᠎ᠨᠢ ᠴᠠᠢ ᠭᠦᠵᠡᠭᠡᠯᠡᠬᠦᠯᠡ ᠰᠢᠦ ᠳ᠋ᠠ !
《ᠢᠩᠭᠢᠶ᠎ᠡ᠂ ᠪᠢ ᠭᠠᠤᠯᠢᠨ ᠬᠠᠢᠪᠤᠪᠠᠷᠢᠶᠠᠨ ᠲᠣᠭᠤᠭᠠᠶᠢᠴᠢᠨᠢ ᠰᠣᠯᠢᠵᠤ ᠠᠪᠤᠶ᠎ᠠ!ᠮᠢᠨᠦ ᠲᠡᠷᠡ ᠬᠠᠢᠪᠤ᠎ᠳᠤ ᠴᠠᠢ ᠴᠢᠨᠠᠵᠤ ᠭᠠᠢᠭᠤᠢ ᠪᠣᠯᠤᠨ᠎ᠠ ᠰᠢᠤ!》
ᠴᠢᠪᠠᠭᠠᠨᠴᠠ ᠬᠠᠷᠢᠭᠤ ᠳᠤᠤᠭᠠᠷᠤᠭᠰᠠᠨ᠎ᠦᠭᠡᠢ᠃ ᠤᠳᠠᠵᠤ ᠤᠳᠠᠭᠠᠳ ᠲᠣᠯᠤᠭᠠᠢ ᠳᠣᠬᠢᠪᠠ᠃ ᠬᠠᠮᠠᠷ ᠯᠣᠳᠤᠨ ᠬᠠᠭᠠᠷᠠᠲᠠᠯ᠎ᠠ ᠬᠥᠭᠡᠷᠴᠦ᠂ ᠦᠰᠦᠷᠴᠦ ᠪᠣᠰᠤᠭᠠᠳ ᠲᠣᠭᠤᠭ᠎ᠠ᠎ᠶᠢ ᠰᠤᠭᠤᠯᠪᠠ᠃
ᠵᠠᠮ ᠵᠠᠭᠤᠷ᠎ᠠ᠂ ᠪᠦᠲᠦᠨ ᠲᠣᠭᠤᠭ᠎ᠠ ᠠᠪᠳᠠᠭᠦᠭᠡᠢᠰᠠᠨ ᠭᠡᠵᠦ ᠪᠣᠳᠤᠭᠠᠳ ᠬᠠᠮᠠᠷ ᠯᠣᠳᠤᠨ ᠲᠣᠭᠤᠭ᠎ᠠ᠎ᠪᠠᠨ ᠰᠢᠳᠡᠵᠦ ᠶᠠᠪᠤᠭᠤᠯᠤᠭᠠᠳ ᠬᠠᠷ᠎ᠠ ᠬᠦᠴᠦ᠎ᠪᠡᠷ᠎ᠢᠶᠡᠨ ᠳᠡᠪᠰᠡᠭᠰᠡᠨ ᠪᠣᠯᠪᠠᠴᠤ᠂ ᠬᠥᠯᠦᠨ ᠤᠯᠠᠨ᠎ᠢ ᠡᠭᠡᠷᠡᠲᠡᠯᠡ ᠡᠪᠡᠳᠦᠭᠰᠡᠨ᠎ᠡᠴᠡ ᠪᠢᠰᠢ ᠲᠣᠭᠤᠭ᠎ᠠ᠎ᠨᠢ ᠬᠡᠮᠬᠡᠷᠡᠭᠰᠡᠨ᠎ᠦᠭᠡᠢ᠃ ᠮᠡᠩᠭᠡᠲᠦ᠎ᠶᠢᠨ ᠬᠦᠦ ᠳᠥᠷᠪᠡᠯᠵᠢᠨ ᠬᠥᠷᠵᠡᠩ ᠴᠢᠨᠡᠭᠡ ᠴᠢᠯᠠᠭᠤ ᠳᠠᠭᠠᠭ᠎ᠠ ᠶᠠᠳᠠᠨ ᠠᠪᠴᠢᠷᠠᠭᠠᠳ ᠲᠣᠭᠤᠭᠠᠨ ᠬᠦᠢᠰᠦ ᠲᠠᠭᠠᠷᠠᠭᠤᠯᠤᠨ ᠪᠠᠭᠤᠯᠭᠠᠪᠠ᠃ ᠨᠠᠰᠤ ᠪᠠᠯᠴᠢᠷᠴᠤ ᠤᠬᠠᠭᠠᠨ ᠬᠡᠴᠡᠭᠦᠦ᠃ ᠰᠢᠷᠡᠮᠦᠨ ᠲᠣᠭᠤᠭ᠎ᠠ ᠰᠦᠢᠷᠡᠵᠦ ᠣᠴᠢᠬᠤ᠎ᠳᠤ ᠬᠠᠮᠠᠷ ᠯᠣᠳᠤᠨ ᠮᠠᠭᠠᠰᠠᠢᠵᠤ ᠢᠨᠢᠶᠡᠭᠡᠳ᠂ ᠬᠥᠶᠢᠴᠦ ᠬᠠᠮᠢᠶᠠᠷᠤᠯ᠎ᠦᠭᠡᠢ ᠲᠡᠭᠦᠵᠦ ᠬᠣᠷᠮᠤᠢᠯᠠᠮᠠᠭᠴᠠ ᠭᠠᠷᠴᠤ ᠭᠦᠶᠦᠪᠡ᠃ ᠬᠠᠷᠠᠮᠰᠠᠯᠲᠠᠢ᠎ᠨᠢ ᠭᠣᠵᠤᠢᠭᠰᠠᠨᠦᠭᠡᠢ ᠦᠵᠡᠭᠰᠡᠨ᠎ᠡᠴᠡ ᠪᠢᠰᠢ ᠬᠢᠮᠤᠰᠤᠨ ᠲᠡᠳᠦᠢ ᠱᠠᠩᠴᠤ ᠬᠦᠷᠲᠡᠭᠰᠡᠨ᠎ᠦᠭᠡᠢ᠃
ᠬᠠᠮᠠᠷ ᠯᠣᠳᠤᠨ ᠲᠣᠯᠤᠭᠠᠢ᠎ᠪᠠᠨ ᠭᠠᠨᠵᠤᠭᠠᠯᠠᠭᠠᠳ ᠪᠤᠴᠠᠵᠤ ᠬᠠᠷᠢᠬᠤ᠎ᠳᠤ ᠯᠤᠤ᠎ᠶᠢᠨ ᠬᠡ᠎ᠲᠡᠢ ᠠᠪᠳᠠᠷᠠᠶᠢᠨᠢ ᠬᠣᠭᠤᠯᠠᠨ ᠭᠡᠷ᠎ᠲᠦ ᠵᠠᠷᠤᠬᠤ᠎ᠪᠠᠷ ᠬᠠᠰᠠᠭ ᠢᠷᠡᠭᠡᠳ ᠬᠦᠯᠢᠶᠡᠵᠦ ᠪᠠᠢᠪᠠ᠃ ᠨᠢᠯᠪᠤᠰᠤ ᠪᠥᠮᠪᠦᠷᠢᠮᠡᠷ ᠪᠣᠯᠤᠭᠰᠠᠨ ᠪᠣᠯᠪᠠᠴᠤ᠂ ᠵᠠᠯᠠᠭᠤ ᠴᠢᠪᠠᠭᠠᠨᠴᠠᠲᠠᠢᠪᠠᠨ ᠰᠢᠷᠡᠭᠡ ᠬᠠᠪᠴᠢᠨ ᠬᠣᠭᠤᠯᠠᠯᠠᠬᠤᠶᠢ ᠪᠣᠳᠤᠮᠠᠭᠴᠠ᠂ ᠬᠠᠮᠠᠷ ᠯᠣᠳᠤᠨᠤ ᠪᠠᠷᠤᠢᠭᠰᠠᠨ ᠴᠢᠷᠠᠢ ᠴᠡᠯᠮᠡᠢᠵᠦ ᠪᠠᠶᠠᠰᠭᠤᠯᠠᠩ ᠲᠤᠶᠠᠭᠠᠷᠠᠭᠠᠳ᠂ ᠳᠠᠭᠤ᠎ᠦᠭᠡᠢ ᠥᠭᠴᠦ ᠶᠠᠪᠤᠭᠤᠯᠪᠠ᠃
ᠰᠢᠨ᠎ᠡ ᠴᠠᠭ ᠭᠠᠵᠠᠷ ᠳ᠋ᠠ᠂ ᠬᠡᠯᠡᠪᠡᠯ ᠬᠢᠳᠡᠭᠯᠡᠶᠦᠮ ᠪᠠᠢᠨ᠎ᠠ᠃ ᠮᠠᠷᠭᠠᠰᠢ ᠥᠷᠯᠦᠭᠡᠭᠦᠷ᠎ᠨᠢ ᠴᠠᠪ᠎ᠤᠨ ᠳᠤᠩ ᠨᠡᠭᠡᠷᠡᠨᠴᠦ ᠠᠭᠤᠯᠠ ᠤᠰᠤ᠎ᠶᠢ ᠪᠠᠶᠠᠰᠲᠠᠯ᠎ᠠ ᠳᠦᠩᠭᠢᠨᠡᠪᠡ᠃ ᠬᠠᠮᠠᠷ ᠯᠣᠳᠤᠨ ᠬᠣᠭᠤᠯᠠᠨ ᠭᠡᠷ᠎ᠦᠨ ᠬᠠᠲᠠᠪᠴᠢ᠎ᠶᠢ ᠠᠯᠬᠤᠮᠠᠭᠴᠠ ᠨᠢᠭᠡ ᠨᠢᠳᠦ᠎ᠨᠢ ᠵᠠᠯᠠᠭᠤ ᠴᠢᠪᠠᠭᠠᠨᠴᠠ ᠳᠡᠭᠡᠷ᠎ᠡ ᠨᠥᠭᠦᠭᠡ ᠨᠢᠳᠦ᠎ᠨᠢ ᠯᠤᠤ᠎ᠶᠢᠨ ᠬᠡ᠎ᠲᠡᠢ ᠠᠪᠳᠠᠷ᠎ᠠ ᠳᠡᠭᠡᠷ᠎ᠡ᠎ᠪᠡᠨ ᠲᠤᠰᠤᠭᠠᠳ ᠠᠪᠤᠯ᠎ᠠ᠃ ᠲᠦᠷᠦᠭᠦᠦ ᠡᠷᠢᠨᠦ ᠬᠣᠭᠤᠯᠠ ᠣᠨᠴᠤᠭᠤᠢ ᠠᠮᠲᠠᠲᠠᠢ ᠰᠠᠨᠠᠭᠳᠠᠭᠰᠠᠨ ᠪᠥᠭᠡᠳ ᠨᠡᠩ᠎ᠴᠦ: 《ᠡᠪ ᠬᠠᠮᠲᠤ᠎ᠶᠢᠨ ᠨᠡᠢᠭᠡᠮ᠎ᠳᠦ ᠬᠤᠪᠢᠨ᠎ᠤ ᠬᠣᠭᠰᠢᠯ ᠬᠡᠷᠡᠭᠦᠭᠡᠢᠴᠦ ᠬᠤᠪᠢᠨ᠎ᠤ ᠪᠦᠰᠡᠭᠦᠢ ᠬᠡᠷᠡᠭᠲᠡᠢ ᠪᠠᠢᠯᠭᠦᠢ? ᠡᠳᠦᠷ ᠰᠥᠨᠢ ᠰᠣᠩᠭᠤᠵᠤ ᠪᠠᠢᠭᠠᠳ ᠥᠨᠥ ᠵᠢᠯ᠎ᠳᠡᠭᠡᠨ ᠪᠠᠲᠤᠯᠠᠪᠤᠷᠢ᠎ᠪᠠᠨ ᠠᠪᠬᠤᠤᠤ ᠳ᠋ᠠ ?》 ᠭᠡᠰᠡᠨ ᠵᠠᠭᠷᠠᠢᠮ᠎ᠠ᠎ᠶᠢᠨ ᠬᠢᠨᠢ ᠬᠠᠯᠠᠭᠤᠨ ᠰᠢᠪᠡᠨᠡᠭᠡ ᠬᠠᠮᠠᠷ ᠯᠣᠳᠤᠨ᠎ᠳᠤ ᠪᠠᠯ ᠡᠮᠬᠦᠭᠦᠯᠵᠡᠢ᠃
ᠵᠠᠯᠠᠭᠤ ᠴᠢᠪᠠᠭᠠᠨᠴᠠᠲᠠᠢᠪᠠᠨ ᠡᠳᠦᠷ ᠡᠳᠦᠷ ᠰᠢᠪᠡᠨᠡᠵᠦ ᠶᠠᠷᠢᠯᠳᠤᠬᠤ ᠲᠣᠬᠢᠶᠠᠯ᠎ᠲᠠᠢ ᠪᠣᠯᠤᠭᠰᠠᠨ᠎ᠨᠢ ᠬᠠᠮᠠᠷ ᠯᠣᠳᠤᠨ᠎ᠳᠤ ᠮᠥᠨᠴᠦ ᠵᠢᠷᠭᠠᠯ᠎ᠲᠠᠢ ᠰᠠᠨᠠᠭᠳᠠᠭᠰᠠᠨ ᠪᠣᠯᠪᠠᠴᠤ ᠯᠤᠤ ᠬᠡ᠎ᠲᠡᠢ ᠠᠪᠳᠠᠷ᠎ᠠ᠎ᠨᠢ ᠣᠯᠠᠨ᠎ᠤ ᠬᠥᠯ᠎ᠳᠦ ᠲᠠᠯᠬᠢᠭᠳᠠᠬᠤ᠎ᠶᠢ ᠦᠵᠡᠭᠡᠳ ᠵᠢᠷᠦᠬᠡ᠎ᠨᠢ ᠵᠢᠮ ᠵᠢᠮ ᠪᠠᠵᠠᠯᠬᠢᠯᠠᠨᠠ᠃
ᠵᠤᠤᠬᠠᠨ᠎ᠳᠤ ᠨᠠᠭᠠᠯᠳᠤᠭᠰᠠᠨ ᠬᠠᠪᠲᠠᠰᠤ᠎ᠨᠢ ᠰᠢᠲᠠᠵᠤᠴᠤ ᠮᠡᠳᠡᠨ᠎ᠡ ᠭᠡᠳ ᠬᠠᠮᠠᠷ ᠯᠣᠳᠤᠨ ᠮᠠᠨᠴᠤᠷᠭᠠᠨ ᠬᠠᠮᠠᠷ᠎ᠢᠶᠠᠨ ᠴᠡᠨᠳᠡᠢᠯᠭᠡᠬᠦ᠎ᠳᠦ ᠵᠠᠯᠠᠭᠤ ᠴᠢᠪᠠᠭᠠᠨᠴᠠ᠎ᠨᠢ ᠲᠡᠭᠦᠨ᠎ᠢ ᠶᠣᠪᠤᠷᠴᠤ ᠠᠪᠤᠭᠠᠳ: 《ᠢᠩᠭᠢ᠂ ᠴᠢᠩᠭᠢ》 ᠭᠡᠪᠡ᠃ ᠬᠠᠮᠠᠷ ᠯᠣᠳᠤᠨ ᠬᠣᠭᠤᠯᠠ ᠬᠠᠮᠢᠶᠠᠷᠤᠭᠴᠢ᠎ᠳᠤ:
《ᠭᠤᠯᠢᠷ᠎ᠤᠨ ᠠᠪᠳᠠᠷ᠎ᠠ᠎ᠪᠠᠨ ᠵᠤᠤᠬ᠎ᠠ ᠲᠣᠭᠤᠭᠠᠨ᠎ᠠᠴᠠ ᠵᠢᠭᠠᠬᠠᠨ ᠵᠠᠢᠳᠠᠭᠤᠯᠤᠨᠠᠤᠤ? ᠬᠠᠯᠠᠭᠤᠨ ᠢᠯᠴᠢᠨ᠎ᠳᠦ ᠴᠢᠭᠢᠭᠲᠡᠢ ᠭᠤᠯᠢᠷ ᠭᠠᠰᠢᠯᠵᠤ ᠮᠡᠳᠡᠨ᠎ᠡ ᠰᠢᠦ!》 ᠭᠡᠵᠦ ᠵᠥᠪᠯᠡᠯᠭᠡ ᠲᠠᠯᠪᠢᠭᠰᠠᠨ᠎ᠳᠤ ᠠᠪᠳᠠᠷᠠᠶᠢᠨᠢ ᠨᠡᠭᠡᠷᠡᠨ ᠵᠤᠤᠬᠠᠨ᠎ᠠᠴᠠ ᠵᠠᠢᠳᠠᠭᠤᠯᠪᠠ᠃
ᠬᠡᠳᠦᠢ ᠲᠡᠢᠮᠦ ᠪᠣᠯᠪᠠᠴᠤ ᠴᠢᠭᠢᠭᠲᠡᠢ ᠬᠡᠷᠡᠮᠳᠦ ᠨᠠᠭᠠᠯᠳᠤᠭᠰᠠᠨ ᠠᠪᠳᠠᠷ᠎ᠠ᠎ᠶᠢᠨ ᠬᠢᠨᠢ ᠠᠷᠤ ᠬᠠᠪᠲᠠᠰᠤ᠎ᠨᠢ ᠬᠡᠳᠦᠬᠡᠨ ᠬᠣᠨᠤᠭ᠎ᠲᠤ ᠭᠠᠵᠢᠵᠤ ᠮᠤᠰᠢᠢᠭᠠᠳ᠂ ᠳᠣᠷᠰᠤᠢᠲᠠᠯᠠ ᠠᠩᠭᠠᠢᠵᠠᠢ᠃
《ᠡᠪ ᠬᠠᠮᠲᠤ ᠶᠣᠰᠤᠨ᠎ᠳᠤ ᠬᠠᠯᠠᠭᠤᠨ᠎ᠲᠠᠢ ᠯᠣᠳᠤᠨ》 ᠭᠡᠳ ᠡᠭᠦᠷ ᠠᠷᠪᠠᠨ᠎ᠠᠴᠠ ᠣᠯᠠᠨ ᠤᠳᠠᠭ᠎ᠠ ᠮᠠᠭᠲᠠᠵᠤ ᠰᠠᠢᠰᠢᠶᠠᠪᠠ᠃ ᠭᠡᠪᠡᠴᠦ ᠰᠥᠨᠢ᠎ᠶᠢᠨ ᠭᠦᠨ ᠪᠣᠯᠵᠤ ᠬᠥᠮᠦᠨ ᠠᠮᠢᠲᠠᠨ᠎ᠤ ᠬᠥᠯ ᠬᠤᠷᠢᠶᠠᠭᠳᠠᠬᠤ ᠴᠠᠭ᠎ᠲᠤ ᠬᠠᠮᠠᠷ ᠯᠣᠳᠤᠨ ᠰᠢᠩᠭᠡᠨ ᠪᠤᠳᠠᠭᠠᠨ᠎ᠤ ᠰᠢᠩᠭᠡᠭᠰᠡᠨ ᠬᠣᠢᠨᠠᠬᠢ ᠵᠣᠪᠠᠭᠤᠷᠢ᠎ᠶᠢ ᠡᠳ᠋ᠯᠡᠨ ᠨᠣᠢᠷ ᠬᠣᠯᠬᠢᠨ ᠬᠡᠪᠲᠡᠬᠦ᠎ᠳᠡᠭᠡᠨ:
《ᠡᠪ ᠬᠠᠮᠲᠤ᠎ᠶᠢᠨ ᠨᠡᠢᠭᠡᠮ ᠮᠠᠷᠭᠠᠰᠢ ᠢᠷᠡᠴᠢᠬᠡᠨ᠎ᠡ᠃ ᠲᠡᠢᠮᠦ ᠰᠠᠢᠬᠠᠨ ᠨᠡᠢᠭᠡᠮᠶᠦᠮᠴᠢᠨᠢ ᠮᠠᠭᠤ ᠠᠪᠳᠠᠷ᠎ᠠ᠎ᠪᠠᠷ ᠶᠠᠭᠤ ᠬᠢᠬᠦ ᠪᠤᠢ? ᠯᠠᠪ ᠬᠡᠷᠡᠭ᠎ᠦᠭᠡᠢ ᠶᠠᠭᠤᠮᠠᠨ᠎ᠳᠤ ᠭᠠᠷᠭᠠᠵᠤ ᠬᠠᠶᠠᠬᠤ ᠪᠠᠢᠬᠤ ᠳ᠋ᠠ᠃ ᠡᠪ ᠬᠠᠮᠲᠤ ᠨᠡᠢᠭᠡᠮ᠎ᠦᠨ ᠡᠭᠦᠳᠡᠨ ᠭᠠᠳᠠᠨ᠎ᠠ ᠬᠣᠴᠤᠷᠬᠤᠪᠠᠷᠢᠶᠠᠨ ᠨᠠᠮᠵᠢᠯ ᠵᠠᠯᠠᠨ ᠬᠠᠷᠢᠨ ᠠᠪᠴᠢᠬᠠᠵᠤ ᠮᠡᠳᠡᠨ᠎ᠡ ᠰᠢᠤ᠂ ᠲᠡᠭᠦᠨᠡᠴᠡᠯᠡ ᠵᠠᠪᠳᠤᠶᠠ! ᠁》 ᠭᠡᠵᠦ ᠣᠯᠢᠤ ᠰᠣᠯᠢᠤ ᠪᠣᠳᠤᠯ᠎ᠳᠤ ᠮᠤᠩᠬᠠᠷᠠᠳᠠᠭᠢᠨᠢ ᠬᠡᠨ᠎ᠴᠦ ᠮᠡᠳᠡᠭᠰᠡᠨ᠎ᠦᠭᠡᠢ᠃
ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨᠴᠤ ᠶᠠᠭᠠᠮᠠᠢ ᠳ᠋ᠠ !
ᠭᠣᠣᠯ ᠬᠠᠷᠠᠯᠠᠵᠤ ᠨᠣᠢᠷ ᠠᠯᠳᠠᠭᠰᠠᠨ ᠲᠡᠢᠮᠦ ᠨᠢᠭᠡ ᠰᠥᠨᠢ᠂ ᠬᠠᠮᠠᠷ ᠯᠣᠳᠤᠨ ᠤᠷᠪᠠᠨ ᠬᠦᠷᠪᠡᠨ ᠲᠡᠰᠬᠦ ᠠᠯᠳᠠᠷᠠᠬᠤ᠎ᠳᠠᠭᠠᠨ ᠵᠢᠭᠠᠬᠠᠨ ᠢᠳᠡᠬᠦ ᠶᠠᠭᠤᠮ᠎ᠠ ᠡᠷᠭᠢᠴᠡᠭᠦᠯᠬᠦ ᠰᠠᠨᠠᠭ᠎ᠠ᠎ᠲᠠᠢ ᠴᠢᠪᠠᠭᠠᠨᠴᠠ᠎ᠶᠢᠨ ᠬᠢ᠎ᠶᠢ ᠰᠡᠮᠬᠡᠨ ᠴᠢᠭᠯᠡᠪᠡ᠃ ᠳᠡᠮᠡᠢ ᠶᠠᠪᠤᠭᠰᠠᠨ᠎ᠦᠭᠡᠢ ᠬᠥᠯ᠎ᠨᠢ ᠥᠪᠡᠷ᠎ᠦᠨ ᠡᠷᠬᠡ᠎ᠦᠭᠡᠢ ᠬᠣᠭᠤᠯᠠᠨ ᠭᠡᠷ ᠤᠷᠤᠭᠤ ᠡᠷᠭᠢᠵᠦ ᠴᠣᠩᠬᠤ᠎ᠪᠠᠷ ᠡᠷᠬᠡ᠎ᠦᠭᠡᠢ ᠱᠠᠭᠠᠢᠵᠠᠢ᠃ ᠱᠠᠭᠠᠢᠬᠤ ᠲᠤᠲᠤᠮ ᠰᠠᠯᠬᠤ ᠳᠤᠷ᠎ᠠ᠎ᠦᠭᠡᠢ ᠪᠣᠯᠵᠤ᠂ ᠥᠩᠭᠡ ᠵᠢᠰᠦ᠎ᠪᠡᠨ ᠠᠯᠳᠠᠭᠰᠠᠨ ᠠᠪᠳᠠᠷ᠎ᠠ᠎ᠨᠢ ᠭᠣᠮᠤᠳᠠᠯ᠎ᠲᠠᠢ ᠴᠢᠷᠠᠢ᠎ᠪᠠᠷ ᠲᠡᠭᠦᠨ᠎ᠢ ᠭᠢᠯᠤᠢᠵᠤ ᠪᠠᠢᠭ᠎ᠠ᠎ᠰᠢᠭ᠋ ᠰᠠᠨᠠᠭᠳᠠᠭᠠᠳ᠂ ᠵᠢᠷᠦᠬᠡ ᠭᠣᠣᠯ᠎ᠨᠢ ᠰᠠᠪᠠᠯᠠᠵᠤ ᠳᠡᠯᠡᠰᠬᠦ᠎ᠳᠡᠭᠡᠨ ᠲᠡᠰᠴᠦ ᠴᠢᠳᠠᠭᠰᠠᠨ᠎ᠦᠭᠡᠢ ᠬᠠᠮᠠᠷ᠎ᠨᠢ ᠪᠤᠷᠬᠢᠷᠠᠨ ᠳᠣᠭᠤᠯᠠᠩ ᠨᠢᠯᠪᠤᠰᠤ ᠤᠨᠠᠭᠠᠪᠠ᠃ ᠡᠰᠡᠨ ᠪᠣᠰᠤ᠎ᠨᠢ ᠪᠣᠳᠤᠵᠤ ᠡᠰᠢ ᠲᠡᠰᠢ ᠠᠵᠢᠭᠠᠳ᠂ ᠰᠢᠯᠦᠭᠡᠢ ᠴᠣᠩᠬᠤ᠎ᠪᠠᠷ ᠪᠠᠭᠲᠠᠵᠤ ᠶᠠᠳᠠᠨ ᠰᠢᠷᠭᠤᠪᠠ᠃
ᠭᠠᠷ᠎ᠲᠤ ᠲᠠᠭᠠᠷᠠᠵᠤ᠂ ᠨᠢᠳᠦᠨ᠎ᠳᠦ ᠥᠷᠳᠦᠭᠰᠡᠨ᠎ᠡᠴᠡ ᠭᠡᠵᠦ ᠰᠢᠨᠠᠭ᠎ᠠ ᠱᠦᠭᠦᠷ ᠡᠯᠭᠦᠳᠡᠭ ᠬᠠᠳᠠᠭᠠᠰᠤ᠎ᠠᠴᠠ ᠰᠤᠭᠤᠯᠤᠨ ᠠᠪᠴᠤ᠂ ᠪᠣᠣᠳᠤᠤ᠎ᠶᠢᠨ ᠮᠥᠷᠦ᠎ᠪᠡᠷ ᠠᠯᠤᠬ᠎ᠠ ᠪᠣᠯᠭᠠᠵᠤ᠂ ᠠᠪᠳᠠᠷᠠᠶᠢᠨᠢᠶᠠᠨ ᠭᠠᠵᠢᠭᠰᠠᠨ ᠬᠠᠪᠲᠠᠰᠤ᠎ᠶᠢ ᠬᠠᠳᠠᠵᠤ ᠬᠠᠳᠠᠭᠠᠳ ᠠᠶᠠᠭᠠᠨ ᠵᠦᠯᠭᠦᠭᠦᠷ ᠬᠢᠭᠰᠡᠨ ᠠᠮᠠ ᠳᠠᠪᠤᠤᠶᠢᠨᠢ ᠰᠢᠭᠦᠷᠡᠨ ᠠᠪᠴᠤ᠂ ᠨᠢᠭᠤᠷ᠎ᠢ᠎ᠨᠢ ᠵᠦᠯᠭᠦᠵᠦ ᠭᠠᠷᠴᠠᠢ᠃ ᠤᠲᠤᠭᠠᠨ᠎ᠳᠤ ᠬᠠᠬᠠᠭᠰᠠᠨ ᠠᠯᠲᠠᠨ ᠯᠤᠤ᠎ᠨᠢ ᠨᠢᠳᠦ᠎ᠪᠡᠨ ᠪᠦᠯᠲᠡᠯᠵᠡᠭᠦᠯᠦᠨ᠂ ᠲᠣᠭᠤᠰᠤᠨ᠎ᠳᠤ ᠳᠠᠷᠤᠭᠳᠠᠭᠰᠠᠨ ᠠᠯᠤᠬᠠᠨ ᠬᠡᠨ᠎ᠢ ᠤᠯᠠᠭᠠᠨ ᠴᠠᠭᠠᠨ᠎ᠢᠶᠠᠨ ᠭᠢᠯᠪᠠᠭᠤᠯᠵᠤ ᠡᠬᠢᠯᠡᠬᠦ᠎ᠳᠦ ᠬᠠᠮᠠᠷ ᠯᠣᠳᠤᠨ ᠮᠠᠭᠠᠰᠠᠢᠵᠤ ᠪᠠᠶᠠᠰᠤᠭᠠᠳ ᠦᠷ ᠮᠠᠩᠬᠠᠢᠬᠤᠶᠢᠴᠤ ᠤᠪᠠᠢᠯᠠᠭᠰᠠᠨ᠎ᠦᠭᠡᠢ᠃
ᠭᠡᠨᠡᠳᠲᠡ ᠦᠰᠦᠲᠡᠢ ᠬᠠᠷ᠎ᠠ ᠭᠠᠷ ᠲᠡᠭᠦᠨ᠎ᠢ ᠵᠠᠭᠠᠮᠠᠳᠠᠵᠤ ᠠᠪᠤᠭᠠᠳ ᠳᠠᠢᠪᠢᠯᠵᠠᠲᠠᠯᠠ ᠳᠤᠭᠲᠤᠷᠪᠠ᠃
ᠵᠣᠭ ᠲᠣᠰᠤᠭᠠᠳ ᠲᠣᠯᠤᠭᠠᠢ ᠡᠷᠭᠦᠪᠡᠯ ᠬᠣᠭᠤᠯᠠ ᠬᠠᠮᠢᠶᠠᠷᠤᠭᠴᠢ ᠬᠡᠳᠦᠨ ᠲᠣᠭᠤᠭᠠᠴᠢᠲᠠᠢᠪᠠᠨ ᠲᠡᠭᠦᠨ᠎ᠢ ᠪᠦᠰᠡᠯᠡᠵᠦ ᠠᠪᠤᠭᠠᠳ ᠪᠠᠷᠢᠵᠤ ᠢᠳᠡᠮᠡᠷ ᠠᠭᠠᠰᠢᠯᠠᠨ᠎ᠠ᠃ ᠲᠡᠳᠡ ᠭᠠᠷ ᠭᠠᠷ᠎ᠲᠠᠭᠠᠨ ᠭᠠᠯ᠎ᠤᠨ ᠰᠢᠯᠡᠭᠡᠪᠦᠷ ᠬᠠᠢᠴᠢ ᠬᠤᠰᠤᠭᠤᠷ ᠪᠠᠷᠢᠭᠰᠠᠨ᠎ᠠᠴᠠ ᠦᠵᠡᠬᠦ᠎ᠳᠦ ᠬᠡᠷᠡᠭ ᠶᠡᠷᠦ᠎ᠨᠢ ᠮᠠᠭᠤᠬᠠᠢ ᠪᠣᠯᠬᠤ ᠪᠣᠯᠤᠯᠲᠠᠢ!
《ᠬᠠᠮᠠᠷ ᠴᠢ ᠲᠣᠮᠤᠭ᠎ᠠ᠎ᠲᠠᠢ ᠬᠥᠮᠦᠨ ᠪᠠᠢᠭᠠᠳ ᠡᠢᠮᠦ ᠨᠢᠭᠤᠷ᠎ᠦᠭᠡᠢ ᠬᠡᠷᠡᠭ ᠦᠢᠯᠡᠳᠦᠨ᠎ᠡ ᠭᠡᠳᠡᠭ᠎ᠴᠢᠨᠢ! ᠥᠯᠦᠰᠦᠭᠰᠡᠨ ᠪᠣᠯ ᠪᠢᠳᠡᠨ᠎ᠳᠦ ᠬᠡᠯᠡᠨ᠎ᠡ ᠪᠢᠵᠡ!》 ᠭᠡᠵᠦ ᠬᠣᠭᠤᠯᠠ ᠬᠠᠮᠢᠶᠠᠷᠤᠭᠴᠢ ᠨᠢᠳᠦ ᠦᠵᠦᠭᠦᠷᠯᠡᠬᠦ᠎ᠳᠦ ᠬᠠᠮᠠᠷ ᠯᠣᠳᠤᠨ ᠪᠡᠷᠬᠡ ᠰᠠᠨᠳᠤᠷᠤᠭᠠᠳ:
《ᠦᠭᠡᠢ᠂ᠦᠭᠡᠢ᠂ ᠮᠢᠨᠦ ᠴᠠᠳᠭᠤᠯᠠᠩᠢ ᠲᠡ᠊ ᠁ ᠲᠡᠭᠷᠢ ᠪᠠᠲᠤᠯᠠᠨ᠎ᠠ》 ᠭᠡᠵᠦ ᠪᠤᠯᠢᠬᠠᠢᠯᠠᠪᠠ᠃
《ᠳᠠᠯᠳᠠᠯᠠᠪᠠᠴᠤ ᠳᠠᠯᠤᠴᠢᠨᠢ ᠢᠯᠡ! ᠦᠨᠡᠭᠡᠨ ᠬᠠᠷᠠᠩᠭᠤᠢ᠎ᠪᠠᠷ ᠬᠣᠭᠤᠯᠠᠨ ᠭᠡᠷ᠎ᠲᠦ ᠬᠤᠯᠠᠭᠤᠨ ᠣᠷᠤᠭᠠᠳ ᠶᠠᠭᠤ ᠬᠢᠬᠦ ᠭᠡᠰᠡᠨ᠎ᠶᠦᠮ? ᠪᠢᠳᠡ ᠬᠠᠷᠢᠨ ᠬᠢᠯᠠᠷ ᠳᠠᠮᠪᠢ ᠪᠢᠰᠢ ᠰᠢᠦ! ᠬᠠ ᠬᠠ᠂ ᠬᠠ᠂ ᠬᠠ ᠁》
《ᠴᠢ ᠠᠪᠳᠠᠷ᠎ᠠ᠎ᠠᠴᠠ ᠭᠤᠯᠢᠷ ᠲᠠᠭᠠᠷᠴᠤᠭᠯᠠᠬᠤ ᠭᠡᠰᠡᠨ᠎ᠴᠢᠨᠢ ᠦᠨᠡᠨ ᠪᠢᠵᠡ?》 《᠁》
ᠬᠠᠮᠠᠷ ᠯᠣᠳᠤᠨ ᠬᠠᠬᠠᠴᠢᠬᠠᠪᠠ᠃ ᠠᠪᠳᠠᠷ᠎ᠠ᠎ᠪᠠᠨ ᠵᠦᠯᠭᠦᠯᠡ ᠭᠡᠪᠡᠯ ᠡᠪ ᠬᠠᠮᠲᠤᠴᠢᠯᠠᠬᠤ᠎ᠶᠢ ᠡᠰᠡᠷᠭᠦᠴᠡᠭᠰᠡᠨ᠎ᠳᠦ ᠣᠷᠤᠨ᠎ᠠ ᠰᠢᠤ᠃ ᠨᠠᠮᠵᠢᠯ ᠵᠠᠯᠠᠨ ᠬᠣᠭᠤᠯᠠᠨ ᠭᠡᠷ᠎ᠦᠨ ᠭᠠᠩ᠎ᠲᠠᠢ ᠤᠰᠤᠨ᠎ᠠᠴᠠ ᠠᠮᠠᠨ ᠴᠠᠩᠭᠠᠭ᠎ᠠ᠎ᠪᠠᠨ ᠭᠠᠷᠭᠠᠭᠠᠳ ᠤᠰᠤᠨ᠎ᠳᠤ ᠬᠣᠣᠷ ᠬᠢᠵᠦ᠂ ᠡᠪ ᠬᠠᠮᠲᠤᠴᠢᠯᠠᠬᠤ᠎ᠶᠢ ᠡᠰᠡᠷᠭᠦᠴᠡᠬᠦ ᠭᠡᠯᠡ ᠭᠡᠵᠦ ᠬᠡᠯᠡ ᠠᠮᠠ ᠪᠣᠯᠤᠭᠠᠳ ᠬᠣᠶᠠᠷᠬᠠᠨ ᠬᠣᠨᠤᠵᠤ ᠪᠠᠢᠨ᠎ᠠ᠃ ᠬᠤᠯᠠᠭᠠᠢ ᠨᠡᠷ᠎ᠡ᠎ᠶᠢ ᠡᠭᠦᠷᠦᠭᠰᠡᠨᠴᠦ ᠡᠪ ᠬᠠᠮᠲᠤᠴᠢᠯᠠᠬᠤ᠎ᠶᠢ ᠡᠰᠡᠷᠭᠦᠴᠡᠭᠰᠡᠨ ᠶᠠᠯᠠᠳᠤ ᠪᠤᠤ ᠣᠷᠤᠶ᠎ᠠ! 《ᠪᠢ ᠥᠯᠦᠰᠦᠭᠡᠳ ᠲᠡᠰᠬᠦᠦᠭᠡᠢᠳᠡᠭᠡᠨ ᠁》 ᠭᠡᠵᠦ ᠬᠠᠮᠠᠷ ᠯᠣᠳᠤᠨ ᠳᠣᠭᠤᠤᠷ ᠬᠠᠷᠠᠨ ᠳᠣᠷᠤᠢ ᠳᠤᠤᠭᠠᠷᠪᠠ᠃ ᠬᠣᠷᠤᠮᠬᠠᠨ ᠵᠠᠭᠤᠷ᠎ᠠ ᠲᠠᠯ᠎ᠠ ᠲᠤᠯᠠ ᠬᠠᠷ᠎ᠠ ᠭᠤᠯᠢᠷ᠎ᠤᠨ ᠮᠠᠨᠲᠠᠤ᠂ ᠬᠣᠶᠠᠷ ᠭᠤᠷᠪᠠᠨ ᠲᠦᠭᠦᠬᠡᠢ ᠲᠥᠮᠦᠰᠦ ᠁ ᠭᠠᠷ᠎ᠲᠤ ᠠᠳᠭᠤᠭᠠ ᠠᠶᠠᠭᠠᠨ ᠵᠦᠯᠭᠦᠭᠦᠷᠲᠦᠨᠢ ᠪᠥᠮᠪᠦᠯᠵᠡᠨ ᠣᠷᠤᠭᠠᠳ ᠬᠡᠳᠦᠨ ᠦᠰᠦᠭ᠎ᠲᠡᠢ ᠭᠤᠷᠪᠠᠯᠵᠢᠨ ᠴᠠᠭᠠᠨ ᠳᠤᠭ ᠵᠠᠭᠠᠮᠠᠨ᠎ᠳᠤᠨᠢ ᠬᠠᠳᠭᠤᠭᠳᠠᠪᠠ᠃
ᠬᠣᠭᠤᠯᠠ ᠬᠠᠮᠢᠶᠠᠷᠤᠭᠴᠢ᠎ᠶᠢᠨ ᠵᠣᠪᠠᠯᠠᠩ ᠪᠤᠢ᠃ ᠣᠢᠷ᠎ᠠ᠎ᠠᠴᠠ ᠶᠡᠷᠦ᠎ᠨᠢ ᠬᠣᠭᠤᠯᠠᠨ ᠭᠡᠷ᠎ᠦᠨ ᠬᠠᠮᠤᠵᠤ ᠴᠤᠭᠯᠠᠭᠤᠯᠤᠭᠰᠠᠨ ᠵᠢᠭᠠᠬᠠᠨ ᠬᠦᠨᠡᠰᠦ᠎ᠨᠢ ᠢᠷᠤᠭᠠᠷ ᠭᠠᠷᠬᠤ ᠲᠡᠰᠢ ᠬᠠᠨᠳᠤᠭᠠᠳ ᠳᠠᠭᠠᠭᠠᠮᠠᠯ ᠰᠠᠭᠤᠭᠰᠠᠨ ᠲᠡᠭᠦᠨ᠎ᠢ ᠬᠡᠴᠡᠭᠦᠦ ᠰᠠᠨᠳᠤᠷᠭᠠᠵᠠᠢ᠃ ᠳᠡᠭᠡᠭᠰᠢ᠎ᠪᠡᠨ ᠮᠡᠳᠡᠭᠦᠯᠪᠡᠯ: ᠡᠪ ᠬᠠᠮᠲᠤ᠎ᠶᠢᠨ ᠦᠢᠯᠡᠰ᠎ᠲᠦ ᠡᠷᠴᠢ ᠨᠡᠮᠡᠬᠦ᠎ᠡᠴᠡ ᠪᠢᠰᠢ ᠰᠤᠯᠠᠷᠠᠭᠤᠯᠵᠤ ᠶᠠᠭᠠᠬᠢᠭᠰᠠᠨ᠎ᠴᠤ ᠪᠣᠯᠬᠤ᠎ᠦᠭᠡᠢ᠂ ᠡᠪ ᠬᠠᠮᠲᠤ ᠶᠣᠰᠤᠨ᠎ᠳᠤ ᠢᠲᠡᠭᠡᠯ ᠠᠯᠳᠠᠬᠤ ᠪᠣᠯ ᠠᠶᠤᠯᠲᠠᠢ! ᠭᠡᠰᠡᠨ ᠵᠢᠮ᠎ᠡ ᠬᠦᠯᠢᠶᠡᠨ᠎ᠡ᠃ ᠲᠡᠢᠨ᠎ᠬᠦ ᠠᠷᠭ᠎ᠠ᠎ᠦᠭᠡᠢ᠎ᠳᠠᠭᠠᠨ ᠵᠢᠩ᠎ᠦᠨ ᠣᠳᠤ᠎ᠶᠢ ᠢᠳᠡᠭ ᠢᠳᠡᠭ᠎ᠢᠶᠡᠷ ᠳᠠᠷᠤᠵᠤ᠂ ᠥᠳᠭᠡ᠎ᠨᠢ ᠰᠢᠩᠭᠡᠨ ᠪᠣᠯᠭᠠᠨ ᠬᠤᠪᠢᠷᠠᠭᠤᠯᠤᠭᠰᠠᠭᠠᠷ ᠴᠠᠳᠬᠤ᠎ᠶᠢ ᠪᠠᠢᠲᠤᠭᠠᠢ᠂ ᠥᠯ ᠳᠠᠷᠤᠵᠤᠴᠤ ᠳᠡᠢᠯᠬᠦ᠎ᠦᠭᠡᠢ ᠬᠡᠮᠵᠢᠶᠡᠨ᠎ᠳᠦ ᠬᠦᠷᠭᠡᠪᠡ᠃ ᠣᠯᠠᠨ᠎ᠤ ᠳᠤᠮᠳᠠ ᠱᠤᠤᠭᠢᠶᠠᠨ ᠪᠣᠯᠵᠤ ᠪᠠᠢᠨ᠎ᠠ᠃ ᠬᠠᠮᠠᠷ ᠯᠣᠳᠤᠨ᠎ᠢᠶᠠᠷ ᠬᠠᠷᠠᠭ᠎ᠠ ᠪᠣᠯᠭᠠᠵᠤ ᠪᠠᠢᠭᠠᠳ ᠪᠥᠭᠡᠮ ᠶᠠᠷᠢᠶ᠎ᠠ᠎ᠶᠢ ᠳᠠᠷᠤᠬᠤᠨᠢᠴᠤ ᠪᠠᠰᠠ ᠨᠢᠭᠡ ᠠᠷᠭ᠎ᠠ ᠡ!
ᠬᠠᠮᠠᠷ ᠯᠣᠳᠤᠨ ᠴᠡᠴᠡᠷᠡᠵᠦ ᠪᠥᠬᠦᠢᠭᠰᠡᠭᠡᠷ ᠭᠠᠳᠠᠭ᠎ᠠ ᠡᠭᠦᠳᠡᠨ᠎ᠦ ᠲᠤᠰᠢᠶ᠎ᠠ ᠭᠣᠩᠰᠤᠢᠵᠤ ᠵᠣᠭᠰᠤᠲᠠᠯᠠ ᠴᠠᠪ᠎ᠤᠨ ᠳᠤᠩ ᠳᠦᠩᠭᠢᠨᠡᠵᠦ ᠡᠬᠢᠯᠡᠯ᠎ᠡ᠃ ᠢᠯᠠᠢᠮᠢᠨᠢ! ᠭᠤᠷᠪᠠᠨ ᠬᠣᠲᠠ ᠳᠥᠷᠪᠡᠨ ᠤᠰᠤᠨ᠎ᠤ ᠠᠬᠠᠰ ᠵᠠᠬᠠᠰ᠎ᠲᠠᠢ ᠪᠢ ᠶᠠᠮᠠᠷ ᠨᠢᠭᠤᠷ᠎ᠢᠶᠠᠷ ᠵᠣᠯᠭᠠᠨ᠎ᠠ? ᠭᠡᠵᠦ ᠪᠣᠳᠤᠮᠠᠭᠴᠠ ᠬᠠᠮᠠᠷ ᠯᠣᠳᠤᠨᠤ ᠬᠠᠮᠤᠭ ᠪᠡᠶ᠎ᠡ᠎ᠡᠴᠡ ᠬᠦᠢᠲᠡᠨ ᠬᠥᠯᠦᠰᠦ ᠴᠢᠬᠠᠷᠠᠵᠤ᠂ ᠪᠣᠯᠳᠠᠭ᠎ᠰᠠᠨ ᠪᠣᠯ ᠰᠢᠷᠭᠤᠯᠵᠢ᠎ᠶᠢᠨ ᠨᠦᠬᠡᠪᠡᠷᠴᠦ ᠰᠢᠷᠭᠤᠴᠢᠬᠠᠮᠠᠷ ᠰᠠᠨᠠᠭᠳᠠᠨ᠎ᠠ᠃
ᠪᠥᠭᠡᠮ ᠬᠥᠮᠦᠨ ᠬᠠᠮᠠᠷ ᠯᠣᠳᠤ᠎ᠨᠢ ᠬᠦᠷᠢᠶᠡᠯᠡᠨ ᠱᠣᠬᠤᠭᠤᠷᠠᠬᠤᠳᠤ ᠨᠢᠭᠤᠷ ᠴᠢᠬᠢ᠎ᠨᠢ ᠨᠢᠯ ᠨᠢᠯ ᠬᠢᠨ ᠬᠠᠯᠠᠭᠤ ᠣᠷᠭᠢᠨ᠎ᠠ᠃
《ᠬᠦᠢ᠂ ᠬᠠᠮᠠᠷᠴᠢᠨᠢ ᠰᠤᠷᠮᠠᠭᠠᠢ ᠬᠤᠯᠠᠭᠠᠢᠴᠢ ᠪᠠᠢᠭᠰᠠᠨ᠎ᠶᠤᠮ ᠪᠠᠢᠵᠤ ᠰᠢᠤ ᠳ᠋ᠠ 》 ᠭᠡᠵᠦ ᠬᠡᠨ ᠨᠢᠭᠡ᠎ᠨᠢ ᠬᠠᠯᠪᠠᠯᠵᠠᠨ ᠳᠡᠷᠪᠡᠯᠵᠡᠬᠦ ᠴᠠᠭᠠᠨ ᠲᠤᠭ᠎ᠢ ᠵᠢᠭᠠᠨ᠎ᠠ᠃
《ᠳᠠᠩᠴᠢ ᠲᠡᠢᠮᠦ ᠪᠠᠢᠬᠤ ᠳ᠋ᠠ᠃ ᠣᠢᠷ᠎ᠠ᠎ᠠᠴᠠ ᠪᠢᠳᠡ ᠶᠡᠷᠦ᠎ᠨᠢ ᠴᠠᠳᠭᠤᠯᠠᠩ ᠶᠠᠪᠤᠭ᠎ᠠ᠎ᠦᠭᠡᠢ ᠰᠢᠤ᠃ ᠪᠠᠢᠳᠠᠭ ᠥᠳᠭᠡᠨᠢᠨᠢ ᠬᠠᠮᠠᠷᠮᠢᠨᠢ ᠬᠠᠭᠤᠷᠠᠢᠯᠠᠭᠠᠳ ᠰᠢᠩᠭᠡᠨ ᠱᠤᠩᠭᠤᠨ᠎ᠨᠢ ᠮᠠᠨ᠎ᠤ ᠪᠣᠯᠤᠭᠰᠠᠨᠶᠤᠮᠴᠢᠨᠢ!》
《ᠥᠪᠡᠷ᠎ᠢᠶᠡᠨ ᠬᠦᠷᠦᠭᠰᠡᠨ᠎ᠢᠶᠡᠷ ᠪᠠᠷᠠᠬᠤ᠎ᠦᠭᠡᠢ᠂ ᠴᠢᠪᠠᠭᠠᠨᠴᠠ᠎ᠳᠠᠭᠠᠨ ᠬᠡᠳᠦᠢ ᠵᠥᠭᠡᠭᠡᠭᠰᠡᠨ ᠪᠣᠯ? ᠁》
ᠴᠢᠪᠠᠭᠠᠨᠴᠠ? ᠵᠠᠯᠠᠭᠤ ᠴᠢᠪᠠᠭᠠᠨᠴᠠ ᠡᠨᠡ ᠦᠶᠡᠰ ᠪᠤᠤ᠎ᠯᠠ ᠦᠵᠡᠭᠳᠡᠭᠡᠰᠡᠢ ᠳ᠋ᠠ ! ᠬᠥᠬᠡ ᠴᠠᠢ᠎ᠳᠠᠭᠠᠨ ᠬᠥᠯᠦᠷᠡᠭᠡᠳ ᠬᠣᠭᠤᠯᠠ ᠢᠳᠡᠬᠦ᠎ᠪᠡᠨ ᠮᠠᠷᠲᠠᠭᠰᠠᠨᠴᠤ ᠶᠠᠭᠠᠮᠠᠢ᠂ ᠶᠠᠳᠠᠪᠠᠯ ᠤᠷᠢᠳᠤ ᠰᠥᠨᠢ ᠲᠠᠭᠰᠢᠭᠤᠷ᠎ᠲᠤ ᠳᠠᠭᠠᠷᠢᠭᠳᠠᠭᠠᠳ ᠶᠣᠢᠯᠠᠨ ᠬᠡᠪᠲᠡᠭᠰᠡᠨᠴᠦ ᠶᠠᠭᠠᠮᠠᠢ ᠁ ᠭᠡᠵᠦ ᠬᠠᠮᠠᠷ ᠯᠣᠳᠤᠨ ᠳᠣᠲᠤᠷ᠎ᠠ᠎ᠪᠠᠨ ᠵᠠᠯᠪᠠᠷᠢᠨ᠎ᠠ᠃
ᠭᠡᠪᠡᠴᠦ ᠬᠠᠮᠠᠷ ᠯᠣᠳᠤᠨᠤ ᠮᠠᠭᠤ᠎ᠶᠢ᠎ᠨᠢ ᠮᠠᠯᠲᠠᠵᠤ ᠮᠤᠬᠤᠷᠢᠨᠢ ᠲᠥᠭᠡᠯᠡᠬᠦ ᠭᠡᠰᠡᠨ᠎ᠶᠦᠮ᠎ᠰᠢᠭ ᠶᠠᠭ ᠡᠨᠡ ᠭᠠᠯ ᠬᠥᠭ ᠳᠡᠭᠡᠷ᠎ᠡ᠎ᠨᠢ ᠵᠠᠯᠠᠭᠤ ᠴᠢᠪᠠᠭᠠᠨᠴᠠ ᠲᠠᠯᠪᠢᠭᠠᠳ ᠢᠷᠡᠵᠡᠢ᠃ ᠵᠠᠭᠷᠠᠢᠮ᠎ᠠ ᠲᠡᠭᠦᠨ᠎ᠦ ᠡᠮᠦᠨ᠎ᠡ ᠤᠳᠠᠲᠠᠯ᠎ᠠ ᠮᠡᠯᠡᠷᠡᠵᠦ ᠵᠣᠭᠰᠤᠭᠰᠠᠨ᠎ᠢᠶᠠᠨ ᠭᠡᠨᠡᠳᠲᠡ ᠠᠯᠠᠭᠠᠪᠠᠷᠢᠶᠠᠨ ᠨᠢᠭᠤᠷ᠎ᠢᠶᠠᠨ ᠳᠠᠷᠤᠭᠠᠳ ᠬᠠᠢᠯᠠᠵᠤ ᠮᠠᠢᠯᠠᠭᠰᠠᠭᠠᠷ ᠪᠤᠴᠠᠵᠤ ᠭᠦᠶᠦᠪᠡ᠃
ᠬᠠᠮᠠᠷ ᠯᠣᠳᠤᠨ ᠨᠢᠭᠤᠷ᠎ᠢᠶᠠᠨ ᠢᠩᠭᠢᠵᠦ ᠪᠠᠷᠠᠵᠤ ᠭᠦᠢᠴᠡᠭᠡᠳ᠂ ᠬᠠᠭᠠᠰ ᠰᠠᠷ᠎ᠠ ᠪᠣᠯᠤᠳ᠎ᠤᠨ ᠵᠤᠤᠬᠠᠨ᠎ᠳᠤ ᠭᠠᠯ ᠨᠡᠮᠡᠬᠦ ᠲᠣᠷᠭᠠᠭᠤᠯᠢ᠎ᠳᠤ ᠤᠨᠠᠵᠠᠢ᠃ ᠪᠢᠲᠡᠭᠦᠦ ᠲᠣᠭᠯᠠᠭᠠᠮ᠎ᠳᠤ ᠤᠴᠠᠷᠠᠭᠰᠠᠨ ᠬᠠᠮᠠᠷ ᠯᠣᠳᠤᠨ ᠵᠣᠪᠠᠯᠠᠩ᠎ᠢᠶᠠᠨ ᠲᠣᠭᠠᠴᠢᠬᠤ ᠭᠠᠵᠠᠷ᠎ᠦᠭᠡᠢ᠎ᠳᠠᠭᠠᠨ ᠵᠠᠯᠠᠭᠤ ᠴᠢᠪᠠᠭᠠᠨᠴᠠ᠎ᠪᠠᠨ ᠡᠷᠢᠨ ᠣᠴᠢᠪᠠ᠃ ᠠᠢ ᠯᠠᠮᠠ ᠡ! ᠵᠠᠭᠷᠠᠢᠮ᠎ᠠ᠎ᠨᠢ ᠴᠠᠢᠴᠤᠦᠭᠡᠢ᠂ ᠴᠢᠷᠠᠢᠴᠤᠦᠭᠡᠢ ᠤᠭᠲᠤᠭᠠᠳ:
《ᠰᠢᠷᠢᠨ ᠨᠢᠭᠤᠷ᠎ᠢᠶᠠᠷ ᠮᠢᠨᠦ ᠬᠠᠲᠠᠪᠴᠢ᠎ᠶᠢ ᠠᠯᠬᠤᠪᠠᠤᠤ? ᠰᠢᠭᠢᠷ᠎ᠡ᠎ᠪᠡᠨ ᠲᠠᠲᠠᠭᠰᠠᠨᠴᠢᠨᠢ ᠳᠡᠭᠡᠷᠡᠦᠭᠡᠢᠦᠦ?》 ᠭᠡᠳ ᠵᠥᠷᠢᠭᠦᠦ ᠬᠠᠷᠠᠴᠢᠬᠠᠪᠠ᠃
《ᠪᠠᠢᠭ᠂ ᠪᠢ ᠲᠡᠢᠮᠦ ᠪᠢᠰᠢ ᠁》 ᠭᠡᠵᠦ ᠬᠠᠮᠠᠷ ᠯᠣᠳᠤᠨ ᠬᠡᠯᠡᠭᠡᠢᠷᠡᠵᠦ ᠭᠠᠷᠲᠠᠯ᠎ᠠ:
《ᠪᠠᠢᠭ ᠴᠠᠰᠢ!ᠮᠢᠨᠦ ᠨᠢᠭᠦᠯ ᠪᠠᠷᠠᠬᠤ᠎ᠦᠭᠡᠢ ᠭᠡᠳ ᠨᠡᠮᠡᠬᠦᠨᠢᠦᠦ? ᠬᠠᠷᠠᠯ᠎ᠠ ᠭᠡᠮ᠂ ᠥᠨᠦᠳᠦᠷ᠎ᠡᠴᠡ ᠬᠣᠢᠰᠢ ᠶᠡᠷᠦ᠎ᠨᠢ ᠬᠤᠪᠢ ᠬᠤᠪᠢᠪᠠᠨᠯᠠ ᠬᠥᠭᠡᠭᠡᠶ᠎ᠡ!》 ᠭᠡᠳ ᠵᠠᠯᠠᠭᠤ ᠴᠢᠪᠠᠭᠠᠨᠴᠠ ᠱᠦᠭᠦᠷ᠎ᠢᠶᠡᠨ ᠪᠠᠷᠢᠵᠤ ᠱᠠᠯᠠ᠎ᠪᠠᠨ ᠱᠦᠭᠦᠷᠳᠡᠵᠦ ᠡᠬᠢᠯᠡᠪᠡ᠃
ᠶᠢᠷᠲᠢᠨᠴᠦ ᠳᠡᠭᠡᠷ᠎ᠡ ᠨᠢᠭᠤᠷᠯᠠ ᠬᠡᠷᠡᠭᠲᠡᠢᠶᠦᠮ ᠪᠠᠢᠨ᠎ᠠ᠂ ᠲᠡᠭᠦᠨ᠎ᠢ ᠠᠯᠳᠠᠪᠠᠯ ᠶᠣᠰᠤᠲᠠᠢᠴᠤ ᠶᠣᠰᠤ᠎ᠦᠭᠡᠢ ᠪᠣᠯᠵᠤ᠂ ᠬᠠᠨᠢᠯᠠᠭᠰᠠᠨ ᠡᠮᠡᠴᠦ ᠰᠠᠯᠵᠤ ᠶᠠᠪᠤᠳᠠᠭᠶᠤᠮ ᠪᠠᠢᠨ᠎ᠠ᠃ ᠬᠠᠮᠠᠷ ᠯᠣᠳᠤᠨ ᠭᠣᠩᠰᠤᠢᠵᠤ ᠬᠠᠷᠢᠬᠤ᠎ᠳᠠᠭᠠᠨ ᠢᠩᠭᠢᠵᠦ ᠪᠣᠳᠤᠪᠠ᠃
ᠬᠠᠯᠠ ᠲᠠᠮᠤ᠎ᠪᠠᠨ ᠠᠮᠰᠠᠵᠤ᠂ ᠬᠠᠨᠢ᠎ᠪᠠᠨ ᠠᠯᠳᠠᠭᠰᠠᠨ ᠬᠠᠮᠠᠷ ᠯᠣᠳᠤᠨᠴᠤ ᠶᠠᠭᠠᠬᠢᠬᠤᠪ᠂ ᠳᠤᠭᠤᠢ ᠨᠣᠮᠤᠢ ᠠᠮᠢᠳᠤᠷᠠᠭᠰᠠᠭᠠᠷᠯᠠ᠃ ᠬᠠᠷᠢᠨ ᠥᠨᠥ ᠰᠦᠷᠡᠬᠡᠢ ᠬᠡᠢ ᠭᠣᠷᠢᠳᠠᠯ᠂ ᠪᠡᠯᠭᠡ ᠳᠡᠮᠪᠡᠷᠢᠯ᠎ᠦᠨ ᠳᠤᠮᠳᠠ ᠱᠠᠩᠳᠠᠭᠤᠷᠠᠵᠤ ᠪᠠᠢᠭᠰᠠᠨ ᠡᠪ ᠬᠠᠮᠲᠤ᠎ᠶᠢᠨ ᠰᠠᠯᠬᠢᠨ᠎ᠢ ᠳᠡᠮᠡᠢ ᠬᠣᠶᠠᠷ ᠰᠠᠷ᠎ᠠ ᠶᠠᠪᠤᠭᠳᠠᠭᠰᠠᠨ᠎ᠦᠭᠡᠢ ᠬᠡᠢ᠎ᠨᠢ ᠭᠠᠷᠤᠭᠰᠠᠨ ᠲᠤᠯᠤᠮ ᠬᠥᠭᠡᠷᠭᠡᠰᠢᠭ ᠠᠶᠠᠨ᠎ᠳᠠᠭᠠᠨ ᠬᠠᠮᠰᠢᠢᠬᠤ᠎ᠳᠤ ᠬᠦᠷᠴᠦ᠂ ᠬᠠ ᠶᠠᠦᠭᠡᠢ ᠰᠡᠭᠦᠷᠡᠰᠦ ᠠᠯᠳᠠᠭᠰᠠᠨ ᠬᠥᠭᠡᠷᠦᠬᠦᠢ ᠳᠠᠭᠤᠨ᠎ᠤ ᠳᠤᠮᠳᠠ ᠨᠤᠷᠠᠩᠬᠠᠢ ᠵᠤᠤᠬᠠᠨ᠎ᠤ ᠪᠠᠭᠤᠷᠢ᠂ ᠳᠤᠲᠠᠭᠤ ᠬᠠᠢᠯᠤᠭᠰᠠᠨ ᠬᠦᠳᠡᠷ᠎ᠦᠨ ᠵᠠᠷᠢᠮᠳᠤᠭ᠎ᠢᠶᠠᠨ ᠳᠤᠷᠠᠰᠭᠠᠯ ᠪᠣᠯᠭᠠᠨ ᠦᠯᠡᠳᠡᠭᠡᠵᠦ ᠠᠷᠢᠯᠪᠠ᠃
ᠬᠣᠭᠤᠯᠠᠨ ᠭᠡᠷ ᠪᠤᠰᠤᠷᠤᠭᠰᠠᠨ ᠴᠢᠮᠡᠭᠡ᠎ᠪᠡᠷ ᠬᠠᠮᠠᠷ ᠯᠣᠳᠤᠨ 《ᠡᠪ ᠬᠠᠮᠲᠤ ᠶᠣᠰᠤ》ᠢ᠋ᠢ ᠮᠥᠷᠦᠭᠡᠳᠬᠦ ᠵᠠᠪ᠎ᠦᠭᠡᠢ᠂ ᠰᠢᠭᠤᠳ ᠵᠦᠢᠷᠡᠢ ᠠᠪᠳᠠᠷ᠎ᠠ᠎ᠪᠠᠨ ᠲᠡᠭᠡᠭᠡᠭᠡᠳ ᠭᠡᠷ ᠥᠭᠡᠳᠡ᠎ᠪᠡᠨ ᠭᠣᠳᠤᠢᠵᠠᠢ᠃ ᠬᠣᠰᠢᠭᠤ ᠰᠤᠮᠤᠨ᠎ᠤ ᠳᠠᠷᠤᠭ᠎ᠠ ᠲᠡᠭᠦᠨ᠎ᠡᠴᠡ ᠰᠠᠨᠠᠯ ᠬᠤᠷᠢᠶᠠᠨ ᠲᠥᠯᠦᠪᠦᠷᠢ ᠪᠤᠴᠠᠭᠠᠬᠤ᠎ᠶᠢ ᠵᠥᠪᠰᠢᠭᠰᠡᠨ᠎ᠳᠦ ᠬᠠᠮᠠᠷ ᠯᠣᠳᠤᠨ ᠬᠠᠷᠢᠨ:
《ᠰᠠᠨᠠᠯ᠎ᠦᠭᠡᠢ᠂ ᠰᠠᠨᠠᠯ᠎ᠦᠭᠡᠢ᠂ ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨᠴᠤ ᠶᠠᠭᠠᠮᠠᠢ ᠳ᠋ᠠ !》 ᠭᠡᠳ ᠢᠷᠡᠭᠰᠡᠨ ᠵᠣᠴᠢᠳ᠎ᠢᠶᠠᠨ ᠢᠨᠢᠶᠡᠬᠦᠶᠢᠨᠴᠦ ᠠᠷᠭ᠎ᠠ᠎ᠦᠭᠡᠢ᠂ ᠤᠬᠢᠯᠠᠬᠤ᠎ᠶᠢᠨ ᠠᠷᠭ᠎ᠠ᠎ᠦᠭᠡᠢ ᠪᠣᠯᠭᠠᠵᠠᠢ᠃
ᠠᠪᠳᠠᠷ᠎ᠠ᠎ᠪᠠᠨ ᠣᠯᠤᠭᠠᠳ᠂ ᠴᠢᠪᠠᠭᠠᠨᠴᠠ᠎ᠪᠠᠨ ᠰᠠᠨᠠᠪᠠ᠃ ᠵᠥᠪ᠎ᠢᠶᠡᠨ ᠣᠯᠵᠤ ᠵᠦᠭ᠎ᠢᠶᠡᠨ ᠭᠠᠷᠭᠠᠭᠰᠠᠨᠢᠮᠢᠨᠢ ᠵᠠᠭᠷᠠᠢᠮ᠎ᠠ ᠴᠢᠬᠢᠲᠡᠢᠯᠡ ᠲᠥᠷᠦᠭᠰᠡᠨ ᠪᠣᠯ ᠰᠣᠨᠤᠰᠤᠭᠰᠠᠨ ᠪᠠᠢᠬᠤ᠃ ᠰᠠᠢᠨ ᠯᠣᠳᠤᠨ᠎ᠢᠶᠠᠨ ᠮᠠᠭᠤ ᠯᠣᠳᠤᠨ᠎ᠢᠶᠠᠷ ᠬᠠᠷᠠᠳᠠᠵᠤ᠂ ᠬᠠᠮᠠᠷ᠎ᠢᠶᠠᠨ ᠬᠡᠴᠡᠭᠦᠦ ᠭᠣᠮᠤᠳᠠᠭᠠᠯᠠ ᠭᠡᠳ ᠠᠮᠠ ᠨᠡᠭᠡᠭᠡᠬᠦ᠎ᠡᠴᠡ ᠰᠢᠷᠭᠢᠵᠦ ᠪᠠᠢᠯᠭᠦᠢ᠂ ᠨᠢᠭᠤᠷ᠎ᠤᠨ ᠠᠷᠠᠰᠤ ᠵᠤᠵᠠᠭᠠᠨᠢᠶᠠᠷᠢᠶᠠᠨ ᠪᠢ ᠳᠤᠭᠤᠢᠯᠠ ᠣᠴᠢᠶ᠎ᠠ ! ᠬᠡᠳᠦᠨ ᠰᠠᠢᠬᠠᠨ ᠦᠭᠡ ᠰᠣᠨᠤᠰᠪᠠᠯ ᠬᠠᠭᠤᠴᠢᠨ ᠨᠠᠢᠷ ᠰᠡᠷᠭᠦᠵᠦ ᠪᠣᠯᠬᠤ ᠶᠠᠭᠤ ᠮᠠᠭᠠᠳ! ᠭᠡᠵᠦ ᠪᠣᠳᠤᠭᠠᠳ ᠬᠠᠮᠠᠷ ᠯᠣᠳᠤᠨ ᠬᠣᠷᠭᠤ᠎ᠶᠢᠨ ᠢᠷᠤᠭᠠᠷᠠᠴᠠᠪᠠᠨ ᠨᠣᠭᠤᠭᠠᠨ ᠳᠤᠷᠳᠤᠩ ᠠᠯᠴᠢᠭᠤᠷ ᠠᠪᠴᠤ ᠡᠪᠦᠷᠯᠡᠭᠡᠳ᠂ ᠰᠢᠷ᠎ᠠ ᠪᠦᠷᠦᠢ᠎ᠶᠢ ᠵᠠᠪᠳᠤᠨ ᠣᠪᠤᠭᠠᠨ ᠠᠷᠤ᠎ᠶᠢ ᠰᠡᠮ ᠴᠢᠭᠯᠡᠪᠡ᠃
ᠵᠠᠯᠠᠭᠤ ᠴᠢᠪᠠᠭᠠᠨᠴᠠ ᠲᠡᠭᠦᠨ᠎ᠢ ᠦᠵᠡᠭᠡᠳ ᠭᠢᠯᠠᠪ ᠴᠢᠯᠡᠪ ᠬᠢᠭᠰᠡᠨ᠎ᠦᠭᠡᠢ ᠪᠣᠯᠪᠠᠴᠤ ᠠᠶ᠎ᠠ᠎ᠪᠠᠷ ᠳᠡᠮᠡᠢᠯᠡ ᠪᠠᠢᠨ᠎ᠠ᠂ ᠵᠤᠤᠮᠠᠯᠵᠠᠨ ᠢᠨᠢᠶᠡᠭᠰᠡᠭᠡᠷ ᠬᠠᠮᠠᠷ ᠯᠣᠳᠤᠨ᠎ᠲᠠᠢ ᠪᠢᠰᠢ ᠬᠠᠷᠢᠨ ᠬᠣᠷᠯᠣ ᠡᠪᠦᠭᠡᠨ᠎ᠦ ᠬᠥᠯᠦᠰᠦᠯᠡᠭᠰᠡᠨ ᠬᠡᠯᠡᠭᠡᠢ ᠬᠣᠨᠢᠴᠢᠨ᠎ᠲᠠᠢ ᠪᠡᠷᠬᠡ ᠶᠠᠭᠤᠮ᠎ᠠ ᠪᠣᠯᠤᠨ᠎ᠠ᠃
《ᠬᠠᠭᠵᠠᠷᠬᠠᠢ ᠭᠤᠲᠤᠯᠢᠴᠢᠨᠢ ᠬᠡᠳᠦᠢᠨ ᠲᠣᠪᠬᠢᠭᠠᠳ ᠲᠠᠯᠪᠢᠭᠰᠠᠨ᠂ ᠠᠪᠠᠴᠢᠬᠤ᠎ᠪᠠᠷ ᠢᠷᠡᠬᠦᠦᠭᠡᠢᠨᠢ ᠶᠠᠭᠤ ᠪᠤᠢ? ᠪᠢ ᠴᠢᠮᠠᠢ ᠪᠡᠷᠬᠡ ᠬᠠᠷᠠᠯ᠎ᠠ ᠰᠢᠤ᠃ ᠶᠠᠭᠤ᠎ᠴᠤ ᠭᠠᠢᠭᠤᠢ᠂ ᠥᠨᠥ ᠬᠡᠳᠦᠨ ᠬᠣᠨᠢᠪᠠᠨᠯᠠ!》 ᠭᠡᠵᠦ ᠵᠠᠯᠠᠭᠤ ᠴᠢᠪᠠᠭᠠᠨᠴᠠ ᠪᠢᠲᠡᠭᠦᠦ ᠬᠠᠲᠠᠭᠤ ᠦᠭᠡ᠎ᠪᠡᠷ ᠬᠡᠯᠡᠭᠡᠢ ᠬᠣᠨᠢᠴᠢ᠎ᠨᠢ ᠪᠠᠶᠠᠷᠯᠠᠭᠤᠯᠵᠤ᠂ ᠥᠷᠦᠮ᠎ᠡ ᠬᠤᠷᠤᠳ᠎ᠢᠶᠠᠨ ᠠᠶᠠᠭ᠎ᠠ ᠳᠦᠭᠦᠷᠡᠩ ᠬᠥᠰᠭᠦᠯᠡᠵᠦ ᠥᠭᠭᠦᠭᠡᠳ᠂ ᠬᠠᠮᠠᠷ ᠯᠣᠳᠤᠨ᠎ᠳᠤ ᠬᠠᠷᠢᠨ ᠬᠣᠭᠤᠰᠤᠨ ᠴᠠᠢ᠎ᠪᠠᠷ ᠭᠡᠳᠡᠰᠦᠶᠢᠨᠢ ᠵᠠᠢᠯᠤᠭᠤᠯᠤᠭᠰᠠᠨᠢ ᠶᠠᠭᠠᠬᠢᠨ᠎ᠠ᠃
ᠤᠷᠢᠳᠤ ᠵᠠᠭᠷᠠᠢᠮ᠎ᠠ᠎ᠶᠢᠨ ᠶᠠᠭᠠᠬᠢᠬᠤᠨᠢᠴᠤ ᠰᠠᠢᠬᠠᠨ ᠪᠠᠢᠭᠰᠠᠨ᠎ᠶᠤᠮ᠃ ᠣᠳᠣ ᠬᠠᠷᠢᠨ ᠢᠨᠢᠶᠡᠬᠦᠨᠢᠴᠦ ᠮᠠᠭᠤᠬᠠᠢ ᠪᠣᠯᠵᠠᠢ᠃ ᠬᠠᠮᠠᠷ ᠯᠣᠳᠤᠨ ᠬᠠᠮᠠᠷ᠎ᠢᠶᠠᠨ ᠴᠡᠨᠳᠡᠢᠯᠭᠡᠵᠦ᠂ ᠬᠠᠭᠠᠰ ᠠᠶᠠᠭ᠎ᠠ ᠴᠠᠢ᠎ᠶᠢ ᠲᠤᠯᠭ᠎ᠠ ᠤᠷᠤᠭᠤ ᠴᠠᠷᠳᠠᠭᠠᠳ᠂ ᠬᠠᠨᠴᠤᠢ ᠰᠠᠵᠢᠨ ᠭᠠᠷᠴᠤ ᠶᠠᠪᠤᠵᠠᠢ᠃ ᠲᠡᠭᠦᠨ᠎ᠡᠴᠡ ᠬᠣᠢᠰᠢ ᠵᠠᠯᠠᠭᠤ ᠴᠢᠪᠠᠭᠠᠨᠴᠠ᠎ᠶᠢ ᠬᠠᠶᠠᠨ᠎ᠳᠤᠨᠢ ᠬᠠᠶᠠᠵᠤ ᠣᠪᠤᠭᠠᠨ ᠠᠷᠤ᠎ᠶᠢ ᠬᠠᠪᠢᠳᠠᠭᠰᠠᠨ᠎ᠦᠭᠡᠢ ᠨᠠᠮᠤᠷ᠎ᠢ ᠠᠪᠴᠢᠷᠠᠪᠠ᠃
ᠯᠣᠳᠤᠨ᠎ᠳᠤ ᠯᠣᠳᠤᠨᠤ ᠪᠣᠳᠤᠯ ᠪᠠᠢᠬᠤ᠎ᠳᠤ ᠴᠢᠪᠠᠭᠠᠨᠴᠠ᠎ᠳᠤ ᠪᠠᠰᠠ ᠴᠢᠪᠠᠭᠠᠨᠴᠠ᠎ᠶᠢᠨ ᠠᠭᠠᠰᠢ ᠪᠤᠢ᠃ ᠥᠪᠡᠷ᠎ᠦᠨ ᠮᠠᠭᠤ᠎ᠳᠠᠭᠠᠨ ᠨᠢᠭᠤᠷ᠎ᠢᠶᠠᠨ ᠪᠠᠷᠠᠴᠢᠬᠠᠭᠠᠳ ᠨᠠᠳᠠ᠎ᠲᠠᠢ ᠤᠴᠢᠷ᠎ᠦᠭᠡᠢ ᠥᠷᠢᠰᠦᠯᠳᠦᠬᠦ ᠶᠠᠭᠤ ᠪᠠᠢᠬᠤᠪ? ᠬᠦᠷᠦᠭᠡᠳ ᠢᠷᠡᠪᠡᠯ ᠪᠢ ᠴᠠᠰᠢ ᠭᠡᠬᠦ᠎ᠦᠭᠡᠢ᠂ ᠢᠷᠡᠬᠦ᠎ᠦᠭᠡᠢ ᠭᠡᠳ ᠪᠢ ᠯᠠᠪ ᠨᠠᠰᠢ ᠭᠡᠬᠦ᠎ᠦᠭᠡᠢ᠂ ᠴᠢᠮ᠎ᠠ᠎ᠲᠠᠢ ᠴᠢᠮ᠎ᠠ᠎ᠦᠭᠡᠢ᠂ ᠨᠠᠳᠠ ᠡᠮᠲᠡᠷᠡᠵᠦ ᠬᠣᠬᠢᠷᠠᠬᠤ ᠵᠦᠢᠯ ᠨᠢᠭᠡ᠎ᠴᠦ᠎ᠦᠭᠡᠢ! ᠭᠡᠵᠦ ᠵᠠᠭᠷᠠᠢᠮᠠᠴᠤ ᠦᠭᠡᠨ᠎ᠳᠡᠭᠡᠨ ᠰᠠᠭᠤᠵᠤ᠂ ᠡᠪᠦᠯ᠎ᠢ ᠥᠩᠭᠡᠷᠡᠭᠡᠵᠡᠢ᠃
ᠵᠠᠯᠠᠭᠤ ᠴᠢᠪᠠᠭᠠᠨᠴᠠ ᠬᠡᠯᠡᠭᠡᠢ ᠬᠣᠨᠢᠴᠢᠨ᠎ᠲᠠᠢ ᠲᠡᠭᠡᠵᠦ ᠰᠦᠷᠡᠬᠡᠢ ᠰᠠᠢᠮᠰᠤᠷᠠᠭᠰᠠᠨ᠎ᠨᠢ ᠵᠥᠪᠬᠡᠨᠯᠡ ᠬᠤᠪᠢᠨ᠎ᠤ ᠬᠡᠳᠦᠨ ᠬᠣᠨᠢ᠎ᠪᠠᠨ ᠠᠯᠳᠠᠵᠤ ᠳᠤᠰᠤᠬᠤ᠎ᠠᠴᠠ ᠬᠢᠴᠢᠶᠡᠭᠰᠡᠨᠶᠦᠮ ᠭᠡᠳᠡᠭ᠎ᠢ ᠬᠠᠮᠠᠷ ᠯᠣᠳᠤᠨ ᠬᠡᠵᠢᠶ᠎ᠡ ᠬᠣᠵᠢᠮ᠎ᠨᠢ ᠰᠤᠷᠠᠭᠯᠠᠵᠤ ᠮᠡᠳᠡᠭᠡᠳ᠂ ᠲᠠᠪᠲᠤᠷ᠎ᠦᠭᠡᠢ ᠠᠭᠠᠰᠢᠯᠠᠭᠰᠠᠨ᠎ᠳᠠᠭᠠᠨ ᠬᠡᠴᠡᠭᠦᠦ ᠭᠡᠮᠰᠢᠵᠡᠢ᠃ ᠬᠡᠳᠦᠨ ᠵᠢᠯ᠎ᠦᠨ ᠡᠮᠦᠨ᠎ᠡ ᠪᠣᠯᠤᠭᠰᠠᠨ ᠪᠣᠯ ᠪᠤᠷᠤᠭᠤ᠎ᠪᠠᠨ ᠬᠦᠯᠢᠶᠡᠭᠡᠳ ᠣᠴᠢᠬᠤ᠎ᠠᠴᠠ ᠪᠤᠴᠠᠬᠤ᠎ᠦᠭᠡᠢ ᠪᠠᠢᠭᠰᠠᠨ᠃ ᠭᠡᠲᠡᠯ᠎ᠡ ᠬᠢᠯᠠᠷ ᠳᠠᠮᠪᠢ᠎ᠳᠤ ᠪᠡᠶ᠎ᠡ᠎ᠪᠡᠨ ᠵᠢᠮᠡᠯᠡᠭᠡᠳ ᠬᠤᠯᠠᠭᠠᠢ ᠨᠡᠷ᠎ᠡ ᠵᠡᠭᠦᠬᠦ ᠪᠣᠯᠤᠭᠰᠠᠨ᠎ᠳᠠᠭᠠᠨ ᠵᠢᠷᠦᠬᠡᠨ᠎ᠳᠦ᠎ᠨᠢ ᠰᠢᠷ᠎ᠠ ᠤᠰᠤ ᠴᠤᠭᠯᠠᠭᠠᠳ ᠬᠠᠰᠢᠯᠠ ᠣᠴᠢᠬᠤᠦᠭᠡᠢᠨᠢ ᠳᠡᠭᠡᠷ᠎ᠡ ᠭᠡᠵᠦ ᠪᠣᠳᠤᠭᠰᠠᠭᠠᠷ ᠵᠤᠨ᠎ᠢᠶᠠᠨ ᠪᠠᠷᠠᠯᠠᠪᠠ᠃
ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ!
ᠨᠢᠭᠡᠳᠦᠯ ᠪᠠᠢᠭᠤᠯᠤᠭᠳᠠᠭᠠᠳ ᠬᠡᠳᠦᠨ ᠵᠢᠯ ᠪᠣᠯᠤᠯ᠎ᠠ᠃ ᠴᠢᠪᠠᠭᠠᠨᠴᠠ᠎ᠲᠠᠢ ᠬᠥᠨᠳᠡᠢᠷᠡᠭᠰᠡᠨ᠎ᠳᠡᠭᠡᠨ ᠬᠠᠮᠠᠷ ᠯᠣᠳᠤᠨ ᠪᠤᠳᠤᠭ᠎ᠨᠢ ᠬᠣᠪᠬᠤᠷᠠᠬᠠᠢ ᠠᠪᠳᠠᠷ᠎ᠠ᠎ᠪᠠᠨ ᠰᠢᠨᠡᠳᠭᠡᠵᠦ ᠵᠠᠰᠠᠬᠤ᠎ᠶᠢ ᠪᠣᠳᠤᠭᠰᠠᠨ᠎ᠦᠭᠡᠢ᠂ ᠥᠩᠭᠡ ᠭᠠᠷᠲᠠᠯ᠎ᠠ ᠵᠦᠯᠭᠦᠬᠦᠪᠡᠨᠴᠦ ᠪᠣᠯᠢᠪᠠ᠃
ᠲᠡᠭᠦᠨ᠎ᠦ ᠠᠮᠢᠳᠤᠷᠠᠯ᠎ᠤᠨ ᠡᠷᠢᠯ ᠬᠦᠰᠡᠯ᠎ᠨᠢ ᠠᠪᠳᠠᠷ᠎ᠠ᠎ᠶᠢᠨ ᠨᠢᠭᠤᠷ᠎ᠲᠠᠢ᠎ᠪᠠᠨ ᠠᠳᠠᠯᠢᠬᠠᠨ ᠬᠣᠪᠬᠤᠷᠠᠵᠤ ᠡᠮᠲᠡᠷᠡᠭᠰᠡᠨ ᠪᠣᠯᠤᠯᠲᠠᠢ᠃ ᠠᠢ ᠳ᠋ᠠ ! ᠴᠢᠪᠠᠭᠠᠨᠴᠠ ᠬᠥᠮᠦᠨ ᠬᠠᠨᠠᠰᠠ ᠨᠠᠳᠠ᠎ᠲᠠᠢ ᠨᠢᠭᠡ ᠰᠡᠳᠭᠢᠯ ᠪᠠᠢᠬᠤᠪ? ᠬᠠᠮᠠᠷ ᠯᠣᠳᠤᠨ ᠪᠢ ᠰᠣᠷᠲᠤᠭᠤ ᠯᠠᠷᠵᠢᠶ᠎ᠠ᠎ᠲᠠᠢ ᠶᠠᠪᠤᠵᠤ ᠴᠢᠪᠠᠭᠠᠨᠴᠠ᠎ᠶᠢᠨ ᠠᠲᠠᠭ᠎ᠠ᠎ᠶᠢ ᠪᠤᠴᠠᠯᠭᠠᠶᠠ!
ᠲᠡᠭᠦᠨ᠎ᠡᠴᠡ ᠬᠣᠢᠰᠢ ᠬᠠᠮᠠᠷ ᠯᠣᠳᠤᠨ ᠨᠡᠢᠲᠡᠶᠢᠨᠴᠦ ᠪᠣᠯᠤᠭ ᠬᠤᠪᠢᠨᠤᠴᠤ ᠪᠣᠯᠤᠭ᠂ ᠬᠠᠮᠢᠭ᠎ᠠ ᠪᠣᠯ ᠲᠡᠨᠳᠡ ᠮᠣᠳᠤ᠎ᠲᠠᠢ ᠨᠣᠴᠤᠯᠳᠤᠭᠠᠳ ᠮᠠᠬᠠᠷᠠᠳᠠᠭ ᠪᠣᠯᠪᠠᠴᠤ ᠵᠠᠩ᠎ᠨᠢ ᠶᠠᠪᠤᠬᠤ ᠲᠤᠰᠤᠮ ᠰᠣᠨᠢᠨ ᠪᠣᠯᠵᠠᠢ᠃
ᠬᠠᠩᠰᠢ ᠥᠩᠭᠡᠷᠡᠵᠦ ᠮᠠᠯ ᠴᠠᠳᠤᠭᠠᠳ ᠪᠠᠢᠬᠤ᠎ᠳᠤ ᠪᠠᠷᠢᠭᠠᠳᠠ᠎ᠠᠴᠠ ᠬᠥᠮᠦᠨ ᠢᠷᠡᠭᠦᠯᠵᠦ᠂ 《ᠨᠢᠭᠡᠳᠦᠯ ᠳᠡᠭᠡᠷ᠎ᠡ ᠮᠣᠳᠤᠨ᠎ᠤ ᠠᠵᠢᠯ᠎ᠲᠠᠢ》 ᠭᠡᠰᠡᠨ ᠦᠭᠡ ᠥᠭᠴᠡᠢ᠃ ᠬᠠᠮᠠᠷ ᠯᠣᠳᠤᠨᠤ ᠬᠠᠮᠠᠷ᠎ᠨᠢ ᠴᠡᠨᠳᠡᠢᠭᠰᠡᠨᠦᠭᠡᠢ ᠮᠥᠷᠲᠡᠭᠡᠨ ᠮᠠᠭᠠᠰᠠᠢᠭᠠᠳ ᠢᠨᠢᠶᠡᠴᠢᠬᠡᠪᠡ᠃ ᠬᠠᠮᠠᠷ ᠯᠣᠳᠤᠨ ᠣᠳᠣ᠎ᠴᠤ ᠨᠢᠭᠡ ᠥᠪᠴᠢᠬᠦ ᠴᠠᠭ ᠪᠣᠯᠵᠠᠢ ᠳ᠋ᠠ ! ᠰᠤᠮᠤᠨ ᠳᠠᠷᠤᠭ᠎ᠠ ᠬᠦᠷᠲᠡᠯ᠎ᠡ ᠬᠠᠮᠠᠷ ᠨᠠᠮᠠᠢ ᠪᠡᠷᠬᠡ ᠲᠣᠭᠤᠭᠰᠠᠨᠢ ᠦᠵᠡᠬᠦᠦᠭᠡᠢᠦᠦ? ᠡᠭᠦᠷ᠎ᠦᠨ ᠳᠠᠷᠤᠭᠠᠴᠤ ᠰᠠᠨᠳᠤᠷᠤᠭᠰᠠᠨ ᠲᠥᠯᠦᠪᠲᠡᠢ ᠯᠠᠪ ᠴᠢᠬᠤᠯᠠ ᠠᠵᠢᠯ᠎ᠲᠠᠢ ᠪᠠᠢᠬᠤ! ᠢᠷᠭᠡ᠎ᠶᠢᠨ ᠰᠢᠭᠦᠰᠦ ᠲᠠᠯᠪᠢᠳᠠᠭ ᠠᠮᠠ ᠰᠢᠷᠡᠭᠡ ᠬᠢᠯᠭᠡᠬᠦ ᠭᠡᠵᠦ ᠪᠠᠢᠬᠤ ᠪᠣᠯ᠎ᠤᠤ? ᠶᠠᠮᠤᠨ ᠣᠷᠳᠤᠨ᠎ᠤ ᠨᠣᠶᠠᠨ ᠨᠢᠷᠤᠭᠤ ᠠᠮᠠᠯᠠᠭᠤᠯᠬᠤ ᠭᠡᠵᠦ ᠪᠠᠢᠬᠤ ᠪᠣᠯ᠎ᠤᠤ ᠁ ᠭᠡᠵᠦ ᠪᠣᠳᠤᠮᠠᠭᠴᠠ ᠪᠡᠷᠬᠡᠯᠡ ᠬᠥᠩᠭᠡᠨ ᠱᠥᠩᠭᠡᠨ ᠬᠥᠳᠡᠯᠦᠭᠡᠳ ᠥᠭᠴᠡᠢ᠃
ᠵᠠᠮ᠎ᠳᠠᠭᠠᠨ ᠲᠡᠷᠭᠡ ᠭᠡᠯᠢᠵᠦ ᠶᠠᠪᠤᠭ᠎ᠠ ᠲᠠᠨᠢᠬᠤ᠎ᠦᠭᠡᠢ ᠵᠢᠭᠠᠯ ᠬᠦᠦᠲᠡᠢ ᠲᠠᠭᠠᠷᠠᠯᠳᠤᠵᠤ ᠪᠠᠭᠠᠵᠢ᠎ᠪᠠᠨ ᠭᠤᠶᠤᠵᠤ ᠲᠠᠯᠪᠢᠪᠠ᠃ ᠠᠷᠠᠯ᠎ᠤᠨ ᠱᠠᠷ᠎ᠤᠨ ᠭᠡᠯᠳᠦᠷᠢᠭᠡ᠎ᠶᠢ ᠳᠠᠭᠠᠵᠤ ᠪᠠᠢᠲᠠᠯ᠎ᠠ ᠨᠣᠭᠤᠭ᠎ᠠ ᠬᠥᠭᠡᠭᠡᠭᠰᠡᠨ ᠬᠣᠨᠢ᠎ᠪᠠᠨ ᠳᠠᠷᠤᠵᠤ ᠶᠠᠪᠤᠭ᠎ᠠ ᠬᠡᠯᠡᠭᠡᠢ ᠬᠣᠨᠢᠴᠢᠨ᠎ᠲᠠᠢ ᠬᠠᠯᠵᠠ ᠲᠠᠭᠠᠷᠠᠯᠳᠤᠪᠠ᠃ ᠬᠠᠮᠠᠷ ᠯᠣᠳᠤᠨ ᠰᠣᠴᠢᠭᠰᠠᠨ ᠬᠦᠴᠦᠨ᠎ᠳᠡᠭᠡᠨ ᠲᠡᠷᠭᠡ᠎ᠶᠢ ᠣᠩᠬᠤᠯᠢᠳᠠᠲᠠᠯᠠ ᠦᠰᠦᠷᠴᠦ ᠭᠠᠷᠤᠭᠠᠳ ᠯᠠᠭ ᠬᠢᠲᠡᠯ᠎ᠡ ᠵᠠᠪᠢᠯᠠᠵᠠᠢ᠃
《ᠬᠠᠮᠠᠷ ᠠᠬ᠎ᠠ ᠬᠠᠮᠢᠭ᠎ᠠ ᠬᠦᠷᠦᠨ᠎ᠡ ᠪᠤᠢ?》
《ᠡᠨᠡ᠂ ᠡᠨᠡ ᠁ ᠪᠢ ᠁ ᠰᠤᠮᠤᠨ ᠳᠠᠷᠤᠭ᠎ᠠ ᠵᠠᠯᠠᠯᠭ᠎ᠠ ᠠᠢᠯᠠᠳᠤᠭᠰᠠᠨ ᠲᠤᠯᠠ ᠨᠠᠢᠷ᠎ᠲᠤ ᠣᠴᠢᠵᠤ ᠶᠠᠪᠤᠨ᠎ᠠ᠃ ᠥᠴᠦᠭᠡᠳᠦᠷ ᠡᠭᠦᠷ᠎ᠦᠨ ᠳᠠᠷᠤᠭ᠎ᠠ ᠨᠠᠮᠠᠢ ᠵᠠᠯᠠᠭᠠᠳ ᠥᠨᠥᠳᠦᠷ ᠰᠤᠮᠤᠨ ᠳᠠᠷᠤᠭ᠎ᠠ ᠪᠠᠰᠠ ᠬᠦᠦᠪᠡᠷᠢᠶᠡᠨ ᠲᠡᠷᠭᠡ ᠬᠥᠲᠦᠯᠦᠭᠦᠯᠦᠭᠡᠳ ᠢᠷᠡᠭᠦᠯᠴᠢᠬᠡᠵᠡᠢ᠃ ᠠᠢ᠂ ᠣᠴᠢᠶ᠎ᠠ ᠳ᠋ᠠ ᠣᠴᠢᠶ᠎ᠠ ᠁》
ᠬᠠᠮᠠᠷ ᠯᠣᠳᠤᠨ ᠢᠩᠭᠢᠵᠦ ᠣᠷᠤ᠎ᠦᠭᠡᠢ ᠭᠠᠵᠠᠷ ᠣᠪᠤᠭ᠎ᠠ ᠪᠣᠰᠭᠠᠭᠰᠠᠨ ᠪᠣᠯᠪᠠᠴᠤ ᠢᠴᠢᠵᠦ ᠵᠣᠪᠠᠭᠰᠠᠨ᠎ᠦᠭᠡᠢ ᠮᠥᠷᠲᠡᠭᠡᠨ ᠭᠡᠳᠡᠷᠭᠦ ᠪᠠᠶᠠᠷᠯᠠᠴᠢᠬᠠᠪᠠ᠃ ᠡᠨᠡ ᠦᠭᠡ᠎ᠶᠢ ᠬᠡᠯᠡᠭᠡᠢ ᠬᠣᠨᠢᠴᠢᠨ ᠴᠢᠪᠠᠭᠠᠨᠴᠠ᠎ᠶᠢᠨ ᠴᠢᠬᠢᠨ᠎ᠳᠦ ᠬᠦᠷᠭᠡᠬᠦ᠎ᠳᠦ ᠬᠦᠷᠪᠡᠯ ᠲᠡᠷᠡ ᠶᠠᠭᠠᠬᠢᠵᠤ ᠠᠲᠠᠭᠠᠷᠬᠠᠬᠤ ᠪᠣᠯ? ᠪᠠᠷᠤᠭ ᠬᠡᠷᠡᠮ ᠮᠥᠷᠭᠦᠭᠡᠳ ᠦᠬᠦᠬᠦ ᠪᠠᠢᠬᠤ ᠡ!
ᠨᠢᠭᠡᠳᠦᠯ ᠳᠡᠭᠡᠷ᠎ᠡ ᠬᠡᠳᠦ ᠬᠣᠨᠤᠬᠤ ᠵᠠᠭᠤᠷ᠎ᠠ᠂ ᠠᠯᠪᠠᠨ ᠭᠡᠷ᠎ᠲᠦ ᠶᠠᠷᠢᠯᠳᠤᠬᠤ ᠳᠠᠭᠤᠨ ᠭᠠᠷᠴᠤᠯᠠ ᠪᠠᠢᠪᠠᠯ ᠬᠠᠮᠠᠷ ᠯᠣᠳᠤᠨ ᠭᠠᠷ᠎ᠲᠠᠬᠢ᠎ᠪᠠᠨ ᠬᠠᠶᠠᠭᠠᠳ ᠴᠣᠩᠬᠤᠨ ᠳᠣᠣᠷ᠎ᠠ᠎ᠨᠢ ᠣᠴᠢᠵᠤ ᠴᠢᠬᠢ ᠲᠠᠯᠪᠢᠵᠤᠯᠠ ᠪᠠᠢᠯ᠎ᠠ᠃ ᠭᠡᠪᠡᠴᠦ ᠲᠡᠷᠡ ᠪᠣᠯᠭᠠᠨ᠎ᠤ ᠤᠬᠠᠭᠠᠨ᠎ᠢ᠎ᠨᠢ ᠶᠡᠷᠦ ᠣᠯᠬᠤ᠎ᠦᠭᠡᠢ᠂ ᠲᠣᠭᠲᠠᠭᠠᠵᠤ ᠠᠪᠬᠤ ᠣᠢ ᠲᠣᠢ ᠨᠡᠩ᠎ᠦᠭᠡᠢ᠃ ᠠᠷᠪᠠᠭᠠᠳ ᠬᠣᠨᠤᠭ᠎ᠲᠤ ᠵᠥᠪᠬᠡᠨᠯᠡ: 《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ》
ᠭᠡᠰᠡᠨ ᠬᠠᠭᠠᠰ ᠳᠤᠲᠠᠭᠤ ᠦᠭᠡᠶᠢᠨᠢᠯᠡ ᠣᠯᠵᠤ ᠴᠡᠭᠡᠵᠢᠯᠡᠭᠰᠡᠨᠢ ᠶᠠᠭᠠᠮᠠᠢ᠃ ᠬᠠᠮᠠᠷ ᠯᠣᠳᠤᠨ ᠨᠢᠭᠡᠳᠦᠯ᠎ᠦᠨ ᠳᠠᠷᠤᠭ᠎ᠠ᠎ᠳᠤ ᠡᠷᠳᠡᠮ᠎ᠢᠶᠡᠨ ᠭᠠᠢᠬᠠᠭᠤᠯᠵᠤ ᠨᠢᠭᠤᠷ ᠣᠯᠬᠤ ᠰᠠᠨᠠᠭ᠎ᠠ᠎ᠲᠠᠢ᠃ 《 ᠬᠡᠷᠡᠭ᠎ᠦᠭᠡᠢ》 ᠭᠡᠵᠦ ᠪᠠᠢᠲᠠᠯ᠎ᠠ ᠮᠣᠳᠤᠨ ᠣᠷᠤ ᠬᠢᠬᠦ᠎ᠳᠡᠭᠡᠨ ᠳᠥᠷᠪᠡᠨ ᠲᠠᠯᠠᠳᠤᠨᠢ ᠢᠯᠡᠭᠦᠴᠡ ᠬᠠᠰᠢᠯᠭ᠎ᠠ ᠲᠠᠭᠠᠷᠠᠭᠤᠯᠵᠤ ᠥᠭᠴᠡᠢ᠃ ᠨᠢᠭᠡᠳᠦᠯ᠎ᠦᠨ ᠳᠠᠷᠤᠭ᠎ᠠ ᠬᠥᠮᠦᠰᠭᠡ᠎ᠪᠡᠨ ᠵᠠᠩᠭᠢᠳᠴᠤ ᠠᠪᠤᠭᠠᠳ ᠲᠡᠭᠦᠨ᠎ᠢ ᠭᠡᠷ᠎ᠲᠦᠨᠢ ᠪᠤᠴᠠᠭᠠᠭᠰᠠᠨ᠎ᠳᠤ᠂ ᠠᠶ᠎ᠠ! ᠬᠠᠮᠠᠷ ᠨᠠᠮᠠᠢ ᠥᠩᠭᠡᠷᠡᠦ ᠵᠦᠳᠡᠷᠡᠬᠦ᠎ᠡᠴᠡ ᠬᠢᠴᠢᠶᠡᠭᠡᠳ ᠪᠤᠰᠤᠳ᠎ᠠᠴᠠ ᠡᠮᠦᠨ᠎ᠡ ᠴᠢᠯᠦᠭᠡ ᠥᠭᠴᠢᠬᠡᠯ᠎ᠡ ᠰᠢᠦ ᠭᠡᠵᠦ ᠪᠠᠶᠠᠷᠯᠠᠭᠰᠠᠨ᠎ᠢ ᠶᠠᠭᠠᠬᠢᠨ᠎ᠠ᠃
ᠬᠡᠯᠡᠭᠡᠢ ᠬᠣᠨᠢᠴᠢᠨ ᠴᠢᠪᠠᠭᠠᠨᠴᠠᠶᠢᠨᠳᠤ ᠣᠴᠢᠭᠠᠳᠤᠢ᠎ᠶᠢ ᠰᠤᠷᠠᠭᠯᠠᠵᠤ ᠮᠡᠳᠡᠭᠡᠳ ᠬᠠᠮᠠᠷ ᠯᠣᠳᠤᠨ ᠰᠢᠷ᠎ᠠ ᠪᠦᠷᠦᠢ᠎ᠪᠡᠷ ᠬᠡᠯᠡᠭᠡᠢ ᠬᠣᠨᠢᠴᠢᠨ᠎ᠲᠠᠢ ᠠᠭᠤᠯᠵᠠᠬᠤ᠎ᠪᠠᠷ ᠬᠦᠷᠴᠡᠢ᠃ 《 ᠵᠠ᠂ ᠬᠠᠮᠠᠷ ᠠᠬ᠎ᠠ ᠬᠡᠳᠦᠨ ᠬᠣᠨᠤᠭ᠎ᠢᠶᠠᠷ ᠨᠢᠭᠡᠳᠦᠯ ᠳᠡᠭᠡᠷ᠎ᠡ ᠰᠠᠭᠤᠭᠠᠳ ᠨᠠᠢᠷ ᠥᠨᠳᠦᠷ ᠪᠣᠯᠤᠭᠰᠠᠨ ᠪᠢᠵᠡ?》
《ᠬᠡᠯᠡᠳᠡᠭᠦᠦ ᠳ᠋ᠠ᠂ ᠡᠷᠢᠨ ᠡᠷᠢᠨ᠎ᠳᠦ ᠳᠤᠮᠳᠠ᠎ᠪᠠᠨ ᠭᠠᠯ᠎ᠲᠠᠢ᠂ ᠲᠣᠭᠤᠷᠢᠭᠠᠳ ᠱᠥᠯᠦᠲᠡᠢ ᠬᠣᠭᠤᠯᠠ! ᠰᠤᠮᠤᠨ ᠳᠠᠷᠤᠭ᠎ᠠ᠂ ᠡᠭᠦᠷ᠎ᠦᠨ ᠳᠠᠷᠤᠭ᠎ᠠ ᠮᠠᠨ᠎ᠤ ᠭᠤᠷᠪᠠ ᠵᠥᠪᠳᠡᠯᠴᠡᠭᠡᠳ ᠁》
《ᠶᠠᠭᠤ ᠭᠡᠵᠦ ??》
《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ!》
《ᠶᠠᠮᠠᠷ ᠶᠠᠩᠵᠤ ᠪᠣᠯᠬᠤ ᠭᠡᠨ᠎ᠡ ᠪᠤᠢ?》
ᠴᠣᠬᠤᠮ ᠶᠠᠮᠠᠷ ᠶᠠᠩᠵᠤ ᠪᠣᠯᠬᠤ᠎ᠶᠢ ᠬᠠᠮᠠᠷ ᠯᠣᠳᠤᠨ ᠥᠪᠡᠷ᠎ᠢᠶᠡᠨ᠎ᠴᠦ ᠫᠠᠳ ᠲᠤᠯᠠ ᠬᠡᠯᠡᠭᠡᠢ᠎ᠡᠴᠡ ᠢᠯᠡᠭᠦᠦ ᠢᠯᠠᠭᠠᠢ ᠪᠣᠯᠵᠤ:
《ᠡᠨᠡ ᠁ ᠲᠡᠢᠮᠦ ᠶᠠᠩᠵᠤ ᠁ ᠮᠣᠷᠢᠨ ᠳᠡᠯ ᠳᠡᠭᠡᠭᠦᠷ ᠁ ᠶᠠᠭᠤ᠎ᠴᠤ ᠭᠡᠰᠡᠨ ᠴᠢᠪᠠᠭᠠᠨᠴᠠ᠂ ᠬᠡᠯᠡᠭᠡᠢ ᠤᠯᠤᠰᠤᠳᠲᠤᠯᠠ ᠬᠡᠴᠡᠭᠦᠦ ᠭᠡᠨ᠎ᠡ ᠳ᠋ᠠ !》 ᠭᠡᠵᠦ ᠲᠠᠪᠠ᠎ᠪᠠᠷ᠎ᠢᠶᠠᠨ ᠠᠢᠯᠠᠳᠤᠭᠠᠳ᠂ ᠰᠡᠩᠳᠡ ᠮᠡᠩᠳᠡ ᠵᠢᠯᠢᠢᠵᠦ ᠣᠷᠬᠢᠵᠠᠢ᠃
ᠡᠨᠡ᠎ᠨᠢ ᠨᠡᠭᠡᠷᠡᠨ ᠲᠤᠰᠠ ᠭᠠᠷᠴᠤ ᠬᠡᠯᠡᠭᠡᠢ ᠬᠣᠨᠢᠴᠢ᠎ᠨᠢ ᠲᠡᠷᠡ ᠮᠥᠷ᠎ᠲᠦ᠎ᠨᠢ ᠠᠪᠤᠭᠠᠳ ᠠᠷᠤ ᠥᠭᠡᠳᠡ ᠭᠦᠶᠦᠯᠭᠡᠵᠦ ᠴᠢᠳᠠᠵᠠᠢ᠃ ᠤᠤᠬᠠᠢ ᠮᠥᠨ ᠪᠣᠯᠵᠤ ᠪᠠᠢᠨ᠎ᠠ! ᠮᠠᠭᠤ ᠴᠢᠪᠠᠭᠠᠨᠴᠠ ᠰᠦᠨᠡᠰᠦ᠎ᠪᠡᠨ ᠵᠠᠢᠯᠠᠲᠠᠯ᠎ᠠ ᠠᠶᠤᠵᠤ ᠪᠠᠢᠨ᠎ᠠ ᠳ᠋ᠠ᠂ ᠠᠶᠠᠭᠦᠢᠳᠡᠪᠡᠯ 《ᠢᠯᠠᠢ ᠶᠠᠭᠠᠬᠢᠳᠠᠭ ᠪᠢᠯᠡ? ᠠᠷᠭ᠎ᠠ ᠪᠠᠢᠨ᠎ᠠ᠎ᠤᠤ? ᠬᠠᠮᠠᠷᠮᠢᠨᠢ ᠡ!》 ᠭᠡᠳ ᠠᠪᠤᠷᠠᠯ ᠭᠤᠶᠤᠬᠤ᠎ᠪᠠᠷ ᠢᠷᠡᠵᠦ ᠮᠡᠳᠡᠨ᠎ᠡ ᠰᠢᠦ!
ᠬᠠᠮᠠᠷ ᠯᠣᠳᠤᠨ ᠭᠠᠷᠤᠨ ᠣᠷᠤᠨ ᠠᠪᠤᠷᠠᠯ ᠭᠤᠶᠤᠬᠤ ᠬᠥᠮᠦᠨ᠎ᠢᠶᠡᠨ ᠬᠠᠷᠠᠭᠰᠠᠭᠠᠷ ᠪᠣᠯᠪᠠᠴᠤ ᠴᠢᠪᠠᠭᠠᠨᠴᠠ᠎ᠶᠢᠨ ᠪᠠᠷ᠎ᠠ ᠠᠯᠠᠭ᠎ᠠ᠎ᠶᠢ ᠶᠠᠭᠠᠬᠢᠨ᠎ᠠ᠃ ᠨᠣᠬᠠᠢ ᠳᠣᠯᠢᠶᠠ! ᠮᠥᠨᠴᠦ ᠰᠠᠭᠤᠷᠢ᠎ᠲᠠᠢ ᠡᠮ᠎ᠡ ᠪᠠᠢᠨ᠎ᠠ ᠳ᠋ᠠ ! ᠭᠡᠵᠦ ᠬᠠᠮᠠᠷ ᠯᠣᠳᠤᠨ ᠤᠯᠠᠮ ᠠᠲᠠᠭᠠᠷᠬᠠᠵᠠᠢ᠃
ᠡᠳᠡᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ᠎ᠳᠦ
ᠭᠠᠷᠬᠤ᠎ᠠᠴᠠ ᠪᠤᠴᠠᠳᠠᠭ᠎ᠦᠭᠡᠢ ᠤᠯᠤᠰ ᠳ᠋ᠠ !
ᠵᠤᠨ᠎ᠤ ᠰᠡᠭᠦᠯᠴᠢ ᠨᠠᠮᠤᠷ᠎ᠤᠨ ᠡᠬᠢᠨ᠎ᠳᠦ ᠨᠢᠭᠡ ᠡᠳᠦᠷ ᠪᠢᠴᠢᠬᠠᠨ ᠵᠠᠩᠵᠤᠨᠨᠠᠷᠢ ᠲᠡᠭᠡᠭᠡᠭᠰᠡᠨ ᠨᠣᠭᠤᠭᠠᠨ ᠮᠠᠰᠢᠨ ᠵᠢᠭᠠᠬᠠᠨ ᠰᠦᠮ᠎ᠡ᠎ᠳᠦ ᠬᠤᠪᠢᠰᠭᠠᠯ ᠬᠢᠬᠦ᠎ᠪᠡᠷ ᠢᠷᠡᠭᠰᠡᠨ ᠣᠨᠴᠠ ᠰᠣᠨᠢᠨ ᠴᠢᠮᠡᠭᠡ ᠳᠤᠭᠤᠯᠳᠠᠪᠠ᠃
ᠤᠷᠢᠳᠤ ᠬᠠᠮᠠᠷ ᠯᠣᠳᠤᠨ ᠬᠠᠭᠠᠰ ᠰᠥᠨᠢ᠎ᠶᠢᠨ ᠨᠣᠢᠷ᠎ᠢᠶᠠᠨ ᠪᠦᠷᠢᠯᠭᠡᠵᠦ ᠪᠠᠢᠭᠠᠳ ᠬᠤᠭᠤᠷᠴᠢ᠎ᠶᠢᠨ ᠠᠮᠠ᠎ᠪᠠᠷ 《ᠵᠠᠩᠵᠤᠨ ᠮᠣᠷᠳᠠᠭᠤᠯᠵᠤ》 ᠪᠠᠢᠭᠰᠠᠨ ᠪᠢᠯᠡ᠃ 《ᠭᠡᠷᠡᠯ ᠲᠤᠰᠤᠭᠰᠠᠨ ᠭᠡᠭᠡᠨ ᠮᠠᠩᠨᠠᠢ᠂ ᠬᠡᠪᠲᠡᠭᠡ ᠪᠠᠷᠰ᠎ᠤᠨ ᠬᠠᠷ᠎ᠠ ᠬᠥᠮᠦᠰᠭᠡ᠂ ᠨᠠᠮᠤᠷ᠎ᠤᠨ ᠤᠰᠤᠨ ᠮᠣᠢᠯ ᠨᠢᠳᠦ᠂ ᠨᠠᠴᠢᠨ ᠱᠣᠩᠬᠤᠷ᠎ᠤᠨ ᠰᠣᠢᠷ ᠰᠣᠷᠮᠤᠤᠰᠤ》᠂ 《ᠮᠢᠨᠳᠠᠰᠤᠨ ᠬᠤᠶᠠᠭ᠂ ᠮᠥᠩᠭᠦᠨ ᠳᠤᠭᠤᠯᠠᠭ᠎ᠠ᠂ ᠰᠤᠪᠤᠳ᠎ᠤᠨ ᠬᠤᠶᠠᠭ》 ᠁ ᠣᠳᠣ᠎ᠶᠢᠨ ᠵᠠᠩᠵᠤᠨ ᠮᠥᠨ᠎ᠯᠡ ᠡᠢᠮᠦ ᠪᠠᠢᠭ᠎ᠠ ᠳ᠋ᠠ᠂ ᠶᠠᠳᠠᠬᠤ᠎ᠳᠤ 《ᠥᠷᠭᠡᠨ ᠴᠢᠬᠢ ᠮᠥᠷᠦ᠎ᠪᠡᠨ ᠳᠡᠷᠡᠯᠡᠵᠦ᠂ ᠥᠨᠳᠦᠷ ᠮᠥᠴᠢ ᠡᠪᠦᠳᠦᠭ᠎ᠡᠴᠡ ᠢᠯᠡᠭᠦᠳᠡᠭᠰᠡᠨ》 ᠵᠠᠭᠠᠨ ᠵᠠᠭᠠᠨ᠎ᠢᠶᠠᠷ ᠪᠡᠶᠡᠲᠡᠢᠯᠡ ᠪᠠᠢᠬᠤ ᠶᠣᠰᠤᠲᠠᠢ! ᠁ 《ᠬᠦᠨᠳᠦ ᠲᠡᠮᠦᠷ ᠳᠠᠮ ᠢᠯᠳᠦ᠎ᠶᠢ ᠬᠦᠳᠡᠷ ᠭᠠᠷ᠎ᠲᠠᠭᠠᠨ ᠪᠠᠷᠢᠭᠠᠳ᠂ ᠬᠦᠯᠦᠭ᠎ᠦᠨ ᠵᠦᠭ᠎ᠲᠡᠭᠡᠨ ᠬᠦᠷᠴᠦ ᠬᠥᠮᠦᠯᠳᠦᠷᠭᠡ ᠵᠢᠯᠤᠭᠤ ᠰᠤᠭᠰᠤᠷᠤᠭᠠᠳ》 ᠁ 《ᠲᠡᠮᠦᠷ ᠵᠤᠤᠵᠠᠢ ᠶᠠᠩᠭᠢᠨᠠᠭᠤᠯᠵᠤ᠂ ᠳᠥᠷᠦᠭᠡᠨ ᠳᠡᠭᠡᠷ᠎ᠡ᠎ᠪᠡᠨ ᠳᠠᠪ ᠬᠢᠵᠦ》 ᠁ ᠣᠳᠣ᠎ᠶᠢᠨ ᠵᠠᠩᠵᠤᠨ ᠲᠡᠮᠦᠷ ᠢᠯᠳᠦᠦᠭᠡᠢᠴᠦ ᠭᠠᠩ ᠫᠤᠤ᠎ᠲᠠᠢ ᠪᠠᠢᠯᠭᠦᠢ᠂ ᠮᠠᠰᠢᠨ ᠳᠡᠭᠡᠷ᠎ᠡ᠎ᠪᠡᠨ ᠳᠠᠪ ᠬᠢᠵᠦ ᠮᠥᠨᠴᠦ ᠵᠢᠪᠬᠤᠭ᠎ᠠ᠎ᠲᠠᠢ ᠪᠠᠢᠯᠭᠦᠢ! ᠪᠠᠰᠠ ᠴᠢᠩᠭᠢᠭᠡᠳ ᠪᠢᠴᠢᠬᠠᠨ ᠭᠡᠨ᠎ᠡ ᠰᠢᠦ᠂ ᠪᠣᠭᠳᠠ ᠴᠢᠩᠭᠢᠰ ᠳᠣᠯᠤᠭᠠᠨ ᠨᠠᠰᠤᠲᠠᠢ ᠳᠠᠢᠨ᠎ᠳᠤ ᠮᠣᠷᠳᠠᠵᠤ᠂ ᠭᠤᠨᠠᠭᠠᠨ ᠤᠯᠠᠭᠠᠨ ᠪᠠᠭᠠᠲᠤᠷ ᠮᠠᠩᠭᠤᠰᠢ ᠳᠠᠷᠤᠬᠤ᠎ᠳᠤ ᠭᠤᠷᠪᠠᠬᠠᠨ ᠨᠠᠰᠤᠲᠠᠢ ᠪᠠᠢᠭᠰᠠᠨ ᠳ᠋ᠠᠭ᠂ ᠵᠠᠩᠵᠤᠨ᠎ᠢ ᠪᠢᠴᠢᠬᠠᠨ ᠭᠡᠵᠦ ᠪᠤᠤ᠎ᠯᠠ ᠬᠢᠷᠢᠴᠢᠯᠡᠶᠡ᠂ ᠨᠡᠩ᠎ᠴᠦ ᠨᠣᠭᠤᠭᠠᠨ ᠮᠠᠰᠢᠨ᠎ᠲᠠᠢ ᠵᠠᠩᠵᠤᠨ᠎ᠢ! ᠁
ᠬᠠᠮᠠᠷ ᠯᠣᠳᠤᠨ ᠪᠣᠳᠤᠬᠤ ᠲᠤᠰᠤᠮ᠂ ᠵᠠᠪᠢ ᠠᠯᠳᠠᠵᠤ ᠪᠣᠯᠬᠤ᠎ᠦᠭᠡᠢ ᠭᠡᠵᠦ ᠪᠡᠶ᠎ᠡ᠎ᠪᠡᠨ ᠡᠷᠴᠢᠯᠡᠨ᠎ᠡ᠃ ᠣᠳᠣ ᠨᠢᠳᠦ᠎ᠪᠡᠨ ᠨᠡᠭᠡᠭᠡᠬᠦ᠎ᠦᠭᠡᠢ ᠬᠡᠵᠢᠶ᠎ᠡ ᠨᠢᠳᠦ᠎ᠪᠡᠨ ᠨᠡᠭᠡᠭᠡᠬᠦ ᠪᠤᠢ? ᠬᠠᠮᠠᠷ ᠯᠣᠳᠤᠨ ᠭᠠᠷ᠎ᠲᠠᠬᠢ ᠠᠵᠤ᠎ᠪᠠᠨ ᠬᠠᠶᠠᠭᠠᠳ ᠬᠠᠮᠤᠭ ᠲᠡᠩᠬᠡᠭᠡᠪᠡᠷᠢᠶᠡᠨ ᠵᠢᠭᠠᠬᠠᠨ ᠰᠦᠮ᠎ᠡ ᠥᠭᠡᠳᠡ ᠭᠦᠶᠦᠬᠦ᠎ᠳᠡᠭᠡᠨ ᠲᠡᠷᠯᠢᠭᠢᠶᠡᠨᠴᠦ ᠡᠮᠦᠰᠬᠦ᠎ᠪᠡᠨ ᠮᠠᠷᠲᠠᠴᠢᠬᠠᠵᠠᠢ᠃
ᠯᠣᠳᠤᠨ ᠵᠢᠭᠠᠬᠠᠨ ᠰᠦᠮ᠎ᠡ᠎ᠳᠦ ᠣᠢᠷᠠᠳᠲᠠᠯᠠ ᠭᠠᠨᠵᠢᠷ᠎ᠠ᠎ᠶᠢᠨ ᠣᠷᠤᠨ᠎ᠳᠤ ᠬᠠᠳᠭᠤᠭᠳᠠᠭᠰᠠᠨ ᠰᠢᠷ᠎ᠠ ᠦᠰᠦᠭ᠎ᠲᠡᠢ ᠤᠯᠠᠭᠠᠨ ᠳᠤᠭ ᠲᠡᠭᠦᠨ᠎ᠢ ᠤᠷᠢᠶᠠᠯᠠᠨ ᠳᠠᠯᠠᠯᠤᠭᠰᠠᠨ᠎ᠳᠤ ᠬᠠᠷ᠎ᠠ ᠬᠤᠷᠳᠤ᠎ᠪᠠᠷ ᠫᠤᠤᠵᠢᠩᠰᠢᠭ᠋ ᠲᠠᠯᠪᠢᠭᠤᠨ ᠬᠦᠷᠪᠡ᠃ ᠲᠣᠭᠤᠰᠤ ᠲᠣᠷᠲᠤᠭ᠂ ᠤᠲᠤᠭ᠎ᠠ ᠮᠠᠨᠠᠨ ᠰᠦᠮ᠎ᠡ᠎ᠶᠢᠨ ᠬᠦᠷᠢᠶ᠎ᠡ᠎ᠶᠢ ᠵᠠᠯᠭᠢᠵᠤ᠂ ᠲᠤᠩ ᠣᠯᠠᠨ ᠬᠥᠮᠦᠨ ᠴᠤᠭᠯᠠᠭᠰᠠᠨ ᠲᠤᠯᠠ ᠯᠣᠳᠤᠨ ᠥᠯᠮᠡᠢ ᠳᠡᠭᠡᠷ᠎ᠡ᠎ᠪᠡᠨ ᠶᠠᠭᠠᠬᠢᠵᠤ ᠥᠨᠳᠡᠯᠵᠡᠭᠰᠡᠨᠴᠦ ᠳᠣᠲᠤᠷ᠎ᠠ᠎ᠨᠢ ᠶᠠᠭᠤ ᠪᠣᠯᠵᠤ ᠪᠠᠢᠭ᠎ᠠ᠎ᠶᠢ ᠣᠯᠵᠤ ᠦᠵᠡᠭᠰᠡᠨ᠎ᠦᠭᠡᠢ᠃ ᠮᠠᠨᠴᠤᠷᠭᠠᠨ ᠬᠠᠮᠠᠷ᠎ᠨᠢ ᠴᠡᠨᠳᠡᠢᠵᠦ ᠠᠪᠤᠭᠠᠳ᠂ ᠬᠥᠮᠦᠬᠡᠢ ᠵᠠᠭᠤᠮᠠᠭᠴᠠ ᠬᠠᠷ᠎ᠠ ᠴᠢᠳᠠᠯ᠎ᠢᠶᠠᠷ᠎ᠢᠶᠠᠨ ᠣᠯᠠᠨ᠎ᠢ ᠬᠠᠪᠢᠷᠭᠠᠯᠠᠨ ᠱᠤᠩᠭᠤᠯᠠᠭᠰᠠᠭᠠᠷ ᠳᠥᠩᠭᠡᠵᠢ ᠳᠣᠲᠤᠭᠰᠢᠯᠠᠯᠠ᠃
ᠮᠥᠷᠦ᠎ᠪᠡᠨ ᠴᠠᠪᠴᠢᠭᠤᠯᠵᠤ᠂ ᠲᠣᠯᠤᠭᠠᠢ᠎ᠨᠢ ᠰᠠᠯᠤᠭᠰᠠᠨ ᠮᠠᠬᠠᠷᠠᠨᠽᠠ ᠬᠠᠭᠠᠷᠬᠠᠢ ᠬᠡᠩᠭᠡᠷᠭᠡ ᠳᠡᠷᠡᠯᠡᠵᠦ ᠤᠨᠠᠭᠠᠳ᠂ ᠱᠠᠭᠢᠮᠤᠨᠢ᠎ᠶᠢᠨ ᠭᠡᠭᠡᠨ ᠳᠦᠷᠢ ᠳᠤᠭᠠᠩ᠎ᠤᠨ ᠰᠠᠷᠠᠪᠴᠢᠨ᠎ᠠᠴᠠ ᠪᠣᠭᠤᠮᠢᠯᠠᠭᠳᠠᠵᠠᠢ᠃ ᠰᠠᠮᠪᠠᠷ᠎ᠠ ᠰᠠᠮᠪᠠᠷ᠎ᠠ ᠰᠤᠳᠤᠷ ᠨᠣᠮ ᠰᠦᠮ᠎ᠡ᠎ᠶᠢᠨ ᠬᠦᠷᠢᠶᠡᠨ᠎ᠳᠦ ᠭᠠᠯ ᠠᠪᠤᠯᠴᠠᠭᠠᠳ᠂ ᠬᠦᠵᠢ᠎ᠶᠢᠨ ᠦᠨᠦᠷᠲᠡᠢ ᠬᠥᠬᠡ ᠤᠲᠤᠭ᠎ᠠ ᠣᠭᠲᠠᠷᠭᠤᠢ᠎ᠳᠤ ᠪᠤᠷᠭᠢᠯᠤᠨ᠎ᠠ᠃ ᠰᠤᠳᠤᠷ ᠨᠣᠮ ᠳᠡᠭᠡᠷ᠎ᠡ ᠪᠤᠤ᠎ᠯᠠ ᠭᠢᠰᠭᠢᠵᠦ ᠬᠢᠯᠢᠨᠴᠡ ᠨᠢᠭᠦᠯ ᠦᠢᠯᠡᠳᠦᠶ᠎ᠡ ᠭᠡᠵᠦ ᠣᠯᠠᠨ᠎ᠤ ᠳᠤᠮᠳᠠᠭᠤᠷ ᠰᠢᠬᠠᠯᠴᠠᠬᠤ᠎ᠳᠠᠭᠠᠨ ᠬᠠᠮᠠᠷ ᠯᠣᠳᠤᠨ ᠪᠠᠢᠨ ᠪᠠᠢᠨ ᠬᠥᠯ ᠳᠣᠣᠷᠠᠬᠢ᠎ᠪᠠᠨ ᠠᠵᠢᠭᠯᠠᠨ᠎ᠠ᠃
ᠥᠪᠴᠢ ᠪᠡᠶ᠎ᠡ ᠴᠤᠯᠤ ᠨᠣᠭᠤᠭᠠᠨ ᠬᠤᠪᠴᠠᠰᠤ᠎ᠲᠠᠢ᠂ ᠪᠣᠭᠲᠤᠰᠤᠨ᠎ᠳᠠᠭᠠᠨ ᠤᠯᠠᠭᠠᠨ 《ᠳᠤᠭ》 ᠵᠡᠭᠦᠭᠰᠡᠨ ᠨᠠᠮᠬᠠᠨ ᠪᠡᠶ᠎ᠡ᠎ᠲᠡᠢ ᠬᠠᠷ᠎ᠠ ᠬᠦᠦ ᠰᠦᠮ᠎ᠡ᠎ᠶᠢᠨ ᠶᠡᠨᠳᠡᠷ ᠳᠡᠭᠡᠷ᠎ᠡ ᠨᠠᠮᠪᠠ᠎ᠲᠠᠢ ᠢᠯᠡᠷᠡᠭᠡᠳ᠂ ᠬᠠᠨᠴᠤᠢ᠎ᠪᠠᠨ ᠲᠣᠬᠤᠢ᠎ᠳᠠᠭᠠᠨ ᠲᠤᠯᠲᠠᠯ᠎ᠠ ᠰᠢᠭᠤᠭᠠᠳ ᠨᠢᠳᠤᠷᠭ᠎ᠠ᠎ᠪᠠᠨ ᠬᠤᠷᠤᠢᠯᠠᠨ ᠨᠢᠭᠡ ᠶᠠᠭᠤᠮ᠎ᠠ ᠬᠠᠰᠭᠢᠴᠢᠵᠤ ᠭᠠᠷᠤᠨ᠎ᠠ᠃ ᠣᠯᠠᠨ ᠬᠥᠮᠦᠨ ᠫᠠᠷᠭᠢᠯᠳᠤᠨ᠂ ᠪᠠᠯᠪᠠᠴᠢᠵᠤ ᠬᠡᠮᠬᠡᠯᠬᠦ ᠳᠠᠭᠤᠨ ᠦᠷᠭᠦᠯᠵᠢᠯᠡᠭᠰᠡᠨ ᠲᠤᠯᠠ ᠶᠠᠮᠠᠷ ᠨᠣᠮ ᠲᠠᠯᠪᠢᠵᠤ ᠪᠠᠢᠭ᠎ᠠ᠎ᠶᠢ ᠬᠠᠮᠠᠷ ᠯᠣᠳᠤᠨ ᠴᠢᠬᠢ ᠪᠠᠢᠭᠠᠳ ᠣᠯᠵᠤ ᠰᠣᠨᠤᠰᠬᠤᠦᠭᠡᠢᠨᠢ ᠬᠠᠢᠷᠠᠯᠠᠯᠲᠠᠢ᠂ ᠭᠠᠷᠴᠠᠭ᠎ᠠ᠎ᠦᠭᠡᠢ ᠪᠢᠴᠢᠬᠠᠨ ᠵᠠᠩᠵᠤᠨ! ᠤᠷᠲᠤ ᠰᠣᠷᠮᠤᠤᠰᠤ᠎ᠲᠠᠢ ᠬᠠᠷ᠎ᠠ ᠨᠢᠳᠦ᠂ ᠳᠡᠪᠢᠭᠦᠷ ᠭᠡᠮᠡᠷ ᠳᠡᠯᠳᠡᠩ ᠴᠢᠬᠢᠪᠡᠷᠨᠢ ᠬᠠᠮᠠᠷ ᠯᠣᠳᠤᠨ ᠢᠩᠭᠢᠵᠦ ᠲᠠᠨᠢᠪᠠ᠃ ᠰᠢᠨ᠎ᠡ ᠴᠠᠭ᠎ᠤᠨ ᠵᠠᠩᠵᠤᠨ ᠭᠡᠵᠦ ᠮᠥᠨᠴᠦ ᠬᠡᠴᠡᠭᠦᠦ᠂ ᠭᠠᠯᠪᠠ᠎ᠶᠢ ᠡᠵᠡᠯᠡᠭᠰᠡᠨ ᠱᠠᠭᠢᠮᠤᠨᠢᠲᠠᠢᠴᠤ ᠬᠠᠯᠳᠠᠭᠠᠳ ᠪᠠᠢᠳᠠᠭ᠎ᠨᠢ ᠯᠠᠪᠯᠠ ᠬᠤᠷᠮᠤᠰᠲᠠ᠎ᠠᠴᠠ ᠪᠠᠭᠤᠵᠤ ᠢᠷᠡᠭᠰᠡᠨ᠎ᠶᠦᠮ ᠪᠠᠢᠯᠭᠦᠢ᠃ ᠪᠣᠭᠲᠤᠰᠤᠨ᠎ᠳᠠᠭᠠᠨ ᠵᠡᠭᠦᠭᠰᠡᠨ ᠤᠯᠠᠭᠠᠨ ᠲᠤᠭ᠎ᠨᠢ ᠯᠠᠪ ᠨᠣᠮ᠎ᠤᠨ ᠦᠰᠦᠭ᠎ᠲᠡᠢ ᠠᠮᠢᠨ ᠰᠠᠬᠢᠶ᠎ᠠ ᠪᠠᠢᠭ᠎ᠠ ᠳ᠋ᠠ᠃ ᠭᠡᠷᠡᠯ ᠣᠢᠭᠰᠠᠨ ᠲᠣᠯᠢ᠎ᠲᠠᠢ ᠰᠢᠯ᠎ᠢᠶᠡᠷ ᠬᠡᠪᠲᠡᠭᠡ ᠪᠠᠷᠰ᠎ᠤᠨ ᠬᠥᠮᠦᠰᠭᠡ᠎ᠪᠡᠨ ᠳᠠᠷᠤᠵᠤ ᠡᠩᠭᠡᠷ ᠳᠡᠭᠡᠷ᠎ᠡ᠎ᠨᠢ ᠳᠤᠯᠠᠯᠵᠠᠵᠤ ᠬᠠᠷᠠᠭᠳᠠᠬᠤ᠎ᠨᠢ ᠭᠤᠤ᠎ᠳᠤ ᠰᠠᠭᠤᠯᠭᠠᠭᠰᠠᠨ ᠪᠤᠷᠬᠠᠨᠴᠤ ᠪᠣᠯᠪᠠ᠎ᠤᠤ? ᠁ ᠬᠠᠮᠠᠷ ᠯᠣᠳᠤᠨ ᠡᠷᠬᠡ᠎ᠦᠭᠡᠢ ᠠᠢᠳᠠᠰ ᠬᠦᠷᠦᠭᠡᠳ ᠳᠤᠲᠠᠭᠠᠬᠤ᠎ᠶᠢ ᠪᠣᠳᠤᠭᠰᠠᠨ ᠪᠣᠯᠪᠠᠴᠤ ᠬᠠᠮᠠᠷ ᠪᠢ ᠱᠠᠭᠢᠮᠤᠨᠢ᠎ᠶᠢᠨ ᠬᠦᠦ ᠪᠢᠰᠢ᠂ ᠶᠠᠳᠠᠬᠤ᠎ᠳᠤ ᠬᠣᠯᠠ᠎ᠶᠢᠨ ᠰᠠᠳᠤᠨᠨᠢᠴᠤ ᠪᠢᠰᠢ ᠲᠤᠯᠠ ᠭᠠᠢᠭᠤᠢ ᠪᠢᠵᠡ ᠡ! ᠭᠡᠵᠦ ᠪᠣᠳᠤᠪᠠ᠃
ᠭᠡᠨᠡᠳᠲᠡ ᠪᠢᠴᠢᠬᠠᠨ ᠵᠠᠩᠵᠤᠨ ᠤᠯᠠᠭᠠᠨ ᠳᠡᠪᠲᠡᠷ᠎ᠢᠶᠡᠨ ᠳᠡᠭᠡᠷ᠎ᠡ ᠬᠤᠷᠤᠢᠯᠳᠤᠭᠤᠯᠤᠨ:
《ᠴᠢᠳᠭᠦᠷ ᠱᠣᠯᠤᠮᠢ ᠴᠢᠷᠴᠦ ᠭᠠᠷᠭᠠᠶ᠎ᠠ! ᠴᠣᠬᠢᠵᠤ ᠤᠨᠠᠭᠠᠶ᠎ᠠ! ᠱᠦᠭᠦᠷᠳᠡᠨ ᠠᠷᠢᠯᠭᠠᠶ᠎ᠠ!》 ᠭᠡᠵᠦ ᠨᠢᠭᠡᠨ ᠵᠡᠷᠭᠡ ᠬᠠᠰᠭᠢᠷᠤᠭᠰᠠᠨ᠎ᠳᠤ ᠣᠯᠠᠨ ᠳᠠᠭᠠᠯᠴᠠᠨ ᠣᠷᠢᠯᠠᠨ᠎ᠠ᠃ ᠴᠢᠬᠢ ᠳᠦᠯᠡᠢᠷᠡᠮ᠎ᠡ ᠬᠠᠰᠭᠢᠷᠤᠯᠳᠤᠭᠠᠨ ᠳᠤᠮᠳᠠ ᠰᠦᠮ᠎ᠡ᠎ᠶᠢᠨ ᠯᠠᠮᠠᠨᠠᠷᠢ ᠶᠡᠨᠳᠡᠷ ᠳᠡᠭᠡᠷ᠎ᠡ ᠭᠠᠷᠭᠠᠨ ᠵᠡᠷᠭᠡᠴᠡᠭᠦᠯᠦᠨ ᠲᠣᠩᠭᠤᠢᠯᠭᠠᠪᠠ᠃ ᠴᠠᠭᠠᠨ ᠴᠠᠭᠠᠰᠤᠨ ᠭᠣᠮᠰᠢᠶᠠ ᠲᠣᠯᠤᠭᠠᠢ ᠳᠡᠭᠡᠷ᠎ᠡ᠎ᠪᠡᠨ ᠰᠤᠪᠤᠷᠭᠠᠯᠠᠭᠰᠠᠨᠨᠢ ᠵᠢᠭᠠᠬᠠᠨ ᠰᠦᠮ᠎ᠡ᠎ᠶᠢᠨ ᠭᠡᠭᠡᠨ ᠪᠠᠢᠨ᠎ᠠ᠃ ᠨᠣᠮ᠎ᠤᠨ ᠰᠠᠮᠪᠠᠷ᠎ᠠ ᠬᠦᠵᠦᠭᠦᠦᠡᠴᠡᠪᠡᠨ ᠳᠡᠭᠦᠵᠢᠯᠡᠭᠰᠡᠨ᠎ᠨᠢ ᠳ᠋ᠠ ᠯᠠᠮᠠ ᠰᠢᠪ ᠳ᠋ᠠ᠃ ᠲᠡᠭᠦᠨ᠎ᠡᠴᠡ ᠳᠠᠷᠠᠭᠠᠬᠢ᠎ᠨᠢ ᠴᠠᠮ᠎ᠤᠨ ᠬᠣᠬᠢᠮᠠᠢ ᠪᠠᠭ᠎ᠤᠳ ᠵᠡᠭᠦᠭᠰᠡᠨ ᠲᠤᠯᠠ ᠬᠠᠮᠠᠷ ᠯᠣᠳᠤᠨ ᠬᠡᠨ ᠬᠡᠨ᠎ᠢ᠎ᠨᠢ ᠡᠰᠡ ᠲᠠᠨᠢᠪᠠ᠃
ᠣᠯᠠᠨ ᠴᠢᠳᠭᠦᠷ᠎ᠦᠨ ᠳᠤᠮᠳᠠ ᠵᠠᠯᠠᠭᠤ ᠴᠢᠪᠠᠭᠠᠨᠴᠠ ᠲᠣᠩᠭᠤᠢᠵᠤ ᠪᠠᠢᠭ᠎ᠠ᠎ᠨᠢ ᠭᠡᠨᠡᠳᠲᠡ ᠦᠵᠡᠭᠳᠡᠪᠡ᠃ ᠬᠥᠭᠡᠷᠦᠬᠦᠢ ᠵᠠᠭᠷᠠᠢᠮ᠎ᠠ᠎ᠨᠢ ᠬᠦᠵᠦᠭᠦᠨᠡᠴᠡᠪᠡᠨ ᠬᠢᠩᠭᠠᠷ᠎ᠠ ᠳᠢᠩᠭᠠᠷ ᠬᠣᠩᠬᠤ ᠳᠠᠮᠠᠷᠤ ᠳᠡᠭᠦᠵᠢᠯᠡᠭᠡᠳ ᠳᠠᠭᠵᠢᠨ ᠴᠡᠴᠡᠷᠡᠵᠦ ᠪᠠᠢᠬᠤ᠎ᠨᠢ ᠪᠡᠷᠬᠡ᠃ ᠬᠠᠮᠠᠷ ᠯᠣᠳᠤᠨᠤ ᠮᠠᠨᠴᠤᠷᠭᠠᠨ ᠬᠠᠮᠠᠷ᠎ᠨᠢ ᠪᠤᠷᠭᠢᠷᠠᠵᠤ ᠡᠬᠢᠯᠡᠭᠰᠡᠨ᠎ᠢᠶᠡᠨ ᠳᠣᠣᠷᠠᠬᠠᠨ᠎ᠢᠶᠠᠨ ᠴᠡᠨᠳᠡᠢᠴᠢᠬᠡᠪᠡ᠃ ᠪᠣᠯᠵᠠᠢ᠂ ᠶᠠᠭᠤᠨ᠎ᠤ ᠰᠠᠢᠨᠶᠤᠮ! ᠴᠢᠮ᠎ᠠ᠎ᠳᠤ ᠪᠠᠰᠠ ᠡᠢᠮᠦ ᠴᠠᠭ ᠪᠠᠢᠳᠠᠭᠶᠤᠮᠤᠤ? ᠬᠠᠮᠠᠷ ᠯᠣᠳᠤᠨᠤᠯᠠ ᠮᠠᠭᠤ᠎ᠶᠢ ᠦᠵᠡᠨᠡᠦᠦ ᠴᠢ! ᠮᠠᠷᠭᠠᠰᠢ᠎ᠠᠴᠠ ᠪᠢ ᠪᠠᠰᠠ ᠴᠢᠮᠠᠢ 《ᠰᠢᠷᠢᠨ ᠨᠢᠭᠤᠷ᠎ᠢᠶᠠᠷ ᠮᠢᠨᠦ ᠬᠠᠲᠠᠪᠴᠢ᠎ᠶᠢ ᠠᠯᠬᠤᠪᠠᠤᠤ? ᠰᠢᠭᠢᠷ᠎ᠡ᠎ᠪᠡᠨ ᠲᠠᠲᠠᠭᠰᠠᠨᠴᠢᠨᠢ ᠳᠡᠭᠡᠷᠡᠦᠭᠡᠢᠦᠦ?》 ᠭᠡᠵᠦ ᠬᠠᠷᠢᠶᠠᠨ᠎ᠠ ᠳ᠋ᠠ ! ᠵᠠᠭᠷᠠᠢᠮ᠎ᠠ᠎ᠳᠤ ᠲᠠᠯ᠎ᠠ ᠲᠤᠯᠠ ᠮᠠᠨᠲᠠᠤ ᠶᠠᠳᠠᠪᠠᠯ ᠲᠠᠬᠢᠯ᠎ᠤᠨ ᠪᠠᠯᠢᠩᠴᠤ ᠶᠠᠭᠠᠬᠢᠬᠤᠪ ᠬᠣᠶᠠᠷ᠎ᠢ ᠠᠳᠭᠤᠭᠤᠯᠤᠭᠠᠳ ᠭᠤᠷᠪᠠᠯᠵᠢᠨ ᠴᠠᠭᠠᠨ ᠳᠤᠭ ᠵᠠᠭᠠᠮᠠᠨ᠎ᠳᠤᠨᠢ ᠬᠠᠪᠴᠢᠭᠤᠯᠤᠭᠰᠠᠨ ᠪᠣᠯ ᠡ! ᠭᠡᠵᠦ ᠬᠠᠮᠠᠷ ᠯᠣᠳᠤᠨ ᠪᠡᠷᠬᠡ ᠲᠠᠪᠠᠯᠠᠨᠠ᠃
ᠪᠢᠴᠢᠬᠠᠨ ᠵᠠᠩᠵᠤᠨ ᠭᠡᠭᠡᠨ ᠯᠠᠮᠠᠬᠠᠢ᠎ᠶᠢ ᠬᠦᠵᠦᠭᠦᠦᠶᠢᠨᠢ ᠰᠤᠨᠲᠠᠯ᠎ᠠ ᠳᠠᠷᠤᠵᠤ ᠶᠠᠪᠤᠨ᠎ᠠ᠃ ᠡᠳᠡᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ᠎ᠳᠦ ᠭᠠᠷᠬᠤᠠᠴᠠᠴᠤ ᠪᠤᠴᠠᠳᠠᠭ᠎ᠦᠭᠡᠢ ᠤᠯᠤᠰ ᠳ᠋ᠠ ᠁ ᠡᠳᠡ ᠴᠣᠬᠤᠮ ᠶᠠᠭᠠᠬᠢᠵᠤᠴᠤ ᠱᠦᠭᠦᠷᠳᠡᠳᠡᠭᠰᠡᠨ ᠪᠣᠯ? ᠪᠠᠷᠤᠭ᠎ᠤᠨ ᠱᠦᠭᠦᠷ ᠡᠳᠡ᠎ᠨᠢ ᠬᠥᠳᠡᠯᠭᠡᠵᠦ ᠴᠢᠳᠠᠬᠤ᠎ᠦᠭᠡᠢ ᠳ᠋ᠠ᠂ ᠨᠡᠩ᠎ᠴᠦ ᠶᠣᠯᠬᠤᠭᠤᠷ ᠭᠡᠳᠡᠰᠦᠲᠡᠢ ᠭᠡᠭᠡᠨ᠂ ᠪᠥᠬᠡᠴᠢᠨ ᠶᠠᠪᠤᠭᠰᠠᠨ ᠳ᠋ᠠ ᠯᠠᠮᠠ᠎ᠶᠢ! ᠴᠣᠬᠤᠮ ᠭᠠᠷ ᠫᠤᠤ᠎ᠪᠠᠷ ᠫᠤᠤᠳᠠᠵᠤ ᠤᠨᠠᠭᠠᠳᠠᠭ ᠪᠣᠯ᠎ᠤᠤ! ᠬᠠᠷᠢᠨ ᠰᠦᠮ᠎ᠡ᠎ᠶᠢᠨ ᠠᠷᠢᠭᠤᠨ ᠶᠡᠨᠳᠡᠷ ᠳᠡᠭᠡᠷ᠎ᠡ᠂ ᠱᠠᠭᠢᠮᠤᠨᠢ᠎ᠶᠢᠨ ᠭᠡᠭᠡᠨ ᠨᠢᠳᠦᠨ ᠳᠣᠣᠷ᠎ᠠ᠂ ᠪᠤᠤ᠎ᠯᠠ ᠴᠢᠰᠤ ᠨᠥᠵᠢᠶᠢᠨᠢ ᠪᠢᠯᠳᠠ ᠳ᠋ᠠ ! ᠨᠢᠭᠦᠯ ᠬᠤᠷᠢᠶᠠᠵᠤ ᠦᠢᠯᠡ᠎ᠶᠢᠨ ᠦᠷ᠎ᠡ᠎ᠪᠡᠨ ᠲᠠᠷᠢᠬᠤᠦᠭᠡᠢᠶᠢᠨ ᠲᠥᠯᠦᠭᠡ ᠵᠠᠯᠠᠭᠤ ᠴᠢᠪᠠᠭᠠᠨᠴᠠ᠎ᠶᠢ ᠴᠣᠬᠢᠨ ᠤᠨᠠᠭᠠᠬᠤ ᠦᠶᠡᠰ ᠨᠢᠳᠦ᠎ᠪᠡᠨ ᠠᠨᠢᠵᠤ ᠨᠠᠮᠠᠨᠴᠢᠯᠠᠶ᠎ᠠ ᠭᠡᠵᠦ ᠲᠡᠷᠡ ᠪᠣᠳᠤᠪᠠ!
ᠥᠨᠥ ᠨᠠᠮᠬᠠᠨ ᠪᠢᠴᠢᠬᠠᠨ ᠵᠠᠩᠵᠤᠨ᠂ ᠥᠨᠳᠦᠷ ᠲᠠᠷᠭᠤᠨ ᠭᠡᠭᠡᠨ᠎ᠦ ᠥᠭᠡᠳᠡ ᠴᠣᠷᠤᠢᠨ᠂ ᠰᠢᠷ᠎ᠠ ᠣᠷᠬᠢᠮᠵᠢᠶᠢᠨᠢ ᠬᠠᠤ ᠲᠠᠲᠠᠭᠠᠳ 《ᠴᠢᠳᠭᠦᠷ᠎ᠦᠨ ᠠᠷᠠᠰᠤ!》 ᠭᠡᠵᠦ ᠠᠮᠠᠨ᠎ᠳᠠᠭᠠᠨ ᠵᠦᠬᠡᠭᠰᠡᠭᠡᠷ ᠳᠦᠷᠡᠯᠵᠡᠬᠦ ᠭᠠᠯᠳᠤ ᠰᠢᠳᠡᠵᠦ ᠣᠷᠤᠭᠤᠯᠪᠠ᠃ ᠬᠦᠷᠡᠩ᠂ ᠰᠢᠷ᠎ᠠ ᠥᠩᠭᠡ᠎ᠨᠢ ᠴᠢᠳᠭᠦᠷ᠎ᠦᠨ ᠢᠪᠡᠭᠡᠯᠲᠦ ᠥᠩᠭᠡᠶᠦᠮ ᠪᠠᠢᠨ᠎ᠠ ᠰᠢᠤ ᠭᠡᠵᠦ ᠪᠣᠳᠤᠭᠰᠠᠭᠠᠷ᠂ ᠬᠠᠮᠠᠷ ᠯᠣᠳᠤᠨ ᠳ᠋ᠠ ᠯᠠᠮᠠ᠎ᠶᠢᠨ ᠢᠴᠢᠭᠦᠷᠢ ᠭᠤᠲᠤᠮᠰᠢᠭᠢ ᠱᠣᠬᠤᠭᠤᠷᠠᠬᠤᠪᠠᠷ ᠤᠷᠤᠭᠰᠢ ᠨᠥᠷᠢᠲᠡᠯᠡ᠂ ᠬᠥᠯ᠎ᠳᠦᠨᠢ ᠨᠢᠭᠡ ᠬᠠᠪ ᠬᠠᠲᠠᠭᠤ ᠶᠠᠭᠤᠮ᠎ᠠ ᠲᠣᠷᠪᠠ᠃ ᠨᠢᠳᠦ ᠬᠠᠷᠠᠪᠠᠯ ᠯᠤᠤ᠎ᠶᠢᠨ ᠬᠡ᠎ᠲᠡᠢ ᠮᠥᠩᠭᠦᠨ ᠴᠥᠭᠦᠴᠡ ᠠᠵᠢ᠃ ᠬᠠᠮᠠᠷ ᠯᠣᠳᠤᠨ ᠥᠪᠡᠷ᠎ᠦᠨ ᠡᠷᠬᠡ᠎ᠦᠭᠡᠢ ᠥᠯᠮᠡᠢᠪᠡᠷᠢᠶᠡᠨ ᠬᠠᠮᠤᠵᠤ ᠣᠢᠷᠠᠲᠤᠭᠤᠯᠤᠭᠠᠳ᠂ ᠰᠡᠮᠬᠡᠨ ᠰᠢᠭᠦᠷᠡᠵᠦ ᠡᠪᠦᠷᠯᠡᠬᠦ ᠰᠠᠨᠠᠭ᠎ᠠ᠎ᠲᠠᠢ ᠪᠥᠬᠦᠢᠭᠰᠡᠨᠢᠶᠡᠨ ᠬᠥᠯᠦᠰᠦ ᠭᠬᠢᠷ ᠪᠣᠯᠤᠭᠰᠠᠨ ᠰᠡᠮᠡᠷᠬᠡᠢ ᠬᠠᠨᠲᠠᠭᠠᠵᠠᠶᠢᠨᠢᠶᠠᠨ ᠳᠡᠭᠡᠭᠦᠷ ᠰᠢᠷ᠎ᠠ ᠬᠣᠷᠭᠤᠢ ᠡᠯᠢᠭᠡᠪᠴᠢ ᠳᠠᠪᠬᠤᠷᠯᠠᠵᠤ ᠡᠮᠦᠰᠴᠦ ᠶᠠᠪᠤᠭ᠎ᠠ᠎ᠪᠠᠨ ᠭᠡᠨᠡᠳᠲᠡ ᠣᠯᠵᠤ ᠦᠵᠡᠪᠡ᠃ ᠠᠢ ᠪᠠᠯᠠᠷᠠ! ᠵᠠᠭᠷᠠᠢᠮ᠎ᠠ᠎ᠶᠢᠨ ᠣᠶᠤᠵᠤ ᠳᠤᠷᠠᠰᠭᠠᠭᠰᠠᠨ ᠡᠨᠡ ᠡᠯᠢᠭᠡᠪᠴᠢ᠎ᠶᠢ ᠲᠡᠷᠡ ᠶᠡᠷᠦ᠎ᠡᠴᠡ ᠢᠯᠡ ᠪᠤᠯᠲᠠᠢᠯᠭᠠᠭᠰᠠᠨᠦᠭᠡᠢᠰᠠᠨ᠃ ᠥᠨᠥᠳᠦᠷ ᠵᠠᠩᠵᠤᠨ ᠦᠵᠡᠬᠦ ᠭᠡᠵᠦ ᠬᠡᠢᠷᠬᠡᠵᠦ ᠪᠠᠢᠭᠰᠠᠭᠠᠷ ᠲᠡᠷᠯᠢᠭ᠎ᠢᠶᠡᠨ ᠡᠮᠦᠰᠴᠦ ᠢᠷᠡᠬᠦ᠎ᠪᠡᠨ ᠲᠠᠭ ᠮᠠᠷᠲᠠᠵᠠᠢ᠃ ᠬᠠᠮᠠᠷ ᠯᠣᠳᠤᠨᠤ ᠳᠣᠲᠤᠷ᠎ᠠ ᠫᠠᠯ ᠬᠢᠵᠦ ᠡᠳᠡᠴᠢᠨᠢ ᠭᠡᠭᠡ᠎ᠨᠢ ᠬᠦᠷᠲᠡᠯ᠎ᠡ ᠨᠣᠭᠤᠭᠠᠨ᠎ᠤ ᠪᠢᠷᠠᠭᠤ᠎ᠶᠢᠨ ᠪᠡᠨᠡᠲᠡᠢ ᠦᠵᠡᠬᠦ᠎ᠦᠭᠡᠢ᠂ ᠬᠠᠮᠢᠭᠠᠰᠢ᠎ᠨᠢ ᠵᠠᠯᠠᠨ᠎ᠠ ᠭᠡᠪᠡᠯ ᠲᠡᠰ᠎ᠢ᠎ᠨᠢ ᠭᠤᠶᠠᠳᠠᠵᠤ ᠪᠠᠢᠬᠤ᠎ᠶᠤᠮ᠎ᠴᠢᠨᠢ᠂ ᠬᠠᠮᠠᠷ ᠯᠣᠳᠤ᠎ᠨᠢ ᠶᠠᠭᠤ ᠪᠠᠢᠬᠤᠪ᠂ ᠰᠢᠷ᠎ᠠ ᠡᠯᠢᠭᠡᠪᠴᠢᠲᠡᠢᠨᠢ ᠭᠠᠯᠳᠤ ᠰᠢᠳᠡᠭᠰᠡᠨᠴᠦ ᠪᠦᠷ ᠴᠢᠳᠠᠬᠤ ᠭᠠᠷ᠎ᠤᠳ ᠡ!ᠦᠭᠡᠢ᠂ ᠶᠡᠷᠦ᠎ᠨᠢ ᠪᠢᠴᠢᠬᠠᠨ ᠵᠠᠩᠵᠤᠨ᠎ᠤ ᠨᠢᠳᠦᠨ᠎ᠳᠦ ᠥᠷᠲᠦᠭᠡᠦᠭᠡᠢ ᠵᠠᠪ᠎ᠲᠤ! ᠭᠡᠳ ᠲᠡᠷᠡ ᠠᠷᠤ᠎ᠳᠠᠬᠢ ᠬᠥᠮᠦᠰ᠎ᠢᠶᠡᠨ ᠪᠥᠭᠰᠡᠪᠡᠷᠢᠶᠡᠨ ᠨᠦᠳᠦᠴᠢᠨ ᠪᠠᠢᠵᠤ᠂ ᠣᠯᠠᠨ᠎ᠤ ᠬᠦᠷᠢᠶᠡᠨ᠎ᠡᠴᠡ ᠴᠣ᠋ ᠴᠢᠮᠠᠢ ᠰᠢᠪᠲᠤᠯᠵᠤ ᠭᠠᠷᠤᠭᠠᠳ ᠭᠣᠳ ᠵᠢᠭᠤᠳᠠᠪᠠ᠃
ᠬᠡᠳᠦᠨ ᠳᠣᠪᠤ᠎ᠶᠢ ᠮᠡᠳᠡᠭᠡᠲᠡᠢ ᠮᠡᠳᠡᠭᠡ᠎ᠦᠭᠡᠢ ᠳᠠᠪᠠᠵᠤ᠂ ᠨᠠᠭᠤᠷ᠎ᠤᠨ ᠤᠰᠤ᠎ᠶᠢ ᠭᠤᠲᠤᠯᠲᠠᠢᠪᠠᠨ ᠳᠣᠭᠤᠴᠠᠵᠤ ᠭᠦᠶᠦᠭᠰᠡᠭᠡᠷ ᠬᠣᠲᠠ᠎ᠪᠠᠨ ᠣᠢᠷᠠᠲᠤᠭᠰᠠᠨ᠎ᠢᠶᠠᠨ ᠮᠡᠳᠡᠪᠡ᠃ ᠭᠡᠷ ᠤᠷᠤᠭᠤ᠎ᠪᠠᠨ ᠰᠠᠷᠠᠪᠴᠢᠯᠠᠭᠰᠠᠨ᠎ᠢᠶᠠᠨ ᠵᠣᠭ ᠲᠣᠰᠴᠤ ᠮᠡᠯᠡᠷᠡᠴᠢᠬᠡᠪᠡ᠃ ᠮᠠᠢᠵᠢᠭᠢ ᠪᠣᠷᠤ ᠭᠡᠷ᠎ᠦᠨ ᠬᠢᠨᠢ ᠡᠭᠦᠳᠡᠨ᠎ᠳᠦ ᠬᠥᠮᠦᠨ ᠠᠮᠢᠲᠠᠨ ᠣᠪᠤᠭᠠᠷᠠᠯᠳᠤᠨ ᠬᠥᠯ ᠪᠣᠯᠵᠤ ᠪᠠᠢᠨ᠎ᠠ᠃ ᠪᠣᠳᠤᠪᠠᠯ ᠬᠤᠪᠢᠰᠭᠠᠯ ᠬᠢᠵᠦ ᠪᠠᠢᠭ᠎ᠠ ᠪᠣᠯᠤᠯᠲᠠᠢ᠃ ᠬᠠᠮᠠᠷ ᠯᠣᠳᠤᠨᠤ ᠲᠣᠯᠤᠭᠠᠢ᠎ᠶᠢᠨ ᠦᠰᠦ᠎ᠨᠢ ᠨᠢᠭᠡ ᠨᠢᠭᠡ᠎ᠪᠡᠷ ᠪᠣᠰᠤᠭᠠᠳ᠂ ᠰᠢᠷ᠎ᠠ ᠡᠯᠢᠭᠡᠪᠴᠢ᠎ᠪᠡᠨ ᠲᠠᠢᠯᠵᠤ ᠬᠤᠮᠢᠵᠤ ᠬᠤᠮᠢᠭᠠᠳ᠂ ᠳᠡᠷᠡᠰᠦᠨᠦ ᠰᠤᠯᠢ ᠳᠣᠭᠤᠤᠷ ᠡᠪᠲᠡᠢᠬᠡᠨ ᠰᠢᠷᠭᠤᠭᠤᠯᠵᠤ ᠲᠠᠯᠪᠢᠪᠠ᠃ ᠤᠷᠤᠭᠰᠢ ᠬᠣᠶᠠᠷ ᠠᠯᠬᠤᠭᠰᠠᠨ᠎ᠢᠶᠠᠨ ᠶᠡᠷᠦ ᠵᠢᠭᠠᠬᠠᠨ ᠬᠠᠨᠤᠮᠵᠢ᠎ᠦᠭᠡᠢ ᠰᠠᠨᠠᠭᠳᠠᠭᠠᠳ ᠪᠠᠢᠬᠤᠯᠠᠷ᠂ ᠬᠠᠷ᠎ᠠ ᠲᠣᠷᠭᠠᠨ ᠲᠣᠭᠤᠷᠴᠤᠭᠠᠴᠠᠪᠠᠨ ᠬᠠᠭᠵᠠᠷᠬᠠᠢ ᠮᠠᠢᠵᠢᠭᠢ ᠭᠤᠲᠤᠯ᠎ᠳᠠᠭᠠᠨ ᠣᠷᠤᠲᠠᠯ᠎ᠠ ᠳᠠᠬᠢᠵᠤ ᠨᠢᠭᠡ ᠤᠳᠠᠭ᠎ᠠ ᠨᠡᠩᠵᠢᠯᠲᠡ ᠬᠢᠪᠡ᠃ ᠴᠢᠩᠭᠢᠭᠡᠳ ᠬᠦᠷᠡᠩ ᠳᠠᠯᠢᠩᠪᠤᠤ ᠲᠡᠯᠡᠢ᠎ᠪᠡᠨ ᠲᠦᠭᠳᠡᠷᠡᠯ᠎ᠦᠭᠡᠢ ᠲᠠᠢᠯᠵᠤ ᠠᠪᠤᠭᠠᠳ᠂ ᠡᠪᠡᠰᠦᠨ᠎ᠦ ᠥᠳᠭᠡᠨ᠎ᠳᠦ ᠭᠤᠯᠳᠤᠢᠲᠠᠯᠠ ᠰᠢᠳᠡᠵᠡᠢ᠃ ᠣᠳᠣ ᠶᠠᠭᠤ᠎ᠴᠤ ᠭᠡᠰᠡᠨ ᠭᠠᠢᠭᠤᠢ ᠪᠠᠢᠬᠤ ᠭᠡᠵᠦ ᠬᠠᠮᠠᠷ ᠯᠣᠳᠤᠨ ᠤᠷᠲᠤᠬᠠᠨ ᠠᠮᠢᠰᠭᠤᠵᠤ ᠠᠪᠤᠭᠠᠳ᠂ ᠠᠭᠤᠵᠢᠮ ᠵᠠᠬ᠎ᠠ᠎ᠲᠠᠢ ᠳᠠᠪᠬᠤᠷ ᠥᠮᠦᠳᠦ᠎ᠪᠡᠨ ᠲᠠᠲᠠᠭᠰᠠᠭᠠᠷ ᠭᠡᠷ ᠵᠦᠭ᠎ᠢᠶᠡᠨ ᠬᠡᠬᠦᠯᠵᠡᠨ ᠠᠯᠬᠤᠪᠠ᠃
ᠬᠠᠮᠠᠷ᠎ᠲᠤ ᠪᠢ ᠠᠮᠪᠠᠨ ᠰᠠᠭᠤᠭᠰᠠᠨ ᠪᠠᠢᠬᠤ᠎ᠳᠤ ᠮᠡᠩᠭᠡᠲᠦ᠎ᠶᠢᠨ ᠬᠦᠦ ᠳᠥᠩᠭᠡᠵᠢ ᠵᠠᠩᠭᠢᠯᠠ ᠪᠢᠵᠡ!
ᠵᠦᠢᠷᠡᠢ ᠠᠪᠳᠠᠷ᠎ᠠ᠎ᠨᠢ ᠡᠭᠦᠳᠡᠨ ᠭᠠᠳᠠᠨ᠎ᠠ ᠬᠠᠶᠠᠭᠳᠠᠵᠤ᠂ ᠴᠤᠯᠤ ᠨᠣᠭᠤᠭᠠᠨ ᠬᠤᠪᠴᠠᠰᠤᠯᠠᠭᠰᠠᠨ ᠮᠡᠩᠭᠡᠲᠦ᠎ᠶᠢᠨ ᠬᠦᠦ ᠵᠢᠵᠢᠭ ᠤᠯᠠᠭᠠᠨ ᠳᠡᠪᠲᠡᠷ ᠳᠡᠯᠭᠡᠭᠡᠳ: 《ᠬᠠᠮᠤᠭ᠎ᠤᠨ ᠳᠡᠭᠡᠳᠦ ᠵᠢᠭᠠᠪᠤᠷᠢ: ᠁ ᠴᠣᠬᠢᠬᠤ᠎ᠦᠭᠡᠢ ᠪᠣᠯ ᠤᠨᠠᠬᠤ᠎ᠦᠭᠡᠢ ᠁》 ᠭᠡᠵᠦ ᠣᠯᠠᠨ᠎ᠳᠤ ᠤᠬᠠᠭᠤᠯᠭ᠎ᠠ ᠲᠠᠯᠪᠢᠨ᠎ᠠ᠃ ᠵᠡᠭᠦᠨ ᠠᠢᠯ᠎ᠤᠨ ᠲᠠᠷᠬᠠᠨ᠎ᠤ ᠲᠣᠮᠤ ᠠᠯᠤᠬ᠎ᠠ᠎ᠶᠢ ᠠᠯᠢ ᠵᠠᠪᠲᠤᠨᠢ ᠠᠪᠴᠢᠷᠠᠭᠰᠠ᠎ᠨᠢ ᠪᠤᠤ ᠮᠡᠳᠡ᠂ ᠨᠢᠭᠡᠨ ᠮᠠᠷᠢᠶ᠎ᠠ ᠮᠢᠬ᠎ᠠ᠎ᠲᠠᠢ ᠪᠢᠴᠢᠬᠠᠨ ᠵᠠᠩᠵᠤᠨ ᠳᠡᠭᠡᠷ᠎ᠡ ᠭᠡᠭᠴᠢ ᠳᠠᠯᠠᠢᠵᠤ ᠵᠣᠭᠰᠤᠭᠠᠳ᠂ ᠬᠠᠵᠠᠭᠤ᠎ᠳᠠᠬᠢ᠎ᠪᠠᠨ ᠶᠠᠷᠢᠶ᠎ᠠ ᠲᠡᠭᠦᠰᠦᠮᠡᠭᠴᠡ᠂ ᠠᠪᠳᠠᠷ᠎ᠠ ᠳᠡᠭᠡᠷ᠎ᠡ ᠨᠢᠴᠠ ᠪᠠᠭᠤᠯᠭᠠᠬᠤ᠎ᠳᠤ ᠪᠡᠯᠡᠬᠡᠨ ᠪᠠᠢᠨ᠎ᠠ᠃ ᠬᠠᠮᠠᠷ ᠯᠣᠳᠤᠨ ᠡᠭᠡᠷ ᠲᠠᠲᠠᠵᠤ ᠠᠪᠤᠭᠠᠳ᠂ ᠮᠡᠩᠭᠡᠲᠦ᠎ᠶᠢᠨ ᠬᠦᠦ ᠵᠦᠭ ᠲᠡᠮᠡᠦᠯᠬᠦ᠎ᠳᠡᠭᠡᠨ ᠠᠪᠳᠠᠷ᠎ᠠ ᠳᠣᠲᠤᠷ᠎ᠠ᠎ᠠᠴᠠ ᠭᠣᠭᠤᠵᠢᠵᠤ ᠭᠡᠭᠡᠭᠳᠡᠭᠰᠡᠨ ᠶᠠᠭᠠᠨ ᠳᠤᠷᠳᠤᠩ ᠠᠯᠴᠢᠭᠤᠷ ᠣᠯᠠᠨ᠎ᠤ ᠬᠥᠯ᠎ᠳᠦ ᠳᠡᠪᠰᠡᠭᠳᠡᠨ ᠪᠠᠢᠭ᠎ᠠ᠎ᠶᠢ ᠦᠵᠡᠭᠡᠳ ᠰᠡᠮᠬᠡᠨ ᠰᠢᠭᠦᠷᠡᠵᠦ ᠠᠪᠤᠭᠠᠳ ᠲᠡᠯᠡᠢᠯᠠᠪᠡ᠃
《ᠨᠠᠢᠷ ᠪᠣᠳᠤᠵᠤ ᠥᠷᠦᠰᠢᠶᠡᠯ ᠦᠵᠡᠭᠦᠯᠴᠢᠬᠡ᠂ ᠳᠡᠭᠦᠦ᠎ᠮᠢᠨᠢ!》
《ᠭᠣᠷᠢ᠎ᠦᠭᠡᠢ᠂ ᠭᠣᠷᠢ᠎ᠦᠭᠡᠢ᠂ ᠳᠥᠷᠪᠡᠨ ᠬᠠᠭᠤᠴᠢᠨ ᠰᠤᠷᠲᠠᠯ᠎ᠢ ᠡᠪᠳᠡᠬᠦ᠎ᠨᠢ ᠮᠠᠨ᠎ᠤ ᠤᠯᠠᠭᠠᠨ ᠬᠠᠮᠠᠭᠠᠯᠠᠬᠤ ᠴᠡᠷᠢᠭ᠎ᠦᠨ ᠳᠠᠷᠬᠠᠨ ᠦᠢᠯᠡᠰ! ᠨᠠᠳᠠ᠎ᠲᠠᠢ ᠪᠠᠢᠲᠤᠭᠠᠢ ᠡᠪᠦᠭᠡᠲᠡᠢᠮᠢᠨᠢ ᠨᠠᠢᠷᠲᠠᠢ ᠶᠠᠪᠤᠭᠰᠠᠨᠴᠤ ᠢᠯᠳᠠᠷ ᠬᠠᠶᠠᠬᠤ᠎ᠦᠭᠡᠢ᠃ ᠶᠠᠭᠤ ᠪᠣᠯᠤᠭᠰᠠᠨ᠎ᠴᠤ ᠹᠧᠣᠳᠠᠯ ᠶᠣᠰᠤ᠎ᠶᠢ ᠤᠬᠠᠭᠤᠯᠤᠭᠰᠠᠨ ᠵᠢᠷᠤᠭ᠎ᠢ ᠦᠯᠡᠳᠡᠭᠡᠵᠦ ᠪᠣᠯᠬᠤ᠎ᠦᠭᠡᠢ!》
《ᠯᠣᠳᠤᠨ ᠠᠬ᠎ᠠ᠎ᠨᠢ ᠠᠯᠲᠠᠨ ᠯᠤᠤᠪᠠᠨ ᠁ᠦᠭᠡᠢ᠂ ᠬᠠᠷ᠎ᠠ ᠹᠸᠣᠳᠠᠯ᠎ᠢᠶᠠᠨ ᠠᠷᠢᠯᠭᠠᠭᠠᠳ ᠬᠠᠶᠠᠴᠢᠬᠠᠪᠠᠯ ᠠᠪᠳᠠᠷᠠᠶᠢᠮᠢᠨᠢ ᠪᠠᠯᠪᠠᠴᠢᠬᠤᠦᠭᠡᠢᠳᠤ ᠪᠣᠯᠤᠨ᠎ᠠ᠎ᠤᠤ?》 ᠭᠡᠵᠦ ᠬᠠᠮᠠᠷ ᠯᠣᠳᠤᠨ ᠰᠡᠬᠡᠭᠡ᠎ᠦᠭᠡᠢ ᠠᠰᠠᠭᠤᠬᠤ᠎ᠳᠤ:
《ᠠᠷᠢᠯᠭᠠᠭᠠᠳ ᠬᠠᠶᠠᠨ᠎ᠠ ᠭᠡᠨ᠎ᠡ? ᠲᠡᠭᠡᠪᠡᠯ ᠪᠠᠰᠠ ᠶᠠᠭᠠᠮᠠᠢ᠂ ᠬᠣᠣᠷ ᠲᠠᠷᠬᠠᠭᠠᠭᠰᠠᠨ᠎ᠢᠶᠠᠨ ᠣᠯᠠᠨ᠎ᠤ ᠨᠢᠭᠤᠷ ᠳᠡᠭᠡᠷ᠎ᠡ ᠮᠡᠳᠡᠷᠡᠳᠡᠭᠶᠦᠮ ᠪᠣᠯ ᠶᠠᠭᠠᠬᠢᠬᠤᠪ᠂ ᠤᠯᠠᠭᠠᠨ ᠲᠠᠪᠤᠨ ᠲᠥᠷᠦᠯ᠎ᠳᠦ ᠪᠠᠭᠲᠠᠭᠰᠠᠨᠳᠤᠴᠢᠨᠢᠯᠠ ᠨᠠᠢᠷ ᠬᠠᠷᠠᠵᠤ ᠨᠢᠭᠡ ᠤᠳᠠᠭ᠎ᠠ ᠠᠭᠤᠴᠢᠯᠠᠴᠢᠬᠠᠶᠠ!》 ᠭᠡᠳ ᠰᠦᠪᠡᠭᠡ ᠲᠤᠯᠤᠨ ᠰᠦᠷ ᠮᠠᠨᠳᠤᠭᠤᠯᠵᠤ ᠪᠠᠢᠭᠰᠠᠨ ᠮᠡᠩᠭᠡᠲᠦ᠎ᠶᠢᠨ ᠬᠦᠦ ᠵᠢᠭᠠᠬᠠᠨ ᠠᠶᠠᠳᠠᠵᠤ ᠵᠥᠭᠡᠯᠡᠷᠡᠪᠡ᠃
ᠪᠠᠢᠳᠠᠭ ᠪᠠᠭᠠᠵᠢ᠎ᠪᠠᠨ ᠪᠠᠷᠢᠭᠠᠳᠠ ᠳᠡᠭᠡᠷ᠎ᠡ ᠲᠠᠯᠪᠢᠭᠰᠠᠨ ᠲᠤᠯᠠ ᠬᠠᠮᠠᠷ ᠯᠣᠳᠤᠨ ᠭᠠᠷ ᠮᠤᠬᠤᠷᠳᠠᠵᠤ ᠰᠠᠨᠳᠤᠷᠤᠨ᠎ᠠ᠃ ᠠᠪᠳᠠᠷ᠎ᠠ᠎ᠶᠢᠨ ᠬᠥᠨᠳᠡᠢ᠎ᠪᠡᠷ ᠡᠮᠲᠡᠷᠡᠵᠦ ᠮᠣᠬᠤᠭᠰᠠᠨ ᠤᠭᠤᠯᠢ᠎ᠶᠢᠨ ᠲᠣᠯᠤᠭᠠᠢ᠎ᠪᠠᠨ ᠰᠠᠨᠠᠵᠤ᠂ ᠮᠤᠷᠤᠢ ᠮᠣᠳᠤᠨ᠎ᠳᠤ ᠳᠥᠭᠦᠮᠬᠡᠨ ᠡᠰᠢᠯᠡᠪᠡ᠃
ᠲᠦᠰ - ᠮᠣᠬᠤᠭᠤ ᠤᠭᠤᠯᠢ᠎ᠶᠢᠨ ᠲᠤᠰᠤᠯᠲᠠ ᠬᠠᠮᠠᠷ ᠯᠣᠳᠤᠨᠤ ᠵᠢᠷᠦᠬᠡ᠎ᠶᠢ ᠣᠨᠤᠪᠠ᠃ ᠮᠠᠩᠨᠠᠢ ᠳᠦᠭᠦᠷᠡᠩ ᠳᠠᠭᠠᠪᠤᠷᠢᠯᠠᠬᠤ ᠬᠥᠯᠦᠰᠦ᠎ᠨᠢ ᠮᠡᠯᠮᠡᠢ ᠳᠦᠭᠦᠷᠡᠩ ᠲᠤᠨᠤᠯᠵᠠᠬᠤ ᠨᠢᠯᠪᠤᠰᠤ᠎ᠲᠠᠢ᠎ᠨᠢ ᠨᠡᠢᠯᠡᠭᠡᠳ ᠮᠠᠨᠴᠤᠷᠭᠠᠨ ᠬᠠᠮᠠᠷ᠎ᠤᠨ ᠬᠢᠨᠢ ᠤᠭᠢᠶᠠᠷ ᠵᠢᠮ ᠪᠣᠯᠤᠨ ᠵᠤᠷᠠᠢᠭᠰᠠᠭᠠᠷ ᠵᠠᠪᠠᠵᠢᠨ᠎ᠳᠤᠨᠢ ᠬᠤᠷᠠᠵᠤ ᠱᠣᠷᠪᠤᠭ ᠠᠮᠲᠠ ᠠᠮᠲᠠᠭᠳᠠᠨ᠎ᠠ᠃ ᠮᠠᠨᠳᠠᠭᠠᠨᠴᠤ ᠴᠢᠪᠠᠭᠠᠨᠴᠠ᠎ᠲᠠᠢ ᠭᠡᠷᠯᠡᠭᠰᠡᠨ᠎ᠦᠭᠡᠢ᠂ ᠴᠢᠪᠠᠭᠠᠨᠴᠠ᠎ᠲᠠᠢ ᠭᠡᠷᠯᠡᠭᠰᠡᠨ ᠪᠣᠯ ᠪᠠᠰᠠ ᠨᠢᠭᠡ ᠹᠸᠣᠳᠠᠯ᠎ᠢᠶᠠᠨ ᠠᠷᠢᠯᠭᠠᠭᠤᠯᠬᠤ ᠪᠣᠯᠤᠨ᠎ᠠ᠃
ᠮᠡᠩᠭᠡᠲᠦ᠎ᠶᠢᠨ ᠬᠦᠦ ᠴᠣᠬᠤᠮ ᠶᠠᠭᠤ ᠪᠣᠳᠤᠭᠰᠠᠨᠢ ᠪᠤᠤ ᠮᠡᠳᠡ᠂ ᠬᠠᠮᠠᠷ ᠯᠣᠳᠤᠨ᠎ᠳᠤ ᠪᠣᠭᠲᠤᠰᠤᠨ ᠲᠡᠮᠳᠡᠭ᠎ᠢᠶᠡᠨ ᠪᠡᠯᠡᠭᠯᠡᠵᠦ ᠵᠡᠭᠦᠯᠭᠡᠭᠡᠳ: 《ᠯᠣᠳᠤᠨ᠎ᠳᠤ ᠮᠡᠨᠳᠦᠴᠢᠯᠡᠯ ᠬᠦᠷᠭᠡᠶ᠎ᠡ! ᠯᠣᠳᠤᠨ᠎ᠲᠠᠢ ᠬᠠᠮᠲᠤ ᠪᠠᠢᠯᠳᠤᠵᠤ᠂ ᠯᠣᠳᠤᠨ᠎ᠲᠠᠢ ᠬᠠᠮᠲᠤ ᠢᠯᠠᠯᠲᠠ ᠣᠯᠤᠨ᠎ᠠ!》 ᠭᠡᠵᠦ ᠬᠠᠰᠭᠢᠷᠤᠭᠰᠠᠭᠠᠷ ᠣᠮᠤᠭᠲᠠᠢᠬᠠᠨ ᠠᠶᠠᠷᠯᠠᠨ ᠣᠳᠴᠠᠢ᠃
ᠬᠠᠮᠠᠷ ᠯᠣᠳᠤᠨ ᠰᠤᠭᠤ᠎ᠨᠢ ᠬᠡᠭᠵᠡᠷᠡᠵᠦ᠂ ᠮᠥᠷᠦ᠎ᠨᠢ ᠲᠠᠰᠤᠷᠠᠭᠰᠠᠨ ᠰᠡᠮᠡᠷᠬᠡᠢ ᠬᠠᠨᠲᠠᠭᠠᠵᠠᠶᠢᠨᠢᠶᠠᠨ ᠬᠠᠨᠴᠤᠢ᠎ᠳᠤ ᠤᠯᠠᠯᠵᠠᠬᠤ ᠠᠮᠢᠨ ᠰᠠᠬᠢᠶ᠎ᠠ᠎ᠲᠠᠢ ᠤᠯᠠᠭᠠᠨ 《ᠳᠤᠭ》᠎ᠢ ᠰᠠᠨᠠᠨ ᠰᠠᠨᠠᠨ ᠰᠢᠨᠵᠢᠭᠰᠡᠭᠡᠷ᠂ ᠳᠣᠭᠳᠤᠯᠤᠨ ᠬᠥᠭᠰᠡᠭᠰᠡᠨ ᠭᠡᠵᠦ ᠵᠢᠭᠲᠡᠢ᠃ ᠡᠰᠡᠯ᠎ᠡ ᠰᠣᠯᠢᠶᠠᠷᠠᠪᠠ᠃ ᠬᠠᠮᠠᠷ ᠬᠠᠰᠢᠯᠠ ᠬᠠᠮᠠᠷ᠃ ᠰᠢᠷ᠎ᠠ ᠬᠣᠷᠭᠤᠢ ᠡᠯᠢᠭᠡᠪᠴᠢ᠂ ᠬᠦᠷᠡᠩ ᠳᠠᠯᠢᠩᠪᠤᠤ ᠲᠡᠯᠡᠢᠪᠡᠷᠢᠶᠡᠨ ᠡᠢᠮᠦ ᠰᠠᠢᠬᠠᠨ ᠶᠠᠭᠤᠮ᠎ᠠ ᠰᠣᠯᠢᠭᠠᠳ ᠨᠢᠳᠦ ᠢᠷᠮᠡᠬᠦ ᠵᠠᠭᠤᠷ᠎ᠠ ᠰᠠᠬᠢᠭᠤᠯᠰᠤᠨ᠎ᠤ ᠡᠩᠨᠡᠭᠡᠨ᠎ᠳᠦ ᠲᠠᠯᠪᠢᠭᠠᠳ ᠣᠷᠤᠴᠢᠬᠠᠪᠠ᠃ ᠯᠣᠳᠤᠨ ᠤᠷᠢᠳᠤ᠎ᠶᠢᠨ ᠯᠣᠳᠤᠨ ᠪᠢᠰᠢ ᠪᠣᠯᠵᠠᠢ᠂ ᠣᠳᠣᠴᠢᠨᠢ ᠵᠠᠩᠵᠤᠨ ᠮᠥᠷᠲᠡᠭᠡᠨ ᠭᠠᠯ᠎ᠤᠨ ᠠᠬ᠎ᠠ᠎ᠨᠢ ᠡ ᠁ ᠬᠠᠮᠠᠷ ᠯᠣᠳᠤᠨ ᠭᠡᠨᠡᠳᠲᠡ ᠠᠪᠳᠠᠷ᠎ᠠ᠎ᠶᠢᠨ ᠢᠷᠤᠭᠠᠷ᠎ᠢᠶᠠᠨ ᠠᠭᠤᠳᠠᠯᠤᠨ᠂ ᠹᠧᠣᠳᠠᠯ ᠪᠠᠢᠬᠤ ᠡᠰᠡᠬᠦ᠎ᠶᠢ ᠪᠠᠢᠴᠠᠭᠠᠵᠤ ᠡᠬᠢᠯᠡᠪᠡ᠃ ᠰᠡᠮᠡᠷᠬᠡᠢ ᠬᠠᠳᠠᠭ᠂ ᠱᠠᠵᠠᠩ ᠬᠥᠬᠦᠷ᠂ ᠭᠠᠤᠯᠢᠨ ᠴᠥᠭᠦᠴᠡ ᠁ ᠳᠥᠷᠪᠡᠨ ᠬᠠᠭᠤᠴᠢᠨ ᠰᠤᠷᠲᠠᠯ ᠭᠡᠰᠡᠨ᠎ᠶᠦᠮ ᠳ᠋ᠠ᠂ ᠮᠢᠨᠦ ᠡᠨᠡ᠎ᠴᠢᠨᠢ ᠭᠤᠷᠪᠠᠬᠠᠨᠯᠠ ᠪᠠᠢᠨ᠎ᠠ᠃ ᠥᠭᠡᠷ᠎ᠡ ᠶᠠᠭᠤ᠎ᠪᠠᠨ ᠰᠢᠯᠢᠵᠦ ᠭᠠᠷᠭᠠᠳᠠᠭ ᠪᠢᠯᠡ? ᠬᠠᠮᠠᠷ ᠯᠣᠳᠤᠨ ᠪᠠᠢᠳᠠᠭ ᠬᠥᠷᠦᠩᠭᠡ ᠳᠡᠭᠡᠷ᠎ᠡ᠎ᠪᠡᠨ ᠨᠢᠭᠡ ᠵᠡᠷᠭᠡ ᠨᠢᠳᠦ ᠪᠡᠯᠴᠢᠭᠡᠭᠰᠡᠨ᠎ᠢᠶᠡᠨ ᠲᠤᠤᠵᠠ ᠬᠠᠳᠭᠤᠮᠠᠯ᠎ᠲᠠᠢ ᠲᠣᠷᠭᠠᠨ ᠲᠡᠷᠯᠢᠭ᠎ᠢᠶᠡᠨ ᠰᠢᠭᠦᠷᠦᠨ ᠠᠪᠤᠪᠠ᠃ ᠲᠡᠷᠡ ᠵᠢᠯ ᠪᠠᠳᠮ᠎ᠠ ᠪᠡᠷᠭᠡᠨᠦ ᠪᠠᠯᠪᠠᠷᠬᠠᠢ ᠲᠣᠭᠤᠨᠤ᠎ᠶᠢ ᠪᠦᠬᠦᠯᠢ ᠡᠳᠦᠷ ᠵᠠᠰᠠᠵᠤ ᠪᠠᠢᠭᠠᠳ ᠬᠡᠷᠡᠭ ᠪᠣᠯᠭᠠᠵᠤ ᠣᠶᠤᠭᠤᠯᠤᠭᠰᠠᠨᠶᠤᠮ ᠳ᠋ᠠᠭ᠃ ᠵᠠᠭᠷᠠᠢᠮ᠎ᠠ᠎ᠲᠠᠢ ᠭᠡᠷᠯᠡᠬᠦ ᠦᠶ᠎ᠡ᠎ᠳᠡᠭᠡᠨ ᠡᠮᠦᠰᠬᠦ ᠭᠡᠵᠦ ᠴᠣ᠋ ᠰᠢᠨ᠎ᠡ᠎ᠪᠡᠷ᠎ᠨᠢ ᠬᠠᠳᠠᠭᠠᠯᠠᠭᠰᠠᠭᠠᠷ ᠡᠳᠦᠢ ᠪᠣᠯᠵᠠᠢ᠃ ᠬᠠᠶᠠᠪᠠᠯ ᠳᠡᠩᠴᠢ ᠬᠠᠢᠷᠠᠨ᠂ ᠪᠣᠯᠵᠠᠢ ᠴᠠᠰᠢ! ᠰᠢᠨ᠎ᠡ ᠪᠣᠯᠪᠠᠴᠤ ᠬᠠᠭᠤᠴᠢᠨ᠎ᠢᠶᠠᠷ ᠪᠣᠳᠤᠴᠢᠬᠠᠶ᠎ᠠ! ᠵᠠᠩᠵᠤᠨ ᠪᠣᠯᠤᠭᠰᠠᠨ ᠬᠥᠮᠦᠨ ᠡᠳᠦᠢᠬᠡᠨᠢ ᠠᠯᠳᠠᠬᠤ᠎ᠳᠤ ᠭᠡᠮᠰᠢᠬᠦ ᠶᠣᠰᠤ ᠶᠠᠭᠤ ᠪᠠᠢᠨ᠎ᠠ? ᠁ ᠬᠠᠮᠠᠷ ᠯᠣᠳᠤᠨ 《ᠳᠥᠷᠪᠡᠨ ᠬᠠᠭᠤᠴᠢᠨ ᠰᠤᠷᠲᠠᠯ》᠎ᠢ ᠴᠢᠳᠠᠨ ᠶᠠᠳᠠᠨ ᠪᠦᠷᠢᠳᠦᠭᠦᠯᠵᠦ᠂ ᠦᠨᠡᠰᠦᠨ ᠣᠪᠤᠭᠠᠨ ᠳᠡᠭᠡᠷ᠎ᠡ ᠪᠤᠯᠠᠵᠤ ᠬᠠᠶᠠᠭᠠᠳ ᠢᠯᠠᠭᠤᠭᠰᠠᠨ ᠴᠢᠷᠠᠢ᠎ᠳᠤᠨᠢ ᠪᠠᠶᠠᠰᠭᠤᠯᠠᠩ ᠲᠤᠶᠠᠭᠠᠷᠠᠪᠠ᠃
ᠵᠠᠩᠵᠤᠨ ᠪᠣᠯᠤᠭᠰᠠᠨ ᠬᠥᠮᠦᠨ᠎ᠳᠦ ᠥᠭᠡᠷ᠎ᠡ ᠶᠠᠭᠤ ᠬᠡᠷᠡᠭᠲᠡᠢ ᠪᠢᠯᠡ? ᠭᠡᠵᠦ ᠬᠠᠮᠠᠷ ᠯᠣᠳᠤᠨ ᠰᠦᠮ᠎ᠡ᠎ᠶᠢᠨ ᠬᠦᠷᠢᠶᠡᠨ᠎ᠳᠦ᠂ ᠭᠡᠷ᠎ᠦᠨ ᠬᠢᠨᠢ ᠡᠭᠦᠳᠡᠨ᠎ᠳᠦ ᠪᠣᠯᠵᠤ ᠪᠠᠢᠭᠰᠠᠨ ᠠᠯᠢᠪᠠ ᠶᠠᠪᠤᠳᠠᠯ᠎ᠢ ᠡᠷᠭᠢᠴᠡᠭᠦᠯᠪᠡ᠃ ᠥ ᠲᠡᠢᠮᠦ᠂ ᠮᠠᠯᠠᠭᠠᠢ ᠪᠠ ᠡᠩᠭᠡᠷ ᠳᠡᠭᠡᠷ᠎ᠡ᠎ᠪᠡᠨ ᠬᠥᠷᠦᠭ ᠵᠡᠭᠦᠭᠰᠡᠨ ᠪᠠᠢᠬᠤ ᠬᠡᠷᠡᠭᠲᠡᠢ᠃ ᠭᠠᠷ᠎ᠲᠠᠭᠠᠨ ᠵᠢᠵᠢᠭ ᠤᠯᠠᠭᠠᠨ ᠳᠡᠪᠲᠡᠷ ᠠᠳᠭᠤᠭᠰᠠᠨ ᠪᠠᠢᠬᠤ ᠬᠡᠷᠡᠭᠲᠡᠢ᠃ ᠠᠮᠠ ᠨᠡᠭᠡᠭᠡᠬᠦ ᠪᠣᠯᠭᠠᠨ 《ᠬᠠᠮᠤᠭ᠎ᠤᠨ ᠳᠡᠭᠡᠳᠦ ᠵᠢᠭᠠᠪᠤᠷᠢ》 ᠭᠡᠵᠦ ᠤᠩᠰᠢᠬᠤ ᠬᠡᠷᠡᠭᠲᠡᠢ! ᠭᠡᠲᠡᠯ᠎ᠡ 《ᠬᠠᠮᠤᠭ᠎ᠤᠨ ᠳᠡᠭᠡᠳᠦ ᠵᠢᠭᠠᠪᠤᠷᠢ》᠎ᠨᠢ ᠶᠠᠭᠤ ᠪᠣᠯᠬᠤ᠎ᠶᠢ ᠬᠠᠮᠠᠷ ᠯᠣᠳᠤᠨ ᠶᠠᠭ ᠮᠡᠳᠡᠬᠦ᠎ᠦᠭᠡᠢ ᠲᠤᠯᠠ᠂ 《ᠤᠮ ᠮᠠᠨᠢ ᠪᠠᠳ ᠮᠧ ᠬᠤᠮ》 ᠭᠡᠵᠦ ᠤᠩᠰᠢᠬᠤ ᠪᠣᠯᠳᠠᠭ ᠪᠣᠯ᠎ᠤᠤ? ᠭᠡᠵᠦ ᠪᠣᠳᠤᠵᠠᠢ᠃ ᠮᠠᠷᠭᠠᠰᠢᠠᠴᠠᠨᠢ ᠬᠠᠮᠠᠷ ᠯᠣᠳᠤᠨ ᠬᠠᠷ᠎ᠠ ᠪᠣᠷᠤ ᠠᠵᠢᠯ᠎ᠢᠶᠠᠨ ᠬᠠᠶᠠᠭᠠᠳ ᠡᠨᠳᠡ ᠲᠡᠨᠳᠡ ᠭᠦᠶᠦᠵᠦ᠂ ᠬᠠᠮᠤᠭ᠎ᠤᠨ ᠳᠡᠭᠡᠳᠦ ᠵᠢᠭᠠᠪᠤᠷᠢ ᠭᠡᠵᠦ ᠪᠣᠯᠪᠠᠰᠤᠷᠠᠵᠤ ᠡᠬᠢᠯᠡᠪᠡ᠃ ᠴᠢᠩᠭᠢᠭᠡᠳ ᠠᠢᠯ᠎ᠤᠨ ᠬᠣᠭᠤᠯᠠ ᠬᠤᠰᠢᠨ ᠳᠡᠭᠡᠷ᠎ᠡ ᠲᠠᠭᠠᠷᠠᠪᠠᠯ: ᠬᠠᠭᠤᠴᠢᠨ ᠪᠡᠯᠡᠨ᠎ᠢᠶᠡᠨ ᠢᠳᠡᠵᠦ ᠪᠣᠯᠬᠤ᠎ᠦᠭᠡᠢ᠂ ᠰᠢᠨ᠎ᠡ ᠭᠤᠯᠢᠷ ᠪᠠᠢᠬᠤ ᠬᠡᠷᠡᠭᠲᠡᠢ ᠬᠡᠮᠡᠬᠦ ᠪᠣᠯᠵᠠᠢ᠃ ᠬᠠᠮᠤᠭ᠎ᠤᠨ ᠠᠮᠵᠢᠯᠲᠠ᠎ᠲᠠᠢ ᠰᠤᠷᠴᠤ ᠬᠡᠷᠡᠭᠯᠡᠭᠰᠡᠨ ᠨᠢᠭᠡ ᠤᠳᠠᠭ᠎ᠠ ᠭᠡᠪᠡᠯ ᠬᠥᠳᠡᠭᠡ᠎ᠶᠢᠨ ᠬᠡᠳᠦᠨ ᠵᠠᠯᠠᠭᠤᠰ 《ᠪᠠᠢᠯᠳᠤᠬᠤ ᠠᠩᠭᠢ》 ᠪᠠᠢᠭᠤᠯᠬᠤ᠎ᠳᠤ ᠬᠣᠷᠤᠬᠠᠢᠯᠠᠵᠤ᠂ ᠬᠠᠪᠢ ᠲᠥᠰᠦᠷᠲᠡᠭᠡᠨ ᠭᠠᠭᠴᠠᠬᠠᠨ ᠪᠣᠭᠲᠤᠰᠤᠨ ᠲᠡᠮᠳᠡᠭᠲᠡᠢᠪᠡᠷᠨᠢ ᠬᠠᠮᠠᠷ ᠯᠣᠳᠤ᠎ᠨᠢ ᠡᠷᠢᠨ ᠵᠥᠪᠳᠡᠯᠴᠡᠵᠡᠢ᠃ ᠬᠠᠮᠠᠷ ᠯᠣᠳᠤᠨᠴᠤ ᠭᠠᠯ᠎ᠤᠨ ᠠᠬ᠎ᠠ᠎ᠶᠢᠨ ᠰᠡᠭᠡᠷᠳᠡᠭᠦᠦ ᠵᠠᠩ᠎ᠢᠶᠠᠷ: 《ᠲᠡᠷᠡᠴᠦ ᠪᠣᠯᠤᠯᠭᠦᠢ ᠳ᠋ᠠ᠂ ᠭᠠᠭᠴᠠ ᠨᠠᠮᠵᠢᠯ ᠵᠠᠯᠠᠨ ᠶᠠᠭᠤ ᠭᠡᠵᠦ ᠪᠠᠢᠨ᠎ᠠ ᠪᠤᠢ?》 ᠭᠡᠵᠦ ᠠᠰᠠᠭᠤᠵᠠᠢ᠃ ᠬᠡᠳᠦᠨ ᠵᠠᠯᠠᠭᠤᠰ ᠦᠭᠡᠨ᠎ᠦ ᠬᠢᠨᠢ ᠤᠬᠠᠭᠠᠨ᠎ᠢ ᠣᠯᠵᠤ ᠶᠠᠳᠠᠨ ᠪᠡᠶ᠎ᠡ ᠪᠡᠶ᠎ᠡ᠎ᠪᠡᠨ ᠰᠢᠷᠲᠡᠯᠴᠡᠭᠰᠡᠨᠢᠶᠡᠨ ᠨᠢᠭᠡ᠎ᠨᠢ: 《ᠨᠠᠮᠵᠢᠯ ᠵᠠᠯᠠᠨ ᠶᠠᠭᠤ᠎ᠴᠤ ᠭᠡᠰᠡᠨ᠎ᠦᠭᠡᠢ᠂ ᠪᠠᠢᠯᠳᠤᠬᠤ ᠠᠩᠭᠢ ᠪᠠᠢᠭᠤᠯᠪᠠᠯ ᠪᠢ ᠪᠠᠰᠠ ᠣᠷᠤᠶ᠎ᠠ ᠭᠡᠵᠦ ᠵᠠᠯᠠᠨᠤ ᠰᠢᠷ᠎ᠠ ᠬᠦᠦᠯᠡ ᠪᠡᠷᠬᠡ ᠭᠤᠶᠤᠵᠤ ᠪᠠᠢᠭᠰᠠᠨ》 ᠭᠡᠵᠦ ᠠᠮᠠ ᠠᠯᠳᠠᠪᠠ᠃
《ᠪᠦᠷ ᠲᠡᠢᠮᠦ ᠪᠣᠯᠬᠤ᠎ᠶᠤᠮ ᠡ! ᠳᠠᠢᠰᠤᠨ᠎ᠤ ᠬᠣᠷᠤᠬᠠᠢᠯᠠᠳᠠᠭ ᠪᠦᠬᠦᠨ᠎ᠢ ᠪᠢᠳᠡ ᠡᠰᠡᠷᠭᠦᠴᠡᠨ᠎ᠡ᠃ ᠪᠠᠢᠯᠳᠤᠬᠤ ᠠᠩᠭᠢ ᠭᠠᠷᠭᠠᠵᠤ ᠪᠣᠯᠬᠤ᠎ᠦᠭᠡᠢ》 ᠭᠡᠵᠦ ᠬᠠᠮᠠᠷ ᠯᠣᠳᠤᠨ ᠭᠠᠭᠴᠠᠬᠠᠨ ᠦᠭᠡ᠎ᠪᠡᠷ ᠬᠠᠮᠤᠭ ᠵᠠᠯᠠᠭᠤᠰ᠎ᠤᠨ ᠲᠦᠭᠦᠰᠢ᠎ᠶᠢ ᠵᠠᠭᠤᠷᠠᠭᠤᠯᠵᠤ ᠲᠠᠯᠪᠢᠵᠠᠢ᠃ ᠲᠡᠢᠮᠦ᠎ᠡᠴᠡ ᠬᠥᠳᠡᠭᠡ᠎ᠶᠢᠨ ᠬᠥᠮᠦᠰ ᠬᠠᠮᠠᠷ ᠯᠣᠳᠤᠨ ᠭᠡᠪᠡᠯ ᠨᠡᠭᠡᠷᠡᠨ ᠪᠢᠰᠢᠷᠡᠵᠦ ᠬᠦᠨᠳᠦᠯᠡᠳᠡᠭ᠎ᠡᠴᠡ ᠭᠠᠳᠠᠨ᠎ᠠ ᠪᠠᠰᠠ ᠵᠢᠭᠠᠬᠠᠨ ᠠᠶᠤᠬᠤ ᠳᠠᠢᠵᠢᠳᠠᠭ ᠪᠣᠯᠵᠠᠢ᠃
ᠢᠩᠭᠢᠬᠦ ᠲᠤᠲᠤᠮ ᠬᠠᠮᠠᠷ ᠯᠣᠳᠤᠨ ᠬᠡᠨᠢᠴᠦ ᠨᠢᠳᠦᠨ᠎ᠳᠡᠭᠡᠨ ᠬᠠᠪᠴᠢᠬᠤ᠎ᠦᠭᠡᠢ ᠪᠣᠯᠵᠤ᠂ ᠵᠥᠪᠬᠡᠨᠯᠡ ᠮᠡᠩᠭᠡᠲᠦ᠎ᠶᠢᠨ ᠬᠦᠦᠲᠡᠢ ᠪᠤᠯᠤ ᠲᠡᠩᠬᠡᠯᠢᠭ ᠪᠣᠯᠤᠨ ᠨᠡᠢᠯᠡᠨ᠎ᠡ᠃ ᠪᠢᠴᠢᠬᠠᠨ ᠵᠠᠩᠵᠤᠨ ᠭᠡᠳᠡᠭ᠎ᠴᠢᠨᠢ ᠶᠣᠰᠤᠲᠠᠢ ᠱᠠᠭᠢᠮᠤᠨᠢ᠎ᠶᠢᠨ ᠡᠪᠦᠭᠡᠡᠴᠡᠴᠦ ᠢᠯᠡᠭᠦᠦ ᠰᠠᠢᠨ ᠵᠠᠩ᠎ᠲᠠᠢ ᠤᠯᠤᠰ ᠪᠠᠢᠨ᠎ᠠ ᠳ᠋ᠠ ! ᠬᠠᠨᠢᠯᠠᠪᠠᠯ ᠡᠢᠮᠦ᠎ᠯᠡ ᠤᠯᠤᠰ᠎ᠲᠠᠢ ᠬᠠᠨᠢᠯᠠᠵᠤ᠂ ᠮᠥᠷᠳᠡᠪᠡᠯ ᠡᠨᠡᠯᠡ ᠵᠠᠮ᠎ᠢ ᠮᠥᠷᠳᠡᠶ᠎ᠡ! ᠪᠤᠷᠤᠭᠤ ᠮᠡᠳᠡᠷᠡᠭᠰᠡᠨ ᠪᠠᠢᠲᠠᠯ᠎ᠠ ᠮᠠᠭᠤ᠎ᠶᠢ᠎ᠨᠢ ᠳᠤᠷᠠᠰᠤᠭᠠᠳ ᠪᠠᠢᠳᠠᠭ ᠬᠢᠯᠠᠷ ᠳᠠᠮᠪᠢ᠂ ᠴᠠᠭᠠᠨ ᠬᠥᠮᠦᠨ᠎ᠦ ᠲᠣᠯᠤᠭᠠᠢ ᠳᠡᠭᠡᠷ᠎ᠡ ᠬᠠᠷ᠎ᠠ ᠲᠣᠭᠤᠭ᠎ᠠ ᠬᠥᠮᠦᠷᠢᠳᠡᠭ ᠬᠣᠭᠤᠯᠠ ᠬᠠᠮᠢᠶᠠᠷᠤᠭᠴᠢ᠂ ᠶᠠᠯᠢᠭᠦᠢ ᠶᠠᠭᠤᠮ᠎ᠠ᠎ᠳᠤ ᠥᠰ ᠵᠠᠩᠭᠢᠳᠤᠭᠰᠠᠨ ᠵᠠᠯᠠᠭᠤ ᠴᠢᠪᠠᠭᠠᠨᠴᠠ ᠁ ᠵᠠᠩᠵᠤᠳᠤᠨᠮᠢᠨᠢ ᠳᠡᠷᠭᠡᠳᠡ ᠡᠳᠡ ᠶᠣᠰᠤᠲᠠᠢᠯᠠ ᠬᠤᠳᠳᠤᠭ᠎ᠤᠨ ᠮᠡᠯᠡᠬᠡᠢ! ᠤᠯᠠᠭᠠᠨ ᠨᠠᠷᠠ᠂ ᠤᠯᠠᠭᠠᠨ ᠵᠢᠷᠦᠬᠡ᠃ ᠤᠯᠠᠭᠠᠨ ᠳᠡᠪᠲᠡᠷ᠂ ᠤᠯᠠᠭᠠᠨ ᠬᠥᠷᠦᠭ᠃ ᠤᠯᠠᠭᠠᠨ ᠪᠣᠭᠲᠤᠰᠤᠨ 《ᠳᠤᠭ》᠂ ᠤᠯᠠᠭᠠᠨ ᠣᠳᠣ ᠁ ᠠᠶ᠎ᠠ! ᠪᠢᠴᠢ᠎ᠨᠢ ᠡᠢᠮᠦ ᠬᠤᠷᠳᠤᠨ ᠤᠯᠠᠭᠠᠨ ᠵᠢᠷᠭᠤᠭᠠᠨ ᠲᠥᠷᠦᠯᠲᠡᠢ ᠪᠣᠯᠴᠢᠬᠠᠯ᠎ᠠ᠃ ᠬᠡᠳᠦ ᠬᠣᠨᠤᠪᠠᠯ ᠠᠷᠪᠠ ᠬᠣᠷᠢᠨ ᠤᠯᠠᠭᠠᠨᠲᠠᠢᠴᠤ ᠪᠣᠯᠵᠤ ᠮᠡᠳᠡᠨ᠎ᠡ ᠳ᠋ᠠ !ᠦᠭᠡᠢ ᠶᠡᠷᠦ᠎ᠨᠢ ᠮᠡᠩᠭᠡᠲᠦ᠎ᠶᠢᠨ ᠬᠦᠦ ᠪᠡᠶ᠎ᠡ᠎ᠪᠡᠨ ᠬᠡᠵᠢᠶᠡᠳᠡ ᠤᠯᠠᠭᠠᠨ ᠲᠠᠪᠤᠨ ᠲᠥᠷᠦᠯ ᠭᠡᠵᠦ ᠭᠠᠢᠬᠠᠭᠤᠯᠳᠠᠭ ᠪᠢᠰᠢ᠎ᠦᠦ? ᠬᠠᠮᠠᠷ ᠯᠣᠳᠤᠨ ᠣᠳᠣ ᠲᠡᠭᠦᠨ᠎ᠢ ᠲᠡᠯᠡᠢᠳᠡᠭᠡᠨᠴᠦ ᠬᠠᠪᠴᠢᠭᠤᠯᠬᠤ᠎ᠦᠭᠡᠢ ᠪᠣᠯᠤᠭᠰᠠᠨ ᠡ᠃ ᠬᠠᠭᠤᠴᠢᠨ᠎ᠢᠶᠠᠷ ᠵᠢᠱ᠋ᠢᠪᠡᠯ ᠬᠠᠮᠠᠷ ᠪᠢ ᠠᠮᠪᠠᠨ ᠰᠠᠭᠤᠭᠰᠠᠨ ᠪᠠᠢᠬᠤ᠎ᠳᠤ ᠮᠡᠩᠭᠡᠲᠦ᠎ᠶᠢᠨ ᠬᠦᠦ ᠳᠥᠩᠭᠡᠵᠢ ᠵᠠᠩᠭᠢᠯᠠ ᠪᠢᠵᠡ!
ᠬᠠᠮᠲᠤ᠎ᠶᠢᠨ ᠢᠯᠠᠯᠲᠠ᠎ᠪᠠᠨ ᠣᠯᠬᠤ᠎ᠠᠴᠠ ᠡᠮᠦᠨ᠎ᠡ
ᠬᠠᠮᠠᠷ ᠯᠣᠳᠤᠨ᠎ᠳᠠᠭᠠᠨ ᠪᠠᠭᠤᠴᠢᠬᠠᠬᠤ᠎ᠨᠢ ᠡᠨᠡᠦᠦ!
ᠨᠢᠭᠡᠳᠦᠯ ᠳᠡᠭᠡᠷ᠎ᠡ 《ᠰᠧᠯᠢᠩᠪᠦ᠋》᠎ᠶᠢ ᠫᠤᠤᠳᠠᠬᠤ ᠠᠨᠳᠠᠭᠠᠢᠯᠠᠯᠲᠠᠶᠢᠨ ᠶᠡᠬᠡ ᠬᠤᠷᠠᠯ ᠪᠣᠯᠪᠠ᠃ ᠶᠠᠳᠠᠭᠤ ᠮᠠᠯᠴᠢᠨ᠎ᠤ ᠲᠥᠯᠦᠭᠡᠯᠡᠭᠴᠢ ᠭᠡᠵᠦ ᠬᠠᠮᠠᠷ ᠯᠣᠳᠤᠨ ᠪᠢᠴᠢᠬᠠᠨ ᠵᠠᠩᠵᠤᠨ᠎ᠤ ᠮᠣᠲ᠋ᠤᠷ᠎ᠤᠨ ᠠᠷᠤ᠎ᠳᠤ ᠰᠤᠨᠳᠠᠯᠠᠨ ᠢᠷᠡᠭᠡᠳ᠂ ᠲᠡᠷᠢᠭᠦᠯᠡᠭᠴᠢ᠎ᠶᠢᠨ ᠲᠠᠢᠰᠠᠨ᠎ᠳᠤ ᠵᠠᠯᠠᠭᠳᠠᠨ ᠭᠠᠷᠤᠭᠰᠠᠨ᠎ᠨᠢ ᠳᠠᠮᠵᠢᠭ᠎ᠦᠭᠡᠢ᠃ ᠬᠠᠮᠠᠷ ᠯᠣᠳᠤᠨ ᠡᠨᠡ ᠶᠠᠪᠤᠭ᠎ᠠ ᠨᠠᠰᠤᠨ᠎ᠳᠠᠭᠠᠨ ᠡᠢᠮᠦ ᠥᠪᠡᠳᠡᠭᠰᠢ ᠴᠤᠭᠯᠠᠭᠠᠨ᠎ᠳᠤ ᠠᠩᠬ᠎ᠠ ᠤᠳᠠᠭ᠎ᠠ ᠣᠷᠤᠯᠴᠠᠵᠤ ᠮᠢᠩᠭᠠᠨ ᠬᠥᠮᠦᠨ᠎ᠦ ᠡᠮᠦᠨ᠎ᠡ ᠲᠣᠩᠬᠤᠢᠨ ᠰᠠᠭᠤᠵᠤ ᠪᠠᠢᠭ᠎ᠠ ᠲᠤᠯᠠ ᠵᠢᠷᠦᠬᠡ᠎ᠨᠢ ᠡᠷᠬᠡ᠎ᠦᠭᠡᠢ ᠰᠠᠪᠠᠯᠠᠵᠤ᠂ ᠵᠠᠩᠭᠤᠤ ᠵᠠᠢᠳᠠᠯᠠᠭᠰᠠᠨᠶᠤᠮᠰᠢᠭ᠋ ᠣᠪᠤᠭᠤᠨᠠᠵᠤ ᠪᠠᠢᠯ᠎ᠠ᠃
ᠲᠠᠢᠰᠠᠨ ᠳᠣᠣᠷ᠎ᠠ ᠡᠯᠳᠡᠪ ᠡᠰᠡ᠎ᠶᠢᠨ ᠮᠠᠯᠠᠭᠠᠢ ᠫᠠᠢᠰᠠ᠎ᠲᠠᠢ ᠨᠢᠭᠡᠳᠦᠯ᠎ᠦᠨ ᠱᠦᠵᠢ᠂ ᠨᠠᠮᠵᠢᠯ ᠵᠠᠯᠠᠨ᠂ ᠰᠦᠮ᠎ᠡ᠎ᠶᠢᠨ ᠭᠡᠭᠡᠨ᠂ ᠬᠢᠯᠠᠷ ᠳᠠᠮᠪᠢ ᠁ ᠭᠡᠳ ᠪᠥᠭᠡᠮ ᠴᠢᠳᠭᠦᠷ ᠱᠣᠯᠤᠮᠢ ᠣᠯᠠᠨ᠎ᠤ ᠡᠰᠡᠷᠭᠦ ᠲᠣᠯᠤᠭᠠᠢ ᠪᠥᠬᠦᠢᠯᠭᠡᠨ ᠵᠣᠭᠰᠤᠭᠠᠵᠠᠢ᠃ ᠨᠠᠮᠵᠢᠯ ᠵᠠᠯᠠᠨᠤ ᠠᠳᠤᠭᠤᠴᠢᠨ᠎ᠳᠤ ᠶᠠᠪᠤᠵᠤ ᠪᠠᠢᠭᠰᠠᠨ ᠨᠢᠭᠡᠳᠦᠯ᠎ᠦᠨ ᠳᠠᠷᠤᠭ᠎ᠠ᠂ ᠰᠦᠮ᠎ᠡ᠎ᠶᠢᠨ ᠭᠡᠭᠡᠨ᠎ᠦ ᠬᠥᠯᠦᠰᠦ᠎ᠦᠭᠡᠢ ᠠᠯᠪᠠᠨ᠎ᠳᠤ ᠪᠠᠷᠢᠭᠳᠠᠵᠤ ᠪᠠᠢᠭᠰᠠᠨ ᠬᠢᠯᠠᠷ ᠳᠠᠮᠪᠢᠨᠠᠷ ᠥᠪᠡᠷ᠎ᠦᠨ ᠳᠠᠢᠰᠤᠨ ᠡᠲᠡᠭᠡᠳᠲᠡᠢᠪᠡᠨ ᠵᠡᠷᠭᠡᠴᠡᠨ ᠲᠣᠩᠭᠤᠢᠭᠰᠠᠨᠨᠢ ᠳᠡᠩᠴᠢ ᠡᠪᠦᠭᠡᠢᠶᠦᠮᠦᠦ? ᠭᠡᠵᠦ ᠯᠣᠳᠤᠨ ᠪᠣᠳᠤᠪᠠ᠃
ᠪᠢᠴᠢᠬᠠᠨ ᠵᠠᠩᠵᠤᠨ᠎ᠤ ᠬᠢᠭᠰᠡᠨ ᠢᠯᠡᠳᠭᠡᠯ᠎ᠨᠢ ᠬᠠᠮᠠᠷ ᠯᠣᠳᠤ᠎ᠨᠢ ᠨᠢᠭᠡᠮᠦᠰᠦᠨ ᠬᠢᠷᠳ᠋ᠬᠢᠯᠭᠡᠪᠡ᠃ ᠬᠦᠢ ᠳ᠋ᠠ᠂ ᠭᠥᠷᠦᠨ ᠲᠥᠷᠦᠴᠢ᠎ᠨᠢ ᠲᠦᠪᠰᠢᠨ᠎ᠦᠭᠡᠢ ᠪᠣᠯᠤᠭᠰᠠᠨ᠎ᠶᠤᠮ ᠪᠠᠢᠨ᠎ᠠ ᠰᠢᠤ! ᠰᠦᠷᠡᠬᠡᠢ ᠪᠦᠳᠦᠭᠦᠨ ᠬᠡᠷᠡᠭ ᠭᠠᠷᠴᠤ ᠭᠡᠨ᠎ᠡ᠃ ᠨᠢᠭᠡᠳᠦᠯ᠎ᠦᠨ ᠱᠦᠵᠢ ᠪᠠᠰᠠ ᠰᠠᠪᠠᠭ᠎ᠠ᠎ᠦᠭᠡᠢ ᠳᠤᠮᠳᠠ᠎ᠨᠢ ᠳᠡᠯᠳᠡᠭᠡᠨᠡᠵᠦ ᠨᠠᠮᠵᠢᠯ ᠵᠠᠯ᠎ᠠ᠎ᠨᠢ ᠡᠷᠭᠦᠨ ᠪᠣᠰᠭᠠᠭᠠᠳ᠂ ᠳᠠᠯᠳᠠᠭᠤᠷ ᠨᠢᠭᠡ ᠨᠢᠭᠤᠴᠠ ᠶᠠᠮᠤᠨ ᠪᠠᠢᠭᠤᠯᠬᠤ᠎ᠪᠠᠷ ᠬᠦᠴᠦᠯᠡᠵᠦ ᠭᠡᠨ᠎ᠡ᠂ ᠬᠣᠰᠢᠭᠤ ᠶᠠᠮᠤᠨ ᠭᠠᠷᠬᠤ᠎ᠳᠤ ᠬᠦᠷᠪᠡᠯ ᠪᠦᠬᠦᠯᠢ᠎ᠶᠢᠨ ᠰᠢᠭᠦᠰᠦᠨᠦ ᠠᠮᠠᠨ ᠰᠢᠷᠡᠭᠡ ᠬᠢᠬᠦ᠎ᠨᠢ ᠯᠠᠪ! ᠠᠮᠠᠨ ᠰᠢᠷᠡᠭᠡ ᠬᠢᠬᠦ᠎ᠳᠦ ᠬᠦᠷᠪᠡᠯ ᠬᠠᠮᠠᠷ ᠯᠣᠳᠤ᠎ᠨᠢ ᠠᠯᠪᠠ᠎ᠳᠤ ᠪᠠᠷᠢᠵᠤ ᠠᠪᠠᠴᠢᠬᠤ᠎ᠨᠢ ᠭᠠᠷᠴᠠᠭ᠎ᠠ᠎ᠦᠭᠡᠢ᠂ ᠲᠡᠷᠡᠨᠢᠴᠦ ᠭᠠᠢᠭᠤᠢᠯᠠ ᠪᠠᠢᠨ᠎ᠠ᠃ ᠠᠬᠠᠳᠠᠪᠠᠯ ᠬᠡᠳᠦᠨ ᠵᠢᠩ ᠮᠢᠬ᠎ᠠ᠎ᠪᠠᠨ ᠭᠡᠭᠡᠨᠡᠯᠡ ᠪᠢᠵᠡ᠃ ᠬᠠᠮᠤᠭ᠎ᠤᠨ ᠬᠡᠴᠡᠭᠦᠦ᠎ᠨᠢ ᠬᠠᠷᠢᠨ ᠶᠠᠮᠤᠨ᠎ᠤ ᠠᠭᠠᠷᠤ ᠬᠠᠪᠲᠠᠰᠤ᠎ᠪᠠᠷ ᠠᠪᠳᠠᠷ᠎ᠠ ᠬᠢᠭᠰᠡᠨ ᠤᠴᠢᠷ! ᠵᠦᠰᠦᠵᠦ ᠵᠦᠢᠭᠡᠳ ᠰᠦᠢᠳᠭᠡᠭᠰᠡᠨ ᠮᠥᠷᠲᠡᠭᠡᠨ ᠨᠢᠭᠤᠷ᠎ᠤᠨ ᠬᠠᠪᠲᠠᠰᠤ᠎ᠶᠢ᠎ᠨᠢ ᠬᠢᠮᠤᠰᠤ ᠮᠡᠲᠦ ᠨᠢᠮᠭᠡᠷᠡᠲᠡᠯ᠎ᠡ ᠬᠤᠰᠤᠭᠰᠠᠨᠢᠮᠢᠨᠢ ᠠᠮᠪᠠᠨ ᠨᠣᠶᠠᠨᠲᠠᠨ ᠠᠵᠢᠭ ᠠᠪᠤᠪᠠᠯ ᠬᠥᠩᠭᠡᠨ᠎ᠳᠡᠭᠡᠨ ᠨᠠᠰᠤᠨ᠎ᠤ ᠪᠣᠭᠤᠯ ᠪᠣᠯᠭᠠᠵᠤ᠂ ᠬᠡᠯᠲᠦᠰᠬᠢᠪᠡᠯ ᠴᠢᠪᠠᠭᠠᠨᠴᠠ᠎ᠶᠢᠨ ᠬᠠᠷ᠎ᠠ ᠬᠥᠮᠦᠨ᠎ᠦ ᠣᠷᠤ᠎ᠶᠢ ᠳᠠᠷᠤᠭᠤᠯᠬᠤ᠎ᠳᠤ ᠣᠢᠷᠠᠬᠠᠨ ᠰᠢᠤ! ᠁ ᠠᠶ᠎ᠠ! ᠡᠨᠡ ᠮᠠᠭᠤ ᠨᠢᠭᠡᠳᠦᠯ᠎ᠦᠨ ᠱᠦᠵᠢ ᠬᠣᠣᠷ᠎ᠠ ᠢᠷᠤ᠎ᠠ᠎ᠲᠠᠢ ᠭᠡᠵᠦ ᠡ! ᠁ ᠴᠢᠮᠠᠢ ᠴᠣᠬᠢᠵᠤ ᠤᠨᠠᠭᠠᠬᠤ᠎ᠨᠢ ᠪᠦᠷ ᠲᠠᠭᠠᠷᠠᠨ᠎ᠠ᠂ ᠴᠣᠬᠢᠭᠠᠳ ᠠᠯᠠᠪᠠᠴᠤ ᠰᠠᠨᠠᠯ᠎ᠦᠭᠡᠢ᠃
ᠬᠠᠮᠠᠷ ᠯᠣᠳᠤᠨ ᠮᠠᠨᠴᠤᠷᠭᠠᠨ ᠬᠠᠮᠠᠷ᠎ᠢᠶᠠᠨ ᠤᠭ᠎ᠲᠤᠨᠢ ᠲᠤᠯᠲᠠᠯ᠎ᠠ ᠤᠯᠠᠢᠯᠭᠠᠵᠤ ᠴᠡᠨᠳᠡᠢᠯᠭᠡᠭᠡᠳ ᠰᠠᠭᠤᠷᠢ᠎ᠦᠭᠡᠢ ᠣᠪᠤᠯᠵᠠᠵᠤ ᠪᠠᠢᠲᠠᠯ᠎ᠠ᠂ ᠮᠡᠩᠭᠡᠲᠦ᠎ᠶᠢᠨ ᠬᠦᠦ:
《ᠣᠳᠣ ᠶᠠᠳᠠᠭᠤ ᠮᠠᠯᠴᠢᠨ᠎ᠤ ᠵᠢᠩᠬᠢᠨᠢ ᠲᠥᠯᠦᠭᠡᠯᠡᠭᠴᠢ ᠨᠥᠬᠦᠷ ᠯᠣᠳᠤᠨ ᠴᠢᠬᠤᠯᠠ ᠶᠠᠷᠢᠶ᠎ᠠ ᠲᠠᠯᠪᠢᠨ᠎ᠠ》 ᠭᠡᠵᠦ ᠵᠠᠷᠯᠠᠭᠠᠳ᠂ ᠤᠷᠭᠠᠨᠤ ᠪᠣᠯᠴᠤᠤ ᠭᠡᠮᠡᠷ ᠰᠣᠨᠢᠨ ᠡᠳ᠋ ᠡᠮᠦᠨ᠎ᠡ᠎ᠨᠢ ᠠᠪᠴᠢᠷᠠᠵᠤ ᠲᠠᠯᠪᠢᠪᠠ᠃
ᠢᠷᠠᠢᠲᠠᠯ᠎ᠠ ᠰᠠᠭᠤᠭᠰᠠᠨ ᠮᠢᠩᠭᠠᠨ ᠠᠮᠢᠲᠠᠨ᠎ᠤ ᠠᠶᠤᠩᠭ᠎ᠠ ᠮᠡᠲᠦ ᠨᠢᠵᠢᠭᠢᠨᠡᠭᠰᠡᠨ ᠠᠯᠠᠭ᠎ᠠ ᠲᠠᠰᠢᠯᠲᠠ ᠬᠠᠮᠠᠷ ᠯᠣᠳᠤᠨᠤ ᠵᠢᠷᠦᠬᠡ᠎ᠶᠢ ᠫᠣᠯ ᠫᠣᠯ ᠲᠦᠭᠰᠢᠭᠦᠯᠵᠦ᠂ ᠰᠠᠨᠳᠤᠷᠴᠤ ᠲᠡᠪᠡᠳᠡᠬᠦ᠎ᠶᠢᠨ ᠲᠤᠢᠯ᠎ᠳᠤ ᠬᠦᠷᠦᠭᠦᠯᠵᠡᠢ᠃ ᠬᠡᠳᠦᠨ ᠦᠭᠡ ᠶᠠᠷᠢᠬᠤ᠎ᠦᠭᠡᠢ ᠪᠣᠯ ᠮᠡᠩᠭᠡᠲᠦ᠎ᠶᠢᠨ ᠬᠦᠦ᠎ᠳᠦ ᠣᠰᠤᠯᠳᠠᠵᠤ᠂ ᠪᠢᠴᠢᠬᠠᠨ ᠵᠠᠩᠵᠤᠨ᠎ᠳᠤ ᠭᠣᠯᠤᠭᠳᠠᠵᠤ ᠮᠡᠳᠡᠨ᠎ᠡ ᠰᠢᠦ᠃ ᠶᠠᠷᠢᠴᠢᠬᠠᠶ᠎ᠠ ᠭᠡᠬᠦ᠎ᠳᠦ ᠡᠢᠮᠦ ᠣᠯᠠᠨ ᠬᠥᠮᠦᠨ᠎ᠦ ᠡᠮᠦᠨ᠎ᠡ ᠪᠠᠢᠲᠤᠭᠠᠢ᠂ ᠡᠭᠦᠷ ᠠᠷᠪᠠᠨ᠎ᠤ ᠴᠤᠭᠯᠠᠭ᠎ᠠ ᠳᠡᠭᠡᠷ᠎ᠡ ᠬᠡᠳᠦᠬᠡᠨ ᠦᠭᠡᠨ᠎ᠳᠦ ᠬᠡᠯᠡ᠎ᠪᠡᠨ ᠪᠣᠯᠵᠠᠭᠠᠵᠤ ᠬᠠᠮᠤᠭ ᠠᠮᠢᠲᠠᠨ᠎ᠤ ᠬᠠᠷ᠎ᠠ ᠢᠨᠢᠶᠡᠳᠦ ᠪᠣᠯᠵᠤ ᠶᠠᠪᠤᠭᠰᠠᠨ ᠳ᠋ᠠᠭ᠃ ᠠᠢ! ᠬᠥᠭᠰᠢᠨ ᠪᠤᠬ᠎ᠠ ᠵᠢᠷᠤᠭ᠎ᠠ ᠰᠤᠷᠬᠤᠯᠠ ᠬᠡᠷᠡᠭᠲᠡᠢ ᠪᠣᠯᠵᠠᠢ ᠳ᠋ᠠ ! ᠶᠠᠭᠤ᠎ᠴᠤ ᠭᠡᠰᠡᠨ 《ᠬᠠᠮᠤᠭ᠎ᠤᠨ ᠳᠡᠭᠡᠳᠦ ᠵᠢᠭᠠᠪᠤᠷᠢ》᠎ᠪᠠᠨ ᠤᠩᠰᠢᠵᠤ ᠪᠠᠢᠭᠠᠳ ᠪᠣᠯᠤᠶ᠎ᠠ ᠭᠡᠵᠦ ᠪᠣᠳᠤᠭᠠᠳ ᠬᠠᠮᠠᠷ ᠯᠣᠳᠤᠨ ᠳᠠᠷᠤᠭᠳᠠᠭᠰᠠᠨ ᠢᠰᠢᠭᠡ᠎ᠶᠢᠨ ᠮᠠᠭᠤᠬᠠᠢ ᠬᠣᠭᠤᠯᠠᠢ᠎ᠪᠠᠷ:
《ᠬᠠᠮᠤᠭ᠎ᠤᠨ ᠁ ᠳᠡᠭᠡᠳᠦ ᠵᠢᠭᠠᠪᠤᠷᠢ:
ᠬᠡᠨ ᠴᠢᠨᠦ ᠳᠠᠢᠰᠤᠨ ᠪᠤᠢ ᠁ ᠬᠡᠨ ᠮᠢᠨᠦ ᠬᠠᠨᠢ ᠪᠤᠢ? ᠁ ᠡᠨᠡ ᠪᠣᠯ ᠬᠤᠪᠢᠰᠭᠠᠯ᠎ᠤᠨ ᠁ ᠲᠦᠷᠦᠭᠦᠦ ᠬᠤᠳᠠ ᠮᠥᠨ》 ᠭᠡᠪᠡ᠃ ᠴᠠᠰᠢ ᠲᠡᠭᠡᠭᠯᠡᠴᠢᠬᠡᠭᠡᠳ ᠬᠣᠭᠤᠯᠠᠢ᠎ᠪᠠᠨ ᠵᠠᠰᠠᠵᠤ ᠪᠠᠢᠲᠠᠯ᠎ᠠ᠂ ᠮᠡᠩᠭᠡᠲᠦ᠎ᠶᠢᠨ ᠬᠦᠦ᠎ᠶᠢᠨ ᠴᠢᠷᠠᠢ ᠨᠢᠭᠡᠯᠡ ᠬᠠᠴᠢᠨ ᠪᠣᠯᠵᠤ ᠠᠪᠤᠭᠠᠳ᠂ ᠲᠡᠮᠦᠷ ᠪᠣᠯᠴᠤᠤ᠎ᠪᠠᠨ ᠰᠤᠭᠤ ᠲᠡᠳᠡᠨ ᠠᠪᠴᠢᠬᠠᠪᠠ᠃ ᠵᠠ ᠪᠣᠯᠵᠠᠢ᠂ ᠲᠡᠷᠡᠲᠡᠢ ᠲᠡᠷᠡ᠎ᠦᠭᠡᠢ ᠬᠡᠳᠦᠨ ᠦᠭᠡ ᠡᠪᠯᠡᠭᠦᠯᠵᠦ ᠬᠡᠯᠡᠭᠡᠳ ᠲᠠᠮᠤ᠎ᠠᠴᠠ ᠬᠤᠷᠳᠤᠬᠠᠨ ᠮᠤᠯᠲᠤᠷᠠᠶᠠ᠃
ᠪᠢᠴᠢᠬᠠᠨ ᠵᠠᠩᠵᠤᠳ ᠨᠢᠭᠡᠨ ᠵᠡᠷᠭᠡ ᠬᠥᠯ ᠪᠣᠯᠵᠤ᠂ ᠴᠢᠬᠢ ᠴᠢᠬᠢ᠎ᠪᠡᠨ ᠵᠠᠭᠤᠯᠴᠠᠭᠰᠠᠨᠢᠶᠠᠨ ᠮᠡᠩᠭᠡᠲᠦ᠎ᠶᠢᠨ ᠬᠦᠦ ᠭᠡᠨᠡᠳᠲᠡ:
《ᠬᠠᠮᠠᠷ ᠯᠣᠳᠤᠨ ᠲᠠᠢᠰᠠᠨ᠎ᠠᠴᠠ ᠪᠠᠭᠤ!》 ᠭᠡᠵᠦ ᠬᠠᠰᠭᠢᠷᠪᠠ᠃ 《ᠥ᠂ ᠳᠣᠣᠷ᠎ᠠ ᠪᠠᠭᠤᠭᠠᠳ ᠶᠠᠷᠢᠪᠠᠯ ᠣᠯᠠᠨ ᠬᠥᠮᠦᠨ ᠲᠣᠳᠤ ᠰᠣᠨᠤᠰᠬᠤ᠎ᠳᠤ ᠠᠮᠠᠷ ᠭᠡᠵᠦ ᠪᠠᠢᠨ᠎ᠠ᠎ᠤᠤ? ᠵᠠ᠂ ᠵᠠ! ᠁》 ᠭᠡᠵᠦ ᠬᠠᠮᠠᠷ ᠯᠣᠳᠤᠨ ᠲᠠᠪᠴᠠᠩ᠎ᠠᠴᠠ ᠪᠠᠭᠤᠬᠤ᠎ᠶᠢᠨ ᠳᠠᠭᠠᠤ: 《ᠨᠢᠭᠡᠳᠦᠯ᠎ᠦᠨ ᠱᠦᠵᠢ ᠦᠨᠡᠬᠡᠷ ᠣᠯᠢᠭ᠎ᠦᠭᠡᠢ ᠁》 ᠭᠡᠵᠦ ᠠᠮᠠᠨ ᠳᠣᠲᠤᠷ᠎ᠠ᠎ᠪᠠᠨ ᠳᠦᠳᠦᠨᠡᠵᠦ ᠶᠠᠪᠤᠨ᠎ᠠ᠃
《ᠲᠡᠨᠳᠡ ᠵᠣᠭᠰᠤ!》 ᠭᠡᠵᠦ ᠮᠡᠩᠭᠡᠲᠦ᠎ᠶᠢᠨ ᠬᠦᠦ ᠴᠢᠳᠭᠦᠷ ᠱᠣᠯᠤᠮ᠎ᠤᠨ ᠵᠦᠭ ᠵᠢᠭᠠᠭᠰᠠᠨ᠎ᠳᠤ᠂ ᠶᠠᠭᠤ ᠪᠢᠯᠡ ? ᠭᠡᠵᠦ ᠬᠠᠮᠠᠷ ᠯᠣᠳᠤᠨ ᠵᠣᠭ ᠲᠣᠰᠤᠭᠰᠠᠨ᠎ᠢᠶᠠᠨ ᠬᠠᠭᠵᠠᠷᠬᠠᠢ ᠭᠤᠲᠤᠯ᠎ᠤᠨ ᠬᠣᠩᠰᠢᠶᠠᠷ᠎ᠢᠶᠠᠨ ᠬᠠᠷᠠᠵᠤ᠂ ᠣᠷᠤᠨ᠎ᠳᠠᠭᠠᠨ ᠪᠠᠷᠪᠠᠢᠨ ᠵᠣᠭᠰᠤᠪᠠ᠃
ᠲᠠᠢᠰᠠᠨ ᠳᠡᠭᠡᠷ᠎ᠡ᠎ᠡᠴᠡ ᠭᠡᠨᠡᠳᠲᠡ:
《ᠣᠳᠣ᠎ᠪᠠᠷ᠎ᠢᠶᠠᠨ ᠠᠵᠢᠯᠯᠠᠭ᠎ᠠ᠎ᠲᠠᠢ ᠬᠤᠪᠢᠰᠭᠠᠯ᠎ᠢ ᠡᠰᠡᠷᠭᠦᠴᠡᠭᠴᠢ ᠬᠠᠮᠠᠷ ᠯᠣᠳᠤ᠎ᠨᠢ ᠴᠣᠬᠢᠨ ᠤᠨᠠᠭᠠᠶ᠎ᠠ!》 ᠭᠡᠵᠦ ᠴᠢᠬᠢ ᠳᠦᠯᠡᠢᠷᠡᠲᠡᠯᠡ ᠬᠠᠰᠭᠢᠷᠤᠭᠰᠠᠨ᠎ᠳᠤ ᠬᠠᠮᠠᠷ ᠯᠣᠳᠤᠨ ᠰᠣᠴᠢᠭᠠᠨ ᠳᠡᠭᠡᠷ᠎ᠡ᠎ᠪᠡᠨ ᠨᠢᠳᠦ᠎ᠨᠢ ᠣᠷᠤᠢ ᠳᠡᠭᠡᠷ᠎ᠡ᠎ᠪᠡᠨ ᠭᠠᠷᠪᠠ᠃ ᠯᠠᠮᠠ ᠭᠣᠨᠴᠤᠭ ᠰᠦᠮ᠎ᠡ! ᠬᠣᠷᠤᠮ᠎ᠤᠨ ᠵᠠᠭᠤᠷ᠎ᠠ ᠢᠵᠢᠯᠢ ᠳᠠᠰᠤᠯ ᠬᠠᠷᠠᠴᠠᠨᠤᠭᠤᠳᠨᠢ ᠡᠷᠡᠢᠵᠦ ᠦᠵᠦᠭᠦᠷᠯᠡᠭᠰᠡᠨ ᠬᠢᠯᠢᠩᠲᠦ ᠬᠠᠷᠠᠴᠠ ᠪᠣᠯᠤᠨ ᠬᠤᠪᠢᠷᠠᠵᠤ ᠬᠡᠳᠦᠨ ᠮᠢᠩᠭᠠᠨ ᠵᠠᠩᠭᠢᠳᠤᠭᠰᠠᠨ ᠨᠢᠳᠤᠷᠭ᠎ᠠ ᠪᠦᠷ᠎ᠯᠡ ᠲᠡᠭᠦᠨ᠎ᠦ ᠥᠭᠡᠳᠡ ᠵᠠᠩᠭᠠᠯᠴᠠᠨᠠ᠃ ᠬᠠᠮᠠᠷ ᠯᠣᠳᠤᠨ ᠴᠡᠴᠡᠷᠡᠵᠦ ᠳᠠᠭᠵᠢᠭᠰᠠᠭᠠᠷ᠂ ᠴᠢᠪᠠᠭᠠᠨᠴᠠᠶᠢᠨᠢᠶᠠᠨ ᠠᠷᠤ᠎ᠳᠤ ᠣᠴᠢᠵᠤ ᠲᠣᠩᠭᠤᠢᠪᠠ᠃
ᠲᠦᠮᠡᠨ ᠨᠢᠳᠦ᠎ᠲᠡᠢ ᠲᠡᠭᠷᠢ᠂ ᠲᠥᠷᠦᠯᠬᠢ ᠮᠡᠷᠭᠡᠨ ᠵᠠᠩᠵᠤᠨ ᠡ! ᠬᠠᠮᠠᠷ ᠯᠣᠳᠤᠨᠴᠢᠨᠢ ᠬᠠᠮᠢᠭ᠎ᠠ᠎ᠨᠢ ᠲᠠ᠎ᠨᠠᠷ᠎ᠤᠨ ᠦᠭᠡ᠎ᠪᠡᠷ ᠶᠠᠪᠤᠭᠰᠠᠨ᠎ᠦᠭᠡᠢ ᠪᠤᠢ? ᠬᠤᠪᠢᠰᠭᠠᠯ᠎ᠢ ᠢᠩᠭᠢᠵᠦ ᠬᠢᠳᠡᠭ ᠭᠡᠵᠦ ᠪᠢ ᠲᠠ᠎ᠨᠠᠷ᠎ᠠᠴᠠ ᠰᠤᠷᠴᠤ ᠮᠡᠳᠡᠭᠡᠳ᠂ ᠭᠠᠭᠴᠠ ᠰᠡᠳᠭᠢᠯ ᠪᠠᠷᠢᠵᠤ᠂ ᠲᠥᠭᠡ ᠰᠠᠯᠤᠯ᠎ᠦᠭᠡᠢ ᠮᠥᠷᠳᠡᠭᠰᠡᠭᠡᠷ ᠢᠷᠡᠭᠰᠡᠨ᠃ ᠁ ᠠᠯᠲᠠᠨ ᠯᠤᠤᠪᠠᠨ ᠬᠤᠰᠤᠵᠤ ᠬᠠᠶᠠᠯ᠎ᠠ᠂ ᠠᠮᠠᠷᠠᠭ ᠴᠢᠪᠠᠭᠠᠨᠴᠠ᠎ᠪᠠᠨ ᠭᠣᠯᠤᠭᠠᠳ ᠬᠠᠶᠠᠯ᠎ᠠ᠃ ᠳᠥᠷᠪᠡᠨ ᠬᠠᠭᠤᠴᠢᠨ ᠰᠤᠷᠲᠠᠯ᠎ᠢᠶᠠᠨ ᠪᠤᠯᠠᠵᠤ ᠲᠠᠯᠪᠢᠯ᠎ᠠ᠂ ᠲᠠᠪᠤᠨ ᠤᠯᠠᠭᠠᠨ᠎ᠢ ᠪᠦᠷᠢᠳᠦᠯᠭᠦᠵᠦ ᠳᠠᠭᠠᠭᠠᠳ ᠪᠠᠰᠠ ᠵᠠᠪᠳᠤᠬᠤ᠎ᠦᠭᠡᠢ ᠪᠠᠢᠨ᠎ᠠ ᠰᠢᠤ! ᠁ ᠬᠠᠮᠲᠤ ᠪᠠᠢᠯᠳᠤᠵᠤ ᠬᠠᠮᠲᠤ᠎ᠶᠢᠨ ᠢᠯᠠᠯᠲᠠ᠎ᠪᠠᠨ ᠣᠯᠬᠤ᠎ᠠᠴᠠ ᠡᠮᠦᠨ᠎ᠡ ᠬᠠᠮᠠᠷ ᠯᠣᠳᠤᠨ᠎ᠳᠠᠭᠠᠨ ᠪᠠᠭᠤᠴᠢᠬᠠᠬᠤ᠎ᠨᠢ ᠡᠨᠡᠦᠦ? ᠪᠠᠭᠤᠬᠤ ᠮᠥᠷᠲᠡᠭᠡᠨ ᠳᠠᠢᠰᠤᠨ᠎ᠲᠠᠢ ᠴᠤᠭ ᠬᠠᠷᠠᠯᠠᠭᠤᠯᠴᠢᠬᠠᠨᠠ ᠭᠡᠵᠦ᠎ᠦᠦ! ᠁ ᠬᠠᠮᠠᠷ ᠯᠣᠳᠤᠨᠤ ᠭᠣᠮᠤᠳᠠᠯ᠎ᠤᠨ ᠨᠢᠯᠪᠤᠰᠤ᠎ᠨᠢ ᠬᠣᠷᠢᠭᠠᠵᠤ ᠵᠠᠪᠳᠤᠯ᠎ᠦᠭᠡᠢ ᠡᠩᠭᠡᠷᠢᠨᠢ ᠳᠡᠪᠲᠦᠭᠡᠨ᠎ᠡ᠃
ᠬᠠᠮᠠᠷ ᠯᠣᠳᠤᠨ ᠢᠩᠭᠢᠵᠦ ᠭᠣᠮᠤᠳᠠᠯᠲᠠᠢᠬᠠᠨ ᠲᠣᠩᠭᠤᠢᠭᠠᠳ᠂ ᠨᠢᠭᠡ ᠮᠡᠳᠡᠭᠰᠡᠨᠴᠢᠨᠢ ᠠᠷᠪᠠᠨ ᠵᠢᠯ ᠪᠣᠯᠵᠠᠢ᠃ ᠡᠨᠡ ᠳᠤᠮᠳᠠ ᠶᠠᠭᠤ ᠪᠣᠯᠵᠤ ᠶᠠᠭᠠᠬᠢᠵᠤ ᠶᠠᠪᠤᠭᠰᠠᠨ᠎ᠢᠶᠠᠨ ᠲᠡᠷᠡ ᠥᠪᠡᠷ᠎ᠢᠶᠡᠨ᠎ᠴᠦ ᠬᠡᠯᠡᠵᠦ ᠮᠡᠳᠡᠬᠦ᠎ᠦᠭᠡᠢ᠃ ᠰᠦᠭ ᠰᠦᠨᠡᠰᠦ᠎ᠨᠢ ᠲᠠᠮᠤ᠎ᠶᠢᠨ ᠢᠷᠤᠭᠠᠷ᠎ᠲᠤ ᠬᠡᠪᠲᠡᠭᠡᠳ᠂ ᠬᠣᠭᠤᠰᠤᠨ ᠮᠠᠬᠠᠪᠤᠳ ᠲᠡᠳᠦᠢ ᠣᠪᠤᠢᠵᠤ ᠪᠠᠢᠭᠰᠠᠨ ᠲᠤᠯᠠ ᠠᠮᠢ ᠭᠣᠣᠯ ᠪᠠᠢᠭᠠᠳ ᠳᠤᠤᠭᠠᠷᠴᠤ ᠪᠣᠯᠬᠤ᠎ᠦᠭᠡᠢ᠂ ᠬᠠᠲᠠᠭᠤ ᠬᠦᠨᠳᠦ ᠬᠥᠳᠡᠯᠮᠦᠷᠢ᠎ᠶᠢ ᠪᠡᠶᠡᠯᠡᠭᠦᠯᠦᠭᠡᠳ ᠠᠰᠢᠭ ᠰᠢᠮ᠎ᠡ ᠬᠦᠷᠲᠡᠵᠦ ᠪᠣᠯᠬᠤ᠎ᠦᠭᠡᠢ ᠭᠡᠳᠡᠭᠢᠯᠡ ᠴᠡᠭᠡᠵᠢᠯᠡᠵᠦ ᠶᠠᠪᠤᠭᠰᠠᠨ᠃ ᠠᠮᠢᠳᠤᠷᠠᠯ᠎ᠤᠨ ᠵᠠᠮ᠎ᠳᠤ ᠲᠡᠭᠦᠨ᠎ᠳᠦ ᠬᠤᠮᠠᠬᠢ᠎ᠶᠢᠨ ᠲᠡᠳᠦᠢᠯᠡ ᠭᠡᠭᠡ ᠣᠯᠭᠤᠭᠰᠠᠨ ᠬᠥᠮᠦᠨ᠎ᠨᠢ ᠭᠡᠪᠡᠯ ᠵᠠᠯᠠᠭᠤ᠎ᠪᠠᠨ ᠥᠩᠭᠡᠷᠡᠵᠦ ᠵᠠᠵᠢ᠎ᠨᠢ ᠴᠠᠢᠵᠤ ᠡᠬᠢᠯᠡᠭᠰᠡᠨ ᠴᠢᠪᠠᠭᠠᠨᠴᠠ ᠵᠠᠭᠷᠠᠢᠮᠠᠨᠢᠯᠠ ᠠᠵᠢ᠃
《ᠬᠡᠨ ᠬᠡᠨ᠎ᠢᠶᠡᠨ ᠬᠡᠯᠡᠯᠭᠡ᠎ᠦᠭᠡᠢ᠂ ᠬᠡᠭᠡᠷ ᠮᠣᠷᠢ᠎ᠪᠠᠨ ᠭᠤᠶᠠᠳᠠᠯᠭᠠᠦᠭᠡᠢ᠃ ᠴᠢᠨᠦ ᠮᠢᠨᠦ ᠵᠠᠶᠠᠭ᠎ᠠ ᠨᠢᠭᠡᠯᠡ! ᠭᠣᠮᠤᠳᠠᠭᠠᠳᠴᠤ ᠶᠠᠭᠠᠬᠢᠨ᠎ᠠ ᠪᠤᠢ? ᠬᠣᠷᠤᠰᠤᠭᠠᠳᠴᠤ ᠶᠠᠭᠠᠬᠢᠨ᠎ᠠ ᠪᠤᠢ?》 ᠭᠡᠳ ᠬᠥᠭᠰᠢᠨ ᠴᠢᠪᠠᠭᠠᠨᠴᠠ ᠲᠡᠭᠦᠨ᠎ᠲᠡᠢ ᠪᠡᠷᠬᠡ ᠣᠢᠷᠠᠳᠴᠤ᠂ ᠣᠭᠤᠴᠢ ᠤᠰᠤ ᠣᠯᠪᠠᠴᠤ ᠬᠤᠪᠢᠶᠠᠵᠤ ᠤᠤᠭᠤᠨ᠂ ᠵᠦᠰᠦᠮ ᠪᠢᠰᠢᠯᠠᠭ ᠣᠯᠪᠠᠴᠤ ᠲᠠᠯᠠᠯᠠᠵᠤ ᠢᠳᠡᠭᠰᠡᠭᠡᠷ ᠡᠳᠦᠢ ᠪᠣᠯᠵᠠᠢ᠃
ᠡᠨᠡᠬᠦ ᠶᠢᠷᠲᠢᠨᠴᠦ᠎ᠶᠢᠨ ᠬᠠᠷ᠎ᠠ ᠰᠢᠭᠤᠷᠭᠠᠨ᠎ᠳᠤ᠂ ᠨᠢᠭᠡᠳᠦᠯ᠎ᠦᠨ ᠱᠦᠵᠢ᠂ ᠬᠢᠯᠠᠷ ᠳᠠᠮᠪᠢ ᠁ ᠠᠷᠤ ᠠᠷᠤ᠎ᠠᠴᠠ᠎ᠪᠠᠨ ᠡᠷᠯᠢᠭ᠎ᠲᠦ ᠣᠴᠢᠬᠤ᠎ᠳᠤ᠂ ᠬᠠᠮᠠᠷ ᠯᠣᠳᠤᠨ ᠬᠠᠷᠢᠨ ᠵᠡᠷᠯᠢᠭ ᠡᠪᠡᠰᠦᠰᠢᠭ ᠠᠮᠢ ᠪᠥᠬᠡᠲᠡᠢ᠎ᠳᠡᠭᠡᠨ ᠵᠣᠯ᠎ᠢᠶᠠᠷ ᠦᠯᠡᠳᠡᠵᠡᠢ᠃ ᠬᠥᠷᠦᠬᠦ ᠰᠢᠬᠠᠭᠰᠠᠨ ᠵᠢᠷᠦᠬᠡᠨ᠎ᠳᠦ᠎ᠨᠢ ᠪᠦᠯᠢᠶᠡᠨ ᠴᠢᠰᠤ ᠣᠯᠭᠤᠯ᠎ᠠ ᠭᠡᠪᠡᠯ ᠲᠡᠷᠡ᠎ᠨᠢ ᠴᠢᠪᠠᠭᠠᠨᠴᠠ ᠵᠠᠭᠷᠠᠢᠮ᠎ᠠ᠎ᠶᠢᠨ ᠰᠤᠯᠠᠬᠠᠨ ᠰᠢᠪᠡᠨᠡᠭᠡ ᠪᠠ ᠥᠷᠦᠪᠳᠦᠯ᠎ᠦᠨ ᠬᠠᠷᠠᠴᠠᠯᠠ! ᠁