ᠮᠣᠩᠭᠣᠯ ᠪᠢᠴᠢᠭ |
ᠬᠢᠲᠠᠳ ᠠᠩᠭᠯᠢ ᠶᠠᠫᠣᠨ |
ᠪᠠᠲᠤᠥ᠌ᠯᠵᠡᠢ ᠡᠨᠡ ᠥᠷᠯᠦᠭᠡ᠂ ᠨᠠᠷᠠ ᠪᠢᠲᠡᠭᠦᠦ ᠪᠣᠰᠤᠭᠠᠳ᠂ ᠲᠠᠪᠰᠠᠭᠠᠴᠠᠪᠠᠨ ᠬᠥᠬᠡ ᠴᠢᠰᠴᠡᠦ ᠲᠡᠷᠯᠢᠭ ᠭᠠᠷᠭᠠᠨ ᠡᠮᠦᠰᠴᠦ᠂ ᠰᠢᠷᠭᠠᠯ ᠳᠤᠷᠳᠤᠩ ᠪᠦᠰᠡ᠎ᠪᠡᠨ ᠴᠢᠪᠬᠢᠲᠡᠯ᠎ᠡ ᠪᠦᠰᠡᠯᠡᠵᠦ᠂ ᠨᠠᠷᠢᠨ ᠬᠢᠴᠡᠲᠡᠢ ᠨᠢᠮᠪᠠᠢ ᠬᠠᠳᠠᠭᠠᠯᠠᠭᠰᠠᠨ ᠲᠣᠯᠢ ᠭᠠᠷᠭᠠᠵᠤ ᠲᠣᠯᠢᠳᠠᠪᠠ᠃ ᠲᠡᠭᠡᠭᠡᠳ ᠡᠨᠡ ᠬᠡᠳᠦᠨ ᠰᠠᠷ᠎ᠠ ᠨᠢᠭᠤᠷ ᠴᠢᠷᠠᠢᠶᠢᠨᠢᠶᠠᠨ ᠴᠣᠩᠬᠢᠢᠭᠰᠠᠨᠢ ᠦᠵᠡᠭᠡᠳ 《ᠡᠷᠳᠡᠮ᠎ᠦᠨ ᠨᠢᠷᠤᠭᠤᠨ᠎ᠳᠤ ᠡᠷᠡᠯᠬᠡᠭᠯᠡᠬᠦᠨᠢ ᠡᠮᠨᠢᠭ᠎ᠦᠨ ᠨᠢᠷᠤᠭᠤᠨ᠎ᠳᠤ ᠡᠷᠡᠯᠬᠡᠭᠯᠡᠬᠦᠡᠴᠡ ᠬᠣᠯᠠ ᠴᠠᠰᠢ ᠳ᠋ᠠ 》 ᠭᠡᠵᠦ ᠪᠣᠳᠤᠭᠠᠳ ᠬᠡᠦᠬᠡᠨ ᠬᠥᠮᠦᠨ᠎ᠰᠢᠭ ᠵᠢᠰᠦ᠎ᠪᠡᠨ ᠨᠢᠮᠪᠠᠢᠬᠠᠨ ᠦᠵᠡᠭᠡᠳ᠂ ᠲᠣᠯᠢ᠎ᠪᠠᠨ ᠰᠢᠷᠡᠭᠡᠨ ᠳᠡᠭᠡᠷ᠎ᠡ ᠲᠠᠯᠪᠢᠵᠤ᠂ ᠵᠠᠢᠯᠠᠰᠬᠢᠨ ᠪᠦᠬᠦ ᠪᠡᠶ᠎ᠡ᠎ᠪᠡᠨ ᠦᠵᠡᠭᠰᠡᠨ᠎ᠳᠦ ᠳᠡᠪᠡᠯ ᠪᠦᠰᠡᠨ᠎ᠦ᠎ᠪᠡᠨ ᠵᠢᠪᠬᠤᠭᠠᠳᠤ ᠥᠨᠳᠦᠷ ᠳᠡᠩᠬᠡᠭᠡᠷ ᠪᠡᠶ᠎ᠡ᠂ ᠥᠷᠭᠡᠨ ᠬᠠᠩᠬᠠᠭᠠᠷ ᠮᠥᠷᠦ᠂ ᠲᠡᠨᠢᠭᠦᠨ ᠴᠡᠭᠡᠵᠢ᠂ ᠭᠤᠨᠠᠭᠠᠷ ᠭᠤᠸᠠᠯᠢᠭ ᠨᠢᠷᠤᠭᠤ᠎ᠨᠢ ᠤᠯᠠᠮ ᠰᠦᠷ ᠰᠦᠯᠳᠡᠲᠡᠢ ᠪᠣᠯᠤᠭᠰᠠᠨ ᠮᠡᠲᠦ ᠰᠠᠨᠠᠭᠳᠠᠬᠤ᠎ᠳᠤ ᠵᠤᠤᠮᠠᠰ᠎ᠬᠢᠨ ᠢᠨᠢᠶᠡᠵᠦ 《ᠨᠠᠰᠤᠲᠠᠢ ᠬᠥᠮᠦᠨ᠎ᠦ ᠦᠭᠡ ᠵᠥᠪᠴᠦᠶᠦᠮᠦᠦ ᠳ᠋ᠠ ! 〈ᠡᠷ᠎ᠡ ᠬᠥᠮᠦᠨ ᠪᠦᠰᠡ᠎ᠪᠡᠨ ᠪᠦᠰᠡᠯᠡᠪᠡᠯ ᠬᠡᠢ ᠮᠣᠷᠢ ᠰᠡᠷᠭᠦᠨ᠎ᠡ〉 ᠭᠡᠳᠡᠭ᠎ᠨᠢ》 ᠭᠡᠵᠦ ᠡᠪᠦᠭᠡ ᠠᠪᠤ᠎ᠶᠢᠨ᠎ᠢᠶᠠᠨ ᠦᠷᠭᠦᠯᠵᠢ ᠶᠠᠷᠢᠳᠠᠭ ᠦᠭᠡ - ᠥᠨᠦᠬᠡᠨ ᠪᠠᠰᠠ ᠵᠠᠬᠢᠳᠠᠯ᠎ᠳᠠᠭᠠᠨ: ᠠᠰᠫᠢᠷᠠᠨᠲ᠎ᠢᠶᠠᠷ ᠰᠢᠯᠭᠠᠭᠤᠯᠬᠤ᠎ᠳᠠᠭᠠᠨ ᠶᠠᠭᠠᠬᠢᠭᠰᠠᠨ᠎ᠴᠤ ᠳᠡᠪᠡᠯ᠎ᠢᠶᠡᠨ ᠡᠮᠦᠰᠴᠦ ᠪᠦᠰᠡ᠎ᠪᠡᠨ ᠪᠦᠰᠡᠯᠡᠭᠡᠷᠡᠢ! ᠭᠡᠵᠦ ᠵᠠᠬᠢᠭᠰᠠᠨ᠎ᠨᠢ ᠪᠣᠳᠤᠭᠳᠠᠪᠠ᠃ ᠲᠡᠭᠡᠭᠡᠳ ᠡᠨᠡ᠎ᠴᠦ ᠮᠥᠨ ᠦᠨᠳᠦᠰᠦᠲᠡᠨ᠎ᠦ ᠳᠠᠳᠭᠠᠯ᠂ ᠦᠵᠡᠯ ᠰᠠᠨᠠᠭᠠᠨ᠎ᠤ ᠦᠢᠯᠡᠳᠦᠯ ᠰᠢᠦ ᠳ᠋ᠠ᠂ ᠵᠠ ᠶᠠᠭᠠᠬᠢᠬᠤ ᠪᠤᠢ᠂ ᠨᠠᠰᠤᠲᠠᠢ ᠬᠥᠮᠦᠨ᠎ᠦ ᠵᠠᠬᠢᠶ᠎ᠠ᠎ᠪᠠᠷ ᠶᠠᠪᠤᠵᠤ ᠪᠠᠢᠶ᠎ᠠ! ᠭᠡᠵᠦ ᠭᠠᠭᠴᠠᠭᠠᠷ ᠰᠢᠪᠡᠨᠡᠬᠦ᠎ᠳᠦ ᠶᠡᠬᠡ ᠰᠤᠷᠭᠠᠭᠤᠯᠢ᠎ᠪᠠᠨ ᠰᠢᠯᠢᠳᠡᠭ ᠪᠦᠲᠦᠮᠵᠢᠲᠡᠢ ᠲᠡᠭᠦᠰᠦᠮᠡᠭᠴᠡ᠎ᠪᠡᠨ ᠡᠨᠡ ᠡᠳᠦᠷ᠎ᠦᠨ ᠨᠠᠢ᠍ᠮᠠᠨ ᠴᠠᠭ᠎ᠠᠴᠠ ᠠᠰᠫᠢᠷᠠᠨᠲ᠎ᠤᠨ ᠰᠢᠯᠭᠠᠯᠲᠠ᠎ᠳᠤ ᠣᠷᠤᠬᠤ ᠭᠡᠵᠦ ᠪᠠᠢᠭ᠎ᠠ ᠪᠠᠲᠤᠥ᠌ᠯᠵᠡᠢ᠎ᠶᠢᠨ ᠰᠡᠳᠭᠢᠯ᠎ᠦᠨ ᠭᠦᠨ᠎ᠳᠦ ᠬᠠᠭᠠᠰ ᠵᠢᠯ ᠢᠯᠡᠭᠦᠦ ᠤᠴᠠᠷᠠᠭ᠎ᠠ᠎ᠦᠭᠡᠢ ᠬᠠᠢᠷᠠᠲᠤ ᠪᠤᠭᠤᠷᠤᠯ ᠡᠪᠦᠭᠡ ᠠᠪᠤ᠂ ᠡᠮᠡᠭᠡ ᠡᠵᠢ᠎ᠨᠢ ᠮᠥᠷᠦᠭᠡᠳᠦᠭᠳᠡᠵᠦ ᠳᠤᠷᠠᠰᠤᠨ ᠰᠠᠨᠠᠬᠤ ᠤᠢᠯ ᠪᠣᠰᠪᠠ᠃ ᠴᠣᠬᠤᠮ ᠬᠡᠯᠡᠪᠡᠯ᠂ ᠬᠣᠶᠠᠷ ᠴᠠᠭ᠎ᠤᠨ ᠳᠠᠷᠠᠭ᠎ᠠ ᠠᠰᠫᠢᠷᠠᠨᠲ᠎ᠢᠶᠠᠷ ᠰᠢᠯᠭᠠᠭᠤᠯᠬᠤ ᠭᠡᠵᠦ ᠪᠠᠢᠭ᠎ᠠ ᠬᠥᠮᠦᠰ᠎ᠲᠦ ᠰᠢᠯᠭᠠᠭᠤᠯᠬᠤ ᠵᠦᠢᠯ᠎ᠢᠶᠡᠨ ᠪᠣᠳᠤᠯ᠎ᠲᠠᠢ᠎ᠠᠴᠠ ᠪᠢᠰᠢ ᠥᠭᠡᠷ᠎ᠡ ᠤᠴᠢᠷ᠎ᠢ ᠪᠣᠳᠤᠬᠤ᠎ᠨᠢ ᠳᠠᠩᠴᠢ ᠵᠣᠬᠢᠮᠵᠢᠦᠭᠡᠢᠶᠤᠮ᠃ ᠭᠡᠪᠡᠴᠦ ᠬᠥᠮᠦᠨᠳᠦᠴᠢᠨᠢ ᠡᠯᠳᠡᠪ᠎ᠦᠨ ᠴᠠᠭ᠎ᠲᠤ ᠡᠯᠳᠡᠪ᠎ᠦᠨ ᠤᠴᠢᠷ ᠪᠣᠳᠤᠭᠳᠠᠳᠠᠭᠯᠠᠶᠤᠮ ᠪᠠᠢᠨ᠎ᠠ᠃ ᠪᠠᠲᠤᠥ᠌ᠯᠵᠡᠢ᠂ ᠮᠣᠩᠭᠤᠯ ᠬᠥᠮᠦᠨ᠎ᠦ ᠪᠦᠰᠡ ᠪᠦᠰᠡᠯᠡᠬᠦ᠎ᠶᠢ ᠲᠤᠩᠴᠤ ᠬᠦᠨᠳᠦᠳᠭᠡᠨ ᠡᠷᠬᠢᠮᠯᠡᠵᠦ᠂ ᠰᠦᠯᠳᠡ ᠬᠡᠢ ᠮᠣᠷᠢ᠎ᠲᠠᠢ᠎ᠪᠠᠨ ᠵᠡᠷᠭᠡᠴᠡᠭᠦᠯᠦᠨ ᠦᠵᠡᠳᠡᠭ ᠡᠪᠦᠭᠡ ᠠᠪᠤ᠎ᠪᠠᠨ ᠪᠣᠳᠤᠬᠤ᠎ᠳᠤ ᠨᠢᠭᠡᠨ ᠶᠠᠪᠤᠳᠠᠯ ᠥᠪᠡᠷ᠎ᠦᠨ ᠡᠷᠬᠡ᠎ᠦᠭᠡᠢ ᠰᠠᠨᠠᠭᠳᠠᠪᠠ:
ᠡᠪᠦᠭᠡ ᠠᠪᠤ᠎ᠨᠢ ᠨᠢᠭᠡ ᠤᠳᠠᠭ᠎ᠠ ᠬᠠᠯᠠᠭᠤᠨ ᠲᠠᠬᠤᠯ᠎ᠳᠤ ᠨᠡᠷᠪᠡᠭᠳᠡᠭᠡᠳ ᠶᠠᠭᠠᠬᠢᠬᠤ᠎ᠶᠢᠨ ᠠᠷᠭ᠎ᠠ᠎ᠦᠭᠡᠢ ᠬᠡᠪᠲᠡᠷᠢ᠎ᠳᠦ ᠣᠷᠤᠭᠰᠠᠨ᠎ᠴᠤ ᠵᠠᠪᠠᠯ ᠥᠨᠳᠡᠢᠨ ᠪᠣᠰᠴᠤ᠂ ᠰᠠᠭᠤᠭᠠᠪᠠᠷᠢᠶᠠᠨᠴᠤ ᠭᠡᠰᠡᠨ ᠳᠡᠪᠡᠯ᠎ᠢᠶᠡᠨ ᠰᠤᠭᠤᠯᠠᠭᠠᠳ ᠪᠦᠰᠡ᠎ᠪᠡᠨ ᠪᠦᠰᠡᠯᠡᠵᠦ ᠪᠦᠬᠦᠯᠢ᠎ᠪᠡᠷ ᠬᠡᠪᠲᠡᠬᠦ᠎ᠡᠴᠡ ᠪᠢᠰᠢ᠂ ᠶᠠᠭᠠᠬᠢᠭᠰᠠᠨ᠎ᠴᠤ ᠨᠥᠮᠦᠭᠡᠨ ᠬᠡᠪᠲᠡᠳᠡᠭ᠎ᠦᠭᠡᠢ ᠪᠠᠢᠵᠠᠢ᠃ ᠪᠠᠲᠤᠥ᠌ᠯᠵᠡᠢ ᠭᠠᠭᠴᠠᠭᠠᠷ᠎ᠢᠶᠠᠨ ᠢᠨᠢᠶᠡᠮᠰᠦᠭᠯᠡᠵᠦ 《ᠮᠢᠨᠦ ᠡᠪᠦᠭᠡ ᠠᠪᠤ ᠭᠡᠵᠦ ᠡᠢᠮᠦ᠎ᠯᠡ ᠴᠢᠩᠭ᠎ᠠ ᠰᠤᠷᠲᠠᠯ᠎ᠲᠠᠢ ᠬᠥᠮᠦᠨ᠎ᠶᠦᠮ ᠳ᠋ᠠᠭ᠃ ᠨᠠᠮᠠᠢ ᠬᠥᠮᠦᠵᠢᠭᠦᠯᠵᠦ᠂ ᠬᠥᠯᠢᠮᠢᠨᠢ ᠳᠥᠷᠦᠭᠡᠨ᠎ᠳᠦ᠂ ᠭᠠᠷᠢᠮᠢᠨᠢ ᠭᠠᠨᠵᠤᠭᠠᠨ᠎ᠳᠤ ᠬᠦᠷᠭᠡᠭᠰᠡᠨ᠎ᠢᠶᠡᠷ ᠪᠠᠷᠠᠬᠤ᠎ᠦᠭᠡᠢ ᠡᠷᠳᠡᠮ᠎ᠦᠨ ᠶᠡᠬᠡ ᠰᠦᠷᠦᠭ᠎ᠲᠦ ᠪᠠᠷᠢᠬᠤ ᠤᠷᠭᠠᠶᠢᠮᠢᠨᠢᠴᠤ ᠵᠠᠰᠠᠵᠤ ᠵᠠᠯᠠᠵᠤ ᠥᠭᠭᠦᠭᠰᠡᠨ ᠪᠢᠯᠡ》 ᠭᠡᠵᠦ ᠪᠣᠳᠤᠬᠤ᠎ᠳᠤ ᠡᠮᠦᠰᠦᠭᠰᠡᠨ ᠳᠡᠪᠡᠯ᠂ ᠡᠮᠦᠨ᠎ᠡ ᠪᠠᠢᠭ᠎ᠠ ᠲᠣᠯᠢ᠎ᠠᠴᠠ ᠡᠬᠢᠯᠡᠨ ᠥᠩᠭᠡᠷᠡᠭᠰᠡᠨ ᠬᠡᠷᠡᠭ᠎ᠦᠳ ᠦᠵᠡᠭᠳᠡᠵᠦ ᠪᠠᠢᠬᠤ᠎ᠰᠢᠭ᠋ ᠪᠣᠯᠪᠠ᠃
ᠪᠠᠲᠤᠥ᠌ᠯᠵᠡᠢ ᠪᠣᠯ ᠠᠢᠮᠠᠭ᠎ᠤᠨ ᠵᠠᠬᠢᠷᠭ᠎ᠠ᠎ᠳᠤ ᠠᠵᠢᠯᠯᠠᠳᠠᠭ ᠡᠴᠢᠭᠡ᠎ᠪᠡᠨ ᠳᠠᠭᠠᠵᠤ ᠬᠣᠲᠠ᠎ᠳᠤ ᠰᠠᠭᠤᠵᠤ ᠪᠢᠴᠢᠭ ᠦᠵᠡᠵᠦ ᠪᠠᠢᠵᠠᠢ᠃ ᠠᠷᠪᠠᠨ ᠵᠢᠯ᠎ᠦᠨ ᠴᠥᠪ᠎ᠦᠨ ᠳᠤᠮᠳᠠ ᠬᠢᠯᠢᠰ ᠬᠡᠷᠡᠭ᠎ᠲᠦ ᠡᠴᠢᠭᠡ ᠡᠬᠡ᠎ᠪᠡᠨ ᠠᠯᠳᠠᠭᠠᠳ ᠣᠷᠤᠨ ᠭᠡᠷ᠎ᠦᠭᠡᠢ ᠵᠡᠭᠡᠯᠢ ᠳᠡᠭᠡᠷ᠎ᠡ ᠲᠡᠨᠦᠵᠦ ᠪᠠᠢᠲᠠᠯ᠎ᠠ ᠡᠪᠦᠭᠡ ᠠᠪᠤ᠎ᠨᠢ ᠬᠡᠳᠦᠨ ᠡᠳᠦᠷ ᠲᠤᠵᠢ ᠡᠷᠢᠵᠦ ᠪᠠᠢᠭᠠᠳ ᠣᠯᠵᠤ ᠠᠪᠴᠠᠢ᠃ ᠲᠡᠭᠡᠭᠡᠳ ᠡᠪᠦᠭᠡ ᠠᠪᠤ᠎ᠨᠢ ᠤᠴᠠᠷᠠᠮᠠᠭᠴᠠ᠎ᠪᠠᠨ ᠮᠠᠩᠨᠠᠢ ᠳᠡᠭᠡᠷ᠎ᠡ᠎ᠨᠢ ᠬᠡᠳᠦ ᠲᠠᠭᠠᠯᠠᠭᠠᠳ ᠳᠣᠭᠤᠯᠠᠩ ᠨᠢᠯᠪᠤᠰᠤ ᠳᠤᠰᠤᠯᠠᠭᠤᠯᠤᠨ᠂ ᠬᠦᠷᠡᠯ ᠴᠢᠷᠠᠢᠯᠠᠨ ᠬᠥᠮᠦᠬᠡᠢ ᠵᠠᠭᠤᠭᠠᠳ:
《ᠵᠠ ᠶᠠᠪᠤᠶ᠎ᠠ! ᠬᠦᠦ᠎ᠮᠢᠨᠢ》 ᠭᠡᠳ ᠲᠡᠷᠭᠡᠨ ᠥᠷᠲᠡᠭᠡ ᠤᠷᠤᠭᠤ ᠬᠥᠲᠦᠯᠦᠨ ᠠᠯᠬᠤᠬᠤ᠎ᠳᠤ ᠠᠷᠪᠠᠨ ᠭᠤᠷᠪᠠᠲᠠᠢ ᠪᠠᠲᠤᠥ᠌ᠯᠵᠡᠢ᠂ ᠡᠪᠦᠭᠡᠶᠢᠨᠢᠶᠡᠨ ᠰᠠᠨᠠᠭ᠎ᠠ᠎ᠶᠢ ᠮᠡᠳᠡᠭᠡᠳ:
《ᠡᠪᠦᠭᠡ ᠠᠪᠤ ᠡ᠂ ᠮᠠᠨ᠎ᠤ ᠭᠡᠷ᠎ᠦᠨ ᠭᠠᠳᠠᠭ᠎ᠠ ᠬᠠᠶᠠᠭ᠎ᠠ᠎ᠲᠠᠢ ᠰᠢᠤ!》 ᠭᠡᠳ ᠣᠳᠣ ᠢᠩᠭᠢᠭᠡᠳ ᠶᠠᠪᠤᠴᠢᠬᠠᠪᠠᠯ ᠲᠡᠭᠦᠨ᠎ᠢ ᠶᠠᠭᠠᠬᠢᠯᠲᠠᠢ ᠪᠤᠢ? ᠭᠡᠰᠡᠨ ᠮᠠᠶᠢᠭᠲᠠᠢ ᠡᠪᠦᠭᠡ ᠠᠪᠤ᠎ᠪᠠᠨ ᠴᠢᠷᠠᠢᠳᠠᠬᠤᠳᠤ ᠡᠪᠦᠭᠡ ᠠᠪᠤ᠎ᠨᠢ ᠠᠯᠤᠰ᠎ᠢ ᠬᠠᠷᠠᠨ ᠠᠯᠬᠤᠵᠤ ᠪᠠᠢᠭᠰᠠᠨ ᠴᠢᠭ᠎ᠢᠶᠡᠷ᠎ᠢᠶᠡᠨ:
《ᠠᠯᠲᠠ᠎ᠪᠠᠨ ᠠᠯᠳᠠᠭᠰᠠᠨ ᠬᠥᠮᠦᠨ᠎ᠳᠦ ᠠᠪᠳᠠᠷ᠎ᠠ᠎ᠨᠢ ᠶᠠᠮᠠᠷ ᠬᠡᠷᠡᠭ ᠪᠠᠢᠨ᠎ᠠ ᠪᠤᠢ!》 ᠭᠡᠵᠦ ᠬᠡᠯᠡᠭᠡᠳ ᠪᠠᠲᠤᠥ᠌ᠯᠵᠡᠢ᠎ᠶᠢ ᠡᠷᠭᠢᠨ ᠬᠠᠷᠠᠵᠤ: 《ᠭᠡᠪᠡᠴᠦ ᠦᠷ᠎ᠡ᠎ᠨᠢ ᠪᠣᠯᠤᠭᠰᠠᠨ ᠴᠢᠮ᠎ᠠ᠎ᠳᠤ ᠡᠭᠦᠷᠢᠳᠡ᠎ᠶᠢᠨ ᠳᠤᠷᠠᠰᠭᠠᠯ ᠪᠣᠯᠭᠠᠬᠤ᠎ᠶᠢᠨ ᠲᠤᠰᠠ᠎ᠳᠤ ᠡᠴᠢᠭᠡᠶᠢᠨᠴᠢᠨᠢ ᠳᠡᠪᠡᠯ ᠪᠦᠰᠡ᠂ ᠡᠬᠡᠶᠢᠨᠴᠢᠨᠢ ᠨᠢᠭᠤᠷ᠎ᠤᠨ ᠲᠣᠯᠢ᠎ᠶᠢ ᠠᠪᠤᠭᠰᠠᠨ》 ᠭᠡᠵᠡᠢ᠃
ᠪᠠᠲᠤᠥ᠌ᠯᠵᠡᠢ᠎ᠶᠢ ᠡᠪᠦᠭᠡᠶᠢᠨᠳᠡᠭᠡᠨ ᠢᠷᠡᠭᠰᠡᠨ᠎ᠦ ᠳᠠᠷᠠᠭ᠎ᠠ ᠵᠢᠯ᠎ᠨᠢ ᠬᠣᠰᠢᠭᠤᠨ᠎ᠤ ᠳᠤᠮᠳᠠᠳᠤ ᠰᠤᠷᠭᠠᠭᠤᠯᠢ᠎ᠶᠢᠨ ᠬᠢᠴᠢᠶᠡᠯ ᠰᠡᠷᠭᠦᠭᠰᠡᠨ᠎ᠳᠦ ᠡᠪᠦᠭᠡ ᠠᠪᠤ᠎ᠨᠢ ᠰᠤᠷᠭᠠᠭᠤᠯᠢ᠎ᠲᠠᠢ᠎ᠨᠢ ᠬᠡᠯᠡᠯᠴᠡᠵᠦ ᠲᠣᠬᠢᠷᠠᠭᠠᠳ ᠬᠦᠦ᠎ᠪᠡᠨ ᠬᠦᠷᠭᠡᠵᠦ ᠥᠭᠬᠦ᠎ᠳᠡᠭᠡᠨ:
《ᠮᠠᠯᠴᠢᠨ ᠬᠥᠮᠦᠨ ᠵᠤᠳ᠎ᠲᠠᠢ ᠲᠡᠮᠡᠴᠡᠬᠦ᠎ᠳᠡᠭᠡᠨ ᠴᠠᠰᠤ ᠰᠢᠭᠤᠷᠭᠠᠨ᠎ᠢ ᠴᠢᠯᠦᠭᠡᠳᠡᠵᠦ ᠮᠠᠯ᠎ᠢᠶᠠᠨ ᠭᠡᠳᠡᠰᠦᠯᠡᠭᠦᠯᠵᠦ ᠵᠠᠪᠳᠤᠳᠠᠭᠶᠤᠮ᠃ ᠲᠡᠭᠦᠨ᠎ᠲᠡᠢ ᠠᠳᠠᠯᠢ᠎ᠪᠠᠷ ᠡᠷᠳᠡᠮ᠎ᠢ ᠰᠤᠷᠬᠤ᠎ᠳᠤ ᠡᠳᠦᠭᠡ ᠪᠠᠰᠠ ᠴᠢᠯᠦᠭᠡᠳᠡᠬᠦ ᠬᠡᠷᠡᠭᠲᠡᠢ᠃ ᠠᠪᠤᠶᠢᠨᠴᠢᠨᠢ ᠨᠢᠭᠡ ᠰᠠᠢᠨ ᠨᠠᠢᠵᠠ᠎ᠶᠢᠨ ᠬᠦᠴᠦ᠎ᠪᠡᠷ ᠴᠢᠮᠠᠢ ᠡᠨᠡ ᠰᠤᠷᠭᠠᠭᠤᠯᠢ᠎ᠳᠤ ᠣᠷᠤᠭᠤᠯᠪᠠ᠃ ᠶᠠᠭᠠᠬᠢᠬᠤᠪ᠂ ᠵᠢᠭᠠᠬᠠᠨ ᠶᠠᠭᠤᠮ᠎ᠠ ᠰᠤᠷᠴᠤ ᠪᠠᠢᠪᠠᠯ ᠪᠣᠯᠬᠤ᠎ᠨᠢ ᠲᠡᠷᠡ》 ᠭᠡᠵᠦ ᠬᠡᠯᠡᠵᠡᠢ᠃ ᠤᠤᠯ᠎ᠨᠢ ᠪᠠᠲᠤᠥ᠌ᠯᠵᠡᠢ᠎ᠶᠢᠨ ᠡᠪᠦᠭᠡ᠎ᠶᠢ ᠰᠤᠷᠭᠠᠭᠤᠯᠢ᠎ᠲᠠᠢ᠎ᠨᠢ ᠬᠡᠯᠡᠯᠴᠡᠬᠦ᠎ᠳᠦ ᠰᠤᠷᠭᠠᠭᠤᠯᠢ᠎ᠶᠢᠨ ᠲᠠᠯ᠎ᠠ᠎ᠠᠴᠠ ᠠᠷᠪᠢᠨ ᠶᠣᠰᠤ᠂ ᠣᠨᠤᠯ ᠶᠠᠷᠢᠵᠤ᠂ ᠡᠢᠮᠦ ᠬᠡᠦᠬᠡᠳ᠎ᠢ ᠪᠣᠯ 《ᠤᠬᠠᠮᠰᠠᠷ᠎ᠨᠢ ᠦᠵᠡᠨ᠎ᠡ᠂ ᠡᠴᠢᠭᠡ ᠡᠬᠡᠲᠡᠢᠪᠡᠨ ᠦᠨᠡᠩᠬᠦ ᠵᠠᠭᠠᠭ᠎ᠢᠶᠠᠨ ᠢᠯᠭᠠᠭᠰᠠᠨ ᠪᠠᠢᠬᠤ ᠬᠡᠷᠡᠭᠲᠡᠢ》 ᠭᠡᠰᠡᠨ ᠪᠠᠢᠵᠠᠢ᠃ ᠲᠡᠭᠡᠭᠡᠳ ᠪᠠᠲᠤᠥ᠌ᠯᠵᠡᠢ᠂ ᠬᠣᠶᠠᠷ ᠰᠠᠷ᠎ᠠ᠎ᠶᠢ᠎ᠨᠢ ᠪᠢᠴᠢᠭ ᠦᠵᠡᠪᠡᠯ᠂ ᠬᠣᠶᠠᠷ ᠰᠠᠷ᠎ᠠ᠎ᠶᠢ᠎ᠨᠢ ᠪᠠᠷᠤᠭ ᠬᠥᠳᠡᠯᠮᠦᠷᠢ᠎ᠳᠦ ᠣᠷᠤᠯᠴᠠᠨ᠂ ᠨᠠᠰᠢ ᠴᠠᠰᠢ ᠭᠦᠶᠦᠵᠦ ᠳᠥᠩᠭᠡᠨ ᠳᠠᠩᠭᠠᠨ ᠳᠥᠷᠪᠡᠨ ᠵᠢᠯ ᠪᠢᠴᠢᠭ ᠦᠵᠡᠭᠰᠡᠨ ᠨᠡᠷᠡᠲᠡᠢ᠂ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠎ᠶᠢ ᠲᠡᠭᠦᠰᠭᠡᠵᠡᠢ᠃ ᠲᠡᠭᠡᠭᠡᠳ ᠥᠨᠥᠬᠢ 《ᠳᠠᠬᠢᠨ ᠬᠥᠮᠦᠵᠢᠯ》᠎ᠢ ᠬᠦᠯᠢᠶᠡᠬᠦ᠎ᠪᠡᠷ ᠨᠤᠲᠤᠭ᠎ᠲᠠᠭᠠᠨ ᠪᠤᠴᠠᠵᠤ ᠠᠵᠢᠯ ᠬᠥᠳᠡᠯᠮᠦᠷᠢ᠎ᠳᠦ ᠣᠷᠤᠯᠴᠠᠪᠠ᠃
ᠪᠠᠲᠤᠥ᠌ᠯᠵᠡᠢ᠎ᠶᠢᠨ ᠡᠪᠦᠭᠡ᠎ᠶᠢᠨ ᠨᠡᠷ᠎ᠡ ᠪᠤᠶᠠᠨ ᠭᠡᠳᠡᠭ᠃ ᠪᠤᠶᠠᠨ ᠵᠠᠯᠠᠭᠤ᠎ᠳᠠᠭᠠᠨ ᠠᠳᠤᠭᠤ ᠮᠠᠯ᠎ᠲᠠᠢ ᠨᠣᠴᠤᠯᠳᠤᠵᠤ᠂ ᠠᠷᠳᠠᠭ ᠳᠣᠭᠰᠢᠨᠢ ᠰᠤᠷᠭᠠᠵᠤ ᠶᠠᠪᠤᠬᠤ᠎ᠳᠠᠭᠠᠨ ᠠᠢᠯ ᠠᠢᠮᠠᠭ᠎ᠲᠠᠭᠠᠨ ᠰᠠᠢᠰᠢᠶᠠᠭᠳᠠᠵᠤ᠂ 《ᠰᠠᠢᠨ ᠡᠷ᠎ᠡ ᠨᠤᠲᠤᠭ᠎ᠤᠨ ᠴᠢᠮᠡᠭ》 ᠭᠡᠳᠡᠭ ᠤᠯᠠᠮᠵᠢᠯᠠᠯᠲᠤ ᠰᠠᠢᠬᠠᠨ ᠴᠣᠯᠠ ᠬᠦᠷᠲᠡᠵᠦ ᠶᠠᠪᠤᠭᠰᠠᠨ ᠬᠥᠮᠦᠨ᠎ᠶᠦᠮ ᠭᠡᠨ᠎ᠡ᠃ ᠲᠡᠢᠮᠦ᠎ᠡᠴᠡ ᠪᠠᠲᠤᠥ᠌ᠯᠵᠡᠢ᠎ᠶᠢ ᠬᠣᠵᠢᠮ ᠯᠠᠪ ᠡᠪᠦᠭᠡ ᠡᠴᠢᠭᠡᠲᠡᠢᠪᠡᠨ ᠠᠳᠠᠯᠢ ᠰᠠᠢᠨ ᠠᠳᠤᠭᠤᠴᠢᠨ ᠪᠣᠯᠬᠤ ᠪᠤᠢ ᠭᠡᠵᠦ ᠪᠠᠷᠢᠭᠠᠳᠠᠠᠴᠠᠨᠢ ᠠᠳᠤᠭᠤ ᠬᠠᠷᠢᠭᠤᠯᠤᠭᠤᠯᠬᠤ᠎ᠪᠠᠷ ᠲᠣᠭᠲᠠᠵᠠᠢ᠃
ᠪᠠᠲᠤᠥ᠌ᠯᠵᠡᠢ ᠠᠳᠤᠭᠤ ᠬᠠᠷᠢᠭᠤᠯᠤᠯ᠎ᠠ᠃ ᠪᠠᠲᠤᠥ᠌ᠯᠵᠡᠢ᠎ᠶᠢ ᠠᠳᠤᠭᠤᠨ᠎ᠳᠤ ᠠᠩᠬ᠎ᠠ ᠮᠣᠷᠳᠠᠬᠤ᠎ᠳᠤ ᠡᠪᠦᠭᠡ ᠠᠪᠤ᠎ᠨᠢ ᠨᠢᠭᠡ ᠰᠠᠢᠬᠠᠨ ᠬᠤᠰᠤᠨ ᠤᠷᠭ᠎ᠠ ᠵᠠᠰᠠᠵᠤ ᠪᠠᠷᠢᠭᠤᠯᠤᠭᠠᠳ:
《ᠵᠠ ᠬᠦᠦ᠎ᠮᠢᠨᠢ᠂ ᠠᠯᠢᠴᠤ ᠠᠵᠢᠯ᠎ᠳᠤ ᠡᠵᠡᠮᠰᠢᠪᠡᠯ ᠵᠣᠬᠢᠬᠤ ᠡᠷᠳᠡᠮ ᠪᠠᠢᠬᠤ᠎ᠶᠤᠮ᠃ ᠡᠨᠡ ᠤᠷᠭ᠎ᠠ᠎ᠶᠢ ᠪᠠᠷᠢᠵᠤ ᠠᠳᠤᠭᠤ ᠬᠠᠷᠢᠭᠤᠯᠬᠤ᠎ᠶᠢ ᠰᠤᠷᠤᠭᠠᠷᠠᠢ》 ᠭᠡᠵᠦ ᠵᠠᠬᠢᠵᠠᠢ᠃
ᠪᠠᠲᠤᠥ᠌ᠯᠵᠡᠢ ᠪᠣᠯ ᠬᠣᠲᠠ᠎ᠳᠤ ᠥᠰᠦᠭᠰᠡᠨ ᠬᠡᠦᠬᠡᠳ ᠪᠣᠯᠬᠣᠷ ᠮᠣᠷᠢ ᠤᠨᠤᠭᠠᠨ᠎ᠳᠤ ᠪᠠᠷᠤᠭᠲᠠᠢ ᠲᠤᠯᠠ ᠠᠳᠤᠭᠤ ᠬᠠᠷᠢᠭᠤᠯᠬᠤ᠎ᠳᠤ ᠲᠤᠩ ᠶᠡᠬᠡ ᠪᠦᠯᠢᠳᠴᠦ ᠪᠠᠢᠪᠠ᠃ ᠨᠢᠭᠡ ᠡᠳᠦᠷ ᠤᠨᠤᠭᠰᠠᠨ ᠮᠣᠷᠢ᠎ᠪᠠᠨ ᠶᠡᠭᠦᠯᠡᠬᠦ ᠭᠡᠳ ᠤᠷᠭ᠎ᠠ᠎ᠪᠠᠨ ᠠᠯᠳᠠᠵᠤ᠂ ᠮᠣᠷᠢᠨ᠎ᠠᠴᠠ᠎ᠪᠠᠨ ᠬᠠᠶᠠᠭᠳᠠᠭᠠᠳ᠂ ᠭᠡᠷ᠎ᠲᠡᠭᠡᠨ ᠤᠬᠢᠯᠠᠭᠰᠠᠭᠠᠷ ᠭᠦᠶᠦᠵᠦ ᠢᠷᠡᠭᠡᠳ ᠥᠯᠪᠡᠷᠴᠦ ᠦᠬᠦᠭᠰᠡᠨᠴᠦ ᠠᠳᠤᠭᠤ ᠬᠠᠷᠢᠭᠤᠯᠬᠤ᠎ᠦᠭᠡᠢ ᠭᠡᠵᠦ ᠠᠭᠤᠷᠯᠠᠵᠠᠢ᠃
ᠠᠴᠢᠶᠢᠨᠢᠶᠠᠨ ᠠᠭᠤᠷ ᠪᠤᠬᠢᠨᠢᠳᠤᠯᠢ ᠨᠠᠮᠳᠠᠭᠰᠠᠨ ᠬᠣᠢᠨ᠎ᠠ ᠡᠪᠦᠭᠡ ᠠᠪᠤ᠎ᠨᠢ ᠤᠷᠭ᠎ᠠ ᠠᠯᠳᠠᠵᠤ ᠵᠣᠷᠢᠭ ᠮᠣᠬᠤᠭᠰᠠᠨ᠎ᠳᠤᠨᠢ ᠨᠡᠯᠢᠶᠡᠳ ᠠᠭᠤᠷᠲᠠᠢ ᠪᠠᠢᠭᠰᠠᠨ᠎ᠴᠤ ᠬᠠᠷᠢᠨ ᠡᠶᠡᠯᠰᠡᠭ᠎ᠢᠶᠡᠷ:
《ᠠᠳᠤᠭᠤ ᠬᠠᠷᠢᠭᠤᠯᠬᠤ ᠪᠣᠯ ᠦᠨᠡᠨ᠎ᠳᠡᠭᠡᠨ ᠡᠷ᠎ᠡ ᠲᠡᠩᠴᠡᠪᠡᠯ ᠰᠠᠢᠬᠠᠨ ᠠᠵᠢᠯᠶᠤᠮ᠂ ᠴᠢᠮ᠎ᠠ᠎ᠳᠤ ᠡᠢᠮᠦ ᠨᠥᠬᠦᠴᠡᠯ ᠪᠠᠢᠨ᠎ᠠ᠂ ᠴᠢ ᠵᠣᠷᠢᠭᠯᠠᠪᠠᠯ ᠪᠦᠲᠦᠨ᠎ᠡ᠃ ᠲᠡᠭᠡᠬᠦ᠎ᠦᠭᠡᠢ ᠪᠣᠯ ᠡᠪᠦᠭᠡ ᠠᠪᠤ᠎ᠨᠢ ᠶᠠᠭᠤᠨ᠎ᠳᠤ ᠴᠢᠮ᠎ᠠ᠎ᠪᠠᠷ ᠡᠢᠮᠦ ᠠᠵᠢᠯ ᠬᠢᠯᠭᠡᠬᠦᠶᠦᠮ》 ᠭᠡᠳ ᠭᠠᠩᠰᠠᠷᠠᠲᠠᠯᠠ ᠰᠠᠨᠠᠭ᠎ᠠ ᠠᠯᠳᠠᠵᠤ: 《ᠠᠵᠢᠯ᠎ᠤᠨ ᠪᠡᠷᠬᠡ᠎ᠡᠴᠡ ᠪᠢᠲᠡᠭᠡᠢ ᠠᠶᠤ᠃ ᠡᠨᠡ ᠬᠢᠷᠢ ᠪᠢᠳᠡᠨ᠎ᠳᠦ ᠥᠭᠡᠷ᠎ᠡ ᠵᠠᠮ᠎ᠦᠭᠡᠢ ᠰᠢᠦ᠃ ᠳᠠᠬᠢᠭᠠᠳ ᠬᠡᠯᠡᠪᠡᠯ ᠡᠳᠦᠭᠡ ᠴᠢ ᠠᠵᠢᠯ ᠬᠢᠬᠦ᠎ᠦᠭᠡᠢ ᠪᠣᠯ ᠡᠪᠦᠭᠡ ᠠᠪᠤ ᠡᠮᠡᠭᠡ ᠡᠵᠢ ᠪᠢᠳᠡ ᠬᠣᠶᠠᠷᠴᠢ᠎ᠨᠢ ᠬᠡᠨ᠎ᠢ ᠲᠦᠰᠢᠭᠯᠡᠬᠦ ᠪᠤᠢ?》 ᠭᠡᠪᠡ ᠁
ᠪᠠᠲᠤᠥ᠌ᠯᠵᠡᠢ ᠳᠠᠭᠤᠨ᠎ᠦᠭᠡᠢ ᠪᠣᠰᠴᠤ᠂ ᠬᠣᠶᠠᠷ ᠨᠠᠰᠤᠲᠠᠨᠢᠶᠠᠷᠢᠶᠠᠨ ᠨᠢᠭᠡ ᠨᠢᠭᠡ ᠲᠠᠭᠠᠯᠠᠭᠤᠯᠤᠭᠠᠳ ᠳᠥᠷᠪᠡᠨ ᠬᠣᠷᠮᠤᠢ᠎ᠪᠠᠨ ᠲᠠᠰᠤ ᠰᠢᠭᠤᠵᠤ᠂ ᠲᠠᠰᠢᠭᠤᠷ᠎ᠢᠶᠠᠨ ᠪᠠᠷᠢᠭᠠᠳ᠂ ᠠᠳᠤᠭᠤᠨ᠎ᠤ᠎ᠪᠠᠨ ᠬᠣᠢᠨ᠎ᠠ᠎ᠠᠴᠠ ᠠᠯᠬᠤᠵᠠᠢ᠃ ᠲᠡᠭᠡᠬᠦ᠎ᠳᠡᠭᠡᠨ ᠪᠡᠶ᠎ᠡ᠎ᠪᠡᠨ ᠦᠬᠡᠨᠴᠡ ᠳᠣᠷᠤᠢ᠂ ᠤᠬᠠᠭᠠᠨ ᠰᠡᠬᠡᠭᠡ᠎ᠦᠭᠡᠢ ᠣᠯᠳᠤᠢ ᠠᠮᠢᠲᠠᠨ᠂ ᠬᠣᠶᠠᠷ ᠨᠠᠰᠤᠲᠠᠨ᠎ᠢᠶᠠᠨ ᠰᠠᠢᠬᠠᠨ ᠠᠰᠠᠷᠠᠬᠤ᠎ᠦᠭᠡᠢ ᠮᠥᠷᠲᠡᠭᠡᠨ ᠬᠠᠷᠢᠨ ᠰᠡᠳᠭᠢᠯ᠎ᠢ᠎ᠨᠢ ᠵᠣᠪᠠᠭᠠᠳᠠᠭ᠎ᠨᠢ ᠶᠠᠭᠤ ᠭᠡᠭᠴᠢ᠎ᠶᠢᠨ ᠲᠡᠨᠡᠭ ᠲᠣᠯᠤᠭᠠᠢ ᠪᠤᠢ! ᠭᠡᠵᠦ ᠪᠤᠷᠤᠭᠤᠰᠢᠶᠠᠵᠤ ᠪᠤᠬᠢᠨᠢᠳᠤᠵᠤ ᠶᠠᠪᠤᠬᠤ᠎ᠳᠠᠭᠠᠨ ᠡᠳᠦᠷᠵᠢᠨ ᠶᠠᠪᠠᠭᠠᠨ ᠭᠦᠶᠦᠭᠡᠳᠴᠦ ᠭᠡᠰᠡᠨ ᠡᠨᠡ ᠮᠠᠭᠤ ᠲᠡᠨᠡᠭ ᠲᠣᠯᠤᠭᠠᠢ᠎ᠶᠢ ᠳᠡᠭᠦᠵᠢᠯᠡᠭᠰᠡᠨ ᠪᠡᠶ᠎ᠡ᠎ᠪᠡᠨ ᠲᠤᠢᠯᠳᠠᠲᠠᠯᠠ ᠶᠠᠳᠠᠷᠠᠭᠠᠨ ᠶᠠᠯᠠᠳᠠᠯᠲᠠᠢ ᠰᠠᠨᠠᠭᠳᠠᠯ᠎ᠠ᠃
ᠬᠣᠶᠠᠷ ᠵᠢᠯ᠎ᠦᠨ ᠳᠠᠷᠠᠭ᠎ᠠ ᠪᠠᠲᠤᠥ᠌ᠯᠵᠡᠢ ᠰᠢᠯᠭᠠᠷᠠᠭᠰᠠᠨ ᠭᠠᠷᠮᠠᠭᠠᠢ ᠠᠳᠤᠭᠤᠴᠢᠨ ᠪᠣᠯᠪᠠ᠃ ᠤᠨᠤᠨᠠᠤᠤ᠂ ᠤᠷᠭᠠᠯᠠᠨᠠᠤᠤ ᠠᠯᠢ᠎ᠨᠢ᠎ᠴᠤ ᠲᠡᠭᠰᠢ᠃ ᠠᠳᠤᠭᠤ᠎ᠪᠠᠨ ᠬᠠᠪᠤᠷ᠎ᠨᠢ ᠶᠠᠮᠠᠷ ᠪᠡᠯᠴᠢᠭᠡᠷ᠎ᠲᠦ ᠭᠠᠷᠭᠠᠬᠤ᠂ ᠵᠤᠨ᠎ᠨᠢ ᠶᠠᠮᠠᠷ ᠤᠰᠤᠨ᠎ᠳᠤ ᠤᠰᠤᠯᠠᠵᠤ᠂ ᠨᠠᠮᠤᠷ᠎ᠨᠢ ᠶᠠᠭᠠᠬᠢᠵᠤ ᠰᠠᠯᠬᠢ ᠵᠦᠭ᠎ᠢ᠎ᠨᠢ ᠲᠠᠭᠠᠷᠠᠭᠤᠯᠬᠤ᠂ ᠡᠪᠦᠯ᠎ᠨᠢ ᠶᠠᠮᠠᠷ ᠭᠠᠵᠠᠷ ᠵᠠᠰᠠᠬᠤ ᠵᠡᠷᠭᠡ᠎ᠳᠦ ᠪᠦᠷᠢᠨ ᠮᠡᠷᠭᠡᠰᠢᠵᠡᠢ᠃ ᠡᠨᠡ ᠪᠣᠯ ᠪᠦᠷ ᠡᠪᠦᠭᠡ ᠠᠪᠤ᠎ᠶᠢᠨ ᠬᠢᠨᠢ ᠵᠢᠭᠠᠵᠤ ᠥᠭᠭᠦᠭᠰᠡᠨ ᠠᠳᠤᠭᠤ ᠬᠠᠷᠢᠭᠤᠯᠬᠤ ᠡᠷᠳᠡᠮᠶᠦᠮ᠃ ᠭᠡᠪᠡᠴᠦ ᠡᠪᠦᠯ ᠬᠠᠪᠤᠷ᠎ᠤᠨ ᠵᠤᠳ ᠰᠢᠭᠤᠷᠭᠠᠨ᠎ᠳᠤ ᠶᠠᠮᠠᠷ ᠭᠠᠵᠠᠷ ᠬᠠᠰᠢᠨ ᠵᠠᠰᠠᠵᠤ ᠲᠠᠯᠪᠢᠭᠰᠠᠨ᠂ ᠲᠦᠷᠦᠭᠦᠦ ᠦᠳᠡᠰᠢ᠎ᠶᠢᠨ ᠠᠳᠤᠭᠤ᠎ᠶᠢ ᠮᠠᠷᠭᠠᠰᠢ ᠥᠷᠯᠦᠭᠡ᠎ᠨᠢ ᠬᠠᠮᠢᠭᠠᠭᠤᠷ ᠲᠣᠰᠴᠤ ᠡᠷᠢᠬᠦ ᠪᠤᠶᠤ ᠶᠠᠭᠠᠬᠢᠵᠤ ᠮᠥᠷᠳᠡᠬᠦ ᠲᠠᠯ᠎ᠠ᠎ᠪᠠᠷ ᠪᠠᠬᠠᠨ ᠣᠨᠤᠪᠴᠢ᠎ᠦᠭᠡᠢ ᠪᠠᠢᠳᠠᠭ᠃ ᠬᠠᠷᠢᠨ ᠡᠪᠦᠭᠡ ᠠᠪᠤ᠎ᠠᠴᠠ᠎ᠪᠠᠨ ᠠᠰᠠᠭᠤᠭᠠᠳ ᠮᠣᠷᠳᠠᠪᠠᠯ ᠪᠠᠷᠤᠭ᠎ᠯᠠ ᠲᠠᠯᠪᠢᠭᠰᠠᠨ ᠭᠠᠵᠠᠷ᠎ᠠᠴᠠ᠎ᠪᠠᠨ ᠬᠤᠷᠢᠶᠠᠬᠤ ᠮᠡᠲᠦ ᠪᠠᠢᠳᠠᠭ᠃ ᠢᠩᠭᠢᠬᠦ᠎ᠳᠦ ᠪᠠᠷᠢᠭᠠᠳᠠ᠎ᠶᠢᠨ ᠬᠢᠨᠢ ᠠᠷᠠᠳ ᠣᠯᠠᠨ 《ᠡᠪᠦᠭᠡ ᠠᠪᠤ᠎ᠲᠠᠢ᠎ᠪᠠᠨ ᠠᠳᠠᠯᠢᠬᠠᠨ ᠰᠠᠢᠨ ᠠᠳᠤᠭᠤᠴᠢᠨ ᠪᠣᠯᠵᠠᠢ》᠂ 《ᠪᠠᠷᠢᠭᠠᠳᠠ᠎ᠳᠠᠭᠠᠨ ᠨᠢᠭᠡ ᠰᠠᠢᠨ ᠠᠳᠤᠭᠤᠴᠢᠨ᠎ᠲᠠᠢ ᠪᠣᠯᠤᠯ᠎ᠠ》 ᠭᠡᠵᠦ ᠬᠡᠯᠡᠯᠴᠡᠳᠡᠭ ᠪᠠᠢᠨ᠎ᠠ᠃ ᠥᠪᠡᠷ᠎ᠢᠶᠡᠨ᠎ᠴᠦ ᠪᠠᠰᠠ ᠡᠨᠡ ᠠᠵᠢᠯ᠎ᠳᠤ ᠲᠤᠩ ᠶᠡᠬᠡ ᠪᠠᠬᠠᠲᠠᠢ ᠪᠣᠯᠵᠠᠢ᠃
ᠨᠢᠭᠡ ᠤᠳᠠᠭ᠎ᠠ ᠬᠡᠳᠦᠨ ᠵᠠᠯᠠᠭᠤ ᠠᠳᠤᠭᠤᠨ ᠳᠡᠭᠡᠷ᠎ᠡ ᠠᠮᠠ ᠤᠷᠤᠯᠳᠤᠨ ᠲᠣᠬᠤᠭᠤᠷᠬᠠᠵᠤ ᠪᠠᠢᠭᠠᠳ᠂ ᠡᠳᠡᠨ᠎ᠦ ᠠᠳᠤᠭᠤᠨ᠎ᠳᠤ ᠤᠨᠠᠭᠠᠨ ᠵᠢᠷᠭᠤᠭᠠᠨ ᠬᠦᠵᠦᠭᠦᠨ᠎ᠳᠡᠭᠡᠨ ᠤᠷᠭ᠎ᠠ ᠣᠯᠠᠨ ᠬᠦᠷᠭᠡᠭᠦᠯᠦᠭᠡᠦᠭᠡᠢ᠂ ᠣᠭᠲᠠᠷᠭᠤᠢ᠎ᠶᠢᠨ ᠰᠠᠯᠬᠢ᠎ᠠᠴᠠ ᠥᠭᠡᠷ᠎ᠡ ᠶᠠᠭᠤᠮ᠎ᠠ᠎ᠶᠢ ᠨᠢᠷᠤᠭᠤᠨ ᠳᠡᠭᠡᠷ᠎ᠡ᠎ᠪᠡᠨ ᠣᠭᠲᠤ ᠭᠠᠷᠭᠠᠭ᠎ᠠ᠎ᠦᠭᠡᠢ᠂ ᠬᠢᠵᠠᠯᠠᠩ ᠦᠷᠢᠶᠡᠨᠳᠦᠨᠢ ᠬᠡᠳᠦ᠎ᠪᠡᠷ ᠤᠷᠭᠠᠨ ᠮᠣᠷᠢ ᠬᠥᠰᠢᠭᠡᠨ ᠪᠠᠢᠵᠤ ᠠᠭᠲᠠᠯᠠᠭᠤᠯᠤᠭᠰᠠᠨᠠᠴᠠ ᠨᠠᠰᠢ ᠮᠣᠷᠢᠨ᠎ᠳᠤ ᠬᠣᠷᠤᠬᠠᠢ᠎ᠲᠠᠢ ᠰᠠᠢᠨ ᠡᠷᠡᠰᠦᠳᠦᠨ ᠳᠤᠷ᠎ᠠ᠎ᠶᠢ ᠲᠠᠲᠠᠵᠤ᠂ ᠳᠤᠬᠤᠶᠢᠨᠢ ᠮᠠᠭᠠᠵᠢᠭᠤᠯᠤᠨ ᠶᠠᠪᠤᠭᠰᠠᠨ ᠭᠠᠩᠭᠠᠩ ᠰᠠᠷᠠᠯ᠎ᠲᠠᠢ᠂ ᠬᠣᠶᠠᠷ ᠨᠢᠳᠦ᠎ᠨᠢ ᠮᠣᠢᠯᠰᠢᠭ᠋᠂ ᠳᠥᠷᠪᠡᠨ ᠲᠤᠭᠤᠷᠠᠢ᠎ᠨᠢ ᠲᠠᠰᠤ ᠬᠠᠷ᠎ᠠ᠂ ᠳᠠᠩᠴᠢ ᠰᠠᠢᠬᠠᠨ ᠶᠠᠰᠤᠨ᠎ᠤ ᠣᠷᠤᠭ᠎ᠠ ᠬᠠᠩᠭᠠᠯ ᠮᠣᠷᠢ ᠪᠠᠢᠳᠠᠭ᠎ᠢ ᠪᠠᠲᠤᠥ᠌ᠯᠵᠡᠢ ᠭᠠᠭᠴᠠᠭᠠᠷ᠎ᠢᠶᠠᠨ ᠪᠠᠷᠢᠵᠤ᠂ ᠭᠠᠭᠴᠠᠭᠠᠷ᠎ᠢᠶᠠᠨ ᠡᠮᠡᠭᠡᠯᠯᠡᠨ ᠤᠨᠤᠵᠤ᠂ ᠡᠷ᠎ᠡ ᠰᠢᠯᠭᠠᠬᠤ᠎ᠪᠠᠷ ᠮᠥᠷᠦᠢᠴᠡᠨ ᠲᠣᠭᠲᠠᠵᠠᠢ᠃ ᠭᠠᠩᠭᠠᠩ ᠰᠠᠷᠠᠯ ᠪᠣᠯ ᠦᠨᠡᠬᠡᠷ ᠬᠣᠪᠤᠷ ᠰᠠᠢᠬᠠᠨ ᠠᠳᠤᠭᠤ ᠭᠡᠨ᠎ᠡ᠃ ᠪᠠᠷᠢᠵᠤᠯᠠ ᠴᠢᠳᠠᠭᠠᠳ ᠰᠤᠷᠭᠠᠵᠤᠯᠠ ᠴᠢᠳᠠᠪᠠᠯ ᠪᠠᠰᠠ᠎ᠴᠤ ᠬᠣᠪᠤᠷ ᠰᠠᠢᠬᠠᠨ ᠮᠣᠷᠢ ᠪᠣᠯᠬᠤ᠎ᠶᠢ ᠲᠤᠷᠰᠢᠯᠭ᠎ᠠ᠎ᠲᠠᠢ ᠮᠠᠯᠴᠢᠳ ᠪᠦᠷ ᠠᠨᠳᠤᠬᠤ᠎ᠦᠭᠡᠢ ᠮᠡᠳᠡᠵᠦ ᠪᠠᠢᠭᠰᠠᠨ ᠪᠥᠭᠡᠳ ᠪᠠᠷᠢᠵᠤ ᠰᠤᠷᠭᠠᠬᠤᠶᠢᠨᠢ ᠬᠦᠰᠡᠯ᠎ᠢᠶᠡᠨ ᠪᠣᠯᠭᠠᠨ ᠬᠡᠯᠡᠯᠴᠡᠳᠡᠭ ᠪᠠᠢᠵᠠᠢ᠃ ᠪᠠᠲᠤᠥ᠌ᠯᠵᠡᠢ᠎ᠶᠢᠨ ᠡᠪᠦᠭᠡ ᠠᠪᠤ ᠨᠢᠭᠡ ᠡᠳᠦᠷ ᠠᠳᠤᠭᠤᠨ᠎ᠤ ᠤᠰᠤᠨ ᠳᠡᠭᠡᠷ᠎ᠡ ᠢᠷᠡᠭᠡᠳ ᠭᠠᠩᠭᠠᠩ ᠰᠠᠷᠠᠯ᠎ᠢ ᠦᠵᠡᠭᠡᠳ ᠪᠠᠷᠤᠭ ᠬᠠᠭᠠᠰ ᠡᠳᠦᠷ ᠬᠢᠷᠢᠲᠡᠢ ᠳᠠᠭᠠᠨ ᠶᠠᠪᠤᠵᠤ᠂ ᠲᠥᠷᠦᠴᠡ ᠣᠨᠴᠠᠯᠢᠭᠤᠳᠢᠨᠢ ᠨᠢᠭᠡ ᠨᠢᠭᠡ᠎ᠪᠡᠷ ᠲᠣᠭᠠᠴᠢᠵᠤ᠂ ᠰᠠᠢᠬᠠᠨ ᠰᠤᠷᠭᠠᠵᠤ ᠴᠢᠳᠠᠪᠠᠯ ᠭᠠᠩᠭᠠᠩ ᠰᠠᠷᠠᠯᠴᠤ ᠬᠤᠢᠯᠠᠷᠠᠨ ᠨᠡᠭᠦᠬᠦ ᠬᠤᠷᠮᠤᠰᠲᠠ᠎ᠶᠢᠨ ᠴᠠᠭᠠᠨ ᠡᠭᠦᠯᠡᠯᠡ ᠭᠡᠵᠦ ᠮᠡᠳᠡᠭᠡᠷᠡᠢ ᠭᠡᠪᠡ᠃ ᠲᠡᠢᠮᠦ᠎ᠡᠴᠡ ᠪᠠᠲᠤᠥ᠌ᠯᠵᠡᠢᠴᠦ ᠲᠣᠮᠤᠭᠠᠲᠠᠨᠨᠠᠷᠤᠨ ᠪᠠ ᠢᠯᠠᠩᠭᠤᠶ᠎ᠠ ᠡᠪᠦᠭᠡᠶᠢᠨᠢᠶᠡᠨ ᠦᠭᠡ᠎ᠶᠢ ᠪᠠᠲᠤ ᠢᠲᠡᠭᠡᠵᠦ᠂ ᠢᠷᠡᠭᠡᠳᠦᠢ᠎ᠶᠢᠨ ᠬᠤᠢᠯᠠᠷᠠᠨ ᠨᠡᠭᠦᠬᠦ ᠬᠤᠷᠮᠤᠰᠲᠠ᠎ᠶᠢᠨ ᠴᠠᠭᠠᠨ ᠡᠭᠦᠯᠡ ᠮᠡᠲᠦ ᠬᠤᠷᠳᠤᠨ ᠬᠦᠯᠦᠭ ᠪᠣᠯᠬᠤ ᠭᠠᠩᠭᠠᠩ ᠰᠠᠷᠠᠯ᠎ᠢ ᠤᠨᠤᠵᠤ ᠰᠤᠷᠭᠠᠬᠤ᠎ᠪᠠᠷ ᠵᠣᠷᠢᠭᠯᠠᠵᠠᠢ᠃
ᠪᠠᠲᠤᠥ᠌ᠯᠵᠡᠢ᠎ᠶᠢᠨ ᠭᠠᠩᠭᠠᠩ ᠰᠠᠷᠠᠯ᠎ᠢ ᠪᠠᠷᠢᠵᠤ ᠤᠨᠤᠬᠤ ᠴᠢᠮᠡᠭᠡ ᠵᠢᠭᠦᠷ ᠤᠷᠭᠤᠭᠰᠠᠨᠶᠤᠮᠰᠢᠭ᠋ ᠲᠠᠷᠬᠠᠵᠤ᠂ ᠠᠳᠤᠭᠤᠨ᠎ᠳᠤ ᠪᠠᠬ᠎ᠠ ᠬᠡᠢᠲᠡᠢ ᠡᠪᠦᠭᠡᠳ ᠬᠥᠭᠰᠢᠳ᠎ᠡᠴᠡ ᠲᠦᠷᠦᠭᠦᠯᠡᠨ ᠵᠠᠯᠠᠭᠤᠴᠤᠳ ᠢᠳᠡᠷᠴᠦᠳ᠂ ᠥᠬᠢᠳ ᠪᠡᠷᠢᠶᠡᠳ ᠬᠦᠷᠲᠡᠯ᠎ᠡ ᠰᠠᠢᠨ ᠰᠠᠢᠬᠠᠨ ᠬᠤᠪᠴᠠᠰᠤ᠎ᠪᠠᠨ ᠡᠮᠦᠰᠴᠦ᠂ ᠶᠠᠮᠠᠷ ᠨᠢᠭᠡᠨ ᠰᠣᠨᠢᠨ ᠰᠠᠢᠬᠠᠨ ᠲᠣᠭᠯᠠᠭᠠᠮ ᠦᠵᠡᠬᠦ ᠭᠡᠰᠡᠨ᠎ᠶᠦᠮ᠎ᠰᠢᠭ ᠶᠠᠭ ᠡᠨᠡ ᠡᠳᠦᠷ᠎ᠨᠢ ᠴᠤᠭᠯᠠᠷᠠᠨ ᠢᠷᠡᠵᠡᠢ᠃
ᠪᠠᠷᠢᠭᠠᠳᠠ᠎ᠶᠢᠨ ᠭᠤᠷᠪᠠᠨ ᠰᠦᠷᠦᠭ ᠠᠳᠤᠭᠤ ᠭᠠᠵᠠᠷ᠎ᠤᠨ ᠲᠡᠭᠰᠢ ᠳᠡᠭᠡᠷ᠎ᠡ ᠪᠥᠭᠡᠮᠨᠡᠷᠡᠵᠦ᠂ ᠠᠳᠤᠭᠤᠴᠢᠨ ᠰᠦᠯᠵᠢᠯᠳᠦᠨ ᠳᠠᠪᠬᠢᠵᠤ᠂ ᠠᠳᠤᠭᠤ᠎ᠪᠠᠨ ᠬᠠᠰᠢᠨ ᠰᠣᠷᠲᠤᠭᠤᠯᠠᠵᠠᠭᠠᠨᠠ᠃
ᠪᠠᠲᠤᠥ᠌ᠯᠵᠡᠢ ᠪᠦᠰᠡ᠎ᠪᠡᠨ ᠴᠢᠩᠭᠠᠯᠠᠵᠤ᠂ ᠰᠣᠢᠵᠤ ᠬᠥᠩᠭᠡᠯᠡᠭᠰᠡᠨ ᠮᠣᠷᠢᠨ᠎ᠤ᠎ᠪᠠᠨ ᠡᠮᠡᠭᠡᠯ᠎ᠢ ᠵᠠᠰᠠᠵᠤ᠂ ᠤᠷᠭ᠎ᠠ ᠲᠤᠯᠤᠨ ᠮᠣᠷᠳᠠᠬᠤ᠎ᠳᠤ ᠬᠥᠮᠦᠰ ᠠᠯᠠᠭ᠎ᠠ ᠲᠠᠰᠢᠨ ᠵᠣᠷᠢᠭᠵᠢᠭᠤᠯᠪᠠ᠃ ᠪᠠᠲᠤᠥ᠌ᠯᠵᠡᠢ ᠠᠳᠤᠭᠤᠨ ᠳᠤᠮᠳᠠᠭᠤᠷ ᠬᠠᠭ᠎ᠠ ᠵᠦᠰᠦᠵᠦ ᠭᠠᠩᠭᠠᠩ ᠰᠠᠷᠠᠯ᠎ᠳᠤ ᠣᠢᠷᠠᠲᠤᠮᠠᠭᠴᠠ ᠤᠷᠭ᠎ᠠ ᠰᠤᠩᠭᠠᠪᠠ᠃ ᠤᠷᠭᠠᠨ ᠮᠣᠷᠢᠴᠤ ᠭᠠᠩᠭᠠᠩ ᠰᠠᠷᠠᠯ ᠤᠷᠤᠭᠤ ᠳᠠᠭᠠᠷᠢᠪᠠ᠃ ᠭᠡᠲᠡᠯ᠎ᠡ ᠭᠠᠩᠭᠠᠩ ᠰᠠᠷᠠᠯ ᠣᠯᠠᠨ ᠠᠳᠤᠭᠤᠨ᠎ᠤ ᠳᠡᠭᠡᠭᠦᠷ ᠴᠢᠬᠢ ᠪᠣᠰᠭᠠᠨ ᠰᠡᠷᠲᠡᠯᠵᠡᠵᠦ ᠪᠠᠢᠭᠰᠠᠨ᠎ᠢᠶᠠᠨ ᠬᠡᠳᠦᠢᠨ ᠠᠵᠢᠭ ᠠᠪᠴᠤ᠂ ᠣᠯᠠᠨ ᠵᠠᠭᠤᠨ ᠠᠳᠤᠭᠤᠨ᠎ᠤ ᠳᠤᠮᠳᠠ᠎ᠠᠴᠠ ᠭᠠᠳᠠᠭᠰᠢ ᠰᠢᠪᠲᠤᠯᠬᠤ᠎ᠳᠤ ᠮᠠᠭᠤᠬᠠᠨ ᠭᠦᠢᠴᠡᠯᠲᠡ ᠳᠡᠭᠡᠷ᠎ᠡ᠎ᠡᠴᠡ ᠪᠠᠲᠤᠥ᠌ᠯᠵᠡᠢ ᠴᠡᠭᠡᠵᠢ ᠲᠦᠷᠢᠨ ᠭᠠᠷ ᠰᠤᠩᠭᠠᠵᠤ ᠤᠷᠭ᠎ᠠ ᠬᠠᠶᠠᠭᠰᠠᠨ᠎ᠳᠤ ᠭᠤᠷᠮᠤᠰᠤᠨ ᠬᠤᠢᠪᠢ ᠭᠣᠭᠴᠤᠭᠠᠷᠠᠵᠤ ᠭᠠᠩᠭᠠᠩ ᠰᠡᠷᠡᠯ᠎ᠦᠨ ᠬᠦᠵᠦᠭᠦᠨ᠎ᠳᠦ ᠣᠷᠤᠬᠤ᠎ᠲᠠᠢ ᠵᠡᠷᠭᠡ ᠭᠠᠩᠭᠠᠩ ᠰᠡᠷᠡᠯ᠎ᠦᠨ ᠬᠠᠷᠠᠢᠯᠲᠠ ᠬᠤᠷᠳᠤᠰᠴᠤ᠂ ᠪᠤᠯᠭᠢᠯᠠᠨ ᠵᠢᠳᠭᠦᠬᠦ᠎ᠨᠢ ᠰᠢᠷᠦᠭᠦᠰᠬᠦ᠎ᠳᠦ ᠪᠠᠷᠢᠮ᠎ᠠ ᠤᠷᠭ᠎ᠠ᠎ᠲᠠᠢ ᠮᠣᠷᠢ ᠱᠠᠯᠠᠨ ᠨᠡᠬᠡᠵᠦ ᠭᠠᠷᠤᠯ᠎ᠠ᠃ ᠬᠥᠮᠦᠰ ᠠᠯᠠᠭ᠎ᠠ ᠲᠠᠰᠢᠨ 《ᠭᠠᠩᠭᠠᠩ ᠤᠷᠭᠠᠴᠢᠨ》 ᠭᠡᠵᠦ ᠠᠮᠠ ᠠᠮᠠᠨ᠎ᠳᠠᠭᠠᠨ ᠬᠠᠰᠭᠢᠷᠤᠯᠴᠠᠨᠠ᠃ ᠣᠯᠠᠨ ᠵᠠᠭᠤᠨ ᠠᠳᠤᠭᠤ᠎ᠶᠢ ᠨᠢᠭᠡ ᠲᠣᠭᠤᠷᠢᠵᠤ ᠢᠷᠡᠬᠦ᠎ᠳᠦ ᠤᠷᠭ᠎ᠠ᠎ᠪᠠᠨ ᠤᠷᠤᠭᠰᠢ ᠳᠡᠪᠰᠢᠭᠦᠯᠦᠨ ᠴᠢᠬᠢᠯᠵᠢᠭᠦᠷᠢᠶᠡᠷᠨᠢ ᠴᠢᠭᠲᠠᠯᠠᠵᠤ ᠠᠪᠤᠮᠠᠭᠴᠠ᠎ᠪᠠᠨ ᠡᠮᠡᠭᠡᠯ᠎ᠦᠨ᠎ᠢᠶᠡᠨ ᠠᠷᠤ᠎ᠳᠤ ᠭᠠᠷᠴᠤ ᠭᠠᠵᠠᠷ᠎ᠤᠨ ᠲᠡᠭᠰᠢ᠎ᠶᠢ ᠠᠵᠢᠨ ᠪᠠᠢᠵᠤ ᠨᠢᠭᠡᠯᠡ ᠲᠠᠲᠠᠨ ᠰᠠᠭᠤᠯᠭᠠᠭᠰᠠᠨ᠎ᠳᠤ ᠤᠷᠭᠠᠨ ᠮᠣᠷᠢᠨ᠎ᠤ ᠬᠢᠨᠢ ᠬᠣᠢᠲᠤ ᠬᠣᠶᠠᠷ ᠬᠥᠯ ᠬᠣᠶᠠᠷ ᠭᠤᠷᠪᠠᠨ ᠬᠣᠣᠰ ᠠᠯᠲᠠ ᠭᠠᠵᠠᠷ᠎ᠢ ᠠᠨᠵᠢᠰᠤᠰᠢᠭ᠋ ᠬᠠᠭᠤᠯᠤᠨ ᠶᠠᠪᠤᠵᠤ᠂ ᠭᠠᠩᠭᠠᠩ ᠰᠡᠷᠡᠯ᠎ᠦᠨ ᠤᠨᠠᠭᠠᠨ ᠵᠢᠷᠭᠤᠭᠠᠨ ᠬᠦᠵᠦᠭᠦᠦ᠎ᠶᠢ ᠤᠭᠵᠠ ᠲᠠᠲᠠᠨ ᠡᠷᠭᠢᠭᠦᠯᠪᠡ᠃ ᠬᠥᠮᠦᠰ ᠪᠠᠰᠠ ᠨᠢᠭᠡ ᠤᠳᠠᠭ᠎ᠠ ᠨᠢᠵᠢᠭᠢᠨᠡᠲᠡᠯ᠎ᠡ ᠠᠯᠠᠭ᠎ᠠ ᠲᠠᠰᠢᠵᠤ 《ᠮᠣᠷᠢᠴᠤ ᠮᠣᠷᠢ ᠪᠠᠢᠨ᠎ᠠ᠂ ᠡᠷᠡᠴᠦ ᠡᠷ᠎ᠡ ᠪᠠᠢᠨ᠎ᠠ》 ᠭᠡᠵᠦ ᠤᠷᠭᠠᠨ ᠮᠣᠷᠢ᠂ ᠤᠷᠭᠠᠴᠢ ᠬᠣᠶᠠᠷ᠎ᠢ ᠮᠠᠭᠲᠠᠵᠤ ᠪᠠᠢᠯ᠎ᠠ᠃ ᠤᠨᠤᠭᠰᠠᠨ ᠡᠵᠡᠨ᠎ᠦ᠎ᠪᠡᠨ ᠡᠪᠦᠳᠦᠭ᠎ᠦᠨ ᠠᠶ᠎ᠠ᠎ᠪᠠᠷ ᠰᠠᠨᠠᠭ᠎ᠠ᠎ᠶᠢ᠎ᠨᠢ ᠮᠡᠳᠡᠵᠦ ᠶᠠᠪᠤᠭ᠎ᠠ ᠤᠷᠭᠠᠨ ᠮᠣᠷᠢᠨ᠎ᠤ ᠬᠥᠩᠭᠡᠨ ᠱᠠᠯᠠᠮᠠᠭᠠᠢ ᠳᠠᠪᠬᠢᠯᠲᠠ ᠤᠷᠠᠨ ᠪᠤᠰᠢᠭᠤ ᠬᠥᠳᠡᠯᠦᠯ᠂ ᠤᠬᠤᠰᠬᠢᠨ ᠲᠠᠲᠠᠬᠤ᠎ᠳᠤ ᠡᠷ᠎ᠡ ᠴᠢᠳᠠᠯ᠎ᠢ ᠢᠯᠡᠷᠡᠭᠦᠯᠦᠭᠰᠡᠨ ᠡᠷᠡᠮᠡᠬᠡᠢ ᠰᠠᠭᠤᠯᠲᠠ ᠵᠡᠷᠭᠡ᠎ᠶᠢᠨ ᠡᠭᠡᠯ ᠪᠤᠰᠤ ᠮᠡᠷᠭᠡᠵᠢᠯ᠎ᠨᠢ ᠬᠥᠮᠦᠰ᠎ᠢ ᠦᠨᠡᠬᠡᠷ ᠭᠠᠢᠬᠠᠭᠤᠯᠤᠮ᠎ᠠ ᠰᠠᠢᠬᠠᠨ ᠪᠠᠢᠪᠠ᠃ ᠡᠨᠡ ᠪᠣᠯ ᠪᠠᠲᠤᠥ᠌ᠯᠵᠡᠢ᠎ᠶᠢᠨ ᠰᠤᠷᠭᠠᠭᠰᠠᠨ ᠮᠣᠷᠢ᠂ ᠡᠵᠡᠨ᠎ᠦ ᠬᠢᠨᠢ ᠤᠬᠠᠭᠠᠨ ᠰᠠᠮᠪᠠᠭ᠎ᠠ᠂ ᠢᠳᠡ ᠴᠢᠳᠠᠯ᠂ ᠵᠠᠩ ᠠᠭᠠᠰᠢ ᠬᠦᠷᠲᠡᠯ᠎ᠡ ᠢᠯᠡᠷᠡᠳᠡᠭ ᠪᠢᠯᠡ᠃ ᠲᠡᠢᠮᠦ᠎ᠡᠴᠡ ᠬᠥᠮᠦᠰ᠂ ᠤᠷᠭᠠᠨ ᠮᠣᠷᠢ ᠤᠷᠭᠠᠴᠢ ᠬᠣᠶᠠᠷ᠎ᠢ ᠵᠡᠷᠭᠡ ᠮᠠᠭᠲᠠᠵᠤ ᠪᠠᠢᠭ᠎ᠠ᠎ᠨᠢ ᠡᠨᠡ᠃ ᠲᠡᠭᠡᠭᠡᠳ ᠭᠠᠩᠭᠠᠩ ᠰᠠᠷᠠᠯ᠎ᠢ ᠲᠠᠲᠠᠨ ᠰᠠᠭᠤᠯᠭᠠᠵᠤ᠂ ᠤᠷᠭᠠᠨ ᠮᠣᠷᠢ᠎ᠪᠠᠨ ᠵᠡᠷᠭᠡᠴᠡᠭᠦᠯᠦᠨ ᠣᠴᠢᠭᠤᠯᠵᠤ᠂ ᠮᠣᠷᠢᠨ ᠳᠡᠭᠡᠷ᠎ᠡ᠎ᠡᠴᠡ ᠨᠣᠭᠲᠤ ᠬᠠᠶᠠᠨ ᠨᠣᠭᠲᠤᠯᠠᠵᠤ ᠠᠪᠤᠮᠠᠭᠴᠠ᠎ᠪᠠᠨ ᠮᠣᠷᠢᠨ᠎ᠠᠴᠠ᠎ᠪᠠᠨ ᠪᠠᠭᠤᠵᠤ᠂ ᠴᠣᠮᠴᠤᠭᠳᠠᠨ ᠠᠪᠤᠭᠰᠠᠨ᠎ᠢᠶᠠᠨ ᠥᠷᠦᠭᠡᠰᠦᠨ ᠭᠠᠷ᠎ᠢᠶᠠᠷ᠎ᠢᠶᠠᠨ ᠴᠢᠬᠢᠳᠡᠨ᠂ ᠲᠠᠯ᠎ᠠ ᠭᠠᠷ᠎ᠢᠶᠠᠷ᠎ᠢᠶᠠᠨ ᠴᠢᠳᠦᠷᠯᠡᠵᠦ ᠲᠠᠯᠪᠢᠵᠠᠢ᠃ ᠡᠨᠡᠬᠦ ᠤᠰᠤᠨ᠎ᠤ ᠲᠤᠩᠭᠠᠯᠠᠭ᠎ᠢ ᠤᠤᠭᠤᠵᠤ᠂ ᠡᠪᠡᠰᠦᠨ᠎ᠦ ᠰᠣᠷᠭᠤᠭ᠎ᠢ ᠢᠳᠡᠵᠦ᠂ ᠰᠡᠭᠦᠯᠢᠶᠡᠷᠢᠶᠡᠨ ᠨᠠᠭᠠᠳᠤᠨ ᠰᠡᠭᠦᠳᠡᠷᠡᠴᠡᠪᠡᠨ ᠪᠣᠰᠭᠠᠵᠤ᠂ ᠲᠣᠯᠤᠭᠠᠢ᠎ᠪᠠᠷ᠎ᠢᠶᠠᠨ ᠨᠠᠭᠠᠳᠤᠨ ᠲᠣᠭᠤᠰᠤᠨᠠᠴᠠᠪᠠᠨ ᠪᠤᠯᠭᠢᠵᠤ ᠶᠠᠪᠤᠳᠠᠭ ᠭᠠᠩᠭᠠᠩ ᠰᠠᠷᠠᠯ ᠡᠳᠦᠭᠡ ᠬᠥᠮᠦᠨ᠎ᠦ ᠭᠠᠷ᠎ᠲᠤ ᠣᠷᠤᠴᠢᠬᠠᠭᠠᠳ ᠴᠣᠪᠬᠤᠴᠢᠨ ᠰᠠᠮᠤᠷᠳᠠᠵᠤ᠂ ᠵᠤᠯᠠᠷᠠᠨ ᠳᠠᠭᠠᠷᠢᠵᠤ᠂ ᠢᠰᠭᠦᠯᠦᠨ ᠬᠠᠢᠷᠴᠤ ᠪᠠᠢᠬᠤ᠎ᠨᠢ ᠪᠠᠰᠠ᠎ᠴᠤ ᠮᠣᠷᠢᠨ ᠡᠷᠳᠡᠮ ᠲᠡᠭᠦᠰ ᠪᠦᠷᠢᠳᠦᠭᠰᠡᠨ ᠠᠮᠢᠲᠠᠨ ᠠᠵᠢ᠃
ᠪᠠᠲᠤᠥ᠌ᠯᠵᠡᠢ᠂ ᠭᠠᠩᠭᠠᠩ ᠰᠠᠷᠠᠯ᠎ᠢ ᠡᠮᠡᠭᠡᠯᠯᠡᠵᠦ ᠪᠠᠷᠠᠭᠠᠳ ᠴᠢᠳᠦᠷ᠎ᠢᠶᠡᠨ ᠠᠪᠴᠤ ᠳᠠᠳᠭᠠᠯ ᠶᠣᠰᠤᠭᠠᠷ ᠪᠦᠰᠡᠯᠡᠬᠦ᠎ᠳᠦ ᠬᠥᠮᠦᠰ᠎ᠦᠨ ᠳᠤᠮᠳᠠ᠎ᠠᠴᠠ ᠨᠢᠭᠡ ᠵᠠᠯᠠᠭᠤ:
《ᠪᠠᠲᠤᠥ᠌ᠯᠵᠡᠢ ᠡ! ᠴᠢᠳᠦᠷ᠎ᠢᠶᠡᠨ ᠪᠦᠰᠡᠯᠡᠭᠡᠳ ᠶᠠᠭᠠᠬᠢᠬᠤᠶᠤᠮ?ᠮᠠᠨᠢ ᠬᠥᠮᠦᠨ ᠣᠳᠣ ᠵᠢᠭᠠᠬᠠᠨ ᠵᠢᠷᠦᠬᠡᠰᠢᠴᠢᠬᠡᠯᠡ ᠪᠣᠯᠤᠯᠲᠠᠢ》 ᠭᠡᠵᠦ ᠬᠡᠯᠡᠭᠡᠳ ᠢᠨᠢᠶᠡᠪᠡ᠃
ᠪᠠᠲᠤᠥ᠌ᠯᠵᠡᠢ ᠢᠨᠢᠶᠡᠮᠰᠦᠭᠯᠡᠭᠰᠡᠭᠡᠷ:
《ᠳᠠᠳᠴᠢᠬᠠᠵᠠᠢ》 ᠭᠡᠳ ᠴᠢᠳᠦᠷ᠎ᠢᠶᠡᠨ ᠠᠪᠴᠤ ᠲᠡᠷᠡ ᠵᠠᠯᠠᠭᠤ᠎ᠶᠢᠨ ᠵᠦᠭ ᠲᠠᠶᠠᠭᠳᠠᠵᠤ ᠶᠠᠪᠤᠭᠤᠯᠬᠤ᠎ᠳᠤ ᠣᠯᠠᠨ᠎ᠤ ᠳᠤᠮᠳᠠ᠎ᠠᠴᠠ ᠪᠠᠰᠠ ᠨᠢᠭᠡ ᠬᠥᠮᠦᠨ ᠤᠤᠯᠭ᠎ᠠ ᠠᠯᠳᠠᠨ:
《ᠲᠡᠭᠡᠵᠦ ᠪᠣᠯᠬᠤ᠎ᠦᠭᠡᠢ᠂ ᠴᠢᠳᠦᠷ᠎ᠢᠶᠡᠨ ᠶᠠᠭᠠᠬᠢᠭᠰᠠᠨ᠎ᠴᠤ ᠪᠦᠰᠡᠯᠡᠬᠦ ᠬᠡᠷᠡᠭᠲᠡᠢ ᠰᠢᠦ᠂ ᠬᠡᠦᠬᠡ ᠡ -》 ᠭᠡᠭᠰᠡᠭᠡᠷ ᠴᠢᠳᠦᠷᠢᠨᠢ ᠠᠪᠴᠢᠷᠠᠵᠤ ᠥᠭᠪᠡ᠃ ᠡᠨᠡ ᠬᠥᠮᠦᠨ ᠪᠣᠯ ᠡᠪᠦᠭᠡ ᠠᠪᠤ᠎ᠶᠢᠨ ᠬᠢᠨᠢ ᠰᠠᠢᠨ ᠨᠠᠢᠵᠠ ᠳᠣᠷᠵᠢ ᠨᠠᠰᠤᠲᠠᠨ ᠪᠠᠢᠯ᠎ᠠ᠃
ᠡᠮᠨᠢᠭ ᠤᠨᠤᠬᠤ ᠬᠥᠮᠦᠨ ᠴᠢᠳᠦᠷ᠎ᠢᠶᠡᠨ ᠪᠦᠰᠡᠯᠡᠪᠡᠯ ᠡᠮᠨᠢᠭ᠎ᠡᠴᠡ ᠬᠠᠶᠠᠭᠳᠠᠭᠰᠠᠨᠴᠤ ᠶᠠᠰᠤ ᠪᠡᠷᠳᠡᠳᠡᠭᠦᠭᠡᠢᠶᠦᠮ ᠭᠡᠨ᠎ᠡ᠃ ᠡᠨᠡ᠎ᠨᠢ ᠲᠡᠭᠡᠭᠡᠳ ᠨᠢᠭᠡ ᠵᠦᠢᠯ᠎ᠦᠨ ᠳᠣᠮ ᠪᠠᠢᠭᠰᠠᠨ᠎ᠠᠴᠠ᠎ᠪᠠᠨ ᠳᠠᠳᠭᠠᠯ ᠪᠣᠯᠵᠠᠢ᠃ ᠪᠠᠲᠤᠥ᠌ᠯᠵᠡᠢ ᠪᠦᠰᠡ᠎ᠪᠡᠨ ᠵᠠᠰᠠᠵᠤ᠂ ᠴᠢᠳᠦᠷ᠎ᠢᠶᠡᠨ ᠪᠦᠰᠡᠯᠡᠭᠡᠳ ᠵᠢᠯᠤᠭᠤ ᠬᠤᠷᠢᠶᠠᠨ ᠮᠣᠷᠳᠠᠵᠤ ᠪᠤᠷᠤᠭᠤ ᠲᠠᠯ᠎ᠠ᠎ᠶᠢᠨ ᠳᠥᠷᠦᠭᠡ᠎ᠪᠡᠨ ᠠᠪᠴᠤ ᠵᠠᠪᠳᠤᠭᠠᠦᠭᠡᠢᠪᠠᠷ ᠭᠠᠩᠭᠠᠩ ᠰᠠᠷᠠᠯ ᠲᠤᠢᠯᠠᠵᠤ ᠭᠠᠷᠴᠠᠢ᠃ ᠠᠳᠤᠭᠤᠨ᠎ᠤ 《ᠬᠦᠦ》 ᠬᠡᠢᠯᠡᠭᠰᠡᠨᠶᠦᠮᠰᠢᠭ ᠳᠥᠷᠪᠡᠨ ᠲᠤᠭᠤᠷᠠᠢ᠎ᠨᠢ ᠭᠠᠵᠠᠷ ᠬᠦᠷᠬᠦᠲᠡᠢᠦᠭᠡᠢᠲᠡᠢ ᠴᠢᠬᠢᠷ᠎ᠦᠨ ᠪᠤᠯᠭᠢᠨ᠎ᠠ᠃ ᠠᠪᠤ᠎ᠶᠢᠨ ᠬᠦᠦ ᠤᠷᠭᠤᠭᠰᠠᠨᠶᠤᠮᠰᠢᠭ᠋ ᠨᠢᠷᠤᠭᠤᠨ ᠳᠡᠭᠡᠷ᠎ᠡ᠎ᠨᠢ ᠰᠠᠭᠤᠵᠤ᠂ ᠲᠠᠰᠢᠭᠤᠷ ᠨᠡᠮᠡᠨ᠎ᠡ᠃ ᠦᠵᠡᠭᠰᠡᠨ ᠣᠯᠠᠨ ᠤᠤᠬᠠᠢᠯᠠᠵᠤ ᠪᠠᠢᠭᠰᠠᠨ᠎ᠠᠴᠠ᠎ᠪᠠᠨ ᠳᠤᠭᠤᠢ ᠪᠣᠯᠤᠨ ᠮᠡᠯᠡᠷᠡᠨ᠎ᠡ᠃ ᠥᠳᠦᠭᠡᠵᠦ ᠲᠣᠪᠬᠤᠷᠤᠯᠳᠤᠭᠰᠠᠨ ᠦᠶ᠎ᠡ᠎ᠶᠢᠨ ᠨᠥᠬᠦᠳ᠎ᠨᠢ ᠢᠨᠢᠶᠡᠯᠳᠦᠵᠦ ᠪᠠᠢᠭᠰᠠᠨ᠎ᠠᠴᠠ᠎ᠪᠠᠨ ᠵᠠᠷᠢᠮ᠎ᠨᠢ ᠮᠣᠷᠢᠨ᠎ᠤ᠎ᠪᠠᠨ ᠣᠯᠤᠩ ᠴᠠᠪᠢᠯᠤᠤᠷᠢ ᠲᠠᠲᠠᠨ ᠮᠣᠷᠳᠠᠵᠤ᠂ ᠬᠠᠰᠢᠬᠤ᠎ᠪᠠᠷ ᠪᠡᠯᠡᠳᠭᠡᠨ᠎ᠡ᠃ ᠵᠠᠷᠢᠮ᠎ᠨᠢ ᠬᠤᠢᠪᠢ᠎ᠪᠠᠨ ᠲᠠᠯᠪᠢᠨ ᠰᠢᠯᠪᠢᠭᠦᠷᠳᠡᠵᠦ᠂ ᠭᠠᠩᠭᠠᠩ ᠰᠠᠷᠠᠯ᠎ᠢ ᠳᠠᠪᠬᠢᠭᠤᠯᠬᠤ ᠭᠡᠵᠦ ᠰᠠᠨᠳᠤᠷᠤᠯᠳᠤᠨᠠ᠃ ᠶᠠᠭ ᠰᠠᠢᠬᠠᠨ ᠭᠠᠵᠠᠷ ᠲᠡᠭᠷᠢ᠎ᠶᠢ ᠬᠣᠯᠪᠤᠨ ᠲᠤᠢᠯᠠᠵᠤ ᠪᠠᠢᠲᠠᠯ᠎ᠠ ᠭᠡᠨᠡᠳᠲᠡ 《ᠨᠢᠰ》 ᠬᠢᠭᠰᠡᠨ ᠴᠢᠮᠡᠭᠡ ᠭᠠᠷᠴᠤ ᠪᠠᠲᠤᠥ᠌ᠯᠵᠡᠢ ᠰᠠᠭᠤᠳᠠᠯ ᠠᠯᠲᠠᠨ ᠤᠨᠠᠬᠤ ᠰᠢᠬᠠᠵᠤ ᠠᠷᠠᠢ ᠬᠡᠮᠡᠨ ᠳᠠᠬᠢᠨ ᠲᠣᠭᠲᠠᠪᠠ᠃ ᠦᠵᠡᠵᠦ ᠪᠠᠢᠭᠰᠠᠨ ᠬᠥᠮᠦᠰ᠎ᠦᠨ ᠳᠣᠲᠤᠷ᠎ᠠ᠎ᠠᠴᠠ 《ᠨᠢᠰ》 ᠬᠢᠬᠦ ᠴᠢᠮᠡᠭᠡᠨ᠎ᠢᠶᠡᠷ ᠨᠠᠰᠤᠲᠠᠢᠴᠤᠳ 《ᠪᠤᠷᠬᠠᠨ᠎ᠮᠢᠨᠢ!》 ᠭᠡᠵᠦ ᠬᠠᠰᠭᠢᠷᠤᠨ ᠠᠯᠠᠭ᠎ᠠ᠎ᠪᠠᠨ ᠳᠡᠯᠭᠡᠴᠢᠬᠡᠭᠡᠳ ᠳᠠᠬᠢᠨ ᠪᠠᠲᠤᠥ᠌ᠯᠵᠡᠢ᠎ᠶᠢᠨ ᠰᠠᠭᠤᠳᠠᠯ᠎ᠢᠶᠠᠨ ᠣᠯᠵᠤ ᠲᠣᠭᠲᠠᠬᠤ᠎ᠶᠢ ᠦᠵᠡᠮᠡᠭᠴᠡ᠎ᠪᠡᠨ ᠨᠢᠳᠤᠷᠭ᠎ᠠ ᠵᠠᠩᠭᠢᠳᠤᠨ 《ᠤᠤᠬᠠᠢᠰ ᠳ᠋ᠠ 》 ᠭᠡᠵᠦ ᠬᠠᠰᠭᠢᠷᠤᠨ᠎ᠠ᠃ ᠬᠡᠦᠬᠡᠨᠴᠦᠳ ᠠᠯᠴᠢᠭᠤᠷ᠎ᠢᠶᠠᠷ᠎ᠢᠶᠠᠨ ᠨᠢᠳᠦ᠎ᠪᠡᠨ ᠳᠠᠷᠤᠭᠰᠠᠨ᠎ᠢᠶᠠᠨ 《ᠤᠤᠬᠠᠢᠰ ᠳ᠋ᠠ 》 ᠭᠡᠬᠦ ᠴᠢᠮᠡᠭᠡᠨ᠎ᠢᠶᠡᠷ ᠳᠠᠬᠢᠨ ᠬᠠᠷᠠᠵᠤ ᠢᠨᠢᠶᠡᠮᠰᠦᠭᠯᠡᠨ᠎ᠡ᠃ ᠰᠠᠶᠢ᠎ᠶᠢᠨ 《ᠨᠢᠰ》 ᠬᠢᠭᠰᠡᠨ ᠳᠠᠭᠤ ᠪᠣᠯ ᠡᠮᠡᠭᠡᠯ᠎ᠨᠢ ᠪᠠᠯᠪᠠᠷᠠᠭᠰᠠᠨ ᠪᠣᠯᠬᠤ᠎ᠶᠢ ᠮᠠᠯᠴᠢᠳ ᠠᠰᠠᠭᠤᠯ᠎ᠦᠭᠡᠢ ᠮᠡᠳᠡᠬᠦ᠎ᠶᠦᠮ᠃ ᠦᠶ᠎ᠡ᠎ᠶᠢᠨ ᠨᠥᠬᠦᠳ᠎ᠦᠨ ᠬᠢᠨᠢ ᠰᠢᠯᠪᠢᠭᠦᠷᠳᠡᠵᠦ ᠬᠥᠭᠡᠭᠡᠭᠰᠡᠨᠦ ᠬᠦᠴᠦ᠎ᠪᠡᠷ ᠭᠠᠩᠭᠠᠩ ᠰᠠᠷᠠᠯ ᠨᠢᠭᠡᠯᠡ ᠴᠢᠭ᠎ᠢᠶᠡᠷ ᠲᠤᠢᠯᠠᠬᠤᠪᠠᠨ ᠪᠣᠯᠢᠵᠤ᠂ ᠳᠠᠪᠬᠢᠨ ᠲᠤᠢᠯᠠᠭᠰᠠᠭᠠᠷ ᠶᠠᠪᠤᠵᠤ ᠪᠠᠢᠭᠰᠠᠨ᠎ᠠᠴᠠ᠎ᠪᠠᠨ ᠰᠤᠨᠲᠠᠯ᠎ᠠ ᠳᠠᠪᠬᠢᠪᠠ᠃ ᠭᠠᠩᠭᠠᠩ ᠰᠠᠷᠠᠯ᠎ᠢ ᠨᠡᠯᠢᠶᠡᠳ ᠵᠥᠭᠡᠯᠡᠷᠡᠭᠦᠯᠦᠭᠡᠳ ᠪᠤᠴᠠᠵᠤ ᠢᠷᠡᠬᠦ᠎ᠳᠦ ᠬᠥᠮᠦᠰ ᠲᠠᠷᠬᠠᠭᠠᠳᠤᠢ ᠪᠠᠢᠭᠰᠠᠨ ᠮᠥᠷᠲᠡᠭᠡᠨ ᠤᠯᠠᠮ ᠪᠥᠭᠡᠮᠨᠡᠷᠡᠵᠦ ᠶᠠᠮᠠᠷ ᠨᠢᠭᠡᠨ ᠬᠥᠮᠦᠨ᠎ᠦ ᠶᠠᠷᠢᠶ᠎ᠠ᠎ᠶᠢ ᠪᠠᠬᠠᠲᠠᠢᠬᠠᠨ ᠰᠣᠨᠤᠰᠴᠤ ᠪᠠᠢᠯ᠎ᠠ᠃ ᠪᠠᠲᠤᠥ᠌ᠯᠵᠡᠢ᠎ᠶᠢ ᠮᠣᠷᠢ᠎ᠪᠠᠨ ᠴᠢᠳᠦᠷᠯᠡᠵᠦ ᠲᠠᠯᠪᠢᠭᠠᠳ ᠪᠣᠰᠬᠤ ᠦᠶ᠎ᠡ᠎ᠳᠦ ᠳᠣᠷᠵᠢ ᠨᠠᠰᠤᠲᠠᠨ ᠳᠡᠷᠭᠡᠳᠡ᠎ᠨᠢ ᠢᠷᠡᠭᠡᠳ:
《ᠰᠠᠢᠨ ᠡᠷ᠎ᠡ! ᠦᠨᠡᠬᠡᠷ ᠰᠠᠢᠨ ᠡᠷ᠎ᠡ᠂ 〈ᠰᠠᠢᠨ ᠡᠷ᠎ᠡ ᠨᠤᠲᠤᠭ᠎ᠤᠨ ᠴᠢᠮᠡᠭ〉 ᠭᠡᠳᠡᠭ ᠰᠢᠦ ᠳ᠋ᠠ᠂ ᠴᠢᠨᠦ ᠥᠨᠦᠳᠦᠷ᠎ᠦᠨ ᠡᠮᠨᠢᠭ ᠰᠤᠷᠭᠠᠭᠰᠠᠨᠢ ᠠᠢᠯ ᠬᠣᠲᠠᠨ᠎ᠤ ᠬᠢᠨᠴᠢᠨᠢ ᠦᠵᠡᠭᠡᠳ ᠬᠡᠢ ᠮᠣᠷᠢ ᠰᠡᠷᠭᠦᠨ ᠪᠠᠶᠠᠷᠯᠠᠭᠰᠠᠨ᠎ᠢ ᠪᠤᠤ ᠬᠡᠯᠡ᠂ ᠨᠤᠲᠤᠭ ᠤᠰᠤᠴᠢ᠎ᠨᠢ ᠬᠦᠷᠲᠡᠯ᠎ᠡ ᠪᠠᠶᠠᠰᠬᠤᠶᠤᠮ 》 ᠭᠡᠵᠦ ᠬᠡᠯᠡᠭᠡᠳ ᠬᠦᠩᠭᠢᠨᠡᠲᠡᠯ᠎ᠡ ᠢᠨᠢᠶᠡᠪᠡ᠃ ᠦᠶ᠎ᠡ᠎ᠶᠢᠨ ᠨᠥᠬᠦᠳᠨᠢᠴᠦ ᠭᠡᠳ ᠪᠦᠭᠦᠳᠡᠭᠡᠷ ᠭᠠᠩᠭᠠᠩ ᠰᠡᠷᠡᠯ᠎ᠦᠨ ᠨᠢᠷᠤᠭᠤᠨ᠎ᠠᠴᠠ ᠬᠠᠮᠲᠤ᠎ᠳᠠᠭᠠᠨ ᠪᠠᠭᠤᠭᠠᠳ ᠢᠷᠡᠭᠰᠡᠨᠶᠦᠮᠰᠢᠭ ᠬᠥᠭᠡᠷᠦᠯᠳᠦᠨ ᠪᠠᠶᠠᠷᠯᠠᠵᠠᠭᠠᠵᠤ ᠪᠠᠢᠪᠠ᠃ ᠳᠣᠷᠵᠢ ᠨᠠᠰᠤᠲᠠᠨ ᠦᠭᠡ᠎ᠪᠡᠨ ᠦᠷᠭᠦᠯᠵᠢᠯᠡᠭᠦᠯᠵᠦ:
《ᠥᠨᠥᠳᠦᠷ ᠪᠢ ᠴᠢᠮᠠᠢ ᠦᠵᠡᠭᠰᠡᠨ᠎ᠴᠢᠨᠢ ᠤᠷᠢᠳᠤ ᠡᠪᠦᠭᠡ ᠠᠪᠤᠶᠢᠴᠢᠨᠢ ᠦᠵᠡᠵᠦ ᠪᠠᠢᠭᠰᠠᠨᠮᠢᠨᠢ ᠰᠠᠨᠠᠭᠳᠠᠯ᠎ᠠ᠃ ᠴᠢ ᠮᠥᠨ ᠡᠪᠦᠭᠡ ᠠᠪᠤᠶᠢᠪᠠᠨ ᠰᠦᠷᠡᠬᠡᠢ ᠳᠠᠭᠤᠷᠢᠶᠠᠵᠠᠢ᠃ ᠡᠪᠦᠭᠡ ᠠᠪᠤ᠎ᠴᠢᠨᠢ ᠤᠷᠢᠳᠤ ᠪᠠᠰᠠ ᠮᠠᠨ᠎ᠤ ᠨᠤᠲᠤᠭ᠎ᠤᠨ ᠴᠢᠮᠡᠭ ᠪᠣᠯᠵᠤ ᠶᠠᠪᠤᠭᠰᠠᠨ ᠬᠥᠮᠦᠨ ᠰᠢᠦ ᠳ᠋ᠠ᠃ ᠤᠷᠢᠳᠤ ᠭᠤᠮᠪᠤ ᠪᠠᠶᠠᠨ᠎ᠤ ᠰᠡᠲᠡᠷᠢᠨᠢ ᠰᠡᠷᠭᠦᠬᠦ᠎ᠳᠡᠭᠡᠨ ᠵᠢᠯ᠎ᠳᠦ ᠨᠢᠭᠡᠯᠡ ᠤᠳᠠᠭ᠎ᠠ ᠪᠠᠷᠢᠳᠠᠭ ᠣᠩᠭᠤᠨ ᠪᠣᠷᠤ ᠮᠣᠷᠢ᠎ᠶᠢ ᠪᠣᠯ ᠮᠠᠨ᠎ᠤ ᠪᠤᠶᠠᠨᠯᠠ ᠲᠣᠭᠲᠠᠭᠠᠳᠠᠭ ᠪᠠᠢᠭᠰᠠᠨ᠎ᠶᠤᠮ᠃ ᠨᠢᠭᠡ ᠵᠢᠯ ᠲᠡᠭᠦᠨ᠎ᠢ ᠪᠠᠷᠢᠬᠤ᠎ᠳᠤᠨᠢ ᠭᠣᠣᠯ᠎ᠤᠨ ᠬᠥᠪᠡᠭᠡᠨ ᠳᠡᠭᠡᠷ᠎ᠡ ᠠᠳᠤᠭᠤ᠎ᠪᠠᠨ ᠬᠤᠷᠢᠶᠠᠭᠠᠳ ᠪᠤᠶᠠᠨᠮᠢᠨᠢ ᠴᠢᠮ᠎ᠠ᠎ᠰᠢᠭ᠋ ᠰᠠᠢᠬᠠᠨ ᠤᠷᠭᠠᠯᠠᠲᠠᠯᠠ ᠣᠩᠭᠤᠨ ᠪᠣᠷᠤᠴᠤ ᠨᠢᠵᠢᠭᠢᠨᠠᠨ ᠵᠤᠯᠠᠷᠠᠪᠠ᠃ ᠪᠤᠶᠠᠨᠮᠢᠨᠢ ᠡᠭᠡᠭᠡ᠎ᠯᠡ ᠰᠠᠶᠢ᠎ᠶᠢᠨ ᠴᠢᠮ᠎ᠠ᠎ᠰᠢᠭ᠋ ᠪᠠᠷᠢᠮ᠎ᠠ ᠤᠷᠭ᠎ᠠ᠎ᠲᠠᠢ ᠮᠣᠷᠢ ᠱᠠᠯᠠᠨ ᠨᠡᠬᠡᠵᠦ ᠭᠠᠷᠤᠭᠰᠠᠨᠶᠤᠮ᠃ ᠡᠨᠡ ᠭᠣᠣᠯ ᠲᠡᠷᠡ ᠬᠠᠪᠢ᠎ᠳᠠᠭᠠᠨ ᠬᠡᠳᠦᠢᠪᠡᠷ ᠨᠠᠷᠢᠬᠠᠨ ᠪᠣᠯᠪᠠᠴᠤ ᠤᠯᠤᠰ᠎ᠠᠴᠠ᠎ᠪᠠᠨ ᠪᠤᠰᠤᠳ ᠭᠠᠵᠠᠷ᠎ᠨᠢ ᠪᠦᠷ ᠬᠥᠯᠦᠭᠡᠢᠶᠦᠮ᠃ ᠥᠨᠥ ᠣᠩᠭᠤᠨ ᠪᠣᠷᠤ ᠡᠭᠦᠨ᠎ᠢ ᠶᠠᠭᠤ ᠭᠡᠵᠦ ᠬᠠᠢᠬᠤᠷᠬᠤ ᠪᠤᠢ! ᠰᠢᠭᠤᠳ᠎ᠯᠠ ᠭᠣᠣᠯ ᠳᠡᠭᠡᠷ᠎ᠡ ᠲᠤᠯᠵᠤ ᠬᠦᠷᠬᠦ᠎ᠳᠦ ᠦᠵᠡᠵᠦ ᠪᠠᠢᠭᠰᠠᠨ ᠪᠢᠳᠡᠨ᠎ᠦ ᠨᠢᠳᠦ ᠬᠠᠷᠠᠯᠠᠭᠠᠳ ᠶᠠᠪᠤᠴᠢᠬᠠᠯ᠎ᠠ᠃ ᠵᠠ᠂ ᠣᠳᠣ᠎ᠴᠤ ᠬᠥᠮᠦᠨ᠎ᠲᠡᠢ ᠮᠣᠷᠢ᠎ᠲᠠᠢ᠎ᠪᠠᠨ ᠬᠣᠢᠲᠤ ᠨᠠᠭᠤᠷ᠎ᠠᠴᠠ ᠭᠠᠷᠬᠤ ᠪᠣᠯᠵᠠᠢ ᠭᠡᠵᠦ ᠪᠣᠳᠤᠵᠤ ᠪᠠᠢᠪᠠ᠃ ᠬᠠᠷᠢᠨ ᠶᠠᠭ ᠭᠱᠠᠨ᠎ᠳᠤ ᠮᠠᠨ᠎ᠤ ᠪᠤᠶᠠᠨᠳᠤ ᠰᠠᠮᠪᠠᠭ᠎ᠠ ᠣᠷᠤᠵᠤ᠂ ᠤᠷᠭ᠎ᠠ᠎ᠪᠠᠨ ᠰᠤᠯᠠᠳᠭᠠᠨ ᠤᠷᠭᠠᠯᠬᠠᠰᠠ ᠮᠣᠷᠢ᠎ᠪᠠᠨ ᠭᠣᠣᠯ ᠬᠠᠷᠠᠢᠯᠭᠠᠵᠤ᠂ ᠳᠠᠷᠠᠭ᠎ᠠ᠎ᠨᠢ ᠤᠨᠤᠭᠰᠠᠨ ᠮᠣᠷᠢ᠎ᠪᠠᠨ ᠭᠣᠣᠯ ᠬᠠᠷᠠᠢᠯᠭᠠᠭᠰᠠᠨᠳᠤ ᠡᠮᠦᠨ᠎ᠡ ᠬᠥᠯ᠎ᠨᠢ ᠴᠠᠭᠠᠲᠤ ᠢᠷᠮᠡᠭ ᠳᠡᠭᠡᠷ᠎ᠡ ᠲᠤᠰᠴᠤ ᠠᠷᠤ ᠬᠥᠯ᠎ᠨᠢ ᠤᠰᠤᠨ᠎ᠳᠤ ᠰᠠᠭᠤᠲᠠᠯ᠎ᠠ ᠤᠷᠭᠠᠯᠠᠭᠰᠠᠨ ᠮᠣᠷᠢ᠎ᠪᠠᠨ ᠭᠠᠭᠴᠠᠬᠠᠨ ᠭᠠᠷ᠎ᠢᠶᠠᠷ᠎ᠢᠶᠠᠨ ᠲᠠᠲᠠᠵᠤ ᠰᠠᠭᠤᠯᠭᠠᠵᠠᠢ᠃ ᠲᠡᠭᠡᠭᠰᠡᠨᠴᠢᠨᠢ ᠮᠣᠷᠢᠲᠠᠢ ᠬᠥᠮᠦᠨ᠎ᠲᠡᠢ᠎ᠪᠡᠨ ᠴᠢᠷᠦᠭᠳᠡᠵᠦ ᠭᠣᠣᠯ᠎ᠤᠨ ᠲᠡᠷᠲᠡᠭᠡ ᠡᠷᠭᠢ ᠳᠡᠭᠡᠷ᠎ᠡ ᠭᠠᠷᠴᠤ᠂ ᠣᠩᠭᠤᠨ ᠪᠣᠷᠤ᠎ᠶᠢ ᠪᠠᠷᠢᠵᠤ ᠠᠪᠤᠭᠰᠠᠨ ᠪᠠᠢᠪᠠ ᠰᠢᠤ》 ᠭᠡᠵᠦ ᠬᠡᠯᠡᠭᠡᠳ ᠪᠠᠲᠤᠥ᠌ᠯᠵᠡᠢ᠎ᠶᠢᠨ ᠮᠥᠷᠦ᠎ᠶᠢ ᠲᠠᠪᠰᠢᠵᠤ ᠢᠨᠢᠶᠡᠪᠡ᠃
ᠭᠠᠩᠭᠠᠩ ᠰᠡᠷᠡᠯ᠎ᠦᠨ ᠡᠮᠡᠭᠡᠯ᠎ᠢ ᠠᠵᠢᠵᠤ ᠪᠠᠢᠭᠰᠠᠨ ᠬᠥᠮᠦᠰ᠎ᠦᠨ ᠳᠣᠲᠤᠷ᠎ᠠ᠎ᠠᠴᠠ ᠨᠢᠭᠡ ᠵᠠᠯᠠᠭᠤ:
《ᠡᠮᠡᠭᠡᠯᠦᠨᠴᠢᠨᠢ ᠠᠷᠤ ᠪᠦᠭᠦᠷᠭᠡ ᠬᠤᠭᠤᠷᠠᠭᠠᠳ ᠬᠣᠩᠭᠤᠪᠠᠷᠢᠶᠠᠨ ᠪᠠᠰᠠ ᠬᠠᠭᠠᠷᠠᠵᠠᠢ》 ᠭᠡᠪᠡ᠃ ᠪᠠᠲᠤᠥ᠌ᠯᠵᠡᠢ :
《ᠪᠠᠷᠤᠭ ᠲᠡᠢᠮᠦ ᠪᠣᠯᠤᠭᠰᠠᠨ ᠪᠠᠢᠬᠤ》 ᠭᠡᠵᠦ ᠤᠷᠮ᠎ᠠ ᠦᠭᠡᠢᠬᠡᠨ ᠬᠡᠯᠡᠬᠦ᠎ᠳᠦ ᠳᠣᠷᠵᠢ ᠨᠠᠰᠤᠲᠠᠨ:
《ᠲᠡᠷᠡ ᠬᠠᠮᠢᠶ᠎ᠠ᠎ᠦᠭᠡᠢ᠂ ᠲᠡᠷᠡ᠎ᠴᠢᠨᠢ ᠰᠠᠢᠨ ᠡᠷ᠎ᠡ᠎ᠶᠢᠨ ᠴᠢᠳᠠᠯ᠎ᠢ ᠤᠯᠠᠮ ᠭᠠᠢᠬᠠᠭᠤᠯᠤᠭᠰᠠᠨ ᠶᠠᠪᠤᠳᠠᠯ ᠰᠢᠤ》 ᠭᠡᠵᠦ ᠮᠠᠭᠲᠠᠪᠠ᠃
ᠪᠠᠲᠤᠥ᠌ᠯᠵᠡᠢ᠂ ᠭᠠᠩᠭᠠᠩ ᠰᠠᠷᠠᠯ᠎ᠢᠶᠠᠨ ᠲᠡᠨᠳᠡ᠎ᠨᠢ ᠴᠢᠳᠦᠷᠯᠡᠵᠦ ᠣᠷᠬᠢᠭᠠᠳ ᠠᠳᠤᠭᠤ᠎ᠪᠠᠨ ᠵᠠᠯᠠᠵᠤ᠂ ᠤᠷᠭᠠᠨ ᠮᠣᠷᠢ᠎ᠪᠠᠨ ᠶᠡᠭᠦᠯᠡᠭᠡᠳ ᠭᠡᠷ᠎ᠲᠡᠭᠡᠨ ᠬᠠᠷᠢᠬᠤ᠎ᠳᠤ ᠡᠪᠦᠭᠡ ᠠᠪᠤ᠎ᠶᠢᠨ ᠬᠢᠨᠢ ᠤᠯᠠᠭᠠᠨ ᠪᠤᠭᠤᠷᠤᠯ ᠮᠣᠷᠢ ᠬᠥᠯᠦᠰᠦᠲᠡᠢᠬᠡᠨᠰᠢᠭ ᠤᠶᠠᠭᠠᠨ ᠳᠡᠭᠡᠷ᠎ᠡ᠎ᠪᠡᠨ ᠢᠨᠴᠠᠭᠠᠵᠤ ᠪᠠᠢᠪᠠ᠃
ᠪᠠᠲᠤᠥ᠌ᠯᠵᠡᠢ᠂ ᠮᠣᠷᠢ᠎ᠪᠠᠨ ᠤᠶᠠᠭᠠᠳ᠂ ᠪᠠᠯᠪᠠᠷᠬᠠᠢ ᠡᠮᠡᠭᠡᠯ᠎ᠢᠶᠡᠨ ᠠᠪᠴᠤ ᠭᠡᠷ ᠤᠷᠤᠭᠤ᠎ᠪᠠᠨ ᠠᠯᠬᠤᠬᠤ᠎ᠳᠠᠭᠠᠨ 《ᠣᠳᠣ᠎ᠴᠤ ᠡᠪᠦᠭᠡ ᠠᠪᠤᠪᠠᠷᠢᠶᠠᠨ ᠨᠢᠭᠡ ᠰᠠᠢᠨ ᠵᠠᠩᠨᠠᠭᠤᠯᠬᠤ ᠪᠠᠢᠬᠤ᠂ ᠶᠠᠮᠠᠷ ᠠᠷᠭ᠎ᠠ ᠪᠠᠢᠨ᠎ᠠ ᠳ᠋ᠠ᠂ ᠡᠭᠦᠨ᠎ᠢ ᠦᠳᠡᠵᠦ ᠬᠠᠳᠠᠵᠤ ᠴᠢᠳᠠᠬᠤ᠎ᠨᠢ ᠪᠠᠰᠠ᠎ᠯᠠ ᠡᠪᠦᠭᠡ ᠠᠪᠤ᠎ᠮᠢᠨᠢ ᠪᠣᠯᠬᠤ᠎ᠠᠴᠠ ᠬᠣᠢᠰᠢ ᠨᠢᠭᠤᠭᠠᠳ ᠭᠠᠷᠴᠢᠬᠠᠵᠤ ᠴᠢᠳᠠᠬᠤ᠎ᠦᠭᠡᠢ ᠳ᠋ᠠ 》 ᠭᠡᠵᠦ ᠪᠣᠳᠤᠭᠰᠠᠭᠠᠷ ᠡᠮᠡᠭᠡᠯ ᠤᠷᠤᠭᠤ᠎ᠪᠠᠨ ᠨᠢᠭᠡ ᠬᠠᠷᠠᠵᠤ᠂ ᠭᠡᠷ ᠤᠷᠤᠭᠤ᠎ᠪᠠᠨ ᠨᠢᠭᠡ ᠬᠠᠷᠠᠵᠤ ᠶᠠᠪᠤᠨ᠎ᠠ᠃ ᠪᠠᠲᠤᠥ᠌ᠯᠵᠡᠢ᠎ᠶᠢ ᠭᠡᠷ᠎ᠲᠡᠭᠡᠨ ᠣᠷᠤᠬᠤ᠎ᠳᠤ ᠡᠪᠦᠭᠡ ᠠᠪᠤ᠎ᠨᠢ ᠬᠣᠢᠮᠤᠷᠠᠴᠠᠪᠠᠨ:
《ᠶᠠᠭᠠᠬᠢᠴᠢᠬᠠᠪᠠ? ᠡᠮᠡᠭᠡᠯ᠎ᠢᠶᠡᠨ ᠪᠠᠯᠪᠠᠴᠢᠬᠠᠪᠠᠤᠤ?》 ᠭᠡᠵᠦ ᠠᠭᠤᠷᠲᠠᠢᠦᠭᠡᠢᠶᠢᠨ ᠬᠣᠭᠤᠷᠤᠨᠳᠤᠭᠤᠷ ᠠᠰᠠᠭᠤᠪᠠ᠃
《ᠲᠡᠭᠡᠯ᠎ᠡ》 ᠭᠡᠵᠦ ᠪᠠᠲᠤᠥ᠌ᠯᠵᠡᠢ ᠬᠠᠷᠢᠭᠤᠯᠤᠭᠠᠳ ᠠᠵᠢᠭᠰᠠᠨᠴᠢᠨᠢ ᠡᠮᠡᠭᠡ ᠡᠵᠢ ᠭᠡᠷᠲᠦᠦᠭᠡᠢᠳᠦ ᠤᠯᠠᠮ ᠠᠢᠳᠠᠰ ᠬᠦᠷᠪᠡ᠃
《ᠭᠠᠩᠭᠠᠩ ᠰᠠᠷᠠᠯ᠎ᠢ ᠤᠨᠤᠭᠠᠳᠤᠤ?》
《ᠲᠡᠢᠮᠦ ᠡ!》 ᠭᠡᠵᠦ ᠬᠠᠷᠢᠭᠤᠯᠤᠭᠠᠳ: 《ᠬᠡᠨ᠎ᠨᠢ ᠠᠯᠢ ᠵᠠᠪᠢᠶᠠᠷᠨᠢ ᠦᠭᠡ ᠬᠦᠷᠭᠡᠭᠡᠳ ᠵᠠᠪᠳᠤᠴᠢᠬᠠᠭᠰᠠᠨᠶᠤᠮ》 ᠭᠡᠵᠦ ᠪᠠᠲᠤᠥ᠌ᠯᠵᠡᠢ ᠪᠣᠳᠤᠨ᠎ᠠ᠃
《ᠣᠢᠴᠢᠭᠠᠳ ᠡᠮᠡᠭᠡᠯ᠎ᠢᠶᠡᠨ ᠬᠥᠭᠯᠡᠭᠦᠯᠦᠭᠰᠡᠨ ᠪᠠᠢᠯᠭᠦᠢ᠃ 》
《ᠦᠭᠡᠢ ᠲᠤᠢᠯᠠᠭᠠᠨ᠎ᠳᠤᠨᠢ᠃ 》
《ᠲᠤᠢᠯᠠᠭᠠᠨ᠎ᠳᠤᠨᠢ?》 ᠭᠡᠵᠦ ᠡᠪᠦᠭᠡ ᠠᠪᠤ᠎ᠨᠢ ᠯᠠᠪᠯᠠᠭᠠᠳ᠂ ᠰᠠᠬᠠᠯ᠎ᠢᠶᠠᠨ ᠵᠠᠰᠠᠨ ᠢᠨᠢᠶᠡᠮᠰᠦᠭᠯᠡᠵᠦ 《ᠲᠡᠭᠡᠪᠡᠯ ᠮᠥᠨᠴᠦ ᠵᠢᠭᠲᠡᠢᠬᠡᠨ ᠲᠤᠢᠯᠠᠳᠠᠭ ᠠᠮᠢᠲᠠᠨ ᠪᠠᠢᠨ᠎ᠠ ᠳ᠋ᠠ 》 ᠭᠡᠵᠦ ᠵᠠᠯᠠᠭᠤ ᠦᠶ᠎ᠡ᠎ᠶᠢᠨ ᠬᠢᠨᠢ ᠡᠮᠨᠢᠭ ᠳᠣᠭᠰᠢᠨ᠎ᠲᠠᠢ ᠣᠷᠤᠯᠳᠤᠵᠤ ᠶᠠᠪᠤᠭᠰᠠᠨ ᠬᠣᠷᠤᠬᠠᠢ᠎ᠨᠢ ᠬᠥᠳᠡᠯᠬᠦ ᠮᠡᠲᠦ ᠪᠠᠶᠠᠷᠲᠠᠢᠬᠠᠨ ᠬᠡᠯᠡᠪᠡ᠃
ᠡᠭᠦᠨ᠎ᠢ ᠰᠣᠨᠤᠰᠤᠭᠠᠳ ᠪᠠᠲᠤᠥ᠌ᠯᠵᠡᠢ᠎ᠶᠢᠨ ᠳᠣᠲᠤᠷ᠎ᠠ ᠠᠱ᠌ᠢᠭᠦᠢ ᠠᠭᠤᠵᠢᠷᠠᠵᠤ᠂ ᠣᠳᠣ ᠳᠣᠷᠵᠢ ᠨᠠᠰᠤᠲᠠᠨ᠎ᠢ ᠪᠤᠰᠢᠭᠤᠬᠠᠨ ᠡᠮᠦᠨ᠎ᠡ᠎ᠪᠡᠨ ᠪᠠᠷᠢᠶ᠎ᠠ ᠭᠡᠵᠦ ᠪᠣᠳᠤᠩᠭᠤᠲᠠᠪᠠᠨ:
《ᠳᠣᠷᠵᠢ ᠨᠠᠰᠤᠲᠠᠨ ᠭᠤᠸᠠᠢ ᠪᠠᠰᠠ ᠥᠨᠦᠳᠦᠷ ᠠᠳᠤᠭᠤᠨ ᠳᠡᠭᠡᠷ᠎ᠡ ᠬᠦᠷᠴᠡᠢ᠃ ᠲᠡᠭᠡᠭᠡᠳ ᠁》 ᠭᠡᠵᠦ ᠢᠨᠢᠶᠡᠮᠰᠦᠭᠯᠡᠭᠡᠳ: 《ᠨᠠᠮᠠᠢ ᠶᠡᠬᠡᠯ᠎ᠡ ᠮᠠᠭᠲᠠᠵᠤ᠂ ᠡᠪᠦᠭᠡ ᠠᠪᠤ᠎ᠲᠠᠢ᠎ᠪᠠᠨ ᠡᠭᠡᠭᠡ ᠠᠳᠠᠯᠢᠬᠠᠨ᠂ ᠠᠳᠤᠭᠤ ᠮᠠᠯ᠎ᠳᠤ ᠳᠡᠮᠲᠡᠢ ᠰᠠᠢᠨ ᠡᠷ᠎ᠡ ᠪᠣᠯᠵᠠᠢ ᠭᠡᠯᠡ᠃ ᠲᠡᠭᠡᠭᠡᠳ ᠪᠠᠰᠠ ᠣᠩᠭᠤᠨ ᠪᠣᠷᠤ ᠭᠡᠳᠡᠭ ᠮᠣᠷᠢ᠎ᠶᠢ ᠭᠣᠣᠯ ᠬᠠᠷᠠᠢᠯᠭᠠᠨ ᠪᠠᠷᠢᠵᠤ ᠪᠠᠢᠭᠰᠠᠨ ᠡᠪᠦᠭᠡ ᠠᠪᠤ᠎ᠶᠢᠨ ᠵᠠᠯᠠᠭᠤ᠎ᠶᠢᠨ ᠦᠯᠢᠭᠡᠷ᠎ᠢ ᠣᠯᠠᠨ᠎ᠳᠤ ᠶᠠᠷᠢᠵᠤ᠂ ᠲᠠᠨ᠎ᠢ 〈ᠨᠤᠲᠤᠭ᠎ᠤᠨ ᠴᠢᠮᠡᠭ ᠪᠣᠯᠵᠤ ᠶᠠᠪᠤᠭᠰᠠᠨ ᠰᠠᠢᠨ ᠡᠷᠡᠶᠦᠮ ᠰᠢᠤ -〉 ᠭᠡᠵᠦ ᠮᠠᠭᠲᠠᠯ᠎ᠠ》 ᠭᠡᠰᠡᠨ᠎ᠳᠦ ᠡᠪᠦᠭᠡ ᠠᠪᠤ᠎ᠨᠢ ᠬᠠᠷᠢᠨ ᠪᠠᠶᠠᠷᠯᠠᠭᠰᠠᠨ᠎ᠦᠭᠡᠢ ᠮᠥᠷᠲᠡᠭᠡᠨ ᠳᠤᠷ᠎ᠠ᠎ᠦᠭᠡᠢ᠎ᠨᠢ ᠬᠦᠷᠴᠦ:
《ᠠᠢ᠂ ᠮᠠᠭᠤ ᠬᠠᠷ᠎ᠠ ᠵᠥᠨᠦᠭ! ᠪᠢ ᠲᠠᠯᠠᠳᠤᠨᠢ ᠪᠠᠢᠭᠰᠠᠨ ᠪᠣᠯ ᠬᠣᠩᠰᠢᠶᠠᠷᠢᠨᠢ ᠰᠢᠯᠪᠤ ᠴᠣᠬᠢᠬᠤ ᠪᠠᠢᠭᠰᠠᠨ᠎ᠶᠤᠮ》 ᠭᠡᠵᠦ ᠳᠣᠷᠵᠢ᠎ᠶᠢ ᠴᠠᠭᠠᠬᠠᠨ ᠰᠡᠳᠭᠢᠯ᠎ᠢᠶᠡᠷ ᠬᠠᠷᠢᠶᠠᠵᠤ 《ᠶᠠᠮᠠᠷᠯᠠ ᠰᠠᠢᠨ ᠡᠷ᠎ᠡ ᠪᠣᠯᠵᠤ ᠶᠠᠪᠤᠭᠰᠠᠨ᠎ᠳᠤᠨᠢ ᠨᠤᠲᠤᠭ᠎ᠤᠨ ᠴᠢᠮᠡᠭ ᠭᠡᠬᠦ᠎ᠶᠦᠮ ᠪᠤᠢ! ᠵᠠᠬᠢᠳᠠᠯ ᠤᠩᠰᠢᠵᠤ ᠴᠢᠳᠠᠬᠤ᠎ᠦᠭᠡᠢ ᠵᠠᠵᠢ᠎ᠶᠢᠨ ᠦᠰᠦ ᠴᠠᠢᠯᠭᠠᠭᠰᠠᠨ ᠰᠣᠬᠤᠷ》 ᠭᠡᠵᠦ ᠬᠡᠯᠡᠭᠡᠳ ᠢᠴᠢᠵᠦ ᠬᠠᠷᠠᠮᠰᠠᠭᠰᠠᠨ ᠪᠠᠢᠳᠠᠯ᠎ᠲᠠᠢ ᠰᠠᠨᠠᠭ᠎ᠠ ᠠᠯᠳᠠᠨ ᠪᠣᠳᠤᠯᠭᠠᠰᠢᠷᠠᠵᠤ ᠰᠠᠭᠤᠪᠠ᠃
ᠨᠥᠭᠦᠭᠡ ᠭᠡᠷ᠎ᠡᠴᠡ 《ᠡᠮᠡᠭᠡᠯ᠎ᠢᠶᠡᠨ ᠪᠠᠯᠪᠠᠯᠴᠢᠬᠠᠯᠠ》 ᠭᠡᠬᠦ ᠦᠭᠡ᠎ᠶᠢ ᠬᠠᠯᠲᠤ ᠰᠣᠨᠤᠰᠤᠭᠰᠠᠨ ᠡᠮᠡᠭᠡ ᠡᠵᠢ᠎ᠨᠢ ᠪᠠᠷᠢᠵᠤ ᠲᠠᠯᠪᠢᠭᠰᠠᠨ᠎ᠢᠶᠠᠨ ᠬᠠᠶᠠᠭᠠᠳ ᠰᠠᠮᠭᠠᠷᠳᠠᠨ ᠭᠦᠶᠦᠵᠦ ᠢᠷᠡᠬᠦ᠎ᠳᠦ᠎ᠨᠢ 《ᠲᠤᠢᠯᠠᠭᠠᠨ᠎ᠳᠤᠨᠢ ᠁ ᠣᠢᠴᠢᠭᠰᠠᠨ᠎ᠦᠭᠡᠢ》 ᠭᠡᠵᠦ ᠡᠪᠦᠭᠡ ᠠᠪᠤ᠂ ᠠᠴᠢ ᠬᠦᠦ ᠬᠣᠶᠠᠭᠤᠯᠠ ᠬᠡᠯᠡᠯᠴᠡᠵᠦ ᠪᠠᠢᠪᠠ᠃ ᠲᠡᠭᠡᠭᠡᠳ ᠬᠦᠦ᠎ᠶᠢᠨ᠎ᠢᠶᠡᠨ ᠮᠡᠨᠳᠦ ᠰᠠᠢᠬᠠᠨ ᠪᠠᠢᠬᠤ᠎ᠶᠢ ᠦᠵᠡᠭᠡᠳ ᠡᠮᠡᠭᠡ ᠡᠵᠢ᠎ᠨᠢ ᠵᠦᠭᠡᠷᠯᠡ 《ᠬᠦᠦ᠎ᠮᠢᠨᠢ! ᠦᠷᠡᠮᠢᠨᠢ!》 ᠭᠡᠬᠦ᠎ᠡᠴᠡ ᠥᠭᠡᠷ᠎ᠡ ᠦᠭᠡᠦᠭᠡᠢᠪᠡᠷ ᠪᠠᠲᠤᠥ᠌ᠯᠵᠡᠢ᠎ᠪᠡᠨ ᠬᠠᠷᠠᠨ ᠵᠣᠭᠰᠤᠵᠤ ᠪᠠᠢᠭᠰᠠᠨ᠎ᠢᠶᠠᠨ ᠭᠡᠨᠡᠳᠲᠡ ᠤᠬᠠᠭᠠᠷᠠᠭᠰᠠᠨ ᠮᠡᠲᠦ᠎ᠪᠡᠷ ᠰᠠᠩᠳᠠ ᠮᠡᠩᠳᠡ ᠴᠠᠢ ᠠᠶᠠᠭᠠᠯᠠᠵᠤ ᠥᠭᠪᠡ᠃
ᠡᠪᠦᠭᠡ ᠠᠪᠤ᠎ᠨᠢ ᠲᠠᠮᠠᠬᠢ ᠲᠠᠲᠠᠵᠤ ᠪᠠᠷᠠᠭᠠᠳ ᠭᠠᠩᠰᠠ᠎ᠪᠠᠨ ᠵᠦᠯᠭᠦᠨ ᠲᠥᠪᠯᠡᠭᠦᠨ᠎ᠢᠶᠡᠷ:
《ᠵᠠ ᠬᠦᠦ᠎ᠮᠢᠨᠢ᠂ ᠴᠢ ᠰᠣᠨᠤᠰ!》 ᠭᠡᠳ ᠬᠥᠭᠰᠢᠨ ᠤᠷᠤᠭᠤ᠎ᠪᠠᠨ ᠬᠠᠷᠠᠵᠤ: 《ᠡᠮᠡᠭᠡ ᠡᠵᠢ᠎ᠨᠢ ᠪᠠᠰᠠ ᠰᠠᠭᠤᠵᠤ ᠪᠠᠢ!》 ᠭᠡᠪᠡ᠃
ᠪᠠᠲᠤᠥ᠌ᠯᠵᠡᠢ 《ᠵᠠ!》 ᠭᠡᠵᠦ ᠠᠶᠠᠭ᠎ᠠ᠎ᠪᠠᠨ ᠲᠠᠯᠪᠢᠪᠠ᠃
ᠡᠪᠦᠭᠡ ᠠᠪᠤ᠎ᠨᠢ ᠡᠨᠡ ᠡᠳᠦᠷ ᠬᠣᠰᠢᠭᠤᠨ ᠳᠡᠭᠡᠷ᠎ᠡ ᠬᠦᠷᠴᠦ᠂ ᠪᠠᠲᠤᠥ᠌ᠯᠵᠡᠢ᠎ᠶᠢᠨ ᠡᠴᠢᠭᠡ ᠡᠬᠡᠶᠢᠨᠢ ᠨᠢᠭᠡᠨᠲᠡ ᠴᠠᠭᠠᠳᠭᠠᠭᠰᠠᠨ ᠲᠤᠯᠠ ᠡᠨᠡ ᠵᠢᠯ ᠪᠠᠲᠤᠥ᠌ᠯᠵᠡᠢ᠎ᠪᠡᠨ ᠶᠡᠬᠡ ᠰᠤᠷᠭᠠᠭᠤᠯᠢ᠎ᠳᠤ ᠶᠠᠪᠤᠭᠤᠯᠪᠠᠯ ᠪᠣᠯᠳᠠᠭ᠎ᠶᠤᠮ ᠪᠣᠯ᠎ᠤᠤ? ᠭᠡᠵᠦ ᠬᠡᠴᠢᠨᠡᠨ ᠵᠢᠯ᠎ᠢᠶᠡᠷ ᠡᠪᠡᠳᠴᠢᠨ ᠪᠣᠯᠲᠠᠯ᠎ᠠ᠎ᠪᠠᠨ ᠪᠣᠳᠤᠵᠤ ᠶᠠᠪᠤᠭᠰᠠᠨ ᠦᠭᠡ᠎ᠪᠡᠨ ᠰᠤᠷᠭᠠᠨ ᠬᠥᠮᠦᠵᠢᠯ᠎ᠦᠨ ᠲᠣᠪᠴᠢᠶ᠎ᠠ᠎ᠳᠤ ᠠᠵᠢᠯᠯᠠᠳᠠᠭ ᠬᠦᠦ᠎ᠶᠢᠨ᠎ᠢᠶᠡᠨ ᠨᠢᠭᠡ ᠨᠠᠢᠵᠠ᠎ᠳᠤ ᠶᠠᠷᠢᠵᠤ᠂ ᠪᠣᠯᠪᠠᠯ ᠠᠴᠢ ᠬᠦᠦ᠎ᠪᠡᠨ ᠶᠡᠬᠡ ᠰᠤᠷᠭᠠᠭᠤᠯᠢ᠎ᠳᠤ ᠬᠦᠷᠭᠡᠯᠭᠡᠬᠦ ᠲᠤᠬᠠᠢ ᠨᠢᠭᠡᠨ ᠰᠠᠢᠨ ᠠᠷᠭ᠎ᠠ ᠵᠥᠪᠳᠡᠯᠴᠡᠬᠦ ᠰᠠᠨᠠᠭ᠎ᠠ᠎ᠲᠠᠢ ᠪᠠᠢᠵᠠᠢ᠃ ᠭᠡᠲᠡᠯ᠎ᠡ ᠡᠨᠡ ᠵᠢᠯ᠎ᠡᠴᠡ ᠡᠬᠢᠯᠡᠵᠦ ᠶᠡᠬᠡ ᠰᠤᠷᠭᠠᠭᠤᠯᠢ ᠰᠤᠷᠤᠭᠴᠢ ᠰᠢᠯᠭᠠᠵᠤ᠂ ᠰᠠᠢᠨ᠎ᠢ᠎ᠨᠢ ᠰᠣᠩᠭᠤᠨ ᠠᠪᠬᠤ ᠪᠣᠯᠤᠭᠰᠠᠨ᠎ᠢ ᠰᠣᠨᠤᠰᠤᠭᠠᠳ ᠲᠡᠰᠭᠡᠯ᠎ᠦᠭᠡᠢ ᠪᠠᠶᠠᠷᠯᠠᠵᠤ: 《ᠲᠡᠢᠮᠦ ᠪᠣᠯᠤᠭᠰᠠᠨ᠎ᠴᠤ ᠪᠣᠯ ᠭᠠᠢᠭᠤᠢ᠂ ᠠᠪᠠᠭ᠎ᠠ᠎ᠨᠢ ᠲᠠ ᠪᠠᠰᠠ ᠳᠠᠪᠲᠠᠯᠭ᠎ᠠ ᠬᠢᠬᠦ᠎ᠳᠦ᠎ᠨᠢ ᠬᠠᠪᠰᠤᠷᠴᠤ ᠠᠯᠢ ᠳ᠋ᠠ !》 ᠭᠡᠵᠦ ᠭᠤᠶᠤᠭᠠᠳ ᠭᠠᠷᠴᠤ ᠢᠷᠡᠵᠡᠢ᠃ ᠡᠭᠦᠨ᠎ᠢᠶᠡᠨ ᠶᠠᠷᠢᠵᠤ ᠪᠠᠷᠠᠭᠠᠳ:
《ᠵᠠ ᠬᠦᠦ᠎ᠮᠢᠨᠢ᠂ ᠡᠨᠡ ᠵᠢᠯ ᠶᠡᠬᠡ ᠰᠤᠷᠭᠠᠭᠤᠯᠢ᠎ᠳᠤ ᠰᠢᠯᠭᠠᠭᠤᠯ! ᠡᠮᠨᠢᠭ᠎ᠦᠨ ᠨᠢᠷᠤᠭᠤᠨ᠎ᠳᠤ ᠡᠷᠡᠯᠬᠡᠭᠯᠡᠳᠡᠭᠲᠡᠢᠪᠡᠨ ᠠᠳᠠᠯᠢ᠎ᠪᠠᠷ ᠡᠷᠳᠡᠮ᠎ᠦᠨ ᠨᠢᠷᠤᠭᠤᠨ᠎ᠳᠤ ᠡᠷᠡᠯᠬᠡᠭᠯᠡ!》 ᠭᠡᠵᠡᠢ᠃ ᠪᠠᠲᠤᠥ᠌ᠯᠵᠡᠢ ᠲᠦᠷ ᠪᠣᠳᠤᠯᠬᠢᠯᠠᠭᠠᠳ:
《ᠪᠢ ᠶᠠᠪᠤᠴᠢᠬᠠᠭᠠᠳ ᠡᠪᠦᠭᠡ ᠠᠪᠤ᠂ ᠡᠮᠡᠭᠡ ᠡᠵᠢ᠎ᠮᠢᠨᠢ᠁》 ᠭᠡᠲᠡᠯ᠎ᠡ ᠡᠪᠦᠭᠡ ᠠᠪᠤ᠎ᠨᠢ ᠲᠣᠰᠴᠤ:
《ᠪᠢᠳᠡ ᠬᠣᠶᠠᠷ᠂ ᠨᠠᠰᠤ ᠠᠬᠢᠭᠰᠠᠨ ᠪᠣᠯᠪᠠᠴᠤ ᠴᠢᠳᠠᠯ ᠲᠡᠩᠬᠡᠯᠲᠡᠢ ᠪᠠᠢᠭᠰᠠᠭᠠᠷ ᠡ᠃ ᠬᠡᠳᠦᠨ ᠮᠠᠯ ᠮᠠᠯᠵᠢᠴᠢᠬᠠᠪᠠᠯ ᠪᠣᠯᠬᠤ᠎ᠨᠢ ᠲᠡᠷᠡ! ᠬᠠᠷᠢᠨ ᠲᠠ᠎ᠨᠠᠷ ᠪᠤᠰᠤᠳ᠎ᠲᠠᠢ ᠠᠳᠠᠯᠢ ᠲᠡᠭᠰᠢ ᠶᠠᠪᠤᠶ᠎ᠠ ᠭᠡᠪᠡᠯ ᠶᠠᠭᠠᠬᠢᠭᠰᠠᠨ᠎ᠴᠤ ᠡᠷᠳᠡᠮ ᠮᠡᠳᠡᠯᠭᠡ ᠰᠤᠷᠴᠤ ᠡᠵᠡᠮᠰᠢᠬᠦ ᠬᠡᠷᠡᠭᠲᠡᠢ᠃ ᠢᠩᠭᠢᠪᠡᠯ ᠥᠪᠡᠷ᠎ᠦᠨ ᠪᠡᠶ᠎ᠡ᠎ᠴᠢᠨᠢ ᠬᠥᠮᠦᠨ᠎ᠳᠦ ᠳᠠᠷᠤᠯᠠᠭᠳᠠᠬᠤ᠎ᠦᠭᠡᠢ ᠪᠣᠯᠬᠤ ᠪᠥᠭᠡᠳ ᠡᠷᠳᠡᠮᠲᠡᠨ ᠬᠥᠮᠦᠨ ᠣᠯᠠᠨ ᠪᠣᠯᠪᠠᠯ ᠤᠭᠰᠠᠭ᠎ᠠ ᠦᠨᠳᠦᠰᠦᠲᠡᠨᠴᠢᠨᠢ ᠪᠠᠰᠠ ᠪᠤᠰᠤᠳ᠎ᠲᠤ ᠳᠣᠷᠤᠮᠵᠢᠯᠠᠭᠳᠠᠬᠤᠦᠭᠡᠢ ᠪᠣᠯᠤᠨ᠎ᠠ᠃ ᠡᠭᠦᠨ᠎ᠢ ᠮᠡᠳᠡᠵᠦ ᠠᠪᠬᠤ ᠬᠡᠷᠡᠭᠲᠡᠢ᠃ ᠮᠠᠨᠠᠢᠬᠢᠨ᠎ᠤ ᠬᠡᠯᠡᠳᠡᠭ 〈ᠰᠠᠢᠨ ᠡᠷ᠎ᠡ ᠨᠤᠲᠤᠭ᠎ᠤᠨ ᠴᠢᠮᠡᠭ〉 ᠭᠡᠳᠡᠭ᠎ᠨᠢ ᠠᠮᠢᠳᠤᠷᠠᠯ᠎ᠤᠨ ᠲᠠᠯ᠎ᠠ᠎ᠠᠴᠠ ᠬᠡᠯᠡᠪᠡᠯ: ᠰᠠᠢᠨ ᠪᠥᠬᠡᠴᠢᠨ᠂ ᠰᠠᠢᠨ ᠠᠳᠤᠭᠤᠴᠢᠨ᠂ ᠡᠮᠨᠢᠭᠴᠢᠨ᠎ᠢᠶᠡᠨ ᠬᠦᠨᠳᠦᠳᠭᠡᠨ ᠬᠡᠯᠡᠭᠰᠡᠨ ᠲᠡᠳᠦᠢ᠎ᠶᠦᠮ᠃ ᠬᠠᠷᠢᠨ ᠡᠷᠳᠡᠮ ᠮᠡᠳᠡᠯᠭᠡ᠎ᠲᠡᠢ ᠬᠥᠮᠦᠨ ᠪᠣᠯᠴᠢᠬᠠᠪᠠᠯ ᠨᠤᠲᠤᠭ᠎ᠤᠨ ᠴᠢᠮᠡᠭ ᠪᠣᠯᠬᠤ᠎ᠪᠠᠷ ᠪᠠᠷᠠᠬᠤ᠎ᠦᠭᠡᠢ᠂ ᠦᠨᠳᠦᠰᠦᠲᠡᠨ᠎ᠦ᠎ᠪᠡᠨ ᠴᠢᠮᠡᠭ᠂ ᠡᠬᠡ ᠣᠷᠤᠨ᠎ᠤ᠎ᠪᠠᠨ ᠴᠢᠮᠡᠭ ᠪᠣᠯᠵᠤ ᠴᠢᠳᠠᠬᠤ᠎ᠶᠤᠮ》 ᠭᠡᠵᠦ ᠤᠳᠭ᠎ᠠ ᠲᠡᠭᠦᠯᠳᠡᠷ ᠦᠭᠡ᠎ᠶᠢ ᠭᠦᠨ ᠪᠣᠳᠤᠯᠭ᠎ᠠ᠎ᠲᠠᠢ ᠶᠠᠷᠢᠵᠠᠢ᠃
ᠪᠠᠲᠤᠥ᠌ᠯᠵᠡᠢ ᠨᠡᠭᠡᠷᠡᠨ 《ᠡᠮᠨᠢᠭ᠎ᠦᠨ ᠨᠢᠷᠤᠭᠤᠨ᠎ᠳᠤ ᠡᠷᠡᠯᠬᠡᠭᠯᠡᠳᠡᠭᠲᠡᠢᠪᠡᠨ ᠠᠳᠠᠯᠢ ᠡᠷᠳᠡᠮ᠎ᠦᠨ ᠨᠢᠷᠤᠭᠤᠨ᠎ᠳᠤ ᠡᠷᠡᠯᠬᠡᠭᠯᠡᠬᠦ》᠎ᠪᠡᠷ ᠲᠡᠮᠡᠴᠡᠭᠰᠡᠨ᠎ᠦ ᠳ᠋ᠦᠩ᠎ᠳᠦ ᠲᠡᠷᠡ ᠵᠢᠯ᠎ᠳᠡᠭᠡᠨ ᠶᠡᠬᠡ ᠰᠤᠷᠭᠠᠭᠤᠯᠢ᠎ᠳᠤ ᠰᠢᠯᠭᠠᠭᠳᠠᠨ ᠣᠷᠤᠪᠠ᠃ ᠶᠡᠬᠡ ᠰᠤᠷᠭᠠᠭᠤᠯᠢ᠎ᠳᠤ ᠶᠠᠪᠤᠬᠤ᠎ᠳᠤ᠎ᠨᠢ ᠡᠪᠦᠭᠡ ᠠᠪᠤ᠎ᠨᠢ ᠤᠯᠠᠭᠠᠨ ᠪᠤᠭᠤᠷᠤᠯ᠎ᠢᠶᠠᠨ ᠤᠨᠤᠵᠤ᠂ ᠪᠠᠲᠤᠥ᠌ᠯᠵᠡᠢ᠎ᠳᠦ ᠭᠠᠩᠭᠠᠩ ᠰᠠᠷᠠᠯ᠎ᠢ᠎ᠨᠢ ᠤᠨᠤᠭᠤᠯᠤᠭᠠᠳ ᠲᠡᠷᠭᠡᠨ ᠥᠷᠲᠡᠭᠡᠨ᠎ᠳᠦ ᠬᠦᠷᠭᠡᠪᠡ᠃ ᠬᠠᠢᠷᠠᠲᠤ ᠡᠮᠡᠭᠡ ᠡᠵᠢ᠎ᠨᠢ ᠠᠷᠤᠳᠤᠨᠢ ᠰᠦ᠋ ᠡᠷᠭᠦᠵᠦ ᠠᠯᠤᠰ᠎ᠤᠨ ᠵᠠᠮ᠎ᠳᠠᠭᠠᠨ ᠥᠯᠵᠡᠢ ᠮᠥᠷᠲᠡᠢ ᠶᠠᠪᠤᠭᠠᠷᠠᠢ ᠭᠡᠵᠦ ᠪᠡᠯᠭᠡᠳᠡᠨ ᠨᠢᠯᠪᠤᠰᠤ ᠠᠰᠭᠠᠷᠠᠭᠤᠯᠤᠨ ᠬᠣᠴᠤᠷᠴᠠᠢ᠃
ᠭᠠᠩᠭᠠᠩ ᠰᠡᠷᠡᠯ᠎ᠨᠢ ᠪᠠᠲᠤᠥ᠌ᠯᠵᠡᠢ᠎ᠶᠢᠨ ᠡᠷᠳᠡᠮ᠎ᠦᠨ ᠨᠢᠷᠤᠭᠤᠨ᠎ᠳᠤ ᠡᠷᠡᠯᠬᠡᠭᠯᠡᠬᠦᠪᠡᠷ ᠮᠣᠷᠳᠠᠬᠤ ᠠᠶᠠᠨ᠎ᠤ ᠠᠩᠬᠠᠨ᠎ᠤ ᠬᠦᠯᠦᠭ ᠪᠣᠯᠵᠤ᠂ ᠬᠤᠢᠯᠠᠷᠠᠨ ᠨᠡᠭᠦᠬᠦ ᠬᠤᠷᠮᠤᠰᠲᠠ᠎ᠶᠢᠨ ᠴᠠᠭᠠᠨ ᠡᠭᠦᠯᠡᠰᠢᠭ ᠬᠥᠩᠭᠡᠨ ᠬᠤᠷᠳᠤᠨ ᠶᠠᠪᠤᠭᠰᠠᠨ ᠪᠥᠭᠡᠳ ᠰᠡᠭᠦᠯᠡᠷ᠎ᠨᠢ ᠬᠣᠰᠢᠭᠤ ᠨᠤᠲᠤᠭ᠎ᠤᠨ᠎ᠢᠶᠠᠨ ᠨᠠᠢᠷ ᠨᠠᠭᠠᠳᠤᠮ᠎ᠳᠤ ᠲᠣᠭᠤᠰᠤ᠎ᠪᠠᠨ ᠡᠷᠭᠦᠵᠦ᠂ ᠴᠣᠯᠠ᠎ᠪᠠᠨ ᠳᠠᠭᠤᠳᠠᠭᠤᠯᠵᠤ ᠶᠠᠪᠤᠵᠠᠢ᠃
ᠪᠠᠲᠤᠥ᠌ᠯᠵᠡᠢ ᠡᠪᠦᠯ᠂ ᠵᠤᠨ᠎ᠤ ᠠᠮᠠᠷᠠᠯᠲᠠ᠎ᠶᠢᠨ ᠴᠢᠯᠦᠭᠡᠨ᠎ᠳᠡᠭᠡᠨ ᠬᠠᠷᠢᠳᠠᠭ᠃ ᠡᠪᠦᠭᠡ ᠠᠪᠤ᠎ᠨᠢ ᠮᠥᠨ ᠲᠡᠷᠭᠡᠨ ᠥᠷᠲᠡᠭᠡᠨ᠎ᠳᠦ ᠬᠦᠷᠭᠡᠵᠦ᠂ ᠡᠮᠡᠭᠡ ᠡᠵᠢ᠎ᠨᠢ ᠠᠷᠤᠳᠤᠨᠢ ᠰᠦ᠋᠎ᠪᠡᠨ ᠡᠷᠭᠦᠵᠦ ᠬᠣᠴᠤᠷᠳᠠᠭ ᠪᠠᠢᠯ᠎ᠠ᠃ ᠭᠡᠲᠡᠯ᠎ᠡ ᠥᠩᠭᠡᠷᠡᠬᠦ ᠡᠪᠦᠯ ᠬᠠᠷᠢᠬᠤ᠎ᠳᠤᠨᠢ ᠡᠪᠦᠭᠡ ᠠᠪᠤ᠎ᠨᠢ 《ᠶᠡᠬᠡ ᠰᠤᠷᠭᠠᠭᠤᠯᠢ᠎ᠪᠠᠨ ᠲᠡᠭᠦᠰᠭᠡᠪᠡᠯ ᠴᠠᠰᠢ᠎ᠨᠢ ᠥᠭᠡᠷ᠎ᠡ ᠰᠤᠷᠬᠤ ᠭᠠᠵᠠᠷ ᠪᠠᠢᠳᠠᠭᠤᠤ?》 ᠭᠡᠵᠦ ᠠᠰᠠᠭᠤᠵᠠᠢ᠃ 《ᠴᠠᠰᠢ᠎ᠨᠢ ᠰᠤᠷᠤᠯᠴᠠᠪᠠᠯ᠂ ᠠᠰᠫᠢᠷᠠᠨᠲ ᠰᠢᠯᠭᠠᠭᠤᠯᠤᠨ᠎ᠠ ᠰᠢᠤ》 ᠭᠡᠵᠦ ᠪᠠᠲᠤᠥ᠌ᠯᠵᠡᠢ ᠬᠠᠷᠢᠭᠤᠯᠤᠭᠠᠳ᠂ ᠬᠡᠷᠪᠡ ᠲᠡᠭᠦᠨ᠎ᠢᠶᠡᠨ ᠰᠢᠯᠢᠳᠡᠭ ᠠᠮᠵᠢᠯᠲᠠ᠎ᠲᠠᠢ ᠲᠡᠭᠦᠰᠭᠡᠪᠡᠯ ᠶᠠᠮᠠᠷ ᠵᠦᠢᠯ᠎ᠦᠨ ᠡᠷᠳᠡᠮ᠎ᠦᠨ ᠴᠣᠯᠠ ᠬᠠᠮᠠᠭᠠᠯᠠᠬᠤ ᠵᠡᠷᠭᠡ᠎ᠶᠢ ᠲᠠᠢᠯᠪᠤᠷᠢᠯᠠᠨ ᠶᠠᠷᠢᠵᠠᠢ᠃ ᠡᠪᠦᠭᠡ ᠠᠪᠤ᠎ᠨᠢ ᠡᠨᠡ ᠲᠤᠬᠠᠢ ᠪᠠᠬᠠᠨ ᠠᠰᠠᠭᠤᠵᠤ ᠯᠠᠪᠯᠠᠭᠠᠳ᠂ ᠪᠠᠰᠠ ᠨᠢᠭᠡ ᠤᠳᠠᠭ᠎ᠠ ᠬᠣᠰᠢᠭᠤᠨ ᠳᠡᠭᠡᠭᠦᠷ ᠶᠠᠪᠤᠵᠤ ᠢᠷᠡᠭᠡᠳ ᠪᠠᠲᠤᠥ᠌ᠯᠵᠡᠢ᠎ᠶᠢ ᠰᠤᠷᠭᠠᠭᠤᠯᠢ᠎ᠳᠠᠭᠠᠨ ᠶᠠᠪᠤᠬᠤ᠎ᠶᠢᠨ ᠶᠠᠭ ᠲᠦᠷᠦᠭᠦᠦ ᠣᠷᠤᠢ ᠭᠡᠷ ᠪᠦᠯᠢ᠎ᠶᠢᠨ ᠬᠤᠷᠠᠯ ᠬᠢᠵᠦ᠂ ᠪᠠᠲᠤᠥ᠌ᠯᠵᠡᠢ᠎ᠶᠢ ᠶᠡᠬᠡ ᠰᠤᠷᠭᠠᠭᠤᠯᠢ᠎ᠪᠠᠨ ᠲᠡᠭᠦᠰᠭᠡᠮᠡᠭᠴᠡ ᠠᠰᠫᠢᠷᠠᠨᠲ ᠰᠢᠯᠭᠠᠭᠤᠯᠬᠤ᠎ᠶᠢ ᠬᠡᠯᠡᠯᠴᠡᠨ ᠲᠣᠭᠲᠠᠵᠠᠢ᠃ ᠲᠡᠢᠮᠦ᠎ᠡᠴᠡ ᠪᠠᠲᠤᠥ᠌ᠯᠵᠡᠢ ᠠᠰᠫᠢᠷᠠᠨᠲ ᠰᠢᠯᠭᠠᠭᠤᠯᠬᠤ᠎ᠶᠢᠨ ᠲᠥᠯᠦᠭᠡ ᠰᠤᠷᠭᠠᠭᠤᠯᠢ ᠲᠡᠭᠦᠰᠬᠦ ᠥᠭᠦᠯᠡᠯᠲᠡᠢᠪᠡᠨ ᠵᠡᠷᠭᠡᠴᠡᠭᠦᠯᠵᠦ ᠬᠠᠭᠠᠰ ᠵᠢᠯ ᠢᠯᠡᠭᠦᠦ᠎ᠶᠢᠨ ᠰᠢᠷᠭᠠᠭᠤ ᠪᠡᠯᠡᠳᠭᠡᠯ ᠬᠢᠪᠡ᠃ ᠡᠨᠡ ᠬᠤᠭᠤᠴᠠᠭᠠᠨ᠎ᠳᠤ ᠡᠷᠲᠡ ᠪᠣᠰᠴᠤ ᠣᠷᠤᠢ ᠤᠨᠲᠠᠨ᠂ ᠬᠢᠴᠢᠶᠡᠯ᠎ᠦᠨ ᠭᠡᠷ᠂ ᠨᠣᠮ ᠤᠩᠰᠢᠬᠤ ᠲᠠᠰᠤᠯᠭ᠎ᠠ᠎ᠠᠴᠠ ᠡᠬᠢᠯᠡᠨ ᠮᠣᠳᠤᠨ᠎ᠤ ᠰᠡᠭᠦᠳᠡᠷ᠂ ᠬᠦᠷᠢᠶᠡᠨ ᠪᠤᠯᠤᠩ᠂ ᠬᠠᠮᠢᠭ᠎ᠠ ᠰᠡᠯᠡᠭᠦᠦ ᠪᠣᠯ ᠲᠡᠨᠳᠡ ᠣᠴᠢᠵᠤ᠂ ᠤᠩᠰᠢᠬᠤ ᠴᠡᠭᠡᠵᠢᠯᠡᠬᠦ ᠰᠤᠷᠬᠤ ᠰᠤᠳᠤᠯᠬᠤ ᠵᠡᠷᠭᠡ᠎ᠳᠦ ᠬᠣᠭᠤᠯᠠ ᠨᠣᠢᠷ᠎ᠦᠭᠡᠢ ᠲᠡᠮᠡᠴᠡᠭᠰᠡᠨ ᠠᠵᠢ᠃
ᠴᠠᠬᠢᠯᠭᠠᠨ ᠬᠣᠩᠬᠤ ᠲᠠᠷᠴᠢᠭᠢᠨᠠᠨ ᠳᠤᠤᠭᠠᠷᠪᠠ᠃ ᠪᠠᠲᠤᠥ᠌ᠯᠵᠡᠢ ᠴᠠᠭ᠎ᠢᠶᠠᠨ ᠦᠵᠡᠭᠰᠡᠨ᠎ᠳᠦ ᠲᠡᠷᠡ᠎ᠨᠢ ᠰᠢᠯᠭᠠᠯᠲᠠ᠎ᠶᠢᠨ ᠲᠠᠯᠠᠪᠤᠷ᠎ᠲᠤ ᠣᠷᠤᠬᠤ ᠪᠡᠯᠡᠳᠭᠡᠯ᠎ᠦᠨ ᠳᠣᠬᠢᠶ᠎ᠠ ᠪᠠᠢᠪᠠ᠃ ᠪᠠᠲᠤᠥ᠌ᠯᠵᠡᠢ ᠰᠠᠨᠠᠭᠠᠯᠵᠠᠯᠠᠯᠠᠴᠠᠪᠠᠨ ᠰᠡᠷᠭᠦᠵᠦ᠂ ᠭᠦᠶᠦᠨ ᠪᠣᠰᠤᠭᠠᠳ ᠨᠠᠷᠢᠨ ᠬᠢᠴᠡᠲᠡᠢ ᠨᠢᠮᠪᠠᠢ ᠬᠠᠳᠠᠭᠠᠯᠠᠭᠰᠠᠨ ᠲᠣᠯᠢᠨ᠎ᠳᠠᠭᠠᠨ ᠪᠡᠶ᠎ᠡ᠎ᠪᠡᠨ ᠲᠣᠯᠢᠳᠠᠵᠤ ᠪᠦᠰᠡ᠎ᠪᠡᠨ ᠵᠠᠰᠠᠪᠠ᠃ ᠲᠡᠭᠡᠭᠡᠳ ᠮᠠᠨ᠎ᠤ ᠵᠠᠯᠠᠭᠤ ᠡᠷᠳᠡᠮ᠎ᠦᠨ ᠨᠢᠷᠤᠭᠤᠨ᠎ᠳᠤ ᠡᠷᠡᠯᠬᠡᠭᠯᠡᠬᠦᠪᠡᠷ ᠡᠮᠨᠢᠭ᠎ᠦᠨ ᠨᠢᠷᠤᠭᠤᠨ᠎ᠳᠤ ᠡᠷᠡᠯᠬᠡᠭᠯᠡᠵᠦ ᠶᠠᠪᠤᠭᠰᠠᠨ ᠢᠳᠡᠷᠡᠭᠦᠨ ᠬᠥᠯ᠎ᠢᠶᠡᠷ᠎ᠢᠶᠡᠨ ᠭᠡᠷᠡᠯ ᠰᠠᠴᠤᠷᠠᠭᠰᠠᠨ ᠰᠠᠷᠠᠭᠤᠯ ᠭᠡᠭᠡᠨ ᠰᠢᠯᠭᠠᠯᠲᠠ᠎ᠶᠢᠨ ᠲᠠᠩᠬᠢᠮ᠎ᠤᠨ ᠶᠡᠨᠳᠡᠷᠢ ᠡᠷᠡᠮᠡᠬᠡᠢ ᠴᠢᠮᠪᠠᠢ ᠠᠯᠬᠤᠴᠠ᠎ᠪᠠᠷ ᠠᠪᠠᠷᠢᠪᠠ᠃