ᠮᠣᠩᠭᠣᠯ ᠪᠢᠴᠢᠭ᠌

ᠡᠷᠢᠶ᠎ᠡ  
    2012ᠵᠢᠯ ᠤᠨ2ᠳ᠋ᠤᠭᠠᠷ ᠰᠠᠷ᠎ᠠ ᠶᠢᠨ12᠊ ᠤ ᠡᠳᠦᠷ Android ᠲᠦ ᠬᠡᠷᠡᠭᠯᠡᠵᠦ ᠪᠣᠯᠳᠠᠭ ᠮᠣᠩᠭᠣᠯ ᠰᠤᠹᠲ MongolianTypeWriter᠊ ᠪᠡᠨ ᠦᠨ᠎ᠡ ᠲᠥᠯᠦᠪᠦᠷᠢ ᠦᠭᠡᠢ ᠪᠡᠷ ᠨᠡᠢᠢᠲᠡᠯᠡᠪᠡ᠃
    ᠲᠤᠰ ᠰᠤᠹᠲ ᠨᠢ ᠣᠢᠢᠭᠤᠷᠵᠢᠨ ᠮᠣᠩᠭᠣᠯ ᠦᠰᠦᠭ ᠢ ᠪᠣᠰᠤᠭ᠎ᠠ ᠪᠡᠷ ᠪᠢᠴᠢᠵᠦ ᠪᠣᠯᠬᠤ ᠮᠦᠷᠲᠡᠭᠡᠨ᠂ ᠪᠢᠴᠢᠭ᠍ᠰᠡᠨ ᠠᠭᠤᠯᠭ᠎ᠠ ᠪᠡᠨ ᠬᠠᠳᠠᠭᠠᠯᠠᠬᠤ᠂ ᠬᠠᠳᠠᠭᠠᠯᠠᠭᠰᠠᠨ ᠠᠭᠤᠯᠭ᠎ᠠ ᠪᠡᠨ ᠣᠩᠰᠢᠵᠤ ᠭᠠᠷᠭᠠᠬᠤ᠂ ᠺᠣᠫᠢ᠂ ᠫᠠᠰᠲ᠂ ᠵᠢᠷᠤᠭ ᠪᠡᠷ ᠢᠮᠧᠯ ᠬᠦᠷᠭᠡᠬᠦ ᠵᠡᠷᠭᠡ ᠴᠢᠳᠠᠪᠤᠷᠢ ᠲᠠᠢ ᠶᠣᠮ᠃
    Android Market᠊  ᠡᠴᠡ ᠪᠠᠭᠤᠯᠭᠠᠨ ᠠᠪᠴᠤ ᠬᠡᠷᠡᠭᠯᠡᠬᠦ ᠶᠢ ᠬᠦᠰᠡᠵᠦ ᠪᠠᠢᠢᠨ᠎ᠠ᠃ ᠬᠠᠢᠢᠬᠤ ᠵᠠᠩᠭᠢᠯᠭ᠎ᠠ ᠶᠢᠨ ᠦᠭᠡ ᠨᠢ type writer ᠶᠣᠮ᠃

    ᠬᠡᠰᠡᠭ ᠵᠢᠱᠢᠶ᠎ᠡ ᠵᠢᠷᠤᠭ ᠤᠳ

Android phone ᠨᠢᠭᠡ ᠬᠣᠶᠠᠷ ᠭᠤᠷᠪᠠ ᠳᠥᠷᠪᠡ ᠲᠠᠪᠤ ᠵᠢᠷᠭᠤᠭ᠎ᠠ
Android Tablet     ᠨᠢᠭᠡ ᠬᠣᠶᠠᠷ ᠭᠤᠷᠪᠠ

ᠳᠠᠷᠤᠪᠴᠢ ᠶᠢᠨ ᠪᠠᠢᠢᠷᠢ


Icon᠊ ᠤ ᠲᠠᠢᠢᠯᠪᠤᠷᠢ
Open
ᠬᠠᠳᠠᠭᠠᠯᠭᠰᠠᠨ ᠠᠭᠤᠯᠭ᠎ᠠ ᠪᠡᠨ ᠢᠯᠡᠷᠡᠭᠦᠯᠦᠨ᠎ᠡ᠃
Edit
ᠠᠭᠤᠯᠭ᠎ᠠ ᠨᠡᠮᠡᠬᠦ ᠪᠣᠶᠤ ᠥᠭᠡᠷᠠᠴᠢᠯᠡᠭᠦ ᠳᠤ ᠬᠡᠷᠡᠭᠯᠡᠨ᠎ᠡ᠃ ᠠᠩᠬ᠎ᠠ ᠡᠬᠢᠯᠡᠭᠦ ᠳᠦ « ᠲᠣᠣᠷ ᠰᠦᠯᠵᠢᠶ᠎ᠡ » ᠭᠡᠬᠦ ᠵᠣᠬᠢᠶᠠᠯ ᠵᠢᠱᠢᠶ᠎ᠡ ᠪᠣᠯᠵᠤ ᠢᠯᠡᠷᠡᠨ᠎ᠡ᠃ ᠡᠬᠦᠨ ᠢ ᠪᠠᠯᠠᠯᠤᠭᠰᠠᠨ ᠤ ᠳᠠᠷᠠᠭ᠎ᠠ ᠥᠪᠡᠷ ᠤᠨ ᠠᠭᠤᠯᠭ᠎ᠠ ᠪᠡᠨ ᠪᠢᠴᠢᠭᠡᠷᠡᠢ᠃ ᠠᠭᠤᠯᠭ᠎ᠠ ᠪᠡᠨ ᠬᠠᠳᠠᠭᠠᠯᠠᠭᠰᠠᠨ ᠤ ᠳᠠᠷᠠᠭ᠎ᠠ ᠲᠤᠰ ᠵᠤᠬᠢᠶᠠᠯ ᠳᠠᠬᠢᠵᠤ ᠢᠯᠡᠷᠡᠬᠦ ᠦᠭᠡᠢ᠃ ᠳᠠᠷᠤᠭᠤᠯ ᠦᠵᠡᠭᠳᠡᠭᠰᠡᠨ ᠤ ᠳᠠᠷᠠᠭ᠎ᠠ ᠠᠩᠭ᠍ᠯᠢ ᠦᠰᠦᠭ ᠢ ᠠᠰᠢᠭᠯᠠᠨ ᠮᠣᠩᠭᠣᠯ ᠦᠰᠦᠭ ᠪᠢᠴᠢᠨ᠎ᠡ᠃ ᠪᠢᠴᠢᠭ᠍ᠳᠡᠭᠰᠡᠨ ᠦᠭᠡ ᠨᠢ ᠤᠷᠢᠳᠠᠪᠡᠷ ᠵᠡᠭᠦᠨ ᠲᠠᠯ᠎ᠠ ᠳᠤ ᠢᠯᠡᠷᠡᠵᠦ᠂ ᠬᠣᠭᠣᠰᠣᠨ ᠳᠠᠷᠤᠪᠴᠢ ᠶᠢ ᠳᠠᠷᠤᠭᠰᠠᠨ ᠤ ᠳᠠᠷᠠᠭ᠎ᠠ ᠭᠣᠣᠯ ᠠᠭᠤᠯᠭ᠎ᠠ ᠳᠤ ᠨᠡᠮᠡᠭᠳᠡᠨ᠎ᠡ ᠃ Edit ᠢ ᠲᠠᠬᠢᠨ ᠰᠤᠩᠭᠤᠪᠠᠯ ᠳᠠᠷᠤᠭᠤᠯ ᠨᠢᠭᠤᠭᠳᠠᠨ᠎ᠡ᠃ ᠠᠭᠤᠯᠭ᠎ᠠ ᠨᠢ ᠨᠢᠭᠡ ᠬᠠᠭᠤᠳᠠᠰᠦ ᠳᠦᠭᠦᠷᠦᠭᠡᠳ ᠬᠡᠰᠡᠭ ᠠᠭᠤᠯᠭ᠎ᠠ ᠨᠢ ᠦᠵᠡᠭᠳᠡᠭᠦ ᠪᠡᠨ ᠪᠠᠢᠢᠪᠠᠯ ᠂ ᠨᠢᠭᠡ ᠬᠤᠷᠤᠭᠤ ᠪᠡᠷ ᠵᠡᠭᠦᠨᠰᠢ ᠪᠠᠷᠠᠭᠤᠨᠰᠢ ᠢᠯᠢᠪᠡᠯ ᠢᠯᠪᠢᠭ᠍ᠰᠡᠨ ᠵᠦᠭ ᠲᠦ ᠰᠢᠯᠵᠢᠨ᠎ᠡ᠃ ᠲᠤᠰ ᠰᠤᠹᠲ ᠲᠤ ᠵᠣᠬᠢᠶᠠᠯ ᠤᠨ ᠳᠤᠮᠳᠠ ᠨᠠᠢᠢᠷᠠᠭᠤᠯᠵᠤ ᠴᠢᠳᠠᠪᠤᠷᠢ ᠪᠠᠢᠢᠬᠤ ᠦᠭᠡᠢ ᠲᠤᠯᠠ ᠬᠠᠮᠤᠭ ᠰᠡᠭᠦᠯ ᠳᠦ ᠪᠠᠯᠠᠯᠵᠤ ᠵᠠᠰᠠᠬᠤ ᠪᠣᠶᠥ ᠵᠡᠬᠦᠨ ᠲᠠᠯ᠎ᠠ ᠵᠠᠪᠠᠯ ᠵᠦᠪ ᠪᠢᠴᠢᠵᠦ ᠨᠡᠮᠡᠭᠡᠷᠡᠢ᠃
   ᠰᠠᠢᠢᠨ ᠪᠠᠢᠢᠨ᠎ᠠ ᠤᠤ (saiin baiinAaSvv  )
   ᠮᠣᠩᠭᠣᠯ(M) ᠠᠩᠭ᠍ᠯᠢ(E) ᠪᠢᠴᠢᠯᠭᠡ ᠰᠣᠯᠢᠪᠴᠢᠯᠠᠨ᠎ᠡ᠃
Copy
   ᠪᠢᠴᠢᠭ᠍ᠰᠡᠨ ᠠᠭᠤᠯᠭ᠎ᠠ ᠪᠡᠨ ᠴᠡᠭᠡᠵᠢᠯᠡᠨ᠎ᠡ᠃
Paste
   ᠴᠡᠭᠡᠵᠢᠯᠡᠭᠰᠡᠨ ᠠᠭᠤᠯᠭ᠎ᠠ ᠪᠡᠨ ᠢᠯᠡᠷᠡᠭᠦᠯᠦᠨ᠎ᠡ᠃
Clear
   ᠪᠢᠴᠢᠭ᠍ᠰᠡᠨ ᠠᠭᠤᠯᠭ᠎ᠠ ᠪᠡᠨ ᠪᠠᠯᠠᠯᠤᠨ᠎ᠠ᠃
Save
   ᠪᠢᠴᠢᠭ᠍ᠰᠡᠨ ᠠᠭᠤᠯᠭ᠎ᠠ ᠪᠡᠨ ᠬᠠᠲᠠᠭᠠᠯᠠᠨ᠎ᠠ᠃
Save as image
   ᠪᠢᠴᠢᠭ᠍ᠰᠡᠨ ᠠᠭᠤᠯᠭ᠎ᠠ ᠪᠡᠨ PNG(ᠡᠳᠦᠷ+ᠴᠠᠭ ᠤᠨ ᠨᠡᠷ᠎ᠡ ᠲᠠᠢ) ᠵᠢᠷᠤᠭ ᠶᠢᠡᠷ MTWriter ᠲᠤ ᠬᠠᠲᠠᠭᠠᠯᠠᠨ᠎ᠠ᠃
Send mail as image
   ᠢᠮᠧᠯ ᠬᠦᠷᠭᠡᠨ᠎ᠡ᠃ ᠣᠳᠣᠬᠠᠨ ᠳᠤ ᠢᠮᠧᠯ ᠤᠨ ᠠᠭᠤᠯᠭ᠎ᠠ ᠶᠢ ᠮᠣᠩᠭᠣᠯ ᠶᠢᠡᠷ ᠢᠯᠡᠷᠡᠭᠦᠯᠬᠦ ᠰᠤᠹᠲ ᠴᠥᠭᠡᠨ ᠲᠤᠯᠠ ᠲᠤᠰ ᠰᠤᠹᠲ ᠲᠤ PNG ᠵᠢᠷᠤᠭ ᠶᠢᠡᠷ Mail ᠬᠦᠷᠭᠡᠨ᠎ᠡ᠃
Send mail as text
   ᠢᠮᠧᠯ ᠬᠦᠷᠭᠡᠨ᠎ᠡ᠃ ᠣᠳᠣᠬᠠᠨ ᠳᠤ ᠢᠮᠧᠯ ᠤᠨ ᠠᠭᠤᠯᠭ᠎ᠠ ᠶᠢ ᠮᠣᠩᠭᠣᠯ ᠶᠢᠡᠷ ᠢᠯᠡᠷᠡᠭᠦᠯᠬᠦ ᠰᠤᠹᠲ ᠴᠥᠭᠡᠨ ᠲᠤᠯᠠ ᠲᠤᠰ ᠰᠤᠹᠲ ᠲᠤ TXT ᠹᠠᠢᠢᠯ ᠶᠢᠡᠷ ᠬᠦᠷᠭᠡᠨ᠎ᠡ᠃
Change Font
   ᠦᠰᠦᠭ ᠦᠨ ᠲᠢᠭ᠌ ᠬᠣᠪᠢᠷᠠᠭᠠᠨ᠎ᠠ᠃
   Mongolian White
      ᠴᠠᠭᠠᠨ ᠲᠢᠭ᠌
   Mongolian Writing
      ᠭᠠᠷ ᠪᠢᠴᠢᠮᠡᠯ ᠲᠢᠭ᠌
   Mongolian Art
   ᠤᠷᠠᠯᠢᠭ ᠲᠢᠭ᠌
Help
   ᠲᠤᠰ ᠬᠠᠪᠰᠤᠷᠤᠯᠭ᠎ᠠ ᠶᠢ ᠢᠯᠡᠷᠠᠭᠦᠯᠡᠨ᠎ᠡ᠃
Key layout
   ᠳᠠᠷᠤᠪᠴᠢ ᠶᠢᠨ ᠪᠠᠢᠢᠷᠢ ᠢ ᠢᠯᠡᠷᠡᠭᠦᠯᠦᠨ᠎ᠡ᠃
Cancel
   ᠡᠨᠡ ᠤᠳᠠᠭᠠᠨ ᠤ ᠰᠤᠩᠭᠤᠯᠲᠠ ᠪᠡᠨ ᠬᠦᠴᠦᠨ ᠦᠭᠡᠢ ᠪᠣᠯᠭᠠᠨ᠎ᠠ᠃
Quit
   ᠫᠷᠤᠭ᠍ᠷᠠᠮ ᠢ ᠲᠡᠭᠦᠰᠭᠡᠨ᠎ᠡ᠃

ᠣᠨᠴᠤᠭᠤᠢ ᠳᠦᠷᠰᠦ ᠶᠢᠨ ᠲᠤᠬᠠᠢ
᠊ᠨ(n)᠂ ᠊ᠯ(l)᠂ ᠊ᠷ(r)᠂ ᠊ᠮ(m)᠂ ᠊ᠢ(ᠶ)᠂ ᠊ᠸ᠋(ᠸ)᠂᠊ᠬ(h)᠂ ᠊ᠭ᠋ (g) ᠵᠡᠷᠭᠡ ᠶᠢᠨ ᠳᠠᠷᠠᠭ᠎ᠠ ᠪᠢᠴᠢᠭ᠍ᠳᠡᠬᠦ ᠠ᠂ᠡ ᠤᠨ ᠴᠠᠴᠤᠯᠭ᠎ᠠ ᠶᠢ A(ᠲᠣᠮᠤ)᠊ ᠶᠢᠡᠷ ᠬᠣᠯᠪᠤᠵᠤ ᠪᠢᠴᠢᠨ᠎ᠡ᠃
   ᠪᠠᠢᠢᠨ᠎ᠠ(baiinAa)᠂ ᠥᠭᠭᠦᠨ᠎ᠡ(oggunAe)
   ᠲᠠᠯ᠎ᠠ(talAa)᠂ ᠢᠷᠡᠯ᠎ᠡ(irelAe)
   ᠰᠠᠷ᠎ᠠ(sarAa)᠂ ᠦᠷ᠎ᠡ(urAe)
   ᠤᠷᠮ᠎ᠠ(vrmAa)᠂ ᠰᠦᠮ᠎ᠡ(sumAe)
   ᠲᠠᠷᠢᠶ᠎ᠠ(tariyAa)᠂ ᠦᠶ᠎ᠡ(uyAe)
   ᠭᠣᠸ᠎ᠠ(gwWAa)
   ᠪᠠᠬ᠎ᠠ(bahAa)
   ᠪᠠᠭ᠎ᠠ(bagAa)
ᠬᠠᠷᠢ ᠭᠠᠷᠤᠯᠲᠠᠢ ᠦᠭᠡᠨ ᠦ ᠳᠤᠤᠷ᠎ᠠ ᠪᠢᠴᠢᠭ᠍ᠳᠡᠬᠦ ᠣ(4) ᠊ᠣ᠋=(wD) ᠣ(5) ᠊ᠣ᠋=(vD)
   ᠲᠣᠺᠢᠣ᠋(twkiwD)᠂ ᠺᠢᠨᠤ᠋(kinvD)
ᠢ ᠡᠭᠡᠰᠢᠭ᠌ ᠤᠨ ᠳᠠᠷᠠᠭ᠎ᠠ ᠪᠢᠴᠢᠭ᠍ᠳᠡᠬᠦ ᠊ᠭ᠍᠊=(gG)᠂ ᠊ᠭ᠌=(gF)
   ᠪᠢᠴᠢᠭ᠍ᠳᠡᠬᠦ(biqigGdehu)᠂ ᠪᠢᠴᠢᠭ᠌(biqigF)
ᠬᠠᠷᠢ ᠭᠠᠷᠤᠯᠲᠠᠢ ᠦᠭᠡ ᠶᠢᠨ ᠳᠤᠮᠳᠠ ᠪᠢᠴᠢᠭ᠍ᠳᠡᠬᠦ ᠲ=(tD)
   ᠮᠠᠲ᠋ᠧᠷᠢᠶᠠᠯ(matDEriyal)᠂ ᠢᠨᠲ᠋ᠧᠷᠨᠠᠼᠢᠤᠨᠠᠯ(intDErnacivnal)
ᠦᠭᠡ ᠶᠢᠨ ᠡᠬᠢᠨ ᠳᠦ ᠪᠢᠴᠢᠭ᠍ᠳᠡᠬᠦ ᠳ=(dD)
   ᠳ᠋ᠦᠩᠨᠡᠯᠲᠡ(dDuNnelte)
ᠴᠢᠩᠭ᠎ᠠ ᠬᠥᠨᠳᠡᠢ ᠬᠣᠯᠢᠯᠲᠤᠭᠰᠠᠨ ᠬᠦᠮᠦᠨ ᠦ ᠨᠡᠷ᠎ᠡ ᠳᠦ ᠪᠢᠴᠢᠭ᠍ᠳᠡᠬᠦ ᠊ᠥ᠋᠊(6᠂7)=(oD᠂ uD)᠂ ᠊ᠥ᠌᠊(6᠂7)=(oF᠂ uF)
   ᠨᠠᠰᠤᠨᠪᠦ᠋ᠬᠡ(nasvnbuDhe)᠂ ᠪᠠᠲᠤᠥ᠌ᠯᠵᠢ(batvoFlji)
ᠭ ᠭᠡᠢᠢᠭᠦᠯᠦᠭᠴᠢ ᠶᠢᠨ ᠦᠭᠡ ᠶᠢᠨ ᠳᠣᠮᠳᠠ ᠣᠷᠤᠬᠤ ᠊ᠭ᠋᠊᠂ ᠊ᠭ᠋ ᠂ ᠳᠦᠷᠰᠦ ᠨᠢ ᠰ᠊᠂ ᠊ᠳ᠊ ᠬᠣᠶᠠᠷ ᠭᠡᠢᠢᠭᠦᠯᠦᠭᠴᠢ ᠶᠢᠨ ᠳᠠᠷᠠᠭ᠎ᠠ ᠣᠷᠤᠬᠤ ᠳᠤ ᠪᠡᠨ ᠲᠤᠰᠤᠯ ᠶᠢᠡᠨ ᠣᠷᠬᠢᠳᠠᠭ ᠶᠣᠮ᠃
   ᠲᠠᠰᠭᠠᠯ(tasgal)᠂ ᠳᠠᠳᠭᠠᠯ(dadgal)

ᠳᠠᠭᠠᠪᠣᠷᠢ ᠶᠢᠨ ᠲᠤᠬᠠᠢ
   ᠰᠠᠯᠤᠩᠬᠢᠳᠠ ᠪᠢᠴᠢᠬᠦ ᠳᠠᠭᠠᠪᠥᠷᠢ ᠶᠢ ᠮᠦᠷ ᠤᠨ ᠡᠬᠢᠨ ᠳᠦ ᠢᠯᠡᠷᠠᠭᠦᠯᠬᠦ ᠦᠭᠡᠢ ᠶᠢᠨ ᠲᠥᠯᠥᠭᠡ ᠡᠮᠦᠨᠡᠬᠢ ᠦᠭᠡ ᠲᠠᠢ ᠪᠡᠨ S(ᠲᠣᠮᠤ) ᠪᠡᠷ ᠬᠣᠯᠪᠤᠵᠤ ᠪᠢᠴᠢᠬᠦ ᠴᠢᠬᠤᠯᠠᠲᠠᠢ᠃ ᠳᠠᠭᠠᠪᠤᠷᠢ ᠨᠢ ᠳᠠᠪᠬᠤᠷᠯᠠᠨᠳᠠᠨ ᠬᠡᠷᠡᠭᠯᠡᠭᠳᠡᠨᠰᠡᠨ ᠦᠶ᠎ᠡ ᠳᠦ ᠴᠦ ᠬᠣᠭᠤᠷᠤᠨᠳᠤ ᠨᠢ S(ᠲᠣᠮᠤ) ᠪᠡᠷ ᠬᠣᠯᠪᠤᠵᠤ ᠪᠢᠴᠢᠨ᠎ᠡ᠃
   ᠳᠦᠷᠰᠦ ᠪᠡᠷ(dursuSber)
   ᠦᠭᠡ ᠶᠢᠨ(ugeSyin)
   ᠳᠠᠭᠤᠳᠠᠯᠭ᠎ᠠ ᠪᠡᠷ ᠶᠢᠡᠨ(dagvdalgAaSberSyien)

Syin ᠊ ᠶᠢᠨ
   ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Svn ᠊ ᠤᠨ
   (᠊ᠨ) ᠡᠴᠡ ᠪᠣᠰᠤᠳ ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Sv ᠊ ᠤ
   (᠊ᠨ) ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Sdv ᠊ ᠳᠤ
Sdvr ᠊ ᠳᠤᠷ    ᠡᠭᠡᠰᠢᠭ᠌ ᠪᠠ (᠊ᠨ᠂ ᠊ᠮ᠂ ᠊ᠯ᠂ ᠊ᠩ) ᠵᠡᠷᠭᠡ ᠵᠥᠭᠡᠯᠡᠨ ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Stv᠊ ᠲᠤ
Stvr ᠊ ᠲᠤᠷ
   (᠊ᠪ᠂ ᠊ᠭ᠂ ᠊ᠷ᠂ ᠊ᠰ᠂ ᠊ᠳ)ᠵᠡᠷᠭᠡ ᠬᠠᠲᠠᠭᠤ ᠳᠡᠪᠢᠰᠭᠡᠷ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syi ᠊ ᠶᠢ
   ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Si ᠊ ᠢ
   ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Seqe ᠊ ᠡᠴᠡ
   ᠡᠭᠡᠰᠢᠭ᠌ ᠭᠡᠢᠢᠭᠦᠯᠦᠭᠴᠢ ᠢᠯᠭᠠᠯ ᠦᠭᠡᠢ ᠬᠡᠷᠡᠭᠯᠡᠨ᠎ᠡ
Sber ᠊ ᠪᠡᠷ
   ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syier ᠊ ᠶᠢᠡᠷ
   ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Stai ᠊ ᠲᠠᠢ
   ᠡᠭᠡᠰᠢᠭ᠌ ᠭᠡᠢᠢᠭᠦᠯᠦᠭᠴᠢ ᠢᠯᠭᠠᠯ ᠦᠭᠡᠢ ᠬᠡᠷᠡᠭᠯᠡᠨ᠎ᠡ᠃
SlvgAa ᠊ ᠯᠤᠭ᠎ᠠ
   ᠴᠢᠩᠭ᠎ᠠ ᠦᠭᠡᠨ ᠦ ᠳᠠᠷᠠᠭ᠎ᠠ ᠬᠡᠷᠡᠭᠯᠡᠨ᠎ᠡ᠃
Slvge ᠊ ᠯᠤᠭᠡ
   ᠬᠥᠨᠳᠡᠢ ᠦᠭᠡᠨ ᠦ ᠳᠠᠷᠠᠭ᠎ᠠ ᠬᠡᠷᠡᠭᠯᠡᠨ᠎ᠡ᠃
Snvgvd ᠊ ᠨᠤᠭᠤᠳ
Snvgud ᠊ ᠨᠤᠭᠦᠳ
   ᠡᠭᠡᠰᠢᠭ᠌ ᠪᠠ (᠊ᠨ) ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠴᠢᠩᠭ᠎ᠠ ᠬᠥᠨᠳᠡᠢ ᠶᠢ ᠢᠯᠭᠠᠵᠤ ᠭᠡᠷᠡᠭᠯᠡᠨ᠎ᠡ
Svd ᠊ ᠤᠳ
   (᠊ᠨ) ᠡᠴᠡ ᠪᠣᠰᠤᠳ ᠭᠡᠢᠢᠭᠦᠯᠦᠭᠴᠢ ᠪᠡᠷ ᠲᠡᠭᠦᠰᠦᠭᠰᠡᠨ ᠨᠡᠷ᠎ᠡ ᠦᠭᠡᠨ ᠳᠦ ᠬᠡᠷᠡᠭᠯᠡᠨ᠎ᠡ
Sben ᠊ ᠪᠡᠨ
   ᠡᠭᠡᠰᠢᠭ᠌ ᠶᠢᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Syien ‍᠊ ᠶᠢᠡᠨ
   ᠭᠡᠢᠢᠭᠦᠯᠦᠭᠴᠢ ᠪᠡᠷ ᠲᠡᠭᠦᠰᠦᠭᠰᠡᠨ ᠦᠭᠡᠨ ᠳᠦ ᠬᠡᠷᠡᠭᠯᠡᠨ᠎ᠡ
Smini ᠊ ᠮᠢᠨᠢ
   ᠨᠢᠭᠡᠳᠦᠭᠡᠷ ᠪᠡᠶ᠎ᠡ ᠳᠦ ᠬᠡᠷᠡᠭᠯᠡᠨ᠎ᠡ
Sqini ᠊ ᠴᠢᠨᠢ
   ᠬᠣᠶᠠᠳᠤᠭᠠᠷ ᠪᠡᠶ᠎ᠡ ᠳᠦ ᠬᠡᠷᠡᠭᠯᠡᠨ᠎ᠡ
Sni ᠊ ᠨᠢ
   ᠭᠤᠷᠪᠠᠳᠤᠭᠠᠷ ᠪᠡᠶ᠎ᠡ ᠳᠦ ᠬᠡᠷᠡᠭᠯᠡᠨ᠎ᠡ
ᠠᠯᠮᠠᠰ ᠺᠣᠮᠫᠠᠨᠢ
email : mongol@almas.co.jp
tel : +81-3-5688-2081
fax : +81-3-5688-2082