ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠮᠣᠷᠢ᠎ᠮᠢᠨᠢ

ᠲᠠᠮᠤᠰᠦ᠋ᠷᠦᠩ

ᠨᠢᠭᠡ

1946 ᠣᠨ᠎ᠤ ᠨᠠᠮᠤᠷ᠎ᠤᠨ ᠨᠢᠭᠡᠨ ᠡᠳᠦᠷ᠎ᠶᠦᠮᠰᠡᠨ᠃ ᠮᠠᠨ᠎ᠤ ᠬᠡᠳᠦᠨ 《ᠨᠢᠴᠦᠭᠦᠨ ᠮᠣᠷᠢᠲᠠᠳ》 ᠠᠢᠯ᠎ᠤᠨ ᠠᠷᠤ᠎ᠶᠢᠨ ᠮᠠᠩᠬᠠᠨ ᠳᠡᠭᠡᠷ᠎ᠡ ᠪᠤᠷᠭᠠᠰᠤᠨ ᠮᠣᠷᠢ ᠤᠨᠤᠭᠠᠳ ᠪᠠᠢᠯᠳᠤᠭᠠᠨ ᠬᠢᠵᠦ ᠨᠠᠭᠠᠳᠴᠤ ᠪᠠᠢᠪᠠ᠃ ᠭᠡᠨᠡᠳᠲᠡ ᠨᠢᠭᠡᠨ ᠰᠠᠯᠠᠭ᠎ᠠ ᠮᠣᠷᠢᠲᠤ ᠴᠡᠷᠢᠭ ᠠᠢᠯ᠎ᠤᠨ ᠪᠠᠷᠠᠭᠤᠨᠲᠠᠢ᠎ᠠᠴᠠ ᠪᠤᠲᠠ ᠪᠤᠷᠭᠠᠰᠤ᠎ᠶᠢ ᠪᠠᠷᠢᠵᠤ ᠪᠦᠭᠭᠦᠨ ᠢᠷᠡᠬᠦ᠎ᠨᠢ ᠬᠠᠷᠠᠭᠳᠠᠪᠠ᠃ ᠪᠠᠶᠠᠨ ᠪᠠᠯᠳᠠᠨ᠎ᠤ ᠭᠡᠷ᠎ᠦᠨ ᠣᠷᠤᠢ ᠳᠡᠭᠡᠷ᠎ᠡ ᠬᠠᠷᠠᠭᠤᠯ ᠵᠣᠭᠰᠤᠵᠤ ᠪᠠᠢᠭᠰᠠᠨ ᠭᠣᠮᠢᠨᠳᠠᠩ᠎ᠤᠨ ᠴᠡᠷᠢᠭ ᠰᠤᠷᠠᠭ ᠠᠪᠴᠤ ᠫᠤᠤᠳᠠᠬᠤ᠎ᠳᠤ ᠪᠠᠯᠳᠠᠨ᠎ᠤ᠎ᠳᠤ ᠰᠢᠷᠡᠭᠡ ᠪᠤᠳᠠᠭ᠎ᠠ ᠵᠠᠰᠠᠵᠤ ᠴᠡᠩᠭᠡᠯᠳᠦᠨ ᠨᠠᠢᠷᠯᠠᠵᠤ ᠪᠠᠢᠭᠰᠠᠨ ᠪᠤᠰᠤᠳ ᠬᠡᠳᠦᠨ ᠳᠡᠭᠡᠷᠡᠮ᠎ᠨᠢ ᠠᠶᠠᠭᠠᠯᠠᠭᠰᠠᠨ ᠪᠤᠳᠠᠭ᠎ᠠ᠎ᠪᠠᠨ ᠢᠳᠡᠯ᠎ᠦᠭᠡᠢ᠂ ᠠᠮᠠᠨ᠎ᠳᠠᠬᠢ ᠬᠣᠭᠤᠯᠠ᠎ᠪᠠᠨ ᠵᠠᠵᠢᠯᠤᠯ᠎ᠦᠭᠡᠢ᠎ᠪᠠᠷ ᠮᠣᠷᠢᠨ ᠵᠢᠯᠤᠭᠤ᠎ᠪᠠᠨ ᠰᠢᠭᠦᠷᠡᠮᠡᠭᠴᠡ ᠳᠤᠬᠤ ᠦᠵᠡᠭᠦᠯᠦᠨ ᠳᠤᠲᠠᠭᠠᠯ᠎ᠠ᠃ ᠡᠨᠡ ᠦᠶ᠎ᠡ᠎ᠳᠦ ᠠᠷᠠᠳ᠎ᠤᠨ ᠴᠢᠯᠦᠭᠡᠯᠡᠬᠦ ᠴᠡᠷᠢᠭ᠎ᠦᠨ ᠪᠠᠭᠠᠲᠤᠷ ᠮᠣᠷᠢᠲᠠᠳ ᠲᠣᠭᠤᠰᠤ ᠲᠠᠲᠠᠭᠤᠯᠤᠨ ᠰᠡᠯᠡᠮ᠎ᠡ ᠳᠠᠯᠠᠢᠵᠤ ᠪᠠᠯᠳᠠᠨ᠎ᠤ ᠬᠦᠷᠢᠶ᠎ᠡ ᠤᠷᠤᠭᠤ ᠴᠥᠮᠦᠷᠡᠨ ᠪᠠᠭᠤᠨ᠎ᠠ᠃ ᠦᠩᠬᠦᠯᠴᠡᠭ᠎ᠢᠶᠡᠨ ᠬᠠᠭᠠᠷᠠᠲᠠᠯ᠎ᠠ ᠠᠶᠤᠭᠰᠠᠨ ᠳᠡᠭᠡᠷᠡᠮᠴᠢᠳ ᠵᠡᠭᠦᠨ ᠬᠣᠢᠲᠤ ᠵᠦᠭ᠎ᠢ ᠴᠢᠭᠯᠡᠨ ᠪᠤᠷᠤᠭᠤᠯᠠᠨ ᠵᠢᠭᠤᠳᠠᠬᠤ᠎ᠳᠤ ᠰᠦᠷ ᠳᠠᠯᠠᠢᠴᠠᠲᠠᠢ ᠲᠠᠭᠤᠵᠤ ᠪᠠᠢᠭᠰᠠᠨ ᠴᠢᠯᠦᠭᠡᠯᠡᠬᠦ ᠴᠡᠷᠢᠭ᠎ᠦᠨ ᠪᠠᠢᠯᠳᠤᠭᠴᠢᠳ ᠬᠦᠯᠦᠭ᠎ᠦᠨ ᠡᠷᠴᠢᠨ ᠳᠡᠭᠡᠷ᠎ᠡ ᠪᠤᠲᠠᠷᠠᠲᠠᠯ᠎ᠠ ᠳᠠᠷᠤᠭᠠᠳ ᠬᠥᠭᠡᠭᠡᠯ᠎ᠡ᠃ ᠪᠢᠳᠡ ᠬᠡᠳᠦᠭᠦᠯᠡ ᠪᠤᠷᠭᠠᠰᠤᠨ ᠳᠣᠲᠤᠷ᠎ᠠ ᠣᠷᠤᠵᠤ ᠵᠢᠷᠦᠬᠡ᠎ᠪᠡᠨ ᠳᠠᠷᠤᠨ ᠪᠠᠢᠵᠤ ᠬᠠᠷᠠᠭᠠᠨ᠎ᠤ ᠡᠮᠦᠨ᠎ᠡ ᠭᠠᠷᠴᠤ ᠪᠠᠢᠭ᠎ᠠ ᠶᠡᠷᠦ ᠪᠤᠰᠤ᠎ᠶᠢᠨ ᠬᠡᠷᠡᠭ᠎ᠢ ᠨᠢᠳᠦ ᠴᠠᠪᠴᠢᠯ᠎ᠦᠭᠡᠢ ᠰᠣᠨᠢᠷᠬᠠᠨ ᠬᠠᠷᠠᠵᠠᠭᠠᠪᠠ᠃ ᠴᠢᠯᠦᠭᠡᠯᠡᠬᠦ ᠴᠡᠷᠢᠭ᠎ᠦᠨ ᠨᠢᠭᠡᠨ ᠰᠠᠷᠠᠯ ᠮᠣᠷᠢᠲᠠᠨ᠂ ᠬᠤᠷᠳᠤᠨ ᠬᠦᠯᠦᠭ᠎ᠲᠡᠭᠡᠨ ᠲᠠᠰᠢᠭᠤᠷ ᠨᠡᠮᠡᠵᠦ ᠳᠤᠲᠠᠭᠠᠵᠤ ᠶᠠᠪᠤᠬᠤ ᠳᠡᠭᠡᠷᠡᠮ ᠤᠷᠤᠭᠤ ᠵᠢᠭᠢᠲᠡᠯ᠎ᠡ ᠲᠠᠯᠪᠢᠭᠠᠳ ᠬᠦᠷᠴᠡᠢ᠃ ᠲᠡᠷᠡ ᠪᠠᠢᠯᠳᠤᠭᠴᠢ ᠮᠣᠷᠢᠨ ᠵᠢᠯᠤᠭᠤ᠎ᠪᠠᠨ ᠳᠠᠷᠤᠵᠤ ᠥᠨᠥᠬᠢ ᠳᠡᠭᠡᠷᠡᠮ᠎ᠦᠨ ᠪᠤᠷᠤᠭᠤᠲᠠᠢ ᠲᠠᠯ᠎ᠠ᠎ᠪᠠᠷ᠎ᠨᠢ ᠥᠩᠭᠡᠷᠡᠬᠦ᠎ᠳᠡᠭᠡᠨ ᠳᠠᠯᠠᠢᠭᠰᠠᠨ ᠰᠡᠯᠡᠮ᠎ᠡ᠎ᠨᠢ ᠪᠤᠵᠢᠭᠢᠨᠠᠭᠰᠠᠨ ᠲᠣᠭᠤᠰᠤᠨ ᠳᠤᠮᠳᠠᠭᠤᠷ ᠭᠢᠯᠠᠪᠬᠢᠨ ᠳᠣᠷᠤᠭᠰᠢ ᠪᠠᠭᠤᠬᠤ᠎ᠨᠢ ᠬᠠᠯᠲᠤ ᠦᠵᠡᠭᠳᠡᠪᠡ᠃ ᠨᠠᠷᠠᠨ᠎ᠤ ᠭᠡᠷᠡᠯ᠎ᠳᠦ ᠬᠠᠷᠠᠭᠳᠠᠭᠰᠠᠨ ᠲᠡᠷᠡᠬᠦ ᠴᠠᠭᠠᠨ ᠵᠢᠷᠤᠭᠠᠰᠤ᠎ᠨᠢ ᠪᠣᠷᠤᠭᠠᠯᠠᠬᠤ᠎ᠶᠢᠨ ᠡᠮᠦᠨᠡᠬᠡᠨ ᠴᠠᠬᠢᠯᠭᠠᠨ ᠴᠠᠬᠢᠯᠬᠤ᠎ᠲᠠᠢ ᠶᠠᠭᠠᠬᠢᠭᠰᠠᠨ ᠠᠳᠠᠯᠢ ᠪᠢᠯᠡ! ᠪᠢᠳᠡ ᠬᠡᠳᠦᠭᠦᠯᠡ ᠭᠦᠶᠦᠵᠦ ᠣᠴᠢᠭᠠᠳ ᠦᠵᠡᠪᠡᠯ ᠳᠡᠭᠡᠷᠡᠮ᠎ᠦᠨ ᠴᠢᠰᠤ ᠡᠯᠡᠰᠦᠨ᠎ᠳᠦ ᠰᠢᠮᠡᠳᠴᠦ ᠥᠨᠥᠬᠢ ᠠᠮᠢᠲᠠᠨ ᠬᠥᠰᠡᠷ ᠬᠡᠪᠲᠡᠵᠦ ᠪᠠᠢᠪᠠ᠃ ᠪᠤᠰᠤᠳ ᠬᠡᠳᠦᠨ ᠳᠡᠭᠡᠷᠡᠮ᠎ᠨᠢ᠎ᠴᠦ ᠠᠯᠠᠭᠳᠠᠬᠤ᠎ᠨᠢ ᠠᠯᠠᠭᠳᠠᠵᠤ᠂ ᠪᠠᠷᠢᠭᠳᠠᠬᠤ᠎ᠨᠢ ᠪᠠᠷᠢᠭᠳᠠᠭᠠᠳ ᠮᠠᠩᠬᠠᠨ ᠠᠢᠯ᠎ᠳᠤ ᠪᠣᠯᠤᠭᠰᠠᠨ ᠡᠨᠡ ᠤᠳᠠᠭ᠎ᠠ᠎ᠶᠢᠨ ᠪᠠᠢᠯᠳᠤᠭᠠᠨ ᠦᠨᠢᠶ᠎ᠡ ᠰᠠᠭᠠᠬᠤ᠎ᠶᠢᠨ ᠬᠢᠷᠢ ᠪᠣᠯᠤᠭᠰᠠᠨ᠎ᠦᠭᠡᠢ ᠢᠯᠠᠯᠲᠠᠲᠠᠢ ᠳᠠᠭᠤᠰᠤᠭᠰᠠᠨ ᠪᠠᠢᠨ᠎ᠠ᠃ ᠬᠣᠷᠴᠢᠨ ᠨᠤᠲᠤᠭ ᠴᠢᠯᠦᠭᠡᠯᠡᠭᠳᠡᠪᠡ᠃

ᠲᠡᠢᠮᠦ᠎ᠡᠴᠡ᠂ 《ᠴᠢᠯᠦᠭᠡᠯᠡᠭᠳᠡᠬᠦ》 ᠭᠡᠳᠡᠭ ᠦᠭᠡ ᠨᠠᠳᠠ ᠠᠪᠴᠤ ᠬᠡᠯᠡᠪᠡᠯ ᠬᠡᠢ ᠬᠣᠭᠤᠰᠤᠨ ᠤᠬᠠᠭᠳᠠᠬᠤᠨ ᠪᠢᠰᠢ᠎ᠶᠦᠮ᠃ ᠪᠢ ᠥᠭᠡᠯᠡᠢ ᠥᠨᠳᠦᠷ ᠪᠣᠯᠤᠭᠠᠳ 《ᠴᠢᠯᠦᠭᠡᠯᠡᠭᠳᠡᠬᠦ》 ᠭᠡᠰᠡᠨ ᠦᠰᠦᠭ᠎ᠲᠡᠢ ᠠᠩᠬ᠎ᠠ ᠲᠠᠨᠢᠯᠴᠠᠬᠤ᠎ᠳᠤ ᠲᠡᠷᠡᠬᠦ ᠰᠠᠷᠠᠯ ᠮᠣᠷᠢ᠎ᠲᠠᠢ ᠴᠢᠯᠦᠭᠡᠯᠡᠬᠦ ᠴᠡᠷᠢᠭ᠎ᠦᠨ ᠪᠠᠢᠯᠳᠤᠭᠴᠢ᠎ᠶᠢᠨ ᠪᠠᠭᠠᠲᠤᠷᠯᠢᠭ ᠳᠦᠷᠢ ᠮᠢᠨᠦ ᠨᠢᠯᠬ᠎ᠠ ᠣᠶᠤᠨ᠎ᠳᠤ ᠪᠣᠰᠤᠭ᠎ᠠ ᠴᠣᠭᠴᠠ᠎ᠲᠠᠢ ᠪᠣᠳᠠ ᠪᠡᠶ᠎ᠡ᠎ᠲᠡᠢ ᠣᠷᠤᠵᠤ ᠢᠷᠡᠭᠰᠡᠨ ᠪᠢᠯᠡ᠃ ᠢᠯᠠᠩᠭᠤᠶ᠎ᠠ ᠲᠡᠷᠡᠬᠦ ᠴᠣᠯᠮᠤᠨ ᠬᠣᠶᠠᠷ ᠨᠢᠳᠦ᠎ᠲᠡᠢ᠂ ᠮᠥᠩᠭᠦᠨ ᠴᠠᠭᠠᠨ ᠳᠡᠯ᠎ᠲᠡᠢ᠂ ᠬᠠᠨᠠᠭᠠᠷ ᠥᠷᠭᠡᠨ ᠴᠡᠭᠡᠵᠢ᠎ᠲᠡᠢ᠂ ᠬᠠᠲᠠᠭᠤ ᠳᠥᠷᠪᠡᠨ ᠲᠤᠭᠤᠷᠠᠢ᠎ᠲᠠᠢ ᠰᠠᠷᠠᠯ ᠮᠣᠷᠢ᠎ᠶᠢ᠎ᠨᠢ ᠪᠢ ᠪᠣᠳᠤᠬᠤ ᠲᠤᠲᠤᠮ ᠪᠠᠬᠠᠷᠬᠠᠵᠤ᠂ ᠪᠠᠬᠠᠷᠬᠠᠬᠤ ᠲᠤᠲᠤᠮ ᠳᠤᠷᠠᠰᠬᠤ ᠪᠣᠯᠪᠠ᠃ ᠰᠠᠷᠠᠯ ᠮᠣᠷᠢ ᠪᠠᠷᠤᠭ᠎ᠯᠠ᠎ᠮᠢᠨᠦ ᠤᠭᠤᠷᠠᠭ ᠲᠠᠷᠢᠬᠢᠨ᠎ᠳᠤ ᠰᠢᠩᠭᠡᠴᠢᠬᠡᠵᠡᠢ᠃ ᠪᠣᠭᠴᠤ᠎ᠪᠠᠨ ᠡᠭᠦᠷᠦᠭᠡᠳ ᠰᠤᠷᠭᠠᠭᠤᠯᠢ᠎ᠳᠠᠭᠠᠨ ᠣᠴᠢᠬᠤ᠎ᠳᠤ ᠰᠠᠷᠠᠯ ᠮᠣᠷᠢ᠎ᠮᠢᠨᠢ ᠰᠠᠨᠠᠭᠠᠨ ᠳᠣᠲᠤᠷ᠎ᠠ ᠣᠷᠤᠨ᠎ᠠ᠃ ᠪᠢᠷ᠎ᠢᠶᠡᠨ ᠪᠠᠷᠢᠭᠠᠳ ᠳᠠᠰᠭᠠᠯ ᠬᠢᠬᠦ᠎ᠳᠦ ᠰᠠᠷᠠᠯ ᠮᠣᠷᠢ ᠴᠠᠭᠠᠰᠤᠨ ᠳᠡᠭᠡᠷ᠎ᠡ ᠲᠣᠳᠤᠷᠠᠨ᠎ᠠ᠃ ᠣᠷᠤᠨ᠎ᠳᠠᠭᠠᠨ ᠬᠡᠪᠲᠡᠭᠡᠳ ᠵᠡᠭᠦᠳᠦ ᠮᠠᠨᠠᠬᠤ᠎ᠳᠤ ᠰᠠᠷᠠᠯ ᠮᠣᠷᠢ᠎ᠮᠢᠨᠢ ᠤᠶᠠᠭᠠᠨ ᠳᠡᠭᠡᠷ᠎ᠡ ᠦᠦᠷᠰᠡᠨ᠎ᠡ ᠁

ᠬᠣᠶᠠᠷ

ᠬᠣᠵᠢᠮ᠎ᠨᠢ ᠪᠢ ᠳᠤᠮᠳᠠᠳᠤ ᠰᠤᠷᠭᠠᠭᠤᠯᠢ᠎ᠳᠤ ᠣᠷᠤᠭᠰᠠᠨ᠎ᠳᠤ᠂ ᠨᠢᠭᠡᠨ ᠡᠳᠦᠷ ᠳᠠᠭᠤᠤ᠎ᠶᠢᠨ ᠬᠢᠴᠢᠶᠡᠯ ᠳᠡᠭᠡᠷ᠎ᠡ ᠪᠠᠭᠰᠢ᠎ᠠᠴᠠ 《ᠮᠣᠷᠢ᠎ᠮᠢᠨᠢ》 ᠭᠡᠰᠡᠨ ᠳᠠᠭᠤᠤ᠎ᠶᠢ ᠵᠢᠭᠠᠵᠠᠢ᠃ ᠶᠠᠭᠠᠬᠢᠭᠠᠳ᠎ᠶᠤᠮ ᠪᠤᠤ ᠮᠡᠳᠡ᠂ ᠡᠨᠡ ᠳᠠᠭᠤᠤ᠎ᠶᠢ ᠪᠢ ᠲᠤᠰ ᠬᠢᠴᠢᠶᠡᠯ ᠳᠡᠭᠡᠷ᠎ᠡ᠎ᠨᠢ ᠳᠠᠭᠤᠯᠠᠵᠤ ᠰᠤᠷᠴᠠᠢ᠃ ᠣᠳᠣ ᠪᠠᠰᠠ ᠴᠡᠭᠡᠵᠢᠯᠡᠭᠰᠡᠭᠡᠷ ᠪᠠᠢᠨ᠎ᠠ:

ᠠᠭᠤᠤ ᠤᠯᠤᠰ᠎ᠢᠶᠠᠨ ᠴᠢᠯᠦᠭᠡᠯᠡᠬᠦ᠎ᠳᠦ

ᠠᠭᠲᠠ ᠮᠣᠷᠢ᠎ᠲᠠᠢ᠎ᠪᠠᠨ ᠶᠠᠪᠤᠭᠰᠠᠨ᠎ᠶᠤᠮ ᠡ᠂

ᠠᠲᠠᠭᠠᠲᠠᠨ ᠳᠠᠢᠰᠤᠨ᠎ᠢ ᠰᠥᠨᠦᠭᠡᠬᠦ᠎ᠳᠦ

ᠠᠮᠢ ᠭᠣᠣᠯ᠎ᠲᠠᠢ᠎ᠮᠢᠨᠢ ᠬᠣᠯᠪᠤᠭᠰᠠᠨ᠎ᠶᠤᠮ ᠡ᠂

ᠠ ᠊᠊ ᠮᠣᠷᠢᠨ᠎ᠳᠠᠭᠠᠨ ᠮᠣᠷᠳᠠᠭᠠᠳ

ᠤᠯᠠᠭᠠᠨ ᠨᠠᠷᠠ᠎ᠶᠢ ᠤᠭᠲᠤᠭᠠᠳ

ᠣᠮᠤᠭ ᠲᠡᠭᠦᠯᠳᠡᠷ ᠤᠷᠤᠭᠰᠢᠯᠠᠨ᠎ᠠ᠃

ᠶᠠᠭᠠᠬᠢᠭᠰᠠᠨ ᠰᠠᠢᠬᠠᠨ ᠳᠠᠭᠤᠤ ᠪᠤᠢ᠂ ᠶᠠᠮᠠᠷ ᠠᠮᠲᠠᠲᠠᠢ ᠰᠢᠯᠦᠭ ᠪᠤᠢ! ᠮᠥᠷ ᠪᠦᠬᠦᠨ᠎ᠨᠢ ᠮᠢᠨᠦ ᠣᠶᠤᠨ᠎ᠳᠤ ᠲᠠᠷᠢᠭᠳᠠᠵᠤ᠂ ᠦᠭᠡ ᠪᠣᠯᠭᠠᠨ᠎ᠨᠢ ᠥᠷᠦᠴᠡᠨ᠎ᠦ ᠬᠥᠪᠴᠢ᠎ᠶᠢ ᠳᠣᠩᠰᠤᠯᠭᠠᠨ᠎ᠠ! ᠡᠨᠡ ᠳᠠᠭᠤᠤ ᠨᠠᠳᠠ ᠣᠮᠤᠭ ᠵᠣᠷᠢᠭ ᠥᠭᠴᠦ᠂ ᠡᠨᠡ ᠳᠠᠭᠤᠤ ᠮᠢᠨᠦ ᠡᠷᠴᠢ ᠬᠦᠴᠦ᠎ᠶᠢ ᠴᠢᠩᠭᠠᠯᠠᠨ᠎ᠠ᠃ ᠡᠨᠡ ᠪᠣᠯ ᠮᠣᠩᠭᠤᠯ ᠮᠣᠷᠢ᠎ᠶᠢ ᠮᠠᠭᠲᠠᠭᠰᠠᠨ ᠳᠠᠭᠤᠤ᠎ᠶᠤᠮ᠃ ᠮᠣᠩᠭᠤᠯ ᠮᠣᠷᠢ ᠪᠣᠯ ᠮᠣᠩᠭᠤᠯᠴᠤᠳ᠎ᠤᠨ ᠪᠣᠯᠪᠠᠰᠤᠨ ᠲᠡᠦᠬᠡ᠎ᠲᠡᠢ ᠰᠢᠭᠤᠳ ᠬᠣᠯᠪᠤᠭᠳᠠᠭᠰᠠᠨ ᠠᠴᠢᠲᠤ ᠬᠦᠯᠦᠭ ᠪᠣᠯᠤᠨ᠎ᠠ᠃ ᠣᠯᠠᠨ ᠵᠠᠭᠤᠨ ᠵᠢᠯ᠎ᠦᠨ ᠲᠤᠷᠰᠢ ᠮᠣᠩᠭᠤᠯᠴᠤᠳ ᠮᠣᠷᠢᠨ᠎ᠳᠠᠭᠠᠨ ᠮᠣᠷᠳᠠᠵᠤ᠂ ᠠᠳᠤᠭᠤ ᠮᠠᠯ᠎ᠢᠶᠠᠨ ᠥᠰᠭᠡᠨ᠂ ᠠᠵᠤ ᠠᠮᠢᠳᠤᠷᠠᠯ᠎ᠢᠶᠠᠨ ᠬᠥᠭᠵᠢᠭᠦᠯᠦᠭᠰᠡᠨ᠎ᠢᠶᠡᠷ ᠪᠠᠷᠠᠬᠤ᠎ᠦᠭᠡᠢ᠂ ᠠᠲᠠᠭᠠᠲᠠᠨ ᠳᠠᠢᠰᠤᠨ᠎ᠢ ᠰᠥᠨᠦᠭᠡᠵᠦ ᠳᠠᠷᠬᠠᠨ ᠨᠤᠲᠤᠭ᠎ᠢᠶᠠᠨ ᠬᠠᠮᠠᠭᠠᠯᠠᠭᠰᠠᠨ᠎ᠶᠤᠮ᠃ ᠵᠠᠷᠢᠮ ᠨᠢᠭᠡᠨ ᠤᠳᠭ᠎ᠠ ᠠᠭᠤᠯᠭ᠎ᠠ᠎ᠠᠴᠠ ᠬᠡᠯᠡᠪᠡᠯ ᠮᠣᠩᠭᠤᠯᠴᠤᠳ ᠪᠣᠯ ᠮᠣᠷᠢᠨ ᠨᠢᠷᠤᠭᠤᠨ ᠳᠡᠭᠡᠷ᠎ᠡ ᠪᠦᠪᠡᠢᠯᠡᠭᠳᠡᠨ ᠥᠰᠦᠭᠰᠡᠨ ᠪᠠᠭᠠᠲᠤᠷ ᠦᠨᠳᠦᠰᠦᠲᠡᠨ᠎ᠶᠦᠮ᠃ ᠮᠣᠩᠭᠤᠯᠴᠤᠳ ᠮᠣᠷᠢᠨ᠎ᠳᠠᠭᠠᠨ ᠬᠠᠢᠷᠠᠲᠠᠢ᠂ ᠮᠣᠷᠢ ᠮᠣᠩᠭᠤᠯᠴᠤᠳ᠎ᠲᠤ ᠡᠭᠡᠯᠢᠲᠡᠢ! ᠠᠯᠢ ᠡᠷᠲᠡ᠎ᠡᠴᠡ ᠠᠪᠤᠭᠠᠳ ᠮᠣᠩᠭᠤᠯᠴᠤᠳ ᠮᠣᠷᠢ᠎ᠪᠠᠨ ᠮᠠᠭᠲᠠᠭᠰᠠᠨ ᠰᠢᠯᠦᠭ ᠳᠠᠭᠤᠤ᠂ ᠢᠷᠦᠭᠡᠯ ᠬᠣᠯᠪᠤᠭ᠎ᠠ᠂ ᠶᠠᠪᠠᠭᠠᠨ ᠦᠯᠢᠭᠡᠷ᠎ᠢ ᠣᠯᠠᠨ ᠵᠣᠬᠢᠶᠠᠭᠰᠠᠨ ᠪᠢᠯᠡ᠃ ᠵᠢᠱ᠌ᠢᠶᠡᠯᠡᠪᠡᠯ᠂ 《ᠴᠢᠩᠭᠢᠰ᠎ᠦᠨ ᠡᠷ᠎ᠡ ᠬᠣᠶᠠᠷ ᠵᠠᠭᠠᠯ᠎ᠤᠨ ᠲᠤᠭᠤᠵᠢ》᠂ 《ᠮᠣᠷᠢᠨ ᠬᠤᠭᠤᠷ᠎ᠤᠨ ᠲᠤᠬᠠᠢ ᠳᠣᠮᠤᠭ》᠂ 《ᠲᠡᠷᠢᠭᠦᠯᠡᠭᠰᠡᠨ ᠮᠣᠷᠢᠨ᠎ᠤ ᠮᠠᠭᠲᠠᠭᠠᠯ》 ᠵᠡᠷᠭᠡ ᠪᠤᠢ᠃ ᠡᠭᠦᠪᠡᠷ ᠪᠠᠷᠠᠬᠤ᠎ᠦᠭᠡᠢ᠂ ᠪᠡᠶ᠎ᠡ ᠲᠠᠮᠢᠷ᠂ ᠤᠷᠠᠨ ᠰᠠᠢᠬᠠᠨ᠂ ᠴᠡᠷᠢᠭ᠎ᠦᠨ ᠪᠣᠯᠪᠠᠰᠤᠷᠠᠯ᠎ᠢ ᠤᠶᠠᠯᠳᠤᠭᠤᠯᠤᠭᠰᠠᠨ ᠮᠣᠩᠭᠤᠯ ᠦᠨᠳᠦᠰᠦᠲᠡᠨ᠎ᠦ ᠥᠪᠡᠷᠮᠢᠴᠡ ᠣᠨᠴᠠᠯᠢᠭ᠎ᠲᠠᠢ 《ᠡᠷ᠎ᠡ᠎ᠶᠢᠨ ᠭᠤᠷᠪᠠᠨ ᠨᠠᠭᠠᠳᠤᠮ》᠎ᠤᠨ ᠳᠣᠲᠤᠷ᠎ᠠ - ᠮᠣᠷᠢ ᠤᠷᠤᠯᠳᠤᠬᠤ ᠭᠡᠳᠡᠭ ᠪᠣᠯ ᠡᠷᠲᠡᠨ᠎ᠡᠴᠡ ᠠᠪᠤᠭᠠᠳ ᠡᠳᠦᠭᠡ᠎ᠳᠦ ᠲᠤᠯᠲᠠᠯ᠎ᠠ ᠤᠯᠠᠮᠵᠢᠯᠠᠭᠳᠠᠵᠤ ᠢᠷᠡᠭᠰᠡᠨ ᠨᠠᠭᠠᠳᠤᠮ ᠪᠣᠯᠤᠨ᠎ᠠ᠃ ᠮᠣᠷᠢ ᠤᠷᠤᠯᠳᠤᠬᠤ ᠪᠣᠯ ᠵᠠᠯᠠᠭᠤ ᠪᠠᠭᠠᠴᠤᠳ᠎ᠤᠨ ᠡᠷᠡᠯᠬᠡᠭ ᠪᠠᠭᠠᠲᠤᠷ᠂ ᠪᠤᠰᠢᠭᠤ ᠱᠠᠯᠠᠮᠠᠭᠠᠢ ᠪᠠ ᠡᠷᠳᠡᠮ ᠮᠡᠷᠭᠡᠵᠢᠯ᠎ᠢ ᠰᠢᠯᠭᠠᠬᠤ ᠴᠢᠬᠤᠯᠠ ᠬᠡᠯᠪᠡᠷᠢ ᠮᠥᠨ᠂ ᠮᠣᠷᠢᠨ ᠤᠷᠤᠯᠳᠤᠭᠠᠨ᠎ᠳᠤ ᠲᠦᠷᠦᠭᠦᠦ ᠱᠠᠩ ᠢᠳᠡᠭᠰᠡᠨ ᠬᠥᠮᠦᠨ ᠨᠢᠭᠡ ᠨᠠᠰᠤᠨ᠎ᠳᠠᠭᠠᠨ ᠢᠷᠠᠭᠤ ᠠᠯᠳᠠᠷ᠎ᠲᠠᠢ᠎ᠶᠤᠮ᠃ ᠮᠣᠩᠭᠤᠯ ᠬᠥᠮᠦᠨ ᠪᠠᠢᠭᠠᠳ ᠮᠣᠷᠢ ᠤᠨᠤᠵᠤ ᠴᠢᠳᠠᠬᠤ᠎ᠦᠭᠡᠢ ᠪᠣᠯ ᠡᠯᠡᠭ ᠳᠣᠭᠤᠭᠢ᠎ᠶᠢᠨ ᠰᠡᠳᠦᠪ᠂ ᠦᠬᠡᠨᠴᠡ ᠳᠣᠷᠤᠢ᠎ᠶᠢᠨ ᠲᠡᠮᠳᠡᠭ᠃ ᠮᠣᠩᠭᠤᠯ ᠬᠥᠮᠦᠨ ᠪᠠᠢᠭᠠᠳ ᠮᠣᠷᠢ᠎ᠪᠠᠨ ᠬᠠᠢᠷᠠᠯᠠᠬᠤ᠎ᠦᠭᠡᠢ ᠪᠣᠯ ᠪᠤᠷᠤᠭᠤ ᠬᠠᠨᠳᠤᠭᠰᠠᠨ ᠵᠢᠷᠦᠬᠡ᠎ᠲᠡᠢ᠂ ᠪᠤᠵᠠᠷ ᠦᠮᠡᠬᠡᠢ ᠰᠠᠨᠠᠭ᠎ᠠ᠎ᠲᠠᠢ ᠪᠠᠢᠵᠤ ᠮᠠᠭᠠᠳ᠎ᠦᠭᠡᠢ ᠁

ᠠ᠂ ᠶᠠᠭᠠᠬᠢᠭᠰᠠᠨ ᠰᠢᠮᠡᠲᠡᠢ ᠳᠠᠭᠤᠤ ᠪᠤᠢ᠂ ᠶᠠᠮᠠᠷ ᠭᠠᠢᠬᠠᠯᠲᠠᠢ ᠳᠦᠷᠢ ᠪᠤᠢ! ᠡᠨᠡ ᠳᠠᠭᠤᠤ᠎ᠶᠢ ᠳᠠᠭᠤᠯᠠᠬᠤ᠎ᠳᠤ ᠥᠨᠥᠬᠢ ᠰᠠᠷᠠᠯ ᠮᠣᠷᠢ ᠰᠠᠨᠠᠭᠠᠨ᠎ᠳᠤ ᠣᠷᠤᠭᠠᠳ ᠢᠷᠡᠨ᠎ᠡ᠃ ᠰᠠᠷᠠᠯ ᠮᠣᠷᠢ᠎ᠪᠠᠨ ᠪᠢ ᠴᠡᠭᠡᠵᠢᠨ ᠳᠣᠲᠤᠷ᠎ᠠ᠎ᠪᠠᠨ ᠲᠡᠵᠢᠭᠡᠵᠦ᠂ ᠰᠠᠷᠠᠯ ᠮᠣᠷᠢ᠎ᠪᠠᠨ ᠪᠢ ᠴᠡᠭᠡᠵᠢᠨ ᠳᠣᠲᠤᠷ᠎ᠠ᠎ᠪᠠᠨ ᠳᠠᠪᠬᠢᠭᠤᠯᠵᠤ᠎ᠯᠠ ᠪᠠᠢᠪᠠ᠃

ᠭᠤᠷᠪᠠ

ᠬᠡᠳᠦᠨ ᠵᠢᠯ᠎ᠦᠨ ᠳᠠᠷᠠᠭ᠎ᠠ ᠪᠢ ᠶᠡᠬᠡ ᠰᠤᠷᠭᠠᠭᠤᠯᠢ᠎ᠶᠢᠨ ᠡᠭᠦᠳᠡ᠎ᠶᠢ ᠠᠯᠬᠤᠵᠤ ᠬᠣᠷᠴᠢᠨ ᠨᠤᠲᠤᠭ᠎ᠠᠴᠠ ᠬᠥᠬᠡᠬᠣᠲᠠ᠎ᠳᠤ ᠢᠷᠡᠵᠡᠢ᠃ ᠲᠡᠷᠡ ᠴᠠᠭ ᠪᠣᠯ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠠᠷᠪᠠᠨ ᠵᠢᠯ᠎ᠦᠨ ᠣᠢ᠎ᠪᠠᠨ ᠳᠤᠷᠠᠰᠭᠠᠨ ᠲᠡᠮᠳᠡᠭᠯᠡᠭᠰᠡᠨ ᠦᠪᠡᠳᠡᠭᠰᠢ ᠪᠠᠶᠠᠷ᠎ᠤᠨ ᠳᠠᠷᠠᠭᠠᠬᠠᠨ ᠪᠠᠢᠯ᠎ᠠ᠃ ᠥᠪᠦᠷ ᠮᠣᠩᠭᠤᠯ᠎ᠤᠨ ᠮᠦᠽᠧᠢ᠎ᠶᠢᠨ ᠣᠷᠤᠢ ᠳᠡᠭᠡᠷ᠎ᠡ᠎ᠡᠴᠡ ᠪᠢ ᠥᠪᠡᠷ᠎ᠦᠨ ᠰᠡᠳᠭᠢᠯ ᠳᠣᠲᠤᠷᠠᠬᠢ ᠮᠣᠷᠢ᠎ᠪᠠᠨ ᠣᠯᠵᠤ ᠬᠠᠷᠠᠪᠠ! ᠠ᠂ ᠨᠠᠢᠵᠠ᠎ᠮᠢᠨᠢ! ᠴᠣᠯᠮᠤᠨ ᠬᠣᠶᠠᠷ ᠨᠢᠳᠦ᠎ᠴᠢᠨᠢ ᠴᠣᠭ᠎ᠲᠠᠢ ᠬᠡᠪ᠎ᠢᠶᠡᠷ᠎ᠢᠶᠡᠨ᠂ ᠬᠠᠩᠭᠠᠢ ᠠᠭᠤᠳᠠᠮ ᠴᠡᠭᠡᠵᠢ᠎ᠴᠢᠨᠢ ᠲᠡᠨᠢᠭᠡᠷ ᠶᠠᠩᠵᠤ᠎ᠪᠠᠷ᠎ᠢᠶᠠᠨ᠂ ᠬᠤᠷᠴᠠ ᠳᠥᠷᠪᠡᠨ ᠲᠤᠭᠤᠷᠠᠢ᠎ᠴᠢᠨᠢ ᠬᠦᠴᠦᠲᠡᠢ ᠮᠠᠶᠢ᠍ᠭ᠎ᠢᠶᠠᠷ᠎ᠢᠶᠠᠨ᠂ ᠮᠥᠩᠭᠦᠨ ᠴᠠᠭᠠᠨ ᠳᠡᠯ᠎ᠴᠢᠨᠢ ᠰᠦᠷ᠎ᠲᠡᠢ ᠲᠥᠯᠦᠪ᠎ᠢᠶᠡᠷ᠎ᠢᠶᠡᠨ᠃ ᠠ᠂ ᠠᠭᠲᠠ᠎ᠮᠢᠨᠢ! ᠪᠣᠯᠳᠠᠭ᠎ᠰᠠᠨ ᠪᠣᠯ ᠪᠢ ᠴᠢᠮᠠᠢ ᠬᠦᠵᠦᠭᠦᠳᠡᠵᠦ ᠠᠪᠤᠭᠠᠳ ᠲᠠᠭᠠᠯᠠᠬᠤ᠎ᠰᠠᠨ᠂ ᠪᠣᠯᠳᠠᠭ᠎ᠰᠠᠨ ᠪᠣᠯ ᠪᠢ ᠴᠢᠮᠠᠢ ᠠᠯᠴᠢᠭᠤᠷ᠎ᠢᠶᠠᠷ᠎ᠢᠶᠠᠨ ᠵᠦᠯᠭᠦᠬᠦ᠎ᠰᠡᠨ᠂ ᠪᠣᠯᠳᠠᠭ᠎ᠰᠠᠨ ᠪᠣᠯ ᠪᠢ ᠴᠢᠮ᠎ᠠ᠎ᠳᠤ ᠪᠠᠭ᠎ᠠ᠎ᠶᠢᠨ ᠦᠶ᠎ᠡ᠎ᠶᠢᠨ ᠤᠯᠠᠭᠠᠨ ᠪᠦᠴᠡ᠎ᠪᠡᠨ ᠵᠡᠭᠦᠯᠭᠡᠬᠦ᠎ᠰᠡᠨ!

ᠬᠠᠯᠠᠭᠤᠨ ᠵᠤᠨ᠎ᠤ ᠨᠠᠷᠠᠨ᠎ᠳᠤ ᠴᠢ ᠬᠡᠪ᠎ᠢᠶᠡᠷ᠎ᠢᠶᠡᠨ ᠳᠠᠪᠬᠢᠨ᠎ᠠ᠂ ᠬᠠᠬᠢᠷ ᠡᠪᠦᠯ᠎ᠦᠨ ᠬᠦᠢᠲᠡᠨ᠎ᠳᠦ ᠴᠢ ᠶᠣᠰᠤᠭᠠᠷ᠎ᠢᠶᠠᠨ ᠨᠢᠰᠦᠨ᠎ᠡ᠂ ᠠᠭᠠᠳᠠᠷ ᠪᠣᠷᠤᠭᠠᠨ᠎ᠤ ᠳᠤᠮᠳᠠ ᠴᠢ ᠳᠠᠪᠬᠢᠬᠤ᠎ᠪᠠᠨ ᠵᠣᠭᠰᠤᠭᠰᠠᠨ᠎ᠦᠭᠡᠢ᠂ ᠰᠥᠬᠦ ᠴᠠᠰᠤᠨ᠎ᠤ ᠳᠤᠮᠳᠠ ᠴᠢ ᠤᠷᠤᠭᠰᠢᠯᠠᠬᠤ᠎ᠪᠠᠨ ᠪᠣᠯᠢᠭᠰᠠᠨ᠎ᠦᠭᠡᠢ᠃ ᠡᠷᠭᠢᠬᠦ ᠳᠥᠷᠪᠡᠨ ᠤᠯᠠᠷᠢᠯ᠎ᠳᠤ ᠠᠮᠠᠷᠠᠬᠤ᠎ᠶᠢ ᠮᠡᠳᠡᠬᠦ᠎ᠦᠭᠡᠢ ᠠᠵᠢᠯᠰᠠᠭ ᠣᠪᠤᠷ᠎ᠴᠢᠨᠢ᠂ ᠣᠨ ᠵᠢᠯ ᠣᠷᠴᠢᠨ ᠤᠯᠠᠷᠢᠪᠠᠴᠤ ᠬᠥᠭᠰᠢᠷᠡᠬᠦ᠎ᠶᠢ ᠮᠡᠳᠡᠬᠦ᠎ᠦᠭᠡᠢ ᠵᠠᠯᠠᠭᠤ᠎ᠶᠢᠨ ᠴᠣᠭ᠎ᠴᠢᠨᠢ᠂ ᠬᠦᠢᠲᠡᠨ ᠬᠠᠯᠠᠭᠤᠨ᠎ᠢ ᠬᠠᠮᠢᠶᠠᠷᠬᠤ᠎ᠦᠭᠡᠢ ᠬᠡᠵᠢᠶᠡᠳᠡ ᠤᠷᠤᠭᠰᠢ ᠳᠠᠪᠬᠢᠳᠠᠭ ᠪᠠᠭᠠᠲᠤᠷ ᠵᠣᠷᠢᠭ᠎ᠴᠢᠨᠢ ᠦᠢ ᠲᠦᠮᠡᠨ ᠬᠥᠮᠦᠨ᠎ᠦ ᠬᠦᠨᠳᠦᠳᠭᠡᠯ ᠪᠢᠰᠢᠷᠡᠯ᠎ᠢ ᠣᠯᠤᠭᠰᠠᠨ᠎ᠶᠤᠮ᠃ ᠬᠥᠬᠡᠬᠣᠲᠠ᠎ᠳᠤ ᠰᠠᠭᠤᠳᠠᠭ ᠨᠤᠲᠤᠭ᠎ᠤᠨ ᠠᠷᠠᠳ ᠭᠡᠰᠡᠨ᠎ᠦᠭᠡᠢ᠂ ᠬᠥᠳᠡᠭᠡ ᠨᠤᠲᠤᠭ᠎ᠲᠤ ᠠᠮᠢᠳᠤᠷᠠᠳᠠᠭ ᠲᠠᠯ᠎ᠠ᠎ᠶᠢᠨ ᠮᠠᠯᠴᠢᠨ ᠭᠡᠰᠡᠨ᠎ᠦᠭᠡᠢ᠂ ᠵᠢᠶᠠᠩᠨᠠᠨ ᠣᠷᠤᠨ᠎ᠤ ᠵᠠᠯᠠᠭᠤ ᠬᠡᠦᠬᠡᠨᠴᠦᠳ ᠭᠡᠰᠡᠨ᠎ᠦᠭᠡᠢ᠂ ᠵᠢᠭᠠᠰᠤᠴᠢᠨ ᠠᠢᠯ᠎ᠤᠨ ᠭᠠᠷᠮᠠᠭᠠᠢ ᠰᠡᠯᠢᠭᠦᠷᠴᠢᠨ ᠭᠡᠰᠡᠨ᠎ᠦᠭᠡᠢ ᠴᠥᠮ ᠥᠪᠦᠷ ᠮᠣᠩᠭᠤᠯ᠎ᠤᠨ ᠮᠦᠽᠧᠢ᠎ᠶᠢᠨ ᠡᠮᠦᠨ᠎ᠡ᠂ ᠥᠷᠯᠦᠭ ᠮᠣᠷᠢ᠎ᠶᠢ ᠣᠷᠤᠭᠤᠯᠤᠭᠰᠠᠨ ᠰᠡᠭᠦᠳᠡᠷ ᠠᠪᠬᠠᠭᠤᠯᠬᠤ ᠳᠤᠷᠠᠲᠠᠢ᠃ ᠥᠷᠯᠦᠭᠡ ᠪᠦᠷᠢ᠂ ᠦᠳᠡ ᠪᠣᠯᠭᠠᠨ᠂ ᠦᠳᠡᠰᠢ ᠪᠦᠬᠦᠨ ᠵᠢᠷᠤᠭ ᠠᠪᠬᠠᠭᠤᠯᠬᠤ ᠬᠥᠮᠦᠨ ᠶᠡᠷᠦ᠎ᠡᠴᠡ ᠲᠠᠰᠤᠷᠠᠳᠠᠭ᠎ᠦᠭᠡᠢ᠃ ᠡᠳᠦᠷ ᠪᠦᠷᠢ᠂ ᠰᠠᠷ᠎ᠠ ᠪᠣᠯᠭᠠᠨ᠂ ᠵᠢᠯ ᠪᠦᠬᠦᠨ ᠵᠢᠷᠤᠭ ᠲᠠᠲᠠᠬᠤ ᠬᠥᠮᠦᠨ ᠶᠡᠷᠦ᠎ᠡᠴᠡ ᠴᠥᠬᠡᠷᠡᠳᠡᠭ᠎ᠦᠭᠡᠢ᠃ ᠬᠠᠷᠢ ᠤᠯᠤᠰ᠎ᠠᠴᠠ ᠲᠠᠯ᠎ᠠ ᠨᠤᠲᠤᠭ᠎ᠲᠤ ᠢᠷᠡᠭᠰᠡᠨ ᠳᠤᠮᠳᠠᠳᠤ᠎ᠶᠢᠨ ᠬᠠᠷᠢᠶᠠᠲᠤ᠎ᠨᠠᠷ᠎ᠤᠨ ᠭᠡᠷ᠎ᠲᠦ᠂ ᠬᠠᠩᠵᠧᠦ ᠬᠣᠲᠠᠨ᠎ᠠᠴᠠ ᠬᠥᠳᠡᠭᠡ ᠪᠠᠭᠤᠭᠰᠠᠨ ᠰᠡᠬᠡᠭᠡᠲᠡᠨ ᠵᠠᠯᠠᠭᠤᠴᠤᠳ᠎ᠤᠨ ᠪᠠᠢᠷᠢ᠎ᠳᠤ ᠴᠥᠮ᠎ᠯᠡ ᠰᠠᠷᠠᠯ ᠮᠣᠷᠢ᠎ᠶᠢ ᠣᠷᠤᠭᠤᠯᠤᠭᠠᠳ ᠲᠠᠲᠠᠭᠰᠠᠨ ᠰᠡᠭᠦᠳᠡᠷ ᠡᠯᠭᠦᠭᠡᠰᠦᠲᠡᠢ ᠪᠠᠢᠨ᠎ᠠ! ᠨᠣᠮ ᠪᠢᠴᠢᠭ᠎ᠦᠨ ᠨᠢᠭᠤᠷ ᠬᠠᠪᠢᠰᠤ᠎ᠶᠢᠨ ᠵᠠᠰᠠᠯ ᠴᠢᠮᠡᠭᠯᠡᠯ ᠳᠡᠭᠡᠷ᠎ᠡ᠎ᠴᠦ᠂ ᠪᠣᠭᠴᠤ ᠪᠣᠭᠤᠳᠠᠯ᠎ᠤᠨ ᠥᠩᠭᠡ ᠭᠠᠳᠠᠷ᠎ᠤᠨ ᠵᠢᠷᠤᠭ ᠲᠡᠮᠳᠡᠭ ᠳᠡᠭᠡᠷ᠎ᠡ᠎ᠴᠦ᠂ ᠵᠠᠷᠤᠳᠠᠯ ᠪᠠᠷᠢᠳᠠᠯ᠂ ᠡᠳ᠋ᠯᠡᠯ ᠬᠡᠷᠡᠭᠯᠡᠭᠦᠷ᠂ ᠨᠢᠭᠡ᠎ᠯᠡ ᠦᠭᠡ᠎ᠪᠡᠷ ᠬᠡᠯᠡᠪᠡᠯ᠂ ᠥᠪᠦᠷ ᠮᠣᠩᠭᠤᠯ᠎ᠤᠨ ᠨᠤᠲᠤᠭ᠎ᠤᠨ ᠭᠠᠷᠤᠯᠲᠠ᠂ ᠣᠨᠴᠤᠭᠤᠢ ᠦᠢᠯᠡᠳᠭᠡᠬᠦᠨ᠎ᠦ ᠮᠠᠷᠺ ᠲᠡᠮᠳᠡᠭ ᠳᠡᠭᠡᠷ᠎ᠡ ᠴᠥᠮ᠎ᠯᠡ ᠰᠠᠷᠠᠯ ᠮᠣᠷᠢ ᠳᠠᠪᠬᠢᠭᠤᠯᠤᠭᠰᠠᠨ ᠥᠪᠦᠷ ᠮᠣᠩᠭᠤᠯ᠎ᠤᠨ ᠮᠦᠽᠧᠢ᠎ᠶᠢᠨ ᠵᠢᠷᠤᠭ᠎ᠯᠠ ᠬᠠᠷᠠᠭᠳᠠᠳᠠᠭ᠃ ᠰᠣᠨᠤᠰᠬᠤᠯᠠᠷ᠂ ᠡᠷᠲᠡᠨ᠎ᠦ ᠬᠣᠲᠠᠳ ᠴᠥᠮ ᠦᠯᠢᠭᠡᠷ ᠳᠣᠮᠤᠭ᠎ᠲᠠᠢ᠂ ᠲᠤᠰ ᠲᠤᠰ᠎ᠤᠨ ᠰᠦᠯᠳᠡ ᠲᠡᠮᠳᠡᠭ ᠪᠠᠢᠳᠠᠭ ᠭᠡᠨ᠎ᠡ᠃ ᠵᠢᠱ᠌ᠢᠶᠡᠯᠡᠪᠡᠯ᠂ ᠨᠠᠨᠵᠢᠩ ᠬᠣᠲᠠ᠎ᠶᠢ ᠴᠢᠯᠠᠭᠤᠨ ᠬᠣᠲᠠ ᠭᠡᠳᠡᠭ᠂ ᠭᠤᠸᠠᠩᠵᠧᠦ ᠬᠣᠲᠠ᠎ᠶᠢ ᠲᠠᠪᠤᠨ ᠢᠮᠠᠭᠠᠨ ᠬᠣᠲᠠ ᠭᠡᠳᠡᠭ᠂ ᠵᠢᠨᠠᠨ ᠬᠣᠲᠠ᠎ᠶᠢ ᠪᠤᠯᠠᠭ᠎ᠤᠨ ᠬᠣᠲᠠ ᠭᠡᠳᠡᠭ᠂ ᠪᠤᠭᠤᠲᠤ ᠬᠣᠲᠠ ᠪᠣᠯ ᠨᠡᠷ᠎ᠡ ᠨᠢᠳᠡᠷ᠎ᠲᠡᠭᠡᠨ ᠲᠡᠩᠴᠡᠭᠰᠡᠨ ᠪᠤᠭᠤᠲᠤ᠎ᠶᠢᠨ ᠲᠠᠯ᠎ᠠ᠎ᠶᠤᠮ᠃ ᠬᠥᠬᠡᠬᠣᠲᠠ᠎ᠳᠤ ᠲᠡᠢᠮᠦ ᠦᠯᠢᠭᠡᠷ ᠳᠣᠮᠤᠭ᠎ᠲᠤ ᠤᠯᠠᠮᠵᠢᠯᠠᠵᠤ ᠢᠷᠡᠭᠰᠡᠨ ᠬᠣᠲᠠ᠎ᠶᠢᠨ ᠰᠦᠯᠳᠡ ᠪᠠᠢᠬᠤ᠎ᠦᠭᠡᠢ ᠪᠣᠯᠪᠠᠴᠤ ᠣᠷᠴᠢᠮ᠎ᠠᠴᠠ ᠪᠣᠯᠤᠭᠠᠳ ᠣᠷᠤᠨ᠎ᠤ ᠳᠣᠲᠤᠷ᠎ᠠ ᠭᠠᠳᠠᠷ ᠭᠡᠰᠡᠨ᠎ᠦᠭᠡᠢ᠂ ᠤᠯᠤᠰ᠎ᠤᠨ ᠳᠣᠲᠤᠨ᠎ᠠ ᠭᠠᠳᠠᠨ᠎ᠠ ᠭᠡᠰᠡᠨ᠎ᠦᠭᠡᠢ᠂ ᠮᠦᠽᠧᠢ᠎ᠶᠢᠨ ᠳᠡᠭᠡᠭᠦᠷ ᠨᠢᠰᠳᠡᠭ ᠴᠠᠭᠠᠨ ᠰᠠᠷᠠᠯ ᠮᠣᠷᠢᠨ᠎ᠤ ᠰᠢᠨᠵᠢ ᠲᠡᠮᠳᠡᠭ᠎ᠯᠡ ᠤᠯᠠᠮ᠎ᠠᠴᠠ ᠤᠯᠠᠮ ᠲᠣᠳᠤᠷᠠᠭᠠᠳ ᠢᠷᠡᠵᠦ ᠪᠠᠢᠨ᠎ᠠ᠃ ᠬᠣᠵᠢᠮ ᠬᠤᠢᠲᠠᠢ ᠶᠠᠮᠠᠷ ᠨᠢᠭᠡᠨ ᠦᠶ᠎ᠡ᠎ᠳᠦ ᠬᠥᠬᠡᠬᠣᠲᠠ᠎ᠶᠢ ᠮᠣᠷᠢᠲᠤ ᠬᠣᠲᠠ ᠭᠡᠵᠦ ᠨᠡᠷᠡᠯᠡᠬᠦ ᠮᠠᠭᠠᠳ᠎ᠦᠭᠡᠢ ᠭᠡᠰᠡᠨ ᠵᠥᠩᠨᠡᠯ᠎ᠢ ᠲᠠᠯᠪᠢᠬᠤ᠎ᠳᠤ ᠳᠡᠩᠴᠢ ᠦᠨᠳᠦᠰᠦ᠎ᠦᠭᠡᠢ ᠭᠡᠬᠦ᠎ᠦᠭᠡᠢ ᠪᠢᠵᠡ᠃

ᠬᠥᠬᠡᠬᠣᠲᠠ᠎ᠳᠤ ᠰᠠᠭᠤᠭ᠎ᠠ ᠬᠥᠮᠦᠰ ᠴᠥᠮ᠎ᠯᠡ ᠰᠠᠷᠠᠯ ᠮᠣᠷᠢ᠎ᠪᠠᠷ᠎ᠢᠶᠠᠨ ᠣᠮᠤᠭᠰᠢᠯ ᠪᠣᠯᠭᠠᠵᠤ᠂ ᠪᠢᠴᠢᠵᠦ ᠴᠢᠳᠠᠳᠠᠭ᠎ᠨᠢ ᠰᠢᠯᠦᠭᠯᠡᠵᠦ᠂ ᠵᠢᠷᠤᠵᠤ ᠴᠢᠳᠠᠳᠠᠭ᠎ᠨᠢ ᠵᠢᠷᠤᠭᠯᠠᠵᠤ᠂ ᠬᠥᠮᠦᠨ ᠪᠦᠬᠦᠨ ᠡᠯᠢᠭᠡᠨ ᠬᠠᠢᠷ᠎ᠠ᠎ᠪᠠᠨ ᠳᠡᠪᠰᠢᠭᠦᠯᠳᠡᠭ ᠪᠠᠢᠵᠠᠢ᠃ ᠭᠡᠲᠡᠯ᠎ᠡ ᠡᠨᠡᠬᠦ ᠰᠠᠷᠠᠯ ᠮᠣᠷᠢ᠎ᠨᠢ ᠪᠠᠰᠠ ᠣᠨᠴᠤᠭᠤᠢ ᠵᠢᠷᠦᠬᠡᠲᠡᠨ᠎ᠦ ᠡᠭᠳᠡᠭᠦᠦ᠎ᠶᠢ ᠬᠦᠷᠭᠡᠭᠰᠡᠨ᠎ᠶᠦᠮ᠃ ᠲᠥᠭᠦᠷᠢᠭ ᠨᠠᠷᠠ᠎ᠶᠢ ᠪᠠᠷᠠᠭᠠᠨ ᠡᠭᠦᠯᠡ ᠬᠠᠯᠬᠠᠯᠠᠵᠤ᠂ ᠲᠦᠪᠰᠢᠨ ᠲᠠᠯ᠎ᠠ᠎ᠳᠤ ᠳᠣᠭᠰᠢᠨ ᠰᠢᠭᠤᠷᠭ᠎ᠠ ᠳᠡᠭᠳᠡᠵᠦ ᠪᠠᠢᠭᠰᠠᠨ 1967 ᠣᠨ᠎ᠤ ᠨᠠᠮᠤᠷ ᠪᠠᠢᠵᠤ ᠪᠢᠯᠡ᠃ ᠨᠢᠭᠡᠨ ᠡᠳᠦᠷ᠂ ᠬᠦᠷᠵᠡ ᠵᠡᠭᠡᠲᠦᠦ ᠡᠭᠦᠷᠦᠭᠰᠡᠨ ᠬᠡᠳᠦᠨ 《 ᠤᠯᠠᠢ ᠪᠠᠭᠠᠲᠤᠷ》 ᠥᠪᠦᠷ ᠮᠣᠩᠭᠤᠯ᠎ᠤᠨ ᠮᠦᠽᠧᠢ᠎ᠶᠢᠨ ᠣᠷᠤᠢ᠎ᠳᠤ ᠮᠠᠴᠤᠵᠤ ᠭᠠᠷᠤᠭᠠᠳ ᠰᠠᠷᠠᠯ ᠮᠣᠷᠢ᠎ᠶᠢ ᠴᠠᠪᠴᠢᠵᠤ ᠡᠬᠢᠯᠡᠪᠡ᠃ ᠮᠢᠨᠦ ᠴᠡᠭᠡᠵᠢᠨ᠎ᠳᠦ ᠬᠢᠯᠢᠩ᠎ᠦᠨ ᠭᠠᠯ ᠳᠦᠷᠡᠯᠵᠡᠵᠦ᠂ ᠶᠣᠰᠤ ᠳᠡᠯᠭᠡᠨ ᠮᠠᠷᠭᠤᠯᠳᠤᠵᠤ᠂ ᠡᠪᠳᠡᠵᠦ ᠪᠠᠯᠪᠠᠬᠤ᠎ᠶᠢ᠎ᠨᠢ ᠬᠣᠷᠢᠭᠯᠠᠪᠠ᠃

《ᠡᠨᠡ ᠮᠣᠷᠢ ᠬᠠᠵᠠᠵᠤ ᠵᠠᠭᠤᠵᠤ ᠪᠠᠢᠭ᠎ᠠ᠎ᠴᠤ ᠪᠢᠰᠢ᠂ ᠬᠠᠯᠳᠠᠵᠤ ᠢᠰᠭᠦᠯᠵᠦ ᠪᠠᠢᠭ᠎ᠠ ᠪᠢᠰᠢ᠂ ᠬᠠᠷᠠᠢᠵᠤ ᠲᠤᠢᠯᠠᠵᠤ ᠪᠠᠢᠭ᠎ᠠ᠎ᠴᠤ ᠪᠢᠰᠢ᠂ ᠬᠠᠮᠢᠶ᠎ᠠ᠎ᠦᠭᠡᠢ᠎ᠯᠠ ᠳᠠᠪᠬᠢᠵᠤ ᠪᠠᠢᠨ᠎ᠠ᠂ ᠪᠠᠯᠪᠠᠴᠢᠭᠠᠳ ᠶᠠᠭᠠᠬᠢᠨ᠎ᠠ ᠪᠤᠢ? ᠪᠦᠲᠦᠨ᠎ᠢᠶᠡᠷ᠎ᠢᠶᠡᠨ ᠪᠠᠢᠭ ᠳ᠋ᠠ᠂ ᠬᠡᠮᠬᠡᠯᠦᠭᠡᠳ ᠶᠠᠭᠠᠬᠢᠨ᠎ᠠ ᠪᠤᠢ? ᠬᠡᠪ᠎ᠢᠶᠡᠷ᠎ᠢᠶᠡᠨ ᠭᠦᠶᠦᠭ ᠳ᠋ᠠ !》 ᠭᠡᠪᠡᠯ᠂ ᠥᠨᠥᠬᠢ ᠨᠤᠭᠦᠳ:

《ᠶᠠᠭᠤ ᠭᠡᠭᠴᠢ ᠦᠭᠡ ᠪᠤᠢ? ᠶᠠᠮᠠᠷ ᠭᠡᠭᠴᠢ ᠰᠠᠨᠠᠭ᠎ᠠ ᠪᠤᠢ? ᠠᠮᠢ᠎ᠦᠭᠡᠢ ᠪᠣᠯᠪᠠᠴᠤ ᠠᠶᠤᠯ ᠲᠠᠷᠢᠵᠤ ᠪᠠᠢᠨ᠎ᠠ᠂ ᠠᠭᠠᠷ ᠲᠡᠭᠷᠢ ᠥᠭᠡᠳᠡ ᠨᠢᠰᠳᠡᠭ᠎ᠨᠢ ᠶᠠᠭᠤ ᠪᠤᠢ? ᠪᠢᠳᠡ ᠵᠢᠷᠦᠬᠡᠰᠢᠵᠦ ᠪᠠᠢᠨ᠎ᠠ ; ᠵᠥᠪ ᠵᠦᠭᠡᠷ ᠳᠠᠪᠬᠢᠵᠤ ᠪᠠᠢᠪᠠᠴᠤ ᠵᠥᠷᠢᠴᠡᠯ ᠲᠠᠷᠢᠵᠤ ᠪᠠᠢᠨ᠎ᠠ᠂ ᠵᠠᠪᠠᠯ ᠭᠡᠷ᠎ᠦᠨ ᠣᠷᠤᠢ᠎ᠪᠠᠷ ᠳᠠᠪᠬᠢᠭᠤᠯᠳᠠᠭ᠎ᠨᠢ ᠶᠠᠭᠤᠨ᠎ᠤ ᠤᠴᠢᠷ ᠪᠢᠯᠡ?! ᠪᠢᠳᠡ ᠰᠦᠷᠳᠡᠵᠦ ᠪᠠᠢᠨ᠎ᠠ》 ᠭᠡᠬᠦ᠎ᠶᠦᠮ᠃ 《ᠤᠷᠠᠯᠢᠭ ᠭᠡᠳᠡᠭ᠎ᠴᠢᠨᠢ ᠤᠯᠤᠰ ᠲᠥᠷᠦ᠎ᠶᠢᠨ ᠤᠬᠠᠭᠳᠠᠬᠤᠨ ᠪᠢᠰᠢ ᠰᠢᠤ᠂ ᠤᠴᠢᠷ ᠵᠦᠭ᠎ᠦᠭᠡᠢ ᠰᠡᠪᠯᠡᠭᠡᠳ ᠪᠠᠢᠪᠠᠯ ᠣᠯᠢᠭ᠎ᠢᠶᠠᠨ ᠪᠠᠷᠠᠨ᠎ᠠ ᠰᠢᠤ》 ᠭᠡᠰᠡᠨ᠎ᠳᠦ᠂ ᠥᠨᠥᠬᠢ ᠨᠤᠭᠦᠳ:

《ᠠᠩᠭᠢ᠎ᠶᠢᠨ ᠲᠡᠮᠡᠴᠡᠯ ᠭᠡᠳᠡᠭ᠎ᠢ ᠮᠡᠳᠡᠵᠦ ᠪᠠᠢᠨ᠎ᠠ᠎ᠤᠤ ᠴᠢ᠂ ᠠᠷᠪᠢᠨ ᠲᠠᠪᠤᠨ ᠦᠭᠡ ᠶᠠᠭᠤ ᠶᠠᠷᠢᠭᠠᠳ ᠪᠠᠢᠬᠤ ᠪᠤᠢ? ᠳᠠᠷᠤᠩᠭᠤᠢᠯᠠᠬᠤ ᠵᠠᠰᠠᠭ ᠭᠡᠳᠡᠭ᠎ᠢ ᠤᠬᠠᠵᠤ ᠪᠠᠢᠨ᠎ᠠ᠎ᠤᠤ ᠴᠢ᠂ ᠳᠠᠪᠠᠭᠤᠷᠠᠵᠤ ᠬᠡᠳᠦ ᠥᠴᠢᠪᠡᠯ ᠳᠠᠷᠤᠯᠭ᠎ᠠ ᠴᠢᠮ᠎ᠠ᠎ᠳᠤ ᠪᠠᠭᠤᠨ᠎ᠠ!》 ᠭᠡᠵᠦ ᠰᠦᠷᠳᠡᠭᠦᠯᠪᠡ᠃

ᠲᠡᠳᠡ᠂ ᠲᠠᠰ ᠨᠢᠰ ᠬᠢᠵᠦ ᠴᠠᠪᠴᠢᠵᠤ᠎ᠯᠠ ᠪᠠᠢᠪᠠ᠂ ᠯᠠᠩᠲᠤᠤ ᠪᠦᠷᠢ᠎ᠨᠢ ᠮᠢᠨᠦ ᠵᠢᠷᠦᠬᠡᠨ ᠳᠡᠭᠡᠷ᠎ᠡ ᠲᠤᠰᠤᠨ᠎ᠠ ; ᠲᠡᠳᠡ ᠰᠢᠪ ᠭᠣᠳ ᠬᠢᠵᠦ ᠴᠢᠴᠢᠵᠦ᠎ᠯᠡ ᠪᠠᠢᠪᠠ᠂ ᠦᠵᠦᠭᠦᠷ ᠪᠣᠯᠭᠠᠨ᠎ᠨᠢ ᠮᠢᠨᠦ ᠵᠢᠷᠦᠬᠡ᠎ᠶᠢ ᠰᠢᠪᠡᠨ᠎ᠡ᠃ ᠰᠠᠷᠠᠯ ᠮᠣᠷᠢ ᠬᠡᠰᠡᠭ ᠬᠡᠰᠡᠭ᠎ᠢᠶᠡᠷ ᠡᠮᠲᠡᠷᠡᠨ ᠤᠨᠠᠨ᠎ᠠ᠂ ᠰᠡᠳᠭᠢᠯ ᠵᠢᠷᠦᠬᠡ᠎ᠮᠢᠨᠢ ᠦᠶ᠎ᠡ ᠦᠶ᠎ᠡ ᠰᠢᠮᠰᠢᠷᠡᠨ ᠡᠪᠡᠳᠦᠨ᠎ᠡ᠂ ᠠᠷᠭᠤᠮᠠᠭ ᠬᠦᠯᠦᠭ᠎ᠮᠢᠨᠢ ᠬᠠᠷᠠᠵᠤ ᠪᠠᠢᠲᠠᠯ᠎ᠠ ᠵᠠᠮᠬᠠᠷᠠᠪᠠ᠂ ᠠᠶᠤᠤᠯᠢᠬᠠᠢ ᠴᠡᠭᠡᠵᠢ᠎ᠮᠢᠨᠢ ᠪᠠᠢᠵᠤ ᠪᠠᠢᠲᠠᠯ᠎ᠠ ᠡᠭᠦᠯᠡᠲᠦᠪᠡ ᠁

ᠮᠦᠽᠧᠢ᠎ᠶᠢᠨ ᠳᠡᠭᠡᠷᠡᠬᠢ ᠰᠠᠷᠠᠯ ᠮᠣᠷᠢ᠎ᠶᠢ ᠴᠠᠪᠴᠢᠭᠠᠳ ᠤᠨᠠᠭᠠᠭᠰᠠᠨ᠎ᠴᠤ ᠮᠢᠨᠦ ᠵᠢᠷᠦᠬᠡᠨ ᠳᠣᠲᠤᠷᠠᠬᠢ ᠰᠠᠷᠠᠯ ᠮᠣᠷᠢ᠎ᠮᠢᠨᠢ ᠳᠠᠪᠬᠢᠭᠰᠠᠭᠠᠷ᠎ᠯᠠ ᠪᠠᠢᠨ᠎ᠠ!

ᠳᠥᠷᠪᠡ

ᠠᠷᠪᠠᠨ ᠵᠢᠯ ᠥᠩᠭᠡᠷᠡᠯ᠎ᠡ᠂ ᠳᠡᠯᠭᠡᠷᠡᠬᠦ ᠳᠥᠷᠪᠡᠨ ᠰᠠᠷ᠎ᠠ᠎ᠳᠤ ᠪᠢ ᠠᠵᠢᠯ᠎ᠢᠶᠠᠷ ᠬᠥᠳᠡᠭᠡ ᠪᠠᠭᠤᠭᠠᠳ ᠨᠢᠭᠡᠨ ᠡᠳᠦᠷ ᠪᠠᠢᠭᠤᠯᠤᠯᠭ᠎ᠠ᠎ᠳᠠᠭᠠᠨ ᠤᠲᠠᠰᠤ ᠶᠠᠪᠤᠭᠤᠯᠵᠤ ᠠᠵᠢᠯ᠎ᠢᠶᠠᠨ ᠬᠠᠷᠢᠭᠤ ᠮᠡᠳᠡᠭᠦᠯᠦᠭᠰᠡᠨ᠎ᠦ ᠳᠠᠷᠠᠭ᠎ᠠ ᠤᠲᠠᠰᠤ᠎ᠶᠢ ᠲᠣᠰᠤᠭᠰᠠᠨ ᠨᠥᠬᠦᠷ ᠮᠠᠩᠯᠠᠢ ᠪᠠᠶᠠᠷ ᠪᠣᠯᠭᠠᠵᠤ ᠨᠠᠳᠠ ᠤᠯᠠᠮᠵᠢᠯᠠᠬᠤ᠎ᠳᠠᠭᠠᠨ: ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠭᠤᠴᠢᠨ ᠵᠢᠯ᠎ᠦᠨ ᠣᠢ᠎ᠶᠢᠨ ᠪᠠᠶᠠᠷ᠎ᠢ ᠲᠣᠬᠢᠶᠠᠯᠳᠤᠭᠤᠯᠵᠤ ᠥᠪᠦᠷ ᠮᠣᠩᠭᠤᠯ᠎ᠤᠨ ᠮᠦᠽᠧᠢ ᠳᠡᠭᠡᠷᠡᠬᠢ ᠰᠠᠷᠠᠯ ᠮᠣᠷᠢ᠎ᠶᠢ ᠳᠠᠬᠢᠨ ᠰᠢᠨ᠎ᠡ᠎ᠪᠡᠷ ᠪᠠᠷᠢᠨ᠎ᠠ ᠭᠡᠵᠦ ᠪᠤᠢ ᠭᠡᠪᠡ᠃ ᠡᠨᠡ ᠴᠢᠮᠡᠭᠡ᠎ᠶᠢ ᠰᠣᠨᠤᠰᠤᠭᠠᠳ ᠪᠠᠶᠠᠷᠯᠠᠬᠤ᠎ᠳᠠᠭᠠᠨ ᠪᠢ ᠲᠡᠷᠡ ᠰᠥᠨᠢ᠎ᠨᠢ ᠥᠷᠯᠦᠭᠡ᠎ᠶᠢᠨ ᠭᠤᠷᠪᠠᠨ ᠴᠠᠭ ᠪᠣᠯᠲᠠᠯ᠎ᠠ ᠨᠢᠳᠦ ᠬᠠᠮᠬᠢᠭᠰᠠᠨ᠎ᠦᠭᠡᠢ᠃ ᠦᠷ ᠴᠠᠢᠬᠤ᠎ᠠᠴᠠ ᠡᠮᠦᠨᠡᠬᠡᠨ ᠠᠷᠠᠢ ᠭᠡᠵᠦ ᠳᠤᠭᠬᠢᠬᠦ ᠵᠠᠭᠤᠷ᠎ᠠ ᠵᠡᠭᠦᠳᠦᠨ ᠳᠣᠲᠤᠷ᠎ᠠ ᠰᠠᠷᠠᠯ ᠮᠣᠷᠢ ᠳᠡᠯ ᠰᠡᠭᠦᠯ᠎ᠢᠶᠡᠨ ᠪᠣᠰᠭᠠᠨ ᠳᠠᠪᠬᠢᠴᠢᠬᠠᠯ᠎ᠠ᠃ ᠁ ᠵᠢᠭᠦᠷ᠎ᠲᠡᠢ᠎ᠰᠡᠨ ᠪᠣᠯ ᠬᠥᠬᠡᠬᠣᠲᠠ᠎ᠳᠠᠭᠠᠨ ᠨᠢᠰᠴᠦ ᠬᠦᠷᠦᠭᠡᠳ ᠰᠠᠷᠠᠯ ᠮᠣᠷᠢ ᠪᠣᠰᠭᠠᠬᠤ ᠪᠠᠷᠢᠯᠭ᠎ᠠ᠎ᠶᠢ᠎ᠨᠢ ᠬᠠᠨᠲᠠᠯ᠎ᠠ᠎ᠪᠠᠨ ᠦᠵᠡᠶ᠎ᠡ ᠭᠡᠵᠦ ᠪᠣᠳᠤᠪᠠ᠃

ᠬᠠᠭᠠᠰ ᠰᠠᠷ᠎ᠠ᠎ᠶᠢᠨ ᠳᠠᠷᠠᠭ᠎ᠠ ᠪᠢ ᠬᠥᠬᠡᠬᠣᠲᠠ᠎ᠳᠠᠭᠠᠨ ᠢᠷᠡᠩᠭᠦᠲᠡ ᠰᠢᠭᠤᠳ ᠥᠪᠦᠷ ᠮᠣᠩᠭᠤᠯ᠎ᠤᠨ ᠮᠦᠽᠧᠢ᠎ᠶᠢ ᠴᠢᠭᠯᠡᠪᠡ᠃ ᠬᠠ᠂ ᠶᠠᠮᠠᠷ ᠲᠠᠭᠠᠲᠠᠢ ᠪᠤᠢ! ᠰᠠᠨᠠᠭᠰᠠᠨ ᠰᠠᠨᠠᠭ᠎ᠠ ᠰᠡᠳᠬᠢᠯᠴᠢᠯᠡᠨ ᠪᠡᠶᠡᠯᠡᠭᠳᠡᠯ᠎ᠡ᠂ ᠬᠦᠰᠡᠭᠰᠡᠨ ᠬᠦᠰᠡᠯ ᠶᠣᠰᠤᠴᠢᠯᠠᠨ ᠪᠦᠲᠦᠭᠡᠭᠳᠡᠯ᠎ᠡ - ᠥᠪᠦᠷ ᠮᠣᠩᠭᠤᠯ᠎ᠤᠨ ᠮᠦᠽᠧᠢ ᠳᠡᠭᠡᠭᠦᠷ ᠰᠠᠷᠠᠯ ᠮᠣᠷᠢ᠎ᠮᠢᠨᠢ ᠳᠠᠬᠢᠭᠠᠳ᠎ᠯᠠ ᠮᠡᠨᠳᠦᠯᠡᠯ᠎ᠡ᠃ ᠴᠢᠨᠤ᠎ᠠ᠎ᠶᠢᠨ ᠬᠣᠶᠠᠷ ᠴᠢᠬᠢ᠎ᠪᠡᠷ᠎ᠢᠶᠡᠨ ᠮᠠᠯᠲᠠᠭᠤᠷᠴᠢᠨ᠎ᠤ ᠬᠣᠪ ᠬᠤᠤᠪᠢᠯᠳᠤᠯᠭ᠎ᠠ᠎ᠶᠢ ᠰᠡᠷᠡᠮᠵᠢ᠎ᠲᠡᠢ᠎ᠪᠡᠷ ᠴᠢᠩᠨᠠᠵᠤ ᠪᠠᠢᠭ᠎ᠠ᠎ᠶᠤᠮ᠎ᠰᠢᠭ᠋᠂ ᠴᠣᠯᠮᠤᠨ ᠬᠣᠶᠠᠷ ᠨᠢᠳᠦ᠎ᠪᠡᠷ᠎ᠢᠶᠡᠨ ᠢᠷᠡᠭᠡᠳᠦᠢ᠎ᠶᠢᠨ ᠰᠠᠢᠨ ᠰᠠᠢᠬᠠᠨ᠎ᠢ ᠣᠮᠤᠭᠲᠠᠢ᠎ᠪᠠᠷ ᠪᠠᠷᠠᠯᠠᠵᠤ ᠪᠠᠢᠭ᠎ᠠ᠎ᠴᠤ᠎ᠶᠤᠮ᠎ᠰᠢᠭ᠋᠂ ᠭᠠᠩ ᠳᠥᠷᠪᠡᠨ ᠲᠤᠭᠤᠷᠠᠢ᠎ᠪᠠᠷ᠎ᠢᠶᠠᠨ ᠰᠢᠨᠤᠬᠠᠢᠴᠤᠳ᠎ᠤᠨ ᠬᠣᠬᠢᠮᠠᠢ ᠲᠣᠯᠤᠭᠠᠢ᠎ᠶᠢ ᠵᠠᠨᠤᠯᠲᠠᠢ᠎ᠪᠠᠷ ᠭᠢᠰᠭᠢᠯᠡᠵᠦ ᠪᠠᠢᠭ᠎ᠠ᠎ᠴᠤ᠎ᠶᠤᠮ᠎ᠰᠢᠭ᠋᠂ ᠬᠠᠨᠠᠭᠠᠷ ᠠᠭᠤᠳᠠᠮ ᠴᠡᠭᠡᠵᠢᠨ᠎ᠳᠡᠭᠡᠨ ᠪᠠᠭᠠᠲᠤᠷᠴᠤᠳ᠎ᠤᠨ᠎ᠢᠶᠠᠨ ᠬᠦᠰᠡᠯ ᠡᠷᠡᠮᠡᠯᠵᠡᠯ᠎ᠢ ᠢᠲᠡᠭᠡᠯᠲᠡᠢ᠎ᠪᠡᠷ ᠡᠪᠦᠷᠯᠡᠵᠦ ᠶᠠᠪᠤᠭ᠎ᠠ᠎ᠴᠤ᠎ᠶᠤᠮ᠎ᠰᠢᠭ᠋ ᠡᠰᠡᠷᠤ᠎ᠠ ᠲᠡᠭᠷᠢ᠎ᠶᠢᠨ ᠵᠦᠭ ᠡᠭᠦᠯᠡ ᠬᠥᠯᠭᠡᠯᠡᠨ ᠨᠢᠰᠦᠨ᠎ᠡ! ᠰᠠᠷᠠᠯ ᠮᠣᠷᠢ ᠥᠩᠭᠡᠷᠡᠭᠰᠡᠨ᠎ᠡᠴᠡ᠎ᠪᠡᠨ ᠨᠡᠩ ᠣᠮᠤᠭ ᠰᠦᠷ᠎ᠲᠡᠢ᠂ ᠨᠡᠩ ᠴᠣᠭ ᠵᠢᠪᠬᠤᠭ᠎ᠠ᠎ᠲᠠᠢ ᠪᠣᠯᠪᠠ! ᠥᠨᠥᠳᠦᠷ ᠲᠡᠷᠡ᠂ ᠰᠤᠷ ᠲᠠᠰᠢᠭᠤᠷ ᠪᠠᠷᠢᠭᠰᠠᠨ ᠵᠣᠳᠤᠭᠠᠴᠢᠨ᠎ᠠᠴᠠ ᠠᠶᠤᠬᠤ᠎ᠦᠭᠡᠢ ᠵᠢᠷᠦᠬᠡ᠎ᠲᠡᠢ ᠪᠣᠯᠵᠠᠢ᠂ ᠰᠤᠳᠤᠷ ᠨᠣᠮ ᠤᠩᠰᠢᠳᠠᠭ ᠮᠡᠬᠡᠯᠡᠭᠴᠢᠳ᠎ᠲᠦ ᠬᠠᠭᠤᠷᠲᠠᠬᠤ᠎ᠦᠭᠡᠢ ᠤᠬᠠᠭᠠᠨ᠎ᠲᠠᠢ ᠪᠣᠯᠵᠠᠢ᠃ ᠠᠶᠤᠩᠭ᠎ᠠ ᠴᠠᠬᠢᠯᠭᠠᠨ ᠭᠢᠯᠪᠠᠭᠰᠠᠨ ᠠᠭᠠᠳᠠᠷ ᠪᠣᠷᠤᠭᠠᠨ᠎ᠤ ᠳᠤᠮᠳᠠᠭᠤᠷ᠂ ᠴᠠᠰᠤᠨ ᠯᠠᠪᠰᠠ ᠬᠤᠢᠯᠠᠷᠠᠭᠰᠠᠨ ᠤᠭᠠᠯᠵᠠᠨ ᠰᠢᠭᠤᠷᠭᠠᠨ᠎ᠤ ᠳᠤᠮᠳᠠᠭᠤᠷ᠂ ᠬᠣᠷᠤ᠎ᠠ ᠶᠢᠷᠲᠢᠨᠴᠦ᠎ᠶᠢᠨ ᠤᠯᠠᠭᠠᠨ ᠲᠣᠭᠤᠰᠤ᠎ᠶᠢ ᠮᠥᠩᠭᠦᠨ ᠲᠤᠭᠤᠷᠠᠢ᠎ᠪᠠᠷ᠎ᠢᠶᠠᠨ ᠢᠰᠭᠦᠯᠵᠦ᠂ ᠬᠣᠣᠷᠲᠠᠨ ᠢᠷᠤᠲᠠᠨ᠎ᠤ ᠰᠠᠭᠠᠳ ᠲᠣᠳᠭᠠᠷ᠎ᠢ ᠭᠠᠩ ᠲᠤᠭᠤᠷᠠᠢ᠎ᠪᠠᠷ᠎ᠢᠶᠠᠨ ᠴᠠᠪᠴᠢᠯᠠᠵᠤ᠂ ᠠᠯᠤᠰ ᠬᠡᠲᠦ᠎ᠶᠢᠨ ᠴᠢᠭᠯᠡᠯ ᠥᠭᠡᠳᠡ᠎ᠪᠡᠨ ᠵᠣᠭᠰᠤᠬᠤ᠎ᠦᠭᠡᠢ ᠳᠠᠪᠬᠢᠨ᠎ᠠ᠂ ᠠᠰᠢᠳᠠ᠎ᠶᠢᠨ ᠰᠠᠢᠬᠠᠨ ᠢᠷᠡᠭᠡᠳᠦᠢ ᠥᠭᠡᠳᠡ᠎ᠪᠡᠨ ᠰᠢᠨᠲᠠᠷᠠᠬᠤ᠎ᠦᠭᠡᠢ ᠲᠡᠮᠡᠦᠯᠦᠨ᠎ᠡ᠃ ᠠᠷᠪᠠᠨ ᠬᠣᠶᠠᠷ ᠳᠡᠰ᠎ᠦᠨ ᠬᠠᠷ᠎ᠠ ᠰᠠᠯᠬᠢ ᠳᠡᠭᠳᠡᠯ᠎ᠡ᠎ᠴᠦ ᠭᠡᠰᠡᠨ ᠲᠡᠭᠦᠨ᠎ᠦ ᠴᠢᠭᠯᠡᠯ᠎ᠢ ᠠᠯᠳᠠᠭᠤᠯᠵᠤ ᠴᠢᠳᠠᠬᠤ᠎ᠦᠭᠡᠢ᠂ ᠠᠷᠪᠠᠨ ᠬᠣᠶᠠᠷ ᠲᠣᠯᠤᠭᠠᠢ᠎ᠲᠠᠢ ᠠᠷᠵᠠᠭᠠᠷ ᠮᠠᠩᠭᠤᠰ ᠢᠷᠡᠯ᠎ᠡ᠎ᠴᠦ ᠭᠡᠰᠡᠨ ᠲᠡᠭᠦᠨ᠎ᠦ ᠣᠮᠤᠭ᠎ᠢ ᠳᠠᠷᠤᠵᠤ ᠴᠢᠳᠠᠬᠤ᠎ᠦᠭᠡᠢ!ᠮᠢᠨᠦ ᠨᠢᠳᠦ ᠬᠣᠷᠤᠮᠬᠠᠨ ᠵᠠᠭᠤᠷ᠎ᠠ ᠣᠳᠤᠨ ᠮᠡᠲᠦ ᠭᠡᠷᠡᠯᠲᠦᠪᠡ᠂ ᠮᠢᠨᠦ ᠴᠡᠭᠡᠵᠢ ᠲᠡᠷᠡᠬᠡᠨ ᠵᠠᠭᠤᠷ᠎ᠠ ᠲᠠᠯ᠎ᠠ ᠮᠡᠲᠦ ᠰᠠᠷᠠᠭᠤᠯᠵᠢᠪᠠ᠃ ᠰᠠᠷᠠᠯ ᠮᠣᠷᠢᠨ᠎ᠳᠤ ᠵᠢᠭᠦᠷ ᠤᠷᠭᠤᠭᠤᠯᠤᠭᠰᠠᠨ᠎ᠦᠭᠡᠢ᠎ᠶᠢ ᠮᠡᠳᠡᠵᠦ ᠪᠠᠢᠲᠠᠯ᠎ᠠ᠎ᠪᠠᠨ ᠤᠨᠤᠭᠠᠳ ᠨᠢᠰᠦᠮᠡᠷ ᠰᠠᠨᠠᠭᠳᠠᠯ᠎ᠠ᠂ ᠰᠠᠷᠠᠯ ᠮᠣᠷᠢᠨ᠎ᠳᠤ ᠬᠥᠭᠵᠢᠮ ᠬᠠᠪᠰᠤᠷᠭᠠᠭᠰᠠᠨ᠎ᠦᠭᠡᠢ᠎ᠶᠢ ᠤᠬᠠᠵᠤ ᠪᠠᠢᠲᠠᠯ᠎ᠠ᠎ᠪᠠᠨ ᠳᠠᠭᠤᠯᠠᠮᠠᠷ ᠪᠣᠳᠤᠭᠳᠠᠯ᠎ᠠ! ᠬᠠᠮᠤᠭ ᠪᠡᠶ᠎ᠡ ᠬᠠᠯᠠᠭᠤ ᠠᠰᠭᠠᠵᠤ ᠡᠬᠢᠯᠡᠪᠡ᠂ ᠬᠠᠪᠲᠠᠭᠠᠢ ᠴᠡᠭᠡᠵᠢ ᠪᠤᠴᠠᠯᠵᠤ ᠡᠬᠢᠯᠡᠪᠡ᠂ ᠡᠨᠡ ᠴᠠᠭ ᠡᠨᠡ ᠮᠢᠨᠦ᠋ᠲ᠎ᠲᠦ ᠪᠢ ᠪᠠᠭᠠᠲᠤᠷ ᠪᠣᠯᠴᠢᠬᠠᠭᠰᠠᠨ᠎ᠰᠢᠭ᠋ ᠣᠮᠤᠭᠰᠢᠨ᠎ᠠ᠂ ᠡᠨᠡ ᠭᠠᠵᠠᠷ ᠡᠨᠡ ᠣᠷᠤᠨ᠎ᠳᠤ ᠪᠢ ᠡᠵᠡᠨ᠎ᠨᠢ ᠪᠣᠯᠴᠢᠬᠠᠭᠰᠠᠨ᠎ᠰᠢᠭ᠋ ᠪᠠᠶᠠᠷᠯᠠᠨ᠎ᠠ!

ᠡᠷᠴᠢ ᠬᠦᠴᠦᠨ᠎ᠦ ᠤᠨᠳᠤᠷᠤᠯ ᠪᠣᠯᠤᠭᠰᠠᠨ᠂ ᠣᠮᠤᠭ ᠵᠢᠷᠤᠭ᠎ᠤᠨ ᠲᠦᠰᠢᠭ ᠪᠣᠯᠤᠭᠰᠠᠨ᠂ ᠣᠯᠠᠨ ᠬᠥᠮᠦᠰ᠎ᠦᠨ ᠬᠦᠰᠡᠯ ᠪᠣᠯᠤᠭᠰᠠᠨ᠂ ᠣᠶᠤᠨ ᠰᠠᠨᠠᠭᠠᠨ᠎ᠤ ᠴᠠᠮᠬᠠᠭ ᠪᠣᠯᠤᠭᠰᠠᠨ ᠰᠠᠷᠠᠯ ᠮᠣᠷᠢ᠎ᠮᠢᠨᠢ ᠪᠠᠷᠲᠠᠭᠠᠲᠤ ᠳᠠᠪᠠᠭ᠎ᠠ᠎ᠶᠢ ᠲᠤᠭᠤᠯᠵᠤ᠂ ᠪᠠᠷᠠᠭᠠᠨ ᠡᠭᠦᠯᠡ᠎ᠶᠢ ᠵᠦᠰᠦᠵᠦ᠂ ᠬᠠᠨᠳᠤᠭᠰᠠᠨ ᠵᠦᠭ᠎ᠲᠡᠭᠡᠨ ᠬᠣᠷᠢᠭ᠎ᠠ᠎ᠦᠭᠡᠢ ᠤᠷᠤᠭᠰᠢᠯᠠᠵᠤ᠂ ᠳᠠᠪᠬᠢᠭᠰᠠᠨ ᠵᠠᠮ᠎ᠢᠶᠠᠷ᠎ᠢᠶᠠᠨ ᠳᠠᠷᠬᠠᠨ ᠴᠣᠯᠠ᠎ᠪᠠᠨ ᠮᠠᠨᠳᠤᠭᠤᠯᠤᠭᠠᠷᠠᠢ!

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082