ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠥᠪᠦᠷ ᠮᠣᠩᠭᠤᠯ᠎ᠳᠤ ᠡᠷᠲᠡᠨ᠎ᠢ ᠰᠤᠷᠪᠤᠯᠵᠢᠯᠠᠭᠰᠠᠨ᠎ᠨᠢ

ᠵᠢᠶᠠᠨ ᠪᠦᠸᠧ ᠽᠠᠨ

ᠬᠠᠮᠤᠭ᠎ᠤᠨ ᠡᠷᠲᠡᠨ᠎ᠦ ᠨᠢᠭᠡᠨ ᠵᠤᠷᠪᠤᠰ ᠴᠠᠭᠠᠨ ᠬᠡᠷᠡᠮ

ᠭᠠᠯ ᠲᠡᠷᠭᠡ ᠴᠠᠪᠴᠢᠶᠠᠯ ᠪᠣᠭᠤᠮᠲᠠ᠎ᠪᠠᠷ ᠭᠠᠷᠴᠤ᠂ ᠬᠡᠰᠡᠭ ᠮᠤᠷᠤᠢ ᠰᠠᠷᠤᠢ ᠠᠭᠤᠯᠠᠨ ᠵᠠᠮ᠎ᠢ ᠲᠤᠭᠤᠯᠤᠮᠠᠭᠴᠠ ᠮᠠᠨ᠎ᠢ ᠥᠷᠭᠡᠨ ᠲᠡᠨᠢᠭᠡᠷ - ᠳᠤᠷᠠᠨ᠎ᠢᠶᠠᠷ᠎ᠴᠤ ᠭᠡᠰᠡᠨ ᠵᠠᠬ᠎ᠠ ᠬᠥᠪᠡᠭᠡ᠎ᠶᠢ ᠣᠯᠵᠤ ᠬᠠᠷᠠᠬᠤᠶ᠎ᠠ ᠪᠡᠷᠬᠡ ᠬᠡᠭᠡᠷ᠎ᠡ ᠲᠠᠯ᠎ᠠ᠎ᠲᠠᠢ ᠠᠪᠴᠢᠷᠠᠵᠤ ᠵᠣᠯᠭᠠᠭᠤᠯᠪᠠ᠃ ᠡᠨᠡ ᠪᠣᠯ ᠡᠷᠲᠡ ᠳᠡᠭᠡᠳᠦ ᠦᠶ᠎ᠡ᠎ᠡᠴᠡ ᠴᠠᠭᠠᠨ ᠬᠡᠷᠡᠮ᠎ᠦᠨ ᠭᠠᠳᠠᠨ᠎ᠠ ᠭᠡᠯᠴᠡᠳᠡᠭ ᠲᠡᠷᠡ ᠣᠷᠤᠨ ᠪᠣᠯᠤᠨ᠎ᠠ᠃ ᠴᠠᠪᠴᠢᠶᠠᠯ ᠪᠣᠭᠤᠮᠲᠠ᠎ᠠᠴᠠ ᠬᠥᠬᠡᠬᠣᠲᠠ ᠬᠦᠷᠲᠡᠯ᠎ᠡ ᠪᠠᠷᠤᠭ ᠮᠢᠩᠭ᠎ᠠ ᠭᠠᠷᠤᠢ ᠭᠠᠵᠠᠷ ᠪᠠᠢᠨ᠎ᠠ᠃ ᠭᠠᠯ ᠲᠡᠷᠭᠡ ᠡᠨᠡ᠎ᠬᠦ ᠥᠷᠭᠡᠨ ᠲᠡᠨᠢᠭᠡᠷ ᠥᠨᠳᠦᠷᠯᠢᠭ ᠳᠡᠭᠡᠭᠦᠷ ᠳᠠᠪᠬᠢᠵᠤ ᠪᠤᠢ᠃ ᠪᠢᠳᠡ ᠲᠡᠮᠦᠷ ᠵᠠᠮ᠎ᠤᠨ ᠬᠣᠶᠠᠷ ᠲᠠᠯ᠎ᠠ᠎ᠳᠤ ᠴᠠᠭᠠᠨ ᠬᠡᠷᠡᠮ᠎ᠦᠨ ᠭᠠᠳᠠᠨᠠᠬᠢ ᠭᠣᠶᠤ ᠦᠵᠡᠮᠵᠢ ᠪᠣᠯᠬᠤ ᠰᠢᠷ᠎ᠠ ᠡᠯᠡᠰᠦ ᠴᠠᠭᠠᠨ ᠡᠪᠡᠰᠦᠨ᠎ᠦ ᠵᠦᠢᠯᠡᠰ᠎ᠢ ᠣᠯᠵᠤ ᠦᠵᠡᠶ᠎ᠡ ᠭᠡᠵᠦ ᠪᠣᠳᠤᠭᠰᠠᠨ᠎ᠴᠤ ᠡᠨᠡ ᠬᠠᠪᠢ᠎ᠳᠤ ᠰᠢᠷ᠎ᠠ ᠡᠯᠡᠰᠦ᠎ᠴᠦ ᠪᠠᠢᠬᠤ᠎ᠦᠭᠡᠢ᠂ ᠴᠠᠭᠠᠨ ᠡᠪᠡᠰᠦ᠎ᠴᠦ ᠪᠠᠢᠬᠤ᠎ᠦᠭᠡᠢ᠂ ᠵᠥᠪᠬᠡᠨ ᠥᠩ ᠰᠢᠮᠡᠯᠢᠭ ᠰᠠᠢᠬᠠᠨ ᠲᠠᠷᠢᠶᠠᠨ᠎ᠳᠤ ᠪᠤᠭᠤᠳᠠᠢ᠂ ᠰᠠᠭᠠᠭ᠂ ᠨᠠᠷᠢᠮᠤ᠂ ᠰᠢᠰᠢ᠂ ᠲᠥᠮᠦᠰᠦ᠂ ᠰᠢᠬᠢᠷ ᠯᠤᠤᠪᠠᠩ ᠵᠡᠷᠭᠡ᠎ᠶᠢᠨ ᠲᠠᠷᠢᠮᠠᠯ᠎ᠤᠳ ᠲᠣᠳᠤᠬᠠᠨ ᠬᠠᠷᠠᠭᠳᠠᠵᠤ ᠪᠠᠢᠪᠠ᠃ ᠵᠠᠷᠢᠮ ᠭᠠᠵᠠᠷ᠎ᠨᠢ ᠮᠠᠯ ᠮᠠᠯᠯᠠᠬᠤ᠎ᠶᠢᠨ ᠲᠥᠯᠦᠭᠡ ᠬᠡᠰᠡᠭ ᠪᠤᠰᠠᠭ ᠪᠡᠯᠴᠢᠭᠡᠷ ᠦᠯᠡᠳᠡᠭᠡᠭᠰᠡᠨ᠎ᠦᠭᠡᠢ᠎ᠶᠦᠮ ᠪᠣᠯ ᠭᠠᠯ ᠲᠡᠷᠭᠡ ᠪᠢᠳᠡᠨ᠎ᠢ ᠾᠧᠪᠧᠢ᠎ᠶᠢᠨ ᠲᠦᠪᠰᠢᠨ ᠲᠠᠯ᠎ᠠ᠎ᠳᠤ ᠠᠪᠠᠴᠢᠵᠤ ᠲᠠᠯᠪᠢᠵᠠᠢ ᠭᠡᠵᠦ ᠪᠣᠳᠤᠭᠳᠠᠭᠤᠯᠬᠤ᠎ᠳᠤ ᠬᠦᠷᠬᠦ ᠪᠠᠢᠭᠰᠠᠨ ᠪᠢᠯᠡ᠃

ᠵᠢᠨᠢᠩ᠎ᠢ ᠥᠩᠭᠡᠷᠡᠮᠡᠭᠴᠡ ᠵᠡᠭᠦᠨ ᠬᠣᠢᠨ᠎ᠠ᠎ᠠᠴᠠ ᠪᠠᠷᠠᠭᠤᠨ ᠡᠮᠦᠨᠡᠰᠢ ᠴᠢᠭᠯᠡᠭᠰᠡᠨ ᠠᠭᠤᠯᠠ ᠨᠢᠷᠤᠭᠤ ᠪᠦᠷᠦᠭ ᠪᠠᠷᠤᠭ ᠬᠠᠷᠠᠭᠳᠠᠪᠠ᠃ ᠡᠨᠡ ᠪᠣᠯ ᠡᠷᠲᠡᠨ᠎ᠦ ᠮᠤᠨᠢ ᠠᠭᠤᠯᠠ᠂ ᠣᠳᠣᠬᠠᠨ᠎ᠤ ᠳᠠᠯᠠᠨ ᠬᠠᠷ᠎ᠠ᠎ᠶᠤᠮ᠃ ᠳᠠᠯᠠᠨ ᠬᠠᠷ᠎ᠠ ᠪᠣᠯ ᠮᠠᠰᠢ ᠥᠨᠳᠦᠷ ᠪᠢᠰᠢ ᠪᠣᠯᠪᠠᠴᠤ ᠬᠠᠷᠢᠨ ᠨᠢᠭᠡᠨ ᠠᠭᠤᠳᠠᠮ ᠲᠡᠨᠢᠭᠡᠷ ᠠᠭᠤᠯᠠ ᠨᠢᠷᠤᠭᠤ᠎ᠶᠤᠮ᠃ ᠬᠠᠨ᠎ᠠ ᠲᠠᠰᠢᠶᠠᠯᠠᠪᠴᠢ᠎ᠰᠢᠭ᠋ ᠡᠨᠡ ᠠᠭᠤᠯᠠ ᠵᠢᠨᠢᠩ᠎ᠡᠴᠡ ᠪᠠᠷᠠᠭᠤᠨᠰᠢᠬᠢ ᠥᠪᠦᠷ ᠮᠣᠩᠭᠤᠯ᠎ᠢ ᠬᠣᠶᠠᠷ ᠲᠡᠰᠢ ᠬᠤᠪᠢᠶᠠᠭᠰᠠᠨ ᠪᠠᠢᠪᠠ᠃ ᠠᠭᠤᠯᠠ᠎ᠶᠢᠨ ᠠᠷᠤ ᠥᠪᠦᠷ᠎ᠦᠨ ᠪᠠᠢᠭᠠᠯᠢ᠎ᠶᠢᠨ ᠨᠥᠬᠦᠴᠡᠯ ᠦᠰᠦᠳ ᠥᠭᠡᠷ᠎ᠡ ᠪᠠᠢᠳᠠᠭ᠎ᠨᠢ ᠰᠣᠨᠢᠷᠬᠠᠯ᠎ᠲᠠᠢ ᠶᠠᠪᠤᠳᠠᠯ ᠪᠣᠯᠤᠨ᠎ᠠ᠃ ᠠᠭᠤᠯᠠ᠎ᠶᠢᠨ ᠠᠷᠤ᠎ᠨᠢ ᠬᠦᠢᠲᠡᠨ ᠵᠢᠬᠡᠭᠦᠨ ᠤᠮᠠᠷᠠᠳᠤ ᠰᠠᠯᠬᠢᠨ᠎ᠤ ᠳᠣᠣᠷ᠎ᠠ ᠪᠦᠬᠦᠢ ᠲᠣᠮᠤ ᠪᠤᠰᠤ ᠳᠣᠯᠭᠢᠶᠠᠨᠲᠤ ᠥᠨᠳᠦᠷᠯᠢᠭ᠎ᠶᠦᠮ᠃ ᠡᠨᠡ᠎ᠨᠢ ᠡᠷᠲᠡᠨ᠎ᠦ ᠦᠶ᠎ᠡ᠎ᠳᠦ 《ᠡᠪᠡᠰᠦ ᠮᠣᠳᠤ ᠴᠥᠭᠡᠨ᠂ ᠡᠯᠡᠰᠦ ᠬᠠᠢᠷᠬᠠᠭ》 (《ᠬᠠᠨ ᠤᠯᠤᠰ᠎ᠤᠨ ᠪᠢᠴᠢᠭ ᠾᠦᠩᠨᠦ᠎ᠶᠢᠨ ᠱᠠᠰᠲᠢᠷ》᠎ᠲᠤ) ᠣᠷᠤᠨ ᠪᠣᠯᠤᠨ᠎ᠠ᠃ ᠠᠭᠤᠯᠠ᠎ᠶᠢᠨ ᠡᠩᠭᠡᠷ ᠪᠣᠯ ᠮᠤᠨᠢ ᠠᠭᠤᠯᠠ᠎ᠪᠠᠷ ᠨᠥᠮᠦᠷᠢᠯᠡᠭᠳᠡᠭᠰᠡᠨ ᠨᠠᠷᠢᠨ ᠤᠷᠲᠤᠯᠢᠭ ᠲᠦᠪᠰᠢᠨ ᠲᠠᠯ᠎ᠠ᠎ᠶᠤᠮ᠃

ᠣᠳᠣᠬᠠᠨ᠎ᠤ ᠳᠠᠯᠠᠨ ᠬᠠᠷ᠎ᠠ᠎ᠳᠤ ᠮᠣᠳᠤ ᠰᠢᠭᠤᠢ ᠴᠥᠭᠡᠨ ᠪᠣᠯᠪᠠᠴᠤ ᠬᠠᠨ ᠤᠯᠤᠰ᠎ᠤᠨ ᠦᠶ᠎ᠡ᠎ᠳᠦ ᠪᠣᠯ 《 ᠡᠪᠡᠰᠦ ᠮᠣᠳᠤ ᠢᠭᠴᠢ ᠵᠤᠵᠠᠭᠠᠨ᠂ ᠠᠷᠢᠶᠠᠲᠠᠨ ᠭᠥᠷᠦᠭᠡᠰᠦ ᠣᠯᠠᠨ᠎ᠲᠠᠢ》 (《 ᠬᠠᠨ ᠤᠯᠤᠰ᠎ᠤᠨ ᠪᠢᠴᠢᠭ ᠾᠦᠩᠨᠦ᠎ᠶᠢᠨ ᠱᠠᠰᠲᠢᠷ》᠎ᠲᠤ) ᠭᠠᠵᠠᠷ ᠪᠠᠢᠪᠠ᠂ ᠡᠷᠲᠡᠨ᠎ᠦ ᠾᠦᠩᠨᠦᠴᠦᠳ ᠡᠨᠡ ᠭᠠᠵᠠᠷ᠎ᠢ ᠥᠪᠡᠷ᠎ᠦᠨ᠎ᠢᠶᠡᠨ ᠣᠢ ᠴᠡᠴᠡᠷᠯᠢᠭ ᠭᠡᠵᠦ ᠦᠵᠡᠵᠦ ᠪᠠᠢᠪᠠ᠃ ᠮᠣᠩᠭᠤᠯᠴᠤᠳ ᠮᠤᠨᠢ ᠠᠭᠤᠯᠠᠨ᠎ᠳᠤ ᠢᠷᠡᠬᠦ ᠬᠢᠷᠢ ᠡᠨᠳᠡᠬᠢ ᠪᠠᠢᠭᠠᠯᠢ᠎ᠶᠢᠨ ᠨᠥᠬᠦᠴᠡᠯ ᠮᠥᠨ᠎ᠴᠦ ᠬᠤᠪᠢᠷᠠᠭᠠᠳᠤᠢ ᠪᠠᠢᠭᠰᠠᠭᠠᠷ ᠪᠠᠢᠪᠠ᠃ ᠬᠥᠬᠡᠬᠣᠲᠠ ᠪᠤᠭᠤᠲᠤ ᠬᠣᠶᠠᠷ ᠬᠣᠲᠠ᠎ᠶᠢᠨ ᠨᠡᠷ᠎ᠡ᠎ᠨᠢ ᠡᠭᠦᠨ᠎ᠦ ᠲᠤᠬᠠᠢ ᠰᠠᠢᠬᠠᠨ ᠭᠡᠷᠡᠴᠢ ᠪᠣᠯᠬᠤ᠎ᠶᠤᠮ᠃ ᠠᠷᠪᠠᠨ ᠭᠤᠷᠪᠠᠳᠤᠭᠠᠷ ᠵᠠᠭᠤᠨ ᠪᠤᠶᠤ ᠲᠡᠭᠦᠨ᠎ᠡᠴᠡ ᠬᠣᠢᠰᠢ ᠨᠡᠯᠢᠶᠡᠳ ᠤᠳᠠᠲᠠᠯ᠎ᠠ ᠡᠨᠳᠡ ᠴᠥᠮ ᠣᠢ ᠰᠢᠭᠤᠢ ᠡᠪᠡᠰᠦ ᠪᠡᠯᠴᠢᠭᠡᠷ᠎ᠲᠡᠢ ᠪᠠ ᠪᠤᠭᠤ ᠰᠤᠭᠤ ᠰᠦᠯᠵᠢᠯᠳᠦᠭᠰᠡᠨ ᠣᠷᠤᠨ ᠪᠠᠢᠪᠠ ᠭᠡᠰᠡᠨ᠎ᠢ ᠭᠡᠷᠡᠴᠢᠯᠡᠵᠦ ᠪᠠᠢᠬᠤ᠎ᠶᠤᠮ᠃

ᠬᠥᠬᠡᠬᠣᠲᠠ ᠪᠤᠭᠤᠲᠤ ᠬᠣᠶᠠᠷ ᠬᠣᠲᠠ᠎ᠶᠢ ᠳᠠᠯᠠᠨ ᠬᠠᠷ᠎ᠠ᠎ᠶᠢᠨ ᠡᠩᠭᠡᠷ᠎ᠦᠨ ᠨᠣᠭᠤᠭᠠᠨ ᠲᠠᠯ᠎ᠠ᠎ᠳᠤ ᠪᠠᠢᠭᠤᠯᠵᠠᠢ᠃ ᠬᠣᠩᠭᠤᠷ ᠨᠠᠮᠤᠷ᠎ᠤᠨ ᠮᠤᠨᠢ ᠠᠭᠤᠯᠠ ᠠᠷᠤ᠎ᠪᠠᠷ᠎ᠨᠢ ᠬᠦᠷᠡᠯ ᠲᠠᠰᠢᠶᠠᠯᠠᠪᠴᠢ᠎ᠰᠢᠭ᠋ ᠲᠠᠯᠪᠢᠭᠳᠠᠵᠤ ᠪᠤᠢ᠃ ᠮᠤᠨᠢ ᠠᠭᠤᠯᠠ᠎ᠶᠢᠨ ᠣᠷᠭᠢᠯ᠎ᠠᠴᠠ ᠪᠠᠭᠤᠭᠰᠠᠨ ᠬᠠᠷᠠᠩᠭᠤᠢ ᠨᠣᠭᠤᠭᠠᠨ ᠠᠭᠤᠯᠠ᠎ᠶᠢᠨ ᠪᠠᠯ᠎ᠨᠢ ᠬᠠᠲᠤᠨ ᠭᠣᠣᠯ᠎ᠤᠨ ᠡᠷᠭᠢ᠎ᠳᠦ ᠨᠠᠷᠠᠨ᠎ᠤ ᠭᠡᠷᠡᠯ᠎ᠳᠦ ᠠᠮᠤᠷᠯᠢᠩᠭᠤᠢ ᠲᠠᠢᠪᠤᠭᠤ ᠢᠪᠡᠭᠡᠭᠳᠡᠵᠦ ᠪᠤᠢ᠃ ᠶᠠᠭᠠᠬᠢᠭᠰᠠᠨ ᠰᠠᠢᠬᠠᠨ ᠨᠠᠮ ᠳᠥᠯᠭᠡᠬᠡᠨ ᠬᠡᠭᠡᠷ᠎ᠡ ᠲᠠᠯ᠎ᠠ ᠪᠤᠢ! ᠭᠡᠲᠡᠯ᠎ᠡ ᠡᠨᠡ ᠳᠥᠯᠭᠡᠨ ᠬᠡᠭᠡᠷ᠎ᠡ ᠲᠠᠯ᠎ᠠ᠎ᠨᠢ ᠦᠨᠳᠦᠰᠦᠲᠡᠨ᠎ᠦ ᠬᠠᠷᠢᠴᠠᠭ᠎ᠠ ᠬᠥᠯ ᠱᠤᠤᠭᠢᠶᠠᠨ᠎ᠲᠠᠢ ᠪᠠᠢᠭᠰᠠᠨ ᠲᠡᠦᠬᠡᠲᠦ ᠴᠠᠭ ᠦᠶ᠎ᠡ᠎ᠳᠦ ᠬᠠᠷᠢᠨ ᠰᠠᠯᠬᠢᠨ ᠳᠠᠪᠠᠯᠭ᠎ᠠ ᠬᠠᠮᠤᠭ᠎ᠤᠨ ᠳᠣᠭᠰᠢᠨ ᠪᠠᠢᠭᠰᠠᠨ ᠣᠷᠤᠨ ᠪᠢᠯᠡ᠃

ᠬᠡᠳᠦᠢ ᠡᠷᠲᠡ ᠳᠡᠭᠡᠳᠦ ᠴᠠᠭ ᠦᠶ᠎ᠡ᠎ᠳᠦ ᠪᠣᠯ ᠬᠥᠮᠦᠨ ᠲᠥᠷᠦᠯᠬᠢᠲᠡᠨ᠎ᠦ ᠦᠢᠯᠡ ᠠᠵᠢᠯᠯᠠᠭ᠎ᠠ ᠪᠠᠢᠭᠠᠯᠢ᠎ᠶᠢᠨ ᠨᠥᠬᠦᠴᠡᠯ᠎ᠳᠦ ᠲᠡᠳᠦᠢ ᠶᠡᠬᠡ ᠬᠢᠵᠠᠭᠠᠷᠯᠠᠭᠳᠠᠵᠤ ᠪᠠᠢᠭᠰᠠᠨ᠎ᠶᠤᠮ᠃ ᠨᠡᠩ ᠢᠯᠠᠩᠭᠤᠶ᠎ᠠ ᠰᠠᠭᠤᠷᠢᠰᠢᠨ ᠲᠣᠭᠲᠠᠭᠠᠳᠤᠢ ᠪᠠᠢᠭᠰᠠᠨ ᠨᠡᠭᠦᠳᠡᠯ ᠮᠠᠯᠴᠢᠳ ᠪᠠᠢᠭᠠᠯᠢ᠎ᠶᠢᠨ ᠬᠡᠰᠢᠭ ᠢᠪᠡᠭᠡᠯ᠎ᠳᠦ ᠨᠡᠩ᠎ᠴᠦ ᠶᠡᠬᠡ ᠰᠢᠲᠦᠵᠦ ᠨᠠᠢᠳᠠᠨ ᠠᠮᠢᠳᠤᠷᠠᠬᠤ᠎ᠳᠠᠭᠠᠨ ᠪᠠᠢᠭᠠᠯᠢ᠎ᠠᠴᠠ ᠲᠡᠳᠡᠨ᠎ᠳᠦ ᠥᠨᠢᠷ ᠪᠠᠶᠠᠯᠢᠭ ᠪᠡᠯᠴᠢᠭᠡᠷ ᠤᠰᠤ ᠣᠯᠭᠤᠬᠤ᠎ᠶᠢ ᠬᠦᠰᠡᠳᠡᠭ᠎ᠶᠦᠮ᠃ ᠮᠤᠨᠢ ᠠᠭᠤᠯᠠ᠎ᠶᠢᠨ ᠡᠩᠭᠡᠷ᠎ᠦᠨ ᠨᠣᠭᠤᠭᠠᠨ ᠲᠠᠯ᠎ᠠ᠎ᠨᠢ ᠥᠪᠦᠷ ᠮᠣᠩᠭᠤᠯ᠎ᠤᠨ ᠪᠠᠷᠠᠭᠤᠨ ᠪᠡᠶ᠎ᠡ᠎ᠶᠢᠨ ᠤᠰᠤ ᠪᠡᠯᠴᠢᠭᠡᠷ᠎ᠢᠶᠡᠷ ᠬᠠᠮᠤᠭ᠎ᠤᠨ ᠰᠠᠢᠨ ᠭᠠᠵᠠᠷ᠎ᠶᠤᠮ᠃ ᠤᠴᠢᠷ ᠡᠢᠮᠦ ᠪᠠᠢᠭᠰᠠᠨ᠎ᠠᠴᠠ ᠶᠠᠮᠠᠷᠪᠠ ᠨᠡᠭᠦᠳᠡᠯᠴᠢᠨ ᠠᠢᠮᠠᠭ ᠥᠪᠦᠷ ᠮᠣᠩᠭᠤᠯ᠎ᠤᠨ ᠪᠠᠷᠠᠭᠤᠨ ᠪᠡᠶ᠎ᠡ᠎ᠳᠦ ᠣᠷᠤᠮᠠᠭᠴᠠ ᠡᠨᠡ ᠭᠠᠵᠠᠷ᠎ᠢ ᠡᠷᠬᠡ᠎ᠦᠭᠡᠢ ᠡᠵᠡᠯᠡᠨ ᠠᠪᠳᠠᠭ ᠪᠠᠢᠪᠠ᠃

ᠮᠤᠨᠢ ᠠᠭᠤᠯᠠ᠎ᠠᠴᠠ ᠡᠮᠦᠨᠡᠰᠢᠬᠢ ᠨᠣᠭᠤᠭᠠᠨ ᠲᠠᠯ᠎ᠠ ᠪᠣᠯ ᠨᠡᠭᠦᠳᠡᠯᠴᠢᠨ ᠠᠢᠮᠠᠭ᠎ᠤᠨ ᠣᠢ ᠴᠡᠴᠡᠷᠯᠢᠭ᠎ᠢᠶᠡᠷ ᠵᠣᠭᠰᠤᠬᠤ᠎ᠦᠭᠡᠢ᠂ ᠮᠥᠨ᠎ᠴᠦ ᠲᠡᠳᠡ᠎ᠨᠡᠷ᠎ᠦᠨ ᠳᠤᠮᠳᠠᠳᠤ ᠣᠷᠤᠨ᠎ᠳᠤ ᠣᠷᠤᠬᠤ ᠭᠢᠰᠭᠢᠭᠦᠷ᠎ᠶᠦᠮ᠃ ᠡᠨᠡ᠎ᠬᠦ ᠨᠣᠭᠤᠭᠠᠨ ᠲᠠᠯ᠎ᠠ᠎ᠶᠢ ᠡᠵᠡᠯᠡᠮᠡᠭᠴᠡ ᠬᠠᠲᠤᠨ ᠭᠣᠣᠯ᠎ᠢ ᠭᠠᠲᠤᠯᠤᠨ ᠹᠧᠨ ᠾᠧ ᠭᠣᠣᠯ᠎ᠤᠨ ᠰᠠᠪᠠ ᠭᠠᠵᠠᠷ ᠣᠷᠤᠵᠤ ᠪᠣᠯᠤᠨ᠎ᠠ᠃ ᠡᠨᠡ ᠨᠣᠭᠤᠭᠠᠨ ᠲᠠᠯ᠎ᠠ᠎ᠶᠢ ᠠᠯᠳᠠᠮᠠᠭᠴᠠ ᠠᠮᠢᠳᠤᠷᠠᠨ ᠲᠣᠭᠲᠠᠨᠢᠬᠤ ᠦᠨᠳᠦᠰᠦ ᠰᠤᠷᠪᠤᠯᠵᠢ᠎ᠪᠠᠨ ᠠᠯᠳᠠᠬᠤ᠎ᠳᠤ ᠬᠦᠷᠬᠦ᠎ᠶᠦᠮ᠃ ᠲᠡᠦᠬᠡ ᠰᠤᠳᠤᠷ᠎ᠲᠤ 《 ᠾᠦᠩᠨᠦ ᠮᠤᠨᠢ ᠠᠭᠤᠯᠠ᠎ᠶᠢ ᠠᠯᠳᠠᠮᠠᠭᠴᠠ ᠦᠢᠯᠡ ᠲᠠᠮᠤ᠎ᠪᠠᠨ ᠦᠵᠡᠬᠦ᠎ᠦᠭᠡᠢ ᠪᠠᠢᠬᠤ᠎ᠶᠢᠨ ᠠᠷᠭ᠎ᠠ᠎ᠦᠭᠡᠢ᠎ᠶᠤᠮ》 ᠭᠡᠵᠦ ᠪᠢᠴᠢᠭᠰᠡᠨ᠎ᠦ ᠰᠢᠯᠲᠠᠭᠠᠨ᠎ᠨᠢ ᠡᠨᠡ ᠪᠣᠯᠤᠨ᠎ᠠ᠃ ᠨᠥᠭᠦᠭᠡ ᠲᠠᠯ᠎ᠠ᠎ᠪᠠᠷ ᠬᠢᠲᠠᠳ ᠦᠨᠳᠦᠰᠦᠲᠡᠨ ᠪᠠᠷᠠᠭᠤᠨ ᠬᠣᠢᠲᠤ ᠵᠦᠭ᠎ᠡᠴᠡ ᠢᠷᠡᠬᠦ ᠨᠡᠭᠦᠳᠡᠯᠴᠢᠨ ᠠᠢᠮᠠᠭ᠎ᠤᠨ ᠰᠦᠷᠳᠡᠭᠦᠯᠦᠯ᠎ᠢ ᠠᠷᠢᠯᠭᠠᠶ᠎ᠠ ᠭᠡᠪᠡᠯ ᠮᠥᠨ ᠮᠤᠨᠢ ᠠᠭᠤᠯᠠ᠎ᠶᠢᠨ ᠬᠥᠲᠦᠯ ᠬᠠᠪᠴᠢᠯ᠎ᠢ ᠰᠡᠷᠭᠡᠢᠯᠡᠨ ᠰᠠᠬᠢᠬᠤ ᠬᠡᠷᠡᠭᠲᠡᠢ ᠪᠣᠯᠬᠤ᠎ᠨᠢ ᠵᠠᠢᠯᠠᠰᠢ᠎ᠦᠭᠡᠢ᠂ ᠲᠡᠭᠡᠬᠦ᠎ᠦᠭᠡᠢ ᠪᠣᠯ ᠮᠣᠷᠢᠲᠤ ᠦᠨᠳᠦᠰᠦᠲᠡᠨ ᠨᠤᠭᠦᠳ ᠣᠷᠳᠤᠰ᠎ᠤᠨ ᠡᠯᠡᠰᠦ᠎ᠶᠢ ᠲᠠᠭᠤᠯᠵᠤ ᠬᠢᠲᠠᠳ ᠦᠨᠳᠦᠰᠦᠲᠡᠨ᠎ᠦ ᠭᠣᠣᠯ ᠬᠦᠢᠰᠦᠨ᠎ᠳᠦ ᠣᠷᠤᠬᠤ ᠪᠣᠯᠤᠨ᠎ᠠ᠃

ᠡᠷᠲᠡ ᠪᠠᠢᠯᠳᠤᠭᠠᠨᠲᠤ ᠤᠯᠤᠰ᠎ᠤᠨ ᠦᠶ᠎ᠡ᠎ᠳᠦ ᠳᠠᠯᠠᠨ ᠬᠠᠷ᠎ᠠ᠎ᠶᠢᠨ ᠡᠮᠦᠨ᠎ᠡ ᠬᠣᠷᠮᠤᠢ᠎ᠠᠴᠠ ᠬᠠᠲᠤᠨ ᠭᠣᠣᠯ᠎ᠤᠨ ᠤᠮᠠᠷᠠᠳᠤ ᠡᠷᠭᠢ ᠬᠠᠪᠢ᠎ᠶᠢᠨ ᠲᠠᠯ᠎ᠠ ᠭᠠᠵᠠᠷ ᠪᠣᠯ ᠵᠣᠣ ᠤᠯᠤᠰ ᠠᠷᠤ ᠭᠠᠵᠠᠷ᠎ᠤᠨ ᠬᠥᠮᠦᠰ ᠯᠤᠭᠡ ᠪᠤᠯᠢᠶᠠᠯᠳᠤᠳᠠᠭ ᠡᠮᠵᠡᠭ ᠭᠠᠵᠠᠷ᠎ᠶᠤᠮ᠃ ᠪᠤᠯᠢᠶᠠᠯᠳᠤᠨ ᠲᠡᠮᠡᠴᠡᠯᠳᠦᠬᠦ ᠪᠠᠢᠯᠳᠤᠭᠠᠨ ᠳᠤᠮᠳᠠ ᠵᠣᠣ ᠤᠯᠤᠰ᠎ᠤᠨ ᠦ᠋ ᠯᠢᠩ ᠸᠠᠩ ᠠᠷᠤ ᠭᠠᠵᠠᠷ᠎ᠤᠨ ᠬᠥᠮᠦᠰ᠎ᠢ ᠢᠯᠠᠵᠤ ᠡᠨᠡ ᠣᠷᠤᠨ᠎ᠢ ᠡᠵᠡᠯᠡᠵᠦ᠂ ᠵᠢᠴᠢ ᠤᠮᠠᠷᠠᠳᠤ ᠬᠢᠯᠢ᠎ᠪᠡᠷ᠎ᠢᠶᠡᠨ ᠪᠠᠲᠤᠯᠠᠨ ᠬᠠᠮᠠᠭᠠᠯᠠᠯᠲᠠ᠎ᠶᠢᠨ ᠱᠤᠭᠤᠮ ᠪᠣᠯᠬᠤ ᠴᠠᠭᠠᠨ ᠬᠡᠷᠡᠮ᠎ᠢ ᠪᠠᠢᠭᠤᠯᠵᠤ᠂ ᠡᠨᠡ ᠲᠠᠯ᠎ᠠ ᠭᠠᠵᠠᠷ᠎ᠲᠤ ᠠᠷᠤ ᠭᠠᠵᠠᠷ᠎ᠤᠨ ᠬᠥᠮᠦᠰ᠎ᠦᠨ ᠣᠷᠤᠵᠤ ᠢᠷᠡᠬᠦ ᠵᠠᠮ᠎ᠢ ᠪᠥᠭᠯᠡᠭᠰᠡᠨ ᠪᠠᠢᠨ᠎ᠠ᠃ 《ᠱᠢ ᠵᠢᠢ ᠱᠠᠰᠲᠢᠷ ᠾᠦᠩᠨᠦ᠎ᠶᠢᠨ ᠨᠠᠮᠲᠠᠷ》᠎ᠲᠤ ᠵᠣᠣ ᠤᠯᠤᠰ᠎ᠤᠨ ᠴᠠᠭᠠᠨ ᠬᠡᠷᠡᠮ ᠳᠣᠷᠤᠨ᠎ᠠ ᠠᠨᠤ ᠳ᠋ᠠᠢ (ᠡᠳᠦᠭᠡ᠎ᠶᠢᠨ ᠾᠧᠪᠧᠢ ᠮᠤᠵᠢ᠎ᠶᠢᠨ ᠰᠢᠤᠸᠠᠨ ᠬᠤᠸᠠ)᠎ᠡᠴᠡ ᠡᠬᠢᠯᠡᠨ᠂ ᠱᠠᠨ ᠰᠢ ᠮᠤᠵᠢ᠎ᠶᠢᠨ ᠪᠠᠷᠠᠭᠤᠨ ᠬᠣᠢᠲᠤ ᠪᠦᠯᠦᠭ᠎ᠢᠶᠡᠷ ᠳᠠᠮᠵᠢᠨ ᠪᠠᠷᠠᠭᠤᠨ ᠬᠣᠢᠰᠢ ᠮᠤᠨᠢ ᠠᠭᠤᠯᠠ᠎ᠳᠤ ᠣᠷᠤᠵᠤ᠂ ᠭᠣᠣ ᠴᠢᠤᠸᠠᠢ (ᠡᠳᠦᠭᠡ᠎ᠶᠢᠨ ᠮᠤᠨᠢ᠂ ᠬᠣᠶᠠᠷ ᠪᠣᠭᠳᠠ ᠬᠣᠶᠠᠷ ᠠᠭᠤᠯᠠ᠎ᠶᠢᠨ ᠬᠣᠭᠤᠷᠤᠨᠳᠤᠬᠢ ᠰᠡᠲᠡᠷᠬᠡᠢ ᠪᠣᠯᠤᠨ᠎ᠠ) ᠬᠦᠷᠪᠡ ᠭᠡᠵᠡᠢ᠃ ᠡᠳᠦᠭᠡ ᠪᠠᠰᠠ ᠳᠠᠯᠠᠨ ᠬᠠᠷ᠎ᠠ᠂ ᠮᠤᠨᠢ᠂ ᠬᠣᠶᠠᠷ ᠪᠣᠭᠳᠠ᠎ᠶᠢᠨ ᠡᠮᠦᠨ᠎ᠡ ᠣᠷᠭᠢᠯ᠎ᠢᠶᠠᠷ ᠦᠷᠭᠦᠯᠵᠢᠯᠡᠭᠰᠡᠨ ᠵᠡᠭᠦᠨ ᠪᠠᠷᠠᠭᠤᠨᠰᠢ ᠬᠣᠶᠠᠷ ᠵᠠᠭᠤᠨ ᠵᠢᠷᠠ ᠭᠠᠷᠤᠢ ᠭᠠᠵᠠᠷ᠎ᠤᠨ ᠨᠢᠭᠡᠨ ᠵᠤᠷᠪᠤᠰ ᠡᠷᠲᠡᠨ᠎ᠦ ᠴᠠᠭᠠᠨ ᠬᠡᠷᠡᠮ᠎ᠦᠨ ᠰᠠᠭᠤᠷᠢ ᠪᠤᠢ᠃ ᠲᠡᠭᠦᠨ᠎ᠢ ᠲᠤᠰ ᠣᠷᠤᠨ᠎ᠤ ᠠᠷᠠᠳ᠎ᠠᠴᠠ ᠤᠲᠠᠰᠤᠨ ᠬᠡᠷᠡᠮ ᠪᠤᠶᠤ ᠪᠣᠷᠤ ᠬᠡᠷᠡᠮ ᠭᠡᠳᠡᠭ᠃ ᠵᠡᠭᠦᠨᠰᠢ ᠪᠠᠷᠠᠭᠤᠨᠰᠢ ᠬᠣᠶᠠᠷ ᠵᠠᠭᠤᠨ ᠵᠢᠷᠠ ᠢᠯᠡᠭᠦᠦ ᠭᠠᠵᠠᠷ᠂ ᠣᠷᠤᠨ ᠪᠠᠢᠴᠠ᠎ᠪᠠᠷ᠎ᠨᠢ ᠬᠡᠯᠡᠪᠡᠯ ᠡᠨᠡ ᠵᠤᠷᠪᠤᠰ ᠴᠠᠭᠠᠨ ᠬᠡᠷᠡᠮ ᠪᠣᠯ ᠵᠣᠣ ᠤᠯᠤᠰ᠎ᠤᠨ ᠴᠠᠭᠠᠨ ᠬᠡᠷᠡᠮ᠎ᠦᠨ ᠰᠠᠭᠤᠷᠢ ᠪᠣᠯᠤᠨ᠎ᠠ᠃

ᠪᠢᠳᠡ ᠡᠨᠡ ᠤᠳᠠᠭ᠎ᠠ ᠪᠤᠭᠤᠲᠤ᠎ᠶᠢ ᠰᠤᠷᠪᠤᠯᠵᠢᠯᠠᠭᠠᠳ ᠪᠤᠭᠤᠲᠤ᠎ᠶᠢᠨ ᠪᠠᠷᠠᠭᠤᠨ ᠬᠣᠢᠲᠤ᠎ᠶᠢᠨ ᠳᠠᠯᠠᠨ ᠬᠠᠷ᠎ᠠ᠎ᠳᠤ ᠭᠠᠷᠴᠤ ᠡᠨᠳᠡᠬᠢ᠎ᠶᠢᠨ ᠵᠣᠣ ᠤᠯᠤᠰ᠎ᠤᠨ ᠴᠠᠭᠠᠨ ᠬᠡᠷᠡᠮ᠎ᠢ ᠦᠵᠡᠪᠡ᠃ ᠡᠨᠡ ᠬᠡᠷᠡᠮ ᠥᠨᠳᠦᠷ᠎ᠢᠶᠡᠷ ᠲᠠᠪᠤᠨ ᠮᠧᠲᠷ ᠬᠢᠷᠢ᠂ ᠰᠢᠷᠤᠢ᠎ᠪᠠᠷ ᠪᠠᠷᠢᠵᠤ ᠬᠠᠩᠳᠠᠭᠰᠠᠨ ᠣᠷᠤᠮ᠎ᠨᠢ ᠲᠣᠪ ᠲᠣᠳᠤᠷᠬᠠᠢ ᠪᠠᠢᠨ᠎ᠠ᠃ ᠵᠡᠭᠦᠨᠰᠢ ᠪᠠᠷᠠᠭᠤᠨᠰᠢ ᠭᠤᠯᠳᠤ᠎ᠪᠠᠷ ᠦᠵᠡᠬᠦ᠎ᠳᠦ ᠦᠵᠦᠭᠦᠷ᠎ᠨᠢ ᠬᠠᠷᠠᠭᠳᠠᠬᠤ᠎ᠦᠭᠡᠢ᠂ ᠵᠡᠭᠦᠨ ᠲᠠᠯ᠎ᠠ᠎ᠶᠢᠨ ᠬᠣᠲᠠ᠎ᠶᠢᠨ ᠰᠠᠭᠤᠷᠢ ᠳᠡᠭᠡᠷ᠎ᠡ ᠡᠷᠲᠡᠨ᠎ᠦ ᠪᠡᠬᠢᠯᠡᠯᠲᠡ᠎ᠶᠢᠨ ᠣᠷᠤ ᠪᠤᠢ᠃ ᠡᠷᠲᠡᠨ ᠦᠶ᠎ᠡ᠎ᠳᠦ ᠲᠡᠨᠳᠡ ᠨᠢᠭᠡ ᠡᠮᠵᠡᠭ ᠴᠢᠬᠤᠯᠠ ᠭᠠᠵᠠᠷ ᠪᠠᠢᠪᠠ ᠭᠡᠰᠡᠨ᠎ᠢ ᠬᠠᠷᠠᠭᠤᠯᠵᠤ ᠪᠤᠢ᠃

ᠪᠢ ᠵᠣᠣ ᠤᠯᠤᠰ᠎ᠤᠨ ᠴᠠᠭᠠᠨ ᠬᠡᠷᠡᠮ᠎ᠢ ᠦᠵᠡᠨ ᠰᠣᠨᠢᠷᠬᠠᠬᠤ ᠦᠶ᠎ᠡ᠎ᠳᠡᠭᠡᠨ ᠨᠢᠭᠡᠨ ᠪᠠᠳᠠᠭ ᠰᠢᠯᠦᠭ ᠵᠣᠬᠢᠶᠠᠵᠤ ᠵᠣᠣ ᠤᠯᠤᠰ᠎ᠤᠨ ᠦ᠋ ᠯᠢᠩ ᠸᠠᠩ᠎ᠢ ᠮᠠᠭᠲᠠᠵᠤ᠂ ᠪᠠᠭᠠᠲᠤᠷ᠎ᠢᠶᠠᠷ ᠴᠣᠯᠠᠯᠠᠪᠠ᠃ ᠵᠣᠣ ᠤᠯᠤᠰ᠎ᠤᠨ ᠦ᠋ ᠯᠢᠩ ᠸᠠᠩ᠎ᠢ ᠦᠨᠡᠬᠡᠷ ᠪᠠᠭᠠᠲᠤᠷ ᠭᠡᠵᠦ ᠪᠣᠯᠬᠤ᠎ᠶᠤᠮ᠃ ᠣᠯᠠᠨ᠎ᠤ ᠮᠡᠳᠡᠭᠡᠵᠢ᠎ᠪᠡᠷ ᠴᠢᠨ ᠱᠢ ᠬᠤᠸᠠᠩ ᠪᠦᠬᠦ ᠤᠯᠤᠰ᠎ᠤᠨ ᠡᠳ᠋ ᠪᠣᠳᠠᠰ ᠪᠠ ᠬᠥᠮᠦᠨ᠎ᠦ ᠬᠦᠴᠦ᠎ᠶᠢ ᠳᠠᠢᠴᠢᠯᠠᠨ ᠪᠠᠢᠵᠤ ᠵᠥᠪᠬᠡᠨ ᠤᠤᠯ᠎ᠤᠨ ᠪᠠᠢᠭᠰᠠᠨ ᠴᠢᠨ᠂ ᠶᠠᠨ᠂ ᠵᠣᠣ ᠤᠯᠤᠰ᠎ᠤᠨ ᠴᠠᠭᠠᠨ ᠬᠡᠷᠡᠮ᠎ᠢ ᠨᠥᠬᠦᠨ ᠵᠠᠯᠭᠠᠭᠠᠳ ᠠᠷᠠᠳ ᠲᠦᠮᠡᠨ᠎ᠦ ᠡᠰᠡᠷᠭᠦᠴᠡᠯ᠎ᠢ ᠡᠲᠦᠭᠰᠡᠨ ᠪᠠᠢᠨ᠎ᠠ᠃ ᠬᠡᠵᠢᠶ᠎ᠡ᠎ᠶᠦᠮ ᠪᠤᠤ ᠮᠡᠳᠡ᠂ ᠴᠢᠨ ᠱᠢ ᠬᠤᠸᠠᠩ᠎ᠤᠨ ᠡᠮᠦᠨ᠎ᠡ ᠮᠧᠩ ᠵᠢᠶᠠᠩ ᠨᠢᠦᠢ ᠬᠡᠦᠬᠡᠨ ᠵᠣᠭᠰᠤᠵᠤ᠂ ᠳᠠᠶᠠᠩ ᠳᠡᠯᠡᠬᠡᠢ᠎ᠳᠦ ᠠᠯᠳᠠᠷᠰᠢᠭᠰᠠᠨ ᠤᠷᠲᠤ ᠴᠠᠭᠠᠨ ᠬᠡᠷᠡᠮ᠎ᠢ ᠵᠠᠭᠠᠯᠳᠤᠵᠤ ᠪᠠᠢᠪᠠ ᠭᠡᠨ᠎ᠡ᠃ ᠴᠢᠯᠦᠭᠡᠯᠡᠭᠳᠡᠭᠰᠡᠨ᠎ᠦ ᠬᠣᠢᠨ᠎ᠠ ᠪᠠᠰᠠ ᠵᠠᠷᠢᠮ ᠬᠥᠮᠦᠨ ᠴᠠᠭᠠᠨ ᠬᠡᠷᠡᠮ᠎ᠢᠶᠡᠷ 《ᠰᠤᠮᠤ》 ᠪᠣᠯᠭᠠᠨ ᠴᠢᠨ ᠱᠢ ᠬᠤᠸᠠᠩ᠎ᠢ ᠳᠠᠭᠠᠷᠢᠵᠤ ᠪᠠᠢᠪᠠ᠃ ᠭᠡᠲᠡᠯ᠎ᠡ ᠵᠣᠣ ᠤᠯᠤᠰ᠎ᠤᠨ ᠦ᠋ ᠯᠢᠩ ᠸᠠᠩ ᠡᠳ᠋ ᠪᠣᠳᠠᠰ᠎ᠤᠨ ᠪᠠ ᠮᠡᠷᠭᠡᠵᠢᠯ᠎ᠦᠨ ᠨᠥᠬᠦᠴᠡᠯ᠎ᠢᠶᠡᠷ ᠳᠣᠷᠤᠢ᠂ ᠶᠠᠯᠢᠮ᠎ᠦᠭᠡᠢ ᠵᠢᠭᠠᠬᠠᠨ ᠪᠠᠢᠭᠰᠠᠨ ᠵᠣᠣ ᠤᠯᠤᠰ᠎ᠤᠨ ᠬᠦᠴᠦ᠎ᠪᠡᠷ ᠡᠢᠮᠦ ᠶᠡᠬᠡ ᠠᠪᠤᠷᠭᠤ ᠲᠣᠮᠤ ᠤᠯᠤᠰ᠎ᠤᠨ ᠪᠠᠲᠤᠯᠠᠨ ᠬᠠᠮᠠᠭᠠᠨᠯᠠᠯᠲᠠ᠎ᠶᠢᠨ ᠪᠦᠲᠦᠭᠡᠨ ᠪᠠᠢᠭᠤᠯᠤᠯᠲᠠ᠎ᠶᠢ ᠪᠦᠲᠦᠭᠡᠭᠡᠳ ᠪᠠᠰᠠ ᠬᠥᠮᠦᠨ᠎ᠳᠦ ᠬᠠᠷᠢᠶᠠᠭᠳᠠᠭᠰᠠᠨ᠎ᠦᠭᠡᠢ᠎ᠨᠢ ᠦᠨᠡᠬᠡᠷ ᠪᠢᠰᠢᠷᠡᠭᠦᠰᠢᠲᠡᠢ᠎ᠶᠦᠮ᠃

ᠬᠡᠯᠡᠯᠭᠡᠨ᠎ᠦᠭᠡᠢ ᠵᠣᠣ ᠤᠯᠤᠰ᠎ᠤᠨ ᠦ᠋ ᠯᠢᠩ ᠸᠠᠩ᠎ᠤᠨ ᠪᠠᠭᠠᠲᠤᠷ᠎ᠢᠶᠠᠷ ᠴᠣᠯᠠᠯᠠᠭᠳᠠᠭᠰᠠᠨ ᠰᠢᠯᠲᠠᠭᠠᠨ᠎ᠨᠢ ᠳᠠᠩ ᠭᠠᠭᠴᠠ ᠨᠢᠭᠡᠨ ᠵᠤᠷᠪᠤᠰ ᠴᠠᠭᠠᠨ ᠬᠡᠷᠡᠮ ᠪᠠᠢᠭᠤᠯᠤᠭᠰᠠᠨ ᠲᠡᠳᠦᠢ ᠪᠢᠰᠢ᠎ᠶᠦᠮ᠂ ᠨᠡᠩ ᠴᠢᠬᠤᠯᠠ᠎ᠨᠢ ᠬᠠᠷᠢᠨ 《ᠠᠷᠤ ᠭᠠᠵᠠᠷ᠎ᠤᠨ ᠳᠡᠪᠡᠯ ᠬᠤᠪᠴᠠᠰᠤ ᠪᠠ ᠬᠠᠷᠪᠤᠬᠤ ᠨᠠᠮᠨᠠᠬᠤ᠎ᠶᠢ ᠰᠤᠷᠤᠯᠴᠠᠬᠤ》 ᠵᠠᠷᠯᠢᠭ᠎ᠢ ᠵᠣᠷᠢᠭᠲᠠᠢ ᠪᠠᠭᠤᠯᠭᠠᠭᠰᠠᠨ᠎ᠳᠤ ᠣᠷᠤᠰᠢᠨ᠎ᠠ᠃

《ᠪᠠᠢᠯᠳᠤᠭᠠᠨᠲᠤ ᠤᠯᠤᠰ᠎ᠤᠨ ᠪᠢᠴᠢᠭ ᠵᠤᠤ ᠤᠯᠤᠰ᠎ᠤᠨ ᠪᠢᠴᠢᠭ》᠎ᠢ ᠦᠵᠡᠮᠡᠭᠴᠡ ᠵᠣᠣ ᠤᠯᠤᠰ᠎ᠤᠨ ᠦ᠋ ᠯᠢᠩ ᠸᠠᠩ ᠠᠷᠤ ᠭᠠᠵᠠᠷ᠎ᠤᠨ ᠳᠡᠪᠡᠯ ᠬᠤᠪᠴᠠᠰᠤ ᠪᠠ ᠬᠠᠷᠪᠤᠬᠤ ᠨᠠᠮᠨᠠᠬᠤ᠎ᠶᠢ ᠰᠤᠷᠤᠯᠴᠠᠬᠤ ᠵᠠᠷᠯᠢᠭ᠎ᠢ ᠪᠠᠭᠤᠯᠭᠠᠭᠠᠳ ᠵᠣᠣ ᠤᠯᠤᠰ᠎ᠤᠨ ᠢᠵᠠᠭᠤᠷᠲᠠᠨ ᠨᠣᠶᠠᠳ᠎ᠤᠨ ᠡᠰᠡᠷᠭᠦᠴᠡᠯ᠎ᠢ ᠣᠯᠤᠭᠰᠠᠨ᠎ᠢ ᠮᠡᠳᠡᠵᠦ ᠪᠣᠯᠤᠨ᠎ᠠ᠃ ᠵᠣᠣ ᠤᠯᠤᠰ᠎ᠤᠨ ᠦ᠋ ᠯᠢᠩ ᠸᠠᠩ ᠪᠤᠷᠤᠩᠬᠤᠢ ᠡᠲᠡᠭᠡᠳ᠎ᠦᠨ ᠡᠰᠡᠷᠭᠦᠴᠡᠯ᠎ᠢ ᠨᠢᠴᠤᠭᠠᠵᠤ᠂ ᠡᠴᠦᠰ᠎ᠦᠨ ᠡᠴᠦᠰ ᠲᠡᠳᠡᠨ᠎ᠦ ᠡᠪᠦᠭᠡ ᠳᠡᠭᠡᠳᠦᠰ᠎ᠡᠴᠡ᠎ᠪᠡᠨ ᠤᠯᠠᠮᠵᠢᠯᠠᠵᠤ ᠢᠷᠡᠭᠰᠡᠨ ᠤᠷᠲᠤ ᠠᠭᠤᠳᠠᠮ ᠳᠡᠪᠡᠯ ᠬᠤᠪᠴᠠᠰᠤ᠎ᠶᠢ ᠲᠠᠢᠯᠤᠭᠤᠯᠵᠤ᠂ ᠵᠢᠴᠢ ᠴᠠᠭ᠎ᠠᠴᠠ ᠬᠣᠴᠤᠷᠤᠭᠰᠠᠨ ᠨᠦᠰᠡᠷ ᠬᠦᠨᠳᠦ ᠪᠠᠢᠯᠳᠤᠭᠠᠨ᠎ᠤ ᠲᠡᠷᠭᠡ᠎ᠶᠢ ᠲᠡᠦᠬᠡ᠎ᠶᠢᠨ ᠬᠣᠭ᠎ᠤᠨ ᠰᠠᠪᠠ᠎ᠳᠤ ᠰᠢᠳᠡᠭᠦᠯᠦᠭᠰᠡᠨ ᠪᠠᠢᠪᠠ᠃ ᠡᠢᠮᠦᠷᠬᠦᠦ ᠠᠵᠢᠯ᠎ᠢ ᠵᠣᠷᠢᠭᠲᠠᠢ ᠬᠢᠭᠰᠡᠨ ᠬᠥᠮᠦᠨ᠎ᠢ ᠪᠠᠭᠠᠲᠤᠷ᠎ᠲᠤ ᠲᠣᠭᠠᠴᠢᠵᠤ ᠪᠣᠯᠬᠤ᠎ᠦᠭᠡᠢ᠎ᠤᠤ? ᠶᠣᠰᠤᠲᠠᠢ ᠮᠤᠨᠳᠠᠭ ᠲᠣᠮᠤ ᠪᠠᠭᠠᠲᠤᠷ ᠢᠳᠡᠲᠡᠨ ᠪᠠᠢᠨ᠎ᠠ᠃

ᠳᠠᠯᠠᠨ ᠬᠠᠷ᠎ᠠ᠎ᠶᠢᠨ ᠬᠣᠷᠮᠤᠢ᠎ᠳᠤ

ᠣᠳᠣ ᠪᠢᠳᠡ ᠵᠣᠣ ᠤᠯᠤᠰ᠎ᠤᠨ ᠴᠠᠭᠠᠨ ᠬᠡᠷᠡᠮ᠎ᠡᠴᠡ ᠵᠠᠢᠳᠠᠵᠤ ᠮᠤᠨᠢ ᠠᠭᠤᠯᠠ᠎ᠶᠢᠨ ᠬᠠᠪᠢ᠎ᠶᠢᠨ ᠬᠠᠨ ᠤᠯᠤᠰ᠎ᠤᠨ ᠬᠣᠲᠠ ᠪᠡᠬᠢᠯᠡᠯᠲᠡ᠎ᠡᠴᠡ ᠶᠠᠷᠢᠰᠤᠭᠠᠢ᠃

ᠬᠠᠭᠤᠴᠢᠨ᠎ᠤ ᠰᠤᠳᠤᠯᠤᠯ᠎ᠤᠨ ᠮᠡᠳᠡᠭᠡ᠎ᠡᠴᠡ ᠦᠨᠳᠦᠰᠦᠯᠡᠪᠡᠯ᠂ ᠮᠤᠨᠢ ᠠᠭᠤᠯᠠ᠎ᠶᠢᠨ ᠠᠷᠤ ᠥᠪᠦᠷ ᠬᠣᠷᠮᠤᠢ᠎ᠠᠴᠠ ᠴᠥᠭᠡᠨ ᠪᠤᠰᠤ ᠡᠷᠲᠡᠨ᠎ᠦ ᠬᠣᠲᠠ ᠪᠠᠯᠭᠠᠰᠤᠨ᠎ᠤ ᠰᠠᠭᠤᠷᠢ᠎ᠶᠢ ᠢᠯᠡᠷᠡᠭᠦᠯᠵᠡᠢ᠃ ᠲᠡᠨᠳᠡ ᠶᠠᠳᠠᠬᠤ᠎ᠳᠠᠭᠠᠨ ᠬᠣᠷᠢᠨ ᠬᠡᠳᠦᠨ ᠡᠷᠲᠡᠨ᠎ᠦ ᠬᠣᠲᠠ᠎ᠶᠢᠨ ᠰᠠᠭᠤᠷᠢ ᠪᠤᠢ ᠭᠡᠵᠦ ᠪᠠᠢᠨ᠎ᠠ᠃ ᠡᠨᠳᠡᠬᠢ ᠬᠣᠲᠠ᠎ᠶᠢᠨ ᠣᠯᠠᠩᠬᠢ᠎ᠨᠢ ᠴᠥᠮ ᠮᠤᠨᠢ ᠠᠭᠤᠯᠠ᠎ᠶᠢᠨ ᠡᠮᠦᠨ᠎ᠡ ᠬᠣᠷᠮᠤᠢ᠎ᠠᠴᠠ ᠠᠭᠤᠯᠠ᠎ᠶᠢᠨ ᠠᠷᠤ ᠲᠡᠰᠢ ᠶᠠᠪᠤᠭᠰᠠᠨ ᠬᠥᠲᠦᠯ ᠬᠠᠪᠴᠢᠯ ᠳᠡᠭᠡᠷ᠎ᠡ ᠪᠤᠢ᠃ ᠵᠠᠷᠢᠮ᠎ᠨᠢ ᠮᠤᠨᠢ ᠠᠭᠤᠯᠠ᠎ᠶᠢᠨ ᠠᠷᠤ ᠬᠣᠷᠮᠤᠢ᠎ᠪᠠᠷ ᠪᠤᠢ᠂ ᠵᠠᠷᠢᠮ᠎ᠨᠢ ᠪᠠᠰᠠ ᠬᠠᠲᠤᠨ ᠭᠣᠣᠯ᠎ᠤᠨ ᠣᠯᠤᠮ ᠪᠠ ᠣᠷᠳᠤᠰ᠎ᠤᠨ ᠵᠡᠭᠦᠨ ᠬᠣᠢᠲᠤ ᠣᠷᠤᠨ᠎ᠳᠤ ᠪᠤᠢ᠃ ᠬᠠᠭᠤᠴᠢᠨ ᠬᠣᠲᠠ᠎ᠨᠤᠭᠤᠳ᠎ᠤᠨ ᠪᠠᠢᠷᠢᠰᠢᠭᠰᠠᠨ ᠣᠷᠤᠨ᠎ᠠᠴᠠ ᠦᠵᠡᠬᠦᠯ᠎ᠡ ᠪᠠᠷᠤᠭ ᠮᠤᠨᠢ ᠠᠭᠤᠯᠠ᠎ᠠᠴᠠ ᠤᠮᠠᠷᠠᠰᠢᠬᠢ ᠴᠢᠬᠤᠯᠠ ᠬᠡᠪᠴᠡᠭ ᠬᠥᠲᠦᠯ ᠬᠠᠪᠴᠢᠯ ᠨᠢᠭᠡ ᠪᠦᠷᠢ᠎ᠳᠦ ᠴᠥᠮ ᠬᠣᠲᠠ ᠪᠡᠬᠢᠯᠡᠯᠲᠡ ᠪᠠᠷᠢᠭᠰᠠᠨ ᠪᠠᠢᠪᠠ᠃ ᠣᠨᠴᠤᠭᠤᠢᠯᠠᠨ ᠡᠳᠦᠭᠡ᠎ᠶᠢᠨ ᠬᠥᠬᠡᠬᠣᠲᠠ᠎ᠶᠢᠨ ᠠᠷᠤ᠎ᠶᠢᠨ ᠦ᠋ ᠭᠦᠩ ᠳᠠᠪᠠᠭ᠎ᠠ᠂ ᠪᠤᠭᠤᠲᠤ ᠬᠣᠲᠠ᠎ᠶᠢᠨ ᠠᠷᠤ᠎ᠶᠢᠨ ᠳᠠᠯᠠᠨ ᠬᠠᠷ᠎ᠠ᠂ ᠮᠤᠨᠢ ᠠᠭᠤᠯᠠ ᠬᠣᠶᠠᠷ᠎ᠤᠨ ᠵᠠᠪᠰᠠᠷ᠎ᠤᠨ ᠬᠥᠲᠦᠯ ᠳᠡᠭᠡᠷ᠎ᠡ ᠬᠣᠲᠠ ᠪᠡᠬᠢᠯᠡᠯᠲᠡ᠎ᠶᠢᠨ ᠰᠠᠭᠤᠷᠢ ᠮᠠᠰᠢ ᠣᠯᠠᠨ ᠪᠤᠢ᠃ ᠪᠠᠢᠳᠠᠯ᠎ᠢ ᠦᠵᠡᠬᠦ᠎ᠳᠦ ᠪᠠᠷᠤᠭ ᠡᠨᠡ ᠬᠣᠶᠠᠷ ᠬᠥᠲᠦᠯ ᠳᠡᠭᠡᠷ᠎ᠡ ᠡᠷᠲᠡ ᠳᠡᠭᠡᠳᠦ ᠦᠶ᠎ᠡ᠎ᠳᠡᠭᠡᠨ ᠨᠡᠭᠦᠳᠡᠯᠴᠢᠨ ᠠᠢᠮᠠᠭ᠎ᠤᠳ ᠣᠷᠤᠰᠢᠨ ᠪᠠᠢᠵᠤ᠂ ᠬᠠᠨ ᠤᠯᠤᠰ᠎ᠤᠨ ᠦᠶ᠎ᠡ᠎ᠳᠦ ᠾᠦᠩᠨᠦᠴᠦᠳ᠎ᠦᠨ ᠳᠠᠭᠠᠷᠢᠯᠲᠠ ᠬᠢᠬᠦ ᠭᠣᠣᠯ ᠵᠠᠮ᠎ᠨᠢ ᠪᠣᠯᠤᠭᠰᠠᠨ ᠪᠠᠢᠳᠠᠯᠲᠠᠢ᠃ ᠡᠭᠦᠨ᠎ᠡᠴᠡ ᠦᠵᠡᠬᠦ᠎ᠳᠦ᠂ ᠬᠠᠨ ᠤᠯᠤᠰ ᠮᠤᠨᠢ ᠠᠭᠤᠯᠠ᠎ᠳᠤ ᠲᠠᠲᠠᠵᠤ ᠬᠡᠯᠡᠬᠦ᠎ᠳᠦ ᠭᠤᠷᠪᠠᠨ ᠪᠡᠬᠢᠯᠡᠯᠲᠡ᠎ᠲᠡᠢ ᠪᠠᠢᠵᠤ᠂ ᠨᠢᠭᠡᠳᠦᠭᠡᠷ ᠪᠡᠬᠢᠯᠡᠯᠲᠡ᠎ᠨᠢ ᠮᠤᠨᠢ ᠠᠭᠤᠯᠠ᠎ᠶᠢᠨ ᠠᠷᠤ ᠬᠣᠷᠮᠤᠢ᠎ᠶᠢᠨ ᠬᠠᠪᠴᠢᠯ ᠬᠢᠭᠡᠳ ᠲᠡᠭᠦᠨ᠎ᠡᠴᠡ ᠨᠡᠩ᠎ᠴᠦ ᠠᠯᠤᠰ ᠬᠣᠯᠠ᠎ᠶᠢᠨ ᠭᠠᠵᠠᠷ᠎ᠤᠳ ᠪᠣᠯᠤᠯᠲᠠᠢ᠂ ᠬᠣᠶᠠᠳᠤᠭᠠᠷ ᠪᠡᠬᠢᠯᠡᠯᠲᠡ ᠪᠣᠯ ᠮᠤᠨᠢ ᠠᠭᠤᠯᠠ᠎ᠶᠢᠨ ᠡᠮᠦᠨ᠎ᠡ ᠬᠣᠷᠮᠤᠢ᠎ᠶᠢᠨ ᠬᠠᠪᠴᠢᠯ᠎ᠤᠳ᠂ ᠭᠤᠷᠪᠠᠳᠤᠭᠠᠷ ᠪᠡᠬᠢᠯᠡᠯᠲᠡ ᠪᠣᠯ ᠬᠠᠲᠤᠨ ᠭᠣᠣᠯ᠎ᠤᠨ ᠣᠯᠤᠮ ᠬᠢᠭᠡᠳ ᠣᠷᠳᠤᠰ᠎ᠤᠨ ᠵᠡᠭᠦᠨ ᠬᠣᠢᠲᠤ ᠬᠠᠪᠢ ᠪᠣᠯᠬᠤ ᠪᠠᠢᠨ᠎ᠠ᠃

ᠮᠤᠨᠢ ᠠᠭᠤᠯᠠ᠎ᠠᠴᠠ ᠤᠮᠠᠷᠠᠰᠢ ᠬᠣᠲᠠ ᠪᠡᠬᠢᠯᠡᠯᠲᠡ ᠪᠠᠢᠭᠰᠠᠨ ᠶᠠᠪᠤᠳᠠᠯ᠎ᠢ 《ᠱᠢ ᠵᠢᠢ ᠱᠠᠰᠲᠢᠷ ᠾᠦᠩᠨᠦ᠎ᠶᠢᠨ ᠨᠠᠮᠲᠠᠷ》᠎ᠲᠤ:᠎ᠲᠠᠢ ᠴᠦ᠋᠎ᠶᠢᠨ ᠳᠥᠷᠪᠡᠳᠦᠭᠡᠷ ᠣᠨ᠎ᠳᠤ 《 ᠬᠠᠨ ᠤᠯᠤᠰ᠎ᠤᠨ ᠡᠯᠴᠢ ᠭᠤᠸᠠᠩᠯᠤ ᠲᠠᠢᠹᠦ᠋ ᠰᠢᠦᠢ᠂ ᠦᠶᠤᠸᠠᠨ᠎ᠠᠴᠠ ᠤᠮᠠᠷᠠᠰᠢ ᠬᠡᠳᠦᠨ ᠵᠠᠭᠤᠨ ᠭᠠᠵᠠᠷ ᠭᠠᠷᠴᠤ᠂ ᠬᠠᠮᠤᠭ ᠬᠣᠯᠠ᠎ᠨᠢ ᠮᠢᠩᠭ᠎ᠠ ᠢᠯᠡᠭᠦᠦ ᠭᠠᠵᠠᠷ ᠪᠤᠢ᠂ ᠬᠠᠢᠭᠤᠯ ᠬᠠᠯᠬᠠᠪᠴᠢ ᠪᠠᠢᠭᠤᠯᠵᠤ ᠯᠦ ᠴᠢᠦᠢ᠎ᠳᠦᠷ ᠬᠦᠷᠴᠦᠬᠦᠢ》 ᠭᠡᠵᠡᠢ᠃ 《ᠱᠢ ᠵᠢᠢ ᠱᠠᠰᠲᠢᠷ᠎ᠤᠨ ᠲᠠᠢᠯᠪᠤᠷᠢ》᠎ᠳᠤ 《 ᠺᠦᠸᠧ ᠳ᠋ᠢ ᡁᠢ ᠪᠢᠴᠢᠭ》᠎ᠡᠴᠡ ᠡᠰᠢ ᠲᠠᠲᠠᠵᠤ 《 ᠦᠶᠤᠸᠠᠨ ᠵᠢᠶᠦ᠋ᠨ ᠰᠢᠶᠠᠩ ᠶᠠᠩ ᠰᠢᠶᠠᠨ (〈ᠬᠠᠨ ᠤᠯᠤᠰ᠎ᠤᠨ ᠪᠢᠴᠢᠭ ᠭᠠᠵᠠᠷ ᠵᠦᠢ᠎ᠶᠢᠨ ᠲᠡᠮᠳᠡᠭᠯᠡᠯ〉᠎ᠳᠦ ᠭᠦ᠋ ᠶᠠᠩ ᠰᠢᠶᠠᠨ ᠭᠡᠵᠡᠢ)᠎ᠡᠴᠡ ᠤᠮᠠᠷᠠᠰᠢ ᠴᠢᠯᠠᠭᠤᠨ ᠡᠭᠦᠳᠡᠲᠦ ᠪᠡᠬᠢᠯᠡᠯᠲᠡ᠎ᠪᠡᠷ ᠭᠠᠷᠪᠠᠰᠤ ᠭᠤᠸᠠᠩᠯᠤ ᠬᠣᠲᠠ᠎ᠳᠤᠷ ᠬᠦᠷᠦᠮᠦᠢ᠂ ᠪᠠᠰᠠ ᠪᠠᠷᠠᠭᠤᠨ ᠬᠣᠢᠰᠢ ᡁᠢ ᠵᠢᠦ ᠰᠢᠶᠠᠨ (〈ᠬᠠᠨ ᠤᠯᠤᠰ᠎ᠤᠨ ᠪᠢᠴᠢᠭ᠂ ᠭᠠᠵᠠᠷ ᠵᠦᠢ᠎ᠶᠢᠨ ᠲᠡᠮᠳᠡᠭᠯᠡᠯ〉᠎ᠳᠤ ᡁᠢ ᠵᠢᠦ ᠴᠧᠩ ᠭᠡᠵᠡᠢ)᠎ᠳᠤᠷ ᠬᠦᠷᠦᠮᠦᠢ᠃ ᠪᠠᠰᠠ ᠪᠠᠷᠠᠭᠤᠨ ᠬᠣᠢᠰᠢ ᠶᠠᠪᠤᠪᠠᠰᠤ ᠲᠧᠦ ᠮᠠᠨ ᠴᠧᠩ᠎ᠳᠦᠷ ᠬᠦᠷᠦᠮᠦᠢ᠂ ᠪᠠᠰᠠ ᠪᠠᠷᠠᠭᠤᠨ ᠬᠣᠢᠰᠢ ᠶᠠᠪᠤᠪᠠᠰᠤ ᠯᠣᠣ ᠴᠧᠩ ᠾᠧ ᠭᠣᠣᠯ (〈ᠬᠠᠨ ᠤᠯᠤᠰ᠎ᠤᠨ ᠪᠢᠴᠢᠭ ᠭᠠᠵᠠᠷ ᠵᠦᠢ᠎ᠶᠢᠨ ᠲᠡᠮᠳᠡᠭᠯᠡᠯ〉᠎ᠳᠤ ᠹᠦ ᠾᠧ ᠴᠧᠩ ᠭᠡᠵᠡᠢ)᠎ᠳᠤᠷ ᠬᠦᠷᠦᠮᠦᠢ᠂ ᠪᠠᠰᠠ ᠪᠠᠷᠠᠭᠤᠨ ᠬᠣᠢᠰᠢ ᠶᠠᠪᠤᠪᠠᠰᠤ ᠰᠦ ᠯᠦ ᠴᠧᠩ᠎ᠳᠦᠷ ᠬᠦᠷᠦᠮᠦᠢ》 ᠭᠡᠵᠡᠢ᠃ ᠡᠭᠦᠨ᠎ᠡᠴᠡ ᠦᠵᠡᠬᠦ᠎ᠳᠦ᠂ ᠬᠠᠨ ᠤᠯᠤᠰ ᠮᠤᠨᠢ ᠠᠭᠤᠯᠠ᠎ᠠᠴᠠ ᠤᠮᠠᠷᠠᠰᠢ ᠴᠥᠭᠡᠨ ᠪᠤᠰᠤ ᠬᠣᠲᠠ ᠪᠡᠬᠢᠯᠡᠯᠲᠡ ᠪᠠᠢᠭᠤᠯᠵᠤ᠂ ᠪᠠᠷᠤᠭ ᠴᠥᠮ 《ᠠᠯᠬᠤᠮ ᠪᠦᠷᠢ ᠠᠪᠤᠷᠭᠤ ᠪᠡᠬᠢᠯᠡᠯᠲᠡ》 ᠪᠣᠯᠭᠠᠵᠤ᠂ ᠰᠦᠷ ᠬᠦᠴᠦᠨ᠎ᠢᠶᠡᠨ ᠮᠤᠨᠢ ᠠᠭᠤᠯᠠ᠎ᠠᠴᠠ ᠤᠮᠠᠷᠠᠰᠢᠬᠢ ᠣᠷᠤᠨ᠎ᠳᠤ ᠠᠪᠠᠴᠢᠵᠤ ᠲᠠᠯᠪᠢᠭᠰᠠᠨ ᠪᠠᠢᠨ᠎ᠠ᠃ ᠶᠤᠸᠠᠨᠳᠢ ᠬᠠᠭᠠᠨ᠎ᠤ ᠦᠶ᠎ᠡ᠎ᠳᠦ ᠬᠦᠷᠦᠭᠡᠳ ᠾᠦᠩᠨᠦ᠎ᠶᠢᠨ ᠾᠦ ᠬᠠᠨ ᠶᠧ ᠴᠠᠨ ᠢᠦᠢ ᠴᠠᠭᠠᠨ ᠬᠡᠷᠡᠮ᠎ᠦᠨ ᠬᠠᠭᠠᠯᠭ᠎ᠠ᠎ᠶᠢ ᠲᠣᠭᠰᠢᠵᠤ ᠲᠥᠷᠦ᠎ᠳᠦ ᠣᠷᠤᠭᠰᠠᠨ᠎ᠠᠴᠠ ᠬᠣᠢᠰᠢ ᠮᠤᠨᠢ ᠠᠭᠤᠯᠠ᠎ᠠᠴᠠ ᠤᠮᠠᠷᠠᠰᠢᠬᠢ ᠬᠣᠲᠠ ᠪᠡᠬᠢᠯᠡᠯᠲᠡ᠎ᠳᠦ ᠴᠡᠷᠢᠭ ᠰᠠᠭᠤᠬᠤ᠎ᠪᠠᠨ ᠪᠣᠯᠢᠪᠠ᠃ ᠭᠠᠭᠴᠠ ᠲᠡᠮᠳᠡᠭ ᠤᠲᠤᠭᠠᠨ᠎ᠤ ᠬᠠᠷᠠᠭᠤᠯ᠎ᠢ ᠬᠡᠪ᠎ᠢᠶᠡᠷ ᠪᠠᠢᠯᠭᠠᠪᠠ᠃ 《ᠬᠠᠨ ᠤᠯᠤᠰ᠎ᠤᠨ ᠪᠢᠴᠢᠭ ᠾᠦᠩᠨᠦ᠎ᠶᠢᠨ ᠨᠠᠮᠲᠠᠷ》᠎ᠲᠤ ᠾᠧᠦ ᠢᠩ᠎ᠡᠴᠡ ᠶᠤᠸᠠᠨᠳᠢ ᠬᠠᠭᠠᠨ᠎ᠢ ᠢᠳᠭᠠᠭᠰᠠᠨ ᠦᠭᠡ᠎ᠶᠢ ᠲᠡᠮᠳᠡᠭᠯᠡᠵᠡᠢ᠃ ᠲᠡᠭᠦᠨ᠎ᠳᠦ ᠬᠡᠯᠡᠭᠰᠡᠨ᠎ᠨᠢ: 《 ᠤᠷᠢᠳᠤ ᠭᠠᠳᠠᠭᠠᠳᠤ ᠬᠣᠲᠠ᠎ᠶᠢ ᠤᠰᠠᠳᠭᠠᠵᠤ᠂ ᠬᠠᠷᠠᠭᠤᠯ᠎ᠤᠨ ᠲᠢᠩᠬᠢᠮ᠎ᠢ ᠦᠯᠡᠳᠡᠭᠡᠭᠰᠡᠨ ᠢᠨᠦ ᠡᠳᠦᠭᠡ ᠭᠠᠭᠴᠠ ᠲᠡᠮᠳᠡᠭ ᠤᠲᠤᠭ᠎ᠠ ᠨᠡᠪᠲᠡᠷᠡᠬᠦ ᠲᠡᠳᠦᠢᠯᠡ ᠪᠣᠯᠵᠤ ᠬᠠᠷᠠᠭᠤᠯ ᠴᠠᠭᠳᠠᠭᠤᠯ᠎ᠳᠤᠷ ᠬᠡᠷᠡᠭᠯᠡᠬᠦ ᠪᠣᠯᠵᠤᠬᠤᠢ》 ᠭᠡᠵᠡᠢ᠃ ᠡᠨᠳᠡ ᠬᠡᠯᠡᠵᠦ ᠪᠠᠢᠭ᠎ᠠ 《ᠭᠠᠳᠠᠭᠠᠳᠤ ᠬᠣᠲᠠ》 ᠪᠣᠯ ᠮᠤᠨᠢ ᠠᠭᠤᠯᠠ᠎ᠶᠢᠨ ᠭᠠᠳᠠᠨᠠᠬᠢ ᠬᠣᠲᠠ ᠪᠡᠬᠢᠯᠡᠯᠲᠡ᠎ᠶᠢ ᠬᠡᠯᠡᠵᠡᠢ᠃

ᠳᠠᠯᠠᠨ ᠬᠠᠷ᠎ᠠ᠂ ᠮᠤᠨᠢ ᠠᠭᠤᠯᠠ ᠬᠣᠶᠠᠷ᠎ᠤᠨ ᠵᠠᠪᠰᠠᠷ ᠬᠥᠨᠳᠡᠯᠡᠨ ᠭᠣᠣᠯ ᠤᠮᠠᠷ᠎ᠠ᠎ᠠᠴᠠ ᠡᠮᠦᠨᠡᠰᠢ ᠤᠷᠤᠰᠴᠤ ᠬᠠᠲᠤᠨ ᠭᠣᠣᠯ᠎ᠳᠤᠷ ᠴᠢᠳᠭᠤᠵᠤ ᠪᠤᠢ᠃ ᠬᠥᠨᠳᠡᠯᠡᠨ ᠭᠣᠣᠯ ᠪᠣᠯ ᠡᠷᠲᠡᠨ᠎ᠦ ᠱᠢ ᠮᠧᠨ ᠭᠣᠣᠯ ᠮᠥᠨ᠂ ᠱᠢ ᠮᠧᠨ ᠭᠣᠣᠯ ᠪᠠᠷᠤᠭ ᠡᠷᠲᠡᠨ᠎ᠦ ᠨᠡᠭᠦᠳᠡᠯᠴᠢᠨ ᠠᠢᠮᠠᠭ ᠮᠤᠨᠢ ᠠᠭᠤᠯᠠ᠎ᠶᠢᠨ ᠥᠪᠦᠷ᠎ᠦᠨ ᠨᠣᠭᠤᠭᠠᠨ ᠲᠠᠯ᠎ᠠ᠎ᠳᠤ ᠣᠷᠤᠬᠤ ᠬᠠᠮᠤᠭ᠎ᠤᠨ ᠳᠥᠬᠦᠮ ᠢᠯᠳᠠᠷ ᠵᠠᠮ ᠪᠠᠢᠵᠠᠢ᠃ ᠡᠨᠡ ᠵᠠᠮ᠎ᠤᠨ ᠭᠠᠳᠠᠨ᠎ᠠ ᠬᠠᠨ ᠤᠯᠤᠰ᠎ᠤᠨ ᠡᠷᠲᠡᠨ᠎ᠦ ᠬᠣᠲᠠ ᠪᠠᠯᠭᠠᠰᠤ᠎ᠨᠤᠭᠤᠳ᠎ᠢ ᠢᠯᠡᠷᠡᠭᠦᠯᠦᠭᠰᠡᠨ ᠪᠠᠢᠨ᠎ᠠ᠂ ᠲᠡᠳᠡᠭᠡᠷ᠎ᠦᠨ ᠳᠣᠲᠤᠷᠠᠬᠢ ᠨᠢᠭᠡᠨ ᠬᠣᠲᠠ ᠪᠣᠯ ᠡᠷᠲᠡᠨ᠎ᠦ ᠬᠠᠨ ᠤᠯᠤᠰ᠎ᠤᠨ ᠭᠤᠸᠠᠩᠯᠤ ᠬᠣᠲᠠ ᠪᠣᠯᠤᠯᠲᠠᠢ᠃

ᠪᠢᠳᠡ ᠡᠨᠡ ᠤᠳᠠᠭ᠎ᠠ ᠥᠪᠦᠷ ᠮᠣᠩᠭᠤᠯ᠎ᠤᠨ ᠪᠠᠷᠠᠭᠤᠨ ᠪᠡᠶ᠎ᠡ᠎ᠶᠢ ᠰᠤᠷᠪᠤᠯᠵᠢᠯᠠᠬᠤ᠎ᠳᠠᠭᠠᠨ ᠬᠥᠬᠡᠬᠣᠲᠠ᠎ᠶᠢᠨ ᠳᠡᠷᠭᠡᠳᠡᠬᠢ ᠲᠠᠪᠤᠨ ᠲᠣᠯᠤᠭᠠᠢ᠎ᠶᠢᠨ ᠬᠠᠨ ᠤᠯᠤᠰ᠎ᠤᠨ ᠬᠣᠲᠠ᠎ᠶᠢᠨ ᠰᠠᠭᠤᠷᠢ ᠬᠢᠭᠡᠳ ᠪᠤᠭᠤᠲᠤ᠎ᠶᠢᠨ ᠳᠡᠷᠭᠡᠳᠡᠬᠢ ᠮᠠ ᡂᠢ ᠰᠢᠶᠠᠩ ᠠᠢᠯ᠎ᠤᠨ ᠬᠠᠨ ᠤᠯᠤᠰ᠎ᠤᠨ ᠬᠣᠲᠠ᠎ᠶᠢᠨ ᠰᠠᠭᠤᠷᠢ᠎ᠶᠢ ᠰᠣᠨᠢᠷᠬᠠᠨ ᠦᠵᠡᠯ᠎ᠡ᠃

ᠲᠠᠪᠤᠨ ᠲᠣᠯᠤᠭᠠᠢ ᠪᠣᠯ ᠬᠥᠬᠡᠬᠣᠲᠠ᠎ᠠᠴᠠ ᠵᠡᠭᠦᠨ ᠬᠣᠢᠰᠢ ᠭᠤᠴᠢᠨ ᠲᠠᠪᠤᠨ᠎ᠤ ᠭᠠᠵᠠᠷ᠂ ᠳᠠᠯᠠᠨ ᠬᠠᠷ᠎ᠠ᠎ᠶᠢᠨ ᠡᠮᠦᠨ᠎ᠡ ᠬᠣᠷᠮᠤᠢ᠎ᠳᠤ ᠪᠤᠢ᠃ ᠲᠡᠷᠡ ᠬᠣᠲᠠ ᠤᠷᠲᠤ ᠳᠥᠷᠪᠡᠯᠵᠢᠨ ᠬᠡᠯᠪᠡᠷᠢ᠎ᠲᠡᠢ ᠪᠠ ᠳᠣᠲᠤᠭᠠᠳᠤ ᠭᠠᠳᠠᠭᠠᠳᠤ ᠬᠣᠶᠠᠷ ᠬᠣᠲᠠ ᠬᠤᠪᠢᠶᠠᠵᠤ᠂ ᠭᠠᠳᠠᠭᠠᠳᠤ ᠬᠣᠲᠠ᠎ᠶᠢᠨ ᠡᠷᠭᠢᠨ ᠲᠣᠭᠤᠷᠢᠨ ᠭᠤᠷᠪᠠᠨ ᠺᠢᠯᠤᠮᠧᠲᠷ ᠬᠢᠷᠢ ᠪᠤᠢ᠃ ᠳᠣᠲᠤᠭᠠᠳᠤ ᠬᠣᠲᠠ᠎ᠶᠢᠨ ᠭᠠᠵᠠᠷ ᠪᠣᠯᠭᠠᠨ᠎ᠳᠤ ᠬᠠᠨ ᠤᠯᠤᠰ᠎ᠤᠨ ᠦᠶ᠎ᠡ᠎ᠶᠢᠨ ᠳᠡᠭᠡᠰᠦᠨ᠎ᠦ ᠬᠡ ᠤᠭᠠᠯᠵᠠᠲᠤ ᠸᠠᠭᠠᠷ ᠰᠠᠪᠠ᠎ᠶᠢᠨ ᠬᠡᠯᠲᠡᠷᠬᠡᠢ ᠬᠠᠷᠠᠭᠳᠠᠵᠤ ᠪᠠᠢᠨ᠎ᠠ᠃ ᠬᠣᠲᠠ᠎ᠶᠢᠨ ᠣᠷᠴᠢᠮ ᠲᠠᠪᠤᠨ ᠶᠡᠬᠡ ᠣᠪᠤᠭ᠎ᠠ ᠪᠤᠢ᠃ ᠲᠠᠪᠤᠨ ᠲᠣᠯᠤᠭᠠᠢ᠎ᠶᠢ ᠡᠭᠦᠨ᠎ᠢᠶᠡᠷ ᠨᠡᠷᠡᠢᠳᠦᠭᠰᠡᠨ ᠪᠠᠢᠵᠠᠢ᠃ ᠡᠨᠡ ᠲᠠᠪᠤᠨ ᠶᠡᠬᠡ ᠣᠪᠤᠭ᠎ᠠ ᠪᠠᠷᠤᠭ ᠰᠢᠷᠤᠢ᠎ᠪᠠᠷ ᠬᠤᠴᠢᠭᠰᠠᠨ ᠲᠠᠪᠤᠨ ᠲᠣᠮᠤ ᠪᠤᠩᠬᠤᠨ ᠪᠣᠯᠤᠯᠲᠠᠢ᠃ ᠡᠨᠡ ᠲᠠᠪᠤᠨ ᠪᠤᠩᠬᠤᠨ᠎ᠢ ᠨᠡᠭᠡᠭᠡᠪᠡᠯ ᠡᠨᠡ᠎ᠬᠦ ᠡᠷᠲᠡᠨ᠎ᠦ ᠬᠣᠲᠠ᠎ᠶᠢᠨ ᠲᠡᠦᠬᠡ᠎ᠶᠢᠨ ᠳᠠᠩᠰᠠ ᠬᠠᠷ᠎ᠠ᠎ᠶᠢ ᠣᠯᠵᠤ ᠪᠣᠯᠬᠤ ᠪᠠᠢᠨ᠎ᠠ᠃

ᠮᠠ᠎ᡂᠢ ᠰᠢᠶᠠᠩ ᠠᠢᠯ ᠪᠤᠭᠤᠲᠤ᠎ᠠᠴᠠ ᠪᠠᠷᠠᠭᠤᠨᠰᠢ ᠭᠤᠴᠢᠨ᠎ᠤ ᠭᠠᠵᠠᠷ᠎ᠲᠤ ᠪᠤᠢ᠃ ᠡᠨᠳᠡᠬᠢ ᠡᠷᠲᠡᠨ᠎ᠦ ᠬᠠᠨ ᠤᠯᠤᠰ᠎ᠤᠨ ᠬᠣᠲᠠ ᠪᠠᠰᠠ ᠭᠠᠳᠠᠭᠠᠳᠤ ᠳᠣᠲᠤᠭᠠᠳᠤ ᠬᠣᠲᠠ᠎ᠲᠠᠢ᠂ ᠳᠣᠲᠤᠭᠠᠳᠤ ᠬᠣᠲᠠ᠎ᠳᠤ ᠬᠠᠨ ᠤᠯᠤᠰ᠎ᠤᠨ ᠦᠶ᠎ᠡ᠎ᠶᠢᠨ ᠸᠠᠭᠠᠷ ᠲᠣᠭᠤᠰᠭ᠎ᠠ ᠮᠠᠰᠢ ᠣᠯᠠᠨ᠂ ᠭᠠᠳᠠᠭᠠᠳᠤ ᠬᠣᠲᠠᠨ᠎ᠳᠤᠨᠢ ᠬᠠᠷᠢᠨ ᠮᠠᠰᠢ ᠴᠥᠭᠡᠨ᠃ ᠡᠷᠲᠡᠨ᠎ᠦ ᠬᠣᠲᠠ᠎ᠶᠢᠨ ᠲᠣᠭᠤᠷᠢᠨ᠎ᠳᠤ ᠡᠷᠲᠡᠨ᠎ᠦ ᠪᠤᠩᠬᠤᠨ ᠣᠯᠠᠨ ᠪᠤᠢ᠃ ᠣᠯᠠᠩᠬᠢ᠎ᠨᠢ ᠰᠢᠷᠤᠢ᠎ᠪᠠᠷ ᠬᠤᠴᠢᠭᠰᠠᠨ᠎ᠦᠭᠡᠢ᠃ ᠡᠨᠡ᠎ᠬᠦ ᠪᠤᠩᠬᠤᠨ᠎ᠤ ᠣᠷᠤᠰᠢᠭᠤᠯᠭ᠎ᠠ᠎ᠠᠴᠠ ᠴᠥᠭᠡᠨ ᠪᠤᠰᠤ ᠡᠷᠲᠡᠨ᠎ᠦ ᠡᠳ᠋᠎ᠢ ᠣᠯᠤᠭᠰᠠᠨ᠎ᠤ ᠳᠣᠲᠤᠷ᠎ᠠ ᠬᠠᠨ ᠤᠯᠤᠰ᠎ᠤᠨ ᠦᠶ᠎ᠡ᠎ᠶᠢᠨ ᠬᠠᠲᠠᠭᠤ ᠵᠣᠭᠤᠰ᠂ ᠬᠠᠨ ᠤᠯᠤᠰ᠎ᠤᠨ ᠮᠠᠶᠢ᠍ᠭ᠎ᠤᠨ ᠵᠡᠰ ᠰᠠᠪᠠ᠂ ᠸᠠᠭᠠᠷ ᠰᠠᠪᠠ᠂ ᠰᠢᠷᠲᠦ ᠰᠠᠪᠠ ᠵᠡᠷᠭᠡ ᠪᠤᠢ᠃ ᠪᠠᠰᠠ ᠠᠯᠲᠠ ᠮᠥᠩᠭᠦᠨ ᠰᠡᠢᠯᠪᠦᠷᠢᠲᠦ ᠵᠢᠮᠰᠡᠭ᠎ᠦᠨ ᠵᠦᠢᠯ ᠪᠤᠢ᠂ ᠲᠡᠭᠦᠨ᠎ᠦ ᠳᠡᠭᠡᠷᠡᠬᠢ ᠬᠡ ᠤᠭᠠᠯᠵᠠ᠎ᠳᠤ ᠪᠠᠷᠰ ᠢᠷᠪᠢᠰ ᠲᠡᠮᠡᠭᠡᠨ᠎ᠦ ᠳᠦᠷᠰᠦ ᠪᠤᠢ᠃ ᠪᠠᠰᠠ 《ᠴᠠᠨ ᠢᠦᠢ ᠲᠩᠷᠢ᠎ᠡᠴᠡ ᠪᠠᠭᠤᠭᠰᠠᠨ》᠂ 《ᠳᠥᠷᠪᠡᠨ ᠬᠠᠷᠠᠯᠢᠭ᠎ᠤᠳ》 ᠪᠣᠯᠤᠨ 《 ᠴᠠᠨ ᠢᠦᠢ᠎ᠶᠢᠨ ᠨᠠᠢᠷᠠᠮᠳᠠᠯ᠎ᠤᠨ ᠤᠷᠤᠭ》᠂ 《ᠮᠢᠩᠭᠠᠨ ᠨᠠᠮᠤᠷ ᠲᠦᠮᠡᠨ ᠨᠠᠰᠤ》᠂ 《ᠤᠷᠲᠤ ᠬᠥᠭᠵᠢᠮ ᠳᠠᠭᠤᠰᠤᠭᠠᠳᠤᠢ》 ᠵᠡᠷᠭᠡ᠎ᠶᠢᠨ ᠦᠰᠦᠭᠲᠦ ᠬᠡᠪᠲᠡᠭᠡ ᠸᠠᠭᠠᠷ᠎ᠤᠨ ᠦᠵᠦᠭᠦᠷ᠎ᠦᠨ ᠬᠡᠰᠡᠭ ᠪᠤᠰᠠᠭ ᠵᠦᠢᠯ᠎ᠦᠳ ᠭᠠᠷᠴᠠᠢ᠃

ᠡᠷᠲᠡᠨ᠎ᠦ ᠡᠨᠡ ᠬᠣᠶᠠᠷ ᠬᠣᠲᠠ᠎ᠶᠢ ᠢᠯᠡᠷᠡᠭᠦᠯᠦᠭᠰᠡᠨ ᠲᠤᠬᠠᠢ ᠨᠠᠷᠢᠨ ᠨᠢᠭᠲᠠ ᠲᠠᠨᠢᠯᠴᠠᠭᠤᠯᠬᠤ᠎ᠦᠭᠡᠢ᠂ ᠭᠠᠭᠴᠠ ᠨᠢᠭᠡᠨ ᠪᠣᠳᠠᠲᠤ ᠬᠡᠷᠡᠭ᠎ᠢ ᠶᠠᠷᠢᠰᠤᠭᠠᠢ᠃ ᠮᠤᠨᠢ ᠠᠭᠤᠯᠠ᠎ᠶᠢᠨ ᠠᠷᠤ ᠥᠪᠦᠷ ᠪᠠ ᠬᠠᠲᠤᠨ ᠭᠣᠣᠯ᠎ᠤᠨ ᠣᠯᠤᠮ ᠬᠠᠪᠢ᠎ᠶᠢᠨ ᠬᠠᠨ ᠤᠯᠤᠰ᠎ᠤᠨ ᠦᠶ᠎ᠡ᠎ᠶᠢᠨ ᠡᠷᠲᠡᠨ᠎ᠦ ᠬᠣᠲᠠ᠎ᠶᠢ ᠠᠵᠤ ᠠᠬᠤᠢ᠎ᠶᠢᠨ ᠰᠢᠯᠲᠠᠭᠠᠨ᠎ᠢᠶᠠᠷ ᠪᠠᠢᠭᠤᠯᠤᠭᠰᠠᠨ ᠪᠢᠰᠢ᠂ ᠴᠡᠷᠢᠭ ᠳᠠᠢᠨ᠎ᠤ ᠱᠠᠭᠠᠷᠳᠠᠯᠭ᠎ᠠ᠎ᠠᠴᠠ ᠪᠠᠢᠭᠤᠯᠤᠭᠰᠠᠨ ᠪᠠᠢᠨ᠎ᠠ᠃ ᠦᠨᠡᠨ ᠬᠡᠷᠡᠭ ᠳᠡᠭᠡᠷ᠎ᠡ ᠡᠳᠡᠭᠡᠷ ᠡᠷᠲᠡᠨ᠎ᠦ ᠬᠣᠲᠠ᠎ᠶᠢ ᠦᠨᠡᠩᠬᠦ ᠬᠣᠲᠠ ᠭᠡᠬᠦ᠎ᠶᠢᠨ ᠠᠷᠭ᠎ᠠ᠎ᠦᠭᠡᠢ᠂ ᠵᠥᠪᠬᠡᠨ ᠴᠡᠷᠢᠭ᠎ᠦᠨ ᠰᠠᠭᠤᠴᠠ ᠪᠠ ᠴᠡᠷᠢᠭ᠎ᠦᠨ ᠠᠮᠤ ᠬᠦᠨᠡᠰᠦ ᠵᠠᠷ ᠵᠡᠪᠰᠡᠭ ᠬᠤᠷᠢᠶᠠᠬᠤ ᠪᠡᠬᠢᠯᠡᠯᠲᠡ ᠲᠡᠳᠦᠢ᠎ᠶᠦᠮ᠃ ᠡᠳᠡᠭᠡᠷ ᠪᠡᠬᠢᠯᠡᠯᠲᠡ᠎ᠳᠦ ᠰᠠᠭᠤᠵᠤ ᠪᠦᠬᠦᠢ ᠬᠥᠮᠦᠨ᠎ᠦ ᠣᠯᠠᠩᠬᠢ᠎ᠨᠢ ᠴᠡᠷᠢᠭ᠎ᠶᠦᠮ᠃ ᠵᠢᠴᠢ ᠵᠢᠵᠢᠭ ᠬᠤᠳᠠᠯᠳᠤᠭᠠᠴᠢᠨ ᠪᠠ ᠭᠠᠷ ᠦᠢᠯᠡᠳᠪᠦᠷᠢᠴᠢᠨ ᠪᠤᠢ᠂ ᠭᠡᠲᠡᠯ᠎ᠡ ᠡᠳᠡᠭᠡᠷ ᠬᠥᠮᠦᠰ ᠪᠣᠯ ᠴᠡᠷᠢᠭ ᠠᠩᠭᠢ᠎ᠳᠤ ᠲᠦᠰᠢᠭᠯᠡᠨ ᠠᠮᠢᠳᠤᠷᠠᠵᠤ ᠪᠠᠢᠪᠠ᠃ ᠲᠡᠢᠮᠦ᠎ᠡᠴᠡ ᠴᠡᠷᠢᠭ ᠪᠤᠴᠠᠮᠠᠭᠴᠠ ᠡᠳᠡᠭᠡᠷ ᠪᠡᠬᠢᠯᠡᠯᠲᠡ ᠨᠤᠭᠦᠳ ᠳᠠᠷᠤᠢ ᠬᠠᠶᠠᠭᠳᠠᠬᠤ ᠪᠣᠯᠤᠨ᠎ᠠ᠃

ᠳᠠᠬᠢᠪᠠᠯ ᠮᠤᠨᠢ ᠠᠭᠤᠯᠠ᠎ᠶᠢᠨ ᠬᠠᠪᠢ ᠪᠣᠯ ᠦᠨᠳᠦᠰᠦᠲᠡᠨ᠎ᠦ ᠬᠠᠷᠢᠴᠠᠭ᠎ᠠ ᠬᠥᠯ ᠱᠤᠤᠭᠢᠶᠠᠨ᠎ᠲᠠᠢ ᠪᠠᠢᠬᠤ ᠦᠶ᠎ᠡ᠎ᠳᠦ ᠳᠠᠢᠨ᠎ᠤ ᠲᠠᠯᠠᠪᠤᠷ ᠪᠠᠢᠳᠠᠭ ᠪᠣᠯᠪᠠᠴᠤ ᠦᠨᠳᠦᠰᠦᠲᠡᠨ᠎ᠦ ᠬᠠᠷᠢᠴᠠᠭ᠎ᠠ ᠲᠠᠢᠪᠤᠭᠤ ᠨᠠᠮᠳᠠᠭᠤᠨ ᠴᠠᠭ ᠦᠶ᠎ᠡ᠎ᠳᠦ ᠨᠢᠭᠡᠨ ᠭᠣᠣᠯ ᠴᠢᠬᠤᠯᠠ ᠰᠣᠶᠤᠯ᠎ᠤᠨ ᠰᠣᠯᠢᠯᠴᠠᠭᠠᠨ᠎ᠤ ᠥᠷᠲᠡᠭᠡ ᠲᠠᠪᠢᠨ ᠪᠣᠯᠬᠤ᠎ᠪᠠᠷ ᠪᠠᠷᠠᠬᠤ᠎ᠦᠭᠡᠢ᠂ ᠳᠠᠢᠨ᠎ᠤ ᠴᠠᠭ ᠦᠶ᠎ᠡ᠎ᠳᠦ᠎ᠴᠦ ᠭᠡᠰᠡᠨ ᠰᠣᠶᠤᠯ᠎ᠤᠨ ᠰᠣᠯᠢᠯᠴᠠᠭ᠎ᠠ᠎ᠶᠢ ᠪᠦᠷᠢᠮᠦᠰᠦᠨ ᠬᠣᠷᠢᠭᠯᠠᠵᠤ ᠴᠢᠳᠠᠳᠠᠭ᠎ᠦᠭᠡᠢ ᠭᠡᠳᠡᠭ᠎ᠢ ᠪᠢ ᠪᠠᠰᠠ ᠶᠠᠷᠢᠶ᠎ᠠ ᠭᠡᠵᠦ ᠰᠠᠨᠠᠵᠤ ᠪᠤᠢ᠃ ᠡᠨᠡ ᠲᠤᠬᠠᠢ ᠪᠢᠳᠡ ᠡᠨᠡ ᠬᠠᠪᠢ᠎ᠠᠴᠠ ᠢᠯᠡᠷᠡᠭᠦᠯᠦᠭᠰᠡᠨ ᠳᠤᠷᠠᠰᠭᠠᠯᠲᠤ ᠡᠳ᠋᠎ᠢᠶᠡᠷ ᠭᠡᠷᠡᠴᠢᠯᠡᠵᠦ ᠴᠢᠳᠠᠬᠤ᠎ᠶᠤᠮ᠃ ᠵᠢᠱ᠌ᠢᠶᠡᠯᠡᠪᠡᠯ ᠲᠤᠬᠠᠢ᠎ᠶᠢᠨ ᠦᠶ᠎ᠡ᠎ᠳᠦ ᠬᠠᠨ ᠤᠯᠤᠰ ᠾᠦᠩᠨᠦ ᠬᠣᠶᠠᠷ᠎ᠤᠨ ᠬᠢᠯᠢ ᠪᠠᠢᠭᠰᠠᠨ ᠭᠠᠵᠠᠷ ᠪᠣᠯᠭᠠᠨ᠎ᠠᠴᠠ ᠬᠠᠨ ᠤᠯᠤᠰ᠎ᠤᠨ ᠬᠠᠲᠠᠭᠤ ᠵᠣᠭᠤᠰ ᠪᠠ ᠭᠠᠷ ᠤᠷᠠᠯᠠᠯ᠎ᠤᠨ ᠵᠦᠢᠯ ᠣᠯᠳᠠᠪᠠ᠃ ᠡᠳᠡᠭᠡᠷ ᠵᠦᠢᠯ᠎ᠦᠳ᠎ᠨᠢ ᠪᠠᠰᠠ ᠳᠣᠲᠤᠷ᠎ᠠ ᠭᠠᠵᠠᠷ ᠣᠯᠳᠠᠭᠰᠠᠨ ᠲᠡᠷᠡ ᠨᠢᠭᠡᠨ ᠴᠠᠭ ᠦᠶ᠎ᠡ᠎ᠶᠢᠨ ᠭᠠᠷ ᠤᠷᠠᠯᠠᠯ᠎ᠤᠨ ᠡᠳ᠋᠎ᠲᠡᠢ ᠪᠦᠷ ᠠᠳᠠᠯᠢ᠎ᠶᠤᠮ᠃ ᠡᠨᠡ ᠶᠠᠪᠤᠳᠠᠯ᠎ᠨᠢ ᠬᠠᠨ ᠤᠯᠤᠰ ᠾᠦᠩᠨᠦ ᠬᠣᠶᠠᠷ᠎ᠤᠨ ᠨᠠᠢᠷᠠᠮᠳᠠᠯ᠎ᠤᠨ ᠬᠠᠷᠢᠴᠠᠭ᠎ᠠ ᠴᠠᠭᠠᠨ ᠬᠡᠷᠡᠮ ᠪᠠ ᠴᠡᠷᠢᠭ᠎ᠦᠨ ᠪᠡᠬᠢᠯᠡᠯᠲᠡ᠎ᠳᠦ ᠬᠠᠯᠬᠠᠯᠠᠭᠳᠠᠨ ᠲᠠᠰᠤᠷᠠᠭᠰᠠᠨ᠎ᠦᠭᠡᠢ ᠭᠡᠳᠡᠭ᠎ᠢ ᠲᠣᠳᠤ ᠬᠠᠷᠠᠭᠤᠯᠵᠤ ᠪᠤᠢ᠃

ᠳᠠᠯᠠᠨ ᠬᠠᠷ᠎ᠠ᠎ᠶᠢᠨ ᠬᠣᠷᠮᠤᠢ᠎ᠳᠤ ᠥᠨᠢ ᠡᠭᠦᠷᠢᠳᠡ ᠪᠠᠯᠠᠷᠠᠨ ᠬᠠᠶᠠᠭᠳᠠᠳᠠᠭ᠎ᠦᠭᠡᠢ ᠨᠢᠭᠡᠨ ᠡᠷᠲᠡᠨ᠎ᠦ ᠳᠤᠷᠠᠰᠭᠠᠯ ᠪᠤᠢ᠂ ᠲᠡᠷᠡ ᠪᠣᠯ ᠬᠥᠬᠡ ᠳᠣᠪᠤ ᠬᠡᠮᠡᠭᠳᠡᠳᠡᠭ ᠸᠠᠩ ᠵᠣᠣ ᠵᠢᠶᠦ᠋ᠨ᠎ᠦ ᠪᠤᠯᠠᠰᠢ ᠪᠣᠯᠤᠨ᠎ᠠ᠃ ᠤᠴᠢᠷ᠎ᠨᠢ ᠥᠪᠦᠷ ᠮᠣᠩᠭᠤᠯ᠎ᠤᠨ ᠠᠷᠠᠳ ᠲᠦᠮᠡᠨ᠎ᠦ ᠰᠡᠳᠭᠢᠯ ᠵᠢᠷᠦᠬᠡᠨ᠎ᠳᠡᠬᠢ ᠸᠠᠩ ᠵᠤᠤ ᠵᠢᠶᠦ᠋ᠨ ᠪᠣᠯ ᠪᠣᠳᠠᠲᠤ ᠬᠥᠮᠦᠨ ᠪᠢᠰᠢ᠂ ᠬᠠᠷᠢᠨ ᠪᠡᠯᠭᠡ ᠲᠡᠮᠳᠡᠭ᠂ ᠦᠨᠳᠦᠰᠦᠲᠡᠨ᠎ᠦ ᠨᠥᠬᠦᠷᠯᠡᠯ᠎ᠦᠨ ᠪᠡᠯᠭᠡ ᠲᠡᠮᠳᠡᠭ ᠪᠣᠯᠤᠭᠰᠠᠨ᠎ᠶᠤᠮ᠃ ᠸᠠᠩ ᠵᠣᠣ ᠵᠢᠶᠦ᠋ᠨ᠎ᠦ ᠪᠤᠯᠠᠰᠢ᠎ᠨᠢ ᠪᠤᠯᠠᠰᠢ ᠪᠤᠰᠤ᠂ ᠬᠠᠷᠢᠨ ᠦᠨᠳᠦᠰᠦᠲᠡᠨ᠎ᠦ ᠨᠥᠬᠦᠷᠯᠡᠯ᠎ᠦᠨ ᠲᠡᠦᠬᠡᠲᠦ ᠴᠠᠮᠬᠠᠭ ᠪᠣᠯᠤᠭᠰᠠᠨ᠎ᠶᠤᠮ᠃

ᠬᠥᠬᠡ ᠳᠣᠪᠤ ᠬᠥᠬᠡᠬᠣᠲᠠ᠎ᠶᠢᠨ ᠡᠮᠦᠨ᠎ᠡ ᠬᠣᠷᠢ ᠭᠠᠷᠤᠢ ᠭᠠᠵᠠᠷ᠎ᠲᠤ ᠪᠤᠢ᠃ ᠴᠢᠩ ᠤᠯᠤᠰ᠎ᠤᠨ ᠡᠬᠢᠨ᠎ᠦ ᠦᠶ᠎ᠡ᠎ᠪᠡᠷ ᠴᠢᠯᠠᠭᠤᠨ ᠪᠠᠷᠰ ᠬᠣᠶᠠᠷ ᠮᠥᠷ᠂ ᠴᠢᠯᠠᠭᠤᠨ ᠠᠷᠰᠯᠠᠨ ᠨᠢᠭᠡ᠂ ᠪᠠᠰᠠ ᠨᠣᠭᠤᠭᠠᠨ ᠰᠢᠯ ᠸᠠᠭᠠᠷ᠎ᠤᠨ ᠬᠠᠭᠠᠷᠬᠠᠢ ᠪᠠᠢᠵᠠᠢ ᠭᠡᠨ᠎ᠡ᠃ ᠪᠤᠩᠬᠤᠨ᠎ᠤ ᠡᠮᠦᠨ᠎ᠡ ᠪᠠᠰᠠ ᠨᠢᠭᠡᠨ ᠲᠢᠩᠬᠢᠮ ᠪᠠᠢᠭᠰᠠᠨ ᠭᠡᠨ᠎ᠡ᠃ ᠡᠳᠡᠭᠡᠷ ᠶᠠᠭᠤᠮ᠎ᠠ᠎ᠨᠤᠭᠤᠳ ᠣᠳᠣᠬᠠᠨ᠎ᠳᠠᠭᠠᠨ ᠪᠦᠷ ᠠᠯᠠᠭ᠎ᠠ ᠪᠣᠯᠤᠭᠰᠠᠨ ᠠᠵᠢ᠃ ᠵᠥᠪᠬᠡᠨ ᠨᠢᠭᠡᠨ ᠴᠢᠯᠠᠭᠤᠨ ᠪᠠᠷᠰ ᠶᠡᠨᠳᠡᠷ᠎ᠦᠨ ᠳᠣᠣᠷ᠎ᠠ ᠬᠣᠯᠠ ᠮᠣᠷᠳᠠᠭᠰᠠᠨ ᠬᠡᠦᠬᠡᠨ᠎ᠳᠦ ᠬᠠᠨᠢ ᠪᠣᠯᠵᠤ ᠪᠤᠢ᠃

ᠥᠪᠦᠷ ᠮᠣᠩᠭᠤᠯ᠎ᠤᠨ ᠨᠥᠬᠦᠳ᠎ᠡᠴᠡ ᠰᠣᠨᠤᠰᠭᠤᠯ᠎ᠠ᠂ ᠬᠥᠬᠡ ᠳᠣᠪᠤ᠎ᠠᠴᠠ ᠭᠠᠳᠠᠨ᠎ᠠ ᠪᠠᠰᠠ ᠳᠠᠯᠠᠨ ᠬᠠᠷ᠎ᠠ᠎ᠶᠢᠨ ᠡᠮᠦᠨ᠎ᠡ ᠬᠣᠷᠮᠤᠢ᠎ᠳᠤ ᠸᠠᠩ ᠵᠣᠣ ᠵᠢᠶᠦ᠋ᠨ᠎ᠦ ᠪᠤᠩᠬᠤᠨ ᠠᠷᠪᠠᠨ ᠬᠡᠳᠦ ᠪᠤᠢ ᠭᠡᠨ᠎ᠡ᠃ ᠪᠢᠳᠡ ᠸᠠᠩ ᠵᠣᠣ ᠵᠢᠶᠦ᠋ᠨ᠎ᠦ ᠪᠤᠩᠬᠤᠨ᠎ᠢ ᠬᠣᠶᠠᠷ ᠣᠯᠵᠤ ᠦᠵᠡᠪᠡ᠃ ᠨᠥᠭᠦᠭᠡ ᠨᠢᠭᠡ᠎ᠨᠢ ᠪᠤᠭᠤᠲᠤ᠎ᠶᠢᠨ ᠡᠮᠦᠨ᠎ᠡ ᠡᠷᠭᠢ᠎ᠳᠦ ᠪᠤᠢ᠃ ᠦᠨᠡᠨ᠎ᠢ ᠬᠡᠯᠡᠬᠦ᠎ᠳᠦ ᠡᠨᠡ᠎ᠨᠢ ᠪᠤᠩᠬᠤᠨ ᠪᠢᠰᠢ᠂ ᠡᠷᠲᠡᠨ᠎ᠦ ᠨᠢᠭᠡᠨ ᠪᠡᠬᠢᠯᠡᠯᠲᠡ ᠮᠥᠨ᠂ ᠪᠡᠬᠢᠯᠡᠯᠲᠡ᠎ᠶᠢᠨ ᠬᠠᠪᠢ᠎ᠳᠤ ᠪᠠᠰᠠ ᠨᠢᠭᠡᠨ ᠡᠷᠲᠡᠨ᠎ᠦ ᠬᠣᠲᠠ᠎ᠶᠢᠨ ᠰᠠᠭᠤᠷᠢ ᠪᠤᠢ᠃

ᠸᠠᠩ ᠵᠣᠣ ᠵᠢᠶᠦ᠋ᠨ᠎ᠢ ᠴᠣᠬᠤᠮ᠎ᠬᠦ ᠬᠠᠮᠢᠭ᠎ᠠ ᠪᠤᠯᠠᠰᠢᠯᠠᠭᠰᠠᠨ᠎ᠨᠢ ᠴᠢᠬᠤᠯᠠ ᠪᠢᠰᠢ᠂ ᠴᠢᠬᠤᠯᠠ ᠭᠡᠳᠡᠭ᠎ᠨᠢ ᠸᠠᠩ ᠵᠣᠣ ᠵᠢᠶᠦ᠋ᠨ᠎ᠦ ᠪᠤᠯᠠᠰᠢ ᠡᠢᠮᠦ ᠣᠯᠠᠨ ᠭᠠᠷᠤᠭᠰᠠᠨ ᠶᠠᠪᠤᠳᠠᠯ ᠪᠣᠯᠤᠨ᠎ᠠ᠃ ᠸᠠᠩ ᠵᠣᠣ ᠵᠢᠶᠦ᠋ᠨ᠎ᠦ ᠡᠳᠡᠭᠡᠷ ᠪᠤᠯᠠᠰᠢ᠎ᠨᠤᠭᠤᠳ᠎ᠤᠨ ᠪᠤᠢ ᠪᠣᠯᠤᠭᠰᠠᠨ᠎ᠨᠢ ᠥᠪᠦᠷ ᠮᠣᠩᠭᠤᠯ᠎ᠤᠨ ᠠᠷᠠᠳ ᠲᠦᠮᠡᠨ ᠸᠠᠩ ᠵᠣᠣ ᠵᠢᠶᠦ᠋ᠨ ᠭᠡᠳᠡᠭ ᠬᠥᠮᠦᠨ᠎ᠳᠦ ᠨᠠᠢᠷ ᠰᠡᠳᠭᠢᠯᠭᠡ᠎ᠲᠡᠢ ᠪᠠᠢᠭ᠎ᠠ᠎ᠶᠢ ᠬᠠᠷᠠᠭᠤᠯᠵᠤ ᠪᠤᠢ᠂ ᠲᠡᠳᠡ ᠸᠠᠩ ᠵᠣᠣ ᠵᠢᠶᠦ᠋ᠨ᠎ᠢ ᠥᠪᠡᠷ᠎ᠦᠨ᠎ᠢᠶᠡᠨ ᠠᠢᠯ ᠤᠰᠤᠨ᠎ᠳᠤ ᠣᠷᠤᠰᠢᠭᠤᠯᠰᠤᠭᠠᠢ ᠭᠡᠵᠦ ᠬᠦᠰᠡᠳᠡᠭ᠎ᠢ ᠬᠠᠷᠠᠭᠤᠯᠵᠤ ᠪᠤᠢ᠃

ᠭᠡᠬᠦ᠎ᠳᠦ ᠡᠳᠦᠭᠡ ᠸᠠᠩ ᠵᠣᠣ ᠵᠢᠶᠦ᠋ᠨ᠎ᠢ ᠬᠠᠷᠢ ᠤᠯᠤᠰ᠎ᠲᠤ ᠮᠣᠷᠳᠠᠭᠤᠯᠤᠭᠰᠠᠨ᠎ᠢ ᠡᠰᠡᠷᠭᠦᠴᠡᠭᠴᠢ ᠬᠥᠮᠦᠨ ᠪᠠᠰᠠ ᠪᠤᠢ᠃ ᠲᠡᠳᠡ ᠸᠠᠩ ᠵᠣᠣ ᠵᠢᠶᠦ᠋ᠨ᠎ᠢ ᠬᠠᠷᠢ ᠤᠯᠤᠰ᠎ᠲᠤ ᠮᠣᠷᠳᠠᠭᠤᠯᠤᠭᠰᠠᠨ᠎ᠨᠢ ᠤᠯᠤᠰ ᠦᠨᠳᠦᠰᠦᠲᠡᠨ᠎ᠦ ᠭᠤᠲᠤᠮᠰᠢᠭ ᠭᠡᠵᠦ ᠦᠵᠡᠳᠡᠭ ᠪᠠᠢᠨ᠎ᠠ᠃ ᠢᠩᠭᠢᠵᠦ ᠦᠵᠡᠬᠦ᠎ᠶᠢ ᠪᠢ ᠵᠥᠪᠰᠢᠶᠡᠷᠡᠬᠦ᠎ᠦᠭᠡᠢ᠂ ᠶᠠᠭᠠᠬᠢᠭᠠᠳ ᠭᠡᠪᠡᠯ ᠹᠧᠣᠳᠠᠯ᠎ᠤᠨ ᠦᠶ᠎ᠡ᠎ᠳᠦ ᠦᠨᠳᠦᠰᠦᠲᠡᠨ ᠨᠤᠭᠦᠳ᠎ᠦᠨ ᠬᠣᠭᠤᠷᠤᠨᠳᠤᠬᠢ ᠨᠥᠬᠦᠷᠰᠡᠭ ᠬᠠᠷᠢᠴᠠᠭ᠎ᠠ᠎ᠶᠢ ᠪᠠᠢᠭᠤᠯᠬᠤ᠎ᠶᠢ ᠡᠨᠡ ᠡᠳᠦᠷ᠎ᠦᠨ ᠮᠠᠨ᠎ᠤ ᠠᠳᠠᠯᠢ ᠦᠨᠳᠦᠰᠦᠲᠡᠨ ᠨᠤᠭᠦᠳ᠎ᠦᠨ ᠠᠷᠠᠳ ᠲᠦᠮᠡᠨ᠎ᠦ ᠬᠣᠭᠤᠷᠤᠨᠳᠤᠬᠢ ᠠᠩᠭᠢ᠎ᠶᠢᠨ ᠠᠰᠢᠭ ᠲᠤᠰᠠ᠂ ᠠᠵᠤ ᠠᠬᠤᠢ᠎ᠶᠢᠨ ᠰᠠᠭᠤᠷᠢ ᠬᠢᠭᠡᠳ ᠦᠵᠡᠯ ᠤᠬᠠᠮᠰᠠᠷ᠎ᠤᠨ ᠬᠡᠯᠪᠡᠷᠢ᠎ᠶᠢ ᠳᠠᠮᠵᠢᠬᠤ ᠪᠢᠰᠢ᠂ ᠭᠣᠣᠯᠳᠠᠭᠤ ᠨᠣᠶᠠᠷᠬᠠᠭᠴᠢ ᠠᠩᠭᠢ᠎ᠶᠢᠨ ᠬᠣᠭᠤᠷᠤᠨᠳᠤᠬᠢ ᠵᠥᠪᠰᠢᠶᠡᠷᠡᠯ᠎ᠢ ᠲᠦᠰᠢᠭᠯᠡᠬᠦ᠎ᠳᠦ ᠣᠷᠤᠰᠢᠬᠤ ᠪᠥᠭᠡᠳ ᠨᠣᠶᠠᠷᠬᠠᠭᠴᠢ ᠠᠩᠭᠢ᠎ᠶᠢᠨ ᠬᠣᠭᠤᠷᠤᠨᠳᠤᠬᠢ ᠵᠥᠪᠰᠢᠶᠡᠷᠡᠯ᠎ᠨᠢ ᠪᠠᠰᠠ ᠬᠠᠮᠤᠭ᠎ᠤᠨ ᠲᠡᠷᠢᠭᠦᠨ᠎ᠳᠦ ᠬᠣᠶᠠᠷ ᠲᠠᠯ᠎ᠠ᠎ᠶᠢᠨ ᠬᠦᠴᠦ ᠴᠢᠳᠠᠯ᠎ᠤᠨ ᠬᠠᠷᠢᠴᠠᠯ ᠪᠣᠯᠤᠨ ᠡᠭᠦᠨ᠎ᠡᠴᠡ ᠪᠤᠢ ᠪᠣᠯᠤᠭᠰᠠᠨ ᠹᠧᠣᠳᠠᠯ᠎ᠤᠨ ᠬᠠᠷᠢᠴᠠᠭᠠᠨ᠎ᠤ ᠰᠠᠢᠵᠢᠷᠠᠯ᠎ᠳᠤ ᠲᠦᠰᠢᠭᠯᠡᠬᠦ᠎ᠶᠦᠮ᠃ ᠨᠠᠢᠷᠠᠮᠳᠠᠯ᠎ᠤᠨ ᠤᠷᠤᠭ ᠪᠣᠯ ᠹᠧᠣᠳᠠᠯ᠎ᠤᠨ ᠬᠠᠷᠢᠴᠠᠭ᠎ᠠ᠎ᠶᠢ ᠰᠠᠢᠵᠢᠷᠠᠭᠤᠯᠬᠤ ᠨᠢᠭᠡᠨ ᠵᠦᠢᠯ᠎ᠦᠨ ᠠᠷᠭ᠎ᠠ ᠠᠪᠴᠠᠯ ᠪᠣᠯᠤᠨ᠎ᠠ᠃ ᠬᠡᠯᠡᠯᠭᠡᠨ᠎ᠦᠭᠡᠢ᠂ ᠨᠠᠢᠷᠠᠮᠳᠠᠯ᠎ᠤᠨ ᠤᠷᠤᠭ᠎ᠴᠤ ᠠᠳᠠᠯᠢ ᠪᠤᠰᠤ ᠲᠡᠦᠬᠡ᠎ᠶᠢᠨ ᠨᠥᠬᠦᠴᠡᠯ᠎ᠦᠨ ᠳᠣᠣᠷ᠎ᠠ ᠪᠤᠢ ᠪᠣᠯᠤᠭᠰᠠᠨ᠎ᠶᠤᠮ᠂ ᠵᠠᠷᠢᠮ ᠨᠢᠭᠡᠨ ᠨᠠᠢᠷᠠᠮᠳᠠᠯ᠎ᠤᠨ ᠤᠷᠤᠭ ᠪᠣᠯ ᠠᠷᠭ᠎ᠠ ᠪᠤᠰᠤ᠎ᠳᠠᠭᠠᠨ᠎ᠶᠤᠮ᠂ ᠭᠡᠪᠡᠴᠦ ᠵᠠᠷᠢᠮ᠎ᠨᠢ ᠪᠣᠯ ᠠᠷᠭ᠎ᠠ ᠪᠤᠰᠤ᠎ᠳᠠᠭᠠᠨ ᠪᠢᠰᠢ᠂ ᠸᠠᠩ ᠵᠣᠣ ᠵᠢᠶᠦ᠋ᠨ ᠬᠠᠷᠢ ᠤᠯᠤᠰ᠎ᠲᠤ ᠮᠣᠷᠳᠠᠬᠤ᠎ᠳᠤ ᠶᠠᠮᠠᠷ᠎ᠴᠤ ᠠᠷᠭ᠎ᠠ ᠪᠤᠰᠤ ᠶᠠᠪᠤᠳᠠᠯ ᠪᠠᠢᠭᠰᠠᠨ᠎ᠦᠭᠡᠢ᠃ ᠬᠡᠷᠪᠡ ᠬᠠᠷ᠎ᠠ ᠴᠠᠭᠠᠨ᠎ᠢ ᠢᠯᠭᠠᠬᠤ᠎ᠦᠭᠡᠢ᠂ ᠨᠠᠢᠷᠠᠮᠳᠠᠯ᠎ᠤᠨ ᠤᠷᠤᠭ ᠪᠦᠬᠦᠨ᠎ᠢ ᠡᠰᠡᠷᠭᠦᠴᠡᠭᠡᠳ ᠪᠠᠢᠪᠠᠯ ᠹᠧᠣᠳᠠᠯ᠎ᠤᠨ ᠦᠶ᠎ᠡ᠎ᠳᠦ ᠦᠨᠳᠦᠰᠦᠲᠡᠨ᠎ᠦ ᠬᠠᠷᠢᠴᠠᠭ᠎ᠠ᠎ᠶᠢ ᠰᠠᠢᠵᠢᠷᠠᠭᠤᠯᠬᠤ ᠣᠨᠳᠣᠣ ᠨᠡᠩ ᠰᠠᠢᠨ ᠠᠷᠭ᠎ᠠ ᠬᠡᠮᠵᠢᠶ᠎ᠡ ᠪᠠᠢᠨ᠎ᠠ᠎ᠤᠤ?ᠮᠢᠨᠦ ᠦᠵᠡᠬᠦ᠎ᠪᠡᠷ ᠨᠠᠢᠷᠠᠮᠳᠠᠯ᠎ᠤᠨ ᠤᠷᠤᠭ᠎ᠤᠨ ᠠᠷᠭ᠎ᠠ᠎ᠨᠢ ᠳᠠᠢᠨ᠎ᠤ ᠪᠣᠳᠤᠯᠭ᠎ᠠ᠎ᠠᠴᠠ ᠶᠠᠭᠠᠬᠢᠭᠰᠠᠨ᠎ᠴᠤ ᠪᠠᠬᠠᠨ ᠳᠡᠭᠡᠷ᠎ᠡ᠎ᠰᠢᠭ ᠪᠠᠢᠨ᠎ᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082