ᠮᠣᠩᠭᠤᠯ ᠪᠢᠴᠢᠭ |
ᠬᠢᠲᠠᠳ ᠠᠩᠭᠯᠢ ᠶᠠᠫᠤᠨ |
ᠨᠢᠭᠡᠳᠦᠭᠡᠷ ᠦᠰᠦᠭ ᠠ(ɑ) ᠦᠰᠦᠭ
ᠦᠭᠡ᠎ᠶᠢᠨ ᠡᠬᠢᠨ᠎ᠳᠦ «ᠠ᠊» ᠳᠦᠷᠰᠦ᠎ᠪᠡᠷ: ᠠᠷᠠᠳ᠂ ᠠᠪᠤ᠂ ᠠᠴᠢ᠂ ᠠᠵᠢᠯ᠂ ᠠᠭᠤᠤ᠃
ᠦᠭᠡ᠎ᠶᠢᠨ ᠳᠤᠮᠳᠠ «᠊ᠠ᠊» ᠳᠦᠷᠰᠦ᠎ᠪᠡᠷ: ᠨᠠᠮ᠂ ᠨᠠᠷᠠ᠂ ᠨᠠᠰᠤ᠂ ᠬᠠᠷ᠎ᠠ᠂ ᠪᠠᠭ᠎ᠠ᠃
ᠦᠭᠡ᠎ᠶᠢᠨ ᠠᠳᠠᠭ᠎ᠲᠤ «᠊ᠠ» «ᠡ᠋» ᠳᠦᠷᠰᠦ᠎ᠪᠡᠷ: ᠬᠣᠯᠠ᠂ ᠬᠤᠷᠴᠠ᠂ ᠲᠤᠰᠠ᠂ ᠨᠠᠷᠠ᠂ ᠬᠠᠨ᠎ᠠ᠂ ᠤᠷᠮ᠎ᠠ᠂ ᠲᠠᠯ᠎ᠠ᠂ ᠰᠠᠷ᠎ᠠ᠂ ᠠᠬ᠎ᠠ᠂ ᠪᠠᠬ᠎ᠠ᠂ ᠲᠠᠷᠢᠶ᠎ᠠ᠂ ᠭᠤᠤ᠎ᠠ᠂ ᠣᠯᠪᠠ᠂ ᠶᠠᠪᠤᠪᠠ᠂ ᠫᠢᠫᠠ᠂ ᠱᠠᠹᠠ᠂ ᠠᠮᠧᠷᠢᠺᠠ ᠭᠡᠬᠦ ᠮᠡᠲᠦ᠎ᠪᠡᠷ ᠪᠢᠴᠢᠭᠳᠡᠨ᠎ᠡ᠃
ᠡᠭᠦᠨ᠎ᠳᠦ «ᠡ᠋» ᠳᠦᠷᠰᠦ᠎ᠶᠢ «᠊ᠨ᠂ ᠊ᠮ᠂ ᠊ᠯ᠂ ᠊ᠷ᠂ ᠊᠎ᠢ᠂ ᠊ᠭ᠋᠂ ᠊ᠭ» ᠵᠡᠷᠭᠡ ᠦᠰᠦᠭ᠎ᠦᠨ ᠳᠠᠷᠠᠭ᠎ᠠ ᠰᠠᠯᠤᠩᠭᠢᠳᠠ ᠪᠢᠴᠢᠵᠦ᠂ «ᠪ᠂ ᠫ᠂ ᠹ᠂ ᠺ» ᠦᠰᠦᠭ᠎ᠦᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃
ᠬᠣᠶᠠᠳᠤᠭᠠᠷ ᠦᠰᠦᠭ ᠡ(e) ᠦᠰᠦᠭ
ᠦᠭᠡ᠎ᠶᠢᠨ ᠡᠬᠢᠨ᠎ᠳᠦ «ᠡ᠊» ᠳᠦᠷᠰᠦ᠎ᠪᠡᠷ: ᠡᠵᠢ᠂ ᠡᠳ᠋᠂ ᠡᠪ᠂ ᠡᠰᠢ᠂ ᠡᠨᠡ᠃
ᠦᠭᠡ᠎ᠶᠢᠨ ᠳᠤᠮᠳᠠ «᠊ᠡ᠊»᠂ «᠊ᠧ᠊» ᠳᠦᠷᠰᠦ᠎ᠪᠡᠷ: ᠡᠷᠳᠡᠮ᠂ ᠡᠪᠯᠡᠯ᠂ ᠡᠭᠡᠯᠵᠢ᠂ ᠢᠳᠡᠬᠦ᠂ ᠡᠵᠡᠯᠡᠬᠦ᠂ ᠪᠡᠬᠡ᠂ ᠧ ᠮᠧᠢ ᠱᠠᠨ᠂ ᠮᠧᠳᠡᠭ᠂ ᠰᠧᠳᠡᠩ᠃
ᠦᠭᠡ᠎ᠶᠢᠨ ᠠᠳᠠᠭ᠎ᠲᠤ «᠊ᠡ»᠂ «ᠡ᠋»᠂ «᠊ᠧ» ᠳᠦᠷᠰᠦ᠎ᠪᠡᠷ: ᠪᠢᠳᠡ᠂ ᠡᠭᠦᠳᠡ᠂ ᠦᠵᠡ᠂ ᠥᠭᠭᠦᠨ᠎ᠡ᠂ ᠢᠷᠡᠯ᠎ᠡ᠂ ᠰᠦᠮ᠎ᠡ᠂ ᠴᠢᠭ᠍ᠯᠡᠷᠡ᠂ ᠦᠶ᠎ᠡ᠂ ᠦᠵᠡᠪᠡ᠂ ᠡᠷᠬᠡ᠂ ᠥᠩᠭᠡ᠂ ᠧᠦ᠋ᠷᠦᠫᠡ᠂ ᠭᠦᠸᠧ ᠮᠦᠸᠧ ᠿᠦᠸᠧ᠂ ᠬᠠᠢ ᠾᠧ᠂ ᠵᠦ ᠳ᠋ᠧ ᠭᠡᠬᠦ ᠮᠡᠲᠦ᠎ᠪᠡᠷ ᠪᠢᠴᠢᠭᠳᠡᠨ᠎ᠡ᠃
ᠡᠭᠦᠨ᠎ᠳᠦ «ᠡ᠋» ᠳᠦᠷᠰᠦ᠎ᠶᠢ «᠊ᠨ᠂ ᠊ᠮ᠂ ᠊ᠯ᠂ ᠊ᠷ᠂ ᠊᠎ᠢ» ᠦᠰᠦᠭ᠎ᠦᠨ ᠳᠠᠷᠠᠭ᠎ᠠ ᠰᠠᠯᠤᠩᠭᠢᠳᠠ ᠪᠢᠴᠢᠵᠦ᠂ «ᠪ᠂ ᠫ᠂ ᠊ᠭ᠍᠊᠂ ᠊ᠭ᠍᠊᠊᠊(ɡ)᠂ ᠹ᠂ ᠺ» ᠦᠰᠦᠭ᠎ᠦᠨ ᠳᠠᠷᠠᠭ᠎ᠠ ᠠᠴᠤᠭ ᠨᠡᠮᠡᠵᠦ ᠨᠡᠢᠯᠡᠭᠦᠯᠵᠦ ᠪᠢᠴᠢᠨ᠎ᠡ᠃
ᠭᠤᠷᠪᠠᠳᠤᠭᠠᠷ ᠦᠰᠦᠭ ᠢ(i) ᠦᠰᠦᠭ
ᠦᠭᠡ᠎ᠶᠢᠨ ᠡᠬᠢᠨ᠎ᠳᠦ «ᠢ᠊» ᠳᠦᠷᠰᠦ᠎ᠪᠡᠷ: ᠢᠳᠡ᠂ ᠢᠰᠢᠭᠡ᠂ ᠢᠷᠠᠭᠤ᠂ ᠢᠲᠡᠭᠡᠯ᠂ ᠢᠷᠡᠬᠦ᠃
ᠦᠭᠡ᠎ᠶᠢᠨ ᠳᠤᠮᠳᠠ «᠊ᠢ᠊»᠂ «᠊ᠢᠢ᠊» ᠳᠦᠷᠰᠦ᠎ᠪᠡᠷ: ᠨᠢᠰᠭᠡᠯ᠂ ᠪᠢᠯᠢᠭ᠂ ᠪᠢᠴᠢᠭ᠂ ᠰᠢᠪᠠᠷ᠂ ᠬᠢᠴᠡ᠂ ᠫᠢᠶᠣᠣ᠂ ᠬᠢᠲᠠᠳ᠂ ᠮᠢᠯᠢᠶᠠᠬᠤ᠂ ᠲᠢᠲᠢᠮ᠂ ᠲᠢᠭ᠍ᠯᠢᠮ᠂ ᠴᠢᠳᠠᠯ᠂ ᠵᠢᠵᠢᠭ᠂ ᠶᠢᠰᠦ᠂ ᠠᠷᠢᠭᠤᠨ᠂ ᠹᠢᠽᠢᠺ᠂ ᠺᠢᠨ᠋ᠣ᠋᠂ ᠠᠽᠢᠶ᠎ᠠ᠂ ᠰᠢᠢᠳᠪᠦᠷᠢ᠂ ᠦᠢᠯᠡ᠂ ᠣᠢᠮᠤᠰᠤ᠂ ᠤᠢᠳᠭᠠᠷ᠂ ᠭᠡᠬᠦ ᠮᠡᠲᠦ᠎ᠪᠡᠷ ᠪᠢᠴᠢᠭᠳᠡᠨ᠎ᠡ᠃
ᠡᠭᠦᠨ᠎ᠳᠦ ᠳᠠᠩ ᠰᠢᠯᠪᠢ «᠊ᠢ᠊»᠎ᠨᠢ ᠭᠡᠢᠭᠦᠯᠦᠭᠴᠢᠪᠠ «᠊ᠢ᠊(i)»ᠪᠠ «ᠵ᠊(i) »᠂ «ᠦ(ü)»(ᠵᠥᠪᠬᠡᠨ ᠦᠭᠡ᠎ᠶᠢᠨ ᠨᠢᠭᠡᠳᠦᠭᠡᠷ ᠦᠶ᠎ᠡ᠎ᠳᠦ ᠲᠣᠬᠢᠶᠠᠯᠳᠤᠬᠤ «ᠦ᠊») ᠡᠭᠡᠰᠢᠭ᠎ᠦᠨ ᠳᠠᠷᠠᠭ᠎ᠠ: ᠨᠢᠭᠡ᠂ ᠰᠢᠨ᠎ᠡ᠂ ᠴᠢᠬᠢ᠂ ᠪᠢᠴᠢᠭ᠂ ᠬᠢᠯᠢ᠂ ᠵᠢᠯ᠂ ᠰᠢᠢᠳᠪᠦᠷᠢ᠂ ᠬᠤᠵᠢᠢᠬᠤ᠂ ᠳᠠᠯᠵᠢᠢᠬᠤ᠂ ᠦᠢᠮᠡᠭᠡᠨ᠂ ᠵᠦᠢᠲᠡᠢ᠂ ᠭᠦᠢᠯᠡᠰᠦ᠂ ᠭᠡᠬᠦ ᠮᠡᠲᠦ᠎ᠪᠡᠷ ᠪᠢᠴᠢᠭᠳᠡᠨ᠎ᠡ᠂ ᠳᠠᠪᠬᠤᠷ ᠰᠢᠯᠪᠢ «᠊ᠢᠢ᠊»᠎ᠨᠢ «ᠠ᠊᠂ ᠡ᠊᠂ ᠣ᠊᠂ ᠤ᠊» ᠳᠦᠷᠪᠡᠨ ᠡᠭᠡᠰᠢᠭᠪᠠ ᠦᠭᠡ᠎ᠶᠢᠨ ᠨᠢᠭᠡᠳᠦᠭᠡᠷ ᠦᠶ᠎ᠡ᠎ᠡᠴᠡ ᠬᠣᠢᠰᠢ ᠲᠣᠬᠢᠶᠠᠯᠳᠤᠬᠤ «ᠦ(ü)» ᠡᠭᠡᠰᠢᠭ᠎ᠦᠨ ᠳᠠᠷᠠᠭ᠎ᠠ ᠪᠢᠴᠢᠭᠳᠡᠨ᠎ᠡ᠃ ᠵᠢᠱ᠌ᠢᠶᠡᠯᠡᠪᠡᠯ: ᠠᠢᠯ᠂ ᠪᠠᠢᠳᠠᠯ᠂ ᠡᠢᠮᠦ᠂ ᠲᠡᠢᠮᠦ᠂ ᠣᠢᠯᠠᠭᠠᠬᠤ᠂ ᠬᠣᠢᠨ᠎ᠠ᠂ ᠤᠢᠳᠭᠠᠷ᠂ ᠭᠦᠳᠦᠢᠬᠦ᠂ ᠪᠦᠯᠲᠡᠢᠬᠦ ᠭᠡᠬᠦ ᠮᠡᠲᠦ᠃
ᠦᠭᠡ᠎ᠶᠢᠨ ᠠᠳᠠᠭ᠎ᠲᠤ «᠊᠎ᠢ» ᠳᠦᠷᠰᠦ᠎ᠪᠡᠷ: ᠠᠢ᠂ ᠣᠢ᠂ ᠦᠢ᠂ ᠨᠣᠬᠠᠢ᠂ ᠭᠠᠬᠠᠢ᠂ ᠠᠬᠤᠢ᠂ ᠠᠮᠤᠢ᠂ ᠪᠣᠯᠠᠢ᠂ ᠬᠥᠬᠦ᠂ ᠪᠣᠢ ᠭᠡᠬᠦ ᠮᠡᠲᠦ᠎ᠪᠡᠷ ᠪᠢᠴᠢᠭᠳᠡᠨ᠎ᠡ᠃
«ᠢ» ᠡᠭᠡᠰᠢᠭ «᠊ᠢ᠊» ᠳᠦᠷᠰᠦ᠎ᠪᠡᠷ «ᠥ(ö)» ᠡᠭᠡᠰᠢᠭ᠎ᠦᠨ ᠳᠠᠷᠠᠭ᠎ᠠ ᠰᠢᠭᠤᠳ ᠵᠠᠯᠭᠠᠨ ᠣᠷᠤᠳᠠᠭ᠎ᠦᠭᠡᠢ᠃
ᠳᠥᠷᠪᠡᠳᠦᠭᠡᠷ ᠦᠰᠦᠭ ᠤ(o) ᠦᠰᠦᠭ
ᠦᠭᠡ᠎ᠶᠢᠨ ᠡᠬᠢᠨ᠎ᠳᠦ «ᠣ᠊» ᠳᠦᠷᠰᠦ᠎ᠪᠡᠷ: ᠣᠳᠣ᠂ ᠣᠯᠬᠤ᠂ ᠣᠨᠴᠠ᠂ ᠣᠶᠤᠨ᠂ ᠣᠷᠢ᠃
ᠦᠭᠡ᠎ᠶᠢᠨ ᠳᠤᠮᠳᠠ᠂ «᠊ᠣ᠊» ᠳᠦᠷᠰᠦ᠎ᠪᠡᠷ: ᠣᠷᠥᠨ᠂ ᠰᠣᠶᠤᠯ᠂ ᠣᠰᠤᠯ᠂ ᠣᠯᠤᠩ᠂ ᠣᠮᠤᠭ᠃
ᠦᠭᠡ᠎ᠶᠢᠨ ᠠᠳᠠᠭ᠎ᠲᠤ «᠊ᠣ»᠂ «᠊ᠤ᠋» ᠳᠦᠷᠰᠦ᠎ᠪᠡᠷ: ᠣᠳᠣ ᠊(ᠴᠠᠭ᠎ᠤᠨ)᠂ ᠰᠣᠳᠤ(ᠬᠥᠮᠦᠨ᠎ᠦ ᠨᠡᠷ᠎ᠡ)᠂ ᠫᠠᠯᠢᠲ᠋ᠣ᠋᠂ ᠲᠣᠺᠢᠣ᠋ ᠭᠡᠬᠦ ᠮᠡᠲᠦ᠎ᠪᠡᠷ ᠪᠢᠴᠢᠭᠳᠡᠨ᠎ᠡ᠃
ᠲᠠᠪᠤᠳᠤᠭᠠᠷ ᠦᠰᠦᠭ ᠤ(u) ᠦᠰᠦᠭ
ᠦᠭᠡ᠎ᠶᠢᠨ ᠡᠬᠢᠨ᠎ᠳᠦ «ᠤ᠊» ᠳᠦᠷᠰᠦ᠎ᠪᠡᠷ: ᠤᠰᠤ᠂ ᠤᠭ᠂ ᠤᠴᠢᠷ᠂ ᠤᠷᠠᠨ᠂ ᠤᠯᠠᠭᠠᠨ᠃
ᠦᠭᠡ᠎ᠶᠢᠨ ᠳᠤᠮᠳᠠ «᠊ᠤ᠊» ᠳᠦᠷᠰᠦ᠎ᠪᠡᠷ: ᠤᠷᠭᠤᠬᠤ᠂ ᠤᠳᠤᠮ᠂ ᠪᠣᠯᠪᠠᠰᠤᠨ᠂ ᠤᠷᠤᠭᠤᠯ᠃
ᠦᠭᠡ᠎ᠶᠢᠨ ᠠᠳᠠᠭ᠎ᠲᠤ «᠊ᠤ»᠂ «᠊ᠤ᠋» ᠳᠦᠷᠰᠦ᠎ᠪᠡᠷ: ᠤᠷᠲᠤ᠂ ᠬᠤᠰᠤ᠂ ᠶᠠᠪᠤ᠂ ᠬᠠᠪᠤ᠂ ᠺᠢᠨ᠋ᠤ᠋ ᠭᠡᠬᠦ ᠮᠡᠲᠦ᠎ᠪᠡᠷ ᠪᠢᠴᠢᠭᠳᠡᠨ᠎ᠡ᠃
ᠵᠢᠷᠭᠤᠳᠤᠭᠠᠷ ᠦᠰᠦᠭ ᠥ(ö) ᠦᠰᠦᠭ
ᠦᠭᠡ᠎ᠶᠢᠨ ᠡᠬᠢᠨ᠎ᠳᠦ «ᠥ᠊» ᠳᠦᠷᠰᠦ᠎ᠪᠡᠷ: ᠥᠷᠭᠡᠨ᠂ ᠥᠳᠭᠡᠨ᠂ ᠥᠨᠳᠦᠷ᠂ ᠥᠨᠳᠡᠭᠡ᠂ ᠥᠮᠦᠭ᠃
ᠦᠭᠡ᠎ᠶᠢᠨ ᠳᠤᠮᠳᠠ «᠊ᠥ᠋᠊»᠂ «᠊ᠥ᠊» ᠳᠦᠷᠰᠦ᠎ᠪᠡᠷ: ᠮᠥᠷᠭᠦᠬᠦ᠂ ᠬᠥᠳᠡᠭᠡ᠂ ᠥᠷᠦᠭᠡᠯ᠂ ᠥᠪᠦᠷᠯᠡᠬᠦ᠂ ᠥᠷᠦᠰᠢᠶᠡᠬᠦ᠃
ᠦᠭᠡ᠎ᠶᠢᠨ ᠠᠳᠠᠭ᠎ᠲᠤ «᠊᠊ᠦ»᠂ «᠊ᠥ᠋» ᠳᠦᠷᠰᠦ᠎ᠪᠡᠷ: ᠥᠨᠥ᠂ ᠮᠥᠨᠥ᠂ ᠬᠥ᠂ ᠥ ᠭᠡᠬᠦ ᠮᠡᠲᠦ᠎ᠪᠡᠷ ᠪᠢᠴᠢᠭᠳᠡᠨ᠎ᠡ᠃
ᠡᠭᠦᠨ᠎ᠳᠦ «᠊ᠥ᠋»᠎ᠨᠢ ᠭᠠᠭᠴᠠ ᠦᠶᠡᠲᠦ ᠦᠭᠡᠨ᠎ᠳᠦ ᠭᠡᠢᠭᠦᠯᠦᠭᠴᠢ᠎ᠶᠢᠨ ᠳᠣᠣᠷ᠎ᠠ ᠪᠢᠴᠢᠭᠳᠡᠨ᠎ᠡ᠃
ᠳᠣᠯᠤᠳᠤᠭᠠᠷ ᠦᠰᠦᠭ ᠦ(ü) ᠦᠰᠦᠭ
ᠦᠭᠡ᠎ᠶᠢᠨ ᠡᠬᠢᠨ᠎ᠳᠦ «ᠦ᠊» ᠳᠦᠷᠰᠦ᠎ᠪᠡᠷ: ᠦᠷ᠎ᠡ᠂ ᠦᠭᠡ᠂ ᠦᠬᠡᠷ᠂ ᠦᠨᠡᠨ᠂ ᠦᠵᠡ᠃
ᠦᠭᠡ᠎ᠶᠢᠨ ᠳᠤᠮᠳᠠ «᠊ᠦ᠋᠊»᠂ «᠊ᠦ᠊» ᠳᠦᠷᠰᠦ᠎ᠪᠡᠷ: ᠴᠦᠯᠡᠬᠦ᠂ ᠵᠦᠯᠭᠡ᠂ ᠬᠦᠵᠦᠭᠦᠦ᠂ ᠵᠦᠯᠭᠦᠬᠦ᠂ ᠨᠢᠴᠦᠭᠦᠨ᠂ ᠰᠢᠲᠦᠬᠦ᠃
ᠦᠭᠡ᠎ᠶᠢᠨ ᠠᠳᠠᠭ᠎ᠲᠤ «᠊ᠦ»᠂ «᠊ᠦ᠋» ᠳᠦᠷᠰᠦ᠎ᠪᠡᠷ: ᠡᠭᠦᠨ᠎ᠳᠦ «᠊ᠦ᠋»᠎ᠨᠢ ᠭᠠᠭᠴᠠ ᠦᠶᠡᠲᠦ ᠦᠭᠡᠨ᠎ᠳᠦ ᠭᠡᠢᠭᠦᠯᠦᠭᠴᠢ᠎ᠶᠢᠨ ᠳᠣᠣᠷ᠎ᠠ ᠪᠢᠴᠢᠭᠳᠡᠨ᠎ᠡ᠃ ᠵᠡᠭᠦᠦ᠂ ᠳᠡᠭᠦᠦ᠂ ᠦᠵᠡᠬᠦ᠂ ᠲᠡᠭᠦᠬᠦ᠂ ᠰᠦ᠋ ᠭᠡᠬᠦ ᠮᠡᠲᠦ᠎ᠪᠡᠷ ᠪᠢᠴᠢᠭᠳᠡᠨ᠎ᠡ᠃
ᠨᠠᠢ᠍ᠮᠠᠳᠤᠭᠠᠷ ᠦᠰᠦᠭ ᠨ(n) ᠭᠡᠢᠭᠦᠯᠦᠭᠴᠢ
ᠦᠭᠡ᠎ᠶᠢᠨ ᠡᠬᠢᠨ᠎ᠳᠦ «ᠨ» ᠳᠦᠷᠰᠦ᠎ᠪᠡᠷ: ᠨᠠᠷᠠ᠂ ᠨᠡᠷ᠎ᠡ᠂ ᠨᠣᠮ᠂ ᠨᠥᠯᠦᠭᠡ᠂ ᠨᠥᠬᠦᠷ᠃
ᠦᠭᠡ᠎ᠶᠢᠨ ᠳᠤᠮᠳᠠ ᠡᠭᠡᠰᠢᠭ᠎ᠦᠨ ᠡᠮᠦᠨ᠎ᠡ ᠣᠷᠤᠪᠠᠯ «᠊ᠨ᠋᠊» ᠳᠦᠷᠰᠦ᠎ᠪᠡᠷ: ᠮᠠᠨᠠᠭ᠎ᠠ᠂ ᠴᠢᠨᠠᠷ᠂ ᠴᠢᠨᠡᠭᠡ᠂ ᠣᠨᠤᠯ᠂ ᠬᠦᠰᠦᠨᠦᠭ᠃ ᠡᠭᠡᠰᠢᠭ᠎ᠦᠨ ᠳᠠᠷᠠᠭ᠎ᠠ ᠳᠡᠪᠢᠰᠭᠡᠷᠯᠡᠨ ᠣᠷᠤᠪᠠᠯ ᠳᠤᠰᠤᠯ᠎ᠦᠭᠡᠢ «᠊ᠨ᠊» ᠳᠦᠷᠰᠦ᠎ᠪᠡᠷ: ᠠᠨᠳᠠ᠂ ᠡᠨᠳᠡ᠂ ᠬᠣᠨᠵᠢᠬᠤ᠂ ᠤᠨᠲᠠᠬᠤ᠂ ᠥᠨᠵᠢᠬᠦ᠂ ᠬᠦᠨᠳᠦ᠂ ᠭᠦᠨᠵᠡᠭᠡᠢ᠃ ᠡᠭᠡᠰᠢᠭ «ᠠ᠊»᠂ «ᠡ᠊»᠎ᠶᠢᠨ ᠦᠭᠡ᠎ᠶᠢᠨ ᠡᠴᠦᠰ᠎ᠲᠦ ᠣᠷᠤᠬᠤ ᠴᠠᠴᠤᠯᠭ᠎ᠠ «ᠡ᠋»᠎ᠶᠢᠨ ᠡᠮᠦᠨ᠎ᠡ «᠊ᠨ᠋» ᠳᠦᠷᠰᠦ᠎ᠪᠡᠷ: ᠠᠪᠤᠨ᠎ᠠ᠂ ᠶᠠᠪᠤᠨ᠎ᠠ᠂ ᠭᠠᠷᠤᠨ᠎ᠠ᠂ ᠬᠡᠯᠡᠨ᠎ᠡ᠂ ᠦᠵᠡᠨ᠎ᠡ᠂ ᠬᠦᠷᠦᠨ᠎ᠡ᠃
ᠦᠭᠡ᠎ᠶᠢᠨ ᠠᠳᠠᠭ᠎ᠲᠤ «᠊ᠨ» ᠳᠦᠷᠰᠦ᠎ᠪᠡᠷ: ᠨᠠᠷᠠᠨ᠂ ᠰᠠᠷᠠᠨ᠂ ᠬᠠᠷᠢᠨ᠂ ᠦᠨᠡᠨ᠂ ᠭᠡᠨᠡᠨ᠂ ᠬᠥᠮᠦᠨ ᠭᠡᠬᠦ ᠮᠡᠲᠦ᠃
ᠶᠢᠰᠦᠳᠦᠭᠡᠷ ᠦᠰᠦᠭ ᠪ(b) ᠭᠡᠢᠭᠦᠯᠦᠭᠴᠢ
ᠦᠭᠡ᠎ᠶᠢᠨ ᠡᠬᠢᠨ᠎ᠳᠦ «ᠪ᠊» ᠳᠦᠷᠰᠦ᠎ᠪᠡᠷ: ᠪᠠᠲᠤ᠂ ᠪᠠᠢᠬᠤ᠂ ᠪᠡᠯᠡᠭ᠂ ᠪᠡᠬᠢ᠂ ᠪᠢᠳᠡ᠂ ᠪᠢᠴᠢᠭ᠂ ᠪᠥᠭᠡᠮ᠂ ᠪᠦᠯᠦᠭ᠂ ᠪᠦᠭᠦᠳᠡ᠂ ᠪᠣᠳᠤᠯᠭ᠎ᠠ᠂ ᠪᠣᠰᠬᠤ᠃
ᠦᠭᠡ᠎ᠶᠢᠨ ᠳᠤᠮᠳᠠ «᠊ᠪ᠊» ᠳᠦᠷᠰᠦ᠎ᠪᠡᠷ: ᠠᠪᠬᠤ᠂ ᠠᠪᠠᠴᠢᠬᠤ᠂ ᠳᠡᠪᠲᠡᠷ᠂ ᠳᠡᠪᠡᠯ᠂ ᠳᠡᠪᠢᠰᠭᠡᠷ᠂ ᠬᠤᠪᠢᠷᠠᠬᠤ᠂ ᠥᠪᠡᠷ᠂ ᠬᠥᠪᠴᠢ᠃
ᠦᠭᠡ᠎ᠶᠢᠨ ᠠᠳᠠᠭ᠎ᠲᠤ «᠊ᠪ» ᠳᠦᠷᠰᠦ᠎ᠪᠡᠷ: ᠠᠪ᠂ ᠣᠪ᠂ ᠡᠪ᠂ ᠰᠡᠪ᠂ ᠰᠡᠳᠦᠪ᠂ ᠲᠥᠪ᠂ ᠵᠥᠪ ᠭᠡᠬᠦ ᠮᠡᠲᠦ᠃
ᠠᠷᠪᠠᠳᠤᠭᠠᠷ ᠦᠰᠦᠭ ᠫ(p) ᠭᠡᠢᠭᠦᠯᠦᠭᠴᠢ
ᠦᠭᠡ᠎ᠶᠢᠨ ᠡᠬᠢᠨ᠎ᠳᠦ «ᠫ᠊» ᠳᠦᠷᠰᠦ᠎ᠪᠡᠷ: ᠫᠠᠭᠮ᠎ᠠ᠂ ᠫᠠᠨᠽᠠ᠂ ᠫᠤᠤ᠂ ᠫᠣᠩᠰᠣᠭ᠂ ᠫᠠᠷᠲ᠋ᠢᠽᠠᠨ᠃
ᠦᠭᠡ᠎ᠶᠢᠨ ᠳᠤᠮᠳᠠ «᠊ᠫ᠊» ᠳᠦᠷᠰᠦ᠎ᠪᠡᠷ: ᠫᠢᠫᠠ᠂ ᠢᠰᠫᠠᠨᠢ᠂ ᠧᠦ᠋ᠷᠣᠫᠠ᠂ ᠺᠣᠮᠫᠠᠨᠢ᠂ ᠫᠠᠰᠫᠣᠷᠲ᠃
ᠦᠭᠡ᠎ᠶᠢᠨ ᠠᠳᠠᠭ᠎ᠲᠤ «᠊ᠫ» ᠳᠦᠷᠰᠦ᠎ᠪᠡᠷ: ᠹᠢᠯᠢᠫ᠂ ᠫᠣᠮᠫ ᠭᠡᠬᠦ ᠮᠡᠲᠦ᠃
ᠡᠭᠦᠨ᠎ᠳᠦ ᠦᠭᠡ᠎ᠶᠢᠨ ᠳᠤᠮᠳᠠᠪᠠ ᠠᠳᠠᠭ᠎ᠲᠤ ᠣᠷᠤᠬᠤ ᠳᠦᠷᠰᠦ᠎ᠨᠢ ᠪᠦᠷ ᠬᠠᠷᠢ ᠦᠭᠡ᠎ᠶᠢ ᠲᠡᠮᠳᠡᠭᠯᠡᠬᠦ᠎ᠳᠦ ᠬᠡᠷᠡᠭᠯᠡᠳᠡᠭᠶᠦᠮ᠃
ᠠᠷᠪᠠᠨ ᠨᠢᠭᠡᠳᠦᠭᠡᠷ ᠦᠰᠦᠭ ᠬ(x)(᠊ᠭ᠍᠊) ᠭᠡᠢᠭᠦᠯᠦᠭᠴᠢ
ᠦᠭᠡ᠎ᠶᠢᠨ ᠡᠬᠢᠨ᠎ᠳᠦ ᠴᠢᠩᠭ᠎ᠠ ᠬᠥᠨᠳᠡᠢ᠎ᠶᠢ ᠢᠯᠭᠠᠨ ᠲᠤᠰ ᠲᠤᠰ «ᠬ»᠂ «᠊ᠭ᠍᠊» ᠳᠦᠷᠰᠦ᠎ᠪᠡᠷ: ᠬᠠᠳᠠ᠂ ᠬᠠᠮᠤᠭ᠂ ᠬᠣᠯᠠ᠂ ᠬᠣᠲᠠ᠂ ᠬᠤᠭᠤᠷ᠂ ᠬᠢᠭᠡᠳ᠂ ᠬᠢᠷᠦᠭᠡ᠂ ᠬᠥᠬᠡ᠂ ᠬᠥᠭᠵᠢᠮ᠂ ᠬᠦᠰᠡᠯ᠂ ᠬᠦᠷᠳᠦ᠃
ᠦᠭᠡ᠎ᠶᠢᠨ ᠳᠤᠮᠳᠠ ᠴᠢᠩᠭ᠎ᠠ ᠦᠭᠡᠨ᠎ᠳᠦ «᠊ᠬ᠊»᠂ «᠊ᠭ»᠂ ᠬᠥᠨᠳᠡᠢ ᠦᠭᠡᠨ᠎ᠳᠦ «᠊ᠭ᠍᠊» ᠳᠦᠷᠰᠦ᠎ᠪᠡᠷ: ᠠᠬᠠᠯᠠᠬᠤ᠂ ᠭᠠᠢᠬᠠᠮᠠᠷ᠂ ᠤᠬᠤᠷᠢᠬᠤ᠂ ᠣᠷᠤᠬᠤ᠂ ᠪᠠᠬ᠎ᠠ᠂ ᠭᠠᠷᠠᠬ᠎ᠠ᠂ ᠭᠣᠬ᠎ᠠ᠂ ᠠᠯᠤᠬ᠎ᠠ᠂ ᠡᠷᠬᠡ᠂ ᠪᠡᠷᠬᠡ᠂ ᠰᠦᠬᠡ᠂ ᠬᠦᠷᠬᠦ᠂ ᠳᠥᠷᠬᠦᠮ ᠭᠡᠬᠦ ᠮᠡᠲᠦ᠃ ᠭᠡᠬᠦ᠎ᠳᠦ᠎ᠪᠡᠨ «᠊ᠭ» ᠳᠦᠷᠰᠦ᠎ᠨᠢ ᠵᠥᠪᠬᠡᠨ «ᠠ᠊» ᠡᠭᠡᠰᠢᠭ᠎ᠦᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨ᠎ᠡ ᠲᠣᠬᠢᠶᠠᠯᠳᠤᠨ᠎ᠠ᠃
«ᠬ(᠊ᠭ᠍᠊)» ᠭᠡᠢᠭᠦᠯᠦᠭᠴᠢ ᠲᠥᠷᠦᠯᠬᠢ ᠬᠡᠯᠡᠨ᠎ᠦ ᠦᠭᠡ᠎ᠶᠢᠨ ᠠᠳᠠᠭ᠎ᠲᠤ ᠲᠣᠬᠢᠶᠠᠯᠳᠤᠬᠤ᠎ᠦᠭᠡᠢ᠃
ᠠᠷᠪᠠᠨ ᠬᠣᠶᠠᠳᠤᠭᠠᠷ ᠦᠰᠦᠭ ᠭ(ɡ)(᠊ᠭ᠍᠊) ᠭᠡᠢᠭᠦᠯᠦᠭᠴᠢ
ᠦᠭᠡ᠎ᠶᠢᠨ ᠡᠬᠢᠨ᠎ᠳᠦ ᠴᠢᠩᠭ᠎ᠠ ᠬᠥᠨᠳᠡᠢ᠎ᠶᠢ ᠢᠯᠭᠠᠨ ᠲᠤᠰ ᠲᠤᠰ «ᠭ»᠂ «᠊ᠭ᠍᠊» ᠳᠦᠷᠰᠦ᠎ᠪᠡᠷ: ᠭᠠᠯ᠂ ᠭᠠᠷ᠂ ᠭᠣᠣᠯ᠂ ᠭᠣᠷᠤᠬ᠎ᠠ᠂ ᠭᠤᠷᠪᠠ᠂ ᠭᠡᠷ᠂ ᠭᠡᠳᠡᠰᠦ᠂ ᠭᠥᠷᠦᠭᠡᠰᠦ᠂ ᠬᠥᠯᠢᠮ᠂ ᠭᠦᠨ᠂ ᠭᠦᠢᠴᠡᠳ᠃
ᠦᠭᠡ᠎ᠶᠢᠨ ᠳᠤᠮᠳᠠ ᠴᠢᠩᠭ᠎ᠠ ᠦᠭᠡᠨ᠎ᠳᠦ «᠊ᠬ᠋᠊»᠂ «᠊ᠭ᠍᠊»᠂ «᠊ᠭ᠋»᠂ ᠬᠥᠨᠳᠡᠢ ᠦᠭᠡᠨ᠎ᠳᠦ «᠊ᠭ᠌᠊» ᠳᠦᠷᠰᠦ᠎ᠪᠡᠷ: ᠠᠷᠭᠠᠯ᠂ ᠪᠠᠷᠠᠭᠠᠨ᠂ ᠲᠣᠭᠣᠬᠣ᠂ ᠣᠭᠤᠰᠤᠷ᠂ ᠲᠤᠭᠤᠷᠠᠢ᠂ ᠤᠭᠤᠷ᠂ ᠪᠠᠭᠰᠢ᠂ ᠠᠭᠲᠠ᠂ ᠴᠣᠭᠴᠠ᠂ ᠪᠠᠭᠴᠠ᠂ ᠪᠣᠭᠴᠤ᠂ ᠣᠭᠰᠢᠬᠤ᠂ ᠤᠭᠲᠤᠬᠤ᠂ ᠳᠤᠭᠲᠤᠷᠴᠤ᠂ ᠪᠠᠭ᠎ᠠ᠂ ᠠᠯᠠᠭ᠎ᠠ᠂ ᠳᠣᠯᠤᠭ᠎ᠠ᠂ ᠪᠣᠷᠤᠭ᠎ᠠ᠂ ᠳᠡᠭᠳᠡᠬᠦ᠂ ᠬᠥᠭᠵᠢᠯ᠂ ᠥᠭᠯᠢᠭᠡ᠂ ᠲᠦᠭᠵᠢᠬᠦ᠃
ᠦᠭᠡ᠎ᠶᠢᠨ ᠠᠳᠠᠭ᠎ᠲᠤ ᠴᠢᠩᠭ᠎ᠠ ᠦᠭᠡᠨ᠎ᠳᠦ «᠊ᠭ᠋»᠂ ᠬᠥᠨᠳᠡᠢ ᠦᠭᠡᠨ᠎ᠳᠦ «᠊ᠭ» ᠳᠦᠷᠰᠦ᠎ᠪᠡᠷ: ᠠᠳᠠᠭ᠂ ᠬᠠᠳᠠᠭ᠂ ᠤᠭ᠂ ᠪᠠᠷᠤᠭ᠂ ᠬᠡᠷᠡᠭ᠂ ᠲᠡᠨᠡᠭ᠂ ᠬᠥᠷᠦᠭ᠂ ᠰᠦᠷᠦᠭ ᠭᠡᠬᠦ ᠮᠡᠲᠦ᠃
ᠭᠡᠬᠦ᠎ᠳᠦ᠎ᠪᠡᠨ ᠦᠭᠡ᠎ᠶᠢᠨ ᠳᠤᠮᠳᠠ ᠣᠷᠤᠬᠤ «᠊ᠭ᠋᠊» ᠳᠦᠷᠰᠦ᠎ᠨᠢ ᠢᠮᠠᠭᠲᠠ ᠡᠭᠡᠰᠢᠭ᠎ᠦᠨ ᠡᠮᠦᠨ᠎ᠡ ᠣᠷᠤᠵᠤ᠂ «᠊ᠭ᠍᠊» ᠳᠦᠷᠰᠦ᠎ᠨᠢ ᠬᠡᠵᠢᠶᠡᠳᠡ ᠡᠭᠡᠰᠢᠭ᠎ᠦᠨ ᠳᠠᠷᠠᠭ᠎ᠠ ᠳᠡᠪᠢᠰᠭᠡᠷᠯᠡᠨ ᠬᠡᠷᠡᠭᠯᠡᠭᠳᠡᠨ᠎ᠡ᠃ ᠦᠭᠡ᠎ᠶᠢᠨ ᠳᠤᠮᠳᠠ ᠣᠷᠤᠬᠤ «᠊ᠭ᠋» ᠳᠦᠷᠰᠦ᠎ᠨᠢ «ᠠ᠂ ᠡ» ᠡᠭᠡᠰᠢᠭ᠎ᠦᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨ᠎ᠡ ᠲᠣᠬᠢᠶᠠᠯᠳᠤᠨ᠎ᠠ᠃
ᠡᠭᠦᠨ᠎ᠳᠦ «ᠭ» ᠭᠡᠢᠭᠦᠯᠦᠭᠴᠢ᠎ᠶᠢᠨ ᠦᠭᠡ᠎ᠶᠢᠨ ᠳᠤᠮᠳᠠ ᠣᠷᠤᠬᠤ «᠊ᠭ᠋᠊»᠂ «᠊ᠭ᠋» ᠳᠦᠷᠰᠦ᠎ᠨᠢ «ᠰ»᠂ «᠊ᠳ᠊» ᠬᠣᠶᠠᠷ ᠭᠡᠢᠭᠦᠯᠦᠭᠴᠢ᠎ᠶᠢᠨ ᠳᠠᠷᠠᠭ᠎ᠠ ᠣᠷᠤᠬᠤ᠎ᠳᠤ᠎ᠪᠠᠨ ᠢᠮᠠᠭᠲᠠ ᠳᠤᠰᠤᠯ᠎ᠢᠶᠠᠨ ᠣᠷᠬᠢᠳᠠᠭ᠎ᠶᠤᠮ᠃ ᠵᠢᠱ᠌ᠢᠶᠡᠯᠡᠪᠡᠯ: ᠳᠠᠰᠭᠠᠯ᠂ ᠬᠤᠪᠢᠰᠭᠠᠯ᠂ ᠳᠠᠳᠭᠠᠯ᠂ ᠤᠢᠳᠭᠠᠷ᠂ ᠬᠠᠳᠭᠤᠬᠤ᠂ ᠳᠣᠷᠣᠰᠭᠠ᠂ ᠤᠳᠭ᠎ᠠ᠂ ᠴᠢᠩᠭᠠᠳᠭᠠ᠂ ᠤᠰᠠᠳᠭᠠ ᠭᠡᠬᠦ ᠮᠡᠲᠦ᠃
«ᠬ(᠊ᠭ᠍᠊)»᠂ «ᠭ(᠊ᠭ᠍᠊)» ᠭᠡᠢᠭᠦᠯᠦᠭᠴᠢ᠎ᠶᠢᠨ ᠦᠭᠡ᠎ᠶᠢᠨ ᠳᠤᠮᠳᠠ ᠣᠷᠤᠬᠤ ᠳᠦᠷᠰᠦᠨᠤᠭᠦᠳᠨᠢ ᠦᠭᠡ᠎ᠶᠢᠨ ᠴᠢᠩᠭ᠎ᠠ ᠬᠥᠨᠳᠡᠢ᠎ᠶᠢ ᠢᠯᠭᠠᠨ ᠪᠢᠴᠢᠭᠳᠡᠳᠡᠭ ᠲᠤᠰᠭᠠᠢ ᠪᠢᠴᠢᠯᠭᠡᠲᠡᠢ ᠪᠣᠯᠪᠠᠴᠤ᠂ ᠬᠠᠷᠢᠨ « ᠬᠠᠬᠢᠷ᠂ ᠪᠣᠬᠢᠷ᠂ ᠬᠣᠵᠢᠭᠢᠷ᠂ ᠤᠭᠢᠶᠠᠬᠤ᠂ ᠤᠬᠢᠯᠠᠬᠤ᠂ ᠠᠬᠢᠮᠠᠭ᠂ ᠬᠣᠬᠢᠷᠠᠯ᠂ ᠪᠤᠷᠭᠢᠬᠤ᠂ ᠣᠷᠭᠢᠬᠤ» ᠭᠡᠬᠦ ᠮᠡᠲᠦ᠎ᠪᠡᠷ ᠴᠢᠩᠭ᠎ᠠ ᠦᠭᠡᠨ᠎ᠳᠦ ᠬᠥᠨᠳᠡᠢ ᠳᠦᠷᠰᠦ᠎ᠶᠢ ᠬᠤᠳᠭᠤᠨ ᠣᠷᠤᠭᠤᠯᠤᠭᠰᠠᠨ ᠮᠡᠲᠦ ᠦᠵᠡᠭᠳᠡᠯᠲᠡᠢ᠃ ᠡᠨᠡ᠎ᠨᠢ ᠦᠨᠡᠨ᠎ᠳᠦ᠎ᠪᠡᠨ ᠴᠢᠩᠭ᠎ᠠ ᠬᠥᠨᠳᠡᠢ᠎ᠶᠢ ᠬᠤᠳᠭᠤᠯᠳᠤᠭᠤᠯᠤᠭᠰᠠᠨ ᠬᠡᠷᠡᠭ ᠪᠢᠰᠢ᠂ ᠡᠨᠳᠡ «᠊ᠭ᠍᠊» ᠳᠦᠷᠰᠦ᠎ᠨᠢ «ᠢ» ᠡᠭᠡᠰᠢᠭ᠎ᠦᠨ ᠡᠮᠦᠨ᠎ᠡ «ᠬᠢ᠊» ᠬᠡᠯᠪᠡᠷᠢ᠎ᠪᠡᠷ ᠪᠢᠴᠢᠭᠳᠡᠳᠡᠭ᠎ᠨᠢ ᠦᠭᠡ᠎ᠶᠢᠨ ᠳᠦᠷᠰᠦ᠎ᠶᠢ ᠢᠯᠭᠠᠷᠠᠭᠤᠯᠬᠤ᠎ᠶᠢᠨ ᠲᠥᠯᠦᠭᠡ ᠪᠢᠴᠢᠭᠳᠡᠭᠰᠡᠨ ᠤᠴᠢᠷ᠎ᠲᠠᠢ ᠪᠠᠢᠭ᠎ᠠ ᠶᠤᠮ᠃
ᠠᠷᠪᠠᠨ ᠭᠤᠷᠪᠠᠳᠤᠭᠠᠷ ᠦᠰᠦᠭ ᠮ(m) ᠭᠡᠢᠭᠦᠯᠦᠭᠴᠢ
ᠦᠭᠡ᠎ᠶᠢᠨ ᠡᠬᠢᠨ᠎ᠳᠦ «ᠮ» ᠳᠦᠷᠰᠦ᠎ᠪᠡᠷ: ᠮᠠᠯᠴᠢᠨ᠂ ᠮᠠᠭᠲᠠᠭᠠᠯ᠂ ᠮᠡᠷᠭᠡᠨ᠂ ᠮᠡᠳᠡᠯᠭᠡ᠂ ᠮᠣᠳᠤ᠂ ᠮᠣᠩᠭᠤᠯ᠂ ᠮᠤᠩᠬᠠᠭ᠂ ᠮᠤᠬᠤᠷ᠂ ᠮᠥᠩᠬᠡ᠂ ᠮᠥᠯᠵᠢᠯ᠂ ᠮᠥᠳᠳᠦ᠂ ᠮᠥᠷᠦᠭᠡᠳᠬᠦ᠃
ᠦᠭᠡ᠎ᠶᠢᠨ ᠳᠤᠮᠳᠠ «᠊ᠮ᠊»᠂ «᠊ᠮ» ᠳᠦᠷᠰᠦ᠎ᠪᠡᠷ: ᠠᠮᠠ᠂ ᠠᠮᠰᠠᠬᠤ᠂ ᠡᠮᠴᠢ᠂ ᠪᠢᠮᠪᠠ᠂ ᠴᠢᠮᠬᠢᠬᠦ᠂ ᠤᠮᠪᠠᠬᠤ᠂ ᠳᠣᠮᠤᠭ᠂ ᠰᠤᠮᠤ᠂ ᠬᠤᠮᠪᠢᠬᠤ᠂ ᠪᠥᠮᠪᠦᠭᠡ᠂ ᠰᠦᠮᠪᠦᠷ᠂ ᠠᠯᠢᠮ᠎ᠠ᠂ ᠡᠮ᠎ᠡ᠂ ᠰᠢᠮ᠎ᠡ᠂ ᠵᠤᠮ᠎ᠠ᠂ ᠰᠦᠮ᠎ᠡ᠃
ᠦᠭᠡ᠎ᠶᠢᠨ ᠠᠳᠠᠭ᠎ᠲᠤ «᠊ᠮ» ᠳᠦᠷᠰᠦ᠎ᠪᠡᠷ: ᠰᠠᠮ᠂ ᠢᠮ᠂ ᠳᠣᠮ᠂ ᠵᠢᠮ᠂ ᠤᠳᠤᠮ᠂ ᠪᠥᠭᠡᠮ᠂ ᠤᠯᠠᠮ᠂ ᠬᠦᠷᠭᠦᠮ ᠭᠡᠬᠦ ᠮᠡᠲᠦ᠃
ᠡᠭᠦᠨ᠎ᠳᠦ ᠦᠭᠡ᠎ᠶᠢᠨ ᠳᠤᠮᠳᠠ ᠣᠷᠤᠬᠤ «᠊ᠮ» ᠳᠦᠷᠰᠦ᠎ᠨᠢ «ᠠ᠊»᠂ «ᠡ᠊» ᠡᠭᠡᠰᠢᠭ᠎ᠦᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨ᠎ᠡ ᠲᠣᠬᠢᠶᠠᠯᠳᠤᠨ᠎ᠠ᠃
ᠠᠷᠪᠠᠨ ᠳᠥᠷᠪᠡᠳᠦᠭᠡᠷ ᠦᠰᠦᠭ ᠯ(l) ᠭᠡᠢᠭᠦᠯᠦᠭᠴᠢ
ᠦᠭᠡ᠎ᠶᠢᠨ ᠡᠬᠢᠨ᠎ᠳᠦ «ᠯ᠊» ᠳᠦᠷᠰᠦ᠎ᠪᠡᠷ: ᠯᠠᠮᠠ᠂ ᠯᠠᠷᠵᠢᠶ᠎ᠠ᠂ ᠯᠡᠪᠡᠷᠡᠬᠦ᠂ ᠯᠧᠨᠢᠨ᠂ ᠯᠢᠮᠪᠦ᠂ ᠯᠢᠲᠡᠷ᠂ ᠯᠣᠩᠬᠤ᠂ ᠯᠤᠲᠤ᠂ ᠯᠤᠤ᠂ ᠯᠤᠤᠪᠠᠩ᠂ ᠯᠦᠪᠬᠢᠮ᠎ᠡ᠂ ᠯᠦᠭᠯᠦᠢᠬᠦ᠃
ᠦᠭᠡ᠎ᠶᠢᠨ ᠳᠤᠮᠳᠠ «᠊ᠯ᠊»᠂ «᠊ᠯ» ᠳᠦᠷᠰᠦ᠎ᠪᠡᠷ: ᠠᠯᠠᠬᠤ᠂ ᠰᠠᠯᠬᠤ᠂ ᠪᠡᠯᠭᠡ᠂ ᠳᠡᠯᠪᠡᠷᠡᠬᠦ᠂ ᠰᠢᠯᠢᠬᠦ᠂ ᠰᠢᠯᠵᠢᠬᠦ᠂ ᠣᠯᠤᠭᠠᠢ᠂ ᠪᠣᠯᠬᠤ᠂ ᠣᠯᠠᠯᠵᠠᠬᠤ᠂ ᠰᠤᠯᠠᠯᠠᠬᠤ᠂ ᠰᠦᠯᠪᠡᠭᠡ᠂ ᠲᠥᠯᠦᠭᠡ᠂ ᠪᠦᠯᠦᠭ᠂ ᠴᠦᠯᠡᠬᠦ᠂ ᠠᠪᠤᠯ᠎ᠠ᠂ ᠲᠠᠨᠢᠯ᠎ᠠ᠂ ᠵᠡᠯ᠎ᠡ᠂ ᠭᠦᠶᠦᠯ᠎ᠡ᠂ ᠬᠦᠷᠦᠯ᠎ᠡ᠃
ᠦᠭᠡ᠎ᠶᠢᠨ ᠠᠳᠠᠭ᠎ᠲᠤ «᠊ᠯ» ᠳᠦᠷᠰᠦ᠎ᠪᠡᠷ: ᠡᠨᠳᠡᠯ᠂ ᠡᠭᠡᠯ᠂ ᠰᠢᠯ᠂ ᠢᠲᠡᠭᠡᠯ᠂ ᠪᠦᠯᠦᠭᠯᠡᠯ᠂ ᠲᠥᠯ ᠭᠡᠬᠦ ᠮᠡᠲᠦ᠃
ᠡᠭᠦᠨ᠎ᠳᠦ ᠦᠭᠡ᠎ᠶᠢᠨ ᠳᠤᠮᠳᠠ ᠣᠷᠤᠬᠤ «᠊ᠯ» ᠳᠦᠷᠰᠦ᠎ᠨᠢ «ᠠ᠊»᠂ «ᠡ᠊»᠎ᠶᠢᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨᠡᠯᠡ ᠲᠣᠬᠢᠶᠠᠯᠳᠤᠨ᠎ᠠ᠃
ᠠᠷᠪᠠᠨ ᠲᠠᠪᠤᠳᠤᠭᠠᠷ ᠦᠰᠦᠭ ᠰ(s) ᠭᠡᠢᠭᠦᠯᠦᠭᠴᠢ
ᠦᠭᠡ᠎ᠶᠢᠨ ᠡᠬᠢᠨ᠎ᠳᠦ «ᠰ» ᠳᠦᠷᠰᠦ᠎ᠪᠡᠷ: ᠰᠠᠨᠠᠭ᠎ᠠ᠂ ᠰᠠᠬᠠᠯ᠂ ᠰᠡᠳᠭᠢᠯ᠂ ᠰᠡᠷᠢᠭᠦᠨ᠂ ᠰᠣᠨᠤᠷ᠂ ᠰᠣᠬᠤᠷ᠂ ᠰᠤᠯᠠ᠂ ᠰᠤᠮᠤ᠂ ᠰᠥᠨᠦᠬᠦ᠂ ᠰᠦᠮᠪᠦᠷ᠂ ᠰᠦᠬᠡ᠂ ᠰᠦᠯᠳᠡ᠃
ᠦᠭᠡ᠎ᠶᠢᠨ ᠳᠤᠮᠳᠠ «᠊ᠰ᠊» ᠳᠦᠷᠰᠦ᠎ᠪᠡᠷ: ᠠᠰᠠᠬᠤ᠂ ᠪᠣᠰᠬᠤ᠂ ᠡᠯᠰᠡᠬᠦ᠂ ᠲᠡᠰᠬᠦ᠂ ᠵᠤᠰᠠᠯᠠᠩ᠂ ᠠᠯᠤᠰᠯᠠᠬᠤ᠂ ᠥᠯᠦᠰᠬᠦ᠂ ᠪᠦᠰᠡᠯᠡᠬᠦ᠂ ᠰᠥᠰᠦ᠃
ᠦᠭᠡ᠎ᠶᠢᠨ ᠠᠳᠠᠭ᠎ᠲᠤ «᠊ᠰ» ᠳᠦᠷᠰᠦ᠎ᠪᠡᠷ: ᠠᠭᠤᠯᠠᠰ᠂ ᠡᠷᠡᠰ᠂ ᠭᠦᠯᠢᠰ᠂ ᠤᠯᠤᠰ᠂ ᠣᠷᠤᠰ᠂ ᠨᠢᠰ᠂ ᠭᠤᠳᠤᠰ᠂ ᠥᠯᠥᠰ᠂ ᠪᠦᠰ ᠭᠡᠬᠦ ᠮᠡᠲᠦ᠃
«ᠰ» ᠭᠡᠢᠭᠦᠯᠦᠭᠴᠢ ᠲᠥᠷᠦᠯᠬᠢ ᠬᠡᠯᠡᠨ᠎ᠦ ᠦᠭᠡᠨ᠎ᠳᠦ «ᠢ» ᠡᠭᠡᠰᠢᠭ᠎ᠦᠨ ᠡᠮᠦᠨ᠎ᠡ ᠲᠣᠬᠢᠶᠠᠯᠳᠤᠳᠠᠭ᠎ᠦᠭᠡᠢ᠃
ᠠᠷᠪᠠᠨ ᠵᠢᠷᠭᠤᠳᠤᠭᠠᠷ ᠦᠰᠦᠭ ᠱ(š) ᠭᠡᠢᠭᠦᠯᠦᠭᠴᠢ
ᠦᠭᠡ᠎ᠶᠢᠨ ᠡᠬᠢᠨ᠎ᠳᠦ «ᠱ᠊» ᠳᠦᠷᠰᠦ᠎ᠪᠡᠷ: ᠱᠠᠭ᠎ᠠ᠂ ᠱᠠᠯᠠᠮᠠᠭᠠᠢ᠂ ᠱᠣᠰᠢᠭ᠎ᠠ᠂ ᠱᠣᠷᠤ᠂ ᠱᠣᠩᠬᠤᠷ᠂ ᠱᠤᠭᠤᠮ᠂ ᠱᠦᠭᠦᠬᠦ᠂ ᠱᠥᠯᠦ᠃
ᠦᠭᠡ᠎ᠶᠢᠨ ᠳᠤᠮᠳᠠ «᠊ᠱ᠊» ᠳᠦᠷᠰᠦ᠎ᠪᠡᠷ: ᠲᠤᠱᠠ᠂ ᠪᠣᠱᠣᠭ᠂ ᠱᠠᠭᠱᠤᠤᠷᠭ᠎ᠠ᠃ ᠦᠭᠡ᠎ᠶᠢᠨ ᠠᠳᠠᠭ᠎ᠲᠤ «᠊ᠱ» ᠳᠦᠷᠰᠦ᠎ᠪᠡᠷ: ᠲᠤᠤᠱ᠂ ᠪᠦᠷᠱ᠂ ᠲᠠᠱ ᠲᠠᠱ ᠭᠡᠬᠦ ᠮᠡᠲᠦ᠃
«ᠱ» ᠭᠡᠢᠭᠦᠯᠦᠭᠴᠢ «ᠢ» ᠡᠭᠡᠰᠢᠭ᠎ᠦᠨ ᠡᠮᠦᠨ᠎ᠡ ᠳᠤᠰᠤᠯ᠎ᠢᠶᠠᠨ ᠣᠷᠬᠢᠵᠤ ᠪᠢᠴᠢᠭᠳᠡᠬᠦ ᠵᠤᠷᠰᠢᠯ᠎ᠲᠠᠢ ᠪᠣᠯᠪᠠᠴᠤ᠂ ᠶᠠᠷᠢᠶᠠᠨ᠎ᠤ ᠬᠡᠯᠡᠨ᠎ᠳᠦ ᠮᠥᠨ «ᠱ»᠎ᠢᠶᠡᠷ ᠳᠠᠭᠤᠳᠠᠭᠳᠠᠨ᠎ᠠ᠃ ᠵᠢᠱ᠌ᠢᠶᠡᠯᠡᠪᠡᠯ: ᠰᠢᠨ᠎ᠡ᠂ ᠰᠢᠰᠢ᠂ ᠰᠢᠮ᠎ᠡ᠂ ᠰᠢᠯ᠂ ᠰᠢᠯᠢᠳᠡᠭ᠂ ᠡᠰᠢ᠂ ᠬᠤᠰᠢᠭ᠎ᠠ᠂ ᠲᠣᠭᠰᠢᠨ᠂ ᠣᠮᠤᠭᠰᠢᠯ᠂ ᠪᠤᠰᠢᠭᠤ ᠭᠡᠬᠦ ᠮᠡᠲᠦ᠃
ᠡᠭᠦᠨ᠎ᠳᠦ «ᠵᠢᠱ᠌ᠢᠶ᠎ᠡ» ᠭᠡᠬᠦ ᠦᠭᠡ᠎ᠶᠢ «ᠵᠢᠰᠢᠶ᠎ᠡ»(ᠡᠭᠡᠯᠵᠢ ᠵᠢᠰᠢᠶ᠎ᠡ᠎ᠶᠢᠨ) ᠭᠡᠳᠡᠭ ᠦᠭᠡ᠎ᠡᠴᠡ ᠳᠦᠷᠰᠦ᠂ ᠳᠠᠭᠤᠳᠠᠯᠭ᠎ᠠ ᠢᠯᠭᠠᠬᠤ᠎ᠶᠢᠨ ᠲᠤᠯᠠᠳᠠ «ᠱ» ᠭᠡᠢᠭᠦᠯᠦᠭᠴᠢ᠎ᠶᠢᠨ ᠳᠤᠰᠤᠯ᠎ᠢ᠎ᠨᠢ ᠰᠡᠷᠭᠦᠭᠡᠵᠦ ᠪᠢᠴᠢᠳᠡᠭᠪᠠ «ᠱ᠌ᠢᠷᠦ ᠰᠤᠪᠤᠳ»᠎ᠤᠨ «ᠱ᠌ᠢᠷᠦ»᠎ᠶᠢ ᠲᠡᠦᠬᠡᠨ ᠤᠯᠠᠮᠵᠢᠯᠠᠯ᠎ᠤᠨ ᠵᠠᠷᠴᠢᠮ᠎ᠢ ᠪᠠᠷᠢᠮᠲᠠᠯᠠᠨ ᠮᠥᠨ ᠳᠤᠰᠤᠯ᠎ᠲᠠᠢ ᠪᠢᠴᠢᠳᠡᠭ ᠵᠠᠩᠰᠢᠯᠲᠠᠢᠶᠤᠮ᠃
ᠠᠷᠪᠠᠨ ᠳᠣᠯᠤᠳᠤᠭᠠᠷ ᠦᠰᠦᠭ ᠲ(t) ᠭᠡᠢᠭᠦᠯᠦᠭᠴᠢ
ᠦᠭᠡ᠎ᠶᠢᠨ ᠡᠬᠢᠨ᠎ᠳᠦ «ᠲ» ᠳᠦᠷᠰᠦ᠎ᠪᠡᠷ: ᠲᠠᠯ᠎ᠠ᠂ ᠲᠠᠪᠤ᠂ ᠲᠡᠷᠡ᠂ ᠲᠡᠭᠰᠢ᠂ ᠲᠣᠮᠤ᠂ ᠲᠣᠭ᠎ᠠ᠂ ᠲᠤᠵᠢ᠂ ᠲᠤᠯᠤᠮ᠂ ᠲᠦᠮᠡ᠂ ᠲᠥᠷᠦᠯ᠂ ᠲᠦᠰᠢ᠂ ᠲᠦᠯᠡᠭᠡ᠃
ᠦᠭᠡ᠎ᠶᠢᠨ ᠳᠤᠮᠳᠠ ᠲᠥᠷᠦᠯᠬᠢ ᠬᠡᠯᠡ᠎ᠶᠢᠨ ᠦᠭᠡᠨ᠎ᠳᠦ «᠊ᠲ᠊»᠂ ᠬᠠᠷᠢ ᠭᠠᠷᠤᠯ᠎ᠲᠠᠢ ᠦᠭᠡᠨ᠎ᠳᠦ «᠊ᠲ᠋᠊» ᠳᠦᠷᠰᠦ᠎ᠪᠡᠷ: ᠠᠯᠲᠠ(ᠠᠯᠲᠠ ᠮᠥᠩᠬᠡ᠎ᠶᠢᠨ)᠂ ᠬᠠᠮᠲᠤ᠂ ᠣᠯᠤᠯᠲᠠ᠂ ᠬᠠᠲᠠᠭᠤ᠂ ᠮᠥᠨᠲᠦᠭᠡᠷ᠂ ᠪᠦᠯᠲᠡᠭᠡᠷ᠂ ᠯᠠᠲ᠋ᠢᠨ᠂ ᠢᠨᠲᠧᠷᠨᠠᠼᠢᠦᠨᠠᠯ᠂ ᠰᠲ᠋ᠠᠯᠢᠨ᠂ ᠲᠠᠲ᠋ᠠᠷ ᠭᠡᠬᠦ ᠮᠡᠲᠦ᠃
«ᠲ» ᠭᠡᠢᠭᠦᠯᠦᠭᠴᠢ ᠲᠥᠷᠦᠯᠬᠢ ᠬᠡᠯᠡᠨ᠎ᠦ ᠦᠭᠡ᠎ᠶᠢᠨ ᠡᠴᠦᠰ᠎ᠲᠦ ᠲᠣᠬᠢᠶᠠᠯᠳᠤᠬᠤ ᠦᠭᠡᠢ᠂ ᠬᠠᠷᠢᠨ ᠬᠠᠷᠢ ᠭᠠᠷᠤᠯ᠎ᠲᠠᠢ ᠦᠭᠡ᠎ᠶᠢᠨ ᠡᠴᠦᠰ᠎ᠲᠦ «᠊ᠲ» ᠳᠦᠷᠰᠦ᠎ᠪᠡᠷ ᠪᠢᠴᠢᠭᠳᠡᠬᠦ᠎ᠨᠢ ᠪᠣᠢ᠃ ᠵᠢᠱ᠌ᠢᠶᠡᠯᠡᠪᠡᠯ: ᠨᠣᠲ᠂ ᠹᠠᠰᠢᠰᠲ᠂ ᠹᠷᠣᠨ᠋ᠲ᠂ ᠮᠢᠨ᠋ᠦ᠋ᠲ᠂ ᠠᠲᠠᠯᠠᠨᠲ ᠭᠡᠬᠦ ᠮᠡᠲᠦ᠃
«ᠲ» ᠭᠡᠢᠭᠦᠯᠦᠭᠴᠢ᠎ᠨᠢ «ᠢ» ᠡᠭᠡᠰᠢᠭ᠎ᠦᠨ ᠡᠮᠦᠨ᠎ᠡ ᠲᠥᠷᠦᠯᠬᠢ ᠬᠡᠯᠡᠨ᠎ᠦ ᠦᠭᠡᠨ᠎ᠳᠦ ᠪᠠᠷᠤᠭ ᠲᠣᠬᠢᠶᠠᠯᠳᠤᠬᠤ᠎ᠦᠭᠡᠢ᠂ ᠭᠡᠪᠡᠴᠦ ᠵᠠᠷᠢᠮ ᠵᠢᠭᠡᠯᠡᠭᠡ ᠦᠭᠡᠨ᠎ᠡ ᠬᠠᠶᠠ ᠲᠣᠬᠢᠶᠠᠯᠳᠤᠨ᠎ᠠ᠃ ᠵᠢᠱ᠌ᠢᠶᠡᠯᠡᠪᠡᠯ: ᠲᠢᠲᠢᠮ᠂ ᠲᠢᠩᠬᠢᠮ᠂ ᠲᠢᠪ ᠭᠡᠬᠦ ᠮᠡᠲᠦ᠃
ᠠᠷᠪᠠᠨ ᠨᠠᠢ᠍ᠮᠠᠳᠤᠭᠠᠷ ᠦᠰᠦᠭ ᠳ(d) ᠭᠡᠢᠭᠦᠯᠦᠭᠴᠢ
ᠦᠭᠡ᠎ᠶᠢᠨ ᠡᠬᠢᠨ᠎ᠳᠦ «ᠳ᠊» ᠳᠦᠷᠰᠦ᠎ᠪᠡᠷ: ᠳᠠᠯᠠᠢ᠂ ᠳᠠᠪᠬᠤᠷ᠂ ᠳᠡᠭᠡᠷ᠎ᠡ᠂ ᠳᠡᠪᠢᠬᠦᠷ᠂ ᠳᠣᠣᠷ᠎ᠠ ᠳᠣᠷᠵᠢ᠂ ᠳᠥᠭᠦᠮ᠂ ᠳᠥᠷᠦᠭᠡ᠂ ᠳᠥᠯᠦ᠃
ᠦᠭᠡ᠎ᠶᠢᠨ ᠳᠤᠮᠳᠠ ᠡᠭᠡᠰᠢᠭ᠎ᠦᠨ ᠡᠮᠦᠨ᠎ᠡ «ᠳ»᠂ ᠡᠭᠡᠰᠢᠭ᠎ᠦᠨ ᠳᠠᠷᠠᠭ᠎ᠠ ᠳᠡᠪᠢᠰᠭᠡᠷᠯᠡᠨ ᠣᠷᠤᠬᠤ ᠳᠦᠷᠰᠦ᠎ᠶᠢ᠎ᠨᠢ «᠊ᠳ᠊»᠎ᠢᠶᠡᠷ: ᠠᠳᠤᠭᠤ᠂ ᠴᠢᠳᠠᠬᠤ᠂ ᠰᠡᠳᠦᠪ᠂ ᠡᠳᠡᠭᠡᠷ᠂ ᠢᠳᠡᠬᠦ᠂ ᠨᠢᠳᠭᠡᠯ᠂ ᠰᠡᠳᠭᠢᠯ᠂ ᠴᠠᠳᠬᠤ᠂ ᠣᠳᠬᠤ᠂ ᠰᠥᠭᠦᠳᠬᠦ᠂ ᠲᠦᠢᠳᠭᠡᠷ᠃
ᠦᠭᠡ᠎ᠶᠢᠨ ᠠᠳᠠᠭ᠎ᠲᠤ «᠊ᠳ» ᠳᠦᠷᠰᠦ᠎ᠪᠡᠷ: ᠠᠷᠠᠳ᠂ ᠱᠠᠳ᠂ ᠡᠲᠡᠭᠡᠳ᠂ ᠦᠵᠡᠭᠡᠳ᠂ ᠬᠣᠯᠠᠳ᠂ ᠰᠤᠯᠠᠳ᠂ ᠪᠠᠷᠴᠢᠳ᠂ ᠵᠥᠷᠢᠭᠦᠳ ᠭᠡᠬᠦ ᠮᠡᠲᠦ᠃
«ᠲ(t)»ᠭᠡᠢᠭᠦᠯᠦᠭᠴᠢ᠎ᠡᠴᠡ ᠳᠦᠷᠰᠦ᠂ ᠳᠠᠭᠤᠳᠠᠯᠭᠠᠶᠢᠨᠢ ᠢᠯᠭᠠᠬᠤ᠎ᠶᠢᠨ ᠲᠤᠯᠠᠳᠠ ᠪᠠᠰᠠ «ᠳ᠊(d)» ᠭᠡᠢᠭᠦᠯᠦᠭᠴᠢ᠎ᠶᠢ ᠦᠭᠡ᠎ᠶᠢᠨ ᠡᠬᠢᠨ᠎ᠳᠦ «ᠳ» ᠳᠦᠷᠰᠦ᠎ᠪᠡᠷ: ᠳ᠋ᠠᠮ(ᠳ᠋ᠠᠮ ᠢᠯᠳᠦ᠎ᠶᠢᠨ)᠂ ᠳ᠋ᠠᠰᠢ᠂ ᠳ᠋ᠦᠩ ᠭᠡᠬᠦ ᠮᠡᠲᠦ᠎ᠪᠡᠷ ᠴᠥᠬᠡᠪᠲᠦᠷ ᠦᠭᠡᠨ᠎ᠳᠦ ᠪᠢᠴᠢᠳᠡᠭᠶᠦᠮ᠃
ᠦᠭᠡ᠎ᠶᠢᠨ ᠠᠳᠠᠭ᠎ᠲᠤ ᠪᠠᠰᠠ «᠊ᠳ᠋» ᠳᠦᠷᠰᠦ᠎ᠪᠡᠷ: ᠡᠳ᠋᠂ ᠳᠡᠳ᠋ ᠭᠡᠬᠦ ᠮᠡᠲᠦ᠎ᠪᠡᠷ ᠪᠢᠴᠢᠬᠦ᠎ᠨᠢ ᠪᠣᠢ᠃ ᠡᠨᠡ᠎ᠨᠢ ᠤᠤᠯ ᠦᠭᠡ᠎ᠶᠢ «ᠡᠳ᠋»᠂ «ᠳᠡᠳ᠋»(ᠳᠠᠰᠴᠤ ᠳᠠᠳᠬᠤ᠎ᠶᠢᠨ) ᠭᠡᠬᠦ ᠦᠭᠡᠨ᠎ᠡᠴᠡ ᠲᠤᠰ ᠲᠤᠰ ᠳᠦᠷᠰᠦ᠂ ᠳᠠᠭᠤᠳᠠᠯᠭ᠎ᠠ ᠢᠯᠭᠠᠬᠤ ᠵᠣᠷᠢᠯᠭ᠎ᠠ᠎ᠠᠴᠠ ᠪᠣᠯᠤᠭᠰᠠᠨ ᠪᠠᠢᠵᠠᠢ᠃
ᠠᠷᠪᠠᠨ ᠶᠢᠰᠦᠳᠦᠭᠡᠷ ᠦᠰᠦᠭ ᠴ(č) ᠭᠡᠢᠭᠦᠯᠦᠭᠴᠢ
ᠦᠭᠡ᠎ᠶᠢᠨ ᠡᠬᠢᠨ᠎ᠳᠦ «ᠴ᠊» ᠳᠦᠷᠰᠦ᠎ᠪᠡᠷ: ᠴᠠᠭᠠᠨ᠂ ᠴᠠᠭᠠᠵᠠ᠂ ᠴᠡᠪᠡᠷ᠂ ᠴᠡᠭᠡᠨ᠂ ᠴᠢᠳᠠᠯ᠂ ᠴᠢᠰᠤ᠂ ᠴᠣᠮᠣ᠂ ᠴᠣᠪᠣᠭᠤ᠂ ᠴᠣᠯᠠ᠂ ᠴᠣᠬᠤᠮ᠂ ᠴᠥᠭᠡᠨ᠂ ᠴᠥᠮ᠂ ᠴᠦᠯᠡᠬᠦ᠂ ᠴᠦᠯᠲᠦ᠃
ᠦᠭᠡ᠎ᠶᠢᠨ ᠳᠤᠮᠳᠠ «᠊ᠴ᠊» ᠳᠦᠷᠰᠦ᠎ᠪᠡᠷ: ᠨᠢᠴᠠ᠂ ᠪᠤᠴᠠᠬᠤ᠂ ᠰᠡᠴᠡᠨ᠂ ᠡᠴᠡᠬᠦ᠂ ᠰᠣᠴᠢᠬᠤ᠂ ᠣᠴᠢᠬᠤ᠂ ᠥᠴᠢᠭ᠂ ᠵᠦᠴᠦᠭᠡ᠂ ᠰᠦᠷᠴᠢᠬᠦ᠂ ᠴᠢᠴᠢᠬᠦ᠂ ᠬᠦᠴᠦᠨ᠂ ᠠᠴᠢ ᠭᠡᠬᠦ ᠮᠡᠲᠦ᠃
«ᠴ» ᠭᠡᠢᠭᠦᠯᠦᠭᠴᠢ ᠲᠥᠷᠦᠯᠬᠢ ᠬᠡᠯᠡᠨ᠎ᠦ ᠦᠭᠡ᠎ᠶᠢᠨ ᠠᠳᠠᠭ᠎ᠲᠤ ᠣᠷᠤᠳᠠᠭ᠎ᠦᠭᠡᠢ᠃
ᠬᠣᠷᠢᠳᠤᠭᠠᠷ ᠦᠰᠦᠭ ᠵ(ǰ) ᠭᠡᠢᠭᠦᠯᠦᠭᠴᠢ
ᠦᠭᠡ᠎ᠶᠢᠨ ᠡᠬᠢᠨ᠎ᠳᠦ «ᠵ᠊» ᠳᠦᠷᠰᠦ᠎ᠪᠡᠷ: ᠵᠠᠯᠠᠭᠤ᠂ ᠵᠠᠪᠠᠯ᠂ ᠵᠡᠯ᠎ᠡ᠂ ᠵᠡᠭᠡᠰᠦ᠂ ᠵᠢᠯ᠂ ᠵᠢᠩᠬᠢᠨᠢ᠂ ᠵᠣᠯ᠂ ᠵᠣᠪᠠᠬᠤ᠂ ᠵᠤᠯᠠ᠂ ᠵᠤᠵᠠᠭᠠᠨ᠂ ᠵᠥᠭᠡᠯᠡᠨ᠂ ᠵᠥᠪ᠂ ᠵᠦᠭᠡᠷ᠂ ᠵᠦᠯᠭᠦᠬᠦ᠃
ᠦᠭᠡ᠎ᠶᠢᠨ ᠳᠤᠮᠳᠠ «᠊ᠵ᠊» ᠳᠦᠷᠰᠦ᠎ᠪᠡᠷ: ᠬᠠᠵᠠᠭᠤ᠂ ᠠᠵᠠ᠂ ᠵᠤᠯᠵᠠᠭ᠎ᠠ᠂ ᠵᠤᠵᠠᠭᠠᠨ᠂ ᠬᠦᠵᠦᠭᠦᠦ᠂ ᠰᠡᠵᠢᠭ᠂ ᠡᠮᠵᠡᠭ᠂ ᠪᠣᠯᠵᠤᠬᠤ᠂ ᠦᠯᠡᠮᠵᠢ᠃
ᠳᠤᠮᠳᠠ ᠦᠶ᠎ᠡ᠎ᠶᠢᠨ ᠪᠢᠴᠢᠭ᠎ᠦᠨ ᠬᠡᠯᠡᠨ᠎ᠳᠦ ᠵᠠᠷᠢᠮ ᠴᠥᠭᠡᠪᠲᠦᠷ ᠦᠭᠡᠨ᠎ᠳᠦ ᠪᠠᠰᠠ «ᠠ᠊»᠂ «ᠡ᠊» ᠡᠭᠡᠰᠢᠭ᠎ᠦᠨ ᠦᠭᠡ᠎ᠶᠢᠨ ᠡᠴᠦᠰ᠎ᠲᠦ ᠣᠷᠤᠳᠠᠭ ᠳᠦᠷᠰᠦ ᠴᠠᠴᠤᠯᠭ᠎ᠠ «ᠡ᠋»᠎ᠶᠢᠨ ᠡᠮᠦᠨ᠎ᠡ ᠦᠭᠡ᠎ᠶᠢᠨ ᠳᠤᠮᠳᠠ «᠊᠎ᠢ» ᠳᠦᠷᠰᠦ᠎ᠪᠡᠷ: ᠪᠣᠢ ᠊ᠶ᠎ᠠ᠂ ᠠᠮᠣᠢ ᠊ᠶ᠎ᠠ᠂ ᠪᠠᠢᠮᠤᠢ ᠊ᠶ᠎ᠠ᠂ ᠢᠷᠡᠮᠣᠢ ᠊ᠶ᠎ᠠ᠂ ᠦᠵᠡᠮᠣᠢ ᠊ᠶ᠎ᠠ ᠭᠡᠬᠦ ᠮᠡᠲᠥ᠎ᠪᠡᠷ ᠪᠢᠴᠢᠭ᠍ᠳᠡᠵᠦ ᠢᠷᠡᠵᠡᠢ᠃ ᠡᠭᠦᠨ᠎ᠢ ᠶᠠᠷᠢᠶᠠᠨ᠎ᠳᠤ ᠮᠥᠨ «ᠵ(ǰ)»᠎ᠢᠶᠡᠷ ᠣᠩᠰᠢᠬᠣ᠎ᠨᠢ ᠵᠥᠪ᠂ ᠬᠠᠷᠢᠨ «ᠢ᠊(i)» ᠪᠤᠶᠤ «ᠶ᠊(y)»᠎ᠢᠶᠡᠷ ᠤᠩᠰᠢᠪᠠᠯ ᠲᠠᠰᠢᠶᠠᠷᠠᠬᠤ ᠪᠣᠯᠤᠨ᠎ᠠ᠃
ᠬᠣᠷᠢᠨ ᠨᠢᠭᠡᠳᠦᠭᠡᠷ ᠦᠰᠦᠭ ᠶ(y) ᠭᠡᠢᠭᠦᠯᠦᠭᠴᠢ
ᠦᠭᠡ᠎ᠶᠢᠨ ᠡᠬᠢᠨ᠎ᠳᠦ «ᠶ» ᠳᠦᠷᠰᠦ᠎ᠪᠡᠷ: ᠶᠠᠮᠠᠷ᠂ ᠶᠠᠪᠤᠳᠠᠯ᠂ ᠶᠡᠬᠡ᠂ ᠶᠡᠷᠦᠩᠬᠡᠢ᠂ ᠶᠢᠰᠦ᠂ ᠶᠣᠰᠤ᠂ ᠶᠣᠯᠤ᠂ ᠶᠤᠭᠤᠬᠤ᠂ ᠶᠦᠮᠦᠷ᠂ ᠶᠦᠩᠳᠠᠩ᠃
ᠦᠭᠡ᠎ᠶᠢᠨ ᠳᠤᠮᠳᠠ «᠊ᠶ᠊» ᠳᠦᠷᠰᠦ᠎ᠪᠡᠷ: ᠠᠶᠠᠯᠭᠤ᠂ ᠪᠠᠶᠠᠨ᠂ ᠪᠡᠶᠡᠯᠡᠬᠦ᠂ ᠡᠶᠡᠲᠦᠬᠦ᠂ ᠰᠠᠶᠢ᠂ ᠠᠶᠤᠯ᠂ ᠭᠦᠶᠦᠳᠡᠯ᠂ ᠰᠥᠶᠥᠭᠡ᠂ ᠥᠭᠶᠦᠭᠡ ᠭᠡᠬᠦ ᠮᠡᠲᠦ᠃
ᠡᠭᠦᠨ᠎ᠳᠦ «ᠶ» ᠭᠡᠢᠭᠦᠯᠦᠭᠴᠢ᠎ᠨᠢ «ᠠ᠊»᠂ «ᠡ᠊» ᠡᠭᠡᠰᠢᠭ᠎ᠦᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨ᠎ᠡ «᠊᠎ᠢ» ᠳᠦᠷᠰᠦ᠎ᠪᠡᠷ ᠪᠢᠴᠢᠭᠳᠡᠳᠡᠭ᠃ ᠵᠢᠱ᠌ᠢᠶᠡᠯᠡᠪᠡᠯ: ᠣᠴᠢᠶ᠎ᠠ᠂ ᠶᠠᠪᠤᠶ᠎ᠠ᠂ ᠢᠷᠡᠶ᠎ᠡ ᠦᠵᠡᠶ᠎ᠡ᠂ ᠬᠦᠷᠦᠶ᠎ᠡ᠂ ᠭᠦᠶᠦᠶ᠎ᠡ ᠭᠡᠬᠦ ᠮᠡᠲᠦ᠃
«ᠶ» ᠭᠡᠢᠭᠦᠯᠦᠭᠴᠢ ᠲᠥᠷᠦᠯᠬᠢ ᠬᠡᠯᠡᠨ᠎ᠦ ᠦᠭᠡ᠎ᠶᠢᠨ ᠠᠳᠠᠭ᠎ᠲᠤ ᠣᠷᠤᠳᠠᠭ᠎ᠦᠭᠡᠢ᠃
ᠬᠣᠷᠢᠨ ᠬᠣᠶᠠᠳᠤᠭᠠᠷ ᠦᠰᠦᠭ ᠷ(r) ᠭᠡᠢᠭᠦᠯᠦᠭᠴᠢ
ᠦᠭᠡ᠎ᠶᠢᠨ ᠡᠬᠢᠨ᠎ᠳᠦ «ᠷ» ᠳᠦᠷᠰᠦ᠎ᠪᠡᠷ: ᠷᠠᠰᠢ᠂ ᠷᠠᠳᠨ᠎ᠠ᠂ ᠷᠠᠰᠢᠶᠠᠨ᠂ ᠷᠢᠯᠤ᠂ ᠷᠤᠮᠠᠨ᠃
ᠦᠭᠡ᠎ᠶᠢᠨ ᠳᠤᠮᠳᠠ «ᠷ» ᠳᠦᠷᠰᠦ᠎ᠪᠡᠷ: ᠰᠠᠷᠠᠭᠤᠯ᠂ ᠠᠷᠠᠳ᠂ ᠲᠡᠷᠭᠡ᠂ ᠡᠷᠡᠭᠦᠯ᠂ ᠠᠷᠢᠭᠤᠨ᠂ ᠪᠠᠷᠢᠭᠤᠯ᠂ ᠰᠣᠷᠣᠬᠣ᠂ ᠭᠣᠷᠤᠬ᠎ᠠ᠂ ᠭᠤᠷᠪᠠ᠂ ᠬᠦᠷᠬᠦ᠂ ᠥᠷᠦᠮ᠎ᠡ ᠭᠡᠬᠦ ᠮᠡᠲᠦ᠃
«ᠠ᠊»᠂ «ᠡ᠊» ᠡᠭᠡᠰᠢᠭ᠎ᠦᠨ ᠦᠭᠡ᠎ᠶᠢᠨ ᠡᠴᠦᠰ᠎ᠲᠦ ᠣᠷᠤᠬᠤ ᠳᠦᠷᠰᠦ ᠴᠠᠴᠤᠯᠭ᠎ᠠ «ᠡ᠋»᠎ᠶᠢᠨ ᠡᠮᠦᠨ᠎ᠡ «᠊ᠷ» ᠳᠦᠷᠰᠦ᠎ᠪᠡᠷ: ᠬᠠᠷ᠎ᠠ᠂ ᠰᠠᠷ᠎ᠠ᠂ ᠭᠡᠷ᠎ᠡ᠂ ᠳᠡᠷᠡ᠂ ᠪᠢᠷ᠎ᠠ᠂ ᠬᠢᠷ᠎ᠠ᠂ ᠭᠦᠷᠦᠷᠡ᠃
ᠦᠭᠡ᠎ᠶᠢᠨ ᠠᠳᠠᠭ᠎ᠲᠤ «᠊ᠷ» ᠳᠦᠷᠰᠦ᠎ᠪᠡᠷ: ᠰᠠᠷ᠂ ᠭᠠᠷ᠂ ᠭᠡᠷ᠂ ᠬᠡᠭᠡᠷ᠂ ᠪᠢᠷ᠂ ᠢᠷ᠂ ᠰᠤᠷ᠂ ᠰᠦᠷ᠂ ᠨᠥᠬᠦᠷ᠂ ᠦᠬᠡᠷ ᠭᠡᠬᠦ ᠮᠡᠲᠦ᠃
ᠬᠣᠷᠢᠨ ᠭᠤᠷᠪᠠᠳᠤᠭᠠᠷ ᠦᠰᠦᠭ ᠸ(w) ᠭᠡᠢᠭᠦᠯᠦᠭᠴᠢ
ᠦᠭᠡ᠎ᠶᠢᠨ ᠡᠬᠢᠨ᠎ᠳᠦ «ᠸ᠊» ᠳᠦᠷᠰᠦ᠎ᠪᠡᠷ: ᠸᠠᠭᠠᠷ᠂ ᠸᠠᠳᠠᠩ᠂ ᠸᠠᠯᠠᠬᠤ᠂ ᠸᠠᠩᠴᠢᠨ᠂ ᠸᠠᠩᠵᠢᠯ᠂ ᠸᠠᠰᠢᠩᠲ᠋ᠣᠨ᠂ ᠸᠠᠰᠢᠳᠠ᠃
ᠦᠭᠡ᠎ᠶᠢᠨ ᠳᠤᠮᠳᠠ «᠊ᠸ᠊» ᠳᠦᠷᠰᠦ᠎ᠪᠡᠷ: ᠳᠠᠸᠠ᠂ ᠲᠠᠸᠠᠷ᠂ ᠭᠢᠸᠠᠩ᠃
ᠦᠭᠡ᠎ᠶᠢᠨ ᠠᠳᠠᠭ᠎ᠲᠤ «᠊ᠸ» ᠳᠦᠷᠰᠦ᠎ᠪᠡᠷ: ᠺᠣᠯᠢᠺᠣᠸ᠂ ᠪᠢᠯᠧᠺᠦᠸ ᠭᠡᠬᠦ ᠮᠡᠲᠦ ᠴᠥᠭᠡᠪᠲᠦᠷ ᠬᠠᠷᠢ ᠭᠠᠷᠤᠯ᠎ᠲᠠᠢ ᠦᠭᠡ(ᠬᠥᠮᠦᠨ᠎ᠦ ᠨᠡᠷ᠎ᠡ)᠎ᠶᠢ ᠲᠡᠮᠳᠡᠭᠯᠡᠳᠡᠭᠶᠦᠮ᠃
ᠬᠣᠷᠢᠨ ᠳᠥᠷᠪᠡᠳᠦᠭᠡᠷ ᠦᠰᠦᠭ ᠊ᠩ᠊(nɡ) ᠭᠡᠢᠭᠦᠯᠦᠭᠴᠢ
ᠦᠭᠡ᠎ᠶᠢᠨ ᠳᠤᠮᠳᠠ ᠣᠷᠤᠬᠤ ᠳᠦᠷᠰᠦ᠎ᠨᠢ «᠊ᠩ᠊»ᠪᠣᠯᠤᠨ᠎ᠠ᠃ ᠵᠢᠱ᠌ᠢᠶᠡᠯᠡᠪᠡᠯ: ᠠᠩᠬ᠎ᠠ᠂ ᠲᠠᠩᠭᠢᠰ᠂ ᠰᠢᠩᠭᠡᠨ᠂ ᠢᠩᠭᠡ᠂ ᠬᠣᠩᠬᠤ᠂ ᠰᠣᠩᠭᠢᠨ᠎ᠠ᠂ ᠤᠩᠭᠠᠰᠤ᠂ ᠮᠥᠩᠬᠡ᠂ ᠮᠥᠩᠭᠦ ᠭᠡᠬᠦ ᠮᠡᠲᠦ᠃
ᠦᠭᠡ᠎ᠶᠢᠨ ᠠᠳᠠᠭ᠎ᠲᠤ ᠣᠷᠤᠬᠤ ᠳᠦᠷᠰᠦ᠎ᠨᠢ «᠊ᠩ» ᠪᠣᠯᠤᠨ᠎ᠠ᠃ ᠵᠢᠱ᠌ᠢᠶᠡᠯᠡᠪᠡᠯ: ᠵᠠᠩ᠂ ᠰᠠᠩ᠂ ᠰᠡᠷᠭᠦᠯᠡᠩ᠂ ᠦᠵᠡᠰᠭᠦᠯᠡᠩ᠂ ᠳ᠋ᠦᠩ ᠭᠡᠬᠦ ᠮᠡᠲᠦ᠃
«᠊ᠩ» ᠭᠡᠢᠭᠦᠯᠦᠭᠴᠢ ᠦᠭᠡ᠎ᠶᠢᠨ ᠡᠬᠢᠨ᠎ᠳᠦ ᠣᠷᠤᠬᠤ᠎ᠦᠭᠡᠢ᠂ ᠵᠥᠪᠬᠡᠨ ᠦᠭᠡ᠎ᠶᠢᠨ ᠳᠤᠮᠳᠠᠪᠠ ᠠᠳᠠᠭ᠎ᠲᠤ ᠡᠭᠡᠰᠢᠭ᠎ᠦᠨ ᠳᠠᠷᠠᠭ᠎ᠠ ᠳᠡᠪᠢᠰᠭᠡᠷᠯᠡᠨ ᠣᠷᠤᠳᠠᠭᠶᠤᠮ᠃ ᠦᠭᠡ᠎ᠶᠢᠨ ᠳᠤᠮᠳᠠ ᠣᠷᠤᠬᠤ᠎ᠳᠤ᠎ᠪᠠᠨ ᠮᠥᠨ ᠡᠭᠡᠰᠢᠭ᠎ᠦᠨ ᠡᠮᠦᠨ᠎ᠡ ᠣᠷᠤᠬᠤ᠎ᠦᠭᠡᠢ᠃
ᠬᠣᠷᠢᠨ ᠲᠠᠪᠤᠳᠤᠭᠠᠷ ᠦᠰᠦᠭ ᠹ(f) ᠭᠡᠢᠭᠦᠯᠦᠭᠴᠢ
ᠦᠭᠡ᠎ᠶᠢᠨ ᠡᠬᠢᠨ᠎ᠳᠦ «ᠹ᠊» ᠳᠦᠷᠰᠦ᠎ᠪᠡᠷ: ᠹᠧᠣᠳᠠᠯ᠂ ᠹᠷᠠᠨᠼᠢ᠂ ᠹᠠᠰᠢᠰᠲ᠂ ᠹᠷᠥᠨᠲ᠂ ᠹᠢᠽᠢᠺ᠂ ᠹᠣᠰᠹᠣᠷ᠃
ᠦᠭᠡ᠎ᠶᠢᠨ ᠳᠤᠮᠳᠠ «᠊ᠹ᠊» ᠳᠦᠷᠰᠦ᠎ᠪᠡᠷ: ᠠᠹᠷᠢᠺᠠ᠂ ᠺᠣᠹᠧ᠃
ᠦᠭᠡ᠎ᠶᠢᠨ ᠠᠳᠠᠭ᠎ᠲᠤ «᠊ᠹ» ᠳᠦᠷᠰᠦ᠎ᠪᠡᠷ: ᠮᠠᠯᠳᠠᠢᠹ(ᠤᠯᠤᠰ᠎ᠤᠨ ᠨᠡᠷ᠎ᠡ)᠂ ᠲᠠᠨᠠᠨᠠᠷᠢᠹ(ᠬᠣᠲᠠ᠎ᠶᠢᠨ ᠨᠡᠷ᠎ᠡ) ᠭᠡᠬᠦ ᠮᠡᠲᠦ᠃
ᠬᠣᠷᠢᠨ ᠵᠢᠷᠭᠤᠳᠤᠭᠠᠷ ᠦᠰᠦᠭ ᠺ(k) ᠭᠡᠢᠭᠦᠯᠦᠭᠴᠢ
ᠦᠭᠡ᠎ᠶᠢᠨ ᠡᠬᠢᠨ᠎ᠳᠦ «ᠺ᠊» ᠳᠦᠷᠰᠦ᠎ᠪᠡᠷ: ᠺᠠᠯᠢ᠂ ᠺᠠᠲᠠᠷ᠂ ᠺᠢᠨ᠋ᠤ᠋᠂ ᠺᠠᠲ᠋ᠣᠯᠢᠭ᠂ ᠺᠠᠷᠲ᠂ ᠺᠷᠢᠯ᠃
ᠦᠭᠡ᠎ᠶᠢᠨ ᠳᠤᠮᠳᠠ «᠊ᠺ᠊» ᠳᠦᠷᠰᠦ᠎ᠪᠡᠷ: ᠠᠮᠧᠷᠢᠺᠠ᠂ ᠪᠠᠺᠲᠧᠷᠢ᠂ ᠰᠧᠺᠦ᠋ᠨ᠋ᠳ᠋᠃
ᠦᠭᠡ᠎ᠶᠢᠨ ᠠᠳᠠᠭ᠎ᠲᠤ «᠊ᠺ» ᠳᠦᠷᠰᠦ᠎ᠪᠡᠷ: ᠪᠠᠯᠽᠠᠺ᠂ ᠹᠢᠽᠢᠺ᠂ ᠲᠦᠷᠺ ᠭᠡᠬᠦ ᠮᠡᠲᠦ᠃
ᠬᠣᠷᠢᠨ ᠳᠣᠯᠤᠳᠤᠭᠠᠷ ᠦᠰᠦᠭ ᠼ(c) ᠭᠡᠢᠭᠦᠯᠦᠭᠴᠢ
ᠦᠭᠡ᠎ᠶᠢᠨ ᠡᠬᠢᠨ᠎ᠳᠦ «ᠼ᠊» ᠳᠦᠷᠰᠦ᠎ᠪᠡᠷ: ᠼᠧᠯᠰ᠂ ᠼᠢᠷᠺ᠂ ᠼᠠᠨᠮᠦ᠃
ᠦᠭᠡ᠎ᠶᠢᠨ ᠳᠤᠮᠳᠠ «᠊ᠼ᠊» ᠳᠦᠷᠰᠦ᠎ᠪᠡᠷ: ᠹᠷᠠᠨᠼᠢ᠂ ᠣᠬᠣᠼᠺ(ᠲᠠᠩᠭᠢᠰ᠎ᠤᠨ ᠨᠡᠷ᠎ᠡ)᠂ ᠰᠲ᠋ᠠᠨ᠋ᠼᠢ᠂ ᠢᠨᠲᠧᠷᠨᠠᠼᠢᠦᠨᠠᠯ᠃
ᠦᠭᠡ᠎ᠶᠢᠨ ᠠᠳᠠᠭ᠎ᠲᠤ «᠊ᠼ» ᠳᠦᠷᠰᠦ᠎ᠪᠡᠷ: ᠺᠠᠯᠼ ᠭᠡᠬᠦ ᠮᠡᠲᠦ᠃
ᠬᠣᠷᠢᠨ ᠨᠠᠢ᠍ᠮᠠᠳᠤᠭᠠᠷ ᠦᠰᠦᠭ ᠽ(z) ᠭᠡᠢᠭᠦᠯᠦᠭᠴᠢ
ᠦᠭᠡ᠎ᠶᠢᠨ ᠡᠬᠢᠨ᠎ᠳᠦ «ᠽ᠊» ᠳᠦᠷᠰᠦ᠎ᠪᠡᠷ: ᠽᠠᠨᠳᠠᠨ᠂ ᠽᠠᠶ᠎ᠠ᠂ ᠽᠠᠳᠢ᠃
ᠦᠭᠡ᠎ᠶᠢᠨ ᠳᠤᠮᠳᠠ «᠊ᠽ᠊» ᠳᠦᠷᠰᠦ᠎ᠪᠡᠷ: ᠠᠽᠢᠶ᠎ᠠ᠂ ᠠᠮᠠᠽᠣᠨᠠᠰ(ᠮᠥᠷᠡᠨ᠎ᠦ ᠨᠡᠷ᠎ᠡ)᠂ ᠡᠮᠦᠨᠡᠲᠦ ᠮᠠᠺᠧᠡᠽᠢ(ᠭᠠᠵᠠᠷ ᠣᠷᠤᠨ᠎ᠤ ᠨᠡᠷ᠎ᠡ)᠃
ᠦᠭᠡ᠎ᠶᠢᠨ ᠠᠳᠠᠭ᠎ᠲᠤ «᠊ᠽ» ᠳᠦᠷᠰᠦ᠎ᠪᠡᠷ: ᠪᠧᠯᠢᠽ(ᠤᠯᠤᠰ᠎ᠤᠨ ᠨᠡᠷ᠎ᠡ) ᠭᠡᠬᠦ ᠮᠡᠲᠦ᠃
ᠬᠣᠷᠢ ᠶᠢᠰᠦᠳᠦᠭᠡᠷ ᠦᠰᠦᠭ ᠿ(ž) ᠭᠡᠢᠭᠦᠯᠦᠭᠴᠢ
ᠦᠭᠡ᠎ᠶᠢᠨ ᠡᠬᠢᠨ᠎ᠳᠦ «ᠿ᠊» ᠳᠦᠷᠰᠦ᠎ᠪᠡᠷ: ᠿᠢ ᠲᠠᠨ ᠴᠡᠴᠡᠷᠯᠢᠭ᠂ ᠭᠦᠸᠧ ᠮᠦᠸᠧ ᠿᠦᠸᠧ᠂ ᠢᠦᠢ ᠿᠦᠩ(ᠬᠥᠮᠦᠨ᠎ᠦ ᠨᠡᠷ᠎ᠡ) ᠭᠡᠬᠦ ᠮᠡᠲᠦ᠃
«ᠿ» ᠭᠡᠢᠭᠦᠯᠦᠭᠴᠢ᠎ᠨᠢ ᠭᠣᠣᠯᠳᠠᠭᠤ ᠬᠢᠲᠠᠳ ᠬᠡᠯᠡ᠎ᠶᠢ ᠠᠪᠢᠶᠠᠴᠢᠯᠠᠨ ᠲᠡᠮᠳᠡᠭᠯᠡᠬᠦ᠎ᠳᠦ ᠬᠡᠷᠡᠭᠯᠡᠭᠳᠡᠳᠡᠭ ᠪᠣᠯᠬᠣᠷ ᠦᠭᠡ᠎ᠶᠢᠨ ᠳᠤᠮᠳᠠᠪᠠ ᠠᠳᠠᠭ᠎ᠲᠤ ᠲᠣᠬᠢᠶᠠᠯᠳᠤᠬᠤ᠎ᠦᠭᠡᠢ᠃
ᠭᠤᠴᠢᠳᠤᠭᠠᠷ ᠦᠰᠦᠭ ᠾ(h) ᠭᠡᠢᠭᠦᠯᠦᠭᠴᠢ
ᠦᠭᠡ᠎ᠶᠢᠨ ᠡᠬᠢᠨ᠎ᠳᠦ «ᠾ᠊» ᠳᠦᠷᠰᠦ᠎ᠪᠡᠷ: ᠾᠷᠢᠰᠲ᠋ᠣᠰ᠂ ᠾᠧᠪᠧᠢ᠂ ᠾᠧ ᠯᠦᠩ (ᠬᠥᠮᠦᠨ᠎ᠦ ᠨᠡᠷ᠎ᠡ)᠂ ᠾᠧᠺᠲ᠋ᠠᠷ (ᠲᠠᠯᠠᠪᠠᠢ᠎ᠶᠢᠨ ᠨᠢᠭᠡᠴᠢ)᠃
ᠦᠭᠡ᠎ᠶᠢᠨ ᠳᠤᠮᠳᠠ «᠊ᠾ᠊» ᠳᠦᠷᠰᠦ᠎ᠪᠡᠷ: ᠺᠠᠯᠠᠾᠠᠷᠢ ᠴᠦᠯ᠂ ᠲᠧᠾᠷᠡᠨ(ᠬᠣᠲᠠ᠎ᠶᠢᠨ ᠨᠡᠷ᠎ᠡ)᠂ ᠪᠠᠾᠠᠮᠠ(ᠤᠯᠤᠰ᠎ᠤᠨ ᠨᠡᠷ᠎ᠡ)᠃
ᠦᠭᠡ᠎ᠶᠢᠨ ᠠᠳᠠᠭ᠎ᠲᠤ «᠊ᠾ» ᠳᠦᠷᠰᠦ᠎ᠪᠡᠷ: ᠸᠧᠢᠾ(ᠬᠥᠮᠦᠨ᠎ᠦ ᠨᠡᠷ᠎ᠡ) ᠭᠡᠬᠦ ᠮᠡᠲᠦ᠃
ᠭᠤᠴᠢᠨ ᠨᠢᠭᠡᠳᠦᠭᠡᠷ ᠦᠰᠦᠭ ᡀ(lh) ᠭᠡᠢᠭᠦᠯᠦᠭᠴᠢ
ᠦᠭᠡ᠎ᠶᠢᠨ ᠡᠬᠢᠨ᠎ᠳᠦ «ᡀ᠊» ᠳᠦᠷᠰᠦ᠎ᠪᠡᠷ: ᡀᠠᠰᠠ᠂ ᡀᠠᠰᠦ᠋ᠷᠦᠩ᠂ ᡀᠠᠵᠠᠪ᠂ ᡀᠠᠮᠤ᠂ ᡀᠠᠮᠤᠰᠦ᠋ᠷᠦᠩ᠂ ᡀᠠᠪᠠ᠃
ᠦᠭᠡ᠎ᠶᠢᠨ ᠳᠤᠮᠳᠠ «᠊ᡀ᠊» ᠳᠦᠷᠰᠦ᠎ᠪᠡᠷ: ᠰᠧᡀᠡᠵᠡᠪ᠂ ᠯᠠᡀᠠᠵᠠᠪ᠂ ᠨᠤᠷᠠᡀᠠᠵᠠᠪ᠃
ᠦᠭᠡ᠎ᠶᠢᠨ ᠠᠳᠠᠭ᠎ᠲᠤ «᠊ᡀ» ᠳᠦᠷᠰᠦ᠎ᠪᠡᠷ: ᠰᠧᡀ ᠭᠡᠬᠦ ᠮᠡᠲᠦ᠃
«ᡀ» ᠭᠡᠢᠭᠦᠯᠦᠭᠴᠢ᠎ᠨᠢ ᠭᠣᠣᠯᠳᠠᠭᠤ ᠲᠥᠪᠡᠳ ᠭᠠᠷᠤᠯ᠎ᠲᠠᠢ ᠵᠢᠭᠡᠯᠡᠭᠡ ᠦᠭᠡ᠎ᠶᠢ ᠲᠡᠮᠳᠡᠭᠯᠡᠬᠦ᠎ᠳᠦ ᠬᠡᠷᠡᠭᠯᠡᠭᠳᠡᠳᠡᠭᠶᠦᠮ᠃
ᠣᠷᠴᠢᠨ ᠴᠠᠭ᠎ᠤᠨ ᠮᠣᠩᠭᠤᠯ ᠪᠢᠴᠢᠭ᠎ᠦᠨ ᠬᠡᠯᠡᠨ᠎ᠳᠦ ᠳᠡᠭᠡᠷᠡᠬᠢ ᠡᠭᠡᠰᠢᠭ᠂ ᠭᠡᠢᠭᠦᠯᠦᠭᠴᠢ ᠦᠰᠦᠭ᠎ᠡᠴᠡ ᠭᠠᠳᠠᠨ᠎ᠠ᠂ ᠪᠠᠰᠠ ᠲᠤᠰᠭᠠᠢᠯᠠᠨ ᠬᠢᠲᠠᠳ ᠬᠡᠯᠡᠨ᠎ᠦ ᠵᠠᠷᠢᠮ ᠠᠪᠢᠶ᠎ᠠ᠎ᠶᠢ ᠲᠡᠮᠳᠡᠭᠯᠡᠬᠦ᠎ᠳᠦ ᠵᠣᠷᠢᠭᠤᠯᠤᠭᠳᠠᠭᠰᠠᠨ «ᠡᠯ»᠂ «ᡁᠢ»᠂ «ᠱᠢ»᠂ «ᠿᠢ»᠂ «ᠰᠧ»᠂ «ᠢᠦᠢ»᠂ «ᠨᠢᠦᠢ»᠂ «ᠯᠢᠦᠢ» ᠵᠡᠷᠭᠡ ᠲᠡᠮᠳᠡᠭ ᠦᠰᠦᠭᠦᠳ ᠪᠠᠢᠳᠠᠭ ᠪᠢᠯᠡ᠃ ᠵᠢᠱ᠌ᠢᠶᠡᠯᠡᠪᠡᠯ: ᠡᠯ ᠷᠧᠨᠲᠡᠢ (ᠨᠢᠭᠡ ᠵᠦᠢᠯ᠎ᠦᠨ ᠵᠦᠴᠦᠭᠡ᠎ᠶᠢᠨ ᠨᠡᠷᠡᠢᠳᠦᠯ) ᠰᠢᠦ ᡁᠢ᠂ ᡂᠢ ᠪᠢ᠎ᠶᠢᠨ ᠪᠠᠢᠯᠳᠤᠭᠠᠨ᠂ ᠱᠢ ᠵᠢᠶᠠ ᠵᠤᠸᠠᠩ ᠬᠣᠲᠠ᠂ ᠿᠢ ᠲᠠᠨ ᠴᠡᠴᠡᠷᠯᠢᠭ᠂ ᠰᠧ ᠮᠠ ᠴᠢᠶᠠᠨ᠂ ᠰᠢᠶᠠ ᠢᠦᠢ᠂ ᠨᠢᠦᠢ ᠸᠠ᠂ ᠯᠢᠦᠢᠱᠦᠨ (ᠭᠠᠵᠠᠷ᠎ᠤᠨ ᠨᠡᠷ᠎ᠡ) ᠭᠡᠬᠦ ᠮᠡᠲᠦ᠃
ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠎ᠶᠢᠨ
«ᠳᠤᠮᠳᠠᠳᠤ ᠰᠤᠷᠭᠠᠭᠤᠯᠢ᠎ᠶᠢᠨ ᠮᠣᠩᠭᠤᠯ ᠬᠡᠯᠡᠨ ᠵᠦᠢ᠎ᠶᠢᠨ ᠤᠩᠰᠢᠬᠤ ᠪᠢᠴᠢᠭ»᠎ᠡᠴᠡ