ᠮᠣᠩᠭᠤᠯ ᠪᠢᠴᠢᠭ |
ᠬᠢᠲᠠᠳ ᠠᠩᠭᠯᠢ ᠶᠠᠫᠤᠨ |
ᠮᠣᠩᠭᠤᠯ ᠬᠡᠯᠡᠨ᠎ᠳᠦ᠂ ᠵᠠᠷᠢᠮ ᠭᠡᠢᠭᠦᠯᠦᠭᠴᠢ᠎ᠪᠡᠷ ᠲᠡᠭᠦᠰᠦᠭᠰᠡᠨ ᠦᠭᠡᠨ᠎ᠳᠦ ᠭᠡᠢᠭᠦᠯᠦᠭᠴᠢ᠎ᠪᠡᠷ ᠡᠬᠢᠯᠡᠭᠰᠡᠨ ᠳᠠᠭᠠᠪᠤᠷᠢ ᠵᠠᠯᠭᠠᠬᠤ᠎ᠳᠤ ᠨᠢᠭᠡᠨ ᠡᠭᠡᠰᠢᠭ ᠨᠡᠮᠡᠭᠳᠡᠭᠰᠡᠨ ᠰᠢᠨ᠎ᠡ ᠦᠶ᠎ᠡ ᠪᠦᠲᠦᠳᠡᠭ᠂ ᠡᠨᠡᠬᠦ ᠨᠡᠮᠡᠭᠳᠡᠭᠰᠡᠨ ᠡᠭᠡᠰᠢᠭ᠎ᠢ ᠬᠣᠯᠪᠤᠬᠤ ᠡᠭᠡᠰᠢᠭ ᠭᠡᠳᠡᠭ᠃
(1) ᠬᠤᠪᠢᠯᠤᠭᠴᠢ ᠵᠢᠷᠭᠤᠭᠠᠨ ᠦᠰᠦᠭ «᠊ᠨ(n)᠂ ᠊ᠪ(b)᠂ ᠊ᠳ(d)᠂ ᠊ᠷ(r)᠂ ᠊ᠰ(s)᠂ ᠊ᠯ(l)»᠎ᠢᠶᠡᠷ ᠲᠡᠭᠦᠰᠦᠭᠰᠡᠨ ᠦᠭᠡ᠎ᠶᠢᠨ ᠳᠠᠷᠠᠭ᠎ᠠ᠂ « ᠨ(n)᠂ ᠭ(g)᠂ ᠯ(l)᠂ ᠮ(m)᠂ ᠰ(s)᠂ ᠶ(y)᠂ ᠷ(r)» ᠵᠡᠷᠭᠡ ᠦᠰᠦᠭ᠎ᠢᠶᠡᠷ ᠡᠬᠢᠯᠡᠭᠰᠡᠨ «ᠬᠤᠪᠢᠯᠭᠠᠭᠴᠢ ᠳᠠᠭᠠᠪᠤᠷᠢ» ᠪᠣᠯᠤᠨ ᠤᠷᠲᠤᠳᠭᠠᠯ «᠊ᠭᠠ᠊᠂ ᠊ᠭᠡ᠊᠂ ᠊ᠭᠤ᠊᠂ ᠊ᠭᠦ᠊» ᠶᠢ ᠵᠠᠯᠭᠠᠬᠤ᠎ᠳᠤ ᠬᠣᠭᠤᠷᠤᠨᠳᠤ᠎ᠨᠢ ᠡᠭᠡᠰᠢᠭ «᠊ᠤ᠊» ᠨᠡᠮᠡᠭᠳᠡᠨ᠎ᠡ᠃ ᠵᠢᠱ᠌ᠢᠶᠡᠯᠡᠪᠡᠯ:
ᠭᠠᠷ + ᠊ᠯᠠ = ᠭᠠᠷᠤᠯ᠎ᠠ
ᠠᠪ + ᠊ᠭᠰᠠᠨ = ᠠᠪᠤᠭᠰᠰᠠᠨ
ᠦᠢᠯᠡᠳ + ᠊ᠮᠡᠷ = ᠦᠢᠯᠡᠳᠦᠮᠡᠷ
ᠰᠣᠨᠤᠰ + ᠊ᠶ᠎ᠠ = ᠰᠣᠨᠤᠰᠤᠶ᠎ᠠ
ᠬᠠᠭᠠᠯ + ᠊ᠭᠠᠷᠠᠢ = ᠬᠠᠭᠠᠯᠤᠭᠠᠷᠠᠢ ᠭᠡᠬᠦ ᠮᠡᠲᠦ᠃
(2) ᠬᠣᠯᠪᠤᠬᠤ ᠡᠭᠡᠰᠢᠭ᠎ᠦᠨ ᠳᠦᠷᠢᠮ᠎ᠦᠨ ᠣᠨᠴᠤᠭᠤᠢ ᠦᠵᠡᠭᠳᠡᠯ
ᠳᠡᠭᠡᠷ᠎ᠡ ᠳᠤᠷᠠᠳᠤᠭᠰᠠᠨ ᠬᠣᠯᠪᠤᠬᠤ ᠡᠭᠡᠰᠢᠭ᠎ᠦᠨ ᠳᠦᠷᠢᠮ᠎ᠨᠢ ᠣᠯᠠᠩᠬᠢ ᠪᠠᠢᠳᠠᠯ᠎ᠳᠤ ᠲᠣᠬᠢᠷᠠᠳᠠᠭ ᠪᠣᠯᠪᠠᠴᠤ ᠳᠣᠣᠷ᠎ᠠ ᠳᠤᠷᠠᠳᠤᠭᠰᠠᠨ ᠵᠠᠷᠢᠮ ᠣᠨᠴᠤᠭᠤᠢ ᠪᠠᠢᠳᠠᠯ᠎ᠳᠤ ᠲᠣᠬᠢᠷᠠᠬᠤ᠎ᠦᠭᠡᠢ ᠪᠠᠢᠳᠠᠭ᠃
① ᠬᠣᠯᠪᠤᠬᠤ ᠡᠭᠡᠰᠢᠭ᠎ᠨᠢ ᠣᠯᠠᠩᠬᠢ᠎ᠳᠠᠭᠠᠨ «᠊ᠤ᠊» ᠪᠠᠢᠳᠠᠭ ᠪᠣᠯᠪᠠᠴᠤ ᠵᠠᠷᠢᠮ ᠦᠭᠡᠨ᠎ᠳᠦ «᠊ᠷᠬᠡᠭ(᠊ᠯᠬᠡᠭ)᠂ ᠊ᠩ» ᠵᠡᠷᠭᠡ ᠳᠠᠭᠠᠪᠤᠷᠢ᠎ᠶᠢ ᠵᠠᠯᠭᠠᠬᠤ᠎ᠳᠤ «᠊ᠠ᠊(a,e)»᠎ᠪᠡᠷ ᠬᠣᠯᠪᠤᠬᠤ ᠡᠭᠡᠰᠢᠭ᠎ᠢᠶᠡᠨ ᠪᠣᠯᠭᠠᠳᠠᠭ᠃ ᠵᠢᠱ᠌ᠢᠶᠡᠯᠡᠪᠡᠯ :
ᠳᠣᠭᠤᠯ + ᠊ᠩ = ᠳᠣᠭᠤᠯᠠᠩ
ᠳᠦᠭᠦᠷ + ᠊ᠩ = ᠳᠦᠭᠦᠷᠡᠩ
ᠰᠦᠷ + ᠊ᠯᠭᠡᠭ = ᠰᠦᠷᠡᠯᠬᠡᠭ
ᠭᠠᠰᠠᠯ + ᠊ᠩ = ᠭᠠᠰᠠᠯᠠᠩ
② «᠊ᠪ᠊(b)»᠎ᠪᠡᠷ ᠡᠬᠢᠯᠡᠭᠰᠡᠨ ᠳᠠᠭᠠᠪᠤᠷᠢ(᠊ᠪᠠ᠂ ᠊ᠪᠠᠯ᠂ ᠊ᠪᠠᠴᠤ᠂ ᠊ᠪᠠᠰᠤ)᠎ᠶᠢ ᠦᠭᠡ᠎ᠶᠢᠨ ᠳᠠᠷᠠᠭ᠎ᠠ ᠵᠠᠯᠭᠠᠬᠤ᠎ᠳᠤ ᠶᠡᠷᠦ᠎ᠶᠢᠨ ᠪᠠᠢᠳᠠᠯ ᠳᠣᠣᠷ᠎ᠠ ᠬᠣᠯᠪᠤᠬᠤ ᠡᠭᠡᠰᠢᠭ ᠠᠪᠬᠤ᠎ᠦᠭᠡᠢ᠃ ᠭᠡᠪᠡᠴᠦ ᠭᠡᠢᠭᠦᠯᠦᠭᠴᠢ «᠊ᠪ᠊(b)»᠎ᠢᠶᠡᠷ ᠲᠡᠭᠦᠰᠦᠭᠰᠡᠨ ᠦᠭᠡ ᠲᠣᠬᠢᠶᠠᠯᠳᠤᠬᠤ ᠦᠶ᠎ᠡ᠎ᠳᠦ ᠬᠣᠯᠪᠤᠬᠤ ᠡᠭᠡᠰᠢᠭ ᠠᠪᠳᠠᠭ᠃ ᠵᠢᠱ᠌ᠢᠶᠡᠯᠡᠪᠡᠯ :
ᠠᠪ + ᠊ᠪᠠ = ᠠᠪᠤᠪᠠ
ᠠᠪ + ᠊ᠪᠠᠰᠤ = ᠠᠪᠤᠪᠠᠰᠤ
ᠠᠪ + ᠊ᠪᠠᠴᠤ = ᠠᠪᠤᠪᠠᠴᠤ ᠭᠡᠬᠦ ᠮᠡᠲᠦ᠃
«ᠬᠥᠪ᠂ ᠵᠢᠪ»ᠭᠡᠬᠦ ᠬᠣᠶᠠᠷ ᠦᠭᠡᠨ᠎ᠳᠦ «᠊ᠪ᠊(b) »᠎ᠢᠶᠡᠷ ᠡᠬᠢᠯᠡᠭᠡᠭᠰᠡᠨ ᠳᠠᠭᠠᠪᠤᠷᠢ ᠵᠠᠯᠭᠠᠬᠤ᠎ᠳᠤ ᠬᠣᠯᠪᠤᠬᠤ ᠡᠭᠡᠰᠢᠭ᠎ᠢ᠎ᠨᠢ «ᠪᠣ»᠎ᠪᠡᠷ ᠢᠯᠡᠳᠭᠡᠳᠡᠭ᠃ ᠵᠢᠱ᠌ᠢᠶᠡᠯᠡᠪᠡᠯ :
ᠵᠢᠪ + ᠊ᠪᠡ = ᠵᠢᠪᠪᠦᠪᠡ
ᠬᠥᠪ + ᠊ᠪᠡ = ᠬᠥᠪᠪᠦᠪᠡ ᠭᠡᠬᠦ ᠮᠡᠲᠦ᠃
③ «ᠦᠬᠦ» ᠭᠡᠰᠡᠨ ᠦᠭᠡᠲᠡᠢ ᠢᠯᠭᠠᠬᠤ᠎ᠶᠢᠨ ᠲᠥᠯᠦᠭᠡ «ᠥᠭ» ᠭᠡᠳᠡᠭ ᠦᠭᠡ᠎ᠶᠢᠨ ᠬᠣᠢᠨ᠎ᠠ ᠬᠤᠪᠢᠯᠭᠠᠭᠴᠢ ᠭᠡᠢᠭᠦᠯᠦᠭᠴᠢ᠎ᠪᠡᠷ ᠡᠬᠢᠯᠡᠭᠰᠡᠨ ᠳᠠᠭᠠᠪᠤᠷᠢ ᠵᠠᠯᠭᠠᠬᠤ᠎ᠳᠤ ᠬᠣᠯᠪᠤᠬᠤ ᠡᠭᠡᠰᠢᠭ᠎ᠢ᠎ᠨᠢ «᠊ᠭᠦ᠊»᠎ᠪᠡᠷ ᠪᠢᠴᠢᠳᠡᠭ᠃ ᠵᠢᠱ᠌ᠢᠶᠡᠯᠡᠪᠡᠯ :
ᠥᠭ + ᠊ᠨ = ᠥᠭᠭᠦᠨ
ᠥᠭ + ᠊ᠭᠡᠳ = ᠥᠭᠭᠦᠭᠡᠳ
ᠥᠭ + ᠊ᠯᠡ = ᠥᠭᠭᠦᠯ᠎ᠡ
ᠥᠭ + ᠊ᠭ᠍ᠰᠡᠨ = ᠥᠭᠭᠦᠭᠰᠡᠨ ᠭᠡᠬᠦ ᠮᠡᠲᠦ᠃
ᠡᠰᠡ ᠬᠤᠪᠢᠯᠭᠠᠭᠴᠢ(ᠬᠣᠯᠪᠤᠬᠤ ᠡᠭᠡᠰᠢᠭ ᠣᠷᠤᠬᠤ ᠴᠢᠬᠤᠯᠠ᠎ᠦᠭᠡᠢ) ᠳᠠᠭᠠᠪᠤᠷᠢ «᠊ᠬᠦᠯᠡ᠂ ᠊ᠬᠦᠯᠡᠷ» ᠵᠡᠷᠭᠡ᠎ᠶᠢ «ᠥᠭ»᠎ᠦᠨ ᠬᠣᠢᠨ᠎ᠠ ᠵᠠᠯᠭᠠᠬᠤ᠎ᠳᠤ ᠳᠤᠮᠳᠠ᠎ᠨᠢ «ᠭᠦ» ᠵᠢᠭᠢᠷᠢᠭ᠌ᠯᠡᠳᠡᠭ᠃ ᠵᠢᠱ᠌ᠢᠶᠡᠯᠡᠪᠡᠯ :
ᠥᠭ + ᠊ᠬᠦᠯᠡ = ᠥᠭᠭᠦᠬᠦᠯᠡ
ᠥᠭ + ᠊ᠬᠦᠯᠡᠷ = ᠥᠭᠭᠦᠬᠦᠯᠡᠷ ᠭᠡᠬᠦ ᠮᠡᠲᠦ᠃