ᠮᠣᠩᠭᠣᠯ ᠪᠢᠴᠢᠭ᠌

ᠡᠷᠢᠶ᠎ᠡ  
ᠪᠤᠴᠠᠬᠤ
‌Windows
ᠭᠠᠷ ᠪᠢᠴᠢᠮᠡᠯ ᠲᠢᠭ᠌᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ C:\Windows\fonts ᠳᠣᠣᠷ᠎ᠠ ᠲᠠᠯᠪᠢᠨ᠎ᠠ᠃
    XP ᠬᠡᠷᠡᠭᠯᠡᠵᠤ ᠪᠠᠶᠢᠪᠠᠯ ᠳᠣᠣᠷᠠᠬᠢ ᠰᠣᠹᠲ ᠶᠢ ᠣᠷᠤᠭᠤᠯᠬᠤ ᠴᠢᠬᠤᠯᠠᠲᠠᠢ᠃
ᠰᠠᠭᠤᠯᠭᠠᠬᠤ ᠠᠷᠭ᠎ᠠ ᠨᠢ readme.txt ᠹᠠᠶᠢᠯ ᠢ ᠦᠵᠡᠭᠡᠷᠡᠢ᠃ ᠪᠠᠭᠤᠯᠭᠠᠶ᠎ᠠ

‌Mac OS X
ᠭᠠᠷ ᠪᠢᠴᠢᠮᠡᠯ ᠲᠢᠭ᠌᠁᠁᠁᠁᠁ ᠪᠠᠭᠤᠯᠭᠠᠶ᠎ᠠ
    ᠠᠷᠭ᠎ᠠ : ᠪᠠᠭᠤᠯᠭᠠᠭᠰᠠᠨ ᠲᠢᠭ᠌ ᠶᠢᠡᠨ ~Library/Fonts ᠳᠣᠣᠷ᠎ᠠ ᠲᠠᠯᠪᠢᠨ᠎ᠠ᠃
    ᠳᠠᠬᠢᠨ login ᠬᠢᠬᠦ ᠴᠢᠬᠤᠯᠠᠲᠠᠢ᠃

‌ᠮᠣᠩᠭᠣᠯ ᠦᠰᠦᠭ ᠮᠢᠨᠢ ᠰᠠᠶᠢᠬᠠᠨ
  ᠲ᠂ᠳᠡᠯᠭᠡᠷᠰᠠᠩ
ᠠᠮᠲᠠᠷᠠᠬᠨ ᠰᠢᠮᠳᠡᠷᠬᠡᠨ ᠣᠩᠰᠢᠬᠤ ᠳᠤ
ᠠᠶᠠᠯᠭᠤ ᠳᠠᠭᠤᠨ ᠤ ᠬᠢᠨᠢ ᠢᠷᠠᠭᠤᠬᠠᠨ ᠭᠡᠵᠢ᠂
ᠠᠯᠭᠤᠷ ᠰᠠᠶᠢᠬᠠᠨ ᠪᠢᠴᠢᠬᠦ ᠳᠤ
ᠠᠴᠤᠭ ᠰᠢᠯᠪᠢ ᠶᠢᠨ ᠬᠢᠨᠢ ᠡᠪᠯᠢᠭ᠍ᠬᠡᠨ ᠭᠡᠵᠢ᠃

ᠤᠷᠪᠠᠭᠤᠯᠤᠨ ᠡᠷᠭᠢᠭᠦᠯᠦᠨ ᠣᠩᠰᠢᠬᠤ ᠳᠤ
ᠤᠷᠤᠰᠤᠮ᠎ᠠ ᠲᠣᠳᠤᠬᠠᠨ ᠰᠣᠨᠤᠰᠲᠠᠬᠤ ᠭᠡᠵᠢ᠂
ᠣᠳᠬ᠎ᠠ ᠪᠡᠷ ᠨᠢ ᠪᠠᠭᠤᠯᠭᠠᠵᠤ ᠪᠢᠴᠢᠬᠦ ᠳᠤ
ᠣᠷᠠᠯᠢᠭ ᠭᠣᠶᠤᠬᠠᠨ ᠬᠠᠷᠠᠭᠳᠠᠬᠤ ᠭᠡᠵᠢ᠃

ᠶᠠᠩᠵᠤ ᠪᠦᠷᠢ ᠶᠢᠨ ᠠᠶᠠᠯᠭᠤ ᠶᠢ
ᠪᠦᠷᠢᠨ ᠳᠡᠮᠳᠡᠭᠯᠡᠳᠡᠭ ᠦᠰᠦᠭ ᠰᠢᠦ
ᠶᠠᠭᠠᠷᠠᠵᠤ ᠲᠡᠪᠡᠳᠡᠭᠰᠡᠨ ᠦᠶ᠎ᠡ ᠳᠤ
ᠲᠠᠲᠠᠯᠠᠵᠤ ᠪᠣᠯᠳᠠᠭ ᠴᠤ ᠦᠰᠦᠭ ᠰᠢᠦ᠃

ᠡᠭᠡᠰᠢᠭ᠌ ᠭᠡᠶᠢᠭᠦᠯᠦᠭᠴᠢ ᠬᠠᠮᠵᠢᠮᠠᠨᠵᠢᠨ
ᠦᠶ᠎ᠡ ᠪᠦᠷᠢᠯᠳᠦᠨ ᠲᠣᠭᠳᠠᠳᠠᠭ ᠰᠢᠦ
ᠦᠶ᠎ᠡ ᠨᠢ ᠦᠶ᠎ᠡ ᠲᠠᠢ ᠪᠡᠨ ᠨᠡᠶᠢᠯᠡᠮᠡᠨᠵᠢᠨ
ᠦᠭᠡ ᠦᠰᠦᠭ ᠪᠦᠲᠦᠳᠡᠭ ᠰᠢᠦ᠃

ᠴᠠᠭᠠᠨ ᠲᠣᠯᠤᠭᠠᠢ ᠶᠢ ᠡᠵᠡᠮᠰᠢᠪᠡᠯ
ᠴᠠᠭᠠᠰᠢ ᠨᠢ ᠦᠰᠦᠭᠯᠡᠯ ᠳᠤ ᠣᠷᠤᠳᠠᠭ ᠰᠢᠦ᠂
ᠦᠰᠦᠭᠯᠡᠯ ᠳᠤ ᠣᠷᠤᠵᠤ ᠴᠠᠭᠠᠷᠠᠪᠠᠯ
ᠦᠯᠢᠭᠡᠷ ᠦᠨ ᠨᠣᠮ ᠣᠩᠰᠢᠳᠠᠭ ᠰᠢᠦ᠃

ᠦᠭᠡ ᠪᠡᠨ ᠶᠠᠷᠢᠳᠠᠭ ᠬᠥᠮᠦᠨ
ᠦᠰᠦᠭ ᠢ ᠨᠢ ᠰᠤᠷᠠᠬᠤ ᠳᠤ ᠳᠦᠭᠦᠮ ᠰᠢᠦ᠂
ᠦᠰᠦᠭ ᠢ ᠨᠢ ᠮᠡᠳᠡᠳᠡᠭ ᠬᠦᠮᠦᠨ
ᠪᠢᠴᠢᠭ᠌ ᠲᠠᠢ ᠪᠣᠯᠬᠤ ᠳᠤ ᠬᠢᠯᠪᠠᠷ ᠰᠢᠦ᠃

ᠮᠠᠨ ᠤ ᠮᠣᠩᠭᠣᠯ ᠦᠰᠦᠭ ᠭᠡᠭ᠍ᠴᠢ
ᠮᠠᠩᠯᠠᠢ ᠰᠠᠶᠢᠬᠠᠨ ᠪᠠᠶᠢᠳᠠᠭ ᠰᠢᠦ᠂
ᠮᠠᠰᠢ ᠡᠷᠲᠡ ᠵᠣᠬᠢᠶᠠᠭᠳᠠᠭᠠᠳ
ᠮᠠᠷᠲᠠᠭᠳᠠᠯ ᠦᠭᠡᠢ ᠬᠡᠷᠡᠭᠯᠡᠭᠳᠡᠭᠰᠡᠭᠡᠷ ᠰᠢᠦ᠃

ᠮᠣᠷᠤᠩᠬᠠᠢ ᠮᠣᠰᠢᠭᠠᠢ ᠦᠰᠦᠭ ᠭᠡᠵᠦ
ᠮᠡᠳᠡᠯᠭᠡ ᠮᠡᠭᠦᠰᠴᠦᠳ ᠭᠦᠳᠭᠡᠪᠡᠴᠦ
ᠮᠣᠯᠤᠷ ᠡᠷᠳᠡᠨᠢ ᠶᠢᠨ ᠦᠰᠦᠭ ᠶᠢᠡᠨ
ᠮᠣᠩᠭᠣᠯ ᠬᠦᠦ ᠪᠢ ᠰᠤᠷᠤᠨ᠎ᠠ᠃

ᠠᠷᠢᠶᠠᠲᠠᠨ ᠰᠢᠪᠠᠭᠤᠨ ᠤ ᠬᠡᠯᠡ ᠭᠡᠵᠦ
ᠠᠳᠬᠠᠭ ᠰᠠᠨᠠᠭᠠᠳᠠᠨ ᠵᠠᠵᠢᠭᠤᠳᠠᠭᠤᠯᠪᠠᠴᠤ᠂
ᠠᠪᠤ ᠳᠡᠭᠡᠳᠦᠰ ᠦᠨ ᠬᠡᠯᠡ ᠪᠡᠨ
ᠠᠯᠳᠠᠯ ᠦᠭᠡᠢ ᠪᠢ ᠡᠵᠡᠮᠰᠢᠨ᠎ᠡ!

ᠭᠠᠶᠢᠬᠠᠮᠰᠢᠭᠲᠤ ᠰᠠᠶᠢᠬᠠᠨ ᠬᠡᠯᠡ ᠪᠡᠨ
ᠭᠠᠩᠭᠠᠩ ᠰᠠᠶᠢᠬᠠᠨ ᠦᠰᠦᠭ ᠶᠢᠡᠨ
ᠭᠠᠯᠪᠠ ᠶᠡᠭᠦᠷᠡᠳᠡᠯ᠎ᠡ ᠭᠡᠷᠡᠭᠯᠡᠭᠡᠳ
ᠭᠠᠯ ᠭᠣᠯᠤᠮᠲᠠ ᠪᠡᠨ ᠬᠦᠭᠵᠢᠭᠦᠯᠦᠨ᠎ᠡ᠃
ᠠᠯᠮᠠᠰ ᠺᠣᠮᠫᠠᠨᠢ
email : mongol@almas.co.jp
tel : +81-3-5688-2081
fax : +81-3-5688-2082