ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠣᠨᠳᠤᠷ

ᠮᠠᠤᠫᠠᠰᠰᠠᠨ

ᠲᠡᠷᠡ ᠮᠥᠨ᠎ᠴᠦ ᠨᠢᠭᠡ᠎ᠯᠡ ᠰᠡᠳᠭᠢᠯ ᠬᠥᠳᠡᠯᠭᠡᠮ᠎ᠡ ᠰᠠᠢᠬᠠᠨ ᠲᠥᠷᠦᠭᠰᠡᠨ ᠬᠡᠦᠬᠡᠨ᠎ᠶᠦᠮ᠃ ᠬᠤᠪᠢ ᠵᠠᠶᠠᠭᠠᠨ᠎ᠳᠤᠨᠢ ᠠᠨᠳᠠᠭᠤᠷᠠᠯ ᠭᠠᠷᠤᠭᠰᠠᠨ᠎ᠠᠴᠠ᠎ᠴᠤ᠎ᠶᠤᠮ᠎ᠤᠤ ᠨᠢᠭᠡᠨ ᠪᠠᠭᠠᠬᠠᠨ ᠲᠤᠰᠢᠶᠠᠯᠲᠠᠨ᠎ᠤ ᠭᠡᠷ᠎ᠲᠦ ᠲᠥᠷᠦᠵᠡᠢ᠃ ᠲᠡᠭᠦᠨ᠎ᠳᠦ ᠵᠠᠰᠠᠯ ᠵᠢᠮᠰᠡᠭ ᠪᠠᠢᠭ᠎ᠠ᠎ᠦᠭᠡᠢ᠎ᠶᠢᠨ ᠳᠡᠭᠡᠷ᠎ᠡ ᠨᠢᠭᠡᠨ ᠪᠠᠶᠠᠨ ᠬᠡᠭᠡᠨᠴᠢᠷ ᠬᠥᠮᠦᠨ᠎ᠳᠦ ᠲᠠᠨᠢᠭᠳᠠᠬᠤ᠂ ᠣᠢᠯᠠᠭᠠᠭᠳᠠᠬᠤ᠂ ᠳᠤᠷᠠᠯᠠᠭᠳᠠᠬᠤ᠂ ᠪᠣᠭᠲᠤᠯᠠᠭᠳᠠᠬᠤ᠎ᠶᠢᠨ ᠠᠷᠭ᠎ᠠ᠎ᠴᠤ ᠪᠠᠰᠠ ᠪᠠᠢᠭᠰᠠᠨ᠎ᠦᠭᠡᠢ᠃ ᠡᠴᠦᠰ᠎ᠲᠡᠭᠡᠨ ᠰᠤᠷᠭᠠᠨ ᠬᠥᠮᠦᠵᠢᠯ᠎ᠦᠨ ᠶᠠᠮᠤᠨ᠎ᠤ ᠨᠢᠭᠡ ᠪᠢᠴᠢᠭᠡᠴᠢ᠎ᠲᠡᠢ᠎ᠯᠡ ᠭᠡᠷᠯᠡᠨ ᠰᠠᠭᠤᠵᠠᠢ᠃

ᠲᠡᠷᠡ ᠭᠣᠶᠤᠬᠤ ᠵᠠᠰᠠᠬᠤ᠎ᠶᠢ ᠣᠷᠤᠯᠳᠤᠵᠤ ᠴᠢᠳᠠᠬᠤ᠎ᠦᠭᠡᠢ᠎ᠳᠠᠭᠠᠨ ᠪᠣᠷᠤ ᠳᠦᠷᠢ᠎ᠶᠢᠨ ᠬᠤᠪᠴᠠᠰᠤ᠎ᠲᠠᠢ᠎ᠯᠠ ᠶᠠᠪᠤᠳᠠᠭ ᠪᠣᠯᠤᠭᠰᠠᠨ᠎ᠨᠢ ᠲᠡᠭᠦᠨ᠎ᠦ ᠪᠠᠢᠷᠢ ᠰᠠᠭᠤᠷᠢ᠎ᠶᠢ ᠳᠣᠷᠤᠭᠰᠢᠯᠠᠭᠤᠯᠤᠭᠰᠠᠨ᠎ᠰᠢᠭ᠋ ᠪᠣᠯᠵᠤ᠂ ᠲᠤᠩ ᠵᠣᠯ᠎ᠦᠭᠡᠢ ᠶᠠᠪᠤᠳᠠᠯ ᠭᠡᠵᠦ ᠥᠪᠡᠷ᠎ᠢᠶᠡᠨ ᠪᠣᠳᠤᠳᠠᠭ ᠪᠠᠢᠵᠠᠢ᠃ ᠤᠴᠢᠷ᠎ᠨᠢ ᠡᠮᠡᠭᠲᠡᠢ ᠬᠥᠮᠦᠨ᠎ᠳᠦ ᠶᠡᠷᠦ᠎ᠡᠴᠡ ᠠᠩᠭᠢ᠂ ᠠᠷᠠᠰᠤᠲᠠᠨ᠎ᠤ ᠢᠯᠭᠠᠭ᠎ᠠ ᠪᠠᠢᠬᠤ᠎ᠦᠭᠡᠢ᠃ ᠲᠡᠳᠡᠨ᠎ᠦ ᠦᠵᠡᠰᠭᠦᠯᠡᠩ ᠭᠤᠤ᠎ᠠ᠂ ᠲᠡᠳᠡᠨ᠎ᠦ ᠭᠠᠩᠭᠠᠩ ᠭᠣᠶᠤ᠂ ᠲᠡᠳᠡᠨ᠎ᠦ ᠤᠷᠠᠨ ᠨᠣᠬᠢᠯᠤᠯ ᠪᠣᠯ ᠲᠡᠳᠡᠨ᠎ᠦ ᠭᠠᠷᠤᠯ ᠮᠥᠨ᠃ ᠲᠡᠳᠡᠨ᠎ᠦ ᠲᠥᠷᠦᠯᠬᠢ ᠰᠡᠴᠡᠨ ᠰᠡᠷᠭᠦᠯᠡᠩ᠂ ᠲᠡᠳᠡᠨ᠎ᠦ ᠰᠢᠯᠢᠳᠡᠭ ᠰᠠᠢᠬᠠᠨ ᠴᠢᠨᠠᠷ ᠪᠠᠢᠳᠠᠯ᠂ ᠲᠡᠳᠡᠨ᠎ᠦ ᠡᠶᠡᠯᠳᠡᠭ ᠵᠥᠭᠡᠯᠡᠨ ᠰᠡᠳᠭᠢᠯ ᠰᠠᠨᠠᠭ᠎ᠠ ᠪᠣᠯ ᠲᠡᠳᠡᠨ᠎ᠦ ᠴᠣᠷ᠎ᠤᠨ ᠭᠠᠭᠴᠠ ᠬᠢᠷᠢ ᠬᠡᠮᠵᠢᠶ᠎ᠡ᠎ᠨᠢ ᠮᠥᠨ ᠲᠤᠯᠠ ᠡᠭᠡᠯ ᠠᠷᠠᠳ᠎ᠤᠨ ᠥᠬᠢᠨ᠎ᠢ ᠡᠷᠬᠢᠮ ᠢᠵᠠᠭᠤᠷᠲᠠᠨ᠎ᠤ ᠬᠠᠲᠤᠨ᠎ᠲᠠᠢ ᠲᠡᠩ ᠰᠠᠴᠠᠭᠤ ᠪᠣᠯᠭᠠᠳᠠᠭ᠎ᠴᠤ ᠪᠠᠢᠨ᠎ᠠ᠃

ᠲᠡᠷᠡ ᠥᠪᠡᠷ᠎ᠢ᠎ᠪᠡᠨ ᠡᠷᠬᠢᠮᠰᠦᠭ ᠳᠡᠭᠡᠳᠦ ᠳᠡᠭᠡᠷ᠎ᠡ᠎ᠪᠡᠨ ᠱᠠᠯᠢᠨ ᠪᠦᠷᠢᠯᠭᠡᠳᠡᠭ ᠠᠮᠢᠳᠤᠷᠠᠯ ᠬᠢᠬᠦ᠎ᠶᠢᠨ ᠲᠥᠯᠦᠭᠡ ᠲᠥᠷᠦᠭᠰᠡᠨ ᠭᠡᠵᠦ ᠪᠣᠳᠤᠳᠠᠭ ᠲᠤᠯᠠ ᠦᠷᠭᠦᠯᠵᠢ ᠭᠠᠰᠢᠭᠤᠨ ᠵᠣᠪᠠᠭᠤᠷᠢᠲᠠᠢ ᠰᠠᠨᠠᠭᠳᠠᠨ᠎ᠠ᠃ ᠣᠷᠤᠨ ᠪᠠᠢᠷᠢ᠎ᠶᠢᠨ ᠦᠵᠡᠰᠢ᠎ᠦᠭᠡᠢ ᠮᠠᠭᠤᠬᠠᠢ᠂ ᠬᠠᠨ᠎ᠠ ᠲᠤᠭᠤᠷᠭ᠎ᠠ᠎ᠶᠢᠨ ᠬᠠᠷ᠎ᠠ ᠪᠣᠷᠤ᠂ ᠰᠢᠷᠡᠭᠡ ᠰᠠᠨᠳᠠᠯᠢ᠎ᠶᠢᠨ ᠴᠤᠴᠠᠷᠬᠠᠢ ᠬᠠᠭᠤᠴᠢᠨ᠂ ᠬᠤᠪᠴᠠᠰᠤ ᠬᠤᠨᠠᠷ᠎ᠤᠨ ᠪᠦᠳᠦᠭᠦᠯᠢᠭ ᠬᠣᠮᠰᠠ᠎ᠨᠢ ᠴᠥᠮ ᠲᠡᠭᠦᠨ᠎ᠢ ᠪᠤᠬᠢᠨᠢᠳᠤᠭᠤᠯᠤᠨ᠎ᠠ᠃ ᠡᠳᠡᠭᠡᠷ ᠶᠠᠭᠤᠮ᠎ᠠ ᠲᠡᠭᠦᠨ᠎ᠲᠡᠢ ᠠᠳᠠᠯᠢ ᠪᠠᠢᠷᠢ ᠰᠠᠭᠤᠷᠢ᠎ᠲᠠᠢ ᠣᠨᠳᠣᠣ ᠬᠠᠲᠤᠨ᠎ᠳᠤ ᠪᠣᠯ ᠬᠠᠢᠬᠤᠷᠤᠭᠳᠠᠬᠤ᠎ᠦᠭᠡᠢ᠎ᠴᠤ ᠪᠠᠢᠵᠤ ᠮᠡᠳᠡᠨ᠎ᠡ᠃ ᠬᠠᠷᠢᠨ ᠲᠡᠷᠡ ᠡᠭᠦᠨ᠎ᠡᠴᠡ ᠪᠣᠯᠵᠤ ᠡᠢᠨ᠎ᠬᠦ ᠵᠣᠪᠠᠨᠢᠵᠤ᠂ ᠡᠢᠨ᠎ᠬᠦ ᠡᠮᠭᠡᠨᠢᠳᠡᠭ ᠠᠵᠢ᠃ ᠲᠡᠷᠡ᠂ ᠭᠡᠷ᠎ᠦᠨ ᠠᠷᠰᠠᠷ ᠠᠵᠢᠯ᠎ᠢ᠎ᠨᠢ ᠬᠢᠵᠦ ᠪᠠᠢᠭ᠎ᠠ ᠪᠷᠧᠲ᠋ᠠᠨᠧ ᠮᠤᠵᠢ᠎ᠶᠢᠨ ᠪᠢᠴᠢᠬᠠᠨ ᠰᠢᠪᠡᠭᠴᠢᠨ᠎ᠢᠶᠡᠨ ᠬᠠᠷᠠᠭᠠᠳ᠂ ᠰᠡᠳᠭᠢᠯ᠎ᠦᠨ ᠬᠢᠨᠢ ᠳᠣᠲᠤᠷ᠎ᠠ ᠭᠤᠨᠢᠭᠲᠤ ᠪᠣᠳᠤᠯᠭᠠᠰᠢᠷᠠᠯ᠂ ᠳᠡᠮᠡᠢᠷᠡᠭᠰᠡᠨ ᠬᠡᠢ ᠬᠦᠰᠡᠯ ᠲᠥᠷᠦᠭᠳᠡᠪᠡ᠃ ᠬᠠᠨ᠎ᠠ ᠲᠤᠭᠤᠷᠭ᠎ᠠ᠎ᠶᠢ᠎ᠨᠢ ᠳᠣᠷᠤᠨᠠᠳᠠᠬᠢᠨ᠎ᠤ ᠦᠢᠯᠡᠳᠦᠭᠰᠡᠨ ᠬᠥᠰᠢᠭᠡ᠎ᠪᠡᠷ ᠴᠢᠮᠡᠭᠯᠡᠭᠰᠡᠨ ᠲᠡᠷᠡ᠎ᠬᠦ ᠰᠡᠯᠡᠭᠦᠨ ᠲᠤᠩᠭᠠᠯᠠᠭ ᠥᠷᠦᠭᠡ ᠲᠠᠩᠬᠢᠮ᠎ᠳᠤ ᠥᠨᠳᠦᠷ ᠬᠥᠯ᠎ᠲᠡᠢ ᠭᠠᠤᠯᠢᠨ ᠳ᠋ᠧᠩ ᠪᠠᠷᠢᠴᠢᠬᠠᠭᠰᠠᠨ᠂ ᠪᠠᠰᠠ ᠣᠬᠤᠷ ᠥᠮᠦᠳᠦ᠎ᠲᠡᠢ ᠬᠣᠶᠠᠷ ᠵᠠᠷᠤᠴᠠ ᠪᠠᠢᠬᠤ ᠪᠥᠭᠡᠳ ᠠᠭᠤᠵᠢᠮ ᠲᠠᠯᠪᠢᠭᠤ ᠰᠠᠨᠳᠠᠯᠢ ᠳᠡᠭᠡᠷ᠎ᠡ ᠬᠡᠪᠲᠡᠵᠦ ᠵᠤᠤᠬᠠᠨ᠎ᠤ ᠬᠠᠯᠠᠭᠤᠨ᠎ᠳᠤ ᠡᠭᠡᠭᠡᠭᠳᠡᠭᠡᠳ ᠳᠤᠭᠵᠢᠷᠠᠯ᠎ᠠ ᠭᠡᠵᠦ ᠬᠡᠢ ᠰᠠᠨᠠᠪᠠ᠃ ᠲᠡᠷᠡ᠎ᠬᠦ ᠠᠭᠤᠵᠢᠮ ᠰᠠᠷᠠᠭᠤᠯ ᠵᠣᠴᠢᠳ᠎ᠤᠨ ᠥᠷᠦᠭᠡᠨ᠎ᠳᠦ ᠡᠷᠲᠡᠨ᠎ᠦ ᠮᠠᠶᠢᠭ᠎ᠤᠨ ᠬᠡᠮᠡᠷᠯᠢᠭ ᠬᠥᠰᠢᠭᠡ ᠲᠠᠲᠠᠴᠢᠬᠠᠭᠰᠠᠨ ᠪᠠᠢᠬᠤ ᠪᠥᠭᠡᠳ ᠤᠷᠠᠨ ᠬᠢᠴᠡᠲᠡᠢ ᠮᠣᠳᠤᠨ ᠡᠳ᠋ᠯᠡᠯ᠂ ᠡᠷᠲᠡᠨ᠎ᠦ ᠮᠠᠶᠢ᠍ᠭ᠎ᠤᠨ ᠡᠷᠬᠢᠮ ᠰᠣᠨᠢᠨ ᠲᠣᠭᠯᠠᠭᠠᠮ᠎ᠢ ᠥᠷᠦᠨ ᠲᠠᠯᠪᠢᠭᠰᠠᠨ ᠪᠠᠢᠨ᠎ᠠ ᠭᠡᠵᠦ ᠬᠡᠢ ᠰᠠᠨᠠᠨ᠎ᠠ᠃ ᠲᠡᠷᠡ᠎ᠬᠦ ᠰᠠᠢᠬᠠᠨ ᠦᠨᠦᠷ ᠠᠩᠬᠢᠯᠤᠭᠰᠠᠨ ᠦᠵᠡᠰᠭᠦᠯᠡᠩ ᠭᠣᠶᠤ ᠵᠣᠴᠢᠳ᠎ᠤᠨ ᠪᠢᠴᠢᠬᠠᠨ ᠲᠠᠰᠤᠯᠭᠠᠨ᠎ᠳᠤ ᠦᠳᠡ᠎ᠶᠢᠨ ᠬᠣᠢᠨᠠᠬᠢ ᠲᠠᠪᠤᠨ ᠴᠠᠭ᠎ᠤᠨ ᠦᠶᠡᠰ ᠲᠡᠭᠦᠨ᠎ᠲᠡᠢ ᠬᠠᠮᠤᠭ᠎ᠤᠨ ᠳᠣᠲᠤᠨᠤ ᠪᠣᠯᠤᠭᠰᠠᠨ ᠡᠷᠡᠭᠲᠡᠢ ᠨᠠᠢᠵᠠ᠎ᠲᠠᠢ᠎ᠪᠠᠨ ᠵᠣᠭᠤᠭ ᠲᠠᠭᠠᠷᠠᠬᠤ ᠪᠤᠶᠤ ᠪᠦᠰᠡᠭᠦᠢᠴᠦᠳ᠎ᠦᠨ ᠬᠠᠮᠤᠭ᠎ᠤᠨ ᠬᠦᠰᠡᠵᠦ᠂ ᠬᠠᠮᠤᠭ᠎ᠤᠨ ᠠᠭᠤᠯᠵᠠᠬᠤ ᠳᠤᠷᠠᠲᠠᠢ ᠡᠷᠡᠭᠲᠡᠢ᠎ᠲᠡᠢ ᠶᠠᠷᠢᠯᠴᠠᠨ ᠰᠠᠭᠤᠨ᠎ᠠ ᠭᠡᠵᠦ ᠬᠡᠢ ᠰᠠᠨᠠᠪᠠ᠃

ᠲᠡᠷᠡ᠂ ᠭᠤᠷᠪᠠᠨ ᠡᠳᠦᠷ ᠤᠭᠠᠭᠰᠠᠨ᠎ᠦᠭᠡᠢ ᠪᠦᠲᠡᠭᠡᠯᠭᠡ᠎ᠪᠡᠷ ᠪᠦᠲᠡᠭᠡᠭᠰᠡᠨ ᠲᠥᠭᠦᠷᠢᠭ ᠰᠢᠷᠡᠭᠡᠨ᠎ᠦ ᠬᠠᠵᠠᠭᠤ᠎ᠳᠤ ᠰᠠᠭᠤᠵᠤ᠂ ᠣᠷᠤᠢ᠎ᠶᠢᠨ ᠬᠣᠭᠤᠯᠠ᠎ᠪᠠᠨ ᠢᠳᠡᠬᠦ ᠪᠣᠯᠭᠠᠨ ᠡᠮᠦᠨ᠎ᠡ᠎ᠡᠴᠡ᠎ᠨᠢ ᠬᠠᠷᠠᠵᠤ ᠰᠠᠭᠤᠭᠰᠠᠨ ᠡᠷᠡᠭᠲᠡᠢ ᠨᠥᠬᠦᠷ᠎ᠨᠢ ᠱᠥᠯᠦ᠎ᠲᠡᠢ ᠲᠣᠭᠤᠭᠠᠨ᠎ᠤ ᠬᠠᠪᠬᠠᠭᠠᠰᠤ᠎ᠶᠢ ᠠᠪᠴᠤ᠂ ᠰᠣᠴᠢᠨ ᠪᠠᠶᠠᠷᠯᠠᠭᠰᠠᠨ ᠴᠢᠷᠠᠢ ᠭᠠᠷᠭᠠᠭᠠᠳ: 《ᠠ! ᠠᠩᠬᠢᠯᠤᠮ᠎ᠠ ᠰᠠᠢᠬᠠᠨ ᠮᠢᠬᠠᠨ᠎ᠤ ᠱᠥᠯᠦ ᠳ᠋ᠠ ! ᠡᠭᠦᠨ᠎ᠡᠴᠡ ᠰᠠᠢᠬᠠᠨ ᠶᠠᠭᠤᠮ᠎ᠠ ᠭᠡᠵᠦ ᠬᠠᠮᠢᠭ᠎ᠠ ᠪᠠᠢᠬᠤ ᠪᠤᠢ! ᠁》 ᠭᠡᠵᠦ ᠬᠡᠯᠡᠬᠦ ᠦᠶᠡᠰ ᠲᠡᠷᠡ ᠲᠡᠳᠡᠭᠡᠷ ᠨᠠᠷᠢᠯᠢᠭ ᠰᠠᠢᠬᠠᠨ ᠣᠷᠤᠢ᠎ᠶᠢᠨ ᠪᠤᠳᠠᠭᠠᠯᠠᠯᠭ᠎ᠠ᠂ ᠭᠢᠯᠲᠦᠭᠡᠨᠡᠨ ᠭᠢᠯᠠᠯᠵᠠᠭᠰᠠᠨ ᠮᠥᠩᠭᠦᠨ ᠰᠠᠪᠠ ᠬᠡᠷᠡᠭᠯᠡᠯ᠎ᠢ᠎ᠨᠢ ᠬᠡᠢ ᠰᠠᠨᠠᠭᠠᠳ ᠠᠪᠤᠨ᠎ᠠ᠃ ᠲᠤᠭᠤᠷᠭᠠᠨ᠎ᠳᠤ ᠲᠠᠲᠠᠭᠰᠠᠨ ᠬᠥᠰᠢᠭᠡ᠂ ᠲᠡᠭᠦᠨ᠎ᠦ ᠳᠡᠭᠡᠷ᠎ᠡ ᠡᠷᠲᠡᠨ᠎ᠦ ᠬᠤᠪᠴᠠᠯᠠᠭ᠎ᠠ᠎ᠲᠠᠢ ᠬᠥᠮᠦᠰ᠂ ᠳᠠᠭᠢᠨᠢ᠎ᠶᠢᠨ ᠣᠷᠤᠨ᠎ᠤ ᠮᠡᠲᠦ᠎ᠶᠢᠨ ᠬᠦᠷᠢᠶᠡᠯᠡᠩ᠂ ᠡᠯᠳᠡᠪ ᠰᠣᠨᠢᠨ ᠵᠢᠭᠦᠷᠲᠡᠨ᠎ᠢ ᠬᠠᠳᠭᠤᠭᠰᠠᠨ ᠪᠠᠢᠨ᠎ᠠ ᠭᠡᠵᠦ ᠬᠡᠢ ᠰᠠᠨᠠᠪᠠ᠃ ᠬᠣᠪᠤᠷ ᠬᠠᠴᠢᠨ ᠲᠠᠪᠠᠭ ᠫᠢᠯᠠ᠎ᠶᠢᠨ ᠳᠣᠲᠤᠷ᠎ᠠ ᠡᠷᠬᠢᠮ ᠰᠠᠢᠬᠠᠨ ᠵᠠᠭᠤᠰᠢ ᠢᠳᠡᠭᠡᠨ ᠬᠢᠭᠰᠡᠨ ᠪᠠᠢᠨ᠎ᠠ ᠭᠡᠵᠦ ᠬᠡᠢ ᠰᠠᠨᠠᠪᠠ᠃ ᠶᠠᠭᠠᠨ ᠥᠩᠭᠡ᠎ᠲᠡᠢ ᠠᠯᠠᠭᠠᠨ᠎ᠠ ᠵᠢᠭᠠᠰᠤ ᠪᠤᠶᠤ ᠬᠥᠬᠡ ᠨᠣᠭᠲᠤᠷᠤ᠎ᠶᠢᠨ ᠵᠢᠭᠦᠷ᠎ᠢ ᠢᠳᠡᠨ ᠪᠠᠢᠬᠤ᠎ᠳᠠᠭᠠᠨ ᠬᠥᠮᠦᠨ᠎ᠢ ᠰᠣᠭᠲᠤᠭᠤᠷᠠᠭᠤᠯᠤᠮ᠎ᠠ ᠢᠰᠪᠡᠯᠵᠡᠵᠦ᠂ ᠵᠣᠴᠢᠨ᠎ᠤ ᠳᠣᠲᠤᠨᠤᠴᠢᠷᠬᠠᠭ ᠶᠠᠷᠢᠶ᠎ᠠ᠎ᠶᠢ ᠰᠣᠨᠤᠰᠤᠨ ᠰᠠᠭᠤᠨ᠎ᠠ ᠭᠡᠵᠦ ᠬᠡᠢ ᠰᠠᠨᠠᠨ᠎ᠠ᠃ ᠲᠡᠭᠦᠨ᠎ᠳᠦ ᠰᠠᠢᠬᠠᠨ ᠬᠤᠪᠴᠠᠰᠤ ᠪᠠᠢᠬᠤ᠎ᠦᠭᠡᠢ᠂ ᠱ᠌ᠢᠷᠤ ᠰᠤᠪᠤᠳ ᠪᠠᠢᠬᠤ᠎ᠦᠭᠡᠢ᠂ ᠶᠠᠭᠤ᠎ᠴᠤ ᠪᠠᠢᠬᠤ᠎ᠦᠭᠡᠢ᠃ ᠲᠡᠭᠡᠪᠡᠴᠦ ᠬᠠᠷᠢᠨ ᠡᠳᠡᠭᠡᠷ ᠶᠠᠭᠤᠮᠠᠨ᠎ᠳᠤ᠎ᠯᠠ ᠳᠤᠷᠠᠯᠠᠳᠠᠭ᠃ ᠥᠪᠡᠷ᠎ᠢᠶᠡᠨ ᠡᠳᠡᠭᠡᠷ ᠶᠠᠭᠤᠮᠠᠨ᠎ᠤ ᠲᠥᠯᠦᠭᠡ ᠶᠢᠷᠲᠢᠨᠴᠦ᠎ᠳᠦ ᠬᠥᠮᠦᠨ ᠪᠣᠯᠤᠭᠰᠠᠨ ᠭᠡᠵᠦ ᠪᠣᠳᠤᠳᠠᠭ ᠪᠠᠢᠵᠠᠢ᠃ ᠡᠷᠡᠭᠲᠡᠢᠴᠦᠳ᠎ᠲᠦ ᠬᠦᠰᠡᠭᠳᠡᠬᠦ᠂ ᠡᠮᠡᠭᠲᠡᠢᠴᠦᠳ᠎ᠲᠦ ᠲᠠᠴᠢᠶᠠᠭᠳᠠᠬᠤ᠂ ᠥᠳᠦᠭᠡᠨ ᠲᠠᠲᠠᠬᠤ ᠬᠦᠴᠦᠨ᠎ᠲᠡᠢ ᠪᠣᠯᠤᠭᠰᠠᠨ᠎ᠢᠶᠠᠷ ᠪᠤᠰᠤᠳ᠎ᠲᠤ ᠡᠭᠡᠷᠡᠭᠳᠡᠬᠦ᠎ᠶᠢ ᠶᠡᠷᠦ᠎ᠨᠢ ᠡᠷᠡᠮᠡᠯᠵᠡᠨ ᠪᠣᠳᠤᠭᠰᠠᠭᠠᠷ ᠢᠷᠡᠵᠡᠢ᠃

ᠲᠡᠷᠡ ᠱᠠᠰᠢᠨ᠎ᠤ ᠬᠤᠷᠠᠯ᠎ᠤᠨ ᠥᠬᠢᠳ᠎ᠦᠨ ᠰᠤᠷᠭᠠᠭᠤᠯᠢ᠎ᠳᠤ ᠬᠠᠮᠲᠤ ᠰᠤᠷᠤᠭᠴᠢ ᠪᠠᠢᠭᠰᠠᠨ ᠨᠢᠭᠡᠨ ᠪᠠᠶᠠᠨ ᠴᠢᠨᠡᠭᠡᠯᠢᠭ ᠪᠦᠰᠡᠭᠦᠢ ᠨᠠᠢᠵᠠ᠎ᠲᠠᠢ᠎ᠶᠤᠮ᠂ ᠭᠡᠪᠡᠴᠦ ᠲᠡᠭᠦᠨ᠎ᠲᠡᠢ ᠳᠠᠬᠢᠨ ᠠᠭᠤᠯᠵᠠᠬᠤ᠎ᠶᠢ ᠬᠦᠰᠡᠬᠦ᠎ᠦᠭᠡᠢ ᠪᠣᠯᠵᠠᠢ᠃ ᠤᠴᠢᠷ᠎ᠨᠢ ᠲᠡᠭᠦᠨ᠎ᠲᠡᠢ ᠠᠭᠤᠯᠵᠠᠭᠠᠳ ᠬᠠᠷᠢᠵᠤ ᠢᠷᠡᠪᠡᠯ ᠲᠤᠢᠯ᠎ᠤᠨ ᠵᠣᠪᠠᠭᠤᠷᠢᠲᠠᠢ ᠪᠣᠳᠤᠭᠳᠠᠳᠠᠭ ᠪᠠᠢᠨ᠎ᠠ᠃ ᠡᠮᠭᠡᠨᠢᠯ᠂ ᠭᠡᠮᠰᠢᠯ᠂ ᠮᠤᠬᠤᠷᠳᠠᠯ ᠵᠣᠪᠠᠨᠢᠯ᠎ᠢᠶᠠᠷ ᠪᠠᠢᠨ ᠪᠠᠢᠨ ᠡᠳᠦᠷ ᠲᠤᠷᠰᠢ ᠤᠬᠢᠯᠠᠨ᠎ᠠ᠃

ᠲᠡᠭᠡᠲᠡᠯ᠎ᠠ᠂ ᠨᠢᠭᠡ ᠣᠷᠤᠢ ᠨᠥᠬᠦᠷ᠎ᠨᠢ ᠲᠣᠮᠤ ᠳᠤᠭᠲᠤᠢ᠎ᠲᠠᠢ ᠵᠠᠬᠢᠳᠠᠯ ᠪᠠᠷᠢᠭᠠᠳ ᠣᠯᠵᠠᠷᠬᠠᠨ ᠪᠠᠶᠠᠷᠲᠠᠢ ᠬᠠᠷᠢᠵᠤ ᠢᠷᠡᠪᠡ᠃

《ᠬᠠᠷᠠ ᠳ᠋ᠠ 》 ᠭᠡᠳ: 《ᠡᠭᠦᠨ᠎ᠦ ᠳᠣᠲᠤᠷᠠᠬᠢ ᠶᠠᠭᠤᠮ᠎ᠠ᠎ᠶᠢ ᠴᠢᠮ᠎ᠠ᠎ᠳᠤ ᠥᠭᠭᠦᠶ᠎ᠡ》 ᠭᠡᠪᠡ᠃

ᠲᠡᠷᠡ ᠬᠥᠭᠵᠢᠯ ᠪᠠᠶᠠᠷᠲᠠᠢ᠎ᠪᠠᠷ ᠵᠠᠬᠢᠳᠠᠯ᠎ᠢ ᠵᠠᠳᠠᠯᠵᠤ ᠨᠢᠭᠡᠨ ᠬᠠᠭᠤᠳᠠᠰᠤ ᠤᠷᠢᠯᠭ᠎ᠠ᠎ᠶᠢᠨ ᠪᠢᠴᠢᠭ ᠭᠠᠷᠭᠠᠭᠰᠠᠨ᠎ᠳᠤ ᠳᠡᠭᠡᠷ᠎ᠡ᠎ᠨᠢ:

《ᠰᠤᠷᠭᠠᠨ ᠬᠥᠮᠦᠵᠢᠯ᠎ᠦᠨ ᠶᠠᠮᠤᠨ᠎ᠤ ᠰᠠᠢᠳ ᠪᠠ ᠰᠠᠢᠳ᠎ᠤᠨ ᠬᠠᠲᠤᠨ ᠵᠢᠦᠷᠭᠢ ᠯᠠᠮᠪᠷᠠ᠎ᠠᠴᠠ ᠯᠦᠸᠠᠼᠢ ᠠᠪᠤᠭᠠᠢ ᠬᠠᠲᠤᠨ᠎ᠲᠠᠢ᠎ᠪᠠᠨ ᠨᠢᠭᠡᠳᠦᠭᠡᠷ ᠰᠠᠷ᠎ᠠ᠎ᠶᠢᠨ ᠠᠷᠪᠠᠨ ᠨᠠᠢ᠍ᠮᠠᠨ᠎ᠤ ᠡᠳᠦᠷ (ᠭᠠᠷᠠᠭ᠎ᠤᠨ ᠨᠢᠭᠡᠨ) ᠰᠤᠷᠭᠠᠨ ᠬᠥᠮᠦᠵᠢᠯ᠎ᠦᠨ ᠶᠠᠮᠤᠨ᠎ᠤ ᠶᠣᠰᠤᠯᠠᠯ᠎ᠤᠨ ᠲᠠᠩᠬᠢᠮ᠎ᠳᠤ ᠭᠡᠷᠡᠯᠲᠦᠭᠦᠯᠦᠨ ᠮᠣᠷᠢᠯᠠᠵᠤ᠂ ᠦᠳᠡᠰᠢᠯᠡᠭᠡ᠎ᠳᠦ ᠣᠷᠤᠯᠴᠠᠬᠤ᠎ᠶᠢ ᠬᠦᠨᠳᠦᠳᠭᠡᠨ ᠤᠷᠢᠪᠠ》 ᠭᠡᠵᠦ ᠬᠡᠪᠯᠡᠭᠰᠡᠨ ᠪᠠᠢᠪᠠ᠃

ᠲᠡᠷᠡ ᠨᠥᠬᠦᠷ᠎ᠦᠨ᠎ᠢᠶᠡᠨ ᠪᠣᠳᠤᠭᠰᠠᠨ᠎ᠰᠢᠭ᠋ ᠲᠡᠭᠡᠵᠦ ᠪᠠᠶᠠᠷᠯᠠᠭᠰᠠᠨ᠎ᠦᠭᠡᠢ᠂ ᠤᠷᠢᠯᠭ᠎ᠠ᠎ᠶᠢᠨ ᠪᠢᠴᠢᠭ᠎ᠢ ᠭᠤᠲᠤᠷᠠᠩᠭᠤᠢ᠎ᠪᠠᠷ ᠰᠢᠷᠡᠭᠡᠨ ᠳᠡᠭᠡᠷ᠎ᠡ ᠬᠠᠶᠠᠭᠠᠳ:

《ᠴᠢ ᠨᠠᠳᠠ ᠡᠨᠡ ᠶᠠᠭᠤᠮ᠎ᠠ᠎ᠶᠢ ᠪᠠᠷᠢᠭᠤᠯᠤᠭᠠᠳ ᠶᠠᠭᠠᠬᠢᠬᠤ᠎ᠨᠢ ᠪᠤᠢ?》 ᠭᠡᠵᠦ ᠳᠦᠳᠦᠨᠡᠪᠡ᠃

《ᠭᠡᠲᠡᠯ᠎ᠡ᠂ ᠬᠠᠢᠷᠠᠲᠤ᠎ᠮᠢᠨᠢ᠂ ᠪᠢ ᠤᠭ᠎ᠨᠢ ᠴᠢᠮᠠᠢ ᠶᠡᠬᠡ ᠪᠠᠶᠠᠷᠯᠠᠨ᠎ᠠ ᠭᠡᠵᠦ ᠪᠣᠳᠤᠭᠰᠠᠨ᠃ ᠶᠡᠷᠦ᠎ᠨᠢ ᠭᠡᠷ᠎ᠡᠴᠡ ᠭᠠᠷᠳᠠᠭ᠎ᠦᠭᠡᠢ ᠪᠣᠯᠬᠣᠷ ᠡᠨᠡ ᠨᠢᠭᠡᠨ ᠲᠣᠬᠢᠶᠠᠯ ᠮᠥᠨ! ᠪᠢ ᠬᠡᠴᠢᠨᠡᠨ ᠬᠦᠴᠦ ᠭᠠᠷᠭᠠᠵᠤ ᠪᠠᠢᠵᠤ ᠰᠠᠶᠢ ᠣᠯᠤᠭᠰᠠᠨ᠃ ᠣᠯᠠᠨ᠎ᠢᠶᠠᠷ᠎ᠢᠶᠠᠨ ᠴᠥᠮ ᠣᠯᠵᠤ ᠠᠪᠬᠤ᠎ᠶᠢ ᠬᠦᠰᠡᠭᠰᠡᠨ ᠪᠣᠯᠪᠠᠴᠤ ᠲᠤᠩ ᠭᠣᠷᠢ᠎ᠦᠭᠡᠢ᠃ ᠶᠡᠷᠦ᠎ᠡᠴᠡ ᠠᠵᠢᠯᠲᠠᠨ᠎ᠳᠤ ᠴᠥᠭᠡᠨ ᠥᠭᠳᠡᠭ᠎ᠶᠦᠮ᠃ ᠴᠢ ᠲᠡᠨᠳᠡ ᠠᠯᠢᠪᠠ ᠲᠦᠰᠢᠮᠡᠳ ᠲᠤᠰᠢᠶᠠᠯᠲᠠᠨ᠎ᠢ ᠬᠠᠷᠠᠵᠤ ᠪᠣᠯᠤᠨ᠎ᠠ᠃ 》

ᠲᠡᠷᠡ ᠠᠭᠤᠷᠲᠠᠢ ᠬᠠᠷᠠᠴᠠ᠎ᠪᠠᠷ ᠨᠥᠬᠦᠷ᠎ᠢᠶᠡᠨ ᠰᠢᠷᠲᠡᠭᠡᠳ:

《ᠴᠢ ᠨᠠᠮᠠᠢ ᠶᠠᠭᠤ ᠡᠮᠦᠰᠦᠭᠦᠯᠦᠭᠡᠳ ᠣᠴᠢᠭᠤᠯᠬᠤ ᠪᠤᠢ?》 ᠭᠡᠵᠦ ᠤᠴᠠᠭᠠᠷᠯᠠᠨ ᠪᠠᠷᠬᠢᠷᠠᠪᠠ᠃

ᠨᠥᠬᠦᠷ᠎ᠨᠢ ᠡᠭᠦᠨ᠎ᠢ ᠪᠣᠳᠤᠭᠰᠠᠨ᠎ᠦᠭᠡᠢ ᠲᠤᠯᠠ:

《ᠴᠢ ᠲᠢᠶᠠᠲᠷ᠎ᠲᠤ ᠣᠴᠢᠬᠤ᠎ᠳᠠᠭᠠᠨ ᠡᠮᠦᠰᠦᠭᠰᠡᠨ ᠲᠡᠷᠡ ᠳᠡᠪᠡᠯ ᠮᠢᠨᠦ ᠪᠣᠳᠤᠬᠤ᠎ᠪᠠᠷ ᠲᠤᠩ ᠵᠦᠭᠡᠷ᠂ ᠪᠢ ᠦᠵᠡᠬᠦ᠎ᠳᠦ ᠁》 ᠭᠡᠵᠦ ᠡᠪᠯᠡᠭᠦᠯᠵᠦ ᠶᠠᠳᠠᠨ ᠬᠡᠯᠡᠪᠡ᠃

ᠲᠡᠷᠡ ᠳᠤᠭᠤᠢ ᠪᠣᠯᠤᠯ᠎ᠠ᠃ ᠤᠬᠠᠭᠠᠨ᠎ᠨᠢ ᠭᠠᠷᠴᠤ ᠤᠴᠢᠷ᠎ᠢᠶᠠᠨ ᠣᠯᠬᠤ᠎ᠦᠭᠡᠢ ᠪᠣᠯᠪᠠ᠃ ᠤᠴᠢᠷ᠎ᠨᠢ ᠡᠬᠡᠨᠡᠷ᠎ᠦᠨ᠎ᠢᠶᠡᠨ ᠤᠬᠢᠯᠠᠭᠰᠠᠨ᠎ᠢ ᠣᠯᠵᠤ ᠬᠠᠷᠠᠵᠠᠢ᠃ ᠬᠣᠶᠠᠷ ᠲᠣᠮᠤ ᠭᠡᠭᠴᠢ᠎ᠶᠢᠨ ᠨᠢᠯᠪᠤᠰᠤᠨ ᠳᠤᠰᠤᠯ ᠵᠣᠪᠬᠢ᠎ᠶᠢ᠎ᠨᠢ ᠳᠠᠭᠠᠵᠤ ᠮᠡᠯᠡᠷᠡᠭᠰᠡᠭᠡᠷ ᠵᠠᠪᠠᠵᠢᠨ᠎ᠳᠤᠨᠢ ᠬᠦᠷᠦᠯ᠎ᠡ᠃

《ᠴᠢ ᠶᠠᠭᠠᠬᠢᠪᠠ? ᠴᠢ ᠶᠠᠭᠠᠬᠢᠪᠠ?》 ᠭᠡᠵᠦ ᠮᠡᠩᠳᠡᠭᠦᠷᠡᠪᠡ᠃

ᠲᠡᠷᠡ ᠲᠤᠩ ᠶᠡᠬᠡ ᠬᠦᠴᠦ ᠭᠠᠷᠭᠠᠨ ᠪᠠᠢᠵᠤ᠂ ᠭᠤᠨᠢᠭᠯᠠᠯ᠎ᠢᠶᠠᠨ ᠰᠠᠶᠢ ᠳᠠᠷᠤᠵᠤ ᠠᠪᠤᠭᠠᠳ᠂ ᠨᠣᠢᠲᠠᠨ ᠬᠣᠶᠠᠷ ᠬᠠᠴᠠᠷ᠎ᠢᠶᠠᠨ ᠠᠷᠴᠢᠵᠤ:

《ᠵᠦᠭᠡᠷ ᠵᠦᠭᠡᠷ᠃ ᠬᠠᠷᠢᠨ ᠣᠯᠢᠭ᠎ᠲᠠᠢ ᠬᠤᠪᠴᠠᠰᠤ᠎ᠦᠭᠡᠢ ᠪᠣᠯ ᠪᠢ ᠡᠨᠡ ᠦᠳᠡᠰᠢᠯᠡᠭᠡ᠎ᠳᠦ ᠣᠴᠢᠵᠤ ᠴᠢᠳᠠᠬᠤ᠎ᠦᠭᠡᠢ᠃ ᠴᠢᠨᠦ ᠬᠠᠮᠲᠤ ᠠᠵᠢᠯᠯᠠᠭᠴᠢ᠎ᠶᠢᠨ ᠬᠡᠨ᠎ᠦ ᠬᠢᠨᠢ ᠡᠬᠡᠨᠡᠷ ᠵᠠᠰᠠᠯ ᠵᠢᠮᠰᠡᠭ᠎ᠢᠶᠡᠷ ᠨᠠᠳᠠ᠎ᠠᠴᠠ ᠰᠠᠢᠬᠠᠨ ᠪᠣᠯ ᠡᠨᠡ ᠤᠷᠢᠯᠭ᠎ᠠ᠎ᠶᠢᠨ ᠪᠢᠴᠢᠭ᠎ᠢ ᠬᠡᠨ᠎ᠳᠦ᠎ᠴᠦ ᠪᠣᠯᠤᠭᠰᠠᠨ ᠥᠭᠴᠢᠬᠡ》 ᠭᠡᠵᠦ ᠲᠠᠢᠪᠤᠰᠢᠷᠠᠭᠰᠠᠨ ᠳᠠᠭᠤ᠎ᠪᠠᠷ ᠬᠠᠷᠢᠭᠤᠯᠪᠠ᠃

ᠨᠥᠬᠦᠷ᠎ᠨᠢ ᠵᠣᠪᠠᠩᠭᠤᠢᠷᠠᠯ᠎ᠠ᠃ ᠲᠡᠭᠡᠭᠡᠳ:

《ᠢᠩᠭᠢᠶ᠎ᠡ ᠮᠠᠽᠢᠯᠳ᠋᠃ ᠲᠠᠭᠠᠷᠠᠮᠵᠢᠲᠠᠢ ᠥᠪᠴᠢ ᠬᠤᠪᠴᠠᠰᠤ ᠬᠢᠯᠭᠡᠶ᠎ᠡ᠂ ᠣᠨᠳᠣᠣ ᠭᠠᠵᠠᠷ᠎ᠴᠤ ᠡᠮᠦᠰᠴᠦ ᠪᠣᠯᠤᠨ᠎ᠠ᠃ ᠨᠡᠯᠢᠶᠡᠳ ᠪᠣᠷᠤ ᠳᠦᠷᠢ᠎ᠶᠢᠨ ᠬᠢᠨᠢ ᠳᠡᠭᠡᠷ᠎ᠡ᠃ ᠬᠡᠳᠦᠢ ᠵᠣᠭᠤᠰ ᠣᠷᠤᠨ᠎ᠠ ᠪᠤᠢ?》 ᠭᠡᠪᠡ᠃

ᠮᠠᠽᠢᠯᠳ᠋ ᠬᠡᠳᠦᠨ ᠰᠧᠺᠦ᠋ᠨ᠋ᠳ᠋ ᠪᠣᠳᠤᠭᠠᠳ ᠨᠢᠭᠡ ᠲᠣᠭ᠎ᠠ ᠨᠡᠢᠯᠡᠭᠦᠯᠵᠦ ᠠᠪᠤᠯ᠎ᠠ᠃ ᠡᠨᠡ ᠠᠷᠪᠢᠴᠢ ᠪᠢᠴᠢᠭᠡᠴᠢ ᠰᠢᠭᠤᠳ ᠬᠦᠯᠢᠶᠡᠬᠦ᠎ᠦᠭᠡᠢ ᠪᠤᠶᠤ ᠰᠣᠴᠢᠨ ᠲᠤᠯᠭᠠᠷᠠᠭᠰᠠᠨ ᠳᠠᠭᠤᠨ ᠭᠠᠷᠭᠠᠬᠤ᠎ᠳᠤ ᠬᠦᠷᠬᠦ᠎ᠦᠭᠡᠢ ᠪᠠᠢᠬᠤ ᠠ᠋᠂ ᠲᠡᠢᠨ᠎ᠬᠦ ᠡᠨᠡ ᠲᠣᠭ᠎ᠠ᠎ᠶᠢ ᠬᠡᠯᠡᠵᠦ ᠪᠣᠯᠤᠨ᠎ᠠ ᠭᠡᠵᠦ ᠪᠣᠳᠤᠯᠬᠢᠯᠠᠪᠠ᠃

《ᠶᠠᠭ ᠬᠡᠳᠦᠢ ᠣᠷᠤᠬᠤ᠎ᠶᠢ ᠪᠢ ᠮᠡᠳᠡᠬᠦ᠎ᠦᠭᠡᠢ ᠪᠠᠢᠨ᠎ᠠ᠂ ᠭᠡᠪᠡᠴᠦ᠎ᠮᠢᠨᠦ ᠦᠵᠡᠬᠦ᠎ᠪᠡᠷ ᠳᠥᠷᠪᠡᠨ ᠵᠠᠭᠤᠨ ᠹᠷᠠᠩᠺ ᠪᠠᠢᠪᠠᠯ ᠪᠣᠯᠬᠤ᠎ᠨᠢ ᠲᠡᠷᠡ》 ᠭᠡᠵᠦ ᠡᠴᠦᠰ᠎ᠲᠡᠭᠡᠨ ᠲᠠᠲᠠᠭᠠᠯᠵᠠᠩᠬᠠᠨ ᠬᠡᠯᠡᠪᠡ᠃

ᠨᠥᠬᠦᠷ᠎ᠦᠨ ᠬᠢᠨᠢ ᠴᠢᠷᠠᠢ ᠬᠤᠵᠢᠢᠰᠬᠢᠯ᠎ᠠ᠃ ᠲᠡᠷᠡ ᠶᠠᠭ ᠡᠳᠦᠢ᠎ᠯᠡ ᠵᠣᠭᠤᠰ ᠬᠠᠳᠠᠭᠠᠯᠠᠭᠤᠯᠵᠤ ᠪᠠᠢᠭᠰᠠᠨ ᠪᠥᠭᠡᠳ ᠲᠡᠭᠦᠨ᠎ᠢᠶᠡᠷ᠎ᠢᠶᠡᠨ ᠠᠩ᠎ᠤᠨ ᠫᠤᠤ ᠠᠪᠴᠤ ᠠᠩᠴᠢᠳ᠎ᠤᠨ ᠪᠦᠯᠬᠦᠮ᠎ᠳᠦ ᠣᠷᠤᠯᠴᠠᠭᠠᠳ ᠵᠤᠨ᠎ᠤ ᠤᠯᠠᠷᠢᠯ᠎ᠤᠨ ᠭᠠᠷᠠᠭ᠎ᠤᠨ ᠡᠳᠦᠷ ᠬᠡᠳᠦᠨ ᠨᠠᠢᠵᠠ᠎ᠲᠠᠢ᠎ᠪᠠᠨ ᠬᠠᠮᠲᠤ ᠯᠠᠨᠳ᠋ᠧᠷ ᠲᠠᠯ᠎ᠠ᠎ᠳᠤ ᠣᠴᠢᠵᠤ ᠳᠠᠭᠤᠲᠤ ᠪᠣᠯᠵᠤᠮᠤᠷ ᠠᠩᠨᠠᠬᠤ ᠭᠡᠵᠦ ᠪᠣᠳᠤᠵᠤ ᠪᠠᠢᠵᠠᠢ᠃

ᠲᠡᠭᠡᠪᠡᠴᠦ ᠲᠡᠷᠡ: 《ᠵᠠ ᠪᠣᠯᠤᠨ᠎ᠠ᠂ ᠪᠢ ᠴᠢᠮ᠎ᠠ᠎ᠳᠤ ᠳᠥᠷᠪᠡᠨ ᠵᠠᠭᠤᠨ ᠹᠷᠠᠩᠺ ᠥᠭᠭᠦᠶ᠎ᠡ᠃ ᠴᠢ ᠬᠠᠷᠢᠨ ᠡᠨᠡ ᠬᠤᠪᠴᠠᠰᠤ᠎ᠪᠠᠨ ᠭᠣᠶᠤᠬᠠᠨ᠎ᠯᠠ ᠬᠢᠯᠭᠡᠬᠦ ᠬᠡᠷᠡᠭᠲᠡᠢ ᠰᠢᠦ》 ᠭᠡᠪᠡ᠃

ᠦᠳᠡᠰᠢᠯᠡᠭᠡ᠎ᠶᠢᠨ ᠡᠳᠦᠷ ᠣᠢᠷᠠᠲᠤᠯ᠎ᠠ᠂ ᠭᠡᠲᠡᠯ᠎ᠡ ᠮᠠᠽᠢᠯᠳ᠋ ᠬᠠᠲᠤᠨ ᠪᠤᠬᠢᠨᠢᠳᠤᠵᠤ᠂ ᠰᠡᠳᠭᠢᠯ ᠠᠮᠤᠷ᠎ᠦᠭᠡᠢ ᠲᠡᠪᠡᠳᠡᠭᠰᠡᠨ᠎ᠨᠢ ᠢᠯᠡᠷᠬᠡᠢ ᠪᠣᠯᠪᠠ᠃ ᠲᠡᠭᠦᠨ᠎ᠦ ᠬᠤᠪᠴᠠᠰᠤ᠎ᠴᠤ ᠰᠠᠢᠬᠠᠨ ᠪᠣᠯᠵᠠᠢ᠃ ᠨᠥᠬᠦᠷ᠎ᠨᠢ ᠨᠢᠭᠡ ᠣᠷᠤᠢ ᠲᠡᠭᠦᠨ᠎ᠳᠦ:

《ᠴᠢ ᠶᠠᠭᠠᠬᠢᠪᠠ? ᠡᠨᠡ ᠬᠡᠳᠦᠨ ᠡᠳᠦᠷ ᠲᠤᠩ ᠬᠠᠴᠢᠨ ᠵᠢᠭᠲᠡᠢ ᠪᠣᠯᠴᠢᠬᠠᠵᠠᠢ》 ᠭᠡᠪᠡ᠃

《ᠨᠢᠭᠡ᠎ᠯᠡ ᠦᠨᠡᠲᠦ ᠰᠤᠪᠤᠳ᠂ ᠨᠢᠭᠡ ᠪᠥᠭᠡᠷᠡᠩᠬᠡᠢ ᠪᠠᠳᠮᠠᠷᠠᠭ᠎ᠠ᠎ᠴᠤ ᠪᠠᠢᠬᠤ᠎ᠦᠭᠡᠢ᠂ ᠵᠡᠭᠦᠮᠡᠷ᠎ᠴᠦ ᠶᠠᠭᠤᠮ᠎ᠠ ᠪᠠᠢᠬᠤ᠎ᠦᠭᠡᠢ᠎ᠨᠢ ᠨᠠᠮᠠᠢ ᠵᠣᠪᠠᠭᠠᠵᠤ ᠪᠠᠢᠨ᠎ᠠ᠃ ᠭᠠᠵᠠᠷ ᠪᠣᠯᠭᠠᠨ ᠭᠤᠢᠷᠠᠨᠴᠢ᠎ᠪᠠᠨ ᠭᠠᠢᠬᠠᠭᠤᠯᠤᠭᠠᠳ ᠶᠠᠭᠠᠬᠢᠬᠤ ᠪᠤᠢ᠃ ᠡᠨᠡ ᠦᠳᠡᠰᠢᠯᠡᠭᠡ᠎ᠳᠦ ᠣᠴᠢᠬᠤ᠎ᠪᠠᠨ ᠪᠣᠯᠢᠶ᠎ᠠ ᠭᠡᠵᠦ ᠰᠠᠨᠠᠵᠤ ᠪᠠᠢᠨ᠎ᠠ》 ᠭᠡᠵᠦ ᠬᠠᠷᠢᠭᠤᠯᠪᠠ᠃

《ᠬᠡᠳᠦᠨ ᠰᠢᠨ᠎ᠡ ᠴᠡᠴᠡᠭ ᠵᠡᠭᠦᠴᠢᠬᠡ᠃ ᠣᠳᠣ᠎ᠶᠢᠨ ᠤᠯᠠᠷᠢᠯ᠎ᠳᠤ ᠡᠨᠡ᠎ᠴᠢᠨᠢ ᠬᠠᠷᠢᠨ ᠲᠤᠩ ᠰᠢᠨ᠎ᠡ ᠮᠠᠶᠢ᠍ᠭ᠎ᠤᠨ ᠰᠢᠤ᠃ ᠠᠷᠪᠠᠨ ᠹᠷᠠᠩᠺ ᠵᠠᠷᠤᠪᠠᠯ ᠪᠠᠭᠯᠠᠭᠠᠷ ᠰᠠᠢᠬᠠᠨ ᠬᠣᠶᠠᠷ ᠰᠠᠷᠭᠠᠢ ᠴᠡᠴᠡᠭ ᠠᠪᠴᠤ ᠴᠢᠳᠠᠨ᠎ᠠ》 ᠭᠡᠵᠦ ᠨᠥᠬᠦᠷ᠎ᠨᠢ ᠬᠡᠯᠡᠪᠡ᠃

ᠲᠡᠷᠡ ᠪᠠᠰᠠ ᠵᠥᠪᠰᠢᠶᠡᠷᠡᠭᠰᠡᠨ᠎ᠦᠭᠡᠢ᠃

《ᠪᠣᠯᠬᠤ᠎ᠦᠭᠡᠢ ᠁ ᠰᠣᠷᠲᠤᠭᠤᠯᠢᠭ ᠬᠠᠲᠤᠳ᠎ᠤᠨ ᠳᠤᠮᠳᠠ ᠭᠤᠢᠷᠠᠨᠴᠢ᠎ᠪᠠᠨ ᠭᠠᠢᠬᠠᠭᠤᠯᠬᠤ᠎ᠠᠴᠠ ᠮᠠᠭᠤᠬᠠᠢ ᠶᠠᠭᠤᠮ᠎ᠠ ᠭᠡᠵᠦ ᠬᠠᠮᠢᠭ᠎ᠠ ᠪᠠᠢᠬᠤ ᠪᠤᠢ᠃ 》

《ᠴᠢ ᠶᠠᠭᠠᠬᠢᠭᠠᠳ ᠡᠷᠭᠢᠭᠦᠦ ᠪᠤᠢ? ᠹᠯᠧᠰᠵᠧ ᠬᠠᠲᠤᠨ ᠨᠠᠢᠵᠠ᠎ᠶᠢᠨ᠎ᠳᠠᠭᠠᠨ ᠣᠴᠢᠭᠠᠳ ᠲᠡᠭᠦᠨ᠎ᠡᠴᠡ ᠬᠡᠳᠦᠨ ᠵᠦᠢᠯ᠎ᠦᠨ ᠰᠤᠪᠤᠳ ᠵᠢᠭᠡᠯᠡ᠃ ᠴᠢ ᠲᠡᠭᠦᠨ᠎ᠲᠡᠢ ᠲᠤᠩ ᠳᠣᠲᠤᠨᠤᠰᠤᠭ ᠪᠣᠯᠬᠣᠷ ᠡᠨᠡᠦᠬᠡᠨ ᠶᠠᠪᠤᠳᠠᠯ ᠶᠠᠭᠤ ᠪᠠᠢᠬᠤ ᠪᠤᠢ》 ᠭᠡᠵᠦ ᠨᠥᠬᠦᠷ᠎ᠨᠢ ᠴᠢᠩᠭ᠎ᠠ ᠭᠡᠭᠴᠢ ᠬᠡᠯᠡᠪᠡ᠃

ᠮᠠᠽᠢᠯᠳ᠋ ᠰᠣᠴᠢᠨ ᠪᠠᠶᠠᠷᠯᠠᠵᠤ ᠳᠠᠭᠤᠨ ᠠᠯᠳᠠᠪᠠ᠃

《ᠨᠡᠭᠡᠷᠡᠨ! ᠪᠢ ᠬᠠᠷᠢᠨ ᠡᠭᠦᠨ᠎ᠢ ᠰᠠᠨᠠᠵᠤ ᠣᠯᠤᠭᠰᠠᠨ᠎ᠦᠭᠡᠢ᠃ 》

ᠳᠠᠷᠠᠭ᠎ᠠ ᠡᠳᠦᠷ᠎ᠨᠢ ᠮᠠᠽᠢᠯᠳ᠋ ᠨᠠᠢᠵᠠ᠎ᠶᠢᠨ᠎ᠳᠠᠭᠠᠨ ᠣᠴᠢᠵᠤ ᠥᠪᠡᠷ᠎ᠦᠨ ᠵᠣᠪᠠᠯᠠᠩ᠎ᠢᠶᠠᠨ ᠲᠣᠭᠠᠴᠢᠯ᠎ᠠ᠃ ᠹᠯᠧᠰᠵᠧ ᠬᠠᠲᠤᠨ ᠰᠢᠯ ᠰᠠᠭᠤᠯᠭᠠᠭᠰᠠᠨ ᠬᠤᠪᠴᠠᠰᠤᠨ᠎ᠤ ᠬᠣᠷᠭᠤᠨ᠎ᠳᠠᠭᠠᠨ ᠣᠴᠢᠵᠤ᠂ ᠲᠣᠮᠤ ᠬᠠᠢᠷᠴᠠᠭ ᠭᠠᠷᠭᠠᠨ ᠠᠪᠴᠤ ᠨᠡᠭᠡᠭᠡᠨ ᠲᠠᠯᠪᠢᠭᠠᠳ᠂ ᠮᠠᠽᠢᠯᠳ᠋ ᠬᠠᠲᠤᠨ᠎ᠳᠤ:

《ᠰᠢᠯᠢ ᠳ᠋ᠠ᠂ ᠬᠠᠢᠷᠠᠲᠤ᠎ᠮᠢᠨᠢ》 ᠭᠡᠪᠡ᠃

ᠲᠡᠷᠡ ᠤᠷᠢᠳᠠ᠎ᠪᠠᠷ ᠬᠡᠳᠦᠨ ᠪᠠᠭᠤᠪᠴᠢ᠂ ᠳᠠᠷᠠᠭ᠎ᠠ᠎ᠨᠢ ᠨᠢᠭᠡ ᠰᠤᠪᠤᠳ ᠰᠣᠨᠳᠤᠷ᠂ ᠰᠡᠭᠦᠯ᠎ᠳᠦᠨᠢ ᠪᠠᠳᠮᠠᠷᠠᠭ᠎ᠠ ᠰᠢᠭᠢᠳᠭᠡᠭᠰᠡᠨ ᠲᠤᠢᠯ᠎ᠤᠨ ᠨᠠᠷᠢᠨ ᠬᠢᠴᠡᠲᠡᠢ ᠸᠢᠨ᠋ᠸᠼᠢᠶ᠎ᠠ ᠬᠡᠯᠪᠡᠷᠢ᠎ᠶᠢᠨ ᠠᠯᠲᠠᠨ ᠵᠠᠭᠠᠯᠮᠠᠢ᠎ᠶᠢ ᠦᠵᠡᠯ᠎ᠡ᠃ ᠲᠡᠷᠡ ᠲᠣᠯᠢᠨ᠎ᠤ ᠡᠮᠦᠨ᠎ᠡ ᠣᠴᠢᠵᠤ ᠡᠳᠡᠭᠡᠷ ᠵᠢᠮᠰᠡᠭ᠎ᠢ ᠵᠡᠭᠦᠵᠦ ᠦᠵᠡᠭᠡᠳ ᠠᠯᠢᠨ᠎ᠢ᠎ᠨᠢ ᠠᠪᠴᠤ ᠠᠯᠢᠨ᠎ᠢ᠎ᠨᠢ ᠲᠠᠯᠪᠢᠬᠤ᠎ᠪᠠᠨ ᠮᠡᠳᠡᠬᠦ᠎ᠦᠭᠡᠢ ᠲᠠᠲᠠᠭᠠᠯᠵᠠᠯ᠎ᠠ᠃ ᠲᠡᠭᠡᠭᠡᠳ ᠮᠠᠽᠢᠯᠳ᠋ :

《ᠣᠨᠳᠣᠣ ᠰᠠᠢᠬᠠᠨ᠎ᠤ ᠪᠠᠢᠬᠤ᠎ᠦᠭᠡᠢ᠎ᠤᠤ?》 ᠭᠡᠵᠦ ᠪᠠᠢᠨ ᠪᠠᠢᠨ ᠠᠰᠠᠭᠤᠨ᠎ᠠ᠃

《ᠪᠤᠢ ᠪᠤᠢ᠃ ᠥᠪᠡᠷ᠎ᠢᠶᠡᠨ᠎ᠯᠡ ᠡᠷᠢ᠃ ᠶᠠᠮᠠᠷ ᠶᠠᠩᠵᠤ᠎ᠲᠠᠢ᠎ᠨᠢ ᠴᠢᠨᠦ ᠰᠠᠨᠠᠭᠠᠨ᠎ᠳᠤ ᠨᠡᠢᠴᠡᠬᠦ᠎ᠶᠢ ᠪᠢ ᠮᠡᠳᠡᠬᠦ᠎ᠦᠭᠡᠢ ᠪᠠᠢᠨ᠎ᠠ᠃ 》

ᠮᠠᠽᠢᠯᠳ᠋ ᠬᠥᠬᠡ ᠲᠣᠷᠭᠠᠨ ᠭᠠᠳᠠᠷᠲᠠᠢ ᠵᠢᠵᠢᠭ ᠬᠠᠢᠷᠴᠠᠭ ᠳᠣᠲᠤᠷ᠎ᠠ᠎ᠠᠴᠠ ᠨᠠᠷᠢᠯᠢᠭ ᠰᠠᠢᠬᠠᠨ ᠠᠯᠮᠠᠰ ᠡᠷᠳᠡᠨᠢ᠎ᠶᠢᠨ ᠰᠣᠨᠳᠤᠷ᠎ᠢ ᠭᠡᠨᠡᠳᠲᠡ ᠣᠯᠵᠤ ᠠᠪᠤᠭᠠᠳ ᠪᠠᠶᠠᠷᠯᠠᠭᠰᠠᠨ᠎ᠳᠠᠭᠠᠨ ᠵᠢᠷᠦᠬᠡ᠎ᠨᠢ ᠯᠤᠭᠰᠢᠵᠤ ᠭᠠᠷᠤᠯ᠎ᠠ᠃ ᠲᠡᠷᠡ ᠰᠣᠨᠳᠤᠷ᠎ᠢ ᠬᠣᠶᠠᠷ ᠭᠠᠷ᠎ᠢᠶᠠᠷ᠎ᠢᠶᠠᠨ ᠪᠠᠷᠢᠭᠠᠳ ᠰᠠᠯᠭᠠᠨᠠᠨ᠎ᠠ᠃ ᠲᠡᠷᠡ ᠰᠣᠨᠳᠤᠷ᠎ᠢᠶᠠᠷ ᠬᠦᠵᠦᠭᠦᠦ᠎ᠪᠡᠨ ᠣᠷᠢᠶᠠᠯᠭᠠᠨ ᠤᠷᠲᠤ ᠭᠡᠭᠴᠢ᠎ᠶᠢᠨ ᠥᠨᠳᠦᠷ ᠵᠠᠭᠠᠮ᠎ᠠ ᠳᠡᠭᠡᠷ᠎ᠡ᠎ᠪᠡᠨ ᠵᠡᠭᠦᠭᠡᠳ ᠲᠣᠯᠢᠨ᠎ᠤ ᠡᠮᠦᠨ᠎ᠡ ᠵᠣᠭᠰᠤᠵᠤ ᠪᠡᠶ᠎ᠡ᠎ᠪᠡᠨ ᠲᠤᠩ ᠤᠳᠠᠲᠠᠯ᠎ᠠ ᠱᠣᠬᠤᠭᠤᠷᠠᠪᠠ᠃

ᠲᠡᠭᠡᠵᠦ ᠲᠡᠭᠡᠵᠦ ᠲᠡᠷᠡ:

《ᠴᠢ ᠡᠭᠦᠨ᠎ᠢ ᠨᠠᠳᠠ ᠵᠢᠭᠡᠯᠡᠵᠦ ᠥᠭᠭᠦᠨ᠎ᠡ᠎ᠦᠦ? ᠪᠢ ᠡᠭᠦᠨ᠎ᠢ᠎ᠯᠡ ᠵᠢᠭᠡᠯᠡᠶ᠎ᠡ》 ᠭᠡᠵᠦ ᠲᠡᠭᠡᠨᠡᠭᠡᠯᠵᠡᠭᠰᠡᠨ ᠳᠡᠭᠡᠷ᠎ᠡ᠎ᠪᠡᠨ ᠲᠡᠪᠡᠳᠡᠩᠭᠦᠢ ᠬᠡᠯᠡᠪᠡ᠃

《ᠪᠣᠯᠤᠯ᠎ᠦᠭᠡᠢ ᠶᠠᠭᠠᠬᠢᠬᠤ ᠪᠤᠢ᠃ 》

ᠮᠠᠽᠢᠯᠳ᠋ ᠭᠦᠶᠦᠵᠦ ᠢᠷᠡᠭᠡᠳ ᠨᠠᠢᠵᠠ᠎ᠶᠢᠨ᠎ᠢᠶᠠᠨ ᠬᠦᠵᠦᠭᠦᠦ᠎ᠪᠡᠷ ᠲᠡᠪᠡᠷᠢᠵᠦ ᠰᠡᠳᠭᠢᠯ ᠬᠥᠭᠡᠷᠦᠨ ᠦᠨᠦᠰᠴᠦ ᠦᠨᠦᠰᠦᠭᠡᠳ ᠲᠡᠷᠡ᠎ᠬᠦ ᠬᠣᠪᠤᠷ ᠬᠠᠴᠢᠨ ᠶᠠᠭᠤᠮ᠎ᠠ᠎ᠪᠠᠨ ᠠᠪᠤᠭᠠᠳ ᠭᠦᠶᠦᠨ ᠣᠳᠪᠠ᠃

ᠦᠳᠡᠰᠢᠯᠡᠭᠡ᠎ᠶᠢᠨ ᠡᠳᠦᠷ ᠪᠣᠯᠤᠯ᠎ᠠ᠃ ᠮᠠᠽᠢᠯᠳ᠋ ᠬᠠᠲᠤᠨ ᠠᠮᠵᠢᠯᠲᠠ ᠣᠯᠪᠠ᠃ ᠲᠡᠷᠡ ᠡᠮᠡᠭᠲᠡᠢ ᠵᠣᠴᠢᠳ᠎ᠤᠨ ᠠᠯᠢᠨ᠎ᠠᠴᠠ᠎ᠴᠤ ᠦᠵᠡᠰᠭᠦᠯᠡᠩ᠂ ᠴᠡᠪᠡᠷᠬᠡᠨ᠂ ᠰᠡᠳᠭᠢᠯ ᠬᠥᠳᠡᠯᠭᠡᠮ᠎ᠡ ᠪᠥᠭᠡᠳ ᠴᠢᠷᠠᠢ ᠳᠦᠭᠦᠷᠡᠩ ᠢᠨᠢᠶᠡᠮᠰᠦᠭᠯᠡᠯ ᠲᠣᠳᠤᠷᠠᠭᠤᠯᠵᠤ᠂ ᠰᠡᠳᠭᠢᠯ ᠳᠦᠭᠦᠷᠡᠩ ᠪᠠᠢᠳᠠᠯ ᠣᠷᠭᠢᠭᠤᠯᠤᠨ᠎ᠠ᠃ ᠡᠷᠡᠭᠲᠡᠢ ᠵᠣᠴᠢᠳ᠎ᠤᠨ ᠠᠯᠢ᠎ᠨᠢ᠎ᠴᠤ ᠴᠥᠮ ᠲᠡᠭᠦᠨ᠎ᠳᠦ ᠨᠢᠳᠦ ᠬᠠᠶᠠᠵᠤ᠂ ᠨᠡᠷ᠎ᠡ ᠣᠪᠤᠭ᠎ᠢ᠎ᠨᠢ ᠰᠤᠷᠠᠭᠯᠠᠵᠤ᠂ ᠪᠤᠰᠤᠳ᠎ᠢ ᠭᠤᠶᠤᠨ ᠲᠡᠭᠦᠨ᠎ᠲᠡᠢ ᠲᠠᠨᠢᠯᠴᠠᠨ᠎ᠠ᠃ ᠶᠠᠮᠤᠨ᠎ᠤ ᠨᠠᠷᠢᠨ ᠪᠢᠴᠢᠭᠡᠴᠢ᠎ᠶᠢᠨ ᠭᠠᠵᠠᠷ᠎ᠤᠨ ᠠᠵᠢᠯᠲᠠᠨ ᠪᠦᠬᠦᠨ ᠲᠡᠭᠦᠨ᠎ᠲᠡᠢ ᠪᠥᠵᠢᠭᠯᠡᠬᠦ᠎ᠶᠢ ᠡᠲᠦᠵᠦ᠂ ᠰᠠᠢᠳ᠎ᠴᠤ ᠲᠡᠭᠦᠨ᠎ᠢ ᠠᠩᠬᠠᠷᠪᠠ᠃

ᠮᠠᠽᠢᠯᠳ᠋ ᠰᠡᠳᠭᠢᠯ ᠬᠥᠭᠡᠷᠦᠨ ᠪᠠᠶᠠᠷ ᠪᠠᠶᠠᠰᠭᠤᠯᠠᠩᠲᠠᠢ ᠪᠥᠵᠢᠭᠯᠡᠵᠦ ᠴᠡᠩᠭᠡᠯ᠎ᠦᠨ ᠳᠤᠮᠳᠠ ᠱᠤᠩᠪᠠᠨ ᠠᠯᠮᠠᠢᠷᠠᠭᠰᠠᠭᠠᠷ ᠶᠠᠭᠤ᠎ᠶᠢ᠎ᠴᠤ ᠰᠠᠨᠠᠬᠤ᠎ᠪᠠᠨ ᠪᠣᠯᠢᠪᠠ᠃ ᠲᠡᠷᠡ ᠭᠤᠤ᠎ᠠ ᠰᠠᠢᠬᠠᠨ᠎ᠢᠶᠠᠷ᠎ᠢᠶᠠᠨ ᠠᠯᠢᠪᠠ ᠡᠮᠡᠭᠲᠡᠢ ᠵᠣᠴᠢᠳ᠎ᠠᠴᠠ ᠳᠠᠪᠠᠭᠰᠠᠨ᠎ᠳᠠᠭᠠᠨ ᠰᠣᠭᠲᠤᠭᠤᠷᠠᠨ᠎ᠠ᠃ ᠠᠮᠵᠢᠯᠲᠠ ᠣᠯᠤᠭᠰᠠᠨ᠎ᠤ ᠠᠯᠳᠠᠷ ᠭᠡᠷᠡᠯ᠎ᠳᠡᠭᠡᠨ ᠰᠣᠭᠲᠤᠭᠤᠷᠠᠨ᠎ᠠ᠂ ᠬᠥᠮᠦᠰ ᠲᠡᠭᠦᠨ᠎ᠢ ᠱᠠᠭᠰᠢᠨ ᠭᠠᠢᠬᠠᠵᠤ᠂ ᠲᠡᠭᠦᠨ᠎ᠳᠦ ᠬᠦᠰᠡᠨ ᠲᠠᠴᠢᠶᠠᠭᠰᠠᠨ᠎ᠠᠴᠠ ᠪᠣᠯᠤᠭᠰᠠᠨ ᠵᠢᠷᠭᠠᠯ᠎ᠤᠨ ᠪᠤᠳᠠᠩ ᠳᠣᠲᠤᠷ᠎ᠠ ᠰᠣᠭᠲᠤᠭᠤᠷᠠᠨ᠎ᠠ᠂ ᠡᠮᠡᠭᠲᠡᠢᠴᠦᠳ᠎ᠦᠨ ᠪᠣᠳᠤᠳᠠᠭ ᠬᠠᠮᠤᠭ᠎ᠤᠨ ᠲᠡᠭᠦᠰ ᠰᠠᠢᠬᠠᠨ ᠬᠠᠮᠤᠭ᠎ᠤᠨ ᠲᠠᠭᠠᠯᠠᠮᠵᠢᠲᠠᠢ ᠢᠯᠠᠯᠲᠠ᠎ᠶᠢᠨ ᠳᠤᠮᠳᠠ ᠰᠣᠭᠲᠤᠭᠤᠷᠠᠨ᠎ᠠ᠃

ᠮᠠᠽᠢᠯᠳ᠋ ᠡᠷᠲᠡ᠎ᠶᠢᠨ ᠳᠥᠷᠪᠡᠨ ᠴᠠᠭ᠎ᠤᠨ ᠦᠶᠡᠰ᠎ᠢᠶᠡᠷ ᠭᠠᠷᠤᠯ᠎ᠠ᠃ ᠲᠡᠭᠦᠨ᠎ᠦ ᠨᠥᠬᠦᠷ᠎ᠨᠢ ᠰᠥᠨᠢ ᠳᠤᠮᠳᠠ᠎ᠠᠴᠠ ᠡᠬᠢᠯᠡᠭᠡᠳ ᠭᠤᠷᠪᠠᠨ ᠡᠷᠡᠭᠲᠡᠢ ᠵᠣᠴᠢᠨ᠎ᠲᠠᠢ ᠬᠠᠮᠲᠤ ᠵᠠᠢᠳᠠᠭᠤᠬᠠᠨ ᠨᠢᠭᠡ ᠵᠣᠴᠢᠳ᠎ᠤᠨ ᠥᠷᠦᠭᠡᠨ᠎ᠳᠦ ᠤᠨᠲᠠᠵᠤ ᠣᠷᠬᠢᠵᠠᠢ᠃ ᠲᠡᠷᠡ ᠵᠠᠪᠰᠠᠷ ᠡᠨᠡ ᠭᠤᠷᠪᠠᠨ ᠡᠷᠡᠭᠲᠡᠢ ᠵᠣᠴᠢᠨ᠎ᠤ ᠡᠬᠡᠨᠡᠷ᠎ᠴᠦ ᠮᠥᠨ ᠪᠥᠵᠢᠭᠯᠡᠨ ᠬᠥᠭᠵᠢᠯᠳᠦᠭᠰᠡᠭᠡᠷ ᠪᠠᠢᠪᠠ᠃

ᠮᠠᠽᠢᠯᠳ᠋᠎ᠤᠨ ᠨᠥᠬᠦᠷ᠎ᠨᠢ ᠶᠠᠪᠤᠬᠤ ᠦᠶ᠎ᠡ᠎ᠳᠦ ᠡᠮᠦᠰᠦᠭᠦᠯᠬᠦ ᠭᠡᠵᠦ ᠭᠡᠷ᠎ᠡᠴᠡ᠎ᠪᠡᠨ ᠠᠪᠴᠢᠷᠠᠭᠰᠠᠨ ᠬᠤᠪᠴᠠᠰᠤ᠎ᠶᠢ ᠮᠥᠷᠦᠨ ᠳᠡᠭᠡᠭᠦᠷ᠎ᠨᠢ ᠨᠥᠮᠦᠷᠦᠭᠦᠯᠪᠡ᠃ ᠡᠨᠡ ᠪᠣᠯ ᠭᠡᠷ᠎ᠲᠦ ᠡᠮᠦᠰᠳᠡᠭ ᠪᠣᠷᠤ ᠳᠦᠷᠢ᠎ᠶᠢᠨ ᠬᠤᠪᠴᠠᠰᠤ ᠲᠤᠯᠠ ᠡᠭᠦᠨ᠎ᠦ ᠦᠵᠡᠰᠢ᠎ᠦᠭᠡᠢ ᠳᠦᠷᠢ᠎ᠶᠢ ᠦᠳᠡᠰᠢᠯᠡᠭᠡ ᠳᠡᠭᠡᠷᠡᠬᠢ ᠬᠤᠪᠴᠠᠰᠤᠨ᠎ᠤ ᠬᠡᠭᠡᠨᠴᠢᠷ ᠵᠢᠪᠬᠤᠭ᠎ᠠ᠎ᠲᠠᠢ ᠵᠡᠷᠭᠡᠴᠡᠭᠦᠯᠬᠦ ᠠᠷᠭ᠎ᠠ᠎ᠦᠭᠡᠢ᠃ ᠲᠡᠷᠡ ᠡᠭᠦᠨ᠎ᠢ ᠰᠡᠷᠡᠵᠦ ᠮᠡᠳᠡᠭᠰᠡᠨ ᠪᠣᠯᠬᠣᠷ ᠬᠣᠪᠤᠷ ᠦᠨᠡᠲᠡᠢ ᠬᠤᠪᠴᠠᠰᠤ ᠡᠮᠦᠰᠦᠭᠰᠡᠨ ᠡᠮᠡᠭᠲᠡᠢᠴᠦᠳ᠎ᠲᠦ ᠦᠯᠦ ᠬᠠᠷᠠᠭᠳᠠᠬᠤ᠎ᠶᠢᠨ ᠲᠥᠯᠦᠭᠡ ᠬᠤᠷᠳᠤᠬᠠᠨ᠎ᠢᠶᠠᠷ ᠪᠤᠷᠤᠭᠤᠯᠠᠨ ᠣᠳᠬᠤ ᠭᠡᠪᠡ᠃

ᠯᠦᠸᠠᠼᠢ ᠲᠡᠭᠦᠨ᠎ᠢ ᠴᠢᠩᠭᠠᠭᠠᠵᠤ:

《ᠪᠠᠢᠵᠠ ᠪᠠᠢᠵᠠ᠂ ᠴᠢ ᠭᠠᠷᠪᠠᠯ ᠳᠠᠭᠠᠷᠠᠨ᠎ᠠ ᠰᠢᠤ᠂ ᠪᠢ ᠮᠣᠷᠢᠨ ᠲᠡᠷᠭᠡ ᠳᠠᠭᠤᠳᠠᠭᠠᠳ ᠢᠷᠡᠶ᠎ᠡ》 ᠭᠡᠪᠡ᠃

ᠭᠡᠲᠡᠯ᠎ᠡ ᠲᠡᠷᠡ ᠣᠭᠲᠤ ᠬᠠᠢᠬᠤᠷᠤᠯ᠎ᠦᠭᠡᠢ ᠰᠡᠩᠳᠡ ᠮᠡᠩᠳᠡ ᠱᠠᠳᠤ᠎ᠪᠠᠷ ᠪᠠᠭᠤᠨ ᠣᠳᠤᠯ᠎ᠠ᠃ ᠲᠡᠷᠡ ᠭᠤᠳᠤᠮᠵᠢᠨ᠎ᠳᠤ ᠭᠠᠷᠤᠭᠠᠳ ᠨᠢᠭᠡ᠎ᠴᠦ ᠮᠣᠷᠢᠨ ᠲᠡᠷᠭᠡ᠎ᠲᠡᠢ ᠲᠠᠭᠠᠷᠢᠯᠳᠤᠭᠰᠠᠨ᠎ᠦᠭᠡᠢ᠃ ᠲᠡᠳᠡ ᠭᠠᠵᠠᠷ ᠪᠦᠬᠦᠨ᠎ᠡᠴᠡ ᠡᠷᠢᠵᠦ᠂ ᠮᠣᠷᠢᠨ ᠲᠡᠷᠭᠡ ᠬᠠᠷᠠᠭᠳᠠᠮᠠᠭᠴᠠ ᠬᠣᠯᠠ᠎ᠠᠴᠠ ᠬᠠᠰᠭᠢᠷᠤᠨ ᠳᠠᠭᠤᠳᠠᠨ᠎ᠠ᠃

ᠲᠡᠳᠡ ᠰᠧᠢᠨᠧ ᠭᠣᠣᠯ᠎ᠤᠨ ᠬᠥᠪᠡᠭᠡ ᠳᠠᠭᠠᠵᠤ ᠮᠤᠬᠤᠷᠳᠠᠨ ᠶᠠᠪᠤᠬᠤ ᠪᠥᠭᠡᠳ ᠴᠡᠴᠡᠷᠡᠨ ᠳᠠᠭᠵᠢᠷᠠᠲᠠᠯ᠎ᠠ ᠳᠠᠭᠠᠷᠠᠵᠠᠢ᠃ ᠲᠡᠭᠡᠭᠰᠡᠭᠡᠷ ᠭᠣᠣᠯ᠎ᠤᠨ ᠡᠷᠭᠢ ᠳᠡᠭᠡᠷ᠎ᠡ᠎ᠡᠴᠡ ᠰᠥᠨᠢ ᠶᠠᠪᠤᠳᠠᠭ ᠨᠢᠭᠡ ᠮᠠᠭᠤ ᠮᠣᠷᠢᠨ ᠲᠡᠷᠭᠡ ᠣᠯᠪᠠ᠃ ᠡᠢᠮᠦᠷᠬᠦᠦ ᠲᠡᠷᠭᠡ ᠫᠠᠷᠢᠰ᠎ᠲᠤ ᠰᠥᠨᠢ᠎ᠯᠡ ᠦᠵᠡᠭᠳᠡᠳᠡᠭ᠂ ᠡᠳᠦᠷ᠎ᠨᠢ ᠲᠡᠷᠡ ᠥᠪᠡᠷ᠎ᠦᠨ᠎ᠢᠶᠡᠨ ᠮᠠᠭᠤᠬᠠᠢ ᠳᠦᠷᠢ ᠪᠠᠢᠳᠠᠯ᠎ᠠᠴᠠ᠎ᠪᠠᠨ ᠪᠣᠯᠤᠭᠠᠳ ᠭᠠᠷᠴᠤ ᠢᠷᠡᠳᠡᠭ᠎ᠦᠭᠡᠢ ᠪᠣᠯᠤᠯᠲᠠᠢ᠃

ᠮᠣᠷᠢᠨ ᠲᠡᠷᠭᠡ ᠲᠡᠳᠡᠨ᠎ᠢ ᠮᠠᠷᠲ᠋ᠢᠨ ᠵᠡᠭᠡᠯᠢ᠎ᠶᠢᠨ ᠰᠠᠭᠤᠴᠠᠨ᠎ᠤ ᠬᠢᠨᠢ ᠡᠭᠦᠳᠡᠨ᠎ᠳᠦ ᠰᠢᠭᠤᠳ ᠠᠪᠴᠢᠷᠠᠪᠠ᠃ ᠲᠡᠷᠡ ᠵᠦᠳᠡᠷᠡᠩᠭᠦᠢ᠎ᠪᠡᠷ ᠭᠡᠷ᠎ᠲᠡᠭᠡᠨ ᠣᠷᠤᠯ᠎ᠠ᠃ ᠮᠠᠽᠢᠯᠳ᠋᠎ᠲᠤ ᠠᠪᠴᠤ ᠬᠡᠯᠡᠪᠡᠯ ᠨᠢᠭᠡ ᠶᠠᠪᠤᠳᠠᠯ᠎ᠢ ᠳᠠᠭᠤᠰᠭᠠᠭᠰᠠᠨ᠎ᠢᠶᠠᠷ ᠲᠣᠭᠠᠴᠢᠵᠤ ᠪᠣᠯᠤᠨ᠎ᠠ᠃ ᠨᠥᠬᠦᠷ᠎ᠨᠢ ᠠᠷᠪᠠᠨ ᠴᠠᠭ᠎ᠲᠤ ᠶᠠᠮᠤᠨ᠎ᠳᠠᠭᠠᠨ ᠣᠴᠢᠬᠤ᠎ᠪᠠᠷ ᠪᠣᠳᠤᠵᠤ ᠪᠠᠢᠪᠠ᠃

ᠲᠡᠷᠡ ᠨᠥᠮᠦᠷᠴᠦ ᠢᠷᠡᠭᠰᠡᠨ ᠬᠤᠪᠴᠠᠰᠤ᠎ᠪᠠᠨ ᠲᠠᠢᠯᠵᠤ᠂ ᠲᠣᠯᠢᠨ᠎ᠤ ᠡᠮᠦᠨ᠎ᠡ ᠣᠴᠢᠪᠠ᠃ ᠤᠴᠢᠷ᠎ᠨᠢ ᠡᠨᠡ᠎ᠬᠦ ᠥᠩᠭᠡ ᠭᠡᠷᠡᠯᠲᠡᠢ ᠵᠢᠮᠰᠡᠭ ᠴᠢᠮᠡᠭ ᠪᠡᠶ᠎ᠡ᠎ᠳᠦᠨᠢ ᠪᠠᠢᠭᠰᠠᠭᠠᠷ ᠲᠤᠯᠠ ᠥᠪᠡᠷ᠎ᠢ᠎ᠪᠡᠨ ᠳᠠᠬᠢᠵᠤ ᠰᠠᠢᠲᠤᠷ ᠨᠠᠷᠢᠪᠴᠢᠯᠠᠬᠤ ᠭᠡᠰᠡᠨ ᠪᠠᠢᠵᠠᠢ᠃ ᠭᠡᠲᠡᠯ᠎ᠡ ᠲᠡᠷᠡ ᠰᠣᠴᠢᠮᠠᠭ ᠬᠠᠰᠭᠢᠷᠤᠯ᠎ᠠ᠂ ᠵᠡᠭᠦᠵᠦ ᠶᠠᠪᠤᠭᠰᠠᠨ ᠰᠣᠨᠳᠤᠷ᠎ᠨᠢ ᠠᠯᠠᠭ᠎ᠠ ᠪᠣᠯᠵᠠᠢ᠃

ᠬᠤᠪᠴᠠᠰᠤ᠎ᠪᠠᠨ ᠪᠠᠷᠤᠭ ᠲᠠᠢᠴᠢᠭᠰᠠᠨ ᠨᠥᠬᠦᠷ᠎ᠨᠢ:

《ᠶᠠᠭᠤ ᠪᠣᠯᠪᠠ?》 ᠭᠡᠵᠦ ᠠᠰᠠᠭᠤᠪᠠ᠃

ᠮᠠᠽᠢᠯᠳ᠋ ᠠᠶᠤᠨ ᠡᠯᠦᠢᠷᠡᠵᠦ ᠲᠡᠭᠦᠨ᠎ᠦ ᠤᠷᠤᠭᠤ ᠡᠷᠭᠢᠨ ᠬᠠᠷᠠᠭᠠᠳ:

《ᠪᠢ ᠁ ᠪᠢ ᠁ ᠪᠢ ᠹᠯᠧᠰᠵᠧ ᠬᠠᠲᠤᠨ᠎ᠤ ᠰᠣᠨᠳᠤᠷ᠎ᠢ ᠭᠡᠭᠡᠵᠡᠢ》 ᠭᠡᠪᠡ᠃

ᠯᠦᠸᠠᠼᠢ ᠤᠬᠠᠭᠠᠨ᠎ᠨᠢ ᠭᠠᠷᠴᠤ᠂ ᠤᠴᠢᠷ᠎ᠢᠶᠠᠨ ᠣᠯᠬᠤ᠎ᠦᠭᠡᠢ ᠪᠣᠯᠬᠤ᠎ᠳᠠᠭᠠᠨ ᠡᠭᠴᠡᠯᠡᠨ ᠵᠣᠭᠰᠤᠭᠠᠳ:

《ᠶᠠᠭᠤ! ᠁ ᠶᠠᠭᠠᠬᠢᠪᠠ! ᠁ ᠡᠢᠮᠦ ᠶᠠᠪᠤᠳᠠᠯ ᠭᠡᠵᠦ ᠬᠠᠮᠢᠭ᠎ᠠ ᠪᠠᠢᠬᠤ ᠪᠤᠢ!》 ᠭᠡᠪᠡ᠃

ᠲᠡᠷᠡ ᠮᠣᠷᠢᠨ ᠴᠠᠮᠴᠠᠨ᠎ᠤ ᠨᠤᠭᠤᠯᠤᠭᠠᠰᠤ᠂ ᠳ᠋ᠠᠴᠠᠩ᠎ᠤᠨ ᠨᠤᠭᠤᠯᠤᠭᠠᠰᠤ᠎ᠪᠠᠷ ᠡᠷᠢᠵᠦ᠂ ᠪᠦᠬᠦ ᠬᠠᠷᠮᠠᠨ ᠰᠠᠪᠠᠨ ᠳᠣᠲᠤᠭᠤᠷ ᠪᠡᠳᠡᠷᠢᠪᠡ᠃ ᠶᠠᠭ ᠣᠯᠤᠭᠰᠠᠨ᠎ᠦᠭᠡᠢ᠃

《ᠴᠢ ᠦᠳᠡᠰᠢᠯᠡᠭᠡ᠎ᠶᠢᠨ ᠭᠠᠵᠠᠷ᠎ᠠᠴᠠ ᠭᠠᠷᠬᠤ ᠦᠶ᠎ᠡ᠎ᠳᠦ ᠪᠠᠢᠭᠰᠠᠨ᠎ᠢ᠎ᠨᠢ ᠯᠠᠪ ᠮᠡᠳᠡᠵᠦ ᠪᠠᠢᠨ᠎ᠠ᠎ᠤᠤ?》 ᠭᠡᠵᠦ ᠨᠥᠬᠦᠷ᠎ᠨᠢ ᠠᠰᠠᠭᠤᠪᠠ᠃

《ᠮᠡᠳᠡᠵᠦ ᠪᠠᠢᠨ᠎ᠠ᠃ ᠰᠤᠷᠭᠠᠨ ᠬᠥᠮᠦᠵᠢᠯ᠎ᠦᠨ ᠶᠠᠮᠤᠨ᠎ᠤ ᠭᠤᠳᠤᠮ᠎ᠳᠤ ᠶᠠᠪᠤᠵᠤ ᠪᠠᠢᠬᠤ᠎ᠳᠠᠭᠠᠨ ᠪᠢ ᠲᠡᠭᠦᠨ᠎ᠢ ᠲᠡᠮᠲᠡᠷᠢᠵᠦ ᠦᠵᠡᠭᠰᠡᠨ᠎ᠶᠦᠮ᠃ 》

《ᠭᠡᠲᠡᠯ᠎ᠡ᠂ ᠬᠡᠷᠪᠡ ᠭᠤᠳᠤᠮᠵᠢᠨ᠎ᠳᠤ ᠭᠡᠭᠡᠭᠰᠡᠨ ᠪᠣᠯ ᠪᠢᠳᠡ ᠯᠠᠪ ᠴᠢᠮᠡᠭᠡ᠎ᠶᠢ᠎ᠨᠢ ᠰᠣᠨᠤᠰᠬᠤ ᠪᠠᠢᠭᠰᠠᠨ᠃ ᠲᠡᠷᠭᠡᠨ ᠳᠣᠲᠤᠷ᠎ᠠ᠎ᠯᠠ ᠭᠡᠭᠡᠴᠢᠬᠡᠵᠡᠢ ᠳ᠋ᠠ᠃ 》

《ᠲᠡᠢᠮᠦ᠂ ᠪᠠᠷᠤᠭ᠎ᠯᠠ ᠲᠠᠭᠠᠷᠠᠨ᠎ᠠ᠃ ᠴᠢ ᠲᠡᠷᠭᠡᠨ᠎ᠦ ᠨᠣᠮᠧᠷ᠎ᠢ ᠴᠡᠭᠡᠵᠢᠯᠡᠭᠰᠡᠨ᠎ᠦᠦ?》

《ᠴᠡᠭᠡᠵᠢᠯᠡᠭᠰᠡᠨ᠎ᠦᠭᠡᠢ᠃ ᠴᠢ᠂ ᠴᠢ ᠠᠩᠬᠠᠷᠤᠭᠰᠠᠨ᠎ᠦᠭᠡᠢ᠎ᠤᠤ?》

《᠎ᠦᠭᠡᠢ᠃ 》

ᠲᠡᠳᠡᠨ ᠤᠬᠠᠭ᠎ᠠ ᠭᠠᠷᠲᠠᠯ᠎ᠠ ᠰᠠᠨᠳᠤᠷᠬᠤ᠎ᠳᠠᠭᠠᠨ ᠪᠡᠶ᠎ᠡ᠎ᠪᠡᠨ ᠬᠠᠷᠠᠭᠠᠳ ᠭᠥᠯᠢᠷᠡᠯ᠎ᠡ᠂ ᠲᠡᠭᠡᠵᠦ ᠲᠡᠭᠡᠵᠦ ᠯᠦᠸᠠᠼᠢ ᠳᠠᠬᠢᠨ ᠬᠤᠪᠴᠠᠯᠠᠪᠠ᠃

《ᠪᠢ ᠶᠠᠪᠤᠶ᠎ᠠ》 ᠭᠡᠳ ᠲᠡᠷᠡ: 《ᠶᠠᠪᠤᠭᠰᠠᠨ ᠵᠠᠮ᠎ᠢᠶᠠᠷ᠎ᠢᠶᠠᠨ ᠳᠠᠬᠢᠨ ᠨᠢᠭᠡ ᠤᠳᠠᠭ᠎ᠠ ᠶᠠᠪᠤᠵᠤ ᠦᠵᠡᠶ᠎ᠡ᠂ ᠣᠯᠴᠢᠬᠠᠬᠤ ᠮᠠᠭᠠᠳ᠎ᠦᠭᠡᠢ》 ᠭᠡᠪᠡ᠃

ᠲᠡᠷᠡ ᠭᠠᠷᠤᠭᠠᠳ ᠶᠠᠪᠤᠯ᠎ᠠ᠃ ᠮᠠᠽᠢᠯᠳ᠋ ᠦᠳᠡᠰᠢᠯᠡᠭᠡ᠎ᠳᠦ ᠡᠮᠦᠰᠦᠭᠰᠡᠨ ᠬᠤᠪᠴᠠᠰᠤ᠎ᠪᠠᠷ᠎ᠢᠶᠠᠨ ᠪᠠᠢᠬᠤ ᠪᠥᠭᠡᠳ ᠣᠷᠤᠨ ᠳᠡᠭᠡᠷ᠎ᠡ᠎ᠪᠡᠨ ᠭᠠᠷᠴᠤ ᠤᠨᠲᠠᠬᠤ᠎ᠶᠢᠨ᠎ᠴᠤ ᠴᠢᠳᠠᠯ᠎ᠦᠭᠡᠢ ᠪᠣᠯᠵᠠᠢ᠃ ᠵᠣᠷᠢᠭ᠎ᠢᠶᠠᠨ ᠣᠭᠲᠤᠬᠠᠨ᠎ᠴᠤ ᠰᠡᠷᠭᠦᠭᠡᠵᠦ ᠴᠢᠳᠠᠬᠤ᠎ᠦᠭᠡᠢ ᠲᠤᠯᠠ ᠶᠠᠭᠤ᠎ᠶᠢ᠎ᠴᠤ ᠰᠠᠨᠠᠵᠤ ᠪᠣᠳᠤᠬᠤ᠎ᠦᠭᠡᠢ᠎ᠪᠠᠷ ᠨᠢᠭᠡ ᠰᠠᠨᠳᠠᠯᠢ ᠳᠡᠭᠡᠷ᠎ᠡ ᠳᠡᠮᠡᠢᠯᠡ ᠮᠡᠯᠡᠷᠡᠨ ᠰᠠᠭᠤᠨ᠎ᠠ᠃

ᠳᠣᠯᠤᠭᠠᠨ ᠴᠠᠭ᠎ᠤᠨ ᠪᠠᠷᠤᠭ᠎ᠢᠶᠠᠷ ᠨᠥᠬᠦᠷ᠎ᠨᠢ ᠬᠠᠷᠢᠵᠤ ᠢᠷᠡᠯ᠎ᠡ᠃ ᠶᠠᠭᠤ᠎ᠴᠤ ᠣᠯᠤᠭᠰᠠᠨ᠎ᠦᠭᠡᠢ᠃

ᠪᠦᠷ ᠰᠡᠭᠦᠯ᠎ᠳᠡᠭᠡᠨ ᠯᠦᠸᠠᠼᠢ ᠴᠠᠭᠳᠠᠭ᠎ᠠ᠎ᠶᠢᠨ ᠲᠢᠩᠬᠢᠮ᠎ᠳᠦ ᠣᠴᠢᠪᠠ᠃ ᠡᠯ᠎ᠡ ᠰᠣᠨᠢᠨ᠎ᠤ ᠭᠠᠵᠠᠷ᠎ᠢᠶᠠᠷ ᠣᠴᠢᠪᠠ᠃ ᠱᠠᠩ ᠵᠠᠷᠯᠠᠨ ᠡᠷᠢᠭᠦᠯᠪᠡ᠃ ᠠᠯᠢᠪᠠ ᠪᠦᠬᠦᠢ ᠲᠡᠷᠭᠡᠨ᠎ᠦ ᠭᠠᠵᠠᠷ᠎ᠢᠶᠠᠷ᠎ᠴᠤ ᠣᠴᠢᠵᠤ ᠡᠷᠢᠪᠡ᠃ ᠶᠡᠷᠦ᠎ᠡᠴᠡ ᠥᠴᠦᠬᠡᠨ᠎ᠴᠦ ᠭᠡᠰᠡᠨ ᠭᠣᠷᠢᠳᠠᠯᠭ᠎ᠠ ᠪᠠᠢᠬᠤ᠎ᠯᠠ ᠭᠠᠵᠠᠷ ᠪᠦᠬᠦᠨ᠎ᠳᠦ ᠲᠡᠷᠡ ᠪᠦᠷ ᠣᠴᠢᠵᠠᠢ᠃

ᠮᠠᠽᠢᠯᠳ᠋ ᠡᠢᠮᠦ ᠵᠣᠯ᠎ᠦᠭᠡᠢ ᠭᠠᠮᠰᠢᠭ ᠲᠣᠳᠭᠠᠷ᠎ᠲᠤ ᠲᠤᠯᠭᠠᠷᠠᠭᠠᠳ᠂ ᠡᠳᠦᠷᠵᠢᠨ ᠬᠦᠯᠢᠶᠡᠨ ᠰᠠᠭᠤᠵᠤ᠂ ᠡᠳᠦᠷᠵᠢᠨ ᠰᠣᠴᠢᠨ ᠲᠡᠪᠡᠳᠡᠭᠰᠡᠨ ᠪᠠᠢᠳᠠᠯ᠎ᠢᠶᠠᠷ ᠥᠩᠭᠡᠷᠡᠨ᠎ᠡ᠃ ᠣᠷᠤᠢ᠎ᠨᠢ ᠯᠦᠸᠠᠼᠢ ᠵᠢᠪᠡᠬᠡᠢ ᠴᠠᠭᠠᠨ ᠴᠢᠷᠠᠢᠯᠠᠭᠠᠳ ᠬᠠᠷᠢᠵᠤ ᠢᠷᠡᠯ᠎ᠡ᠂ ᠶᠠᠭᠤ᠎ᠴᠤ ᠣᠯᠤᠭᠰᠠᠨ᠎ᠦᠭᠡᠢ᠃

《ᠨᠠᠢᠵᠠ᠎ᠳᠠᠭᠠᠨ ᠵᠠᠬᠢᠳᠠᠯ ᠥᠭᠭᠦᠭᠰᠡᠨ ᠳᠡᠭᠡᠷ᠎ᠡ》 ᠭᠡᠵᠦ ᠲᠡᠷᠡ ᠬᠡᠯᠡᠭᠡᠳ 《ᠰᠣᠨᠳᠤᠷ᠎ᠤᠨ ᠲᠣᠯᠤᠭᠠᠢ᠎ᠨᠢ ᠡᠪᠳᠡᠷᠡᠭᠡᠳ ᠵᠠᠰᠠᠭᠤᠯᠵᠤ ᠪᠠᠢᠨ᠎ᠠ ᠭᠡᠵᠦ ᠬᠡᠯᠡ᠃ ᠢᠩᠭᠢᠪᠡᠯ ᠪᠢᠳᠡ ᠠᠷᠭ᠎ᠠ ᠡᠷᠢᠬᠦ ᠴᠠᠭ᠎ᠲᠠᠢ ᠪᠣᠯᠤᠨ᠎ᠠ》 ᠭᠡᠪᠡ᠃

ᠮᠠᠽᠢᠯᠳ᠋ ᠲᠡᠭᠦᠨ᠎ᠦ ᠬᠡᠯᠡᠭᠰᠡᠨ ᠶᠣᠰᠤᠭᠠᠷ ᠵᠠᠬᠢᠳᠠᠯ ᠶᠠᠪᠤᠭᠤᠯᠵᠠᠢ᠃

ᠨᠢᠭᠡ ᠭᠠᠷᠠᠭ ᠥᠩᠭᠡᠷᠡᠭᠡᠳ ᠲᠡᠳᠡᠨ᠎ᠦ ᠠᠯᠢᠪᠠ ᠭᠣᠷᠢᠳᠠᠯᠭ᠎ᠠ ᠴᠥᠮ ᠲᠠᠰᠤᠷᠠᠪᠠ᠃

ᠯᠦᠸᠠᠼᠢ ᠲᠠᠪᠤᠨ ᠨᠠᠰᠤ ᠨᠡᠮᠡᠭᠳᠡᠨ ᠬᠥᠭᠰᠢᠷᠡᠭᠰᠡᠨ᠎ᠰᠢᠭ ᠪᠣᠯᠵᠠᠢ᠃ ᠲᠡᠷᠡ:

《ᠠᠷᠭ᠎ᠠ ᠵᠦᠢ ᠡᠷᠢᠵᠦ ᠡᠨᠡ ᠵᠢᠮᠰᠡᠭ᠎ᠢ ᠲᠥᠯᠦᠶ᠎ᠡ》 ᠭᠡᠵᠦ ᠰᠢᠢᠳᠦᠨ ᠬᠡᠯᠡᠪᠡ᠃

ᠳᠠᠷᠠᠭ᠎ᠠ ᠡᠳᠦᠷ᠎ᠨᠢ᠂ ᠲᠡᠷᠡ ᠰᠣᠨᠳᠤᠷ᠎ᠢ ᠠᠭᠤᠯᠵᠤ ᠪᠠᠢᠭᠰᠠᠨ ᠬᠠᠢᠷᠴᠠᠭ᠎ᠢᠶᠠᠨ ᠠᠪᠤᠭᠠᠳ ᠬᠠᠢᠷᠴᠠᠭ ᠳᠡᠭᠡᠷᠡᠬᠢ ᠫᠠᠢᠵᠠ ᠲᠡᠮᠳᠡᠭ᠎ᠦᠨ ᠪᠢᠴᠢᠭᠡᠰᠦ ᠶᠣᠰᠤᠭᠠᠷ ᠲᠡᠷᠡ᠎ᠬᠦ ᠱ᠌ᠢᠷᠤ ᠰᠤᠪᠤᠳ᠎ᠤᠨ ᠫᠦᠰᠡᠨ᠎ᠳᠦ ᠣᠴᠢᠪᠠ᠃ ᠳᠠᠩᠵᠢᠶᠠᠳ ᠵᠥᠩᠳᠡᠭᠡᠨ ᠣᠯᠠᠨ ᠳᠠᠩᠰᠠ ᠬᠠᠷ᠎ᠠ ᠤᠷᠪᠠᠭᠤᠯᠵᠤ ᠦᠵᠡᠭᠡᠳ:

《ᠬᠠᠲᠤᠭᠲᠠᠢ᠂ ᠡᠨᠡ ᠰᠣᠨᠳᠤᠷ᠎ᠢ ᠪᠢ ᠬᠤᠳᠠᠯᠳᠤᠭᠰᠠᠨ᠎ᠦᠭᠡᠢ᠃ ᠬᠠᠢᠷᠴᠠᠭ᠎ᠢ᠎ᠨᠢ᠎ᠯᠠ ᠬᠤᠳᠠᠯᠳᠤᠭᠰᠠᠨ》 ᠭᠡᠪᠡ᠃

ᠲᠡᠭᠡᠭᠡᠳ ᠲᠡᠳᠡ ᠱ᠌ᠢᠷᠤ ᠰᠤᠪᠤᠳ᠎ᠤᠨ ᠡᠨᠡ ᠫᠦᠰᠡᠨ᠎ᠡᠴᠡ ᠲᠡᠷᠡ ᠫᠦᠰᠡᠨ᠎ᠳᠦ ᠣᠴᠢᠵᠤ᠂ ᠴᠡᠭᠡᠵᠢᠯᠡᠵᠦ ᠪᠠᠢᠭ᠎ᠠ ᠬᠡᠮᠵᠢᠶ᠎ᠡ᠎ᠪᠡᠷ᠎ᠢᠶᠡᠨ ᠠᠳᠠᠯᠢ ᠱᠤᠤᠬᠠᠨ ᠰᠣᠨᠳᠤᠷ᠎ᠢ ᠪᠡᠳᠡᠷᠢᠪᠡ᠃ ᠬᠣᠶᠠᠭᠤᠯᠠ᠎ᠪᠠᠨ ᠶᠠᠳᠠᠷᠠᠬᠤ᠎ᠶᠢᠨ ᠶᠡᠬᠡ᠎ᠪᠡᠷ ᠶᠠᠳᠠᠷᠠᠵᠤ᠂ ᠴᠤᠴᠠᠬᠤ᠎ᠶᠢᠨ ᠶᠡᠬᠡ᠎ᠪᠡᠷ ᠴᠤᠴᠠᠵᠤ ᠡᠪᠡᠳᠴᠢᠯᠡᠨ ᠬᠡᠪᠲᠡᠬᠦ᠎ᠳᠦ ᠣᠢᠷᠠᠳᠴᠠᠢ᠃

ᠬᠠᠭᠠᠨ᠎ᠤ ᠣᠷᠳᠤᠨ᠎ᠤ ᠭᠤᠳᠤᠮᠵᠢᠨ᠎ᠤ ᠨᠢᠭᠡ ᠫᠦᠰᠡᠨ᠎ᠳᠦ ᠲᠡᠳᠡᠨ᠎ᠦ ᠪᠡᠳᠡᠷᠢᠵᠦ ᠪᠠᠢᠭᠰᠠᠨ᠎ᠲᠠᠢ᠎ᠨᠢ ᠶᠠᠭ ᠠᠳᠠᠯᠢ ᠠᠯᠮᠠᠰ ᠡᠷᠳᠡᠨᠢ᠎ᠶᠢᠨ ᠰᠣᠨᠳᠤᠷ ᠲᠡᠳᠡᠨ᠎ᠳᠦ ᠳᠠᠭᠠᠷᠢᠯᠳᠤᠯ᠎ᠠ᠃ ᠦᠨ᠎ᠡ᠎ᠨᠢ ᠳᠥᠷᠪᠡᠨ ᠲᠦᠮᠡᠨ ᠹᠷᠠᠩᠺ ᠪᠠᠢᠪᠠ᠃ ᠳᠠᠩᠵᠢᠶᠠᠳ ᠦᠨ᠎ᠡ᠎ᠪᠡᠨ ᠪᠠᠭᠤᠷᠠᠭᠤᠯᠤᠭᠠᠳ ᠭᠤᠷᠪᠠᠨ ᠲᠦᠮᠡ ᠵᠢᠷᠭᠤᠭᠠᠨ ᠮᠢᠩᠭ᠎ᠠ ᠪᠣᠯᠭᠠᠪᠠ᠃

ᠲᠡᠳᠡ ᠳᠠᠩᠵᠢᠶᠠᠳ᠎ᠲᠤ ᠭᠤᠷᠪᠠᠨ ᠡᠳᠦᠷ᠎ᠦᠨ ᠳᠣᠲᠤᠷ᠎ᠠ ᠪᠤᠤ ᠬᠤᠳᠠᠯᠳᠤᠭᠠᠷᠠᠢ ᠭᠡᠵᠦ ᠭᠤᠶᠤᠵᠠᠢ᠃ ᠬᠡᠷᠪᠡ ᠬᠣᠶᠠᠳᠤᠭᠠᠷ ᠰᠠᠷ᠎ᠠ᠎ᠶᠢᠨ ᠰᠡᠭᠦᠯᠴᠢ᠎ᠡᠴᠡ ᠡᠮᠦᠨ᠎ᠡ ᠤᠭ᠎ᠤᠨ ᠰᠣᠨᠳᠤᠷ᠎ᠢᠶᠠᠨ ᠣᠯᠪᠠᠯ ᠳᠠᠩᠵᠢᠶᠠᠳ ᠡᠨᠡ ᠰᠣᠨᠳᠤᠷ᠎ᠢᠶᠠᠨ ᠭᠤᠷᠪᠠᠨ ᠲᠦᠮᠡ ᠳᠥᠷᠪᠡᠨ ᠮᠢᠩᠭ᠎ᠠ᠎ᠪᠠᠷ ᠪᠤᠴᠠᠭᠠᠨ ᠠᠪᠤᠨ᠎ᠠ ᠭᠡᠵᠦ ᠲᠡᠳᠡ ᠭᠡᠷ᠎ᠡ ᠬᠢᠵᠡᠢ᠃ ᠯᠦᠸᠠᠼᠢ᠎ᠳᠤ ᠡᠴᠢᠭᠡ᠎ᠨᠢ ᠦᠯᠡᠳᠡᠭᠡᠵᠦ ᠥᠭᠭᠦᠭᠰᠡᠨ ᠨᠢᠭᠡ ᠲᠦᠮᠡ ᠨᠠᠢ᠍ᠮᠠᠨ ᠮᠢᠩᠭᠠᠨ ᠹᠷᠠᠩᠺ ᠪᠡᠯᠡᠨ ᠪᠠᠢᠪᠠ᠃ ᠥᠭᠡᠷ᠎ᠡ᠎ᠶᠢ᠎ᠨᠢ ᠪᠤᠰᠤᠳ᠎ᠠᠴᠠ ᠵᠢᠭᠡᠯᠡᠬᠦ᠎ᠳᠦ ᠬᠦᠷᠴᠡᠢ᠃

ᠲᠡᠷᠡ ᠵᠣᠭᠤᠰ ᠵᠢᠭᠡᠯᠡᠵᠦ ᠭᠠᠷᠤᠯ᠎ᠠ᠃ ᠡᠭᠦᠨ᠎ᠡᠴᠡ ᠨᠢᠭᠡ ᠮᠢᠩᠭᠠᠨ ᠹᠷᠠᠩᠺ᠂ ᠲᠡᠭᠦᠨ᠎ᠡᠴᠡ ᠲᠠᠪᠤᠨ ᠵᠠᠭᠤᠨ ᠹᠷᠠᠩᠺ᠂ ᠡᠨᠳᠡ᠎ᠡᠴᠡ ᠲᠠᠪᠤᠨ ᠯᠤᠢᠵᠢ᠂ ᠲᠡᠨᠳᠡ᠎ᠡᠴᠡ ᠭᠤᠷᠪᠠᠨ ᠯᠤᠢᠵᠢ ᠵᠢᠭᠡᠯᠡᠨ᠎ᠡ᠃ ᠥᠷᠢ᠎ᠶᠢᠨ ᠪᠠᠷᠢᠮᠲᠠ᠎ᠳᠤ ᠭᠠᠷ᠎ᠤᠨ ᠦᠰᠦᠭ ᠵᠥᠩᠳᠡᠭᠡᠨ ᠵᠢᠷᠤᠵᠤ᠂ ᠬᠥᠷᠦᠩᠭᠡ᠎ᠪᠡᠨ ᠬᠥᠨᠲᠡᠷᠬᠦ ᠭᠡᠷ᠎ᠡ ᠪᠣᠯᠵᠤᠭ᠎ᠠ ᠠᠯᠢ ᠣᠯᠠᠨ ᠲᠣᠭᠲᠠᠪᠠ᠃ ᠲᠡᠷᠡ ᠥᠨᠳᠦᠷ ᠬᠦᠦ᠎ᠲᠡᠢ ᠵᠢᠭᠡᠯᠡᠯᠭᠡ ᠲᠠᠯᠪᠢᠭᠴᠢ ᠪᠠ ᠡᠨᠳᠡ ᠲᠡᠨᠳᠡᠬᠢ ᠠᠳᠠᠯᠢ ᠪᠤᠰᠤ ᠤᠯᠤᠰ᠎ᠤᠨ ᠬᠠᠷᠢᠶᠠᠲᠤ ᠵᠢᠭᠡᠯᠡᠯᠭᠡ ᠲᠠᠯᠪᠢᠭᠴᠢ ᠲᠤᠩ ᠣᠯᠠᠨ ᠬᠥᠮᠦᠰ᠎ᠲᠡᠢ ᠶᠠᠪᠤᠯᠴᠠᠯ᠎ᠠ᠃ ᠲᠡᠷᠡ ᠰᠡᠭᠦᠯ᠎ᠦᠨ ᠬᠠᠭᠠᠰ ᠨᠠᠰᠤᠨ᠎ᠤ ᠠᠮᠢᠳᠤᠷᠠᠯ᠎ᠢᠶᠠᠨ᠎ᠴᠤ ᠪᠣᠳᠤᠬᠤ ᠴᠢᠯᠦᠭᠡ᠎ᠦᠭᠡᠢ᠎ᠪᠡᠷ ᠬᠦᠷᠦᠭᠰᠡᠨ ᠭᠠᠵᠠᠷ ᠪᠦᠬᠦᠨ ᠭᠠᠷ᠎ᠤᠨ ᠦᠰᠦᠭ᠎ᠢᠶᠡᠨ ᠠᠶᠤᠯᠲᠠᠢ᠎ᠪᠠᠷ ᠵᠢᠷᠤᠬᠤ ᠪᠣᠯᠪᠠᠴᠤ ᠢᠲᠡᠭᠡᠯ᠎ᠢᠶᠡᠨ ᠬᠠᠳᠠᠭᠠᠯᠠᠵᠤ ᠴᠢᠳᠠᠬᠤ ᠡᠰᠡᠬᠦ᠎ᠪᠡᠨ᠎ᠴᠦ ᠦᠯᠦ ᠮᠡᠳᠡᠨ᠎ᠡ᠃ ᠢᠷᠡᠭᠡᠳᠦᠢ᠎ᠶᠢᠨ ᠭᠡᠮᠰᠢᠯ᠂ ᠪᠦᠬᠦ ᠪᠡᠶ᠎ᠡ᠎ᠶᠢ᠎ᠨᠢ ᠣᠷᠢᠶᠠᠨ ᠠᠪᠬᠤ ᠭᠡᠵᠦ ᠪᠠᠢᠭ᠎ᠠ ᠬᠡᠷᠴᠡᠭᠡᠢ ᠰᠢᠷᠦᠭᠦᠨ ᠶᠠᠳᠠᠭᠤᠷᠠᠯ᠂ ᠪᠡᠶ᠎ᠡ ᠮᠠᠬᠠᠪᠤᠳ᠎ᠤᠨ ᠡᠪᠡᠷᠰᠢᠶᠡᠯ᠂ ᠣᠶᠤᠨ ᠤᠬᠠᠭᠠᠨ᠎ᠤ ᠭᠠᠰᠠᠯᠠᠩ ᠡᠨᠡ ᠪᠦᠬᠦ ᠰᠦᠷᠳᠡᠭᠦᠯᠦᠯ᠎ᠦᠨ ᠳᠣᠣᠷ᠎ᠠ ᠯᠦᠸᠠᠼᠢ᠂ ᠬᠤᠳᠠᠯᠳᠤᠭᠠᠨ᠎ᠤ ᠯᠠᠩᠭᠦᠢ ᠳᠡᠭᠡᠷ᠎ᠡ ᠭᠤᠷᠪᠠᠨ ᠲᠦᠮᠡ ᠵᠢᠷᠭᠤᠭᠠᠨ ᠮᠢᠩᠭᠠᠨ ᠹᠷᠠᠩᠺ ᠲᠠᠯᠪᠢᠭᠠᠳ ᠲᠡᠷᠡ᠎ᠬᠦ ᠰᠢᠨ᠎ᠡ ᠰᠣᠨᠳᠤᠷ᠎ᠢ ᠠᠪᠤᠯ᠎ᠠ᠃

ᠮᠠᠽᠢᠯᠳ᠋ ᠬᠠᠲᠤᠨ ᠰᠣᠨᠳᠤᠷ᠎ᠢ ᠬᠦᠷᠭᠡᠵᠦ ᠣᠴᠢᠬᠤ᠎ᠳᠤᠨᠢ ᠹᠯᠧᠰᠵᠧ ᠬᠠᠲᠤᠨ ᠦᠯᠦ ᠲᠠᠭᠠᠰᠢᠶᠠᠭᠰᠠᠨ ᠪᠠᠢᠳᠠᠯ᠎ᠲᠠᠢ᠎ᠪᠠᠷ:

《ᠡᠷᠲᠡᠬᠡᠨ ᠠᠪᠴᠢᠷᠠᠵᠤ ᠥᠭᠭᠦᠭᠰᠡᠨ ᠪᠣᠯ ᠲᠠᠭᠠᠷᠠᠬᠤ᠎ᠶᠤᠮ᠃ ᠪᠢ ᠬᠡᠷᠡᠭᠯᠡᠮᠡᠷ᠎ᠶᠦᠮᠰᠡᠨ》 ᠭᠡᠵᠡᠢ᠃

ᠹᠯᠧᠰᠵᠧ ᠬᠠᠲᠤᠨ ᠬᠠᠢᠷᠴᠠᠭ᠎ᠢ ᠨᠡᠭᠡᠭᠡᠭᠰᠡᠨ᠎ᠦᠭᠡᠢ᠂ ᠬᠡᠷᠪᠡ ᠣᠷᠤᠯᠠᠭᠤᠯᠤᠭᠰᠠᠨ ᠡᠳ᠋ ᠪᠠᠢᠬᠤ᠎ᠶᠢ ᠮᠡᠳᠡᠪᠡᠯ᠂ ᠲᠡᠷᠡ ᠶᠠᠭᠤ ᠰᠠᠨᠠᠬᠤ ᠪᠣᠯ? ᠶᠠᠭᠤ ᠭᠡᠬᠦ ᠪᠣᠯ? ᠡᠨᠡ ᠨᠠᠢᠵᠠ᠎ᠶᠢ᠎ᠪᠠᠨ ᠬᠤᠯᠠᠭᠠᠢᠴᠢ ᠭᠡᠵᠦ ᠪᠣᠳᠤᠬᠤ᠎ᠦᠭᠡᠢ ᠪᠠᠢᠬ᠎ᠠ ᠳ᠋ᠠ ? ᠭᠡᠵᠦ ᠬᠠᠢᠷᠴᠠᠭ᠎ᠢ ᠨᠡᠭᠡᠭᠡᠬᠦ᠎ᠡᠴᠡ ᠨᠠᠢᠵᠠ᠎ᠨᠢ ᠵᠣᠪᠠᠵᠤ ᠪᠠᠢᠯ᠎ᠠ᠃

ᠮᠠᠽᠢᠯᠳ᠋ ᠬᠠᠲᠤᠨ ᠦᠭᠡᠭᠦᠦ ᠬᠥᠮᠦᠨ᠎ᠦ ᠬᠦᠴᠢᠷ ᠪᠡᠷᠬᠡᠰᠢᠶᠡᠯᠲᠦ ᠠᠮᠢᠳᠤᠷᠠᠯ᠎ᠢ ᠮᠡᠳᠡᠵᠦ ᠢᠷᠡᠯ᠎ᠡ᠃ ᠲᠡᠭᠡᠭᠡᠳ ᠡᠷᠡᠮᠡᠬᠡᠢ ᠵᠣᠷᠢᠭ ᠢᠯᠡᠷᠡᠭᠦᠯᠵᠦ ᠡᠷᠡᠰ ᠰᠢᠭᠤᠷᠬᠠᠢ ᠰᠠᠨᠠᠭ᠎ᠠ ᠲᠣᠭᠲᠠᠨ ᠡᠨᠡ᠎ᠬᠦ ᠠᠶᠤᠮᠰᠢᠭᠲᠤ ᠥᠷᠢ᠎ᠶᠢ ᠲᠥᠯᠦᠬᠦ ᠪᠣᠯᠵᠠᠢ᠃ ᠠᠷᠭ᠎ᠠ ᠰᠠᠮᠪᠠᠭ᠎ᠠ ᠭᠠᠷᠭᠠᠨ ᠲᠥᠯᠦᠵᠦ ᠡᠬᠢᠯᠡᠪᠡ᠃ ᠰᠢᠪᠡᠭᠴᠢᠨ᠎ᠢᠶᠡᠨ ᠶᠠᠪᠤᠭᠤᠯᠤᠭᠠᠳ᠂ ᠣᠷᠤᠨ ᠰᠠᠭᠤᠴᠠ ᠰᠢᠯᠵᠢᠭᠦᠯᠵᠦ ᠪᠢᠴᠢᠬᠠᠨ ᠰᠠᠷᠠᠪᠴᠢᠨ᠎ᠤ ᠠᠰᠠᠷ᠎ᠢ ᠬᠥᠯᠦᠰᠦᠯᠡᠨ ᠰᠠᠭᠤᠪᠠ᠃

ᠮᠠᠽᠢᠯᠳ᠋ ᠭᠡᠷ᠎ᠦᠨ ᠳᠣᠲᠤᠷᠠᠬᠢ ᠠᠯᠢᠪᠠ ᠪᠣᠷᠤ ᠪᠦᠳᠦᠭᠦᠨ ᠠᠵᠢᠯ ᠪᠠ ᠲᠣᠭᠤᠭᠠᠨ ᠭᠡᠷ᠎ᠦᠨ ᠶᠠᠷᠰᠢᠭ᠎ᠲᠠᠢ ᠠᠷᠰᠠᠷ ᠠᠵᠢᠯ᠎ᠢ ᠮᠡᠳᠡᠵᠦ ᠠᠪᠤᠯ᠎ᠠ᠃ ᠠᠶᠠᠭ᠎ᠠ ᠰᠢᠨᠠᠭ᠎ᠠ᠂ ᠫᠢᠯᠠ ᠲᠠᠪᠠᠭ ᠤᠭᠠᠭᠰᠠᠭᠠᠷ ᠲᠣᠰᠤ ᠪᠣᠯᠤᠭᠰᠠᠨ ᠫᠧᠩᠰᠡᠨ᠎ᠦ ᠠᠮᠠᠰᠠᠷ᠂ ᠲᠣᠭᠤᠭᠠᠨ᠎ᠤ ᠢᠷᠤᠭᠠᠷ᠎ᠲᠤ ᠦᠷᠦᠭᠳᠡᠵᠦ ᠲᠡᠭᠦᠨ᠎ᠦ ᠪᠤᠯᠪᠠᠷᠠᠢ ᠴᠠᠭᠠᠨ ᠭᠠᠷ ᠪᠦᠳᠦᠭᠦᠨ ᠬᠦᠳᠡᠷ ᠪᠣᠯᠤᠯ᠎ᠠ᠃ ᠬᠤᠵᠢᠷ᠎ᠢᠶᠠᠷ ᠬᠠᠨᠲᠠᠭᠠᠵᠠ ᠤᠭᠠᠵᠤ᠂ ᠵᠦᠯᠭᠦᠭᠦᠷ ᠤᠭᠠᠵᠤ᠂ ᠣᠯᠤᠰᠤᠨ ᠳᠡᠭᠡᠰᠦᠨ ᠳᠡᠭᠡᠷ᠎ᠡ ᠳᠡᠯᠭᠡᠨ ᠬᠠᠲᠠᠭᠠᠨ᠎ᠠ᠃ ᠥᠷᠯᠦᠭᠡ ᠪᠦᠷᠢ ᠬᠣᠭ ᠨᠣᠪᠰᠢ᠎ᠪᠠᠨ ᠠᠰᠠᠷ᠎ᠤᠨ ᠭᠤᠳᠤᠮᠵᠢᠨ᠎ᠳᠤ ᠠᠪᠠᠴᠢᠵᠤ᠂ ᠠᠰᠠᠷ᠎ᠤᠨ ᠳᠣᠣᠷ᠎ᠠ᠎ᠠᠴᠠ ᠤᠰᠤ ᠠᠪᠴᠤ ᠠᠰᠠᠷ ᠳᠡᠭᠡᠷ᠎ᠡ ᠭᠠᠷᠭᠠᠨ᠎ᠠ᠂ ᠢᠩᠭᠢᠵᠦ ᠠᠰᠠᠷ᠎ᠢ ᠳᠡᠭᠡᠭᠰᠢ ᠳᠣᠭᠤᠭᠰᠢ ᠰᠢᠪᠲᠤ ᠶᠠᠪᠤᠬᠤ᠎ᠳᠠᠭᠠᠨ ᠬᠠᠶᠠ ᠵᠣᠭᠰᠤᠵᠤ ᠠᠮᠢᠰᠭᠤᠭ᠎ᠠ ᠠᠪᠤᠨ᠎ᠠ᠃ ᠲᠡᠷᠡ ᠶᠠᠳᠠᠭᠤ ᠵᠦᠳᠡᠭᠦᠦ ᠡᠮᠡᠭᠲᠡᠢ᠎ᠲᠡᠢ ᠠᠳᠠᠯᠢ ᠬᠤᠪᠴᠠᠯᠠᠵᠤ᠂ ᠰᠠᠭᠰᠤ ᠳᠣᠬᠤᠢᠯᠠᠨ ᠵᠢᠮᠢᠰ᠎ᠦᠨ ᠫᠦᠰᠡ᠂ ᠠᠬᠠᠷ ᠰᠠᠬᠠᠷ ᠬᠡᠷᠡᠭᠯᠡᠭᠦᠨ᠎ᠦ ᠳᠡᠯᠭᠡᠭᠦᠷ᠂ ᠮᠢᠬᠠᠨ᠎ᠤ ᠬᠤᠳᠠᠯᠳᠤᠭ᠎ᠠ᠎ᠪᠠᠷ ᠶᠠᠪᠤᠵᠤ ᠦᠨ᠎ᠡ ᠪᠤᠯᠢᠶᠠᠯᠳᠤᠨ ᠡᠯᠡᠭᠯᠡᠯ ᠬᠠᠷᠢᠶᠠᠯ ᠬᠦᠯᠢᠶᠡᠵᠦ᠂ ᠲᠡᠷᠡ᠎ᠬᠦ ᠬᠣᠮᠰᠠ ᠮᠥᠩᠭᠦ᠎ᠪᠡᠨ ᠨᠢᠭᠡ ᠮᠥᠩᠭᠦ ᠨᠢᠭᠡ ᠮᠥᠩᠭᠦ᠎ᠪᠡᠷ ᠠᠷᠪᠢᠯᠠᠨ᠎ᠠ᠃

ᠰᠠᠷ᠎ᠠ ᠪᠦᠷᠢ ᠬᠠᠭᠤᠴᠢᠨ ᠥᠷᠢ᠎ᠶᠢᠨ᠎ᠢᠶᠡᠨ ᠨᠢᠭᠡ ᠬᠡᠰᠡᠭ᠎ᠢ ᠲᠥᠯᠦᠵᠦ᠂ ᠨᠢᠭᠡ ᠪᠠᠭ᠎ᠠ ᠰᠢᠨ᠎ᠡ ᠥᠷᠢ ᠲᠠᠯᠪᠢᠨ᠎ᠠ᠂ ᠢᠩᠭᠢᠵᠦ ᠲᠥᠯᠦᠬᠦ ᠬᠤᠭᠤᠴᠠᠭ᠎ᠠ᠎ᠪᠠᠨ ᠤᠷᠲᠤᠳᠭᠠᠨ᠎ᠠ᠃

ᠨᠥᠬᠦᠷ᠎ᠨᠢ ᠣᠷᠤᠢ ᠪᠣᠯᠭᠠᠨ ᠠᠷᠠᠯᠵᠢᠶᠠᠴᠢᠨ᠎ᠤ ᠳᠠᠩᠰᠠ ᠬᠠᠷ᠎ᠠ᠎ᠶᠢ ᠬᠠᠭᠤᠯᠤᠨ᠎ᠠ᠃ ᠦᠷᠭᠦᠯᠵᠢ ᠰᠥᠨᠢ ᠳᠦᠯᠢ ᠪᠣᠯᠲᠠᠯ᠎ᠠ ᠨᠢᠭᠡ ᠨᠢᠭᠤᠷ᠎ᠲᠠᠭᠠᠨ ᠲᠠᠪᠤᠨ ᠮᠥᠩᠭᠦᠨ᠎ᠦ ᠬᠥᠯᠦᠰᠦ᠎ᠲᠡᠢ ᠡᠬᠡ ᠨᠣᠣᠷᠠᠭ᠎ᠢ ᠰᠡᠢᠷᠡᠭᠦᠯᠦᠨ ᠪᠢᠴᠢᠨ᠎ᠡ᠃

ᠡᠢᠮᠦᠷᠬᠦᠦ ᠠᠮᠢᠳᠤᠷᠠᠯ ᠠᠷᠪᠠᠨ ᠵᠢᠯ ᠦᠷᠭᠦᠯᠵᠢᠯᠡᠯ᠎ᠡ᠃

ᠠᠷᠪᠠᠳᠤᠭᠠᠷ ᠵᠢᠯ᠎ᠦᠨ ᠵᠢᠯ᠎ᠦᠨ ᠡᠴᠦᠰ᠎ᠲᠦ ᠥᠷᠢ᠎ᠪᠡᠨ ᠲᠥᠯᠦᠵᠦ ᠳᠠᠭᠤᠰᠭᠠᠪᠠ᠃ ᠲᠡᠷᠡ᠎ᠬᠦ ᠥᠨᠳᠦᠷ ᠬᠦᠦ ᠬᠢᠭᠡᠳ ᠬᠦᠦ᠎ᠡᠴᠡ᠎ᠨᠢ ᠬᠦᠦ ᠲᠥᠷᠦᠭᠰᠡᠨ᠎ᠢ ᠬᠦᠷᠲᠡᠯ᠎ᠡ ᠴᠥᠮ ᠲᠥᠯᠦᠵᠦ ᠪᠠᠷᠠᠯ᠎ᠠ᠃

ᠮᠠᠽᠢᠯᠳ᠋ ᠬᠠᠲᠤᠨ ᠡᠳᠦᠭᠡ ᠮᠡᠳᠡᠭᠳᠡᠬᠦᠢᠴᠡ ᠬᠥᠭᠰᠢᠷᠡᠵᠡᠢ᠃ ᠣᠳᠣ ᠦᠭᠡᠭᠦᠦ ᠶᠠᠳᠠᠭᠤ ᠭᠡᠷ᠎ᠦᠨ ᠬᠦᠳᠡᠷ ᠴᠢᠭᠢᠷᠠᠭ ᠬᠥᠳᠡᠯᠮᠦᠷᠢᠴᠢ ᠪᠦᠰᠡᠭᠦᠢ ᠪᠣᠯᠵᠠᠢ᠃ ᠦᠰᠦ᠎ᠪᠡᠨ ᠬᠠᠰᠢ ᠶᠠᠰᠢᠬᠠᠨ ᠣᠷᠢᠶᠠᠵᠤ᠂ ᠠᠯᠴᠢᠭᠤᠷ᠎ᠢᠶᠠᠨ ᠬᠡᠯᠲᠡᠷᠬᠡᠢ ᠬᠠᠵᠠᠭᠠᠢᠬᠠᠨ ᠪᠣᠭᠤᠵᠤ᠂ ᠮᠣᠨᠴᠤᠭᠤᠷ ᠬᠦᠷᠢᠨ ᠭᠠᠷ᠎ᠢᠶᠠᠨ ᠭᠠᠷᠭᠠᠨ᠂ ᠳᠡᠭᠡᠷ᠎ᠡ ᠳᠠᠭᠤ᠎ᠪᠠᠷ ᠦᠭᠡ ᠶᠠᠷᠢᠵᠤ᠂ ᠲᠣᠮᠤ ᠰᠠᠭᠤᠯᠠᠭ᠎ᠠ᠎ᠲᠠᠢ ᠤᠰᠤ᠎ᠪᠠᠷ ᠱᠠᠯᠠ ᠤᠭᠠᠵᠤ ᠶᠠᠪᠤᠳᠠᠭ ᠪᠣᠯᠵᠠᠢ᠃ ᠭᠡᠲᠡᠯ᠎ᠡ ᠵᠠᠷᠢᠮ ᠦᠶᠡᠰ ᠨᠥᠬᠦᠷ᠎ᠢᠶᠡᠨ ᠠᠵᠢᠯ᠎ᠳᠤ ᠶᠠᠪᠤᠭᠰᠠᠨ᠎ᠤ ᠰᠡᠭᠦᠯᠡᠷ ᠴᠣᠩᠬᠤᠨ᠎ᠤ ᠳᠡᠷᠭᠡᠳᠡ ᠭᠠᠭᠴᠠᠭᠠᠷ᠎ᠢᠶᠠᠨ ᠰᠠᠭᠤᠵᠤ᠂ ᠲᠡᠷᠡ ᠣᠷᠤᠢ ᠬᠡᠴᠢᠨᠡᠨ ᠭᠤᠤ᠎ᠠ ᠦᠵᠡᠰᠭᠦᠯᠡᠩ᠂ ᠬᠥᠮᠦᠨ᠎ᠳᠦ ᠬᠡᠴᠢᠨᠡᠨ ᠲᠠᠴᠢᠶᠠᠭᠳᠠᠵᠤ ᠪᠠᠢᠯ᠎ᠠ ᠳ᠋ᠠ ! ᠭᠡᠵᠦ ᠲᠡᠷᠡ ᠵᠢᠯ᠎ᠦᠨ ᠦᠳᠡᠰᠢᠯᠡᠭᠡ᠎ᠶᠢ ᠰᠠᠨᠠᠭᠠᠯᠵᠠᠨ᠎ᠠ᠃

ᠲᠡᠷᠡ ᠦᠶᠡᠰ ᠬᠡᠷᠪᠡ ᠰᠣᠨᠳᠤᠷ᠎ᠢ ᠭᠡᠭᠡᠭᠰᠡᠨ᠎ᠦᠭᠡᠢ᠎ᠰᠡᠨ ᠪᠣᠯ ᠮᠠᠽᠢᠯᠳ᠋ ᠣᠳᠣ ᠶᠠᠮᠠᠷᠰᠢᠤ ᠪᠠᠢᠬᠤ ᠪᠣᠯ? ᠬᠡᠨ ᠮᠡᠳᠡᠬᠦ ᠪᠤᠢ? ᠬᠥᠮᠦᠨ᠎ᠦ ᠶᠠᠪᠤᠳᠠᠯ ᠬᠡᠴᠢᠨᠡᠨ ᠵᠢᠭᠲᠡᠢ᠂ ᠬᠡᠴᠢᠨᠡᠨ ᠣᠭᠤᠰᠤᠷ ᠪᠠᠷᠢᠭᠤᠯ᠎ᠦᠭᠡᠢ ᠪᠠᠢᠳᠠᠭ᠎ᠶᠤᠮ ᠪᠤᠢ? ᠥᠴᠦᠬᠡᠨ ᠪᠠᠭ᠎ᠠ ᠤᠴᠢᠷ᠎ᠲᠤ ᠴᠢᠮᠠᠢ ᠲᠠᠮᠤᠯᠠᠵᠤ᠎ᠴᠤ ᠪᠣᠯᠤᠨ᠎ᠠ᠂ ᠴᠢᠮᠠᠢ ᠵᠢᠷᠭᠠᠭᠤᠯᠵᠤ᠎ᠴᠤ ᠪᠣᠯᠤᠨ᠎ᠠ!

ᠨᠢᠭᠡ ᠭᠠᠷᠠᠭ᠎ᠤᠨ ᠡᠳᠦᠷ ᠮᠠᠽᠢᠯᠳ᠋ ᠬᠥᠭᠵᠢᠶᠡᠨᠲᠦ ᠴᠡᠴᠡᠷᠯᠢᠭ᠎ᠲᠦ ᠣᠴᠢᠵᠤ ᠵᠤᠭᠠᠯᠠᠨ᠂ ᠨᠢᠭᠡᠨ ᠭᠠᠷᠠᠭ᠎ᠤᠨ ᠶᠠᠳᠠᠷᠠᠭ᠎ᠠ᠎ᠪᠠᠨ ᠭᠠᠷᠭᠠᠵᠤ ᠶᠠᠪᠤᠪᠠ᠃ ᠲᠡᠭᠡᠵᠦ ᠪᠠᠢᠲᠠᠯ᠎ᠠ ᠬᠡᠦᠬᠡᠳ ᠳᠠᠭᠠᠭᠤᠯᠤᠭᠰᠠᠨ ᠨᠢᠭᠡ ᠡᠬᠡᠨᠡᠷ ᠵᠤᠭᠠᠴᠠᠵᠤ ᠶᠠᠪᠤᠬᠤ᠎ᠶᠢ ᠭᠡᠨᠡᠳᠲᠡ ᠠᠵᠢᠪᠠ᠃ ᠶᠡᠷᠦ᠎ᠨᠢ ᠬᠠᠷᠢᠨ ᠹᠯᠧᠰᠵᠧ ᠬᠠᠲᠤᠨ ᠪᠠᠢᠭᠰᠠᠨ ᠪᠥᠭᠡᠳ ᠲᠡᠷᠡ ᠮᠥᠨ ᠵᠠᠯᠠᠭᠤ᠎ᠪᠠᠷ᠎ᠢᠶᠠᠨ᠂ ᠰᠡᠳᠭᠢᠯ ᠬᠥᠳᠡᠯᠭᠡᠮ᠎ᠡ ᠰᠠᠢᠬᠠᠨ᠎ᠢᠶᠠᠷ᠎ᠢᠶᠠᠨ ᠪᠠᠢᠯ᠎ᠠ᠃

ᠮᠠᠽᠢᠯᠳ᠋ ᠬᠠᠲᠤᠨ᠎ᠤ ᠰᠡᠳᠭᠢᠯ ᠬᠢᠵᠠᠭᠠᠯᠠᠰᠢ᠎ᠦᠭᠡᠢ ᠬᠥᠳᠡᠯᠪᠡ᠃ ᠬᠦᠷᠴᠦ ᠣᠴᠢᠭᠠᠳ ᠹᠯᠧᠰᠵᠧ ᠬᠠᠲᠤᠨ᠎ᠲᠠᠢ ᠦᠭᠡ ᠶᠠᠷᠢᠨ᠎ᠠ᠎ᠤᠤ? ᠶᠠᠷᠢᠶᠠᠨ᠎ᠦᠭᠡᠢ ᠵᠠᠪᠠᠯ ᠣᠴᠢᠬᠤ ᠬᠡᠷᠡᠭᠲᠡᠢ᠃ ᠲᠡᠷᠡ ᠥᠷᠢ ᠲᠥᠯᠦᠭᠡᠰᠦ᠎ᠪᠡᠨ ᠴᠥᠮ ᠲᠥᠯᠦᠴᠢᠬᠡᠭᠰᠡᠨ ᠪᠣᠯᠬᠣᠷ ᠲᠡᠭᠦᠨ᠎ᠢᠶᠡᠨ ᠴᠥᠮ᠎ᠢ ᠲᠣᠭᠠᠴᠢᠵᠤ ᠪᠣᠯᠤᠨ᠎ᠠ᠂ ᠶᠠᠭᠠᠬᠢᠭᠠᠳ ᠪᠣᠯᠬᠤ᠎ᠦᠭᠡᠢ ᠪᠢᠯᠡ?

ᠲᠡᠷᠡ ᠬᠦᠷᠦᠭᠡᠳ ᠣᠴᠢᠪᠠ᠃

《ᠴᠢ ᠰᠠᠢᠨ᠎ᠤᠤ᠂ ᠵᠢᠶᠠᠨ᠋ᠧ᠃ 》

ᠨᠥᠭᠦᠭᠡᠳᠡᠬᠢ᠎ᠨᠢ ᠲᠡᠭᠦᠨ᠎ᠢ ᠣᠭᠲᠤᠬᠠᠨ᠎ᠴᠤ ᠲᠠᠨᠢᠭᠰᠠᠨ᠎ᠦᠭᠡᠢ᠃ ᠡᠭᠡᠯ ᠠᠷᠠᠳ᠎ᠤᠨ ᠨᠢᠭᠡ ᠡᠬᠡᠨᠡᠷ ᠢᠩᠭᠢᠵᠦ ᠳᠣᠲᠤᠨᠤᠴᠢᠷᠬᠠᠨ ᠳᠠᠭᠤᠳᠠᠭᠰᠠᠨ᠎ᠳᠤ ᠲᠡᠷᠡ ᠤᠴᠢᠷ᠎ᠦᠭᠡᠢ ᠰᠣᠴᠢᠵᠠᠢ᠃

《ᠭᠡᠪᠡᠴᠦ ᠁ ᠬᠠᠲᠤᠭᠲᠠᠢ ᠁ ᠪᠢ ᠮᠡᠳᠡᠬᠦ᠎ᠦᠭᠡᠢ ᠁ ᠴᠢ ᠯᠠᠪ ᠠᠨᠳᠠᠭᠤᠷᠠᠭ᠎ᠠ ᠪᠢᠵᠡ》 ᠭᠡᠵᠦ ᠲᠡᠷᠡ ᠡᠭᠡᠷᠡᠨ ᠲᠡᠬᠡᠷᠡᠨ ᠬᠡᠯᠡᠪᠡ᠃

《ᠠᠨᠳᠠᠭᠤᠷᠠᠭ᠎ᠠ᠎ᠦᠭᠡᠢ᠃ ᠪᠢ ᠮᠠᠽᠢᠯᠳ᠋ ᠯᠦᠸᠠᠼᠢ ᠮᠥᠨ᠃ 》

ᠨᠠᠢᠵᠠ᠎ᠨᠢ ᠬᠠᠰᠭᠢᠷᠴᠤ ᠠᠪᠤᠭᠠᠳ:

《ᠠ! ᠁ᠮᠢᠨᠦ ᠬᠥᠭᠡᠷᠦᠬᠦᠢ ᠮᠠᠽᠢᠯᠳ᠋ ᠴᠢ ᠶᠠᠭᠠᠬᠢᠭᠠᠳ ᠡᠢᠮᠦ ᠪᠣᠯᠴᠢᠬᠠᠪᠠ! ᠁》 ᠭᠡᠯ᠎ᠡ᠃

《ᠲᠡᠢᠮᠦ ᠡ᠂ ᠣᠯᠠᠨ ᠵᠢᠯ ᠠᠭᠤᠯᠵᠠᠭᠰᠠᠨ᠎ᠦᠭᠡᠢ᠂ ᠡᠳᠡᠭᠡᠷ ᠵᠢᠯ᠎ᠦᠳ᠎ᠲᠦ ᠪᠢ ᠭᠠᠰᠢᠭᠤᠨ ᠵᠦᠳᠡᠭᠦᠷᠢ᠎ᠶᠢ ᠵᠥᠩᠳᠡᠭᠡᠨ ᠠᠮᠰᠠᠯ᠎ᠠ᠃ ᠬᠠᠷᠢᠨ ᠴᠥᠮ ᠴᠢᠨᠦ ᠤᠴᠢᠷ᠎ᠢᠶᠠᠷ ᠰᠢᠤ! ᠁》

《ᠮᠢᠨᠦ ᠤᠴᠢᠷ᠎ᠢᠶᠠᠷ ᠭᠡᠨ᠎ᠡ? ᠁ ᠡᠨᠡ ᠶᠠᠭᠤ ᠭᠡᠰᠡᠨ ᠦᠭᠡ ᠪᠤᠢ?》

《ᠴᠢ ᠨᠠᠳᠠ ᠵᠢᠭᠡᠯᠡᠭᠦᠯᠵᠦ ᠥᠭᠭᠦᠭᠰᠡᠨ ᠲᠡᠷᠡ ᠰᠣᠨᠳᠤᠷ᠎ᠢᠶᠠᠨ ᠮᠠᠷᠲᠠᠭ᠎ᠠ᠎ᠦᠭᠡᠢ ᠪᠢᠵᠡ᠂ ᠰᠤᠷᠭᠠᠨ ᠬᠥᠮᠦᠵᠢᠯ᠎ᠦᠨ ᠶᠠᠮᠤᠨ᠎ᠤ ᠦᠳᠡᠰᠢᠯᠡᠭᠡ᠎ᠳᠦ ᠣᠴᠢᠬᠤ᠎ᠳᠠᠭᠠᠨ ᠮᠢᠨᠦ ᠵᠡᠭᠦᠭᠰᠡᠨ ᠲᠡᠷᠡ᠃ 》

《ᠮᠠᠷᠲᠠᠭ᠎ᠠ᠎ᠦᠭᠡᠢ᠃ ᠶᠠᠭᠠᠬᠢᠭ᠎ᠠ ᠭᠡᠵᠦ?》

《ᠶᠠᠭᠠᠬᠢᠭ᠎ᠠ ᠭᠡᠵᠦ ᠭᠡᠨ᠎ᠡ? ᠪᠢ ᠲᠡᠭᠦᠨ᠎ᠢ᠎ᠴᠢᠨᠢ ᠭᠡᠭᠡᠴᠢᠬᠡᠭᠰᠡᠨ᠃ 》

《ᠬᠠᠮᠢᠭ᠎ᠠ᠎ᠠᠴᠠ ᠳ᠋ᠠ ! ᠴᠢ ᠬᠡᠵᠢᠶᠡᠨᠡᠢ ᠨᠠᠳᠠ ᠪᠤᠴᠠᠭᠠᠭᠠᠳ ᠥᠭᠭᠦᠭᠰᠡᠨ᠎ᠯᠡ ᠳ᠋ᠠ᠃ 》

《ᠮᠢᠨᠦ ᠴᠢᠮ᠎ᠠ᠎ᠳᠤ ᠪᠤᠴᠠᠭᠠᠵᠤ ᠥᠭᠭᠦᠭᠰᠡᠨ᠎ᠨᠢ ᠥᠭᠡᠷ᠎ᠡ ᠨᠢᠭᠡ᠂ ᠴᠢᠨᠦᠬᠢ᠎ᠲᠡᠢ ᠡᠭᠡᠭᠡ ᠢᠵᠢᠯ᠎ᠶᠦᠮ᠃ ᠴᠢ ᠪᠣᠳᠤ ᠳ᠋ᠠ᠂ ᠪᠢᠳᠡ ᠠᠷᠪᠠᠨ ᠵᠢᠯ᠎ᠦᠨ ᠬᠦᠴᠦ ᠬᠥᠳᠡᠯᠮᠦᠷᠢ᠎ᠪᠡᠷ ᠲᠡᠭᠦᠨ᠎ᠦ ᠦᠨ᠎ᠡ ᠥᠷᠲᠡᠭ᠎ᠢ ᠰᠠᠶᠢ ᠲᠥᠯᠦᠵᠦ ᠳᠠᠭᠤᠰᠤᠯ᠎ᠠ᠃ ᠴᠢᠨᠦ ᠮᠡᠳᠡᠭᠡᠵᠢ᠎ᠪᠡᠷ ᠪᠢᠳᠡ ᠮᠡᠲᠦ᠎ᠶᠢᠨ ᠶᠠᠭᠤ᠎ᠴᠤ᠎ᠦᠭᠡᠢ ᠬᠥᠮᠦᠨ᠎ᠳᠦ ᠡᠨᠡ ᠬᠠᠷᠢᠨ ᠬᠢᠯᠪᠠᠷ ᠬᠡᠷᠡᠭ ᠪᠢᠰᠢ ᠰᠢᠦ! ᠁ ᠭᠡᠪᠡᠴᠦ ᠬᠡᠷᠡᠭ ᠤᠴᠢᠷ ᠲᠣᠭᠤᠷᠢᠨ ᠥᠩᠭᠡᠷᠡᠵᠡᠢ᠂ ᠪᠢ᠎ᠴᠦ ᠲᠤᠩ ᠪᠠᠶᠠᠷᠲᠠᠢ ᠪᠠᠢᠨᠠᠮ᠃ 》

ᠹᠯᠧᠰᠵᠧ ᠬᠠᠲᠤᠨ ᠠᠯᠬᠤᠬᠤ᠎ᠪᠠᠨ ᠵᠣᠭᠰᠤᠭᠠᠳ:

《ᠴᠢ ᠨᠢᠭᠡ ᠡᠷᠳᠡᠨᠢ᠎ᠶᠢᠨ ᠰᠣᠨᠳᠤᠷ ᠬᠤᠳᠠᠯᠳᠤᠵᠤ ᠠᠪᠤᠭᠠᠳ ᠨᠠᠳᠠ ᠲᠥᠯᠦᠭᠰᠡᠨ ᠭᠡᠵᠦ ᠴᠢ ᠬᠡᠯᠡᠪᠡ᠎ᠦᠦ?》 ᠭᠡᠪᠡ᠃

《ᠲᠡᠢᠮᠦ ᠲᠡᠢᠮᠦ᠃ ᠴᠢ ᠲᠡᠷᠡ ᠦᠶᠡᠰ ᠮᠡᠳᠡᠭᠰᠡᠨ᠎ᠦᠭᠡᠢ ᠭᠡᠵᠦ᠎ᠦᠦ? ᠢᠬᠡᠷ᠎ᠡ᠎ᠶᠦᠮ᠎ᠰᠢᠭ ᠢᠵᠢᠯ᠎ᠶᠦᠮ᠎ᠴᠢᠨᠢ ᠳ᠋ᠠ᠃ 》

ᠲᠡᠭᠡᠭᠡᠳ ᠮᠠᠽᠢᠯᠳ᠋ ᠴᠢᠩ ᠦᠨᠡᠨᠴᠢ ᠰᠡᠳᠭᠢᠯ᠎ᠢᠶᠡᠷ ᠢᠨᠢᠶᠡᠪᠡ᠃

ᠹᠯᠧᠰᠵᠧ ᠬᠠᠲᠤᠨ᠎ᠤ ᠰᠡᠳᠭᠢᠯ ᠬᠦᠴᠦᠲᠡᠢ ᠳᠣᠭᠳᠤᠯᠵᠤ᠂ ᠬᠣᠶᠠᠷ ᠭᠠᠷ᠎ᠢ᠎ᠨᠢ ᠠᠳᠭᠤᠵᠤ ᠠᠪᠤᠭᠠᠳ:

《ᠠᠢ!ᠮᠢᠨᠦ ᠬᠥᠭᠡᠷᠦᠬᠦᠢ ᠮᠠᠽᠢᠯᠳ᠋! ᠬᠠᠷᠢᠨ ᠮᠢᠨᠦ ᠲᠡᠷᠡ ᠰᠣᠨᠳᠤᠷ ᠬᠠᠭᠤᠷᠮᠠᠭ ᠡᠳ᠋᠎ᠶᠦᠮ᠃ ᠭᠠᠢᠭᠤᠢ᠎ᠳᠠᠭᠠᠨ ᠲᠠᠪᠤᠨ ᠵᠠᠭᠤᠨ ᠹᠷᠠᠩᠺ ᠬᠦᠷᠦᠨ᠎ᠡ! ᠁》 ᠭᠡᠪᠡ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082