ᠮᠣᠩᠭᠣᠯ ᠪᠢᠴᠢᠭ᠌

ᠡᠷᠢᠶ᠎ᠡ  
ᠪᠤᠴᠠᠬᠤ
‌Windows
ᠴᠠᠭᠠᠨ ᠲᠢᠭ᠌᠁᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠤ ᠪᠠᠢᠪᠠᠯ ᠳᠣᠣᠷᠠᠬᠢ ᠰᠣᠹᠲ ᠶᠢ ᠣᠷᠤᠭᠤᠯᠬᠤ ᠴᠢᠬᠤᠯᠠᠲᠠᠢ᠃ ᠰᠠᠭᠤᠯᠭᠠᠬᠤ ᠠᠷᠭ᠎ᠠ ᠨᠢ readme.txt ᠹᠠᠢᠯ ᠢ ᠦᠵᠡᠭᠡᠷᠡᠢ᠃ ᠪᠠᠭᠤᠯᠭᠠᠶ᠎ᠠ

‌Mac OS X ᠴᠠᠭᠠᠨ ᠲᠢᠭ᠌᠁᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

‌ᠺᠣᠮᠫᠢᠦ᠋ᠲ᠋ᠧᠷ
  ᠺᠣᠮᠫᠢᠦ᠋ᠲ᠋ᠧᠷ ᠪᠣᠯ ᠴᠣ᠋ ᠰᠢᠨ᠎ᠡ ᠪᠣᠲᠤᠯᠭ᠎ᠠ ᠶᠢᠨ ᠮᠠᠰᠢᠨ ᠮᠦᠨ᠃ ᠲᠡᠷᠡ ᠨᠢ ᠬᠦᠮᠦᠨ ᠦ ᠳᠠᠷᠢᠬᠢᠨ ᠤ ᠠᠵᠢᠯᠯᠠᠭ᠎ᠠ ᠶᠢ ᠳᠠᠭᠤᠷᠢᠶᠠᠵᠤ ᠲᠥᠯᠦᠪᠯᠡᠨ ᠭᠠᠷᠭᠠᠭᠰᠠᠨ ᠨᠢᠭᠡ ᠵᠦᠢᠯ ᠦᠨ ᠡᠯᠧᠺᠲ᠋ᠷᠦᠨ ᠪᠠᠭᠠᠵᠢ ᠪᠣᠯᠣᠨ᠎ᠠ᠃
  ᠺᠣᠮᠫᠢᠦ᠋ᠲ᠋ᠧᠷ ᠬᠦᠮᠦᠨ ᠦ ᠳᠠᠷᠢᠬᠢ ᠲᠠᠢ ᠠᠳᠠᠯᠢ ᠪᠡᠷ ᠰᠤᠷᠠᠭ ᠳᠣᠬᠢᠶ᠎ᠠ ᠶᠢ ᠬᠠᠳᠠᠭᠠᠯᠠᠵᠤ ᠴᠢᠳᠠᠬᠤ ᠪᠡᠷ ᠪᠠᠷᠠᠬᠤ ᠦᠭᠡᠢ᠂ ᠪᠠᠰᠠ ᠬᠠᠳᠠᠭᠠᠯᠠᠭᠳᠠᠵᠤ ᠪᠠᠢᠭ᠎ᠠ ᠰᠤᠷᠠᠭ ᠳᠣᠬᠢᠶᠠᠨ ᠳᠤ ᠵᠣᠬᠢᠬᠤ ᠬᠡᠮᠵᠢᠶᠡᠨ ᠤ ᠯᠣᠭᠢᠭ ᠵᠦᠢᠴᠢᠯᠡᠯ ᠦᠨ ᠠᠵᠢᠯᠯᠠᠭ᠎ᠠ ᠪᠠ ᠮᠠᠭᠠᠳᠯᠠᠯᠲᠠ ᠦᠭᠴᠦ ᠴᠢᠳᠠᠨ᠎ᠠ᠃ ᠡᠨᠡ ᠮᠡᠲᠦ ᠪᠡᠷ ᠺᠣᠮᠫᠢᠦ᠋ᠲ᠋ᠧᠷ ᠬᠦᠮᠦᠨ ᠦ ᠣᠶᠤᠨ ᠤ ᠬᠥᠳᠡᠯᠮᠦᠷᠢ ᠶᠢ ᠣᠷᠣᠯᠠᠵᠤ ᠴᠢᠳᠠᠳᠠᠭ ᠲᠤᠯᠠ ᠲᠡᠭᠦᠨ ᠢ ᠪᠠᠰᠠ ᠡᠯᠧᠺᠲ᠋ᠷᠦᠨ ᠳᠠᠷᠢᠬᠢ ᠭᠡᠵᠦ ᠨᠡᠷᠡᠯᠡᠳᠡᠭ᠃
  1946 ᠣᠨ ᠳᠤ ᠠᠩᠬᠠᠨ ᠤ ᠺᠣᠮᠫᠢᠦ᠋ᠲ᠋ᠧᠷ ᠢ ᠡᠭᠦᠳᠦᠨ ᠭᠠᠷᠭᠠᠪᠠ᠃ ᠠᠩᠬᠠᠨ ᠤ ᠺᠣᠮᠫᠢᠦ᠋ᠲ᠋ᠧᠷ ᠦᠨ ᠬᠥᠨᠳᠦ ᠨᠢ 30 ᠲᠤᠨ᠂ ᠡᠵᠡᠯᠡᠭᠦ ᠵᠠᠢ ᠨᠢ ᠬᠡᠳᠦ ᠬᠡᠳᠦᠨ ᠥᠷᠥᠭᠡ᠂ ᠰᠧᠺᠦ᠋ᠨ᠋ᠳ᠋ ᠪᠦᠷᠢ ᠪᠠᠷᠤᠭ 5000 ᠤᠳᠠᠭ᠎ᠠ ᠪᠣᠳᠤᠯᠭ᠎ᠠ ᠪᠣᠳᠤᠨ᠎ᠠ᠃
  ᠡᠯᠧᠺᠲ᠋ᠷᠦᠨ ᠮᠡᠷᠭᠡᠵᠢᠯ ᠦᠨ ᠬᠥᠭᠵᠢᠯᠲᠡ ᠶᠢ ᠳᠠᠭᠠᠯᠳᠤᠨ ᠺᠣᠮᠫᠢᠦ᠋ᠲ᠋ᠧᠷ ᠣᠯᠠᠮ ᠣᠯᠠᠮ ᠶᠢᠡᠷ ᠵᠢᠵᠢᠭ᠍ᠷᠡᠨ᠂ ᠪᠣᠳᠤᠬᠤ ᠬᠤᠷᠳᠤᠴᠠ ᠨᠢ ᠳᠠᠰᠤᠷᠠᠯᠲᠠ ᠦᠭᠡᠢ ᠲᠥᠷᠭᠡᠰᠴᠦ ᠪᠠᠢᠨ᠎ᠠ᠃ ᠣᠳᠣ ᠰᠧᠺᠦ᠋ᠨ᠋ᠳ᠋ ᠪᠦᠷᠢ ᠳᠦ ᠬᠡᠳᠦᠨ ᠠᠷᠪᠠᠨ ᠲᠥᠮᠡᠨ ᠤᠳᠠᠭ᠎ᠠ᠂ ᠬᠡᠳᠦᠨ ᠮᠢᠩᠭᠠᠨ ᠲᠥᠮᠡᠨ ᠤᠳᠠᠭ᠎ᠠ ᠪᠣᠳᠤᠯᠭ᠎ᠠ ᠪᠣᠳᠤᠬᠤ ᠺᠣᠮᠫᠢᠦ᠋ᠲ᠋ᠧᠷ ᠪᠣᠢ ᠪᠣᠯᠪᠠ᠃ ᠲᠣᠮᠤ ᠬᠡᠯᠪᠡᠷᠢ ᠶᠢᠨ ᠥᠨᠳᠦᠷ ᠬᠤᠷᠳᠤᠴᠠ ᠲᠠᠢ ᠺᠣᠮᠫᠢᠦ᠋ᠲ᠋ᠧᠷ ᠰᠧᠺᠦ᠋ᠨ᠋ᠳ᠋ ᠪᠦᠷᠢ ᠬᠡᠴᠢᠨᠡᠨ ᠳ᠋ᠦᠩᠰᠢᠭᠤᠷ ᠤᠳᠠᠭ᠎ᠠ ᠪᠣᠳᠤᠯᠭ᠎ᠠ ᠪᠣᠳᠤᠵᠤ ᠠᠮᠵᠢᠨ᠎ᠠ᠃
  ᠺᠣᠮᠫᠢᠦ᠋ᠲ᠋ᠧᠷ ᠨᠢ ᠪᠣᠳᠤᠭᠤᠷ᠂ ᠬᠠᠳᠠᠭᠠᠯᠠᠭᠤᠷ᠂ ᠡᠵᠡᠮᠰᠢᠭᠦᠷ᠂ ᠣᠷᠤᠭᠤᠯᠤᠭᠤᠷ᠂ ᠭᠠᠷᠭᠠᠭᠤᠷ ᠵᠡᠷᠭᠡ ᠲᠠᠪᠤᠨ ᠬᠡᠰᠡᠭ ᠶᠢᠡᠷ ᠪᠥᠷᠢᠯᠳᠦᠵᠡᠢ᠃
  ᠺᠣᠮᠫᠢᠦ᠋ᠲ᠋ᠧᠷ ᠦᠨ ᠪᠣᠳᠤᠭᠤᠷ ᠪᠣᠯ ᠪᠣᠳᠤᠯᠭ᠎ᠠ ᠪᠣᠳᠤᠬᠤ ᠪᠠᠭᠠᠵᠢ ᠮᠦᠨ᠃ ᠬᠠᠳᠠᠭᠠᠯᠠᠭᠤᠷ ᠪᠣᠯ ᠵᠦᠢᠯ ᠪᠦᠷᠢ ᠶᠢᠨ ᠲᠣᠭ᠎ᠠ ᠪᠠᠷᠢᠮᠲᠠ ᠶᠢ ᠬᠠᠳᠠᠭᠠᠯᠠᠨ᠎ᠠ᠃ ᠡᠵᠢᠮᠰᠢᠭᠦᠷ ᠪᠣᠯ ᠬᠡᠰᠡᠭ ᠪᠦᠷᠢ ᠶᠢᠨ ᠠᠵᠢᠯᠯᠠᠭ᠎ᠠ ᠶᠢ ᠵᠠᠬᠢᠷᠴᠤ ᠵᠢᠯᠤᠭᠤᠳᠬᠤ ᠪᠠ ᠲᠣᠭ᠎ᠠ ᠪᠠᠷᠢᠮᠲᠠ ᠶᠢ ᠬᠠᠮᠢᠶᠠᠷᠬᠤ ᠦᠢᠯᠡᠲᠦᠯ ᠲᠠᠢ᠃ ᠣᠷᠤᠭᠤᠯᠤᠭᠤᠷ ᠶᠢᠡᠷ ᠳᠠᠮᠵᠢᠭᠤᠯᠵᠤ ᠡᠯ᠎ᠡ ᠵᠦᠢᠯ ᠦᠨ ᠲᠣᠭ᠎ᠠ ᠪᠠᠷᠢᠮᠲᠠ ᠪᠡᠨ ᠺᠣᠮᠫᠢᠦ᠋ᠲ᠋ᠧᠷ ᠲᠦ ᠮᠡᠳᠡᠭᠳᠡᠭᠡᠳ᠂ ᠭᠠᠷᠭᠠᠭᠤᠷ ᠶᠢᠡᠷ ᠳᠠᠮᠵᠢᠭᠤᠯᠵᠤ ᠺᠣᠮᠫᠢᠦ᠋ᠲ᠋ᠧᠷ ᠦᠨ ᠪᠣᠳᠤᠵᠤ ᠭᠠᠷᠭᠠᠭᠰᠠᠨ ᠦᠷ᠎ᠡ ᠳ᠋ᠦᠩ ᠢ ᠮᠡᠳᠡᠵᠦ ᠠᠪᠳᠠᠭ᠃
  ᠺᠣᠮᠫᠢᠦ᠋ᠲ᠋ᠧᠷ ᠢ ᠠᠪᠤᠷᠭᠤ ᠺᠣᠮᠫᠢᠦ᠋ᠲ᠋ᠧᠷ᠂ ᠲᠣᠮᠤ ᠺᠣᠮᠫᠢᠦ᠋ᠲ᠋ᠧᠷ᠂ ᠳᠣᠮᠳᠠ ᠺᠣᠮᠫᠢᠦ᠋ᠲ᠋ᠧᠷ᠂ ᠵᠢᠵᠢᠭ᠌ ᠺᠣᠮᠫᠢᠦ᠋ᠲ᠋ᠧᠷ᠂ ᠪᠢᠴᠢᠯ ᠺᠣᠮᠫᠢᠦ᠋ᠲ᠋ᠧᠷ ᠭᠡᠵᠦ ᠬᠣᠪᠢᠶᠠᠨ᠎ᠠ᠃ ᠣᠳᠣᠬᠠᠨ ᠳᠤ ᠪᠢᠴᠢᠯ ᠺᠣᠮᠫᠢᠦ᠋ᠲ᠋ᠧᠷ ᠲᠥᠭᠡᠮᠡᠯᠵᠢᠵᠦ ᠪᠠᠢᠨ᠎ᠠ᠃ ᠳᠡᠯᠡᠬᠡᠢ ᠶᠢᠨ ᠤᠯᠤᠰ ᠣᠷᠣᠨ ᠥᠪᠡᠷ ᠥᠪᠡᠷ ᠦᠨ ᠬᠡᠷᠡᠭᠴᠡᠭᠡ ᠪᠡᠷ ᠠᠲᠠᠯᠢ ᠪᠣᠰᠤ ᠲᠡᠮᠳᠡᠭ ᠲᠠᠢ᠂ ᠠᠲᠠᠯᠢ ᠪᠣᠰᠤ ᠭᠡᠯᠪᠡᠷᠢ ᠲᠠᠢ ᠪᠢᠴᠢᠯ ᠺᠣᠮᠫᠢᠦ᠋ᠲ᠋ᠧᠷ ᠦᠳ ᠢ ᠦᠢᠯᠡᠳᠦᠭᠰᠡᠨ ᠶᠣᠮ᠃
  ᠺᠣᠮᠫᠢᠦ᠋ᠲ᠋ᠧᠷ ᠦᠨ ᠲᠣᠭ᠎ᠠ ᠪᠣᠳᠤᠬᠤ ᠬᠤᠷᠳᠤᠴᠠ ᠨᠢ ᠲᠥᠷᠭᠡᠨ ᠪᠠᠢᠳᠠᠭ᠃ ᠬᠡᠳᠦᠢ ᠪᠣᠳᠤᠯᠢᠶᠠᠨᠲᠠᠢ ᠠᠰᠠᠭᠤᠳᠠᠯ ᠪᠣᠯᠤᠭᠰᠠᠨ ᠴᠤ ᠵᠦᠪᠬᠡᠨ ᠫᠷᠤᠭ᠍ᠷᠠᠮ ᠶᠢᠡᠨ ᠠᠩᠬᠠᠨ ᠤ ᠲᠣᠭ᠎ᠠ ᠪᠠᠷᠢᠮᠲᠠ ᠲᠠᠢ ᠪᠡᠨ ᠬᠠᠮᠲᠤ ᠺᠣᠮᠫᠢᠦ᠋ᠲ᠋ᠧᠷ ᠲᠦ ᠮᠡᠳᠡᠭᠳᠡᠪᠡᠯ ᠲᠡᠷᠡ ᠨᠢ ᠬᠦᠮᠦᠨ ᠦ ᠬᠦᠴᠦ ᠪᠡᠷ ᠨᠠᠢᠷᠠᠭᠤᠯᠤᠨ ᠵᠣᠬᠢᠶᠠᠭᠰᠠᠨ ᠫᠷᠤᠭ᠍ᠷᠠᠮ ᠤᠨ ᠶᠣᠰᠤ ᠪᠡᠷ ᠲᠣᠭ᠎ᠠ ᠪᠠᠷᠢᠮᠲᠠ ᠶᠢ ᠪᠣᠳᠤᠵᠤ᠂ ᠠᠰᠠᠭᠤᠳᠠᠯ ᠢ ᠠᠯᠬᠤᠮ ᠠᠯᠬᠤᠮ ᠶᠢᠡᠷ ᠰᠶᠢᠳᠪᠦᠷᠢᠯᠡᠵᠦ ᠭᠠᠷᠭᠠᠳᠠᠭ᠃
  ᠬᠡᠷᠪᠡ ᠬᠦᠮᠦᠰ ᠺᠣᠮᠫᠢᠦ᠋ᠲ᠋ᠧᠷ ᠲᠦ ᠶᠠᠮᠠᠷ ᠨᠢᠭᠡᠨ ᠪᠠᠷᠢᠯᠭ᠎ᠠ ᠪᠣᠶᠥ ᠨᠠᠷᠢᠯᠢᠭ ᠮᠠᠰᠢᠨ ᠤ ᠵᠢᠷᠤᠭ ᠲᠥᠯᠥᠪᠯᠡᠭᠡ ᠶᠢᠨ ᠫᠷᠤᠭ᠍ᠷᠠᠮ ᠢ ᠤᠭᠰᠠᠷᠠᠨ ᠲᠠᠭᠠᠷᠠᠭᠤᠯᠪᠠᠯ᠂ ᠺᠣᠮᠫᠢᠦ᠋ᠲ᠋ᠧᠷ ᠬᠦᠮᠦᠰ ᠦᠨ ᠱᠠᠭᠠᠷᠳᠠᠯᠭ᠎ᠠ ᠶᠢ ᠦᠨᠳᠦᠰᠦᠯᠡᠨ ᠡᠯ᠎ᠡ ᠵᠦᠢᠯ ᠦᠨ ᠬᠩᠭᠠᠮᠵᠢᠲᠠᠢ ᠦᠯᠢᠭᠡᠷ ᠵᠢᠷᠤᠭ ᠪᠠ ᠲᠣᠭ᠎ᠠ ᠪᠠᠷᠢᠮᠲᠠ ᠶᠢ ᠳᠠᠷᠤᠢ ᠲᠥᠷᠭᠡᠨ ᠳᠤᠷᠠᠳᠤᠨ ᠭᠠᠷᠭᠠᠭᠠᠳ ᠬᠦᠮᠦᠰ ᠶᠢᠡᠷ ᠰᠤᠩᠭᠤᠯᠲᠠ ᠬᠢᠯᠭᠡᠳᠡᠭ᠃
  ᠬᠡᠷᠪᠡ ᠪᠢᠳᠡ ᠠᠵᠤ ᠠᠬᠤᠶᠢᠯᠠᠯ ᠤᠨ ᠬᠠᠮᠢᠶᠠᠷᠤᠯᠲᠠ ᠶᠢᠨ ᠫᠷᠤᠭ᠍ᠷᠠᠮ ᠢ ᠲᠠᠭᠠᠷᠠᠭᠤᠯᠪᠠᠯ᠂ ᠲᠡᠷᠡ ᠨᠢ ᠱᠠᠭᠠᠷᠳᠠᠯᠭ᠎ᠠ ᠶᠣᠰᠤ ᠪᠡᠷ ᠦᠢᠯᠡᠳᠪᠦᠷᠢᠯᠡᠭᠦ ᠲᠥᠯᠥᠪᠯᠡᠭᠡ ᠶᠢ ᠨᠠᠢᠷᠠᠭᠤᠯᠵᠤ ᠭᠠᠷᠭᠠᠬᠤ ᠪᠡᠷ ᠪᠠᠷᠠᠬᠤ ᠦᠭᠡᠢ ᠪᠠᠰᠠ ᠦᠢᠯᠡᠳᠪᠦᠷᠢᠯᠡᠭᠦ ᠬᠦᠰᠦᠨᠦᠭᠲᠦ᠂ ᠬᠠᠮᠢᠶᠠᠷᠤᠯᠲᠠ ᠶᠢᠨ ᠰᠠᠩ ᠤᠨ ᠬᠠᠳᠠᠭᠠᠯᠠᠮᠵᠢ ᠪᠠ ᠡᠳ᠋ ᠬᠥᠷᠥᠩᠭᠡ ᠵᠡᠷᠭᠡ ᠲᠠᠯ᠎ᠠ ᠪᠡᠷ ᠬᠢ ᠮᠠᠲ᠋ᠧᠷᠢᠶᠠᠯ ᠪᠣᠯᠤᠨ ᠲᠣᠭ᠎ᠠ ᠪᠠᠷᠢᠮᠲᠠ ᠶᠢ ᠬᠠᠩᠭᠠᠨ ᠥᠭᠴᠦ ᠴᠢᠳᠠᠨ᠎ᠠ᠃
  ᠬᠡᠷᠪᠡ ᠪᠢᠳᠡ ᠺᠣᠮᠫᠢᠦ᠋ᠲ᠋ᠧᠷ ᠲᠦ ᠰᠢᠲᠠᠷ᠎ᠠ ᠲᠠᠯᠪᠢᠬᠤ ᠫᠷᠤᠭ᠍ᠷᠠᠮ ᠲᠠᠭᠠᠷᠠᠭᠤᠯᠪᠠᠯ᠂ ᠲᠡᠷᠡ ᠨᠢ ᠬᠦᠮᠦᠨ ᠲᠠᠢ ᠰᠢᠲᠠᠷ᠎ᠠ ᠮᠦᠴᠡᠬᠡᠷᠭᠡᠵᠦ ᠴᠢᠳᠠᠨ᠎ᠠ᠃ ᠺᠣᠮᠫᠢᠦ᠋ᠲ᠋ᠧᠷ ᠮᠠᠰᠢ ᠣᠬᠤᠷ ᠬᠣᠭᠤᠴᠠᠭᠠᠨ ᠳᠣᠲᠤᠷ᠎ᠠ ᠪᠣᠢ ᠪᠦᠬᠦᠢ ᠰᠢᠲᠠᠷ᠎ᠠ ᠶᠢᠨ ᠶᠠᠪᠤᠬᠤ ᠵᠠᠮ ᠢ ᠨᠢᠭᠡ ᠤᠳᠠᠭ᠎ᠠ ᠪᠣᠳᠤᠨ ᠭᠠᠷᠭᠠᠵᠤ ᠬᠠᠮᠤᠭ ᠤᠨ ᠳᠣᠬᠢᠲᠠᠢ ᠶᠠᠪᠤᠬᠤ ᠵᠠᠮ ᠢ ᠰᠤᠩᠭᠤᠳᠠᠭ ᠪᠣᠯᠬᠤᠷ ᠬᠥᠮᠦᠰ ᠵᠦᠩᠳᠡᠭᠡᠨ ᠢᠯᠠᠭᠳᠠᠴᠢᠬᠠᠳᠠᠭ ᠪᠢᠯᠡ᠃
  ᠺᠣᠮᠫᠢᠦ᠋ᠲ᠋ᠧᠷ ᠬᠦᠮᠦᠰ ᠲᠦ ᠡᠯ᠎ᠡ ᠵᠦᠢᠯ ᠦᠨ ᠰᠢᠨᠵᠢᠯᠡᠭᠦ ᠤᠬᠠᠭᠠᠨ ᠤ ᠲᠣᠭ᠎ᠠ ᠪᠠᠷᠢᠮᠲᠠ ᠶᠢ ᠣᠯᠭᠤᠨ᠂ ᠠᠯᠪᠠᠨ ᠭᠡᠷ ᠲᠤ ᠨᠠᠷᠢᠨ ᠪᠢᠴᠢᠭᠡᠴᠢ ᠰᠢᠭ᠌ ᠬᠦᠮᠦᠨ ᠢ ᠬᠠᠪᠰᠤᠷᠤᠨ ᠮᠠᠲ᠋ᠧᠷᠢᠶᠠᠯ ᠡᠮᠬᠢᠳᠭᠡᠨ ᠪᠣᠲᠤᠯᠭ᠎ᠠ ᠪᠣᠳᠤᠵᠤ ᠪᠠᠢᠨ᠎ᠠ᠃ ᠺᠣᠮᠫᠢᠦ᠋ᠲ᠋ᠧᠷ ᠲᠦ ᠲᠥᠰᠢᠭ᠍ᠯᠡᠨ ᠰᠤᠷᠤᠭᠴᠢᠳ ᠭᠡᠷ ᠡᠴᠡ ᠪᠡᠨ ᠬᠢᠴᠢᠶᠡᠯ ᠰᠣᠨᠤᠰᠴᠤ ᠰᠤᠷᠤᠯᠭ᠎ᠠ ᠶᠢᠨ ᠬᠢᠷᠢ ᠪᠦᠲᠦᠮᠵᠢ ᠪᠡᠨ ᠰᠢᠯᠭᠠᠨ ᠪᠠᠢᠴᠠᠭᠠᠵᠤ ᠪᠣᠯᠣᠨ᠎ᠠ᠃
  ᠺᠣᠮᠫᠢᠦ᠋ᠲ᠋ᠧᠷ ᠲᠥᠷᠭᠡᠨ ᠪᠣᠳᠤᠵᠤ ᠣᠨᠤᠪᠴᠢᠲᠠᠢ ᠠᠵᠢᠯᠯᠠᠨ᠎ᠠ᠃ ᠲᠡᠷᠡ ᠨᠢ ᠬᠦᠮᠦᠨ ᠦ ᠬᠦᠴᠦ ᠶᠢ ᠠᠷᠪᠢᠯᠠᠨ᠂ ᠠᠵᠢᠯ ᠤᠨ ᠪᠦᠲᠦᠮᠵᠢ ᠶᠢ ᠳᠡᠭᠡᠭᠰᠢᠯᠡᠭᠦᠯᠵᠦ᠂ ᠣᠳᠣᠬᠢᠴᠢᠯᠠᠭᠰᠠᠨ ᠠᠵᠤ ᠠᠮᠢᠳᠤᠷᠠᠯ ᠳᠤ ᠰᠢᠨ᠎ᠡ ᠬᠦᠷᠢᠶ᠎ᠡ ᠬᠡᠪᠴᠢᠶ᠎ᠡ ᠣᠯᠭᠤᠨ ᠥᠭᠴᠡᠢ᠃
ᠠᠯᠮᠠᠰ ᠺᠣᠮᠫᠠᠨᠢ
email : mongol@almas.co.jp
tel : +81-3-5688-2081
fax : +81-3-5688-2082