ᠮᠣᠩᠭᠣᠯ ᠪᠢᠴᠢᠭ᠌

ᠡᠷᠢᠶ᠎ᠡ  
ᠪᠤᠴᠠᠬᠤ
‌Windows
ᠤᠷᠠᠯᠢᠭ ᠲᠢᠭ᠌᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠤ ᠪᠠᠢᠪᠠᠯ ᠳᠣᠣᠷᠠᠬᠢ ᠰᠣᠹᠲ ᠶᠢ ᠣᠷᠤᠭᠤᠯᠬᠤ ᠴᠢᠬᠤᠯᠠᠲᠠᠢ᠃ ᠰᠠᠭᠤᠯᠭᠠᠬᠤ ᠠᠷᠭ᠎ᠠ ᠨᠢ readme.txt ᠹᠠᠢᠯ ᠢ ᠦᠵᠡᠭᠡᠷᠡᠢ᠃ ᠪᠠᠭᠤᠯᠭᠠᠶ᠎ᠠ

‌Mac OS X
ᠤᠷᠠᠯᠢᠭ ᠲᠢᠭ᠌᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

‌ᠪᠢ ᠮᠣᠩᠭᠣᠯ ᠬᠦᠮᠦᠨ
  ᠴ ᠂ ᠴᠢᠮᠡᠳ
ᠠᠷᠠᠭᠠᠯ ᠤᠨ ᠤᠲᠤᠭ᠎ᠠ ᠪᠣᠷᠭᠢᠯᠤᠭᠰᠠᠨ
ᠮᠠᠯᠴᠢᠨ ᠤ ᠭᠡᠷ ᠲᠦ ᠲᠥᠷᠦᠭᠰᠡᠨ ᠪᠢ
ᠠᠲᠠᠷ ᠬᠡᠭᠡᠷ᠎ᠡ ᠨᠤᠲᠤᠭ ᠶᠢᠡᠨ
ᠥᠯᠦᠭᠡᠢ ᠮᠢᠨᠢ ᠭᠡᠵᠦ ᠪᠣᠳᠤᠳᠠᠭ
ᠴᠡᠩᠬᠡᠷ ᠮᠠᠨᠠᠨ ᠰᠤᠭᠤᠨᠠᠭᠯᠠᠭᠰᠠᠨ
ᠠᠯᠤᠰ ᠤᠨ ᠪᠠᠷ᠎ᠠ ᠶᠢ ᠰᠢᠷᠲᠡᠭᠡᠳ
ᠴᠡᠯᠡᠭᠡᠷ ᠰᠠᠢᠬᠠᠨ ᠨᠤᠲᠤᠭ ᠢᠶᠡᠨ
ᠰᠡᠳᠭᠢᠯ ᠪᠠᠬᠠᠳᠤᠨ ᠬᠠᠷᠠᠬᠤ ᠳᠤ
ᠦᠯᠢᠶᠡᠵᠦ ᠪᠠᠢᠭ᠎ᠠ ᠰᠠᠯᠬᠢ ᠨᠢ
ᠦᠨᠦᠰᠦᠭᠡᠳ ᠪᠠᠢᠭ᠎ᠠ ᠴᠤ ᠶᠣᠮ ᠰᠢᠭ
ᠥᠷᠥᠰᠢᠶᠡᠯᠲᠦ ᠡᠵᠢ ᠶᠢᠨ ᠮᠢᠨᠢ ᠭᠠᠷ
ᠢᠯᠪᠢᠭᠡᠳ ᠪᠠᠢᠭ᠎ᠠ ᠴᠤ ᠶᠣᠮ ᠰᠢᠭ
ᠡᠨᠡᠷᠢᠩᠭᠦᠢ ᠰᠠᠢᠬᠠᠨ ᠰᠠᠨᠠᠭᠳᠠᠬᠤ ᠳᠤ
ᠡᠯᠢᠭᠡ ᠵᠢᠷᠦᠬᠡ ᠮᠢᠨᠢ ᠳᠣᠭᠳᠣᠯᠵᠣ
ᠬᠣᠣᠰ ᠦᠭᠡᠢ ᠪᠠᠶᠠᠷ ᠤᠨ ᠨᠢᠯᠪᠤᠰᠤ
ᠬᠣᠶᠠᠷ ᠨᠢᠳᠦ ᠶᠢ ᠮᠢᠨᠢ ᠪᠦᠷᠬᠦᠳᠡᠭ
ᠦᠷᠭᠡᠨ ᠰᠠᠢᠬᠠᠨ ᠨᠤᠲᠤᠭ ᠤᠨ ᠶᠢᠡᠨ
ᠡᠪᠴᠢᠭᠦᠨ ᠳᠡᠭᠡᠷ᠎ᠡ ᠨᠢ ᠲᠥᠷᠥᠭᠡᠳ
ᠦᠨᠢᠷ ᠠᠭᠤᠳᠠᠮ ᠲᠠᠯ᠎ᠠ ᠶᠢᠨ ᠶᠢᠡᠨ
ᠥᠩᠭᠡᠲᠦ ᠠᠮᠢᠳᠤᠷᠠᠯ ᠤᠨ ᠲᠥᠯᠥᠭᠡ
ᠠᠮᠢ ᠪᠡᠶ᠎ᠡ ᠪᠡᠨ ᠵᠣᠷᠢᠭᠤᠯᠳᠠᠭ
ᠠᠷᠢᠭᠤᠨ ᠨᠠᠨᠳᠢᠨ ᠵᠠᠩᠰᠢᠯ ᠲᠠᠢ
ᠡᠪᠦᠭᠡᠳ ᠬᠥᠭᠰᠢᠳ ᠳᠡᠭᠡᠳᠦᠰ ᠤᠨ ᠮᠢᠨᠢ
ᠦᠷ᠎ᠡ ᠪᠡᠨ ᠭᠡᠵᠦ ᠨᠠᠢᠳᠠᠭᠠᠳ
ᠦᠯᠡᠳᠡᠭᠡᠵᠦ ᠨᠠᠳᠠ ᠳᠤ ᠥᠭᠭᠦᠭᠰᠡᠨ
ᠦᠨᠢᠷ ᠮᠣᠩᠭᠣᠯ ᠣᠷᠣᠨ ᠤ
ᠨᠠᠷᠠ ᠨᠢ ᠨᠠᠮᠠᠢ ᠭᠡᠢᠭᠦᠯᠵᠦ
ᠨᠠᠷᠢᠨ ᠰᠠᠯᠬᠢ ᠨᠢ ᠦᠯᠢᠶᠡᠵᠦ
ᠨᠠᠮᠢᠷᠠᠭ᠎ᠠ ᠬᠤᠷ᠎ᠠ ᠨᠢ ᠲᠡᠵᠢᠭᠡᠵᠦ
ᠨᠠᠢᠷᠲᠠᠢ ᠰᠠᠢᠬᠠᠨ ᠣᠷᠣᠨ ᠮᠢᠨᠢ
ᠨᠠᠳᠠ ᠲᠠᠢ ᠬᠣᠪᠢ ᠨᠢᠭᠡᠲᠡᠢ ᠪᠠᠢᠳᠠᠭ ᠲᠤᠯᠠ
ᠤᠨᠠᠭᠰᠠᠨ ᠡᠨᠡ ᠨᠤᠲᠤᠭ ᠶᠢᠡᠨ ᠪᠢ
ᠥᠪᠡᠷ ᠦᠨ ᠪᠡᠶ᠎ᠡ ᠰᠢᠭ᠌ ᠬᠠᠢᠷᠠᠯᠠᠵᠤ
ᠤᠭᠢᠶᠠᠭᠰᠠᠨ ᠲᠤᠩᠭᠠᠯᠠᠭ ᠮᠦᠷᠡᠨ ᠶᠢᠡᠨ ᠪᠢ
ᠡᠬᠡ ᠶᠢᠨ ᠰᠦ᠋ ᠰᠢᠭ᠌ ᠰᠠᠨᠠᠳᠠᠭ
ᠡᠨᠡ ᠨᠤᠲᠤᠭ ᠲᠠᠭᠠᠨ ᠪᠢ ᠡᠵᠡᠨ ᠨᠢ ᠶᠣᠮ
ᠡᠩᠭᠦᠷᠡᠢᠯᠡᠯ ᠳᠦ ᠨᠢ ᠥᠰᠦᠭᠰᠡᠨ ᠬᠦᠦ ᠨᠢ ᠶᠣᠮ
ᠢᠷᠡᠭᠡᠳᠦᠢ ᠶᠢ ᠨᠢ ᠲᠥᠮᠡᠨ ᠲᠠᠢ ᠪᠡᠨ ᠪᠣᠰᠬᠠᠯᠴᠠᠬᠤ
ᠶᠡᠭᠡ ᠡᠭᠦᠷᠭᠡ ᠬᠦᠯᠢᠶᠡᠭᠰᠡᠨ ᠶᠣᠮ
ᠬᠡᠷᠪᠡ ᠬᠦᠮᠦᠨ ᠡᠭᠡ ᠣᠷᠣᠨ ᠶᠢᠡᠨ
ᠬᠠᠮᠤᠭ ᠡᠴᠡ ᠦᠨᠡᠲᠡᠢ ᠭᠡᠳᠡᠭ ᠪᠣᠯ
ᠬᠡᠭᠡᠷ᠎ᠡ ᠲᠠᠯ᠎ᠠ ᠨᠤᠲᠤᠭ ᠶᠢᠡᠨ
ᠶᠠᠭᠤ ᠡᠴᠡ ᠴᠤ ᠢᠯᠡᠭᠦᠦ ᠰᠠᠨᠠᠳᠠᠭ ᠪᠣᠯ
ᠠᠵᠢᠯᠯᠠᠬᠤ ᠬᠥᠳᠡᠯᠬᠦ ᠪᠦᠷᠢ ᠳᠡᠭᠡᠨ
ᠠᠷᠠᠳ ᠲᠥᠮᠡᠨ ᠦ ᠪᠡᠨ ᠲᠥᠯᠥᠭᠡ ᠪᠣᠯ
ᠠᠯᠬᠤᠬᠤ ᠭᠢᠰᠭᠢᠬᠦ ᠪᠣᠯᠭᠠᠨ ᠳᠠᠭᠠᠨ
ᠠᠤᠭ᠎ᠠ ᠣᠷᠣᠨ ᠤ ᠪᠡᠨ ᠲᠥᠯᠦᠭᠡ ᠪᠣᠯ
ᠠᠯᠲᠠᠨ ᠰᠢᠷᠣᠢ ᠤᠷᠤᠭᠤ ᠪᠡᠨ ᠳᠠᠭᠠᠷᠢᠭᠰᠠᠨ
ᠠᠲᠠᠭᠠᠲᠠᠨ ᠤ ᠬᠣᠣᠷᠲᠤ ᠰᠣᠮᠤ ᠶᠢ
ᠠᠶᠤᠰᠢ ᠰᠢᠭ ᠴᠡᠭᠡᠵᠢ ᠪᠡᠷ ᠶᠢᠡᠨ ᠲᠠᠭᠯᠠᠨ
ᠠᠮᠢ ᠪᠡᠨ ᠥᠭᠬᠦ ᠡᠴᠡ ᠪᠣᠴᠠᠬᠤ ᠦᠭᠡᠢ ᠪᠣᠯ
ᠡᠨᠡ ᠬᠦᠮᠦᠨ ᠮᠣᠩᠭᠣᠯ ᠬᠦᠮᠦᠨ
ᠡᠬᠡ ᠣᠷᠣᠨ ᠳᠠᠭᠠᠨ ᠬᠠᠢᠷᠠᠲᠠᠢ ᠬᠦᠮᠦᠨ
ᠡᠨᠡ ᠬᠠᠢᠷ᠎ᠠ ᠨᠢ ᠮᠣᠩᠭᠤᠯᠴᠤᠳ ᠲᠤ
ᠡᠷᠲᠡᠨ ᠡᠴᠡ ᠬᠡᠪᠰᠢᠭ᠍ᠰᠡᠨ ᠬᠠᠢᠷ᠎ᠠ ᠭᠡᠨ᠎ᠡ
ᠪᠢ ᠮᠣᠩᠭᠣᠯ ᠬᠦᠮᠦᠨ ᠪᠣᠯᠬᠣᠷ
ᠪᠢᠲᠤᠷᠶ᠎ᠠ ᠨᠤᠲᠤᠭ ᠤᠨ ᠶᠢᠡᠨ ᠲᠥᠯᠥᠭᠡ
ᠠᠮᠢ ᠪᠡᠶ᠎ᠡ᠂ ᠪᠦᠬᠦ ᠨᠠᠰᠤ ᠪᠡᠨ
ᠠᠪᠴᠤ ᠪᠠᠢᠭ᠎ᠠ ᠠᠮᠢᠰᠬᠤᠭ᠎ᠠ ᠪᠡᠨ
ᠣᠷᠭᠢᠯᠵᠤ ᠪᠠᠢᠭ᠎ᠠ ᠵᠣᠷᠢᠭ ᠶᠢᠡᠨ
ᠠᠯᠢ ᠶᠢ ᠨᠢ ᠴᠤ ᠬᠠᠢᠷᠠᠯᠠᠯ ᠦᠭᠡᠢ ᠵᠣᠷᠢᠭᠤᠯᠤᠨ᠎ᠠ
ᠲᠥᠷᠦᠯᠬᠢ ᠨᠤᠲᠤᠭ ᠶᠢᠡᠨ ᠭᠡᠢᠭᠦᠯᠦᠭᠰᠡᠨ
ᠨᠠᠷᠠᠨ ᠤ ᠲᠤᠶᠠᠭᠠᠨ ᠳᠤ ᠬᠠᠢᠷᠠᠲᠠᠢ ᠪᠢ
ᠲᠥᠪᠰᠢᠨ ᠲᠠᠯ᠎ᠠ ᠳᠠᠭᠠᠨ ᠴᠤᠤᠷᠢᠶᠠᠳᠤᠭᠰᠠᠨ
ᠡᠭᠡᠰᠢᠭ᠍ᠲᠦ ᠲᠠᠭᠤᠨ ᠳᠤ ᠳᠤᠷᠠᠲᠠᠢ ᠪᠢ
ᠬᠠᠨᠠᠭᠠᠷ ᠴᠢᠯᠦᠭᠡᠲᠦ ᠨᠤᠲᠤᠭ ᠶᠢᠡᠨ
ᠬᠠᠷᠠᠬᠤ ᠳᠣᠲᠣᠮ ᠶᠢᠡᠨ ᠪᠠᠶᠠᠰᠴᠤ ᠪᠠᠢᠨ᠎ᠠ
ᠬᠠᠯᠠᠭᠤᠨ ᠠᠮᠢ ᠪᠡᠨ ᠲᠦᠢᠬᠦ ᠦᠭᠡᠢ
ᠵᠢᠳᠭᠦᠬᠦ ᠵᠣᠷᠢᠭ ᠨᠡᠮᠡᠭᠳᠡᠵᠦ ᠪᠠᠢᠨ᠎ᠠ᠃
ᠠᠯᠮᠠᠰ ᠺᠣᠮᠫᠠᠨᠢ
email : mongol@almas.co.jp
tel : +81-3-5688-2081
fax : +81-3-5688-2082