ᠮᠣᠩᠭᠣᠯ ᠪᠢᠴᠢᠭ ᠬᠢᠲᠠᠳ
ᠠᠩᠭᠯᠢ
ᠶᠠᠫᠣᠨ
ᠪᠤᠴᠠᠬᠤ

ᠰᠠᠷᠠ᠎ᠲᠠᠢ ᠰᠥᠨᠢ᠎ᠶᠢᠨ ᠳᠠᠭᠤᠤ

᠎ᠤ᠂ ᠶᠠᠪᠤᠬᠤᠭᠤᠯᠠᠩ

 

ᠨᠠᠷᠠᠨ᠎ᠤ ᠬᠣᠭᠤᠷᠤᠨᠳᠤ ᠰᠠᠷᠠᠨ ᠪᠠᠢᠷᠢᠯᠠᠬᠤ

ᠨᠠᠷᠠᠯᠠᠭ ᠬᠣᠷᠸ᠎ᠠ ᠭᠡᠷᠡᠯ᠎ᠦᠨ ᠬᠤᠪᠢᠲᠠᠢ᠃

ᠨᠠᠰᠤᠨ᠎ᠤ ᠬᠣᠭᠤᠷᠤᠨᠳᠤ ᠳᠤᠷᠠᠯᠠᠨ ᠬᠠᠢᠷᠠᠯᠠᠬᠤ

ᠠᠮᠠᠷᠠᠭ ᠰᠡᠳᠭᠢᠯ ᠬᠠᠨᠢ᠎ᠶᠢᠨ ᠵᠣᠯ᠎ᠲᠠᠢ᠃

 

ᠣᠳᠤᠳ ᠲᠣᠬᠢᠶᠠᠭᠰᠠᠨ ᠨᠣᠮᠢᠨ ᠲᠡᠭᠷᠢ᠎ᠳᠦ

ᠣᠩᠭᠤᠨ ᠰᠠᠷᠠᠨ ᠮᠥᠩᠬᠡ ᠰᠣᠨᠳᠤᠭᠤᠢ᠃

ᠣᠷᠴᠢᠯᠠᠩ᠎ᠳᠤ ᠵᠠᠶᠠᠭᠠᠭᠰᠠᠨ ᠡᠨᠡᠬᠡᠨ ᠨᠠᠰᠤᠨ᠎ᠳᠤ

ᠮᠢᠨᠦ ᠠᠮᠠᠷᠠᠭ ᠡᠭᠦᠷᠢᠳᠡ ᠣᠨᠴᠤᠭᠤᠢ᠃

 

ᠢᠷᠭᠤᠢᠲᠤ ᠳᠡᠯᠡᠬᠡᠢ᠎ᠶᠢ ᠰᠦ᠋᠎ᠰᠢᠭ ᠭᠡᠢᠭᠦᠯᠳᠡᠭ

ᠢᠯᠭᠤᠨ ᠰᠠᠷᠠᠨ᠎ᠳᠤ ᠬᠥᠮᠦᠨ ᠳᠤᠷᠠᠲᠠᠢ᠃

ᠶᠠᠷᠢᠬᠤ᠎ᠨᠢ ᠬᠦᠷᠲᠡᠯ᠎ᠡ ᠳᠠᠭᠤᠤ᠎ᠰᠢᠭ᠋ ᠳᠤᠭᠤᠯᠳᠠᠳᠠᠭ

ᠢᠨᠠᠭᠬᠠᠨ ᠴᠢᠮ᠎ᠠ᠎ᠳᠤ᠎ᠪᠠᠨ ᠪᠢ ᠬᠠᠢᠷᠠᠲᠠᠢ᠃

 

ᠨᠠᠷᠠᠨ᠎ᠤ ᠬᠣᠭᠤᠷᠤᠨᠳᠤ ᠰᠠᠷᠠᠨ ᠪᠠᠢᠷᠢᠯᠠᠬᠤ

ᠨᠠᠷᠠᠯᠠᠭ ᠬᠣᠷᠸ᠎ᠠ ᠭᠡᠷᠡᠯ᠎ᠦᠨ ᠬᠤᠪᠢᠲᠠᠢ᠃

ᠨᠠᠰᠤᠨ᠎ᠤ ᠬᠣᠭᠤᠷᠤᠨᠳᠤ ᠳᠤᠷᠠᠯᠠᠨ ᠬᠠᠢᠷᠠᠯᠠᠬᠤ

ᠠᠮᠠᠷᠠᠭ ᠰᠡᠳᠭᠢᠯ ᠬᠠᠨᠢ᠎ᠶᠢᠨ ᠬᠤᠪᠢᠲᠠᠢ᠃

ᠪᠤᠴᠠᠬᠤ
ᠠᠯᠮᠠᠰ ᠺᠣᠮᠫᠠᠨᠢ
email : mongol@almas.co.jp
tel : +81-3-5688-2081
fax : +81-3-5688-2082