ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠡᠷᠳᠡᠨᠢ

-

ᠠᠮᠲᠠᠲᠤ ᠢᠳᠡᠭᠡᠨ᠎ᠢ ᠳᠡᠭᠡᠵᠢᠯᠡᠵᠦ

ᠠᠷᠪᠠᠢ ᠪᠤᠭᠤᠳᠠᠢ᠎ᠶᠢ ᠬᠥᠮᠦᠷᠭᠡᠯᠡᠵᠦ

ᠠᠭᠤᠤ ᠪᠠᠶᠠᠨ᠎ᠢ ᠪᠡᠯᠭᠡᠯᠡᠨ

ᠠᠯᠲᠠ ᠰᠤᠪᠤᠳ᠎ᠢᠶᠠᠷ ᠪᠥᠭᠡᠯᠵᠢᠳᠡᠭ

ᠬᠤᠯᠤᠭᠠᠨ᠎ᠠ᠎ᠶᠢᠨ ᠡᠷᠳᠡᠨᠢ ᠴᠢᠬᠢ᠎ᠲᠡᠢ᠃

 

ᠠᠴᠢᠶ᠎ᠠ ᠬᠥᠰᠭᠡ ᠲᠡᠭᠡᠭᠡᠵᠦ

ᠠᠷᠠᠯᠲᠤ ᠲᠡᠷᠭᠡ ᠰᠢᠯᠢᠳᠡᠵᠦ

ᠠᠮᠠᠷᠠᠬᠤ ᠠᠨᠢᠬᠤ᠎ᠶᠢ ᠣᠮᠠᠷᠲᠠᠨ

ᠠᠮᠢ᠎ᠪᠠᠨ ᠴᠦᠯᠡᠵᠦ ᠵᠢᠳᠭᠦᠳᠡᠭ

ᠦᠬᠡᠷ ᠡᠷᠳᠡᠨᠢ᠎ᠶᠢᠨ ᠰᠡᠭᠡᠷ᠎ᠲᠡᠢ᠃

 

ᠬᠠᠨ ᠣᠷᠭᠢᠯ᠎ᠢᠶᠠᠷ ᠬᠠᠷᠠᠢᠵᠤ

ᠬᠠᠪᠴᠢᠯ ᠵᠢᠯᠠᠭ᠎ᠠ᠎ᠳᠤ ᠨᠣᠢᠷᠰᠣᠵᠤ

ᠬᠠᠮᠤᠭ ᠠᠷᠢᠶᠠᠲᠠᠨ᠎ᠢ ᠵᠠᠬᠢᠷᠥᠨ

ᠬᠠᠷᠭᠤᠢ ᠵᠠᠮ᠎ᠢ ᠰᠠᠬᠢᠳᠠᠭ

ᠪᠠᠷᠰ ᠡᠷᠳᠡᠨᠢ᠎ᠶᠢᠨ ᠬᠢᠮᠤᠰᠤ᠎ᠲᠠᠢ᠃

 

ᠡᠳᠦᠷ ᠰᠥᠨᠢ᠎ᠦᠭᠡᠢ ᠪᠦᠭᠭᠦᠵᠦ

ᠡᠪᠦᠯ ᠵᠤᠨ᠎ᠦᠭᠡᠢ ᠶᠠᠭᠠᠷᠠᠵᠤ

ᠡᠮᠦᠨ᠎ᠡ ᠠᠷᠤ᠎ᠦᠭᠡᠢ ᠪᠤᠵᠢᠭᠢᠨᠠᠨ

ᠡᠪᠡᠰᠦ ᠤᠷᠭᠤᠮᠠᠯ᠎ᠢ ᠪᠦᠷᠢᠳᠭᠡᠳᠡᠭ

ᠲᠠᠤᠯᠠᠢ ᠡᠷᠳᠡᠨᠢ᠎ᠶᠢᠨ ᠬᠠᠮᠠᠷ᠎ᠲᠠᠢ᠃

 

ᠠᠭᠠᠳᠠᠷ᠎ᠤᠨ ᠡᠭᠦᠯᠡ᠎ᠶᠢ ᠬᠥᠯᠭᠡᠯᠡᠵᠦ

ᠠᠶᠤᠩᠭ᠎ᠠ ᠴᠠᠬᠢᠯᠭᠠᠨ᠎ᠢ ᠳᠠᠢᠴᠢᠯᠠᠵᠤ

ᠷᠠᠰᠢᠶᠠᠨ ᠬᠤᠷ᠎ᠠ᠎ᠶᠢ ᠰᠣᠶᠣᠷᠬᠠᠨ

ᠠᠮᠢᠲᠠᠨ ᠪᠦᠬᠦᠨ᠎ᠢ ᠢᠪᠡᠭᠡᠳᠡᠭ

ᠯᠤᠤ ᠡᠷᠳᠡᠨᠢ᠎ᠶᠢᠨ ᠬᠦᠵᠦᠭᠦᠦ᠎ᠲᠡᠢ᠃

 

ᠡᠵᠡᠭᠦᠢ ᠬᠡᠭᠡᠷ᠎ᠡ᠎ᠶᠢ ᠲᠣᠣᠷᠯᠠᠵᠣ

ᠡᠷᠭᠢ ᠭᠠᠩᠭ᠎ᠠ᠎ᠶᠢ ᠰᠦᠯᠵᠢᠵᠦ

ᠡᠯᠡᠰᠦ ᠰᠢᠷᠤᠢ ᠨᠡᠪᠲᠡᠯᠦᠨ

ᠡᠴᠢᠨ᠎ᠡ ᠲᠠᠯ᠎ᠠ᠎ᠶᠢ ᠪᠠᠢᠴᠠᠭᠠᠳᠠᠭ

ᠮᠣᠭᠠᠢ ᠡᠷᠳᠡᠨᠢ᠎ᠶᠢᠨ ᠨᠢᠳᠦ᠎ᠲᠡᠢ᠃

 

ᠠᠶᠠᠨ᠎ᠤ ᠵᠠᠮ᠎ᠢ ᠳᠣᠪᠴᠢᠯᠡᠵᠦ

ᠠᠯᠤᠰ ᠭᠠᠵᠠᠷ᠎ᠢ ᠣᠢᠷᠠᠲᠤᠭᠤᠯᠵᠤ

ᠠᠨᠳᠠ᠎ᠨᠤᠭᠤᠳ᠎ᠢ ᠵᠣᠯᠭᠠᠭᠤᠯᠤᠨ

ᠠᠵᠢᠯ ᠶᠠᠪᠤᠳᠠᠯ᠎ᠢ ᠪᠦᠲᠦᠭᠡᠳᠡᠭ

ᠮᠣᠷᠢ ᠡᠷᠳᠡᠨᠢ᠎ᠶᠢᠨ ᠬᠣᠨᠳᠤᠯᠠᠢ᠎ᠲᠠᠢ᠃

 

ᠲᠦᠭᠡᠭᠰᠡᠨ ᠣᠳᠣ᠎ᠰᠢᠭ᠋ ᠢᠷᠠᠢᠵᠤ

ᠲᠦᠪᠰᠢᠨ ᠲᠠᠯ᠎ᠠ᠎ᠶᠢ ᠪᠦᠷᠬᠦᠵᠦ

ᠲᠦᠭᠡᠮᠡᠯ ᠪᠤᠶᠠᠨ᠎ᠢ ᠳᠠᠯᠠᠯᠥᠨ

ᠲᠦᠮᠡᠨ ᠣᠯᠠᠨ᠎ᠢ ᠳᠤᠯᠠᠭᠠᠯᠠᠳᠠᠭ

ᠬᠣᠨᠢ ᠡᠷᠳᠡᠨᠢ᠎ᠶᠢᠨ ᠨᠣᠣᠰᠤ᠎ᠲᠠᠢ᠃

 

ᠠᠭᠯᠠᠭ ᠣᠢ᠎ᠳᠤ ᠨᠤᠲᠤᠭᠯᠠᠵᠤ

ᠠᠯᠢᠮ᠎ᠠ ᠵᠢᠮᠢᠰ᠎ᠢᠶᠡᠷ ᠬᠣᠭᠤᠯᠠᠯᠠᠵᠤ

ᠠᠰᠭ᠎ᠠ ᠬᠠᠳᠠᠨ᠎ᠳᠤ ᠲᠣᠭᠯᠠᠯᠳᠣᠨ

ᠠᠪᠠᠷᠢᠬᠤ ᠬᠠᠷᠠᠢᠬᠤ᠎ᠶᠢ ᠪᠣᠯᠪᠠᠰᠤᠷᠠᠳᠠᠭ

ᠪᠡᠴᠢᠨ ᠡᠷᠳᠡᠨᠢ᠎ᠶᠢᠨ ᠭᠤᠶ᠎ᠠ᠎ᠲᠠᠢ᠃

 

ᠬᠠᠷ᠎ᠠ ᠥᠷᠯᠦᠭᠡ᠎ᠪᠡᠷ ᠬᠠᠰᠭᠢᠷᠴᠤ

ᠬᠠᠷᠠᠩᠭᠤᠢ ᠬᠥᠰᠢᠭᠡ᠎ᠶᠢ ᠢᠷᠡᠵᠦ

ᠬᠠᠲᠠᠭᠤ ᠳᠠᠭᠤᠨ᠎ᠢᠶᠠᠷ ᠵᠠᠩᠳᠤᠷᠤᠨ

ᠬᠠᠮᠤᠭ ᠣᠯᠠᠨ᠎ᠢ ᠰᠡᠷᠢᠭᠡᠳᠡᠭ

ᠳᠠᠬᠢᠶ᠎ᠠ ᠡᠷᠳᠡᠨᠢ᠎ᠶᠢᠨ ᠥᠪᠦᠩ᠎ᠲᠡᠢ᠃

 

ᠠᠢᠯ ᠬᠣᠲᠠ᠎ᠶᠢ ᠮᠠᠨᠠᠵᠤ

ᠠᠶᠤᠯᠲᠤ ᠳᠠᠢᠰᠥᠨ᠎ᠢ ᠰᠡᠷᠭᠡᠢᠯᠡᠵᠦ

ᠠᠵᠢᠭ ᠰᠡᠵᠢᠭ ᠡᠪᠦᠷᠯᠡᠨ

ᠠᠯᠤᠰ᠎ᠤᠨ ᠠᠨᠢᠷ᠎ᠢ ᠴᠢᠩᠨᠠᠳᠠᠭ

ᠨᠣᠬᠠᠢ ᠡᠷᠳᠡᠨᠢ᠎ᠶᠢᠨ ᠪᠣᠷᠪᠢ᠎ᠲᠠᠢ᠃

 

ᠠᠭᠠᠵᠢᠭᠤ ᠲᠠᠢᠪᠤᠭᠤ᠎ᠪᠠᠷ ᠠᠯᠬᠤᠯᠠᠵᠤ

ᠠᠷᠭ᠎ᠠ ᠪᠣᠳᠤᠯᠭ᠎ᠠ᠎ᠶᠢ ᠪᠢᠰᠢᠯᠭᠠᠵᠤ

ᠠᠯᠢᠪᠠ ᠪᠦᠬᠦᠢ᠎ᠶᠢ ᠨᠢᠭᠲᠠᠯᠠᠨ

ᠠᠯᠲᠠᠨ ᠳᠡᠯᠡᠬᠡᠢ᠎ᠶᠢ ᠰᠢᠨᠵᠢᠯᠡᠳᠡᠭ

ᠭᠠᠬᠠᠢ ᠡᠷᠳᠡᠨᠢ᠎ᠶᠢᠨ ᠰᠡᠭᠦᠯ᠎ᠲᠡᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082