ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠬᠣᠬᠢᠷᠠᠭᠰᠠᠨ ᠠᠮᠢ ᠨᠠᠰᠤ

ᠠ᠊᠂ ᠣᠳᠽᠠᠷ

ᠬᠣᠷᠤ᠎ᠠ ᠶᠢᠷᠲᠢᠨᠴᠦ᠎ᠳᠦ ᠬᠣᠣᠰ᠎ᠦᠭᠡᠢ ᠡᠨᠡ ᠱᠣᠷᠤᠩ᠂ ᠬᠣᠶᠠᠷ ᠳᠡᠯᠢᠮ ᠥᠷᠭᠡᠨ ᠭᠤᠷᠪᠠᠨ ᠠᠯᠳᠠ ᠤᠷᠲᠤ᠂ ᠪᠠᠰᠠ ᠲᠤᠩ ᠴᠢᠭᠢᠭᠯᠢᠭ ᠪᠠ ᠦᠮᠡᠬᠡᠢ ᠴᠢᠬᠤᠯ᠂ ᠫᠠᠳ ᠬᠠᠷᠠᠩᠭᠤᠢ᠃ ᠳᠣᠲᠤᠷ᠎ᠠ᠎ᠨᠢ ᠬᠥᠬᠡ ᠪᠤᠳᠤᠭ᠎ᠢᠶᠠᠷ ᠪᠤᠳᠤᠭᠰᠠᠨ ᠠᠷᠪᠠᠨ ᠲᠠᠪᠤᠨ ᠭᠷᠡᠳᠦ᠋ᠰ᠎ᠦᠨ ᠴᠠᠬᠢᠯᠭᠠᠨ ᠳ᠋ᠧᠩ᠎ᠲᠡᠢ᠃ ᠡᠭᠦᠳᠡ ᠪᠣᠯᠭᠠᠨ᠎ᠳᠤᠨᠢ 《ᠶᠠᠯᠠᠲᠠᠨ》 ᠬᠠᠮᠢᠶᠠᠷᠤᠭᠴᠢᠳ᠎ᠤᠨ ᠳᠣᠲᠤᠭᠰᠢ ᠬᠠᠷᠠᠬᠤ ᠬᠤᠷᠤᠭᠤᠨ ᠴᠢᠨᠡᠭᠡᠨ ᠱᠠᠭᠠᠢᠪᠤᠷ᠎ᠲᠠᠢ᠃ ᠡᠨᠡ ᠭᠡᠷ᠎ᠲᠦ ᠬᠠᠯᠠᠭᠤᠨ ᠬᠠᠨᠵᠤ᠂ ᠮᠣᠳᠤᠨ ᠣᠷᠤ᠂ ᠰᠢᠷᠡᠭᠡ ᠰᠠᠨᠳᠠᠯᠢ ᠭᠡᠵᠦ ᠣᠷᠤ᠎ᠴᠤ᠎ᠦᠭᠡᠢ᠂ ᠳᠡᠷ᠎ᠡ ᠳᠡᠪᠢᠰᠭᠡᠷ᠎ᠦᠨ ᠣᠷᠤᠨ᠎ᠳᠤ ᠴᠠᠭᠠᠨ ᠨᠣᠭᠤᠭᠠᠨ᠎ᠤ ᠡᠪᠡᠰᠦᠨ ᠤᠭᠤᠲᠠ ᠪᠣᠯᠤᠨ ᠬᠣᠶᠠᠷ ᠲᠣᠭᠤᠰᠭ᠎ᠠ᠎ᠯᠠ ᠪᠠᠢᠪᠠ᠃ ᠠᠭᠠᠯᠵᠢᠨ ᠰᠢᠯᠦᠰᠦ ᠲᠣᠣᠷᠯᠠᠭᠰᠠᠨ ᠡᠨᠡ ᠪᠦᠷᠬᠦᠭ ᠴᠢᠬᠤᠯ ᠥᠷᠦᠭᠡᠨ᠎ᠳᠦ ᠤᠷᠠᠩᠬᠠᠢ ᠬᠤᠪᠴᠠᠰᠤ᠎ᠲᠠᠢ᠂ ᠥᠷᠪᠦᠭᠡᠷ ᠤᠷᠲᠤ ᠭᠡᠵᠢᠭᠡ᠎ᠲᠡᠢ᠂ ᠳᠥᠴᠢ ᠭᠠᠷᠤᠢ ᠨᠠᠰᠤᠨ᠎ᠤ ᠬᠥᠮᠦᠨ ᠰᠠᠭᠤᠵᠤ ᠪᠠᠢᠯ᠎ᠠ᠃

ᠲᠡᠭᠦᠨ᠎ᠦ ᠨᠡᠷ᠎ᠡ᠎ᠨᠢ ᠣᠶᠤᠨᠪᠠᠲᠤ ᠭᠡᠳᠡᠭ᠃ ᠲᠡᠷᠡ ᠠᠯᠳᠠᠷᠲᠤ ᠡᠮᠴᠢ ᠪᠥᠭᠡᠳ ᠵᠢᠷᠦᠬᠡᠨ᠎ᠦ ᠡᠪᠡᠳᠴᠢᠨ ᠰᠤᠳᠤᠯᠬᠤ ᠭᠠᠵᠠᠷ᠎ᠤᠨ ᠬᠠᠷᠢᠭᠤᠴᠠᠯᠭᠠᠲᠠᠨ᠎ᠶᠤᠮ᠃ ᠡᠨᠡ ᠬᠥᠮᠦᠨ᠎ᠳᠦ ᠪᠠᠰᠠ ᠡᠮᠨᠡᠯᠭᠡ᠎ᠶᠢᠨ ᠳᠡᠭᠡᠳᠦ ᠰᠤᠷᠭᠠᠭᠤᠯᠢ᠎ᠶᠢᠨ 《ᠬᠠᠷ᠎ᠠ》 ᠫᠷᠣᠹᠧᠰᠰᠣᠷ᠂ 《ᠲᠡᠷᠰᠯᠡᠭᠦᠦ》 ᠡᠷᠳᠡᠮᠲᠡᠨ ᠭᠡᠬᠦ ᠮᠡᠲᠦ᠎ᠶᠢᠨ ᠪᠠᠭ᠎ᠠ᠎ᠦᠭᠡᠢ ᠣᠯᠠᠨ 《ᠨᠡᠷ᠎ᠡ ᠴᠣᠯᠠ》᠎ᠲᠠᠢ ᠪᠠᠢᠵᠠᠢ᠃ ᠲᠡᠷᠡ᠂ ᠬᠢᠲᠠᠳ ᠡᠸᠦ᠋ᠷᠣᠫᠡ ᠡᠮᠨᠡᠯᠭᠡ᠎ᠶᠢ ᠤᠶᠠᠯᠳᠤᠭᠤᠯᠬᠤ ᠠᠷᠭ᠎ᠠ᠎ᠪᠠᠷ ᠵᠢᠷᠦᠬᠡᠨ ᠡᠪᠡᠳᠴᠢᠨ᠎ᠢ ᠵᠠᠰᠠᠭᠠᠳ ᠯᠤᠲᠤ ᠶᠡᠬᠡ ᠠᠮᠵᠢᠯᠲᠠ ᠭᠠᠷᠭᠠᠭᠰᠠᠨ ᠪᠣᠯᠬᠣᠷ ᠤᠯᠤᠰ᠎ᠤᠨ ᠳᠣᠲᠤᠭᠠᠳᠤ ᠭᠠᠳᠠᠭᠠᠳᠤ᠎ᠳᠤ ᠠᠯᠳᠠᠷᠰᠢᠭᠰᠠᠨ᠎ᠶᠤᠮ᠃ ᠵᠢᠷᠠᠭᠠᠳ ᠣᠨ᠎ᠤ ᠦᠶ᠎ᠡ᠎ᠳᠦ ᠳᠡᠯᠭᠡᠷᠡᠵᠦ ᠪᠠᠢᠭᠰᠠᠨ 《ᠡᠷᠳᠡᠮ ᠮᠡᠳᠡᠯᠭᠡ᠎ᠨᠢ ᠬᠡᠳᠦᠢ ᠰᠠᠢᠨ ᠪᠣᠯ ᠦᠵᠡᠯ ᠰᠠᠨᠠᠭ᠎ᠠ᠎ᠨᠢ ᠲᠡᠳᠦᠢ ᠲᠡᠷᠰᠯᠡᠭᠦᠦ᠂ ᠭᠠᠪᠢᠶ᠎ᠠ ᠵᠢᠳᠭᠦᠯ᠎ᠨᠢ ᠬᠡᠳᠦᠢ ᠶᠡᠬᠡ ᠪᠣᠯ ᠶᠠᠯ᠎ᠠ ᠭᠡᠮ᠎ᠨᠢ ᠲᠡᠳᠦᠢ ᠬᠦᠨᠳᠦ》 ᠭᠡᠳᠡᠭ ᠯᠣᠭᠢᠭ᠎ᠢᠶᠠᠷ ᠰᠣᠶᠤᠯ᠎ᠤᠨ ᠬᠤᠪᠢᠰᠭᠠᠯ᠎ᠤᠨ ᠡᠬᠢᠨ᠎ᠳᠦ ᠣᠶᠤᠨᠪᠠᠲᠤ ᠲᠡᠷᠰᠯᠡᠭᠦᠦ ᠡᠷᠳᠡᠮ ᠰᠢᠨᠵᠢᠯᠡᠭᠡᠨ᠎ᠦ ᠡᠷᠬᠡ ᠰᠦᠷᠳᠡᠨ᠎ᠢᠶᠡᠷ ᠲᠡᠮᠡᠴᠡᠭᠳᠡᠵᠡᠢ᠃ ᠬᠥᠳᠡᠯᠭᠡᠭᠡᠨ᠎ᠦ ᠬᠥᠭᠵᠢᠯᠲᠡ᠎ᠶᠢ ᠳᠠᠭᠠᠯᠳᠤᠵᠤ 《ᠶᠠᠯ᠎ᠠ》᠎ᠨᠢ ᠤᠯᠠᠮ᠎ᠢᠶᠠᠷ ᠨᠡᠮᠡᠭᠳᠡᠭᠰᠡᠭᠡᠷ ᠢᠷᠡᠪᠡ᠃ ᠲᠡᠷᠡ ᠡᠪ ᠬᠠᠮᠲᠤ ᠨᠠᠮ᠎ᠤᠨ ᠭᠡᠰᠢᠭᠦᠨ᠂ ᠰᠤᠳᠤᠯᠬᠤ ᠭᠠᠵᠠᠷ᠎ᠤᠨ ᠨᠠᠮ᠎ᠤᠨ ᠬᠣᠷᠢᠶᠠᠨ᠎ᠤ ᠱᠦᠵᠢ ᠪᠠᠢᠭᠰᠠᠨ ᠲᠤᠯᠠ ᠨᠠᠮ᠎ᠤᠨ ᠳᠣᠲᠤᠷᠠᠬᠢ ᠬᠥᠷᠦᠩᠭᠡᠲᠦ ᠶᠣᠰᠤᠨ᠎ᠤ ᠵᠠᠮ᠎ᠢᠶᠠᠷ ᠶᠠᠪᠤᠭᠴᠢ ᠡᠷᠬᠡ ᠪᠠᠷᠢᠭᠴᠢ᠂ ᠬᠤᠪᠢᠰᠭᠠᠯ᠎ᠤᠨ ᠡᠰᠡᠷᠭᠦᠦ ᠵᠠᠰᠠᠪᠤᠷᠢᠯᠠᠬᠤ ᠦᠵᠡᠯᠲᠡᠨ ᠪᠣᠯᠬᠤ᠎ᠨᠢ᠎ᠴᠤ ᠶᠠᠷᠢᠶᠠᠨ᠎ᠦᠭᠡᠢ᠃ ᠡᠭᠦᠪᠡᠷ ᠦᠯᠦ ᠪᠠᠷᠠᠨ ᠮᠣᠩᠭᠤᠯ ᠬᠥᠮᠦᠨ᠎ᠦ ᠬᠤᠪᠢ᠎ᠳᠤ ᠠᠰᠠᠭᠤᠳᠠᠯ᠎ᠤᠨ ᠬᠢᠨᠢ ᠰᠢᠨᠵᠢ ᠴᠢᠨᠠᠷ᠎ᠲᠤ ᠪᠠᠰᠠ 《ᠦᠨᠳᠦᠰᠦᠲᠡᠨ᠎ᠦ ᠣᠨᠴᠠᠯᠢᠭ》 ᠳᠣᠪᠤᠢᠨ ᠢᠯᠡᠷᠡᠵᠦ᠂ ᠦᠨᠳᠦᠰᠦᠲᠡᠨ᠎ᠦ ᠬᠠᠭᠠᠴᠠᠭᠤᠯᠬᠤ ᠦᠵᠡᠯᠲᠡᠨ᠎ᠴᠦ ᠪᠣᠯᠴᠢᠬᠠᠪᠠ᠃ 《ᠬᠣᠶᠠᠳᠤᠭᠠᠷ ᠰᠠᠷ᠎ᠠ᠎ᠶᠢᠨ ᠰᠦᠷᠭᠡᠦ ᠤᠷᠤᠰᠭᠠᠯ》᠎ᠤᠨ ᠦᠶ᠎ᠡ᠎ᠳᠦ ᠰᠠᠨᠠᠭᠠᠨ᠎ᠳᠤ᠎ᠦᠭᠡᠢ᠎ᠪᠠᠷ ᠬᠣᠶᠠᠷ ᠪᠦᠯᠦᠭ ᠵᠣᠬᠢᠶᠠᠨ ᠪᠠᠢᠭᠤᠯᠤᠯᠲᠠ᠎ᠶᠢᠨ ᠬᠥᠰᠢᠭᠡ᠎ᠶᠢᠨ ᠠᠷᠤ᠎ᠳᠠᠬᠢ ᠬᠠᠷ᠎ᠠ ᠲᠣᠬᠢᠭᠴᠢ ᠪᠣᠯᠵᠤ ᠬᠣᠴᠤᠷᠴᠠᠢ᠃ 《ᠮᠠᠯᠲᠠᠵᠤ ᠠᠷᠢᠯᠭᠠᠬᠤ》 ᠬᠥᠳᠡᠯᠭᠡᠭᠡᠨ ᠡᠬᠢᠯᠡᠩᠭᠦᠲᠡ ᠶᠠᠯ᠎ᠠ᠎ᠨᠢ ᠤᠯᠠᠮ ᠬᠦᠨᠳᠦᠷᠡᠵᠦ᠂ ᠨᠠᠮ᠎ᠢ ᠡᠰᠡᠷᠭᠦᠴᠡᠵᠦ ᠤᠯᠤᠰ᠎ᠠᠴᠠ ᠤᠷᠪᠠᠬᠤ ᠪᠦᠯᠦᠭ᠎ᠦᠨ ᠨᠢᠷᠤᠭᠤᠪᠴᠢ ᠬᠦᠴᠦᠨ᠂ ᠭᠠᠳᠠᠭᠠᠳᠤ᠎ᠶᠢᠨ ᠲᠠᠩᠨᠠᠭᠤᠯ᠎ᠤᠨ ᠵᠣᠬᠢᠶᠠᠨ ᠪᠠᠢᠭᠤᠯᠤᠯᠲᠠ ᠪᠣᠯᠤᠭᠰᠠᠨ ᠊᠊᠊᠊ 《ᠥᠪᠦᠷ ᠠᠷᠠᠳ᠎ᠤᠨ ᠨᠠᠮ》᠎ᠤᠨ ᠲᠥᠪ ᠬᠣᠷᠢᠶᠠᠨ᠎ᠤ ᠭᠡᠰᠢᠭᠦᠨ ᠪᠣᠯᠵᠤ 《ᠵᠡᠷᠭᠡ ᠳᠡᠰ》 ᠳᠡᠪᠰᠢᠵᠡᠢ᠃ ᠣᠷᠴᠢᠮ᠎ᠠᠴᠠ ᠲᠡᠭᠦᠨ᠎ᠦ ᠠᠰᠠᠭᠤᠳᠠᠯ᠎ᠤᠨ ᠬᠢᠨᠢ ᠰᠢᠨᠵᠢ ᠴᠢᠨᠠᠷ ᠢᠳᠡᠭ ᠢᠳᠡᠭ᠎ᠢᠶᠡᠷ ᠬᠦᠨᠳᠦᠷᠡᠵᠦ ᠬᠠᠮᠤᠭ᠎ᠤᠨ ᠡᠮᠵᠡᠭ ᠭᠠᠵᠠᠷ ᠭᠡᠪᠡᠯ ᠶᠠᠫᠤᠨ᠎ᠤ ᠲᠠᠩᠨᠠᠭᠤᠯ᠂ ᠭᠠᠳᠠᠭᠠᠳᠤ᠎ᠲᠠᠢ ᠰᠦᠯᠪᠡᠭᠡᠯᠳᠦᠭᠰᠡᠨ ᠬᠡᠷᠡᠭ ᠮᠥᠨ ᠭᠡᠵᠦ ᠡᠷᠡᠭᠦᠦ ᠲᠤᠯᠭᠠᠨ ᠰᠢᠬᠠᠵᠤ ᠥᠴᠢᠭᠯᠡᠭᠦᠯᠳᠡᠭ ᠪᠣᠯᠤᠯ᠎ᠠ᠃

ᠣᠶᠤᠨᠪᠠᠲᠤ ᠡᠬᠢᠯᠡᠵᠦ ᠠᠪᠲᠠᠬᠤ ᠦᠶ᠎ᠡ᠎ᠳᠦ ᠲᠡᠮᠡᠴᠡᠭᠳᠡᠬᠦ᠎ᠡᠴᠡ ᠪᠤᠰᠤᠳ ᠴᠠᠭ᠎ᠲᠤᠨᠢ 《ᠦᠬᠡᠷ᠎ᠦᠨ ᠬᠠᠰᠢᠶ᠎ᠠ》᠎ᠳᠤ ᠰᠤᠷᠤᠯᠴᠠᠬᠤ ᠪᠤᠶᠤ ᠪᠠᠢᠭᠤᠯᠭ᠎ᠠ᠎ᠳᠠᠭᠠᠨ ᠬᠢᠨᠠᠯᠲᠠ᠎ᠶᠢᠨ ᠳᠣᠣᠷ᠎ᠠ ᠬᠥᠳᠡᠯᠮᠦᠷᠢᠯᠡᠵᠦ᠂ ᠦᠳᠡᠰᠢ᠎ᠳᠡᠭᠡᠨ ᠭᠡᠷ᠎ᠲᠡᠭᠡᠨ ᠬᠠᠷᠢᠳᠠᠭ ᠪᠠᠢᠭᠰᠠᠨ ᠪᠣᠯᠪᠠᠴᠤ ᠬᠡᠵᠢᠶ᠎ᠡ ᠳᠠᠭᠤᠳᠠᠪᠠᠯ ᠲᠡᠳᠦᠢ᠎ᠳᠦ ᠣᠰᠤᠯᠳᠠᠯ᠎ᠦᠭᠡᠢ ᠬᠦᠷᠬᠦ᠎ᠯᠡ ᠠᠯᠪᠠ᠎ᠲᠠᠢ ᠪᠠᠢᠯ᠎ᠠ᠃ ᠰᠡᠭᠦᠯᠳᠡᠵᠦ ᠢᠷᠡᠭᠡᠳ ᠬᠢᠨᠠᠯᠲᠠ᠎ᠶᠢᠨ ᠳᠣᠣᠷ᠎ᠠ ᠬᠥᠳᠡᠯᠮᠦᠷᠢᠯᠡᠳᠡᠭ᠎ᠡᠴᠡ᠎ᠪᠡᠨ ᠲᠤᠰᠠᠭᠠᠷᠯᠠᠭᠳᠠᠨ ᠪᠠᠢᠴᠠᠭᠠᠭᠳᠠᠵᠤ ᠭᠠᠭᠴᠠᠭᠠᠷ ᠬᠣᠷᠢᠭᠳᠠᠵᠠᠢ᠃ ᠨᠢᠳᠤᠨᠤᠨ ᠡᠪᠦᠯ᠎ᠦᠨ ᠶᠡᠬᠡ ᠴᠠᠰᠤ᠎ᠲᠠᠢ ᠨᠢᠭᠡ ᠰᠥᠨᠢ᠂ ᠠᠶᠤᠮᠠᠷ ᠳᠣᠭᠰᠢᠨ ᠬᠡᠳᠦᠨ ᠬᠥᠮᠦᠨ ᠲᠡᠭᠦᠨ᠎ᠢ ᠪᠠᠷᠢᠵᠤ ᠬᠦᠯᠢᠭᠡᠳ᠂ ᠨᠢᠳᠦ᠎ᠶᠢ᠎ᠨᠢ ᠪᠦᠲᠡᠭᠡᠵᠦ᠂ ᠪᠠᠭ᠎ᠠ ᠲᠡᠷᠭᠡᠨ᠎ᠳᠦ ᠴᠢᠬᠢᠵᠦ ᠣᠷᠤᠭᠤᠯᠤᠭᠠᠳ ᠬᠠᠭᠠᠰ ᠴᠠᠭ ᠢᠯᠡᠭᠦᠦ ᠳᠠᠪᠬᠢᠭᠰᠠᠭᠠᠷ ᠪᠠᠢᠵᠤ ᠦᠯᠦ ᠲᠠᠨᠢᠬᠤ ᠨᠢᠭᠡᠨ ᠠᠰᠠᠷ᠎ᠤᠨ ᠱᠠᠲᠤᠨ ᠳᠣᠣᠷᠠᠬᠢ ᠬᠦᠷᠵᠡ ᠱᠦᠭᠦᠷ ᠬᠤᠷᠢᠶᠠᠳᠠᠭ ᠬᠣᠩᠭᠢᠯ᠎ᠳᠤ ᠠᠪᠠᠴᠢᠵᠤ ᠬᠣᠷᠢᠵᠠᠢ᠃

ᠡᠨᠡ᠎ᠬᠦ ᠱᠣᠷᠤᠩ᠎ᠳᠤ ᠡᠬᠢᠨ᠎ᠳᠡᠭᠡᠨ ᠴᠠᠬᠢᠯᠭᠠᠨ ᠳ᠋ᠧᠩ ᠪᠠᠢᠭᠰᠠᠨ᠎ᠦᠭᠡᠢ ᠪᠣᠯᠬᠣᠷ ᠣᠶᠤᠨᠪᠠᠲᠤ ᠨᠡᠯᠢᠶᠡᠳ ᠤᠷᠲᠤ ᠬᠤᠭᠤᠴᠠᠭ᠎ᠠ ᠡᠳᠦᠷ ᠰᠥᠨᠢ᠎ᠶᠢ ᠢᠯᠭᠠᠵᠤ ᠴᠢᠳᠠᠬᠤ᠎ᠪᠠᠨ ᠪᠣᠯᠢᠵᠤ᠂ ᠬᠠᠶᠠ ᠵᠠᠷᠢᠮ᠎ᠳᠠᠭᠠᠨ ᠰᠥᠨᠢ᠎ᠶᠢ ᠡᠳᠦᠷ᠎ᠢᠶᠡᠷ ᠠᠨᠳᠠᠭᠤᠷᠠᠵᠤ᠂ ᠠᠶᠠᠭ᠎ᠠ ᠰᠠᠪᠬ᠎ᠠ᠎ᠪᠠᠨ ᠪᠠᠷᠢᠭᠠᠳ ᠬᠣᠭᠤᠯᠠ ᠬᠦᠷᠭᠡᠬᠦ᠎ᠶᠢ ᠬᠦᠯᠢᠶᠡᠭᠡᠳ ᠰᠥᠨᠢ ᠳᠠᠭᠤᠰᠤᠨ ᠰᠠᠭᠤᠴᠢᠬᠠᠳᠠᠭ᠃ ᠬᠣᠵᠢᠮ᠎ᠨᠢ ᠲᠡᠷᠡ ᠣᠷᠤᠢ ᠳᠡᠭᠡᠭᠦᠷ᠎ᠨᠢ ᠲᠦᠵᠢᠭᠢᠨᠡᠬᠦ ᠬᠥᠯ᠎ᠦᠨ ᠴᠢᠮᠡᠭᠡ᠎ᠪᠡᠷ ᠰᠥᠨᠢ ᠡᠳᠦᠷ᠎ᠢ ᠪᠠᠷᠤᠭᠯᠠᠳᠠᠭ ᠪᠣᠯᠵᠤ ᠪᠢᠯᠡ᠃

ᠣᠶᠤᠨᠪᠠᠲᠤ᠂ ᠣᠳᠣ ᠴᠣᠬᠤᠮ ᠬᠡᠳᠦᠨ ᠰᠠᠷ᠎ᠠ᠎ᠶᠢᠨ ᠬᠡᠳᠦᠨ ᠪᠣᠯᠤᠭᠠᠳ ᠪᠠᠢᠭ᠎ᠠ᠎ᠶᠢ ᠮᠡᠳᠡᠬᠦ᠎ᠦᠭᠡᠢ ᠪᠣᠯᠪᠠᠴᠤ ᠤᠷᠢᠬᠠᠨ ᠬᠠᠪᠤᠷ᠎ᠤᠨ ᠰᠣᠷᠭᠤᠭ ᠠᠮᠢᠰᠭᠤᠯ ᠲᠡᠯᠡᠨ ᠬᠠᠷ᠎ᠠ᠎ᠶᠢᠨ ᠬᠣᠷᠮᠤᠢ᠎ᠪᠠᠷ ᠨᠡᠭᠦᠳᠡᠯᠯᠡᠵᠦ ᠪᠠᠢᠭ᠎ᠠ᠎ᠶᠢ ᠣᠷᠴᠢᠮ᠎ᠤᠨ ᠠᠭᠤᠷ ᠠᠮᠢᠰᠭᠤᠯ᠎ᠤᠨ ᠪᠠᠢᠳᠠᠯ᠎ᠠᠴᠠ ᠮᠠᠭᠠᠳᠯᠠᠵᠤ ᠮᠡᠳᠡᠵᠡᠢ᠃ ᠲᠡᠷᠡ᠂ ᠬᠠᠷᠠᠩᠭᠤᠢ ᠭᠡᠷ᠎ᠲᠦ ᠰᠠᠭᠤᠵᠤ ᠡᠳᠦᠷ ᠰᠠᠷ᠎ᠠ᠎ᠶᠢ ᠲᠥᠯᠦᠪᠯᠡᠪᠡᠯ᠂ ᠣᠳᠣ ᠬᠠᠷᠢᠨ ᠮᠢᠩᠭ᠎ᠠ ᠶᠢᠰᠦᠨ ᠵᠠᠭᠤᠨ ᠵᠢᠷᠠ ᠶᠢᠰᠦᠨ ᠣᠨ᠎ᠤ ᠬᠠᠪᠤᠷ ᠪᠣᠯᠤᠭᠠᠳ ᠪᠠᠢᠭ᠎ᠠ᠎ᠰᠢᠭ᠋ ᠪᠣᠳᠤᠭᠳᠠᠯ᠎ᠠ᠃ ᠰᠠᠷ᠎ᠠ ᠡᠳᠦᠷ ᠭᠡᠳᠡᠭ᠎ᠴᠢᠨᠢ ᠬᠡᠵᠢᠶᠡᠳᠡ ᠵᠣᠭᠰᠤᠯ᠎ᠦᠭᠡᠢ ᠤᠷᠤᠭᠰᠢᠯᠠᠳᠠᠭ ᠪᠣᠯᠬᠣᠷ ᠠᠷᠠᠳ ᠲᠦᠮᠡᠨ᠎ᠦ ᠲᠥᠯᠦᠭᠡ ᠠᠵᠢᠯᠯᠠᠬᠤ ᠡᠷᠬᠡ᠎ᠪᠡᠨ ᠠᠯᠳᠠᠭᠰᠠᠨ ᠬᠠᠢᠷᠠᠨ ᠡᠳᠦᠷ ᠬᠣᠨᠤᠭ᠎ᠤᠳ ᠡᠬᠡ ᠣᠷᠤᠨ᠎ᠳᠤ᠎ᠴᠤ ᠭᠡᠰᠡᠨ ᠬᠤᠪᠢ ᠬᠥᠮᠦᠨ᠎ᠳᠦ᠎ᠴᠦ ᠭᠡᠰᠡᠨ ᠴᠥᠮ ᠣᠨᠴᠠ᠎ᠶᠢᠨ ᠡᠷᠬᠢᠮ ᠨᠠᠨᠳᠢᠨ ᠪᠠᠢᠳᠠᠭ ᠠᠵᠢ᠃ ᠴᠠᠭ ᠮᠥᠴᠡ ᠬᠠᠷᠠᠩᠭᠤᠢ ᠱᠣᠷᠤᠩ᠎ᠳᠤ ᠬᠣᠷᠢᠭᠳᠠᠭᠰᠠᠨ ᠬᠥᠮᠦᠨ᠎ᠳᠦ ᠠᠪᠴᠤ ᠬᠡᠯᠡᠪᠡᠯ ᠠᠯᠲᠠ ᠮᠥᠩᠭᠦᠨ᠎ᠡᠴᠡ ᠦᠨ᠎ᠡ᠎ᠲᠡᠢ᠂ ᠣᠷᠬᠣᠳᠠᠢ ᠡᠷᠳᠡᠨᠢ᠎ᠡᠴᠡ ᠬᠣᠪᠤᠷ ᠭᠡᠳᠡᠭ᠎ᠢ ᠶᠠᠭᠤᠨ ᠥᠭᠦᠯᠡᠬᠦ ᠠᠵᠢ᠃

ᠨᠢᠭᠡ ᠦᠳᠡ᠎ᠶᠢᠨ ᠬᠣᠢᠨ᠎ᠠ ᠬᠣᠭᠤᠯᠠᠨ᠎ᠤ ᠴᠠᠭ ᠪᠣᠯᠤᠭᠠᠳᠤᠢ ᠪᠠᠢᠲᠠᠯ᠎ᠠ ᠱᠣᠷᠤᠩ᠎ᠤᠨ ᠡᠭᠦᠳᠡ ᠭᠡᠨᠡᠳᠲᠡ ᠲᠠᠴᠢᠭᠢᠨᠠᠵᠤ᠂ ᠲᠤᠰᠭᠠᠢ ᠬᠡᠷᠡᠭ᠎ᠦᠨ ᠠᠵᠢᠯᠲᠠᠨ ᠣᠷᠤᠵᠤ ᠢᠷᠡᠭᠡᠳ:

《ᠣᠶᠤᠨᠪᠠᠲᠤ ᠡ᠂ ᠭᠠᠷᠴᠤ ᠢᠷ᠎ᠡ!》 ᠭᠡᠵᠦ ᠪᠠᠷᠬᠢᠷᠠᠪᠠ᠃

ᠣᠶᠤᠨᠪᠠᠲᠤ᠎ᠶᠢᠨ ᠪᠦᠬᠦ ᠪᠡᠶ᠎ᠡ᠎ᠨᠢ ᠲᠡᠷᠡ ᠳᠣᠣᠷ᠎ᠠ᠎ᠪᠠᠨ ᠵᠢᠬᠡᠭᠦᠴᠡᠵᠦ᠂ ᠬᠤᠢᠬᠠᠨ ᠦᠰᠦ᠎ᠨᠢ ᠵᠢᠷᠦᠰᠬᠢᠨ ᠪᠣᠰᠪᠠ᠃ ᠰᠥᠰᠦᠷᠬᠡᠦ ᠰᠠᠢᠨ ᠡᠷ᠎ᠡ ᠡᠷᠡᠭᠦᠳᠡᠨ ᠲᠠᠮᠤᠯᠠᠭᠳᠠᠬᠤ᠂ ᠭᠤᠲᠤᠭᠠᠨ ᠳᠣᠷᠤᠮᠵᠢᠯᠠᠭᠳᠠᠬᠤ᠎ᠠᠴᠠ ᠶᠡᠷᠦ ᠳᠠᠯᠳᠢᠷᠠᠵᠤ ᠦᠵᠡᠭᠡ᠎ᠦᠭᠡᠢ ᠪᠣᠯᠪᠠᠴᠤ ᠲᠣᠭ᠎ᠠ᠎ᠦᠭᠡᠢ ᠣᠯᠠᠨ ᠤᠳᠠᠭ᠎ᠠ ᠮᠤᠯᠲᠤᠷᠠᠭᠰᠠᠨ ᠲᠣᠬᠤᠢ᠎ᠶᠢ᠎ᠨᠢ ᠳᠠᠬᠢᠨ ᠮᠤᠰᠭᠢᠵᠤ᠂ ᠲᠠᠬᠢᠷ ᠵᠡᠮᠳᠡᠭ ᠪᠣᠯᠭᠠᠴᠢᠬᠠᠬᠤ᠎ᠠᠴᠠ᠎ᠯᠠ ᠵᠢᠷᠦᠬᠡᠰᠢᠳᠡᠭ᠎ᠶᠦᠮ᠃ ᠬᠥᠮᠦᠨ ᠭᠡᠳᠡᠭ᠎ᠴᠢᠨᠢ ᠥᠷᠦᠭᠡᠯ ᠪᠤᠰᠤᠳ᠎ᠲᠤ ᠥᠭᠡᠳᠡ ᠲᠤᠰᠠ᠎ᠲᠠᠢ ᠶᠠᠪᠤᠪᠠᠯ ᠰᠠᠶᠢ ᠬᠥᠮᠦᠨ ᠪᠣᠯᠤᠭᠰᠠᠨ᠎ᠤ ᠠᠴᠢ᠎ᠲᠠᠢ᠂ ᠬᠡᠷᠪᠡ ᠨᠡᠭᠡᠷᠡᠨ ᠳᠤᠲᠠᠭᠤ ᠵᠡᠮᠳᠡᠭ ᠪᠣᠯᠴᠢᠬᠠᠭᠠᠳ ᠠᠵᠢᠯᠯᠠᠬᠤ ᠴᠢᠳᠠᠪᠤᠷᠢ᠎ᠪᠠᠨ ᠠᠯᠳᠠᠪᠠᠯ ᠠᠮᠢᠳᠤ ᠶᠠᠪᠤᠭᠰᠠᠨ᠎ᠤ ᠠᠰᠢᠭ᠎ᠦᠭᠡᠢ ᠰᠢᠦ ᠳ᠋ᠠ᠃ ᠲᠡᠷᠡ ᠲᠣᠭᠤᠰᠭᠠᠨ ᠳᠡᠭᠡᠷ᠎ᠡ᠎ᠡᠴᠡ 《ᠦᠭᠡ᠎ᠶᠢᠨ ᠲᠡᠭᠦᠪᠦᠷᠢ》᠎ᠪᠡᠨ ᠠᠪᠴᠤ᠂ ᠵᠢᠩᠭᠢᠨᠡᠮ᠎ᠡ ᠬᠦᠢᠲᠡᠨ ᠬᠠᠶᠠᠭ᠎ᠠ᠎ᠶᠢ ᠲᠦᠰᠢᠵᠦ ᠲᠤᠯᠤᠭᠰᠠᠭᠠᠷ ᠥᠷᠦᠭᠡᠰᠦᠨ ᠬᠥᠯ᠎ᠢᠶᠡᠨ ᠴᠢᠷᠴᠦ ᠱᠣᠷᠤᠩ᠎ᠠᠴᠠ ᠭᠠᠷᠪᠠ᠃ ᠣᠶᠤᠨᠪᠠᠲᠤ ᠤᠳᠠᠭ᠎ᠠ ᠪᠣᠯᠭᠠᠨ᠎ᠤ 《 ᠰᠢᠭᠦᠯᠲᠡ》᠎ᠶᠢ ᠥᠩᠭᠡᠷᠡᠭᠰᠡᠨ᠎ᠲᠡᠢ᠎ᠪᠡᠨ ᠠᠳᠠᠯᠢ᠎ᠪᠠᠷ ᠠᠶᠤᠯᠭᠠᠨ ᠰᠦᠷᠳᠡᠭᠦᠯᠵᠦ᠂ ᠡᠷᠡᠭᠦᠳᠡᠨ ᠲᠠᠮᠤᠯᠠᠬᠤ ᠣᠪ ᠮᠡᠬᠡ ᠪᠦᠬᠦᠨ᠎ᠢ ᠠᠷᠭᠠᠴᠠᠨ ᠥᠩᠭᠡᠷᠡᠭᠦᠯᠬᠦ ᠪᠦᠷᠢᠨ ᠪᠡᠯᠡᠳᠭᠡᠯ᠎ᠲᠡᠢ ᠪᠠᠢᠯ᠎ᠠ᠃ ᠲᠡᠷᠡ᠎ᠬᠦ᠂ ᠨᠡᠷ᠎ᠡ ᠳᠡᠭᠡᠷ᠎ᠡ᠎ᠪᠡᠨ 《ᠲᠤᠰᠭᠠᠢ ᠬᠡᠷᠡᠭ᠎ᠦᠨ ᠠᠯᠪᠠᠨ ᠭᠡᠷ》 ᠭᠡᠵᠦ ᠪᠢᠴᠢᠵᠦ ᠪᠠᠢᠪᠠᠴᠤ ᠨᠢᠳᠡᠷ ᠳᠡᠭᠡᠷ᠎ᠡ᠎ᠪᠡᠨ ᠬᠠᠤᠯᠢ ᠪᠤᠰᠤ᠎ᠪᠠᠷ ᠪᠠᠢᠭᠤᠯᠤᠭᠳᠠᠭᠰᠠᠨ ᠡᠷᠡᠭᠦᠦ ᠰᠢᠳᠭᠡᠯ᠎ᠦᠨ ᠭᠠᠵᠠᠷ ᠪᠣᠯᠬᠤ ᠲᠠᠰᠤᠯᠭᠠᠨ᠎ᠳᠤ ᠠᠯᠬᠤᠨ ᠣᠷᠤᠪᠠ᠃ ᠰᠣᠨᠢᠨ᠎ᠶᠤᠮ ᠠ᠋! ᠥᠨᠥᠬᠢ ᠨᠢᠳᠦ᠎ᠪᠡᠨ ᠰᠢᠪᠦᠭᠡ᠂ ᠨᠢᠳᠤᠷᠭ᠎ᠠ᠎ᠪᠠᠨ ᠮᠠᠨᠴᠤᠷᠭ᠎ᠠ ᠪᠣᠯᠭᠠᠭᠰᠠᠨ ᠭᠠᠢᠬᠠᠯ᠎ᠤᠳ ᠨᠢᠭᠡ᠎ᠴᠦ ᠬᠠᠷᠠᠭᠳᠠᠭᠰᠠᠨ᠎ᠦᠭᠡᠢ᠂ ᠥᠨᠥ 《ᠣᠶᠤᠨᠪᠠᠲᠤ᠎ᠶᠢ ᠴᠣᠬᠢᠵᠤ ᠤᠨᠠᠭᠠᠶ᠎ᠠ!》 《ᠳᠠᠢᠰᠤᠨ ᠪᠠᠭᠤᠵᠤ ᠥᠭᠬᠦ᠎ᠦᠭᠡᠢ ᠪᠣᠯ ᠲᠡᠭᠦᠨ᠎ᠢ ᠮᠥᠬᠦᠭᠡᠶ᠎ᠡ!》 ᠭᠡᠬᠦ ᠵᠡᠷᠭᠡ᠎ᠶᠢᠨ ᠤᠷᠢᠶ᠎ᠠ ᠯᠣᠽᠦ᠋ᠩ᠎ᠴᠦ ᠰᠣᠨᠤᠰᠳᠠᠭᠰᠠᠨ᠎ᠦᠭᠡᠢ᠃ ᠭᠡᠷ᠎ᠲᠦ 《ᠮᠠᠯᠲᠠᠵᠤ ᠠᠷᠢᠯᠭᠠᠬᠤ》 ᠬᠥᠳᠡᠯᠭᠡᠭᠡᠨ᠎ᠦ ᠳᠡᠳ᠋ ᠶᠡᠷᠦᠩᠬᠡᠢ ᠵᠢᠯᠤᠭᠤᠳᠤᠭᠴᠢ ᠪᠥᠭᠡᠳ 《ᠥᠪᠦᠷ ᠠᠷᠠᠳ᠎ᠤᠨ ᠨᠠᠮ》᠎ᠤᠨ ᠲᠤᠰᠭᠠᠢ ᠬᠡᠷᠡᠭ᠎ᠦᠨ ᠳᠤᠭᠤᠢᠯᠠᠩ᠎ᠤᠨ ᠳᠠᠷᠤᠭ᠎ᠠ ᠳᠠᠯᠠᠢ ᠭᠠᠭᠴᠠᠭᠠᠷ ᠰᠠᠭᠤᠵᠤ ᠪᠠᠢᠯ᠎ᠠ᠃

ᠳᠠᠯᠠᠢ ᠣᠳᠣ ᠮᠣᠩᠭᠤᠯ ᠺᠠᠳ᠋ᠷᠴᠤᠳ᠎ᠤᠨ ᠳᠣᠲᠤᠷ᠎ᠠ᠎ᠠᠴᠠ ᠨᠠᠮ ᠪᠣᠯᠤᠨ ᠡᠬᠡ ᠣᠷᠤᠨ᠎ᠳᠠᠭᠠᠨ 《 ᠬᠢᠵᠠᠭᠠᠯᠠᠰᠢ᠎ᠦᠭᠡᠢ ᠦᠨᠡᠨᠴᠢ ᠰᠢᠳᠤᠷᠭᠤ》᠎ᠪᠠᠷ ᠲᠣᠭᠠᠴᠢᠭᠳᠠᠭᠰᠠᠨ ᠴᠣᠷᠢ᠎ᠶᠢᠨ ᠭᠠᠭᠴᠠ ᠦᠭᠡᠭᠦᠦ ᠠᠩᠭᠢ᠎ᠶᠢᠨ 《ᠬᠤᠪᠢᠰᠭᠠᠯᠴᠢ》᠎ᠶᠤᠮ᠃ ᠨᠢᠭᠤᠴᠠ ᠤᠴᠢᠷ ᠨᠠᠷᠢᠨ ᠤᠬᠠᠭᠠᠨ᠎ᠢ᠎ᠨᠢ ᠰᠠᠢᠨ ᠮᠡᠳᠡᠳᠡᠭ ᠲᠡᠭᠦᠨ᠎ᠰᠢᠭ ᠣᠷᠤᠨ ᠨᠤᠲᠤᠭ᠎ᠤᠨ ᠮᠣᠩᠭᠤᠯ ᠺᠠᠳ᠋ᠷ 《ᠬᠤᠪᠢᠰᠭᠠᠯ》 ᠬᠢᠵᠦ 《ᠤᠷᠪᠠᠯᠭ᠎ᠠ ᠭᠠᠷᠭᠠᠭᠰᠠᠨ》᠎ᠦᠭᠡᠢ᠎ᠶᠤᠮ ᠪᠣᠯ ᠮᠠᠨ᠎ᠤ ᠰᠢᠨ᠎ᠡ ᠢᠷᠡᠭᠰᠡᠨ ᠮᠠᠩ ᠰᠧᠯᠢᠩ ᠪᠠᠰᠠ ᠡᠬᠡ ᠣᠷᠤᠨ᠎ᠤ ᠤᠮᠠᠷᠠᠳᠤ ᠬᠢᠯᠢ᠎ᠳᠦ ᠪᠤᠯᠠᠭᠳᠠᠭᠰᠠᠨ ᠲᠡᠰᠦᠷᠡᠬᠦ ᠲᠣᠮᠤ ᠪᠥᠮᠪᠦᠭᠡ - 《 ᠥᠪᠦᠷ ᠠᠷᠠᠳ᠎ᠤᠨ ᠨᠠᠮ》᠎ᠢ ᠲᠡᠭᠡᠵᠦ ᠬᠢᠯᠪᠠᠷᠬᠠᠨ᠎ᠢᠶᠠᠷ ᠮᠠᠯᠲᠠᠨ ᠭᠠᠷᠭᠠᠵᠤ ᠴᠢᠳᠠᠬᠤ᠎ᠦᠭᠡᠢ᠎ᠶᠤᠮ ᠭᠡᠨ᠎ᠡ᠃

ᠡᠨᠡ ᠬᠥᠮᠦᠨ᠂ ᠮᠠᠩ ᠰᠧᠯᠢᠩ᠎ᠲᠡᠢ ᠤᠴᠠᠷᠠᠮᠠᠭᠴᠠ ᠨᠣᠬᠠᠢ᠎ᠶᠢᠨ ᠭᠤᠶ᠎ᠠ ᠪᠣᠯᠵᠤ ᠬᠦᠴᠦ᠎ᠪᠡᠨ ᠡᠷᠭᠦᠬᠦ᠎ᠪᠡᠷ ᠰᠢᠢᠳᠦᠭᠡᠳ ᠳᠡᠭᠡᠷ᠎ᠡ᠎ᠪᠡᠨ ᠲᠥᠪ ᠬᠣᠷᠢᠶ᠎ᠠ᠎ᠲᠠᠢ᠂ ᠳᠣᠣᠷ᠎ᠠ᠎ᠪᠠᠨ ᠦᠨᠳᠦᠰᠦᠨ ᠱᠠᠲᠤ᠎ᠲᠠᠢ ᠪᠥᠭᠡᠳ ᠤᠷᠪᠠᠬᠤ ᠪᠡᠯᠡᠳᠭᠡᠯ᠎ᠢᠶᠡᠨ ᠨᠢᠭᠡᠨᠲᠡ ᠪᠦᠬᠦ ᠲᠠᠯ᠎ᠠ᠎ᠪᠠᠷ ᠬᠢᠵᠦ ᠳᠠᠭᠤᠰᠭᠠᠭᠰᠠᠨ 《ᠥᠪᠦᠷ ᠠᠷᠠᠳ᠎ᠤᠨ ᠨᠠᠮ》᠎ᠢ ᠳᠣᠲᠤᠷ᠎ᠠ᠎ᠠᠴᠠ᠎ᠨᠢ ᠢᠯᠡᠴᠢᠯᠡᠵᠦ ᠶᠡᠬᠡ ᠭᠠᠪᠢᠶ᠎ᠠ ᠪᠠᠢᠭᠤᠯᠤᠭᠰᠠᠨ᠎ᠶᠤᠮ᠃ ᠮᠠᠨ᠎ᠤ ᠳᠠᠯᠠᠢ ᠪᠣᠯ ᠲᠡᠦᠬᠡᠨ᠎ᠡᠴᠡ᠎ᠪᠡᠨ ᠠᠪᠤᠭᠠᠳ ᠵᠠᠪᠰᠠᠷ᠎ᠢᠶᠠᠷ ᠰᠢᠷᠭᠤᠵᠤ ᠵᠠᠪᠰᠢᠶᠠᠨ᠎ᠢ ᠳᠠᠯᠢᠮᠳᠠᠭᠤᠯᠤᠨ᠂ ᠰᠠᠯᠬᠢᠨ᠎ᠤ ᠠᠶ᠎ᠠ᠎ᠪᠠᠷ ᠰᠡᠭᠦᠯ ᠰᠢᠷᠪᠠᠬᠤ ᠬᠥᠮᠦᠨ ᠪᠣᠯᠬᠣᠷ ᠬᠥᠳᠡᠯᠭᠡᠭᠡᠨ ᠡᠬᠢᠯᠡᠮᠡᠭᠴᠡ ᠬᠡᠲᠦ 《ᠵᠡᠭᠦᠨ》᠎ᠦ ᠣᠪᠤᠷ ᠭᠠᠷᠭᠠᠵᠤ᠂ ᠰᠢᠳᠠᠮ ᠡᠷᠭᠢᠭᠦᠯᠦᠨ ᠬᠥᠮᠦᠨ ᠠᠮᠢᠲᠠᠨ᠎ᠢ ᠭᠦᠳᠭᠡᠨ ᠬᠣᠣᠷᠯᠠᠳᠠᠭ ᠪᠣᠯᠤᠭᠰᠠᠨ᠎ᠢᠶᠠᠷ ᠵᠠᠩ᠎ᠢ᠎ᠨᠢ ᠰᠠᠢᠨ ᠮᠡᠳᠡᠳᠡᠭ ᠤᠯᠤᠰ ᠲᠡᠭᠦᠨ᠎ᠳᠦ 《ᠰᠢᠳᠠᠮ ᠳᠠᠯᠠᠢ》 ᠭᠡᠰᠡᠨ ᠴᠣᠯᠠ ᠡᠷᠭᠦᠵᠡᠢ᠃ ᠬᠥᠮᠦᠰ ᠲᠡᠭᠦᠨ᠎ᠢ 《ᠳᠠᠯᠠᠢ ᠰᠢᠳᠠᠮ》 ᠭᠡᠬᠦ᠎ᠶᠦᠮ᠎ᠦᠦ ᠡᠰᠡᠬᠦᠯ᠎ᠡ ᠰᠢᠭᠤᠳ 《ᠰᠢᠳᠠᠮ》 ᠭᠡᠵᠦ ᠲᠣᠪᠴᠢᠯᠠᠵᠤ ᠵᠠᠩᠰᠢᠵᠠᠢ᠃

ᠳᠡᠯᠢᠭᠦᠨ ᠬᠥᠬᠡ ᠴᠢᠷᠠᠢ᠎ᠳᠠᠭᠠᠨ ᠲᠠᠪᠠᠲᠠᠢ ᠢᠨᠢᠶᠡᠳᠦ ᠢᠯᠡᠷᠡᠭᠦᠯᠦᠭᠰᠡᠨ ᠰᠢᠳᠠᠮ ᠳᠠᠯᠠᠢ : 《ᠰᠠᠭᠤ!》 ᠭᠡᠵᠦ ᠬᠠᠶᠠᠭ᠎ᠠ ᠨᠠᠭᠠᠯᠳᠤᠭᠤᠯᠤᠨ ᠲᠠᠯᠪᠢᠭᠰᠠᠨ ᠰᠠᠨᠳᠠᠯᠢ᠎ᠶᠢ ᠵᠢᠭᠠᠪᠠ᠃

ᠣᠶᠤᠨᠪᠠᠲᠤ ᠰᠠᠨᠳᠠᠯᠢ ᠳᠡᠭᠡᠷ᠎ᠡ᠎ᠨᠢ ᠠᠭᠠᠵᠢᠮᠬᠠᠨ ᠭᠡᠭᠴᠢ ᠰᠠᠭᠤᠭᠠᠳ᠂ ᠵᠤᠷᠰᠢᠯ ᠶᠣᠰᠤᠭᠠᠷ 《ᠦᠭᠡ᠎ᠶᠢᠨ ᠲᠡᠭᠦᠪᠦᠷᠢ》᠎ᠶᠢᠨ ᠨᠠᠢ᠍ᠮᠠᠳᠤᠭᠠᠷ ᠬᠠᠭᠤᠳᠠᠰᠤ᠎ᠶᠢ ᠳᠡᠯᠭᠡᠲᠡᠯ᠎ᠡ ᠴᠠᠭᠠᠳᠤᠭᠤᠯᠠ᠎ᠨᠢ ᠬᠠᠷᠢᠨ 《ᠦᠭᠡ᠎ᠶᠢᠨ ᠲᠡᠭᠦᠪᠦᠷᠢ》 ᠤᠩᠰᠢᠭᠰᠠᠨ᠎ᠦᠭᠡᠢ᠎ᠪᠠᠷ ᠰᠢᠭᠤᠳ:

《ᠴᠢ ᠠᠰᠠᠭᠤᠳᠠᠯ᠎ᠢᠶᠠᠨ ᠬᠢᠷᠢ ᠵᠡᠷᠭᠡ ᠪᠣᠳᠤᠯᠬᠢᠯᠠᠪᠠ?》 ᠭᠡᠵᠦ ᠠᠰᠠᠭᠤᠪᠠ᠃

《ᠰᠢᠨ᠎ᠡ ᠠᠰᠠᠭᠤᠳᠠᠯ ᠪᠣᠳᠤᠵᠤ ᠣᠯᠤᠭ᠎ᠠ᠎ᠦᠭᠡᠢ᠎ᠯᠠ ᠪᠠᠢᠭᠰᠠᠭᠠᠷ》 ᠭᠡᠵᠦ ᠣᠶᠤᠨᠪᠠᠲᠤ ᠤᠳᠠᠭ᠎ᠠ ᠪᠦᠷᠢ᠎ᠶᠢᠨ ᠬᠠᠷᠢᠭᠤᠯᠳᠠᠭ ᠶᠣᠰᠤ᠎ᠪᠠᠷ᠎ᠢᠶᠠᠨ ᠬᠠᠷᠢᠭᠤᠯᠤᠯ᠎ᠠ᠃

ᠰᠢᠳᠠᠮ᠂ ᠮᠠᠩ ᠰᠧᠯᠢᠩ᠎ᠢ ᠳᠠᠭᠤᠷᠢᠶᠠᠭᠰᠠᠨ ᠮᠠᠶᠢ᠍ᠭ᠎ᠲᠠᠢ ᠬᠣᠭᠤᠯᠠᠢ᠎ᠪᠠᠨ ᠨᠢᠭᠡ ᠵᠠᠰᠠᠵᠤ ᠠᠪᠤᠭᠠᠳ:

《ᠮᠠᠶᠢ᠍ᠭ᠎ᠢ᠎ᠴᠢᠨᠢ ᠦᠵᠡᠬᠦ᠎ᠳᠦ ᠴᠢ ᠪᠠᠷᠤᠭ ᠴᠢᠯᠠᠭᠤᠨ ᠲᠣᠯᠤᠭᠠᠢ᠎ᠲᠠᠢ ᠴᠢᠭ᠎ᠢᠶᠡᠷ᠎ᠢᠶᠡᠨ ᠪᠤᠷᠬᠠᠨ ᠪᠣᠯᠬᠤ᠎ᠪᠠᠷ ᠰᠢᠭᠤᠳᠴᠢᠬᠠᠭᠰᠠᠨ ᠰᠢᠪ᠃ ᠭᠡᠪᠡᠴᠦ ᠪᠢᠳᠡ ᠨᠠᠮ᠎ᠤᠨ ᠴᠢᠭᠯᠡᠯᠲᠡ᠂ ᠲᠥᠷᠦ᠎ᠶᠢᠨ ᠪᠣᠳᠤᠯᠭ᠎ᠠ᠎ᠪᠠᠷ ᠴᠢᠮᠠᠢ ᠦᠷᠭᠦᠯᠵᠢᠯᠡᠨ ᠠᠪᠤᠷᠠᠬᠤ᠎ᠪᠠᠷ ᠴᠢᠷᠮᠠᠢᠵᠤ ᠪᠠᠢᠨ᠎ᠠ᠃ ᠴᠢ ᠦᠬᠦᠲᠡᠯ᠎ᠡ᠎ᠪᠡᠨ ᠦᠨᠡᠨ᠎ᠢᠶᠡᠨ ᠬᠡᠯᠡᠬᠦ᠎ᠦᠭᠡᠢ᠎ᠪᠡᠷ ᠭᠡᠵᠦ ᠰᠢᠳᠦ ᠵᠠᠭᠤᠭᠰᠠᠨ ᠪᠣᠯᠪᠠᠴᠤ ᠦᠷ᠎ᠡ ᠬᠡᠦᠬᠡᠳ᠎ᠢᠶᠡᠨ ᠪᠣᠳᠤᠬᠤ᠎ᠦᠭᠡᠢ ᠪᠠᠢᠵᠤ ᠪᠣᠯᠬᠤ᠎ᠤᠤ!》 ᠭᠡᠵᠦ ᠵᠣᠷᠢᠭᠤᠳᠠ ᠪᠦᠳᠦᠭᠦᠨ ᠳᠠᠭᠤᠨ᠎ᠢᠶᠠᠷ ᠬᠡᠯᠡᠨ᠎ᠡ᠃

ᠣᠶᠤᠨᠪᠠᠲᠤ ᠮᠥᠨ᠎ᠯᠡ ᠤᠤᠯ᠎ᠤᠨ ᠶᠠᠩᠵᠤ᠎ᠪᠠᠷ ᠲᠣᠯᠤᠭᠠᠢ᠎ᠪᠠᠨ ᠤᠨᠵᠢᠢᠯᠭᠠᠨ ᠰᠠᠭᠤᠨ᠎ᠠ᠃

ᠰᠢᠳᠠᠮ᠂ ᠢᠨᠢᠶᠡᠮᠰᠦᠭ ᠴᠢᠷᠠᠢᠯᠠᠵᠤ᠂ ᠣᠶᠤᠨᠪᠠᠲᠤ᠎ᠶᠢᠨ ᠵᠦᠭ ᠲᠠᠮᠠᠬᠢ ᠭᠣᠵᠤᠢᠯᠭᠠᠨ᠂

《ᠵᠠ᠂ ᠲᠠᠮᠠᠬᠢ ᠲᠠᠲᠠᠭᠠᠴᠢ!》 ᠭᠡᠪᠡ᠃

ᠬᠡᠳᠦᠨ ᠡᠳᠦᠷ᠎ᠦᠨ ᠡᠮᠦᠨ᠎ᠡ ᠰᠢᠳᠠᠮ᠂ ᠪᠡᠶ᠎ᠡ᠎ᠪᠡᠷ᠎ᠢᠶᠡᠨ ᠲᠦᠷᠦᠭᠦᠯᠡᠵᠦ ᠣᠶᠤᠨᠪᠠᠲᠤ᠎ᠶᠢ ᠵᠠᠨᠴᠢᠵᠤ ᠲᠠᠮᠤᠯᠠᠬᠤ᠎ᠳᠠᠭᠠᠨ ᠤᠩᠭᠤᠰᠴᠤ ᠪᠠᠢᠭ᠎ᠠ ᠲᠠᠮᠠᠬᠢᠨ᠎ᠤ ᠶᠣᠵᠤᠭᠤᠷ᠎ᠢᠶᠠᠨ ᠴᠢᠬᠢᠨ᠎ᠳᠦᠨᠢ ᠴᠢᠬᠢᠵᠦ ᠣᠷᠤᠭᠤᠯᠤᠭᠰᠠᠨ ᠶᠠᠪᠤᠳᠠᠯ᠎ᠢ ᠪᠣᠳᠤᠭᠠᠳ ᠴᠡᠭᠡᠵᠢᠨ᠎ᠳᠦᠨᠢ ᠬᠣᠷᠤᠰᠤᠯ ᠵᠠᠨᠤᠯ᠎ᠤᠨ ᠭᠠᠯ ᠪᠠᠳᠠᠷᠠᠬᠤ ᠣᠶᠤᠨᠪᠠᠲᠤ ᠲᠡᠭᠦᠨ᠎ᠦ ᠵᠦᠭ ᠬᠠᠷᠠᠵᠤ ᠦᠵᠡᠭᠰᠡᠨ᠎ᠦᠭᠡᠢ᠃

ᠶᠠᠭ ᠡᠨᠡ ᠦᠶ᠎ᠡ᠎ᠳᠦ ᠠᠯᠪᠠᠨ ᠰᠢᠷᠡᠭᠡᠨ ᠳᠡᠭᠡᠷᠡᠬᠢ ᠳ᠋ᠢᠶᠠᠩᠬᠤᠸᠠ ᠬᠠᠩᠭᠢᠨᠠᠨ ᠳᠤᠤᠭᠠᠷᠤᠯ᠎ᠠ᠃ ᠰᠢᠳᠠᠮ᠂ ᠬᠠᠷᠢᠯᠴᠠᠭᠤᠷ᠎ᠢ ᠠᠪᠴᠤ ᠴᠢᠩᠨᠠᠭᠰᠠᠨ᠎ᠢᠶᠠᠨ ᠳᠠᠷᠤᠢ ᠪᠢᠯᠳᠠᠤᠴᠢ ᠳᠦᠷᠢᠯᠡᠵᠦ: 《 ᠠ ᠁ ᠠ ᠁ ᠁ ᠴᠧᠨ ᠨᠠᠷᠢᠨ ᠪᠢᠴᠢᠭᠡᠴᠢ᠎ᠦᠦ? ᠶᠠᠭᠤ ᠭᠡᠨ᠎ᠡ? ᠁ ᠲᠠ ᠵᠢᠭᠠᠬᠠᠨ ᠬᠦᠯᠢᠶᠡᠵᠦ ᠪᠠᠢ ᠁》 ᠭᠡᠳ ᠬᠠᠷᠢᠯᠴᠠᠭᠤᠷ᠎ᠢ ᠬᠣᠶᠠᠷ ᠭᠠᠷ᠎ᠢᠶᠠᠷ᠎ᠢᠶᠠᠨ ᠳᠠᠷᠤᠭᠰᠠᠭᠠᠷ ᠣᠶᠤᠨᠪᠠᠲᠤ᠎ᠶᠢᠨ ᠵᠦᠭ:

《ᠴᠢ ᠭᠠᠷ!》 ᠭᠡᠵᠦ ᠵᠠᠷᠯᠢᠭᠳᠠᠪᠠ᠃

ᠭᠡᠷ᠎ᠡᠴᠡ ᠭᠠᠷᠴᠤ ᠬᠠᠭᠠᠯᠭᠠᠨ ᠳᠡᠷᠭᠡᠳᠡ ᠬᠦᠯᠢᠶᠡᠵᠦ ᠵᠣᠭᠰᠤᠭᠰᠠᠨ ᠣᠶᠤᠨᠪᠠᠲᠤ᠎ᠳᠤ ᠰᠢᠳᠠᠮ᠎ᠤᠨ ᠳ᠋ᠢᠶᠠᠩᠬᠤᠸᠠ᠎ᠪᠠᠷ ᠶᠠᠷᠢᠬᠤ ᠦᠭᠡ ᠠᠯᠳᠠᠭ ᠣᠨᠤᠭ ᠰᠣᠨᠤᠰᠳᠠᠨ᠎ᠠ᠃

《᠁ ᠡᠨᠡ᠂ ᠯᠣᠣ ᠴᠧᠨ ᠡ᠂ ᠲᠠ ᠡᠨᠡ ᠬᠥᠮᠦᠨ᠎ᠢ ᠮᠡᠳᠡᠬᠦ᠎ᠦᠭᠡᠢ ᠪᠢᠰᠢ ᠁ ᠶᠣᠰᠤᠲᠠᠢ ᠶᠠᠫᠤᠨ᠎ᠤ ᠲᠠᠩᠨᠠᠭᠤᠯ᠂ ᠲᠡᠷᠡ ᠴᠢᠭ᠎ᠢᠶᠡᠷ᠎ᠢᠶᠡᠨ ᠭᠠᠳᠠᠭᠠᠳᠤ᠎ᠲᠠᠢ ᠰᠦᠯᠪᠡᠭᠡᠯᠳᠦᠭᠰᠡᠨ ᠡᠲᠡᠭᠡᠳ ᠮᠥᠨ ᠮᠥᠷᠲᠡᠭᠡᠨ ᠣᠪᠤᠷ᠎ᠨᠢ ᠲᠤᠢᠯ᠎ᠤᠨ ᠮᠤᠵᠢᠭᠤᠳᠠ ᠁ ᠠᠢ ᠳ᠋ᠠ᠂ ᠰᠧᠯᠢᠩ ᠭᠡᠨᠡᠳᠲᠡ ᠶᠠᠭᠠᠬᠢᠭᠠᠳ ᠡᠢᠮᠦ ᠠᠷᠭ᠎ᠠ ᠬᠡᠮᠵᠢᠶ᠎ᠡ ᠠᠪᠤᠭᠰᠠᠨ᠎ᠢ ᠪᠢ ᠶᠠᠭ ᠣᠢᠯᠠᠭᠠᠬᠤ᠎ᠦᠭᠡᠢ ᠪᠠᠢᠨ᠎ᠠ ᠁ ᠶᠠᠭᠤ ᠭᠡᠨ᠎ᠡ? ᠴᠢ ᠪᠠᠰᠠ ᠣᠢᠯᠠᠭᠠᠬᠤ᠎ᠦᠭᠡᠢ ᠭᠡᠨ᠎ᠡ? ᠁ ᠠᠶ᠎ᠠ ᠁ ᠵᠠ᠂ ᠵᠠ᠂ ᠵᠠ ᠣᠢᠯᠠᠭᠠᠭᠰᠠᠨ᠎ᠴᠤ ᠬᠡᠷᠡᠭᠵᠢᠭᠦᠯᠦᠨ᠎ᠡ᠂ ᠡᠰᠡ ᠣᠢᠯᠠᠭᠠᠭᠰᠠᠨ᠎ᠴᠤ ᠬᠡᠷᠡᠭᠵᠢᠭᠦᠯᠦᠨ᠎ᠡ ᠭᠡᠰᠡᠨ ᠵᠢᠭᠠᠪᠤᠷᠢ ᠪᠠᠢᠳᠠᠭ ᠰᠢᠤ ᠳ᠋ᠠ᠂ ᠪᠢ ᠣᠳᠣ᠎ᠪᠠᠷ ᠵᠢᠭᠠᠪᠤᠷᠢ ᠶᠣᠰᠤᠭᠠᠷ ᠬᠡᠷᠡᠭᠵᠢᠭᠦᠯᠦᠨ᠎ᠡ》 ᠭᠡᠳ ᠳ᠋ᠢᠶᠠᠩᠬᠤᠸᠠ᠎ᠶᠢᠨ ᠬᠠᠷᠢᠯᠴᠠᠭᠤᠷ ᠲᠠᠯᠪᠢᠬᠤ ᠳᠢᠩᠭᠠᠷ ᠬᠢᠬᠦ ᠳᠠᠭᠤᠨ ᠰᠣᠨᠤᠰᠳᠠᠪᠠ᠃

ᠳ᠋ᠢᠶᠠᠩᠬᠤᠸᠠ ᠳᠡᠭᠡᠷ᠎ᠡ ᠶᠠᠷᠢᠵᠤ ᠪᠠᠢᠭᠰᠠᠨ᠎ᠨᠢ ᠪᠠᠷᠤᠭ ᠨᠠᠮᠠᠢ ᠵᠢᠭᠠᠭᠰᠠᠨ ᠪᠠᠢᠬᠤ ᠭᠡᠵᠦ ᠳᠣᠲᠤᠷ᠎ᠠ᠎ᠪᠠᠨ ᠲᠠᠭᠠᠮᠠᠭᠯᠠᠭᠰᠠᠨ ᠣᠶᠤᠨᠪᠠᠲᠤ᠂ ᠪᠠᠰᠠ ᠶᠠᠮᠠᠷ ᠠᠷᠭ᠎ᠠ ᠬᠡᠮᠵᠢᠶ᠎ᠡ ᠠᠪᠬᠤ ᠭᠡᠵᠦ ᠪᠠᠢᠭ᠎ᠠ ᠪᠣᠯ? ᠭᠡᠵᠦ ᠪᠠᠢᠲᠠᠯ᠎ᠠ᠂ ᠰᠢᠳᠠᠮ ᠲᠡᠭᠦᠨ᠎ᠢ ᠳᠠᠭᠤᠳᠠᠵᠤ ᠣᠷᠤᠭᠤᠯᠤᠭᠠᠳ ᠶᠡᠬᠡᠯ᠎ᠡ ᠡᠶᠡᠯᠳᠡᠭ᠎ᠢᠶᠡᠷ:

《ᠣᠪᠤᠷ᠎ᠴᠢᠨᠢ ᠮᠥᠨ᠎ᠯᠡ ᠵᠥᠪ ᠪᠤᠰᠤ ᠪᠠᠢᠭᠰᠠᠭᠠᠷ ᠳ᠋ᠠ᠂ ᠭᠡᠪᠡᠴᠦ ᠴᠢᠮᠠᠢ ᠵᠠᠰᠠᠵᠤ ᠠᠪᠬᠤ᠎ᠶᠢᠨ ᠲᠥᠯᠦᠭᠡ ᠪᠢᠳᠡ ᠥᠨᠥ᠎ᠡᠴᠡ ᠡᠬᠢᠯᠡᠭᠡᠳ ᠭᠡᠭᠡ᠎ᠲᠡᠢ ᠭᠡᠷ᠎ᠲᠦ ᠣᠷᠤᠭᠤᠯᠤᠨ᠎ᠠ᠃ ᠭᠡᠲᠡᠯ᠎ᠡ ᠴᠢ ᠬᠠᠷᠢᠨ ᠪᠤᠷᠤᠩᠬᠤᠢᠯᠠᠭᠠᠳ ᠭᠠᠷᠴᠢᠬᠠᠯ᠎ᠠ᠂ ᠣᠳᠣ ᠬᠡᠷᠡᠭ᠎ᠦᠭᠡᠢ ᠪᠣᠯᠴᠢᠬᠠᠯ᠎ᠠ ᠭᠡᠵᠦ ᠪᠢᠲᠡᠭᠡᠢ ᠪᠣᠳᠤ! ᠴᠠᠭ᠎ᠤᠨ ᠪᠠᠢᠳᠠᠯ᠎ᠢ ᠰᠠᠢᠨ ᠲᠠᠨᠢᠵᠤ ᠠᠪ᠂ ᠴᠢᠩᠭᠢᠭᠡᠳ ᠶᠠᠫᠤᠨ᠎ᠳᠤ ᠰᠠᠭᠤᠭ᠎ᠠ ᠳᠤᠮᠳᠠᠳᠤ᠎ᠶᠢᠨ ᠲᠡᠷᠡ ᠬᠠᠷᠢᠶᠠᠲᠤ᠎ᠳᠤ ᠨᠢᠭᠤᠴᠠ ᠮᠡᠳᠡᠭᠡ ᠬᠦᠷᠭᠡᠭᠰᠡᠨ ᠵᠡᠷᠭᠡ ᠭᠣᠣᠯ ᠠᠰᠠᠭᠤᠳᠠᠯ᠎ᠤᠳ᠎ᠢᠶᠠᠨ ᠰᠠᠢᠲᠤᠷ ᠪᠣᠳᠤᠵᠤ ᠴᠢᠷᠮᠠᠢᠬᠤ ᠬᠡᠷᠡᠭᠲᠡᠢ᠂ ᠮᠡᠳᠡᠪᠡ᠎ᠦᠦ?》 ᠭᠡᠪᠡ᠃

ᠣᠶᠤᠨᠪᠠᠲᠤ ᠦᠭᠡ ᠳᠠᠭᠤᠨ᠎ᠦᠭᠡᠢ ᠰᠠᠭᠤᠨ᠎ᠠ᠃ ᠡᠨᠡ ᠪᠣᠯ ᠰᠢᠳᠠᠮ᠎ᠤᠨ ᠤᠬᠠᠭᠠᠨ ᠣᠭᠲᠤ ᠪᠢᠰᠢ ᠭᠡᠳᠡᠭ᠎ᠢ ᠲᠡᠷᠡ ᠳᠣᠲᠤᠷ᠎ᠠ᠎ᠪᠠᠨ ᠲᠣᠳᠤᠷᠬᠠᠢ ᠮᠡᠳᠡᠵᠦ ᠪᠠᠢᠯ᠎ᠠ᠃ ᠮᠣᠩᠭᠤᠯ ᠬᠥᠮᠦᠨ᠎ᠢ ᠦᠵᠡᠪᠡᠯ ᠠᠷᠠᠭ᠎ᠠ ᠰᠢᠳᠦ᠎ᠪᠡᠨ ᠬᠠᠪᠢᠷᠴᠤ ᠪᠠᠷᠢᠪᠴᠢᠯᠠᠵᠤ ᠬᠣᠷᠢᠬᠤ᠂ ᠠᠯᠠᠵᠤ ᠪᠤᠯᠠᠬᠤ᠎ᠠᠴᠠ ᠥᠭᠡᠷ᠎ᠡ᠎ᠶᠢ ᠮᠡᠳᠡᠳᠡᠭ᠎ᠦᠭᠡᠢ ᠮᠠᠩ ᠰᠧᠯᠢᠩ ᠶᠠᠭᠠᠬᠢᠭᠠᠳ ᠭᠡᠨᠡᠳᠲᠡᠬᠡᠨ ᠡᠢᠮᠦ ᠶᠡᠬᠡ ᠥᠷᠦᠰᠢᠶᠡᠯ ᠲᠠᠯᠪᠢᠴᠢᠬᠠᠪᠠ?

ᠶᠠᠷᠢᠯᠴᠠᠵᠤ ᠪᠠᠷᠠᠩᠭᠤᠲᠠ ᠲᠤᠰᠭᠠᠢ ᠬᠡᠷᠡᠭ᠎ᠦᠨ ᠬᠥᠮᠦᠰ ᠣᠶᠤᠨᠪᠠᠲᠤ᠎ᠶᠢ ᠨᠢᠭᠡ ᠭᠡᠭᠡᠨ ᠰᠠᠷᠠᠭᠤᠯ ᠲᠠᠰᠤᠯᠭᠠᠨ᠎ᠳᠤ ᠳᠠᠭᠠᠭᠤᠯᠵᠤ ᠣᠷᠤᠪᠠ᠃ ᠲᠡᠭᠡᠭᠡᠳ ᠳᠡᠮᠡᠢ ᠤᠳᠠᠭᠰᠠᠨ᠎ᠦᠭᠡᠢ᠎ᠪᠠᠷ ᠬᠠᠭᠠᠰ ᠵᠢᠯ᠎ᠦᠨ ᠡᠮᠦᠨ᠎ᠡ ᠪᠠᠢᠭᠤᠯᠭ᠎ᠠ᠎ᠳᠠᠭᠠᠨ ᠬᠣᠷᠢᠭᠳᠠᠵᠤ ᠪᠠᠢᠬᠤ᠎ᠳᠤ ᠬᠡᠷᠡᠭᠯᠡᠵᠦ ᠪᠠᠢᠭᠰᠠᠨ ᠬᠥᠨᠵᠢᠯᠡ ᠳᠡᠪᠢᠰᠭᠡᠷ᠂ ᠡᠳᠦᠷ ᠲᠤᠲᠤᠮ᠎ᠤᠨ ᠵᠠᠷᠤᠳᠠᠯ᠎ᠤᠳ᠎ᠢ᠎ᠨᠢ ᠪᠦᠷ ᠠᠪᠴᠢᠷᠠᠵᠤ ᠥᠭᠪᠡ᠃

ᠡᠨᠡ ᠡᠳᠦᠷ᠂ ᠣᠶᠤᠨᠪᠠᠲᠤ ᠬᠥᠯ ᠭᠠᠷ ᠡᠪᠡᠳᠬᠦ᠎ᠪᠡᠨ ᠲᠡᠰᠪᠦᠷᠢᠯᠡᠨ ᠴᠢᠭᠢᠭᠲᠡᠢ ᠬᠥᠨᠵᠢᠯᠡ ᠳᠡᠪᠢᠰᠭᠡᠷ᠎ᠢᠶᠡᠨ ᠨᠠᠷᠠᠨ᠎ᠳᠤ ᠳᠡᠯᠭᠡᠨ᠂ ᠪᠥᠭᠡᠰᠦ ᠬᠢᠭᠤᠷᠰᠤ ᠳᠦᠭᠦᠷᠦᠭᠰᠡᠨ ᠬᠤᠪᠴᠠᠰᠤ ᠬᠤᠨᠠᠷ᠎ᠢᠶᠠᠨ ᠤᠭᠠᠵᠠᠢ᠃ ᠰᠥᠨᠢ ᠪᠣᠯᠬᠤ᠎ᠳᠤ ᠳᠤᠯᠠᠭᠠᠨ ᠬᠥᠨᠵᠢᠯᠡ᠎ᠳᠡᠭᠡᠨ ᠰᠢᠷᠭᠤᠵᠤ ᠲᠣᠬᠢᠲᠠᠢ ᠰᠠᠢᠨ ᠤᠨᠲᠠᠶ᠎ᠠ ᠭᠡᠵᠦ ᠪᠣᠳᠤᠭᠰᠠᠨ ᠪᠣᠯᠪᠠᠴᠤ ᠰᠥᠨᠢᠵᠢᠨ ᠨᠣᠢᠷ ᠬᠦᠷᠦᠭᠰᠡᠨ᠎ᠦᠭᠡᠢ᠃ ᠰᠧᠯᠢᠩ ᠭᠡᠨᠡᠳᠲᠡ ᠶᠠᠭᠠᠬᠢᠭᠠᠳ ᠨᠠᠮᠠᠢ ᠰᠠᠨᠠᠭᠠᠨ᠎ᠳᠤ ᠣᠷᠤᠵᠤ᠂ ᠶᠠᠮᠠᠷ᠎ᠴᠤ ᠥᠴᠢᠭ᠎ᠦᠭᠡᠢ ᠪᠠᠢᠲᠠᠯ᠎ᠠ ᠭᠡᠭᠡᠨ ᠰᠠᠷᠠᠭᠤᠯ ᠭᠡᠷ᠎ᠲᠦ ᠣᠷᠤᠭᠤᠯᠴᠢᠬᠠᠪᠠ ᠳ᠋ᠠ ? ᠭᠡᠬᠦ ᠮᠡᠲᠦ᠎ᠶᠢᠨ ᠠᠰᠠᠭᠤᠯᠲᠠ᠎ᠨᠤᠭᠤᠳ ᠲᠠᠷᠢᠬᠢᠨ᠎ᠳᠤᠨᠢ ᠡᠷᠭᠢᠯᠳᠦᠭᠰᠡᠭᠡᠷ ᠪᠠᠢᠯ᠎ᠠ᠃ ᠮᠠᠩ ᠰᠧᠯᠢᠩ ᠭᠡᠨᠡᠳᠲᠡ ᠤᠬᠠᠮᠰᠠᠷᠠᠭᠰᠠᠨ᠎ᠶᠤᠮ ᠭᠡᠵᠦ᠎ᠦᠦ? ᠥᠪᠦᠷ ᠮᠣᠩᠭᠤᠯ᠎ᠳᠤ ᠢᠷᠡᠭᠰᠡᠨ᠎ᠡᠴᠡ ᠨᠠᠰᠢᠬᠢ ᠬᠣᠶᠠᠷ ᠵᠢᠯ ᠭᠠᠷᠤᠢᠬᠠᠨ᠎ᠤ ᠪᠠᠢᠳᠠᠯ᠎ᠢᠶᠠᠷ᠎ᠨᠢ ᠦᠵᠡᠬᠦ᠎ᠳᠦ ᠲᠡᠢᠮᠦ᠎ᠴᠦ ᠣᠯᠢᠭᠲᠠᠢ ᠶᠠᠭᠤᠮ᠎ᠠ ᠪᠢᠰᠢ᠃ ᠲᠡᠷᠡ ᠬᠡᠳᠦᠢᠪᠡᠷ ᠵᠠᠵᠢᠨ ᠦᠰᠦ᠎ᠪᠡᠨ ᠴᠠᠢᠲᠠᠯ᠎ᠠ ᠳᠠᠢᠨ᠎ᠳᠤ ᠶᠠᠪᠤᠭᠰᠠᠨ ᠠᠷᠢᠭᠤᠨ ᠲᠡᠦᠬᠡ᠎ᠲᠡᠢ ᠭᠡᠳᠡᠭ ᠪᠣᠯᠪᠠᠴᠤ ᠤᠯᠤᠰ ᠲᠥᠷᠦ᠂ ᠲᠥᠷᠦ᠎ᠶᠢᠨ ᠪᠣᠳᠤᠯᠭ᠎ᠠ᠎ᠶᠢᠨ ᠬᠢᠷᠢ ᠬᠡᠮᠵᠢᠶ᠎ᠡ᠎ᠨᠢ ᠶᠠᠭᠠᠬᠢᠬᠤ᠎ᠶᠢᠨ ᠠᠷᠭ᠎ᠠ᠎ᠦᠭᠡᠢ ᠳᠣᠣᠷ᠎ᠠ᠎ᠶᠤᠮ᠃ ᠵᠥᠪᠬᠡᠨ ᠺᠠᠳ᠋ᠷ ᠬᠡᠷᠡᠭᠯᠡᠬᠦ ᠲᠠᠯ᠎ᠠ᠎ᠪᠠᠷ ᠦᠵᠡᠭᠰᠡᠨ᠎ᠴᠦ ᠮᠡᠳᠡᠵᠦ ᠪᠣᠯᠤᠨ᠎ᠠ᠃ ᠥᠪᠦᠷ ᠮᠣᠩᠭᠤᠯ᠎ᠳᠤ ᠡᠯ᠎ᠡ ᠦᠨᠳᠦᠰᠦᠲᠡᠨ᠎ᠦ ᠺᠠᠳ᠋ᠷᠴᠤᠳ ᠮᠢᠩᠭ᠎ᠠ ᠲᠦᠮᠡ ᠪᠠᠢᠲᠠᠯ᠎ᠠ ᠢᠲᠡᠭᠡᠳᠡᠭ᠎ᠨᠢ ᠬᠠᠷᠢᠨ ᠠᠯᠢ ᠡᠷᠲᠡ ᠨᠠᠮ᠎ᠠᠴᠠ ᠬᠥᠭᠡᠭᠡᠭᠳᠡᠭᠰᠡᠨ ᠤᠯᠤᠰ ᠲᠥᠷᠦ᠎ᠶᠢᠨ ᠵᠠᠪᠰᠢᠭᠴᠢ ᠰᠢᠳᠠᠮ᠎ᠯᠠ ᠪᠠᠢᠯ᠎ᠠ᠃ ᠲᠡᠢᠮᠦ ᠬᠥᠮᠦᠨ᠎ᠢᠶᠡᠷ ᠵᠥᠪᠯᠡᠭᠴᠢ ᠪᠣᠯᠭᠠᠨ ᠵᠠᠮᠴᠢ ᠬᠢᠭᠰᠡᠨ ᠬᠣᠢᠨ᠎ᠠ᠂ ᠳᠠᠢᠨ ᠪᠠᠢᠯᠳᠤᠭᠠᠨ ᠵᠢᠯᠤᠭᠤᠳᠤᠭᠠᠳ ᠢᠯᠠᠯᠲᠠ ᠣᠯᠬᠤ ᠡᠳᠦᠷ ᠪᠠᠢᠨ᠎ᠠ ᠭᠡᠵᠦ᠎ᠦᠦ?

ᠮᠠᠷᠭᠠᠰᠢ᠎ᠨᠢ ᠣᠶᠤᠨᠪᠠᠲᠤ ᠪᠤᠴᠠᠯᠤᠭᠰᠠᠨ ᠤᠰᠤ ᠠᠪᠬᠤ᠎ᠪᠠᠷ ᠣᠴᠢᠬᠤ ᠲᠠᠰᠢᠷᠠᠮ᠎ᠳᠤ ᠠᠰᠠᠷ᠎ᠤᠨ ᠳᠡᠭᠡᠷ᠎ᠡ ᠳᠣᠣᠷᠠᠬᠢ ᠲᠤᠰᠠᠭᠠᠷ 《ᠭᠢᠨᠳᠠᠨ》᠎ᠨᠤᠭᠤᠳ᠎ᠢ ᠨᠢᠭᠡ ᠨᠢᠭᠡ᠎ᠪᠡᠷ ᠠᠵᠢᠭᠯᠠᠵᠤ ᠦᠵᠡᠭᠰᠡᠨ᠎ᠴᠢᠨᠢ᠂ ᠵᠢᠵᠢᠭᠬᠡᠨ ᠨᠦᠬᠡ ᠴᠣᠭᠤᠯᠤᠭᠰᠠᠨ ᠡᠭᠦᠳᠡ ᠪᠦᠬᠦᠨ᠎ᠳᠦ ᠴᠥᠮ ᠪᠦᠳᠦᠭᠦᠨ ᠬᠠᠷ᠎ᠠ ᠣᠨᠢᠰᠤ ᠡᠯᠭᠦᠭᠡᠰᠦᠲᠡᠢ ᠬᠠᠷᠠᠭᠳᠠᠨ᠎ᠠ᠃ ᠡᠭᠦᠨ᠎ᠢ ᠦᠵᠡᠭᠡᠳ ᠣᠶᠤᠨᠪᠠᠲᠤ ᠤᠯᠠᠮ ᠭᠠᠢᠬᠠᠯ᠎ᠠ᠃ ᠡᠳᠡᠭᠡᠷ ᠬᠣᠷᠢᠭᠳᠠᠵᠤ ᠪᠠᠢᠭ᠎ᠠ ᠬᠥᠮᠦᠰ᠎ᠦᠨ ᠳᠤᠮᠳᠠ ᠲᠡᠷᠡ ᠪᠣᠯ ᠬᠠᠮᠤᠭ᠎ᠤᠨ 《ᠬᠦᠨᠳᠦ ᠶᠠᠯᠠᠲᠠᠨ》 ᠪᠥᠭᠡᠳ ᠮᠠᠩ ᠰᠧᠯᠢᠩ ᠪᠡᠶ᠎ᠡ᠎ᠪᠡᠷ᠎ᠢᠶᠡᠨ ᠰᠣᠨᠢᠨ ᠳᠡᠭᠡᠷ᠎ᠡ ᠨᠡᠷ᠎ᠡ ᠳᠤᠷᠠᠳᠤᠨ ᠨᠡᠢᠲᠡᠯᠡᠭᠰᠡᠨ ᠴᠣᠬᠢᠯᠲᠠ ᠥᠭᠬᠦ ᠭᠣᠣᠯ ᠡᠲᠡᠭᠡᠳ ᠪᠢᠯᠡ᠃ ᠭᠡᠲᠡᠯ᠎ᠡ ᠥᠨᠥᠳᠦᠷ ᠶᠠᠭᠠᠬᠢᠭᠠᠳ ᠭᠠᠭᠴᠠᠭᠠᠷ᠎ᠢ᠎ᠨᠢ ᠠᠭᠤᠴᠢᠯᠠᠭᠰᠠᠨ᠎ᠶᠤᠮ ᠪᠣᠯ? ᠲᠡᠷᠡ᠂ ᠡᠳᠦᠷ ᠰᠥᠨᠢ᠎ᠦᠭᠡᠢ ᠠᠬᠢᠨ ᠳᠠᠬᠢᠨ ᠪᠣᠳᠤᠭᠰᠠᠨ ᠪᠣᠯᠪᠠᠴᠤ ᠬᠠᠷᠢᠭᠤᠯᠲᠠ ᠥᠭᠴᠦ ᠶᠡᠷᠦ ᠴᠢᠳᠠᠭᠰᠠᠨ᠎ᠦᠭᠡᠢ᠃

ᠭᠤᠲᠠᠭᠠᠷ ᠡᠳᠦᠷ᠎ᠦᠨ ᠦᠳᠡ᠎ᠶᠢᠨ ᠡᠮᠦᠨ᠎ᠡ᠃ ᠴᠡᠩᠬᠡᠷ ᠨᠣᠭᠤᠭᠠᠨ ᠱᠠᠩᠬᠠᠢ ᠮᠠᠰᠢᠨ ᠨᠢᠰᠦᠨ ᠢᠷᠡᠵᠦ ᠤᠰᠤᠲᠤ᠎ᠶᠢᠨ ᠠᠵᠢᠯᠴᠢᠨ᠎ᠤ ᠰᠤᠪᠢᠯᠠᠯᠲᠠ᠎ᠶᠢᠨ ᠬᠣᠷᠢᠶᠠᠨ᠎ᠤ ᠭᠣᠣᠯ ᠠᠰᠠᠷ᠎ᠤᠨ ᠡᠮᠦᠨ᠎ᠡ ᠵᠣᠭᠰᠤᠪᠠ᠃ ᠮᠠᠰᠢᠨ᠎ᠠᠴᠠ ᠪᠠᠭᠤᠭᠰᠠᠨ ᠬᠣᠶᠠᠷ ᠴᠡᠷᠢᠭ ᠶᠡᠨᠳᠡᠷ ᠥᠭᠡᠳᠡ ᠶᠠᠭᠠᠷᠠᠨ ᠭᠦᠶᠦᠭᠰᠡᠭᠡᠷ ᠰᠢᠭᠤᠳ ᠰᠢᠳᠠᠮ᠎ᠤᠨ ᠠᠯᠪᠠᠨ ᠭᠡᠷ᠎ᠲᠦ ᠣᠷᠤᠪᠠ᠃ ᠲᠡᠭᠡᠭᠡᠳ ᠳᠡᠮᠡᠢ ᠤᠳᠠᠭᠰᠠᠨ᠎ᠦᠭᠡᠢ᠂ ᠣᠶᠤᠨᠪᠠᠲᠤ᠎ᠶᠢᠨ ᠰᠠᠭᠤᠵᠤ ᠪᠠᠢᠭ᠎ᠠ ᠲᠠᠰᠤᠯᠭᠠᠨ᠎ᠳᠤ ᠲᠡᠷᠡ ᠬᠣᠶᠠᠷ ᠴᠡᠷᠢᠭ᠎ᠢ ᠳᠠᠭᠠᠭᠤᠯᠵᠤ ᠢᠷᠡᠭᠰᠡᠨ ᠰᠢᠳᠠᠮ᠂ ᠳᠠᠳᠤᠭᠰᠠᠨ ᠵᠠᠩᠰᠢᠯ᠎ᠢᠶᠠᠷ᠎ᠢᠶᠠᠨ ᠬᠣᠭᠤᠯᠠᠢ᠎ᠪᠠᠨ ᠵᠠᠰᠠᠵᠤ:

《ᠴᠢᠨᠦ ᠠᠰᠠᠭᠤᠳᠠᠯ ᠪᠤᠰᠤᠳ᠎ᠤᠨ ᠬᠢ᠎ᠲᠡᠢ ᠠᠳᠠᠯᠢ᠎ᠦᠭᠡᠢ ᠪᠣᠯᠬᠣᠷ ᠮᠠᠩ ᠰᠧᠯᠢᠩ᠎ᠦᠨ ᠬᠡᠷᠡᠭ ᠡᠷᠬᠢᠯᠡᠬᠦ ᠭᠠᠵᠠᠷ᠎ᠠᠴᠠ ᠰᠢᠭᠤᠳ ᠬᠠᠮᠢᠶᠠᠷᠬᠤ ᠪᠣᠯᠵᠠᠢ᠃ ᠴᠢ ᠬᠤᠷᠳᠤᠨ ᠲᠡᠷᠭᠡᠨ᠎ᠳᠦ ᠭᠠᠷ!》 ᠭᠡᠵᠦ ᠣᠶᠤᠨᠪᠠᠲᠤ᠎ᠶᠢ ᠲᠥᠪ ᠴᠢᠩᠭ᠎ᠠ᠎ᠪᠠᠷ ᠵᠠᠷᠯᠢᠭᠳᠠᠯ᠎ᠠ᠃

ᠲᠡᠷᠭᠡᠨ᠎ᠳᠦ ᠰᠠᠭᠤᠭᠰᠠᠨ᠎ᠤ ᠳᠠᠷᠠᠭ᠎ᠠ ᠡᠮᠦᠨᠡᠬᠢ ᠰᠠᠭᠤᠳᠠᠯ᠎ᠠᠴᠠ ᠡᠷᠭᠢᠵᠦ ᠬᠠᠷᠠᠭᠰᠠᠨ ᠰᠢᠳᠠᠮ :

《ᠴᠢ ᠬᠡᠵᠢᠶᠡᠳᠡ ᠮᠠᠨᠤᠰᠠ᠎ᠶᠢ ᠢᠲᠡᠭᠡᠳᠡᠭ᠎ᠦᠭᠡᠢ ᠪᠣᠯᠬᠣᠷ ᠴᠢᠨᠦ ᠬᠠᠷᠢ᠎ᠶᠢᠨ ᠬᠠᠷᠢᠴᠠᠭ᠎ᠠ᠎ᠶᠢ ᠶᠠᠭᠠᠬᠢᠭᠰᠠᠨ᠎ᠴᠤ ᠮᠡᠳᠡᠵᠦ ᠴᠢᠳᠠᠬᠤ᠎ᠦᠭᠡᠢ ᠭᠡᠵᠦ ᠪᠣᠳᠤᠭᠰᠠᠭᠠᠷ ᠢᠷᠡᠵᠡᠢ᠃ ᠭᠡᠲᠡᠯ᠎ᠡ ᠦᠨᠡᠨ᠎ᠳᠡᠭᠡᠨ ᠪᠢᠳᠡ ᠲᠥᠪ᠎ᠦᠨ ᠬᠠᠮᠢᠶ᠎ᠠ ᠪᠦᠬᠦᠢ ᠪᠠᠢᠭᠤᠯᠭ᠎ᠠ᠎ᠪᠠᠷ ᠳᠠᠮᠵᠢᠨ ᠣᠨᠴᠤᠭᠤᠢ ᠠᠷᠭ᠎ᠠ ᠠᠪᠴᠤ ᠪᠠᠢᠭᠠᠳ ᠶᠠᠫᠤᠨ᠎ᠳᠤ ᠰᠠᠭᠤᠭ᠎ᠠ ᠳᠤᠮᠳᠠᠳᠤ᠎ᠶᠢᠨ ᠬᠠᠷᠢᠶᠠᠲᠤ᠎ᠶᠢᠨ ᠵᠠᠩᠴᠢ᠎ᠶᠢ ᠨᠥᠮᠦᠷᠦᠭᠰᠡᠨ ᠲᠠᠩᠨᠠᠭᠤᠯ ᠨᠠᠰᠤᠲᠤ ᠲᠠ ᠬᠣᠶᠠᠷ᠎ᠤᠨ ᠬᠣᠭᠤᠷᠤᠨᠳᠤᠬᠢ ᠠᠯᠢᠪᠠ ᠨᠢᠭᠤᠴᠠ ᠠᠵᠢᠯᠯᠠᠭ᠎ᠠ᠎ᠨᠤᠭᠤᠳ᠎ᠢ᠎ᠴᠢᠨᠢ ᠴᠥᠮ ᠡᠵᠡᠮᠰᠢᠭᠡᠳ ᠠᠪᠴᠢᠬᠠᠭᠰᠠᠨ ᠰᠢᠤ᠃ ᠭᠡᠪᠡᠴᠦ ᠴᠢ ᠣᠳᠣ ᠵᠠᠪᠳᠤᠭᠠᠳ ᠲᠤᠰᠢᠶᠠᠬᠤ᠎ᠳᠤ ᠬᠦᠷᠪᠡᠯ ᠠᠷᠠᠢ ᠣᠷᠤᠢᠲᠠᠬᠤ᠎ᠪᠠᠷ᠎ᠴᠤ᠎ᠦᠭᠡᠢ᠃ ᠪᠢᠳᠡ ᠪᠣᠯ ᠴᠥᠮ ᠦᠭᠡᠭᠦᠦ ᠠᠩᠭᠢ᠎ᠶᠢᠨ ᠲᠥᠷᠦ᠎ᠶᠢᠨ ᠪᠣᠳᠤᠯᠭ᠎ᠠ᠎ᠶᠢ ᠦᠨᠡᠨᠴᠢ᠎ᠪᠡᠷ ᠬᠡᠷᠡᠭᠵᠢᠭᠦᠯᠳᠡᠭ ᠤᠯᠤᠰ᠎ᠶᠤᠮ᠃ ᠴᠢ ᠬᠣᠲᠠ᠎ᠳᠤ ᠣᠷᠤᠭᠰᠠᠨ᠎ᠤ᠎ᠪᠠᠨ ᠳᠠᠷᠠᠭ᠎ᠠ ᠠᠯᠢᠪᠠ᠎ᠪᠠᠨ ᠦᠯᠡᠳᠡᠭᠡᠯ᠎ᠦᠭᠡᠢ ᠲᠤᠢᠯᠪᠤᠷᠢᠲᠠᠢ ᠴᠠᠭᠠᠪᠤᠷᠢᠯᠠᠬᠤ ᠬᠡᠷᠡᠭᠲᠡᠢ! ᠮᠡᠳᠡᠪᠡ᠎ᠦᠦ?》 ᠭᠡᠵᠦ ᠣᠶᠤᠨᠪᠠᠲᠤ᠎ᠳᠤ ᠬᠡᠯᠡᠪᠡ᠃

ᠣᠶᠤᠨᠪᠠᠲᠤ ᠲᠡᠭᠦᠨ᠎ᠲᠡᠢ ᠢᠯᠡᠭᠦᠦ ᠳᠤᠲᠠᠭᠤ ᠨᠤᠷᠱᠤᠬᠤ ᠳᠤᠷ᠎ᠠ᠎ᠦᠭᠡᠢ ᠲᠤᠯᠠ:

《ᠨᠠᠳᠠ ᠁ ᠲᠤᠰᠢᠶᠠᠬᠤ ᠶᠠᠭᠤᠮ᠎ᠠ ᠳᠠᠩᠴᠢ ᠠᠯᠠᠭ᠎ᠠ!》 ᠭᠡᠵᠦ ᠲᠣᠯᠤᠭᠠᠢ ᠰᠡᠭᠰᠦᠷᠪᠡ᠃

《ᠲᠡᠢᠮᠦ ᠪᠣᠯ ᠴᠢ ᠠᠯᠢ ᠵᠠᠮ ᠵᠠᠮᠨᠠᠬᠤ᠎ᠪᠠᠨ ᠥᠪᠡᠷ᠎ᠢᠶᠡᠨ ᠮᠡᠳᠡ!》

ᠪᠠᠭ᠎ᠠ ᠲᠡᠷᠭᠡ ᠮᠤᠷᠤᠢ ᠰᠠᠷᠤᠢ ᠵᠠᠮ᠎ᠢᠶᠠᠷ ᠳᠥᠴᠢᠭᠡᠳ ᠮᠢᠨᠦ᠋ᠲ ᠬᠢᠷᠢ ᠭᠦᠶᠦᠭᠡᠳ ᠰᠠᠶᠢ ᠤᠯᠠᠭᠠᠨ ᠲᠣᠭᠤᠰᠭᠠᠨ ᠬᠡᠷᠡᠮ᠎ᠲᠡᠢ ᠪᠢᠴᠢᠬᠠᠨ ᠬᠦᠷᠢᠶᠡᠨ᠎ᠳᠦ ᠣᠷᠤᠵᠤ ᠵᠣᠭᠰᠤᠯ᠎ᠠ᠃ ᠣᠶᠤᠨᠪᠠᠲᠤ᠎ᠶᠢᠨ ᠭᠡᠮᠲᠦᠭᠰᠡᠨ ᠭᠠᠷ᠎ᠨᠢ ᠬᠦᠨᠳᠦ ᠶᠠᠭᠤᠮ᠎ᠠ ᠡᠷᠭᠦᠵᠦ ᠳᠡᠢᠯᠳᠡᠭ᠎ᠦᠭᠡᠢ ᠪᠣᠯᠬᠣᠷ ᠥᠨᠥ ᠬᠣᠶᠠᠷ ᠴᠡᠷᠢᠭ ᠣᠷᠤ ᠳᠡᠪᠢᠰᠭᠡᠷ᠎ᠢ᠎ᠨᠢ ᠰᠤᠢᠪᠳᠠᠵᠤ ᠳᠡᠭᠦᠷᠦᠭᠰᠡᠭᠡᠷ ᠨᠢᠭᠡ ᠰᠠᠢᠬᠠᠨ ᠠᠰᠠᠷ᠎ᠲᠤ ᠳᠠᠭᠠᠭᠤᠯᠤᠨ ᠣᠷᠤᠪᠠ᠃ ᠡᠨᠡ ᠠᠰᠠᠷ ᠤᠤᠯ᠎ᠨᠢ ᠥᠪᠡᠷᠲᠡᠭᠡᠨ ᠵᠠᠰᠠᠬᠤ ᠣᠷᠤᠨ᠎ᠤ ᠨᠢᠭᠡᠨ ᠳᠡᠳ᠋ ᠲᠡᠷᠢᠭᠦᠯᠡᠭᠴᠢ᠎ᠶᠢᠨ ᠰᠠᠭᠤᠵᠤ ᠪᠠᠢᠭᠰᠠᠨ ᠣᠷᠳᠤᠨ ᠪᠢᠯᠡ᠃

ᠣᠶᠤᠨᠪᠠᠲᠤ ᠠᠰᠠᠷ᠎ᠲᠤ ᠣᠷᠤᠩᠭᠤᠲᠠ᠎ᠪᠠᠨ ᠮᠡᠯᠡᠷᠡᠴᠢᠬᠡᠪᠡ᠃ ᠡᠨᠡ᠎ᠴᠢᠨᠢ ᠶᠠᠭ᠎ᠯᠠ ᠬᠡᠭᠡᠨᠴᠢᠷ ᠰᠠᠢᠬᠠᠨ ᠵᠣᠴᠢᠳ᠎ᠤᠨ ᠪᠠᠭᠤᠳᠠᠯ᠎ᠰᠢᠭ᠋ ᠶᠡᠬᠡᠮᠰᠦᠭ ᠪᠥᠭᠡᠳ ᠦᠵᠡᠰᠭᠦᠯᠡᠩ ᠭᠠᠵᠠᠷ ᠪᠠᠢᠭ᠎ᠠ ᠳ᠋ᠠ᠃ ᠠᠭᠤᠯᠵᠠᠯᠲᠠ᠎ᠶᠢᠨ ᠥᠷᠦᠭᠡᠨ᠎ᠳᠦᠨᠢ ᠭᠣᠶᠤ ᠭᠠᠳᠠᠷ᠎ᠲᠠᠢ ᠵᠥᠭᠡᠯᠡᠨ ᠰᠠᠭᠤᠳᠠᠯ᠎ᠤᠳ᠎ᠢ ᠡᠩᠨᠡᠭᠦᠯᠦᠨ ᠲᠠᠯᠪᠢᠵᠠᠢ᠃ ᠰᠢᠯ ᠲᠠᠯᠪᠢᠭᠤᠷ ᠳᠡᠭᠡᠷ᠎ᠡ ᠲᠤᠰᠭᠠᠢ ᠬᠢᠴᠡᠲᠡᠢ ᠴᠠᠢ᠎ᠶᠢᠨ ᠰᠠᠪᠠ᠂ ᠲᠠᠮᠠᠬᠢᠨ᠎ᠤ ᠮᠥᠩᠭᠦᠨ ᠬᠠᠢᠷᠴᠠᠭ ᠪᠠ ᠬᠣᠶᠠᠷ ᠰᠠᠪᠠ ᠰᠢᠯᠪᠢ᠎ᠲᠡᠢ ᠵᠦᠩᠬᠤᠸᠠ ᠲᠠᠮᠠᠬᠢ ᠬᠠᠷᠠᠭᠳᠠᠨ᠎ᠠ᠃ ᠭᠡᠷᠡᠯ ᠨᠡᠪᠲᠡᠷᠬᠡᠢ ᠭᠡᠭᠡᠨ ᠰᠠᠷᠠᠭᠤᠯ ᠲᠣᠮᠤ ᠴᠣᠩᠬᠤᠨ᠎ᠳᠤᠨᠢ ᠬᠤᠸᠠᠷ᠎ᠲᠠᠢ ᠬᠥᠰᠢᠭᠡ ᠡᠯᠭᠦᠵᠦ᠂ ᠭᠡᠷ᠎ᠦᠨ ᠳᠥᠷᠪᠡᠨ ᠪᠤᠯᠤᠩ᠎ᠳᠤᠨᠢ ᠫᠧᠩᠰᠡ᠎ᠲᠡᠢ ᠰᠣᠷᠭᠤᠭ ᠴᠡᠴᠡᠭ᠎ᠦᠳ ᠥᠩᠭᠡ ᠢᠯᠭᠠᠷᠠᠨ ᠳᠡᠯᠭᠡᠷᠡᠵᠦ ᠪᠠᠢᠯ᠎ᠠ᠃ ᠰᠢᠯ ᠨᠢᠭᠤᠷ᠎ᠲᠠᠢ ᠪᠣᠰᠤᠭ᠎ᠠ ᠠᠪᠳᠠᠷ᠎ᠠ ᠪᠣᠯᠤᠨ ᠬᠤᠪᠴᠠᠰᠤᠨ ᠵᠢᠶᠠᠵᠠ᠎ᠶᠢᠨ ᠬᠣᠭᠤᠷᠤᠨᠳᠤᠬᠢ ᠬᠠᠢᠯᠠᠰᠤᠨ ᠮᠣᠳᠤᠨ ᠰᠢᠷᠡᠭᠡᠨ ᠳᠡᠭᠡᠷ᠎ᠡ ᠨᠢᠭᠡ ᠲᠣᠮᠤ ᠵᠢᠷᠤᠭᠲᠤ ᠷᠠᠳᠢᠣ᠋ ᠲᠠᠯᠪᠢᠭᠠᠰᠤᠲᠠᠢ᠃ ᠳᠣᠲᠤᠷ᠎ᠠ ᠥᠷᠦᠭᠡᠨ᠎ᠳᠦᠨᠢ ᠫᠦᠷᠱᠲᠦ ᠥᠷᠭᠡᠨ ᠣᠷᠤ᠂ ᠰᠢᠨ᠎ᠡ ᠮᠠᠶᠢ᠍ᠭ᠎ᠤᠨ ᠪᠢᠴᠢᠭ᠎ᠦᠨ ᠰᠢᠷᠡᠭᠡ᠎ᠲᠡᠢ᠃ ᠡᠨᠡ ᠪᠦᠬᠦᠨ᠎ᠢ ᠦᠵᠡᠬᠦ᠎ᠳᠦ ᠣᠷᠴᠢᠮ᠎ᠤᠨ ᠡᠳᠦᠷ ᠲᠡᠳᠡ ᠨᠠᠷᠢᠨ ᠨᠢᠮᠪᠠᠢ ᠪᠠᠢᠷᠢᠯᠠᠭᠤᠯᠤᠭᠰᠠᠨ᠎ᠨᠢ ᠲᠤᠩ᠎ᠴᠤ ᠲᠣᠳᠤᠷᠬᠠᠢ ᠮᠡᠳᠡᠭᠳᠡᠵᠦ ᠪᠠᠢᠯ᠎ᠠ᠃

ᠦᠳᠡ᠎ᠶᠢᠨ ᠬᠣᠢᠨ᠎ᠠ᠂ ᠥᠨᠥ ᠬᠣᠶᠠᠷ ᠴᠡᠷᠢᠭ ᠣᠶᠤᠨᠪᠠᠲᠤ᠎ᠶᠢ ᠳᠠᠭᠠᠭᠤᠯᠤᠨ ᠠᠪᠠᠴᠢᠵᠤ ᠦᠰᠦ᠎ᠶᠢ᠎ᠨᠢ ᠵᠠᠰᠠᠭᠤᠯᠤᠨ ᠰᠠᠬᠠᠯ ᠰᠠᠨᠴᠢᠭ᠎ᠢ᠎ᠨᠢ ᠬᠤᠰᠤᠭᠤᠯᠤᠭᠠᠳ ᠪᠡᠶ᠎ᠡ᠎ᠶᠢ᠎ᠨᠢ ᠪᠠᠰᠠ ᠤᠭᠢᠶᠠᠯᠭᠠᠵᠠᠢ᠃ ᠢᠩᠭᠢᠵᠦ ᠪᠠᠷᠠᠭᠠᠳ ᠶᠠᠪᠤᠬᠤ᠎ᠳᠠᠭᠠᠨ ᠲᠡᠳᠡ:

《ᠴᠢᠨᠦ ᠡᠨᠡ ᠬᠤᠪᠴᠠᠰᠤ᠎ᠴᠢᠨᠢ ᠦᠵᠡᠬᠦ᠎ᠳᠦ ᠳᠠᠩᠴᠢ ᠮᠠᠭᠤᠬᠠᠢ᠃ ᠣᠷᠤᠢ ᠲᠡᠰᠢ᠎ᠪᠡᠨ ᠰᠣᠯᠢᠬᠤ ᠬᠤᠪᠴᠠᠰᠤ᠎ᠪᠠᠨ ᠠᠪᠴᠢᠷᠠᠭᠤᠯ! ᠴᠢ ᠡᠨᠳᠡ ᠲᠡᠷᠢᠭᠦᠯᠡᠭᠴᠢ᠎ᠶᠢᠨ ᠵᠣᠬᠢᠶᠠᠯ᠎ᠢ ᠰᠠᠢᠲᠤᠷ ᠰᠤᠷᠤᠯᠴᠠᠵᠤ᠂ ᠵᠢᠭᠠᠪᠤᠷᠢ ᠬᠦᠯᠢᠶᠡᠨ ᠨᠣᠮᠤᠬᠠᠨ ᠰᠠᠭᠤ! ᠪᠢᠲᠡᠭᠡᠢ ᠳᠤᠷ᠎ᠠ᠎ᠪᠠᠷ᠎ᠢᠶᠠᠨ ᠡᠰᠢ ᠲᠡᠰᠢ ᠶᠠᠪᠤ!》 ᠭᠡᠵᠦ ᠣᠶᠤᠨᠪᠠᠲᠤ᠎ᠳᠤ ᠵᠠᠷᠯᠢᠭ ᠪᠠᠭᠤᠯᠭᠠᠪᠠ᠃

ᠬᠣᠶᠠᠷ ᠴᠡᠷᠢᠭ᠎ᠢ ᠶᠠᠪᠤᠭᠰᠠᠨ᠎ᠤ ᠰᠡᠭᠦᠯᠡᠷ ᠣᠶᠤᠨᠪᠠᠲᠤ ᠳᠡᠭᠡᠳᠦ ᠵᠡᠷᠭᠡ᠎ᠶᠢᠨ ᠥᠷᠦᠭᠡᠨ᠎ᠳᠡᠭᠡᠨ ᠣᠷᠤᠵᠤ᠂ ᠲᠣᠮᠤ ᠪᠣᠰᠤᠭ᠎ᠠ ᠲᠣᠯᠢᠨ᠎ᠳᠤ ᠵᠢᠰᠦ᠎ᠪᠡᠨ ᠦᠵᠡᠭᠰᠡᠨ᠎ᠴᠢᠨᠢ ᠡᠰᠡ᠎ᠯᠡ ᠪᠡᠶ᠎ᠡ᠎ᠪᠡᠨ ᠲᠠᠨᠢᠵᠤ ᠶᠠᠳᠠᠬᠤ ᠠᠯᠳᠠᠯ᠎ᠠ᠃ ᠤᠤᠯ᠎ᠤᠨ ᠤᠯᠠᠭ᠎ᠠ ᠪᠤᠲᠠᠷᠠᠭᠰᠠᠨ ᠴᠢᠭᠢᠷᠠᠭ ᠳᠦᠷᠢ᠎ᠨᠢ ᠣᠷᠤ ᠪᠠᠷ᠎ᠠ᠎ᠦᠭᠡᠢ ᠠᠷᠢᠯᠵᠤ᠂ ᠬᠣᠶᠠᠷ ᠬᠠᠴᠠᠷ᠎ᠨᠢ ᠤᠲᠤᠭᠠᠲᠠᠢ ᠴᠠᠭᠠᠰᠤ᠎ᠰᠢᠭ᠋ ᠰᠢᠷᠠᠯᠠᠨ ᠴᠠᠢᠪᠠᠢᠭᠠᠳ ᠤᠯᠠᠮ᠎ᠴᠤ ᠲᠦᠨᠲᠦᠢᠵᠦ᠂ ᠪᠣᠰᠤᠭ᠎ᠠ ᠬᠠᠮᠠᠷ᠎ᠨᠢ ᠨᠡᠩ ᠪᠦᠳᠦᠭᠦᠨ ᠬᠠᠷᠠᠭᠳᠠᠬᠤ᠎ᠰᠢᠭ᠋ ᠪᠣᠯᠵᠠᠢ᠃ ᠭᠠᠭᠴᠠ᠎ᠬᠦ ᠰᠢᠷᠭᠢᠵᠦ ᠰᠠᠭᠤᠭᠰᠠᠨ ᠬᠣᠣᠰ ᠨᠢᠳᠦᠨ᠎ᠡᠴᠡ᠎ᠨᠢ ᠣᠴᠢ ᠪᠠᠳᠠᠷᠠᠨ᠂ ᠤᠤᠯ᠎ᠤᠨ ᠴᠣᠭ ᠵᠢᠪᠬᠤᠯᠠᠩᠲᠤ ᠳᠦᠷᠰᠦ᠎ᠪᠡᠨ ᠬᠠᠳᠠᠭᠠᠯᠠᠭᠰᠠᠭᠠᠷ ᠪᠠᠢᠯ᠎ᠠ᠃ ᠮᠠᠩᠨᠠᠢ ᠳᠡᠭᠡᠷ᠎ᠡ᠎ᠨᠢ ᠭᠤᠷᠪᠠᠨ ᠬᠤᠷᠤᠭᠤ ᠬᠢᠷᠢᠲᠡᠢ ᠤᠷᠲᠤ ᠰᠢᠨ᠎ᠡ ᠰᠣᠷᠪᠢ ᠨᠡᠮᠡᠭᠳᠡᠵᠦ᠂ ᠵᠡᠭᠦᠨ ᠴᠢᠬᠢ᠎ᠨᠢ ᠶᠠᠭ᠎ᠯᠠ ᠬᠠᠲᠠᠭᠰᠠᠨ ᠮᠥᠭᠦ᠎ᠰᠢᠭ ᠪᠣᠯᠵᠤ ᠦᠵᠡᠬᠦ᠎ᠶᠢᠨ ᠳᠦᠷᠢ᠎ᠪᠡᠨ ᠠᠯᠳᠠᠵᠠᠢ᠃ ᠬᠠᠭᠤᠴᠢᠨ ᠬᠥᠪᠦᠩᠲᠡᠢ ᠣᠯᠤᠨᠳᠠᠢ᠎ᠨᠢ ᠴᠢᠰᠤ ᠨᠥᠵᠢ᠎ᠳᠦ ᠪᠢᠯᠳᠠᠭᠳᠠᠵᠤ ᠲᠣᠪᠴᠢ ᠰᠢᠯᠪᠢ ᠭᠡᠵᠦ ᠨᠢᠭᠡ᠎ᠴᠦ ᠦᠯᠡᠳᠡᠭᠰᠡᠨ᠎ᠦᠭᠡᠢ᠃ ᠵᠠᠭᠠᠮ᠎ᠠ ᠪᠣᠯᠤᠨ ᠵᠡᠭᠦᠨ ᠬᠠᠨᠴᠤᠢ᠎ᠨᠢ ᠤᠷᠠᠭᠳᠠᠭᠠᠳ ᠬᠥᠪᠦᠩ᠎ᠨᠢ ᠭᠣᠭᠤᠵᠢᠵᠤ ᠪᠠᠢᠪᠠ᠃ ᠣᠶᠤᠨᠪᠠᠲᠤ ᠲᠣᠯᠢᠨ᠎ᠤ ᠡᠮᠦᠨ᠎ᠡ ᠪᠡᠶ᠎ᠡ᠎ᠪᠡᠨ ᠦᠵᠡᠵᠦ ᠵᠣᠭᠰᠤᠵᠤ ᠪᠠᠢᠭᠠᠳ ᠥᠪᠡᠷ᠎ᠦᠨ ᠡᠷᠬᠡ᠎ᠦᠭᠡᠢ ᠢᠨᠢᠶᠡᠳᠦ ᠬᠦᠷᠴᠦ: 《ᠠᠩᠬᠠᠨ᠎ᠳᠠᠭᠠᠨ ᠡᠭᠦᠨ᠎ᠢ᠎ᠴᠢᠨᠢ ᠬᠥᠮᠦᠰ᠎ᠦᠨ ᠰᠦᠨᠡᠰᠦ᠎ᠶᠢ ᠬᠥᠨᠳᠡᠬᠦ ᠶᠡᠬᠡ ᠬᠤᠪᠢᠰᠭᠠᠯ ᠭᠡᠵᠦ ᠪᠠᠢᠭᠰᠠᠨ᠎ᠴᠢᠨᠢ ᠣᠳᠣ ᠦᠵᠡᠬᠦ᠎ᠳᠦ ᠬᠠᠷᠢᠨ ᠠᠷᠠᠰᠤ ᠮᠢᠬ᠎ᠠ᠎ᠲᠠᠢ ᠬᠡᠯᠡᠯᠴᠡᠬᠦ ᠶᠡᠬᠡ ᠬᠤᠪᠢᠰᠭᠠᠯ᠎ᠶᠤᠮ ᠪᠠᠢᠨ᠎ᠠ᠃ ᠦᠨᠡᠬᠡᠷ ᠬᠡᠮᠵᠢᠶ᠎ᠡ᠎ᠦᠭᠡᠢ ᠶᠡᠬᠡ ᠣᠯᠤᠯᠲᠠ᠎ᠲᠠᠢ ᠁ ᠬᠡᠮᠵᠢᠶ᠎ᠡ᠎ᠦᠭᠡᠢ ᠁》 ᠭᠡᠵᠦ ᠭᠠᠭᠴᠠᠭᠠᠷ ᠥᠭᠦᠯᠡᠨ᠎ᠡ᠃

ᠣᠷᠤᠢ᠂ ᠬᠥᠮᠦᠰ᠎ᠢ ᠬᠣᠭᠤᠯᠠᠨ ᠢᠳᠡᠵᠦ ᠪᠠᠷᠠᠭᠰᠠᠨ᠎ᠤ ᠳᠠᠷᠠᠭ᠎ᠠ ᠣᠶᠤᠨᠪᠠᠲᠤ ᠬᠤᠪᠢᠰᠭᠠᠯ᠎ᠤᠨ ᠵᠥᠪᠯᠡᠯ᠎ᠦᠨ ᠬᠣᠭᠤᠯᠠᠨ ᠭᠡᠷ᠎ᠲᠦ ᠰᠡᠮᠡᠭᠡᠷ ᠣᠴᠢᠵᠤ ᠬᠣᠶᠠᠷ ᠮᠠᠨᠲᠠᠤ ᠬᠤᠳᠠᠯᠳᠤᠵᠤ ᠠᠪᠴᠢᠷᠠᠭᠠᠳ ᠢᠳᠡᠵᠦ ᠪᠠᠢᠲᠠᠯ᠎ᠠ ᠭᠡᠨᠡᠳᠲᠡ ᠡᠭᠦᠳᠡ ᠲᠣᠭᠰᠢᠬᠤ 《ᠳᠣᠭ ᠳᠣᠭ》 ᠳᠠᠭᠤᠨ ᠰᠣᠨᠤᠰᠳᠠᠯ᠎ᠠ᠃ ᠣᠶᠤᠨᠪᠠᠲᠤ ᠲᠡᠷᠢᠭᠦᠨ ᠡᠷᠭᠦᠨ ᠦᠵᠡᠪᠡᠯ᠂ ᠵᠢᠰᠦ ᠴᠢᠷᠠᠢ᠎ᠨᠢ ᠲᠤᠷᠠᠵᠤ ᠱᠤᠪᠲᠤᠢᠭᠰᠠᠨ ᠨᠢᠭᠡ ᠪᠦᠰᠡᠭᠦᠢ ᠭᠠᠷ᠎ᠲᠠᠭᠠᠨ ᠪᠣᠭᠤᠳᠠᠯ᠎ᠲᠠᠢ ᠶᠠᠭᠤᠮ᠎ᠠ ᠳᠡᠭᠦᠵᠢᠯᠡᠭᠰᠡᠭᠡᠷ ᠣᠷᠤᠵᠤ ᠢᠷᠡᠪᠡ᠃

ᠭᠱᠠᠨ ᠵᠠᠭᠤᠷ᠎ᠠ ᠲᠡᠷᠡ ᠪᠦᠰᠡᠭᠦᠢ ᠪᠤᠷᠤᠭᠤ ᠭᠡᠷ᠎ᠲᠦ ᠣᠷᠤᠵᠤ ᠢᠷᠡᠭᠰᠡᠨ᠎ᠶᠦᠮ᠎ᠰᠢᠭ ᠪᠠᠭ᠎ᠠ ᠲᠦᠭᠳᠡᠷᠡᠨ ᠵᠣᠭᠰᠤᠵᠤ ᠨᠠᠮ ᠳᠠᠭᠤᠨ᠎ᠢᠶᠠᠷ 《ᠶᠣᠬᠤ!》 ᠭᠡᠵᠦ ᠠᠪᠤᠭᠠᠳ ᠬᠣᠢᠰᠢ ᠤᠬᠤᠷᠢᠬᠤ ᠭᠡᠲᠡᠯ᠎ᠡ᠂ ᠣᠶᠤᠨᠪᠠᠲᠤ᠎ᠶᠢᠨ ᠨᠢᠳᠦ ᠭᠡᠷᠡᠯᠲᠦᠨ ᠭᠣᠣᠯ ᠵᠢᠷᠦᠬᠡ᠎ᠨᠢ ᠴᠡᠴᠡᠷᠡᠬᠦ᠎ᠰᠢᠭ ᠪᠣᠯᠵᠤ ᠭᠦᠶᠦᠨ ᠪᠣᠰᠬᠤ᠎ᠶᠢᠨ ᠵᠡᠷᠭᠡᠴᠡᠭᠡ᠎ᠪᠡᠷ:

《ᠲᠣᠷᠭᠠᠨ -》 ᠭᠡᠵᠦ ᠥᠪᠡᠷ᠎ᠦᠨ ᠡᠷᠬᠡ᠎ᠦᠭᠡᠢ ᠡᠬᠡᠨᠡᠷ᠎ᠦᠨ᠎ᠢᠶᠡᠨ ᠨᠡᠷ᠎ᠡ᠎ᠪᠡᠷ ᠳᠠᠭᠤᠳᠠᠪᠠ᠃

ᠲᠡᠷᠡ ᠪᠦᠰᠡᠭᠦᠢ ᠰᠣᠴᠢᠰᠬᠢᠨ ᠪᠠᠬᠠᠨ ᠮᠡᠯᠡᠷᠡᠵᠦ:

《ᠴᠢ᠎ᠮᠢᠨᠢ ᠮᠥᠨ᠎ᠶᠦᠮ᠎ᠦᠦ?》 ᠭᠡᠵᠦ ᠴᠡᠴᠡᠷᠭᠡᠨᠡᠭᠰᠡᠨ ᠳᠠᠭᠤᠨ᠎ᠢᠶᠠᠷ ᠬᠡᠯᠡᠭᠡᠳ ᠭᠠᠷ᠎ᠲᠠᠬᠢ ᠪᠣᠭᠤᠳᠠᠯ᠎ᠢᠶᠠᠨ ᠬᠥᠰᠡᠷ ᠠᠯᠳᠠᠵᠤ᠂ ᠣᠶᠤᠨᠪᠠᠲᠤ᠎ᠶᠢᠨ ᠵᠦᠭ ᠭᠦᠶᠦᠨ ᠢᠷᠡᠭᠡᠳ ᠭᠠᠷ᠎ᠠᠴᠠ᠎ᠨᠢ ᠪᠠᠵᠠᠭᠳᠠᠨ ᠠᠪᠤᠯ᠎ᠠ᠃ ᠠᠷᠠᠰᠤ ᠶᠠᠰᠤ᠎ᠯᠠ ᠦᠯᠡᠳᠡᠭᠰᠡᠨ ᠬᠣᠶᠠᠷ ᠬᠣᠣᠰ ᠲᠤᠷᠠᠩᠬᠠᠢ ᠭᠠᠷ ᠬᠠᠷᠢᠯᠴᠠᠨ ᠴᠢᠩᠭ᠎ᠠ ᠠᠳᠭᠤᠯᠴᠠᠨ᠂ ᠬᠣᠲᠤᠢᠵᠤ ᠰᠠᠭᠤᠭᠰᠠᠨ ᠬᠣᠶᠠᠷ ᠬᠣᠣᠰ ᠨᠢᠳᠦᠨ᠎ᠳᠦᠨᠢ ᠬᠠᠯᠠᠭᠤᠨ ᠨᠢᠯᠪᠤᠰᠤ ᠮᠡᠯᠲᠡᠭᠡᠨᠡᠨ᠎ᠡ᠃

ᠲᠣᠷᠭᠠᠨᠲᠠᠯ᠎ᠠ᠂ ᠡᠷ᠎ᠡ᠎ᠶᠢᠨ᠎ᠢᠶᠡᠨ ᠪᠤᠭᠤᠷᠤᠯ ᠰᠠᠨᠴᠢᠭ᠎ᠢ ᠵᠥᠭᠡᠯᠡᠨ ᠢᠯᠪᠢᠭᠰᠡᠭᠡᠷ᠂ ᠬᠠᠯᠠᠭᠤᠨ ᠳᠣᠲᠤᠨᠤ ᠪᠥᠭᠡᠳ ᠣᠶᠤᠨᠪᠠᠲᠤ᠎ᠶᠢᠨ ᠤᠳᠠᠲᠠᠯ᠎ᠠ ᠣᠯᠵᠤ ᠰᠣᠨᠤᠰᠤᠭ᠎ᠠ᠎ᠦᠭᠡᠢ ᠶᠠᠪᠤᠭᠰᠠᠨ ᠮᠣᠩᠭᠤᠯ ᠦᠭᠡ᠎ᠪᠡᠷ:

《ᠴᠢᠮ᠎ᠠ᠎ᠲᠠᠢ ᠠᠮᠢᠳᠤ ᠠᠭᠤᠯᠵᠠᠨ᠎ᠠ ᠭᠡᠵᠦ ᠰᠠᠨᠠᠭᠰᠠᠨ᠎ᠦᠭᠡᠢ᠂ ᠴᠢ᠂ ᠁ ᠴᠢ᠎ᠮᠢᠨᠢ ᠳᠡᠩᠳᠡᠭᠦᠦ ᠶᠡᠬᠡ ᠬᠠᠯᠠ ᠠᠮᠰᠠᠯ᠎ᠠ ᠪᠢᠵᠡ? ᠬᠦᠨᠳᠦ ᠰᠢᠷᠬᠠᠲᠤᠪᠠ᠎ᠤᠤ?》 ᠭᠡᠵᠦ ᠣᠶᠤᠨᠪᠠᠲᠤ᠎ᠶᠢᠨ ᠨᠢᠭᠤᠷ ᠴᠢᠷᠠᠢ᠎ᠶᠢ ᠨᠠᠷᠢᠨ ᠰᠢᠨᠵᠢᠨ᠎ᠡ᠃ ᠲᠡᠭᠦᠨ᠎ᠦ ᠮᠠᠩᠨᠠᠢ ᠳᠡᠭᠡᠷᠡᠬᠢ ᠭᠦᠨ ᠰᠣᠷᠪᠢ ᠪᠣᠯᠤᠨ ᠬᠡᠪ ᠠᠯᠳᠠᠭᠰᠠᠨ ᠮᠠᠭᠤ ᠴᠢᠬᠢ᠎ᠶᠢ᠎ᠨᠢ ᠦᠵᠡᠭᠡᠳ ᠲᠣᠷᠭᠠᠨᠲᠠᠯ᠎ᠠ ᠥᠷᠦ ᠡᠪᠡᠳᠦᠨ ᠬᠠᠢᠷᠠᠯᠠᠭᠰᠠᠨ ᠰᠡᠳᠭᠢᠯᠭᠡ᠎ᠪᠡᠨ ᠳᠠᠷᠤᠵᠤ ᠶᠠᠳᠠᠨ᠂ ᠨᠢᠭᠤᠷ ᠳᠦᠭᠦᠷᠡᠩ ᠨᠢᠯᠪᠤᠰᠤ ᠠᠰᠭᠠᠷᠠᠭᠤᠯᠤᠨ 《ᠥᠭᠡᠷ᠎ᠡ ᠬᠠᠮᠢᠭ᠎ᠠ᠎ᠴᠢᠨᠢ ᠰᠢᠷᠬᠠᠲᠤᠪᠠ?》 ᠭᠡᠳ ᠰᠢᠷᠬ᠎ᠠ ᠰᠣᠷᠪᠢ᠎ᠨᠤᠭᠤᠳ᠎ᠢ᠎ᠨᠢ ᠬᠥᠩᠭᠡᠬᠡᠨ ᠲᠡᠮᠲᠡᠷᠢᠵᠦ ᠠᠰᠠᠭᠤᠯ᠎ᠠ᠃

《ᠥᠭᠡᠷ᠎ᠡ ᠪᠠᠢᠬᠤ᠎ᠦᠭᠡᠢ!》 ᠭᠡᠵᠦ ᠣᠶᠤᠨᠪᠠᠲᠤ ᠡᠬᠡᠨᠡᠷ᠎ᠦᠨ᠎ᠢᠶᠡᠨ ᠵᠣᠪᠠᠬᠤ᠎ᠠᠴᠠ ᠪᠣᠯᠭᠤᠮᠵᠢᠯᠠᠨ᠂ ᠭᠠᠷ ᠬᠥᠯ᠂ ᠨᠢᠷᠤᠭᠤᠨ᠎ᠤ ᠰᠢᠷᠬ᠎ᠠ᠎ᠪᠠᠨ ᠦᠵᠡᠭᠦᠯᠦᠭᠰᠡᠨ᠎ᠦᠭᠡᠢ᠃

《ᠴᠢ ᠬᠡᠵᠢᠶ᠎ᠡ ᠡᠨᠳᠡ ᠢᠷᠡᠪᠡ?》

《ᠥᠨᠥ ᠦᠳᠡ᠎ᠶᠢᠨ ᠡᠮᠦᠨ᠎ᠡ᠃ ᠴᠢ ᠬᠠᠮᠢᠭ᠎ᠠ᠎ᠠᠴᠠ ᠢᠷᠡᠪᠡ ᠳ᠋ᠠ ?》

《ᠪᠠᠢᠭᠤᠯᠭ᠎ᠠ᠎ᠶᠢᠨ ᠲᠤᠰᠠᠭᠠᠷᠯᠠᠬᠤ ᠭᠡᠷ᠎ᠡᠴᠡ ᠢᠷᠡᠯ᠎ᠡ᠃ ᠪᠢ ᠰᠠᠶᠢ ᠮᠠᠨ᠎ᠤ ᠶᠠᠭᠤᠮ᠎ᠠ ᠬᠡᠦᠮ᠎ᠡ᠎ᠶᠢ ᠠᠪᠠᠴᠢᠵᠤ ᠬᠤᠷᠢᠶᠠᠭᠰᠠᠨ ᠮᠠᠰᠢᠨ ᠲᠡᠷᠭᠡᠨ᠎ᠦ ᠬᠥᠮᠦᠷᠭᠡ᠎ᠳᠦ ᠣᠴᠢᠵᠤ᠂ ᠪᠠᠢᠳᠠᠭ ᠵᠢᠭᠠᠬᠠᠨ᠎ᠢᠶᠠᠨ ᠣᠩᠭᠢᠴᠢᠨ ᠠᠭᠤᠳᠠᠯᠵᠤ ᠪᠠᠢᠭᠠᠳ ᠳᠥᠩᠭᠡᠵᠢ ᠨᠢᠭᠡ ᠵᠠᠬ᠎ᠠ ᠬᠤᠪᠴᠠᠰᠤ ᠣᠯᠵᠤ ᠢᠷᠡᠯ᠎ᠡ᠃ 》

《ᠬᠡᠦᠬᠡᠳ᠎ᠮᠢᠨᠢ ᠬᠠᠮᠢᠭ᠎ᠠ ᠪᠠᠢᠨ᠎ᠠ ᠳ᠋ᠠ ? ᠴᠠᠰᠤᠴᠠᠭᠠᠨ᠎ᠮᠢᠨᠢ?》

《ᠬᠥᠳᠡᠭᠡ ᠪᠠᠭᠤᠯᠭᠠᠴᠢᠬᠠᠭᠰᠠᠨ ᠠ᠋》 ᠭᠡᠳ ᠲᠣᠷᠭᠠᠨᠲᠠᠯ᠎ᠠ ᠭᠠᠷ ᠠᠯᠴᠢᠭᠤᠷ᠎ᠢᠶᠠᠨ ᠭᠠᠷᠭᠠᠵᠤ ᠨᠢᠯᠪᠤᠰᠤ᠎ᠪᠠᠨ ᠠᠷᠴᠢᠭᠰᠠᠭᠠᠷ 《ᠴᠠᠭᠠᠨ ᠰᠠᠷ᠎ᠠ᠎ᠠᠴᠠ ᠡᠮᠦᠨᠡᠬᠡᠨ ᠡᠷᠡᠭᠦᠯ ᠬᠠᠮᠠᠭᠠᠯᠠᠯ᠎ᠤᠨ ᠰᠢᠰᠲᠧᠮ᠎ᠦᠨ ᠬᠢᠨ᠎ᠦ 〈ᠰᠤᠷᠭᠠᠨ ᠬᠥᠮᠦᠵᠢᠭᠦᠯᠵᠦ ᠪᠣᠯᠬᠤ ᠦᠷ᠎ᠡ ᠬᠡᠦᠬᠡᠳ〉᠎ᠲᠠᠢ ᠬᠠᠮᠲᠤ ᠥᠪᠦᠷ ᠮᠣᠩᠭᠤᠯ᠂ ᠱᠠᠨ ᠱᠢ᠂ ᠾᠧᠪᠧᠢ ᠭᠤᠷᠪᠠᠨ ᠮᠤᠵᠢ ᠣᠷᠤᠨ᠎ᠤ ᠠᠭᠤᠯᠵᠠᠷ᠎ᠲᠠᠬᠢ ᠨᠢᠭᠡᠨ ᠦᠢᠯᠡᠳᠪᠦᠷᠢᠯᠡᠯ᠎ᠦᠨ ᠪᠠᠷᠢᠭᠠᠳᠠ᠎ᠳᠤ ᠪᠠᠭᠤᠵᠠᠢ》 ᠭᠡᠪᠡ᠃

ᠴᠠᠰᠤᠴᠠᠭᠠᠨ ᠪᠣᠯ ᠡᠳᠡ ᠬᠣᠶᠠᠷ᠎ᠤᠨ ᠴᠤᠷ᠎ᠤᠨ ᠭᠠᠭᠴᠠ ᠬᠡᠦᠬᠡᠳ ᠪᠣᠯᠬᠣᠷ ᠡᠴᠢᠭᠡ᠎ᠨᠢ ᠲᠡᠭᠦᠨ᠎ᠢ ᠲᠤᠢᠯ᠎ᠢᠶᠠᠷ ᠬᠠᠢᠷᠠᠯᠠᠨ ᠰᠠᠨᠠᠳᠠᠭ ᠪᠢᠯᠡ᠃ ᠬᠡᠷᠪᠡ ᠣᠶᠤᠨᠪᠠᠲᠤ᠎ᠶᠢᠨ ᠠᠮᠢ ᠨᠠᠰᠤᠨ᠎ᠳᠤ ᠬᠦᠴᠦᠲᠦ ᠲᠤᠯᠭᠠᠭᠤᠷᠢ ᠪᠣᠯᠤᠭᠰᠠᠨ ᠡᠨᠡ᠎ᠬᠦ ᠦᠷ᠎ᠡ ᠪᠠᠢᠭᠰᠠᠨ᠎ᠦᠭᠡᠢ ᠪᠣᠯ ᠲᠡᠷᠡ ᠠᠯᠢ ᠬᠡᠳᠦᠢᠨ ᠬᠥᠮᠦᠨ᠎ᠦ ᠣᠷᠴᠢᠯᠠᠩ᠎ᠠᠴᠠ ᠠᠩᠭᠢᠵᠢᠷᠠᠭᠰᠠᠨ ᠪᠠᠢᠵᠠᠢ᠃ ᠬᠦᠨᠳᠦ ᠬᠡᠴᠡᠭᠦᠦ ᠡᠷᠡᠭᠦᠦ ᠲᠠᠮᠤ᠎ᠶᠢᠨ ᠳᠣᠣᠷ᠎ᠠ ᠰᠡᠳᠭᠢᠯ ᠰᠠᠨᠠᠭ᠎ᠠ᠂ ᠶᠠᠰᠤ ᠮᠢᠬᠠᠨ᠎ᠤ ᠳᠠᠷᠤᠯᠲᠠ ᠵᠣᠪᠠᠯᠠᠩ ᠲᠡᠭᠦᠨ᠎ᠢ ᠨᠢᠭᠡᠮᠦᠰᠦᠨ ᠴᠥᠬᠦᠷᠡᠭᠦᠯᠦᠭᠰᠡᠨ ᠦᠶ᠎ᠡ᠎ᠳᠦ ᠬᠠᠢᠷᠠᠲᠤ ᠬᠡᠦᠬᠡᠨ᠎ᠦ ᠬᠢᠨᠢ 《ᠠᠪᠤ᠎ᠮᠢᠨᠢ ᠲᠠ ᠨᠠᠮᠠᠶ᠋ᠢ᠎ᠪᠠᠨ ᠰᠠᠨᠠᠪᠠᠯ ᠶᠠᠭᠠᠬᠢᠭᠰᠠᠨ᠎ᠴᠤ ᠠᠮᠢᠳᠤ ᠬᠠᠷᠢᠵᠤ ᠢᠷᠡᠬᠦ ᠶᠣᠰᠤᠲᠠᠢ! ᠮᠡᠨᠳᠦ ᠰᠠᠢᠨ ᠬᠠᠷᠢᠵᠤ ᠢᠷᠡᠬᠦ᠎ᠶᠢ᠎ᠴᠢᠨᠢ ᠬᠦᠯᠢᠶᠡᠵᠦ ᠪᠠᠢᠶ᠎ᠠ》 ᠭᠡᠰᠡᠨ ᠴᠢᠬᠢᠨ᠎ᠳᠦ ᠰᠣᠨᠤᠰᠭᠠᠯ᠎ᠲᠠᠢ ᠬᠥᠭᠡᠷᠦᠬᠦᠨ ᠳᠠᠭᠤ᠎ᠨᠢ ᠴᠡᠭᠡᠵᠢᠨ᠎ᠳᠦᠨᠢ ᠬᠡᠵᠢᠶᠡᠳᠡ ᠬᠠᠳᠠᠩᠰᠢᠭᠰᠠᠭᠠᠷ ᠢᠷᠡᠭᠰᠡᠨ ᠪᠢᠯᠡ᠃

ᠲᠡᠷᠡ ᠬᠡᠦᠬᠡᠨ᠎ᠢᠶᠡᠨ ᠰᠠᠨᠠᠭᠠᠳ ᠨᠢᠳᠦᠨ᠎ᠳᠦᠨᠢ ᠵᠠᠢᠷ ᠭᠦᠶᠦᠵᠦ:

《ᠬᠡᠦᠬᠡᠨ᠎ᠢᠶᠡᠨ ᠶᠠᠭᠤᠨ᠎ᠳᠤ ᠲᠡᠢᠮᠦ ᠬᠣᠯᠠ ᠶᠠᠪᠤᠭᠤᠯᠴᠢᠬᠠᠪᠠ ᠳ᠋ᠠ ?》 ᠭᠡᠵᠦ ᠡᠬᠡᠨᠡᠷ᠎ᠢᠶᠡᠨ ᠵᠢᠮᠡᠯᠡᠵᠦ ᠠᠰᠠᠭᠤᠭᠰᠠᠨ᠎ᠳᠤ ᠲᠣᠷᠭᠠᠨᠲᠠᠯ᠎ᠠ :

《ᠲᠡᠷᠡ᠎ᠴᠢᠨᠢ ᠮᠠᠨ᠎ᠤ ᠰᠠᠨᠠᠭ᠎ᠠ᠎ᠪᠠᠷ ᠪᠣᠯᠴᠢᠬᠠᠳᠠᠭ ᠶᠠᠭᠤᠮ᠎ᠠ ᠪᠢᠰᠢ ᠰᠢᠤ᠃ ᠤᠷᠪᠠᠬᠤ᠎ᠠᠴᠠ ᠠᠶᠤᠭᠰᠠᠨ ᠪᠣᠯᠤᠯᠲᠠᠢ》 ᠭᠡᠳ ᠪᠤᠷᠤᠭᠤ ᠬᠠᠷᠠᠵᠤ ᠵᠥᠭᠡᠯᠡᠨ ᠰᠠᠭᠤᠳᠠᠯ ᠳᠡᠭᠡᠷ᠎ᠡ ᠰᠠᠭᠤᠭᠠᠳ: 《ᠣᠷᠤᠬᠤ ᠭᠡᠷ ᠣᠭᠤᠴᠢᠬᠤ ᠠᠶᠠᠭ᠎ᠠ᠎ᠦᠭᠡᠢ ᠡᠨᠳᠡ ᠲᠡᠨᠳᠡ ᠲᠡᠨᠦᠵᠦ᠂ ᠡᠨᠡ ᠬᠠᠮᠲᠤ ᠰᠤᠷᠤᠭᠴᠢ᠎ᠶᠢᠨ᠎ᠳᠠᠭᠠᠨ ᠨᠢᠭᠡ ᠬᠣᠨᠤᠵᠤ᠂ ᠲᠡᠷᠡ ᠨᠠᠢᠵᠠ᠎ᠶᠢᠨ᠎ᠳᠠᠭᠠᠨ ᠬᠣᠶᠠᠷ ᠬᠣᠨᠤᠵᠤ ᠶᠠᠪᠤᠭᠰᠠᠨ᠎ᠠᠴᠠ ᠳᠡᠭᠡᠷ᠎ᠡ ᠪᠢᠰᠢ᠎ᠦᠦ᠂ ᠠᠵᠢᠯᠴᠢᠨ ᠲᠠᠷᠢᠶᠠᠴᠢᠨ ᠲᠦᠮᠡᠨ᠎ᠲᠡᠢ ᠬᠠᠮᠲᠤ ᠠᠮᠢᠳᠤᠷᠠᠵᠤ ᠬᠠᠮᠲᠤ ᠬᠥᠳᠡᠯᠮᠦᠷᠢᠯᠡᠵᠦ ᠪᠠᠢᠪᠠᠯ ᠬᠣᠵᠢᠮ᠎ᠤᠨ ᠦᠢᠯᠡᠰ᠎ᠲᠦᠨᠢ ᠲᠤᠰᠠ᠎ᠲᠠᠢ ᠰᠢᠳᠡ》 ᠭᠡᠪᠡ᠃

ᠣᠶᠤᠨᠪᠠᠲᠤ ᠲᠣᠯᠤᠭᠠᠢ ᠳᠣᠬᠢᠭᠰᠠᠭᠠᠷ ᠡᠬᠡᠨᠡᠷ᠎ᠦᠨ᠎ᠢᠶᠡᠨ ᠬᠠᠵᠠᠭᠤ᠎ᠳᠤ ᠨᠠᠭᠠᠯᠳᠤᠵᠤ ᠰᠠᠭᠤᠪᠠ᠃

ᠰᠡᠳᠭᠢᠯ ᠰᠠᠨᠠᠭ᠎ᠠ᠎ᠨᠢ ᠪᠠᠬᠠᠨ ᠲᠣᠭᠲᠠᠭᠤᠨ ᠪᠣᠯᠤᠭᠰᠠᠨ᠎ᠤ ᠰᠡᠭᠦᠯᠡᠷ ᠨᠢᠳᠦᠨ ᠡᠮᠦᠨᠡᠬᠢ ᠲᠣᠮᠤ ᠠᠰᠠᠭᠤᠯᠲᠠ᠎ᠨᠢ ᠡᠨᠡ ᠡᠷ᠎ᠡ ᠡᠮ᠎ᠡ ᠬᠣᠶᠠᠷ᠎ᠤᠨ ᠲᠠᠷᠢᠬᠢᠨ᠎ᠳᠤ ᠵᠡᠷᠭᠡ᠎ᠪᠡᠷ ᠣᠷᠤᠵᠤ ᠢᠷᠡᠯ᠎ᠡ᠃

《ᠡᠨᠡ᠎ᠴᠢᠨᠢ ᠮᠠᠨ᠎ᠢ ᠴᠣᠬᠤᠮ ᠶᠠᠭᠠᠬᠢᠬᠤ ᠭᠡᠵᠦ ᠪᠠᠢᠭ᠎ᠠ᠎ᠶᠤᠮ?》 ᠭᠡᠵᠦ ᠲᠣᠷᠭᠠᠨᠲᠠᠯ᠎ᠠ ᠨᠢᠳᠦ᠎ᠪᠡᠨ ᠪᠦᠯᠲᠡᠢᠯᠭᠡᠨ ᠭᠠᠢᠬᠠᠭᠰᠠᠨ ᠮᠥᠷᠲᠡᠭᠡᠨ ᠰᠡᠷᠡᠮᠵᠢᠯᠡᠭᠰᠡᠨ ᠬᠠᠷᠠᠴᠠ᠎ᠪᠠᠷ ᠡᠨᠡ᠎ᠬᠦ ᠬᠡᠭᠡᠨᠴᠢᠷ ᠭᠤᠸᠠᠯᠢᠭ ᠣᠷᠳᠤᠨ ᠮᠡᠲᠦ ᠰᠠᠢᠬᠠᠨ ᠥᠷᠦᠭᠡ᠎ᠶᠢ ᠰᠢᠨᠵᠢᠭᠰᠡᠭᠡᠷ ᠠᠰᠠᠭᠤᠬᠤ᠎ᠳᠤ:

《ᠮᠡᠳᠡᠬᠦ᠎ᠦᠭᠡᠢ᠂ ᠪᠢ ᠶᠠᠭᠠᠬᠢᠵᠤ ᠪᠣᠳᠤᠭᠠᠳ᠎ᠴᠤ ᠤᠬᠠᠭᠠᠨ᠎ᠢ᠎ᠨᠢ ᠣᠯᠬᠤ᠎ᠦᠭᠡᠢ ᠪᠠᠢᠭᠰᠠᠭᠠᠷ ᠠ᠋》 ᠭᠡᠵᠦ ᠣᠶᠤᠨᠪᠠᠲᠤ ᠲᠣᠯᠤᠭᠠᠢ ᠰᠡᠭᠰᠦᠷᠦᠭᠡᠳ: 《ᠡᠳᠡᠨᠦᠰᠡ ᠴᠣᠬᠤᠮ ᠶᠠᠮᠠᠷ ᠤᠬᠠᠭᠠᠨ ᠭᠠᠷᠭᠠᠵᠤ ᠪᠠᠢᠬᠤ᠎ᠶᠢ ᠪᠤᠤ ᠮᠡᠳᠡ! ᠪᠢ ᠶᠠᠭᠠᠬᠢᠭᠰᠠᠨ᠎ᠴᠤ ᠲᠠᠭᠠᠮᠠᠭᠯᠠᠵᠤ ᠣᠯᠬᠤ᠎ᠦᠭᠡᠢ ᠪᠠᠢᠨ᠎ᠠ》 ᠭᠡᠵᠦ ᠨᠠᠮ ᠬᠡᠯᠡᠪᠡ᠃

ᠰᠡᠷᠭᠡᠭ ᠴᠣᠪᠤᠭᠤ ᠵᠠᠩ᠎ᠲᠠᠢ ᠲᠣᠷᠭᠠᠨᠲᠠᠯ᠎ᠠ᠂ ᠪᠠᠢᠰᠢᠩ᠎ᠤᠨ ᠥᠨᠴᠦᠭ ᠪᠤᠯᠤᠩ᠎ᠠᠴᠠ ᠠᠪᠤᠭᠠᠳ ᠪᠠᠢᠳᠠᠭ ᠡᠳ᠋ ᠲᠠᠸᠠᠷ᠎ᠲᠤᠨᠢ ᠬᠦᠷᠲᠡᠯ᠎ᠡ ᠨᠠᠷᠢᠨ ᠠᠵᠢᠭᠯᠠᠭᠰᠠᠭᠠᠷ ᠭᠡᠨᠡᠳᠲᠡ ᠡᠷ᠎ᠡ᠎ᠶᠢᠨ᠎ᠢᠶᠡᠨ ᠴᠢᠬᠢᠨ᠎ᠳᠦ:

《ᠡᠨᠳᠡ᠎ᠴᠢᠨᠢ ᠬᠤᠯᠠᠭᠠᠢᠯᠠᠨ ᠰᠣᠨᠤᠰᠬᠤ ᠮᠠᠰᠢᠨ᠎ᠦᠭᠡᠢ ᠪᠢᠵᠡ?》 ᠭᠡᠵᠦ ᠠᠰᠠᠭᠤᠪᠠ᠃

《ᠪᠠᠢᠪᠠᠯ ᠪᠠᠢᠭ ᠴᠠᠰᠢ᠎ᠨᠢ!》 ᠭᠡᠰᠡᠨ ᠣᠶᠤᠨᠪᠠᠲᠤ ᠬᠣᠭᠤᠯᠠᠢ᠎ᠪᠠᠨ ᠳᠡᠭᠡᠷᠡᠳᠡᠭᠦᠯᠦᠨ ᠵᠣᠷᠢᠭᠤᠳᠠ ᠶᠡᠬᠡ ᠳᠠᠭᠤᠨ᠎ᠢᠶᠠᠷ: 《ᠪᠢᠳᠡ ᠨᠢᠭᠡ ᠨᠠᠰᠤ᠎ᠪᠠᠷ᠎ᠢᠶᠠᠨ ᠲᠥᠪ ᠦᠨᠡᠨᠴᠢ ᠴᠢᠭᠡᠴᠢ ᠰᠢᠳᠤᠷᠭᠤ᠎ᠪᠠᠷ ᠶᠠᠪᠤᠵᠤ ᠢᠷᠡᠭᠰᠡᠨ ᠤᠯᠤᠰ᠃ ᠭᠡᠷ᠎ᠲᠡᠭᠡᠨ᠎ᠴᠦ ᠲᠡᠷᠡ᠂ ᠭᠠᠳᠠᠭ᠎ᠠ᠎ᠴᠤ ᠲᠡᠷᠡ᠂ ᠡᠭᠦᠷᠢᠳᠡ ᠨᠢᠭᠡ᠎ᠯᠡ ᠶᠠᠩᠵᠤ᠎ᠪᠠᠷ ᠬᠡᠯᠡᠵᠦ ᠶᠠᠷᠢᠵᠤ ᠶᠠᠪᠤᠳᠠᠭ ᠤᠯᠤᠰ ᠠ᠋! ᠮᠠᠨ᠎ᠳᠤ ᠨᠢᠭᠤᠵᠤ ᠳᠠᠯᠳᠠᠯᠠᠬᠤ ᠵᠦᠢᠯ ᠭᠡᠵᠦ ᠤᠭ᠎ᠠᠴᠠ ᠥᠴᠦᠬᠡᠨ᠎ᠴᠦ ᠪᠠᠢᠳᠠᠭ᠎ᠦᠭᠡᠢ᠃ ᠬᠤᠯᠠᠭᠠᠢᠯᠠᠵᠤ ᠰᠣᠨᠤᠰᠬᠤ ᠪᠠᠢᠲᠤᠭᠠᠢ ᠰᠢᠩᠭᠡᠭᠡᠭᠡᠳ ᠠᠪᠤᠭᠰᠠᠨ᠎ᠴᠤ ᠪᠣᠯᠤᠨ᠎ᠠ!》 ᠭᠡᠯ᠎ᠡ᠃ ᠲᠡᠳᠡ ᠬᠣᠶᠠᠷ ᠰᠢᠷᠡᠭᠡᠨ ᠳᠡᠭᠡᠷᠡᠬᠢ ᠮᠥᠩᠭᠦᠨ ᠴᠠᠭᠠᠰᠤ᠎ᠲᠠᠢ ᠲᠠᠮᠠᠬᠢ ᠪᠣᠯᠤᠨ ᠠᠩᠬᠢᠯᠤᠮ᠎ᠠ ᠰᠠᠢᠬᠠᠨ ᠴᠠᠢ᠎ᠶᠢ ᠨᠢᠭᠡ᠎ᠴᠦ ᠬᠥᠳᠡᠯᠭᠡᠭᠰᠡᠨ᠎ᠦᠭᠡᠢ᠃ ᠤᠳᠠᠭᠠᠨ ᠡᠳᠦᠷ ᠰᠠᠯᠵᠤ᠂ ᠦᠬᠦᠯ᠎ᠦᠨ ᠲᠠᠮᠤ᠎ᠪᠠᠨ ᠦᠵᠡᠭᠡᠳ ᠳᠠᠬᠢᠨ ᠤᠴᠠᠷᠠᠭᠰᠠᠨ ᠡᠷ᠎ᠡ ᠡᠮ᠎ᠡ ᠬᠣᠶᠠᠭᠤᠯᠠ ᠬᠡᠯᠡᠭᠡᠳ ᠦᠯᠦ ᠪᠠᠷᠠᠬᠤ ᠦᠭᠡ᠂ ᠲᠣᠭᠠᠴᠢᠭᠠᠳ ᠦᠯᠦ ᠪᠠᠷᠠᠬᠤ ᠵᠣᠪᠠᠯᠠᠩ᠎ᠢᠶᠠᠨ ᠶᠠᠷᠢᠯᠴᠠᠭᠰᠠᠭᠠᠷ ᠪᠠᠢᠲᠠᠯ᠎ᠠ ᠰᠥᠨᠢ ᠳᠦᠯᠢ ᠥᠩᠭᠡᠷᠡᠪᠡ᠃ ᠭᠡᠭᠡᠨ ᠰᠠᠷᠠᠨ᠎ᠤ ᠭᠡᠷᠡᠯ ᠨᠢᠮᠭᠡᠨ ᠱᠠ᠎ᠪᠠᠷ ᠬᠢᠭᠰᠡᠨ ᠴᠣᠩᠬᠤᠨ ᠬᠥᠰᠢᠭᠡ᠎ᠶᠢ ᠨᠡᠪᠲᠡᠯᠵᠦ ᠲᠡᠳᠡ ᠬᠣᠶᠠᠷ᠎ᠤᠨ ᠨᠢᠭᠤᠷ ᠳᠡᠭᠡᠷ᠎ᠡ ᠲᠣᠰᠤᠨ᠎ᠠ᠃ ᠣᠶᠤᠨᠪᠠᠲᠤ᠎ᠶᠢᠨ ᠨᠢᠳᠦᠨ᠎ᠡᠴᠡ ᠭᠡᠷᠡᠯᠲᠦᠭᠰᠡᠨ ᠣᠶᠤᠨ᠎ᠤ ᠣᠴᠢ ᠦᠨᠡᠨᠴᠢ ᠰᠡᠳᠭᠢᠯ᠎ᠦᠨ ᠬᠢᠨᠢ ᠨᠠᠮ ᠲᠣᠭᠲᠠᠭᠤᠨ᠎ᠢ ᠬᠠᠷᠠᠭᠤᠯᠤᠨ᠎ᠠ᠃ ᠭᠡᠲᠡᠯ᠎ᠡ ᠡᠨᠡ᠎ᠬᠦ ᠤᠬᠠᠭᠠᠨ ᠲᠥᠬᠦᠭᠡ᠎ᠶᠢ᠎ᠨᠢ ᠣᠯᠬᠤ᠎ᠦᠭᠡᠢ ᠠᠭᠤᠯᠵᠠᠯᠲᠠ ᠪᠣᠯᠤᠨ ᠵᠡᠭᠦᠳᠦᠨ᠎ᠳᠦ ᠣᠷᠤᠮ᠎ᠠ᠎ᠦᠭᠡᠢ 《ᠬᠠᠷᠠᠭᠠᠯᠵᠠᠯ》᠎ᠢ ᠪᠣᠳᠤᠬᠤ ᠲᠤᠰᠤᠮ ᠲᠡᠳᠡ ᠬᠣᠶᠠᠷ᠎ᠤᠨ ᠳᠣᠲᠤᠷ᠎ᠠ ᠠᠮᠤᠷ᠎ᠦᠭᠡᠢ ᠪᠣᠯᠵᠤ ᠶᠠᠭ᠎ᠯᠠ ᠴᠠᠭ᠎ᠲᠠᠢ ᠳᠡᠯᠪᠡᠷᠡᠬᠦ ᠪᠥᠮᠪᠦᠭᠡ ᠳᠡᠭᠡᠷ᠎ᠡ ᠰᠠᠭᠤᠭᠰᠠᠨ ᠮᠡᠲᠦ ᠲᠣᠭᠲᠠᠵᠤ ᠶᠠᠳᠠᠨ᠎ᠠ᠃ ᠲᠡᠳᠡ ᠬᠠᠶᠠ ᠬᠥᠮᠦᠰᠭᠡ ᠵᠠᠩᠭᠢᠳᠤᠨ ᠪᠣᠳᠤᠯᠬᠢᠯᠠᠵᠤ᠂ ᠪᠠᠢᠨ ᠪᠠᠢᠨ ᠨᠢᠭᠡ ᠵᠦᠢᠯ᠎ᠦᠨ ᠲᠠᠭᠠᠮᠠᠭᠯᠠᠯ ᠳᠤᠷᠠᠳᠤᠨ ᠶᠠᠷᠢᠯᠴᠠᠭᠰᠠᠭᠠᠷ ᠪᠠᠢᠲᠠᠯ᠎ᠠ ᠭᠡᠭᠡ ᠣᠷᠤᠯ᠎ᠠ᠃

ᠥᠷᠯᠦᠭᠡ᠎ᠶᠢᠨ ᠬᠣᠭᠤᠯᠠ ᠢᠳᠡᠬᠦ ᠵᠠᠭᠤᠷ᠎ᠠ᠂ ᠲᠣᠷᠭᠠᠨᠲᠠᠯ᠎ᠠ ᠭᠡᠨᠡᠳᠲᠡ ᠰᠢ ᠵᠦᠴᠦᠭᠡ᠂ ᠺᠢᠨᠣ᠋᠂ ᠤᠷᠠᠨ ᠵᠣᠬᠢᠶᠠᠯ᠎ᠤᠳ᠎ᠲᠤ ᠭᠠᠷᠳᠠᠭ ᠰᠣᠨᠢᠷᠬᠠᠯ᠎ᠲᠠᠢ ᠵᠦᠢᠯ᠎ᠢ ᠪᠣᠳᠤᠵᠤ ᠣᠯᠪᠠ: ᠵᠢᠱ᠌ᠢᠶᠡᠯᠡᠪᠡᠯ᠂ ᠳᠠᠢᠰᠤᠨ᠂ ᠮᠠᠨ᠎ᠤ ᠨᠠᠮ ᠪᠣᠯᠤᠨ ᠴᠡᠷᠢᠭ᠎ᠦᠨ ᠨᠢᠭᠤᠴᠠ᠎ᠶᠢ ᠮᠡᠳᠡᠬᠦ᠎ᠶᠢᠨ ᠲᠥᠯᠦᠭᠡ ᠪᠠᠷᠢᠪᠴᠢᠯᠠᠭᠳᠠᠭᠰᠠᠨ ᠬᠤᠪᠢᠰᠭᠠᠯᠴᠢᠳ᠎ᠢ ᠶᠠᠩᠵᠤ ᠪᠦᠷᠢ᠎ᠪᠡᠷ ᠡᠷᠡᠭᠦᠳᠡᠨ ᠲᠠᠮᠤᠯᠠᠳᠠᠭ ᠪᠤᠶᠤ ᠡᠷᠬᠢᠮ ᠵᠡᠷᠭᠡ ᠡᠳ᠋ ᠮᠥᠩᠭᠦ᠂ ᠥᠩᠭᠡ ᠵᠢᠰᠦ᠎ᠪᠡᠷ ᠲᠠᠲᠠᠬᠤ ᠵᠡᠷᠭᠡ ᠠᠷᠭ᠎ᠠ ᠪᠦᠬᠦᠨ᠎ᠢ ᠬᠠᠪᠰᠤᠷᠭᠠᠨ ᠬᠡᠷᠡᠭᠯᠡᠳᠡᠭ ᠭᠡᠳᠡᠭ᠎ᠰᠡᠨ᠃ ᠡᠨᠡ᠎ᠴᠢᠨᠢ ᠶᠠᠭ ᠳᠠᠢᠰᠤᠨ ᠡᠲᠡᠭᠡᠳ ᠬᠤᠪᠢᠰᠭᠠᠯᠴᠢᠳ᠎ᠲᠤ ᠠᠪᠳᠠᠭ ᠬᠠᠲᠠᠭᠤ ᠵᠥᠭᠡᠯᠡᠨ᠎ᠢ ᠬᠣᠣᠰᠯᠠᠭᠤᠯᠵᠤ ᠪᠠᠢᠭ᠎ᠠ ᠬᠤᠤᠪᠢᠯᠳᠤᠯᠭ᠎ᠠ ᠪᠢᠰᠢ᠎ᠦᠦ?

ᠣᠶᠤᠨᠪᠠᠲᠤ ᠰᠣᠨᠤᠰᠤᠭᠠᠳ ᠶᠡᠬᠡᠯ᠎ᠡ ᠢᠨᠢᠶᠡᠳᠦ ᠠᠯᠳᠠᠨ᠂ ᠬᠣᠱᠤᠩᠨᠠᠭᠰᠠᠨ ᠪᠠᠢᠳᠠᠯ᠎ᠢᠶᠠᠷ:

《ᠲᠡᠭᠡᠪᠡᠯ ᠴᠢ᠎ᠴᠢᠨᠢ ᠥᠴᠦᠭᠡᠳᠦᠷ ᠰᠥᠨᠢ ᠭᠣᠶᠤ ᠡᠬᠡᠨᠡᠷ᠎ᠦᠨ ᠣᠷᠤᠨ᠎ᠳᠤ ᠢᠷᠡᠭᠰᠡᠨ᠎ᠶᠦᠮ ᠪᠠᠢᠨ᠎ᠠ ᠰᠢᠳᠡ᠃ ᠭᠡᠪᠡᠴᠦ ᠳᠥᠴᠢ ᠭᠠᠷᠤᠭᠠᠳ ᠲᠠᠪᠢ ᠰᠢᠬᠠᠭᠰᠠᠨ ᠬᠥᠭᠰᠢᠨ᠎ᠮᠢᠨᠢ ᠴᠢ ᠬᠥᠮᠦᠨ᠎ᠳᠦ ᠲᠣᠭᠤᠭᠳᠠᠬᠤ᠎ᠠᠴᠠ᠎ᠪᠠᠨ ᠥᠩᠭᠡᠷᠡᠴᠢᠬᠡᠵᠡᠢ᠃ ᠬᠡᠷᠪᠡ ᠬᠣᠷᠢᠨ ᠵᠢᠯ᠎ᠦᠨ ᠡᠮᠦᠨᠡᠬᠢ ᠪᠢᠳᠡ ᠬᠣᠶᠠᠷ᠎ᠤᠨ ᠰᠠᠶᠢ ᠬᠤᠷᠢᠮᠯᠠᠬᠤ ᠦᠶ᠎ᠡ᠎ᠰᠢᠭ ᠪᠠᠢᠭᠰᠠᠨ ᠪᠣᠯ ᠬᠠᠷᠢᠨ ᠨᠡᠯᠢᠶᠡᠳ ᠦᠢᠯᠡᠳᠦᠯ ᠦᠵᠡᠭᠦᠯᠵᠦ᠎ᠴᠦ ᠮᠡᠳᠡᠬᠦ ᠪᠠᠢᠬᠤ ᠁》 ᠭᠡᠰᠡᠨ᠎ᠳᠦ ᠲᠣᠷᠭᠠᠨᠲᠠᠯ᠎ᠠ ᠪᠠᠰᠠ ᠬᠠᠳᠠᠭᠠᠨᠠᠲᠠᠯ᠎ᠠ ᠢᠨᠢᠶᠡᠪᠡ᠃

ᠢᠨᠢᠶᠡᠳᠦ᠎ᠨᠢ ᠳᠥᠩᠭᠡᠵᠢ ᠵᠣᠭᠰᠤᠬᠤ ᠦᠶ᠎ᠡ᠎ᠳᠦ ᠥᠴᠦᠭᠡᠳᠦᠷ᠎ᠦᠨ ᠥᠨᠥ ᠬᠣᠶᠠᠷ ᠴᠡᠷᠢᠭ ᠣᠷᠤᠵᠤ ᠢᠷᠡᠭᠡᠳ: 《ᠰᠧᠯᠢᠩ ᠳᠠᠷᠤᠭ᠎ᠠ ᠴᠢᠮ᠎ᠠ᠎ᠲᠠᠢ ᠠᠭᠤᠯᠵᠠᠬᠤ ᠭᠡᠨ᠎ᠡ᠂ ᠣᠳᠣ ᠶᠠᠪᠤᠶ᠎ᠠ!》 ᠭᠡᠵᠦ ᠣᠶᠤᠨᠪᠠᠲᠤ᠎ᠳᠤ ᠬᠡᠯᠡᠪᠡ᠃

ᠣᠶᠤᠨᠪᠠᠲᠤ᠂ ᠡᠬᠡᠨᠡᠷ᠎ᠦᠨ᠎ᠢᠶᠡᠨ ᠵᠢᠭᠠᠬᠠᠨ ᠲᠣᠭᠲᠠᠪᠤᠷᠢ᠎ᠦᠭᠡᠢ ᠪᠣᠯᠤᠭᠰᠠᠨ ᠪᠠᠢᠳᠠᠯ᠎ᠢ ᠦᠵᠡᠭᠡᠳ᠂ ᠮᠣᠩᠭᠤᠯ᠎ᠢᠶᠠᠷ ᠪᠠᠬᠠᠨ ᠲᠠᠢᠳᠭᠤᠷᠠᠭᠤᠯᠬᠤ ᠦᠭᠡ ᠬᠡᠯᠡᠭᠡᠳ ᠲᠤᠢᠯ᠎ᠤᠨ ᠳᠣᠲᠤᠨᠤᠰᠤᠭ ᠬᠠᠷᠠᠴᠠ᠎ᠪᠠᠷ ᠨᠢᠭᠡ ᠰᠢᠷᠲᠡᠵᠦ ᠠᠪᠤᠭᠠᠳ ᠬᠣᠶᠠᠷ ᠴᠡᠷᠢᠭ᠎ᠲᠡᠢ ᠬᠠᠮᠲᠤ ᠭᠠᠷᠴᠤ ᠶᠠᠪᠤᠯ᠎ᠠ᠃

ᠱᠠᠩᠬᠠᠢ ᠱᠣᠰᠢᠭᠠᠳᠤ ᠪᠠᠭ᠎ᠠ ᠮᠠᠰᠢᠨ ᠬᠡᠳᠦ ᠬᠡᠳᠦᠨ ᠳᠠᠪᠬᠤᠷ ᠴᠠᠭᠳᠠᠯᠲᠠ᠎ᠶᠢ ᠥᠩᠭᠡᠷᠡᠭᠡᠵᠦ ᠰᠧᠯᠢᠩ ᠳᠠᠷᠤᠭ᠎ᠠ᠎ᠶᠢᠨ ᠠᠯᠪᠠᠨ ᠭᠠᠵᠠᠷ ᠬᠦᠷᠴᠦ ᠢᠷᠡᠯ᠎ᠡ᠃

ᠣᠶᠤᠨᠪᠠᠲᠤ᠂ 《ᠦᠭᠡ᠎ᠶᠢᠨ ᠲᠡᠭᠦᠪᠦᠷᠢ》᠎ᠪᠡᠨ ᠡᠮᠦᠨ᠎ᠡ᠎ᠪᠡᠨ ᠪᠠᠷᠢᠵᠤ᠂ ᠰᠧᠯᠢᠩ ᠳᠠᠷᠤᠭ᠎ᠠ᠎ᠶᠢᠨ ᠠᠯᠪᠠᠨ ᠭᠡᠷ᠎ᠲᠦ ᠣᠷᠤᠬᠤ᠎ᠳᠤ᠂ 《ᠮᠠᠯᠲᠠᠵᠤ ᠠᠷᠢᠯᠭᠠᠬᠤ》 ᠬᠥᠳᠡᠯᠭᠡᠭᠡᠨ᠎ᠦ ᠳᠡᠳ᠋ ᠶᠡᠷᠦᠩᠬᠡᠢ ᠵᠢᠯᠤᠭᠤᠳᠤᠭᠴᠢ ᠪᠥᠭᠡᠳ ᠲᠤᠰᠭᠠᠢ ᠬᠡᠷᠡᠭ᠎ᠦᠨ ᠳᠤᠭᠤᠢᠯᠠᠩ᠎ᠤᠨ ᠳᠠᠷᠤᠭ᠎ᠠ ᠰᠢᠳᠠᠮ ᠳᠠᠯᠠᠢ ᠪᠠᠰᠠ ᠰᠧᠯᠢᠩ᠎ᠦᠨ ᠳᠡᠷᠭᠡᠳᠡ ᠰᠠᠭᠤᠵᠤ ᠪᠠᠢᠯ᠎ᠠ᠃

ᠬᠣᠨᠢᠨ ᠮᠢᠬᠠᠨ᠎ᠳᠤ ᠬᠣᠪᠳᠤᠭ ᠴᠢᠨᠤ᠎ᠠ᠎ᠶᠢᠨ ᠰᠢᠨᠤᠯ᠎ᠲᠠᠢ ᠰᠧᠯᠢᠩ ᠳᠠᠷᠤᠭ᠎ᠠ᠎ᠶᠢᠨ ᠲᠠᠭᠳᠠᠭᠠᠷ ᠪᠡᠶ᠎ᠡ᠎ᠨᠢ ᠥᠨᠳᠦᠷ᠎ᠢᠶᠡᠷ᠎ᠢᠶᠡᠨ ᠦᠯᠡᠭᠳᠡᠵᠦ ᠥᠷᠭᠡᠨ᠎ᠢᠶᠡᠷ᠎ᠢᠶᠡᠨ ᠵᠤᠵᠠᠭᠠᠷᠠᠭᠠᠳ ᠥᠪᠦᠷ ᠮᠣᠩᠭᠤᠯ᠎ᠳᠤ ᠰᠠᠶᠢ ᠢᠷᠡᠭᠰᠡᠨ᠎ᠲᠡᠢ᠎ᠨᠢ ᠠᠳᠠᠯᠢᠳᠭᠠᠪᠠᠯ ᠦᠨᠡᠬᠡᠷ ᠪᠣᠷᠳᠤᠭᠠᠨ ᠭᠠᠬᠠᠢ᠎ᠰᠢᠭ᠋ ᠪᠣᠯᠵᠠᠢ᠃ ᠲᠡᠷᠡ᠂ ᠨᠢᠭᠤᠷ ᠦᠵᠡᠭᠳᠡᠮ᠎ᠡ ᠥᠩᠭᠡ᠎ᠲᠡᠢ ᠥᠷᠭᠡᠨ ᠰᠢᠷᠡᠭᠡᠨ᠎ᠦ ᠴᠠᠭᠠᠨ᠎ᠠ ᠶᠡᠬᠡᠮᠰᠦᠭ ᠳᠦᠷᠢ᠎ᠪᠡᠷ ᠰᠠᠭᠤᠭᠠᠳ᠂ ᠣᠶᠤᠨᠪᠠᠲᠤ᠎ᠶᠢᠨ ᠵᠦᠭ 《ᠰᠠᠭᠤ》 ᠭᠡᠰᠡᠨ ᠮᠠᠶᠢ᠍ᠭ᠎ᠲᠠᠢ ᠨᠢᠭᠡ ᠳᠣᠬᠢᠵᠤ᠂ ᠰᠠᠷᠭᠢᠶ᠎ᠠ ᠪᠦᠳᠦᠭᠦᠨ ᠬᠣᠭᠤᠯᠠᠢ᠎ᠪᠠᠨ ᠰᠢᠬᠠᠵᠤ ᠳᠣᠲᠤᠷ᠎ᠠ ᠭᠠᠵᠠᠷ᠎ᠤᠨ ᠬᠢᠲᠠᠳ ᠬᠡᠯᠡ᠎ᠪᠡᠷ:

《ᠶᠠᠭᠤᠨ᠎ᠳᠤ ᠴᠢᠮᠠᠢ ᠰᠤᠯᠠᠯᠠᠭᠰᠠᠨ᠎ᠢ ᠮᠡᠳᠡᠵᠦ ᠪᠠᠢᠨ᠎ᠠ᠎ᠤᠤ?》 ᠭᠡᠰᠡᠨ᠎ᠳᠦ ᠣᠶᠤᠨᠪᠠᠲᠤ ᠰᠢᠪ ᠰᠢᠭᠤᠳᠬᠠᠨ᠎ᠢᠶᠠᠷ:

《ᠮᠡᠳᠡᠬᠦ᠎ᠦᠭᠡᠢ》 ᠭᠡᠪᠡ᠃

《ᠡᠩ᠂ ᠴᠢ ᠮᠡᠳᠡᠬᠦ᠎ᠦᠭᠡᠢ ᠪᠠᠢᠬᠤ᠎ᠨᠢ ᠶᠠᠷᠢᠶᠠᠨ᠎ᠦᠭᠡᠢ》 ᠭᠡᠳ ᠰᠧᠯᠢᠩ ᠶᠡᠬᠡᠯ᠎ᠡ ᠰᠦᠷ ᠮᠠᠨᠳᠤᠭᠤᠯᠤᠨ ᠭᠠᠷ᠎ᠲᠠᠬᠢ ᠬᠠᠷᠠᠨᠳᠠ᠎ᠪᠠᠨ ᠡᠷᠭᠢᠯᠳᠦᠭᠦᠯᠦᠨ ᠨᠠᠭᠠᠳᠤᠭᠰᠠᠭᠠᠷ ᠣᠶᠤᠨᠪᠠᠲᠤ᠎ᠶᠢ ᠰᠢᠷᠦᠭᠦᠨ ᠭᠡᠭᠴᠢ ᠰᠢᠷᠲᠡᠵᠦ: 《ᠴᠢ ᠬᠡᠳᠦᠢᠪᠡᠷ ᠥᠪᠡᠷ᠎ᠦᠨ ᠶᠠᠯ᠎ᠠ᠎ᠪᠠᠨ ᠪᠦᠷᠢᠮᠦᠰᠦᠨ ᠲᠤᠢᠯᠪᠤᠷᠢᠲᠠᠢ ᠲᠤᠰᠢᠶᠠᠭᠰᠠᠨ᠎ᠦᠭᠡᠢ ᠪᠣᠯᠪᠠᠴᠤ ᠮᠠᠨ᠎ᠤ ᠤᠯᠠᠭᠠᠨ ᠵᠠᠰᠠᠭ ᠮᠥᠨ ᠴᠢᠮᠠᠢ ᠢᠲᠡᠭᠡᠭᠰᠡᠭᠡᠷ ᠪᠠᠢᠨ᠎ᠠ᠃ ᠣᠳᠣ ᠪᠢ ᠴᠢᠮ᠎ᠠ᠎ᠳᠤ ᠨᠢᠭᠡ ᠣᠨᠴᠤᠭᠤᠢ ᠁ ᠠ! ᠶᠠᠷᠢᠶᠠᠨ᠎ᠦᠭᠡᠢ᠎ᠴᠤ ᠢᠷᠠᠭᠤ ᠠᠯᠳᠠᠷᠲᠠᠢ ᠡᠭᠦᠷᠭᠡ ᠲᠤᠰᠢᠶᠠᠵᠤ ᠥᠭᠭᠦᠶ᠎ᠡ! ᠮᠠᠷᠭᠠᠰᠢ ᠮᠠᠨ᠎ᠤ ᠥᠪᠦᠷ ᠮᠣᠩᠭᠤᠯ᠎ᠳᠤ ᠭᠠᠳᠠᠭᠠᠳᠤ᠎ᠶᠢᠨ ᠨᠢᠭᠡᠨ ᠵᠣᠴᠢᠨ ᠢᠷᠡᠬᠦ ᠪᠣᠯᠤᠨ᠎ᠠ᠃ ᠲᠡᠷᠡ ᠪᠣᠯ ᠤᠤᠯ ᠨᠤᠲᠤᠭ᠎ᠤᠨ᠎ᠴᠢᠨᠢ ᠬᠥᠮᠦᠨ ᠪᠥᠭᠡᠳ ᠶᠠᠫᠤᠨ᠎ᠳᠤ ᠰᠤᠷᠤᠯᠴᠠᠵᠤ ᠪᠠᠢᠭᠰᠠᠨ ᠦᠶ᠎ᠡ᠎ᠶᠢᠨ᠎ᠴᠢᠨᠢ ᠬᠠᠮᠲᠤ ᠰᠤᠷᠤᠭᠴᠢ ᠨᠠᠰᠤᠲᠤ ᠪᠣᠯᠤᠨ᠎ᠠ ᠁》 ᠭᠡᠵᠦ ᠵᠠᠷᠯᠢᠭᠳᠠᠨ ᠵᠠᠩᠳᠤᠴᠢᠵᠤ ᠪᠠᠢᠬᠤ᠎ᠰᠢᠭ᠋ ᠬᠡᠯᠡᠪᠡ᠃

ᠣᠶᠤᠨᠪᠠᠲᠤ ᠰᠣᠨᠤᠰᠤᠭᠠᠳ ᠳᠣᠲᠤᠷ᠎ᠠ᠎ᠪᠠᠨ ᠨᠡᠯᠢᠶᠡᠳ ᠣᠯᠠᠨ ᠶᠠᠭᠤᠮ᠎ᠠ ᠪᠣᠳᠤᠪᠠ᠃

ᠰᠧᠯᠢᠩ ᠦᠭᠡ᠎ᠪᠡᠨ ᠵᠠᠯᠭᠠᠵᠤ: 《᠁ ᠡᠨᠡ ᠬᠥᠮᠦᠨ ᠣᠳᠣ ᠪᠣᠯ ᠶᠠᠫᠤᠨ᠎ᠳᠤ ᠰᠠᠭᠤᠭ᠎ᠠ ᠳᠤᠮᠳᠠᠳᠤ᠎ᠶᠢᠨ ᠬᠠᠷᠢᠶᠠᠲᠤ᠎ᠨᠠᠷ᠎ᠤᠨ ᠶᠡᠷᠦᠩᠬᠡᠢ ᠡᠪᠯᠡᠯ᠎ᠦᠨ ᠭᠣᠣᠯ ᠲᠣᠯᠤᠭᠠᠢᠯᠠᠭᠴᠢᠳ᠎ᠤᠨ ᠨᠢᠭᠡ᠎ᠨᠢ ᠪᠣᠯᠬᠤ ᠪᠥᠭᠡᠳ ᠳᠤᠮᠳᠠᠳᠤ ᠶᠠᠫᠤᠨ ᠬᠣᠶᠠᠷ ᠤᠯᠤᠰ᠎ᠤᠨ ᠠᠷᠠᠳ ᠲᠦᠮᠡᠨ᠎ᠦ ᠨᠥᠬᠦᠷᠯᠡᠯ᠎ᠦᠨ ᠬᠥᠭᠵᠢᠯᠲᠡ᠂ ᠬᠣᠶᠠᠷ ᠤᠯᠤᠰ᠎ᠤᠨ ᠡᠮ ᠡᠮᠨᠡᠯᠭᠡ᠎ᠶᠢᠨ ᠦᠢᠯᠡᠰ᠎ᠦᠨ ᠬᠠᠮᠲᠤᠷᠠᠨ ᠠᠵᠢᠯᠯᠠᠬᠤ᠎ᠳᠤ ᠴᠥᠮ ᠨᠡᠯᠢᠶᠡᠳ ᠭᠠᠪᠢᠶ᠎ᠠ ᠵᠢᠳᠭᠦᠯ ᠦᠵᠡᠭᠦᠯᠦᠭᠰᠡᠨ᠎ᠶᠦᠮ》 ᠭᠡᠪᠡ᠃ ᠪᠢᠯᠳᠠᠤᠴᠢ ᠵᠠᠩ᠎ᠲᠠᠢ ᠰᠢᠳᠠᠮ ᠰᠧᠯᠢᠩ᠎ᠦᠨ ᠦᠭᠡ᠎ᠶᠢ ᠡᠯᠭᠦᠵᠦ ᠠᠪᠤᠭᠠᠳ:

《ᠲᠡᠷᠡ ᠬᠥᠮᠦᠨ᠎ᠦ ᠡᠬᠡ ᠣᠷᠤᠨ ᠪᠣᠯᠤᠨ ᠨᠠᠮ᠎ᠳᠠᠭᠠᠨ ᠬᠠᠨᠳᠤᠬᠤ ᠣᠪᠤᠷ᠎ᠨᠢ ᠬᠠᠷᠢᠨ ᠴᠢᠮ᠎ᠠ᠎ᠲᠠᠢ ᠡᠷᠡᠰ ᠣᠨᠳᠣᠣ ᠰᠢᠤ》 ᠭᠡᠵᠦ ᠬᠤᠷᠤᠭᠤᠨ᠎ᠳᠠᠭᠠᠨ ᠬᠠᠪᠴᠢᠭᠰᠠᠨ ᠶᠠᠩᠵᠤᠤᠷ᠎ᠤᠨ ᠦᠨᠡᠰᠦ᠎ᠶᠢ ᠬᠦᠴᠦᠲᠡᠢᠬᠡᠨ ᠨᠢᠰᠠᠯᠤᠭᠰᠠᠭᠠᠷ ᠬᠡᠯᠡᠨ᠎ᠡ᠃

ᠰᠧᠯᠢᠩ ᠳᠠᠷᠤᠭ᠎ᠠ ᠮᠣᠨᠴᠤᠭᠤᠷ ᠲᠠᠷᠭᠤᠨ ᠲᠣᠯᠤᠭᠠᠢ᠎ᠪᠠᠨ ᠳᠣᠬᠢᠰᠬᠢᠭᠡᠳ: 《ᠲᠡᠢᠮᠦ ᠰᠢᠦ! ᠵᠠᠷᠢᠮ ᠬᠥᠮᠦᠨ ᠠᠰ᠎ᠤᠨ ᠪᠡᠶ᠎ᠡ᠎ᠨᠢ ᠭᠠᠳᠠᠭᠠᠳᠤ᠎ᠳᠤ ᠪᠠᠢᠪᠠᠴᠤ ᠠᠶᠤᠤᠯᠢᠬᠠᠢ ᠴᠡᠭᠡᠵᠢᠨ᠎ᠳᠡᠭᠡᠨ ᠡᠬᠡ ᠣᠷᠤᠨ᠎ᠢᠶᠠᠨ ᠪᠣᠳᠤᠳᠠᠭ᠂ ᠭᠡᠲᠡᠯ᠎ᠡ ᠮᠠᠨ᠎ᠤ ᠡᠨᠳᠡᠬᠢ᠎ᠶᠢᠨ ᠵᠠᠷᠢᠮ᠎ᠨᠢ ᠬᠠᠷᠢᠨ ᠠᠷᠠᠳ ᠲᠦᠮᠡᠨ᠎ᠦ ᠲᠠᠷᠢᠭᠰᠠᠨ ᠲᠤᠲᠤᠷᠭ᠎ᠠ ᠴᠠᠭᠠᠨ ᠭᠤᠯᠢᠷ᠎ᠢᠶᠠᠷ ᠭᠡᠳᠡᠰᠦ᠎ᠪᠡᠨ ᠪᠣᠷᠳᠤᠵᠤ᠂ ᠤᠯᠤᠰ᠎ᠤᠨ ᠬᠥᠷᠦᠩᠭᠡ ᠮᠥᠩᠭᠦ᠎ᠪᠡᠷ ᠭᠡᠷ᠎ᠢᠶᠡᠨ ᠪᠠᠶᠠᠵᠢᠭᠤᠯᠤᠭᠠᠳ᠂ ᠳᠠᠩᠳᠠ ᠮᠠᠭᠤ ᠬᠡᠷᠡᠭ ᠦᠢᠯᠡᠳᠴᠦ ᠪᠠᠢᠨ᠎ᠠ ᠁ ᠵᠠ ᠪᠣᠯᠵᠠᠢ᠂ ᠥᠨᠥᠳᠦᠷ ᠡᠳᠡᠭᠡᠷ᠎ᠢ ᠨᠤᠷᠱᠤᠬᠤ᠎ᠪᠠᠨ ᠪᠣᠯᠢᠶ᠎ᠠ! ᠭᠠᠳᠠᠭᠠᠳᠤ᠎ᠶᠢᠨ ᠵᠣᠴᠢᠨ ᠢᠷᠡᠨ᠎ᠡ ᠭᠡᠵᠦ ᠪᠠᠢᠬᠤ᠎ᠳᠤ ᠪᠢᠳᠡ ᠤᠭᠲᠤᠬᠤ᠎ᠦᠭᠡᠢ ᠭᠡᠬᠦ᠎ᠦᠭᠡᠢ᠂ ᠬᠥᠮᠦᠨ ᠴᠢᠮ᠎ᠠ᠎ᠲᠠᠢ ᠵᠣᠯᠭᠠᠨ᠎ᠠ ᠭᠡᠵᠦ ᠪᠠᠢᠬᠤ᠎ᠳᠤ ᠪᠢᠳᠡ ᠪᠠᠰᠠ ᠵᠥᠪᠰᠢᠶᠡᠷᠡᠬᠦ᠎ᠦᠭᠡᠢ ᠪᠠᠢᠵᠤ ᠪᠣᠯᠬᠤ᠎ᠦᠭᠡᠢ ᠰᠢᠦ ᠳ᠋ᠠ ᠁》 ᠭᠡᠵᠦ ᠬᠡᠯᠡᠭᠡᠳ ᠡᠷᠭᠢᠨ ᠬᠠᠷᠠᠵᠤ ᠰᠢᠳᠠᠮ᠎ᠠᠴᠠ: 《ᠡᠭᠦᠨ᠎ᠢ ᠥᠨᠥ ᠭᠡᠷ᠎ᠲᠦᠨᠢ ᠣᠷᠤᠭᠤᠯᠴᠢᠬᠠᠭᠰᠠᠨ᠎ᠤᠤ? ᠶᠠᠮᠠᠷ᠎ᠰᠢᠭ᠋ ᠲᠥᠪᠬᠢᠨᠡᠭᠦᠯᠪᠡ ᠳ᠋ᠠ ?》 ᠭᠡᠵᠦ ᠠᠰᠠᠭᠤᠬᠤ᠎ᠳᠤ᠂ ᠰᠢᠳᠠᠮ ᠳᠣᠣᠷ᠎ᠠ᠎ᠪᠠᠨ ᠪᠣᠰᠴᠤ ᠵᠣᠭᠰᠤᠭᠠᠳ:

《ᠪᠦᠷ ᠰᠠᠢᠬᠠᠨ ᠲᠥᠪᠬᠢᠨᠡᠭᠦᠯᠴᠢᠬᠡᠭᠰᠡᠨ ᠡ!》 ᠭᠡᠵᠦ ᠴᠢᠷᠠᠢ ᠳᠦᠭᠦᠷᠡᠩ ᠢᠨᠢᠶᠡᠵᠦ ᠬᠠᠷᠢᠭᠤᠯᠤᠭᠠᠳ᠂ ᠣᠶᠤᠨᠪᠠᠲᠤ ᠥᠭᠡᠳᠡ ᠬᠠᠷᠠᠵᠤ 《ᠶᠠᠮᠠᠷ ᠪᠤᠢ? ᠤᠤᠯ᠎ᠤᠨ ᠬᠠᠷ᠎ᠠ ᠭᠡᠷ᠎ᠡᠴᠡ᠎ᠴᠢᠨᠢ ᠬᠠᠮᠢᠶ᠎ᠠ᠎ᠦᠭᠡᠢ ᠭᠠᠩᠭᠠᠩ ᠪᠢᠰᠢ᠎ᠦᠦ?》 ᠭᠡᠨ᠎ᠡ᠃

ᠣᠶᠤᠨᠪᠠᠲᠤ ᠰᠡᠭᠡᠰᠬᠢᠨ ᠤᠬᠠᠭᠠᠷᠠᠵᠤ᠂ ᠳᠣᠲᠤᠷ᠎ᠠ᠎ᠨᠢ ᠤᠯᠠᠮ ᠪᠠᠴᠢᠮᠳᠠᠨ᠂ ᠥᠪᠡᠷ᠎ᠦᠨ ᠡᠷᠬᠡ᠎ᠦᠭᠡᠢ ᠣᠷᠤᠨ᠎ᠠᠴᠠ᠎ᠪᠠᠨ ᠪᠣᠰᠴᠤ ᠵᠣᠭᠰᠤᠭᠠᠳ᠂ ᠰᠧᠯᠢᠩ ᠳᠠᠷᠤᠭ᠎ᠠ᠎ᠶᠢᠨ ᠡᠰᠡᠷᠭᠦ ᠠᠷᠠᠢ᠎ᠯᠠ 《ᠨᠥᠬᠦᠷ ᠡ》 ᠭᠡᠵᠦ ᠳᠠᠭᠤᠳᠠᠴᠢᠬᠠᠬᠤ ᠰᠢᠬᠠᠯ᠎ᠠ᠃ ᠰᠣᠶᠤᠯ᠎ᠤᠨ ᠬᠤᠪᠢᠰᠭᠠᠯ᠎ᠤᠨ ᠡᠬᠢᠨ᠎ᠦ ᠦᠶ᠎ᠡ᠎ᠳᠦ ᠤᠳᠠᠭᠠᠨ ᠵᠢᠯ᠎ᠦᠨ ᠵᠠᠩᠰᠢᠯ ᠵᠤᠷᠰᠢᠯ᠎ᠢᠶᠠᠷ᠎ᠢᠶᠠᠨ ᠬᠤᠪᠢᠰᠭᠠᠯᠲᠤ ᠣᠯᠠᠨ ᠲᠦᠮᠡᠨ᠎ᠢ 《ᠨᠥᠬᠦᠷ》 ᠭᠡᠵᠦ ᠳᠠᠭᠤᠳᠠᠭᠠᠳ ᠪᠠᠭ᠎ᠠ᠎ᠦᠭᠡᠢ ᠣᠯᠠᠨ ᠬᠠᠴᠠᠷ᠎ᠢᠶᠠᠨ ᠬᠠᠰᠢᠭᠤᠯᠤᠭᠰᠠᠨ ᠪᠢᠯᠡ᠃ ᠣᠳᠣ ᠡᠨᠡ ᠳᠠᠳᠭᠠᠯ᠎ᠢᠶᠠᠨ ᠶᠠᠭᠤ᠎ᠴᠤ ᠭᠡᠰᠡᠨ ᠴᠢᠳᠠᠨ ᠶᠠᠳᠠᠨ ᠬᠠᠯᠠᠵᠤ ᠳᠡᠢᠯᠦᠯ᠎ᠡ᠃ ᠲᠡᠷᠡ ᠥᠪ ᠦᠨᠡᠨ ᠭᠤᠶᠤᠴᠢᠯᠠᠭᠰᠠᠨ ᠰᠡᠳᠭᠢᠯᠭᠡ᠎ᠪᠡᠷ:

《ᠰᠧᠯᠢᠩ᠎ᠮᠢᠨᠢ ᠡ᠂ ᠠᠭᠤᠴᠢᠯᠠᠴᠢᠬ᠎ᠠ ᠡ! ᠪᠢ ᠲᠡᠭᠦᠨ᠎ᠲᠡᠢ ᠳᠠᠬᠢᠭᠠᠳ ᠠᠭᠤᠯᠵᠠᠬᠤ᠎ᠪᠠᠨ ᠪᠣᠯᠢᠶ᠎ᠠ᠃ ᠲᠡᠷᠡ ᠵᠢᠯ᠎ᠦᠨ ᠠᠭᠤᠯᠵᠠᠭᠰᠠᠨ᠎ᠢᠶᠠᠨ ᠪᠢ ᠭᠤᠷᠪᠠᠨ ᠵᠢᠯ ᠲᠤᠰᠢᠶᠠᠭᠠᠳ ᠪᠠᠰᠠ ᠪᠠᠷᠠᠭᠠᠳᠤᠢ ᠪᠠᠢᠭᠰᠠᠭᠠᠷ ᠠ᠋᠃ ᠬᠡᠷᠪᠡ ᠳᠠᠬᠢᠭᠠᠳ ᠠᠭᠤᠯᠵᠠᠪᠠᠯ ᠮᠢᠨᠦ ᠡᠨᠡ ᠲᠡᠦᠬᠡᠨ ᠳᠡᠭᠡᠷᠡᠬᠢ ᠲᠠᠩᠨᠠᠭᠤᠯ᠂ ᠭᠠᠳᠠᠭᠠᠳᠤ᠎ᠲᠠᠢ ᠰᠦᠯᠪᠡᠭᠡᠯᠳᠦᠭᠰᠡᠨ ᠡᠲᠡᠭᠡᠳ ᠵᠡᠷᠭᠡ ᠶᠠᠯ᠎ᠠ ᠪᠠᠰᠠ ᠰᠢᠨ᠎ᠡ ᠠᠭᠤᠯᠭ᠎ᠠ᠎ᠲᠠᠢ ᠪᠣᠯᠵᠤ ᠨᠠᠰᠤᠨ᠎ᠳᠠᠭᠠᠨ ᠲᠤᠰᠢᠶᠠᠭᠠᠳ ᠪᠠᠷᠠᠬᠤ᠎ᠦᠭᠡᠢ ᠶᠠᠪᠤᠳᠠᠯ ᠪᠣᠯᠤᠨ᠎ᠠ᠃ ᠲᠠ ᠁ ᠨᠠᠮᠠᠢ ᠶᠠᠭᠠᠬᠢᠭᠰᠠᠨ᠎ᠴᠤ ᠲᠡᠭᠦᠨ᠎ᠲᠡᠢ ᠳᠠᠬᠢᠭᠠᠳ ᠪᠤᠤ᠎ᠯᠠ ᠠᠭᠤᠯᠵᠠᠭᠤᠯ ᠳ᠋ᠠ᠂ ᠪᠢ ᠰᠧᠯᠢᠩ᠎ᠳᠦ ᠭᠤᠶᠤᠶ᠎ᠠ》 ᠭᠡᠪᠡ᠃

《ᠣᠳᠣ ᠪᠣᠯ ᠤᠳᠤᠷᠢᠳᠤᠯᠭ᠎ᠠ᠎ᠠᠴᠠ ᠴᠢᠮᠠᠢ ᠲᠡᠭᠦᠨ᠎ᠲᠡᠢ ᠠᠭᠤᠯᠵᠠᠭᠤᠯᠬᠤ ᠭᠡᠵᠦ ᠪᠠᠢᠨ᠎ᠠ᠂ ᠥᠩᠭᠡᠷᠡᠭᠰᠡᠨ᠎ᠲᠡᠢ ᠲᠠᠭᠠᠷᠠᠬᠤ᠎ᠦᠭᠡᠢ》 ᠭᠡᠵᠦ ᠰᠧᠯᠢᠩ ᠳᠠᠷᠤᠭ᠎ᠠ ᠪᠦᠳᠦᠭᠦᠨ ᠬᠣᠭᠤᠯᠠᠢ᠎ᠪᠠᠷ ᠬᠡᠯᠡᠨ᠎ᠡ᠃

《ᠥᠩᠭᠡᠷᠡᠭᠰᠡᠨ᠎ᠳᠦ᠎ᠴᠦ ᠮᠥᠨ ᠤᠳᠤᠷᠢᠳᠤᠯᠭ᠎ᠠ᠎ᠠᠴᠠ ᠠᠭᠤᠯᠵᠠᠭᠤᠯᠤᠭᠰᠠᠨ ᠰᠢᠤ ᠳ᠋ᠠ 》 ᠭᠡᠵᠦ ᠣᠶᠤᠨᠪᠠᠲᠤ᠎ᠶᠢ ᠬᠡᠯᠡᠬᠦ᠎ᠳᠦ ᠰᠢᠳᠠᠮ ᠥᠨᠳᠦᠷ ᠳᠠᠭᠤᠨ᠎ᠢᠶᠠᠷ:

《ᠲᠡᠳᠡ᠎ᠴᠢᠨᠢ ᠶᠠᠮᠠᠷ ᠤᠳᠤᠷᠢᠳᠤᠯᠭ᠎ᠠ᠎ᠶᠤᠮ? ᠨᠢᠭᠡ ᠨᠢᠭᠡ᠎ᠪᠡᠷ᠎ᠢᠶᠡᠨ ᠨᠠᠮ᠎ᠢ ᠡᠰᠡᠷᠭᠦᠴᠡᠵᠦ ᠤᠯᠤᠰ᠎ᠠᠴᠠ ᠤᠷᠪᠠᠬᠤ ᠪᠦᠯᠦᠭ᠎ᠦᠨ ᠭᠣᠣᠯ ᠬᠦᠴᠦᠨ ᠨᠤᠭᠦᠳ ᠪᠥᠭᠡᠳ ᠨᠢᠭᠡ ᠪᠦᠯᠦᠭ ᠤᠷᠪᠠᠭᠴᠢ ᠲᠠᠩᠨᠠᠭᠤᠯ᠂ ᠬᠥᠷᠦᠩᠭᠡᠲᠦ ᠶᠣᠰᠤᠨ᠎ᠤ ᠵᠠᠮ᠎ᠢᠶᠠᠷ ᠶᠠᠪᠤᠭᠴᠢ ᠡᠷᠬᠡ ᠪᠠᠷᠢᠭᠴᠢᠳ ᠮᠥᠨ᠂ ᠲᠠ᠎ᠨᠠᠷ ᠴᠥᠮ ᠨᠢᠭᠡ ᠡᠭᠦᠷ᠎ᠦᠨ ᠡᠯᠪᠡᠩᠭᠦ! ᠡᠢᠮᠦ᠎ᠡᠴᠡ ᠰᠧᠯᠢᠩ᠎ᠢᠶᠡᠷ ᠮᠠᠩᠯᠠᠢᠯᠠᠭᠤᠯᠤᠭᠰᠠᠨ ᠤᠯᠠᠭᠠᠨ ᠵᠠᠰᠠᠭ᠎ᠲᠠᠢ ᠶᠠᠭᠠᠬᠢᠵᠤ ᠠᠳᠠᠯᠢᠳᠭᠠᠵᠤ ᠪᠣᠯᠬᠤ ᠪᠤᠢ?》 ᠭᠡᠵᠦ ᠰᠧᠯᠢᠩ᠎ᠦᠨ ᠴᠢᠷᠠᠢ᠎ᠶᠢ ᠰᠡᠮᠬᠡᠨ ᠬᠠᠷᠠᠵᠤ ᠠᠪᠤᠭᠠᠳ 《ᠦᠵᠡ! ᠴᠢᠨᠦ ᠠᠩᠭᠢ᠎ᠶᠢᠨ ᠵᠣᠭᠰᠤᠯᠲᠠ᠎ᠴᠢᠨᠢ ᠥᠴᠦᠬᠡᠨ᠎ᠴᠦ ᠰᠢᠯᠵᠢᠭᠰᠡᠨ᠎ᠦᠭᠡᠢ ᠪᠠᠢᠭᠰᠠᠭᠠᠷ!》 ᠭᠡᠵᠦ ᠣᠶᠤᠨᠪᠠᠲᠤ᠎ᠶᠢ ᠶᠡᠬᠡᠯ᠎ᠡ ᠪᠤᠷᠤᠭᠤᠰᠢᠶᠠᠨ ᠵᠢᠮᠡᠯᠡᠪᠡ᠃

《ᠵᠦᠢᠲᠡᠢ! ᠡᠢᠮᠦ᠎ᠡᠴᠡ ᠪᠢ ᠨᠡᠩ᠎ᠴᠦ ᠭᠠᠳᠠᠭᠠᠳᠤ ᠤᠯᠤᠰ᠎ᠤᠨ ᠬᠥᠮᠦᠨ᠎ᠲᠡᠢ ᠠᠭᠤᠯᠵᠠᠬᠤ ᠡᠷᠬᠡ᠎ᠦᠭᠡᠢ》 ᠭᠡᠵᠦ ᠣᠶᠤᠨᠪᠠᠲᠤ ᠳᠣᠷᠤᠭᠰᠢ ᠬᠠᠷᠠᠭᠰᠠᠭᠠᠷ ᠬᠡᠯᠡᠭᠡᠳ᠂ ᠳᠣᠲᠤᠷ᠎ᠠ᠎ᠪᠠᠨ ᠡᠨᠡ ᠭᠠᠢᠬᠠᠯ ᠨᠠᠮᠠᠢ ᠳᠡᠭᠡᠷ᠎ᠡ ᠳᠡᠭᠡᠷ᠎ᠡ᠎ᠨᠢ ᠪᠤᠷᠤᠭᠤᠰᠢᠶᠠᠨ ᠰᠢᠭᠦᠮᠵᠢᠯᠡᠵᠦ᠂ ᠰᠧᠯᠢᠩ᠎ᠦᠨ ᠡᠮᠦᠨ᠎ᠡ ᠮᠢᠨᠦ ᠦᠵᠡᠯ ᠰᠠᠨᠠᠭ᠎ᠠ᠎ᠶᠢ ᠲᠡᠷᠰᠯᠡᠭᠦᠦ᠎ᠶᠢᠨ ᠲᠤᠢᠯ᠎ᠳᠤ ᠲᠤᠯᠲᠠᠯ᠎ᠠ ᠬᠡᠯᠡᠪᠡᠯ ᠨᠡᠩ ᠰᠠᠢᠨ᠂ ᠡᠨᠡ ᠤᠳᠠᠭ᠎ᠠ᠎ᠶᠢᠨ ᠠᠭᠤᠯᠵᠠᠯᠲᠠ᠎ᠠᠴᠠ ᠨᠠᠮᠠᠢ ᠳᠥᠩᠭᠡᠭᠡᠳ ᠬᠡᠯᠲᠦᠷᠢᠭᠦᠯᠴᠢᠬᠡᠪᠡᠯ ᠪᠣᠯᠴᠢᠬᠠᠨ᠎ᠠ ᠭᠡᠵᠦ ᠪᠣᠳᠤᠨ᠎ᠠ᠃ 《 ᠪᠢᠳᠡ ᠡᠨᠳᠡ ᠦᠭᠡᠭᠦᠦ ᠠᠩᠭᠢ᠎ᠶᠢᠨ ᠰᠧᠯᠢᠩᠪᠦ᠋᠎ᠶᠢ ᠲᠥᠯᠦᠭᠡᠯᠡᠵᠦ᠂ ᠠᠩᠭᠢ᠎ᠶᠢᠨ ᠳᠠᠢᠰᠤᠨ᠎ᠲᠠᠢ ᠪᠠᠢᠯᠳᠤᠵᠤ ᠪᠠᠢᠨ᠎ᠠ!》 ᠭᠡᠵᠦ ᠰᠧᠯᠢᠩ ᠠᠪ ᠠᠭᠠᠵᠢᠭᠤ ᠳᠤᠤᠭᠠᠷᠤᠭᠠᠳ: 《ᠪᠢᠳᠡ ᠪᠣᠯ ᠨᠠᠮ᠎ᠤᠨ ᠲᠥᠷᠦ᠎ᠶᠢᠨ ᠪᠣᠳᠤᠯᠭ᠎ᠠ᠎ᠶᠢ ᠡᠷᠡᠰ ᠰᠢᠭᠤᠷᠬᠠᠢ ᠲᠤᠤᠱᠯᠠᠭᠤᠯᠵᠤ᠂ ᠦᠰᠦᠨ ᠲᠡᠳᠦᠢ᠎ᠴᠦ ᠭᠠᠵᠢᠭᠤᠳᠠᠭᠤᠯᠳᠠᠭ᠎ᠦᠭᠡᠢ᠎ᠶᠤᠮ᠃ ᠪᠢᠳᠡ ᠴᠢᠮᠠᠢ ᠥᠨᠥᠳᠦᠷ ᠪᠠᠰᠠ ᠲᠠᠩᠨᠠᠭᠤᠯ᠎ᠤᠨ ᠬᠥᠳᠡᠯᠭᠡᠭᠡᠨ᠎ᠲᠡᠢ ᠪᠠᠢᠨ᠎ᠠ ᠭᠡᠵᠦ ᠬᠡᠷᠡᠭ ᠨᠥᠮᠦᠷᠦᠭᠦᠯᠵᠦ᠂ ᠬᠢᠯᠢᠰᠳᠡᠭᠦᠯᠬᠦ᠎ᠪᠡᠷ᠎ᠦᠭᠡᠢ᠃ ᠦᠨᠡᠨ᠎ᠳᠡᠭᠡᠨ ᠴᠢ᠎ᠴᠦ ᠪᠠᠰᠠ ᠥᠩᠭᠡᠷᠡᠭᠰᠡᠨ᠎ᠲᠡᠢ᠎ᠪᠡᠨ ᠠᠳᠠᠯᠢ᠎ᠪᠠᠷ ᠲᠡᠳᠡᠭᠡᠷ ᠠᠵᠢᠯᠯᠠᠭ᠎ᠠ᠎ᠶᠢ ᠦᠢᠯᠡᠳᠴᠦ᠎ᠴᠦ ᠴᠢᠳᠠᠬᠤ᠎ᠦᠭᠡᠢ᠎ᠶᠤᠮ᠃ ᠪᠢᠳᠡ ᠴᠢᠨᠦ ᠡᠨᠡ ᠪᠠᠢᠳᠠᠯ᠎ᠢ ᠪᠦᠷ ᠮᠡᠳᠡᠵᠦ ᠪᠠᠢᠨ᠎ᠠ》 ᠭᠡᠪᠡ᠃

᠁ ᠡᠨᠡ ᠦᠶ᠎ᠡ᠎ᠳᠦ᠂ ᠰᠧᠯᠢᠩ᠎ᠦᠨ ᠰᠢᠷᠡᠭᠡᠨ ᠳᠡᠭᠡᠷᠡᠬᠢ ᠳ᠋ᠢᠶᠠᠩᠬᠤᠸᠠ ᠲᠠᠷᠴᠢᠭᠢᠨᠠᠪᠠ᠃ ᠬᠠᠷᠢᠯᠴᠠᠭᠤᠷ᠎ᠢ ᠯᠠᠷᠵᠢᠶ᠎ᠠ᠎ᠲᠠᠢ ᠭᠡᠭᠴᠢ᠎ᠪᠡᠷ ᠲᠣᠰᠴᠤ᠂ ᠤᠷᠲᠤ ᠠᠶᠠᠯᠭ᠎ᠠ ᠲᠠᠲᠠᠨ 《 ᠸᠧᠢ - ᠬᠡᠨ ᠪᠤᠢ?》 ᠭᠡᠰᠡᠨ᠎ᠢᠶᠡᠨ ᠳᠣᠣᠷ᠎ᠠ᠎ᠪᠠᠨ ᠰᠠᠨᠳᠤᠷᠴᠤ ᠬᠣᠶᠠᠷ ᠭᠠᠷ᠎ᠢᠶᠠᠷ᠎ᠢᠶᠠᠨ ᠬᠠᠷᠢᠯᠴᠠᠭᠤᠷ᠎ᠢ ᠠᠳᠭᠤᠨ᠂ ᠥᠪᠡᠷ᠎ᠦᠨ ᠡᠷᠬᠡ᠎ᠦᠭᠡᠢ ᠪᠣᠰᠴᠤ ᠵᠣᠭᠰᠤᠭᠠᠳ ᠬᠢᠴᠢᠶᠡᠩᠭᠦᠢᠯᠡᠨ ᠴᠢᠩᠨᠠᠵᠤ: 《ᠵᠠ ᠁ ᠪᠢ ᠮᠥᠨ ᠁ ᠮᠡᠳᠡᠴᠢᠬᠡᠯ᠎ᠡ ᠁ ᠵᠠ ᠵᠠ ᠁ ᠡᠨᠡ᠂ ᠮᠠᠷᠭᠠᠰᠢ ᠦᠳᠡ᠎ᠶᠢᠨ ᠡᠮᠦᠨ᠎ᠡ ᠢᠷᠡᠨ᠎ᠡ ᠭᠡᠨ᠎ᠡ ᠁ ᠲᠡᠭᠦᠨ᠎ᠢ ᠨᠢᠭᠡᠨᠲᠡ ᠲᠠᠯᠪᠢᠭᠠᠳ ᠪᠠᠢᠨ᠎ᠠ᠂ ᠪᠢ ᠣᠳᠣ ᠶᠠᠭ ᠲᠡᠭᠦᠨ᠎ᠲᠡᠢ ᠶᠠᠷᠢᠯᠴᠠᠵᠤ ᠪᠠᠢᠨ᠎ᠠ ᠁ ᠵᠠ᠂ ᠵᠠ᠂ ᠲᠡᠢᠮᠦ᠂ ᠲᠡᠢᠮᠦ᠂ ᠴᠥᠭᠡᠨ ᠲᠣᠭᠠᠲᠤ ᠦᠨᠳᠦᠰᠦᠲᠡᠨ᠎ᠦ ᠰᠡᠬᠡᠭᠡᠲᠡᠨ ᠲᠤᠩ ᠴᠥᠭᠡᠨ ᠡ ᠁ ᠵᠠ᠂ ᠵᠠ᠂ ᠴᠢᠳᠠᠪᠤᠷᠢᠲᠠᠨ ᠡᠷᠳᠡᠮᠲᠡᠨ᠎ᠨᠡᠷ᠎ᠢ ᠬᠠᠢᠷᠠᠯᠠᠪᠠᠯ ᠵᠣᠬᠢᠨ᠎ᠠ ᠁ ᠵᠠ ᠁》 ᠭᠡᠰᠡᠨ᠎ᠢᠶᠡᠨ ᠲᠡᠷᠡ ᠰᠠᠨᠳᠤᠷᠴᠤ ᠭᠠᠷ᠎ᠲᠠᠬᠢ ᠬᠠᠷᠢᠯᠴᠠᠭᠤᠷ᠎ᠢᠶᠠᠨ ᠵᠢᠭᠠᠭᠠᠳ ᠣᠶᠤᠨᠪᠠᠲᠤ᠎ᠶᠢ ᠳᠠᠯᠠᠯᠤᠨ ᠳᠣᠣᠷ᠎ᠠ ᠳᠠᠭᠤᠨ᠎ᠢᠶᠠᠷ:

《ᠨᠠᠰᠢ᠎ᠪᠠᠨ᠂ ᠨᠠᠰᠢ᠎ᠪᠠᠨ᠂ ᠬᠤᠷᠳᠤᠨ ᠢᠷ᠎ᠡ! ᠵᠧᠦ ᠶᠡᠷᠦᠩᠬᠡᠢ ᠰᠠᠢᠳ ᠴᠢᠮ᠎ᠠ᠎ᠲᠠᠢ ᠦᠭᠡ ᠬᠡᠯᠡᠯᠴᠡᠨ᠎ᠡ ᠭᠡᠨ᠎ᠡ! ᠬᠤᠷᠳᠤᠯᠠ!》 ᠭᠡᠪᠡ᠃

ᠣᠶᠤᠨᠪᠠᠲᠤ᠂ ᠭᠱᠠᠨ ᠵᠠᠭᠤᠷ᠎ᠠ ᠴᠡᠭᠡᠵᠢ ᠳᠡᠯᠪᠡᠷᠡᠮ᠎ᠡ ᠪᠠᠶᠠᠷᠯᠠᠵᠤ᠂ ᠬᠥᠭᠡᠷᠬᠦ ᠰᠡᠳᠭᠢᠯᠭᠡ᠎ᠪᠡᠨ ᠳᠠᠷᠤᠵᠤ ᠳᠡᠢᠯᠬᠦ᠎ᠦᠭᠡᠢ ᠪᠣᠯᠵᠤ᠂ ᠬᠥᠯ ᠨᠢᠷᠤᠭᠤ ᠡᠪᠡᠳᠬᠦ᠎ᠪᠡᠨ ᠲᠠᠭ ᠮᠠᠷᠲᠠᠭᠠᠳ ᠠᠯᠪᠠᠨ ᠰᠢᠷᠬᠡᠨ ᠳᠡᠷᠭᠡᠳᠡ ᠭᠦᠶᠦᠨ ᠬᠦᠷᠴᠦ ᠬᠠᠷᠢᠯᠴᠠᠭᠤᠷ᠎ᠢ ᠬᠣᠶᠠᠷ ᠭᠠᠷ᠎ᠢᠶᠠᠷ᠎ᠢᠶᠠᠨ ᠲᠣᠰᠴᠤ ᠠᠪᠤᠭᠠᠳ:

《ᠶᠡᠷᠦᠩᠬᠡᠢ ᠰᠠᠢᠳ ᠠ᠋! ᠪᠢ ᠣᠶᠤᠨᠪᠠᠲᠤ ᠮᠥᠨ!》 ᠭᠡᠵᠦ ᠴᠡᠴᠡᠷᠭᠡᠨᠡᠭᠰᠡᠨ ᠬᠣᠭᠤᠯᠠᠢ᠎ᠪᠠᠷ ᠮᠡᠳᠡᠭᠦᠯᠦᠯ᠎ᠡ᠃

《᠎ᠦ᠂ ᠨᠥᠬᠦᠷ ᠣᠶᠤᠨᠪᠠᠲᠤ ᠲᠠ ᠰᠠᠢᠨ ᠪᠠᠢᠨ᠎ᠠ᠎ᠤᠤ? ᠴᠢᠨᠦ ᠰᠠᠢᠨ ᠲᠠᠨᠢᠯ ᠨᠠᠰᠤᠲᠤ᠎ᠴᠢᠨᠢ ᠶᠠᠫᠤᠨ᠎ᠠᠴᠠ ᠬᠦᠷᠦᠭᠡᠳ ᠢᠷᠡᠯ᠎ᠡ᠃ ᠲᠡᠷᠡ ᠪᠣᠯ ᠮᠠᠨ᠎ᠤ ᠨᠠᠢᠵᠠ᠎ᠶᠤᠮ᠃ ᠡᠨᠡ ᠤᠳᠠᠭ᠎ᠠ ᠤᠯᠤᠰ᠎ᠲᠠᠭᠠᠨ ᠲᠣᠭᠤᠷᠢᠬᠤ᠎ᠪᠠᠷ ᠢᠷᠡᠬᠦ᠎ᠳᠡᠭᠡᠨ ᠴᠢᠨᠦ ᠡᠮ᠎ᠦᠨ ᠵᠣᠷ᠎ᠢᠶᠠᠷ ᠬᠢᠭᠰᠡᠨ ᠵᠢᠷᠦᠬᠡᠨ ᠰᠤᠳᠠᠰᠤ᠎ᠶᠢᠨ ᠡᠪᠡᠳᠴᠢᠨ᠎ᠢ ᠵᠠᠰᠠᠬᠤ ᠰᠢᠨ᠎ᠡ ᠡᠮ ᠠᠪᠴᠢᠷᠠᠵᠤ ᠥᠭᠴᠡᠢ》 ᠭᠡᠬᠦ ᠶᠡᠷᠦᠩᠬᠡᠢ ᠰᠠᠢᠳ᠎ᠤᠨ ᠬᠠᠯᠠᠭᠤᠨ ᠳᠣᠲᠤᠨᠤ ᠳᠠᠭᠤ᠎ᠨᠢ ᠣᠶᠤᠨᠪᠠᠲᠤ᠎ᠶᠢᠨ ᠴᠢᠬᠢᠨ᠎ᠳᠦ ᠲᠣᠪ ᠲᠣᠳᠤᠬᠠᠨ ᠰᠣᠨᠤᠰᠳᠠᠨ᠎ᠠ᠃

《ᠡᠨᠡ ᠡᠮ ᠶᠠᠫᠤᠨ᠎ᠳᠤ ᠨᠡᠯᠢᠶᠡᠳ ᠰᠠᠢᠨ ᠦᠢᠯᠡᠳᠦᠯ ᠦᠵᠡᠭᠦᠯᠵᠡᠢ᠃ ᠣᠳᠣ ᠨᠠᠰᠤᠲᠤ ᠠᠪᠤᠭᠠᠢ ᠴᠢᠮᠠᠢ ᠡᠷᠢᠨ ᠣᠴᠢᠵᠤ᠂ ᠣᠢᠷ᠎ᠠ᠎ᠶᠢᠨ ᠵᠢᠯ᠎ᠦᠨ ᠰᠤᠳᠤᠯᠤᠯᠲᠠ᠎ᠶᠢᠨ ᠬᠢᠷᠢ ᠪᠦᠲᠦᠮᠵᠢ᠎ᠶᠢ᠎ᠴᠢᠨᠢ ᠣᠢᠯᠠᠭᠠᠨ ᠰᠤᠷᠤᠯᠴᠠᠵᠤ᠂ ᠴᠢᠮ᠎ᠠ᠎ᠲᠠᠢ ᠤᠯᠠᠮ ᠨᠢᠭᠡ ᠠᠯᠬᠤᠮ ᠬᠠᠮᠲᠤᠷᠠᠨ ᠠᠵᠢᠯᠯᠠᠬᠤ ᠰᠠᠨᠠᠭ᠎ᠠ᠎ᠲᠠᠢ ᠪᠠᠢᠨ᠎ᠠ᠃ ᠡᠨᠡ ᠪᠣᠯ ᠰᠢᠨᠵᠢᠯᠡᠬᠦ ᠤᠬᠠᠭᠠᠨ᠎ᠤ ᠲᠠᠯ᠎ᠠ᠎ᠪᠠᠷ ᠨᠡᠯᠢᠶᠡᠳ ᠬᠤᠪᠢ ᠨᠡᠮᠡᠭᠦᠷᠢ ᠦᠵᠡᠭᠦᠯᠬᠦ ᠢᠷᠠᠭᠤ ᠠᠯᠳᠠᠷᠲᠠᠢ ᠠᠵᠢᠯ ᠪᠣᠯᠤᠨ᠎ᠠ᠃ ᠪᠢ ᠲᠠ᠎ᠨᠠᠷ᠎ᠤᠨ ᠬᠠᠮᠲᠤᠷᠠᠨ ᠠᠵᠢᠯᠯᠠᠵᠤ᠂ ᠨᠡᠩ ᠶᠡᠬᠡ ᠠᠮᠵᠢᠯᠲᠠ ᠣᠯᠵᠤ᠂ ᠳᠤᠮᠳᠠᠳᠤ ᠶᠠᠫᠤᠨ ᠬᠣᠶᠠᠷ ᠤᠯᠤᠰ᠎ᠤᠨ ᠠᠷᠠᠳ ᠲᠦᠮᠡᠨ ᠪᠣᠯᠤᠨ ᠳᠡᠯᠡᠬᠡᠢ᠎ᠶᠢᠨ ᠠᠷᠠᠳ ᠲᠦᠮᠡᠨ᠎ᠳᠦ ᠶᠡᠬᠡ ᠭᠠᠪᠢᠶ᠎ᠠ ᠵᠢᠳᠭᠦᠯ᠎ᠢᠶᠡᠨ ᠡᠷᠭᠦᠬᠦ᠎ᠶᠢ᠎ᠴᠢᠨᠢ ᠢᠷᠦᠭᠡᠶ᠎ᠡ᠃ 》

《ᠶᠡᠷᠦᠩᠬᠡᠢ ᠰᠠᠢᠳ᠎ᠤᠨ ᠬᠠᠷᠠᠭᠠᠯᠵᠠᠯ᠎ᠳᠤ ᠲᠠᠯᠠᠷᠬᠠᠵᠤ ᠪᠠᠢᠨ᠎ᠠ!》 ᠭᠡᠳ ᠣᠶᠤᠨᠪᠠᠲᠤ ᠨᠢᠳᠦᠨ᠎ᠳᠡᠭᠡᠨ ᠲᠠᠯᠠᠷᠬᠠᠯ᠎ᠤᠨ ᠨᠢᠯᠪᠤᠰᠤ ᠮᠡᠯᠲᠡᠭᠡᠨᠡᠭᠦᠯᠦᠭᠰᠡᠭᠡᠷ: 《ᠪᠢ ᠵᠠᠪᠠᠯ ᠶᠡᠷᠦᠩᠬᠡᠢ ᠰᠠᠢᠳ᠎ᠤᠨ ᠵᠢᠭᠠᠪᠤᠷᠢ ᠶᠣᠰᠤᠭᠠᠷ ᠴᠢᠷᠮᠠᠢᠨ ᠠᠵᠢᠯᠯᠠᠨ᠎ᠠ!》 ᠭᠡᠵᠦ ᠴᠡᠴᠡᠷᠭᠡᠨᠡᠭᠰᠡᠨ ᠬᠣᠭᠤᠯᠠᠢ᠎ᠪᠠᠷ ᠬᠡᠯᠡᠨ᠎ᠡ᠃

ᠲᠡᠷᠡ ᠬᠠᠷᠢᠯᠴᠠᠭᠤᠷ᠎ᠢᠶᠠᠨ ᠲᠠᠯᠪᠢᠭᠤᠨ ᠤᠳᠠᠲᠠᠯ᠎ᠠ ᠮᠡᠯᠡᠷᠡᠨ ᠵᠣᠭᠰᠤᠯ᠎ᠠ᠃ ᠲᠡᠭᠦᠨ᠎ᠦ ᠴᠡᠭᠡᠵᠢᠨ᠎ᠳᠦ ᠪᠠᠶᠠᠰᠤᠯ᠂ ᠭᠣᠮᠤᠳᠠᠯ᠂ ᠭᠠᠰᠢᠭᠤᠳᠠᠯ᠂ ᠵᠣᠪᠠᠨᠢᠯ᠎ᠢᠶᠠᠷ ᠪᠢᠯᠬᠠᠵᠤ᠂ ᠬᠦᠨᠳᠦᠲᠦ ᠬᠠᠢᠷᠠᠲᠤ ᠶᠡᠷᠦᠩᠬᠡᠢ ᠰᠠᠢᠳ᠎ᠤᠨ᠎ᠢᠶᠠᠨ ᠲᠤᠰᠢᠶᠠᠵᠤ ᠥᠭᠭᠦᠭᠰᠡᠨ ᠠᠷᠢᠭᠤᠨ ᠡᠭᠦᠷᠭᠡ᠎ᠶᠢ ᠶᠠᠭᠠᠬᠢᠨ ᠪᠡᠶᠡᠯᠡᠭᠦᠯᠬᠦ᠎ᠪᠡᠨ ᠮᠡᠳᠡᠬᠦ᠎ᠦᠭᠡᠢ ᠪᠤᠬᠢᠨᠢᠳᠤᠨ᠎ᠠ᠃ ᠬᠢᠲᠠᠳ᠂ ᠡᠸᠦ᠋ᠷᠣᠫᠡ ᠡᠮᠨᠡᠯᠭᠡ᠎ᠶᠢ ᠤᠶᠠᠯᠳᠤᠭᠤᠯᠬᠤ ᠵᠠᠮ᠎ᠢᠶᠠᠷ ᠵᠠᠮᠨᠠᠨ᠂ ᠡᠮ ᠡᠮᠨᠡᠯᠭᠡ᠎ᠶᠢᠨ ᠲᠠᠯ᠎ᠠ᠎ᠪᠠᠷ ᠬᠢ ᠪᠡᠷᠬᠡ ᠪᠠᠷᠲᠠᠭ᠎ᠠ᠎ᠶᠢ ᠲᠠᠭᠤᠯᠵᠤ᠂ ᠡᠬᠡ ᠣᠷᠤᠨ ᠪᠣᠯᠤᠨ ᠪᠦᠬᠦ ᠬᠥᠮᠦᠨ ᠲᠥᠷᠦᠯᠭᠢᠲᠡᠨ᠎ᠳᠦ ᠬᠤᠪᠢ ᠨᠡᠮᠡᠭᠦᠷᠢ᠎ᠪᠡᠨ ᠡᠷᠭᠦᠬᠦ ᠬᠡᠷᠡᠭᠲᠡᠢ ᠭᠡᠵᠦ ᠵᠧᠦ ᠶᠡᠷᠦᠩᠬᠡᠢ ᠰᠠᠢᠳ᠎ᠮᠢᠨᠢ ᠠᠯᠢ ᠬᠡᠳᠦᠢᠨ ᠵᠢᠭᠠᠪᠤᠷᠢᠯᠠᠵᠤ ᠪᠠᠢᠭᠰᠠᠨ ᠪᠢᠯᠡ᠃ ᠣᠶᠤᠨᠪᠠᠲᠤ ᠶᠠᠭ ᠡᠨᠡ ᠵᠠᠮ᠎ᠢᠶᠠᠷ ᠡᠳᠦᠷ ᠰᠥᠨᠢ᠎ᠦᠭᠡᠢ ᠮᠡᠷᠡᠢᠨ ᠴᠢᠷᠮᠠᠢᠵᠤ᠂ ᠵᠦᠢᠯ ᠪᠦᠷᠢ᠎ᠶᠢᠨ ᠬᠦᠴᠢᠷᠳᠡᠯ᠎ᠢ ᠢᠯᠠᠨ ᠳᠠᠪᠠᠵᠤ᠂ ᠵᠢᠷᠦᠬᠡᠨ ᠰᠤᠳᠠᠰᠤᠨ᠎ᠤ ᠡᠪᠡᠳᠴᠢᠨ᠎ᠢ ᠵᠠᠰᠠᠬᠤ ᠲᠠᠯ᠎ᠠ᠎ᠪᠠᠷ ᠳᠣᠪᠤᠢᠭᠰᠠᠨ ᠠᠮᠵᠢᠯᠲᠠ ᠣᠯᠬᠤ ᠭᠡᠵᠦ ᠪᠠᠢᠲᠠᠯ᠎ᠠ᠂ ᠡᠨᠡ ᠤᠳᠠᠭ᠎ᠠ᠎ᠶᠢᠨ ᠰᠣᠶᠤᠯ᠎ᠤᠨ ᠬᠤᠪᠢᠰᠭᠠᠯ ᠭᠡᠳᠡᠭ ᠶᠡᠬᠡ ᠭᠠᠮᠰᠢᠭ᠎ᠲᠤ ᠳᠠᠭᠠᠷᠢᠭᠳᠠᠪᠠ᠃ ᠣᠳᠣ ᠭᠠᠳᠠᠭᠠᠳᠤ ᠤᠯᠤᠰ᠎ᠤᠨ ᠬᠥᠮᠦᠨ ᠮᠠᠨ᠎ᠤ ᠰᠤᠳᠤᠯᠵᠤ ᠭᠠᠷᠭᠠᠭᠰᠠᠨ ᠵᠦᠢᠯ᠎ᠢ ᠠᠪᠠᠴᠢᠭᠠᠳ᠂ ᠰᠢᠨ᠎ᠡ ᠡᠮ ᠨᠠᠢᠷᠠᠭᠤᠯᠵᠤ ᠶᠡᠬᠡ ᠠᠮᠵᠢᠯᠲᠠ ᠭᠠᠷᠭᠠᠭᠰᠠᠨ ᠪᠠᠢᠲᠠᠯ᠎ᠠ᠂ ᠣᠶᠤᠨᠪᠠᠲᠤ ᠬᠠᠷᠢᠨ ᠶᠠᠮᠠᠷ᠎ᠴᠤ ᠠᠮᠵᠢᠯᠲᠠ ᠪᠦᠲᠦᠮᠵᠢ᠎ᠦᠭᠡᠢ ᠮᠥᠷᠲᠡᠭᠡᠨ ᠴᠣᠬᠤᠮ 《 ᠪᠠᠢᠳᠠᠭ᠎ᠢᠶᠠᠨ ᠪᠠᠷᠠᠭᠠᠳ ᠪᠠᠯᠢᠩ ᠲᠠᠬᠢᠯ᠎ᠢᠶᠠᠨ ᠬᠤᠷᠢᠶᠠᠴᠢᠬᠠᠵᠠᠢ》᠃

《ᠵᠡᠭᠦᠨ ᠭᠠᠷ᠎ᠤᠨ》 ᠰᠧᠯᠢᠩ ᠮᠣᠩᠭᠤᠯᠴᠤᠳ᠎ᠤᠨ ᠳᠣᠲᠤᠷ᠎ᠠ ᠰᠢᠳᠠᠮ ᠳᠠᠯᠠᠢ᠎ᠠᠴᠠ ᠥᠭᠡᠷ᠎ᠡ ᠰᠢᠯᠭᠠᠷᠠᠭᠰᠠᠨ ᠰᠠᠢᠨ ᠶᠠᠭᠤᠮ᠎ᠠ᠎ᠦᠭᠡᠢ᠂ ᠢᠯᠠᠩᠭᠤᠶ᠎ᠠ ᠡᠷᠳᠡᠮ ᠴᠢᠳᠠᠪᠤᠷᠢ᠎ᠲᠠᠢ ᠬᠥᠮᠦᠨ ᠭᠡᠪᠡᠯ ᠡᠳᠦᠷ᠎ᠦᠨ ᠣᠳᠤ ᠡᠪᠦᠯ᠎ᠦᠨ ᠴᠡᠴᠡᠭ᠎ᠰᠢᠭ ᠬᠣᠪᠤᠷ ᠭᠡᠵᠦ ᠪᠣᠳᠤᠵᠤ ᠪᠠᠢᠵᠠᠢ᠃ ᠥᠨᠥᠳᠦᠷ ᠲᠡᠷᠡ ᠵᠧᠦ ᠶᠡᠷᠦᠩᠬᠡᠢ ᠰᠠᠢᠳ᠎ᠤᠨ ᠦᠭᠡ᠎ᠶᠢ ᠰᠣᠨᠤᠰᠤᠭᠠᠳ ᠳᠣᠲᠤᠷ᠎ᠠ᠎ᠪᠠᠨ ᠶᠡᠬᠡᠯ᠎ᠡ ᠰᠣᠴᠢᠨ᠂ ᠡᠮᠦᠨ᠎ᠡ᠎ᠨᠢ ᠵᠣᠭᠰᠤᠵᠤ ᠪᠠᠢᠭ᠎ᠠ ᠡᠨᠡ᠎ᠬᠦ ᠨᠢᠭᠤᠷ ᠴᠢᠷᠠᠢ᠎ᠨᠢ ᠰᠢᠷᠠᠯᠠᠵᠤ᠂ ᠠᠷᠠᠰᠤᠨ ᠲᠤᠯᠤᠮ ᠶᠠᠰᠤᠨ ᠬᠡᠯᠬᠢᠶ᠎ᠡ ᠪᠣᠯᠤᠭᠰᠠᠨ ᠮᠣᠩᠭᠤᠯ ᠬᠥᠮᠦᠨ᠎ᠢ ᠬᠠᠷᠠᠭᠰᠠᠭᠠᠷ:

《ᠴᠢ᠎ᠴᠢᠨᠢ ᠪᠠᠰᠠ ᠨᠡᠯᠢᠶᠡᠳ ᠡᠷᠳᠡᠮ ᠴᠢᠳᠠᠪᠤᠷᠢ᠎ᠲᠠᠢ ᠬᠥᠮᠦᠨ ᠪᠠᠢᠵᠤ ᠰᠢᠪ ᠳ᠋ᠠ᠃ ᠴᠢᠨᠦ ᠡᠮ᠎ᠦᠨ ᠵᠣᠷ᠎ᠴᠢᠨᠢ ᠶᠠᠭᠠᠬᠢᠭᠠᠳ ᠶᠠᠫᠤᠨ᠎ᠳᠤ ᠬᠦᠷᠴᠢᠬᠡᠭᠰᠡᠨ᠎ᠶᠦᠮ?》 ᠭᠡᠵᠦ ᠬᠠᠴᠢᠷᠬᠠᠨ ᠠᠰᠠᠭᠤᠯ᠎ᠠ᠃

《ᠨᠠᠰᠤᠲᠤ ᠠᠪᠤᠭᠠᠢ᠎ᠶᠢᠨ ᠬᠠᠲᠤᠨ᠎ᠨᠢ ᠶᠠᠫᠤᠨ ᠬᠥᠮᠦᠨ᠎ᠶᠦᠮ᠂ ᠰᠠ ᠲᠤᠰᠴᠤ ᠤᠳᠠᠭᠠᠨ ᠵᠢᠯ ᠬᠡᠪᠲᠡᠭᠰᠡᠨ ᠪᠣᠯᠪᠠᠴᠤ ᠵᠠᠰᠠᠵᠤ ᠴᠢᠳᠠᠭᠰᠠᠨ᠎ᠦᠭᠡᠢ᠃ ᠲᠡᠷᠡ ᠵᠢᠯ ᠨᠠᠰᠤᠲᠤ ᠠᠪᠤᠭᠠᠢ ᠤᠯᠤᠰ᠎ᠲᠠᠭᠠᠨ ᠠᠢᠯᠴᠢᠯᠠᠵᠤ ᠢᠷᠡᠭᠡᠳ ᠨᠠᠳᠠ ᠬᠡᠯᠡᠭᠰᠡᠨ᠂ ᠪᠢ ᠤᠳᠤᠷᠢᠳᠤᠯᠭ᠎ᠠ᠎ᠶᠢᠨ ᠵᠥᠪᠰᠢᠶᠡᠷᠡᠯ᠎ᠢ ᠣᠯᠵᠤ ᠨᠢᠭᠡ ᠡᠮ᠎ᠦᠨ ᠵᠣᠷ ᠨᠠᠢᠷᠠᠭᠤᠯᠵᠤ ᠥᠭᠭᠦᠭᠰᠡᠨ᠎ᠶᠦᠮ》 ᠭᠡᠵᠦ ᠣᠶᠤᠨᠪᠠᠲᠤ ᠬᠠᠷᠢᠭᠤᠯᠤᠭᠰᠠᠨ᠎ᠢᠶᠠᠨ ᠡᠷᠭᠢᠨ ᠬᠠᠷᠠᠵᠤ ᠰᠢᠳᠠᠮ᠎ᠢ ᠬᠤᠷᠤᠭᠤ᠎ᠪᠠᠷ᠎ᠢᠶᠠᠨ ᠵᠢᠭᠠᠭᠠᠳ: 《ᠨᠠᠮᠠᠢ ᠭᠠᠳᠠᠭᠠᠳᠤ᠎ᠶᠢᠨ ᠲᠠᠩᠨᠠᠭᠤᠯ᠎ᠳᠤ ᠨᠢᠭᠤᠴᠠ ᠮᠡᠳᠡᠭᠡ ᠬᠦᠷᠭᠡᠵᠦ᠂ ᠭᠠᠳᠠᠭᠠᠳᠤ ᠤᠯᠤᠰ᠎ᠲᠠᠢ ᠰᠦᠯᠪᠡᠭᠡᠯᠳᠦᠯ᠎ᠡ ᠭᠡᠵᠦ ᠡᠭᠦᠨ᠎ᠦ ᠬᠡᠯᠡᠳᠡᠭ᠎ᠨᠢ ᠡᠨᠡ ᠡᠮ᠎ᠦᠨ ᠵᠣᠷ᠎ᠢ ᠬᠡᠯᠡᠵᠦ ᠪᠠᠢᠭ᠎ᠠ᠎ᠶᠤᠮ᠂ ᠨᠢᠳᠤᠨᠤᠨ ᠰᠧᠯᠢᠩ ᠳᠠᠷᠤᠭ᠎ᠠ ᠪᠠᠰᠠ ᠨᠠᠮᠠᠢ 〈ᠥᠪᠦᠷ ᠮᠣᠩᠭᠤᠯ᠎ᠤᠨ ᠡᠳᠦᠷ᠎ᠦᠨ ᠰᠣᠨᠢᠨ〉 ᠳᠡᠭᠡᠷ᠎ᠡ ᠁》 ᠭᠡᠵᠦ ᠬᠢᠯᠢᠩᠯᠡᠨ ᠬᠡᠯᠡᠭᠰᠡᠨ᠎ᠢᠶᠡᠨ ᠳᠣᠷᠤᠭᠰᠢ ᠵᠠᠯᠭᠠᠵᠤ ᠶᠠᠷᠢᠬᠤ᠎ᠠᠴᠠ᠎ᠪᠠᠨ ᠪᠠᠬᠠᠨ ᠲᠦᠪᠡᠭᠰᠢᠶᠡᠵᠦ ᠦᠭᠡ᠎ᠪᠡᠨ ᠳᠤᠲᠠᠭᠤ ᠵᠣᠭᠰᠤᠭᠠᠪᠠ᠃

ᠡᠨᠡ ᠬᠣᠶᠠᠷ ᠵᠢᠯ᠎ᠦᠨ ᠲᠤᠷᠰᠢ᠂ ᠰᠢᠳᠠᠮ ᠵᠡᠷᠭᠡ ᠬᠥᠮᠦᠰ᠎ᠦᠨ ᠬᠠᠷᠢᠭᠤ ᠮᠡᠳᠡᠭᠦᠯᠦᠯᠲᠡ᠎ᠪᠡᠷ ᠰᠧᠯᠢᠩ ᠭᠤᠸᠠᠢ ᠶᠡᠬᠡ ᠪᠠᠭ᠎ᠠ ᠬᠤᠷᠠᠯ᠎ᠠᠴᠠ ᠠᠪᠤᠭᠠᠳ ᠰᠣᠨᠢᠨ ᠰᠡᠳᠭᠦᠯ᠂ ᠷᠠᠳᠢᠣ᠋ ᠨᠡᠪᠲᠡᠷᠡᠭᠦᠯᠭᠡ᠎ᠳᠦ ᠬᠦᠷᠲᠡᠯ᠎ᠡ ᠳᠤᠷ᠎ᠠ ᠲᠠᠪᠠ᠎ᠪᠠᠷ᠎ᠢᠶᠠᠨ ᠨᠡᠷ᠎ᠡ ᠳᠤᠷᠠᠳᠤᠨ᠂ ᠮᠠᠯᠠᠭᠠᠢ ᠡᠮᠦᠰᠭᠡᠨ᠂ ᠴᠥᠭᠡᠨ ᠪᠤᠰᠤ ᠬᠥᠮᠦᠨ᠎ᠢ ᠬᠣᠣᠷ ᠠᠮᠰᠠᠭᠤᠯᠵᠤ ᠴᠢᠨᠠᠭᠰᠢᠯᠠᠪᠠᠯ ᠲᠣᠭ᠎ᠠ᠎ᠦᠭᠡᠢ ᠣᠯᠠᠨ ᠬᠥᠮᠦᠨ᠎ᠢ ᠳᠤᠲᠠᠭᠤ ᠵᠡᠮᠳᠡᠭ ᠪᠣᠯᠭᠠᠭᠰᠠᠨ᠎ᠶᠤᠮ᠎ᠤᠤ᠂ ᠡᠰᠡᠬᠦᠯ᠎ᠡ ᠠᠮᠢ ᠨᠠᠰᠤ᠎ᠶᠢ᠎ᠨᠢ ᠬᠣᠬᠢᠷᠠᠭᠤᠯᠤᠭᠰᠠᠨ᠎ᠶᠤᠮ᠃ ᠰᠧᠯᠢᠩ ᠭᠤᠸᠠᠢ ᠡᠨᠡ ᠪᠦᠬᠦᠨ᠎ᠢ ᠪᠣᠳᠤᠬᠤ ᠪᠦᠷᠢ ᠳᠣᠲᠤᠷ᠎ᠠ᠎ᠪᠠᠨ ᠪᠠᠬᠠᠨ ᠠᠶᠤᠳᠠᠭ᠂ ᠭᠡᠪᠡᠴᠦ ᠠᠯᠳᠠᠭ᠎ᠠ ᠪᠤᠷᠤᠭᠤ᠎ᠪᠠᠨ ᠮᠡᠳᠡᠷᠡᠳᠡᠭ᠎ᠦᠭᠡᠢ ᠪᠤᠷᠤᠩᠬᠤᠢ ᠨᠣᠶᠠᠨ ᠰᠣᠶᠤᠯ᠎ᠤᠨ ᠬᠤᠪᠢᠰᠭᠠᠯ᠎ᠤᠨ 《ᠲᠤᠭᠴᠢ》᠎ᠶᠢᠨ ᠰᠣᠯᠤᠭᠠᠢ ᠯᠣᠭᠢᠭ᠎ᠢᠶᠠᠷ ᠪᠡᠶ᠎ᠡ᠎ᠪᠡᠨ ᠦᠷᠭᠦᠯᠵᠢ ᠥᠮᠦᠭᠯᠡᠳᠡᠭ ᠪᠣᠯᠬᠣᠷ᠂ ᠥᠨᠥ ᠪᠠᠰᠠ ᠣᠶᠤᠨᠪᠠᠲᠤ᠎ᠶᠢ ᠰᠢᠭᠦᠮᠵᠢᠯᠡᠵᠦ:

《ᠴᠢ ᠡᠩ ᠲᠡᠷᠢᠭᠦᠨ᠎ᠳᠦ ᠰᠣᠶᠤᠯ᠎ᠤᠨ ᠬᠤᠪᠢᠰᠭᠠᠯ᠎ᠳᠤ ᠵᠥᠪ᠎ᠢᠶᠡᠷ ᠬᠠᠨᠳᠤᠬᠤ ᠬᠡᠷᠡᠭᠲᠡᠢ᠃ ᠣᠯᠠᠨ ᠲᠦᠮᠡᠨᠴᠢ ᠬᠥᠳᠡᠯᠭᠡᠭᠡᠨ ᠬᠡᠵᠢᠶᠡᠳᠡ ᠵᠥᠪ ᠭᠡᠳᠡᠭ ᠪᠣᠯ ᠮᠠᠷᠭᠤᠰᠢ᠎ᠦᠭᠡᠢ ᠦᠨᠡᠨ ᠶᠣᠰᠤ᠎ᠶᠤᠮ ᠰᠢᠤ ᠳ᠋ᠠ᠂ ᠠ! ᠁ ᠪᠢ ᠲᠠᠨ᠎ᠤ ᠮᠣᠩᠭᠤᠯ ᠦᠨᠳᠦᠰᠦᠲᠡᠨ᠎ᠦ ᠳᠣᠲᠤᠷᠠᠬᠢ ᠡᠷᠳᠡᠮ ᠴᠢᠳᠠᠯ᠎ᠲᠠᠢ ᠬᠥᠮᠦᠨ᠎ᠢ ᠶᠡᠬᠡ ᠬᠠᠢᠷᠠᠯᠠᠳᠠᠭ ᠰᠢᠤ ᠁》 ᠭᠡᠪᠡ᠃

《ᠵᠡᠭᠦᠨ ᠭᠠᠷ᠎ᠤᠨ》 ᠰᠧᠯᠢᠩ᠎ᠳᠡᠭᠡᠨ ᠰᠠᠢᠨ ᠦᠵᠡᠭᠳᠡᠬᠦ᠎ᠶᠢ ᠭᠣᠷᠢᠳᠠᠭᠰᠠᠨ ᠰᠢᠳᠠᠮ ᠬᠢᠮᠤᠰᠤᠨ ᠲᠡᠳᠦᠢ ᠵᠠᠪᠰᠠᠷ᠎ᠢ᠎ᠴᠤ ᠠᠯᠳᠠᠯ᠎ᠦᠭᠡᠢ ᠬᠣᠩᠰᠢᠶᠠᠷ ᠲᠥᠷᠦᠵᠦ:

《ᠦᠯᠦ ᠲᠡᠢᠮᠦ ᠪᠠᠢᠯᠭᠦᠢ᠂ ᠲᠠ᠎ᠨᠠᠷ᠎ᠢ ᠵᠠᠰᠠᠪᠤᠷᠢᠯᠠᠬᠤ ᠦᠵᠡᠯ᠎ᠦᠨ ᠯᠠᠢ ᠯᠣᠪᠰᠢ᠎ᠲᠠᠢ ᠯᠠᠭ ᠰᠢᠪᠠᠷ᠎ᠠᠴᠠ ᠭᠠᠷᠭᠠᠬᠤ᠎ᠠᠴᠠ ᠢᠯᠡᠭᠦᠦ ᠥᠷᠦᠰᠢᠶᠡᠯ ᠬᠠᠢᠷᠠᠯᠠᠯ ᠭᠡᠵᠦ ᠪᠠᠢᠨ᠎ᠠ᠎ᠤᠤ?》 ᠭᠡᠨ᠎ᠡ᠃

《ᠲᠡᠢᠮᠦ ᠰᠢᠦ! ᠪᠢ ᠵᠠᠷᠢᠮ᠎ᠳᠠᠭᠠᠨ ᠲᠠᠨ᠎ᠤ ᠮᠣᠩᠭᠤᠯ ᠦᠨᠳᠦᠰᠦᠲᠡᠨ᠎ᠦ ᠠ᠊ ᠁》 ᠭᠡᠳ ᠰᠧᠯᠢᠩ᠎ᠦᠨ ᠦᠭᠡ᠎ᠨᠢ ᠲᠡᠭᠡᠭᠯᠡᠵᠦ᠂ ᠪᠠᠷᠤᠭ᠎ᠯᠠ 《ᠠᠬ᠎ᠠ ᠳᠡᠭᠦᠦ》᠎ᠨᠠᠷ ᠭᠡᠵᠦ ᠠᠩᠭᠢ᠎ᠶᠢᠨ ᠵᠣᠭᠰᠤᠯᠲᠠ᠎ᠪᠠᠨ ᠠᠯᠳᠠᠭᠰᠠᠨ ᠦᠭᠡ ᠬᠡᠯᠡᠴᠢᠬᠡᠬᠦ ᠰᠢᠬᠠᠭᠠᠳ᠂ ᠳᠣᠣᠷ᠎ᠠ᠎ᠪᠠᠨ ᠦᠭᠡ᠎ᠪᠡᠨ ᠥᠭᠡᠷᠡᠲᠦᠭᠦᠯᠵᠦ 《᠁ ᠠᠰᠠᠭᠤᠳᠠᠯ᠎ᠲᠠᠢ ᠬᠥᠮᠦᠨ᠎ᠳᠦ ᠴᠢᠩᠭ᠎ᠠ ᠣᠷᠤᠵᠤ᠂ 〈 ᠴᠢᠩᠭ᠎ᠠ᠎ᠪᠠᠷ ᠰᠠᠭᠤᠷᠢ ᠪᠣᠯᠭᠠᠬᠤ〉 ᠬᠡᠷᠡᠭᠲᠡᠢ ᠭᠡᠳᠡᠭ᠎ᠶᠦᠮ᠂ ᠴᠢᠩᠭ᠎ᠠ ᠣᠷᠤᠬᠤ᠎ᠨᠢ ᠬᠠᠢᠷᠠᠯᠠᠬᠤ᠎ᠶᠢᠨ ᠲᠥᠯᠦᠭᠡ ᠰᠢᠦ ᠳ᠋ᠠ !》 ᠭᠡᠯ᠎ᠡ᠃

《ᠲᠠ᠎ᠨᠠᠷ᠎ᠤᠨ ᠠᠪᠤᠷᠠᠯᠲᠠ᠎ᠴᠢᠨᠢ ᠬᠡᠴᠢᠨᠡᠨ ᠬᠥᠮᠦᠨ᠎ᠦ ᠠᠮᠢ ᠨᠠᠰᠤ᠎ᠶᠢ ᠬᠣᠬᠢᠷᠠᠭᠤᠯᠤᠭᠰᠠᠨ ᠠᠵᠢ!》 ᠭᠡᠵᠦ ᠣᠶᠤᠨᠪᠠᠲᠤ ᠳᠣᠲᠤᠷ᠎ᠠ᠎ᠪᠠᠨ ᠪᠣᠳᠤᠭᠠᠳ᠎ᠯᠠ ᠥᠩᠭᠡᠷᠡᠭᠰᠡᠨ᠎ᠡᠴᠡ ᠪᠢᠰᠢ᠂ ᠬᠡᠯᠡᠵᠦ ᠭᠠᠷᠭᠠᠵᠤ ᠴᠢᠳᠠᠭᠰᠠᠨ᠎ᠦᠭᠡᠢ᠃

ᠰᠧᠯᠢᠩ ᠳᠠᠷᠤᠭ᠎ᠠ ᠭᠢᠯᠦᠢᠲᠡᠯ᠎ᠡ ᠰᠢᠷᠳᠡᠭᠰᠡᠨ ᠮᠣᠳᠤᠨ ᠱᠠᠯᠠ ᠳᠡᠭᠡᠭᠦᠷ ᠨᠠᠰᠢ ᠴᠠᠰᠢ ᠬᠣᠯᠬᠢᠨ ᠠᠯᠬᠤᠭᠰᠠᠭᠠᠷ᠂ ᠶᠡᠬᠡᠯ᠎ᠡ ᠰᠠᠨᠠᠭᠠᠴᠢᠯᠠᠨ:

《ᠴᠢ ᠡᠮᠨᠡᠯᠭᠡ᠎ᠶᠢᠨ ᠠᠵᠢᠯ᠎ᠢᠶᠠᠨ ᠬᠢᠷᠢ ᠵᠡᠷᠭᠡ ᠰᠤᠳᠤᠯᠪᠠ? ᠲᠡᠷᠡ ᠬᠥᠮᠦᠨ ᠡᠨᠡ ᠤᠳᠠᠭ᠎ᠠ ᠴᠢᠮ᠎ᠠ᠎ᠲᠠᠢ ᠰᠤᠳᠤᠯᠬᠤ᠎ᠪᠠᠷ ᠢᠷᠡᠬᠦ᠎ᠳᠦ ᠴᠢ ᠶᠠᠭᠠᠬᠢᠶ᠎ᠠ ᠭᠡᠵᠦ ᠪᠣᠳᠤᠵᠤ ᠪᠠᠢᠨ᠎ᠠ ᠪᠤᠢ?》 ᠭᠡᠵᠦ ᠠᠰᠠᠭᠤᠪᠠ᠃

ᠣᠶᠤᠨᠪᠠᠲᠤ ᠲᠤᠢᠯ᠎ᠤᠨ ᠬᠠᠷᠠᠮᠰᠠᠯᠲᠠᠢ᠎ᠪᠠᠷ ᠲᠣᠯᠤᠭᠠᠢ᠎ᠪᠠᠨ ᠰᠠᠵᠢᠵᠤ᠂ ᠰᠢᠳᠠᠮ ᠳᠠᠯᠠᠢ᠎ᠶᠢ ᠵᠢᠭᠠᠭᠰᠠᠭᠠᠷ:

《ᠬᠡᠳᠦᠨ ᠠᠷᠪᠠᠨ ᠵᠢᠯ᠎ᠦᠨ ᠲᠤᠷᠰᠢ ᠪᠦᠬᠦ ᠰᠡᠳᠭᠢᠯ ᠪᠦᠬᠦ ᠬᠦᠴᠦ᠎ᠪᠡᠨ ᠰᠢᠪᠬᠠᠵᠤ ᠰᠤᠳᠤᠯᠤᠭᠰᠠᠨ ᠲᠤᠷᠰᠢᠯᠲᠠ᠎ᠶᠢᠨ᠎ᠮᠢᠨᠢ ᠪᠠᠢᠳᠠᠭ ᠦᠷ᠎ᠡ ᠪᠦᠲᠦᠭᠡᠯ᠎ᠢ ᠡᠳᠡᠨ ᠪᠦᠷ ᠲᠠᠮᠲᠤᠭᠯᠠᠵᠤ ᠬᠠᠶᠠᠯ᠎ᠠ! ᠁》 ᠭᠡᠳ ᠨᠢᠯᠪᠤᠰᠤ ᠤᠨᠠᠭᠠᠨ ᠠᠯᠳᠠᠵᠤ᠂ ᠳᠣᠭᠳᠤᠯᠤᠭᠰᠠᠨ ᠰᠡᠳᠭᠢᠯ᠎ᠢᠶᠡᠨ ᠳᠠᠷᠤᠵᠤ ᠶᠠᠳᠠᠭᠰᠠᠨ ᠪᠠᠢᠳᠠᠯ᠎ᠢᠶᠠᠷ 《ᠮᠠᠨ᠎ᠤ ᠰᠤᠳᠤᠯᠬᠤ ᠭᠠᠵᠠᠷ᠎ᠢ ᠪᠦᠷ ᠪᠠᠯᠪᠠᠴᠢᠯ᠎ᠠ᠂ ᠰᠤᠳᠤᠯᠬᠤ ᠠᠵᠢᠯᠲᠠᠳ᠎ᠢ ᠴᠥᠮ ᠳᠠᠢᠰᠤᠨ ᠪᠣᠯᠭᠠᠯ᠎ᠠ᠂ ᠮᠠᠰᠢᠨ ᠲᠣᠨᠤᠭᠯᠠᠯ᠎ᠢ ᠪᠠᠰᠠ ᠪᠦᠷ ᠬᠡᠮᠬᠡᠴᠢᠭᠡᠳ ᠬᠠᠶᠠᠴᠢᠬᠠᠯ᠎ᠠ᠂ ᠴᠢᠬᠤᠯᠠ ᠡᠮ᠎ᠦᠨ ᠵᠦᠢᠯ᠎ᠢ ᠪᠦᠷ ᠳᠡᠭᠡᠷᠡᠮᠳᠡᠭᠡᠳ ᠠᠪᠴᠢᠬᠠᠯ᠎ᠠ᠂ ᠪᠢᠴᠢᠭ ᠮᠠᠲᠧᠷᠢᠶᠠᠯ᠂ ᠨᠣᠮ ᠰᠤᠳᠤᠷ᠎ᠲᠤ ᠬᠦᠷᠲᠡᠯ᠎ᠡ ᠪᠦᠷ ᠰᠢᠲᠠᠭᠠᠴᠢᠬᠠᠯ᠎ᠠ᠂ ᠦᠯᠡᠳᠡᠵᠦ ᠬᠣᠴᠤᠷᠤᠭᠰᠠᠨ᠎ᠨᠢ ᠭᠠᠭᠴᠠ᠎ᠬᠦ ᠮᠢᠨᠦ ᠡᠨᠡ ᠮᠠᠭᠤ ᠪᠠᠯᠪᠠᠴᠢᠭᠠᠳ ᠬᠠᠭᠠᠷᠠᠳᠠᠭ᠎ᠦᠭᠡᠢ 〈 ᠨᠣᠬᠠᠢ᠎ᠶᠢᠨ ᠲᠣᠯᠤᠭᠠᠢ〉᠎ᠯᠠ ᠮᠥᠨ ᠰᠢᠷᠬ᠎ᠠ ᠰᠣᠷᠪᠢ᠎ᠪᠠᠷ ᠳᠦᠭᠦᠷᠦᠭᠡᠳ ᠪᠠᠢᠭᠰᠠᠭᠠᠷ ᠠ᠋᠃ ᠭᠡᠪᠡᠴᠦ ᠤᠬᠠᠭᠠᠨ ᠮᠡᠳᠡᠷᠡᠯ ᠤᠷᠢᠳᠠ᠎ᠶᠢᠨ ᠭᠢ᠎ᠪᠡᠨ ᠬᠣᠯᠠ ᠬᠦᠷᠬᠦ᠎ᠪᠡᠨ ᠪᠣᠯᠢᠴᠢᠬᠠᠵᠠᠢ!》 ᠭᠡᠯ᠎ᠡ᠃

ᠰᠧᠯᠢᠩ ᠳᠠᠷᠤᠭ᠎ᠠ ᠠᠩᠭᠢ᠎ᠶᠢᠨ ᠳᠠᠢᠰᠤᠨ᠎ᠤ ᠭᠡᠳᠡᠷᠭᠦ ᠳᠠᠭᠠᠷᠢᠯᠲᠠ᠎ᠳᠤ ᠤᠴᠠᠷᠠᠭᠰᠠᠨ ᠮᠡᠲᠦ ᠪᠣᠯᠵᠤ᠂ ᠶᠡᠬᠡ᠎ᠯᠡ ᠲᠠᠪᠠ᠎ᠦᠭᠡᠢ ᠪᠠᠢᠳᠠᠯ᠎ᠲᠠᠢ᠎ᠪᠠᠷ:

《ᠬᠤᠪᠢᠰᠭᠠᠯ ᠭᠡᠳᠡᠭ᠎ᠴᠢᠨᠢ ᠬᠡᠮᠬᠡᠴᠢᠵᠦ ᠪᠠᠯᠪᠠᠴᠢᠳᠠᠭ᠎ᠯᠠ ᠰᠢᠤ ᠳ᠋ᠠ ! ᠬᠠᠭᠤᠴᠢᠨ ᠶᠢᠷᠲᠢᠨᠴᠦ᠎ᠶᠢ ᠪᠠᠯᠪᠠᠴᠢᠬᠤ᠎ᠦᠭᠡᠢ ᠪᠣᠯ ᠰᠢᠨ᠎ᠡ ᠶᠢᠷᠲᠢᠨᠴᠦ᠎ᠶᠢ ᠶᠠᠭᠠᠬᠢᠵᠤ ᠪᠠᠢᠭᠤᠯᠤᠨ᠎ᠠ ᠪᠤᠢ?!》 ᠭᠡᠵᠦ ᠬᠡᠯᠡᠪᠡ᠃

ᠣᠶᠤᠨᠪᠠᠲᠤ᠂ ᠲᠣᠭᠲᠠᠭᠤᠨ ᠪᠠᠢᠳᠠᠯ᠎ᠲᠠᠢ ᠳᠣᠣᠷ᠎ᠠ ᠳᠠᠭᠤᠨ᠎ᠢᠶᠠᠷ:

《ᠰᠧᠯᠢᠩ ᠳᠠᠷᠤᠭ᠎ᠠ ᠡ᠂ ᠮᠠᠨ᠎ᠤ ᠰᠤᠳᠤᠯᠬᠤ ᠭᠠᠵᠠᠷ ᠪᠣᠯ ᠤᠯᠤᠰ ᠪᠠᠢᠭᠤᠯᠤᠭᠳᠠᠭᠰᠠᠨ᠎ᠠᠴᠠ ᠬᠣᠢᠰᠢ ᠪᠦᠲᠦᠭᠡᠨ ᠪᠠᠢᠭᠤᠯᠤᠭᠰᠠᠨ ᠪᠥᠭᠡᠳ ᠠᠯᠢᠪᠠ ᠮᠠᠰᠢᠨ ᠲᠣᠨᠤᠭᠯᠠᠯ ᠪᠠ ᠨᠣᠮ ᠰᠤᠳᠤᠷ᠎ᠲᠤ ᠬᠦᠷᠲᠡᠯ᠎ᠡ ᠪᠦᠷ ᠤᠯᠤᠰ᠎ᠠᠴᠠ ᠪᠡᠯᠡ ᠣᠷᠤᠭᠤᠯᠤᠭᠰᠠᠨ ᠰᠢᠤ》 ᠭᠡᠵᠦ ᠳᠥᠬᠦᠮ ᠲᠠᠨᠢᠯᠴᠠᠭᠤᠯᠤᠯ᠎ᠠ᠃

ᠥᠪᠦᠷ ᠮᠣᠩᠭᠤᠯ᠎ᠳᠤ ᠢᠷᠡᠭᠡᠳ ᠪᠦᠲᠦᠨ ᠭᠤᠷᠪᠠᠨ ᠵᠢᠯ᠎ᠦᠨ ᠨᠢᠭᠤᠷ ᠦᠵᠡᠭᠡ᠎ᠦᠭᠡᠢ᠎ᠪᠡᠷ ᠥᠪᠡᠷᠲᠡᠭᠡᠨ ᠵᠠᠰᠠᠬᠤ ᠣᠷᠤᠨ᠎ᠤ ᠨᠠᠮ᠂ ᠵᠠᠰᠠᠭ᠂ ᠴᠡᠷᠢᠭ᠎ᠦᠨ ᠣᠯᠠᠨ ᠲᠦᠮᠡᠨ᠎ᠦ ᠵᠣᠬᠢᠶᠠᠨ ᠪᠠᠢᠭᠤᠯᠤᠯᠲᠠ᠎ᠶᠢᠨ ᠪᠠᠢᠳᠠᠭ ᠶᠡᠬᠡ ᠡᠷᠬᠡ᠎ᠶᠢ ᠭᠠᠭᠴᠠᠭᠠᠷ ᠡᠵᠡᠷᠬᠡᠭᠰᠡᠨ ᠰᠧᠯᠢᠩ᠎ᠦᠨ ᠥᠭᠡᠳᠡ᠎ᠡᠴᠡ ᠠᠶᠤᠮᠰᠢᠭ᠎ᠦᠭᠡᠢ᠎ᠪᠠᠷ ᠢᠩᠭᠢᠵᠦ ᠬᠠᠷᠢᠭᠤᠴᠠᠭᠰᠠᠨ ᠬᠥᠮᠦᠨ ᠶᠡᠷᠦ ᠭᠠᠷᠤᠭ᠎ᠠ᠎ᠦᠭᠡᠢ᠎ᠰᠠᠨ᠂ ᠰᠧᠯᠢᠩ ᠠᠷᠠᠭ᠎ᠠ ᠰᠢᠳᠦ᠎ᠪᠡᠨ ᠬᠠᠪᠢᠷᠤᠯ᠎ᠠ᠃ ᠭᠡᠪᠡᠴᠦ ᠣᠷᠴᠢᠮ᠎ᠤᠨ ᠴᠥᠭᠡᠨ ᠪᠤᠰᠤ ᠬᠥᠮᠦᠨ ᠪᠡᠭᠡᠵᠢᠩ᠎ᠳᠦ ᠣᠴᠢᠵᠤ ᠵᠠᠷᠭᠤ ᠵᠠᠭᠠᠯᠳᠤᠯᠭ᠎ᠠ ᠬᠢᠵᠦ᠂ ᠵᠠᠷᠢᠮ᠎ᠨᠢ ᠲᠥᠪ᠎ᠲᠦ ᠵᠠᠬᠢᠳᠠᠯ ᠪᠢᠴᠢᠵᠦ ᠰᠢᠭᠤᠳ ᠲᠡᠭᠦᠨ᠎ᠢ ᠵᠠᠭᠠᠯᠳᠤᠵᠠᠢ᠃ ᠲᠡᠢᠮᠦ ᠪᠣᠯᠬᠣᠷ᠂ ᠰᠧᠯᠢᠩ ᠳᠠᠷᠤᠭ᠎ᠠ ᠨᠢᠭᠡ ᠲᠠᠯ᠎ᠠ᠎ᠪᠠᠷ ᠴᠢᠳᠠᠬᠤ ᠴᠢᠨᠡᠭᠡ᠎ᠪᠡᠷ ᠠᠭᠤᠷ ᠣᠮᠤᠭ᠎ᠢᠶᠠᠨ ᠳᠠᠷᠤᠵᠤ᠂ ᠨᠥᠭᠦᠭᠡ ᠲᠠᠯ᠎ᠠ᠎ᠪᠠᠷ ᠣᠶᠤᠨᠪᠠᠲᠤ ᠰᠥᠰᠦᠷᠬᠡᠦ ᠬᠥᠮᠦᠨ ᠭᠡᠳᠡᠭ᠎ᠢ ᠮᠡᠳᠡᠭᠡᠳ ᠳᠣᠲᠤᠷ᠎ᠠ᠎ᠪᠠᠨ ᠪᠠᠬᠠᠨ ᠵᠢᠷᠦᠬᠡᠰᠢᠵᠦ᠂ ᠡᠨᠡ ᠭᠠᠢᠬᠠᠯ ᠶᠡᠷᠦᠩᠬᠡᠢ ᠰᠠᠢᠳ᠎ᠲᠠᠢ ᠲᠠᠨᠢᠯ ᠲᠤᠯᠠ ᠵᠠᠬᠢᠳᠠᠯ ᠪᠢᠴᠢᠬᠦ᠎ᠶᠦᠮ᠎ᠦᠦ᠂ ᠡᠰᠡᠬᠦᠯ᠎ᠡ ᠮᠠᠷᠭᠠᠰᠢ᠎ᠶᠢᠨ ᠢᠷᠡᠬᠦ ᠭᠠᠳᠠᠭᠠᠳᠤ᠎ᠶᠢᠨ ᠵᠣᠴᠢᠨ᠎ᠢᠶᠠᠷ ᠳᠠᠮᠵᠢᠭᠤᠯᠵᠤ ᠡᠨᠳᠡᠬᠢ ᠪᠠᠢᠳᠠᠯ᠎ᠢ ᠲᠤᠰᠭᠠᠪᠠᠯ ᠨᠡᠩ᠎ᠴᠦ ᠠᠶᠤᠮᠰᠢᠭ᠎ᠲᠠᠢ ᠪᠣᠯᠤᠨ᠎ᠠ ᠭᠡᠵᠦ ᠪᠣᠳᠤᠭᠠᠳ:

《ᠭᠡᠭᠡᠭᠳᠡᠭᠰᠡᠨ ᠶᠠᠭᠤᠮᠠᠰ᠎ᠢ ᠪᠠᠰᠠ ᠡᠭᠡᠭᠦᠯᠦᠭᠡᠳ ᠣᠯᠵᠤ ᠪᠣᠯᠤᠨ᠎ᠠ᠂ ᠡᠪᠳᠡᠵᠦ ᠬᠠᠭᠠᠯᠤᠭᠰᠠᠨ᠎ᠢ᠎ᠨᠢ ᠪᠠᠰᠠ ᠳᠠᠬᠢᠭᠠᠳ ᠬᠤᠳᠠᠯᠳᠤᠭᠠᠳ ᠠᠪᠴᠤ ᠪᠣᠯᠤᠨ᠎ᠠ ᠰᠢᠤ!》 ᠭᠡᠳ ᠢᠨᠢᠶᠡᠪᠬᠢᠯᠡᠪᠡ᠃

《ᠴᠢᠩᠭᠢᠪᠡᠯ ᠭᠡᠭᠡᠭᠳᠡᠭᠰᠡᠨ ᠴᠠᠭ ᠮᠥᠴᠡ᠎ᠶᠢ ᠶᠠᠭᠠᠬᠢᠨ᠎ᠠ ᠪᠤᠢ?》 ᠭᠡᠵᠦ ᠣᠶᠤᠨᠪᠠᠲᠤ ᠣᠮᠤᠭ ᠲᠡᠭᠦᠯᠳᠡᠷ ᠬᠠᠷᠢᠭᠤ ᠠᠰᠠᠭᠤᠬᠤ᠎ᠳᠠᠭᠠᠨ: 《ᠠᠯᠢᠪᠠ ᠡᠷᠬᠢᠮ ᠴᠤᠬᠠᠭ ᠵᠦᠢᠯ᠎ᠦᠨ ᠳᠣᠲᠤᠷ᠎ᠠ ᠴᠠᠭ ᠮᠥᠴᠡ ᠪᠣᠯ ᠬᠠᠮᠤᠭ᠎ᠤᠨ ᠬᠣᠪᠤᠷ ᠨᠠᠨᠳᠢᠨ᠎ᠶᠤᠮ᠃ ᠲᠡᠭᠦᠨ᠎ᠢ ᠪᠠᠰᠠ ᠡᠭᠡᠭᠦᠯᠦᠭᠡᠳ ᠠᠪᠴᠢᠷᠠᠬᠤ᠎ᠶᠤᠮ᠎ᠤᠤ᠂ ᠡᠰᠡᠬᠦᠯ᠎ᠡ ᠬᠤᠳᠠᠯᠳᠤᠭᠠᠳ ᠠᠪᠴᠢᠷᠠᠵᠤ ᠳᠡᠢᠯᠦᠨ᠎ᠡ᠎ᠦᠦ?》 ᠭᠡᠪᠡ᠃

ᠭᠡᠷ᠎ᠲᠦ ᠨᠠᠮ ᠭᠦᠮ᠃

ᠬᠠᠶᠠᠭᠠᠨ ᠳᠡᠭᠡᠷᠡᠬᠢ ᠴᠠᠬᠢᠯᠭᠠᠨ ᠴᠠᠭ 《ᠲᠢᠭ ᠲᠠᠭ》 ᠳᠤᠤᠭᠠᠷᠴᠤ᠂ ᠬᠥᠮᠦᠰ᠎ᠦᠨ ᠳᠤᠷ᠎ᠠ᠎ᠲᠠᠢ ᠪᠠ ᠡᠰᠡᠬᠦ᠎ᠶᠢ ᠬᠠᠢᠬᠤᠷᠤᠯ᠎ᠦᠭᠡᠢ᠎ᠪᠠᠷ ᠬᠢᠵᠠᠭᠠᠯᠠᠰᠢ᠎ᠦᠭᠡᠢ ᠢᠷᠡᠭᠡᠳᠦᠢ᠎ᠪᠡᠨ ᠵᠣᠷᠢᠨ᠂ ᠥᠴᠦᠬᠡᠨ᠎ᠴᠦ ᠲᠠᠲᠠᠭᠠᠯᠵᠠᠯ᠎ᠦᠭᠡᠢ᠎ᠪᠠᠷ ᠤᠷᠤᠭᠰᠢᠯᠠᠭᠰᠠᠭᠠᠷ ᠁

ᠣᠶᠤᠨᠪᠠᠲᠤ ᠨᠡᠲᠦᠭᠡᠷ ᠬᠠᠷᠠᠩᠭᠤᠢ ᠳᠤᠮᠳᠠ ᠠᠯᠳᠠᠵᠤ ᠰᠦᠢᠲᠦᠭᠰᠡᠨ ᠡᠷᠬᠢᠮ ᠨᠠᠨᠳᠢᠨ ᠴᠠᠭ ᠮᠥᠴᠡ᠎ᠪᠡᠨ ᠲᠤᠢᠯ᠎ᠤᠨ ᠬᠠᠷᠠᠮᠰᠠᠯᠲᠠᠢ᠎ᠪᠠᠷ ᠡᠷᠭᠢᠴᠡᠭᠦᠯᠦᠨ ᠪᠣᠳᠤᠬᠤᠶ᠎ᠠ᠂ ᠡᠯᠢᠭᠡ ᠵᠢᠷᠦᠬᠡ᠎ᠨᠢ ᠵᠡᠭᠦᠦ᠎ᠪᠡᠷ ᠰᠢᠪᠡᠬᠦ᠎ᠰᠢᠭ ᠰᠢᠮᠰᠢᠷᠡᠵᠦ᠂ ᠥᠷᠦᠴᠡ ᠴᠡᠭᠡᠵᠢᠨ᠎ᠳᠦᠨᠢ ᠠᠨᠠᠪᠠᠳ ᠳᠠᠯᠠᠢ ᠣᠢᠯᠤᠨ ᠪᠣᠰᠬᠤ᠎ᠰᠢᠭ᠋ ᠪᠣᠯᠤᠯ᠎ᠠ ᠁ 《ᠴᠠᠭ ᠮᠥᠴᠡ᠎ᠦᠭᠡᠢ ᠪᠣᠯ ᠠᠮᠢ ᠨᠠᠰᠤ᠎ᠴᠤ ᠪᠠᠢᠵᠤ ᠴᠢᠳᠠᠬᠤ᠎ᠦᠭᠡᠢ!》

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082