ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠽᠠᠨᠳᠠᠨ ᠬᠦᠷᠡᠩ ᠮᠣᠷᠢ

ᠰᠡᠷᠡᠩᠸᠡᠢᠵᠠᠪ

ᠪᠣᠯᠤᠷ ᠴᠣᠮᠣᠨ᠎ᠳᠤ ᠰᠥᠩᠨᠡᠭᠰᠡᠨ ᠷᠠᠰᠢᠶᠠᠨ ᠬᠤᠷ᠎ᠠ᠎ᠰᠢᠭ᠋ ᠲᠤᠩᠭᠠᠯᠠᠭ ᠪᠢᠴᠢᠬᠠᠨ ᠲᠣᠭᠤᠷᠢᠮ ᠨᠠᠭᠤᠷ᠎ᠤᠨ ᠤᠰᠤᠨ᠎ᠳᠤ᠂ ᠬᠥᠪᠡᠭᠡᠨ᠎ᠦ ᠬᠢᠨᠢ ᠡᠪᠡᠰᠦ ᠮᠣᠳᠤᠨ᠎ᠤ ᠨᠠᠮᠠᠭ᠎ᠠ᠎ᠨᠤᠭᠤᠳ ᠳᠡᠭᠦᠵᠢᠯᠡᠭᠳᠡᠨ ᠤᠷᠭᠤᠭᠰᠠᠨ᠎ᠰᠢᠭ᠋ ᠲᠤᠨᠤᠷᠠᠨ ᠬᠠᠷᠠᠭᠳᠠᠨ᠎ᠠ᠃ ᠲᠡᠷᠡ᠎ᠬᠦ ᠮᠣᠳᠤᠳ᠎ᠤᠨ ᠬᠣᠭᠤᠷᠤᠨᠳᠤᠭᠤᠷ ᠬᠠᠯᠵᠠᠨ ᠪᠣᠷᠤ ᠳᠠᠭ᠎ᠠ ᠳᠠᠭᠠᠭᠤᠯᠤᠭᠰᠠᠨ ᠬᠥᠬᠦᠯ᠎ᠲᠡᠢ ᠽᠠᠨᠳᠠᠨ ᠬᠦᠷᠡᠩ ᠠᠭᠲᠠ᠂ ᠲᠣᠯᠤᠭᠠᠢ᠎ᠪᠠᠷ᠎ᠢᠶᠠᠨ ᠨᠠᠭᠠᠳᠤᠨ ᠢᠳᠡᠰᠢᠯᠡᠬᠦ᠎ᠨᠢ ᠶᠠᠭ᠎ᠯᠠ ᠰᠢᠯ ᠰᠠᠪᠠ ᠳᠣᠲᠤᠷᠠᠬᠢ ᠠᠯᠲᠠᠨ ᠵᠢᠭᠠᠰᠤ ᠳᠡᠭᠡᠭᠰᠢ ᠳᠣᠷᠤᠭᠰᠢ᠎ᠪᠠᠨ ᠢᠷᠠᠭᠠᠯᠠᠨ ᠱᠤᠩᠪᠠᠬᠤ᠎ᠰᠢᠭ᠋ ᠰᠡᠭᠦᠳᠡᠷᠯᠡᠭᠳᠡᠵᠦ ᠦᠵᠡᠭᠳᠡᠪᠡ᠃ ᠬᠠᠶᠠ ᠨᠢᠭᠡ ᠮᠣᠳᠤᠨ᠎ᠤ ᠨᠠᠮᠠᠭ᠎ᠠ᠎ᠠᠴᠠ ᠱᠠᠭᠰᠢᠷᠠᠨ ᠨᠢᠰᠬᠦ ᠱᠠᠭᠠᠵᠠᠭᠠᠢ᠎ᠶᠢᠨ ᠳᠠᠭᠤᠨ᠎ᠳᠤ ᠽᠠᠨᠳᠠᠨ ᠬᠦᠷᠡᠩ ᠰᠣᠴᠢᠰᠬᠢᠮᠠᠭᠴᠠ ᠬᠥᠯ ᠳᠣᠣᠷ᠎ᠠ᠎ᠠᠴᠠ᠎ᠨᠢ ᠪᠥᠮᠪᠦᠷᠢᠭᠰᠡᠨ ᠬᠠᠢᠷ ᠴᠢᠯᠠᠭᠤ᠎ᠨᠤᠭᠤᠳ ᠲᠣᠭᠤᠷᠢᠮ᠎ᠤᠨ ᠤᠰᠤᠨ᠎ᠳᠤ 《ᠫᠣᠯ ᠴᠤᠯ》 ᠳᠤᠤᠭᠠᠷᠤᠨ ᠤᠨᠠᠵᠤ᠂ ᠪᠢᠴᠢᠬᠠᠨ ᠴᠠᠭᠠᠷᠢᠭ᠎ᠤᠳ ᠨᠠᠮ ᠨᠠᠮ ᠡᠷᠭᠢᠯᠳᠦᠭᠰᠡᠭᠡᠷ ᠳᠠᠯᠳᠠ ᠣᠷᠤᠵᠤ ᠷᠠᠰᠢᠶᠠᠨ ᠬᠤᠷ᠎ᠠ᠎ᠶᠢ ᠤᠤᠯ ᠬᠡᠪ᠎ᠲᠦᠨᠢ ᠪᠣᠯᠭᠠᠵᠤ ᠪᠠᠢᠪᠠ᠃

ᠣᠨᠤᠭᠤ ᠲᠠᠲᠠᠭᠰᠠᠨ ᠲᠡᠭ ᠳᠥᠷᠪᠡᠯᠵᠢᠨ ᠬᠣᠨᠳᠤᠯᠠᠢ᠎ᠲᠠᠢ ᠽᠠᠨᠳᠠᠨ ᠬᠦᠷᠡᠩ᠂ ᠬᠠᠯᠵᠠᠨ ᠪᠣᠷᠤ᠎ᠶᠢ ᠦᠨᠦᠷᠲᠦᠬᠦ᠎ᠳᠦ ᠨᠥᠭᠦᠭᠡ᠎ᠨᠢ ᠢᠪᠢᠯᠦᠭᠰᠡᠨ ᠬᠥᠬᠦ᠎ᠪᠡᠨ ᠰᠣᠷᠤᠵᠤ ᠪᠠᠢᠭ᠎ᠠ ᠬᠤᠰᠠᠷᠠᠩ ᠰᠠᠷᠪᠠ᠎ᠰᠢᠭ᠋ ᠳᠤᠭ ᠲᠠᠯᠪᠢᠭᠰᠠᠨ ᠰᠡᠭᠦᠯ᠎ᠢᠶᠡᠨ ᠪᠠᠢᠨ ᠪᠠᠢᠨ ᠰᠢᠷᠪᠠᠵᠤ ᠵᠣᠭᠰᠤᠨ᠎ᠠ᠃ ᠭᠡᠲᠡᠯ᠎ᠡ 《ᠫᠢᠩ ᠫᠢᠩ》 ᠭᠡᠵᠦ ᠴᠤᠤᠷᠢᠶᠠᠲᠤᠭᠰᠠᠨ ᠬᠠᠳᠠᠨ᠎ᠤ ᠱᠤᠤᠭᠢᠶ᠎ᠠ᠎ᠶᠢ ᠠᠨᠢᠷᠯᠠᠭᠰᠠᠨ ᠽᠠᠨᠳᠠᠨ ᠬᠦᠷᠡᠩ᠂ ᠥᠨᠳᠦᠷ ᠥᠭᠡᠳᠡ ᠠᠪᠠᠷᠢᠵᠤ᠂ ᠬᠦᠵᠦᠭᠦᠦ᠎ᠪᠡᠨ ᠰᠤᠩᠭᠠᠨ ᠴᠢᠬᠢ᠎ᠪᠡᠨ ᠰᠣᠯᠪᠢᠴᠠᠭᠤᠯᠵᠤ ᠬᠡᠳᠦᠨ ᠬᠡᠰᠡᠭ ᠬᠣᠮᠤᠯ ᠤᠨᠠᠭᠠᠭᠠᠳ ᠦᠨᠦᠷᠲᠦᠭᠰᠡᠨ᠎ᠢᠶᠡᠨ ᠪᠠᠢᠵᠤ᠂ ᠬᠠᠮᠠᠷ᠎ᠢᠶᠠᠨ ᠰᠡᠷᠲᠡᠯᠵᠡᠭᠦᠯᠦᠨ ᠦᠦᠷᠰᠡᠭᠡᠳ ᠬᠠᠯᠵᠠᠨ ᠪᠣᠷᠤ᠎ᠶᠢ ᠲᠣᠯᠤᠭᠠᠢ᠎ᠪᠠᠷ᠎ᠢᠶᠠᠨ ᠨᠥᠷᠢᠨ ᠳᠠᠪᠬᠢᠵᠤ ᠲᠣᠭᠤᠷᠢᠮ᠎ᠤᠨ ᠵᠡᠭᠦᠨ ᠬᠥᠪᠡᠭᠡᠨ ᠳᠡᠭᠡᠷ᠎ᠡ ᠡᠷᠭᠢᠨ ᠵᠣᠭᠰᠤᠪᠠ᠃ ᠲᠣᠮᠤᠭ᠎ᠠ᠎ᠦᠭᠡᠢ ᠳᠠᠭ᠎ᠠ ᠵᠠᠯᠬᠠᠭᠤᠷᠠᠭᠰᠠᠨ ᠮᠠᠶᠢ᠍ᠭ᠎ᠲᠠᠢ ᠽᠠᠨᠳᠠᠨ ᠬᠦᠷᠡᠩ᠎ᠢ ᠬᠦᠬᠦᠲᠦᠨᠡᠨ ᠳᠠᠭᠤᠳᠠᠵᠤ᠂ ᠤᠰᠤᠨ᠎ᠤ ᠠᠮᠢᠰᠭᠤᠯ᠎ᠢᠶᠠᠷ ᠤᠷᠭᠤᠭᠰᠠᠨ ᠰᠡᠷᠭᠦᠯᠡᠩ ᠬᠠᠷ᠎ᠠ ᠬᠢᠶᠠᠭ᠎ᠢ ᠳᠤᠷ᠎ᠠ᠎ᠲᠠᠢ ᠳᠤᠷ᠎ᠠ᠎ᠦᠭᠡᠢ ᠴᠢᠮᠬᠢᠯᠡᠵᠦ ᠪᠠᠢᠪᠠ᠃

ᠵᠠᠳᠠᠭᠠᠢ᠎ᠪᠠᠷ ᠬᠥᠮᠦᠨ᠎ᠦ ᠭᠠᠷ᠎ᠲᠤ ᠣᠷᠤᠬᠤ ᠪᠠᠢᠲᠤᠭᠠᠢ ᠥᠷᠦᠭᠡᠯ ᠴᠢᠳᠦᠷ᠎ᠲᠡᠢ᠎ᠴᠦ ᠭᠡᠰᠡᠨ ᠡᠵᠡᠨ᠎ᠡᠴᠡ᠎ᠪᠡᠨ ᠥᠭᠡᠷ᠎ᠡ ᠬᠥᠮᠦᠨ᠎ᠳᠦ ᠪᠠᠷᠢᠭᠳᠠᠳᠠᠭ ᠵᠠᠩ᠎ᠦᠭᠡᠢ 《ᠣᠷᠤᠭ᠎ᠠ》 ᠴᠣᠯᠠ᠎ᠲᠠᠢ ᠽᠠᠨᠳᠠᠨ ᠬᠦᠷᠡᠩ ᠰᠡᠭᠦᠯ᠎ᠢᠶᠡᠨ ᠬᠠᠳᠭᠤᠨ ᠴᠢᠨᠠᠭᠰᠢ ᠳᠠᠪᠬᠢᠬᠤ ᠭᠡᠰᠡᠨ᠎ᠢᠶᠡᠨ ᠪᠣᠯᠢᠭᠠᠳ ᠭᠡᠳᠡᠷᠭᠦ ᠬᠠᠯᠵᠠᠨ ᠪᠣᠷᠤ᠎ᠶᠢᠨ ᠳᠡᠷᠭᠡᠳᠡ ᠳᠠᠪᠬᠢᠵᠤ ᠢᠷᠡᠪᠡ᠃ 《ᠬᠦᠢ! ᠲᠠᠷᠢᠬᠢ᠎ᠦᠭᠡᠢ᠎ᠮᠢᠨᠢ!》 ᠭᠡᠬᠦ᠎ᠰᠢᠭ ᠴᠢᠬᠢ᠎ᠪᠡᠨ ᠬᠤᠯᠮᠠᠢᠨ ᠣᠴᠢᠵᠤ ᠳᠣᠭᠳᠤᠭᠤᠷ ᠰᠡᠭᠦᠯ᠎ᠡᠴᠡ᠎ᠨᠢ ᠬᠠᠵᠠᠬᠤ ᠭᠡᠳ ᠬᠥᠭᠡᠷᠦᠬᠦᠢᠯᠡᠭᠰᠡᠨ ᠪᠣᠯᠤᠯᠲᠠᠢ ᠳᠠᠬᠢᠨ ᠤᠷᠢᠳᠠᠬᠢ᠎ᠲᠠᠢ᠎ᠪᠠᠨ ᠠᠳᠠᠯᠢ ᠵᠡᠭᠦᠨ ᠬᠥᠪᠡᠭᠡ ᠥᠭᠡᠳᠡ ᠲᠣᠩᠭᠤᠴᠢᠨ ᠳᠠᠪᠬᠢᠭᠠᠳ ᠡᠷᠭᠢᠨ ᠬᠠᠷᠠᠨ᠎ᠠ᠃ 《ᠨᠠᠮᠠᠢ ᠳᠣᠮᠤᠭᠯᠠᠵᠤ ᠪᠠᠢᠨ᠎ᠠ》 ᠭᠡᠬᠦ᠎ᠰᠢᠭ ᠬᠠᠯᠵᠠᠨ ᠪᠣᠷᠤ ᠳᠠᠭ᠎ᠠ ᠯᠠᠪᠲᠠᠢᠨ ᠬᠡᠪᠲᠡᠵᠦ ᠬᠥᠷᠪᠡᠭᠰᠡᠭᠡᠷ ᠪᠠᠢᠯ᠎ᠠ᠃ ᠽᠠᠨᠳᠠᠨ ᠬᠦᠷᠡᠩ ᠡᠨᠡ ᠮᠡᠲᠦ ᠨᠡᠯᠢᠶᠡᠳ ᠬᠣᠯᠬᠢᠵᠠᠢ᠃

《ᠫᠢᠩ᠂ ᠫᠢᠩ᠂ ᠫᠢᠩ᠂ ᠫᠢᠩ》 ᠭᠡᠬᠦ ᠴᠢᠮᠡᠭᠡ᠎ᠶᠢᠨ ᠵᠠᠪᠰᠠᠷ 《ᠹᠢᠷ ᠹᠢᠷ᠂ ᠹᠢᠷ᠂ ᠹᠢᠷ ᠹᠢᠷ》 ᠭᠡᠰᠡᠨ ᠭᠠᠵᠠᠷ ᠨᠦᠳᠦᠵᠦ ᠳᠣᠷᠭᠢᠭᠤᠯᠬᠤ ᠳᠠᠭᠤᠨ᠎ᠨᠢ ᠤᠯᠠᠮ ᠲᠣᠳᠤᠷᠠᠨ ᠦᠷᠭᠦᠯᠵᠢᠯᠡᠭᠡᠳ᠂ ᠮᠣᠷᠢᠲᠠᠨ᠎ᠨᠤᠭᠤᠳ ᠳᠠᠪᠬᠢᠯᠳᠤᠨ ᠢᠷᠡᠵᠦ᠂ ᠵᠡᠭᠦᠨ ᠡᠮᠦᠨᠡᠰᠢ᠎ᠪᠡᠨ ᠪᠢᠴᠢᠬᠠᠨ ᠨᠠᠷᠢᠨ ᠬᠣᠭᠤᠯᠠᠢ ᠲᠠᠯᠪᠢᠭᠤ᠎ᠲᠠᠢ ᠥᠨᠳᠦᠷ ᠠᠭᠤᠯᠠ᠎ᠪᠠᠷ ᠬᠦᠷᠢᠶᠡᠯᠡᠭᠳᠡᠭᠰᠡᠨ ᠲᠣᠭᠤᠷᠢᠮ᠎ᠤᠨ ᠬᠠᠪᠴᠢᠯ᠎ᠳᠤ ᠽᠠᠨᠳᠠᠨ ᠬᠦᠷᠡᠩ᠂ ᠬᠠᠯᠵᠠᠨ ᠪᠣᠷᠤ ᠬᠣᠶᠠᠷ᠎ᠢ ᠬᠠᠰᠢᠵᠤ ᠠᠪᠤᠯ᠎ᠠ᠃ ᠽᠠᠨᠳᠠᠨ ᠬᠦᠷᠡᠩ᠎ᠦᠨ ᠴᠢᠬᠢᠨ᠎ᠳᠦ ᠶᠡᠷᠦ ᠰᠣᠨᠤᠰᠳᠠᠭ᠎ᠠ᠎ᠦᠭᠡᠢ 《 ᠢᠦᠢ ᠢᠦᠢ᠂ ᠲᠠᠷ ᠲᠠᠷ》 ᠭᠡᠬᠦ ᠵᠢᠭᠲᠡᠢᠬᠡᠨ ᠳᠠᠭᠤᠨ ᠳᠣᠷᠭᠢᠪᠠ᠃ ᠳᠡᠯ᠎ᠢᠶᠡᠨ ᠪᠣᠰᠭᠠᠭᠰᠠᠨ ᠽᠠᠨᠳᠠᠨ ᠬᠦᠷᠡᠩ ᠵᠦᠭ᠎ᠢᠶᠡᠨ ᠰᠠᠮᠪᠠᠭ᠎ᠠ᠎ᠲᠠᠢ ᠠᠵᠢᠭᠯᠠᠵᠤ᠂ ᠳᠡᠭᠳᠡᠭᠡᠬᠡᠢ᠎ᠪᠡᠨ ᠨᠢᠭᠤᠬᠤ ᠭᠡᠵᠦ ᠪᠠᠢᠭ᠎ᠠ ᠳᠡᠷᠪᠡᠭᠰᠡᠨ ᠲᠣᠭᠤᠷᠤᠤ᠎ᠰᠢᠭ᠋ ᠬᠠᠯᠵᠠᠨ ᠪᠣᠷᠤ ᠳᠠᠭ᠎ᠠ᠎ᠶᠢ ᠡᠭᠡᠮ᠎ᠳᠡᠭᠡᠨ ᠨᠠᠭᠠᠯᠳᠤᠭᠤᠯᠤᠭᠠᠳ ᠬᠤᠢᠬᠤᠷᠯᠠᠨ ᠡᠷᠭᠢᠯᠳᠦᠵᠦ ᠳᠠᠪᠬᠢᠨ᠎ᠠ᠃

ᠮᠤᠷᠤᠢ ᠤᠨᠢᠨ᠎ᠳᠤ ᠦᠵᠦᠭᠦᠷᠲᠦ ᠪᠤᠷᠭᠠᠰᠤ ᠵᠠᠯᠭᠠᠭᠠᠳ᠂ ᠳᠠᠯᠠᠨ ᠪᠤᠯᠲᠤᠷᠤᠤ᠎ᠲᠠᠢ ᠲᠡᠮᠡᠭᠡᠨ ᠳᠡᠭᠡᠰᠦ᠎ᠪᠡᠷ ᠬᠤᠢᠪᠢᠯᠠᠭᠰᠠᠨ ᠤᠷᠭᠠᠲᠠᠨ᠎ᠨᠤᠭᠤᠳ 《ᠵᠢᠷᠭᠤᠭᠠᠨ ᠬᠦᠵᠦᠭᠦᠲᠡᠨ ᠨᠤᠭᠦᠳ᠎ᠲᠦ ᠤᠷᠭ᠎ᠠ ᠶᠡᠷᠦᠨᠢ ᠠᠯᠳᠠᠭ᠎ᠠ᠎ᠦᠭᠡᠢ᠎ᠶᠤᠮ》 ᠭᠡᠬᠦ᠎ᠰᠢᠭ ᠬᠡᠬᠦᠯᠵᠡᠨ ᠪᠠᠢᠵᠤ᠂ ᠣᠯᠠᠨ᠎ᠢᠶᠠᠷ᠎ᠢᠶᠠᠨ ᠣᠮᠤᠭ ᠪᠠᠷᠢᠭᠠᠳ ᠽᠠᠨᠳᠠᠨ ᠬᠦᠷᠡᠩ᠎ᠦᠨ ᠭᠠᠩᠭᠠᠩ ᠰᠠᠢᠬᠠᠨ ᠪᠤᠭᠤᠨ ᠲᠣᠯᠤᠭᠠᠢ᠎ᠳᠤᠨᠢ ᠪᠤᠵᠠᠷ ᠤᠷᠭ᠎ᠠ᠎ᠪᠠᠨ ᠠᠶᠤᠮᠰᠢᠭ᠎ᠦᠭᠡᠢ ᠳᠦᠷᠦᠬᠦ ᠭᠡᠯ᠎ᠡ᠃ ᠠᠭᠤᠷᠰᠤᠨ ᠬᠦᠷᠴᠢᠭᠢᠨᠡᠭᠰᠡᠨ ᠪᠠᠷᠰ᠎ᠰᠢᠭ᠋᠂ ᠠᠭᠤᠯᠠᠨ᠎ᠠᠴᠠ ᠪᠠᠭᠤᠭᠰᠠᠨ ᠦᠶᠡᠷ᠎ᠰᠢᠭ ᠣᠮᠤᠭ ᠰᠦᠷ᠎ᠲᠡᠢ ᠽᠠᠨᠳᠠᠨ ᠬᠦᠷᠡᠩ ᠮᠣᠷᠢ᠂ ᠬᠦᠨᠲᠦᠷᠦᠨ ᠵᠤᠯᠠᠷᠠᠵᠤ᠂ ᠬᠥᠮᠦᠷᠢᠨ ᠳᠠᠪᠬᠢᠮᠠᠭᠴᠠ᠂ ᠤᠷᠤᠭᠤ᠎ᠲᠠᠢ ᠥᠨᠥᠬᠢ ᠬᠥᠮᠦᠨ ᠤᠷᠭ᠎ᠠ ᠳᠦᠷᠦᠵᠦ ᠴᠢᠳᠠᠭᠰᠠᠨ᠎ᠦᠭᠡᠢ ᠮᠥᠷᠲᠡᠭᠡᠨ ᠮᠣᠷᠢᠨ ᠳᠡᠭᠡᠷ᠎ᠡ᠎ᠡᠴᠡ᠎ᠪᠡᠨ ᠭᠤᠳᠤᠷᠴᠤ᠂ ᠡᠯᠢᠭᠡ ᠲᠦᠷᠦᠭᠦᠦ᠎ᠪᠡᠷ᠎ᠢᠶᠡᠨ ᠰᠠᠪᠠᠵᠤ ᠤᠨᠠᠭᠠᠳ 《ᠡᠵᠢ ᠡ! ᠦᠬᠦᠯ᠎ᠡ ᠪᠢ》 ᠭᠡᠵᠦ ᠶᠣᠢᠯᠠᠨ ᠤᠬᠤᠨ᠎ᠠ ᠴᠢᠷᠠᠢᠯᠠᠵᠤ ᠲᠡᠯᠴᠢᠯᠡᠪᠡ᠃

《ᠪᠤᠤ ᠳᠤᠲᠠᠭᠠᠯᠭ᠎ᠠ! ᠬᠠᠰᠢ! ᠪᠠᠷᠢ! ᠫᠤᠤᠳᠠ!》 ᠭᠡᠬᠦ ᠶᠠᠩᠵᠤ᠎ᠪᠠᠷ ᠴᠢᠷᠠᠯᠠᠨ ᠳᠠᠪᠬᠢᠵᠠᠭᠠᠭᠰᠠᠨ ᠮᠣᠷᠢᠲᠠᠨ ᠡᠬᠢ ᠠᠳᠠᠭ᠎ᠦᠭᠡᠢ ᠰᠠᠮᠠᠭᠤᠷᠠᠨ ᠵᠠᠷᠢᠮ᠎ᠨᠢ ᠮᠣᠷᠢᠨ᠎ᠠᠴᠠ᠎ᠪᠠᠨ ᠬᠠᠶᠠᠭᠳᠠᠵᠤ᠂ ᠵᠠᠷᠢᠮ᠎ᠨᠢ ᠮᠠᠯᠠᠭᠠᠢ᠎ᠪᠠᠨ ᠭᠡᠭᠡᠵᠡᠢ᠃

《ᠫᠠᠩ ᠫᠠᠩ᠂ ᠫᠢᠩ ᠫᠠᠩ》 《ᠲᠠᠷ ᠲᠠᠷ ᠲᠠᠷ᠂ ᠲᠠᠷ ᠲᠠᠷ ᠲᠠᠷ》 ᠭᠡᠰᠡᠨ ᠳᠠᠭᠤᠨ᠎ᠨᠢ ᠪᠠᠢᠯᠳᠤᠭᠠᠨ᠎ᠤ ᠬᠠᠮᠤᠭ᠎ᠤᠨ ᠪᠠᠴᠢᠮ ᠦᠶ᠎ᠡ᠎ᠰᠢᠭ ᠪᠣᠯᠤᠯ᠎ᠠ᠃ ᠶᠠᠭᠤ᠎ᠴᠤ ᠭᠡᠰᠡᠨ ᠽᠠᠨᠳᠠᠨ ᠬᠦᠷᠡᠩ᠎ᠯᠡ ᠰᠤᠷᠮᠠᠭᠠᠢ᠎ᠪᠠᠷ᠎ᠢᠶᠠᠨ ᠵᠡᠭᠦᠨ ᠡᠮᠦᠨᠡᠬᠢ ᠬᠣᠭᠤᠯᠠᠢ᠎ᠶᠢ ᠳᠠᠭᠠᠵᠤ᠂ ᠬᠤᠢ ᠰᠠᠯᠬᠢᠨ᠎ᠰᠢᠭ᠋ ᠱᠤᠤᠭᠢᠨ ᠵᠢᠷᠭᠢᠵᠦ ᠪᠠᠢᠪᠠ᠃ ᠲᠡᠭᠦᠨ᠎ᠦ ᠬᠠᠵᠠᠭᠤ᠎ᠳᠤᠨᠢ ᠡᠬᠡ᠎ᠪᠡᠨ ᠳᠠᠭᠠᠵᠤ ᠬᠠᠷᠠᠢᠭᠰᠠᠨ ᠢᠨᠵᠠᠭ᠎ᠠ᠎ᠰᠢᠭ᠋ ᠰᠠᠮᠪᠠᠭ᠎ᠠ᠎ᠲᠠᠢ ᠭᠦᠶᠦᠵᠦ ᠪᠠᠢᠭᠰᠠᠨ ᠬᠠᠯᠵᠠᠨ ᠪᠣᠷᠤ ᠭᠡᠨᠡᠳᠲᠡ ᠮᠤᠰᠭᠢᠨ ᠲᠡᠮᠡᠦᠯᠳᠦᠵᠦ ᠪᠥᠭᠰᠡ᠎ᠪᠡᠨ ᠠᠶᠠᠷᠬᠠᠨ ᠭᠠᠵᠠᠷ ᠲᠠᠯᠪᠢᠪᠠ᠃

ᠬᠠᠨᠳᠠᠭᠠᠢ ᠮᠡᠲᠦ ᠠᠭᠤᠯᠠ᠎ᠶᠢᠨ ᠬᠢᠷ᠎ᠠ ᠥᠭᠡᠳᠡ ᠳᠠᠪᠬᠢᠭᠰᠠᠨ ᠽᠠᠨᠳᠠᠨ ᠬᠦᠷᠡᠩ᠂ ᠠᠷᠤ᠎ᠠᠴᠠ᠎ᠪᠠᠨ ᠨᠡᠬᠡᠬᠦ ᠠᠮᠢᠲᠠᠨ᠎ᠦᠭᠡᠢ ᠪᠣᠯᠤᠭᠰᠠᠨ᠎ᠢ ᠮᠡᠳᠡᠭᠰᠡᠨ᠎ᠶᠦᠮ᠎ᠦᠦ? ᠥᠨᠳᠦᠷ ᠬᠠᠢᠷᠬᠠᠨ᠎ᠤ ᠪᠠᠷᠠᠭᠤᠨ ᠬᠣᠢᠲᠤᠬᠢ ᠬᠠᠳᠠᠨ ᠵᠠᠪᠰᠠᠷ ᠭᠡᠳᠡᠷᠭᠦ᠎ᠪᠡᠨ ᠬᠠᠷᠠᠵᠤ ᠵᠣᠭᠰᠤᠯ᠎ᠠ᠃ ᠭᠡᠪᠡᠴᠦ ᠬᠠᠯᠵᠠᠨ ᠪᠣᠷᠤ ᠤᠳᠠᠲᠠᠯ᠎ᠠ ᠠᠯᠠᠭ᠎ᠠ ᠪᠣᠯᠬᠣᠷ ᠤᠷᠲᠤ ᠰᠠᠨᠠᠭ᠎ᠠ ᠠᠯᠳᠠᠵᠤ ᠭᠠᠵᠠᠷ ᠴᠠᠪᠴᠢᠯᠠᠭᠰᠠᠭᠠᠷ ᠪᠤᠴᠠᠪᠠ᠃

* * *

ᠵᠠᠳᠠᠭᠠᠢ ᠠᠷᠤᠪᠴᠢ᠎ᠲᠠᠢ ᠨᠣᠭᠲᠤ ᠪᠠᠷᠢᠭᠰᠠᠨ ᠬᠡᠰᠢᠭᠲᠣᠭᠲᠠᠬᠤ ᠡᠪᠦᠭᠡᠨ ᠪᠦᠭᠰᠢᠨ ᠠᠮᠢᠰᠭᠤᠯᠯᠠᠭᠰᠠᠭᠠᠷ ᠭᠡᠷ᠎ᠦᠨ᠎ᠢᠶᠡᠨ ᠪᠠᠷᠠᠭᠤᠨ ᠡᠮᠦᠨ᠎ᠡ ᠳᠡᠭᠡᠷ᠎ᠡ ᠨᠣᠭᠲᠤ᠎ᠪᠠᠨ 《ᠫᠦᠰ》 ᠭᠡᠲᠡᠯ᠎ᠡ ᠰᠢᠳᠡᠵᠡᠢ᠃ ᠭᠡᠲᠡᠯ᠎ᠡ ᠨᠣᠭᠲᠤ᠎ᠶᠢᠨ ᠬᠢᠨᠢ ᠲᠣᠯᠤᠭᠠᠢ ᠳᠣᠷᠤᠭᠰᠢ᠎ᠪᠠᠨ ᠳᠡᠭᠦᠵᠢᠯᠡᠭᠳᠡᠵᠦ ᠤᠨᠵᠢᠢᠬᠤ᠎ᠨᠢ 《ᠬᠡᠢ ᠮᠣᠷᠢ᠎ᠨᠢ ᠨᠢᠭᠡᠮᠦᠰᠦᠨ ᠬᠠᠵᠠᠢᠵᠠᠢ》 ᠭᠡᠳᠡᠭ ᠰᠡᠵᠢᠭ ᠲᠥᠷᠦᠭᠳᠡᠭᠦᠯᠵᠦ᠂ ᠡᠪᠦᠭᠡᠨ᠎ᠢ ᠨᠡᠩ ᠵᠣᠪᠠᠭᠠᠨ᠎ᠠ᠃ ᠨᠢᠳᠦ ᠬᠣᠰᠢᠭᠤᠮᠠᠯᠵᠢᠵᠤ ᠵᠢᠷᠲᠠᠢᠯᠭᠠᠭᠠᠳ ᠨᠣᠭᠲᠤ᠎ᠶᠢᠨ ᠲᠣᠯᠤᠭᠠᠢ᠎ᠶᠢ ᠳᠡᠭᠡᠭᠰᠢ᠎ᠨᠢ ᠲᠠᠯᠪᠢᠬᠤ ᠭᠡᠰᠡᠨ ᠭᠠᠷ᠎ᠢᠶᠠᠷ᠎ᠢᠶᠠᠨ ᠨᠢᠰᠤ᠎ᠪᠠᠨ ᠠᠷᠴᠢᠵᠤ ᠭᠡᠷ᠎ᠲᠦ ᠣᠷᠤᠪᠠ᠃

ᠵᠤᠯᠠᠢ ᠳᠡᠭᠡᠷ᠎ᠡ᠎ᠪᠡᠨ ᠨᠢᠭᠡ ᠭᠠᠤᠯᠢᠨ ᠵᠣᠭᠤᠰ ᠪᠠᠷᠢᠵᠤ᠂ ᠵᠡᠭᠦᠨ ᠭᠠᠷ᠎ᠢᠶᠠᠨ ᠲᠠᠰᠤ ᠠᠳᠭᠤᠭᠰᠠᠨ ᠡᠮᠡᠭᠡᠨ ᠨᠢᠳᠦ᠎ᠪᠡᠨ ᠠᠨᠢᠪᠴᠢᠨ ᠰᠢᠪᠰᠢᠨ ᠰᠢᠪᠲᠤᠷᠠᠭᠰᠠᠨ᠎ᠢᠶᠠᠨ ᠬᠠᠷᠠᠭᠠᠳ:

《ᠡᠪᠦᠭᠡ ᠡ! ᠰᠤᠷᠠᠭ᠎ᠲᠠᠢ᠎ᠤᠤ?》 ᠭᠡᠪᠡ᠃

《ᠬᠡᠩ! ᠰᠤᠷᠠᠭ᠎ᠲᠠᠭᠠᠨ ᠳᠤᠷ᠎ᠠ᠎ᠲᠠᠢ᠎ᠶᠤᠮ᠃ ᠭᠠᠬᠠᠢ ᠶᠠᠪᠠᠭᠠᠨ ᠪᠣᠯᠵᠤ ᠰᠠᠨᠠᠭ᠎ᠠ ᠠᠮᠤᠷ ᠪᠣᠯᠪᠠ᠎ᠤᠤ? 〈ᠡᠨᠡ ᠴᠥᠪ᠎ᠦᠨ ᠴᠠᠭ᠎ᠲᠤ ᠰᠠᠢᠨ ᠮᠣᠷᠢ ᠬᠡᠷᠡᠭ᠎ᠦᠭᠡᠢ〉 ᠭᠡᠳ ᠬᠠᠷ᠎ᠠ ᠨᠢᠳᠦ᠎ᠪᠡᠨ ᠬᠣᠪᠬᠤ ᠲᠠᠲᠠᠮᠠᠭᠴᠠ ᠶᠠᠩᠰᠢᠭᠠᠳ ᠪᠠᠢᠳᠠᠭ ᠲᠦᠭᠦᠰᠢ᠎ᠴᠢᠨᠢ ᠴᠢᠯᠦᠭᠡ ᠭᠠᠷᠬᠤ ᠪᠣᠯᠵᠠᠢ᠃ ᠣᠳᠣ ᠬᠣᠶᠠᠷ ᠲᠤᠭᠤᠯ᠎ᠲᠠᠢ ᠦᠨᠢᠶ᠎ᠡ᠎ᠡᠴᠡ᠎ᠪᠡᠨ ᠰᠠᠯᠪᠠᠯ ᠭᠠᠵᠠᠷ ᠳᠡᠭᠡᠷ᠎ᠡ ᠭᠢᠰᠭᠢᠬᠦ ᠮᠠᠯ᠎ᠦᠭᠡᠢ ᠪᠣᠯᠤᠨ᠎ᠠ》 ᠭᠡᠵᠦ ᠬᠡᠰᠢᠭᠲᠣᠭᠲᠠᠬᠤ ᠬᠥᠨᠳᠡᠯᠡᠨ ᠬᠠᠷᠠᠵᠤ ᠰᠠᠭᠤᠪᠠ᠃

《ᠰᠠᠢᠨ ᠰᠤᠷᠠᠭ ᠰᠣᠨᠤᠰᠤᠮᠠᠷ᠎ᠶᠤᠮ ᠳ᠋ᠠ᠃ 〈ᠴᠠᠭᠠᠨ ᠬᠡᠷᠢᠶ᠎ᠡ ᠲᠠᠪᠤᠨ ᠬᠥᠯ᠎ᠲᠡᠢ〉 ᠪᠠᠭᠤᠵᠤ ᠪᠠᠢᠨ᠎ᠠ ᠰᠢᠤ᠃ 》

《ᠴᠢ ᠪᠢᠳᠡ ᠬᠣᠶᠠᠷ᠎ᠤᠨ ᠮᠡᠷᠭᠡᠯᠡᠬᠦ᠎ᠨᠢ ᠠᠷᠤ ᠳᠡᠭᠡᠷ᠎ᠡ᠎ᠪᠡᠨ ᠭᠠᠷᠴᠠᠢ᠃ ᠤᠷᠭᠠᠨ᠎ᠳᠤᠨᠢ ᠣᠷᠤᠭᠰᠠᠨ ᠪᠣᠯ ᠤᠭᠤᠲᠠᠨ᠎ᠳᠤᠨᠢ ᠰᠢᠩᠭᠡᠭᠡᠳ᠂ ᠠᠷᠤ ᠬᠣᠷᠮᠤᠢ᠂ ᠬᠠᠷ᠎ᠠ ᠨᠣᠬᠠᠢ ᠬᠣᠶᠠᠷ᠎ᠯᠠ ᠦᠵᠡᠭᠡᠳ ᠳᠠᠭᠤᠰᠤᠭᠰᠠᠨ ᠪᠠᠢᠬᠤ! ᠠᠢ! ᠬᠠᠢᠷᠠᠨ᠎ᠤ ᠮᠣᠷᠢ᠃ ᠬᠡᠰᠢᠭᠲᠣᠭᠲᠠᠬᠤ ᠨᠢᠭᠡ᠎ᠶᠢ᠎ᠪᠡᠨ ᠬᠣᠶᠠᠷ᠂ ᠨᠢᠮᠭᠡᠨ᠎ᠢᠶᠡᠨ ᠵᠤᠵᠠᠭᠠᠨ ᠪᠣᠯᠭᠠᠶ᠎ᠠ ᠭᠡᠳ ᠨᠢᠭᠡ ᠨᠠᠰᠤ᠎ᠪᠠᠷ᠎ᠢᠶᠠᠨ ᠤᠯᠠ᠎ᠶᠢᠨ᠎ᠢᠶᠠᠨ ᠬᠥᠯᠦᠰᠦ᠎ᠶᠢ ᠮᠠᠩᠨᠠᠢ᠎ᠳᠠᠭᠠᠨ ᠨᠠᠭᠠᠯᠳᠤᠭᠤᠯᠵᠤ ᠪᠠᠢᠭᠠᠳ ᠤᠨᠤᠬᠤ᠎ᠲᠠᠢ᠂ ᠰᠠᠭᠠᠬᠤ᠎ᠲᠠᠢ ᠪᠣᠯᠤᠯ᠎ᠠ ᠭᠡᠵᠦ ᠰᠠᠨᠠᠭᠰᠠᠨ᠎ᠶᠤᠮ᠎ᠰᠠᠨ᠃ ᠬᠤᠪᠢ᠎ᠨᠢ ᠬᠠᠵᠠᠢᠵᠤ᠂ ᠬᠤᠷᠤᠢ᠎ᠨᠢ ᠡᠷᠭᠢᠬᠦ᠎ᠪᠡᠨ ᠪᠣᠯᠢᠵᠠᠢ ᠳ᠋ᠠ 》 ᠭᠡᠳ ᠲᠣᠯᠤᠭᠠᠢ᠎ᠪᠠᠨ ᠲᠦᠰ ᠲᠦᠰ ᠴᠣᠬᠢᠪᠠ᠃

《᠎ᠦᠭᠡᠢ! ᠬᠠᠪᠴᠢᠯ ᠲᠣᠭᠤᠷᠢᠮ᠎ᠤᠨ ᠬᠠᠪᠢ᠎ᠳᠤ ᠪᠠ ᠯᠦ ᠳᠠᠢᠰᠤᠨ᠎ᠲᠠᠢ ᠲᠤᠯᠤᠯᠳᠤᠵᠤ ᠪᠠᠢᠨ᠎ᠠ ᠭᠡᠰᠡᠨ᠃ ᠲᠡᠳᠡᠨ᠎ᠳᠦ ᠥᠷᠳᠦᠭᠰᠡᠨ ᠪᠣᠯ ᠭᠠᠢᠭᠤᠢ ᠪᠠᠢᠵᠤ᠎ᠴᠤ ᠶᠠᠭᠤ ᠮᠠᠭᠠᠳ ᠪᠢᠯᠡ᠃ 〉

《ᠲᠡᠷᠡ᠎ᠴᠢᠨᠢ ᠪᠢᠳᠡ ᠬᠣᠶᠠᠷ᠎ᠤᠨ ᠲᠣᠯᠤᠭᠠᠢ᠎ᠶᠢ ᠡᠷᠭᠢᠭᠦᠯᠵᠦ ᠪᠠᠢᠭ᠎ᠠ ᠦᠭᠡ ᠰᠢᠦ᠃ ᠪᠠ ᠯᠦ᠂ ᠮᠠ ᠯᠦ ᠭᠡᠬᠦ᠎ᠶᠦᠮ ᠭᠡᠨ᠎ᠡ᠃ ᠪᠦᠭᠦᠳᠡᠭᠡᠷ᠎ᠯᠡ ᠴᠡᠷᠢᠭ ᠰᠢᠤ ᠳ᠋ᠠ᠃ ᠲᠡᠭᠡᠭᠡᠳ ᠪᠠᠰᠠ ᠬᠡᠯᠡ ᠠᠮᠠ ᠮᠡᠳᠡᠬᠦ᠎ᠦᠭᠡᠢ᠂ ᠭᠡᠷ ᠣᠷᠤᠨ᠎ᠦᠭᠡᠢ ᠬᠢᠲᠠᠳ᠎ᠤᠳ ᠪᠠᠢᠨ᠎ᠠ᠃ ᠲᠡᠳᠡᠨ᠎ᠳᠦ ᠲᠣᠬᠢᠶᠠᠯᠳᠤᠭᠰᠠᠨ ᠪᠣᠯ 〈ᠰᠠᠮᠵᠠ᠎ᠶᠢᠨ ᠠᠮᠠᠨ᠎ᠠᠴᠠ ᠴᠢᠪᠠᠭ᠎ᠠ ᠪᠤᠯᠢᠶᠠᠬᠤ᠎ᠲᠠᠢ ᠠᠳᠠᠯᠢ〉 ᠬᠡᠷᠡᠭ ᠪᠣᠯᠤᠨ᠎ᠠ ᠪᠢᠵᠡ ᠳ᠋ᠠ᠃ 》

《ᠪᠤᠷᠬᠠᠨ᠎ᠮᠢᠨᠢ ᠡ! ᠦᠵᠡᠭᠡ᠎ᠦᠭᠡᠢ᠎ᠪᠡᠷ ᠬᠥᠮᠦᠨ᠎ᠢ ᠴᠢᠩᠭᠢᠵᠦ ᠪᠢᠲᠡᠭᠡᠢ ᠬᠢᠯᠢᠰᠳᠡᠭᠦᠯ! ᠠᠮᠠᠨ ᠬᠡᠰᠢᠭ᠎ᠲᠦ᠎ᠮᠢᠨᠢ ᠮᠠᠭᠤ ᠪᠣᠯᠤᠨ᠎ᠠ ᠰᠢᠤ》 ᠭᠡᠵᠦ ᠬᠣᠷᠯᠣ ᠡᠮᠡᠭᠡᠨ ᠶᠢᠰᠦᠨ ᠵᠣᠭᠤᠰ᠎ᠢᠶᠠᠨ ᠤᠯᠠᠭᠠᠨ ᠤᠲᠠᠰᠤᠨ᠎ᠳᠤ ᠬᠡᠯᠬᠢᠵᠦ ᠳᠠᠯᠳᠠ ᠬᠢᠪᠡ᠃

《ᠶᠣᠬᠤ! ᠠᠮᠠᠨ ᠬᠡᠰᠢᠭ ᠳᠤᠷᠠᠰᠬᠤ᠎ᠳᠠᠭᠠᠨ ᠳᠤᠷ᠎ᠠ᠎ᠲᠠᠢ᠎ᠶᠤᠮ᠃ ᠲᠡᠢᠮᠦ ᠰᠦᠷᠡᠬᠡᠢ ᠪᠠᠢᠭᠰᠠᠨ ᠪᠣᠯ ᠡᠮᠡᠭᠡᠯ᠎ᠢᠶᠡᠨ ᠭᠠᠵᠠᠷ ᠬᠠᠶᠠᠵᠤ ᠶᠠᠪᠤᠳᠠᠭ᠎ᠤᠤ?》 ᠭᠡᠳ ᠬᠡᠰᠢᠭᠲᠣᠭᠲᠠᠬᠤ ᠭᠡᠳᠡᠷᠭᠡᠨ ᠰᠤᠨᠵᠤ ᠤᠨᠠᠪᠠ᠃

ᠭᠢᠯᠤᠢᠵᠤ ᠤᠨᠠᠬᠤ ᠰᠢᠬᠠᠭᠰᠠᠨ ᠪᠠᠢᠯᠭᠦᠢ! ᠲᠣᠭᠤᠭ᠎ᠠ ᠲᠠᠯᠪᠢᠵᠤ ᠬᠠᠯᠠᠭᠤᠨ ᠶᠠᠭᠤᠮ᠎ᠠ ᠣᠭᠤᠴᠢᠭᠤᠯᠤᠶ᠎ᠠ ᠭᠡᠳ ᠬᠣᠷᠯᠣ ᠬᠠᠲᠠᠪᠴᠢ ᠠᠯᠬᠤᠭᠰᠠᠨ᠎ᠢᠶᠠᠨ:

《ᠵᠠᠢᠯᠠᠭᠤᠯ ᠪᠤᠤ ᠦᠵᠡᠭᠳᠡ!》 ᠭᠡᠵᠦ ᠤᠤᠯᠭ᠎ᠠ ᠠᠯᠳᠠᠭᠠᠳ ᠲᠣᠭᠤᠭᠠᠨ᠎ᠤ᠎ᠪᠠᠨ ᠪᠠᠷᠢᠭᠤᠯ᠎ᠢ ᠭᠠᠵᠠᠷ ᠤᠨᠠᠭᠠᠭᠠᠳ ᠠᠷᠤ ᠥᠭᠡᠳᠡ᠎ᠪᠡᠨ ᠤᠬᠤᠷᠢᠵᠠᠢ᠃

《ᠪᠡᠯᠡᠩᠴᠢ ᠡᠮᠡᠭᠡᠨ ᠶᠠᠭᠤ ᠪᠣᠯᠬᠤ᠎ᠨᠢ ᠪᠤᠢ?》 ᠭᠡᠵᠦ ᠤᠴᠠᠭᠠᠷᠳᠠᠩᠭᠤᠢ ᠴᠢᠷᠠᠢᠯᠠᠭᠰᠠᠨ ᠬᠡᠰᠢᠭᠲᠣᠭᠲᠠᠬᠤ ᠬᠥᠯ᠎ᠢᠶᠡᠨ ᠨᠤᠬᠤᠴᠢᠭᠰᠠᠭᠠᠷ ᠪᠣᠰᠤᠭᠠᠳ ᠱᠠᠭᠠᠢᠪᠠ᠃ ᠡᠪᠦᠭᠡᠨ᠎ᠦ ᠭᠠᠭᠴᠠᠬᠠᠨ ᠮᠤᠷᠤᠢ ᠭᠠᠳᠠᠰᠤᠨ ᠤᠶᠠᠭᠠᠨ᠎ᠳᠤᠨᠢ ᠳᠠᠯᠢᠩ᠎ᠲᠠᠢ ᠮᠣᠷᠢᠳ ᠳᠦᠭᠦᠷᠴᠦ᠂ ᠥᠨᠳᠦᠷ ᠪᠣᠷᠤ ᠬᠤᠪᠴᠠᠰᠤ᠎ᠲᠠᠢ ᠤᠯᠤᠰ᠂ ᠤᠶᠠᠭᠠᠨ᠎ᠤ ᠤᠷᠢᠳᠤᠭᠤᠷ ᠬᠣᠢᠭᠤᠷ ᠮᠣᠷᠢᠳ᠎ᠢᠶᠠᠨ ᠬᠥᠲᠦᠯᠦᠨ ᠠᠯᠬᠤᠵᠠᠭᠠᠵᠤ᠂ ᠵᠠᠷᠢᠮ᠎ᠨᠢ ᠲᠡᠩᠨᠡᠭᠡ᠎ᠪᠡᠨ ᠪᠠᠭᠤᠯᠭᠠᠵᠤ ᠪᠠᠢᠯ᠎ᠠ᠃ ᠴᠠᠢᠪᠤᠷ ᠪᠣᠷᠤ ᠬᠤᠪᠴᠠᠰᠤᠨ ᠳᠡᠭᠡᠷ᠎ᠡ ᠰᠢᠷ᠎ᠠ ᠨᠣᠭᠤᠭᠠᠨ ᠡᠭᠦᠷᠦᠪᠴᠢ ᠵᠥᠷᠢᠭᠦᠯᠳᠦᠨ ᠳᠠᠷᠤᠭᠤᠯᠤᠭᠰᠠᠨ᠂ ᠳᠠᠯᠪᠢᠭᠠᠷ ᠴᠢᠭᠢᠷᠰᠦᠨ ᠮᠠᠯᠠᠭᠠᠢ ᠠᠷᠤ᠎ᠳᠠᠭᠠᠨ ᠡᠭᠡᠯᠳᠦᠷᠭᠡᠯᠡᠭᠰᠡᠨ ᠥᠨᠳᠦᠷ ᠪᠡᠶ᠎ᠡ᠎ᠲᠡᠢ ᠬᠥᠮᠦᠨ᠂ ᠬᠠᠵᠠᠭᠤ᠎ᠳᠠᠬᠢ᠎ᠳᠠᠭᠠᠨ ᠶᠠᠭᠤᠮ᠎ᠠ ᠵᠠᠬᠢᠬᠤ᠎ᠰᠢᠭ᠋ ᠭᠠᠷ᠎ᠢᠶᠠᠨ ᠰᠠᠵᠢᠯᠠᠨ ᠳᠦᠷᠰᠦᠯᠡᠵᠦ ᠣᠯᠠᠨ ᠦᠭᠡ ᠶᠠᠷᠢᠭᠰᠠᠭᠠᠷ ᠵᠣᠭᠰᠤᠨ᠎ᠠ᠃

ᠬᠡᠰᠢᠭᠲᠣᠭᠲᠠᠬᠤ᠂ ᠬᠠᠭᠠᠯᠭ᠎ᠠ᠎ᠪᠠᠨ ᠬᠠᠮᠬᠢᠵᠤ ᠭᠡᠳᠡᠷᠭᠦ᠎ᠪᠡᠨ ᠤᠬᠤᠷᠢᠬᠤ ᠭᠡᠳ ᠶᠠᠮᠠᠷ ᠨᠢᠭᠡᠨ ᠶᠠᠭᠤᠮ᠎ᠠ ᠪᠣᠳᠤᠭᠰᠠᠨ᠎ᠶᠤᠮ ᠳ᠋ᠠ ? ᠳᠠᠬᠢᠨ ᠨᠡᠭᠡᠭᠡᠵᠦ ᠣᠷᠬᠢᠭᠠᠳ ᠬᠣᠷᠯᠣ᠎ᠶᠢᠨ ᠴᠢᠷᠠᠢ ᠥᠭᠡᠳᠡ ᠳᠡᠮᠡᠢᠯᠡ ᠮᠡᠯᠡᠷᠡᠨ ᠭᠥᠯᠢᠢᠪᠡ᠃ ᠬᠣᠷᠯᠣ ᠠᠮᠠᠨ ᠳᠣᠲᠤᠷ᠎ᠠ᠎ᠪᠠᠨ

《ᠤᠮ ᠮᠠ᠎ᠨᠢ ᠪᠠᠳ ᠮᠧ ᠬᠤᠮ》 ᠭᠡᠵᠦ ᠳᠦᠳᠦᠨᠡᠨ ᠵᠣᠭᠰᠤᠭᠰᠠᠨ ᠬᠡᠪ᠎ᠲᠡᠭᠡᠨ ᠪᠠᠷᠠᠭᠤᠨ ᠭᠠᠷ᠎ᠢᠶᠠᠨ ᠳᠡᠯᠭᠡᠵᠦ ᠬᠠᠨᠴᠤᠢ ᠳᠣᠲᠤᠷ᠎ᠠ᠎ᠪᠠᠨ ᠵᠠᠯᠪᠠᠷᠢᠵᠤ ᠪᠠᠢᠯ᠎ᠠ᠃ 《 ᠲᠤᠭᠤᠯᠵᠤ ᠭᠠᠷᠬᠤ᠎ᠠᠴᠠ ᠪᠢᠰᠢ᠂ ᠲᠣᠭᠤᠷᠢᠵᠤ ᠶᠠᠪᠤᠳᠠᠭ᠎ᠦᠭᠡᠢ》 ᠭᠡᠵᠦ ᠪᠣᠳᠤᠭᠰᠠᠨ᠎ᠠᠴᠠ᠎ᠶᠤᠮ᠎ᠤᠤ? ᠡᠰᠡᠬᠦᠯ᠎ᠡ ᠲᠡᠳᠦᠢ ᠤᠳᠠᠭᠠᠨ ᠪᠠᠢᠲᠠᠯ᠎ᠠ ᠨᠠᠮ ᠵᠢᠮᠬᠡᠨ ᠪᠣᠯᠬᠣᠷ ᠭᠠᠢᠭᠤᠢ ᠪᠠᠢᠯᠭᠦᠢ ᠭᠡᠵᠦ ᠭᠠᠳᠠᠷᠯᠠᠭᠰᠠᠨ᠎ᠶᠤᠮ᠎ᠤᠤ? ᠪᠤᠤ ᠮᠡᠳᠡ᠂ ᠬᠡᠰᠢᠭᠲᠣᠭᠲᠠᠬᠤ ᠰᠡᠮᠡᠭᠡᠷᠬᠡᠨ ᠭᠠᠷᠴᠤ᠂ ᠠᠯᠬᠤᠮ᠎ᠢᠶᠠᠨ ᠲᠣᠭᠠᠯᠠᠵᠤ ᠪᠠᠢᠭ᠎ᠠ᠎ᠰᠢᠭ᠋ ᠤᠶᠠᠭ᠎ᠠ ᠥᠭᠡᠳᠡ ᠭᠡᠯᠳᠦᠷᠢᠪᠡ᠃

ᠥᠨᠳᠦᠷ ᠪᠡᠶ᠎ᠡ᠎ᠲᠡᠢ ᠬᠥᠮᠦᠨ ᠠᠷᠪᠢᠨ ᠦᠭᠡ ᠬᠡᠯᠡᠭᠰᠡᠨ ᠪᠣᠯᠪᠠᠴᠤ ᠬᠡᠰᠢᠭᠲᠣᠭᠲᠠᠬᠤ ᠶᠡᠷᠦᠨᠢ ᠣᠢᠯᠠᠭᠠᠭᠰᠠᠨ᠎ᠦᠭᠡᠢ᠃ ᠭᠠᠭᠴᠠ᠎ᠬᠦ ᠥᠨᠳᠦᠷ ᠪᠡᠶ᠎ᠡ᠎ᠲᠡᠢ ᠬᠥᠮᠦᠨ᠎ᠦ ᠵᠥᠭᠡᠯᠡᠨ ᠲᠣᠭᠲᠠᠭᠤᠨ ᠬᠠᠷᠠᠴᠠ ᠬᠢᠭᠡᠳ ᠳᠤᠯᠠᠭᠠᠨ ᠡᠶᠡᠯᠰᠡᠭ ᠴᠢᠷᠠᠢ ᠬᠣᠶᠠᠷ᠎ᠠᠴᠠ᠎ᠨᠢ ᠰᠠᠢᠨ ᠬᠥᠮᠦᠨ ᠪᠠᠢᠨ᠎ᠠ ᠭᠡᠵᠦ ᠲᠠᠭᠠᠪᠤᠷᠢᠯᠠᠭᠰᠠᠨ ᠪᠥᠭᠡᠳ ᠳᠠᠷᠤᠭ᠎ᠠ ᠨᠣᠶᠠᠨ᠎ᠨᠢ᠎ᠴᠤ᠎ᠶᠤᠮ᠎ᠤᠤ?᠎ᠦᠭᠡᠢ! ᠪᠠ ᠯᠦ᠎ᠳᠦ ᠨᠣᠶᠠᠨ ᠪᠠᠢᠳᠠᠭ᠎ᠦᠭᠡᠢ᠂ ᠴᠢ ᠪᠢ᠎ᠦᠭᠡᠢ ᠠᠳᠠᠯᠢᠬᠠᠨ ᠪᠠᠢᠳᠠᠭ ᠭᠡᠰᠡᠨ ᠰᠢᠤ ᠳ᠋ᠠ ᠭᠡᠵᠦ ᠡᠯᠳᠡᠪᠴᠢᠯᠡᠨ ᠪᠣᠳᠤᠵᠤ ᠶᠠᠪᠤᠯ᠎ᠠ᠃

ᠬᠡᠰᠢᠭᠲᠣᠭᠲᠠᠬᠤ ᠪᠠᠭ᠎ᠠ᠎ᠳᠠᠭᠠᠨ ᠲᠠᠷᠢᠶ᠎ᠠ ᠲᠣᠰᠭᠤᠨ᠂ ᠪᠡᠭᠡᠵᠢᠩ᠂ ᠤᠲᠠᠢ ᠬᠦᠷᠲᠡᠯ᠎ᠡ ᠶᠠᠪᠤᠵᠤ ᠪᠠᠢᠭᠰᠠᠨ᠃ ᠨᠢᠳᠦ ᠨᠡᠭᠡᠭᠡᠭᠰᠡᠨ ᠳᠣᠬᠢ ᠲᠣᠯᠤᠭᠠᠢ᠎ᠶᠢᠨ ᠨᠢᠭᠡᠨ᠎ᠳᠦ ᠣᠷᠤᠳᠠᠭ ᠬᠥᠮᠦᠨ᠎ᠶᠦᠮ ᠭᠡᠨ᠎ᠡ᠃ ᠲᠡᠷᠡ ᠦᠶ᠎ᠡ ᠬᠡᠯᠡᠮᠦᠷᠴᠢᠨ᠎ᠡᠴᠡ:

《ᠪᠠᠢ ᠪᠦ ᠵᠠ ᠭᠡᠪᠡᠯ 〈ᠵᠦᠭᠡᠷ ᠵᠦᠭᠡᠷ〉 ᠭᠡᠵᠦ ᠮᠡᠳᠡᠭᠡᠷᠡᠢ》 ᠭᠡᠳ ᠵᠢᠭᠠᠵᠤ ᠪᠠᠢᠭᠰᠠᠨ᠎ᠢ ᠰᠠᠨᠠᠭᠠᠳ᠂ ᠡᠨᠡ ᠨᠣᠶᠠᠨ ᠥᠷᠦᠰᠢᠶᠡᠯ᠎ᠲᠡᠢ ᠰᠠᠢᠨ ᠬᠥᠮᠦᠨ ᠪᠠᠢᠨ᠎ᠠ ᠭᠡᠵᠦ ᠪᠣᠳᠤᠵᠠᠢ᠃ ᠲᠡᠭᠡᠭᠡᠳ ᠬᠡᠰᠢᠭᠲᠣᠭᠲᠠᠬᠤ :

《ᠨᠣᠶᠠᠨ ᠠᠮᠤᠷᠬᠠᠨ ᠮᠣᠷᠢᠯᠠᠵᠤ ᠪᠠᠢᠨ᠎ᠠ᠎ᠤᠤ?》 ᠭᠡᠵᠦ ᠪᠥᠬᠦᠢᠭᠡᠳ: 《ᠭᠡᠷ᠎ᠲᠦ ᠮᠣᠷᠢᠯᠠᠵᠤ ᠪᠠᠭᠤ!》 ᠭᠡᠵᠦ ᠬᠣᠶᠠᠷ ᠠᠯᠠᠭ᠎ᠠ᠎ᠪᠠᠨ ᠳᠡᠯᠭᠡᠨ ᠴᠣᠮᠴᠤᠰᠬᠢᠵᠤ ᠬᠠᠭᠠᠰ ᠬᠤᠭᠤᠰ ᠢᠨᠢᠶᠡᠮᠰᠦᠭᠯᠡᠬᠦ ᠴᠢᠷᠠᠢ ᠭᠠᠷᠭᠠᠪᠠ᠃

ᠥᠨᠳᠦᠷ ᠪᠡᠶ᠎ᠡ᠎ᠲᠡᠢ ᠬᠥᠮᠦᠨ ᠡᠪᠦᠭᠡᠨ᠎ᠦ ᠭᠠᠷ᠎ᠢ ᠠᠳᠭᠤᠵᠤ:

《ᠰᠠᠢᠨ ᠪᠠᠢᠨ᠎ᠠ᠎ᠤᠤ?》 ᠭᠡᠳ ᠬᠡᠳᠦᠨ ᠮᠣᠩᠭᠤᠯ ᠦᠭᠡ ᠬᠡᠯᠡᠵᠦ᠂ 《ᠮᠠᠨ᠎ᠤ ᠮᠣᠩᠭᠤᠯ ᠦᠭᠡ ᠣᠯᠠᠨ ᠪᠠᠢᠬᠤ᠎ᠦᠭᠡᠢ》 ᠭᠡᠳ ᠢᠨᠢᠶᠡᠪᠡ᠃

ᠲᠡᠳᠡ ᠭᠡᠷ᠎ᠦᠨ ᠰᠡᠭᠦᠳᠡᠷ᠂ ᠬᠣᠷᠤᠭᠠᠨ᠎ᠤ ᠢᠷᠤᠭᠠᠷ᠎ᠢ ᠳᠠᠭᠠᠵᠤ ᠰᠠᠭᠤᠵᠠᠭᠠᠭᠰᠠᠨ ᠪᠣᠯᠬᠣᠷ ᠬᠣᠷᠯᠣ ᠳᠡᠪᠦᠷ᠎ᠡ᠎ᠲᠡᠢ ᠴᠠᠢ ᠠᠪᠴᠢᠷᠠᠵᠤ ᠥᠨᠳᠦᠷ ᠨᠣᠶᠠᠨ᠎ᠳᠤ ᠠᠶᠠᠭᠠᠯᠠᠪᠠ᠃ ᠲᠡᠷᠡ ᠥᠪᠡᠷ᠎ᠢᠶᠡᠨ ᠰᠢᠨᠠᠭ᠎ᠠ ᠪᠠᠷᠢᠵᠤ ᠬᠦᠢᠲᠡᠨ ᠴᠠᠢ᠎ᠠᠴᠠ ᠬᠡᠳᠦᠨ ᠠᠶᠠᠭ᠎ᠠ ᠪᠠᠯᠭᠤᠵᠤ᠂ ᠴᠡᠷᠢᠭ᠎ᠲᠡᠭᠡᠨ ᠬᠡᠳᠦᠨ ᠦᠭᠡ ᠬᠡᠯᠡᠭᠡᠳ ᠤᠰᠤ ᠳᠠᠮᠨᠠᠭᠤᠯᠲᠠᠯ᠎ᠠ ᠠᠷᠭᠠᠯ ᠠᠪᠴᠢᠷᠠᠭᠤᠯᠤᠯ᠎ᠠ᠃ ᠥᠪᠡᠷ᠎ᠢᠶᠡᠨ ᠬᠠᠯᠠᠭᠤᠨ ᠵᠤᠤᠬ᠎ᠠ᠎ᠶᠢᠨ ᠠᠮᠠᠰᠠᠷ ᠳᠡᠭᠡᠷ᠎ᠡ ᠬᠠᠢᠴᠢ ᠪᠠᠷᠢᠵᠤ ᠭᠠᠯ ᠲᠦᠯᠡᠭᠦ ᠪᠥᠭᠡᠳ ᠬᠣᠷᠯᠣ᠎ᠶᠢ ᠣᠴᠢᠵᠤ ᠬᠠᠮᠵᠢᠬᠤ᠎ᠳᠤᠨᠢ

《ᠡᠵᠢ ᠠᠮᠠᠷᠠᠵᠤ ᠪᠠᠢ! ᠪᠢᠳᠡ ᠥᠪᠡᠷᠰᠡᠳ᠎ᠢᠶᠡᠨ ᠬᠣᠭᠤᠯᠠ ᠬᠢᠶ᠎ᠡ》 ᠭᠡᠵᠦ ᠥᠨᠳᠦᠷ ᠪᠡᠶ᠎ᠡ᠎ᠲᠡᠢ ᠬᠥᠮᠦᠨ ᠢᠨᠢᠶᠡᠨ ᠬᠡᠯᠡᠵᠡᠢ᠃ 《ᠦᠵᠡᠭᠡ᠎ᠦᠭᠡᠢ ᠬᠥᠮᠦᠨ ᠪᠠᠷᠰ᠂ ᠶᠠᠪᠤᠭ᠎ᠠ᠎ᠦᠭᠡᠢ ᠵᠠᠮ ᠲᠠᠮᠤ》 ᠭᠡᠵᠦ ᠨᠠᠰᠤᠲᠠᠨ᠎ᠤ ᠬᠡᠯᠡᠳᠡᠭ᠎ᠢᠶᠡᠷ᠂ ᠪᠠ ᠯᠦ᠎ᠶᠢ 《ᠠᠬ᠎ᠠ ᠵᠠᠬ᠎ᠠ᠎ᠦᠭᠡᠢ᠂ ᠴᠢᠨᠦ ᠮᠢᠨᠦᠬᠢ᠎ᠦᠭᠡᠢ》 ᠤᠯᠤᠰ ᠭᠡᠵᠦ ᠪᠣᠳᠤᠭᠰᠠᠨ᠎ᠨᠢ ᠱᠠᠯ ᠣᠨᠳᠣᠣ ᠪᠣᠯᠪᠠ᠃ ᠶᠣᠰᠤᠲᠠᠢ ᠬᠥᠭᠰᠢᠨ ᠨᠠᠰᠤᠲᠠᠢᠴᠤᠳ᠎ᠢᠶᠠᠨ ᠬᠦᠨᠳᠦᠯᠡᠳᠡᠭ᠂ ᠥᠪᠡᠷ᠎ᠦᠨ ᠪᠠ ᠪᠤᠰᠤᠳ᠎ᠤᠨ ᠬᠢ᠎ᠶᠢ ᠠᠳᠠᠯᠢᠬᠠᠨ ᠬᠠᠢᠷᠠᠯᠠᠳᠠᠭ ᠴᠠᠭᠠᠨ ᠰᠡᠳᠭᠢᠯ᠎ᠲᠡᠢ ᠤᠯᠤᠰ ᠪᠠᠢᠨ᠎ᠠ ᠭᠡᠵᠦ ᠬᠣᠷᠯᠣ ᠪᠣᠳᠤᠪᠠ᠃

ᠢᠯᠡᠭᠦᠦ ᠳᠤᠲᠠᠭᠤ ᠦᠭᠡ ᠬᠡᠯᠡᠭᠡᠳ ᠬᠡᠯᠡ ᠠᠮᠠᠨ᠎ᠳᠤ ᠪᠤᠤ ᠤᠷᠭᠠᠯᠠᠭᠳᠠᠶ᠎ᠠ! 《ᠲᠡᠨᠡᠭ ᠬᠥᠮᠦᠨ ᠳᠤᠭᠤᠢ᠎ᠳᠠᠭᠠᠨ ᠰᠦᠷ᠎ᠲᠡᠢ》 ᠭᠡᠭᠴᠢ᠎ᠪᠡᠷ ᠠᠷᠭᠠᠴᠠᠵᠤ ᠥᠩᠭᠡᠷᠡᠭᠦᠯᠦᠶ᠎ᠡ᠃ ᠪᠠ ᠯᠦ ᠭᠡᠳᠡᠭ᠎ᠴᠢᠨᠢ ᠠᠮᠠᠨ ᠳᠡᠭᠡᠷ᠎ᠡ᠎ᠪᠡᠨ ᠵᠥᠭᠡᠯᠡᠨ ᠪᠣᠯᠪᠠᠴᠤ ᠠᠷᠤ ᠬᠣᠢᠨ᠎ᠠ᠎ᠪᠠᠨ ᠬᠡᠴᠡᠭᠦᠦ ᠤᠯᠤᠰ ᠭᠡᠵᠦ ᠭᠦᠵᠡᠭᠡ ᠰᠢᠷ᠎ᠠ᠎ᠶᠢᠨ ᠶᠠᠷᠢᠭᠰᠠᠨ᠎ᠢ ᠶᠠᠭ ᠢᠲᠡᠭᠡᠭᠡᠳ ᠵᠢᠷᠦᠬᠡᠰᠢᠵᠦ ᠪᠠᠢᠭᠰᠠᠨ ᠪᠣᠯ ᠣᠳᠣ ᠭᠠᠢᠭᠤᠢ ᠰᠢᠪ ᠳ᠋ᠠ᠃ ᠢᠳᠡᠵᠦ ᠤᠤᠭᠤᠬᠤ ᠬᠦᠨᠡᠰᠦ᠎ᠪᠡᠨ ᠠᠪᠴᠤ ᠶᠠᠪᠤᠬᠤ᠎ᠠᠴᠠ ᠭᠠᠳᠠᠨ᠎ᠠ ᠥᠪᠡᠷ᠎ᠢᠶᠡᠨ ᠬᠢᠳᠡᠭ ᠤᠯᠤᠰ ᠪᠠᠢᠨ᠎ᠠ ᠭᠡᠵᠦ ᠬᠡᠰᠢᠭᠲᠣᠭᠲᠠᠬᠤ ᠪᠣᠳᠤᠵᠠᠢ᠃

《ᠲᠠᠨᠢᠯᠴᠠᠬᠤ᠎ᠠᠴᠠ ᠡᠮᠦᠨ᠎ᠡ ᠲᠠᠯ᠎ᠠ᠎ᠶᠢᠨ ᠭᠤᠷᠪᠠᠨ ᠭᠥᠷᠦᠭᠡᠰᠦ᠂ ᠲᠠᠨᠢᠯᠴᠠᠭᠰᠠᠨ ᠬᠣᠢᠨ᠎ᠠ᠎ᠪᠠᠨ ᠲᠠᠩᠨᠠᠢ᠎ᠶᠢᠨ ᠭᠤᠷᠪᠠᠨ ᠰᠤᠳᠠᠰᠤ》 ᠭᠡᠭᠴᠢ᠎ᠪᠡᠷ ᠬᠡᠰᠢᠭᠲᠣᠭᠲᠠᠬᠤ᠎ᠶᠢᠨ ᠡᠭ ᠮᠡᠭ ᠭᠡᠬᠦ᠎ᠨᠢ᠎ᠴᠦ ᠠᠶᠠᠳᠠᠵᠤ ᠲᠡᠳᠡᠨ᠎ᠦ ᠠᠰᠠᠭᠤᠭᠰᠠᠨ᠎ᠢ᠎ᠨᠢ ᠮᠡᠳᠡᠬᠦ᠎ᠪᠡᠷ᠎ᠢᠶᠡᠨ ᠬᠡᠯᠡᠵᠦ ᠡᠨᠡ ᠲᠡᠷᠡᠭᠦᠷ᠎ᠨᠢ ᠲᠣᠭᠤᠷᠢᠬᠤ ᠪᠣᠯᠵᠠᠢ᠃ ᠲᠡᠭᠡᠭᠡᠳ ᠤᠶᠠᠭᠠᠲᠠᠢ ᠮᠣᠷᠢᠳ ᠳᠡᠭᠡᠭᠦᠷ ᠣᠴᠢᠲᠠᠯ᠎ᠠ ᠽᠠᠨᠳᠠᠨ ᠬᠦᠷᠡᠩ᠎ᠨᠢ ᠳᠡᠭᠡᠰᠦᠨ ᠵᠢᠯᠤᠭᠤ᠎ᠲᠠᠢ᠂ ᠤᠷᠤᠭ ᠬᠠᠵᠠᠭᠠᠷ ᠬᠠᠵᠠᠭᠠᠷᠯᠠᠭᠰᠠᠨ ᠳᠡᠪᠢᠰᠭᠡᠷ᠎ᠦᠭᠡᠢ ᠴᠠᠭᠠᠨ ᠮᠣᠳᠤᠨ ᠡᠮᠡᠭᠡᠯ᠎ᠲᠡᠢ ᠵᠣᠭᠰᠤᠵᠤ ᠪᠠᠢᠯ᠎ᠠ᠃ ᠪᠦᠬᠦ ᠪᠡᠶ᠎ᠡ᠎ᠳᠦᠨᠢ ᠬᠠᠷ᠎ᠠ ᠬᠥᠯᠦᠰᠦ ᠳᠠᠭᠰᠢᠷᠠᠵᠤ᠂ ᠴᠠᠪᠤᠭ ᠳᠡᠭᠡᠷ᠎ᠡ ᠴᠠᠪᠠᠤ᠎ᠲᠠᠢ ᠪᠣᠬᠢ ᠲᠦᠷᠬᠢᠭᠰᠡᠨ᠎ᠰᠢᠭ ᠬᠠᠷᠠᠭᠳᠠᠪᠠ᠃

ᠬᠡᠰᠢᠭᠲᠣᠭᠲᠠᠬᠤ᠎ᠶᠢᠨ ᠳᠣᠲᠤᠷ᠎ᠠ ᠴᠢᠨᠵᠤᠤ᠎ᠲᠠᠢ ᠬᠠᠷ᠎ᠠ ᠠᠷᠢᠬᠢ ᠴᠢᠳᠭᠤᠭᠰᠠᠨ᠎ᠰᠢᠭ᠋ ᠪᠣᠯᠤᠯ᠎ᠠ᠃ ᠶᠡᠷᠦᠨᠢ ᠽᠠᠨᠳᠠᠨ ᠬᠦᠷᠡᠩ᠎ᠦᠨ ᠰᠢᠨᠠ᠎ᠠᠴᠠ ᠬᠥᠯᠦᠰᠦ ᠳᠤᠰᠤᠯᠠᠲᠠᠯ᠎ᠠ ᠤᠨᠤᠭᠰᠠᠨ ᠡᠳᠦᠷ ᠬᠡᠰᠢᠭᠲᠣᠭᠲᠠᠬᠤ᠎ᠳᠤ ᠲᠣᠭ᠎ᠠ᠎ᠲᠠᠢ᠎ᠶᠤᠮ᠃ ᠲᠡᠢᠮᠦ᠎ᠡᠴᠡ ᠱᠣᠭ᠎ᠲᠠᠢ ᠤᠯᠤᠰ 《ᠠᠢᠯ᠎ᠠᠴᠠ ᠶᠠᠪᠤᠬᠤ᠎ᠳᠤ ᠮᠣᠷᠢ᠎ᠲᠠᠢ ᠭᠠᠷᠤᠭᠠᠳ ᠠᠯᠤᠰ ᠣᠴᠢᠪᠠᠯ ᠬᠥᠲᠦᠯᠦᠭᠡᠳ ᠭᠦᠶᠦᠳᠡᠭ》 ᠭᠡᠵᠦ ᠶᠠᠷᠢᠯᠴᠠᠳᠠᠭ᠎ᠶᠤᠮ᠃ ᠬᠡᠰᠢᠭᠲᠣᠭᠲᠠᠬᠤ ᠲᠡᠰᠴᠦ ᠶᠠᠳᠠᠭᠠᠳ:

《ᠮᠢᠨᠦ ᠮᠣᠷᠢ᠎ᠶᠢ ᠬᠠᠮᠢᠭ᠎ᠠ᠎ᠠᠴᠠ ᠪᠠᠷᠢᠵᠤ ᠤᠨᠤᠭᠰᠠᠨ ᠪᠤᠢ?》 ᠭᠡᠯ᠎ᠡ᠃

《ᠯᠢᠦ ᠲᠤᠸᠠᠨ ᠵᠠᠩ᠎ᠤᠨ ᠁》 ᠭᠡᠵᠦ ᠥᠨᠳᠦᠷ ᠪᠣᠷᠤ ᠬᠤᠪᠴᠠᠰᠤ᠎ᠲᠠᠢ ᠫᠠᠭᠳᠠᠭᠠᠷ ᠬᠥᠮᠦᠨ᠎ᠢ ᠬᠡᠯᠡᠬᠦ᠎ᠳᠦ 《 ᠲᠠ᠎ᠨᠠᠷ ᠮᠣᠷᠢ᠎ᠶᠢ ᠤᠨᠤᠬᠤ᠎ᠪᠠᠷ ᠪᠠᠷᠠᠬᠤ᠎ᠦᠭᠡᠢ ᠪᠠᠰᠠ ᠥᠪᠡᠷ᠎ᠦᠨ᠎ᠢᠶᠡᠨ ᠭᠡᠨ᠎ᠡ》 ᠭᠡᠵᠦ ᠪᠤᠷᠤᠭᠤ᠎ᠪᠠᠷ ᠣᠢᠯᠠᠭᠠᠭᠰᠠᠨ ᠬᠡᠰᠢᠭᠲᠣᠭᠲᠠᠬᠤ᠎ᠶᠢᠨ ᠠᠭᠤᠷ᠎ᠨᠢ ᠥᠨᠳᠡᠭᠡᠨ ᠲᠣᠭᠤᠭᠠᠨ᠎ᠳᠤ ᠪᠤᠴᠠᠯᠭᠠᠭᠰᠠᠨ ᠰᠦ᠋᠎ᠰᠢᠭ ᠠᠮᠠ᠎ᠪᠠᠷ᠎ᠢᠶᠠᠨ ᠬᠥᠭᠡᠰᠦᠷᠡᠨ ᠭᠠᠷᠬᠤ ᠰᠢᠬᠠᠪᠠ᠃ ᠲᠡᠭᠡᠭᠡᠳ:

《ᠶᠠᠭᠤ ᠭᠡᠨ᠎ᠡ?ᠮᠢᠨᠦ ᠮᠣᠷᠢ ᠪᠠᠢᠨ᠎ᠠ》 ᠭᠡᠵᠦ ᠴᠤᠯᠪᠤᠭᠤᠷ᠎ᠢ᠎ᠨᠢ ᠲᠠᠢᠯᠲᠠᠯ᠎ᠠ᠂

《ᠲᠦ᠋ ᠹᠧᠢ ᠁》 ᠭᠡᠳ ᠰᠠᠶᠢ᠎ᠶᠢᠨ ᠬᠥᠮᠦᠨ ᠨᠡᠯᠢᠶᠡᠳ ᠦᠭᠡ ᠬᠡᠯᠡᠪᠡ᠃ ᠪᠡᠶ᠎ᠡ᠎ᠪᠡᠨ 《ᠬᠤᠯᠠᠭᠠᠢᠴᠢ ᠭᠡᠵᠦ ᠬᠡᠯᠡᠪᠡ》 ᠭᠡᠰᠡᠨ ᠪᠣᠳᠤᠯ᠎ᠨᠢ ᠬᠡᠰᠢᠭᠲᠣᠭᠲᠠᠬᠤ᠎ᠶᠢᠨ ᠠᠭᠤᠷ᠎ᠢ ᠲᠤᠯᠤᠮ ᠬᠥᠭᠡᠷᠭᠡ᠎ᠰᠢᠭ ᠬᠥᠭᠡᠷᠭᠡᠳᠡᠨ ᠪᠣᠰᠭᠠᠯ᠎ᠠ᠃

《ᠲᠠ᠎ᠨᠠᠷ ᠬᠠᠷᠢᠨ ᠲᠦ᠋ ᠹᠧᠢ ᠁》 ᠭᠡᠳ ᠬᠣᠮᠤᠬᠠᠢ ᠬᠤᠷᠤᠭᠤ᠎ᠪᠠᠨ ᠴᠠᠭᠠᠳᠤᠬᠢ᠎ᠶᠢᠨ ᠨᠢᠳᠦᠨ᠎ᠳᠦ ᠬᠢᠲᠡᠯ᠎ᠡ ᠲᠡᠷᠡ ᠬᠥᠮᠦᠨ᠂ ᠥᠨᠳᠦᠷ ᠪᠡᠶ᠎ᠡ᠎ᠲᠡᠢ ᠬᠥᠮᠦᠨ ᠤᠷᠤᠭᠤ ᠡᠪᠦᠭᠡᠨ᠎ᠢ ᠴᠢᠷᠪᠡ᠃

ᠥᠨᠳᠦᠷ ᠪᠡᠶ᠎ᠡ᠎ᠲᠡᠢ ᠬᠥᠮᠦᠨ ᠬᠡᠰᠢᠭᠲᠣᠭᠲᠠᠬᠤ᠎ᠶᠢᠨ ᠮᠥᠷᠦ᠎ᠶᠢ ᠠᠯᠠᠭᠠᠳᠠᠵᠤ᠂

《ᠴᠢᠨᠦ ᠮᠣᠷᠢ ᠶᠠᠮᠠᠷ ᠡᠢᠮᠦ ᠡᠢᠮᠦ ᠪᠠᠢᠨ᠎ᠠ ᠪᠤᠢ?》 ᠭᠡᠵᠦ ᠵᠡᠭᠦᠨ ᠭᠠᠷ᠎ᠤᠨ᠎ᠢᠶᠠᠨ ᠠᠯᠠᠭ᠎ᠠ ᠳᠡᠭᠡᠷ᠎ᠡ ᠬᠣᠮᠤᠬᠠᠢ ᠬᠤᠷᠤᠭᠤ᠎ᠪᠠᠷ᠎ᠢᠶᠠᠨ ᠵᠢᠷᠤᠬᠤ᠎ᠳᠤ᠂

《ᠪᠢ ᠪᠢᠴᠢᠭ ᠮᠡᠳᠡᠳᠡᠭ᠎ᠦᠭᠡᠢ ᠰᠣᠬᠤᠷ ᠬᠥᠮᠦᠨ᠃ ᠮᠠᠨ᠎ᠤ ᠪᠦᠳᠦᠭᠦᠨ ᠮᠣᠷᠢ᠂ ᠳᠠᠭ᠎ᠠ ᠬᠣᠶᠠᠷ ᠠᠯᠳᠠᠭᠰᠠᠨ》 ᠭᠡᠵᠦ ᠡᠪᠦᠭᠡᠨ ᠳᠦᠷᠰᠦᠯᠡᠨ ᠪᠡᠭᠴᠡᠩᠨᠡᠪᠡ᠃

《ᠴᠢᠨᠦ ᠮᠣᠷᠢ ᠶᠠᠮᠠᠷ ᠡᠢᠮᠦ ᠡᠢᠮᠦ ᠪᠠᠢᠨ᠎ᠠ ᠪᠤᠢ?》 ᠭᠡᠵᠦ ᠭᠤᠶ᠎ᠠ᠎ᠪᠠᠨ ᠰᠢᠪᠦᠭᠡᠳᠡᠬᠦ᠎ᠳᠦ ᠬᠡᠰᠢᠭᠲᠣᠭᠲᠠᠬᠤ ᠠᠮᠠ᠎ᠪᠠᠨ ᠠᠩᠭᠠᠢᠨ ᠮᠡᠯᠡᠷᠡᠭᠰᠡᠨ᠎ᠢᠶᠡᠨ ᠬᠤᠷᠤᠭᠤ᠎ᠪᠠᠨ ᠴᠠᠭᠠᠷᠢᠭᠯᠠᠵᠤ ᠭᠤᠷᠪᠠ᠎ᠶᠢ ᠭᠣᠵᠤᠢᠯᠭᠠᠨ ᠭᠠᠵᠠᠷ ᠳᠡᠭᠡᠷ᠎ᠡ ᠳᠡᠪᠢᠰᠭᠡᠷ᠎ᠲᠡᠢ ᠴᠢᠨᠳᠠᠮᠤᠨᠢ ᠲᠠᠮᠠᠭ᠎ᠠ ᠵᠢᠷᠤᠪᠠ᠃ ᠴᠢᠩᠭᠢᠭᠡᠳ ᠬᠤᠷᠤᠭᠤ᠎ᠪᠠᠷ᠎ᠢᠶᠠᠨ ᠬᠠᠢᠴᠢᠯᠠᠨ ᠳᠦᠷᠰᠦᠯᠡᠵᠦ ᠵᠡᠭᠦᠨ ᠴᠢᠬᠢ ᠤᠷᠤᠭᠤ᠎ᠪᠠᠨ ᠵᠢᠭᠠᠵᠠᠢ᠃ ᠥᠨᠳᠦᠷ ᠬᠥᠮᠦᠨ ᠲᠣᠯᠤᠭᠠᠢ᠎ᠪᠠᠨ ᠳᠣᠬᠢᠵᠤ:

《ᠳ᠋ᠦᠢ ᠳ᠋ᠦᠢ》 ᠭᠡᠳ ᠨᠥᠭᠦᠭᠡᠳᠡᠬᠢ ᠴᠡᠷᠢᠭ᠎ᠲᠦ ᠬᠡᠳᠦᠨ ᠦᠭᠡ ᠶᠠᠷᠢᠵᠤ ᠡᠮᠡᠭᠡᠯ᠎ᠢᠶᠡᠨ ᠰᠣᠯᠢᠭᠤᠯᠪᠠ᠃

《ᠱᠣᠣ ᠳ᠋ᠢ! ᠱᠣᠣ ᠳ᠋ᠢ ᠮᠣᠷᠢ》 ᠭᠡᠵᠦ ᠬᠡᠰᠢᠭᠲᠣᠭᠲᠠᠬᠤ ᠳᠦᠷᠰᠦ᠎ᠲᠡᠢ ᠳᠦᠷᠰᠦ᠎ᠦᠭᠡᠢ ᠮᠡᠳᠡᠬᠦ᠎ᠪᠡᠷ᠎ᠢᠶᠡᠨ ᠶᠠᠷᠢᠭᠰᠠᠨ ᠪᠣᠯᠪᠠᠴᠤ ᠥᠨᠳᠦᠷ ᠬᠥᠮᠦᠨ:

《ᠲᠦ᠋ ᠹᠧᠢ ᠁》 ᠭᠡᠳ ᠫᠤᠤ ᠬᠠᠷᠠᠭᠠᠯᠠᠬᠤ᠎ᠰᠢᠭ᠋ ᠶᠠᠩᠵᠤ᠎ᠪᠠᠷ ᠵᠠᠩᠭᠠᠪᠠ᠃ 《ᠽᠠᠨᠳᠠᠨ ᠬᠦᠷᠡᠩ᠎ᠢᠶᠡᠨ ᠠᠪᠤᠭᠰᠠᠨ᠎ᠳᠠᠭᠠᠨ ᠬᠠᠨᠴᠤᠢ ᠳᠣᠲᠤᠷ᠎ᠠ᠎ᠪᠠᠨ ᠭᠤᠷᠪᠠ ᠵᠠᠯᠪᠠᠷᠢᠶ᠎ᠠ》 ᠭᠡᠵᠦ ᠪᠣᠳᠤᠭᠠᠳ ᠨᠣᠭᠲᠤ᠎ᠶᠢ᠎ᠨᠢ ᠰᠣᠯᠢᠵᠤ ᠥᠭᠭᠦᠯ᠎ᠡ᠃

ᠰᠠᠶᠢ᠎ᠶᠢᠨ ᠦᠭᠡ ᠪᠤᠯᠢᠶᠠᠯᠳᠤᠭᠰᠠᠨ ᠬᠥᠮᠦᠨ ᠳᠡᠪᠲᠡᠷ ᠭᠠᠷᠭᠠᠵᠤ ᠵᠣᠭᠰᠤᠭ᠎ᠠ᠎ᠪᠠᠷ᠎ᠢᠶᠠᠨ ᠬᠡᠳᠦᠨ ᠬᠢᠲᠠᠳ ᠦᠰᠦᠭ ᠲᠠᠲᠠᠯᠠᠵᠤ᠂ ᠨᠢᠭᠡ ᠴᠠᠭᠠᠰᠤ ᠤᠷᠠᠭᠠᠳ ᠡᠪᠦᠭᠡᠨ᠎ᠳᠦ ᠥᠭᠪᠡ᠃

《ᠲᠠ᠎ᠨᠠᠷ ᠳᠠᠭ᠎ᠠ᠎ᠶᠢ᠎ᠮᠢᠨᠢ ᠥᠭᠬᠦ ᠡᠰᠡᠬᠦ᠎ᠪᠡᠨ ᠥᠪᠡᠷ᠎ᠢᠶᠡᠨ ᠮᠡᠳᠡᠯᠭᠦᠢ᠃ ᠪᠢ ᠭᠠᠷ ᠬᠠᠷᠠᠵᠤ ᠪᠠᠢᠭ᠎ᠠ ᠬᠥᠮᠦᠨ ᠪᠢᠰᠢ》 ᠭᠡᠪᠡ᠃ ᠥᠨᠳᠦᠷ ᠪᠡᠶ᠎ᠡ᠎ᠲᠡᠢ ᠬᠥᠮᠦᠨ:

《ᠮᠠᠨᠠᠢ᠂ ᠠᠷᠠᠳ᠎ᠤᠨ ᠶᠠᠭᠤᠮ᠎ᠠ᠎ᠶᠢ ᠵᠦᠭᠡᠷ ᠠᠪᠬᠤ᠎ᠦᠭᠡᠢ》 ᠭᠡᠳ ᠥᠨᠥᠬᠢ ᠴᠠᠭᠠᠰᠤ᠎ᠶᠢ ᠡᠪᠦᠭᠡᠨ᠎ᠦ ᠡᠪᠦᠷ᠎ᠲᠦ ᠬᠢᠵᠦ :

《ᠪᠠᠶᠠᠷᠲᠠᠢ》 ᠭᠡᠳ ᠮᠣᠷᠳᠠᠯ᠎ᠠ᠃ ᠬᠡᠰᠢᠭᠲᠣᠭᠲᠠᠬᠤ 《ᠳᠠᠭ᠎ᠠ᠎ᠶᠢ᠎ᠮᠢᠨᠢ ᠶᠠᠭᠠᠬᠢᠭᠰᠠᠨ ᠪᠣᠯ ᠳ᠋ᠠ᠃ 〈ᠣᠷᠤ᠎ᠦᠭᠡᠢ᠎ᠠᠴᠠ ᠥᠬᠢᠨ᠎ᠲᠡᠢ〉 ᠭᠡᠭᠴᠢ᠎ᠪᠡᠷ ᠠᠯᠠᠭᠠᠨ ᠴᠢᠨᠡᠭᠡᠨ ᠴᠠᠭᠠᠰᠤ᠎ᠪᠠᠷ ᠰᠣᠯᠢᠬᠤ ᠪᠣᠯᠵᠠᠢ᠎ᠤᠤ?》 ᠭᠡᠳ ᠽᠠᠨᠳᠠᠨ ᠬᠦᠷᠡᠩ᠎ᠦᠨ ᠬᠥᠯᠦᠰᠦ᠎ᠶᠢ ᠮᠠᠭᠠᠵᠢᠭᠰᠠᠭᠠᠷ ᠲᠡᠳᠡᠨ᠎ᠢ ᠳᠠᠯᠳᠠ ᠣᠷᠤᠲᠠᠯ᠎ᠠ ᠭᠥᠯᠢᠷᠡᠨ ᠵᠣᠭᠰᠤᠵᠠᠢ᠃

* * *

ᠵᠠᠬ᠎ᠠ᠎ᠶᠢᠨ ᠮᠠᠯᠴᠢᠳ ᠪᠠᠷᠤᠭᠴᠠᠭᠠᠯᠠᠨ ᠡᠯᠡᠰᠦ ᠮᠠᠩᠬᠠᠨ᠎ᠤ ᠪᠡᠷᠬᠡ ᠪᠣᠢᠳᠠ᠎ᠳᠤ ᠨᠡᠭᠦᠭᠰᠡᠨ ᠪᠠᠢᠪᠠ᠃ ᠨᠤᠲᠤᠭ᠎ᠤᠨ ᠰᠢᠷ᠎ᠠ ᠢᠰᠡᠭᠡᠢ ᠭᠡᠵᠦ ᠪᠣᠳᠤᠳᠠᠭ ᠪᠥᠭᠡᠳ 《ᠳᠠᠢᠨ ᠳᠠᠵᠢᠨ ᠪᠣᠯ ᠭᠦᠷᠦᠨ ᠲᠥᠷᠦ᠎ᠶᠢᠨ ᠬᠡᠷᠡᠭ》᠂ 《ᠬᠤᠪᠢ᠎ᠪᠠᠨ ᠬᠥᠭᠡᠭᠡᠵᠦ ᠬᠤᠯᠠ᠎ᠪᠠᠨ ᠤᠨᠤᠭᠰᠠᠨ ᠮᠠᠨ᠎ᠳᠤ ᠳᠠᠯᠵᠢ᠎ᠦᠭᠡᠢ》 ᠭᠡᠳᠡᠭ ᠬᠡᠰᠢᠭᠲᠣᠭᠲᠠᠬᠤ᠎ᠶᠢᠨ ᠤᠰᠤᠨ᠎ᠤ ᠲᠠᠪᠤᠨ ᠡᠷᠦᠬᠡ ᠠᠢᠯ ᠵᠠᠬ᠎ᠠ ᠨᠤᠲᠤᠭ᠎ᠢᠶᠠᠨ ᠬᠠᠷᠠᠵᠤ ᠬᠣᠴᠤᠷᠤᠭᠰᠠᠨ ᠪᠠᠢᠵᠠᠢ᠃ ᠭᠡᠪᠡᠴᠦ ᠵᠠᠷᠢᠮ ᠠᠢᠯ᠎ᠨᠢ ᠠᠬ᠎ᠠ ᠳᠡᠭᠦᠦ᠂ ᠤᠷᠤᠭ ᠲᠥᠷᠦᠯ᠎ᠳᠡᠭᠡᠨ ᠭᠡᠷ ᠮᠠᠯ᠎ᠢᠶᠠᠨ ᠢᠯᠡᠭᠡᠭᠰᠡᠨ ᠪᠤᠶᠤ ᠵᠠᠯᠠᠭᠤᠴᠤᠳ᠎ᠨᠢ ᠮᠠᠯ ᠬᠥᠷᠦᠩᠭᠡ᠎ᠪᠡᠨ ᠠᠪᠴᠤ ᠵᠠᠢᠯᠠᠭᠰᠠᠨ ᠪᠣᠯᠬᠣᠷ 《ᠳᠡᠭᠡᠳᠦ ᠭᠣᠣᠯ》᠎ᠤᠨ ᠳᠡᠷᠡᠰᠦᠨ᠎ᠳᠦ ᠬᠡᠳᠦᠨ ᠨᠣᠣᠷᠠᠩᠬᠠᠢ ᠪᠣᠷᠤ ᠭᠡᠷ᠎ᠡᠴᠡ ᠵᠠᠯᠬᠠᠭᠤᠷᠠᠭᠰᠠᠨ ᠬᠥᠬᠡ ᠤᠲᠤᠭ᠎ᠠ ᠰᠤᠭᠤᠨᠠᠭᠯᠠᠵᠤ᠂ ᠰᠣᠬᠤᠷ᠂ ᠳᠣᠭᠤᠯᠠᠩ ᠨᠠᠰᠤᠲᠠᠢᠴᠤᠳ ᠬᠡᠨᠵᠡ ᠲᠤᠭᠤᠯ ᠬᠤᠷᠠᠭ᠎ᠠ᠎ᠪᠠᠨ ᠠᠷᠭᠠᠮᠵᠢᠭᠠᠳ ᠴᠠᠢ᠎ᠶᠢᠨ ᠰᠦ᠋ ᠠᠪᠳᠠᠭ ᠠᠵᠢᠯ᠎ᠲᠠᠢ ᠪᠠᠢᠪᠠ᠃ ᠲᠡᠳᠡ ᠳᠡᠭᠡᠷ᠎ᠡ ᠨᠠᠷᠠ᠎ᠲᠠᠢ ᠡᠷᠦᠬᠡ᠎ᠪᠡᠨ ᠪᠦᠲᠡᠭᠡᠴᠢᠬᠡᠳᠡᠭ ᠪᠣᠯᠬᠣᠷ ᠡᠳᠦᠷ ᠰᠥᠨᠢ᠎ᠶᠢ ᠢᠯᠭᠠᠬᠤ᠎ᠦᠭᠡᠢ ᠡᠵᠡᠭᠦᠢ ᠭᠡᠷ᠎ᠦᠳ᠎ᠶᠦᠮ᠎ᠦᠦ? ᠭᠡᠳ ᠤᠯᠤᠰ ᠢᠷᠡᠬᠦ᠎ᠨᠢ ᠴᠥᠭᠡᠷᠡᠪᠡ᠃

ᠬᠡᠰᠢᠭᠲᠣᠭᠲᠠᠬᠤ ᠡᠳᠦᠷ ᠪᠦᠷᠢ ᠲᠠᠪᠤᠨ ᠦᠬᠡᠷ᠎ᠢᠶᠡᠨ ᠭᠤᠤ ᠭᠠᠩᠭ᠎ᠠ᠎ᠳᠤ ᠢᠳᠡᠰᠢᠯᠡᠭᠦᠯᠦᠭᠡᠳ ᠴᠠᠭ᠎ᠤᠨ ᠴᠠᠢ ᠪᠤᠳᠠᠭ᠎ᠠ᠎ᠪᠠᠷ᠎ᠢᠶᠠᠨ ᠬᠠᠷᠢᠳᠠᠭ ᠭᠡᠨ᠎ᠡ᠃ 《ᠳᠡᠭᠡᠳᠦ ᠭᠣᠣᠯ》᠎ᠳᠤ ᠣᠳᠤ ᠰᠣᠳᠤ ᠪᠣᠯᠵᠤ ᠨᠢᠳᠦᠨ᠎ᠳᠦ ᠳᠤᠯᠠᠭᠠᠬᠠᠨ ᠬᠠᠷᠠᠭᠳᠠᠬᠤ᠎ᠠᠴᠠ ᠭᠠᠭᠴᠠᠬᠠᠨ ᠽᠠᠨᠳᠠᠨ ᠬᠦᠷᠡᠩ ᠪᠠᠢᠯ᠎ᠠ᠃ ᠭᠡᠪᠡᠴᠦ 《ᠬᠠᠮᠠᠷ᠎ᠲᠤᠨᠢ ᠤᠲᠤᠭ᠎ᠠ ᠰᠠᠭᠤᠭᠰᠠᠨ ᠳᠣᠬᠢ ᠲᠣᠯᠤᠭᠠᠢ》 ᠨᠡᠷ᠎ᠡ᠎ᠲᠡᠢ ᠬᠡᠰᠢᠭᠲᠣᠭᠲᠠᠬᠤ ᠰᠥᠨᠢ ᠪᠦᠷᠢ ᠶᠠᠪᠤᠵᠤ ᠬᠡᠭᠡᠷ᠎ᠡ ᠬᠣᠨᠤᠭᠠᠳ ᠦᠷ᠎ᠦᠨ ᠰᠢᠪᠠᠭᠤ᠎ᠰᠢᠭ᠋ ᠡᠷᠭᠢᠳᠡᠭ ᠵᠤᠷᠰᠢᠯ᠎ᠲᠠᠢ ᠪᠣᠯᠪᠠ᠃ ᠡᠨᠡ ᠡᠳᠦᠷ ᠬᠡᠰᠢᠭᠲᠣᠭᠲᠠᠬᠤ ᠴᠠᠢ ᠬᠣᠭᠤᠯᠠ᠎ᠪᠠᠨ ᠵᠡᠬᠡᠵᠦ ᠨᠢᠭᠡᠮᠦᠰᠦᠨ ᠨᠠᠷᠠ ᠤᠨᠠᠬᠤ᠎ᠪᠠᠷ ᠬᠠᠷᠢᠵᠤ ᠢᠷᠡᠬᠦ ᠪᠣᠳᠤᠯ᠎ᠲᠠᠢ ᠮᠣᠷᠢ᠎ᠪᠠᠨ ᠡᠮᠡᠭᠡᠯᠯᠡᠵᠦ ᠪᠠᠢᠯ᠎ᠠ᠃

ᠲᠠᠷᠢᠬᠢ ᠴᠣᠷᠭᠢᠵᠤ ᠴᠣᠭᠤᠯᠤᠮ᠎ᠠ ᠨᠠᠷᠠ ᠠᠷᠭ᠎ᠠ ᠠᠭᠠᠰᠢ ᠠᠯᠳᠠᠷᠠᠲᠠᠯ᠎ᠠ ᠳᠥᠭᠡᠨᠡᠵᠦ ᠪᠠᠢᠪᠠ᠃ ᠠᠮᠢᠲᠠᠳ᠎ᠤᠨ ᠴᠢᠰᠤ ᠰᠢᠮ᠎ᠡ᠎ᠶᠢ ᠰᠣᠷᠤᠯ᠎ᠠ ᠭᠡᠳ ᠴᠠᠳᠴᠤ ᠬᠠᠩᠬᠤ᠎ᠪᠠᠨ ᠮᠠᠷᠲᠠᠭᠰᠠᠨ ᠬᠡᠳᠡᠭᠡᠨ᠎ᠡ᠂ ᠬᠥᠬᠡ ᠲᠦᠷᠦᠭᠦᠦ᠎ᠯᠡ ᠽᠠᠨᠳᠠᠨ ᠬᠦᠷᠡᠩ᠎ᠢ ᠠᠮᠤᠷ ᠪᠠᠢᠯᠭᠠᠬᠤ᠎ᠦᠭᠡᠢ᠃ ᠬᠡᠰᠢᠭᠲᠣᠭᠲᠠᠬᠤ᠂ ᠳᠡᠪᠡᠯ᠎ᠦᠨ᠎ᠢᠶᠡᠨ ᠲᠤᠭᠤᠷᠠᠢ᠎ᠪᠠᠷ ᠰᠠᠪᠠᠵᠤ ᠬᠡᠳᠦ᠎ᠶᠢ ᠠᠯᠠᠭᠠᠳ ᠠᠷᠭ᠎ᠠ ᠶᠠᠳᠠᠬᠤ᠎ᠳᠠᠭᠠᠨ ᠮᠣᠷᠢ᠎ᠪᠠᠨ ᠬᠣᠷᠤᠭᠠᠨ᠎ᠤ ᠰᠡᠭᠦᠳᠡᠷ᠎ᠲᠦ ᠣᠷᠤᠭᠤᠯᠤᠨ ᠤᠶᠠᠵᠠᠢ᠃

ᠬᠣᠷᠯᠣ᠂ ᠰᠢᠷ᠎ᠠ ᠲᠣᠰᠤ᠂ ᠥᠷᠦᠮ᠎ᠡ ᠰᠠᠮᠤᠷᠤᠭᠰᠠᠨ ᠬᠦᠷᠡᠩ ᠤᠯᠠᠭᠠᠨ ᠴᠠᠢ᠎ᠪᠠᠨ ᠠᠭᠤᠳᠠᠯᠵᠤ᠂ ᠳᠠᠷᠤᠵᠤ ᠳᠠᠯᠳᠠᠯᠠᠭᠰᠠᠨ ᠬᠤᠷᠤᠳ᠂ ᠬᠠᠭᠤᠷᠠᠢ ᠪᠤᠳᠠᠭ᠎ᠠ᠎ᠠᠴᠠ᠎ᠪᠠᠨ ᠭᠠᠷᠭᠠᠵᠤ ᠬᠣᠶᠠᠭᠤᠯᠠ᠎ᠪᠠᠨ ᠬᠥᠯᠦᠰᠦ ᠮᠣᠨᠴᠤᠭᠯᠠᠲᠠᠯ᠎ᠠ ᠤᠤᠭᠤᠵᠤ ᠰᠠᠭᠤᠯ᠎ᠠ᠃

《ᠮᠤᠤᠰᠠᠢᠨ ᠳᠡᠭᠡᠷᠡᠮ᠎ᠦᠳ᠎ᠦᠨ ᠲᠣᠯᠤᠭᠠᠢ᠎ᠨᠢ ᠬᠡᠪᠲᠡᠬᠦ ᠴᠠᠭ ᠪᠣᠯᠵᠤ ᠰᠢᠪ ᠳ᠋ᠠ᠃ ᠠᠷᠪᠠ ᠬᠣᠷᠢᠨ ᠡᠳᠦᠷ᠎ᠲᠦ ᠰᠤᠷᠠᠭ᠎ᠦᠭᠡᠢ ᠪᠠᠢᠨ᠎ᠠ》 ᠭᠡᠵᠦ ᠬᠡᠰᠢᠭᠲᠣᠭᠲᠠᠬᠤ᠎ᠶᠢ ᠰᠠᠬᠠᠯ᠎ᠢᠶᠠᠨ ᠰᠢᠪᠲᠤᠷᠬᠤ᠎ᠳᠤ ᠬᠣᠷᠯᠣ ᠵᠢᠷᠲᠠᠭᠠᠢ ᠨᠢᠳᠦ᠎ᠪᠡᠨ ᠬᠥᠳᠡᠯᠭᠡᠨ ᠢᠨᠢᠶᠡᠮᠰᠦᠭᠯᠡᠵᠦ:

《ᠪᠠ ᠯᠦ ᠭᠡᠰᠡᠨ᠎ᠴᠢᠨᠢ ᠶᠡᠷᠦᠨᠢ ᠪᠠᠭᠠᠲᠤᠷ᠎ᠤᠳ ᠭᠡᠰᠡᠨ ᠦᠭᠡ ᠰᠢᠪ ᠳ᠋ᠠ᠃ ᠨᠢᠭᠡ ᠴᠣᠬᠢᠪᠠᠯ ᠨᠢᠭᠡ᠎ᠶᠢ ᠬᠠᠪᠲᠠᠭᠠᠢᠯᠠᠭᠠᠳ ᠪᠠᠢᠬᠤ ᠰᠤᠷᠠᠭ᠎ᠲᠠᠢ᠃ 》

《ᠬᠥᠮᠦᠨ᠎ᠢᠶᠡᠷ᠎ᠴᠦ ᠰᠠᠢᠨ ᠤᠯᠤᠰ᠎ᠶᠤᠮ᠎ᠤᠤ? ᠭᠡᠪᠡᠴᠦ ᠁》 ᠭᠡᠳ ᠠᠯᠴᠢᠭᠤᠷ ᠳᠣᠲᠤᠷ᠎ᠠ ᠡᠪᠬᠡᠭᠡᠰᠦ᠎ᠲᠡᠢ ᠴᠠᠭᠠᠰᠤ ᠭᠠᠷᠭᠠᠵᠤ᠂ ᠠᠷᠤ ᠥᠪᠦᠷ᠎ᠢ᠎ᠨᠢ ᠪᠠᠬᠠᠨ ᠰᠢᠨᠵᠢᠵᠦ:

《ᠡᠨᠡ᠎ᠴᠢᠨᠢ ᠬᠡᠷᠡᠭ᠎ᠲᠡᠢ᠎ᠶᠦᠮ᠎ᠦᠦ?》

《ᠬᠡᠷᠡᠭ ᠪᠠᠢᠳᠠᠭ᠎ᠯᠠ ᠪᠠᠢᠯᠭᠦᠢ! ᠥᠨᠳᠦᠷ ᠨᠣᠶᠠᠨ ᠮᠣᠷᠳᠠᠬᠤ᠎ᠳᠠᠭᠠᠨ ᠬᠡᠷᠡᠭ ᠪᠣᠯᠭᠠᠵᠤ ᠪᠢᠴᠢᠭᠦᠯᠦᠭᠰᠡᠨ ᠰᠢᠤ》 ᠭᠡᠵᠦ ᠬᠣᠷᠯᠣ᠎ᠶᠢᠨ ᠶᠠᠷᠢᠬᠤ᠎ᠶᠢ ᠲᠠᠰᠤᠯᠳᠠᠭᠤᠯᠵᠤ᠂

《ᠳᠡᠮᠡᠢ ᠬᠡᠷᠡᠭ ᠪᠠᠢᠬᠤ ᠠ᠋! ᠬᠠᠯᠵᠠᠨ ᠪᠣᠷᠤ᠎ᠮᠢᠨᠢ ᠰᠠᠢᠨ ᠮᠣᠷᠢ ᠪᠣᠯᠬᠣᠷ᠎ᠶᠤᠮ ᠳ᠋ᠠ ᠁》 ᠭᠡᠳ ᠳᠠᠬᠢᠨ ᠪᠣᠭᠤᠵᠤ ᠡᠪᠦᠷᠲᠦᠯᠡᠭᠡᠳ ᠭᠠᠩᠰᠠ᠎ᠪᠠᠨ 《ᠹᠦᠳ ᠹᠦᠳ》 ᠦᠯᠢᠶᠡᠵᠡᠢ᠃ ᠡᠮᠦᠨ᠎ᠡ ᠠᠢᠯ᠎ᠤᠨ ᠶᠠᠨᠵᠢ ᠡᠮᠡᠭᠡᠨ ᠬᠣᠷᠮᠤᠢ᠎ᠪᠠᠨ ᠪᠠᠷᠢᠭᠰᠠᠭᠠᠷ ᠮᠠᠢᠵᠢᠭᠢ ᠬᠠᠢᠵᠢᠭᠢ ᠭᠦᠶᠦᠨ ᠢᠷᠡᠵᠦ:

《ᠬᠡ - ᠬᠡᠰᠢᠭ! ᠮᠣᠷᠢ᠎ᠪᠠᠨ᠎ᠳᠠ - ᠭᠡ - ᠷᠡᠮ》 ᠭᠡᠵᠦ ᠠᠮᠢᠰᠭᠤᠯ᠎ᠳᠠᠭᠠᠨ ᠬᠠᠬᠠᠨ ᠴᠠᠴᠠᠨ ᠪᠠᠢᠵᠤ ᠪᠠᠷᠠᠭᠤᠨ ᠡᠮᠦᠨᠡᠰᠢ᠎ᠪᠡᠨ ᠵᠢᠭᠠᠪᠠ᠃ ᠬᠡᠰᠢᠭᠲᠣᠭᠲᠠᠬᠤ ᠮᠠᠯᠠᠭᠠᠢ᠎ᠪᠠᠨ᠎ᠴᠤ ᠡᠮᠦᠰᠴᠦ ᠵᠠᠪᠳᠤᠭᠰᠠᠨ᠎ᠦᠭᠡᠢ ᠳᠡᠪᠬᠡᠷᠦᠨ ᠭᠠᠷᠲᠠᠯ᠎ᠠ ᠰᠢᠨᠠᠭᠠᠨ ᠪᠠᠷᠢᠭᠤᠯ ᠬᠣᠷᠮᠤᠢ᠎ᠠᠴᠠ᠎ᠨᠢ ᠵᠡᠭᠦᠭᠳᠡᠵᠦ᠂ ᠸᠠᠭᠠᠷ᠎ᠲᠠᠢ ᠴᠠᠢ᠎ᠪᠠᠨ ᠲᠣᠩᠭᠤᠷᠤᠭᠤᠯᠪᠠ᠃ ᠬᠣᠷᠯᠣ᠂ ᠬᠣᠷᠤᠭᠠᠨ᠎ᠳᠤ ᠬᠣᠷᠢᠭᠰᠠᠨ ᠪᠥᠵᠦᠩ᠎ᠰᠢᠭ ᠭᠡᠷ ᠳᠣᠲᠤᠷ᠎ᠠ᠎ᠪᠠᠨ ᠡᠷᠭᠢᠯᠳᠦᠨ ᠭᠦᠶᠦᠵᠦ᠂ ᠪᠠᠭ᠎ᠠ ᠰᠠᠭ᠎ᠠ ᠶᠠᠭᠤᠮ᠎ᠠ᠎ᠪᠠᠨ ᠡᠨᠡ ᠲᠡᠷᠡᠭᠦᠷ ᠴᠢᠬᠢᠵᠦ ᠣᠷᠤᠯᠳᠤᠨ᠎ᠠ᠃

ᠬᠡᠰᠢᠭᠲᠣᠭᠲᠠᠬᠤ᠎ᠶᠢ ᠮᠣᠷᠳᠠᠭᠠᠳ ᠳᠠᠪᠢᠷᠠᠮᠠᠭᠴᠠ ᠽᠠᠨᠳᠠᠨ ᠬᠦᠷᠡᠩ ᠴᠢᠬᠢ᠎ᠪᠡᠨ ᠬᠤᠯᠮᠠᠢᠭᠠᠳ ᠬᠤᠷᠳᠤᠯᠠᠪᠠ᠃ ᠵᠢᠯᠤᠭᠤ ᠲᠠᠯᠪᠢᠮᠠᠭᠴᠠ ᠬᠠᠷᠪᠤᠭᠰᠠᠨ ᠰᠤᠮᠤ᠎ᠰᠢᠭ᠋ ᠭᠠᠷᠴᠠ᠎ᠲᠠᠢ ᠪᠣᠯᠬᠣᠷ ᠬᠥᠮᠦᠨ 《ᠫᠤᠤᠵᠢᠩ》 ᠬᠦᠷᠡᠩ ᠭᠡᠳᠡᠭ ᠪᠢᠯᠡ᠃ ᠭᠡᠪᠡᠴᠦ ᠥᠷᠯᠦᠭᠡ ᠠᠮᠠᠭᠠᠢ ᠬᠤᠭᠤᠯᠬᠤ ᠰᠢᠬᠠᠭᠠᠳ᠂ ᠦᠳᠡᠰᠢ ᠲᠠᠰᠢᠭᠤᠷ ᠰᠠᠯᠪᠠᠯᠳᠠᠭ ᠪᠢᠰᠢ᠂ ᠳᠠᠭᠠᠭᠠᠴᠠ᠎ᠲᠠᠢ ᠮᠣᠷᠢ᠎ᠰᠠᠨ᠃

ᠳᠠᠢᠰᠤᠨ ᠭᠠᠯᠯᠠᠵᠤ ᠠᠷᠪᠠᠭᠠᠳ ᠮᠣᠷᠢᠲᠠᠨ ᠬᠣᠰᠢᠭᠤᠷᠠᠨ ᠨᠡᠬᠡᠪᠡ᠃ ᠲᠡᠷᠢᠭᠦᠨ᠎ᠳᠦᠨᠢ ᠰᠠᠷᠠᠯ ᠮᠣᠷᠢ᠎ᠲᠠᠢ ᠬᠥᠮᠦᠨ ᠵᠤᠤᠵᠠᠢ ᠬᠣᠯᠪᠤᠭᠠᠳ ᠨᠡᠯᠢᠶᠡᠳ ᠣᠢᠷᠠᠲᠤᠨ ᠳᠥᠬᠦᠵᠦ ᠪᠠᠢᠨ᠎ᠠ᠃ ᠽᠠᠨᠳᠠᠨ ᠬᠦᠷᠡᠩ᠎ᠦᠨ ᠭᠠᠩ ᠳᠥᠷᠪᠡᠨ ᠲᠤᠭᠤᠷᠠᠢ ᠭᠠᠵᠠᠷ᠎ᠤᠨ ᠬᠥᠷᠦᠰᠦ᠎ᠶᠢ ᠡᠷᠭᠢᠭᠦᠯᠵᠦ ᠪᠠᠢᠭ᠎ᠠ᠎ᠰᠢᠭ᠋ ᠤᠯᠠᠭᠠᠨ ᠮᠠᠨᠠᠨ ᠲᠠᠲᠠᠭᠤᠯᠤᠭᠠᠳ᠂ ᠰᠢᠳᠦ᠎ᠪᠡᠨ ᠢᠷᠵᠠᠢᠨ ᠰᠦᠷᠦᠭ ᠮᠠᠯ ᠤᠷᠤᠭᠤ ᠨᠣᠴᠤᠭᠰᠠᠨ ᠴᠢᠨᠤ᠎ᠠ᠎ᠰᠢᠭ᠋ ᠳᠠᠢᠰᠤᠨ᠎ᠤ ᠠᠮᠠ ᠬᠠᠮᠠᠷ᠎ᠢ ᠬᠠᠭᠤᠷᠠᠢ ᠰᠢᠷᠤᠢ᠎ᠪᠠᠷ ᠲᠦᠭᠵᠢᠵᠦ ᠪᠠᠢᠯ᠎ᠠ᠃ ᠢᠰᠭᠡᠷᠦᠨ ᠱᠤᠤᠭᠢᠬᠤ ᠰᠤᠮᠤ ᠬᠡᠰᠢᠭᠲᠣᠭᠲᠠᠬᠤ᠎ᠶᠢᠨ ᠴᠢᠬᠢᠨ᠎ᠦ ᠣᠮᠤᠭ᠎ᠢ ᠳᠡᠯᠡᠰᠴᠦ ᠥᠩᠭᠡᠷᠡᠵᠦ ᠪᠠᠢᠭ᠎ᠠ᠎ᠰᠢᠭ᠋ ᠪᠥᠭᠡᠳ ᠵᠠᠷᠢᠮ᠎ᠳᠠᠭᠠᠨ ᠪᠦᠷ ᠲᠣᠯᠤᠭᠠᠢ ᠳᠡᠭᠡᠷ᠎ᠡ᠎ᠨᠢ ᠬᠠᠭᠠᠷᠠᠵᠤ ᠪᠠᠢᠬᠤ᠎ᠰᠢᠭ᠋ 《ᠲᠢᠱ ᠨᠢᠱ》 ᠳᠤᠤᠭᠠᠷᠤᠨ᠎ᠠ᠃ ᠬᠡᠳᠦᠢ᠎ᠳᠦ ᠬᠠᠨᠠᠰᠠ᠎ᠨᠢ ᠰᠦᠪᠡᠯᠡᠭᠡᠳ ᠠᠪᠳᠠᠭ ᠪᠣᠯ ᠭᠡᠬᠦ᠎ᠳᠦ ᠲᠣᠯᠤᠭᠠᠢ᠎ᠶᠢᠨ ᠦᠰᠦ᠎ᠨᠢ ᠵᠢᠷᠦᠰ ᠵᠢᠷᠦᠰ ᠬᠥᠳᠡᠯᠬᠦ᠎ᠰᠢᠭ ᠪᠠᠢᠪᠠ᠃ 《ᠣᠨᠤᠳᠠᠭ ᠪᠣᠯ ᠳᠤᠲᠠᠭᠤ ᠵᠠᠭᠤᠷᠮᠠᠭ᠎ᠢᠶᠠᠷ ᠶᠠᠭᠤ ᠬᠢᠬᠦ ᠪᠤᠢ? ᠰᠢᠭᠤᠳ ᠭᠣᠣᠯ᠎ᠢᠶᠠᠷ᠎ᠮᠢᠨᠢ ᠲᠤᠰᠤᠭ ᠳ᠋ᠠ 》 ᠭᠡᠵᠦ ᠪᠣᠳᠤᠭᠠᠳ ᠪᠦᠭᠦᠷᠭᠡᠨ᠎ᠳᠡᠭᠡᠨ ᠨᠠᠭᠠᠯᠳᠤᠭᠰᠠᠨ᠎ᠰᠢᠭ᠋ ᠽᠠᠨᠳᠠᠨ ᠬᠦᠷᠡᠩ᠎ᠦᠨ ᠮᠤᠨᠳᠠᠭ᠎ᠠ᠎ᠶᠢᠨ ᠵᠥᠪ ᠪᠤᠷᠤᠭᠤ ᠲᠠᠯ᠎ᠠ᠎ᠪᠠᠷ ᠭᠡᠳᠡᠷᠭᠡᠨ ᠬᠠᠷᠠᠵᠤ᠂ ᠤᠷᠤᠯᠳᠤᠭᠠᠨ᠎ᠤ ᠬᠡᠦᠬᠡᠳ᠎ᠰᠢᠭ ᠬᠡᠯᠪᠡᠷᠢᠨ ᠭᠤᠶᠠᠳᠠᠭᠠᠳ ᠤᠷᠤᠭᠰᠢ ᠲᠡᠮᠡᠦᠯᠦᠨ᠎ᠡ᠃ ᠽᠠᠨᠳᠠᠨ ᠬᠦᠷᠡᠩ᠎ᠦᠨ ᠰᠠᠮᠤᠷᠳᠠᠵᠤ ᠪᠠᠢᠬᠤ᠎ᠨᠢ ᠶᠣᠰᠤᠲᠠᠢ 《ᠳᠥᠷᠪᠡᠨ ᠲᠤᠭᠤᠷᠠᠢᠲᠤ ᠳᠠᠪᠬᠢᠭᠠᠳ ᠭᠦᠢᠴᠡᠬᠦ ᠪᠠᠢᠲᠤᠭᠠᠢ᠂ ᠲᠡᠮᠦᠷ ᠰᠤᠮᠤ᠎ᠴᠤ ᠬᠠᠷᠪᠤᠭᠠᠳ ᠬᠦᠷᠬᠦ᠎ᠦᠭᠡᠢ》 ᠬᠡᠮᠡᠷ ᠵᠠᠳᠠᠷᠠᠭᠤᠯᠵᠤ ᠪᠠᠢᠨ᠎ᠠ ᠳ᠋ᠠ᠃ ᠭᠡᠪᠡᠴᠦ ᠥᠨᠥ ᠬᠣᠶᠠᠷ ᠰᠠᠷᠠᠯ ᠮᠣᠷᠢᠲᠠᠨ ᠪᠠᠢᠵᠤ ᠬᠣᠯᠠᠳᠬᠤ᠎ᠦᠭᠡᠢ᠂ ᠪᠠᠷ᠎ᠠ ᠲᠠᠰᠤᠷᠠᠬᠤ᠎ᠦᠭᠡᠢ ᠨᠡᠬᠡᠯ ᠬᠠᠲᠠᠭᠤ᠎ᠲᠠᠢ ᠬᠥᠭᠡᠭᠡᠵᠦ ᠵᠠᠷᠢᠮ᠎ᠳᠠᠭᠠᠨ ᠨᠡᠯᠢᠶᠡᠳ ᠣᠢᠷᠠᠲᠤᠬᠤ᠎ᠰᠢᠭ᠋ ᠬᠠᠷᠠᠭᠳᠠᠪᠠ᠃

ᠽᠠᠨᠳᠠᠨ ᠬᠦᠷᠡᠩ᠎ᠦᠨ ᠳᠥᠷᠪᠡᠨ ᠬᠥᠯ ᠳᠣᠣᠷ᠎ᠠ ᠴᠠᠷᠠᠭ᠎ᠠ ᠲᠠᠲᠠᠬᠤ᠎ᠪᠠᠨ ᠪᠠᠢᠯ᠎ᠠ᠃ ᠬᠡᠰᠢᠭᠲᠣᠭᠲᠠᠬᠤ᠎ᠶᠢᠨ ᠪᠣᠳᠤᠯ᠎ᠳᠤ 《ᠥᠨᠳᠦᠷ ᠨᠣᠶᠠᠨ᠎ᠤ ᠤᠨᠤᠭᠰᠠᠨ ᠬᠡᠪ᠎ᠢᠶᠡᠷ᠎ᠨᠢ ᠥᠭᠭᠦᠭᠰᠡᠨ ᠪᠣᠯ ᠁》 《ᠲᠣᠰᠤ ᠰᠠᠮᠤᠷᠤᠭᠰᠠᠨ ᠴᠠᠢ᠎ᠪᠠᠷ ᠲᠣᠯᠤᠭᠠᠢ᠎ᠪᠠᠨ ᠠᠷᠠᠯᠵᠢᠶ᠎ᠠ ᠬᠢᠪᠡ?》 ᠭᠡᠬᠦ᠎ᠨᠢ ᠤᠯᠠᠮ ᠴᠡᠭᠡᠵᠢ ᠬᠦᠨᠳᠦᠷᠡᠭᠦᠯᠬᠦ ᠮᠡᠲᠦ ᠠᠵᠢ᠃

ᠫᠤᠤ᠎ᠶᠢᠨ ᠳᠠᠭᠤᠨ ᠨᠠᠮᠳᠠᠵᠤ ᠳᠣᠲᠤᠷ᠎ᠠ᠎ᠨᠢ ᠪᠠᠬᠠᠨ ᠣᠩᠭᠤᠢᠭᠠᠳ᠂ ᠡᠷᠭᠢᠵᠦ ᠬᠠᠷᠠᠪᠠᠯ ᠬᠣᠶᠠᠷ ᠮᠣᠷᠢᠲᠠᠨ᠎ᠤ ᠰᠡᠭᠦᠳᠡᠷ᠎ᠨᠢ᠎ᠴᠦ ᠠᠯᠠᠭ᠎ᠠ ᠪᠣᠯᠤᠭᠰᠠᠨ ᠪᠥᠭᠡᠳ ᠬᠡᠳᠦ ᠬᠡᠳᠦᠨ ᠠᠭᠤᠯᠠ ᠨᠢᠷᠤᠭᠤ᠎ᠶᠢ ᠳᠠᠮᠵᠢᠭᠰᠠᠨ᠎ᠢᠶᠠᠨ ᠮᠡᠳᠡᠵᠦ ᠮᠠᠩᠨᠠᠢ᠎ᠶᠢᠨ ᠬᠥᠯᠦᠰᠦ᠎ᠪᠡᠨ ᠰᠢᠪᠲᠤᠷᠤᠨ ᠠᠷᠴᠢᠵᠤ ᠪᠠᠭᠤᠪᠠ᠃ ᠽᠠᠨᠳᠠᠨ ᠬᠦᠷᠡᠩ᠎ᠦᠨ ᠬᠠᠮᠠᠷ ᠠᠶᠠᠭᠠᠨ᠎ᠤ ᠠᠮᠠᠰᠠᠷ ᠴᠢᠨᠡᠭᠡᠨ ᠬᠠᠷᠠᠭᠳᠠᠬᠤ᠎ᠳᠤ ᠬᠡᠰᠢᠭᠲᠣᠭᠲᠠᠬᠤ᠎ᠶᠢᠨ ᠴᠡᠭᠡᠵᠢᠨ᠎ᠳᠦ ᠠᠢᠷᠠᠭ ᠪᠦᠯᠢᠬᠦ ᠮᠡᠲᠦ ᠪᠠᠢᠯ᠎ᠠ᠃

ᠦᠳᠡ ᠥᠩᠭᠡᠷᠡᠵᠡᠢ᠃ ᠫᠤᠤ᠎ᠶᠢᠨ ᠳᠠᠭᠤᠨ ᠲᠠᠭ ᠴᠢᠭ ᠪᠣᠯᠪᠠ᠃ ᠬᠡᠰᠢᠭᠲᠣᠭᠲᠠᠬᠤ ᠠᠭᠤᠯᠠ ᠪᠠᠷᠲᠠᠭ᠎ᠠ ᠳᠠᠮᠵᠢᠭᠰᠠᠭᠠᠷ ᠦᠬᠡᠷ᠎ᠢᠶᠡᠨ ᠲᠠᠯᠪᠢᠭᠰᠠᠨ ᠭᠠᠵᠠᠷ᠎ᠲᠠᠭᠠᠨ ᠢᠷᠡᠪᠡᠯ ᠲᠠᠪᠤᠨ ᠦᠬᠡᠷ᠎ᠨᠢ ᠭᠣᠷᠤᠬᠠᠨ᠎ᠳᠤ ᠣᠷᠤᠭᠠᠳ ᠪᠡᠯᠴᠢᠵᠦ ᠪᠠᠢᠨ᠎ᠠ᠃ ᠭᠤᠤ ᠰᠤᠪᠠᠭ᠎ᠢᠶᠠᠷ ᠳᠠᠯᠳᠠᠯᠠᠨ ᠭᠡᠷ᠎ᠦᠨ᠎ᠢᠶᠡᠨ ᠪᠠᠷ᠎ᠠ᠎ᠶᠢ ᠬᠠᠷᠠᠪᠠᠯ ᠵᠤᠨ᠎ᠤ ᠴᠠᠭ᠎ᠤᠨ ᠨᠣᠭᠤᠭᠠᠨ ᠥᠷᠮᠦᠭ ᠠᠭᠤᠯᠠ ᠲᠠᠯ᠎ᠠ᠎ᠨᠤᠭᠤᠳ ᠠᠯᠤᠰ᠎ᠤᠨ ᠬᠥᠬᠡ ᠤᠨᠢᠶᠠᠷ᠎ᠲᠠᠢ ᠨᠡᠢᠯᠡᠭᠡᠳ᠂ ᠡᠪᠡᠰᠦᠨ ᠤᠭᠠᠯᠵᠠ᠎ᠲᠠᠢ ᠬᠣᠷᠭᠤᠢ ᠮᠠᠩᠨᠤᠭ ᠮᠡᠲᠦ ᠨᠡᠯᠦᠢᠭᠡᠳ ᠬᠠᠶᠠ ᠨᠢᠭᠡ ᠴᠡᠭᠴᠡᠦᠬᠡᠢ ᠲᠡᠭᠦᠨ᠎ᠳᠦ ᠰᠣᠷᠤᠭᠳᠠᠭᠰᠠᠨ᠎ᠰᠢᠭ᠋ ᠳᠡᠷᠪᠡᠯᠵᠡᠬᠦ᠎ᠡᠴᠡ ᠥᠭᠡᠷ᠎ᠡ ᠰᠣᠨᠢᠨ᠎ᠦᠭᠡᠢ ᠪᠠᠢᠯ᠎ᠠ᠃

ᠬᠡᠰᠢᠭᠲᠣᠭᠲᠠᠬᠤ᠂ ᠬᠣᠩᠬᠤᠷ ᠰᠤᠵᠠᠭ᠎ᠢᠶᠠᠷ ᠬᠠᠯᠬᠠᠪᠴᠢᠯᠠᠨ ᠬᠣᠷᠤᠭᠠᠨ᠎ᠤ᠎ᠪᠠᠨ ᠠᠷᠤ᠎ᠳᠤ ᠢᠷᠡᠭᠡᠳ ᠪᠠᠬᠠᠨ ᠠᠵᠢᠰᠬᠢᠨ ᠠᠨᠢᠷᠯᠠᠵᠤ ᠮᠣᠷᠢᠨ᠎ᠠᠴᠠ᠎ᠪᠠᠨ ᠪᠠᠭᠤᠪᠠ᠃ ᠲᠣᠭᠤᠭᠠᠨ᠎ᠤ᠎ᠪᠠᠨ ᠪᠦᠬᠡᠭᠡᠭ᠎ᠢ ᠳᠠᠮᠵᠢᠵᠤ ᠰᠡᠮ ᠰᠡᠮ ᠠᠯᠬᠤᠭᠰᠠᠭᠠᠷ ᠭᠡᠷ ᠵᠦᠭ᠎ᠢᠶᠡᠨ ᠶᠠᠪᠤᠲᠠᠯ᠎ᠠ ᠳᠥᠷᠪᠡᠨ ᠨᠢᠳᠦ᠎ᠲᠡᠢ ᠤᠯᠠᠭᠠᠨ ᠬᠠᠯᠲᠠᠷ 《ᠬᠤᠢᠯᠤᠭ》 ᠭᠡᠳᠡᠭ ᠨᠣᠬᠠᠢ᠎ᠨᠢ ᠭᠡᠷ ᠥᠭᠡᠳᠡ᠎ᠪᠡᠨ ᠬᠠᠷᠠᠭᠰᠠᠨ ᠴᠢᠭ᠎ᠲᠡᠭᠡᠨ ᠰᠠᠷᠪᠠᠢᠵᠤ ᠤᠨᠠᠭᠰᠠᠨ ᠪᠠᠢᠨ᠎ᠠ᠃ ᠳᠠᠢᠰᠤᠨ᠎ᠲᠠᠢ ᠡᠴᠦᠰᠲᠡᠯ᠎ᠡ ᠦᠵᠡᠯᠴᠡᠭᠰᠡᠨ᠎ᠦ᠎ᠪᠡᠨ ᠪᠠᠲᠤᠯᠠᠪᠤᠷᠢ ᠪᠣᠯᠬᠤ ᠦᠵᠢᠷᠬᠡᠢ ᠰᠢᠷᠭᠠᠯ ᠪᠦᠰ᠎ᠦᠨ ᠤᠷᠠᠩᠬᠠᠢ᠎ᠶᠢ ᠲᠠᠰᠤ ᠵᠠᠭᠤᠭᠰᠠᠨ ᠬᠡᠪ᠎ᠲᠡᠭᠡᠨ ᠪᠠᠢᠪᠠ᠃

ᠭᠡᠷ᠎ᠦᠨ ᠬᠢᠨᠢ ᠡᠷᠦᠬᠡ ᠪᠦᠲᠡᠭᠡᠯᠭᠡ᠎ᠲᠡᠢ᠂ ᠬᠠᠭᠠᠯᠭ᠎ᠠ᠎ᠨᠢ ᠭᠣᠬᠠᠳᠠᠭᠳᠠᠵᠤ ᠪᠠᠢᠨ᠎ᠠ᠃ ᠣᠷᠤᠭᠠᠳ ᠦᠵᠡᠬᠦ᠎ᠳᠦ ᠠᠪᠳᠠᠷ᠎ᠠ ᠱᠦᠭᠦᠢ᠎ᠶᠢᠨ ᠠᠮᠠ ᠬᠠᠮᠠᠷ᠎ᠨᠢ ᠬᠠᠭᠠᠷᠬᠠᠢ᠂ ᠲᠠᠯ᠎ᠠ ᠲᠤᠯᠠ ᠠᠶᠠᠭ᠎ᠠ ᠲᠠᠪᠠᠭ ᠬᠥᠨᠳᠡᠢ ᠳᠣᠭᠤᠤᠷ ᠬᠡᠪᠲᠡᠵᠦ ᠪᠠᠢᠯ᠎ᠠ᠃ ᠬᠡᠰᠢᠭᠲᠣᠭᠲᠠᠬᠤ᠎ᠶᠢᠨ ᠴᠢᠷᠠᠢ᠎ᠳᠤ ᠴᠢᠰᠤ ᠭᠦᠶᠦᠬᠦ᠎ᠪᠡᠨ ᠪᠠᠢᠭᠠᠳ ᠨᠢᠳᠦ᠎ᠨᠢ ᠬᠥᠳᠡᠯᠬᠦ᠎ᠪᠡᠨ ᠮᠠᠷᠲᠠᠪᠠ᠃ 《ᠬᠣᠷᠯᠣ ᠬᠠᠮᠢᠭᠠᠰᠢ᠎ᠪᠠᠨ ᠡᠴᠢᠪᠡ? ᠳᠡᠭᠡᠷᠡᠮ᠎ᠳᠦ ᠬᠣᠣᠷᠯᠠᠭᠳᠠᠪᠠ᠎ᠤᠤ?》 ᠭᠡᠲᠡᠯ᠎ᠡ ᠭᠡᠷ ᠬᠣᠲᠠ᠎ᠪᠠᠨ ᠲᠥᠪᠬᠢᠨᠡᠭᠦᠯᠦᠭᠰᠡᠨ ᠮᠠᠶᠢ᠍ᠭ᠎ᠲᠠᠢ ᠁

ᠬᠡᠰᠢᠭᠲᠣᠭᠲᠠᠬᠤ᠎ᠶᠢᠨ ᠬᠠᠭᠤᠴᠢᠨ ᠬᠠᠷ᠎ᠠ ᠮᠠᠯᠠᠭᠠᠢ᠎ᠨᠢ ᠰᠡᠲᠡ ᠭᠣᠳ ᠬᠢᠲᠤᠭᠠᠯᠠᠭᠳᠠᠵᠤ ᠵᠡᠭᠦᠨ ᠠᠪᠳᠠᠷ᠎ᠠ ᠳᠡᠭᠡᠷ᠎ᠡ᠎ᠪᠡᠨ ᠭᠤᠨᠢᠭᠲᠠᠢ ᠪᠠᠢᠯ᠎ᠠ᠃ 《ᠢᠱ᠌ᠢ! ᠬᠠᠢᠷᠠᠨ》 ᠭᠡᠵᠦ ᠳᠠᠭᠤᠨ ᠠᠯᠳᠠᠮᠠᠭᠴᠠ ᠨᠢᠯᠪᠤᠰᠤ᠎ᠨᠢ ᠪᠥᠮᠪᠦᠷᠢᠪᠡ᠃ ᠲᠡᠷᠡᠬᠦ ᠮᠠᠯᠠᠭᠠᠢ᠎ᠶᠢ ᠬᠡᠰᠢᠭᠲᠣᠭᠲᠠᠬᠤ᠎ᠶᠢᠨ ᠡᠵᠢ᠎ᠨᠢ ᠬᠦᠦ᠎ᠪᠡᠨ ᠭᠡᠷᠯᠡᠬᠦ᠎ᠳᠦ ᠰᠥᠨᠢᠵᠢᠨ ᠰᠠᠭᠤᠵᠤ ᠣᠶᠤᠭᠰᠠᠨ᠎ᠶᠤᠮ᠃ ᠬᠣᠷᠯᠣ ᠲᠡᠳᠡ ᠬᠣᠶᠠᠷ ᠲᠡᠭᠦᠨ᠎ᠢ ᠪᠡᠶ᠎ᠡ᠎ᠡᠴᠡ᠎ᠪᠡᠨ ᠢᠯᠡᠭᠦᠦ ᠨᠠᠨᠳᠢᠩᠨᠠᠨ ᠡᠷᠬᠢᠮᠯᠡᠳᠡᠭ ᠤᠴᠢᠷ᠎ᠠᠴᠠ ᠭᠤᠴᠢ ᠭᠠᠷᠤᠢ ᠵᠢᠯ ᠭᠬᠢᠷ ᠲᠣᠭᠤᠰᠤᠨ᠎ᠳᠤ ᠬᠦᠷᠭᠡᠬᠦ᠎ᠦᠭᠡᠢ ᠬᠠᠳᠠᠭᠠᠯᠠᠵᠤ᠂ ᠴᠠᠭᠠᠨ ᠰᠠᠷ᠎ᠠ᠎ᠶᠢᠨ ᠰᠢᠨ᠎ᠡ᠎ᠶᠢᠨ ᠨᠢᠭᠡᠨ ᠪᠦᠷᠢ᠎ᠳᠦ ᠵᠠᠪᠠᠯ ᠡᠳ᠋ᠯᠡᠳᠡᠭ ᠶᠣᠰᠤᠨ᠎ᠤ ᠬᠤᠪᠴᠠᠰᠤ ᠪᠣᠯᠵᠠᠢ᠃ ᠬᠡᠰᠢᠭᠲᠣᠭᠲᠠᠬᠤ ᠶᠠᠮᠠᠷ᠎ᠴᠤ ᠪᠣᠳᠤᠯ᠎ᠦᠭᠡᠢ᠎ᠪᠠᠷ ᠮᠠᠯᠠᠭᠠᠢ᠎ᠪᠠᠨ ᠠᠪᠴᠤ ᠡᠪᠦᠷᠲᠦᠯᠡᠯ᠎ᠡ᠃ ᠲᠡᠭᠦᠨ᠎ᠦ ᠳᠣᠣᠷ᠎ᠠ᠎ᠠᠴᠠ ᠭᠤᠷᠪᠠᠯᠵᠢᠨ ᠡᠪᠬᠡᠭᠡᠰᠦᠲᠡᠢ ᠴᠠᠭᠠᠰᠤ ᠭᠠᠷᠴᠠᠢ᠃ ᠡᠭᠦᠨ᠎ᠳᠦ ᠶᠠᠮᠠᠷ ᠨᠢᠭᠡ ᠤᠴᠢᠷ ᠪᠠᠢᠵᠤ ᠮᠡᠳᠡᠨ᠎ᠡ ᠭᠡᠵᠦ ᠪᠣᠳᠤᠭᠰᠠᠨ᠎ᠶᠤᠮ᠎ᠤᠤ? ᠬᠠᠮᠲᠤ ᠡᠪᠦᠷᠲᠦᠯᠡᠪᠡ᠃ ᠯᠠᠮᠠ᠎ᠨᠠᠷ᠎ᠠᠴᠠ ᠠᠪᠤᠷᠠᠯ ᠰᠤᠨᠳᠠᠭ ᠠᠰᠠᠭᠤᠬᠤ᠎ᠳᠤ 《ᠬᠡᠯᠡ ᠠᠮᠠ᠎ᠶᠢᠨ ᠪᠤᠵᠠᠷ᠎ᠲᠤ》 ᠭᠡᠳ ᠳᠥᠷᠪᠡᠯᠵᠢᠨ ᠭᠤᠷᠪᠠᠯᠵᠢᠨ ᠡᠪᠬᠡᠭᠰᠡᠨ ᠪᠤᠤ ᠳᠠᠷᠴᠤᠭ ᠥᠭᠳᠡᠭ ᠶᠠᠪᠤᠳᠠᠯ ᠰᠠᠨᠠᠭᠳᠠᠵᠠᠢ᠃

ᠬᠡᠰᠢᠭᠲᠣᠭᠲᠠᠬᠤ ᠡᠮᠦᠨ᠎ᠡ ᠬᠣᠢᠲᠤ ᠠᠢᠯ᠎ᠤᠳ᠎ᠢᠶᠠᠷ ᠶᠠᠪᠤᠵᠤ ᠳᠡᠭᠡᠷᠡᠮ᠎ᠦᠨ ᠶᠠᠭᠠᠬᠢᠭᠰᠠᠨ᠂ ᠬᠣᠷᠯᠣ᠎ᠶᠢᠨ ᠬᠡᠷᠬᠢᠭᠰᠡᠨ ᠲᠤᠬᠠᠢ ᠠᠰᠠᠭᠤᠬᠤ᠎ᠳᠤ:

《ᠪᠢᠳᠡᠨ᠎ᠢ ᠬᠣᠨᠢ ᠢᠮᠠᠭ᠎ᠠ᠎ᠰᠢᠭ᠋ ᠭᠡᠷ᠎ᠲᠦ᠎ᠮᠢᠨᠢ ᠬᠣᠷᠢᠵᠤ ᠡᠭᠦᠳᠡᠨ ᠳᠡᠭᠡᠷ᠎ᠡ ᠫᠤᠤ᠎ᠲᠠᠢ ᠬᠥᠮᠦᠨ ᠵᠣᠭᠰᠤᠭᠠᠳ: 〈 ᠶᠠᠭᠤᠮ᠎ᠠ᠎ᠪᠠᠨ ᠭᠠᠷᠭᠠᠵᠤ ᠥᠭ〉 ᠭᠡᠳ ᠫᠤᠤ᠎ᠪᠠᠨ ᠲᠠᠴᠢᠭᠢᠨᠠᠭᠤᠯᠵᠤ ᠠᠯᠠᠬᠤ ᠰᠢᠬᠠᠪᠠ᠃ ᠬᠤᠪᠴᠠᠰᠤ ᠬᠤᠨᠠᠷ᠎ᠢᠶᠠᠨ ᠲᠠᠢᠯᠵᠤ ᠰᠢᠳᠡᠭᠰᠡᠭᠡᠷ ᠪᠠᠢᠵᠤ ᠠᠮᠢ ᠮᠡᠨᠳᠦ ᠬᠣᠴᠤᠷᠪᠠ》 ᠭᠡᠵᠦ ᠶᠠᠨᠵᠢ ᠲᠣᠯᠤᠭᠠᠢ᠎ᠪᠠᠨ ᠰᠡᠭᠰᠦᠷᠦᠨ ᠡᠪᠦᠳᠦᠭ ᠲᠣᠬᠤᠢ ᠭᠠᠷᠤᠭᠰᠠᠨ ᠥᠮᠦᠳᠦ ᠬᠠᠨᠲᠠᠭᠠᠵᠠ᠎ᠪᠠᠨ ᠦᠵᠡᠭᠦᠯᠵᠡᠢ᠃ ᠵᠠᠷᠢᠮ᠎ᠨᠢ:

《ᠬᠣᠷᠯᠣ᠎ᠶᠢ ᠲᠤᠩ ᠬᠠᠷᠠᠲᠠᠢ ᠲᠠᠮᠤᠯᠠᠪᠠ᠃ ᠲᠡᠭᠦᠨ᠎ᠦ ᠤᠬᠢᠯᠠᠵᠤ ᠪᠠᠷᠬᠢᠷᠠᠬᠤ᠎ᠳᠤ ᠲᠣᠭᠤᠭ᠎ᠠ ᠰᠢᠨᠠᠭ᠎ᠠ ᠬᠠᠩᠭᠢᠨᠠᠵᠤ ᠪᠠᠢᠯ᠎ᠠ᠃ 》 ᠵᠠᠷᠢᠮ᠎ᠨᠢ:

《ᠡᠢᠮᠦ ᠣᠯᠠᠨ ᠳᠠᠢᠰᠤᠨ ᠬᠠᠮᠢᠭ᠎ᠠ᠎ᠠᠴᠠ ᠢᠷᠡᠭᠰᠡᠨ᠎ᠢ ᠪᠤᠤ ᠮᠡᠳᠡ᠃ ᠫᠤᠤᠳᠠᠯᠳᠤᠨ ᠬᠠᠪᠬᠢᠯᠳᠤᠵᠤ ᠪᠠᠢᠭᠠᠳ ᠴᠢᠮᠡᠭᠡ᠎ᠦᠭᠡᠢ ᠪᠣᠯᠤᠭᠰᠠᠨ》 ᠭᠡᠨ᠎ᠡ᠃ ᠵᠠᠷᠢᠮ᠎ᠨᠢ: 《ᠲᠠᠨ᠎ᠤ ᠮᠣᠷᠢ᠎ᠶᠢ ᠤᠨᠤᠭᠠᠳ ᠢᠷᠡᠳᠡᠭ ᠥᠨᠳᠦᠷ ᠨᠣᠶᠠᠨ ᠪᠣᠯᠤᠯᠲᠠᠢ ᠵᠥᠭᠡᠯᠡᠨ ᠳᠤᠯᠠᠭᠠᠨ ᠴᠢᠷᠠᠢ᠎ᠲᠠᠢ ᠬᠥᠮᠦᠨ 〈ᠪᠢᠳᠡᠨ᠎ᠡᠴᠡ ᠪᠤᠤ ᠠᠶᠤ!〉 ᠭᠡᠵᠦ ᠪᠠᠢᠭᠰᠠᠨ》 ᠭᠡᠬᠦ ᠮᠡᠲᠦ᠎ᠶᠢᠨ ᠡᠬᠢ ᠠᠳᠠᠭ᠎ᠦᠭᠡᠢ ᠶᠠᠷᠢᠶ᠎ᠠ ᠰᠣᠨᠤᠰᠴᠠᠢ᠃ ᠬᠡᠰᠢᠭᠲᠣᠭᠲᠠᠬᠤ ᠳᠡᠮᠡᠢ᠎ᠯᠡ ᠭᠣᠷᠢᠳᠠᠯ ᠪᠣᠯᠵᠤ᠂ ᠬᠣᠷᠤᠭ᠎ᠠ ᠫᠧᠩ᠎ᠦᠨ ᠪᠤᠯᠤᠩ᠂ ᠬᠤᠳᠳᠤᠭ᠂ ᠤᠰᠤ᠎ᠪᠠᠷ ᠡᠷᠢᠵᠦ ᠴᠥᠬᠦᠷᠡᠯ᠎ᠢᠶᠡᠨ ᠪᠠᠷᠠᠪᠠ᠃ ᠬᠣᠢᠲᠤ ᠠᠢᠯ᠎ᠤᠨ ᠡᠷᠳᠡᠨᠢ ᠬᠦᠦ :

《ᠪᠦᠳᠦᠭᠦᠨ ᠡᠵᠢ᠎ᠶᠢ ᠳᠥᠷᠪᠡᠨ ᠬᠥᠮᠦᠨ ᠳᠠᠮᠨᠠᠵᠤ᠂ ᠮᠣᠷᠢᠨ ᠳᠡᠭᠡᠷ᠎ᠡ ᠠᠴᠢᠭᠠᠳ ᠶᠠᠪᠤᠭᠰᠠᠨ》 ᠭᠡᠬᠦ᠎ᠳᠦᠨᠢ ᠨᠢᠭᠡ ᠡᠮᠡᠭᠡᠨ:

《ᠮᠠᠭᠤ ᠢᠷᠤ᠎ᠠ! ᠬᠥᠮᠦᠨ᠎ᠢ ᠠᠴᠢᠳᠠᠭ᠎ᠶᠤᠮ᠎ᠤᠤ? ᠪᠤᠷᠬᠠᠨ᠎ᠮᠢᠨᠢ ᠡ!》 ᠭᠡᠳ ᠵᠠᠯᠪᠠᠷᠢᠨ ᠭᠥᠯᠢᠢᠵᠡᠢ᠃

ᠬᠡᠰᠢᠭᠲᠣᠭᠲᠠᠬᠤ᠎ᠶᠢᠨ ᠳᠣᠲᠤᠷ᠎ᠠ: 《ᠬᠤᠯᠠᠭᠠᠢ ᠪᠤᠴᠠᠵᠤ ᠢᠷᠡᠭᠡᠳ ᠮᠣᠷᠢ᠎ᠶᠢ᠎ᠨᠢ ᠪᠤᠯᠢᠶᠠᠬᠤ᠂ ᠲᠣᠭᠤᠨᠤ᠎ᠠᠴᠠ᠎ᠨᠢ ᠳᠡᠭᠦᠵᠢᠯᠡᠭᠡᠳ ᠰᠢᠷᠠᠬᠤ ᠁》 ᠡᠯᠳᠡᠪ ᠠᠶᠤᠮᠰᠢᠭᠲᠤ ᠰᠡᠵᠢᠭ ᠲᠥᠷᠦᠭᠳᠡᠯ᠎ᠡ᠃ 《ᠣᠳᠣ ᠶᠠᠳᠠᠬᠤ᠎ᠳᠤ ᠨᠣᠬᠠᠢ᠎ᠦᠭᠡᠢ ᠪᠣᠯᠤᠭᠰᠠᠨ ᠬᠥᠮᠦᠨ ᠶᠠᠭᠤᠨ᠎ᠳᠠᠭᠠᠨ ᠬᠣᠷᠭᠤᠳᠠᠵᠤ ᠰᠠᠭᠤᠬᠤ ᠪᠤᠢ?》 ᠭᠡᠳ ᠬᠡᠳᠦᠨ ᠦᠬᠡᠷ᠎ᠢᠶᠡᠨ ᠬᠥᠭᠡᠭᠡᠵᠦ ᠦᠶᠡᠯᠢᠳ ᠳᠡᠭᠦᠦ᠎ᠶᠢᠨ᠎ᠳᠡᠭᠡᠨ ᠣᠴᠢᠬᠤ᠎ᠪᠠᠷ ᠰᠢᠭᠤᠳᠤᠭᠠᠳ ᠭᠡᠷ ᠬᠣᠲᠠ᠎ᠪᠠᠨ ᠰᠠᠭᠠᠬᠠᠯᠲᠠ ᠤᠰᠤᠨ᠎ᠤ ᠬᠢᠨ᠎ᠳᠡᠭᠡᠨ ᠵᠠᠬᠢᠵᠤ ᠮᠣᠷᠳᠠᠪᠠ᠃

ᠨᠢᠭᠡ ᠨᠠᠰᠤ᠎ᠪᠠᠷ ᠬᠠᠶᠠᠭ᠎ᠠ ᠵᠡᠷᠭᠡᠴᠡᠨ ᠰᠠᠭᠤᠵᠠᠭᠠᠭᠰᠠᠨ ᠡᠮᠡᠭᠡᠳ ᠡᠪᠦᠭᠡᠳ ᠳᠠᠭᠤᠨ ᠲᠠᠯᠪᠢᠨ ᠤᠬᠢᠯᠠᠵᠤ ᠬᠣᠴᠤᠷᠴᠠᠢ᠃

* * *

ᠬᠡᠰᠢᠭᠲᠣᠭᠲᠠᠬᠤ᠂ ᠠᠢᠯ ᠭᠡᠷ᠂ ᠠᠪᠠᠯᠢ ᠡᠬᠡᠨᠡᠷ ᠬᠣᠷᠯᠣ᠎ᠶᠢᠨ᠎ᠢᠶᠠᠨ ᠲᠥᠯᠦᠭᠡ ᠡᠳᠦᠷ ᠰᠥᠨᠢ᠎ᠦᠭᠡᠢ ᠵᠣᠪᠠᠭᠰᠠᠭᠠᠷ ᠨᠣᠢᠷ ᠬᠣᠭᠤᠯᠠᠨ᠎ᠠᠴᠠ ᠭᠠᠷᠬᠤ ᠰᠢᠬᠠᠵᠠᠢ᠃ ᠳᠠᠢᠰᠤᠨ᠎ᠳᠤ ᠵᠠᠩᠭᠢᠷᠠᠭᠰᠠᠨ ᠬᠣᠷᠤᠰᠤᠯ ᠪᠤᠴᠠᠯᠵᠤ ᠪᠠᠢᠪᠠᠴᠤ ᠢᠯᠡᠭᠦᠦ ᠳᠤᠲᠠᠭᠤ ᠦᠭᠡ᠎ᠪᠡᠷ ᠶᠠᠭᠤ ᠬᠢᠬᠦ ᠪᠤᠢ ᠭᠡᠳ ᠴᠡᠭᠡᠵᠢ᠎ᠪᠡᠨ ᠲᠦᠯᠡᠭᠳᠡᠲᠡᠯ᠎ᠡ ᠮᠠᠨᠠᠵᠤ ᠶᠠᠪᠤᠳᠠᠭ ᠪᠣᠯᠤᠯ᠎ᠠ᠃ ᠦᠶᠡᠯᠢᠳ ᠳᠡᠭᠦᠦ᠎ᠶᠢᠨ ᠬᠢᠨᠢ ᠭᠡᠪᠡᠯ ᠬᠡᠦᠬᠡᠳ ᠪᠡᠷᠢᠶᠡᠳ ᠣᠯᠠᠨᠲᠠᠢ ᠮᠥᠷᠲᠡᠭᠡᠨ ᠮᠠᠯ ᠰᠦᠷᠦᠭ᠎ᠢᠶᠡᠷ ᠠᠷᠪᠢᠨ ᠪᠣᠯᠬᠣᠷ ᠨᠠᠰᠢ ᠴᠠᠰᠢ ᠶᠠᠪᠤᠯᠴᠠᠬᠤ ᠬᠥᠮᠦᠨ ᠲᠠᠰᠤᠷᠠᠳᠠᠭ᠎ᠦᠭᠡᠢ ᠬᠥᠯ ᠦᠢᠮᠡᠭᠡᠨ᠎ᠲᠡᠢ ᠠᠢᠯ ᠪᠠᠢᠵᠠᠢ᠃ ᠲᠡᠷᠡᠴᠢᠯᠡᠨ ᠭᠦᠵᠡᠭᠡ ᠰᠢᠷ᠎ᠠ ᠭᠡᠳᠡᠭ ᠬᠣᠴᠢ᠎ᠲᠠᠢ 《ᠬᠠᠷ᠎ᠠ ᠲᠠᠮᠠᠬᠢᠨ᠎ᠤ ᠴᠢᠳᠭᠦᠷ》 ᠪᠣᠯᠤᠭᠰᠠᠨ ᠵᠠᠩᠭᠢ ᠨᠣᠶᠠᠨ᠎ᠨᠢ ᠬᠡᠰᠢᠭᠲᠣᠭᠲᠠᠬᠤ᠎ᠶᠢ ᠣᠷᠤᠨ ᠨᠤᠲᠤᠭ᠎ᠠᠴᠠ᠎ᠪᠠᠨ ᠣᠷᠭᠤᠵᠤ ᠶᠠᠪᠤᠭ᠎ᠠ ᠬᠠᠪᠴᠢᠭᠤᠷ ᠴᠠᠭᠠᠴᠢᠨ ᠭᠡᠵᠦ ᠪᠣᠱᠤᠭ ᠲᠠᠬᠠᠷ᠎ᠠ ᠢᠯᠡᠭᠡᠵᠦ ᠬᠡᠳᠦ ᠤᠳᠠᠭ᠎ᠠ ᠬᠥᠭᠡᠭᠡᠯᠭᠡᠭᠰᠡᠨ ᠪᠠᠢᠯ᠎ᠠ᠃ ᠲᠡᠭᠡᠭᠡᠳ 《ᠴᠡᠷᠢᠭ ᠠᠯᠪᠠᠨ᠎ᠤ ᠬᠦᠨᠡᠰᠦᠨ ᠲᠠᠲᠠᠪᠤᠷᠢ》 ᠭᠡᠵᠦ ᠨᠢᠭᠡ ᠰᠤᠪᠠᠢ ᠭᠤᠨᠵᠢ᠎ᠶᠢ᠎ᠨᠢ ᠬᠥᠭᠡᠭᠡᠵᠦ ᠠᠪᠠᠴᠢᠪᠠ᠃ ᠠᠩᠬᠠᠨ᠎ᠳᠠᠭᠠᠨ 《 ᠬᠠᠯᠠᠭᠤᠨ ᠮᠣᠩᠭᠤᠯ ᠪᠣᠯ ᠡᠯᠢᠭᠡ ᠥᠷᠦᠴᠡ ᠨᠢᠭᠡ᠎ᠲᠡᠢ》 ᠭᠡᠵᠦ ᠢᠲᠡᠭᠡᠭᠰᠡᠨ ᠬᠡᠰᠢᠭᠲᠣᠭᠲᠠᠬᠤ᠎ᠶᠢᠨ ᠲᠠᠷᠢᠬᠢᠨ᠎ᠳᠤ ᠮᠣᠩᠭᠤᠯ ᠬᠥᠮᠦᠨ᠎ᠦ ᠳᠣᠲᠤᠷ᠎ᠠ᠎ᠴᠤ ᠭᠦᠵᠡᠭᠡ ᠰᠢᠷ᠎ᠠ᠎ᠰᠢᠭ᠋ 《ᠲᠣᠯᠤᠭᠠᠢ᠎ᠶᠢ᠎ᠨᠢ ᠢᠯᠪᠢᠵᠦ᠂ ᠲᠠᠷᠢᠬᠢ᠎ᠶᠢ᠎ᠨᠢ ᠰᠣᠷᠤᠬᠤ》 ᠡᠲᠡᠭᠡᠳ ᠵᠥᠩᠳᠡᠭᠡᠨ ᠪᠠᠢᠬᠤ᠎ᠶᠤᠮ ᠳ᠋ᠠ ᠭᠡᠰᠡᠨ ᠰᠡᠷᠡᠯᠲᠡ ᠣᠷᠤᠭᠤᠯᠪᠠ᠃ ᠲᠡᠷᠡᠴᠢᠯᠡᠨ ᠦᠶᠡᠯᠢᠳ ᠳᠡᠭᠦᠦ᠎ᠨᠢ᠎ᠴᠦ ᠬᠡᠰᠢᠭᠲᠣᠭᠲᠠᠬᠤ᠎ᠶᠢ 《ᠬᠣᠭᠤᠰᠤᠨ ᠭᠤᠶ᠎ᠠ᠎ᠪᠠᠨ ᠭᠠᠨᠵᠤᠭᠠᠯᠠᠵᠤ ᠢᠷᠡᠪᠡ》 ᠭᠡᠳ ᠲᠥᠷᠦᠯ ᠰᠠᠳᠤᠨ᠎ᠢᠶᠠᠨ ᠪᠠᠢᠭᠰᠠᠨ᠎ᠶᠤᠮ᠎ᠤᠤ? ᠬᠠᠷᠢᠨ 《ᠬᠣᠨᠢᠨ᠎ᠤ ᠮᠢᠬ᠎ᠠ ᠬᠣᠰᠢᠮᠠᠭ ᠲᠡᠩᠨᠡᠭᠡ᠎ᠲᠡᠢ》 ᠢᠷᠡᠭᠰᠡᠨ ᠪᠣᠯ ᠬᠣᠢᠮᠤᠷ᠎ᠲᠠᠭᠠᠨ ᠵᠠᠯᠠᠵᠤ ᠰᠠᠭᠤᠯᠭᠠᠬᠤ ᠪᠠᠢᠵᠤ ᠮᠠᠭᠠᠳ᠎ᠦᠭᠡᠢ ᠭᠡᠵᠦ ᠪᠣᠳᠤᠨ ᠪᠣᠳᠤᠭᠰᠠᠭᠠᠷ ᠬᠣᠷᠤᠭᠠᠨ᠎ᠤ ᠵᠡᠭᠦᠨ ᠬᠣᠢᠲᠤᠬᠢ ᠬᠠᠷ᠎ᠠ ᠪᠦᠬᠡᠭᠡᠭ᠎ᠲᠦ ᠬᠣᠨᠢᠴᠢᠨ ᠡᠯ ᠶᠠᠩᠭᠦᠸᠠᠷ᠎ᠲᠠᠢ ᠨᠠᠢᠵᠠᠯᠠᠭᠰᠠᠨ᠎ᠨᠢ ᠠᠰᠢᠲᠠᠢ ᠰᠠᠢᠬᠠᠨ ᠰᠠᠨᠠᠭᠳᠠᠪᠠ᠃ ᠡᠯ ᠶᠠᠩᠭᠦᠸᠠᠷ᠎ᠤᠨ ᠦᠨᠡᠨᠴᠢ ᠰᠢᠳᠤᠷᠭᠤ ᠨᠣᠮᠤᠬᠠᠨ ᠬᠥᠮᠦᠨ ᠪᠣᠯᠬᠤ᠎ᠶᠢ ᠬᠣᠷᠢᠭᠠᠳ ᠬᠣᠨᠤᠭ᠎ᠤᠨ ᠠᠮᠢᠳᠤᠷᠠᠯ᠎ᠠᠴᠠ ᠲᠠᠨᠢᠵᠤ ᠠᠪᠴᠠᠢ᠃ ᠶᠠᠩᠭᠦᠸᠠᠷ 《 ᠭᠦᠵᠡᠭᠡ ᠰᠢᠷ᠎ᠠ ᠭᠠᠳᠠᠭᠤᠷ ᠭᠠᠷ ᠨᠡᠢᠯᠡᠵᠦ᠂ ᠬᠥᠳᠡᠭᠡᠭᠦᠷ ᠬᠥᠯ ᠨᠡᠢᠯᠡᠵᠦ ᠳᠠᠢᠰᠤᠨ᠎ᠢ ᠳᠠᠭᠠᠭᠤᠯᠤᠭᠠᠳ ᠮᠣᠩᠭᠤᠯ ᠲᠣᠭᠠᠲᠠᠨ᠎ᠢᠶᠠᠨ ᠳᠡᠭᠡᠷᠡᠮᠳᠡᠵᠦ ᠪᠠᠢᠨ᠎ᠠ》 ᠭᠡᠳᠡᠭ ᠦᠭᠡᠨ᠎ᠦ ᠵᠠᠬ᠎ᠠ ᠰᠡᠵᠢᠭᠦᠷ᠎ᠢ ᠶᠠᠷᠢᠳᠠᠭ ᠪᠥᠭᠡᠳ ᠡᠪᠦᠭᠡᠨ᠎ᠦ ᠭᠠᠭᠴᠠ ᠮᠣᠷᠢᠨ᠎ᠳᠤᠨᠢ ᠲᠡᠳᠡᠨ᠎ᠦ ᠨᠢᠳᠦᠨ ᠬᠣᠣᠷ ᠰᠢᠩᠭᠡᠭᠰᠡᠨ᠎ᠢ ᠰᠠᠨᠠᠭᠤᠯᠤᠨ ᠬᠡᠯᠡᠳᠡᠭ ᠪᠠᠢᠵᠠᠢ᠃

ᠨᠢᠭᠡᠨ ᠡᠳᠦᠷ ᠬᠡᠰᠢᠭᠲᠣᠭᠲᠠᠬᠤ᠂ ᠰᠢᠷ᠎ᠠ ᠪᠤᠷᠭᠠᠰᠤ᠎ᠲᠠᠢ ᠮᠠᠩᠬᠠᠨ᠎ᠤ ᠬᠣᠩᠬᠤᠷ᠎ᠲᠤ ᠮᠣᠷᠢᠨ᠎ᠤ᠎ᠪᠠᠨ ᠠᠮᠠᠭᠠᠢ᠎ᠶᠢ ᠭᠠᠷᠭᠠᠵᠤ ᠪᠠᠷᠢᠨ ᠢᠳᠡᠭᠦᠯᠦᠭᠰᠡᠭᠡᠷ ᠦᠬᠡᠷ᠎ᠢᠶᠡᠨ ᠬᠠᠷᠠᠵᠤ ᠪᠠᠢᠪᠠ᠃ ᠬᠠᠯᠠᠭᠤᠨ ᠰᠦᠨ᠎ᠳᠡᠭᠡᠨ ᠴᠠᠳᠴᠤ ᠲᠣᠷᠨᠢᠭᠰᠠᠨ ᠬᠣᠶᠠᠷ ᠲᠤᠭᠤᠯ᠎ᠨᠢ ᠪᠤᠭᠤᠯᠳᠤᠷᠭ᠎ᠠ ᠬᠡᠪ᠎ᠢᠶᠡᠨ ᠣᠯᠤᠭᠰᠠᠨ ᠮᠡᠲᠦ ᠰᠠᠢᠬᠠᠨ ᠬᠠᠷᠠᠭᠳᠠᠪᠠᠴᠤ ᠬᠡᠵᠢᠶ᠎ᠡ ᠮᠠᠷᠭᠠᠰᠢ ᠪᠣᠱᠤᠭ᠎ᠠ ᠲᠠᠬᠠᠷ᠎ᠠ ᠳᠠᠪᠬᠢᠵᠤ ᠢᠷᠡᠭᠡᠳ ᠡᠬᠡ᠎ᠲᠡᠢ᠎ᠨᠢ ᠲᠠᠭᠤᠵᠤ ᠶᠠᠪᠤᠬᠤ ᠵᠢᠭᠲᠡᠢ ᠢᠷᠤ᠎ᠠ ᠪᠣᠳᠤᠭᠳᠠᠨ᠎ᠠ᠃ ᠭᠡᠲᠡᠯ᠎ᠡ ᠬᠡᠰᠡᠭ ᠬᠡᠰᠡᠭ ᠪᠠᠭᠰᠢᠷᠠᠭᠰᠠᠨ ᠪᠤᠷᠭᠠᠰᠤ ᠮᠣᠳᠤᠨ᠎ᠤ ᠳᠤᠮᠳᠠᠭᠤᠷᠬᠢ ᠦᠯᠦ ᠮᠡᠳᠡᠭᠳᠡᠮ᠎ᠡ ᠮᠣᠷᠢᠨ ᠴᠤᠪᠤᠭ᠎ᠠ ᠵᠠᠮ᠎ᠢᠶᠠᠷ ᠬᠣᠶᠠᠷ ᠮᠣᠷᠢᠲᠠᠨ ᠰᠡᠭᠡᠭᠦᠯᠦᠨ ᠭᠠᠷᠴᠤ ᠢᠷᠡᠪᠡ᠃

ᠡᠮᠦᠨᠡᠬᠢ᠎ᠨᠢ ᠴᠠᠭᠠᠨ ᠴᠢᠰᠴᠡᠦ ᠲᠡᠷᠯᠢᠭ ᠳᠡᠭᠡᠷ᠎ᠡ ᠬᠠᠷ᠎ᠠ ᠲᠣᠷᠭᠠᠨ ᠬᠠᠨᠵᠢᠶᠠᠷ ᠬᠦᠯᠬᠦᠯᠵᠡᠭᠦᠯᠦᠨ ᠡᠮᠦᠰᠦᠭᠡᠳ ᠴᠠᠢᠪᠤᠷ ᠪᠣᠷᠤ ᠯᠢᠮᠣᠤ ᠮᠠᠯᠠᠭᠠᠢ ᠬᠠᠢᠪᠠᠢᠯᠭᠠᠨ ᠳᠠᠷᠤᠵᠤ᠂ ᠪᠠᠷᠠᠭᠤᠨ ᠭᠠᠷ᠎ᠲᠠᠭᠠᠨ ᠬᠢᠯᠭᠠᠰᠤᠨ ᠭᠦᠪᠢᠭᠦᠷ ᠪᠠᠷᠢᠭᠰᠠᠨ᠎ᠨᠢ ᠶᠠᠭ᠎ᠯᠠ ᠵᠠᠰᠠᠭᠰᠠᠨ ᠵᠣᠯᠢᠭ᠎ᠰᠢᠭ᠋ ᠬᠠᠷᠠᠭᠳᠠᠵᠠᠢ᠃ ᠠᠷᠤ᠎ᠶᠢᠨ ᠬᠢᠨᠢ ᠰᠢᠷᠭᠠᠯ ᠨᠣᠭᠤᠭᠠᠨ ᠣᠭᠤᠳᠤᠷ ᠬᠤᠪᠴᠠᠰᠤᠨ ᠳᠡᠭᠡᠷ᠎ᠡ ᠤᠷᠲᠤ ᠫᠤᠤ ᠬᠥᠨᠳᠡᠯᠢᠳᠦᠭᠦᠯᠦᠨ ᠡᠭᠦᠷᠦᠭᠡᠳ ᠣᠷᠤᠢ᠎ᠨᠢ ᠰᠢᠷᠭᠢᠭᠰᠡᠨ ᠬᠠᠪᠰᠢᠭᠠᠷ ᠴᠡᠷᠢᠭ᠎ᠦᠨ ᠮᠠᠯᠠᠭᠠᠢ ᠲᠣᠬᠤᠯᠠᠵᠤ᠂ ᠬᠥᠭᠰᠢᠨ ᠢᠩᠭᠡ᠎ᠰᠢᠭ ᠳᠣᠣᠷᠠᠳᠤ ᠤᠷᠤᠭᠤᠯ᠎ᠢᠶᠠᠨ ᠶᠣᠷᠪᠤᠢᠯᠭᠠᠨ᠂ ᠰᠡᠭᠦᠯ᠎ᠢᠶᠡᠨ ᠰᠢᠷᠪᠠᠯᠵᠠᠭᠰᠠᠨ ᠬᠠᠪᠠ ᠨᠣᠬᠠᠢ᠎ᠰᠢᠭ᠋ ᠳᠡᠯᠪᠡᠭᠡᠨᠡᠨ ᠴᠣᠭᠭᠢᠵᠤ ᠠᠢᠰᠤᠢ᠃

ᠬᠡᠰᠢᠭᠲᠣᠭᠲᠠᠬᠤ᠎ᠶᠢᠨ ᠳᠣᠲᠤᠷ᠎ᠠ ᠮᠥᠰᠦ ᠵᠠᠯᠭᠢᠭᠰᠠᠨ᠎ᠰᠢᠭ᠋ ᠪᠣᠯᠪᠠ᠃ 《ᠦᠬᠡᠷ ᠬᠥᠭᠡᠭᠡᠳᠡᠭ ᠵᠠᠩᠭᠢ ᠨᠣᠶᠠᠨ ᠥᠮᠦᠳᠦ ᠴᠤᠭᠯᠠᠭᠤᠯᠬᠤ᠎ᠪᠠᠷ ᠢᠷᠡᠵᠦ ᠭᠡᠨ᠎ᠡ ᠰᠢᠤ》 ᠭᠡᠳ ᠥᠴᠦᠭᠡᠳᠦᠷ ᠦᠳᠡᠰᠢ ᠡᠯ ᠶᠠᠩᠭᠦᠸᠠᠷ᠎ᠤᠨ ᠰᠢᠪᠡᠨᠡᠭᠰᠡᠨ᠎ᠨᠢ ᠰᠠᠨᠠᠭᠠᠨ᠎ᠳᠤᠨᠢ ᠣᠷᠤᠯ᠎ᠠ᠃ ᠲᠤᠯᠭᠠᠮ᠎ᠠ ᠤᠴᠠᠷᠠᠭᠰᠠᠨ ᠪᠣᠯᠬᠣᠷ ᠶᠠᠭᠤ᠎ᠴᠤ ᠪᠣᠯᠲᠤᠭᠠᠢ ᠮᠡᠨᠳᠦᠯᠡᠬᠦ ᠬᠡᠷᠡᠭᠲᠡᠢ ᠪᠣᠯᠵᠠᠢ᠃ ᠴᠠᠭᠠᠳᠤᠬᠢ᠎ᠨᠢ ᠡᠷᠭᠢᠨ᠎ᠦ ᠢᠷᠮᠡᠭ ᠳᠡᠭᠡᠷ᠎ᠡ ᠦᠨᠳᠦᠰᠦ᠎ᠨᠢ ᠪᠤᠯᠲᠠᠢᠭᠰᠠᠨ ᠰᠢᠷ᠎ᠠ ᠪᠤᠷᠭᠠᠰᠤ᠎ᠰᠢᠭ᠋ ᠬᠡᠳᠦᠨ ᠤᠯᠠᠪᠢᠷ ᠰᠠᠬᠠᠯ᠎ᠢᠶᠠᠨ ᠰᠡᠷᠪᠡᠯᠵᠡᠭᠦᠯᠵᠦ᠂ ᠬᠣᠶᠠᠷ ᠠᠯᠲᠠᠨ ᠰᠢᠳᠦ᠎ᠪᠡᠨ ᠢᠷᠠᠯᠵᠠᠭᠤᠯᠤᠨ ᠢᠨᠢᠶᠡᠮᠰᠦᠭᠯᠡᠩᠭᠦᠢ᠎ᠪᠡᠷ:

《ᠬᠡ ᠠᠬ᠎ᠠ ᠰᠠᠢᠨ ᠪᠠᠢᠨ᠎ᠠ᠎ᠤᠤ?》 ᠭᠡᠵᠦ ᠰᠢᠷᠭᠢᠭᠰᠡᠨ ᠨᠢᠳᠦ᠎ᠪᠡᠨ ᠣᠯᠢᠢᠯᠭᠠᠪᠠ᠃

《ᠵᠠᠩᠭᠢ ᠠᠮᠤᠷᠬᠠᠨ ᠮᠣᠷᠢᠯᠠᠵᠤ ᠪᠠᠢᠨ᠎ᠠ᠎ᠤᠤ?》 ᠭᠡᠳ ᠡᠪᠦᠳᠦᠭ ᠰᠥᠭᠦᠳᠬᠦ᠎ᠳᠦ ᠲᠣᠯᠤᠭᠠᠢ ᠳᠣᠬᠢᠰᠬᠢᠨ :

《ᠬᠡᠵᠢᠶ᠎ᠡ ᠮᠠᠨᠠᠢᠬᠢᠨ᠎ᠳᠤ ᠢᠷᠡᠴᠢᠬᠡᠪᠡ ᠳ᠋ᠠ 》 ᠭᠡᠵᠦ ᠲᠣᠭᠤᠭ᠎ᠠ ᠳᠣᠯᠤᠭᠤᠭᠰᠠᠨ ᠨᠣᠬᠠᠢ᠎ᠰᠢᠭ᠋ ᠬᠡᠯᠡ᠎ᠪᠡᠨ ᠪᠤᠯᠲᠠᠯᠵᠠᠭᠤᠯᠤᠨ ᠶᠣᠵᠤ᠎ᠲᠠᠢ ᠠᠰᠠᠭᠤᠯ᠎ᠠ᠃

《ᠥᠨᠦᠬᠡᠨ᠃ 》

《ᠲᠡᠭᠡᠭᠡᠳ ᠰᠤᠮᠤ ᠨᠤᠮᠤᠨ᠎ᠳᠤ ᠮᠡᠳᠡᠭᠦᠯᠬᠦ᠎ᠦᠭᠡᠢ ᠬᠠᠪᠴᠢᠭᠤᠯᠤᠭᠰᠠᠨ ᠬᠡᠷᠡᠭ᠎ᠦᠦ?》

《᠎ᠦᠭᠡᠢ! ᠦᠢᠮᠡᠭᠡᠨ ᠬᠤᠯᠠᠭᠠᠢ᠎ᠲᠠᠢ ᠪᠣᠯᠬᠣᠷ ᠁》 ᠭᠡᠵᠦ ᠡᠪᠦᠭᠡᠨ ᠰᠢᠯᠢᠨ ᠬᠦᠵᠦᠭᠦᠦ᠎ᠪᠡᠨ ᠮᠠᠭᠠᠵᠢᠪᠠ᠃

《ᠰᠠᠢᠬᠠᠨ ᠡᠮᠡᠭᠡᠯ ᠬᠠᠵᠠᠭᠠᠷ᠎ᠲᠠᠢ ᠰᠠᠢᠨ ᠮᠣᠷᠢ ᠤᠨᠤᠵᠠᠢ᠃ ᠬᠡ ᠠᠬ᠎ᠠ ᠮᠥᠨ᠎ᠴᠦ ᠬᠣᠷᠢᠨ ᠲᠠᠪᠤ᠎ᠲᠠᠢ᠎ᠶᠤᠮ᠎ᠰᠢᠭ᠋ ᠰᠡᠩᠭᠢᠨᠡᠭᠦᠯᠵᠦ ᠪᠠᠢᠭ᠎ᠠ ᠰᠢᠪ ᠳ᠋ᠠ 》 ᠭᠡᠵᠦ ᠢᠯᠠᠭ᠎ᠠ ᠵᠠᠯᠭᠢᠬᠤ ᠮᠡᠯᠡᠬᠡᠢ᠎ᠰᠢᠭ ᠳᠠᠷᠪᠠᠢᠨ ᠢᠨᠢᠶᠡᠵᠦ ᠮᠣᠷᠢ᠎ᠶᠢ᠎ᠨᠢ ᠪᠠᠢᠨ ᠪᠠᠢᠨ ᠡᠷᠭᠢᠵᠦ ᠦᠵᠡᠭᠡᠳ:

《ᠭᠦᠶᠦᠳᠡᠭ ᠮᠣᠷᠢ᠎ᠤᠤ?》 ᠭᠡᠪᠡ᠃

《᠎ᠦᠭᠡᠢ ᠨᠣᠶᠠᠨ᠎ᠮᠢᠨᠢ᠂ ᠭᠠᠭᠴᠠᠬᠠᠨ ᠤᠨᠤᠭᠠᠷ᠎ᠲᠠᠢ ᠬᠥᠮᠦᠨ ᠬᠠᠮᠢᠭ᠎ᠠ᠎ᠠᠴᠠ ᠤᠷᠤᠯᠳᠤᠭᠠᠨ᠎ᠳᠤ ᠣᠷᠤᠭᠤᠯᠬᠤ ᠪᠤᠢ᠃ 》

《ᠴᠥᠪ᠎ᠦᠨ ᠴᠠᠭ᠎ᠲᠤ ᠡᠪᠦᠭᠡᠨ ᠨᠠᠰᠤ᠎ᠲᠠᠢ ᠬᠥᠮᠦᠨ᠂ ᠰᠠᠢᠨ ᠮᠣᠷᠢ᠎ᠪᠠᠷ ᠶᠠᠭᠤ ᠬᠢᠬᠦ ᠪᠤᠢ! ᠠᠭᠡ᠎ᠳᠡᠭᠡᠨ ᠥᠭᠴᠢᠬᠡ᠂ ᠬᠣᠵᠢᠮ ᠴᠢᠮ᠎ᠠ᠎ᠳᠤ ᠡᠬᠡ᠎ᠶᠢ᠎ᠨᠢ ᠡᠴᠡᠭᠡᠬᠦ᠎ᠦᠭᠡᠢ ᠲᠤᠭᠤᠯ᠎ᠢ᠎ᠨᠢ ᠲᠤᠷᠠᠭᠠᠬᠤ᠎ᠦᠭᠡᠢ᠎ᠪᠠᠷ ᠤᠨᠠᠭ᠎ᠠ᠎ᠲᠠᠢ ᠭᠡᠭᠦᠦ ᠥᠭᠭᠦᠶ᠎ᠡ᠃ 》

《ᠮᠢᠨᠦ ᠬᠥᠯ ᠳᠡᠭᠦᠵᠢᠯᠡᠵᠦ ᠶᠠᠪᠤᠳᠠᠭ᠎ᠨᠢ ᠡᠨᠡ ᠰᠢᠤ᠃ 》

《ᠶᠠᠭᠤ ᠭᠡᠨ᠎ᠡ? ᠭᠡᠭᠦᠦ ᠬᠥᠯ ᠳᠡᠭᠦᠵᠢᠯᠡᠵᠦ ᠪᠣᠯᠳᠠᠭ᠎ᠦᠭᠡᠢ᠎ᠶᠤᠮ᠎ᠤᠤ? ᠴᠢ ᠣᠷᠤᠨ ᠨᠤᠲᠤᠭ᠎ᠠᠴᠠ᠎ᠪᠠᠨ ᠣᠷᠭᠤᠵᠤ ᠶᠠᠭᠠᠬᠢᠬᠤ ᠪᠣᠳᠤᠯ᠎ᠲᠠᠢ ᠡᠲᠡᠭᠡᠳ ᠪᠤᠢ? ᠲᠡᠭᠡᠭᠡᠳ ᠡᠨᠡ ᠰᠤᠮᠤ᠎ᠶᠢ ᠡᠵᠡᠨ ᠡᠰᠢ᠎ᠦᠭᠡᠢ ᠭᠡᠵᠦ ᠰᠠᠨᠠᠵᠤ ᠪᠠᠢᠨ᠎ᠠ᠎ᠤᠤ?》 ᠭᠡᠰᠡᠨ ᠦᠭᠡ ᠬᠡᠰᠢᠭᠲᠣᠭᠲᠠᠬᠤ᠎ᠶᠢᠨ ᠵᠢᠷᠦᠬᠡ᠎ᠶᠢ ᠣᠭᠲᠤᠴᠢᠬᠤ᠎ᠰᠢᠭ᠋ ᠪᠣᠯᠭᠠᠯ᠎ᠠ᠃

《ᠠᠭᠡ᠎ᠮᠢᠨᠢ ᠥᠷᠦᠰᠢᠶᠡ》 ᠭᠡᠳ ᠮᠥᠷᠭᠦᠬᠦ ᠭᠡᠲᠡᠯ᠎ᠡ ᠭᠦᠵᠡᠭᠡ ᠰᠢᠷ᠎ᠠ ᠨᠥᠭᠦᠭᠡᠳᠡᠬᠢ ᠤᠷᠤᠭᠤ᠎ᠪᠠᠨ ᠵᠠᠩᠭᠠᠬᠤ᠎ᠳᠤ ᠴᠡᠷᠢᠭ᠎ᠨᠢ ᠳᠡᠪᠬᠡᠷᠦᠨ ᠪᠠᠭᠤᠵᠤ ᠢᠷᠡᠭᠡᠳ ᠴᠤᠯᠪᠤᠭᠤᠷ᠎ᠢ᠎ᠨᠢ ᠰᠤᠭᠤ ᠲᠠᠲᠠᠪᠠ᠃ ᠬᠡᠰᠢᠭᠲᠣᠭᠲᠠᠬᠤ ᠲᠣᠩᠭᠤᠷᠤᠨ ᠤᠨᠠᠭᠰᠠᠨ᠎ᠢᠶᠠᠨ ᠭᠠᠵᠠᠷ ᠰᠠᠮᠤᠷᠳᠠᠨ ᠪᠣᠰᠴᠤ ᠭᠦᠵᠡᠭᠡ ᠰᠢᠷ᠎ᠠ᠎ᠶᠢᠨ ᠴᠤᠯᠪᠤᠭᠤᠷ᠎ᠠᠴᠠ ᠠᠳᠭᠤᠨ ᠭᠤᠶᠤᠵᠠᠢ᠃ ᠭᠦᠪᠢᠭᠦᠷ᠎ᠦᠨ ᠬᠤᠯᠤᠰᠤᠨ ᠡᠰᠢ ᠲᠡᠭᠦᠨ᠎ᠦ ᠨᠢᠷᠤᠭᠤᠨ᠎ᠳᠤ ᠬᠡᠴᠢᠨᠡᠨ ᠲᠤᠰᠤᠭᠰᠠᠨ᠎ᠢ ᠪᠤᠤ ᠮᠡᠳᠡ᠂ ᠡᠪᠦᠭᠡᠨ ᠮᠥᠨ᠎ᠯᠡ ᠭᠦᠵᠡᠭᠡ ᠰᠢᠷ᠎ᠠ᠎ᠶᠢᠨ ᠭᠠᠨᠵᠤᠭ᠎ᠠ᠎ᠠᠴᠠ ᠳᠡᠭᠦᠵᠢᠯᠡᠭᠳᠡᠭᠰᠡᠨ ᠬᠡᠪ᠎ᠲᠡᠭᠡᠨ ᠪᠠᠢᠯ᠎ᠠ᠃ ᠭᠦᠵᠡᠭᠡ ᠰᠢᠷ᠎ᠠ᠂ ᠰᠢᠷᠢᠨ ᠤᠯᠠ᠎ᠲᠠᠢ ᠥᠭᠡᠳᠡᠩ ᠭᠤᠲᠤᠯ᠎ᠤᠨ᠎ᠢᠶᠠᠨ ᠬᠣᠩᠰᠢᠶᠠᠷ᠎ᠢᠶᠠᠷ ᠬᠡᠰᠢᠭᠲᠣᠭᠲᠠᠬᠤ᠎ᠶᠢᠨ ᠮᠠᠩᠨᠠᠢ᠎ᠶᠢ ᠬᠠᠯᠵᠠ ᠢᠰᠭᠦᠯᠪᠡ᠃ ᠪᠤᠭᠤᠷᠤᠯ ᠬᠥᠮᠦᠰᠭᠡ᠎ᠶᠢ᠎ᠨᠢ ᠳᠠᠭᠠᠵᠤ ᠤᠷᠤᠰᠤᠭᠰᠠᠨ ᠬᠦᠷᠡᠩ ᠤᠯᠠᠭᠠᠨ ᠴᠢᠰᠤ ᠭᠦᠵᠡᠭᠡ ᠰᠢᠷ᠎ᠠ᠎ᠶᠢᠨ ᠴᠠᠭᠠᠨ ᠳᠡᠪᠡᠯ᠎ᠢ ᠴᠣᠬᠤᠷᠯᠠᠨ ᠪᠤᠳᠤᠬᠤ᠎ᠳᠤ᠂

《ᠨᠢᠭᠤᠷ ᠥᠭᠬᠦ᠎ᠶᠢ ᠮᠡᠳᠡᠬᠦ᠎ᠦᠭᠡᠢ ᠡᠨᠡ ᠮᠠᠭᠤ ᠨᠣᠬᠠᠢ᠎ᠶᠢ ᠬᠣᠯᠠ ᠵᠠᠢᠯᠠᠭᠤᠯ》 ᠭᠡᠵᠦ ᠥᠨᠥᠬᠢ ᠴᠡᠷᠢᠭ᠎ᠲᠡᠭᠡᠨ ᠲᠤᠰᠢᠶᠠᠯ᠎ᠠ᠃ ᠲᠡᠷᠡ᠎ᠨᠢ ᠡᠪᠦᠭᠡᠨ᠎ᠦ ᠳᠠᠯᠤ ᠮᠥᠷᠦ᠂ ᠵᠠᠭᠠᠮ᠎ᠠ᠎ᠶᠢ ᠬᠠᠤ ᠲᠠᠲᠠᠬᠤ᠎ᠳᠤ ᠬᠡᠰᠢᠭᠲᠣᠭᠲᠠᠬᠤ ᠭᠦᠵᠡᠭᠡ ᠰᠢᠷ᠎ᠠ᠎ᠶᠢ ᠬᠣᠷᠮᠤᠢᠳᠠᠭᠰᠠᠨ ᠴᠢᠭ᠎ᠲᠡᠭᠡᠨ ᠵᠢᠭᠤᠷᠠᠯᠳᠤᠨ᠎ᠠ᠃ ᠵᠢᠷᠤᠭ᠎ᠠ ᠰᠠᠷᠠᠯ ᠮᠣᠷᠢ ᠭᠡᠨᠡᠳᠲᠡ ᠬᠠᠯᠤᠷᠢᠰᠬᠢᠲᠠᠯ᠎ᠠ ᠭᠦᠵᠡᠭᠡ ᠰᠢᠷ᠎ᠠ᠂ ᠡᠪᠦᠭᠡᠨ᠎ᠢ ᠳᠠᠷᠤᠵᠤ ᠪᠥᠮᠪᠦᠢᠨ ᠤᠨᠠᠪᠠ᠃ ᠭᠦᠵᠡᠭᠡ ᠰᠢᠷ᠎ᠠ᠎ᠶᠢᠨ ᠠᠭᠤᠷ ᠴᠡᠭᠡᠵᠢᠨ᠎ᠳᠡᠭᠡᠨ ᠪᠠᠭᠲᠠᠵᠤ ᠶᠠᠳᠠᠨ ᠡᠪᠦᠭᠡᠨ᠎ᠢ ᠢᠰᠭᠦᠯᠬᠦ ᠭᠡᠰᠡᠨ᠎ᠴᠢᠨᠢ ᠬᠡᠢ ᠲᠡᠢᠷᠦᠭᠡᠳ ᠭᠣᠣᠯ᠎ᠢᠶᠠᠷ᠎ᠢᠶᠠᠨ ᠰᠠᠪᠠᠵᠤ ᠤᠨᠠᠯ᠎ᠠ᠃ ᠨᠣᠭᠤᠭᠠᠨ ᠳᠥᠷᠦᠭᠡᠪᠴᠢᠨ ᠭᠥᠯᠢᠮ᠎ᠦᠨ ᠰᠢᠷ᠎ᠢ ᠬᠢᠷᠤᠵᠤ᠂ ᠶᠠᠰᠤᠨ ᠬᠢᠷ᠎ᠠ᠎ᠲᠠᠢ ᠡᠮᠡᠭᠡᠯ᠎ᠦᠨ ᠮᠣᠳᠤ᠎ᠶᠢ ᠠᠬ᠎ᠠ ᠪᠣᠯᠲᠠᠯ᠎ᠠ ᠢᠰᠭᠦᠴᠢᠨ ᠬᠥᠭᠯᠡᠭᠰᠡᠨ ᠵᠢᠷᠤᠭ᠎ᠠ ᠰᠠᠷᠠᠯ ᠮᠣᠷᠢ ᠲᠣᠭᠤᠰᠤ ᠲᠠᠲᠠᠭᠤᠯᠤᠭᠠᠳ ᠳᠠᠯᠳᠠ ᠣᠷᠤᠪᠠ᠃ ᠽᠠᠨᠳᠠᠨ ᠬᠦᠷᠡᠩ᠂ ᠥᠨᠥᠬᠢ ᠰᠠᠷᠠᠯ᠎ᠤᠨ ᠰᠢᠪᠰᠢᠭᠲᠦ ᠪᠠᠢᠳᠠᠯ᠎ᠠᠴᠠ ᠳᠤᠷ᠎ᠠ ᠪᠤᠯᠭᠢᠭᠰᠠᠨ ᠮᠡᠲᠦ ᠭᠠᠭᠴᠠᠭᠠᠷ ᠵᠡᠭᠦᠨ ᠡᠮᠦᠨᠡᠰᠢ᠎ᠪᠡᠨ ᠳᠠᠪᠬᠢᠵᠠᠢ᠃

《ᠦᠬᠦᠯ ᠵᠠᠢᠳᠠᠩᠨᠠᠭᠰᠠᠨ ᠲᠤᠯᠤᠮ! ᠬᠤᠷᠳᠤᠨ᠂ ᠮᠣᠷᠢ ᠪᠠᠷᠢᠵᠤ ᠠᠪᠴᠢᠷᠠ》 ᠭᠡᠵᠦ ᠭᠦᠵᠡᠭᠡ ᠰᠢᠷ᠎ᠠ᠎ᠶᠢ ᠴᠢᠷᠠᠯᠠᠬᠤ᠎ᠳᠤ ᠥᠨᠥ ᠴᠡᠷᠢᠭ ᠪᠤᠲᠠ ᠪᠤᠷᠭᠠᠰᠤᠨ᠎ᠤ ᠳᠡᠭᠡᠭᠦᠷ ᠬᠠᠷᠠᠢᠯᠭᠠᠨ ᠭᠠᠷᠲᠠᠯ᠎ᠠ ᠬᠥᠯ ᠳᠣᠣᠷ᠎ᠠ᠎ᠠᠴᠠ᠎ᠨᠢ ᠪᠥᠵᠦᠩ ᠳᠡᠪᠬᠡᠷᠦᠮᠡᠭᠴᠡ ᠳᠦᠷᠰᠦ᠎ᠪᠡᠨ ᠡᠯᠡᠰᠦᠨ᠎ᠳᠦ ᠬᠡᠪᠯᠡᠵᠦ ᠶᠠᠪᠠᠭᠠᠷᠠᠪᠠ᠃ ᠲᠡᠭᠡᠭᠡᠳ ᠡᠮᠡᠭᠡᠯ᠎ᠲᠡᠢ ᠬᠥᠭᠯᠡᠭᠰᠡᠨ ᠵᠢᠷᠤᠭ᠎ᠠ ᠰᠠᠷᠠᠯ᠎ᠤᠨ ᠠᠷᠤ᠎ᠠᠴᠠ ᠬᠠᠮᠬᠤᠤᠯ᠎ᠰᠢᠭ᠋ ᠲᠦᠨᠲᠦᠭᠡᠨᠡᠨ ᠭᠦᠶᠦᠵᠡᠢ᠃

ᠭᠦᠵᠡᠭᠡ ᠰᠢᠷ᠎ᠠ᠂ ᠡᠪᠦᠭᠡᠨ᠎ᠢ ᠨᠢᠳᠤᠷᠭᠠᠳᠠᠨ ᠪᠠᠯᠪᠠᠬᠤ᠎ᠳᠤ ᠲᠡᠭᠦᠨ᠎ᠦ ᠭᠠᠷ᠎ᠠᠴᠠ ᠮᠤᠯᠲᠤᠷᠠᠬᠤ ᠭᠡᠰᠡᠨ ᠡᠪᠦᠭᠡᠨ ᠨᠢᠭᠤᠷ᠎ᠢᠶᠠᠨ ᠪᠤᠷᠤᠭᠤᠯᠠᠨ ᠪᠠᠢᠭ᠎ᠠ᠎ᠨᠢ ᠴᠣᠬᠤᠮ᠎ᠳᠠᠭᠠᠨ ᠬᠡᠨ᠎ᠨᠢ ᠬᠡᠨ᠎ᠢ᠎ᠪᠡᠨ ᠵᠠᠨᠴᠢᠵᠤ ᠪᠠᠢᠬᠤ᠎ᠨᠢ ᠢᠯᠭᠠᠷᠠᠬᠤ᠎ᠦᠭᠡᠢ ᠪᠠᠢᠯ᠎ᠠ᠃ ᠬᠡᠰᠢᠭᠲᠣᠭᠲᠠᠬᠤ ᠪᠣᠯ ᠵᠠᠯᠠᠭᠤ᠎ᠳᠠᠭᠠᠨ ᠲᠣᠭᠠᠲᠤ ᠪᠥᠬᠡ᠎ᠶᠢᠨ ᠲᠣᠭᠠᠨ᠎ᠳᠤ ᠳᠡᠪᠢᠵᠦ᠂ ᠲᠣᠷᠭᠠᠨ ᠵᠣᠳᠤᠭ᠎ᠤᠨ ᠮᠥᠷᠦ᠎ᠡᠴᠡ ᠠᠳᠭᠤᠵᠤ ᠪᠠᠢᠭᠰᠠᠨ ᠣᠮᠤᠭ ᠰᠦᠷ᠎ᠲᠡᠢ ᠲᠦᠷᠭᠡᠨ ᠱᠠᠯᠠᠪ ᠬᠥᠮᠦᠨ ᠪᠠᠢᠵᠠᠢ᠃ ᠣᠳᠣ ᠨᠠᠰᠤ᠎ᠨᠢ ᠬᠡᠳᠦᠢᠪᠡᠷ ᠲᠠᠪᠢ ᠭᠠᠷᠤᠭᠰᠠᠨ᠎ᠴᠤ ᠬᠠᠷ᠎ᠠ ᠲᠠᠮᠠᠬᠢᠨ᠎ᠤ ᠴᠢᠳᠭᠦᠷ-᠊ ᠰᠡᠭᠦᠳᠡᠷ᠎ᠨᠢ ᠪᠠᠢᠪᠠᠴᠤ ᠰᠦᠯᠳᠡ᠎ᠨᠢ ᠵᠠᠢᠯᠠᠭᠰᠠᠨ ᠬᠥᠮᠦᠨ᠎ᠦ ᠥᠭᠡᠳᠡ᠎ᠡᠴᠡ ᠭᠠᠷ ᠳᠠᠯᠠᠢᠵᠤ ᠦᠵᠡᠭᠡ᠎ᠦᠭᠡᠢ ᠵᠠᠩ᠎ᠨᠢ ᠤᠷᠤᠭᠤ ᠲᠠᠲᠠᠵᠤ 《ᠨᠣᠶᠠᠨ᠎ᠮᠢᠨᠢ ᠥᠷᠦᠰᠢᠶᠡ》 ᠭᠡᠳᠡᠭ ᠤᠩᠰᠢᠯᠭ᠎ᠠ ᠤᠩᠰᠢᠭᠰᠠᠭᠠᠷ ᠪᠠᠢᠯ᠎ᠠ᠃ ᠭᠦᠵᠡᠭᠡ ᠰᠢᠷ᠎ᠠ ᠠᠷᠠᠢ ᠴᠢᠷᠠᠢ ᠡᠪᠦᠭᠡᠨ᠎ᠦ ᠭᠠᠷ᠎ᠠᠴᠠ ᠮᠤᠯᠲᠤᠷᠠᠨ ᠪᠣᠰᠴᠤ᠂ ᠲᠠᠰᠢᠶ᠎ᠠ᠎ᠪᠠᠨ ᠰᠤᠢᠯᠠᠨ ᠭᠠᠷ ᠫᠤᠤ ᠭᠠᠷᠭᠠᠭᠠᠳ ᠡᠪᠦᠭᠡᠨ᠎ᠦ ᠴᠡᠭᠡᠵᠢ ᠤᠷᠤᠭᠤ ᠴᠢᠭᠯᠡᠭᠦᠯᠦᠨ:

《ᠬᠥᠭᠰᠢᠨ ᠠᠮᠢ᠎ᠴᠢᠨᠢ ᠡᠭᠦᠨ ᠳᠣᠲᠤᠷ᠎ᠠ ᠪᠠᠢᠨ᠎ᠠ ᠭᠡᠳᠡᠭ᠎ᠢᠶᠡᠨ ᠮᠡᠳᠡᠪᠡ᠎ᠦᠦ?》 ᠭᠡᠵᠦ ᠰᠢᠯᠦᠰᠦ᠎ᠪᠡᠨ ᠰᠠᠢᠷᠠᠭᠤᠯᠪᠠ᠃

《ᠠᠭᠡ᠎ᠮᠢᠨᠢ ᠥᠷᠦᠰᠢᠶᠡᠯ᠎ᠳᠡᠭᠡᠨ ᠪᠠᠭᠲᠠᠭ᠎ᠠ》 ᠭᠡᠳ ᠬᠣᠷᠮᠤᠢ ᠳᠡᠪᠢᠰᠦᠨ ᠮᠥᠷᠭᠦᠬᠦ ᠭᠡᠲᠡᠯ᠎ᠡ᠂

《ᠴᠢ ᠬᠤᠷᠳᠤᠨ ᠶᠠᠪᠤᠵᠤ ᠮᠣᠷᠢ᠎ᠪᠠᠨ ᠪᠠᠷᠢᠵᠤ ᠠᠪᠴᠢᠷᠠ!᠎ᠦᠭᠡᠢ ᠪᠣᠯ ᠷᠢᠯᠤ ᠡᠮᠬᠦᠨ᠎ᠡ ᠭᠡᠳᠡᠭ᠎ᠢᠶᠡᠨ ᠮᠡᠳᠡᠭᠡᠷᠡᠢ᠃ ᠮᠤᠤᠰᠠᠢᠨ ᠭᠤᠢᠷᠠᠨᠴᠢ᠎ᠨᠤᠭᠤᠳ ᠪᠠ ᠯᠦ᠎ᠳᠦ ᠬᠥᠯ ᠵᠠᠯᠭᠠᠭᠤᠯᠬᠤ ᠰᠠᠨᠠᠭ᠎ᠠ᠎ᠲᠠᠢ᠎ᠤᠤ?》 ᠭᠡᠵᠦ ᠡᠪᠦᠭᠡᠨ᠎ᠢ ᠤᠷᠤᠭᠰᠢ᠎ᠪᠠᠨ ᠬᠥᠭᠡᠭᠡᠵᠦ ᠶᠠᠪᠤᠬᠤ ᠭᠡᠲᠡᠯ᠎ᠡ ᠭᠠᠷ᠎ᠢ᠎ᠨᠢ ᠬᠠᠵᠠᠭᠤ ᠲᠡᠰᠢ ᠰᠢᠭᠠᠬᠤ᠎ᠳᠤ ᠭᠦᠵᠡᠭᠡ ᠰᠢᠷ᠎ᠠ ᠫᠤᠤ᠎ᠪᠠᠨ ᠠᠯᠳᠠᠪᠠ᠃ ᠬᠣᠭᠤᠯᠠᠢ᠎ᠶᠢ᠎ᠨᠢ ᠣᠭᠲᠤᠯᠬᠤ ᠭᠡᠵᠦ ᠪᠠᠢᠭ᠎ᠠ ᠢᠮᠠᠭ᠎ᠠ᠎ᠰᠢᠭ᠋ ᠴᠢᠷᠠᠯᠠᠲᠠᠯ᠎ᠠ᠂ ᠬᠡᠰᠢᠭᠲᠣᠭᠲᠠᠬᠤ ᠬᠥᠯ᠎ᠳᠦᠨᠢ ᠬᠤᠮ ᠲᠠᠯᠪᠢᠵᠤ ᠲᠠᠰᠢᠶᠠᠯᠳᠤᠨ ᠤᠨᠠᠭᠠᠭᠠᠳ ᠠᠮᠠ᠎ᠪᠠᠷ᠎ᠨᠢ ᠡᠯᠡᠰᠦ ᠬᠣᠭ ᠳᠦᠭᠦᠷᠲᠡᠯ᠎ᠡ ᠲᠣᠯᠤᠭᠠᠢ᠎ᠶᠢ᠎ᠨᠢ ᠭᠠᠵᠠᠷ᠎ᠲᠤ ᠨᠦᠳᠦᠪᠡ᠃ ᠬᠥᠯ ᠭᠠᠷ᠎ᠢᠶᠠᠨ ᠲᠡᠢᠴᠢᠭᠢᠨᠡᠵᠦ ᠪᠠᠢᠭᠰᠠᠨ᠎ᠨᠢ ᠨᠠᠮ ᠪᠣᠯᠵᠤ ᠪᠡᠶ᠎ᠡ᠎ᠨᠢ ᠬᠥᠰᠢᠵᠡᠢ᠃ ᠬᠡᠰᠢᠭᠲᠣᠭᠲᠠᠬᠤ᠂ ᠭᠠᠷ ᠫᠤᠤ᠎ᠶᠢ᠎ᠨᠢ ᠠᠪᠴᠤ ᠦᠵᠡᠪᠡᠯ ᠳᠣᠲᠤᠷ᠎ᠠ᠎ᠨᠢ ᠭᠤᠷᠪᠠᠬᠠᠨ ᠰᠤᠮᠤ᠎ᠲᠠᠢ ᠪᠠᠢᠨ᠎ᠠ᠃ ᠪᠡᠶ᠎ᠡ᠎ᠶᠢ᠎ᠨᠢ ᠨᠡᠩᠵᠢᠵᠦ᠂ ᠲᠡᠷᠯᠢᠭ ᠳᠣᠲᠤᠷ᠎ᠠ᠎ᠪᠠᠨ ᠮᠥᠷᠦᠪᠴᠢᠯᠡᠭᠰᠡᠨ ᠰᠢᠷᠢᠨ ᠡᠭᠦᠷᠦᠪᠴᠢ᠎ᠲᠡᠢ ᠰᠤᠮᠤ ᠣᠯᠪᠠ᠃ ᠲᠡᠭᠡᠭᠡᠳ 《 ᠭᠠᠪᠠᠯᠠ ᠳᠡᠭᠡᠷ᠎ᠡ᠎ᠨᠢ ᠴᠢᠭᠯᠡᠭᠦᠯᠵᠦ ᠨᠢᠭᠡᠯᠬᠡᠨ ᠠᠳᠭᠤᠶ᠎ᠠ》 ᠭᠡᠵᠦ ᠪᠣᠳᠤᠭᠠᠳ ᠰᠤᠮᠤ ᠲᠦᠯᠬᠢᠵᠦ ᠬᠢᠭᠰᠡᠨ᠎ᠦ ᠳᠠᠷᠠᠭ᠎ᠠ 《ᠫᠤᠤ ᠳᠤᠤᠭᠠᠷᠬᠤ ᠰᠣᠨᠤᠰᠳᠠᠪᠠᠯ ᠬᠡᠷᠡᠭ ᠮᠠᠭᠤᠬᠠᠢ ᠪᠣᠯᠤᠨ᠎ᠠ ᠁》 ᠭᠡᠵᠦ ᠨᠢᠷᠤᠭᠤᠨ ᠳᠡᠭᠡᠷ᠎ᠡ᠎ᠨᠢ ᠬᠡᠳᠦ ᠬᠡᠳᠦ ᠳᠡᠪᠢᠰᠦᠭᠡᠳ ᠲᠣᠯᠤᠭᠠᠢ ᠳᠡᠭᠡᠷ᠎ᠡ᠎ᠨᠢ ᠨᠢᠯᠪᠤᠵᠤ ᠮᠣᠷᠢ᠎ᠪᠠᠨ ᠪᠠᠷᠢᠬᠤ᠎ᠪᠠᠷ ᠭᠦᠶᠦᠵᠡᠢ᠃

ᠡᠭᠡᠷᠡᠮ᠎ᠡ ᠲᠠᠯ᠎ᠠ᠎ᠳᠤ ᠡᠵᠡᠨ᠎ᠢᠶᠡᠨ ᠬᠠᠶᠠᠳᠠᠭ᠎ᠦᠭᠡᠢ ᠽᠠᠨᠳᠠᠨ ᠬᠦᠷᠡᠩ ᠲᠡᠭᠦᠨ᠎ᠦ ᠡᠮᠦᠨ᠎ᠡ ᠬᠣᠩᠬᠤᠷ᠎ᠲᠤ ᠴᠤᠯᠪᠤᠭᠤᠷ᠎ᠢᠶᠠᠨ ᠤᠨᠵᠢᠭᠤᠯᠤᠨ ᠶᠠᠪᠤᠵᠤ ᠪᠠᠢᠨ᠎ᠠ᠃ ᠭᠠᠵᠠᠷ ᠰᠢᠩᠰᠢᠯᠡᠭᠰᠡᠨ ᠨᠣᠬᠠᠢ᠎ᠰᠢᠭ᠋ ᠳᠠᠭᠠᠵᠤ ᠪᠠᠢᠭ᠎ᠠ ᠥᠨᠥᠬᠢ ᠴᠡᠷᠢᠭ᠎ᠢ ᠣᠢᠷᠠᠲᠤᠬᠤ ᠪᠦᠷᠢ ᠰᠡᠭᠦᠯ᠎ᠢᠶᠡᠨ ᠬᠠᠳᠭᠤᠨ ᠳᠤᠲᠠᠭᠠᠭᠰᠠᠭᠠᠷ ᠪᠠᠢᠯ᠎ᠠ᠃ ᠬᠡᠰᠢᠭᠲᠣᠭᠲᠠᠬᠤ ᠭᠠᠷ ᠫᠤᠤ᠎ᠪᠠᠨ ᠬᠠᠨᠴᠤᠢᠯᠠᠨ ᠲᠡᠭᠦᠨ᠎ᠦ ᠳᠡᠷᠭᠡᠳᠡ ᠬᠦᠷᠴᠦ:

《ᠠᠭᠡ ᠨᠠᠮᠠᠢ ᠲᠠᠨ᠎ᠢ ᠬᠠᠮᠵᠢᠯᠴᠠᠨ ᠮᠣᠷᠢ ᠪᠠᠷᠢᠭᠠᠳ ᠢᠷ᠎ᠡ ᠭᠡᠯ᠎ᠡ᠃ ᠲᠠ ᠬᠣᠶᠠᠷ᠎ᠤᠨ ᠮᠣᠷᠢ᠎ᠴᠢᠨᠢ ᠬᠠᠮᠢᠭ᠎ᠠ ᠪᠤᠢ?》 ᠭᠡᠬᠦ᠎ᠳᠦ:

《ᠠᠭᠡ ᠵᠠᠩᠭᠢ᠎ᠶᠢᠨ ᠵᠢᠷᠤᠭ᠎ᠠ ᠰᠠᠷᠠᠯ ᠮᠣᠷᠢ ᠡᠮᠡᠭᠡᠯ᠎ᠲᠡᠢ᠎ᠪᠡᠨ ᠬᠥᠭᠯᠡᠭᠡᠳ ᠮᠢᠨᠦ ᠮᠣᠷᠢ᠎ᠶᠢ ᠳᠠᠭᠠᠭᠤᠯᠤᠨ ᠠᠯᠠᠭ᠎ᠠ ᠪᠣᠯᠪᠠ᠃ ᠣᠳᠣ ᠶᠡᠷᠦ ᠶᠠᠭᠠᠬᠢᠳᠠᠭ ᠪᠢᠯᠡ ᠠᠪᠤ ᠠ᠋!》 ᠭᠡᠵᠦ ᠤᠬᠢᠯᠠᠬᠤ ᠰᠢᠬᠠᠵᠤ᠂ ᠫᠤᠤ᠎ᠪᠠᠨ ᠡᠭᠡᠯᠳᠦᠷᠭᠡᠯᠡᠨ ᠡᠭᠦᠷᠦᠭᠰᠡᠨ ᠬᠡᠪ᠎ᠲᠡᠭᠡᠨ ᠭᠠᠵᠠᠷ᠎ᠠᠴᠠ ᠭᠠᠳᠠᠰᠤ ᠰᠤᠭᠤᠯᠵᠤ ᠪᠠᠢᠬᠤ᠎ᠰᠢᠭ᠋ ᠪᠣᠷᠪᠢ᠎ᠪᠠᠨ ᠳᠠᠭᠠᠭᠠᠵᠤ ᠶᠠᠳᠠᠨ ᠠᠯᠬᠤᠨ᠎ᠠ᠃

《ᠪᠤᠤ ᠬᠥᠳᠡᠯ!》 ᠭᠡᠵᠦ ᠡᠭᠡᠮ᠎ᠳᠦᠨᠢ ᠫᠤᠤ ᠲᠤᠯᠭᠠᠮᠠᠭᠴᠠ:

《ᠠᠮᠢ ᠠᠪᠤᠷᠠ! ᠠᠪᠤ᠎ᠮᠢᠨᠢ ᠡ! ᠪᠢ ᠫᠤᠤ ᠰᠤᠮᠤ᠎ᠪᠠᠨ ᠲᠤᠰᠢᠶᠠᠶ᠎ᠠ》 ᠭᠡᠵᠦ ᠬᠣᠶᠠᠷ ᠭᠠᠷ᠎ᠢᠶᠠᠨ ᠰᠤᠷᠮᠠᠭᠠᠢᠬᠠᠨ ᠡᠷᠭᠦᠪᠡ᠃

* * *

ᠲᠡᠷᠭᠡᠯ ᠰᠠᠷᠠ᠎ᠲᠠᠢ ᠥᠩᠭᠡ᠎ᠪᠡᠨ ᠬᠠᠷᠰᠢᠭᠤᠯᠤᠭᠰᠠᠨ ᠣᠳᠤᠳ᠎ᠤᠨ ᠨᠠᠭᠠᠭᠤᠷ ᠲᠡᠮᠡᠦᠯᠦᠨ ᠨᠢᠰᠬᠦ ᠥᠨᠦᠴᠢᠨ ᠴᠠᠭᠠᠨ ᠡᠭᠦᠯᠡ ᠵᠣᠷᠢᠭᠰᠠᠨ ᠵᠦᠭ᠎ᠦᠭᠡᠢ ᠮᠡᠲᠦ ᠬᠥᠪᠪᠦᠯᠵᠡᠨ ᠨᠡᠭᠦᠬᠦ᠎ᠳᠦ ᠲᠡᠮᠡᠴᠡᠯ᠎ᠦᠨ ᠬᠢᠯᠢᠩ ᠣᠷᠭᠢᠯᠤᠭᠰᠠᠨ ᠬᠡᠰᠢᠭᠲᠣᠭᠲᠠᠬᠤ ᠴᠣᠬᠤᠮ ᠬᠠᠮᠢᠭ᠎ᠠ ᠡᠴᠢᠬᠦ᠎ᠪᠡᠨ ᠮᠡᠳᠡᠯ᠎ᠦᠭᠡᠢ ᠳᠡᠮᠡᠢᠯᠡ ᠠᠯᠤᠰ᠎ᠢ ᠰᠢᠷᠲᠡᠨ ᠶᠠᠪᠤᠨ᠎ᠠ᠃ ᠪᠤᠲᠠ ᠪᠤᠲᠠᠷᠭᠠᠨ᠎ᠠ ᠯᠦᠭᠯᠦᠢᠭᠡᠳ ᠮᠣᠷᠢ᠎ᠲᠠᠢ ᠲᠡᠮᠡᠭᠡ᠎ᠲᠡᠢ ᠬᠥᠮᠦᠨ᠎ᠰᠢᠭ ᠰᠠᠨᠠᠭᠳᠠᠬᠤ ᠪᠥᠭᠡᠳ ᠪᠤᠷᠭᠠᠰᠤᠨ᠎ᠤ ᠨᠠᠮᠠᠭ᠎ᠠ ᠬᠠᠶᠠ ᠰᠠᠯᠬᠢᠨ᠎ᠳᠤ ᠰᠠᠷᠴᠢᠭᠢᠨᠠᠬᠤ᠎ᠨᠢ ᠭᠡᠨᠡᠳᠲᠡ ᠡᠳᠦᠷ᠎ᠦᠨ᠎ᠲᠡᠢ ᠠᠳᠠᠯᠢ ᠥᠯᠵᠡᠢ ᠪᠤᠰᠤ ᠬᠡᠷᠡᠭ ᠲᠣᠬᠢᠶᠠᠯᠳᠤᠬᠤ᠎ᠰᠢᠭ᠋ ᠪᠣᠳᠤᠭᠳᠠᠨ᠎ᠠ᠃ 《ᠭᠠᠷ ᠬᠣᠭᠤᠰᠤᠨ ᠪᠠᠢᠬᠤ᠎ᠳᠤ ᠭᠦᠵᠡᠭᠡ ᠰᠢᠷ᠎ᠠ᠎ᠠᠴᠠ ᠮᠤᠯᠲᠤᠷᠠᠭᠰᠠᠨ᠎ᠶᠤᠮ᠎ᠴᠢᠨᠢ ᠭᠠᠯ ᠵᠠᠮᠤᠭ᠎ᠤᠨ ᠡᠰᠢ ᠠᠳᠭᠤᠵᠤ ᠪᠠᠢᠭᠠᠳ ᠵᠦᠭᠡᠷ ᠵᠣᠭᠰᠤᠬᠤ᠎ᠤᠤ?》 ᠭᠡᠳᠡᠭ ᠪᠣᠳᠤᠯ᠎ᠢᠶᠠᠷ ᠰᠡᠳᠭᠢᠯ᠎ᠢᠶᠡᠨ ᠲᠡᠵᠢᠭᠡᠵᠦ ᠶᠠᠪᠤᠯ᠎ᠠ᠃ ᠭᠡᠪᠡᠴᠦ ᠭᠡᠷ ᠣᠷᠤᠨ᠎ᠦᠭᠡᠢ᠂ ᠮᠠᠯ ᠬᠥᠷᠦᠩᠭᠡ᠎ᠡᠴᠡ᠎ᠪᠡᠨ ᠰᠠᠯᠤᠭᠰᠠᠨ ᠬᠥᠮᠦᠨ ᠠᠮᠢᠳᠤᠷᠠᠬᠤ᠎ᠳᠤ ᠪᠡᠷᠬᠡ ᠠᠵᠢ᠃ ᠲᠡᠷᠡᠴᠢᠯᠡᠨ ᠡᠨᠡ ᠲᠣᠭᠤᠷᠢᠨ ᠪᠠᠢᠳᠠᠯ᠎ᠤᠨ ᠳᠣᠲᠤᠷ᠎ᠠ ᠬᠣᠶᠠᠷ ᠫᠤᠤ᠎ᠲᠠᠢ ᠬᠥᠮᠦᠨ ᠣᠷᠤᠬᠤ ᠭᠠᠵᠠᠷ ᠠᠯᠠᠭ᠎ᠠ᠎ᠰᠢᠭ᠋ ᠪᠠᠢᠯ᠎ᠠ᠃ ᠨᠢᠭᠡ ᠪᠣᠳᠤᠪᠠᠯ ᠭᠦᠵᠡᠭᠡ ᠰᠢᠷ᠎ᠠ᠎ᠶᠢ ᠴᠢᠭ᠎ᠲᠦᠨᠢ ᠣᠷᠤᠭᠤᠯᠤᠭᠠᠳ ᠬᠣᠶᠠᠷ ᠲᠤᠭᠤᠯ᠎ᠲᠠᠢ ᠦᠨᠢᠶ᠎ᠡ᠎ᠪᠡᠨ ᠣᠯᠵᠤ ᠭᠡᠷ ᠣᠷᠤᠨ᠎ᠳᠠᠭᠠᠨ ᠪᠤᠴᠠᠮᠠᠷ ᠪᠠᠢᠨ᠎ᠠ᠃ ᠭᠡᠪᠡᠴᠦ ᠡᠯ ᠶᠠᠩᠭᠦᠸᠠᠷ᠎ᠤᠨ ᠬᠡᠯᠡᠳᠡᠭ 《ᠡᠳᠡ ᠮᠤᠤᠰᠠᠢᠨ᠎ᠤ ᠥᠮᠦᠭ ᠲᠦᠰᠢᠭ᠎ᠨᠢ ᠨᠢᠭᠡ᠎ᠴᠦ ᠪᠢᠰᠢ᠂ ᠬᠥᠮᠦᠨ᠎ᠦ ᠴᠢᠰᠤ ᠮᠢᠬ᠎ᠠ᠎ᠶᠢ ᠵᠤᠯᠭᠠᠭᠠᠳᠠᠭ ᠪᠦᠭᠦᠳᠡ᠎ᠨᠢ ᠲᠡᠭᠦᠨ᠎ᠲᠡᠢ ᠠᠮᠢᠰᠭᠤᠭ᠎ᠠ ᠨᠢᠭᠡ᠎ᠲᠡᠢ ᠰᠢᠤ》 ᠭᠡᠬᠦ᠎ᠨᠢ ᠶᠠᠭᠠᠬᠢᠬᠤ᠎ᠶᠢᠨ ᠠᠷᠭ᠎ᠠ᠎ᠦᠭᠡᠢ ᠵᠥᠪ ᠪᠣᠯᠬᠤ᠎ᠨᠢ ᠰᠠᠨᠠᠭᠳᠠᠯ᠎ᠠ᠃ 《ᠦᠨᠡᠨ᠎ᠦ ᠦᠷ ᠡᠮᠦᠨ᠎ᠡ᠎ᠡᠴᠡ᠎ᠪᠡᠨ ᠴᠠᠢᠳᠠᠭ》 ᠭᠡᠭᠴᠢ᠎ᠪᠡᠷ ᠡᠭᠦᠷᠢᠳᠡ ᠲᠡᠳᠡᠨ᠎ᠦ ᠰᠠᠯᠲᠠᠭ᠎ᠠ ᠳᠣᠣᠷ᠎ᠠ ᠬᠦᠵᠦᠭᠦᠦ᠎ᠪᠡᠨ ᠪᠥᠬᠦᠢᠬᠦ᠎ᠦᠭᠡᠢ᠃ ᠮᠣᠩᠭᠤᠯ ᠬᠥᠮᠦᠨ᠎ᠦ ᠳᠣᠲᠤᠷ᠎ᠠ᠎ᠴᠤ 《 ᠬᠥᠮᠦᠨ᠎ᠦ ᠠᠷᠠᠰᠤᠨ᠎ᠳᠤ ᠨᠣᠬᠠᠢ᠎ᠶᠢᠨ ᠮᠢᠬ᠎ᠠ ᠴᠢᠬᠢᠭᠰᠡᠨ ᠬᠥᠮᠦᠨ》 ᠪᠠᠢᠳᠠᠭ᠎ᠶᠤᠮ ᠪᠠᠢᠨ᠎ᠠ ᠭᠡᠵᠦ ᠪᠣᠳᠤᠬᠤ᠎ᠳᠤᠨᠢ ᠲᠡᠷᠡ ᠡᠳᠦᠷ ᠥᠨᠳᠦᠷ ᠪᠡᠶ᠎ᠡ᠎ᠲᠡᠢ ᠨᠣᠶᠠᠨ᠎ᠤ ᠢᠨᠢᠶᠡᠮᠰᠦᠭᠯᠡᠩᠭᠦᠢ ᠪᠠᠢᠭᠰᠠᠨ ᠨᠣᠮᠤᠬᠠᠨ ᠠᠭᠠᠰᠢ ᠨᠢᠳᠦᠨ᠎ᠳᠦᠨᠢ ᠤᠷᠭᠤᠬᠤ᠎ᠰᠢᠭ᠋ ᠪᠣᠯᠪᠠ᠃ 《 ᠨᠢᠭᠡᠨᠲᠡ ᠬᠡᠷᠡᠭ ᠡᠢᠮᠦ ᠪᠣᠯᠤᠭᠰᠠᠨ᠃ ᠡᠨᠡ ᠲᠣᠯᠤᠭᠠᠢ ᠬᠦᠵᠦᠭᠦᠨ ᠳᠡᠭᠡᠷ᠎ᠡ ᠪᠠᠢᠭᠰᠠᠨ ᠴᠠᠭ᠎ᠲᠤ ᠭᠦᠵᠡᠭᠡ ᠰᠢᠷ᠎ᠠ᠎ᠲᠠᠢ ᠲᠡᠭᠷᠢ᠎ᠶᠢᠨ ᠨᠠᠷᠠ᠎ᠶᠢ ᠬᠠᠮᠲᠤ ᠦᠵᠡᠬᠦ᠎ᠦᠭᠡᠢ》 ᠭᠡᠳ ᠨᠢᠯᠪᠤᠵᠤ ᠴᠢᠨᠠᠭᠰᠢ ᠱᠣᠭᠰᠢᠭᠤᠯᠪᠠ᠃

《ᠡᠷ᠎ᠡ ᠬᠥᠮᠦᠨ ᠤᠯᠠᠢᠪᠠᠯ ᠴᠢᠨᠤ᠎ᠠ ᠬᠠᠷ᠎ᠠ᠎ᠪᠠᠷ ᠴᠢᠴᠠᠭ᠎ᠠ ᠠᠯᠳᠠᠳᠠᠭ》 ᠭᠡᠵᠦ ᠬᠠᠭᠤᠴᠢᠨ᠎ᠤ ᠶᠠᠷᠢᠶᠠᠨ᠎ᠳᠤ ᠪᠠᠢᠳᠠᠭ᠎ᠰᠠᠨ᠃ ᠬᠡᠰᠢᠭᠲᠣᠭᠲᠠᠬᠤ᠎ᠶᠢᠨ ᠦᠰᠦ ᠪᠤᠭᠤᠷᠤᠯ ᠪᠣᠯᠤᠭᠰᠠᠨ᠎ᠠᠴᠠ ᠪᠢᠰᠢ᠂ ᠵᠢᠷᠦᠬᠡ᠎ᠮᠢᠨᠢ ᠪᠤᠭᠤᠷᠤᠯ ᠪᠣᠯᠤᠭᠠᠳᠤᠢ᠃ ᠣᠳᠣ ᠥᠨᠳᠦᠷ ᠪᠡᠶ᠎ᠡ᠎ᠲᠡᠢ ᠨᠣᠶᠠᠨ᠎ᠢ ᠡᠷᠢᠵᠦ ᠭᠦᠵᠡᠭᠡ ᠰᠢᠷ᠎ᠠ᠎ᠶᠢᠨ ᠰᠥᠰᠦ ᠵᠢᠷᠦᠬᠡ᠎ᠶᠢ ᠬᠡᠮᠬᠡᠯᠳᠡᠭ ᠪᠠ ᠯᠦ᠎ᠶᠢᠨ ᠴᠡᠷᠢᠭ᠎ᠲᠦ ᠣᠷᠤᠪᠠᠯ ᠰᠠᠶᠢ ᠮᠢᠨᠦ ᠠᠮᠢᠳᠤᠷᠠᠬᠤ ᠵᠠᠮ᠃ ᠲᠡᠳᠡᠨ᠎ᠦ ᠳᠣᠲᠤᠷ᠎ᠠ᠎ᠴᠤ ᠭᠡᠳ ᠰᠠᠬᠠᠯ ᠰᠠᠨᠴᠢᠭ᠎ᠲᠠᠢ ᠬᠥᠮᠦᠨ ᠪᠠᠢᠭᠰᠠᠨ ᠰᠢᠪ ᠳ᠋ᠠ᠂ ᠲᠡᠭᠡᠭᠡᠳ ᠪᠠᠰᠠ ᠮᠠᠨᠠᠢᠬᠢᠨ᠎ᠤ ᠪᠠᠭᠠᠴᠤᠳ ᠵᠠᠯᠠᠭᠤᠴᠤᠳ ᠪᠠ ᠯᠦ ᠴᠡᠷᠢᠭ ᠪᠣᠯᠤᠭᠠᠳ ᠶᠠᠪᠤᠵᠤ᠎ᠯᠠ ᠪᠠᠢᠭ᠎ᠠ ᠭᠡᠵᠦ ᠪᠣᠳᠤᠬᠤ᠎ᠳᠤ ᠬᠥᠨᠵᠢᠯᠡ ᠳᠣᠲᠤᠭᠤᠷ᠎ᠢᠶᠠᠨ ᠬᠥᠯ ᠭᠠᠷ᠎ᠢᠶᠠᠨ ᠨᠡᠢᠯᠡᠭᠦᠯᠵᠦ ᠪᠠᠢᠭ᠎ᠠ ᠭᠦᠵᠡᠭᠡ ᠰᠢᠷ᠎ᠠ᠎ᠶᠢᠨ ᠬᠠᠮᠰᠠᠭᠠᠲᠠᠨ᠎ᠢ ᠪᠠᠭᠤᠴᠠ᠎ᠪᠠᠷ᠎ᠨᠢ ᠡᠷᠭᠢᠭᠦᠯᠦᠮᠡᠷ ᠪᠠᠢᠨ᠎ᠠ᠃ ᠭᠡᠪᠡᠴᠦ ᠥᠨᠳᠦᠷ ᠨᠣᠶᠠᠨ᠎ᠢ ᠶᠠᠭᠠᠬᠢᠵᠤ ᠡᠷᠢᠵᠦ᠂ ᠲᠡᠷᠡ ᠴᠡᠷᠢᠭ᠎ᠲᠦ ᠶᠠᠭᠠᠬᠢᠵᠤ ᠣᠷᠤᠳᠠᠭ ᠵᠡᠷᠭᠡ᠎ᠶᠢ ᠪᠣᠳᠤᠬᠤ᠎ᠳᠤ ᠦᠨᠡᠨ ᠬᠦᠴᠢᠷ᠎ᠰᠢᠭ ᠪᠠᠢᠯ᠎ᠠ᠃ ᠡᠨᠡ ᠨᠢᠭᠡᠨ ᠵᠠᠮ᠎ᠢ ᠮᠥᠷᠳᠡᠬᠦ᠎ᠦᠭᠡᠢ ᠪᠣᠯ 《 ᠳᠡᠭᠡᠳᠦ ᠭᠣᠣᠯ》 ᠤᠰᠤᠨ᠎ᠳᠤ ᠪᠠᠢᠲᠤᠭᠠᠢ ᠳᠡᠯᠡᠬᠡᠢ ᠳᠡᠭᠡᠷ᠎ᠡ᠎ᠴᠦ ᠠᠶᠠᠭᠠᠨ ᠠᠮᠠᠰᠠᠷ ᠡᠮᠬᠦᠵᠦ ᠶᠠᠪᠤᠬᠤ ᠡᠳᠦᠷ᠎ᠦᠨ ᠨᠠᠷᠠ ᠳᠠᠬᠢᠭᠠᠳ ᠦᠵᠡᠭᠳᠡᠬᠦ᠎ᠦᠭᠡᠢ᠎ᠰᠢᠭ ᠪᠣᠯᠤᠨ᠎ᠠ᠃ 《ᠡᠷ᠎ᠡ ᠬᠥᠮᠦᠨ ᠪᠣᠳᠤᠭᠰᠠᠨ᠎ᠳᠠᠭᠠᠨ ᠬᠦᠷᠬᠦ᠎ᠦᠭᠡᠢ ᠪᠣᠯ ᠴᠢᠰᠤ᠎ᠪᠠᠷ ᠪᠥᠭᠡᠯᠵᠢᠳᠡᠭ᠂ ᠡᠷ᠎ᠡ ᠮᠣᠷᠢ ᠪᠣᠯᠵᠤᠭᠰᠠᠨ᠎ᠳᠠᠭᠠᠨ ᠬᠦᠷᠬᠦ᠎ᠦᠭᠡᠢ ᠪᠣᠯ ᠴᠢᠰᠤ᠎ᠪᠠᠷ ᠰᠢᠭᠡᠳᠡᠭ》 ᠭᠡᠵᠦ ᠪᠣᠳᠤᠮᠠᠭᠴᠠ ᠰᠤᠮᠤᠨ ᠪᠦᠷᠢᠶ᠎ᠡ᠎ᠲᠡᠢ ᠲᠠᠰᠢᠭᠤᠷ᠎ᠢᠶᠠᠨ ᠲᠠᠰᠤ ᠠᠳᠭᠤᠵᠤ ᠱᠣᠭᠰᠢᠭᠤᠯᠪᠠ᠃

ᠵᠢᠭᠠᠬᠠᠨ ᠰᠦᠮ᠎ᠡ᠎ᠶᠢᠨ ᠬᠠᠪᠢ᠎ᠳᠤ ᠪᠠ ᠯᠦ ᠴᠡᠷᠢᠭ ᠪᠠᠢᠳᠠᠭ ᠭᠡᠵᠦ ᠳᠠᠮ ᠰᠣᠨᠤᠰᠤᠭᠰᠠᠨ᠎ᠠᠴᠠ ᠪᠢᠰᠢ᠂ ᠴᠣᠬᠤᠮ ᠶᠠᠮᠠᠷ ᠴᠡᠷᠢᠭ ᠪᠠᠢᠬᠤ᠎ᠶᠢ ᠬᠡᠷᠬᠢᠨ ᠮᠡᠳᠡᠬᠦ ᠪᠤᠢ! ᠦᠷ ᠲᠡᠮᠲᠡᠷᠢᠬᠦ ᠪᠣᠯᠲᠠᠯ᠎ᠠ ᠪᠠᠰᠠ ᠨᠡᠯᠢᠶᠡᠳ ᠵᠠᠢ᠎ᠲᠠᠢ ᠲᠤᠯᠠ ᠮᠣᠷᠢ᠎ᠪᠠᠨ ᠵᠢᠭᠠᠬᠠᠨ ᠠᠮᠠᠷᠠᠭᠤᠯᠵᠤ ᠢᠳᠡᠭᠦᠯᠬᠦ᠎ᠪᠡᠷ ᠪᠠᠭᠤᠪᠠ᠃

ᠬᠣᠯᠠ᠎ᠶᠢᠨ ᠴᠢᠮᠡᠭᠡ ᠠᠨᠢᠷᠯᠠᠭᠰᠠᠨ ᠨᠣᠬᠠᠳ ᠤᠷᠲᠤ ᠤᠷᠲᠤ ᠬᠤᠴᠠᠬᠤ᠎ᠨᠢ ᠬᠣᠲᠠᠴᠢ ᠤᠯᠠᠭᠠᠨ ᠬᠠᠯᠲᠠᠷ᠎ᠲᠠᠢ ᠶᠠᠭᠠᠬᠢᠭᠰᠠᠨ ᠲᠥᠰᠲᠡᠢ ᠪᠤᠢ! ᠤᠷᠵᠢᠳᠤᠷ ᠪᠣᠯᠲᠠᠯ᠎ᠠ 《 ᠬᠣᠷᠯᠣ᠎ᠶᠢᠨ᠎ᠢᠶᠠᠨ ᠲᠤᠬᠠᠢ ᠶᠠᠮᠠᠷ ᠨᠢᠭᠡᠨ ᠰᠤᠷᠠᠭ ᠣᠯᠬᠤ᠎ᠰᠠᠨ᠃ ᠬᠣᠶᠠᠷ ᠲᠤᠭᠤᠯ ᠦᠨᠢᠶ᠎ᠡ᠎ᠪᠡᠨ ᠶᠠᠭᠠᠬᠢᠵᠤ ᠲᠣᠭ᠎ᠠ ᠪᠦᠷᠢᠨ ᠣᠨᠳᠤᠷᠤᠭᠤᠯᠬᠤ᠎ᠰᠠᠨ》 ᠭᠡᠵᠦ ᠪᠣᠳᠤᠯ ᠪᠣᠯᠵᠤ ᠪᠠᠢᠭᠰᠠᠨ ᠪᠣᠯ ᠣᠳᠣ 《ᠠᠮᠢ ᠨᠠᠰᠤ᠎ᠪᠠᠨ ᠶᠠᠭᠠᠬᠢᠵᠤ ᠬᠠᠮᠠᠭᠠᠯᠠᠵᠤ ᠶᠠᠪᠤᠳᠠᠭ ᠪᠢᠯᠡ᠃ ᠠᠲᠠᠭᠠᠲᠠᠨ ᠳᠠᠢᠰᠤᠨ᠎ᠠᠴᠠ ᠬᠡᠷᠬᠢᠨ ᠥᠰᠢᠶ᠎ᠡ᠎ᠪᠡᠨ ᠠᠪᠬᠤ ᠪᠢᠯᠡ》 ᠭᠡᠵᠦ ᠰᠠᠨᠠᠬᠤ ᠪᠣᠯᠵᠠᠢ᠃

ᠠᠪᠠᠯᠢ ᠡᠬᠡᠨᠡᠷ᠎ᠡᠴᠡ᠎ᠮᠢᠨᠢ ᠬᠠᠭᠠᠴᠠᠭᠤᠯᠵᠤ ᠠᠢᠯ ᠭᠡᠷ᠎ᠦᠨ᠎ᠮᠢᠨᠢ ᠡᠷᠦᠬᠡ᠎ᠶᠢ ᠳᠠᠷᠤᠭᠤᠯᠤᠭᠰᠠᠨ᠎ᠨᠢ᠎ᠴᠤ ᠲᠡᠳᠡ᠂ ᠠᠮᠢᠨ ᠲᠡᠵᠢᠭᠡᠯ᠎ᠡᠴᠡ᠎ᠮᠢᠨᠢ ᠰᠠᠯᠭᠠᠵᠤ ᠠᠮᠢᠳᠤᠷᠠᠯ᠎ᠤᠨ᠎ᠮᠢᠨᠢ ᠡᠭᠦᠳᠡ᠎ᠶᠢ ᠪᠥᠭᠯᠡᠭᠰᠡᠨ᠎ᠴᠦ ᠮᠥᠨ ᠲᠡᠳᠡ᠃᠎ᠦᠭᠡᠢ! ᠭᠠᠭᠴᠠᠬᠠᠨ ᠬᠡᠰᠢᠭ ᠨᠠᠮᠠᠢ ᠪᠢᠰᠢ᠂ ᠮᠠᠨ᠎ᠤ 《ᠳᠡᠭᠡᠳᠦ ᠭᠣᠣᠯ》 ᠤᠰᠤᠨ᠎ᠤ ᠬᠢᠨ᠎ᠢ᠂ ᠪᠦᠬᠦ ᠬᠣᠰᠢᠭᠤ ᠬᠣᠲᠠᠯᠠ᠂ ᠬᠦᠷᠦᠨ ᠲᠥᠷᠦ᠎ᠶᠢ ᠰᠠᠮᠠᠭᠤᠷᠠᠭᠤᠯᠵᠤ ᠪᠠᠢᠬᠤ᠎ᠨᠢ ᠮᠥᠨ ᠲᠡᠳᠡ! 《ᠮᠣᠳᠤᠨ᠎ᠤ ᠬᠣᠷᠤᠬᠠᠢ ᠮᠣᠳᠤᠨ ᠳᠣᠲᠤᠷ᠎ᠠ᠎ᠠᠴᠠ᠎ᠪᠠᠨ》 ᠭᠡᠳᠡᠭ ᠦᠨᠡᠨ᠎ᠳᠡᠭᠡᠨ ᠮᠡᠷᠭᠡᠨ ᠦᠭᠡ ᠪᠠᠢᠬᠤ! ᠬᠡᠷᠪᠡ ᠭᠦᠵᠡᠭᠡ ᠰᠢᠷ᠎ᠠ ᠮᠡᠲᠦ᠎ᠶᠢᠨ 《ᠪᠤᠰᠤᠳ᠎ᠤᠨ ᠬᠣᠭᠤᠯᠠᠢ᠎ᠶᠢ ᠪᠣᠭᠤᠮᠢᠯᠠᠵᠤ᠂ ᠥᠪᠡᠷ᠎ᠦᠨ᠎ᠢᠶᠡᠨ ᠣᠯᠤᠭᠠᠢ᠎ᠶᠢ ᠬᠡᠯᠪᠢᠳᠡᠭ》 ᠬᠥᠮᠦᠨ ᠪᠠᠢᠭ᠎ᠠ᠎ᠦᠭᠡᠢ ᠪᠣᠯ ᠶᠠᠭᠤᠨ᠎ᠤ ᠡᠢᠮᠦ ᠪᠣᠯᠬᠤ ᠪᠤᠢ? ᠭᠡᠵᠦ ᠮᠣᠷᠢ᠎ᠪᠠᠨ ᠪᠠᠷᠢᠵᠤ ᠢᠳᠡᠭᠦᠯᠦᠭᠰᠡᠭᠡᠷ ᠶᠠᠪᠤᠨ᠎ᠠ᠃ 《ᠪᠦᠷᠢᠯᠦᠭᠴᠢ ᠬᠣᠷᠯᠣ ᠡ! ᠪᠢᠳᠡ ᠬᠣᠶᠠᠷ᠎ᠤᠨ ᠠᠮᠢᠳᠤᠷᠠᠯ ᠡᠨᠳᠡ ᠬᠦᠷᠦᠭᠡᠳ ᠡᠴᠦᠰᠯᠡᠵᠡᠢ᠃ ᠨᠢᠳᠦ ᠠᠨᠢᠲᠠᠯ᠎ᠠ ᠠᠮᠢᠳᠤ᠎ᠶᠢᠨ᠎ᠢᠶᠠᠨ ᠮᠥᠷ᠎ᠢ ᠬᠥᠭᠡᠭᠡᠨ᠎ᠡ》 ᠭᠡᠵᠦ ᠲᠣᠬᠤᠢᠯᠠᠭᠰᠠᠨ ᠤᠷᠲᠤ ᠫᠤᠤ᠎ᠪᠠᠨ ᠲᠡᠭᠰᠢᠯᠡᠨ ᠡᠭᠦᠷᠪᠡ᠃ 《᠎ᠦᠭᠡᠢ!ᠮᠢᠨᠦ ᠠᠮᠢᠰᠭᠤᠭ᠎ᠠ ᠬᠤᠷᠢᠶᠠᠭᠳᠠᠬᠤ᠎ᠠᠴᠠ ᠡᠮᠦᠨ᠎ᠡ ᠵᠢᠷᠦᠬᠡᠨ᠎ᠳᠦ᠎ᠮᠢᠨᠢ ᠬᠡᠵᠢᠶ᠎ᠡ᠎ᠳᠡᠭᠡᠨ ᠠᠮᠢᠳᠤ ᠶᠠᠪᠤᠨ᠎ᠠ》 ᠭᠡᠳ ᠰᠢᠷᠠᠯᠠᠵᠤ ᠪᠠᠢᠭ᠎ᠠ ᠲᠡᠭᠷᠢ᠎ᠶᠢᠨ ᠬᠠᠶᠠᠭ᠎ᠠ᠂ ᠰᠠᠴᠤᠷᠠᠵᠤ ᠪᠠᠢᠭ᠎ᠠ ᠴᠣᠯᠮᠤᠨ᠎ᠢ ᠬᠠᠷᠠᠭᠰᠠᠭᠠᠷ ᠮᠣᠷᠳᠠᠪᠠ᠃

ᠬᠡᠭᠡᠷ᠎ᠡ ᠬᠣᠨᠤᠭᠰᠠᠨ ᠪᠣᠯᠤᠯᠲᠠᠢ ᠲᠤᠭᠤᠯ ᠪᠢᠷᠠᠭᠤ ᠨᠡᠢᠯᠡᠭᠦᠯᠦᠭᠡᠳ ᠠᠷᠪᠠᠭᠠᠳ ᠦᠬᠡᠷ ᠬᠥᠭᠡᠭᠡᠭᠰᠡᠨ ᠳᠤᠮᠳᠠ᠎ᠶᠢᠨ ᠪᠡᠶ᠎ᠡ᠎ᠲᠡᠢ᠂ ᠡᠩᠭᠡᠷ ᠲᠣᠬᠤᠢ᠎ᠨᠢ ᠰᠡᠮᠡᠷᠡᠵᠦ ᠡᠯᠡᠭᠳᠡᠭᠰᠡᠨ ᠰᠠᠭᠠᠯᠢ᠎ᠶᠢᠨ ᠳᠡᠪᠡᠯ᠎ᠲᠡᠢ᠂ ᠣᠢᠷ᠎ᠠ᠎ᠶᠢᠨ ᠡᠳᠦᠷ ᠨᠣᠢᠷ᠎ᠦᠭᠡᠢ᠎ᠶᠤᠮ᠎ᠤᠤ? ᠬᠡᠮᠡᠷ ᠨᠢᠳᠦᠨ᠎ᠳᠦᠨᠢ ᠤᠯᠠᠭᠠᠨ ᠰᠤᠳᠠᠰᠤ ᠪᠢᠯᠬᠠᠭᠰᠠᠨ ᠪᠦᠰᠡᠭᠦᠢ᠂ ᠡᠪᠦᠭᠡᠨ᠎ᠦ ᠣᠴᠢᠬᠤ ᠵᠦᠭ᠎ᠲᠦ ᠶᠠᠪᠤᠵᠤ ᠪᠠᠢᠯ᠎ᠠ᠃ ᠥᠨᠥᠬᠢ ᠬᠥᠮᠦᠨ ᠨᠣᠢᠲᠠᠨ ᠪᠤᠷᠭᠠᠰᠤ᠎ᠪᠠᠷ ᠦᠬᠡᠷ᠎ᠦᠳ᠎ᠢ ᠰᠢᠯᠪᠢᠭᠦᠷᠳᠡᠨ ᠪᠠᠷᠤᠭ ᠬᠥᠶᠦᠭᠡ᠎ᠪᠡᠷ᠎ᠢᠶᠡᠨ ᠶᠠᠪᠤᠨ᠎ᠠ᠃ ᠬᠡᠰᠢᠭᠲᠣᠭᠲᠠᠬᠤ ᠥᠨᠳᠡᠢᠵᠦ ᠱᠣᠭᠰᠢᠭᠤᠯᠬᠤ ᠭᠡᠰᠡᠨ ᠮᠣᠷᠢᠨ᠎ᠤ᠎ᠪᠠᠨ ᠵᠢᠯᠤᠭᠤ᠎ᠶᠢ ᠲᠠᠲᠠᠵᠤ 《ᠡᠨᠡ᠎ᠴᠦ ᠮᠥᠨ ᠨᠠᠳᠠ᠎ᠰᠢᠭ᠋ ᠬᠥᠮᠦᠨ ᠪᠠᠢᠵᠤ ᠶᠠᠭᠤ ᠮᠠᠭᠠᠳ ᠪᠤᠢ? ᠤᠯᠤᠰ ᠠᠮᠢᠲᠠᠨ᠎ᠢ ᠰᠣᠴᠢᠭᠠᠵᠤ ᠶᠠᠭᠤ ᠬᠢᠬᠦ ᠪᠤᠢ?》 ᠭᠡᠳ ᠠᠯᠬᠤᠯᠠᠨ ᠬᠦᠷᠴᠡᠢ᠃

《ᠳᠡᠭᠦᠦ᠎ᠮᠢᠨᠢ ᠰᠠᠢᠨ ᠪᠠᠢᠨ᠎ᠠ᠎ᠤᠤ?》 ᠭᠡᠵᠦ ᠮᠡᠨᠳᠦᠯᠡᠭᠰᠡᠨ᠎ᠳᠦ ᠡᠪᠦᠭᠡᠨ᠎ᠦ ᠴᠢᠷᠠᠢ ᠤᠷᠤᠭᠤ ᠤᠳᠠᠭᠠᠬᠠᠨ ᠰᠢᠷᠲᠡᠭᠰᠡᠨ᠎ᠢᠶᠡᠨ᠂

《ᠰᠠᠢᠨ! ᠲᠠ ᠠᠮᠤᠷᠬᠠᠨ ᠮᠣᠷᠢᠯᠠᠵᠤ ᠪᠠᠢᠨ᠎ᠠ᠎ᠤᠤ?》 ᠭᠡᠳ ᠴᠢᠮᠡᠭᠡ᠎ᠦᠭᠡᠢ ᠤᠷᠤᠭᠰᠢ ᠲᠡᠮᠡᠦᠯᠦᠨ ᠠᠯᠬᠤᠯᠠᠭᠰᠠᠭᠠᠷ ᠪᠠᠢᠪᠠ᠃

《ᠵᠢᠭᠠᠬᠠᠨ ᠰᠦᠮ᠎ᠡ ᠣᠢᠷ᠎ᠠ ᠪᠠᠢᠨ᠎ᠠ᠎ᠤᠤ?》 ᠭᠡᠰᠡᠨ᠎ᠳᠦ᠂

《ᠰᠠᠢᠨ ᠮᠡᠳᠡᠬᠦ᠎ᠦᠭᠡᠢ᠃ ᠬᠥᠳᠡᠭᠡ ᠬᠣᠨᠤᠭᠰᠠᠨ ᠦᠬᠡᠷ ᠁》 ᠭᠡᠪᠡ᠃

ᠦᠬᠡᠷ᠎ᠦᠳ᠎ᠦᠨ ᠬᠢᠨᠢ ᠰᠤᠭᠤ ᠴᠠᠪᠢ᠎ᠠᠴᠠ ᠭᠠᠷᠤᠭᠰᠠᠨ ᠬᠥᠯᠦᠰᠦ ᠪᠠ ᠪᠥᠭᠡᠷ᠎ᠡ ᠠᠯᠠᠭ ᠬᠡᠨᠵᠡ ᠲᠤᠭᠤᠯ᠎ᠤᠨ ᠬᠢᠨᠢ ᠶᠠᠪᠤᠨ ᠶᠠᠳᠠᠭᠰᠠᠨ ᠪᠠᠢᠳᠠᠯ᠎ᠠᠴᠠ ᠡᠨᠡ ᠪᠦᠰᠡᠭᠦᠢ ᠪᠣᠯ ᠬᠣᠯᠠ᠎ᠠᠴᠠ ᠭᠠᠷᠴᠠᠢ ᠭᠡᠳᠡᠭ᠎ᠢ ᠡᠪᠦᠭᠡᠨ ᠭᠠᠳᠠᠷᠯᠠᠪᠠ᠃

《ᠲᠠ ᠨᠠᠳᠠ᠎ᠠᠴᠠ ᠠᠶᠤᠵᠤ ᠵᠣᠪᠠᠬᠤ ᠬᠡᠷᠡᠭ᠎ᠦᠭᠡᠢ᠃ ᠪᠢ ᠪᠣᠯ ᠪᠠ ᠯᠦ᠎ᠶᠢ ᠡᠷᠢᠵᠦ ᠶᠠᠪᠤᠭ᠎ᠠ ᠬᠥᠮᠦᠨ᠃ ᠳᠡᠭᠦᠦ᠎ᠮᠢᠨᠢ ᠳᠥᠲᠡ ᠰᠠᠢᠬᠠᠨ ᠵᠠᠮ᠎ᠢ᠎ᠨᠢ ᠵᠢᠭᠠᠵᠤ ᠥᠭᠬᠦ ᠪᠣᠯᠪᠠ᠎ᠤᠤ》! ᠭᠡᠬᠦ᠎ᠳᠦ ᠲᠡᠷᠡ ᠬᠥᠮᠦᠨ ᠡᠪᠦᠭᠡᠨ᠎ᠢ ᠪᠠᠬᠠᠨ ᠭᠠᠢᠬᠠᠰᠬᠢᠨ ᠬᠠᠷᠠᠭᠰᠠᠨ᠎ᠢᠶᠠᠨ:

《ᠲᠠ᠎ᠴᠢᠨᠢ ᠴᠡᠷᠢᠭ ᠬᠥᠮᠦᠨ᠎ᠦᠦ? ᠁》 ᠭᠡᠪᠡ᠃

《ᠴᠡᠷᠢᠭ ᠪᠢᠰᠢ᠂ ᠴᠡᠷᠢᠭ᠎ᠲᠡᠢ ᠠᠭᠤᠯᠵᠠᠬᠤ ᠤᠴᠢᠷ᠎ᠲᠠᠢ ᠪᠠᠢᠭ᠎ᠠ᠎ᠶᠤᠮ᠃ ᠮᠠᠨᠠᠢᠬᠢᠨ᠎ᠳᠤ ᠳᠡᠭᠡᠷᠡᠮ ᠬᠤᠯᠠᠭᠠᠢ ᠳᠦᠭᠦᠷᠦᠭᠰᠡᠨ ᠭᠠᠵᠠᠷ ᠪᠠᠢᠭ᠎ᠠ᠃ 》

《ᠭᠡᠷ ᠬᠠᠮᠢᠭᠠᠭᠤᠷ ᠪᠠᠢᠳᠠᠭ ᠪᠢᠯᠡ?》

《ᠳᠡᠭᠡᠳᠦ ᠭᠣᠣᠯ᠎ᠳᠤ᠃ 》

《ᠬᠣᠷᠯᠣ ᠡᠵᠢ᠎ᠶᠢᠨ᠎ᠡᠴᠡ ᠬᠠᠮᠢᠭᠠᠰᠢ?》 ᠭᠡᠬᠦ᠎ᠳᠦ ᠡᠪᠦᠭᠡᠨ᠎ᠦ ᠳᠣᠲᠤᠷ᠎ᠠ 《ᠫᠠᠯ》 ᠬᠢᠭᠰᠡᠨ ᠪᠣᠯᠪᠠᠴᠤ ᠦᠯᠦ ᠮᠡᠳᠡᠬᠦ ᠪᠣᠯᠵᠤ:

《ᠴᠤᠭ ᠪᠠᠢᠭ᠎ᠠ᠃ ᠲᠠ ᠲᠡᠭᠦᠨ᠎ᠢ ᠲᠠᠨᠢᠳᠠᠭ ᠬᠥᠮᠦᠨ᠎ᠦᠦ?》 ᠭᠡᠪᠡ᠃

《ᠲᠠᠨᠢᠳᠠᠭ᠃ ᠲᠠᠨ᠎ᠤ ᠠᠯᠳᠠᠷ ᠬᠡᠨ ᠭᠡᠳᠡᠭ ᠪᠤᠢ?》

《ᠬᠡᠰᠢᠭᠲᠣᠭᠲᠠᠬᠤ᠃ 》

《ᠲᠡᠭᠡᠪᠡᠯ ᠬᠣᠷᠯᠣ ᠡᠵᠢ᠎ᠶᠢᠨ ᠨᠥᠬᠦᠷ᠎ᠨᠢ ᠪᠢᠰᠢᠦ?》

《ᠲᠡᠢᠮᠦ᠃ 》

《ᠬᠡᠵᠢᠶ᠎ᠡ ᠭᠡᠷ᠎ᠡᠴᠡ᠎ᠪᠡᠨ ᠮᠣᠷᠳᠠᠭᠰᠠᠨ ᠪᠤᠢ?》

《ᠬᠣᠷᠢᠭᠠᠳ ᠬᠣᠨᠤᠭ ᠪᠣᠯᠵᠤ ᠪᠠᠢᠨ᠎ᠠ᠃ 》

《ᠬᠠᠮᠢᠭᠠᠭᠤᠷ ᠶᠠᠪᠤᠭᠠᠳ ᠲᠡᠷᠡ ᠪᠤᠢ?》

《ᠮᠤᠩᠭᠢᠨᠠᠭᠰᠠᠭᠠᠷ ᠁ ᠪᠠ ᠯᠦ ᠁》

《ᠵᠠ ᠴᠢᠩᠭᠢᠪᠡᠯ ᠪᠢ ᠮᠥᠨ ᠴᠡᠷᠢᠭ ᠳᠡᠭᠡᠷ᠎ᠡ ᠣᠴᠢᠬᠤ ᠬᠥᠮᠦᠨ᠃ ᠨᠥᠬᠦᠷ᠎ᠮᠢᠨᠢ ᠰᠠᠮᠪᠤᠤ ᠭᠡᠳᠡᠭ᠂ ᠴᠡᠷᠢᠭ᠎ᠲᠦ ᠪᠠᠢᠭ᠎ᠠ᠎ᠶᠤᠮ᠃ ᠪᠢ ᠨᠤᠲᠤᠭ ᠣᠷᠤᠨ᠎ᠳᠠᠭᠠᠨ ᠰᠠᠭᠤᠵᠤ ᠴᠢᠳᠠᠬᠤ᠎ᠪᠠᠨ ᠪᠣᠯᠢᠭᠠᠳ ᠬᠡᠳᠦᠨ ᠮᠠᠯ᠎ᠢᠶᠠᠨ ᠠᠪᠬᠤ᠎ᠪᠠᠷ ᠬᠠᠷᠢᠭᠰᠠᠨ᠎ᠶᠤᠮ ᠳ᠋ᠠ᠃ ᠲᠠ ᠡᠢᠮᠦ ᠡᠷᠲᠡ ᠬᠦᠷᠦᠭᠰᠡᠨ᠎ᠦ ᠬᠡᠷᠡᠭ ᠠᠯᠠᠭ᠎ᠠ᠃ ᠴᠡᠷᠢᠭ᠎ᠦᠨ ᠵᠢᠷᠤᠮ᠂ ᠮᠠᠨᠠᠭ᠎ᠠ ᠬᠠᠷᠠᠭᠤᠯ ᠭᠠᠭᠴᠠ ᠬᠣᠶᠠᠷ ᠵᠢᠰᠦ ᠪᠤᠷᠤᠭᠤ ᠬᠥᠮᠦᠨ᠎ᠢ ᠲᠡᠢᠮᠦ ᠬᠢᠯᠪᠠᠷᠬᠠᠨ ᠣᠷᠤᠭᠤᠯᠬᠤ᠎ᠦᠭᠡᠢ ᠪᠠᠢᠬᠤ ᠳ᠋ᠠ᠃ ᠲᠡᠭᠡᠭᠡᠳ ᠲᠠ ᠪᠠᠰᠠ ᠫᠤᠤ ᠰᠤᠮᠤ᠎ᠲᠠᠢ ᠬᠥᠮᠦᠨ ᠲᠤᠯᠠ ᠨᠠᠳᠠ᠎ᠲᠠᠢ ᠴᠤᠭ ᠬᠦᠷ》 ᠭᠡᠬᠦ᠎ᠳᠦ ᠡᠪᠦᠭᠡᠨ ᠮᠣᠷᠢᠨ᠎ᠠᠴᠠ᠎ᠪᠠᠨ ᠪᠠᠭᠤᠵᠤ ᠦᠬᠡᠷ᠎ᠢ᠎ᠨᠢ ᠬᠠᠮᠵᠢᠯᠴᠠᠨ ᠬᠥᠭᠡᠭᠡᠵᠡᠢ᠃

* * *

ᠰᠢᠶᠣᠣ ᠴᠢᠨ᠂ ᠳᠡᠪᠦᠷ᠎ᠡ᠎ᠲᠡᠢ ᠴᠠᠢ᠂ ᠬᠠᠭᠤᠷᠠᠢ ᠪᠤᠳᠠᠭ᠎ᠠ᠎ᠲᠠᠢ ᠠᠪᠴᠢᠷᠠᠭᠠᠳ ᠴᠠᠢᠪᠤᠷ ᠪᠣᠷᠤ ᠬᠦᠷᠮ᠎ᠡ᠎ᠶᠢᠨ ᠳᠠᠯᠤ ᠮᠥᠷᠦᠨ ᠳᠡᠭᠡᠷ᠎ᠡ ᠨᠥᠬᠦᠭᠡᠰᠦ ᠲᠠᠯᠪᠢᠵᠤ ᠡᠨᠳᠡ ᠲᠡᠨᠳᠡ᠎ᠪᠡᠨ ᠴᠣᠬᠤᠷᠯᠠᠭᠳᠠᠨ ᠲᠣᠰᠤᠷᠬᠠᠵᠤ ᠪᠠᠯᠠᠷᠠᠰᠢ᠎ᠦᠭᠡᠢ ᠮᠥᠩᠬᠡ ᠬᠠᠳᠠᠭᠳᠠᠭᠰᠠᠨ ᠬᠡᠰᠡᠭ ᠬᠡᠰᠡᠭ ᠴᠢᠰᠤ᠎ᠶᠢ ᠠᠷᠢᠯᠭᠠᠬᠤ᠎ᠠᠴᠠ᠎ᠪᠠᠨ ᠵᠢᠷᠦᠬᠡᠰᠢᠭᠰᠡᠨ ᠮᠡᠲᠦ ᠰᠠᠯᠭᠠᠨᠠᠭᠰᠠᠨ ᠬᠣᠷᠯᠣ᠎ᠶᠢᠨ ᠭᠠᠷ᠎ᠢ ᠬᠠᠷᠠᠵᠤ:

《ᠡᠵᠢ ᠡ! ᠬᠠᠯᠠᠭᠤᠨ ᠳᠡᠭᠡᠷ᠎ᠡ᠎ᠨᠢ ᠴᠠᠢ᠎ᠪᠠᠨ ᠤᠤᠭᠤᠴᠢᠬ᠎ᠠ! ᠡᠮᠴᠢ ᠠᠮᠠᠷᠠᠵᠤ ᠰᠠᠭᠤ ᠭᠡᠰᠡᠨ ᠰᠢᠤ》 ᠭᠡᠪᠡ᠃

《ᠮᠢᠨᠦ ᠬᠥᠯ ᠮᠠᠭᠤ ᠪᠣᠯᠪᠠᠴᠤ ᠴᠡᠭᠡᠵᠢᠨ ᠪᠡᠶ᠎ᠡ ᠡᠷᠡᠭᠦᠯ ᠪᠣᠯᠤᠭᠰᠠᠨ》 ᠭᠡᠳ ᠤᠤᠯ ᠬᠡᠪ᠎ᠢᠶᠡᠷ᠎ᠢᠶᠡᠨ ᠣᠷᠤᠯᠳᠤᠭᠰᠠᠭᠠᠷ ᠪᠠᠢᠪᠠ᠃

《ᠮᠢᠬ᠎ᠠ᠎ᠲᠠᠢ ᠪᠤᠳᠠᠭ᠎ᠠ ᠴᠢᠨᠠᠵᠤ ᠢᠳᠡᠨ᠎ᠡ᠎ᠦᠦ?》

《ᠬᠦᠦ᠎ᠮᠢᠨᠢ ᠡ! ᠪᠢ ᠶᠡᠷᠦᠳᠡ ᠥᠷᠯᠦᠭᠡ ᠡᠷᠲᠡ ᠬᠣᠭᠤᠯᠠ ᠢᠳᠡᠬᠦ ᠪᠠᠢᠲᠤᠭᠠᠢ ᠡᠳᠦᠷ ᠲᠤᠵᠢ ᠬᠣᠭᠤᠰᠤᠨ᠎ᠴᠤ ᠪᠠᠢᠵᠤ ᠦᠵᠡᠭᠰᠡᠨ ᠬᠥᠮᠦᠨ ᠪᠢᠯᠡ᠃ 》

《ᠬᠣᠭᠤᠯᠠ᠎ᠦᠭᠡᠢ ᠪᠣᠯ ᠪᠡᠶ᠎ᠡ᠎ᠴᠢᠨᠢ ᠲᠦᠷᠭᠡᠨ ᠰᠠᠢᠵᠢᠷᠠᠵᠤ ᠴᠢᠳᠠᠬᠤ᠎ᠦᠭᠡᠢ᠃ ᠪᠢᠳᠡ ᠣᠢᠷ᠎ᠠ ᠠᠢᠯ᠎ᠠᠴᠠ ᠰᠦ᠋ ᠠᠪᠴᠢᠷᠠᠵᠤ ᠮᠥᠳᠳᠦ ᠴᠠᠢ ᠴᠢᠨᠠᠵᠤ ᠥᠭᠭᠦᠶ᠎ᠡ᠃ ᠡᠨᠡ᠎ᠴᠢᠨᠢ ᠬᠠᠷ᠎ᠠ ᠴᠠᠢ᠎ᠶᠤᠮ ᠳ᠋ᠠ 》 ᠭᠡᠳ ᠰᠢᠶᠣᠣ ᠴᠢᠨ ᠠᠷᠭ᠎ᠠ᠎ᠪᠠᠨ ᠪᠠᠷᠠᠭᠰᠠᠨ ᠮᠡᠲᠦ ᠬᠣᠷᠯᠣ᠎ᠲᠠᠢ ᠬᠠᠮᠵᠢᠯᠴᠠᠨ ᠥᠨᠥ ᠬᠦᠷᠮ᠎ᠡ᠎ᠶᠢᠨ ᠴᠢᠰᠤ᠎ᠶᠢ ᠨᠤᠬᠤᠯᠠᠵᠤ ᠣᠷᠤᠯᠳᠤᠪᠠ᠃ ᠡᠨᠡ ᠪᠣᠯ ᠬᠠᠪᠴᠢᠯ ᠲᠣᠭᠤᠷᠢᠮ᠎ᠤᠨ ᠡᠬᠢᠨ᠎ᠳᠦ ᠰᠢᠷᠬᠠᠲᠤᠭᠰᠠᠨ ᠯᠢᠦ ᠬᠤᠷᠢᠶᠠᠨ ᠳᠠᠷᠤᠭ᠎ᠠ᠎ᠶᠢᠨ ᠬᠠᠮᠠᠭᠠᠯᠠᠭᠴᠢ ᠳᠤᠩᠭᠠᠷ᠎ᠤᠨ ᠬᠤᠪᠴᠠᠰᠤ ᠪᠠᠢᠵᠠᠢ᠃ ᠳᠤᠩᠭᠠᠷ ᠳᠠᠢᠰᠤᠨ᠎ᠠᠴᠠ ᠽᠠᠨᠳᠠᠨ ᠬᠦᠷᠡᠩ᠎ᠢ ᠪᠤᠯᠢᠶᠠᠨ ᠠᠪᠬᠤ᠎ᠪᠠᠷ ᠰᠢᠪᠲᠤᠯᠤᠨ ᠣᠷᠤᠬᠤ᠎ᠳᠠᠭᠠᠨ ᠡᠭᠡᠮ᠎ᠢᠶᠡᠨ ᠰᠢᠷᠬᠠᠲᠤᠭᠤᠯᠵᠤ ᠬᠣᠷᠯᠣ᠎ᠲᠠᠢ ᠨᠢᠭᠡ ᠭᠡᠷ᠎ᠲᠦ ᠰᠠᠭᠤᠵᠤ ᠡᠮᠨᠡᠭᠦᠯᠦᠭᠡᠳ ᠨᠢᠭᠡᠨᠲᠡ ᠰᠠᠢᠨ ᠡᠳᠡᠭᠡᠵᠦ ᠡᠨᠡ ᠡᠳᠦᠷ ᠳᠠᠷᠤᠭ᠎ᠠ᠎ᠪᠠᠨ ᠬᠠᠮᠠᠭᠠᠯᠠᠨ ᠶᠠᠪᠤᠵᠤ ᠳᠠᠢᠰᠤᠨ᠎ᠢ ᠴᠣᠬᠢᠬᠤ ᠡᠭᠦᠷᠭᠡ᠎ᠲᠡᠢ ᠪᠣᠯᠵᠠᠢ᠃ ᠲᠡᠢᠮᠦ᠎ᠡᠴᠡ ᠥᠴᠦᠭᠡᠳᠦᠷ ᠦᠳᠡᠰᠢ ᠤᠭᠠᠭᠰᠠᠨ ᠡᠨᠡᠬᠦ ᠬᠦᠷᠮ᠎ᠡ᠎ᠶᠢ ᠬᠣᠷᠯᠣ ᠴᠡᠭᠡᠵᠢᠨ ᠳᠣᠣᠷ᠎ᠠ᠎ᠪᠠᠨ ᠡᠪᠬᠡᠨ ᠳᠠᠷᠤᠵᠤ ᠬᠠᠲᠠᠭᠠᠭᠠᠳ ᠦᠷ ᠭᠡᠭᠡᠷᠡᠮᠡᠭᠴᠡ ᠨᠥᠬᠦᠵᠦ ᠪᠠᠢᠬᠤ᠎ᠨᠢ ᠡᠨᠡ ᠪᠣᠯᠤᠨ᠎ᠠ᠃

ᠴᠣᠬᠤᠮ᠎ᠳᠠᠭᠠᠨ 《ᠭᠦᠵᠡᠭᠡ ᠰᠢᠷ᠎ᠠ᠎ᠶᠢ ᠠᠳᠤᠭᠤ ᠮᠠᠯ ᠳᠡᠭᠡᠷᠡᠮᠳᠡᠬᠦ᠎ᠪᠡᠷ ᠨᠢᠭᠡ ᠪᠦᠯᠦᠭ ᠬᠤᠯᠠᠭᠠᠢ ᠳᠠᠭᠠᠭᠤᠯᠤᠭᠠᠳ ᠬᠠᠷᠢᠵᠤ ᠢᠷᠡᠪᠡ》 ᠭᠡᠳᠡᠭ ᠮᠡᠳᠡᠭᠡ᠎ᠶᠢ ᠮᠠᠨ᠎ᠤ ᠲᠤᠷᠰᠢᠭᠤᠯ ᠡᠨᠡ ᠥᠷᠯᠦᠭᠡ ᠢᠷᠡᠭᠦᠯᠦᠭᠰᠡᠨ ᠪᠣᠯᠬᠣᠷ ᠬᠣᠷᠯᠣ ᠡᠮᠡᠭᠡᠨ ᠳᠤᠩᠭᠠᠷ᠎ᠢ ᠣᠳᠣ ᠮᠣᠷᠳᠠᠨ᠎ᠠ ᠭᠡᠵᠦ ᠤᠷᠢᠳᠠ᠎ᠠᠴᠠ ᠶᠠᠭᠠᠬᠢᠵᠤ ᠮᠡᠳᠡᠬᠦ ᠪᠤᠢ! ᠭᠡᠪᠡᠴᠦ ᠬᠣᠷᠢᠭᠠᠳ ᠡᠳᠦᠷ᠎ᠦᠨ ᠠᠮᠢᠳᠤᠷᠠᠯ᠎ᠠᠴᠠ 《ᠪᠣᠰᠪᠠᠯ ᠶᠠᠪᠤᠬᠤ᠎ᠨᠢ ᠲᠡᠷᠡ᠂ ᠬᠡᠯᠡᠪᠡᠯ ᠬᠢᠬᠦ᠎ᠨᠢ ᠲᠡᠷᠡ》᠂ ᠡᠨᠡ ᠪᠣᠯ ᠮᠠᠨ᠎ᠤ ᠴᠡᠷᠢᠭ᠎ᠦᠨ ᠰᠠᠢᠨ ᠵᠢᠷᠤᠮ ᠭᠡᠳᠡᠭ᠎ᠢ ᠪᠠᠭ᠎ᠠ ᠰᠠᠭ᠎ᠠ ᠲᠠᠨᠢᠭᠰᠠᠨ ᠪᠠᠢᠯ᠎ᠠ᠃ ᠢᠯᠠᠩᠭᠤᠶ᠎ᠠ ᠣᠢᠷ᠎ᠠ᠎ᠠᠴᠠ ᠳᠤᠩᠭᠠᠷ ᠫᠤᠤ᠎ᠪᠠᠨ ᠵᠦᠯᠭᠦᠵᠦ ᠵᠦᠯᠭᠦᠭᠡᠳ ᠬᠡᠵᠢᠶ᠎ᠡ ᠨᠢᠭᠡ 《ᠳᠤᠩᠭᠠᠷ ᠡ! ᠣᠳᠣ ᠮᠣᠷᠳᠠᠨ᠎ᠠ》 ᠭᠡᠵᠦ ᠳᠠᠷᠤᠭ᠎ᠠ᠎ᠮᠢᠨᠢ ᠬᠡᠯᠡᠬᠦ ᠪᠣᠯ᠂ ᠲᠡᠭᠡᠬᠦᠯᠡᠷ ᠁ ᠭᠡᠳ ᠫᠤᠤ᠎ᠪᠠᠨ ᠡᠭᠦᠷᠦᠭᠡᠳ ᠬᠥᠰᠡᠷ ᠳᠣᠭᠤᠤᠷ ᠲᠣᠭᠤᠷᠢᠨ ᠠᠯᠬᠤᠭᠰᠠᠭᠠᠷ ᠰᠠᠭᠤᠳᠠᠭ᠎ᠢ ᠬᠣᠷᠯᠣ ᠪᠠᠬᠠᠷᠬᠠᠨ ᠦᠵᠡᠳᠡᠭ ᠪᠠᠢᠵᠠᠢ᠃ ᠡᠭᠦᠨ᠎ᠢ᠎ᠨᠢ ᠥᠴᠦᠭᠡᠳᠦᠷ ᠣᠷᠤᠢ ᠰᠠᠮᠪᠤᠤ ᠳᠠᠷᠤᠭ᠎ᠠ ᠦᠵᠡᠭᠡᠳ:

《ᠳᠡᠭᠵᠢᠨ ᠲᠠᠷᠢᠬᠢ ᠡ! ᠦᠢᠮᠡᠭᠦᠯᠦᠭᠡᠳ ᠡᠵᠢ᠎ᠶᠢᠨ᠎ᠢᠶᠡᠨ ᠪᠡᠶ᠎ᠡ᠎ᠶᠢ ᠪᠤᠤ ᠮᠠᠭᠤᠳᠠᠭᠤᠯᠴᠢᠬ᠎ᠠ!》 ᠭᠡᠵᠦ ᠴᠠᠭᠠᠨ ᠨᠢᠳᠦ᠎ᠪᠡᠷ ᠬᠠᠷᠠᠬᠤ᠎ᠳᠤᠨᠢ᠂

《ᠤᠢᠳᠤᠭᠠᠳ ᠪᠠᠢᠬᠤᠯᠠᠷ ᠳᠤᠩᠭᠠᠷ᠎ᠢᠶᠠᠷ ᠦᠯᠢᠭᠡᠷ ᠬᠡᠯᠡᠭᠦᠯᠵᠦ ᠪᠠᠢᠨ᠎ᠠ》 ᠭᠡᠵᠦ ᠡᠮᠡᠭᠡᠨ ᠬᠠᠰᠢᠵᠤ ᠬᠡᠯᠡᠨ᠎ᠡ᠃

ᠽᠠᠨᠳᠠᠨ ᠬᠦᠷᠡᠩ᠎ᠦᠨ ᠳᠠᠭᠤᠨ᠎ᠰᠢᠭ᠋ ᠤᠷᠲᠤᠯᠠᠭᠰᠠᠨ ᠥᠳᠭᠡᠨ᠎ᠢᠶᠡᠷ ᠮᠣᠷᠢ ᠢᠨᠴᠠᠭᠠᠬᠤ ᠰᠣᠨᠤᠰᠳᠠᠪᠠ᠃

《ᠡᠵᠢ ᠡ! ᠠᠪᠤ ᠢᠷᠡᠯ᠎ᠡ》 ᠁ ᠭᠡᠳ ᠴᠣᠩᠬᠤ᠎ᠪᠠᠷ ᠱᠠᠭᠠᠢᠭᠰᠠᠨ ᠰᠢᠶᠣᠣ ᠴᠢᠨ ᠭᠠᠳᠠᠭ᠎ᠠ ᠶᠠᠪᠤᠭ᠎ᠠ ᠤᠯᠤᠰ ᠲᠥᠷᠦ᠎ᠶᠢᠨ ᠳᠠᠷᠤᠭ᠎ᠠ ᠰᠠᠮᠪᠤᠤ᠎ᠶᠢ ᠦᠵᠡᠮᠡᠭᠴᠡ ᠦᠭᠡ᠎ᠪᠡᠨ ᠳᠤᠲᠠᠭᠤ ᠬᠡᠯᠡᠵᠦ ᠪᠠᠷᠬᠢᠷᠠᠭᠠᠳ ᠬᠡᠯᠡ᠎ᠪᠡᠨ ᠪᠤᠯᠲᠠᠢᠯᠭᠠᠨ ᠠᠮᠠ᠎ᠪᠠᠨ ᠳᠠᠷᠤᠪᠠ᠃

《ᠨᠥᠬᠦᠷ ᠰᠠᠮᠪᠤᠤ᠎ᠶᠢᠨ ᠡᠮᠡᠭᠲᠡᠢ᠎ᠲᠡᠢ ᠬᠣᠶᠠᠭᠤᠯᠠ ᠢᠷᠡᠵᠡᠢ》 ᠭᠡᠵᠦ ᠯᠢᠦ ᠬᠤᠷᠢᠶᠠᠨ ᠳᠠᠷᠤᠭ᠎ᠠ᠎ᠶᠢ ᠬᠡᠯᠡᠲᠡᠯ᠎ᠡ ᠦᠬᠡᠷ ᠨᠢᠳᠦᠯᠡᠭᠰᠡᠨ ᠬᠡᠰᠢᠭᠲᠣᠭᠲᠠᠬᠤ :

《ᠴᠢᠮ᠎ᠠ ᠲᠠᠢᠭᠠᠨ ᠤᠴᠠᠷᠠᠨ᠎ᠠ ᠭᠡᠵᠦ ᠶᠡᠷᠦ ᠰᠠᠨᠠᠭᠰᠠᠨ᠎ᠦᠭᠡᠢ》 ᠭᠡᠳ ᠬᠣᠷᠯᠣ᠎ᠶᠢᠨ ᠮᠥᠷᠦ᠎ᠶᠢ ᠪᠠᠵᠠᠭᠠᠳ ᠲᠡᠪᠡᠷᠢᠪᠡ᠃

ᠨᠢᠭᠡ ᠮᠡᠳᠡᠬᠦ᠎ᠳᠦ ᠨᠢᠯᠴᠢᠭᠢᠨᠡᠭᠰᠡᠨ ᠬᠠᠯᠠᠭᠤᠨ ᠭᠠᠷ᠎ᠢᠶᠠᠷ ᠲᠡᠭᠦᠨ᠎ᠦ ᠨᠢᠯᠪᠤᠰᠤ᠎ᠶᠢ ᠠᠷᠴᠢᠵᠤ᠂ ᠮᠠᠩᠨᠠᠢ᠎ᠶᠢᠨ ᠬᠢᠨᠢ ᠴᠢᠰᠤ᠎ᠶᠢ ᠠᠷᠴᠢᠨ ᠤᠭᠢᠶᠠᠭᠠᠳ ᠡᠮᠲᠦ ᠪᠥᠰ᠎ᠢᠶᠡᠷ ᠪᠣᠭᠤᠵᠤ ᠪᠠᠢᠭ᠎ᠠ ᠯᠢᠦ ᠬᠤᠷᠢᠶᠠᠨ ᠳᠠᠷᠤᠭ᠎ᠠ:

《ᠴᠠᠢ ᠬᠣᠭᠤᠯᠠ ᠢᠳᠡᠵᠦ ᠤᠤᠭᠤᠭᠠᠳ ᠪᠠᠬᠠᠨ ᠠᠮᠤᠰᠬᠢ!》 ᠭᠡᠵᠦ ᠬᠡᠯᠡᠵᠦ ᠪᠠᠢᠪᠠ᠃

《ᠡᠨᠡ ᠪᠣᠯ ᠠᠪᠤᠷᠠᠭᠴᠢ ᠬᠥᠮᠦᠨ ᠯᠢᠦ ᠬᠤᠷᠢᠶᠠᠨ ᠳᠠᠷᠤᠭ᠎ᠠ᠂ ᠤᠯᠤᠰ ᠲᠥᠷᠦ᠎ᠶᠢᠨ ᠳᠠᠷᠤᠭ᠎ᠠ ᠰᠠᠮᠪᠤᠤ》 ᠭᠡᠳ ᠬᠣᠷᠯᠣ ᠪᠠᠢᠨ ᠪᠠᠢᠨ ᠨᠢᠭᠡ ᠦᠭᠡ᠎ᠪᠡᠨ ᠳᠠᠪᠲᠠᠬᠤ᠎ᠠᠴᠠ ᠥᠭᠡᠷ᠎ᠡ ᠶᠠᠭᠤ᠎ᠴᠤ ᠬᠡᠯᠡᠬᠦ᠎ᠪᠡᠨ ᠮᠠᠷᠲᠠᠵᠠᠢ᠃

ᠲᠡᠭᠡᠭᠡᠳ ᠭᠣᠣᠯ᠎ᠢᠶᠠᠨ ᠳᠠᠷᠤᠵᠤ ᠤᠳᠡᠰᠬᠢᠭᠡᠳ:

《ᠬᠣᠷᠢᠨ ᠭᠤᠷᠪᠠᠨ᠎ᠳᠤ ᠴᠢᠮᠠᠢ ᠠᠮᠢ ᠵᠤᠯᠪᠠᠨ ᠭᠠᠷᠤᠮᠠᠭᠴᠠ ᠳᠡᠭᠡᠷᠡᠮᠴᠢᠳ ᠭᠡᠷ ᠬᠣᠲᠠ᠎ᠶᠢ᠎ᠮᠢᠨᠢ ᠨᠡᠪᠲᠡ ᠰᠢᠪᠲᠡ ᠫᠤᠤᠳᠠᠵᠤ ᠢᠷᠡᠭᠡᠳ 〈ᠲᠠᠨᠠᠢᠬᠢᠨ᠎ᠠᠴᠠ ᠵᠡᠭᠦᠨᠰᠢ᠎ᠪᠡᠨ ᠬᠦᠷᠡᠩ ᠮᠣᠷᠢ᠎ᠲᠠᠢ ᠬᠥᠮᠦᠨ ᠳᠤᠲᠠᠭᠠᠭᠰᠠᠨ᠂ ᠬᠡᠨ ᠪᠤᠢ? ᠲᠦᠷᠭᠡᠨ ᠬᠡᠯᠡᠬᠦ᠎ᠦᠭᠡᠢ ᠪᠣᠯ ᠪᠠᠭ᠎ᠠ ᠬᠡᠯᠡ᠎ᠶᠢ᠎ᠴᠢᠨᠢ ᠪᠠᠭᠠᠯᠵᠤᠤᠷ᠎ᠲᠠᠢ᠎ᠨᠢ ᠰᠤᠭᠤᠯᠤᠨ᠎ᠠ〉 ᠭᠡᠵᠦ ᠦᠰᠦ᠎ᠶᠢ᠎ᠮᠢᠨᠢ ᠬᠠᠭᠤ ᠲᠠᠲᠠᠪᠠ》 ᠭᠡᠳ ᠬᠣᠷᠯᠣ᠂ ᠵᠠᠩᠭᠢᠳᠤᠭᠰᠠᠨ ᠨᠢᠳᠤᠷᠭ᠎ᠠ᠎ᠪᠠᠨ ᠠᠶᠠᠷᠬᠠᠨ ᠨᠡᠭᠡᠭᠡᠵᠦ:

《ᠲᠡᠭᠡᠭᠡᠳ ᠠᠪᠳᠠᠷ᠎ᠠ ᠱᠦᠭᠦᠢ᠂ ᠠᠶᠠᠭ᠎ᠠ ᠰᠢᠨᠠᠭ᠎ᠠ ᠲᠠᠴᠢᠭᠢᠨᠠᠭᠤᠯᠤᠨ ᠲᠦᠴᠢᠭᠢᠨᠡᠭᠦᠯᠵᠦ ᠪᠠᠢᠭᠰᠠᠨ᠃ ᠮᠡᠳᠡᠭᠳᠡᠬᠦ᠎ᠡᠴᠡ ᠲᠡᠳᠡᠨ᠎ᠦ ᠲᠡᠢᠷᠡᠩ ᠬᠥᠯ᠂ ᠭᠦᠷᠦᠮᠡᠯ ᠲᠠᠰᠢᠭᠤᠷ᠎ᠠᠴᠠ ᠥᠭᠡᠷ᠎ᠡ ᠶᠠᠭᠤᠮ᠎ᠠ ᠨᠠᠳᠠ᠎ᠲᠠᠢ ᠤᠴᠠᠷᠠᠬᠤ᠎ᠦᠭᠡᠢ ᠪᠠᠢᠭᠰᠠᠨ᠃ 〈 ᠭᠤᠶᠤᠪᠠ ᠭᠡᠳ ᠥᠷᠦᠰᠢᠶᠡᠬᠦ᠎ᠦᠭᠡᠢ᠂ ᠭᠤᠲᠤᠷᠠᠪᠠ ᠭᠡᠳ ᠥᠷᠦ ᠡᠪᠡᠳᠬᠦ᠎ᠦᠭᠡᠢ〉᠎ᠨᠢ ᠮᠠᠭᠠᠳ ᠭᠡᠵᠦ ᠪᠣᠳᠤᠭᠠᠳ ᠰᠢᠳᠦ ᠵᠠᠭᠤᠨ 〈 ᠨᠠᠰᠤ᠎ᠪᠠᠨ ᠠᠯᠳᠠᠵᠤ ᠶᠠᠰᠤ᠎ᠪᠠᠨ ᠴᠠᠢᠯᠭᠠᠬᠤ᠎ᠶᠢ᠎ᠨᠢ ᠪᠢ ᠦᠵᠡᠬᠦ᠎ᠦᠭᠡᠢ᠎ᠴᠦ ᠭᠡᠰᠡᠨ ᠮᠢᠨᠦ ᠦᠷ᠎ᠡ ᠠᠴᠢ᠎ᠨᠠᠷ ᠦᠵᠡᠨ᠎ᠡ》 ᠭᠡᠳ ᠨᠢᠭᠤᠷᠳᠠᠨ ᠵᠣᠭᠰᠤᠭᠰᠠᠨ ᠯᠢᠦ ᠬᠤᠷᠢᠶᠠᠨ ᠳᠠᠷᠤᠭ᠎ᠠ᠎ᠶᠢᠨ ᠭᠠᠷ᠎ᠢ ᠠᠳᠭᠤᠵᠤ:

《ᠴᠢᠨᠦ ᠬᠡᠯᠡᠵᠦ ᠪᠠᠢᠳᠠᠭ 〈ᠠᠮᠢᠳᠤ ᠪᠤᠷᠬᠠᠨ〉 ᠭᠡᠭᠴᠢ᠎ᠨᠢ ᠶᠣᠰᠤ᠎ᠲᠠᠢ ᠡᠨᠡ ᠪᠠᠢᠨ᠎ᠠ᠂ ᠨᠢᠳᠦ ᠨᠡᠭᠡᠭᠡᠬᠦ᠎ᠳᠦ ᠭᠠᠳᠠᠭ᠎ᠠ ᠠᠪᠠᠴᠢᠵᠤ ᠰᠠᠯᠬᠢ ᠥᠭᠡᠳᠡ ᠬᠠᠷᠠᠭᠤᠯᠤᠭᠠᠳ ᠬᠡᠳᠦᠨ ᠬᠥᠮᠦᠨ ᠡᠩᠭᠡᠷ᠎ᠢ᠎ᠮᠢᠨᠢ ᠲᠠᠢᠯᠵᠤ ᠪᠠᠢᠯ᠎ᠠ᠃ 〈ᠥᠨᠥ ᠮᠤᠤᠰᠠᠢᠨ ᠨᠣᠬᠠᠳ ᠨᠢᠴᠦᠭᠦᠯᠡᠨ ᠲᠠᠮᠤᠯᠠᠬᠤ ᠪᠣᠯᠵᠤ ᠰᠢᠤ᠂ ᠣᠢᠷᠠᠲᠤᠭᠰᠠᠨ ᠳᠡᠭᠡᠷ᠎ᠡ᠎ᠨᠢ ᠲᠦᠭᠦᠰᠢᠯᠡᠶ᠎ᠡ〉 ᠭᠡᠳ ᠰᠢᠳᠦ ᠵᠠᠭᠤᠨ ᠠᠯᠠᠭᠠᠳᠠᠭᠰᠠᠨ᠎ᠴᠢᠨᠢ ᠬᠥᠭᠡᠷᠦᠬᠦᠢ!ᠮᠢᠨᠦ ᠠᠪᠤᠷᠠᠭᠴᠢ ᠬᠥᠮᠦᠨ ᠪᠠᠢᠵᠠᠢ》 ᠭᠡᠵᠦ ᠬᠣᠷᠯᠣ᠎ᠶᠢ ᠵᠣᠪᠠᠭᠰᠠᠨ ᠲᠥᠯᠦᠪ᠎ᠲᠡᠢ ᠪᠣᠯᠬᠤ᠎ᠳᠤ ᠯᠢᠦ ᠳᠠᠷᠤᠭ᠎ᠠ᠎ᠶᠢᠨ ᠨᠢᠭᠤᠷ ᠳᠡᠭᠡᠷ᠎ᠡ ᠢᠨᠢᠶᠡᠳᠦ ᠳᠡᠯᠭᠡᠷᠡᠪᠡ᠃

《ᠲᠠᠨ᠎ᠳᠤ ᠵᠠᠬᠢᠳᠠᠯ ᠦᠯᠡᠳᠡᠭᠡᠵᠦ ᠬᠣᠷᠯᠣ ᠡᠵᠢ᠎ᠶᠢ ᠠᠪᠴᠢᠷᠠᠨ ᠡᠮᠨᠡᠵᠦ ᠥᠭᠬᠦ᠎ᠶᠢ ᠪᠢᠴᠢᠭᠰᠡᠨ᠎ᠶᠦᠮ᠎ᠰᠡᠨ᠃ ᠲᠠ ᠦᠵᠡᠪᠡ᠎ᠦᠦ?》 ᠭᠡᠵᠦ ᠯᠢᠦ ᠬᠤᠷᠢᠶᠠᠨ ᠳᠠᠷᠤᠭ᠎ᠠ ᠬᠡᠯᠡᠬᠦ᠎ᠳᠦ ᠬᠡᠰᠢᠭᠲᠣᠭᠲᠠᠬᠤ ᠡᠪᠦᠷ᠎ᠢᠶᠡᠨ ᠠᠭᠤᠳᠠᠯᠵᠤ ᠬᠣᠶᠠᠷ ᠡᠪᠬᠡᠳᠡᠰᠦ ᠭᠠᠷᠭᠠᠯ᠎ᠠ᠃ ᠰᠠᠮᠪᠤᠤ ᠨᠢᠭᠡ᠎ᠶᠢ᠎ᠨᠢ ᠤᠩᠰᠢᠭᠠᠳ:

《ᠡᠨᠡ᠎ᠴᠢᠨᠢ ᠲᠠᠨᠠᠢᠬᠢ᠎ᠠᠴᠠ ᠨᠢᠭᠡ ᠴᠢᠳᠦᠷ ᠵᠢᠭᠡᠯᠡᠵᠦ ᠬᠡᠷᠡᠭᠯᠡᠭᠰᠡᠨ᠎ᠦ ᠪᠠᠷᠢᠮᠲᠠ ᠪᠠᠢᠨ᠎ᠠ》 ᠭᠡᠪᠡ᠃

ᠲᠡᠷᠡ ᠦᠶ᠎ᠡ᠎ᠶᠢᠨ ᠴᠡᠷᠢᠭ᠂ ᠺᠠᠳ᠋ᠷ᠎ᠤᠳ ᠠᠷᠠᠳ ᠲᠦᠮᠡᠨ᠎ᠡᠴᠡ ᠬᠦᠨᠡᠰᠦ᠂ ᠮᠣᠷᠢᠨ᠎ᠤ ᠲᠡᠵᠢᠭᠡᠯ ᠬᠡᠷᠡᠭᠯᠡᠪᠡᠯ ᠡᠷᠬᠡᠪᠰᠢ ᠪᠠᠷᠢᠮᠲᠠ ᠦᠯᠡᠳᠡᠭᠡᠭᠡᠳ᠂ ᠬᠣᠵᠢᠮ᠎ᠨᠢ ᠨᠡᠢᠭᠡᠮ᠎ᠦᠨ ᠠᠯᠪᠠᠨ ᠡᠭᠦᠷᠭᠡ᠎ᠪᠡᠷ ᠪᠣᠳᠤᠳᠠᠭ ᠪᠣᠯᠬᠣᠷ ᠬᠡᠰᠢᠭᠲᠣᠭᠲᠠᠬᠤ ᠡᠨᠡᠬᠦ ᠪᠢᠴᠢᠭ᠎ᠢ ᠰᠠᠷ᠎ᠠ ᠬᠠᠳᠠᠭᠠᠯᠠᠬᠤ᠎ᠳᠠᠭᠠᠨ 《ᠳᠠᠭ᠎ᠠ᠎ᠶᠢ᠎ᠮᠢᠨᠢ ᠡᠰᠡ ᠥᠭᠪᠡᠴᠦ ᠽᠠᠨᠳᠠᠨ ᠬᠦᠷᠡᠩ᠎ᠢᠶᠡᠨ ᠠᠯᠪᠠᠨ ᠬᠥᠯ᠎ᠳᠦ ᠣᠷᠤᠭᠤᠯᠬᠤ᠎ᠦᠭᠡᠢ》 ᠭᠡᠵᠦ ᠠᠷᠭᠠᠯᠠᠬᠤ᠎ᠪᠠᠷ ᠰᠠᠨᠠᠵᠤ ᠪᠠᠢᠵᠠᠢ᠃ ᠬᠠᠷᠢᠨ ᠰᠡᠭᠦᠯᠴᠢ᠎ᠶᠢᠨ ᠡᠪᠬᠡᠭᠡᠳᠡᠰᠦᠨ᠎ᠦ ᠤᠴᠢᠷ᠎ᠢ ᠶᠡᠷᠦ᠎ᠳᠡᠭᠡᠨ ᠪᠣᠳᠤᠵᠤ ᠮᠡᠳᠡᠭᠡᠳᠦᠢ ᠪᠥᠭᠡᠳ ᠥᠪᠡᠷ᠎ᠦᠨ ᠭᠡᠵᠦ ᠢᠲᠡᠭᠡᠬᠦ ᠬᠥᠮᠦᠨ᠎ᠡᠴᠡ ᠠᠰᠠᠭᠤᠬᠤ ᠲᠣᠬᠢᠶᠠᠯ᠎ᠴᠤ ᠲᠠᠭᠠᠷᠠᠯᠳᠤᠭᠰᠠᠨ᠎ᠦᠭᠡᠢ ᠪᠠᠢᠵᠠᠢ᠃ ᠡᠨᠡ ᠵᠠᠬᠢᠳᠠᠯ᠎ᠤᠳ᠎ᠤᠨ ᠲᠤᠬᠠᠢ ᠲᠣᠬᠢᠲᠠᠢ ᠦᠭᠡ ᠬᠡᠯᠡᠵᠦ ᠴᠢᠳᠠᠭᠰᠠᠨ᠎ᠦᠭᠡᠢ ᠪᠣᠯᠪᠠᠴᠤ ᠬᠡᠰᠢᠭᠲᠣᠭᠲᠠᠬᠤ ᠥᠪᠡᠷ᠎ᠦᠨ᠎ᠢᠶᠡᠨ ᠪᠣᠳᠤᠵᠤ ᠰᠠᠨᠠᠭᠰᠠᠨ ᠵᠦᠢᠯ ᠪᠠ ᠰᠠᠷ᠎ᠠ ᠬᠣᠷᠢᠨ ᠬᠣᠨᠤᠭ᠎ᠤᠨ ᠳᠣᠲᠤᠷ᠎ᠠ ᠪᠣᠯᠤᠭᠰᠠᠨ ᠶᠠᠪᠤᠳᠠᠯ᠎ᠤᠳ᠎ᠨᠢ ᠲᠡᠳᠡ ᠭᠤᠷᠪᠠ᠎ᠳᠤ ᠲᠣᠭᠠᠴᠢᠨ ᠶᠠᠷᠢᠬᠤ ᠰᠡᠳᠦᠪ ᠪᠣᠯᠵᠠᠢ᠃

《ᠠᠪᠤ᠎ᠶᠢᠨ ᠣᠯᠵᠠᠯᠠᠭᠰᠠᠨ ᠫᠤᠤ᠎ᠶᠢ ᠦᠵᠡ!》 ᠭᠡᠵᠦ ᠭᠠᠷ ᠫᠤᠤ ᠡᠭᠡᠯᠳᠦᠷᠭᠡᠯᠡᠨ᠂ ᠤᠷᠲᠤ ᠫᠤᠤ ᠪᠠᠷᠢᠵᠤ ᠢᠷᠡᠭᠰᠡᠨ ᠰᠢᠶᠣᠣ ᠴᠢᠨ ᠬᠠᠮᠠᠷ ᠠᠮᠠ᠎ᠪᠠᠨ ᠲᠣᠮᠤᠯᠵᠠᠭᠤᠯᠤᠨ: 《ᠪᠤᠳᠠᠭ᠎ᠠ ᠬᠠᠯᠠᠭᠤᠯᠵᠤ ᠪᠠᠢᠨ᠎ᠠ᠃ ᠳᠠᠷᠤᠭ᠎ᠠ ᠡ!》 ᠭᠡᠳ ᠦᠭᠡ᠎ᠪᠡᠨ ᠬᠤᠷᠢᠶᠠᠯ᠎ᠠ᠃ ᠬᠡᠰᠢᠭᠲᠣᠭᠲᠠᠬᠤ᠂ ᠴᠡᠷᠢᠭ᠎ᠲᠦ ᠡᠯᠰᠡᠭᠳᠡᠬᠦ᠎ᠪᠡᠷ ᠢᠷᠡᠭᠰᠡᠨ ᠲᠤᠬᠠᠢ᠎ᠪᠠᠨ ᠶᠠᠷᠢᠬᠤ᠎ᠳᠤ ᠰᠠᠮᠪᠤᠤ᠂ ᠯᠢᠦ ᠨᠥᠬᠦᠷ ᠬᠣᠶᠠᠷ ᠲᠡᠭᠦᠨ᠎ᠦ ᠭᠠᠷ᠎ᠢ ᠠᠳᠭᠤᠪᠠ᠃ ᠬᠣᠷᠯᠣ᠎ᠶᠢᠨ ᠨᠢᠳᠦᠨ᠎ᠳᠦᠨᠢ ᠬᠡᠦᠬᠡᠨ ᠦᠶ᠎ᠡ᠎ᠶᠢᠨ ᠬᠢᠨᠢ ᠣᠴᠢᠲᠤ ᠲᠤᠩᠭᠠᠯᠠᠭ ᠭᠡᠷᠡᠯ ᠣᠷᠭᠭᠢᠯᠤᠨ ᠴᠣᠪᠤᠭᠤ ᠴᠡᠴᠡᠭᠡᠢ᠎ᠨᠢ ᠮᠦᠰᠢᠶᠡᠭᠰᠡᠭᠡᠷ ᠪᠠᠢᠪᠠ᠃

ᠴᠡᠷᠢᠭ ᠮᠣᠷᠳᠠᠬᠤ ᠳᠣᠬᠢᠶ᠎ᠠ ᠲᠠᠯᠪᠢᠯ᠎ᠠ᠃ ᠠᠩᠬᠠᠳᠠᠭᠴᠢ᠎ᠶᠢᠨ ᠪᠠᠢᠯᠳᠤᠭᠠᠨ᠎ᠳᠤ ᠲᠥᠪ ᠶᠣᠰᠤᠭᠠᠷ ᠮᠣᠷᠳᠠᠬᠤ ᠭᠡᠰᠡᠨ ᠬᠡᠰᠢᠭᠲᠣᠭᠲᠠᠬᠤ ᠭᠦᠵᠡᠭᠡ ᠰᠢᠷ᠎ᠠ᠎ᠲᠠᠢ ᠵᠠᠭᠤᠷᠠᠯᠳᠤᠨ ᠨᠣᠴᠤᠯᠳᠤᠵᠤ ᠪᠠᠢᠭᠠᠳ ᠮᠠᠯᠠᠭᠠᠢ᠎ᠪᠠᠨ ᠭᠡᠭᠡᠭᠰᠡᠨ᠎ᠢᠶᠡᠨ ᠦᠭᠡᠢᠯᠡᠵᠡᠢ᠃ ᠰᠢᠶᠣᠣ ᠴᠢᠨ ᠪᠣᠷᠤ ᠮᠠᠯᠠᠭᠠᠢ᠎ᠪᠠᠨ ᠡᠮᠦᠰᠭᠦᠯᠬᠦ᠎ᠳᠦ ᠳᠡᠭᠵᠢᠨ ᠳᠤᠩᠭᠠᠷ :

《ᠬᠦᠦ᠎ᠶᠢᠨ᠎ᠢᠶᠡᠨ ᠮᠠᠯᠠᠭᠠᠢ᠎ᠶᠢ ᠡᠮᠦᠰᠦᠭᠡᠳ ᠳᠠᠢᠰᠤᠨ᠎ᠤ ᠵᠡᠪᠰᠡᠭ᠎ᠢᠶᠡᠷ ᠬᠤᠶᠠᠭᠯᠠᠭᠰᠠᠨ ᠰᠢᠨ᠎ᠡ ᠪᠠᠢᠯᠳᠤᠭᠴᠢ 〈ᠬᠣᠷᠢᠨ ᠲᠠᠪᠤ〉᠎ᠲᠠᠢ ᠪᠤᠭᠤᠷᠤᠯ ᠰᠠᠬᠠᠯᠲᠤ ᠬᠡᠰᠢᠭᠲᠣᠭᠲᠠᠬᠤ》 ᠭᠡᠵᠦ ᠬᠠᠵᠠᠭᠤ᠎ᠳᠠᠬᠢ ᠨᠥᠬᠦᠷ᠎ᠲᠡᠭᠡᠨ ᠢᠨᠢᠶᠡᠵᠦ ᠶᠠᠷᠢᠪᠠ᠃

ᠡᠷᠬᠡ ᠴᠢᠯᠦᠭᠡᠨ᠎ᠦ ᠠᠯᠲᠠᠨ ᠲᠦᠯᠬᠢᠭᠦᠷ᠎ᠢ ᠠᠳᠭᠤᠬᠤ᠎ᠪᠠᠷ ᠲᠡᠮᠡᠴᠡᠭᠰᠡᠨ ᠵᠣᠷᠢᠭᠲᠤ ᠪᠠᠭᠠᠲᠤᠷ᠎ᠤᠳ᠎ᠢᠶᠠᠨ ᠦᠳᠡᠵᠦ᠂ ᠡᠩᠬᠡ ᠮᠡᠨᠳᠦ᠎ᠶᠢ᠎ᠨᠢ ᠵᠥᠩᠨᠡᠨ ᠠᠶᠠᠷᠯᠠᠬᠤ ᠬᠣᠷᠯᠣ᠂ ᠰᠢᠶᠣᠣ ᠴᠢᠨ᠂ ᠰᠠᠮᠪᠤᠤ᠎ᠶᠢᠨ ᠪᠦᠰᠡᠭᠦᠢ ᠬᠣᠶᠠᠷ᠎ᠢᠶᠠᠷ ᠲᠦᠰᠢᠭᠦᠯᠵᠦ ᠭᠠᠷᠤᠭᠠᠳ ᠰᠠᠷᠠᠪᠴᠢᠯᠠᠨ ᠬᠠᠷᠠᠵᠤ ᠵᠣᠭᠰᠤᠪᠠ᠃ ᠡᠰᠡᠨ ᠮᠡᠨᠳᠦ ᠠᠮᠢᠳᠤᠷᠠᠯ᠎ᠤᠨ ᠡᠭᠦᠳᠡ᠎ᠶᠢ ᠰᠡᠬᠦᠭᠰᠡᠨ ᠬᠡᠰᠢᠭᠲᠣᠭᠲᠠᠬᠤ᠂ ᠡᠯᠢᠭᠡ ᠵᠢᠷᠦᠬᠡ ᠨᠢᠭᠡᠲᠡᠨ᠎ᠦ᠎ᠪᠡᠨ ᠡᠩᠨᠡᠭᠡ ᠳᠤᠮᠳᠠ ᠡᠷ᠎ᠡ ᠴᠢᠳᠠᠯᠲᠤ ᠽᠠᠨᠳᠠᠨ ᠬᠦᠷᠡᠩ᠎ᠦᠨ ᠠᠭᠰᠤᠮᠨᠠᠨ ᠬᠥᠨᠲᠡᠷᠬᠦ ᠵᠢᠯᠤᠭᠤ᠎ᠶᠢ ᠳᠠᠷᠤᠭᠰᠠᠭᠠᠷ ᠣᠳᠪᠠ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082