ᠮᠣᠩᠭᠣᠯ ᠪᠢᠴᠢᠭ |
ᠬᠢᠲᠠᠳ ᠠᠩᠭᠯᠢ ᠶᠠᠫᠣᠨ |
ᠯᠢ ᠽᠢ ᠴᠧᠩ ᠤᠤᠯ᠎ᠠᠴᠠ᠎ᠪᠠᠨ ᠲᠡᠢᠮᠦ ᠪᠣᠳᠤᠭᠰᠠᠨ᠎ᠢᠶᠠᠨ ᠵᠥᠪ ᠰᠠᠨᠠᠭᠰᠠᠨ᠎ᠢᠶᠠᠨ ᠵᠦᠢ ᠭᠡᠵᠦ ᠣᠮᠤᠷᠬᠠᠨ ᠰᠠᠭᠰᠠᠭᠤᠷᠠᠳᠠᠭ ᠬᠥᠮᠦᠨ ᠪᠢᠰᠢ᠎ᠶᠦᠮ᠃ ᠮᠢᠩ ᠤᠯᠤᠰ᠎ᠤᠨ ᠬᠠᠭᠠᠨ᠎ᠤ ᠲᠥᠷᠦᠯ ᠤᠭᠰᠠᠭ᠎ᠠ᠎ᠶᠢ ᠬᠠᠷᠢᠨ ᠶᠡᠬᠡᠯ᠎ᠡ ᠠᠭᠤᠴᠢᠯᠠᠨ ᠥᠷᠦᠰᠢᠶᠡᠭᠰᠡᠨ ᠪᠠᠢᠪᠠ᠃ ᠪᠡᠭᠡᠵᠢᠩ᠎ᠳᠦ ᠣᠷᠤᠬᠤ᠎ᠶᠢᠨ ᠬᠢᠨᠢ ᠡᠮᠦᠨ᠎ᠡ ᠪᠠᠭᠤᠵᠤ ᠳᠠᠭᠠᠭᠰᠠᠨ ᠸᠠᠩᠨᠠᠷᠤᠨ ᠣᠯᠠᠩᠬᠢ᠎ᠶᠢ ᠴᠥᠮ ᠡᠷᠭᠦᠮᠵᠢᠯᠡᠨ ᠬᠡᠷᠡᠭᠯᠡᠪᠡ᠃ ᠪᠡᠭᠡᠵᠢᠩ᠎ᠳᠦ ᠣᠷᠤᠭᠰᠠᠨ ᠬᠣᠢᠨ᠎ᠠ᠎ᠪᠠᠨ ᠬᠠᠭᠠᠨ ᠪᠠ ᠬᠠᠲᠤᠳᠢᠴᠤ ᠮᠥᠨ ᠶᠣᠰᠤᠴᠢᠯᠠᠨ ᠣᠷᠤᠰᠢᠭᠤᠯᠵᠤ᠂ ᠲᠠᠢᠽᠢ ᠬᠢᠭᠡᠳ ᠶᠦᠩ᠂ ᠳ᠋ᠢᠩ ᠬᠣᠶᠠᠷ ᠸᠠᠩ ᠪᠠᠰᠠ ᠠᠯᠠᠭᠳᠠᠵᠤ ᠪᠤᠯᠠᠭᠳᠠᠭᠰᠠᠨ᠎ᠦᠭᠡᠢ᠃ ᠯᠢ ᠽᠢ ᠴᠧᠩ ᠬᠠᠭᠠᠨ᠎ᠤ ᠣᠷᠳᠤᠨ᠎ᠳᠤ ᠣᠷᠤᠬᠤ ᠬᠢᠷᠢ ᠴᠠᠩ ᠭᠦᠩᠵᠦ ᠴᠦᠩ ᠵᠧᠨ ᠬᠠᠭᠠᠨᠳᠤ ᠴᠠᠪᠴᠢᠭᠳᠠᠭᠠᠳ ᠦᠬᠦᠮᠡᠷ ᠪᠣᠯᠵᠤ ᠭᠠᠵᠠᠷ ᠬᠡᠪᠲᠡᠵᠦ ᠪᠠᠢᠬᠤ᠎ᠶᠢ ᠦᠵᠡᠭᠡᠳ ᠰᠡᠭᠦᠷᠡᠰᠦ ᠠᠯᠳᠠᠨ ᠬᠡᠯᠡᠭᠰᠡᠨ᠎ᠨᠢ: 《ᠬᠠᠭᠠᠨ ᠡᠵᠡᠨ ᠦᠨᠡᠬᠡᠷ ᠨᠢᠩᠵᠢᠨ ᠰᠡᠳᠭᠢᠯ᠎ᠦᠭᠡᠢ ᠪᠠᠢᠨ᠎ᠠ᠂ ᠲᠦᠰᠢᠨ ᠠᠪᠠᠴᠢᠵᠤ ᠣᠷᠳᠤᠨ᠎ᠠ ᠰᠤᠪᠢᠯᠠᠭᠤᠯ》 ᠭᠡᠵᠡᠢ᠃ (《ᠬᠥᠬᠡ ᠪᠡᠴᠢᠨ ᠵᠢᠯ᠎ᠦᠨ ᠦᠨᠡᠨ ᠲᠡᠮᠳᠡᠭᠯᠡᠯ》) ᠯᠢ ᠽᠢ ᠴᠧᠩ ᠬᠥᠮᠦᠨ᠎ᠦ ᠦᠭᠡ᠎ᠶᠢ ᠰᠠᠢᠨ ᠠᠪᠳᠠᠭ ᠪᠠ ᠠᠷᠠᠳᠴᠢᠯᠠᠯ ᠮᠠᠶᠢ᠍ᠭ᠎ᠤᠨ ᠵᠥᠪᠯᠡᠯᠭᠡᠨ᠎ᠦ ᠳᠦᠷᠢᠮ᠎ᠢᠶᠡᠷ ᠠᠵᠢᠯᠯᠠᠳᠠᠭ ᠪᠠᠢᠵᠠᠢ᠃ 《ᠮᠢᠩ ᠤᠯᠤᠰ᠎ᠤᠨ ᠦᠶ᠎ᠡ᠎ᠶᠢᠨ ᠤᠮᠠᠷᠠᠳᠤ ᠪᠣᠳᠤᠯᠭ᠎ᠠ》᠎ᠶᠢᠨ ᠬᠣᠷᠢᠳᠤᠭᠠᠷ ᠳᠡᠪᠲᠡᠷ᠎ᠲᠦ: 《ᠬᠤᠯᠠᠭᠠᠢᠳᠤᠷ ᠣᠷᠤᠵᠤ ᠥᠭᠭᠦᠭᠰᠡᠨ ᠲᠦᠰᠢᠮᠡᠳ ᠣᠷᠳᠤᠨ᠎ᠠᠴᠠ ᠭᠠᠷᠴᠤ ᠢᠷᠡᠭᠡᠳ ᠴᠥᠮ ᠯᠢ ᠬᠤᠯᠠᠭᠠᠢ ᠬᠡᠳᠦᠢ ᠲᠦᠷᠦᠭᠦᠦ ᠬᠡᠮᠡᠪᠡᠴᠦ ᠭᠠᠳᠠᠨ᠎ᠠ ᠪᠠᠰᠠ ᠬᠣᠷᠢ ᠭᠠᠷᠤᠢ ᠬᠥᠮᠦᠨ ᠪᠤᠢ᠂ ᠪᠦᠭᠦᠳᠡᠭᠡᠷ ᠮᠠᠷᠭᠤᠯᠳᠤᠨ ᠵᠣᠭᠰᠤᠬᠤ᠎ᠦᠭᠡᠢ᠂ ᠠᠯᠢᠪᠠ ᠬᠡᠷᠡᠭ᠎ᠢ ᠣᠯᠠᠨ᠎ᠢᠶᠠᠷ ᠵᠥᠪᠯᠡᠯᠴᠡᠳᠡᠭ》 ᠭᠡᠵᠦ ᠪᠢᠴᠢᠭᠰᠡᠨ ᠪᠠᠢᠪᠠ᠃ ᠡᠨᠡ ᠪᠣᠯ ᠲᠤᠢᠯ᠎ᠤᠨ ᠴᠢᠬᠤᠯᠠ ᠨᠢᠭᠡᠨ ᠲᠡᠦᠬᠡ᠎ᠶᠢᠨ ᠮᠠᠲᠧᠷᠢᠶᠠᠯᠶᠤᠮ᠃ ᠡᠭᠦᠨ᠎ᠡᠴᠡ ᠪᠢᠳᠡ ᠯᠢ ᠽᠢ ᠴᠧᠩ ᠢᠯᠠᠭᠳᠠᠭᠰᠠᠨ ᠬᠠᠷᠢᠭᠤᠴᠠᠯᠭ᠎ᠠ᠎ᠶᠢ ᠭᠠᠭᠴᠠᠭᠠᠷ ᠡᠭᠦᠷᠪᠡᠯ ᠵᠣᠬᠢᠬᠤ᠎ᠦᠭᠡᠢ᠂ ᠨᠢᠦ ᠵᠢᠨ ᠰᠢᠩ᠂ ᠯᠢᠦ ᠽᠦᠩ ᠮᠢᠨ ᠪᠦᠬᠦ ᠬᠠᠷᠢᠭᠤᠴᠠᠯᠭ᠎ᠠ᠎ᠶᠢ ᠡᠭᠦᠷᠬᠦ ᠶᠣᠰᠤᠲᠠᠢ ᠭᠡᠳᠡᠭ᠎ᠢ ᠮᠡᠳᠡᠵᠦ ᠪᠣᠯᠬᠤ᠎ᠶᠤᠮ᠃
ᠦ᠋᠎ᠰᠡᠨ ᠭᠦᠢ ᠮᠡᠲᠦ᠎ᠶᠢᠨ ᠵᠠᠪᠰᠢᠨ ᠳᠠᠯᠢᠮᠳᠠᠭᠤᠯᠬᠤ ᠦᠵᠡᠯᠲᠡᠨ ᠠᠩᠬ᠎ᠠ ᠲᠦᠷᠦᠭᠦᠨ᠎ᠳᠡᠭᠡᠨ ᠯᠢ ᠽᠢ ᠴᠧᠩ᠎ᠢ ᠳᠠᠭᠠᠶ᠎ᠠ ᠭᠡᠰᠡᠨ ᠰᠠᠨᠠᠭ᠎ᠠ ᠪᠠᠢᠭᠰᠠᠨ᠎ᠦᠭᠡᠢ ᠪᠢᠰᠢ᠂ ᠭᠠᠭᠴᠠ ᠡᠷᠡᠭᠡᠯᠵᠡᠨ ᠬᠣᠷᠤᠭᠤᠯᠵᠠᠭᠰᠠᠭᠠᠷ ᠪᠠᠢᠭᠰᠠᠨ᠎ᠶᠤᠮ᠃ ᠡᠨᠡ ᠲᠤᠬᠠᠢ ᠲᠡᠦᠬᠡ᠎ᠶᠢᠨ ᠰᠤᠳᠤᠯᠭᠠᠲᠠᠨᠨᠠᠷ ᠪᠠᠷᠤᠭ ᠴᠥᠮ ᠰᠠᠨᠠᠯ ᠨᠢᠭᠡᠲᠡᠢᠶᠦᠮ᠃ ᠯᠢ ᠶᠠᠨ᠎ᠤ ᠰᠠᠨᠠᠭᠤᠯᠭ᠎ᠠ᠎ᠶᠢ ᠠᠪᠴᠤ᠂ ᠡᠴᠢᠭᠡ ᠬᠥᠪᠡᠭᠦᠨ ᠬᠣᠶᠠᠭᠤᠯᠠ᠎ᠳᠤ ᠥᠨᠳᠦᠷ ᠬᠡᠷᠭᠡᠮ ᠦᠯᠡᠮᠵᠢ ᠹᠦᠩᠯᠦ ᠥᠭᠭᠦᠨ᠂ ᠯᠢᠦ ᠽᠦᠩ ᠮᠢᠨᠰᠢᠭ ᠡᠳ᠋ ᠮᠥᠩᠭᠦ᠎ᠶᠢ᠎ᠨᠢ ᠪᠤᠯᠢᠶᠠᠵᠤ ᠡᠯᠳᠡᠪ᠎ᠢᠶᠡᠷ ᠲᠠᠷᠴᠢᠯᠠᠭᠠᠭᠰᠠᠨ᠎ᠦᠭᠡᠢ ᠪᠣᠯ ᠦ᠋᠎ᠰᠡᠨ ᠭᠦᠢ ᠠᠷᠠᠢ 《ᠤᠯᠠᠭᠠᠨ ᠥᠩᠭᠡᠲᠡᠨ》᠎ᠦ ᠲᠥᠯᠦᠭᠡ 《 ᠴᠡᠭᠡᠵᠢ ᠳᠡᠯᠪᠡᠷᠡᠮ᠎ᠡ ᠠᠭᠤᠷᠯᠠᠬᠤ》ᠪᠠᠷᠦᠭᠡᠢᠶᠤᠮ᠃ ᠦ᠋᠎ᠰᠡᠨ ᠭᠦᠢ᠎ᠳᠦ ᠬᠡᠷᠪᠡ ᠨᠠᠢᠷ ᠲᠠᠯᠪᠢᠬᠤᠦᠭᠡᠢᠶᠤᠮ ᠪᠣᠯ ᠯᠢᠦ ᠽᠦᠩ ᠮᠢᠨ ᠮᠡᠲᠦ᠎ᠶᠢᠨ ᠥᠷᠯᠦᠭ ᠵᠠᠩᠵᠤᠨ ᠥᠪᠡᠷ᠎ᠦᠨ ᠪᠡᠶ᠎ᠡ᠎ᠪᠡᠷ ᠴᠡᠷᠢᠭ ᠳᠠᠭᠠᠭᠤᠯᠤᠨ ᠱᠠᠨᠠᠭ᠎ᠠ ᠪᠣᠭᠤᠮᠲᠠ᠎ᠶᠢ ᠰᠠᠬᠢᠵᠤ᠂ ᠦ᠋᠎ᠰᠡᠨ ᠭᠦᠢ᠎ᠶᠢᠨ ᠤᠷᠪᠠᠬᠤ ᠪᠠ ᠴᠢᠩ ᠤᠯᠤᠰ᠎ᠤᠨ ᠳᠣᠪᠲᠤᠯᠬᠤ᠎ᠶᠢ ᠰᠡᠷᠭᠡᠢᠯᠡᠵᠦ᠂ ᠱᠠᠮᠰᠢᠭᠰᠠᠨ ᠡᠳ᠋᠎ᠢ ᠨᠡᠬᠡᠬᠦ ᠠᠵᠢᠯ᠎ᠢ ᠬᠠᠤᠯᠢᠴᠢᠳ᠎ᠢᠶᠠᠷ ᠬᠢᠯᠭᠡᠭᠰᠡᠨ ᠪᠣᠯᠪᠠᠴᠤ ᠪᠣᠯᠬᠤ ᠪᠠᠢᠵᠠᠢ᠃ ᠭᠡᠲᠡᠯ᠎ᠡ ᠬᠡᠷᠡᠭ ᠶᠠᠪᠤᠳᠠᠯ ᠰᠠᠨᠠᠭᠰᠠᠨ᠎ᠠᠴᠠ ᠥᠭᠡᠷ᠎ᠡ ᠪᠣᠯᠵᠤ᠂ ᠱᠠᠨᠠᠭ᠎ᠠ ᠪᠣᠭᠤᠮᠲᠠ᠎ᠳᠤ ᠳᠥᠩᠭᠡᠵᠢ ᠬᠡᠳᠦᠬᠡᠨ ᠮᠢᠩᠭᠠᠨ ᠴᠡᠷᠢᠭ ᠪᠤᠢ᠂ ᠦᠢ ᠣᠯᠠᠨ ᠴᠡᠷᠢᠭ᠎ᠨᠢ ᠬᠠᠷᠢᠨ ᠨᠡᠢᠰᠯᠡᠯ ᠬᠣᠲᠠ᠎ᠳᠤ ᠵᠢᠷᠭᠠᠨ ᠴᠡᠩᠭᠡᠵᠦ ᠪᠠᠢᠪᠠ᠃ ᠦ᠋᠎ᠰᠡᠨ ᠭᠦᠢ ᠯᠤᠭᠡ ᠠᠩᠬ᠎ᠠ ᠲᠦᠷᠦᠭᠦᠦ ᠬᠠᠷᠢᠴᠠᠭᠰᠠᠨ ᠬᠥᠮᠦᠨ ᠪᠣᠯ ᠪᠠᠭᠤᠵᠤ ᠥᠭᠭᠦᠭᠰᠡᠨ ᠵᠠᠩᠵᠤᠨ ᠲᠠᠩ ᠲᠦᠩ ᠪᠠᠢᠵᠤ ᠪᠢᠯᠡ᠃ ᠡᠨᠡ ᠦᠨᠡᠬᠡᠷ ᠬᠡᠦᠬᠡᠳ᠎ᠦᠨ ᠨᠠᠭᠠᠳᠤᠮᠰᠢᠭ᠋ ᠶᠠᠪᠤᠳᠠᠯ ᠪᠣᠯᠤᠭᠰᠠᠨ᠎ᠶᠤᠮ᠃ ᠨᠡᠢᠰᠯᠡᠯ ᠬᠣᠲᠠ᠎ᠳᠠᠭᠠᠨ ᠢᠩᠭᠢᠵᠦ ᠴᠢᠩᠭᠢᠵᠦ ᠪᠤᠵᠢᠭᠢᠨᠠᠭᠰᠠᠭᠠᠷ ᠨᠢᠭᠡ ᠰᠠᠷ᠎ᠠ ᠪᠣᠯᠵᠤ᠂ ᠦ᠋᠎ᠰᠡᠨ ᠭᠦᠢ ᠴᠢᠩ ᠤᠯᠤᠰ᠎ᠲᠤ ᠨᠢᠭᠡᠨᠲᠡ ᠪᠠᠭ᠎ᠤᠨ ᠥᠭᠴᠦ ᠵᠢᠴᠢ ᠭᠠᠳᠠᠭᠠᠳᠤ ᠦᠨᠳᠦᠰᠦᠲᠡᠨ᠎ᠢ ᠪᠣᠭᠤᠮᠲᠠ᠎ᠳᠤ ᠳᠠᠭᠠᠭᠤᠯᠤᠨ ᠣᠷᠤᠭᠰᠠᠨ ᠬᠣᠢᠨ᠎ᠠ᠂ ᠳᠥᠷᠪᠡᠳᠦᠭᠡᠷ ᠰᠠᠷ᠎ᠠ᠎ᠶᠢᠨ ᠠᠷᠪᠠᠨ ᠶᠢᠰᠦᠨ᠎ᠳᠦ ᠯᠢ ᠽᠢ ᠴᠧᠩ ᠥᠪᠡᠷ᠎ᠢᠶᠡᠨ ᠮᠣᠷᠳᠠᠵᠤ ᠶᠣᠰᠤᠲᠠᠢ ᠰᠠᠩᠳᠠ ᠮᠡᠩᠳᠡ᠎ᠪᠡᠷ ᠣᠴᠢᠨ ᠰᠠᠩᠳᠠ ᠮᠡᠩᠳᠡ᠎ᠪᠡᠷ ᠢᠯᠠᠭᠳᠠᠨ ᠰᠠᠩᠳᠠ ᠮᠡᠩᠳᠡ ᠪᠤᠴᠠᠨ ᠢᠷᠡᠭᠰᠡᠨ᠎ᠶᠦᠮ᠃ ᠡᠨᠡ ᠵᠠᠪᠰᠠᠷ ᠨᠡᠢᠰᠯᠡᠯ ᠬᠣᠲᠠ᠎ᠶᠢ ᠰᠠᠬᠢᠭᠴᠢ ᠴᠧᠩᠰᠢᠶᠠᠩ ᠨᠢᠦ ᠵᠢᠨ ᠰᠢᠩ᠎ᠦᠨ ᠠᠮᠢᠳᠤᠷᠠᠯ ᠶᠠᠮᠠᠷ ᠪᠠᠢᠪᠠ? ᠭᠡᠪᠡᠯ: 《ᠶᠡᠬᠡ ᠰᠡᠦᠬᠡ᠂ ᠡᠭᠦᠳᠡᠨ᠎ᠦ ᠬᠠᠷᠠᠭᠤᠯ᠂ ᠠᠯᠲᠠᠳᠠᠭᠰᠠᠨ ᠳᠡᠪᠢᠭᠦᠷ ᠳᠡᠭᠡᠷ᠎ᠡ ᠳᠣᠲᠤᠭᠠᠳᠤ ᠣᠷᠳᠤᠨ ᠭᠡᠰᠡᠨ ᠦᠰᠦᠭ ᠨᠠᠭᠠᠵᠤ᠂ ᠬᠠᠰ ᠪᠦᠰᠡ᠂ ᠲᠣᠭᠤᠷᠢᠭ ᠵᠠᠭᠠᠮᠠᠲᠤ ᠬᠥᠬᠡ ᠲᠡᠷᠯᠢᠭ᠂ ᠣᠴᠢᠵᠤ ᠢᠷᠡᠬᠦ ᠭᠡᠢᠴᠢᠨ ᠵᠣᠴᠢᠳᠲᠤᠷ ᠪᠠᠷᠠᠳᠠᠨ ᠵᠣᠯᠭᠠᠵᠤ᠂ ᠨᠤᠲᠤᠭ ᠤᠰᠤᠨ᠎ᠤ ᠬᠥᠮᠦᠨ᠎ᠢᠶᠡᠨ ᠴᠥᠮ᠎ᠢ ᠵᠠᠯᠠᠮᠤᠢ᠃ 》 (《 ᠬᠥᠬᠡ ᠪᠡᠴᠢᠨ ᠵᠢᠯ᠎ᠦᠨ ᠦᠨᠡᠨ ᠲᠡᠮᠳᠡᠭᠯᠡᠯ》᠎ᠳᠤ) ᠡᠨᠡ ᠦᠨᠡᠬᠡᠷ ᠶᠣᠰᠤᠲᠠᠢ ᠨᠢᠭᠡᠨ ᠲᠠᠢᠪᠤᠩ ᠴᠠᠭ᠎ᠤᠨ ᠽᠠᠢᠰᠢᠶᠠᠩ᠎ᠤᠨ ᠬᠡᠪ ᠶᠠᠩᠪᠠ ᠪᠠᠢᠨ᠎ᠠ ᠳ᠋ᠠ᠃
ᠯᠢ ᠽᠢ ᠴᠧᠩ ᠳᠥᠷᠪᠡᠳᠦᠭᠡᠷ ᠰᠠᠷ᠎ᠠ᠎ᠶᠢᠨ ᠠᠷᠪᠠ ᠶᠢᠰᠦᠨ᠎ᠳᠦ ᠥᠪᠡᠷ᠎ᠦᠨ ᠪᠡᠶ᠎ᠡ᠎ᠪᠡᠷ ᠳᠠᠢᠨ᠎ᠳᠤ ᠭᠠᠷᠴᠤ᠂ ᠬᠣᠷᠢᠨ ᠵᠢᠷᠭᠤᠭᠠᠨ᠎ᠤ ᠡᠳᠦᠷ ᠢᠯᠠᠭᠳᠠᠨ ᠪᠤᠴᠠᠪᠠ᠃ ᠬᠣᠷᠢᠨ ᠶᠢᠰᠦᠨ᠎ᠦ ᠡᠳᠦᠷ ᠪᠡᠭᠡᠵᠢᠩ᠎ᠡᠴᠡ ᠭᠠᠷᠴᠤ᠂ ᠰᠢ ᠠᠨ ᠵᠦᠭ ᠮᠣᠷᠳᠠᠪᠠ᠃ ᠬᠣᠢᠨ᠎ᠠ᠎ᠠᠴᠠ᠎ᠨᠢ ᠦ᠋᠎ᠰᠡᠨ ᠭᠦᠢ ᠰᠠᠯᠤᠯ᠎ᠦᠭᠡᠢ ᠳᠠᠭᠠᠭᠰᠠᠨ᠎ᠠ᠂ ᠯᠢ ᠽᠢ ᠴᠧᠩ᠂ ᠳ᠋ᠢᠩ ᠵᠧᠦ᠎ᠳᠦ ᠢᠯᠠᠭᠳᠠᠵᠤ᠂ ᠳᠠᠬᠢᠨ ᠪᠠᠰᠠ ᠵᠧᠨ ᠳ᠋ᠢᠩ᠎ᠳᠦ ᠢᠯᠠᠭᠳᠠᠵᠤ᠂ ᠴᠡᠷᠢᠭ ᠵᠠᠩᠵᠤᠨ᠎ᠢᠶᠠᠨ ᠰᠦᠢᠳᠭᠡᠭᠡᠳ ᠥᠪᠡᠷ᠎ᠢᠶᠡᠨ ᠪᠠᠰᠠ ᠰᠤᠮᠤᠨ᠎ᠳᠤ ᠰᠢᠷᠬᠠᠲᠤᠪᠠ᠃ ᠡᠨᠡ ᠬᠢᠷᠢ ᠾᠧᠨᠠᠨ᠎ᠤ ᠵᠧᠦ ᠰᠢᠶᠠᠨ᠎ᠤ ᠣᠯᠠᠩᠬᠢ᠎ᠨᠢ ᠨᠠᠨᠵᠢᠩ᠎ᠤᠨ ᠵᠡᠪᠰᠡᠭᠲᠦ ᠬᠦᠴᠦᠨ᠎ᠳᠦ ᠠᠪᠲᠠᠵᠤ᠂ ᠡᠮᠭᠡᠨᠢᠯᠲᠦ ᠵᠦᠴᠦᠭᠡ᠎ᠲᠦ ᠯᠢ ᠶᠠᠨ ᠪᠠᠰᠠ ᠡᠮᠭᠡᠨᠢᠯᠲᠦ ᠵᠦᠴᠦᠭᠡ᠎ᠪᠡᠨ ᠲᠡᠭᠦᠰᠭᠡᠬᠦ᠎ᠳᠦ ᠬᠦᠷᠦᠭᠰᠡᠨ ᠪᠠᠢᠨ᠎ᠠ᠃
《ᠯᠢ ᠶᠠᠨ ᠬᠡᠮᠡᠭᠴᠢ ᠯᠢ ᠽᠢ ᠴᠧᠩ᠎ᠢ ᠬᠥᠮᠦᠨ᠎ᠦ ᠰᠡᠳᠭᠢᠯ᠎ᠢ ᠣᠯᠬᠤ᠎ᠶᠢᠨ ᠲᠥᠯᠦᠭᠡ ᠪᠢᠲᠡᠭᠡᠢ ᠬᠥᠮᠦᠨ᠎ᠢ ᠠᠯᠠᠭᠲᠤᠨ ᠬᠡᠮᠡᠨ ᠢᠳᠭᠠᠭᠰᠠᠨ ᠬᠥᠮᠦᠨ ᠪᠣᠯᠠᠢ᠃ ᠨᠡᠢᠰᠯᠡᠯ ᠬᠣᠲᠠ᠎ᠶᠢ ᠠᠪᠤᠭᠰᠠᠨ ᠬᠣᠢᠨ᠎ᠠ᠂ᠢ ᠠᠨ ᠬᠤᠸᠠᠩᠬᠡᠦ᠎ᠶᠢ ᠬᠠᠮᠠᠭᠠᠯᠠᠵᠤ᠂ ᠥᠪᠡᠷ᠎ᠢᠶᠡᠨ ᠦᠬᠦᠭᠲᠦᠨ ᠬᠡᠮᠡᠪᠡᠢ᠃ ᠪᠠᠰᠠ ᠣᠨᠴᠤᠭᠤᠢᠯᠠᠨ ᠪᠢᠴᠢᠭ᠎ᠦᠨ ᠬᠥᠮᠦᠰ᠎ᠢ ᠥᠴᠦᠬᠡᠨ᠎ᠴᠦ ᠬᠠᠯᠳᠠᠵᠤ ᠬᠡᠷᠴᠡᠭᠡᠢᠯᠡᠭᠰᠡᠨᠦᠭᠡᠢᠳᠦᠷ ᠨᠢᠦ ᠵᠢᠨ ᠰᠢᠶᠠᠩᠨᠠᠷ ᠶᠡᠬᠡᠲᠡ ᠵᠢᠲᠦᠭᠡᠷᠬᠡᠪᠡᠢ᠃ ᠳ᠋ᠢᠩ ᠵᠧᠦᠳᠦᠷ ᠢᠯᠠᠭᠳᠠᠭᠰᠠᠨ᠎ᠠᠴᠠ ᠾᠧᠨᠠᠨ᠎ᠤ ᠵᠧᠦ ᠰᠢᠶᠠᠨ᠎ᠤ ᠣᠯᠠᠩᠬᠢ ᠠᠨ᠎ᠤ ᠢᠨᠠᠭᠰᠢ ᠣᠷᠤᠵᠤ ᠥᠭᠪᠡ᠃ ᠯᠢ ᠽᠢ ᠴᠧᠩ ᠣᠯᠠᠨ ᠵᠠᠩᠵᠤᠨ᠎ᠢ ᠴᠤᠭᠯᠠᠭᠤᠯᠤᠨ ᠵᠥᠪᠳᠡᠬᠦᠢᠳᠦᠷ ᠯᠢ ᠶᠠᠨ ᠴᠡᠷᠢᠭ ᠳᠠᠭᠠᠭᠤᠯᠤᠨ ᠣᠴᠢᠬᠤ᠎ᠶᠢ ᠭᠤᠶᠤᠴᠢᠯᠠᠪᠠ᠃ ᠨᠢᠦ ᠵᠢᠨ ᠰᠢᠩ᠂ ᠯᠢ ᠽᠢ ᠴᠧᠩ᠎ᠳᠦᠷ ᠨᠢᠭᠤᠴᠠ᠎ᠪᠠᠷ ᠥᠭᠦᠯᠡᠷᠦᠨ: 〈ᠯᠢ ᠶᠠᠨ ᠪᠠᠭᠠᠲᠤᠷ ᠢᠳᠡᠷᠬᠡᠭ᠂ ᠤᠬᠠᠭᠠᠨ ᠪᠣᠳᠤᠯᠭ᠎ᠠ ᠭᠦᠨ᠂ ᠬᠥᠮᠦᠨ᠎ᠦ ᠳᠣᠣᠷ᠎ᠠ ᠤᠳᠠᠭᠠᠨ ᠶᠠᠪᠤᠵᠤ ᠴᠢᠳᠠᠬᠤ ᠪᠤᠰᠤ᠃ ᠾᠧᠨᠠᠨ ᠪᠣᠯ ᠯᠢ ᠶᠠᠨ᠎ᠤ ᠨᠤᠲᠤᠭ᠂ ᠶᠡᠬᠡ ᠴᠡᠷᠢᠭ᠎ᠢ ᠠᠪᠴᠤ ᠣᠴᠢᠪᠠᠰᠤ ᠯᠠᠪᠲᠠᠢ ᠲᠡᠷᠰᠯᠡᠮᠦᠢ᠃ ᠠᠷᠪᠠᠨ ᠨᠠᠢ᠍ᠮᠠᠨ ᠦᠷ᠎ᠡ᠎ᠶᠢᠨ ᠰᠤᠪᠢᠩ ᠯᠢ ᠶᠠᠨ᠎ᠢ ᠬᠡᠯᠡᠭᠰᠡᠨ ᠪᠤᠰᠤᠤᠤ?〉 ᠬᠡᠮᠡᠵᠦ ᠯᠢ ᠶᠠᠨ᠎ᠢ ᠤᠷᠪᠠᠬᠤ ᠬᠡᠮᠡᠨ ᠭᠦᠵᠢᠷᠯᠡᠪᠡ᠃ ᠨᠢᠦ ᠵᠢᠨ ᠰᠢᠩ᠂ ᠯᠢ ᠽᠢ ᠴᠧᠩ᠎ᠦᠨ ᠵᠠᠷᠯᠢᠭ᠎ᠢᠶᠠᠷ ᠯᠢ ᠶᠠᠨ᠎ᠢ ᠠᠷᠢᠬᠢ ᠤᠤᠭᠤᠯᠭᠠᠬᠤ ᠨᠡᠷ᠎ᠡ᠎ᠪᠡᠷ ᠴᠡᠷᠢᠭ᠎ᠦᠨ ᠬᠤᠸᠠᠷᠠᠨ᠎ᠳᠠᠭᠠᠨ ᠵᠠᠯᠠᠵᠤ ᠠᠪᠠᠴᠢᠨ ᠴᠡᠷᠢᠭ ᠪᠦᠭᠬᠦᠭᠦᠯᠦᠨ ᠠᠯᠠᠪᠠᠢ᠃ ᠣᠯᠠᠨ ᠬᠤᠯᠠᠭᠠᠢ ᠡᠭᠦᠨᠴᠡ ᠵᠠᠳᠠᠷᠠᠪᠠᠢ᠃ 》 (《ᠮᠢᠩ ᠤᠯᠤᠰ᠎ᠤᠨ ᠲᠡᠦᠬᠡ ᠯᠢ ᠽᠢ ᠴᠧᠩ᠎ᠦᠨ ᠨᠠᠮᠲᠠᠷ》)
《ᠮᠢᠩ ᠤᠯᠤᠰ᠎ᠤᠨ ᠮᠥᠬᠦᠭᠰᠡᠨ ᠲᠣᠪᠴᠢ ᠲᠡᠮᠳᠡᠭᠯᠡᠯ》᠂ 《ᠮᠢᠩ ᠤᠯᠤᠰ᠎ᠤᠨ ᠦᠶ᠎ᠡ᠎ᠶᠢᠨ ᠤᠮᠠᠷᠠᠳᠤ ᠪᠣᠳᠤᠯᠭ᠎ᠠ》 ᠬᠢᠭᠡᠳ 《ᠴᠤᠸᠠᠩ ᠸᠠᠩ᠎ᠢ ᠱᠦᠭᠦᠷᠳᠡᠭᠰᠡᠨ ᠥᠴᠦᠬᠡᠨ ᠲᠡᠦᠬᠡ》᠎ᠳᠦ ᠴᠥᠮ ᠡᠨᠡ ᠶᠠᠪᠤᠳᠠᠯ᠎ᠢ ᠶᠠᠷᠢᠵᠠᠢ᠃ ᠭᠠᠭᠴᠠ ᠬᠣᠢᠨᠠᠬᠢ ᠬᠣᠶᠠᠷ᠎ᠲᠤ᠎ᠨᠢ ᠯᠢ ᠶᠠᠨ᠂ ᠯᠢ ᠮᠧᠦ ᠠᠬ᠎ᠠ ᠳᠡᠭᠦᠦ ᠬᠣᠶᠠᠭᠤᠯᠠ ᠬᠠᠮᠲᠤ ᠠᠯᠠᠭᠳᠠᠯ᠎ᠠ ᠭᠡᠵᠦ ᠪᠠᠢᠬᠤ ᠪᠥᠭᠡᠳ ᠬᠣᠶᠠᠷ ᠯᠢ ᠠᠯᠠᠭᠳᠠᠭᠰᠠᠨᠤ ᠳᠠᠷᠠᠭᠠᠬᠢ ᠰᠦᠩ ᠰᠢᠶᠠᠨ ᠼᠧ᠂ ᠯᠢᠦ ᠽᠦᠩ ᠮᠢᠨ ᠬᠣᠶᠠᠷ᠎ᠤᠨ ᠬᠠᠷᠢᠭᠤ ᠲᠤᠰᠭᠠᠯ᠎ᠢ ᠲᠡᠮᠳᠡᠭᠯᠡᠵᠡᠢ᠃
ᠰᠦᠩ ᠰᠢᠶᠠᠨ ᠼᠧ ᠶᠡᠷᠦ ᠯᠢ ᠶᠠᠨᠯᠤᠭᠠ ᠨᠠᠢᠷᠲᠠᠢ᠂ ᠳᠠᠷᠤᠢ ᠣᠴᠢᠵᠤ ᠯᠢᠦ ᠽᠦᠩ ᠮᠢᠨ ᠯᠤᠭᠡ ᠠᠭᠤᠯᠵᠠᠵᠤ᠂ ᠦᠭᠡ᠎ᠪᠡᠷ ᠬᠠᠳᠭᠤᠪᠠ᠃ ᠯᠢᠦ ᠽᠦᠩ ᠮᠢᠨ ᠥᠭᠦᠯᠡᠷᠦᠨ: 《(ᠨᠢᠦ ᠵᠢᠨ ᠰᠢᠩᠢ ᠵᠢᠭᠠᠵᠤ ᠪᠤᠢ) ᠨᠢᠭᠡᠨ ᠰᠤᠮᠤᠨ᠎ᠤ ᠭᠠᠪᠢᠶ᠎ᠠ᠎ᠦᠭᠡᠢ ᠠᠲᠠᠯ᠎ᠠ ᠬᠣᠶᠠᠷ ᠶᠡᠬᠡ ᠵᠠᠩᠵᠤᠨ᠎ᠢ ᠳᠤᠷ᠎ᠠ᠎ᠪᠠᠷ ᠠᠯᠠᠭᠰᠠᠨ ᠲᠤᠯᠠ ᠲᠡᠭᠦᠨ᠎ᠢ ᠠᠯᠠᠪᠠᠰᠤ ᠵᠣᠬᠢᠮᠤᠢ》 ᠬᠡᠮᠡᠪᠡᠢ᠂ ᠡᠭᠦᠨᠴᠢᠯᠡᠨ ᠵᠠᠩᠵᠤᠨ ᠰᠠᠢᠳ ᠰᠡᠳᠭᠢᠯ ᠬᠤᠪᠢᠶᠠᠭᠳᠠᠵᠤ᠂ ᠰᠦᠩ ᠰᠢᠶᠠᠨ ᠼᠧ ᠥᠪᠡᠷ᠎ᠡ ᠭᠠᠵᠠᠷ ᠶᠠᠪᠤᠪᠠ᠃ ᠯᠢᠦ ᠽᠦᠩ ᠮᠢᠨ ᠣᠯᠠᠨ᠎ᠢᠶᠠᠨ ᠳᠠᠭᠠᠭᠤᠯᠤᠨ ᠾᠧᠨᠠᠨᠳᠤᠷ ᠣᠷᠤᠪᠠᠢ᠃ (《ᠮᠢᠩ ᠤᠯᠤᠰ᠎ᠤᠨ ᠦᠶ᠎ᠡ᠎ᠶᠢᠨ ᠤᠮᠠᠷᠠᠳᠤ ᠪᠣᠳᠤᠯᠭ᠎ᠠ》)
ᠦᠨᠡᠬᠡᠷ 《ᠵᠠᠳᠠᠷᠠᠯ》᠎ᠤᠨ ᠪᠠᠢᠳᠠᠯ ᠭᠠᠷᠪᠠ᠃ ᠯᠢ ᠶᠠᠨ᠂ ᠯᠢ ᠮᠧᠦ ᠴᠣᠬᠤᠮ᠎ᠬᠦ ᠠᠬ᠎ᠠ ᠳᠡᠭᠦᠦ ᠬᠣᠶᠠᠷ ᠮᠥᠨ ᠪᠤᠰᠤ᠎ᠶᠢᠨ ᠲᠤᠬᠠᠢ ᠲᠡᠦᠬᠡ᠎ᠶᠢᠨ ᠮᠠᠲᠧᠷᠢᠶᠠᠯ ᠳᠡᠭᠡᠷ᠎ᠡ ᠵᠥᠷᠢᠶᠡᠨᠲᠡᠢ ᠪᠠᠢᠳᠠᠭ᠂ ᠡᠨᠳᠡ ᠲᠡᠭᠦᠨ᠎ᠦ ᠲᠤᠬᠠᠢ ᠶᠠᠷᠢᠬᠤ᠎ᠦᠭᠡᠢ᠃ ᠰᠦᠩ ᠰᠢᠶᠠᠨ ᠼᠧ᠂ ᠯᠢᠦ ᠽᠦᠩ ᠮᠢᠨ ᠬᠣᠶᠠᠷ 《ᠯᠢ ᠽᠢ ᠴᠧᠩ᠎ᠦᠨ ᠨᠠᠮᠲᠠᠷ》᠎ᠢ ᠦᠨᠳᠦᠰᠦᠯᠡᠪᠡᠯ᠂ ᠴᠢᠩ ᠤᠯᠤᠰ᠎ᠤᠨ ᠴᠡᠷᠢᠭ᠎ᠲᠦ ᠣᠯᠵᠠᠯᠠᠭᠳᠠᠨ ᠠᠯᠠᠭᠳᠠᠪᠠ᠃ ᠯᠢ ᠽᠢ ᠴᠧᠩ᠂ ᠰᠢ ᠠᠨ᠎ᠳᠤ ᠬᠦᠷᠦᠭᠰᠡᠨ ᠪᠣᠯᠪᠠᠴᠤ ᠳᠠᠷᠠᠭ᠎ᠠ ᠵᠢᠯ᠎ᠦᠨ ᠬᠣᠶᠠᠳᠤᠭᠠᠷ ᠰᠠᠷ᠎ᠠ᠎ᠳᠤ ᠲᠦᠩᠭᠤᠸᠠᠨ ᠪᠣᠭᠤᠮᠲᠠ ᠠᠪᠲᠠᠭᠰᠠᠨ᠎ᠠᠴᠠ ᠪᠣᠯᠵᠤ ᠮᠥᠨᠬᠦ ᠡᠷᠲᠡ ᠤᠷᠢᠳᠤ᠎ᠶᠢᠨ 《ᠲᠡᠨᠦᠮᠡᠯ ᠳᠡᠭᠡᠷᠡᠮ》᠎ᠦᠨ ᠪᠠᠢᠳᠠᠯ᠎ᠳᠠᠭᠠᠨ ᠣᠷᠤᠵᠤ᠂ ᠾᠧᠨᠠᠨ ᠬᠤᠪᠧᠢ᠎ᠳᠦ ᠣᠷᠤᠵᠤ᠂ ᠴᠢᠩ ᠤᠯᠤᠰ᠎ᠤᠨ ᠴᠡᠷᠢᠭ᠎ᠲᠦ ᠨᠡᠬᠡᠭᠳᠡᠭᠰᠡᠭᠡᠷ ᠶᠢᠰᠦᠳᠦᠭᠡᠷ ᠰᠠᠷ᠎ᠠ᠎ᠳᠤᠨᠢ ᠬᠤᠪᠧᠢ᠎ᠶᠢᠨ ᠳ᠋ᠦᠩ ᠴᠧᠩ᠎ᠦᠨ ᠵᠢᠦ ᠭᠦᠩ ᠱᠠᠨ ᠠᠭᠤᠯᠠᠨ᠎ᠳᠤ ᠭᠤᠴᠢ ᠶᠢᠰᠦᠬᠡᠨ ᠨᠠᠰᠤᠲᠠᠢ ᠦᠷᠡᠭᠳᠡᠭᠰᠡᠨ ᠪᠠᠢᠨ᠎ᠠ (1606 ᠊᠊᠊᠊ 1645)᠃ ᠪᠤᠰᠤᠳ ᠴᠡᠷᠢᠭ᠎ᠨᠢ ᠾᠧ ᠲᠧᠩ ᠵᠢᠶᠣᠣ᠎ᠳᠤ ᠪᠠᠭᠤᠵᠤ ᠥᠭᠭᠦᠭᠡᠳ ᠡᠮᠦᠨᠡᠲᠦ ᠮᠢᠩ ᠤᠯᠤᠰ᠎ᠤᠨ ᠴᠢᠩ ᠤᠯᠤᠰ᠎ᠢ ᠡᠰᠡᠷᠭᠦᠴᠡᠬᠦ ᠡᠩᠨᠡᠭᠡᠨ᠎ᠳᠦ ᠣᠷᠤᠯᠴᠠᠪᠠ᠃ ᠨᠢᠦ ᠵᠢᠨ ᠰᠢᠩ ᠴᠣᠬᠤᠮ᠎ᠬᠦ ᠶᠠᠭᠠᠬᠢᠨ ᠦᠬᠦᠭᠰᠡᠨ᠎ᠢ ᠮᠡᠳᠡᠬᠦ᠎ᠦᠭᠡᠢ᠃
ᠶᠠᠭᠤ ᠪᠣᠯᠤᠭᠰᠠᠨ᠎ᠴᠤ ᠨᠢᠭᠡᠨ ᠶᠡᠬᠡ ᠡᠮᠭᠡᠨᠢᠯᠲᠦ ᠵᠦᠴᠦᠭᠡ ᠮᠥᠨ᠃ ᠯᠢ ᠽᠢ ᠴᠧᠩ ᠪᠣᠯ ᠡᠮᠭᠡᠨᠢᠯᠲᠦ ᠵᠦᠴᠦᠭᠡ᠎ᠶᠢᠨ ᠭᠣᠣᠯᠯᠠᠭᠴᠢ ᠬᠥᠮᠦᠨ ᠮᠥᠨ᠃ ᠯᠢ ᠶᠠᠨ᠎ᠤ ᠲᠠᠯ᠎ᠠ᠎ᠠᠴᠠ ᠠᠪᠴᠤ ᠦᠵᠡᠬᠦ᠎ᠳᠦ ᠡᠮᠭᠡᠨᠢᠯᠲᠦ ᠵᠦᠴᠦᠭᠡ᠎ᠶᠢᠨ ᠠᠭᠤᠯᠭ᠎ᠠ᠎ᠨᠢ ᠨᠡᠩᠳᠡ ᠭᠦᠨ ᠭᠦᠨᠵᠡᠭᠡᠢ ᠪᠠᠢᠨ᠎ᠠ᠃ ᠬᠡᠷᠪᠡ ᠪᠡᠭᠡᠵᠢᠩ᠎ᠳᠦ ᠠᠩᠬ᠎ᠠ ᠣᠷᠤᠬᠤ᠎ᠳᠠᠭᠠᠨ ᠯᠢ ᠽᠢ ᠴᠧᠩ᠂ ᠯᠢ ᠶᠠᠨ᠎ᠤ ᠦᠭᠡᠨ᠎ᠳᠦ ᠣᠷᠤᠵᠤ ᠬᠤᠶᠠᠭ ᠴᠡᠷᠢᠭ ᠴᠠᠯᠠᠭᠠᠢᠷᠠᠨ ᠣᠰᠤᠯᠳᠠᠵᠤ ᠰᠠᠬᠢᠯᠭ᠎ᠠ ᠪᠠᠲᠤ᠎ᠪᠠᠨ ᠡᠪᠳᠡᠭᠰᠡᠨ᠎ᠦᠭᠡᠢ᠂ ᠦ᠋᠎ᠰᠡᠨ ᠭᠦᠢᠨᠡᠷᠲᠦ ᠡᠷᠲᠡᠬᠡᠨ ᠰᠡᠳᠭᠢᠯ᠎ᠢ᠎ᠨᠢ ᠠᠪᠬᠤ ᠲᠥᠷᠦ᠎ᠶᠢᠨ ᠪᠣᠳᠤᠯᠭ᠎ᠠ ᠶᠠᠪᠤᠭᠤᠯᠤᠭᠰᠠᠨᠶᠤᠮ ᠪᠣᠯ ᠴᠢᠩ ᠤᠯᠤᠰ ᠠᠷᠠᠢ ᠲᠡᠢᠮᠦ ᠲᠦᠷᠭᠡᠨ ᠪᠣᠭᠤᠮᠲᠠ᠎ᠳᠤ ᠣᠷᠤᠬᠤᠪᠠᠷᠴᠤᠦᠭᠡᠢᠶᠤᠮ᠃ ᠬᠡᠷᠪᠡ ᠾᠧᠨᠠᠨᠢ ᠪᠤᠴᠠᠭᠠᠨ ᠠᠪᠬᠤ ᠭᠡᠰᠡᠨ ᠯᠢ ᠶᠠᠨ᠎ᠤ ᠰᠠᠨᠠᠭᠤᠯᠭ᠎ᠠ ᠪᠡᠶᠡᠯᠡᠭᠳᠡᠵᠦ᠂ ᠯᠢ ᠶᠠᠨ ᠬᠥᠮᠦᠨ᠎ᠦ ᠰᠡᠳᠭᠢᠯ᠎ᠢ ᠣᠯᠬᠤᠶᠤᠮ ᠪᠣᠯ ᠡᠷᠬᠡ᠎ᠦᠭᠡᠢ ᠨᠢᠭᠡᠨ ᠡᠲᠡᠭᠡᠳ᠎ᠢ ᠡᠵᠡᠯᠡᠵᠦ᠂ ᠲᠠᠷᠢᠶᠠᠴᠢᠨ᠎ᠤ ᠴᠢᠯᠦᠭᠡᠯᠡᠬᠦ ᠳᠠᠢᠨ᠎ᠢ ᠬᠠᠷᠢ ᠦᠨᠳᠦᠰᠦᠲᠡᠨ᠎ᠦ ᠲᠦᠷᠢᠮᠡᠭᠡᠢᠯᠡᠯᠢ ᠡᠰᠡᠷᠭᠦᠴᠡᠬᠦ ᠲᠡᠢᠨ ᠪᠣᠯᠭᠠᠬᠤ᠎ᠳᠤ ᠬᠦᠷᠦᠨ᠎ᠡ᠃ ᠪᠠᠢᠳᠠᠯ ᠡᠢᠮᠦ ᠪᠣᠯᠬᠤᠯ᠎ᠠ ᠴᠢᠩ ᠤᠯᠤᠰ᠎ᠤᠨ ᠴᠡᠷᠢᠭ ᠬᠣᠶᠠᠳᠤᠭᠠᠷ ᠵᠢᠯ᠎ᠨᠢ ᠲᠦᠩᠭᠤᠸᠠᠨᠢ ᠪᠠᠯᠠᠮᠠᠳᠯᠠᠨ ᠳᠠᠭᠠᠷᠢᠬᠤᠪᠠᠷᠦᠭᠡᠢ᠂ ᠲᠦᠩᠭᠤᠸᠠᠨ ᠠᠪᠲᠠᠭᠰᠠᠨ ᠬᠣᠢᠨᠠᠴᠤ ᠭᠡᠰᠡᠨ ᠲᠡᠭᠡᠵᠦ ᠴᠡᠷᠢᠭ᠎ᠢᠶᠡᠨ ᠵᠥᠩᠳᠡᠭᠡᠨ ᠮᠤᠬᠤᠷᠳᠠᠲᠠᠯᠠ ᠴᠣᠬᠢᠵᠤ ᠯᠢ ᠽᠢ ᠴᠧᠩ᠎ᠢ ᠲᠠᠷᠳᠠᠭᠲᠤᠨᠢ ᠲᠤᠯᠭᠠᠬᠤᠪᠠᠷᠦᠭᠡᠢᠶᠤᠮ᠃ ᠬᠡᠷᠪᠡ ᠡᠳᠡᠭᠡᠷ ᠡᠨᠳᠡᠭᠳᠡᠯ᠎ᠡᠴᠡ ᠵᠠᠢᠯᠠᠰᠬᠢᠭᠰᠡᠨ ᠪᠣᠯ ᠬᠣᠶᠠᠷ ᠵᠠᠭᠤᠨ ᠵᠢᠷᠠᠨ ᠵᠢᠯ ᠬᠠᠷᠢ ᠦᠨᠳᠦᠰᠦᠲᠡᠨ᠎ᠳᠦ ᠵᠠᠬᠢᠷᠤᠭᠳᠠᠬᠤᠪᠠᠷᠦᠭᠡᠢ ᠪᠢᠰᠢ᠎ᠦᠦ? ᠲᠡᠢᠮᠦ᠎ᠡᠴᠡ ᠬᠤᠪᠢ ᠪᠡᠶ᠎ᠡ᠎ᠶᠢᠨ ᠡᠮᠭᠡᠨᠢᠯᠲᠦ ᠵᠦᠴᠦᠭᠡ ᠲᠣᠮᠤᠷᠠᠭᠰᠠᠭᠠᠷ ᠦᠨᠳᠦᠰᠦᠲᠡᠨ᠎ᠦ ᠡᠮᠭᠡᠨᠢᠯᠲᠦ ᠵᠦᠴᠦᠭᠡ ᠪᠣᠯᠤᠭᠰᠠᠨ ᠡᠨᠡᠬᠦ ᠠᠴᠢ ᠬᠣᠯᠪᠤᠭᠳᠠᠯ᠎ᠢ ᠭᠦᠨ ᠪᠢᠰᠢ ᠭᠡᠬᠦ᠎ᠶᠢᠨ ᠠᠷᠭᠠᠦᠭᠡᠢᠶᠤᠮ᠃