ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠥᠩᠭᠦᠨ᠎ᠦ ᠬᠣᠷᠤᠬᠠᠢ

ᠪᠠᠯᠽᠠᠺ

ᠲᠡᠷᠡ ᠦᠶ᠎ᠡ᠂ ᠭᠷᠠᠨᠳᠧᠲ ᠳᠠᠯᠠᠨ ᠵᠢᠷᠭᠤᠭᠠᠨ ᠨᠠᠰᠤᠨ᠎ᠤ᠎ᠪᠠᠨ ᠨᠢᠭᠤᠷ᠎ᠢ ᠦᠵᠡᠭᠰᠡᠨ ᠪᠠᠢᠪᠠ᠃ ᠬᠣᠶᠠᠷ ᠵᠢᠯ᠎ᠡᠴᠡ ᠨᠠᠰᠢ ᠲᠡᠭᠦᠨ᠎ᠦ ᠬᠠᠷᠠᠮᠴᠢ ᠰᠡᠳᠭᠢᠯ᠎ᠨᠢ ᠨᠢᠭᠡ ᠬᠥᠮᠦᠨ᠎ᠦ ᠤᠳᠠᠭᠠᠨ ᠵᠢᠯ ᠵᠤᠵᠠᠭᠠᠨ ᠬᠣᠨᠤᠭ᠎ᠤᠨ ᠠᠯᠢᠪᠠ ᠲᠠᠴᠢᠶᠠᠯ ᠪᠠ ᠰᠢᠨᠤᠯ᠎ᠤᠨ ᠠᠳᠠᠯᠢ᠎ᠪᠠᠷ ᠤᠯᠠᠮ᠎ᠯᠠ ᠨᠡᠮᠡᠭᠳᠡᠵᠦ ᠤᠯᠠᠮ᠎ᠯᠠ ᠠᠢᠬᠤᠪᠲᠤᠷ ᠪᠣᠯᠪᠠ᠃ ᠠᠵᠢᠭᠯᠠᠯᠲᠠ᠎ᠶᠢᠨ ᠦᠷ᠎ᠡ ᠳ᠋ᠦᠩ᠎ᠢ ᠦᠨᠳᠦᠰᠦᠯᠡᠪᠡᠯ᠂ ᠬᠠᠷᠠᠮᠴᠢ ᠰᠡᠳᠭᠢᠯᠲᠡᠨ᠂ ᠵᠡᠷᠯᠢᠭ ᠰᠠᠨᠠᠭᠠᠲᠠᠨ ᠵᠡᠷᠭᠡ ᠭᠠᠭᠴᠠ ᠮᠤᠵᠢᠭᠤᠳᠠ ᠬᠦᠰᠡᠯᠲᠡᠨ ᠪᠦᠬᠦᠨ᠎ᠦ ᠬᠠᠢᠷ᠎ᠠ ᠰᠡᠳᠭᠢᠯ᠎ᠨᠢ ᠶᠡᠷᠦ᠎ᠳᠡᠭᠡᠨ ᠥᠪᠡᠷᠰᠡᠳ᠎ᠦᠨ ᠲᠠᠴᠢᠶᠠᠯ᠎ᠤᠨ᠎ᠢᠶᠠᠨ ᠪᠡᠯᠭᠡ ᠲᠡᠮᠳᠡᠭ ᠪᠣᠯᠤᠭᠰᠠᠨ ᠨᠢᠭᠡᠨ ᠵᠦᠢᠯ᠎ᠦᠨ ᠶᠠᠭᠤᠮᠠᠨ ᠤᠷᠤᠭᠤ ᠣᠨᠴᠤᠭᠤᠢ ᠲᠠᠰᠢᠭᠤᠷᠠᠭᠰᠠᠨ ᠪᠠᠢᠳᠠᠭ ᠪᠠᠢᠨ᠎ᠠ᠃ ᠠᠯᠲᠠ ᠦᠵᠡᠪᠡᠯ ᠠᠳᠭᠤᠨ᠎ᠳᠠᠭᠠᠨ ᠣᠷᠤᠭᠤᠯᠬᠤ ᠭᠡᠬᠦ᠎ᠨᠢ ᠭᠷᠠᠨᠳᠧᠲ᠎ᠦᠨ ᠪᠠᠷᠢᠮᠲᠠᠯᠠᠭᠰᠠᠨ ᠬᠡᠨᠡᠭᠡ᠎ᠶᠦᠮ᠃ ᠲᠡᠭᠦᠨ᠎ᠦ ᠡᠵᠡᠷᠬᠡᠮᠡᠭᠡᠢᠯᠡᠬᠦ ᠬᠡᠮᠵᠢᠶ᠎ᠡ᠎ᠨᠢ ᠮᠥᠨ ᠬᠠᠷᠠᠮᠴᠢ ᠰᠡᠳᠭᠢᠯ᠎ᠢᠶᠡᠨ ᠳᠠᠭᠠᠯᠳᠤᠨ ᠨᠡᠮᠡᠭᠳᠡᠵᠦ ᠪᠠᠢᠪᠠ᠃ ᠬᠡᠷᠪᠡ ᠡᠬᠡᠨᠡᠷ᠎ᠢᠶᠡᠨ ᠦᠬᠦᠭᠰᠡᠨ᠎ᠦ ᠳᠠᠷᠠᠭ᠎ᠠ ᠡᠳ᠋ ᠬᠥᠷᠦᠩᠭᠡ᠎ᠶᠢᠨ᠎ᠢᠶᠡᠨ ᠬᠠᠮᠢᠶᠠᠷᠤᠯᠲᠠ᠎ᠶᠢ ᠬᠠᠷ᠎ᠠ ᠬᠢᠮᠤᠰᠤᠨ ᠲᠡᠳᠦᠢ᠎ᠴᠦ ᠭᠡᠰᠡᠨ ᠰᠤᠯᠠ ᠲᠠᠯᠪᠢᠵᠤ᠂ ᠥᠪᠡᠷ᠎ᠢᠶᠡᠨ ᠬᠠᠮᠢᠶᠠᠷᠴᠤ ᠴᠢᠳᠠᠬᠤ᠎ᠦᠭᠡᠢ᠎ᠯᠠ ᠪᠣᠯ ᠵᠢᠷᠤᠮ ᠰᠥᠷᠴᠦ ᠶᠣᠰᠤ ᠵᠥᠷᠢᠴᠡᠭᠰᠡᠨ ᠶᠠᠪᠤᠳᠠᠯ ᠭᠡᠵᠦ ᠪᠣᠳᠤᠵᠤ ᠪᠠᠢᠪᠠ᠃ ᠶᠠᠭᠠᠬᠢᠬᠤ ᠪᠤᠢ! ᠡᠳ᠋ ᠬᠥᠷᠦᠩᠭᠡ᠎ᠶᠢᠨ ᠲᠣᠭ᠎ᠠ ᠬᠡᠮᠵᠢᠶ᠎ᠡ᠎ᠪᠡᠨ ᠥᠬᠢᠨ᠎ᠳᠡᠭᠡᠨ ᠮᠡᠳᠡᠭᠦᠯᠬᠦ᠎ᠦᠦ᠂ ᠬᠥᠳᠡᠯᠬᠦ ᠬᠥᠷᠦᠩᠭᠡ᠎ᠪᠡᠨ ᠪᠦᠭᠦᠳᠡ᠎ᠶᠢ ᠨᠢᠭᠡ᠎ᠯᠡ ᠳᠣᠣᠷ᠎ᠠ ᠳᠠᠩᠰᠠᠯᠠᠨ ᠳᠠᠭᠤᠳᠠᠯᠭ᠎ᠠ᠎ᠶᠢᠨ ᠬᠤᠳᠠᠯᠳᠤᠭᠠᠨ᠎ᠳᠤ ᠣᠷᠤᠭᠤᠯᠬᠤ᠎ᠤᠤ? ᠁

《ᠲᠡᠭᠡᠪᠡᠯ ᠥᠪᠡᠷ᠎ᠢᠶᠡᠨ ᠥᠪᠡᠷ᠎ᠦᠨ᠎ᠢᠶᠡᠨ ᠬᠣᠭᠤᠯᠠᠢ ᠳᠡᠭᠡᠷ᠎ᠡ ᠬᠢᠲᠤᠭ᠎ᠠ ᠲᠠᠯᠪᠢᠵᠤ ᠪᠠᠢᠭ᠎ᠠ ᠬᠡᠷᠡᠭ ᠪᠣᠯᠤᠨ᠎ᠠ!》 ᠭᠡᠵᠦ ᠭᠷᠠᠨᠳᠧᠲ ᠲᠠᠷᠢᠶᠠᠨ᠎ᠳᠠᠭᠠᠨ ᠦᠵᠦᠮ᠎ᠦᠨ ᠣᠷᠢᠶᠠᠩᠭᠤ᠎ᠪᠠᠨ ᠪᠠᠢᠴᠠᠭᠠᠨ ᠦᠵᠡᠵᠦ ᠶᠠᠪᠤᠭᠰᠠᠭᠠᠷ ᠪᠠᠢᠵᠤ ᠥᠨᠳᠦᠷ ᠳᠠᠭᠤᠨ᠎ᠢᠶᠠᠷ ᠳᠤᠤᠭᠠᠷᠪᠠ᠃

ᠲᠡᠭᠡᠭᠡᠳ ᠡᠴᠦᠰ᠎ᠲᠡᠭᠡᠨ ᠵᠣᠷᠢᠯᠭ᠎ᠠ᠎ᠪᠠᠨ ᠲᠣᠭᠲᠠᠭᠠᠵᠤ ᠣᠷᠤᠢ᠎ᠶᠢᠨ ᠬᠣᠭᠤᠯᠠᠨ᠎ᠤ ᠦᠶ᠎ᠡ᠎ᠪᠡᠷ ᠰᠡᠦᠮᠦᠷ᠎ᠲᠡᠭᠡᠨ ᠪᠤᠴᠠᠨ᠂ ᠢᠦᠭᠧᠨ᠋ᠸ᠎ᠳᠡᠭᠡᠨ ᠪᠠᠭᠤᠨ ᠥᠭᠴᠦ᠂ ᠳᠣᠯᠢᠭᠠᠨᠠᠨ ᠪᠢᠯᠳᠠᠤᠴᠢᠯᠠᠵᠤ᠂ ᠠᠷᠭᠠᠳᠠᠨ ᠬᠠᠭᠤᠷᠴᠤ ᠪᠠᠢᠭᠠᠳ ᠦᠬᠦᠨ ᠦᠬᠦᠲᠡᠯ᠎ᠡ ᠭᠡᠷ᠎ᠦᠨ ᠡᠵᠡᠨ᠎ᠦ ᠡᠷᠬᠡ ᠰᠦᠷ᠎ᠢᠶᠡᠨ ᠬᠠᠳᠠᠭᠠᠯᠠᠵᠤ᠂ ᠭᠣᠣᠯ᠎ᠢᠶᠠᠨ ᠲᠠᠰᠤᠷᠠᠨ ᠲᠠᠰᠤᠷᠠᠲᠠᠯ᠎ᠠ ᠬᠡᠳᠦᠨ ᠵᠠᠭᠤᠨ ᠲᠦᠮᠡᠨ ᠲᠥᠭᠦᠷᠢᠭ᠎ᠦᠨ ᠡᠳ᠋ ᠬᠥᠷᠦᠩᠭᠡ᠎ᠶᠢᠨ ᠶᠡᠬᠡ ᠡᠷᠬᠡ᠎ᠶᠢ ᠠᠳᠭᠤᠬᠤ᠎ᠳᠠᠭᠠᠨ ᠰᠠᠭᠠᠳ᠎ᠦᠭᠡᠢ ᠪᠣᠯᠭᠠᠬᠤ᠎ᠪᠠᠷ ᠰᠢᠢᠳᠴᠡᠢ᠃ ᠡᠨᠡ ᠡᠪᠦᠭᠡᠨ ᠡᠷᠳᠡᠨᠢ᠎ᠶᠢᠨ ᠰᠠᠩ᠎ᠤᠨ ᠲᠦᠯᠬᠢᠭᠦᠷ᠎ᠢᠶᠡᠨ ᠠᠪᠴᠤ᠂ ᠬᠦᠷᠢᠶᠡᠨ᠎ᠦ ᠬᠠᠭᠠᠯᠭ᠎ᠠ᠎ᠪᠠᠨ ᠥᠪᠡᠷ᠎ᠢᠶᠡᠨ ᠨᠡᠭᠡᠭᠡᠭᠡᠳ᠂ ᠰᠡᠮ᠎ᠢᠶᠡᠷ ᠠᠰᠠᠷ ᠳᠡᠭᠡᠷ᠎ᠡ ᠭᠠᠷᠤᠨ᠂ ᠡᠬᠡᠨᠡᠷ᠎ᠦᠨ᠎ᠢᠶᠡᠨ ᠥᠷᠦᠭᠡᠨ᠎ᠳᠦ ᠣᠷᠤᠭᠰᠠᠨ᠎ᠳᠤ᠂ ᠢᠦᠭᠧᠨ᠋ᠸ ᠤᠷᠠᠯᠢᠭ ᠰᠠᠢᠬᠠᠨ ᠬᠢᠴᠡ᠎ᠲᠡᠢ ᠵᠠᠰᠠᠯ ᠵᠢᠮᠰᠡᠭ᠎ᠦᠨ ᠬᠠᠢᠷᠴᠠᠭ᠎ᠢᠶᠠᠨ ᠡᠵᠢ᠎ᠶᠢᠨ᠎ᠢᠶᠡᠨ ᠣᠷᠤ ᠳᠡᠭᠡᠷ᠎ᠡ ᠡᠷᠭᠦᠵᠦ ᠲᠠᠯᠪᠢᠭᠰᠠᠨ ᠪᠠᠢᠵᠠᠢ᠃ ᠲᠡᠭᠡᠭᠡᠳ ᠭᠷᠠᠨᠳᠧᠲ᠎ᠦᠨ ᠡᠵᠡᠭᠦᠢ᠎ᠶᠢ ᠵᠠᠪᠳᠤᠵᠤ ᠡᠬᠡ ᠥᠬᠢᠨ ᠬᠣᠶᠠᠭᠤᠯᠠ ᠴᠠᠷᠯᠧᠰ᠎ᠦᠨ ᠡᠬᠡ᠎ᠶᠢᠨ ᠱᠤᠭᠤᠮᠠᠯ ᠬᠥᠷᠦᠭ ᠳᠡᠭᠡᠷ᠎ᠡ᠎ᠡᠴᠡ ᠴᠠᠷᠯᠧᠰ᠎ᠦᠨ ᠵᠢᠰᠦ ᠴᠢᠷᠠᠢ᠎ᠶᠢ ᠰᠢᠨᠵᠢᠵᠦ ᠪᠠᠢᠪᠠ᠃

ᠡᠪᠦᠭᠡᠨ᠎ᠢ ᠬᠠᠭᠠᠯᠭ᠎ᠠ ᠲᠦᠯᠬᠢᠨ ᠣᠷᠤᠬᠤ᠎ᠳᠤ:

《ᠴᠣᠬᠤ ᠤᠷᠤᠭᠤᠯ ᠬᠣᠶᠠᠷ᠎ᠨᠢ ᠶᠠᠭ᠎ᠯᠠ ᠪᠡᠶ᠎ᠡ᠎ᠪᠡᠷ᠎ᠢᠶᠡᠨ ᠪᠠᠢᠨ᠎ᠠ!》 ᠭᠡᠵᠦ ᠢᠦᠭᠧᠨ᠋ᠸ ᠬᠡᠯᠡᠵᠦ ᠪᠠᠢᠪᠠ᠃

ᠨᠥᠬᠦᠷ᠎ᠦᠨ ᠬᠢᠨᠢ ᠨᠢᠳᠦ ᠠᠯᠲᠠᠨ ᠬᠠᠢᠷᠴᠠᠭ ᠳᠡᠭᠡᠷ᠎ᠡ ᠭᠥᠯᠢᠷᠡᠨ ᠲᠤᠰᠤᠭᠰᠠᠨ ᠪᠠᠢᠬᠤ᠎ᠶᠢ ᠬᠠᠷᠠᠮᠠᠭᠴᠠ᠎ᠪᠠᠨ ᠭᠷᠠᠨᠳᠧᠲ᠎ᠦᠨ ᠠᠪᠠᠭᠠᠢ:

《ᠲᠡᠭᠷᠢ ᠥᠷᠦᠰᠢᠶᠡ ᠡ!》 ᠭᠡᠵᠦ ᠬᠠᠰᠭᠢᠷᠪᠠ᠃

ᠡᠪᠦᠭᠡᠨ᠂ ᠥᠯᠦᠨ ᠪᠠᠷᠰ ᠤᠨᠲᠠᠭ᠎ᠠ ᠬᠡᠦᠬᠡᠳ᠎ᠲᠦ ᠣᠷᠤᠬᠤ ᠮᠡᠲᠦ ᠵᠠᠰᠠᠯ ᠵᠢᠮᠰᠡᠭ᠎ᠦᠨ ᠬᠠᠢᠷᠴᠠᠭ ᠤᠷᠤᠭᠤ᠎ᠨᠢ ᠤᠬᠤᠰᠬᠢᠨ ᠳᠠᠭᠠᠷᠢᠪᠠ᠃

《ᠶᠠᠮᠠᠷ ᠶᠠᠭᠤᠮ᠎ᠠ ᠪᠤᠢ?》 ᠭᠡᠵᠦ ᠡᠪᠦᠭᠡᠨ ᠡᠷᠳᠡᠨᠢ᠎ᠶᠢᠨ ᠬᠠᠢᠷᠴᠠᠭ᠎ᠢ ᠴᠣᠩᠬᠤ ᠤᠷᠤᠭᠤ ᠪᠠᠷᠢᠨ ᠣᠴᠢᠭᠠᠳ 《ᠬᠠ᠂ ᠰᠢᠵᠢᠷ ᠠᠯᠲᠠ! ᠰᠢᠵᠢᠷ ᠠᠯᠲᠠ!》 ᠭᠡᠵᠦ ᠬᠠᠰᠭᠢᠷᠴᠤ ᠪᠠᠢᠪᠠ᠃ ᠲᠡᠭᠡᠭᠡᠳ 《ᠶᠠᠮᠠᠷ ᠶᠡᠬᠡ ᠠᠯᠲᠠ ᠪᠤᠢ! ᠬᠣᠶᠠᠷ ᠵᠢᠩ ᠪᠠᠢᠨ᠎ᠠ ᠰᠢᠤ᠃ ᠬᠠ! ᠬᠠ! ᠴᠠᠷᠯᠧᠰ ᠡᠭᠦᠨ᠎ᠢ ᠴᠢᠮ᠎ᠠ᠎ᠲᠠᠢ ᠭᠤᠤ᠎ᠠ ᠦᠵᠡᠰᠭᠦᠯᠡᠩᠲᠦ ᠠᠯᠲᠠᠨ ᠵᠣᠭᠤᠰ᠎ᠢᠶᠠᠷ ᠰᠣᠯᠢᠭᠰᠠᠨ ᠪᠢᠵᠡ᠂ ᠲᠡᠢᠮᠦ᠎ᠦᠦ᠂᠎ᠦᠭᠡᠢ᠎ᠦᠦ? ᠶᠠᠭᠠᠬᠢᠭᠠᠳ ᠨᠠᠳᠠ ᠡᠷᠲᠡᠬᠡᠨ ᠬᠡᠯᠡᠭᠰᠡᠨ᠎ᠦᠭᠡᠢ ᠪᠤᠢ? ᠡᠨᠡ ᠠᠷᠠᠯᠵᠢᠶ᠎ᠠ᠎ᠴᠢᠨᠢ ᠰᠠᠢᠨ ᠠᠷᠠᠯᠵᠢᠶ᠎ᠠ ᠪᠣᠯᠵᠠᠢ᠃ ᠬᠣᠩᠭᠤᠷ᠎ᠮᠢᠨᠢ᠂ ᠴᠢ ᠶᠣᠰᠤᠲᠠᠢ ᠮᠢᠨᠦ ᠥᠬᠢᠨ ᠮᠥᠨ ᠪᠠᠢᠨ᠎ᠠ᠂ ᠪᠢ ᠮᠡᠳᠡᠯ᠎ᠡ》 ᠭᠡᠪᠡ᠃

ᠢᠦᠭᠧᠨ᠋ᠸ᠎ᠦᠨ ᠳᠥᠷᠪᠡᠨ ᠮᠥᠴᠡ᠎ᠨᠢ ᠳᠠᠭᠵᠢᠨ᠎ᠠ᠃ ᠡᠪᠦᠭᠡᠨ:

《ᠡᠨᠡ᠎ᠴᠢᠨᠢ ᠴᠠᠷᠯᠧᠰ᠎ᠦᠨ ᠶᠠᠭᠤᠮ᠎ᠠ ᠪᠢᠰᠢ ᠭᠡᠵᠦ᠎ᠦᠦ?》 ᠭᠡᠪᠡ᠃

《ᠮᠥᠨ᠂ ᠠᠪᠤ ᠡ᠂ ᠡᠨᠡ ᠬᠠᠢᠷᠴᠠᠭ ᠮᠢᠨᠦ ᠪᠢᠰᠢ᠂ ᠡᠨᠡ ᠪᠣᠯ ᠬᠠᠯᠳᠠᠰᠢ᠎ᠦᠭᠡᠢ ᠠᠷᠢᠭᠤᠨ ᠨᠠᠨᠳᠢᠨ ᠶᠠᠭᠤᠮ᠎ᠠ ᠪᠠᠢᠭ᠎ᠠ᠎ᠶᠤᠮ᠂ ᠨᠠᠳᠠ ᠬᠠᠳᠠᠭᠠᠯᠠᠭᠤᠯᠤᠭᠰᠠᠨ ᠶᠠᠭᠤᠮ᠎ᠠ᠎ᠶᠤᠮ᠃ 》

《ᠴᠠᠰᠢ᠂ ᠴᠠᠰᠢ᠂ ᠴᠠᠰᠢ! ᠲᠡᠷᠡ ᠬᠥᠮᠦᠨ ᠴᠢᠨᠦ ᠭᠡᠷ᠎ᠦᠨ ᠬᠥᠷᠦᠩᠭᠡ᠎ᠶᠢ᠎ᠴᠢᠨᠢ ᠠᠪᠤᠭᠰᠠᠨ ᠲᠤᠯᠠ ᠴᠢᠮ᠎ᠠ᠎ᠳᠤ ᠲᠥᠯᠦᠵᠦ ᠥᠭᠬᠦ ᠶᠣᠰᠤᠲᠠᠢ᠃ 》

《ᠠᠪᠤ ᠁》

ᠭᠷᠠᠨᠳᠧᠲ ᠬᠢᠲᠤᠭ᠎ᠠ᠎ᠪᠠᠨ ᠰᠤᠭᠤᠯᠵᠤ ᠠᠯᠲᠠ᠎ᠠᠴᠠ᠎ᠨᠢ ᠨᠢᠭᠡ ᠬᠡᠰᠡᠭ ᠬᠣᠪᠬᠤᠯᠤᠶ᠎ᠠ ᠭᠡᠵᠦ ᠪᠣᠳᠤᠭᠠᠳ ᠨᠥᠭᠦᠭᠡ ᠬᠠᠢᠷᠴᠠᠭ᠎ᠢᠶᠠᠨ ᠤᠷᠢᠳᠠ᠎ᠪᠠᠷ ᠰᠠᠨᠳᠠᠯᠢ ᠳᠡᠭᠡᠷ᠎ᠡ ᠲᠠᠯᠪᠢᠮᠠᠭᠴᠠ ᠢᠦᠭᠧᠨ᠋ᠸ ᠤᠬᠤᠰᠬᠢᠨ ᠪᠤᠯᠢᠶᠠᠬᠤ ᠭᠡᠬᠦ᠎ᠳᠦ ᠱᠠᠯᠠᠮᠠᠴᠢᠨ᠎ᠤ ᠨᠢᠳᠦ ᠬᠠᠢᠷᠴᠠᠭ ᠥᠬᠢᠨ ᠬᠣᠶᠠᠷ᠎ᠠᠴᠠ᠎ᠪᠠᠨ ᠣᠭᠲᠤ ᠰᠠᠯᠬᠤ᠎ᠦᠭᠡᠢ ᠪᠠᠢᠭᠰᠠᠨ ᠲᠤᠯᠠ ᠥᠬᠢᠨ᠎ᠢᠶᠡᠨ ᠴᠢᠩᠭ᠎ᠠ ᠲᠦᠯᠬᠢᠮᠡᠭᠴᠡ ᠥᠬᠢᠨ᠎ᠨᠢ ᠡᠵᠢ᠎ᠶᠢᠨ᠎ᠢᠶᠡᠨ ᠣᠷᠤ ᠳᠡᠭᠡᠷ᠎ᠡ ᠤᠨᠠᠪᠠ᠃

《ᠨᠣᠶᠠᠨ᠎ᠮᠢᠨᠢ! ᠨᠣᠶᠠᠨ᠎ᠮᠢᠨᠢ》 ᠭᠡᠵᠦ ᠢᠦᠭᠧᠨ᠋ᠸ᠎ᠦᠨ ᠡᠬᠡ ᠬᠠᠰᠭᠢᠷᠤᠨ ᠣᠷᠤ ᠳᠡᠭᠡᠷ᠎ᠡ᠎ᠪᠡᠨ ᠪᠣᠰᠴᠤ ᠰᠠᠭᠤᠪᠠ᠃

ᠭᠷᠠᠨᠳᠧᠲ ᠬᠢᠲᠤᠭ᠎ᠠ᠎ᠪᠠᠨ ᠰᠤᠭᠤᠯᠵᠤ ᠬᠣᠪᠬᠤᠯᠬᠤ ᠭᠡᠪᠡ᠃ ᠢᠦᠭᠧᠨ᠋ᠸ ᠦᠳᠲᠡᠷ ᠰᠥᠭᠦᠳᠴᠦ ᠡᠴᠢᠭᠡ᠎ᠶᠢᠨ᠎ᠢᠶᠡᠨ ᠳᠡᠷᠭᠡᠳᠡ ᠮᠥᠯᠬᠦᠨ ᠣᠴᠢᠭᠠᠳ ᠬᠣᠶᠠᠷ ᠭᠠᠷ᠎ᠢᠶᠠᠨ ᠡᠷᠭᠦᠵᠦ ᠬᠠᠰᠭᠢᠷᠤᠨ:

《ᠠᠪᠤ ᠡ ᠠᠪᠤ᠂ ᠳ᠋ᠾᠷ᠎ᠠ ᠡᠬᠡ ᠪᠤᠷᠬᠠᠨ᠎ᠤ ᠨᠢᠭᠤᠷ ᠳᠡᠭᠡᠷ᠎ᠡ᠂ ᠵᠠᠭᠠᠯᠮᠠᠢ ᠳᠡᠭᠡᠷᠡᠬᠢ ᠾᠷᠢᠰᠲ᠋ᠣᠰ᠎ᠤᠨ ᠨᠢᠭᠤᠷ ᠳᠡᠭᠡᠷ᠎ᠡ᠂ ᠮᠢᠩᠭᠠᠨ ᠪᠤᠷᠬᠠᠨ᠎ᠤ ᠨᠢᠭᠤᠷ ᠳᠡᠭᠡᠷ᠎ᠡ᠂ ᠬᠣᠢᠲᠤ᠎ᠶᠢᠨ ᠰᠦᠨᠡᠰᠦ᠎ᠪᠡᠨ ᠪᠣᠳᠤ᠂ ᠮᠢᠨᠦ ᠠᠮᠢᠳᠤ᠎ᠶᠢᠨ ᠨᠢᠭᠤᠷ ᠳᠡᠭᠡᠷ᠎ᠡ ᠲᠠ ᠲᠡᠭᠦᠨ᠎ᠢ ᠪᠤᠤ ᠬᠥᠳᠡᠯᠭᠡ! ᠡᠨᠡ ᠵᠠᠰᠠᠯ ᠵᠢᠮᠰᠡᠭ᠎ᠦᠨ ᠬᠠᠢᠷᠴᠠᠭ ᠪᠣᠯ ᠮᠢᠨᠦ ᠶᠠᠭᠤᠮ᠎ᠠ ᠪᠢᠰᠢ᠂ ᠲᠠᠨ᠎ᠤ᠎ᠴᠤ ᠶᠠᠭᠤᠮ᠎ᠠ ᠪᠢᠰᠢ᠂ ᠪᠡᠲᠡᠷᠡᠭᠰᠡᠨ ᠰᠠᠳᠤᠨ᠎ᠤ᠎ᠮᠢᠨᠢ ᠶᠠᠭᠤᠮ᠎ᠠ ᠪᠠᠢᠭ᠎ᠠ᠎ᠶᠤᠮ᠂ ᠨᠠᠳᠠ ᠬᠠᠳᠠᠭᠠᠯᠠᠭᠤᠯᠤᠭᠰᠠᠨ᠎ᠶᠤᠮ᠂ ᠪᠢ ᠤᠭ ᠬᠡᠪ᠎ᠢᠶᠡᠷ᠎ᠨᠢ ᠪᠤᠴᠠᠭᠠᠨ ᠥᠭᠭᠦᠨ᠎ᠡ》 ᠭᠡᠵᠦ ᠬᠡᠯᠡᠪᠡ᠃

《ᠴᠢᠮ᠎ᠠ᠎ᠳᠤ ᠬᠠᠳᠠᠭᠠᠯᠠᠭᠤᠯᠤᠭᠰᠠᠨ᠎ᠶᠤᠮ ᠪᠣᠯ ᠴᠢ ᠶᠠᠭᠤ ᠭᠡᠵᠦ ᠭᠠᠷᠭᠠᠵᠤ ᠦᠵᠡᠭᠰᠡᠨ᠎ᠶᠦᠮ? ᠦᠵᠡᠬᠦ᠎ᠴᠢᠨᠢ ᠭᠠᠷ ᠬᠦᠷᠬᠦ᠎ᠡᠴᠡ ᠨᠡᠩ᠎ᠴᠦ ᠪᠣᠯᠳᠠᠭ᠎ᠦᠭᠡᠢ ᠶᠠᠪᠤᠳᠠᠯ᠃ 》

《ᠠᠪᠤ ᠡ᠂ ᠡᠪᠳᠡᠵᠦ ᠪᠣᠯᠬᠤ᠎ᠦᠭᠡᠢ ᠰᠢᠦ᠂ ᠲᠠ ᠨᠠᠮᠠᠢ ᠬᠥᠮᠦᠨ᠎ᠦ ᠨᠢᠭᠤᠷ ᠬᠠᠷᠠᠵᠤ ᠪᠣᠯᠬᠤ᠎ᠦᠭᠡᠢ ᠪᠣᠯᠭᠠᠯ᠎ᠠ ᠰᠢᠤ! ᠠᠪᠤ᠂ ᠰᠣᠨᠤᠰᠴᠤ ᠪᠠᠢᠨ᠎ᠠ᠎ᠤᠤ?》

《ᠨᠣᠶᠠᠨ᠎ᠮᠢᠨᠢ᠂ ᠪᠢ ᠴᠢᠮ᠎ᠠ᠎ᠠᠴᠠ ᠭᠤᠶᠤᠶ᠎ᠠ》 ᠭᠡᠵᠦ ᠡᠵᠢ᠎ᠨᠢ ᠳᠠᠭᠠᠨ ᠬᠡᠯᠡᠪᠡ᠃

《ᠠᠪᠤ ᠡ!》 ᠭᠡᠵᠦ ᠢᠦᠭᠧᠨ᠋ᠸ ᠨᠢᠭᠡ ᠶᠡᠬᠡ ᠬᠠᠰᠭᠢᠷᠬᠤ᠎ᠳᠤ ᠨᠠᠨᠤᠩ᠎ᠴᠤ ᠠᠶᠤᠵᠤ ᠠᠰᠠᠷ ᠳᠡᠭᠡᠷ᠎ᠡ ᠭᠦᠶᠦᠨ ᠭᠠᠷᠴᠤ ᠢᠷᠡᠪᠡ᠃

ᠢᠦᠭᠧᠨ᠋ᠸ ᠨᠢᠭᠡᠨ ᠬᠢᠲᠤᠭ᠎ᠠ ᠰᠢᠭᠦᠷᠡᠨ ᠠᠪᠴᠤ ᠵᠡᠪᠰᠡᠭ ᠪᠣᠯᠭᠠᠪᠠ᠃

《ᠶᠠᠭᠠᠬᠢᠬᠤ᠎ᠨᠢ ᠪᠤᠢ?》 ᠭᠡᠵᠦ ᠭᠷᠠᠨᠳᠧᠲ ᠬᠦᠢᠲᠡᠨ᠎ᠢᠶᠡᠷ ᠢᠨᠢᠶᠡᠨ ᠠᠰᠠᠭᠤᠪᠠ᠃

《ᠨᠣᠶᠠᠨ᠂ ᠨᠣᠶᠠᠨ᠂ ᠴᠢ ᠮᠢᠨᠦ ᠵᠢᠷᠦᠬᠡ᠎ᠶᠢ ᠰᠤᠭᠤᠯᠤᠯ᠎ᠠ!》 ᠭᠡᠵᠦ ᠢᠦᠭᠧᠨ᠋ᠸ᠎ᠦᠨ ᠡᠵᠢ ᠬᠠᠰᠭᠢᠷᠪᠠ᠃

《ᠠᠪᠤ ᠡ᠂ ᠴᠢᠨᠦ ᠬᠢᠲᠤᠭ᠎ᠠ ᠠᠯᠲᠠᠨ ᠬᠠᠢᠷᠴᠠᠭ᠎ᠠᠴᠠ ᠵᠢᠭᠠᠬᠠᠨ᠎ᠯᠠ ᠬᠡᠯᠲᠡᠯᠪᠡᠯ ᠪᠢ ᠡᠨᠡ ᠬᠢᠲᠤᠭ᠎ᠠ᠎ᠪᠠᠷ ᠠᠮᠢ ᠨᠠᠰᠤ᠎ᠪᠠᠨ ᠡᠴᠦᠰᠯᠡᠭᠦᠯᠦᠨ᠎ᠡ᠃ ᠴᠢ ᠮᠢᠨᠦ ᠡᠵᠢ᠎ᠶᠢ ᠬᠥᠨᠦᠭᠡᠵᠦ ᠡᠴᠦᠰ᠎ᠦᠨ ᠠᠮᠢᠰᠭᠤᠯ ᠳᠡᠭᠡᠷ᠎ᠡ᠎ᠨᠢ ᠬᠦᠷᠭᠡᠭᠡᠳ ᠣᠳᠣ ᠪᠠᠰᠠ ᠥᠪᠡᠷ᠎ᠦᠨ ᠲᠥᠷᠦᠭᠰᠡᠨ ᠬᠡᠦᠬᠡᠨ᠎ᠢᠶᠡᠨ ᠠᠯᠠᠬᠤ ᠭᠡᠵᠦ ᠪᠠᠢᠨ᠎ᠠ᠂ ᠪᠣᠯᠵᠠᠢ᠂ ᠲᠡᠭᠡᠪᠡᠯ ᠪᠦᠭᠦᠳᠡᠭᠡᠷ᠎ᠢᠶᠡᠨ ᠣᠷᠤ᠎ᠦᠭᠡᠢ ᠪᠣᠯᠤᠶ᠎ᠠ!》

ᠭᠷᠠᠨᠳᠧᠲ ᠬᠢᠲᠤᠭ᠎ᠠ᠎ᠪᠠᠨ ᠵᠠᠰᠠᠯ ᠵᠢᠮᠰᠡᠭ᠎ᠦᠨ ᠬᠠᠢᠷᠴᠠᠭ ᠤᠷᠤᠭᠤ ᠴᠢᠭᠯᠡᠭᠦᠯᠵᠦ᠂ ᠥᠬᠢᠨ᠎ᠢᠶᠡᠨ ᠬᠠᠷᠠᠵᠤ ᠵᠣᠭᠰᠤᠨ ᠶᠠᠭᠠᠬᠢᠬᠤ᠎ᠪᠠᠨ ᠡᠰᠡ ᠰᠢᠢᠳᠪᠦᠷᠢᠯᠡᠨ ᠲᠠᠲᠠᠭᠠᠯᠵᠠᠵᠤ ᠪᠠᠢᠪᠠ᠃

《ᠴᠢ ᠲᠡᠭᠡᠵᠦ ᠴᠢᠳᠠᠨ᠎ᠠ᠎ᠤᠤ? ᠢᠦᠭᠧᠨ᠋ᠸ?》 ᠭᠡᠵᠦ ᠡᠪᠦᠭᠡᠨ ᠬᠡᠯᠡᠪᠡ᠃ 《ᠴᠢᠳᠠᠨ᠎ᠠ ᠰᠢᠤ᠂ ᠨᠣᠶᠠᠨ》 ᠭᠡᠵᠦ ᠢᠦᠭᠧᠨ᠋ᠸ᠎ᠦᠨ ᠡᠬᠡ ᠬᠡᠯᠡᠪᠡ᠃

《ᠡᠨᠡ᠎ᠴᠢᠨᠢ ᠬᠡᠯᠡᠪᠡᠯ ᠬᠢᠳᠡᠭ ᠬᠥᠮᠦᠨ᠂ ᠠᠪᠤᠭᠠᠢ ᠲᠠ ᠡᠨᠡ ᠶᠠᠪᠤᠬᠤ ᠨᠠᠰᠤᠨ᠎ᠳᠠᠭᠠᠨ ᠭᠠᠭᠴᠠ ᠤᠳᠠᠭ᠎ᠠ᠎ᠴᠤ ᠭᠡᠰᠡᠨ ᠰᠣᠶᠤᠨ ᠳᠣᠲᠤᠷ᠎ᠠ ᠶᠠᠪᠤᠵᠤ ᠪᠣᠯᠤᠨ᠎ᠠ ᠪᠤᠢ ᠳ᠋ᠠ ?》 ᠭᠡᠵᠦ ᠨᠠᠨᠤᠩ ᠬᠠᠰᠭᠢᠷᠪᠠ᠃

ᠭᠷᠠᠨᠳᠧᠲ ᠠᠯᠲᠠ ᠤᠷᠤᠭᠤ ᠨᠢᠭᠡ ᠬᠠᠷᠠᠵᠤ ᠥᠬᠢᠨ ᠤᠷᠤᠭᠤ᠎ᠪᠠᠨ ᠨᠢᠭᠡ ᠬᠠᠷᠠᠨ ᠬᠡᠰᠡᠭ ᠮᠡᠯᠡᠷᠡᠪᠡ᠃ ᠭᠷᠠᠨᠳᠧᠲ᠎ᠦᠨ ᠠᠪᠠᠭᠠᠢ ᠤᠬᠠᠭ᠎ᠠ ᠠᠯᠳᠠᠪᠠ᠃

《ᠠᠪᠤᠭᠠᠢ ᠲᠠ ᠬᠠᠷᠠᠬᠤ᠎ᠦᠭᠡᠢ᠎ᠤᠤ᠂ ᠬᠠᠲᠤᠨ ᠠᠮᠢ ᠲᠠᠯᠪᠢᠴᠢᠬᠠᠯ᠎ᠠ!》 ᠭᠡᠵᠦ ᠨᠠᠨᠤᠩ ᠬᠠᠰᠭᠢᠷᠪᠠ᠃

《ᠲᠦᠢ᠂ ᠥᠬᠢᠨ ᠡ᠂ ᠪᠢᠳᠡ ᠭᠠᠭᠴᠠ ᠬᠠᠢᠷᠴᠠᠭ᠎ᠤᠨ ᠲᠥᠯᠦᠭᠡ ᠠᠭᠤᠷᠯᠠᠵᠠᠭᠠᠬᠤ᠎ᠪᠠᠨ ᠪᠣᠯᠢᠶ᠎ᠠ᠂ ᠠᠪᠤᠭᠠᠳ ᠶᠠᠪᠤ!》

ᠱᠠᠯᠠᠮᠠᠴᠢᠨ ᠳᠣᠣᠷ᠎ᠠ᠎ᠪᠠᠨ ᠵᠠᠰᠠᠯ ᠵᠢᠮᠰᠡᠭ᠎ᠦᠨ ᠬᠠᠢᠷᠴᠠᠭ᠎ᠢ ᠣᠷᠤ ᠳᠡᠭᠡᠷ᠎ᠡ ᠬᠠᠶᠠᠪᠠ᠃ 《ᠨᠠᠨᠤᠩ᠂ ᠴᠢ ᠶᠠᠪᠤᠵᠤ ᠹᠧᠷᠯᠠᠩ ᠠᠪᠤᠭᠠᠢ᠎ᠶᠢ ᠵᠠᠯᠠᠵᠤ ᠢᠷ᠎ᠡ᠃ - ᠪᠣᠯᠵᠠᠢ᠂ ᠬᠠᠲᠤᠨ᠎ᠮᠢᠨᠢ》 ᠭᠡᠳ ᠭᠷᠠᠨᠳᠧᠲ ᠡᠬᠡᠨᠡᠷ᠎ᠦᠨ᠎ᠢᠶᠡᠨ ᠭᠠᠷ᠎ᠢ ᠦᠨᠦᠰᠴᠦ 《ᠵᠠ᠂ ᠪᠢᠳᠡ ᠡᠪᠯᠡᠷᠡᠪᠡ᠃ ᠣᠳᠣ ᠬᠠᠮᠢᠶ᠎ᠠ᠎ᠦᠭᠡᠢ᠃ - ᠲᠡᠢᠮᠦ ᠪᠤᠢ ᠳ᠋ᠠ᠂ ᠥᠬᠢᠨ᠎ᠮᠢᠨᠢ? ᠣᠳᠣ ᠬᠠᠲᠠᠭᠰᠠᠨ ᠲᠠᠯᠬ᠎ᠠ ᠢᠳᠡᠬᠦ ᠬᠡᠷᠡᠭ᠎ᠦᠭᠡᠢ᠂ ᠶᠠᠭᠤ᠎ᠯᠠ ᠢᠳᠡᠬᠦ ᠳᠤᠷ᠎ᠠ᠎ᠲᠠᠢ ᠪᠣᠯ ᠶᠠᠭᠤ᠎ᠪᠠᠨ ᠢᠳᠡᠵᠦ ᠪᠤᠢ ᠁ ᠠ! ᠡᠵᠢ᠎ᠨᠢ ᠨᠢᠳᠦ᠎ᠪᠡᠨ ᠨᠡᠭᠡᠭᠡᠯ᠎ᠡ᠃ ᠁ ᠠᠢ᠂ ᠡᠵᠢ᠎ᠨᠢ᠂ ᠵᠢᠭᠠᠬᠠᠨ ᠡᠵᠢ᠎ᠨᠢ᠂ ᠰᠠᠢᠨ ᠡᠵᠢ᠎ᠨᠢ᠂ ᠣᠳᠣ ᠪᠣᠯᠵᠠᠢ! ᠬᠦᠢ᠂ ᠴᠢ ᠬᠠᠷᠠ ᠳ᠋ᠠ᠂ ᠪᠢ ᠢᠦᠭᠧᠨ᠋ᠸ᠎ᠢ ᠲᠡᠪᠡᠷᠢᠵᠦ ᠪᠠᠢᠨ᠎ᠠ᠃ ᠥᠬᠢᠨ᠎ᠴᠢᠨᠢ ᠦᠶᠡᠯᠢᠳ ᠳᠡᠭᠦᠦ᠎ᠳᠡᠭᠡᠨ ᠳᠤᠷ᠎ᠠ᠎ᠲᠠᠢ᠎ᠶᠤᠮ᠂ ᠲᠡᠭᠦᠨ᠎ᠳᠦ ᠮᠣᠷᠳᠠᠪᠠᠯ ᠮᠣᠷᠳᠠᠭ᠂ ᠬᠠᠢᠷᠴᠠᠭ᠎ᠢ᠎ᠨᠢ ᠴᠠᠰᠢ ᠬᠢᠵᠦ ᠬᠠᠳᠠᠭᠠᠯᠠᠭ᠃ ᠴᠢ᠎ᠮᠢᠨᠢ᠎ᠯᠡ ᠤᠷᠲᠤ ᠨᠠᠰᠤᠯᠠ᠂ ᠬᠥᠭᠡᠷᠦᠬᠦᠢ ᠴᠢ᠎ᠮᠢᠨᠢ᠃ ᠬᠦᠢ᠂ ᠴᠢ ᠪᠡᠶ᠎ᠡ᠎ᠪᠡᠨ ᠨᠢᠭᠡ ᠬᠥᠳᠡᠯᠭᠡᠵᠦ ᠨᠠᠳᠠ ᠦᠵᠡᠭᠦᠯᠦᠭᠡᠷᠡᠢ! ᠪᠢ ᠴᠢᠮ᠎ᠠ᠎ᠳᠤ ᠬᠡᠯᠡᠶ᠎ᠡ᠂ ᠴᠢ ᠪᠤᠷᠬᠠᠨ᠎ᠤ ᠮᠡᠨᠳᠦᠯᠡᠭᠰᠡᠨ ᠡᠳᠦᠷ ᠬᠠᠮᠤᠭ᠎ᠤᠨ ᠶᠡᠬᠡ ᠨᠡᠷ᠎ᠡ ᠴᠤᠤ ᠭᠠᠷᠬᠤᠢᠴᠠ᠂ ᠰᠡᠦᠮᠦᠷ᠎ᠲᠦ ᠤᠷᠢᠳᠤ ᠡᠮᠦᠨ᠎ᠡ ᠭᠠᠷᠤᠭᠠᠳᠤᠢ ᠲᠠᠬᠢᠯᠭ᠎ᠠ ᠠᠪᠴᠤ ᠶᠠᠪᠤᠭᠠᠷᠠᠢ》 ᠭᠡᠪᠡ᠃

《ᠲᠡᠭᠷᠢ ᠡ᠂ ᠡᠬᠡᠨᠡᠷ ᠬᠡᠦᠬᠡᠳ᠎ᠲᠡᠭᠡᠨ ᠴᠢ ᠢᠩᠭᠢᠵᠦ ᠶᠠᠭᠠᠬᠢᠵᠤ ᠪᠣᠯᠤᠨ᠎ᠠ ᠪᠤᠢ!》 ᠭᠡᠵᠦ ᠬᠡᠯᠡᠭᠰᠡᠨ ᠭᠷᠠᠨᠳᠧᠲ᠎ᠦᠨ ᠠᠪᠠᠭᠠᠢ᠎ᠶᠢᠨ ᠳᠠᠭᠤᠨ ᠲᠤᠩ ᠰᠤᠯᠠᠬᠠᠨ ᠰᠣᠨᠤᠰᠳᠠᠪᠠ᠃

《ᠳᠠᠬᠢᠭᠠᠳ ᠶᠠᠭᠠᠬᠢᠭᠰᠠᠨ᠎ᠴᠤ ᠢᠩᠭᠢᠬᠦ᠎ᠦᠭᠡᠢ᠂ ᠶᠠᠭᠠᠬᠢᠭᠰᠠᠨ᠎ᠴᠤ ᠢᠩᠭᠢᠬᠦ᠎ᠦᠭᠡᠢ᠂ ᠬᠥᠭᠡᠷᠦᠬᠦᠢ ᠴᠢ᠎ᠮᠢᠨᠢ᠂ ᠬᠠᠷᠠᠵᠤ ᠪᠠᠢ》 ᠭᠡᠵᠦ ᠱᠠᠯᠠᠮᠠᠴᠢᠨ ᠬᠡᠯᠡᠪᠡ᠃

ᠭᠷᠠᠨᠳᠧᠲ ᠨᠢᠭᠤᠴᠠ ᠭᠡᠷ᠎ᠡᠴᠡ᠎ᠪᠡᠨ ᠨᠢᠭᠡ ᠪᠠᠭᠯᠠᠭ᠎ᠠ ᠯᠤᠢᠵᠢ ᠠᠪᠴᠢᠷᠠᠵᠤ ᠣᠷᠤ ᠳᠡᠭᠡᠷ᠎ᠡ ᠰᠢᠳᠡᠪᠡ᠃

ᠭᠷᠠᠨᠳᠧᠲ ᠵᠣᠭᠤᠰ᠎ᠢᠶᠠᠨ ᠭᠠᠷ ᠳᠡᠭᠡᠷ᠎ᠡ᠎ᠪᠡᠨ ᠴᠣᠬᠢᠯᠠᠨ ᠨᠠᠭᠠᠳᠬᠤ᠎ᠶᠢᠨ ᠳᠠᠭᠠᠤ: 《ᠢᠦᠭᠧᠨ᠋ᠸ ᠬᠠᠲᠤᠨ ᠡ᠂ ᠡᠭᠦᠨ᠎ᠢ ᠲᠠ᠎ᠨᠠᠷ᠎ᠲᠤ ᠥᠭᠭᠦᠶ᠎ᠡ᠂ ᠬᠦᠢ᠂ ᠬᠠᠲᠤᠨ ᠡ᠂ ᠴᠢ ᠰᠡᠳᠭᠢᠯ᠎ᠢᠶᠡᠨ ᠲᠠᠢᠪᠤᠰᠢᠷᠠᠭᠤᠯ᠂ ᠬᠤᠷᠳᠤᠬᠠᠨ ᠰᠠᠢᠨ ᠪᠣᠯᠤᠭᠠᠴᠢ᠂ ᠴᠢ᠎ᠮᠢᠨᠢ ᠶᠠᠭᠤ ᠠᠪᠤᠶ᠎ᠠ ᠭᠡᠪᠡᠯ ᠶᠠᠭᠤ ᠪᠠᠢᠨ᠎ᠠ᠂ ᠢᠦᠭᠧᠨ᠋ᠸ᠎ᠴᠦ ᠮᠥᠨ ᠠᠳᠠᠯᠢ᠂ ᠬᠠᠷᠠ ᠳ᠋ᠠ᠂ ᠡᠨᠡ ᠨᠢᠭᠡ ᠵᠠᠭᠤᠨ ᠠᠯᠲᠠᠨ ᠯᠤᠢᠵᠢ᠎ᠶᠢ ᠪᠣᠯ ᠢᠦᠭᠧᠨ᠋ᠸ᠎ᠳᠦ ᠥᠭᠭᠦᠯ᠎ᠡ᠂ ᠴᠢ ᠡᠭᠦᠨ᠎ᠢ ᠳᠠᠬᠢᠭᠠᠳ ᠬᠥᠮᠦᠨ᠎ᠳᠦ ᠥᠭᠴᠢᠭᠡᠬᠦ᠎ᠦᠭᠡᠢ ᠪᠤᠢ ᠳ᠋ᠠ᠂ ᠢᠦᠭᠧᠨ᠋ᠸ?》 ᠭᠡᠵᠦ ᠪᠠᠢᠪᠠ᠃

ᠭᠷᠠᠨᠳᠧᠲ᠎ᠦᠨ ᠠᠪᠠᠭᠠᠢ ᠥᠬᠢᠨ᠎ᠲᠡᠢ᠎ᠪᠡᠨ ᠥᠭᠡᠳᠡ ᠥᠭᠡᠳᠡ᠎ᠡᠴᠡ᠎ᠪᠡᠨ ᠰᠢᠷᠲᠡᠯᠴᠡᠨ ᠭᠠᠢᠬᠠᠨ᠎ᠠ᠃

《ᠠᠪᠤ ᠡ᠂ ᠵᠣᠭᠤᠰ᠎ᠢᠶᠠᠨ ᠴᠠᠰᠢ᠎ᠨᠢ ᠬᠤᠷᠢᠶᠠ᠂ ᠪᠢᠳᠡᠨ᠎ᠳᠦ ᠵᠥᠪᠬᠡᠨ ᠴᠢᠨᠦ ᠬᠠᠢᠷ᠎ᠠ ᠰᠡᠳᠭᠢᠯ᠎ᠯᠡ ᠬᠡᠷᠡᠭᠲᠡᠢ᠃ 》

《ᠲᠠᠭᠠᠷᠠᠵᠤ ᠪᠠᠢᠨ᠎ᠠ᠂ ᠴᠣᠬᠤᠮ ᠲᠠᠭᠠᠷᠠᠵᠤ ᠪᠠᠢᠨ᠎ᠠ》 ᠭᠡᠳ ᠭᠷᠠᠨᠳᠧᠲ ᠠᠯᠲᠠᠨ ᠯᠤᠢᠵᠢ᠎ᠪᠠᠨ ᠲᠠᠭᠠᠷᠴᠤᠭᠯᠠᠵᠤ᠂ 《ᠪᠢᠳᠡ ᠡᠪ ᠨᠠᠢᠷᠲᠠᠢ ᠰᠠᠢᠬᠠᠨ ᠠᠮᠢᠳᠤᠷᠠᠵᠠᠭᠠᠶ᠎ᠠ᠃ ᠪᠦᠭᠦᠳᠡᠭᠡᠷ᠎ᠢᠶᠡᠨ ᠠᠰᠠᠷ᠎ᠠᠴᠠ᠎ᠪᠠᠨ ᠪᠠᠭᠤᠵᠤ ᠬᠣᠭᠤᠯᠠᠨ᠎ᠤ ᠭᠡᠷ᠎ᠲᠡᠭᠡᠨ ᠣᠴᠢᠵᠤ ᠣᠷᠤᠢ᠎ᠶᠢᠨ ᠬᠣᠭᠤᠯᠠ᠎ᠪᠠᠨ ᠢᠳᠡᠵᠡᠭᠡᠶ᠎ᠡ᠃ ᠡᠳᠦᠷ ᠪᠦᠷᠢ ᠬᠣᠶᠠᠷ ᠲᠦᠩᠽᠢ᠎ᠶᠢᠨ ᠮᠥᠷᠦᠢ᠎ᠲᠡᠢ ᠨᠠᠭᠠᠳᠤᠮ ᠨᠠᠭᠠᠳᠤᠶ᠎ᠠ᠂ ᠲᠠ᠎ᠨᠠᠷ ᠬᠠᠨᠲᠠᠯ᠎ᠠ ᠨᠠᠭᠠᠳᠴᠤ ᠪᠠᠢ! ᠬᠠᠲᠤᠨ ᠡ᠂ ᠪᠣᠯᠤᠨ᠎ᠠ᠎ᠤᠤ?》 ᠭᠡᠪᠡ᠃

《ᠠᠢ᠂ ᠶᠠᠭᠠᠬᠢᠭᠠᠳ ᠪᠣᠯᠬᠤ᠎ᠦᠭᠡᠢ ᠪᠠᠢᠬᠤ ᠪᠤᠢ ᠳ᠋ᠠ᠂ ᠲᠡᠭᠡᠬᠦ᠎ᠨᠢ ᠴᠢᠮ᠎ᠠ᠎ᠳᠤ ᠰᠠᠢᠬᠠᠨ ᠰᠠᠨᠠᠭᠳᠠᠬᠤ ᠪᠣᠯᠪᠠᠴᠤ ᠪᠢ ᠪᠣᠰᠴᠤ ᠴᠢᠳᠠᠬᠤ᠎ᠦᠭᠡᠢ ᠰᠢᠦ》 ᠭᠡᠵᠦ ᠳᠥᠩᠭᠡᠵᠢ ᠠᠮᠢᠰᠭᠤᠭ᠎ᠠ᠎ᠲᠠᠢ ᠪᠠᠢᠭᠰᠠᠨ ᠡᠪᠡᠳᠴᠢᠨ᠎ᠲᠡᠢ ᠡᠬᠡᠨᠡᠷ᠎ᠨᠢ ᠬᠠᠷᠢᠭᠤᠯᠪᠠ᠃

《ᠬᠥᠭᠡᠷᠦᠬᠦᠢ ᠬᠠᠲᠤᠨ᠎ᠮᠢᠨᠢ᠂ ᠪᠢ ᠴᠢᠮᠠᠢ ᠶᠠᠭᠠᠬᠢᠵᠤ ᠶᠡᠬᠡ ᠬᠠᠢᠷᠠᠯᠠᠳᠠᠭ᠎ᠢ ᠴᠢ ᠮᠡᠳᠡᠬᠦ᠎ᠦᠭᠡᠢ᠂ - ᠴᠢᠮᠠᠢ ᠪᠠᠰᠠ ᠶᠠᠭᠠᠬᠢᠵᠤ ᠬᠠᠢᠷᠠᠯᠠᠨ᠎ᠠ ᠪᠤᠢ᠂ ᠥᠬᠢᠨ᠎ᠮᠢᠨᠢ!》 ᠭᠡᠵᠦ ᠱᠠᠯᠠᠮᠠᠴᠢᠨ ᠬᠡᠯᠡᠪᠡ᠃

ᠭᠷᠠᠨᠳᠧᠲ ᠥᠬᠢᠨ᠎ᠢᠶᠡᠨ ᠲᠡᠪᠡᠷᠢᠵᠦ ᠡᠷᠭᠦᠵᠦ ᠪᠠᠢᠪᠠ᠃

《ᠬᠠᠷᠠᠭᠠᠴᠢ! ᠮᠠᠭᠤᠳᠠᠯᠳᠤᠴᠢᠬᠠᠭᠠᠳ ᠳᠠᠷᠠᠭ᠎ᠠ᠎ᠨᠢ ᠥᠬᠢᠨ᠎ᠢᠶᠡᠨ ᠲᠡᠪᠡᠷᠢᠵᠦ ᠪᠠᠢᠨ᠎ᠠ᠂ ᠶᠠᠭᠠᠬᠢᠭᠰᠠᠨ ᠰᠠᠢᠬᠠᠨ ᠰᠡᠳᠭᠢᠯ ᠪᠤᠢ᠂ ᠢᠦᠭᠧᠨ᠋ᠸ᠎ᠮᠢᠨᠢ! ᠁ ᠬᠠᠲᠤᠨ ᠴᠢ ᠬᠠᠷᠠᠭᠠᠴᠢ᠂ ᠪᠢᠳᠡ ᠬᠣᠶᠠᠷ ᠣᠳᠣ ᠶᠠᠭᠠᠬᠢᠵᠤ ᠶᠡᠬᠡ ᠬᠤᠪᠢᠯᠤᠭᠰᠠᠨ ᠪᠠᠢᠨ᠎ᠠ ᠪᠤᠢ》 ᠭᠡᠳ ᠭᠷᠠᠨᠳᠧᠲ ᠪᠠᠰᠠ ᠨᠥᠭᠦᠭᠡ ᠵᠠᠰᠠᠯ ᠵᠢᠮᠰᠡᠭ᠎ᠦᠨ ᠬᠠᠢᠷᠴᠠᠭ᠎ᠢ ᠵᠢᠭᠠᠵᠤ: 《ᠡᠭᠦᠨ᠎ᠢ᠎ᠪᠡᠨ ᠳᠠᠯᠳᠠ ᠬᠢᠴᠢᠬᠡ᠂ ᠠᠪᠤᠭᠠᠳ ᠶᠠᠪᠤ᠂ ᠪᠢᠲᠡᠭᠡᠢ ᠠᠶᠤ᠃ ᠪᠢ ᠡᠨᠡ ᠬᠠᠢᠷᠴᠠᠭ᠎ᠢ ᠳᠠᠬᠢᠵᠤ ᠳᠤᠷᠠᠳᠬᠤ᠎ᠦᠭᠡᠢ᠂ ᠡᠭᠦᠷᠢᠳᠡ ᠳᠤᠷᠠᠳᠬᠤ᠎ᠦᠭᠡᠢ》 ᠭᠡᠵᠦ ᠢᠦᠭᠧᠨ᠋ᠸ᠎ᠳᠦ ᠬᠡᠯᠡᠪᠡ᠃

ᠲᠡᠭᠡᠵᠦ ᠪᠠᠢᠲᠠᠯ᠎ᠠ ᠰᠡᠦᠮᠦᠷ᠎ᠦᠨ ᠬᠠᠮᠤᠭ᠎ᠤᠨ ᠶᠡᠬᠡ ᠨᠡᠷᠡᠲᠡᠢ ᠡᠮᠴᠢ ᠹᠧᠷᠯᠠᠩ ᠠᠪᠤᠭᠠᠢ ᠢᠷᠡᠪᠡ᠃ ᠡᠪᠡᠳᠴᠢᠨ᠎ᠲᠡᠢ ᠬᠥᠮᠦᠨ᠎ᠢ᠎ᠨᠢ ᠦᠵᠡᠵᠦ ᠳᠠᠭᠤᠰᠤᠭᠠᠳ ᠭᠷᠠᠨᠳᠧᠲ᠎ᠲᠦ: 《ᠬᠠᠲᠤᠨ᠎ᠤ᠎ᠴᠢᠨᠢ ᠡᠪᠡᠳᠴᠢᠨ ᠬᠦᠨᠳᠦ ᠪᠠᠢᠨ᠎ᠠ᠂ ᠰᠠᠨᠠᠭ᠎ᠠ ᠰᠡᠳᠭᠢᠯ᠎ᠢ᠎ᠨᠢ ᠣᠭᠲᠤ ᠲᠡᠪᠡᠳᠡᠭᠦᠯᠬᠦ᠎ᠦᠭᠡᠢ᠂ ᠬᠢᠴᠢᠶᠡᠩᠭᠦᠢᠯᠡᠨ ᠰᠤᠪᠢᠯᠠᠵᠤ ᠨᠢᠮᠪᠠᠢ ᠰᠠᠢᠬᠠᠨ ᠠᠷᠠᠴᠢᠯᠠᠪᠠᠯ ᠨᠠᠮᠤᠷ᠎ᠤᠨ ᠰᠡᠭᠦᠯ ᠪᠣᠯᠲᠠᠯ᠎ᠠ ᠲᠡᠰᠬᠦ ᠮᠠᠭᠠᠳ᠎ᠦᠭᠡᠢ》 ᠭᠡᠵᠦ ᠰᠢᠭᠤᠳᠬᠠᠨ ᠬᠡᠯᠡᠪᠡ᠃

《ᠵᠣᠭᠤᠰ ᠶᠡᠬᠡ ᠬᠡᠷᠡᠭᠯᠡᠬᠦ᠎ᠦᠦ? ᠡᠮ ᠤᠤᠭᠤᠬᠤ ᠬᠡᠷᠡᠭᠲᠡᠢ ᠪᠠᠢᠨ᠎ᠠ᠎ᠤᠤ?》

《ᠡᠮ ᠳᠡᠮᠡᠢ ᠬᠡᠷᠡᠭ᠎ᠦᠭᠡᠢ᠂ ᠰᠤᠪᠢᠯᠠᠬᠤ ᠶᠠᠪᠤᠳᠠᠯ ᠴᠢᠬᠤᠯᠠ》 ᠭᠡᠵᠦ ᠬᠡᠯᠡᠭᠡᠳ ᠡᠮᠴᠢ ᠲᠡᠰᠭᠡᠯ᠎ᠦᠭᠡᠢ ᠢᠨᠢᠶᠡᠮᠰᠦᠭᠯᠡᠪᠡ᠃

《ᠹᠧᠷᠯᠠᠩ ᠠᠪᠤᠭᠠᠢ᠂ ᠲᠠ ᠪᠣᠯ ᠨᠡᠷ᠎ᠡ ᠲᠥᠷᠦ᠎ᠲᠡᠢ ᠬᠥᠮᠦᠨ᠃ ᠪᠢ ᠲᠠᠨ᠎ᠢ ᠪᠦᠷᠢᠨ ᠢᠲᠡᠭᠡᠨ᠎ᠡ᠂ ᠲᠠ ᠬᠡᠳᠦᠢ᠎ᠳᠦ ᠢᠷᠡᠵᠦ ᠦᠵᠡᠬᠦ ᠭᠡᠵᠦ ᠪᠣᠳᠤᠪᠠᠯ ᠲᠡᠷᠡ ᠴᠠᠭ᠎ᠲᠠᠭᠠᠨ ᠢᠷᠡᠵᠦ ᠪᠠᠢᠭᠠᠷᠠᠢ᠃ ᠮᠢᠨᠦ ᠬᠠᠲᠤᠨ᠎ᠢ ᠪᠣᠰᠭᠠᠵᠤ ᠥᠭᠬᠦ᠎ᠶᠢ ᠬᠦᠰᠡᠶ᠎ᠡ᠃ ᠮᠠᠨ᠎ᠤ ᠭᠡᠷ᠎ᠦᠨ ᠬᠢᠨ᠎ᠦ ᠠᠯᠢᠪᠠ ᠪᠦᠬᠦᠨ᠎ᠨᠢ ᠴᠥᠮ ᠳᠣᠲᠤᠷ᠎ᠠ᠎ᠪᠠᠨ ᠪᠠᠢᠳᠠᠭ᠎ᠠᠴᠠ ᠪᠣᠯᠵᠤ ᠭᠠᠳᠠᠨ᠎ᠠ᠎ᠠᠴᠠ᠎ᠨᠢ ᠬᠠᠷᠠᠬᠤ᠎ᠳᠤ ᠮᠡᠳᠡᠭᠳᠡᠬᠦ᠎ᠦᠭᠡᠢ ᠪᠣᠯᠪᠠᠴᠤ ᠪᠢ ᠲᠡᠭᠦᠨ᠎ᠳᠡᠭᠡᠨ ᠪᠣᠯ ᠲᠤᠢᠯ᠎ᠤᠨ ᠶᠡᠬᠡ ᠬᠠᠢᠷᠠᠲᠠᠢ ᠪᠠᠢᠳᠠᠭ᠎ᠶᠤᠮ ᠰᠢᠤ᠃ ᠲᠡᠳᠡᠭᠡᠷ ᠬᠡᠷᠡᠭ ᠮᠢᠨᠦ ᠰᠡᠳᠭᠢᠯ᠎ᠢ ᠪᠦᠷ ᠡᠬᠢ ᠠᠳᠠᠭ᠎ᠦᠭᠡᠢ ᠰᠠᠮᠠᠭᠤᠷᠠᠭᠤᠯᠤᠭᠰᠠᠨ᠎ᠶᠤᠮ᠃ ᠨᠠᠳᠠ ᠪᠠᠰᠠ ᠰᠡᠳᠭᠢᠯ᠎ᠦᠨ ᠵᠣᠪᠠᠯᠠᠩ ᠪᠠᠢᠨ᠎ᠠ᠃ ᠳᠡᠭᠦᠦ ᠦᠬᠦᠭᠰᠡᠨ᠎ᠡᠴᠡ ᠬᠣᠢᠰᠢ ᠰᠡᠳᠭᠢᠯ ᠵᠣᠪᠠᠭᠠᠬᠤ ᠬᠡᠷᠡᠭ ᠮᠢᠨᠦ ᠭᠡᠷ᠎ᠲᠦ ᠣᠷᠤᠵᠤ ᠢᠷᠡᠭᠰᠡᠨ᠎ᠶᠦᠮ᠃ ᠪᠢ ᠲᠡᠭᠦᠨ᠎ᠦ ᠲᠥᠯᠦᠭᠡ ᠫᠠᠷᠢᠰ᠎ᠲᠤ ᠵᠣᠭᠤᠰ ᠪᠠᠷᠠᠯ᠎ᠠ ᠁ ᠲᠣᠭ᠎ᠠ ᠲᠣᠮᠰᠢ᠎ᠦᠭᠡᠢ ᠣᠯᠠᠨ ᠵᠣᠭᠤᠰ ᠪᠠᠷᠠᠭᠰᠠᠨ! ᠲᠡᠭᠡᠭᠡᠳ ᠪᠠᠰᠠ ᠡᠳᠦᠢ ᠪᠣᠯᠲᠠᠯ᠎ᠠ ᠳᠠᠭᠤᠰᠤᠭᠠᠳᠤᠢ᠃ ᠵᠠ ᠪᠠᠶᠠᠷᠲᠠᠢ᠂ ᠠᠪᠤᠭᠠᠢ᠎ᠮᠢᠨᠢ᠃ ᠮᠢᠨᠦ ᠬᠠᠲᠤᠨ ᠪᠣᠰᠬᠤ ᠭᠣᠷᠢᠳᠠᠯ᠎ᠲᠠᠢ᠎ᠯᠠ ᠪᠣᠯ ᠪᠣᠰᠭᠠᠵᠤ ᠥᠭᠬᠦ᠎ᠶᠢ ᠨᠠᠢᠳᠠᠶ᠎ᠠ᠃ ᠵᠠᠭᠤ ᠬᠣᠶᠠᠷ ᠵᠠᠭᠤᠨ ᠹᠷᠠᠩᠺ ᠣᠷᠤᠭᠰᠠᠨ᠎ᠴᠤ ᠰᠠᠪᠠᠭ᠎ᠠ᠎ᠦᠭᠡᠢ᠃ 》

ᠡᠬᠡᠨᠡᠷ᠎ᠢᠶᠡᠨ ᠡᠳᠡᠭᠡᠭᠡᠬᠦ᠎ᠶᠢ ᠭᠷᠠᠨᠳᠧᠲ ᠶᠠᠭᠠᠬᠢᠵᠤ ᠶᠡᠬᠡ ᠬᠦᠰᠡᠪᠡᠴᠦ (ᠤᠴᠢᠷ᠎ᠨᠢ ᠲᠡᠭᠦᠨ᠎ᠦ ᠡᠬᠡᠨᠡᠷ ᠦᠬᠦᠪᠡᠯ ᠭᠡᠷᠢᠶᠡᠰ᠎ᠢ᠎ᠨᠢ ᠳᠠᠩᠰᠠᠯᠠᠬᠤ ᠪᠣᠯᠤᠨ᠎ᠠ᠂ ᠡᠨᠡ᠎ᠨᠢ ᠭᠷᠠᠨᠳᠧᠲ᠎ᠦᠨ ᠵᠢᠷᠦᠬᠡ᠎ᠶᠢ ᠰᠤᠭᠤᠯᠬᠤ ᠶᠠᠪᠤᠳᠠᠯ ᠠᠵᠢ) ᠡᠵᠢ ᠥᠬᠢᠨ ᠬᠣᠶᠠᠷ᠎ᠲᠤ ᠰᠡᠳᠭᠢᠯ᠎ᠦᠨ ᠬᠢᠨᠢ ᠶᠣᠰᠤᠭᠠᠷ ᠬᠠᠨᠳᠤᠵᠤ ᠨᠢᠭᠡᠨ ᠰᠡᠳᠭᠢᠯ᠎ᠢᠶᠡᠷ ᠰᠠᠢᠮᠰᠤᠷᠠᠬᠤ ᠣᠪᠤᠷ᠎ᠢᠶᠠᠷ ᠲᠡᠳᠡᠨ᠎ᠢ ᠭᠠᠢᠬᠠᠭᠤᠯᠤᠭᠰᠠᠨ ᠪᠣᠯᠪᠠᠴᠤ ᠢᠦᠭᠧᠨ᠋ᠸ ᠠᠴᠢᠯᠠᠯ᠎ᠤᠨ ᠳᠡᠭᠡᠳᠦ᠎ᠪᠡᠷ ᠠᠰᠠᠷᠠᠨ ᠰᠤᠪᠢᠯᠠᠭᠰᠠᠨ ᠪᠣᠯᠪᠠᠴᠤ ᠭᠷᠠᠨᠳᠧᠲ᠎ᠦᠨ ᠠᠪᠠᠭᠠᠢ ᠮᠥᠨ᠎ᠯᠡ ᠦᠬᠦᠯ᠎ᠦᠨ ᠵᠠᠮ᠎ᠢᠶᠠᠷ ᠤᠷᠤᠭᠤᠳᠠᠭᠰᠠᠭᠠᠷ ᠪᠠᠢᠪᠠ᠃ ᠡᠢᠮᠦ ᠨᠠᠰᠤᠨ ᠳᠡᠭᠡᠷ᠎ᠡ᠎ᠪᠡᠨ ᠬᠦᠨᠳᠦ ᠡᠪᠡᠳᠴᠢᠨ ᠣᠯᠤᠭᠰᠠᠨ ᠪᠦᠰᠡᠭᠦᠢ ᠬᠥᠮᠦᠨ ᠪᠦᠬᠦᠨ᠎ᠦ ᠠᠳᠠᠯᠢ᠎ᠪᠠᠷ᠂ ᠲᠡᠷᠡ ᠠᠪᠠᠭᠠᠢ᠎ᠶᠢᠨ ᠪᠡᠶ᠎ᠡ ᠡᠳᠦᠷ᠎ᠡᠴᠡ ᠡᠳᠦᠷ ᠴᠢᠷᠠᠢ ᠵᠢᠰᠦ ᠠᠯᠳᠠᠵᠤ᠂ ᠨᠠᠮᠤᠷ᠎ᠤᠨ ᠮᠣᠳᠤᠨ᠎ᠤ ᠨᠠᠪᠴᠢ ᠮᠡᠲᠦ ᠬᠡᠪᠡᠷᠡᠭᠰᠢᠵᠦ ᠪᠠᠢᠪᠠ᠃ ᠨᠠᠷᠠᠨ᠎ᠤ ᠭᠡᠷᠡᠯ ᠮᠣᠳᠤᠨ᠎ᠤ ᠨᠠᠪᠴᠢᠰ᠎ᠢ ᠰᠢᠵᠢᠷ ᠠᠯᠲᠠᠨ ᠥᠩᠭᠡ᠎ᠪᠡᠷ ᠭᠡᠷᠡᠯᠲᠦᠭᠦᠯᠬᠦ ᠠᠳᠠᠯᠢ ᠳ᠋ᠧᠪᠠᠵᠠᠨ᠎ᠤ ᠭᠢᠯᠪᠠᠭ᠎ᠠ ᠲᠡᠭᠦᠨ᠎ᠢ ᠭᠡᠢᠭᠦᠯᠦᠨ᠎ᠡ᠃ ᠠᠮᠢᠳᠤ᠎ᠳᠠᠭᠠᠨ ᠲᠡᠭᠦᠨ᠎ᠰᠢᠭ ᠶᠠᠪᠤᠭᠰᠠᠨ ᠬᠥᠮᠦᠨ᠎ᠯᠡ ᠦᠬᠦᠬᠦ᠎ᠳᠡᠭᠡᠨ ᠡᠢᠮᠦ ᠪᠠᠢᠬᠤ ᠶᠣᠰᠤᠲᠠᠢ᠂ ᠬᠦᠯᠢᠴᠡᠩᠭᠦᠢ ᠠᠮᠤᠷᠯᠢᠩᠭᠤᠢ᠎ᠪᠠᠷ ᠶᠢᠷᠲᠢᠨᠴᠦ᠎ᠶᠢᠨ ᠤᠯᠠᠭᠠᠨ ᠲᠣᠭᠤᠰᠤᠨ᠎ᠠᠴᠠ ᠠᠩᠭᠢᠵᠢᠷᠠᠵᠤ᠂ ᠴᠣᠬᠤᠮ ᠨᠢᠭᠡᠨ ᠾᠷᠢᠰᠲ᠋ᠣᠰ ᠱᠠᠰᠢᠨᠲᠠᠨ᠎ᠤ ᠦᠬᠦᠯ᠎ᠢᠶᠡᠷ ᠦᠬᠦᠨ᠎ᠡ᠂ ᠲᠡᠭᠦᠨ᠎ᠦ ᠦᠬᠦᠯ᠎ᠨᠢ ᠡᠷᠬᠢᠮ ᠳᠡᠭᠡᠳᠦ᠂ ᠠᠭᠤᠤ ᠶᠡᠬᠡ᠎ᠶᠦᠮ᠃

1822 ᠣᠨ᠎ᠤ ᠠᠷᠪᠠᠳᠤᠭᠠᠷ ᠰᠠᠷ᠎ᠠ ᠬᠦᠷᠦᠭᠡᠳ ᠲᠡᠷᠡ ᠠᠪᠠᠭᠠᠢ᠎ᠶᠢᠨ ᠡᠷᠬᠢᠮ ᠰᠠᠢᠨ ᠵᠠᠩ ᠠᠭᠠᠯᠢ᠂ ᠠᠨᠴᠧᠯ ᠮᠡᠲᠦ ᠠᠮᠤᠷᠯᠢᠩᠭᠤᠢ ᠰᠡᠳᠭᠢᠯ ᠬᠢᠭᠡᠳ ᠥᠬᠢᠨ᠎ᠢᠶᠡᠨ ᠥᠷᠦ ᠡᠪᠡᠳᠦᠨ ᠬᠠᠢᠷᠠᠯᠠᠬᠤ᠎ᠨᠢ ᠤᠷᠢᠳᠤ᠎ᠠᠴᠠ᠎ᠪᠠᠨ ᠤᠯᠠᠮ ᠣᠨᠴᠤᠭᠤᠢ ᠳᠣᠪᠤᠢᠵᠠᠢ ; ᠲᠡᠷᠡ ᠭᠠᠭᠴᠠ᠎ᠴᠤ ᠭᠣᠮᠤᠳᠠᠯ᠎ᠤᠨ ᠦᠭᠡ᠎ᠦᠭᠡᠢ᠎ᠪᠡᠷ ᠪᠣᠳᠢ ᠰᠡᠳᠭᠢᠯᠲᠦ ᠬᠣᠨᠢ ᠮᠡᠲᠦ ᠨᠢᠰᠦᠨ ᠡᠴᠦᠰᠯᠡᠪᠡ᠃ ᠲᠡᠷᠡ ᠠᠪᠠᠭᠠᠢ ᠡᠨᠡ ᠶᠢᠷᠲᠢᠨᠴᠦ ᠳᠡᠭᠡᠷ᠎ᠡ᠂ ᠨᠢᠭᠡ ᠨᠠᠰᠤᠨ᠎ᠤ ᠭᠤᠨᠢᠭᠲᠤ ᠠᠮᠢᠳᠤᠷᠠᠯ᠎ᠤᠨ᠎ᠢᠶᠠᠨ ᠳᠤᠮᠳᠠᠬᠢ ᠭᠠᠭᠴᠠ ᠡᠶᠡᠯᠳᠡᠭ ᠨᠠᠭᠠᠯᠢᠩᠬᠠᠢ ᠬᠠᠨᠢ᠎ᠪᠠᠨ ᠣᠷᠬᠢᠨ ᠶᠠᠳᠠᠨ᠎ᠠ᠂ - ᠲᠡᠭᠦᠨ᠎ᠦ ᠬᠠᠮᠤᠭ᠎ᠤᠨ ᠰᠡᠭᠦᠯ᠎ᠦᠨ ᠬᠡᠳᠦᠨ ᠬᠠᠷᠠᠴᠠ᠎ᠨᠢ ᠥᠬᠢᠨ᠎ᠦ᠎ᠪᠡᠨ ᠢᠷᠡᠭᠡᠳᠦᠢ᠎ᠶᠢᠨ ᠵᠣᠪᠠᠯᠠᠩᠲᠤ ᠠᠮᠢᠳᠤᠷᠠᠯ᠎ᠢ ᠬᠡᠯᠡᠵᠦ ᠥᠭᠴᠦ ᠪᠠᠢᠬᠤ᠎ᠰᠢᠭ᠋ ᠪᠠᠢᠯ᠎ᠠ᠃ ᠡᠨᠡ᠎ᠬᠦ ᠥᠪᠡᠷ᠎ᠲᠡᠢ᠎ᠨᠢ ᠠᠳᠠᠯᠢ ᠪᠣᠳᠢ ᠰᠡᠳᠭᠢᠯᠲᠦ ᠬᠤᠷᠠᠭ᠎ᠠ ᠥᠨᠦᠴᠢᠨ ᠥᠷᠦᠭᠡᠰᠦᠨ᠎ᠢᠶᠡᠷ ᠡᠨᠡ ᠬᠠᠷ᠎ᠠ ᠠᠮᠢᠨᠴᠢ ᠶᠢᠷᠲᠢᠨᠴᠦ ᠳᠡᠭᠡᠷ᠎ᠡ ᠬᠣᠴᠤᠷᠴᠤ᠂ ᠬᠥᠮᠦᠨ ᠲᠡᠭᠦᠨ᠎ᠢ ᠳᠤᠷ᠎ᠠ ᠵᠣᠷᠢᠭ᠎ᠢᠶᠠᠷ᠎ᠢᠶᠠᠨ ᠲᠤᠶᠠᠴᠢᠬᠤ᠎ᠶᠢ ᠪᠣᠳᠤᠭᠠᠳ ᠬᠠᠮᠤᠭ ᠪᠡᠶ᠎ᠡ᠎ᠨᠢ ᠴᠡᠴᠡᠷᠡᠨ᠎ᠡ᠃

《ᠬᠡᠦᠬᠡᠨ᠎ᠮᠢᠨᠢ᠂ ᠵᠣᠯ ᠵᠢᠷᠭᠠᠯ ᠭᠡᠳᠡᠭ ᠪᠣᠯ ᠭᠠᠭᠴᠠ᠎ᠬᠦ ᠲᠡᠭᠷᠢ ᠳᠡᠭᠡᠷ᠎ᠡ᠎ᠯᠡ ᠪᠠᠢᠳᠠᠭ᠎ᠶᠤᠮ ᠰᠢᠤ᠂ ᠴᠢ ᠬᠣᠵᠢᠮ ᠬᠣᠢᠰᠢ᠎ᠳᠠᠭᠠᠨ ᠮᠡᠳᠡᠬᠦ᠎ᠶᠦᠮ》 ᠭᠡᠵᠦ ᠠᠮᠢᠰᠭᠤᠯ ᠲᠠᠯᠪᠢᠬᠤ᠎ᠠᠴᠠ᠎ᠪᠠᠨ ᠡᠮᠦᠨ᠎ᠡ ᠬᠡᠦᠬᠡᠨ᠎ᠳᠡᠭᠡᠨ ᠬᠡᠯᠡᠵᠡᠢ᠃

ᠮᠠᠷᠭᠠᠰᠢ ᠥᠷᠯᠦᠭᠡ᠎ᠨᠢ ᠢᠦᠭᠧᠨ᠋ᠸ ᠪᠠᠰᠠ ᠨᠡᠩ ᠰᠢᠨ᠎ᠡ ᠰᠢᠯᠲᠠᠭᠠᠨ᠎ᠨᠤᠭᠤᠳ᠎ᠠᠴᠠ ᠪᠣᠯᠵᠤ᠂ ᠡᠨᠡ᠎ᠬᠦ ᠥᠪᠡᠷ᠎ᠢᠶᠡᠨ ᠳᠣᠲᠤᠷ᠎ᠠ᠎ᠨᠢ ᠲᠥᠷᠦᠵᠦ᠂ ᠳᠣᠲᠤᠷ᠎ᠠ᠎ᠨᠢ ᠵᠣᠪᠠᠯᠠᠩ ᠵᠦᠳᠡᠭᠦᠷᠢ ᠠᠮᠰᠠᠭᠰᠠᠭᠠᠷ ᠢᠷᠡᠭᠰᠡᠨ᠂ ᠡᠬᠡ᠎ᠨᠢ ᠡᠭᠡᠭᠡ ᠰᠠᠶᠢ ᠳᠣᠲᠤᠷ᠎ᠠ᠎ᠨᠢ ᠠᠮᠢᠰᠭᠤᠯ ᠬᠤᠷᠢᠶᠠᠭᠰᠠᠨ ᠭᠡᠷ᠎ᠡᠴᠡ᠎ᠪᠡᠨ ᠠᠯᠬᠤᠮ ᠬᠣᠯᠠᠳᠠᠬᠤ᠎ᠶᠢ ᠪᠣᠯᠢᠶ᠎ᠠ ᠭᠡᠵᠦ ᠪᠣᠳᠤᠬᠤ ᠪᠣᠯᠪᠠ᠃ ᠢᠦᠭᠧᠨ᠋ᠸ ᠭᠡᠷ᠎ᠲᠡᠭᠡᠨ ᠴᠣᠩᠬᠤᠨ᠎ᠤ᠎ᠪᠠᠨ ᠨᠢᠳᠦ ᠨᠤᠭᠦᠳ᠂ ᠡᠪᠡᠰᠦᠨ ᠣᠯᠪᠤᠭᠲᠤ ᠰᠠᠨᠳᠠᠯᠢ ᠵᠡᠷᠭᠡ᠎ᠶᠢ ᠬᠠᠷᠠᠭᠠᠳ ᠲᠡᠰᠭᠡᠯ᠎ᠦᠭᠡᠢ ᠨᠢᠯᠪᠤᠰᠤ ᠤᠨᠠᠭᠠᠪᠠ᠃ ᠢᠦᠭᠧᠨ᠋ᠸ᠂ ᠪᠢ ᠡᠴᠢᠭᠡ᠎ᠶᠢᠨ᠎ᠢᠶᠡᠨ ᠰᠡᠳᠭᠢᠯ᠎ᠢ ᠡᠨᠳᠡᠭᠦᠦ ᠣᠢᠯᠠᠭᠠᠭᠰᠠᠨ᠎ᠶᠤᠮ ᠪᠠᠢᠨ᠎ᠠ ᠭᠡᠵᠦ ᠪᠣᠳᠤᠪᠠ᠃ ᠤᠴᠢᠷ᠎ᠨᠢ ᠡᠳᠦᠭᠡ ᠡᠴᠢᠭᠡ᠎ᠨᠢ ᠲᠡᠭᠦᠨ᠎ᠳᠦ ᠲᠤᠩ ᠶᠡᠬᠡ ᠵᠥᠭᠡᠯᠡᠨ᠂ ᠲᠤᠩ ᠶᠡᠬᠡ ᠬᠠᠯᠠᠭᠤᠨ ᠳᠣᠲᠤᠨᠤ ᠬᠠᠨᠳᠤᠬᠤ ᠪᠣᠯᠵᠤ᠂ ᠰᠤᠭᠤᠳᠠᠨ ᠶᠠᠪᠤᠵᠤ ᠦᠳᠡ᠎ᠶᠢᠨ ᠬᠣᠭᠤᠯᠠ᠎ᠪᠠᠨ ᠢᠳᠡᠨ᠎ᠡ᠃ ᠬᠡᠳᠦᠨ ᠴᠠᠭ᠎ᠢᠶᠠᠷ ᠨᠢᠳᠦ ᠰᠠᠯᠭᠠᠯ᠎ᠦᠭᠡᠢ ᠰᠢᠷᠲᠡᠬᠦ ᠬᠠᠷᠠᠴᠠ᠎ᠨᠢ ᠶᠡᠬᠡᠯ᠎ᠡ ᠡᠨᠡᠷᠢᠩᠭᠦᠢ ᠪᠣᠯᠤᠭᠰᠠᠨ᠎ᠰᠢᠭ᠋ ᠪᠠᠢᠪᠠ᠃ ᠥᠬᠢᠨ᠎ᠨᠢ ᠲᠡᠭᠦᠨ᠎ᠦ ᠨᠢᠳᠦᠨ᠎ᠳᠦ ᠠᠯᠲᠠ᠎ᠪᠠᠷ ᠴᠢᠳᠭᠤᠭᠳᠠᠭᠰᠠᠨ ᠬᠥᠮᠦᠨ ᠮᠡᠲᠦ ᠬᠠᠷᠠᠭᠳᠠᠵᠤ ᠪᠠᠢᠵᠠᠢ᠃

ᠡᠪᠦᠭᠡᠨ ᠱᠠᠯᠠᠮᠠᠴᠢᠨ᠎ᠤ ᠵᠠᠩ ᠲᠤᠢᠯ᠎ᠤᠨ ᠶᠡᠬᠡ ᠬᠤᠪᠢᠷᠠᠵᠤ᠂ ᠥᠬᠢᠨ᠎ᠦ᠎ᠪᠡᠨ ᠡᠮᠦᠨ᠎ᠡ ᠬᠡᠵᠢᠶᠡᠳᠡ ᠴᠡᠴᠡᠷᠡᠨ ᠳᠠᠭᠵᠢᠵᠤ ᠪᠠᠢᠬᠤ ᠪᠣᠯᠵᠠᠢ᠃ ᠡᠨᠡ᠎ᠬᠦ ᠪᠠᠢᠳᠠᠯ᠎ᠢ ᠦᠵᠡᠭᠰᠡᠨ ᠨᠠᠨᠤᠩ ᠪᠣᠯᠤᠨ ᠺᠷᠦᠱᠧᠸ᠎ᠨᠡᠷ᠂ ᠨᠠᠰᠤ᠎ᠨᠢ ᠥᠨᠳᠦᠷ ᠪᠣᠯᠤᠭᠰᠠᠨ᠎ᠤ ᠰᠢᠯᠲᠠᠭᠠᠨ ᠪᠤᠶᠤ ᠴᠢᠨᠠᠭᠰᠢᠯᠠᠪᠠᠯ ᠵᠠᠷᠢᠮ ᠨᠢᠭᠡᠨ ᠡᠷᠬᠡᠲᠡᠨ᠎ᠨᠢ ᠨᠢᠭᠡᠨᠲᠡ ᠡᠳ᠋ᠯᠡᠭᠡ᠎ᠦᠭᠡᠢ ᠪᠣᠯᠤᠭᠰᠠᠨ᠎ᠴᠤ᠎ᠶᠤᠮ᠎ᠤᠤ ᠭᠡᠵᠦ ᠪᠣᠳᠤᠨ ᠰᠡᠳᠭᠢᠯ ᠵᠣᠪᠠᠵᠤ ᠪᠠᠢᠯ᠎ᠠ᠃ ᠭᠡᠪᠡᠴᠦ ᠭᠡᠷ᠎ᠢᠶᠡᠷ᠎ᠢᠶᠡᠨ ᠣᠢ ᠭᠠᠰᠢᠭᠤ ᠬᠢᠬᠦ ᠪᠣᠯᠤᠭᠰᠠᠨ ᠲᠡᠷᠡ ᠡᠳᠦᠷ᠂ ᠣᠷᠤᠢ᠎ᠶᠢᠨ ᠬᠣᠭᠤᠯᠠᠨ᠎ᠤ ᠳᠠᠷᠠᠭ᠎ᠠ ᠡᠪᠦᠭᠡᠨ᠎ᠦ ᠨᠢᠭᠤᠴᠠ᠎ᠶᠢ ᠮᠡᠳᠡᠬᠦ ᠴᠣᠷᠢ᠎ᠶᠢᠨ ᠭᠠᠭᠴᠠ ᠬᠥᠮᠦᠨ ᠪᠣᠯᠬᠤ ᠪᠠᠲᠤᠯᠠᠭ᠎ᠠ᠎ᠶᠢᠨ ᠬᠥᠮᠦᠨ ᠰᠠᠭᠤᠵᠤ ᠪᠠᠢᠬᠤ ᠦᠶ᠎ᠡ᠎ᠳᠦ᠂ ᠡᠪᠦᠭᠡᠨ ᠱᠠᠯᠠᠮᠠᠴᠢᠨ᠎ᠤ ᠰᠣᠨᠢᠨ ᠬᠠᠴᠢᠨ ᠬᠥᠳᠡᠯᠪᠦᠷᠢ ᠲᠠᠢᠯᠪᠤᠷᠢᠯᠠᠭᠳᠠᠪᠠ᠃

ᠬᠣᠭᠤᠯᠠᠨ᠎ᠤ ᠰᠢᠷᠡᠭᠡ᠎ᠪᠡᠨ ᠬᠤᠷᠢᠶᠠᠵᠤ ᠡᠭᠦᠳᠡ᠎ᠪᠡᠨ ᠴᠢᠩᠭ᠎ᠠ ᠬᠠᠭᠠᠭᠠᠳ ᠭᠷᠠᠨᠳᠧᠲ ᠢᠦᠭᠧᠨ᠋ᠸ᠎ᠳᠦ:

《ᠮᠢᠨᠦ ᠤᠬᠠᠭᠠᠨ᠎ᠲᠠᠢ ᠥᠬᠢᠨ ᠡ᠂ ᠴᠢ ᠣᠳᠣ ᠡᠵᠢ᠎ᠶᠢᠨ᠎ᠢᠶᠡᠨ ᠡᠷᠬᠡ᠎ᠶᠢ ᠵᠠᠯᠭᠠᠮᠵᠢᠯᠠᠬᠤ ᠪᠣᠯᠪᠠ᠂ ᠪᠢᠳᠡᠨ᠎ᠦ ᠬᠣᠭᠤᠷᠤᠨᠳᠤᠬᠢ ᠪᠠᠭ᠎ᠠ ᠰᠠᠭ᠎ᠠ ᠶᠠᠪᠤᠳᠠᠯ᠎ᠢᠶᠠᠨ ᠨᠢᠭᠡ ᠲᠡᠰᠢ ᠪᠣᠯᠭᠠᠬᠤ ᠬᠡᠷᠡᠭᠲᠡᠢ ᠪᠠᠢᠨ᠎ᠠ᠃ - ᠲᠡᠢᠮᠦ᠎ᠦᠦ᠎ᠦᠭᠡᠢ᠎ᠦᠦ᠂ ᠺᠷᠦᠱᠧᠸ ᠡ?》 ᠭᠡᠪᠡ᠃

《ᠲᠡᠢᠮᠦ᠃ 》

《ᠵᠠᠪᠠᠯ ᠥᠨᠦᠳᠦᠷ ᠭᠦᠢᠴᠡᠳᠭᠡᠬᠦ᠎ᠦᠭᠡᠢ ᠪᠣᠯ ᠪᠣᠯᠬᠤ᠎ᠦᠭᠡᠢ ᠭᠡᠵᠦ᠎ᠦᠦ᠂ ᠠᠪᠤ ᠡ?》

《ᠲᠡᠢᠮᠦ ᠲᠡᠢᠮᠦ᠂ ᠬᠣᠩᠭᠤᠷ᠎ᠮᠢᠨᠢ᠃ ᠪᠢ ᠪᠣᠯ ᠬᠡᠷᠡᠭ ᠶᠠᠪᠤᠳᠠᠯ᠎ᠢ ᠬᠡᠬᠦᠳᠡᠭ᠎ᠲᠡᠭᠡᠨ ᠬᠠᠳᠠᠭᠠᠯᠠᠭᠠᠳ ᠪᠠᠢᠵᠤ ᠴᠢᠳᠠᠳᠠᠭ᠎ᠦᠭᠡᠢ ᠬᠥᠮᠦᠨ᠃ ᠴᠢ ᠶᠠᠭᠠᠬᠢᠯ᠎ᠠ᠎ᠴᠤ ᠭᠡᠰᠡᠨ ᠨᠠᠮᠠᠢ ᠵᠣᠪᠠᠭᠠᠶ᠎ᠠ ᠭᠡᠵᠦ ᠪᠣᠳᠤᠬᠤ᠎ᠦᠭᠡᠢ ᠪᠤᠢ ᠳ᠋ᠠ᠃ 》

《ᠡ! ᠠᠪᠤ ᠁》

《ᠵᠠ᠂ ᠲᠡᠭᠡᠪᠡᠯ ᠡᠨᠡ ᠣᠷᠤᠢ ᠪᠦᠭᠦᠳᠡ᠎ᠶᠢ ᠭᠦᠢᠴᠡᠳᠭᠡᠵᠦ ᠳᠠᠭᠤᠰᠭᠠᠶ᠎ᠠ᠃ 》

《ᠲᠠ ᠨᠠᠳᠠ᠎ᠪᠠᠷ ᠶᠠᠭᠤ ᠬᠢᠯᠭᠡᠬᠦ ᠭᠡᠰᠡᠨ᠎ᠶᠦᠮ?》

《ᠬᠣᠩᠭᠤᠷ᠎ᠮᠢᠨᠢ᠂ ᠡᠨᠡ ᠬᠠᠷᠢᠨ ᠨᠠᠳᠠ ᠬᠠᠮᠢᠶ᠎ᠠ᠎ᠦᠭᠡᠢ ᠶᠠᠪᠤᠳᠠᠯ᠃ - ᠺᠷᠦᠱᠧᠸ᠎ᠮᠢᠨᠢ ᠴᠢ ᠬᠡᠯᠡᠭᠡᠳ ᠥᠭ᠃ 》

《ᠠᠪᠠᠭᠠᠢ᠎ᠮᠢᠨᠢ᠂ ᠭᠷᠠᠨᠳᠧᠲ ᠭᠤᠸᠠᠢ ᠪᠣᠯ ᠡᠳ᠋ ᠬᠥᠷᠦᠩᠭᠡ᠎ᠪᠡᠨ ᠬᠤᠪᠢᠶᠠᠬᠤ᠎ᠴᠤ ᠳᠤᠷ᠎ᠠ᠎ᠦᠭᠡᠢ᠂ ᠬᠤᠳᠠᠯᠳᠤᠬᠤ᠎ᠴᠤ ᠳᠤᠷ᠎ᠠ᠎ᠦᠭᠡᠢ᠂ ᠨᠡᠩ ᠢᠯᠠᠩᠭᠤᠶ᠎ᠠ ᠪᠡᠯᠡᠨ ᠵᠣᠭᠤᠰ ᠪᠣᠯᠭᠠᠨ ᠬᠤᠪᠢᠯᠭᠠᠵᠤ ᠶᠡᠬᠡ ᠭᠠᠢᠯᠢ ᠲᠤᠰᠢᠶᠠᠬᠤ ᠤᠯᠠᠮ ᠳᠤᠷ᠎ᠠ᠎ᠦᠭᠡᠢ ᠪᠠᠢᠨ᠎ᠠ᠃ ᠲᠡᠢᠮᠦ᠎ᠡᠴᠡ ᠴᠢ ᠠᠪᠤ᠎ᠲᠠᠢ᠎ᠪᠠᠨ ᠬᠠᠮᠲᠤ ᠪᠤᠢ ᠡᠳ᠋ ᠬᠥᠷᠦᠩᠭᠡ᠎ᠪᠡᠨ ᠳᠠᠩᠰᠠᠯᠠᠭᠤᠯᠬᠤ ᠡᠷᠬᠡ᠎ᠪᠡᠨ ᠬᠠᠶᠠᠬᠤ ᠁》

《ᠺᠷᠦᠱᠧᠸ ᠭᠤᠸᠠᠢ᠂ ᠲᠠᠨ᠎ᠤ ᠡᠳᠡᠭᠡᠷ ᠦᠭᠡ᠎ᠴᠢᠨᠢ ᠯᠠᠪ ᠦᠨᠡᠨ᠎ᠶᠦᠮ ᠪᠤᠢ ᠳ᠋ᠠ᠂ ᠬᠡᠦᠬᠡᠳ᠎ᠲᠦ ᠬᠡᠯᠡᠮᠡᠷ ᠦᠭᠡ ᠪᠤᠢ ᠳ᠋ᠠ ?》

《ᠪᠢ ᠬᠡᠯᠡᠵᠦ ᠪᠠᠷᠠᠶ᠎ᠠ᠂ ᠭᠷᠠᠨᠳᠧᠲ ᠠᠪᠤᠭᠠᠢ᠃ 》

《ᠵᠠ ᠰᠠᠢᠨ ᠪᠠᠢᠨ᠎ᠠ᠂ ᠨᠠᠢᠵᠠ᠎ᠮᠢᠨᠢ᠂ ᠮᠢᠨᠦ ᠥᠬᠢᠨ ᠲᠠ ᠬᠣᠶᠠᠷ ᠮᠢᠨᠦ ᠬᠤᠪᠢ᠎ᠶᠢᠨ ᠡᠳ᠋ ᠬᠥᠷᠦᠩᠭᠡ᠎ᠶᠢ ᠪᠤᠯᠢᠶᠠᠬᠤ᠎ᠪᠠᠷ᠎ᠯᠠ᠎ᠦᠭᠡᠢ᠎ᠶᠤᠮ᠂ - ᠲᠡᠢᠮᠦ ᠪᠤᠢ ᠳ᠋ᠠ᠂ ᠬᠣᠩᠭᠤᠷ᠎ᠮᠢᠨᠢ?》

《᠎ᠦᠭᠡᠢ᠂ ᠲᠡᠭᠡᠭᠡᠳ ᠺᠷᠦᠱᠧᠸ ᠭᠤᠸᠠᠢ᠂ ᠲᠠ ᠨᠠᠳᠠ᠎ᠪᠠᠷ ᠴᠣᠬᠤᠮ ᠶᠠᠭᠤ ᠬᠢᠯᠭᠡᠬᠦ ᠭᠡᠳ ᠪᠠᠢᠭ᠎ᠠ᠎ᠶᠤᠮ?》 ᠭᠡᠵᠦ ᠢᠦᠭᠧᠨ᠋ᠸ ᠶᠠᠷᠰᠢᠭᠯᠠᠨ ᠠᠰᠠᠭᠤᠪᠠ᠃

《ᠡᠨᠡ᠂ ᠴᠢ ᠡᠨᠡ ᠳᠠᠩᠰᠠᠨ ᠳᠡᠭᠡᠷ᠎ᠡ ᠭᠠᠷ᠎ᠤᠨ ᠦᠰᠦᠭ ᠵᠢᠷᠤᠵᠤ᠂ ᠭᠷᠠᠨᠳᠧᠲ ᠬᠠᠲᠤᠭᠲᠠᠢ᠎ᠶᠢ ᠵᠠᠯᠭᠠᠮᠵᠢᠯᠠᠬᠤ ᠡᠷᠬᠡ᠎ᠪᠡᠨ ᠬᠠᠶᠠᠵᠤ᠂ ᠭᠷᠠᠨᠳᠧᠲ ᠨᠣᠶᠠᠨᠲᠠᠨ᠎ᠤ ᠬᠢ᠎ᠲᠡᠢ ᠬᠠᠮᠲᠤ ᠪᠠᠢᠭ᠎ᠠ ᠡᠳ᠋ ᠬᠥᠷᠦᠩᠭᠡ᠎ᠪᠡᠨ ᠴᠥᠮ ᠪᠦᠷᠢᠨ᠎ᠢᠶᠡᠷ᠎ᠨᠢ ᠭᠷᠠᠨᠳᠧᠲ ᠨᠣᠶᠠᠨᠲᠠᠨ᠎ᠳᠤ ᠲᠤᠰᠢᠶᠠᠨ ᠬᠠᠮᠢᠶᠠᠷᠤᠭᠤᠯᠵᠤ᠂ ᠣᠷᠤᠯᠭ᠎ᠠ᠎ᠶᠢ᠎ᠨᠢ ᠮᠥᠨ ᠭᠷᠠᠨᠳᠧᠲ ᠨᠣᠶᠠᠨᠲᠠᠨ᠎ᠳᠤ ᠡᠵᠡᠮᠰᠢᠭᠦᠯᠵᠦ᠂ ᠥᠪᠡᠷ᠎ᠲᠡᠭᠡᠨ ᠭᠠᠭᠴᠠ᠎ᠬᠦ ᠬᠡᠢᠰᠪᠦᠷᠢ ᠡᠵᠡᠮᠰᠢᠯ᠎ᠦᠨ ᠡᠷᠬᠡ ᠦᠯᠡᠳᠡᠭᠡᠬᠦ᠎ᠪᠡᠨ ᠲᠣᠳᠤᠷᠬᠠᠢᠯᠠ ᠁》

《ᠲᠠᠨ᠎ᠤ ᠬᠡᠯᠡᠭᠰᠡᠨ ᠦᠭᠡ᠎ᠶᠢ ᠪᠢ ᠣᠭᠲᠤ ᠣᠢᠯᠠᠭᠠᠬᠤ᠎ᠦᠭᠡᠢ ᠪᠠᠢᠨ᠎ᠠ》 ᠭᠡᠵᠦ ᠢᠦᠭᠧᠨ᠋ᠸ ᠬᠠᠷᠢᠭᠤᠯᠤᠭᠠᠳ 《ᠲᠡᠷᠡ ᠭᠡᠷ᠎ᠡ ᠪᠢᠴᠢᠭ᠎ᠢᠶᠡᠨ ᠨᠠᠳᠠ ᠥᠭᠴᠦ ᠬᠠᠮᠢᠭ᠎ᠠ᠎ᠨᠢ ᠭᠠᠷ᠎ᠤᠨ ᠦᠰᠦᠭ ᠵᠢᠷᠤᠬᠤ᠎ᠶᠢ ᠵᠢᠭᠠᠭᠠᠳ ᠠᠯᠢ》 ᠭᠡᠪᠡ᠃

ᠭᠷᠠᠨᠳᠧᠲ ᠡᠪᠦᠭᠡᠨ᠎ᠦ ᠬᠠᠷᠠᠴᠠ ᠢᠦᠭᠧᠨ᠋ᠸ ᠭᠡᠷ᠎ᠡ ᠪᠢᠴᠢᠭ ᠬᠣᠶᠠᠷ ᠳᠡᠭᠡᠷ᠎ᠡ ᠴᠢᠯᠦᠭᠡ ᠵᠠᠪ᠎ᠦᠭᠡᠢ ᠡᠭᠡᠯᠵᠢᠯᠡᠨ ᠲᠤᠰᠴᠤ᠂ ᠮᠠᠩᠨᠠᠢ᠎ᠠᠴᠠ᠎ᠨᠢ ᠬᠥᠯᠦᠰᠦ ᠪᠠᠳᠭᠤᠵᠤ ᠲᠠᠰᠤᠷᠠᠯᠲᠠ᠎ᠦᠭᠡᠢ ᠠᠷᠴᠢᠨ᠎ᠠ᠃

《ᠬᠣᠩᠭᠤᠷ᠎ᠮᠢᠨᠢ᠂ ᠡᠨᠡ᠎ᠬᠦ ᠭᠡᠷ᠎ᠡ ᠪᠢᠴᠢᠭ᠎ᠢ ᠠᠪᠠᠴᠢᠵᠤ ᠬᠢᠨᠠᠯᠲᠠ᠎ᠶᠢᠨ ᠮᠠᠲᠧᠷᠢᠶᠠᠯ ᠪᠣᠯᠭᠠᠬᠤ᠎ᠳᠤ ᠶᠡᠬᠡ ᠬᠡᠮᠵᠢᠶᠡᠨ᠎ᠦ ᠵᠣᠭᠤᠰ ᠵᠠᠷᠤᠴᠠᠭᠤᠯᠳᠠᠭ᠎ᠶᠤᠮ᠃ ᠴᠢ ᠥᠪᠡᠷ᠎ᠦᠨ ᠬᠥᠭᠡᠷᠦᠬᠦᠢᠯᠡᠯᠲᠦ ᠡᠬᠡ᠎ᠪᠡᠨ ᠵᠠᠯᠭᠠᠮᠵᠢᠯᠠᠬᠤ ᠡᠷᠬᠡ᠎ᠪᠡᠨ ᠶᠠᠮᠠᠷ᠎ᠴᠤ ᠨᠥᠬᠦᠴᠡᠯ᠎ᠦᠭᠡᠢ᠎ᠪᠡᠷ ᠬᠠᠶᠠᠵᠤ᠂ ᠥᠪᠡᠷ᠎ᠦᠨ ᠢᠷᠡᠭᠡᠳᠦᠢ᠎ᠪᠡᠨ ᠨᠠᠳᠠ ᠨᠠᠢᠳᠠᠪᠠᠯ ᠪᠢ ᠮᠠᠰᠢ ᠳᠤᠷᠠᠲᠠᠢ᠃ ᠪᠢ ᠰᠠᠷ᠎ᠠ ᠪᠦᠷᠢ ᠴᠢᠮ᠎ᠠ᠎ᠳᠤ ᠵᠠᠭᠤᠨ ᠹᠷᠠᠩᠺ᠎ᠤᠨ ᠶᠡᠬᠡ ᠬᠦᠦ ᠥᠭᠭᠦᠶ᠎ᠡ᠃ ᠢᠩᠭᠢᠭᠡᠳ ᠴᠢ ᠬᠡᠳᠦᠨ ᠤᠳᠠᠭ᠎ᠠ ᠮᠢᠰᠰᠠ ᠪᠡᠯᠡᠳᠭᠡᠵᠦ ᠬᠡᠨ ᠬᠡᠨ᠎ᠢᠶᠡᠨ ᠵᠠᠯᠠᠬᠤ᠎ᠶᠢ ᠳᠤᠷ᠎ᠠ᠎ᠪᠠᠷ᠎ᠢᠶᠠᠨ ᠪᠣᠯ ᠁ ᠡᠩ! ᠰᠠᠷ᠎ᠠ ᠪᠦᠷᠢ ᠵᠠᠭᠤᠨ ᠹᠷᠠᠩᠺ ᠪᠣᠯᠬᠤ ᠪᠤᠢ᠎ᠤᠤ?》

《ᠲᠠ ᠶᠠᠭᠠᠬᠢᠶ᠎ᠠ᠎ᠯᠠ ᠭᠡᠪᠡᠯ ᠲᠡᠭᠡᠵᠦ᠎ᠯᠡ ᠪᠠᠢ᠂ ᠠᠪᠤ ᠡ᠃ 》

《ᠠᠪᠠᠬᠠᠢ᠂ ᠡᠨᠡ ᠪᠠᠢᠳᠠᠯ᠎ᠢᠶᠠᠷ ᠪᠣᠯ ᠴᠢᠮ᠎ᠠ᠎ᠳᠤ ᠶᠠᠭᠤ᠎ᠴᠤ ᠦᠯᠡᠳᠡᠬᠦ᠎ᠦᠭᠡᠢ ᠪᠣᠯᠤᠨ᠎ᠠ ᠰᠢᠤ ᠭᠡᠵᠦ ᠪᠢ ᠴᠢᠮ᠎ᠠ᠎ᠳᠤ ᠬᠡᠯᠡᠬᠦ ᠬᠠᠷᠢᠭᠤᠴᠠᠯᠭ᠎ᠠ ᠪᠠᠢᠨ᠎ᠠ ᠁》

《ᠲᠡᠭᠷᠢ ᠡ᠂ ᠲᠡᠷᠡ ᠨᠠᠳᠠ ᠶᠠᠭᠤᠨ᠎ᠤ ᠬᠠᠮᠢᠶ᠎ᠠ ᠪᠠᠢᠬᠤ ᠪᠤᠢ!》 ᠭᠡᠵᠦ ᠢᠦᠭᠧᠨ᠋ᠸ ᠬᠠᠷᠢᠭᠤᠯᠪᠠ᠃

《ᠪᠢᠲᠡᠭᠡᠢ ᠢᠯᠡᠭᠦᠦ ᠦᠭᠡ ᠶᠠᠷᠢ᠂ ᠺᠷᠦᠱᠧᠸ ᠡ᠃ - ᠬᠡᠯᠡᠪᠡᠯ ᠬᠠᠤᠯᠢ ᠰᠢᠤ》 ᠭᠡᠳ ᠭᠷᠠᠨᠳᠧᠲ ᠡᠪᠦᠭᠡᠨ ᠥᠬᠢᠨ᠎ᠦ᠎ᠪᠡᠨ ᠭᠠᠷ᠎ᠢ ᠭᠠᠷ ᠳᠡᠭᠡᠷ᠎ᠡ᠎ᠪᠡᠨ ᠲᠠᠯᠪᠢᠵᠤ ᠢᠯᠪᠢᠨ: 《 ᠢᠦᠭᠧᠨ᠋ᠸ᠂ ᠴᠢ ᠯᠠᠪ ᠬᠣᠵᠢᠮ ᠭᠡᠮᠰᠢᠬᠦ᠎ᠦᠭᠡᠢ᠎ᠶᠦᠮ᠂ ᠴᠢ ᠪᠣᠯ ᠢᠲᠡᠭᠡᠯ ᠨᠠᠢᠳᠠᠪᠤᠷᠢᠲᠤ ᠥᠬᠢᠨ᠂ ᠲᠡᠢᠮᠦ ᠪᠤᠢ ᠳ᠋ᠠ ?》 ᠭᠡᠪᠡ᠃

《ᠡᠩ! ᠠᠪᠤ ᠁》

ᠭᠷᠠᠨᠳᠧᠲ ᠡᠪᠦᠭᠡᠨ ᠲᠡᠭᠦᠨ᠎ᠢ ᠪᠠᠶᠠᠷ᠎ᠲᠠᠢ᠎ᠪᠠᠷ ᠴᠢᠩᠭ᠎ᠠ ᠲᠡᠪᠡᠷᠢᠵᠦ ᠪᠠᠷᠤᠭ ᠠᠮᠢᠰᠭᠤᠭ᠎ᠠ ᠠᠪᠴᠤ ᠪᠣᠯᠬᠤ᠎ᠦᠭᠡᠢ ᠪᠣᠯᠭᠠᠪᠠ᠃

《ᠪᠣᠯᠤᠯ᠎ᠠ᠂ ᠥᠬᠢᠨ᠎ᠮᠢᠨᠢ᠂ ᠴᠢ ᠨᠠᠳᠠ ᠠᠮᠢᠳᠤᠷᠠᠬᠤ ᠵᠠᠮ ᠣᠯᠭᠤᠪᠠ᠃ ᠪᠢ ᠠᠮᠢ᠎ᠲᠠᠢ ᠪᠣᠯᠪᠠ᠃ ᠭᠡᠪᠡᠴᠦ ᠡᠨᠡ ᠪᠣᠯ ᠴᠢ ᠨᠠᠳᠠ ᠥᠷᠢ ᠲᠥᠯᠦᠵᠦ ᠪᠠᠢᠭ᠎ᠠ ᠶᠠᠪᠤᠳᠠᠯ᠎ᠶᠤᠮ᠃ ᠢᠩᠭᠢᠭᠡᠳ ᠪᠢᠳᠡ ᠳᠠᠩᠰᠠ ᠴᠠᠢᠷᠠᠭᠤᠯᠪᠠ᠃ ᠡᠨᠡ ᠪᠣᠯ ᠶᠣᠰᠤᠲᠠᠢ ᠰᠢᠳᠤᠷᠭᠤ ᠲᠡᠭᠰᠢ ᠠᠷᠠᠯᠵᠢᠶ᠎ᠠ ᠮᠠᠢᠮᠠᠢ᠎ᠳᠤ ᠲᠣᠭᠠᠴᠢᠭᠳᠠᠨ᠎ᠠ᠃ ᠬᠥᠮᠦᠨ᠎ᠦ ᠠᠮᠢᠳᠤᠷᠠᠯ ᠭᠡᠳᠡᠭ ᠪᠣᠯ ᠨᠢᠭᠡ ᠶᠣᠰᠤᠨ᠎ᠤ ᠠᠷᠠᠯᠵᠢᠶ᠎ᠠ ᠮᠠᠢᠮᠠᠢ᠎ᠶᠤᠮ᠃ ᠪᠢ ᠴᠢᠮᠠᠢ ᠢᠷᠦᠭᠡᠶ᠎ᠡ! ᠴᠢ ᠪᠣᠯ ᠡᠷᠬᠢᠮ ᠰᠠᠢᠨ ᠵᠠᠩ ᠠᠭᠠᠯᠢ᠎ᠲᠠᠢ ᠥᠬᠢᠨ᠂ ᠠᠪᠤ᠎ᠳᠠᠭᠠᠨ ᠡᠯᠪᠡᠷᠢᠯᠲᠡᠢ ᠥᠬᠢᠨ᠃ ᠴᠢ ᠣᠳᠣ ᠶᠠᠭᠤ ᠬᠢᠶ᠎ᠡ ᠭᠡᠪᠡᠯ ᠳᠤᠷ᠎ᠠ᠎ᠪᠠᠷ᠎ᠢᠶᠠᠨ ᠪᠣᠯ᠃ 》

ᠭᠷᠠᠨᠳᠧᠲ ᠡᠪᠦᠭᠡᠨ᠂ ᠭᠠᠢᠬᠠᠨ ᠮᠡᠯᠡᠷᠡᠭᠰᠡᠨ ᠺᠷᠦᠱᠧᠸ ᠤᠷᠤᠭᠤ ᠬᠠᠷᠠᠵᠤ: 《ᠪᠠᠶᠠᠷᠲᠠᠢ᠂ ᠮᠠᠷᠭᠠᠰᠢ ᠠᠭᠤᠯᠵᠠᠶ᠎ᠠ᠂ ᠲᠠ ᠰᠢᠭᠦᠬᠦ ᠬᠣᠷᠢᠶᠠᠨ᠎ᠤ ᠨᠠᠷᠢᠨ ᠪᠢᠴᠢᠭ᠎ᠦᠨ ᠨᠣᠶᠠᠨ᠎ᠲᠠᠢ ᠤᠴᠠᠷᠠᠵᠤ ᠡᠷᠬᠡ᠎ᠪᠡᠨ ᠬᠠᠶᠠᠬᠤ ᠭᠡᠷ᠎ᠡ ᠪᠢᠴᠢᠭ ᠪᠡᠯᠡᠳᠭᠡᠭᠦᠯᠬᠦ᠎ᠶᠢ ᠬᠦᠰᠡᠶ᠎ᠡ᠃ ᠲᠠ ᠨᠢᠭᠡ ᠲᠤᠰᠠ ᠪᠣᠯᠤᠭᠠᠴᠢ》 ᠭᠡᠪᠡ᠃

ᠮᠠᠷᠭᠠᠰᠢ ᠦᠳᠡ᠎ᠳᠦᠨᠢ ᠭᠠᠷ᠎ᠤᠨ ᠦᠰᠦᠭ ᠵᠢᠷᠤᠵᠤ ᠢᠦᠭᠧᠨ᠋ᠸ ᠰᠠᠢᠨ ᠳᠤᠷ᠎ᠠ᠎ᠠᠴᠠ᠎ᠪᠠᠨ ᠡᠷᠬᠡ᠎ᠪᠡᠨ ᠬᠠᠶᠠᠪᠠ᠃

ᠭᠡᠲᠡᠯ᠎ᠡ ᠡᠬᠢᠨ᠎ᠦ ᠵᠢᠯ᠎ᠦᠨ ᠡᠴᠦᠰ ᠪᠣᠯᠤᠭᠰᠠᠨ ᠠᠲᠠᠯ᠎ᠠ ᠡᠪᠦᠭᠡᠨ ᠱᠠᠯᠠᠮᠠᠴᠢᠨ ᠥᠬᠢᠨ᠎ᠳᠡᠭᠡᠨ ᠥᠭᠭᠦᠨ᠎ᠡ ᠭᠡᠵᠦ ᠠᠮᠠᠯᠠᠭᠰᠠᠨ ᠰᠠᠷ᠎ᠠ ᠪᠦᠷᠢ᠎ᠶᠢᠨ ᠵᠠᠭᠤᠨ ᠹᠷᠠᠩᠺ᠎ᠨᠢ ᠪᠠᠷ᠎ᠠ ᠰᠡᠭᠦᠳᠡᠷ᠎ᠦᠭᠡᠢ ᠪᠠᠢᠯ᠎ᠠ᠃ ᠡᠨᠡ ᠲᠤᠬᠠᠢ ᠢᠦᠭᠧᠨ᠋ᠸ ᠶᠠᠷᠢᠶ᠎ᠠ ᠬᠥᠭᠡᠷᠦᠭᠡ᠎ᠶᠢᠨ ᠳᠤᠮᠳᠠ ᠳᠤᠷᠠᠳᠤᠭᠠᠳ ᠠᠪᠤᠭᠰᠠᠨ᠎ᠠ ᠭᠷᠠᠨᠳᠧᠲ ᠠᠪᠤᠭᠠᠢ ᠴᠢᠷᠠᠢ ᠤᠯᠠᠢᠭᠠᠳ ᠨᠢᠭᠤᠴᠠ ᠭᠡᠷ᠎ᠲᠡᠭᠡᠨ ᠭᠦᠶᠦᠨ ᠣᠷᠤᠵᠤ᠂ ᠠᠴᠢ ᠬᠦᠦ᠎ᠡᠴᠡ᠎ᠪᠡᠨ ᠲᠤᠩ ᠬᠢᠮᠳᠠᠬᠠᠨ ᠦᠨ᠎ᠡ᠎ᠪᠡᠷ ᠬᠤᠳᠠᠯᠳᠤᠵᠤ ᠠᠪᠤᠭᠰᠠᠨ ᠠᠯᠲᠠᠨ ᠵᠢᠮᠰᠡᠭ᠎ᠦᠨ᠎ᠢᠶᠡᠨ ᠭᠤᠷᠪᠠᠨ᠎ᠤ ᠨᠢᠭᠡ᠎ᠶᠢ ᠠᠪᠤᠭᠠᠳ ᠪᠠᠭᠤᠵᠤ ᠢᠷᠡᠪᠡ᠃

《ᠥᠬᠢᠨ᠎ᠮᠢᠨᠢ ᠳ᠋ᠠ 》 ᠭᠡᠳ ᠭᠷᠠᠨᠳᠧᠲ ᠠᠪᠤᠭᠠᠢ ᠶᠣᠵᠤᠯᠠᠭᠰᠠᠨ ᠠᠶᠠᠯᠭ᠎ᠠ᠎ᠪᠠᠷ 《ᠡᠭᠦᠨ᠎ᠢᠶᠡᠷ ᠮᠢᠩᠭ᠎ᠠ ᠬᠣᠶᠠᠷ ᠵᠠᠭᠤᠨ ᠹᠷᠠᠩᠺ᠎ᠤᠨ᠎ᠢᠶᠠᠨ ᠲᠥᠯᠦᠪᠦᠷᠢ ᠪᠣᠯᠭᠠᠬᠤ᠎ᠤᠤ?》 ᠭᠡᠪᠡ᠃

《ᠢᠯᠢ᠂ ᠠᠪᠤ᠎ᠮᠢᠨᠢ᠂ ᠨᠡᠭᠡᠷᠡᠨ ᠡᠨᠡ ᠪᠦᠭᠦᠳᠡ᠎ᠶᠢ ᠨᠠᠳᠠ ᠥᠭᠬᠦ᠎ᠨᠢ᠎ᠦᠦ?》

《ᠬᠣᠢᠲᠤᠨ ᠵᠢᠯ ᠪᠢ ᠴᠢᠮ᠎ᠠ᠎ᠳᠤ ᠪᠠᠰᠠ ᠡᠳᠦᠢ ᠥᠭᠭᠦᠶ᠎ᠡ》 ᠭᠡᠵᠦ ᠬᠡᠯᠡᠭᠰᠡᠭᠡᠷ ᠠᠯᠲᠠᠨ ᠵᠢᠮᠰᠡᠭ᠎ᠢ ᠬᠣᠷᠮᠤᠢᠪᠴᠢ᠎ᠶᠢᠨ ᠬᠠᠷᠮᠠᠨ᠎ᠳᠤᠨᠢ ᠬᠢᠵᠦ: 《ᠵᠠ ᠳ᠋ᠠ᠂ ᠳᠡᠮᠡᠢ ᠤᠳᠠᠬᠤ᠎ᠦᠭᠡᠢ ᠲᠡᠭᠦᠨ᠎ᠦ ᠲᠣᠯᠤᠭᠠᠢ᠎ᠶᠢᠨ ᠵᠠᠰᠠᠯ ᠪᠦᠷ ᠴᠢᠨᠦᠬᠢ ᠪᠣᠯᠬᠤ᠎ᠨᠢ ᠡ》 ᠭᠡᠵᠦ ᠭᠠᠷ᠎ᠢᠶᠠᠨ ᠱᠦᠷᠭᠦᠭᠡᠭᠰᠡᠭᠡᠷ ᠬᠡᠯᠡᠪᠡ᠃ ᠭᠷᠠᠨᠳᠧᠲ ᠠᠪᠤᠭᠠᠢ ᠥᠬᠢᠨ᠎ᠦ᠎ᠪᠡᠨ ᠬᠠᠢᠷ᠎ᠠ ᠰᠡᠳᠭᠢᠯ᠎ᠢ ᠠᠰᠢᠭᠯᠠᠵᠤ ᠣᠯᠵᠠ᠎ᠲᠠᠢ ᠮᠠᠢᠮᠠᠢ ᠬᠢᠭᠰᠡᠨ᠎ᠳᠡᠭᠡᠨ ᠶᠡᠬᠡ᠎ᠯᠡ ᠪᠠᠶᠠᠰᠤᠭᠰᠠᠨ ᠪᠠᠢᠨ᠎ᠠ᠃ ᠬᠡᠯᠡᠬᠦ᠎ᠳᠦ ᠡᠢᠮᠦ᠎ᠴᠦ ᠭᠷᠠᠨᠳᠧᠲ ᠡᠪᠦᠭᠡᠨ ᠪᠠᠰᠠ ᠬᠠᠷᠠᠬᠠᠨ ᠡᠷᠡᠭᠦᠯ ᠲᠡᠩᠬᠡᠯᠡᠭᠦᠨ ᠪᠣᠯᠪᠠᠴᠤ ᠥᠬᠢᠨ᠎ᠳᠡᠭᠡᠨ ᠠᠵᠤ ᠲᠥᠷᠦᠬᠦ ᠳᠡᠮ ᠳᠣᠨᠤ ᠵᠢᠭᠠᠬᠤ ᠭᠡᠵᠦ ᠪᠣᠳᠤᠵᠠᠢ᠃ ᠲᠡᠭᠡᠭᠡᠳ ᠬᠣᠶᠠᠷ ᠵᠢᠯ ᠳᠠᠷᠠᠭᠠᠯᠠᠨ ᠢᠦᠭᠧᠨ᠋ᠸ᠎ᠢ ᠬᠠᠷᠠᠵᠤ ᠪᠠᠢᠭᠠᠳ ᠬᠣᠭᠤᠯᠠ ᠬᠤᠰᠢ ᠳᠠᠭᠤᠳᠠᠭᠤᠯᠬᠤ ᠪᠠ ᠥᠷᠢ ᠰᠢᠷᠢ ᠬᠤᠷᠢᠶᠠᠯᠭᠠᠪᠠ᠃ ᠭᠷᠠᠨᠳᠧᠲ ᠠᠭᠠᠵᠢᠮ᠎ᠢᠶᠠᠷ ᠡᠳ᠋ᠯᠡᠩ᠎ᠦᠨ᠎ᠢᠶᠡᠨ ᠭᠠᠵᠠᠷ ᠲᠠᠷᠢᠶᠠᠨ᠎ᠤ ᠨᠡᠷᠡᠢᠳᠦᠯ᠎ᠦᠨ ᠠᠭᠤᠯᠭ᠎ᠠ᠎ᠶᠢ ᠢᠦᠭᠧᠨ᠋ᠸ᠎ᠳᠦ ᠬᠡᠯᠡᠵᠦ ᠥᠭᠴᠡᠢ᠃ ᠢᠩᠭᠢᠵᠦ ᠭᠤᠷᠪᠠᠨ ᠵᠢᠯ᠎ᠦᠨ ᠨᠢᠭᠤᠷ᠎ᠢ ᠦᠵᠡᠬᠦ ᠦᠶ᠎ᠡ᠎ᠳᠦ ᠭᠷᠠᠨᠳᠧᠲ ᠠᠪᠤᠭᠠᠢ᠎ᠶᠢᠨ ᠬᠠᠷᠠᠮᠴᠢ ᠬᠡᠪᠴᠡᠭ ᠵᠠᠩ ᠰᠤᠷᠲᠠᠯ᠎ᠨᠢ ᠥᠬᠢᠨ᠎ᠢᠶᠡᠨ ᠣᠪᠤᠭ᠎ᠠ ᠴᠠᠭᠠᠷᠠᠭᠤᠯᠵᠤ ᠳᠠᠳᠤᠯᠭᠠᠵᠢᠭᠤᠯᠤᠭᠰᠠᠨ᠎ᠠᠴᠠ ᠭᠷᠠᠨᠳᠧᠲ ᠠᠪᠤᠭᠠᠢ ᠵᠣᠷᠢᠭ ᠣᠷᠤᠵᠤ ᠭᠠᠯ ᠲᠣᠭᠤᠭᠠᠨ᠎ᠤ ᠭᠡᠷ᠎ᠦᠨ ᠲᠦᠯᠬᠢᠭᠦᠷ᠎ᠢ ᠢᠦᠭᠧᠨ᠋ᠸ᠎ᠳᠦ ᠠᠳᠭᠤᠭᠤᠯᠵᠤ ᠭᠡᠷ᠎ᠦᠨ ᠠᠵᠢᠯ᠎ᠢ ᠵᠢᠩᠬᠢᠨᠢ ᠡᠵᠡᠮᠰᠢᠭᠦᠯᠪᠡ᠃

ᠡᠨᠡ ᠮᠡᠲᠦᠴᠢᠯᠡᠨ ᠲᠠᠪᠤᠨ ᠵᠢᠯ ᠥᠩᠭᠡᠷᠡᠯ᠎ᠡ᠂ ᠢᠦᠭᠧᠨ᠋ᠸ ᠡᠴᠢᠭᠡ ᠥᠬᠢᠨ ᠬᠣᠶᠠᠷ᠎ᠤᠨ ᠴᠤᠯᠭᠤᠢ ᠤᠢᠳᠭᠠᠷᠲᠤ ᠠᠮᠢᠳᠤᠷᠠᠯ᠎ᠳᠤ ᠶᠠᠷᠢᠵᠤ ᠲᠣᠭᠠᠴᠢᠮᠠᠷ ᠶᠠᠭᠤᠮ᠎ᠠ᠎ᠴᠤ ᠠᠯᠠᠭ᠎ᠠ᠂ ᠬᠡᠵᠢᠶᠡᠳᠡ ᠨᠢᠭᠡ᠎ᠯᠡ ᠬᠥᠭ᠎ᠦᠨ ᠤᠴᠢᠷ ᠶᠠᠪᠤᠳᠠᠯ᠎ᠢ ᠴᠠᠭ᠎ᠤᠨ ᠵᠡᠭᠦᠦ ᠠᠳᠠᠯᠢ ᠣᠨᠤᠪᠴᠢᠲᠠᠢ ᠬᠢᠳᠡᠭ ᠪᠠᠢᠪᠠ᠃ ᠭᠷᠠᠨᠳᠧᠲ ᠠᠪᠠᠬᠠᠢ᠎ᠶᠢᠨ ᠭᠤᠨᠢᠭ ᠭᠡᠮᠦᠷᠬᠡᠯ᠎ᠴᠦ ᠨᠢᠭᠡᠮᠦᠰᠦᠨ ᠢᠯᠡᠷᠬᠡᠢ ᠨᠢᠭᠤᠴᠠ ᠪᠣᠯᠵᠠᠢ᠃ ᠡᠨᠡ ᠠᠪᠠᠬᠠᠢ᠎ᠶᠢᠨ ᠭᠤᠨᠢᠭᠯᠠᠯ᠎ᠤᠨ ᠰᠢᠯᠲᠠᠭᠠᠨ᠎ᠢ ᠣᠯᠠᠨ ᠬᠥᠮᠦᠰ ᠰᠠᠷᠠᠨ ᠮᠡᠳᠡᠵᠦ ᠪᠠᠢᠭᠰᠠᠨ ᠪᠣᠯᠪᠠᠴᠤ ᠰᠡᠦᠮᠦᠷ᠎ᠦᠨ ᠬᠥᠮᠦᠰ ᠲᠡᠭᠦᠨ᠎ᠢ ᠬᠠᠢᠷ᠎ᠠ ᠰᠡᠳᠭᠢᠯᠭᠡ᠎ᠶᠢᠨ ᠲᠤᠬᠠᠢ ᠲᠠᠭᠠᠪᠤᠷᠢᠯᠠᠯ᠎ᠳᠠᠭᠠᠨ ᠭᠡᠷᠡᠴᠢ ᠪᠣᠯᠤᠮᠠᠷ ᠨᠢᠭᠡ ᠦᠭᠡ᠎ᠶᠢ ᠥᠪᠡᠷ᠎ᠦᠨ ᠬᠢᠨᠢ ᠠᠮᠠᠨ᠎ᠠᠴᠠ ᠰᠣᠨᠤᠰᠤᠭᠰᠠᠨ᠎ᠦᠭᠡᠢ᠎ᠶᠤᠮ᠃ ᠠᠪᠠᠬᠠᠢ᠎ᠶᠢᠨ ᠶᠠᠪᠤᠯᠴᠠᠳᠠᠭ ᠬᠥᠮᠦᠰ ᠭᠡᠪᠡᠯ ᠬᠡᠳᠦᠨ ᠺᠷᠦᠱᠧᠸ ᠪᠣᠯᠤᠨ ᠲᠡᠳᠡᠨ᠎ᠦ ᠰᠠᠨᠠᠭᠠᠨ᠎ᠳᠤ᠎ᠦᠭᠡᠢ ᠳᠠᠭᠠᠭᠤᠯᠵᠤ ᠢᠷᠡᠭᠰᠡᠭᠡᠷ ᠪᠠᠢᠭᠠᠳ ᠳᠠᠰᠤᠯᠴᠠᠭᠰᠠᠨ ᠨᠠᠢᠵᠠ᠎ᠨᠠᠷ ᠪᠢᠯᠡ᠃ ᠲᠡᠳᠡ ᠠᠪᠠᠬᠠᠢ᠎ᠳᠤ ᠸᠢᠰᠲ᠋ᠤ᠋ ᠬᠥᠵᠦᠷ ᠵᠢᠭᠠᠵᠤ ᠥᠭᠭᠦᠭᠡᠳ ᠣᠷᠤᠢ ᠪᠦᠷᠢ ᠢᠷᠡᠵᠦ ᠨᠠᠭᠠᠳᠳᠠᠭ ᠪᠣᠯᠵᠠᠢ᠃

1827 ᠣᠨ᠎ᠳᠤ ᠢᠦᠭᠧᠨ᠋ᠸ᠎ᠦᠨ ᠡᠴᠢᠭᠡ᠎ᠨᠢ ᠡᠪᠦᠭᠡᠷᠡᠬᠦ᠎ᠶᠢᠨ ᠡᠷᠬᠡᠨ᠎ᠳᠦ ᠠᠷᠭ᠎ᠠ ᠪᠤᠰᠤ ᠥᠬᠢᠨ᠎ᠢᠶᠡᠨ ᠲᠠᠷᠢᠶᠠᠯᠠᠩ ᠠᠳᠠᠯ᠎ᠤᠨ ᠨᠢᠭᠤᠴᠠ᠎ᠳᠤ ᠣᠷᠤᠯᠴᠠᠭᠤᠯᠬᠤ ᠪᠣᠯᠤᠭᠰᠠᠨ ᠪᠠ ᠬᠦᠴᠢᠷ ᠵᠦᠢᠯ ᠲᠣᠬᠢᠶᠠᠯᠳᠤᠪᠠᠯ ᠲᠡᠭᠦᠨ᠎ᠢ ᠪᠠᠲᠤᠯᠠᠭ᠎ᠠ᠎ᠶᠢᠨ ᠬᠥᠮᠦᠨ ᠺᠷᠦᠱᠧᠸ ᠯᠤᠭᠡ ᠵᠥᠪᠳᠡᠭᠦᠯᠳᠡᠭ - ᠺᠷᠦᠱᠧᠸ᠎ᠦᠨ ᠴᠢᠩ ᠦᠨᠡᠨᠴᠢ ᠰᠡᠳᠭᠢᠯ᠎ᠢ ᠭᠷᠠᠨᠳᠧᠲ ᠡᠪᠦᠭᠡᠨ ᠭᠦᠨ᠎ᠡ ᠢᠲᠡᠭᠡᠳᠡᠭ᠎ᠶᠦᠮ᠃ ᠲᠡᠭᠡᠭᠡᠳ ᠡᠨᠡ ᠵᠢᠯ᠎ᠦᠨ ᠡᠴᠦᠰ᠎ᠲᠦ ᠭᠷᠠᠨᠳᠧᠲ ᠡᠪᠦᠭᠡᠨ ᠨᠠᠶᠠᠨ ᠬᠣᠶᠠᠷᠲᠠᠢ᠎ᠳᠠᠭᠠᠨ ᠭᠠᠢ ᠪᠣᠯᠵᠤ ᠮᠡᠨᠡᠭ ᠡᠪᠡᠳᠴᠢᠨ᠎ᠳᠦ ᠨᠡᠷᠪᠡᠭᠳᠡᠭᠡᠳ ᠦᠳᠲᠡᠷ ᠬᠦᠨᠳᠦᠷᠡᠵᠡᠢ᠃ ᠹᠧᠷᠯᠠᠩ ᠡᠮᠴᠢ ᠭᠷᠠᠨᠳᠧᠲ ᠡᠪᠦᠭᠡᠨ᠎ᠦ ᠡᠪᠡᠳᠴᠢᠨ᠎ᠢ ᠡᠳᠡᠭᠡᠷᠡᠰᠢ᠎ᠦᠭᠡᠢ ᠡᠪᠡᠳᠴᠢᠨ ᠭᠡᠵᠦ ᠲᠣᠳᠤᠯᠠᠪᠠ᠃

ᠤᠳᠠᠯ᠎ᠦᠭᠡᠢ ᠡᠨᠡ ᠳᠡᠯᠡᠬᠡᠢ᠎ᠳᠦ ᠭᠠᠭᠴᠠᠭᠠᠷ ᠦᠯᠡᠳᠡᠨ᠎ᠡ ᠭᠡᠵᠦ ᠪᠣᠳᠤᠬᠤ᠎ᠳᠠᠭᠠᠨ ᠢᠦᠭᠧᠨ᠋ᠸ᠂ ᠡᠴᠢᠭᠡ᠎ᠳᠡᠭᠡᠨ ᠣᠨᠴᠠ ᠳᠣᠲᠤᠨᠤ ᠪᠠᠢᠵᠤ ᠡᠨᠡ᠎ᠬᠦ ᠬᠠᠮᠤᠭ ᠡᠴᠦᠰ᠎ᠦᠨ ᠬᠠᠢᠷ᠎ᠠ ᠰᠡᠳᠭᠢᠯ᠎ᠢᠶᠡᠨ ᠰᠠᠢᠲᠤᠷ ᠢᠯᠡᠳᠭᠡᠶ᠎ᠡ ᠭᠡᠵᠦ ᠪᠣᠳᠤᠬᠤ ᠪᠠᠢᠵᠠᠢ᠃ ᠢᠨᠠᠭ᠎ᠤᠨ ᠰᠡᠳᠭᠢᠯ ᠬᠥᠪᠬᠡᠯᠵᠡᠭᠰᠡᠨ ᠠᠯᠢᠪᠠ ᠬᠡᠦᠬᠡᠨᠴᠦᠳ᠎ᠦᠨ ᠠᠳᠠᠯᠢ ᠢᠦᠭᠧᠨ᠋ᠸ᠎ᠦᠨ ᠪᠣᠳᠤᠯ ᠳᠣᠲᠤᠷ᠎ᠠ ᠢᠨᠠᠭ ᠳᠤᠷᠠᠯᠠᠯ ᠪᠣᠯ ᠪᠦᠬᠦᠢᠯᠡ ᠶᠢᠷᠲᠢᠨᠴᠦ᠎ᠶᠢᠨ ᠠᠮᠢᠨ ᠰᠦᠨᠡᠰᠦ ᠭᠡᠵᠦ ᠰᠠᠨᠠᠭᠳᠠᠵᠤ ᠪᠠᠢᠭᠰᠠᠨ᠎ᠴᠤ ᠴᠠᠷᠯᠧᠰ ᠳᠡᠷᠭᠡᠳᠡ᠎ᠨᠢ ᠪᠠᠢᠭᠰᠠᠨ᠎ᠦᠭᠡᠢ᠃ ᠢᠦᠭᠧᠨ᠋ᠸ᠂ ᠡᠪᠦᠭᠡᠨ ᠡᠴᠢᠭᠡ᠎ᠪᠡᠨ ᠴᠣᠬᠤᠮ᠎ᠬᠦ ᠴᠢᠩ ᠰᠡᠳᠭᠢᠯ᠎ᠢᠶᠡᠷ ᠠᠰᠠᠷᠠᠵᠤ ᠪᠢᠯᠡ᠃ ᠭᠷᠠᠨᠳᠧᠲ ᠠᠪᠤᠭᠠᠢ ᠵᠥᠨᠦᠬᠦ ᠲᠡᠰᠢ ᠬᠠᠨᠳᠤᠵᠤ ᠪᠠᠢᠭᠰᠠᠨ ᠪᠣᠯᠪᠠᠴᠤ ᠮᠥᠩᠭᠦᠨ᠎ᠦ ᠬᠣᠷᠤᠬᠠᠢ᠎ᠶᠢᠨ ᠵᠠᠩ ᠴᠢᠨᠠᠷ᠎ᠨᠢ ᠮᠥᠨ᠎ᠬᠦ ᠲᠥᠷᠦᠯᠬᠢ ᠠᠪᠢᠶᠠᠰ᠎ᠤᠨ ᠬᠤᠪᠢ᠎ᠪᠠᠷ ᠳᠡᠮᠵᠢᠨ ᠬᠠᠪᠰᠤᠷᠴᠤ ᠪᠠᠢᠭᠰᠠᠨ ᠪᠣᠯᠬᠣᠷ ᠡᠨᠡ ᠬᠥᠮᠦᠨ ᠦᠬᠦᠨ ᠦᠬᠦᠲᠡᠯ᠎ᠡ᠎ᠪᠡᠨ ᠣᠭᠲᠤᠬᠠᠨ᠎ᠴᠤ ᠬᠤᠪᠢᠷᠠᠭᠰᠠᠨ᠎ᠦᠭᠡᠢ᠎ᠶᠤᠮ᠃

ᠬᠠᠷ᠎ᠠ ᠥᠷᠯᠦᠭᠡ᠎ᠡᠴᠡ ᠠᠪᠤᠭᠠᠳ ᠭᠷᠠᠨᠳᠧᠲ ᠡᠪᠦᠭᠡᠨ ᠡᠷᠭᠢᠭᠦᠯᠭᠡᠨ ᠲᠦᠰᠢᠯᠭᠡᠲᠦ ᠰᠠᠨᠳᠠᠯᠢ ᠳᠡᠭᠡᠷ᠎ᠡ ᠰᠠᠭᠤᠵᠤ᠂ ᠤᠨᠲᠠᠬᠤ ᠥᠷᠦᠭᠡᠨ᠎ᠦ ᠲᠤᠭᠤᠷᠭ᠎ᠠ᠎ᠶᠢᠨ ᠬᠢᠰᠠ ᠪᠣᠯᠤᠨ ᠨᠢᠭᠤᠴᠠ ᠭᠡᠷ᠎ᠦᠨ ᠡᠭᠦᠳᠡᠨ᠎ᠦ ᠬᠣᠭᠤᠷᠤᠨᠳᠤ ᠬᠥᠮᠦᠨ᠎ᠢᠶᠡᠷ ᠨᠠᠰᠢ ᠴᠠᠰᠢ ᠲᠦᠯᠬᠢᠭᠦᠯᠦᠨ᠎ᠡ᠂ ᠨᠢᠭᠤᠴᠠ ᠭᠡᠷ᠎ᠲᠡᠭᠡᠨ ᠰᠢᠵᠢᠷ ᠠᠯᠲᠠ ᠣᠪᠤᠭᠠᠯᠠᠭᠰᠠᠨ᠎ᠢ ᠬᠡᠯᠡᠬᠦ ᠶᠠᠭᠤ ᠪᠠᠢᠬᠤᠪ᠃ ᠭᠷᠠᠨᠳᠧᠲ ᠡᠪᠦᠭᠡᠨ ᠣᠭᠲᠤ ᠬᠥᠳᠡᠯᠬᠦ᠎ᠦᠭᠡᠢ ᠰᠠᠭᠤᠬᠤ᠎ᠳᠠᠭᠠᠨ᠎ᠴᠤ ᠭᠡᠳ ᠥᠪᠡᠷ᠎ᠢ᠎ᠪᠡᠨ ᠰᠠᠬᠢᠭᠴᠢ ᠬᠥᠮᠦᠨ ᠪᠣᠯᠭᠠᠨ ᠲᠡᠮᠦᠷ ᠬᠠᠪᠲᠠᠰᠤᠲᠠᠢ ᠬᠠᠭᠠᠯᠭ᠎ᠠ ᠪᠣᠯᠤᠨ ᠲᠡᠭᠦᠨ᠎ᠢ ᠡᠷᠭᠢᠵᠦ ᠦᠵᠡᠬᠦ᠎ᠪᠡᠷ ᠢᠷᠡᠭᠰᠡᠨ ᠬᠥᠮᠦᠨ ᠬᠣᠶᠠᠷ᠎ᠢ ᠰᠡᠵᠢᠭᠲᠡᠢ ᠬᠠᠷᠠᠴᠠ᠎ᠪᠠᠷ ᠡᠭᠡᠯᠵᠢᠯᠡᠨ ᠬᠠᠷᠠᠳᠠᠭ᠃ ᠶᠠᠯᠢᠭᠦᠢ ᠳᠠᠭᠤ ᠴᠢᠮᠡᠭᠡ ᠭᠠᠷᠤᠮᠠᠭᠴᠠ᠎ᠯᠠ ᠤᠴᠢᠷ ᠰᠢᠯᠲᠠᠭᠠᠨ᠎ᠢ ᠠᠰᠠᠭᠤᠭᠠᠳ ᠪᠠᠢᠳᠠᠭ᠃ ᠲᠡᠷᠡᠴᠢᠯᠡᠨ ᠬᠦᠷᠢᠶᠡᠨ ᠳᠣᠲᠤᠷ᠎ᠠ ᠨᠣᠬᠠᠢ ᠡᠪᠰᠢᠶᠡᠬᠦ᠎ᠶᠢ ᠬᠦᠷᠲᠡᠯ᠎ᠡ ᠣᠯᠤᠭᠠᠳ ᠰᠣᠨᠤᠰᠴᠢᠬᠠᠳᠠᠭ᠎ᠢ᠎ᠨᠢ ᠪᠠᠲᠤᠯᠠᠭ᠎ᠠ᠎ᠶᠢᠨ ᠬᠥᠮᠦᠨ ᠺᠷᠦᠱᠧᠸ ᠶᠡᠬᠡᠲᠡ ᠭᠠᠢᠬᠠᠪᠠ᠃ ᠭᠷᠠᠨᠳᠧᠲ ᠡᠪᠦᠭᠡᠨ᠎ᠢ ᠦᠵᠡᠬᠦ᠎ᠳᠦ ᠤᠬᠠᠭᠠᠨ ᠰᠠᠨᠠᠭ᠎ᠠ ᠡᠳᠡᠢ ᠪᠤᠳᠠᠢ᠎ᠰᠢᠭ᠋ ᠪᠣᠯᠪᠠᠴᠤ ᠬᠥᠮᠦᠨ ᠲᠠᠷᠢᠶᠠᠨ ᠲᠦᠷᠢᠶᠡᠰᠦ ᠬᠦᠷᠭᠡᠵᠦ ᠢᠷᠡᠬᠦ᠂ ᠲᠠᠷᠢᠶᠠᠯᠠᠩ ᠬᠠᠮᠢᠶᠠᠷᠤᠭᠴᠢ᠎ᠲᠠᠢ ᠳᠠᠩᠰᠠ ᠪᠣᠳᠤᠬᠤ ᠪᠤᠶᠤ ᠪᠠᠷᠢᠮᠲᠠ ᠪᠢᠴᠢᠭ᠎ᠦᠨ ᠡᠳᠦᠷ ᠬᠤᠭᠤᠴᠠᠭ᠎ᠠ ᠲᠣᠭᠲᠠᠬᠤ ᠦᠶ᠎ᠡ᠎ᠳᠦ ᠲᠡᠷᠡ᠎ᠮᠠᠨᠢ ᠳᠣᠣᠷ᠎ᠠ᠎ᠪᠠᠨ ᠰᠡᠷᠭᠡᠢ ᠪᠣᠯᠳᠠᠭ᠎ᠰᠠᠨ᠃ ᠢᠩᠭᠢᠭᠡᠳ ᠲᠡᠷᠡ ᠡᠷᠭᠢᠭᠦᠯᠭᠡᠨ ᠲᠦᠰᠢᠯᠭᠡᠲᠦ ᠰᠠᠨᠳᠠᠯᠢ᠎ᠪᠠᠨ ᠲᠦᠯᠬᠢᠭᠦᠯᠵᠦ ᠨᠢᠭᠤᠴᠠ ᠭᠡᠷ᠎ᠦᠨ ᠡᠭᠦᠳᠡᠨ᠎ᠳᠦ ᠬᠦᠷᠴᠦ ᠥᠬᠢᠨ᠎ᠢᠶᠡᠷ᠎ᠢᠶᠡᠨ ᠡᠭᠦᠳᠡ᠎ᠶᠢ ᠨᠡᠭᠡᠭᠡᠯᠭᠡᠭᠡᠳ ᠬᠠᠷᠠᠵᠤ ᠪᠠᠢᠭᠠᠳ ᠤᠭᠤᠲᠠ᠎ᠲᠠᠢ ᠵᠣᠭᠤᠰ᠎ᠤᠳ᠎ᠢ ᠰᠡᠮᠡᠭᠡᠷ ᠣᠪᠤᠭᠠᠯᠠᠭᠤᠯᠵᠤ ᠪᠠᠷᠠᠪᠠᠯ ᠡᠭᠦᠳᠡ᠎ᠶᠢ ᠭᠠᠢᠭᠤᠢ ᠰᠠᠢᠨ ᠬᠠᠭᠠᠵᠤ ᠣᠷᠬᠢᠳᠠᠭ᠃ ᠲᠡᠭᠡᠭᠡᠳ ᠥᠬᠢᠨ᠎ᠨᠢ ᠥᠨᠥᠬᠢ ᠡᠷᠬᠢᠮ ᠴᠤᠬᠠᠭ ᠲᠦᠯᠬᠢᠭᠦᠷ᠎ᠢ ᠪᠤᠴᠠᠭᠠᠵᠤ ᠥᠭᠭᠦᠭᠰᠡᠨ ᠬᠣᠢᠨ᠎ᠠ ᠡᠯᠢᠭᠡᠪᠴᠢ᠎ᠶᠢᠨ ᠬᠠᠷᠮᠠᠨ᠎ᠳᠠᠭᠠᠨ ᠰᠢᠷᠭᠤᠭᠤᠯᠵᠤ᠂ ᠪᠠᠢᠨ ᠳᠠᠬᠢᠨ ᠳᠠᠷᠤᠯᠬᠢᠯᠠᠵᠤ ᠦᠵᠡᠭᠡᠳ᠂ ᠦᠭᠡ ᠳᠠᠭᠤ᠎ᠦᠭᠡᠢ ᠬᠠᠭᠤᠴᠢᠨ ᠣᠷᠤᠨ᠎ᠳᠠᠭᠠᠨ ᠬᠠᠷᠢᠳᠠᠭ᠎ᠶᠤᠮ᠃ ᠭᠷᠠᠨᠳᠧᠲ ᠡᠪᠦᠭᠡᠨ᠎ᠦ ᠬᠠᠭᠤᠴᠢᠨ ᠨᠠᠢᠵᠠ ᠺᠷᠦᠱᠧᠸ᠎ᠦᠨ ᠪᠣᠳᠤᠬᠤ᠎ᠪᠠᠷ ᠴᠠᠷᠯᠧᠰ ᠭᠷᠠᠨᠳᠧᠲ ᠬᠡᠷᠪᠡ ᠬᠠᠷᠢᠵᠤ ᠢᠷᠡᠬᠦ᠎ᠦᠭᠡᠢ ᠪᠣᠯ᠂ ᠡᠨᠡ ᠵᠣᠭᠤᠰ ᠮᠥᠩᠭᠦ᠎ᠲᠡᠢ ᠭᠠᠭᠴᠠᠬᠠᠨ ᠥᠬᠢᠨ᠎ᠨᠢ ᠯᠠᠪᠲᠠᠶ᠎ᠠ ᠲᠡᠭᠦᠨ᠎ᠦ ᠳᠠᠷᠤᠭ᠎ᠠ ᠲᠤᠰᠢᠶᠠᠯ᠎ᠲᠠᠢ ᠠᠴᠢ ᠬᠦᠦ ᠯᠤᠭᠡ ᠭᠡᠷᠯᠡᠬᠦ ᠪᠣᠯᠬᠣᠷ ᠺᠷᠦᠱᠧᠸ ᠬᠤᠪᠢ ᠳᠠᠬᠢᠨ ᠬᠥᠩᠭᠡᠨ ᠱᠥᠩᠭᠡᠨ ᠪᠣᠯᠵᠤ ᠡᠳᠦᠷ ᠪᠦᠷᠢ ᠭᠷᠠᠨᠳᠧᠲ᠎ᠦᠨ ᠵᠠᠬᠢᠶ᠎ᠠ ᠵᠠᠷᠯᠢᠭ᠎ᠢ ᠬᠦᠯᠢᠶᠡᠵᠦ ᠹᠷᠤᠹᠧᠩ᠎ᠳᠦ ᠬᠦᠷᠴᠦ ᠲᠠᠷᠢᠶᠠᠨ ᠭᠠᠵᠠᠷ᠎ᠢᠶᠠᠷ᠂ ᠪᠡᠯᠴᠢᠭᠡᠷ᠎ᠢᠶᠡᠷ᠂ ᠦᠵᠦᠮ᠎ᠦᠨ ᠬᠦᠷᠢᠶᠡᠯᠡᠩ᠎ᠢᠶᠡᠷ ᠣᠴᠢᠵᠤ ᠭᠷᠠᠨᠳᠧᠲ ᠡᠪᠦᠭᠡᠨ᠎ᠢ ᠣᠷᠤᠯᠠᠨ ᠬᠤᠷᠢᠶᠠᠯᠲᠠ᠎ᠶᠢ ᠬᠤᠳᠠᠯᠳᠤᠨ ᠭᠠᠷᠭᠠᠭᠠᠳ᠂ ᠨᠢᠭᠤᠴᠠ ᠭᠡᠷ᠎ᠲᠦ ᠡᠴᠡᠨ᠎ᠡ ᠬᠤᠷᠢᠶᠠᠭᠰᠠᠨ ᠤᠭᠤᠲᠠ ᠤᠭᠤᠲᠠ ᠵᠣᠭᠤᠰ᠎ᠢ ᠰᠢᠵᠢᠷ ᠠᠯᠲᠠ ᠪᠣᠯᠭᠠᠨ ᠰᠣᠯᠢᠳᠠᠭ ᠪᠠᠢᠵᠠᠢ᠃

ᠡᠪᠦᠭᠡᠨ ᠡᠴᠦᠰ᠎ᠲᠡᠭᠡᠨ ᠦᠬᠦᠯ᠎ᠦᠨ ᠳᠠᠪᠠᠭᠠᠨ᠎ᠳᠤ ᠭᠠᠷᠪᠠ᠃ ᠲᠡᠷᠡ ᠬᠡᠳᠦᠨ ᠡᠳᠦᠷ ᠡᠪᠦᠭᠡᠨ᠎ᠦ ᠬᠦᠳᠡᠷᠯᠢᠭ ᠪᠡᠶ᠎ᠡ᠎ᠨᠢ ᠠᠮᠢ ᠲᠠᠯᠪᠢᠬᠤ ᠱᠠᠲᠤᠨ᠎ᠳᠠᠭᠠᠨ ᠣᠷᠤᠯ᠎ᠠ᠃ ᠲᠡᠷᠡ ᠮᠠᠨᠢ ᠲᠤᠭᠤᠷᠭ᠎ᠠ᠎ᠶᠢᠨ ᠬᠢᠰᠠ᠎ᠶᠢᠨ ᠳᠡᠷᠭᠡᠳᠡ ᠨᠢᠭᠤᠴᠠ ᠭᠡᠷ᠎ᠦᠨ᠎ᠢᠶᠡᠨ ᠡᠮᠦᠨ᠎ᠡ ᠰᠠᠭᠤᠨ᠎ᠠ᠃ ᠬᠤᠴᠢᠭᠰᠠᠨ ᠬᠥᠨᠵᠢᠯᠡ᠎ᠪᠡᠨ ᠳᠡᠭᠡᠭᠰᠢ᠎ᠪᠡᠨ ᠴᠢᠩᠭᠠᠭᠠᠵᠤ᠂ ᠪᠡᠶ᠎ᠡ᠎ᠪᠡᠨ ᠴᠢᠩᠭ᠎ᠠ ᠣᠷᠢᠶᠠᠬᠤ᠎ᠶᠢᠨ ᠳᠠᠭᠠᠤ ᠨᠠᠨᠤᠩ᠎ᠳᠤ:

《ᠴᠢᠩᠭ᠎ᠠ ᠣᠷᠢᠶᠠ᠂ ᠴᠢᠩᠭ᠎ᠠ ᠣᠷᠢᠶᠠ᠂ ᠮᠢᠨᠦ ᠶᠠᠭᠤᠮ᠎ᠠ᠎ᠶᠢ ᠪᠢᠲᠡᠭᠡᠢ ᠬᠤᠯᠠᠭᠠᠢ᠎ᠳᠤ ᠠᠯᠳᠠ》 ᠭᠡᠵᠦ ᠠᠮᠠᠨ᠎ᠳᠠᠭᠠᠨ ᠦᠭᠡᠯᠡᠨ᠎ᠡ᠃

ᠭᠷᠠᠨᠳᠧᠲ ᠡᠪᠦᠭᠡᠨ᠎ᠦ ᠪᠤᠢ ᠪᠦᠬᠦᠢ ᠠᠮᠢᠵᠢᠷᠠᠯ᠎ᠤᠨ ᠬᠦᠴᠦ ᠴᠢᠳᠠᠯ᠎ᠨᠢ ᠪᠦᠷ᠎ᠯᠡ ᠨᠢᠳᠦᠨ᠎ᠳᠡᠭᠡᠨ ᠭᠦᠶᠦᠵᠡᠢ᠂ ᠨᠢᠳᠦ᠎ᠪᠡᠨ ᠴᠢᠳᠠᠨ ᠶᠠᠳᠠᠨ ᠨᠡᠭᠡᠭᠡᠬᠦ ᠪᠦᠷᠢ᠎ᠳᠦ ᠬᠠᠷᠠᠴᠠ᠎ᠨᠢ ᠡᠳ᠋ ᠡᠷᠳᠡᠨᠢᠰ ᠳᠦᠭᠦᠷᠡᠩ ᠬᠠᠳᠠᠭᠠᠯᠠᠭᠰᠠᠨ ᠨᠢᠭᠤᠴᠠ ᠭᠡᠷ᠎ᠦᠨ ᠡᠭᠦᠳᠡ ᠤᠷᠤᠭᠤ ᠲᠤᠰᠤᠨ᠎ᠠ᠃

《ᠲᠡᠨᠳᠡ ᠪᠠᠢᠨ᠎ᠠ᠎ᠤᠤ? ᠲᠡᠨᠳᠡ ᠪᠠᠢᠨ᠎ᠠ᠎ᠤᠤ?》 ᠭᠡᠵᠦ ᠠᠰᠠᠭᠤᠬᠤ ᠳᠠᠭᠤᠨ᠎ᠳᠤᠨᠢ ᠬᠡᠴᠡᠭᠦᠦ ᠶᠡᠬᠡ ᠭᠡᠯᠮᠡᠵᠦ ᠲᠡᠪᠡᠳᠡᠭᠰᠡᠨ ᠪᠠᠢᠳᠠᠯ ᠢᠯᠡᠷᠡᠨ᠎ᠡ᠃

《ᠲᠡᠨᠳᠡ᠎ᠪᠡᠨ ᠪᠠᠢᠭᠰᠠᠭᠠᠷ ᠡ᠂ ᠠᠪᠤ ᠡ᠃ 》

《ᠰᠢᠵᠢᠷ ᠠᠯᠲᠠ᠎ᠪᠠᠨ ᠰᠠᠢᠨ ᠰᠠᠬᠢ! ᠁ ᠠᠪᠴᠢᠷᠠᠭᠠᠳ ᠮᠢᠨᠦ ᠡᠮᠦᠨ᠎ᠡ ᠳᠡᠯᠭᠡ!》 ᠢᠦᠭᠧᠨ᠋ᠸ ᠠᠯᠲᠠᠨ ᠯᠤᠢᠵᠢ᠎ᠶᠢ ᠰᠢᠷᠡᠭᠡᠨ ᠳᠡᠭᠡᠷ᠎ᠡ ᠠᠰᠭᠠᠭᠰᠠᠨ᠎ᠳᠤ ᠭᠷᠠᠨᠳᠧᠲ ᠬᠡᠳᠦᠨ ᠴᠠᠭ ᠨᠢᠳᠦ ᠰᠠᠯᠭᠠᠯ᠎ᠦᠭᠡᠢ ᠰᠢᠷᠲᠡᠨ ᠰᠠᠭᠤᠳᠠᠭ᠃ ᠡᠨᠡ᠎ᠨᠢ ᠶᠠᠭ᠎ᠯᠠ ᠰᠠᠶᠢ ᠶᠠᠭᠤᠮ᠎ᠠ ᠲᠠᠨᠢᠬᠤ ᠪᠣᠯᠤᠭᠰᠠᠨ ᠬᠡᠦᠬᠡᠳ ᠨᠢᠭᠡ ᠶᠠᠭᠤᠮ᠎ᠠ᠎ᠶᠢ ᠮᠡᠭᠡᠢᠷᠡᠨ ᠬᠠᠷᠠᠳᠠᠭ᠎ᠰᠢᠭ᠋ ᠪᠥᠭᠡᠳ ᠮᠥᠨ ᠪᠠᠰᠠ ᠬᠡᠦᠬᠡᠳ ᠠᠳᠠᠯᠢ ᠴᠢᠳᠠᠨ ᠶᠠᠳᠠᠨ ᠢᠨᠢᠶᠡᠮᠰᠦᠭᠯᠡᠵᠦ ᠪᠠᠢᠳᠠᠭ᠃ ᠵᠠᠷᠢᠮ᠎ᠳᠠᠭᠠᠨ ᠭᠷᠠᠨᠳᠧᠲ ᠪᠠᠰᠠ:

《ᠢᠩᠭᠢᠵᠦ ᠰᠠᠭᠤᠪᠠᠯ ᠰᠡᠳᠭᠢᠯ᠎ᠳᠦ᠎ᠮᠢᠨᠢ ᠳᠤᠯᠠᠭᠠᠬᠠᠨ᠎ᠶᠤᠮ ᠡ!》 ᠭᠡᠵᠦ ᠬᠡᠯᠡᠬᠦ ᠦᠶ᠎ᠡ᠎ᠳᠦ ᠡᠭᠡᠭᠡ᠎ᠯᠡ ᠴᠡᠩᠭᠡᠯ᠎ᠦᠨ ᠣᠷᠤᠨ᠎ᠳᠤ ᠪᠠᠢᠭ᠎ᠠ᠎ᠶᠤᠮ᠎ᠰᠢᠭ᠋ ᠪᠠᠢᠳᠠᠯ ᠴᠢᠷᠠᠢ᠎ᠳᠤᠨᠢ ᠮᠡᠳᠡᠭᠳᠡᠨ᠎ᠡ᠃ ᠲᠤᠰ ᠲᠣᠭᠤᠷᠢᠭ᠎ᠤᠨ ᠬᠠᠷ᠎ᠠ ᠯᠠᠮᠠ ᠢᠷᠡᠵᠦ ᠭᠷᠠᠨᠳᠧᠲ ᠡᠪᠦᠭᠡᠨ᠎ᠳᠦ ᠦᠬᠦᠯ᠎ᠦᠨ᠎ᠮᠠᠨᠢ ᠠᠢᠯᠠᠳᠬᠤ ᠦᠶ᠎ᠡ᠎ᠳᠦ ᠵᠠᠭᠠᠯᠮᠠᠢ᠂ ᠵᠤᠯᠠ᠎ᠶᠢᠨ ᠲᠠᠯᠪᠢᠭᠤᠷ᠂ ᠷᠠᠰᠢᠶᠠᠨ ᠬᠢᠭᠰᠡᠨ ᠮᠥᠩᠭᠦᠨ ᠲᠣᠨᠤᠭᠯᠠᠯ᠎ᠲᠠᠢ ᠬᠤᠮᠬ᠎ᠠ ᠵᠡᠷᠭᠡ᠎ᠶᠢ ᠠᠪᠴᠢᠷᠠᠮᠠᠭᠴᠠ ᠦᠬᠦᠭᠡᠳ ᠬᠡᠳᠦᠨ ᠴᠠᠭ ᠪᠣᠯᠤᠭᠰᠠᠨ ᠬᠡᠮᠡᠷ ᠨᠢᠳᠦ᠎ᠨᠢ ᠳᠣᠣᠷᠠᠬᠠᠨ᠎ᠢᠶᠠᠨ ᠠᠮᠢ ᠣᠷᠤᠵᠤ ᠨᠡᠭᠡᠭᠡᠭᠳᠡᠭᠡᠳ ᠲᠡᠳᠡᠭᠡᠷ ᠬᠡᠷᠡᠭᠰᠡᠯ᠎ᠢ ᠨᠢᠳᠦ ᠴᠠᠪᠴᠢᠯ᠎ᠦᠭᠡᠢ ᠰᠢᠷᠲᠡᠬᠦ ᠪᠥᠭᠡᠳ ᠬᠠᠮᠠᠷ ᠳᠡᠭᠡᠷᠡᠬᠢ ᠠᠰᠢᠭ᠎ᠨᠢ᠎ᠴᠤ ᠬᠠᠮᠤᠭ ᠡᠴᠦᠰ᠎ᠦᠨ ᠤᠳᠠᠭ᠎ᠠ ᠬᠥᠳᠡᠯᠵᠦ ᠠᠪᠤᠪᠠ᠃ ᠬᠠᠷ᠎ᠠ ᠯᠠᠮᠠ ᠠᠯᠲᠠ ᠪᠤᠯᠬᠠᠮᠠᠯ ᠵᠠᠭᠠᠯᠮᠠᠢ᠎ᠶᠢ ᠤᠷᠤᠭᠤᠯ᠎ᠳᠤᠨᠢ ᠬᠦᠷᠭᠡᠵᠦ᠂ ᠾᠷᠢᠰᠲ᠋ᠣᠰ᠎ᠤᠨ ᠠᠷᠢᠭᠤᠨ ᠬᠥᠷᠦᠭ᠎ᠢ ᠦᠨᠦᠰᠦᠭᠦᠯᠬᠦ ᠭᠡᠰᠡᠨ᠎ᠳᠦ ᠭᠷᠠᠨᠳᠧᠲ ᠡᠪᠦᠭᠡᠨ ᠬᠥᠮᠦᠨ ᠰᠣᠴᠢᠭᠠᠮᠠᠷ ᠪᠠᠢᠳᠠᠯ ᠭᠠᠷᠭᠠᠵᠤ᠂ ᠵᠠᠭᠠᠯᠮᠠᠢ᠎ᠶᠢ᠎ᠨᠢ ᠪᠤᠯᠢᠶᠠᠵᠤ ᠠᠪᠬᠤ ᠭᠡᠯ᠎ᠡ᠃ ᠡᠨᠡ ᠬᠠᠮᠤᠭ ᠡᠴᠦᠰ᠎ᠦᠨ ᠣᠷᠤᠯᠳᠤᠯᠭ᠎ᠠ᠎ᠨᠢ ᠲᠡᠭᠦᠨ᠎ᠢ ᠡᠷᠯᠢᠭ᠎ᠲᠦ ᠵᠠᠯᠠᠴᠢᠬᠠᠯ᠎ᠠ᠃ ᠢᠦᠭᠧᠨ᠋ᠸ᠎ᠢᠶᠡᠨ ᠳᠠᠭᠤᠳᠠᠬᠤ᠎ᠳᠤ ᠢᠦᠭᠧᠨ᠋ᠸ᠎ᠨᠢ ᠡᠮᠦᠨ᠎ᠡ᠎ᠨᠢ ᠰᠥᠭᠦᠳᠦᠨ ᠴᠡᠯ ᠬᠦᠢᠲᠡᠨ ᠪᠣᠯᠤᠭᠰᠠᠨ ᠭᠠᠷ᠎ᠢ᠎ᠨᠢ ᠦᠨᠦᠰᠴᠦ᠂ ᠨᠢᠯᠪᠤᠰᠤ ᠤᠨᠠᠭᠠᠪᠠᠴᠤ ᠡᠴᠢᠭᠡ᠎ᠨᠢ ᠣᠯᠵᠤ ᠦᠵᠡᠬᠦ᠎ᠡᠴᠡ᠎ᠪᠡᠨ ᠥᠩᠭᠡᠷᠡᠵᠡᠢ᠃

《ᠠᠪᠤ ᠡ᠂ ᠨᠠᠮᠠᠢ ᠢᠷᠦᠭᠡᠭᠡᠴᠢ ᠳ᠋ᠠ᠃ 》

《ᠠᠯᠢ ᠪᠠᠢᠭᠰᠠᠨ᠎ᠢᠶᠠᠨ ᠰᠠᠢᠨ ᠬᠢᠮᠠᠭᠠᠳᠠᠵᠤ ᠶᠠᠪᠤ!ᠮᠢᠨᠦ ᠲᠡᠨᠳᠡ ᠣᠴᠢᠵᠤ ᠳᠠᠩᠰᠠ᠎ᠪᠠᠨ ᠲᠤᠰᠢᠶᠠ!》 ᠭᠡᠰᠡᠨ ᠡᠨᠡ ᠬᠠᠮᠤᠭ ᠰᠡᠭᠦᠯ᠎ᠦᠨ ᠦᠭᠡ᠎ᠨᠢ ᠾᠷᠢᠰᠲ᠋ᠣᠰ᠎ᠤᠨ ᠱᠠᠰᠢᠨ ᠪᠣᠯ ᠮᠥᠩᠭᠦᠨ᠎ᠦ ᠬᠣᠷᠤᠬᠠᠢᠴᠤᠳ᠎ᠤᠨ ᠪᠣᠯᠬᠤ ᠶᠣᠰᠤᠲᠠᠢ ᠭᠡᠰᠡᠨ᠎ᠢ ᠭᠡᠷᠡᠴᠢᠯᠡᠵᠡᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082